ᠬᠡᠷᠪᠡ ᠪᠠᠷᠢᠯᠭ᠎ᠠ ᠨᠤᠷᠠᠵᠤ ᠶᠡᠭᠦᠷᠡᠪᠡᠯ ᠬᠡᠷᠬᠢᠨ ᠠᠶᠤᠯ᠎ᠠᠴᠠ ᠵᠠᠶ᠋ᠢᠯᠠᠬᠤ ᠪᠤᠢ? ᠬᠡᠷᠪᠡ ᠪᠤᠯᠠᠭᠳᠠᠪᠠᠯ ᠬᠡᠷᠬᠢᠨ ᠥᠪᠡᠷ᠎ᠢ᠎ᠪᠠᠨ ᠠᠪᠤᠷᠠᠬᠤ ᠪᠤᠢ?
ᠡᠳᠡᠭᠡᠷ ᠠᠮᠤᠷ ᠲᠦᠪᠰᠢᠨ᠎ᠤ ᠮᠡᠳᠡᠯᠭᠡ ᠵᠢ ᠮᠡᠳᠡᠬᠦ ᠴᠢᠬᠤᠯᠠᠳᠠᠢ !
ᠨᠢᠭᠡ᠂ ᠪᠠᠷᠢᠯᠭ᠎ᠠ ᠨᠤᠷᠠᠬᠤ᠎ᠨᠢ ᠶᠠᠮᠠᠷ ᠶᠠᠮᠠᠷ ᠤᠷᠢᠳᠴᠢᠯᠠᠭᠰᠠᠨ ᠰᠢᠨᠵᠢ ᠲᠡᠮᠳᠡᠭ ᠪᠠᠶ᠋ᠢᠬᠤ ᠪᠤᠢ?
1. ᠭᠠᠵᠠᠷ᠎ᠤᠨ ᠭᠠᠳᠠᠷᠭᠤ ᠭᠡᠨᠡᠳᠲᠡ᠎ᠪᠠᠷ ᠳᠣᠷᠣᠭᠰᠢ ᠴᠥᠮᠥᠷᠡᠬᠦ᠂ ᠲᠦᠨᠳᠦᠢ᠌ᠬᠦ ᠪᠤᠶᠤ ᠠᠩ ᠴᠠᠪᠠ ᠭᠡᠨᠡᠳᠲᠡ ᠶᠠᠬᠡᠳᠡᠭᠦ᠃
2. ᠲᠤᠯᠭ᠋ᠠᠭᠤᠷᠢ᠂ ᠨᠢᠷᠤᠭᠤ᠂ ᠬᠠᠪᠲᠠᠰᠤ ᠪᠤᠶᠤ ᠬᠡᠷᠡᠮ᠎ᠤᠨ ᠠᠩ ᠴᠠᠪᠠ ᠨᠣᠴᠢᠲᠠᠢ ᠬᠤᠪᠢᠷᠠᠯᠳᠠ ᠭᠠᠷᠬᠤ ᠂ ᠮᠦᠨᠴᠦ ᠦᠷᠭᠦᠯᠵᠢᠯᠡᠨ ᠶᠡᠬᠡᠳᠡᠬᠦ᠃
3. ᠲᠤᠯᠭ᠋ᠠᠭᠤᠷᠢ᠂ ᠨᠢᠷᠣᠭᠤ᠂ ᠬᠠᠪᠳᠠᠰᠤ ᠪᠣᠶᠣ ᠬᠡᠷᠡᠮ ᠶᠡᠭᠡ ᠬᠤᠪᠢᠷᠠᠯᠳᠠ ᠭᠠᠷᠴᠦ᠂ ᠮᠤᠳᠤᠨ ᠪᠦᠳᠦᠴᠡ ᠪᠤᠶᠤ ᠵᠠᠯᠭ᠋ᠠᠳᠠᠰᠤ ᠵᠢᠨ ᠬᠡᠰᠡᠭ᠎ᠲᠤ ᠬᠦᠨᠳᠦ ᠨᠣᠴᠢᠲᠠᠢ ᠢᠯᠵᠠᠷᠠᠨ ᠢᠳᠡᠭᠳᠡᠭᠰᠡᠨ ᠪᠣᠶᠣ ᠨᠢᠭᠡᠨᠲᠡ ᠢᠳᠡᠭᠳᠡᠭᠰᠡᠨ᠃
