ᠵᠠᠬᠢᠳᠠᠯ ᠰᠤᠷᠪᠤᠯᠵᠢᠯᠠᠭᠴᠢ ᠵᠢᠨ ᠨᠡᠷ᠎ᠡ᠄ ᠭᠦ᠋ ᠣᠪᠣᠭᠲᠤ
ᠵᠠᠬᠢᠳᠠᠯ ᠢᠷᠡᠭᠦᠯᠦᠭᠰᠡᠨ ᠴᠠᠭ᠄ 2024-08-27 01:56:15
ᠵᠠᠬᠢᠳᠠᠯ᠎ᠤᠨ ᠭᠣᠣᠯ ᠰᠡᠳᠦᠪ᠄ ᠪᠦᠲᠦᠭᠡᠨ ᠪᠠᠶ᠋ᠢᠭᠤᠯᠤᠯᠲᠠ ᠵᠢᠨ ᠬᠦᠷᠢᠶᠡᠨ᠎ᠳᠠᠬᠢ ᠬᠢᠷᠢ ᠬᠡᠮ᠎ᠤᠨ ᠵᠦᠪᠳᠡᠯ
ᠵᠠᠬᠢᠳᠠᠯ᠎ᠤᠨ ᠠᠭᠤᠯᠭ᠎ᠠ᠄ ᠠᠷᠪᠠᠨ ᠬᠤᠶᠠᠳᠤᠭ᠋ᠠᠷ ᠠᠰᠠᠷ ᠣᠷᠴᠢᠮ᠎ᠤᠨ ᠥᠨᠳᠥᠷ ᠵᠶ᠋ᠠᠷ ᠴᠣᠩᠬᠤ ᠤᠭᠰᠠᠷᠠᠬᠤ᠎ᠳᠤ ᠪᠠᠷᠢᠯᠭ᠎ᠠ ᠵᠢᠨ ᠦᠢ᠍ᠯᠡᠰ᠎ᠤᠨ ᠠᠵᠤ ᠠᠬᠤᠶ᠋ᠢᠯᠠᠯ᠎ᠤᠨ ᠬᠢᠷᠢ ᠬᠡᠮ ᠬᠡᠷᠡᠭᠰᠡᠬᠦ ᠤᠤ ᠦᠭᠡᠢ ᠤᠤ? ᠬᠡᠷᠪᠡ ᠬᠡᠷᠡᠭᠰᠡᠪᠡᠯ ᠶᠠᠮᠠᠷ ᠵᠡᠷᠭᠡ ᠳᠡᠰ᠎ᠤᠨ ᠬᠢᠷᠢ ᠭᠡᠮ᠎ᠢ ᠬᠡᠷᠡᠭᠰᠡᠬᠦ ᠪᠤᠢ?
ᠬᠠᠷᠢᠭᠤᠯᠤᠭᠰᠠᠨ ᠴᠠᠭ᠄2024-09-03 09:19:34
ᠬᠠᠷᠢᠭᠤᠯᠲᠠ ᠵᠢᠨ ᠠᠭᠤᠯᠭ᠎ᠠ᠄ ᠰᠠᠢ᠌ᠨ ᠤᠤ᠂ ᠲᠠᠨ᠎ᠤ ᠲᠤᠰᠭ᠋ᠠᠭᠰᠠᠨ ᠠᠷᠪᠠᠨ ᠬᠤᠶᠠᠳᠤᠭ᠋ᠠᠷ ᠠᠰᠠᠷ ᠣᠷᠴᠢᠮ᠎ᠤᠨ ᠥᠨᠳᠥᠷ ᠵᠶ᠋ᠠᠷ ᠴᠣᠩᠬᠤ ᠤᠭᠰᠠᠷᠠᠬᠤ᠎ᠳᠤ ᠪᠠᠷᠢᠯᠭ᠎ᠠ ᠵᠢᠨ ᠦᠢ᠍ᠯᠡᠰ᠎ᠤᠨ ᠠᠵᠤ ᠠᠬᠤᠶ᠋ᠢᠯᠠᠯ᠎ᠤᠨ ᠬᠢᠷᠢ ᠬᠡᠮ ᠬᠡᠷᠡᠭᠰᠡᠬᠦ ᠦᠭᠡᠢ ᠵᠢᠨ ᠠᠰᠠᠭᠤᠳᠠᠯ᠎ᠢ ᠨᠢᠭᠡᠨᠲᠡ ᠣᠯᠵᠤ ᠠᠪᠤᠭ᠋ᠠᠳ ᠣᠢ᠌ᠯᠭ᠋ᠠᠭᠰᠠᠨ᠂ ᠣᠳᠣ ᠳᠣᠣᠷᠠᠬᠢ ᠮᠡᠲᠦ ᠬᠠᠷᠢᠭᠤᠯᠲᠠ ᠥᠭᠭᠦᠶ᠎ᠡ᠄ ᠲᠠᠨ᠎ᠤ ᠬᠠᠩᠭ᠋ᠠᠭᠰᠠᠨ ᠮᠡᠳᠡᠭᠡ ᠵᠠᠩᠭᠢ ᠵᠢ ᠦᠨᠳᠦᠰᠦᠯᠡᠪᠡᠯ᠂ ᠪᠠᠷᠢᠯᠭ᠎ᠠ ᠵᠢᠨ ᠲᠥᠷᠥᠯ ᠵᠦᠢ᠍ᠯ ᠵᠢᠴᠢ ᠬᠡᠪᠴᠢᠶ᠎ᠡ ᠵᠢ ᠲᠣᠳᠣᠯᠠᠬᠤ ᠵᠢᠨ ᠠᠷᠭ᠎ᠠ ᠥᠬᠡᠢ᠃ 《 ᠪᠠᠷᠢᠯᠭ᠎ᠠ ᠵᠢᠨ ᠦᠢ᠍ᠯᠡᠰ᠎ᠤᠨ ᠠᠵᠤ ᠠᠬᠤᠶ᠋ᠢᠯᠠᠯ᠎ᠤᠨ ᠬᠢᠷᠢ ᠬᠡᠮ᠎ᠤᠨ ᠪᠠᠷᠢᠮᠵᠢᠶ᠎ᠠ》 (ᠪᠠᠢ᠌ᠭᠤᠯᠤᠯᠲᠠ ᠬᠤᠲᠠ [ 2014] 159 ᠳ᠋ᠤᠭᠡᠷ ᠲᠣᠭ᠋ᠠᠲᠤ)᠎ᠪᠠᠷ ᠯᠠᠪᠯᠠᠯᠲᠠ ᠪᠣᠯᠭ᠋ᠠᠵᠤ᠂ ᠬᠢᠷᠢ ᠬᠡᠮ᠎ᠤᠨ ᠪᠠᠷᠢᠮᠵᠢᠶ᠎ᠠ ᠵᠢᠨ ᠳᠠᠭ᠋ᠠᠭ᠋ᠠᠨ ᠠᠪᠬᠤ ᠬᠡᠪᠴᠢᠶ᠎ᠡ᠎ᠪᠠᠷ ᠯᠠᠪᠯᠠᠯᠲᠠ ᠪᠣᠯᠭ᠋ᠠᠵᠤ᠂ ᠪᠠᠷᠢᠯᠭ᠎ᠠ ᠵᠢᠨ ᠪᠠᠶ᠋ᠢᠳᠠᠯ᠎ᠲᠠᠢ᠎ᠪᠠᠨ ᠬᠠᠷᠢᠴᠠᠭᠤᠯᠤᠨ ᠮᠠᠭ᠋ᠠᠳᠯᠠᠨ ᠲᠣᠭᠲᠠᠭ᠋ᠠᠷᠠᠢ᠃ ᠮᠠᠨ᠎ᠤ ᠲᠢᠩᠬᠢᠮ ᠦᠢ᠍ᠯᠡᠴᠢᠯᠡᠭᠡᠨ᠎ᠤ ᠶᠠᠰᠤ ᠴᠢᠨᠠᠷ ᠵᠶ᠋ᠠᠨ ᠦᠷᠭᠦᠯᠵᠢᠯᠡᠨ ᠰᠠᠢ᠌ᠵᠢᠷᠠᠭᠤᠯᠤᠨ᠎ᠠ᠂ ᠲᠠᠨ᠎ᠤ ᠬᠠᠷᠢᠯᠴᠠᠨ ᠰᠣᠯᠢᠯᠴᠠᠭ᠎ᠠ ᠬᠢᠬᠦ ᠪᠤᠯᠤᠩ᠎ᠢ ᠠᠩᠬᠠᠷᠴᠤ ᠳᠡᠮᠵᠢᠭᠰᠡᠨ᠎ᠳᠤ ᠲᠠᠯᠠᠷᠬᠠᠵᠤ ᠪᠠᠶ᠋ᠢᠨ᠎ᠠ᠃
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠤᠨ ᠵᠠᠰᠠᠭ ᠵᠠᠬᠢᠷᠭ᠋ᠠᠨ᠎ᠤ ᠬᠢᠨᠠᠨ ᠵᠥᠪᠰᠢᠶᠡᠷᠡᠯ᠎ᠤᠨ ᠭᠠᠵᠠᠷ
2024 ᠣᠨ᠎ᠤ9 ᠳ᠋ᠦ᠍ᠭᠡᠷ ᠰᠠᠷ᠎ᠠ ᠵᠢᠨ3᠎ᠤ ᠡᠳᠦᠷ