ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠤᠨ ᠲ᠋ᠠᠩᠰᠠᠯᠠᠭᠤᠯᠤᠭᠰᠠᠨ ᠬᠥᠮᠦᠰ᠎ᠤᠨ ᠬᠠᠮᠢᠶᠠᠷᠤᠯᠲᠠ ᠵᠢᠨ ᠲᠤᠰᠬᠠᠢ ᠲᠠᠮᠠᠭ᠎ᠠ ᠬᠡᠷᠡᠭᠯᠡᠬᠦ ᠲᠤᠬᠠᠢ ᠵᠠᠷ ᠮᠡᠳᠡᠭᠡ
2021-01-05

   《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠵᠠᠰᠠᠭ ᠵᠠᠬᠢᠷᠭ᠋ᠠᠨ᠎ᠤ ᠵᠦᠪᠰᠢᠶᠡᠷᠡᠬᠦ ᠬᠠᠤᠯᠢ》 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠠᠯᠪᠠᠨ ᠲᠢᠩᠬᠢᠮ     ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠠᠴᠠ ᠵᠠᠰᠠᠭ ᠵᠠᠬᠢᠷᠭ᠋ᠠᠨ᠎ᠤ ᠬᠢᠨᠠᠨ ᠵᠥᠪᠰᠢᠶᠡᠷᠡᠬᠦ ᠦᠢ᠍ᠯᠡᠴᠢᠯᠡᠭᠡ ᠵᠢ ᠠᠷᠠᠳ᠎ᠲᠤ ᠳᠥᠭᠥᠮ ᠦᠵᠡᠭᠦᠯᠬᠦ ᠵᠢ ᠭᠦᠨᠵᠡᠭᠡᠢ ᠠᠬᠢᠭᠤᠯᠬᠤ ᠲᠤᠬᠠᠢ ᠵᠢᠯᠣᠭᠣᠳᠬᠤ ᠰᠠᠨᠠᠯ》᠎ᠳᠤ ᠱᠠᠭ᠋ᠠᠷᠳᠠᠭᠰᠠᠨ᠎ᠨᠢ 《ᠵᠠᠰᠠᠭ᠎ᠢ ᠴᠣᠮᠬᠠᠳᠬᠠᠵᠤ ᠡᠷᠬᠡ ᠵᠢ ᠳᠣᠷᠣᠭᠰᠢ ᠪᠠᠭᠤᠯᠭ᠋ᠠᠬᠤ᠂ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ ᠦᠢ᠍ᠯᠡᠴᠢᠯᠡᠭᠡ ᠵᠢ ᠰᠢᠯᠢᠳᠡᠭᠵᠢᠭᠦᠯᠬᠦ》 ᠥᠭᠡᠷᠡᠴᠢᠯᠡᠯᠲᠡ ᠵᠢ ᠤᠯᠠᠮ ᠨᠢᠭᠡ ᠠᠯᠬᠤᠮ ᠠᠬᠢᠭᠤᠯᠬᠤ ᠵᠢᠨ ᠲᠤᠰᠠᠳᠠ 《ᠨᠢᠭᠡ ᠲᠠᠮᠠᠭ᠎ᠠ᠎ᠪᠠᠷ ᠬᠢᠨᠠᠨ ᠵᠥᠪᠰᠢᠶᠡᠷᠡᠬᠦ》 ᠵᠢ ᠬᠡᠷᠡᠭᠵᠢᠭᠦᠯᠵᠦ᠂ ᠵᠠᠰᠠᠭ ᠵᠠᠬᠢᠷᠭ᠋ᠠᠨ᠎ᠤ ᠬᠢᠨᠠᠨ ᠵᠥᠪᠰᠢᠶᠡᠷᠡᠬᠦ ᠬᠦᠴᠦᠨ ᠴᠢᠳᠠᠪᠤᠷᠢ ᠵᠢ ᠳᠡᠭᠡᠭᠰᠢᠯᠡᠭᠦᠯᠵᠦ᠂ 2020 ᠣᠨ᠎ᠤ 4 ᠰᠠᠷ᠎ᠠ ᠵᠢᠨ 23᠎ᠤ ᠡᠳᠦᠷ᠎ᠠᠴᠠ ᠡᠬᠢᠯᠡᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠤᠨ ᠳᠠᠩᠰᠠᠯᠠᠭᠤᠯᠤᠭᠰᠠᠨ ᠬᠥᠮᠦᠰ᠎ᠤᠨ ᠬᠠᠮᠢᠶᠠᠷᠤᠯᠲᠠ ᠵᠢᠨ ᠲᠤᠰᠬᠠᠢ ᠲᠠᠮᠠᠭ᠎ᠠ》 ᠬᠡᠷᠡᠭᠯᠡᠨ᠂ ᠶᠠᠩᠵᠤ ᠬᠡᠯᠪᠡᠷᠢ᠎ᠨᠢ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠤᠨ ᠳᠠᠩᠰᠠᠯᠠᠭᠤᠯᠤᠭᠰᠠᠨ ᠬᠥᠮᠦᠰ᠎ᠤᠨ ᠬᠠᠮᠢᠶᠠᠷᠤᠯᠲᠠ ᠵᠢᠨ ᠲᠤᠰᠬᠠᠢ ᠲᠠᠮᠠᠭ᠎ᠠ (1501020086868)》  ᠃
    ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠶᠠᠮᠤᠨ ᠵᠶ᠋ᠠᠷ ᠬᠢᠨᠠᠨ ᠵᠥᠪᠰᠢᠶᠡᠷᠡᠭᠦᠯᠦᠭᠡᠳ᠂ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠤᠨ ᠣᠷᠣᠯᠠᠨ ᠭᠦᠢ᠍ᠴᠡᠳᠬᠡᠬᠦ ᠳᠠᠩᠰᠠᠯᠠᠭᠤᠯᠬᠤ ᠠᠵᠢᠯᠲᠠᠨ᠎ᠤ ᠬᠠᠮᠢᠶ᠎ᠠ ᠪᠦᠬᠦᠢ ᠶᠠᠪᠤᠳᠠᠯ᠎ᠳᠤ ᠲᠤᠰ ᠲᠠᠮᠠᠭ᠎ᠠ ᠵᠢ ᠬᠡᠷᠡᠭᠯᠡᠨ᠎ᠡ᠃ ᠤᠤᠯ᠎ᠤᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠤᠨ ᠦᠨ᠎ᠡ ᠳᠣᠭᠲᠠᠬᠤ ᠢᠨᠵᠧᠨᠧᠷ᠎ᠤᠨ ᠦᠷᠭᠦᠯᠵᠢᠯᠡᠨ ᠳᠠᠩᠰᠠᠯᠠᠬᠤ ᠲᠤᠰᠬᠠᠢ ᠲᠠᠮᠠᠭ᠎ᠠ》 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠤᠨ ᠦᠨ᠎ᠡ ᠳᠣᠭᠲᠠᠬᠤ ᠢᠨᠵᠧᠨᠧᠷ᠎ᠤᠨ ᠲ᠋ᠠᠩᠰᠠᠯᠠᠯᠲᠠ ᠵᠢ ᠬᠤᠪᠢᠷᠠᠭᠤᠯᠬᠤ ᠲᠤᠰᠬᠠᠢ ᠲᠠᠮᠠᠭ᠎ᠠ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠢᠨᠠᠨ ᠬᠠᠮᠢᠶᠠᠷᠬᠤ ᠢᠨᠵᠧᠨᠧᠷ᠎ᠤᠨ ᠳᠠᠩᠰᠠᠯᠠᠯᠲᠠ ᠵᠢᠨ ᠲᠤᠰᠬᠠᠢ ᠲᠠᠮᠠᠭ᠎ᠠ》 ᠵᠢ ᠡᠭᠦᠨ᠎ᠤ ᠬᠠᠮᠲᠤ ᠬᠦᠴᠦᠨ ᠦᠭᠡᠢ ᠪᠣᠯᠭ᠋ᠠᠨ᠎ᠠ᠃

                                          2020 ᠣᠨ᠎ᠤ 4 ᠰᠠᠷ᠎ᠠ ᠵᠢᠨ 23᠎ᠤ ᠡᠳᠦᠷ

ᠢᠷᠡᠯᠲᠡ᠄ ᠣᠷᠣᠨ ᠰᠠᠭᠤᠴᠠ ᠪᠠ ᠬᠣᠲᠠ ᠬᠦᠳᠡᠭᠡ ᠵᠢᠨ ᠪᠦᠲᠦᠭᠡᠨ ᠪᠠᠢ᠌ᠭᠣᠯᠣᠯᠲᠠ ᠵᠢᠨ ᠲᠢᠩᠬᠢᠮ