4. ᠬᠡᠷᠡᠮ ᠪᠤᠶᠤ ᠳᠡᠭᠡᠪᠦᠷ᠎ᠤᠨ ᠭᠠᠳᠠᠷᠭᠤ ᠵᠢᠨ ᠳᠠᠪᠬᠤᠷᠭ᠎ᠠ ᠭᠡᠨᠡᠳᠲᠡ ᠶᠡᠭᠡ ᠬᠡᠪᠴᠢᠶ᠎ᠡ᠎ᠪᠠᠷ ᠤᠨᠠᠬᠤ᠃
5. ᠭᠡᠷ ᠪᠠᠶ᠋ᠢᠰᠢᠩ ᠭᠡᠨᠡᠳᠳᠡ ᠬᠡᠪ᠎ᠤᠨ ᠪᠤᠰᠤ ᠳᠠᠭᠤᠨ ᠭᠠᠷᠬᠤ᠂ ᠳᠡᠯᠪᠡᠷᠡᠬᠦ ᠳᠠᠭᠤᠨ ᠭᠠᠷᠬᠤ ᠵᠡᠷᠭᠡ᠃
ᠬᠤᠶᠠᠷ᠂ ᠪᠠᠷᠢᠯᠭ᠎ᠠ ᠵᠢᠨ ᠨᠤᠷᠠᠯᠲᠠ ᠲᠣᠬᠢᠶᠠᠯᠳᠤᠪᠠᠯ ᠶᠠᠭ᠋ᠠᠬᠢᠵᠤ ᠠᠶᠤᠯ᠎ᠠᠴᠠ ᠵᠠᠶ᠋ᠢᠯᠠᠭᠤᠯᠬᠤ ᠪᠣᠶ?
ᠠᠷᠭ᠎ᠠ ᠮᠠᠶᠢᠭ ᠲᠤᠬᠢᠷᠠᠮᠵᠢᠳᠠᠢ ᠪᠠᠢ᠌ᠬᠤ ᠬᠡᠷᠡᠭᠳᠡᠢ
ᠬᠣᠶᠠᠷ ᠭᠠᠷ ᠵᠶ᠋ᠠᠷ ᠵᠶ᠋ᠠᠨ ᠲᠣᠯᠣᠭ᠋ᠠᠢ᠎ᠪᠠᠨ ᠲᠡᠪᠡᠷᠢᠨ᠂ ᠨᠢᠭᠤᠷ ᠵᠶ᠋ᠠᠨ ᠬᠠᠮᠠᠭ᠋ᠠᠯᠠᠨ᠎ᠠ᠂ ᠤᠴᠤᠢ᠌ᠨ ᠰᠠᠭᠤᠵᠤ᠂ ᠬᠣᠶᠠᠷ ᠡᠪᠦᠳᠦᠭ ᠵᠶ᠋ᠠᠷ ᠨᠢᠭᠤᠷ ᠵᠶ᠋ᠠᠨ ᠬᠠᠯᠬᠠᠯᠠᠵᠦ ᠂ ᠠᠮᠢᠰᠭᠤᠭ᠎ᠠ ᠠᠪᠬᠤ ᠤᠷᠤᠨ ᠵᠠᠢᠲᠠᠢ ᠪᠤᠯᠭ᠋ᠠᠨ᠎ᠠ᠃
ᠬᠢᠴᠢᠶᠡᠮᠵᠢ᠎ᠲᠠᠢ ᠰᠢᠯᠵᠢᠭᠦᠯᠬᠦ
ᠬᠢᠴᠢᠶᠡᠮᠵᠢ᠎ᠲᠠᠢ ᠠᠯᠭᠤᠷᠬᠠᠨ ᠵᠶ᠋ᠠᠷ ᠪᠡᠶ᠎ᠡ᠎ᠪᠠᠨ ᠰᠢᠯᠵᠢᠭᠦᠯᠵᠦ᠂ ᠨᠡᠩ ᠶᠡᠬᠡ ᠪᠤᠳᠠᠰ ᠥᠪᠡᠷ᠎ᠤᠨ ᠪᠡᠶ᠎ᠡ ᠳᠡᠭᠡᠷ᠎ᠡ ᠤᠨᠠᠬᠤ᠎ᠠᠴᠠ ᠰᠡᠷᠭᠡᠢ᠍ᠯᠡᠨᠡ᠃
ᠭᠤᠷᠪᠠ᠂ ᠪᠤᠯᠠᠭᠳᠠᠭᠰᠠᠨᠤ ᠳᠠᠷᠠᠭ᠎ᠠ ᠬᠡᠷᠬᠢᠨ ᠥᠪᠡᠷ᠎ᠢ᠎ᠪᠠᠨ ᠠᠪᠤᠷᠠᠬᠤ ᠪᠣᠢ?
1. ᠬᠢᠴᠢᠶᠡᠮᠵᠢ᠎ᠲᠠᠢ ᠠᠯᠭᠤᠷᠬᠠᠨ ᠵᠶ᠋ᠠᠷ ᠪᠡᠶ᠎ᠡ᠎ᠪᠠᠨ ᠰᠢᠯᠵᠢᠭᠦᠯᠬᠦ ᠵᠢᠨ ᠬᠠᠮᠲᠤ ᠠᠯᠢ ᠴᠢᠳᠠᠬᠤ᠎ᠪᠠᠷ ᠬᠠᠮᠠᠷ ᠠᠮᠠ᠎ᠪᠠᠨ ᠬᠠᠮᠠᠭ᠋ᠠᠯᠠᠨ ᠲᠣᠭᠤᠰᠣᠨᠤ ᠪᠣᠬᠢᠷᠲᠤᠯ᠎ᠢ ᠰᠡᠷᠭᠡᠶ᠋ᠢᠯᠡᠨ᠎ᠡ᠃
2. ᠰᠤᠬᠤᠷ ᠪᠠᠯᠠᠢ᠎ᠪᠠᠷ ᠶᠡᠬᠡᠪᠡᠷ ᠪᠠᠷᠬᠢᠷᠠᠬᠤ ᠬᠡᠷᠡᠭ ᠦᠭᠡᠢ ᠂ ᠬᠤᠭᠤᠯᠠᠢ ᠲᠤᠤᠷ ᠵᠡᠷᠭᠡ ᠪᠤᠳᠠᠰ᠎ᠢ ᠠᠰᠢᠭᠯᠠᠨ ᠲᠤᠬᠢᠶ᠎ᠠ ᠦᠭᠭᠦᠪᠡᠯ ᠠᠪᠤᠷᠠᠨ ᠲᠤᠰᠠᠯᠠᠭᠴᠢ ᠨᠡᠩ ᠠᠮᠠᠷᠬᠠᠨ ᠮᠡᠳᠡᠨ᠎ᠡ᠃
3. ᠬᠡᠷᠪᠡ ᠬᠠᠰᠢᠭᠳᠠᠭᠰᠠᠨ ᠭᠠᠵᠠᠷ᠎ᠨᠢ ᠭᠠᠵᠠᠷ᠎ᠤᠨ ᠭᠠᠳᠠᠷᠭᠤ᠎ᠲᠠᠢ ᠣᠶ᠋ᠢᠷᠠᠳᠴᠤ ᠪᠠᠢ᠌ᠪᠠᠯ᠂ ᠠᠪᠤᠷᠠᠨ ᠲᠤᠰᠯᠠᠬᠤ ᠬᠦᠮᠦᠰ ᠢᠷᠡᠬᠦ ᠦᠶ᠎ᠡ᠎ᠳᠤ ᠶᠡᠬᠡ ᠳᠠᠭᠤᠨ ᠵᠶ᠋ᠠᠷ ᠬᠠᠰᠬᠢᠷᠤᠨ᠎ᠠ᠃
ᠲᠦᠷᠪᠡ᠂ ᠬᠠᠷᠢᠯᠴᠠᠨ ᠠᠪᠤᠷᠠᠬᠤ ᠠᠵᠢᠯ᠎ᠢ ᠬᠡᠷᠬᠢᠨ ᠥᠷᠨᠢᠭᠦᠯᠬᠦ ᠪᠤᠢ?
1. ᠠᠪᠤᠷᠠᠬᠤ᠎ᠠᠴᠠ ᠡᠮᠦᠨ᠎ᠡ᠂ ᠲᠠᠩᠨᠠᠨ ᠰᠣᠨᠣᠰᠬᠤ᠂ ᠳᠠᠭᠤᠳᠠᠬᠤ᠂ ᠯᠠᠪᠯᠠᠨ ᠠᠰᠠᠭᠤᠬᠤ ᠵᠡᠷᠭᠡ ᠠᠷᠭ᠎ᠠ ᠮᠠᠶᠢᠭ ᠵᠶ᠋ᠠᠷ ᠳᠠᠷᠤᠭᠳᠠᠭᠰᠠᠨ ᠬᠥᠮᠥᠰ᠎ᠤᠨ ᠣᠷᠣᠨ ᠪᠠᠶ᠋ᠢᠷᠢ ᠵᠢ ᠮᠠᠭ᠋ᠠᠳᠯᠠᠬᠤ ᠬᠡᠷᠡᠭᠲᠡᠢ;
2. ᠠᠪᠤᠷᠠᠬᠤ ᠶᠠᠪᠤᠴᠠ᠎ᠳᠤ ᠬᠤᠷᠴᠠ ᠵᠡᠪᠰᠡᠭ ᠵᠶ᠋ᠠᠷ ᠮᠠᠯᠲᠠᠵᠤ ᠪᠣᠯᠬᠤ ᠦᠭᠡᠶ᠃ ᠬᠡᠷᠪᠡ ᠰᠢᠷᠬ᠎ᠠ ᠭᠡᠳᠦ ᠬᠦᠨᠳᠦ᠎ᠠᠴᠠ ᠪᠤᠯᠵᠤ ᠦᠪᠡᠷ ᠵᠶ᠋ᠠᠨ ᠭᠠᠷᠴᠤ ᠢᠷᠡᠵᠦ ᠲᠡᠢ᠍ᠢ᠍ᠯᠬᠦ ᠦᠭᠡᠢ ᠪᠤᠯ ᠶᠠᠭ᠋ᠠᠷᠠᠵᠦ ᠪᠤᠯᠠᠬᠤ ᠦᠭᠡᠢ᠃ ᠰᠢᠷᠬᠠᠲᠠᠨᠢ ᠬᠠᠪᠰᠤᠷᠠᠨ ᠲᠣᠯᠣᠭ᠋ᠠᠢ ᠵᠢ᠎ᠨᠢ ᠭᠠᠷᠭ᠋ᠠᠵᠤ᠂ ᠠᠮᠠᠨ ᠬᠥᠨᠳᠡᠢ ᠪᠣᠯᠣᠨ ᠬᠠᠮᠠᠷ᠎ᠤᠨ ᠬᠥᠨᠳᠡᠢ᠎ᠳᠠᠬᠢ ᠬᠣᠭ ᠲᠣᠭᠣᠰᠣ ᠵᠢ ᠠᠷᠢᠯᠭ᠋ᠠᠭᠰᠠᠨ᠎ᠤ ᠲᠠᠷᠠᠭ᠎ᠠ ᠴᠡᠭᠡᠵᠢᠨ᠎ᠤ ᠬᠡᠰᠡᠭ᠎ᠢ ᠮᠠᠯᠳᠠᠨ ᠭᠠᠷᠭ᠋ᠠᠨ᠎ᠠ᠃
3. ᠲᠦᠷ ᠴᠠᠭ ᠠᠪᠤᠷᠠᠵᠤ ᠭᠠᠷᠭ᠋ᠠᠬᠤ ᠵᠢᠨ ᠠᠷᠭ᠎ᠠ ᠦᠭᠡᠢ ᠰᠢᠷᠬᠠᠲᠠᠨᠢ ᠠᠯᠢ ᠴᠢᠳᠠᠬᠤ᠎ᠪᠠᠷ ᠲᠡᠭᠦᠨ᠎ᠤ ᠣᠷᠣᠨ ᠵᠠᠶ᠎ᠳᠤ ᠰᠠᠯᠬᠢ ᠨᠡᠪᠲᠡᠷᠡᠭᠦᠯᠵᠦ᠂ ᠰᠢᠷᠬᠠᠲᠤᠭᠰᠠᠳ᠎ᠲᠤ ᠢᠳᠡᠭᠡᠨ ᠬᠦᠷᠭᠡᠵᠦ᠂ ᠴᠠᠭ ᠲᠣᠬᠢᠶᠠᠯ᠎ᠢ ᠦᠵᠡᠨ ᠳᠠᠬᠢᠨ ᠠᠪᠤᠷᠠᠨ᠎ᠠ᠃