ᠲᠦᠷᠢᠶᠡᠰᠦ ᠪᠤᠴᠠᠭ᠋ᠠᠬᠤ ᠬᠣᠬᠢᠷᠠᠯ᠎ᠢ ᠲᠣᠭᠲᠠᠭ᠋ᠠᠬᠤ ᠵᠢ ᠴᠣᠬᠤᠮ ᠬᠡᠨ᠎ᠤ ᠬᠡᠯᠡᠭᠰᠡᠨ ᠵᠶ᠋ᠡᠷ ᠪᠣᠳᠣᠬᠣ ᠪᠣᠢ
2024-05-23

    《ᠲᠦᠷᠢᠶᠡᠰᠦᠯᠡᠵᠦ ᠪᠠᠢ᠌ᠬᠤ ᠦᠶ᠎ᠡ᠎ᠳᠤ ᠪᠠᠰᠠ ᠵᠦᠭᠡᠷ᠂ ᠲᠦᠷᠢᠶᠡᠰᠦ ᠪᠤᠴᠠᠭ᠋ᠠᠬᠤ ᠭᠡᠭᠰᠡᠭᠡᠷ ᠶᠠᠷᠰᠢᠭ ᠣᠯᠠᠰᠢᠷᠠᠨ᠎ᠠ!》 ᠭᠡᠵᠦ ᠴᠦᠩᠴᠢᠩ᠎ᠤᠨ ᠶᠡᠬᠡ ᠰᠤᠷᠭ᠋ᠠᠭᠤᠯᠢ ᠵᠢᠨ ᠬᠣᠲᠠ᠎ᠳᠤ ᠠᠵᠢᠯᠯᠠᠵᠤ ᠪᠠᠶ᠋ᠢᠭ᠎ᠠ ᠰᠢᠤᠸᠠᠢ ᠱᠧᠩ ᠬᠡᠯᠡᠨ᠎ᠡ᠂ ᠥᠪᠡᠷ ᠵᠶ᠋ᠡᠨ ᠣᠶ᠋ᠢᠷ᠎ᠠ ᠬᠠᠪᠢ᠎ᠳᠤ ᠨᠢᠭᠡ ᠭᠡᠷ ᠲᠦᠷᠢᠶᠡᠰᠦᠯᠡᠵᠦ᠂ ᠲᠦᠷᠢᠶᠡᠰᠦ ᠪᠤᠴᠠᠭ᠋ᠠᠬᠤ᠎ᠳᠤ ᠡᠴᠦᠰ᠎ᠲᠤ᠎ᠨᠢ ᠭᠡᠷ᠎ᠤᠨ ᠡᠵᠡᠨ ᠡᠯ᠎ᠡ ᠵᠦᠢ᠍ᠯ᠎ᠤᠨ ᠵᠣᠬᠢᠰ ᠦᠭᠡᠶ ᠰᠢᠯᠲᠠᠭ᠋ᠠᠨ ᠵᠶ᠋ᠠᠷ 2000 ᠭᠠᠷᠤᠶ ᠲᠥᠭᠥᠷᠢᠭ ᠲᠥᠯᠥᠭᠦᠯᠬᠦ᠎ᠪᠠᠷ ᠱᠠᠭ᠋ᠠᠷᠳᠠᠪᠠ᠃ ᠲᠦᠷᠢᠶᠡᠰᠦᠨ ᠭᠡᠷ᠎ᠨᠢ ᠤᠯᠠᠮ᠎ᠠᠴᠠ ᠤᠯᠠᠮ ᠣᠯᠠᠨ ᠬᠥᠮᠦᠨ᠎ᠤ ᠣᠷᠣᠨ ᠰᠠᠭᠤᠴᠠ ᠵᠢᠨ ᠰᠣᠩᠭᠣᠯᠲᠠ ᠪᠣᠯᠣᠭᠰᠠᠨ ᠦᠶ᠎ᠡ᠎ᠳᠤ᠂ ᠲᠦᠷᠢᠶᠡᠰᠦ ᠪᠤᠴᠠᠭ᠋ᠠᠬᠤ᠎ᠠᠴᠠ ᠵᠢᠭᠤᠷᠠᠯᠳᠤᠭ᠋ᠠᠨ ᠡᠭᠦᠰᠴᠦ᠂ ᠬᠦᠮᠦᠰ᠎ᠢ ᠦᠷᠭᠦᠯᠵᠢ ᠠᠷᠭ᠎ᠠ ᠪᠠᠷᠠᠭᠳᠠᠭᠤᠯᠳᠠᠭ᠎ᠨᠢ ᠭᠠᠭᠴᠠ ᠭᠡᠷ ᠪᠠᠶ᠋ᠢᠰᠢᠩ ᠲᠦᠷᠢᠶᠡᠰᠦᠯᠡᠭᠦᠯᠬᠦ᠂ ᠪᠠᠷᠢᠴᠠᠭ᠋ᠠᠨ᠎ᠤ ᠮᠥᠩᠭᠦ ᠵᠢ ᠳᠠᠷᠤᠵᠤ ᠠᠪᠬᠤ᠂ ᠠᠯᠪᠠᠳᠠᠯᠭ᠎ᠠ᠎ᠪᠠᠷ ᠲᠥᠯᠥᠪᠦᠷᠢ ᠥᠭᠬᠦ ᠵᠢ ᠱᠠᠭ᠋ᠠᠷᠳᠠᠭᠰᠠᠨ ᠵᠡᠷᠭᠡ ᠪᠠᠶ᠋ᠢᠳᠠᠯ ᠴᠤ᠌ ᠪᠢᠰᠢ᠂ ᠪᠠᠰᠠ ᠪᠤᠰᠤᠳ ᠲᠦᠷᠢᠶᠡᠰᠦᠨ ᠬᠠᠷᠢᠴᠠᠭ᠋ᠠᠨ᠎ᠳᠤ ᠡᠷᠬᠡ ᠲᠡᠭᠰᠢ᠂ ᠵᠦᠢ ᠵᠣᠬᠢᠰᠲᠠᠢ ᠪᠠᠢ᠌ᠬᠤ᠎ᠨᠢ ᠰᠠᠶᠢ ᠲᠦᠷᠢᠶᠡᠰᠦᠯᠡᠬᠦ ᠬᠠᠷᠢᠴᠠᠭ᠋ᠠᠨ᠎ᠤ ᠬᠣᠬᠢᠷᠠᠯ᠎ᠢ ᠮᠠᠭ᠋ᠠᠳᠯᠠᠬᠤ᠎ᠳᠤ ᠡᠩ᠎ᠤᠨ ᠠᠷᠠᠯᠵᠢᠶᠠᠨ᠎ᠤ ᠳᠠᠳᠬᠠᠯ᠎ᠲᠠᠢ ᠨᠡᠶ᠋ᠢᠴᠡᠭᠦᠯᠬᠦ ᠬᠡᠷᠡᠭᠲᠡᠢ᠃ ᠲᠦᠷᠢᠶᠡᠰᠦ ᠵᠢ ᠪᠤᠴᠠᠭ᠋ᠠᠬᠤ ᠦᠶ᠎ᠡ᠎ᠳᠤ᠂ ᠭᠡᠷ ᠪᠠᠶ᠋ᠢᠰᠢᠩ᠎ᠤᠨ ᠬᠣᠬᠢᠷᠠᠯ᠎ᠢ ᠮᠠᠭ᠋ᠠᠳᠯᠠᠬᠤ ᠪᠠᠷᠢᠮᠵᠢᠶ᠎ᠠ ᠵᠢ ᠬᠡᠨ᠎ᠤ ᠬᠡᠯᠡᠭᠰᠡᠨ ᠵᠶ᠋ᠡᠷ ᠪᠣᠳᠤᠬᠤ ᠪᠣᠢ? ᠪᠤᠰᠤᠳ ᠲᠦᠷᠢᠶᠡᠰᠦᠯᠡᠯ᠎ᠤᠨ ᠬᠠᠷᠢᠴᠠᠭ᠋ᠠᠨ᠎ᠳᠤ ᠪᠠᠷᠢᠴᠠᠭ᠋ᠠᠨ᠎ᠤ ᠮᠥᠩᠭᠦ ᠵᠢ ᠳᠠᠷᠤᠵᠤ ᠠᠪᠬᠤ᠂ ᠠᠯᠪᠠᠳᠠᠯᠭ᠎ᠠ᠎ᠪᠠᠷ ᠲᠥᠯᠥᠭᠦᠯᠬᠦ᠎ᠪᠠᠷ ᠱᠠᠭ᠋ᠠᠷᠳᠠᠭᠰᠠᠨ ᠵᠡᠷᠭᠡ ᠪᠠᠶ᠋ᠢᠳᠠᠯ ᠣᠷᠣᠰᠢᠵᠤ ᠪᠠᠶ᠋ᠢᠬᠤ ᠡᠰᠡᠬᠦ? ᠨᠡᠩ ᠡᠶ᠎ᠡ ᠵᠣᠬᠢᠴᠠᠯ᠎ᠲᠠᠢ ᠲᠦᠷᠢᠶᠡᠰᠦᠯᠡᠬᠦ ᠬᠠᠷᠢᠴᠠᠭ᠎ᠠ ᠵᠢ ᠬᠡᠷᠬᠢᠨ ᠪᠠᠶ᠋ᠢᠭᠤᠯᠬᠤ ᠪᠤᠢ?

 

ᠲᠦᠷᠢᠶᠡᠰᠦᠯᠡᠭᠴᠢ ᠬᠡᠪ᠎ᠤᠨ ᠬᠣᠬᠢᠷᠠᠯ᠎ᠢ ᠲᠦᠯᠦᠬᠦ ᠴᠢᠬᠤᠯᠠ ᠦᠭᠡᠢ

    《ᠬᠡᠷᠡᠮ ᠳᠡᠭᠡᠷ᠎ᠡ ᠨᠠᠭ᠋ᠠᠯᠲᠠ ᠨᠠᠭ᠋ᠠᠭᠰᠠᠨ᠎ᠠᠴᠠ ᠬᠡᠷᠡᠮ᠎ᠤᠨ ᠭᠠᠳᠠᠷᠭᠤ ᠱᠠᠭ᠋ᠠᠷᠠᠵᠤ 1400 ᠲᠥᠭᠥᠷᠢᠭ᠎ᠤᠨ ᠲᠥᠯᠥᠪᠦᠷᠢ ᠥᠭᠬᠦ ᠬᠡᠷᠡᠭᠲᠡᠢ᠂ ᠰᠡᠷᠢᠭᠦᠨ ᠴᠢᠭᠢᠷᠰᠦ᠂ ᠣᠷᠣ ᠵᠢᠨ ᠭᠠᠳᠠᠷ ᠲᠤᠲᠠᠭᠰᠠᠨ᠂ ᠪᠠᠰᠠ ᠮᠢᠨᠦ ᠶᠡᠷᠦ᠎ᠠᠴᠠ ᠦᠵᠡᠵᠦ ᠪᠠᠢ᠌ᠭᠰᠠᠨ ᠦᠭᠡᠢ ᠤᠰᠤᠨ ᠳᠡᠪᠦᠷ᠎ᠡ᠂ 800 ᠲᠦᠭᠦᠷᠢᠭ ᠲᠦᠯᠦᠬᠦ ᠬᠡᠷᠡᠭᠲᠡᠢ》᠃ ᠰᠢᠤᠸᠠᠢ ᠱᠧᠩ ᠬᠡᠯᠡᠬᠦ᠎ᠳᠤ᠎ᠪᠠᠨ᠂ ᠵᠥᠪᠳᠡᠯᠴᠡᠭᠰᠡᠨ᠎ᠤ ᠳᠠᠷᠠᠭ᠎ᠠ ᠥᠪᠡᠷ ᠵᠶ᠋ᠠᠨ ᠭᠡᠷ᠎ᠤᠨ ᠡᠵᠡᠨ᠎ᠳᠤ 1500 ᠲᠥᠭᠦᠷᠢᠭ᠎ᠤᠨ ᠲᠥᠯᠥᠪᠦᠷᠢ ᠥᠭᠭᠦᠭᠰᠡᠨ᠎ᠤ ᠳᠠᠷᠠᠭ᠎ᠠ ᠰᠠᠶᠢ ᠲᠦᠷᠢᠶᠡᠰᠦ᠎ᠪᠠᠨ ᠣᠯᠵᠣ ᠠᠪᠤᠪᠠ ᠭᠡᠨ᠎ᠡ᠃

    《ᠭᠡᠷ ᠲᠦᠷᠢᠶᠡᠰᠦᠯᠡᠬᠦ ᠦᠶ᠎ᠡ᠎ᠳᠤ ᠵᠠᠭᠤᠴᠢ᠂ ᠭᠡᠷ᠎ᠤᠨ ᠡᠵᠡᠨ ᠮᠠᠰᠢ ᠰᠠᠢ᠌ᠨ ᠠᠮᠠᠯᠳᠤᠭᠰᠠᠨ ᠮᠠᠭ᠋ᠠᠳ᠃ ᠭᠡᠪᠡᠴᠦ ᠡᠴᠦᠰ᠎ᠲᠤ᠎ᠪᠠᠨ ᠪᠠᠷᠢᠴᠠᠭ᠋ᠠᠨ᠎ᠤ ᠮᠥᠩᠭᠥ ᠵᠢ ᠳᠠᠷᠤᠬᠤ ᠡᠰᠡᠬᠦ᠂ ᠬᠡᠳᠦᠢ ᠳᠠᠷᠤᠬᠤ ᠵᠢ ᠪᠦᠷ ᠲᠡᠳᠡᠨ ᠬᠡᠯᠡᠭᠡᠳ ᠪᠣᠯᠳᠠᠭ ᠶᠤᠮ》 ᠭᠡᠵᠦ ᠡᠨᠡ ᠮᠡᠲᠦ ᠥᠩᠭᠡᠷᠡᠯᠲᠡ᠎ᠲᠠᠢ ᠨᠢᠭᠡᠨ ᠲᠦᠷᠢᠶᠡᠰᠦᠯᠡᠭᠴᠢ᠎ᠠᠴᠠ ᠲᠦᠷᠢᠶᠡᠰᠦ ᠪᠤᠴᠠᠭ᠋ᠠᠬᠤ ᠬᠣᠬᠢᠷᠠᠯ᠎ᠢ ᠲᠣᠭᠲᠠᠭ᠋ᠠᠬᠤ᠎ᠳᠤ ᠬᠣᠶᠠᠷ ᠲᠠᠯ᠎ᠠ᠎ᠪᠠᠷ ᠵᠶ᠋ᠠᠨ ᠡᠷᠬᠡ ᠲᠡᠭᠰᠢ᠎ᠪᠠᠷ ᠵᠥᠪᠳᠡᠯᠴᠡᠬᠦ᠎ᠳᠤ ᠮᠠᠰᠢ ᠬᠦᠴᠢᠷ ᠭᠡᠵᠦ ᠠᠷᠭ᠎ᠠ ᠪᠠᠷᠠᠵᠤ ᠶᠠᠷᠢᠨ᠎ᠠ᠃

     ᠭᠡᠪᠡᠴᠦ ᠭᠡᠷ ᠪᠠᠶ᠋ᠢᠰᠢᠩ ᠲᠦᠷᠢᠶᠡᠰᠦᠯᠡᠭᠦᠯᠬᠦ ᠦᠶᠡᠰ᠂ ᠭᠡᠷ᠎ᠤᠨ ᠡᠵᠡᠨ ᠥᠪᠡᠷ᠎ᠢ᠎ᠪᠠᠨ ᠪᠠᠰᠠ ᠬᠦᠴᠢᠷᠳᠡᠯ᠎ᠲᠠᠢ ᠭᠡᠵᠦ ᠦᠵᠡᠳᠡᠭ᠃ ᠴᠦᠩᠴᠢᠩ᠎ᠤᠨ ᠬᠤᠩ ᠴᠢ ᠾᠧ ᠭᠧᠦ᠎ᠳᠤ ᠰᠠᠭᠤᠵᠤ ᠪᠠᠶ᠋ᠢᠭ᠎ᠠ ᠮᠠ ᠠᠪᠤᠭ᠋ᠠᠶ ᠬᠡᠯᠡᠬᠦ᠎ᠳᠤ᠎ᠪᠠᠨ᠂ ᠥᠪᠡᠷ ᠵᠶ᠋ᠠᠨ ᠬᠤᠶᠠᠷ ᠢᠵᠢ ᠬᠡᠷ ᠪᠠᠶ᠋ᠢᠰᠢᠩ ᠲᠦᠷᠢᠶᠡᠰᠦᠯᠡᠭᠦᠯᠳᠡᠭ᠂ ᠲᠦᠷᠢᠶᠡᠰᠦᠯᠡᠭᠴᠢ᠎ᠠᠴᠠ ᠲᠦᠷᠢᠶᠡᠰᠦᠨ ᠮᠥᠩᠭᠦ᠎ᠪᠠᠨ ᠥᠷᠢᠲᠦᠬᠦ᠂ ᠬᠡᠷ ᠪᠠᠶ᠋ᠢᠰᠢᠩ᠎ᠢ ᠥᠭᠡᠷᠡᠴᠢᠯᠡᠨ ᠵᠠᠰᠠᠬᠤ᠂ ᠲᠦᠷᠢᠶᠡᠰᠦ ᠪᠤᠴᠠᠭ᠋ᠠᠬᠤ ᠦᠶ᠎ᠡ᠎ᠳᠤ ᠭᠠᠵᠠᠷ ᠳᠦᠭᠦᠷᠡᠩ ᠬᠤᠭ ᠨᠣᠪᠰᠢ ᠪᠠᠢ᠌ᠬᠤ ᠦᠵᠡᠭᠳᠡᠯ ᠬᠡᠳᠦ ᠤᠳᠠᠭ᠎ᠠ ᠢᠯᠡᠷᠡᠵᠦ ᠪᠠᠢ᠌ᠨ᠎ᠠ ᠭᠡᠵᠡᠶ᠃ 《ᠬᠡᠳᠦᠨ ᠵᠢᠯ ᠲᠦᠷᠢᠶᠡᠰᠦᠨ ᠮᠥᠩᠭᠥ ᠬᠤᠷᠢᠶᠠᠭᠰᠠᠨ᠎ᠤ ᠳ᠋ᠦᠩ᠎ᠳᠤ ᠭᠡᠷ ᠵᠶ᠋ᠠᠨ ᠰᠢᠨ᠎ᠡ᠎ᠪᠠᠷ ᠵᠠᠰᠠᠬᠤ ᠵᠠᠷᠤᠳᠠᠯ᠎ᠳᠤ᠎ᠪᠠᠨ ᠪᠠᠰᠠ ᠬᠦᠷᠬᠦ ᠦᠭᠡᠢ ᠪᠠᠢ᠌ᠳᠠᠭ》 ᠭᠡᠨ᠎ᠡ᠃

     ᠭᠡᠷ ᠪᠠᠶ᠋ᠢᠰᠢᠩ᠎ᠢ ᠲᠦᠷᠢᠶᠡᠰᠦᠯᠡᠭᠦᠯᠬᠦ ᠶᠠᠪᠤᠴᠠ᠎ᠳᠤ ᠰᠦᠢ᠍ᠳᠦᠯ ᠡᠭᠦᠰᠳᠡᠭ᠂ ᠴᠣᠬᠤᠮ ᠬᠡᠨ ᠬᠠᠷᠢᠭᠤᠴᠠᠯᠭ᠎ᠠ ᠡᠭᠦᠷᠭᠡᠯᠡᠬᠦ ᠪᠣᠢ? ᠬᠠᠤᠯᠢᠴᠢ ᠯᠢ ᠵᠢᠶᠠᠨ ᠬᠡᠯᠡᠬᠦ᠎ᠳᠤ᠎ᠪᠠᠨ᠂ ᠲᠦᠷᠢᠶᠡᠰᠦᠯᠡᠭᠴᠢ ᠬᠡᠪ᠎ᠤᠨ ᠬᠣᠬᠢᠷᠠᠯ᠎ᠢ ᠲᠦᠯᠦᠬᠦ ᠴᠢᠬᠤᠯᠠ ᠦᠭᠡᠶ᠃ 《ᠲᠦᠷᠢᠶᠡᠰᠦᠨ ᠡᠳ᠋᠎ᠨᠢ ᠬᠡᠪ᠎ᠤᠨ ᠬᠡᠷᠡᠭᠯᠡᠯᠲᠡ᠎ᠠᠴᠠ ᠪᠣᠯᠤᠭᠰᠠᠨ ᠡᠯᠡᠭᠳᠡᠯ ᠪᠣᠯ ᠨᠢᠭᠡ ᠵᠦᠢ᠍ᠯ᠎ᠤᠨ ᠪᠠᠷᠠᠭᠳᠠᠯ ᠮᠥᠨ᠂ ᠶᠠᠮᠠᠷᠪᠠ ᠪᠣᠳᠠᠰ᠎ᠢ ᠬᠡᠷᠡᠭᠯᠡᠬᠦ᠎ᠳᠤ ᠴᠥᠮ ᠵᠣᠬᠢᠬᠤ ᠬᠡᠮᠵᠢᠶᠡᠨ᠎ᠤ ᠡᠯᠡᠭᠳᠡᠯ ᠪᠠ ᠪᠠᠷᠠᠭᠳᠠᠯ᠎ᠲᠠᠢ ᠪᠠᠶ᠋ᠢᠳᠠᠭ᠃ ᠲᠦᠷᠢᠶᠡᠰᠦᠯᠡᠭᠦᠯᠦᠭᠴᠢ ᠲᠦᠷᠢᠶᠡᠰᠦᠨ ᠡᠳ᠋ ᠵᠶ᠋ᠠᠨ ᠲᠦᠷᠢᠶᠡᠰᠦᠯᠡᠭᠴᠢ᠎ᠳᠤ ᠲᠤᠰᠢᠶᠠᠨ ᠥᠭᠴᠦ ᠬᠡᠷᠡᠭᠯᠡᠭᠦᠯᠬᠦ᠂ ᠠᠰᠢᠭ ᠬᠦᠷᠲᠡᠭᠡᠬᠦ᠎ᠨᠢ ᠡᠢ᠌ᠮᠦᠷᠬᠦᠦ ᠵᠦᠢ᠍ᠯ᠎ᠤᠨ ᠡᠯᠡᠭᠳᠡᠯ᠎ᠢ ᠵᠥᠪᠰᠢᠶᠡᠷᠴᠦ᠂ ᠲᠦᠷᠢᠶᠡᠰᠦᠨ ᠡᠳ᠋᠎ᠨᠢ ᠵᠦᠶ ᠵᠣᠬᠢᠰᠲᠠᠢ ᠡᠯᠡᠭᠳᠡᠯ᠎ᠠᠴᠠ ᠪᠣᠯᠵᠤ ᠬᠠᠰᠤᠭᠳᠠᠭᠰᠠᠨ ᠦᠨ᠎ᠡ ᠥᠷᠲᠡᠭ᠎ᠨᠢ ᠦᠨᠡᠨ᠎ᠳᠤ᠎ᠪᠠᠨ ᠲᠦᠷᠢᠶᠡᠰᠦᠨ ᠮᠥᠩᠬᠦᠨ᠎ᠳᠤ ᠨᠢᠭᠡᠨᠲᠡ ᠪᠠᠭᠲᠠᠭᠰᠠᠨ ᠪᠣᠯᠬᠤᠷ ᠲᠦᠷᠢᠶᠡᠰᠦᠯᠡᠭᠴᠢ ᠬᠡᠪ᠎ᠤᠨ ᠡᠯᠡᠭᠳᠡᠯ᠎ᠢ ᠲᠦᠯᠦᠬᠦ ᠴᠢᠬᠤᠯᠠ ᠦᠭᠡᠢ》 ᠭᠡᠨ᠎ᠡ᠃

     ᠡᠯᠡᠭᠳᠡᠯ᠂ ᠡᠪᠳᠡᠯᠭᠡ ᠪᠠ ᠰᠦᠢ᠍ᠳᠭᠡᠯᠭᠡ ᠢᠯᠡᠳᠲᠡ ᠢᠯᠭ᠋ᠠᠭ᠎ᠠ᠎ᠲᠠᠢ᠂ ᠡᠯᠡᠭᠳᠡᠯ᠎ᠨᠢ ᠡᠩ᠎ᠤᠨ ᠪᠠᠢ᠌ᠳᠠᠯ᠎ᠳᠤ᠂ ᠬᠡᠷᠡᠭᠯᠡᠬᠦ ᠬᠡᠪ᠎ᠤᠨ ᠨᠥᠬᠥᠴᠡᠯ ᠳᠣᠣᠷ᠎ᠠ ᠵᠠᠷᠢᠮ ᠪᠠᠢ᠌ᠭ᠋ᠠᠯᠢ ᠵᠢᠨ ᠡᠯᠡᠭᠳᠡᠯ ᠪᠤᠶᠤ ᠴᠢᠳᠠᠪᠤᠷᠢ᠎ᠨᠢ ᠪᠠᠭᠤᠷᠠᠭᠰᠠᠨ ᠶᠠᠪᠤᠳᠠᠯ᠎ᠢ ᠵᠢᠭ᠋ᠠᠳᠠᠭ》᠃ ᠴᠦᠩᠴᠢᠩ ᠬᠣᠲᠠ ᠵᠢᠨ ᠢᠦᠢ ᠵᠦᠩ ᠲᠣᠭᠣᠷᠢᠭ᠎ᠤᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠵᠢᠨ ᠴᠢᠯᠥᠭᠡᠯᠡᠬᠦ ᠬᠦᠰᠢᠶ᠎ᠡ ᠵᠢᠨ ᠭᠠᠵᠠᠷ᠎ᠤᠨ ᠳᠡᠳ᠋ ᠳᠠᠷᠤᠭ᠎ᠠ ᠵᠠᠩ ᠵᠧᠨ ᠷᠦᠩ ᠬᠡᠯᠡᠭᠰᠡᠨ᠎ᠨᠢ᠂ ᠲᠦᠷᠢᠶᠡᠰᠦᠯᠡᠬᠦ ᠬᠤᠭᠤᠴᠠᠭ᠎ᠠ᠎ᠨᠢ ᠨᠡᠯᠢᠶᠡᠳ ᠤᠷᠲᠤ ᠪᠠᠢ᠌ᠳᠠᠯ᠎ᠳᠤ᠂ ᠰᠠᠨᠳᠠᠯᠢ᠂ ᠱᠠᠹᠠ᠎ᠨᠢ ᠡᠪᠳᠡᠭᠳᠡᠵᠦ᠂ ᠲᠧᠯᠸᠢᠰ᠎ᠨᠢ ᠬᠠᠭᠤᠴᠢᠷᠠᠵᠤ᠂ ᠬᠡᠷᠪᠡ ᠵᠣᠬᠢᠰ ᠦᠭᠡᠢ ᠬᠡᠷᠡᠭᠯᠡᠭᠰᠡᠨ ᠪᠢᠰᠢ᠂ ᠡᠰᠡᠬᠦᠯ᠎ᠡ ᠪᠤᠰᠤᠳ ᠮᠠᠭᠤ ᠰᠠᠨᠠᠭ᠎ᠠ᠎ᠲᠠᠢ᠂ ᠬᠡᠪ᠎ᠤᠨ ᠪᠤᠰᠤ ᠬᠦᠴᠦᠨ ᠵᠦᠢ᠍ᠯ᠎ᠠᠴᠠ ᠪᠣᠯᠤᠭᠰᠠᠨ ᠬᠦᠨᠳᠦ ᠨᠣᠴᠢᠲᠠᠢ ᠬᠣᠬᠢᠷᠠᠯ᠎ᠳᠤ ᠤᠴᠠᠷᠠᠭᠰᠠᠨ ᠪᠣᠯ ᠲᠦᠷᠢᠶᠡᠰᠦᠯᠡᠭᠴᠢ᠎ᠨᠢ ᠲᠥᠯᠥᠬᠦ ᠴᠢᠬᠤᠯᠠ ᠦᠭᠡᠢ ᠭᠡᠨ᠎ᠡ᠃

 

ᠡᠯᠡᠭᠳᠡᠯ᠎ᠢ ᠮᠠᠭ᠋ᠠᠳᠯᠠᠬᠤ᠎ᠳᠤ ᠡᠩ᠎ᠤᠨ ᠠᠷᠠᠯᠵᠢᠶᠠᠨ᠎ᠤ ᠳᠠᠳᠬᠠᠯ᠎ᠲᠠᠢ ᠨᠡᠢ᠌ᠴᠡᠬᠦ ᠬᠡᠷᠡᠭᠲᠡᠢ

     ᠭᠠᠭᠴᠠ ᠭᠡᠷ ᠪᠠᠶ᠋ᠢᠰᠢᠩ ᠲᠦᠷᠢᠶᠡᠰᠦᠯᠡᠬᠦ᠎ᠪᠠᠷ ᠪᠠᠷᠠᠬᠤ ᠦᠭᠡᠢ᠂ ᠪᠠᠷᠢᠴᠠᠭ᠋ᠠᠨ᠎ᠤ ᠮᠦᠩᠭᠦ ᠵᠢ ᠳᠠᠷᠤᠵᠤ ᠠᠪᠬᠤ᠂ ᠲᠦᠯᠦᠵᠦ ᠠᠪᠬᠤ᠎ᠪᠠᠷ ᠠᠯᠪᠠᠳᠠᠨ ᠱᠠᠭ᠋ᠠᠷᠳᠠᠬᠤ ᠵᠡᠷᠭᠡ ᠪᠠᠶ᠋ᠢᠳᠠᠯ᠎ᠨᠢ ᠴᠦ᠍ ᠪᠤᠰᠤᠳ ᠳᠦᠷᠢᠶᠡᠰᠦᠯᠡᠬᠦ ᠬᠠᠷᠢᠴᠠᠭ᠋ᠠᠨ᠎ᠤ ᠳᠤᠮᠳᠠ ᠢᠯᠡᠷᠡᠵᠦ ᠪᠠᠶ᠋ᠢᠨ᠎ᠠ᠃ ᠣᠢ᠌ᠷ᠎ᠠ᠎ᠳᠤ᠂ ᠨᠢᠭᠡ ᠣᠶᠤᠲᠠᠨ ᠸᠢᠳᠢᠣ᠋ ᠲᠠᠪᠴᠠᠩ᠎ᠳᠤ ᠲᠤᠰᠬᠠᠭᠰᠠᠨ ᠵᠶ᠋ᠠᠷ᠂ ᠥᠪᠡᠷ ᠵᠶ᠋ᠠᠨ ᠨᠢᠭᠡᠨ ᠰᠦᠯᠵᠢᠶᠡᠨ᠎ᠤ ᠲᠦᠷᠢᠶᠡᠰᠦᠨ ᠮᠠᠰᠢᠨ ᠲᠡᠷᠭᠡᠨ᠎ᠤ ᠲᠠᠪᠴᠠᠩ᠎ᠠᠴᠠ ᠨᠢᠭᠡ ᠰᠠᠤᠷᠢ ᠣᠤ ᠳ᠋ᠢ A6 ᠵᠢ ᠲᠦᠷᠢᠶᠡᠰᠦᠯᠡᠵᠦ᠂ ᠪᠤᠴᠠᠭ᠋ᠠᠵᠤ ᠪᠠᠢ᠌ᠴᠠᠭ᠋ᠠᠬᠤ ᠦᠶ᠎ᠡ᠎ᠳᠤ ᠮᠠᠰᠢᠨ ᠲᠡᠷᠭᠡᠨ᠎ᠤ ᠲᠣᠮᠣ ᠳ᠋ᠧᠩ ᠵᠢᠭ᠋ᠠᠬᠠᠨ ᠵᠢᠷᠤᠭᠰᠠᠨ ᠣᠷᠣᠮ᠎ᠲᠠᠢ ᠪᠠᠢ᠌ᠬᠤ ᠵᠢ ᠮᠡᠳᠡᠭᠡᠳ᠂ ᠲᠦᠷᠢᠶᠡᠰᠦᠨ ᠮᠠᠰᠢᠨ ᠲᠡᠷᠭᠡᠨ᠎ᠤ᠎ᠬᠢᠨ ᠪᠠᠷᠢᠴᠭ᠋ᠠᠠᠨ᠎ᠤ ᠮᠥᠩᠭᠥ ᠵᠢ ᠪᠤᠴᠠᠭ᠋ᠠᠵᠤ ᠥᠭᠬᠦ ᠵᠢ ᠲᠡᠪᠴᠢᠭᠰᠡᠨ ᠪᠥᠭᠡᠳ 4S ᠳᠡᠯᠭᠡᠭᠦᠷ᠎ᠲᠤ 2000 ᠭᠠᠷᠤᠢ ᠲᠥᠭᠥᠷᠢᠭ᠎ᠤᠨ ᠰᠦᠢ᠍ᠳᠭᠡᠯ ᠵᠠᠷᠤᠴᠠᠭᠤᠯᠵᠤ ᠰᠡᠷᠭᠦᠭᠡᠬᠦ ᠪᠠᠢ᠌ᠳᠠᠯ᠎ᠳᠤ ᠲᠣᠮᠣ ᠳ᠋ᠸᠩ᠎ᠢ ᠰᠣᠯᠢᠬᠤ ᠵᠢ ᠪᠠᠷᠢᠮᠲᠠᠯᠠᠵᠤ᠂ ᠰᠡᠯᠪᠢᠭ ᠲᠣᠨᠣᠭ ᠵᠶ᠋ᠠᠨ ᠰᠣᠯᠢᠬᠤ ᠰᠦᠢ᠍ᠳᠬᠡᠯ᠂ ᠠᠵᠢᠯ ᠰᠠᠭ᠋ᠠᠲᠠᠭ᠋ᠠᠭᠰᠠᠨ ᠰᠦᠢ᠍ᠳᠬᠡᠯ᠂ ᠡᠯᠡᠭᠳᠡᠯ᠎ᠤᠨ ᠰᠦᠢ᠍ᠳᠬᠡᠯ ᠵᠡᠷᠭᠡ ᠨᠡᠶ᠋ᠢᠲᠡ 68800 ᠲᠥᠭᠥᠷᠢᠭ᠎ᠢ ᠥᠪᠡᠷ ᠵᠶ᠋ᠠᠨ ᠡᠭᠦᠷᠭᠡᠯᠡᠬᠦ ᠵᠢ ᠱᠠᠭ᠋ᠠᠷᠳᠠᠪᠠ ᠭᠡᠵᠡᠢ᠃

     ᠡᠢ᠌ᠮᠦᠷᠬᠦᠦ ᠳ᠋ᠧᠩ ᠵᠶ᠋ᠠᠷ ᠬᠣᠬᠢᠷᠠᠯ᠎ᠢ ᠲᠣᠭᠲᠠᠭ᠋ᠠᠬᠤ ᠠᠷᠭ᠎ᠠ᠎ᠨᠢ ᠪᠠᠰᠠ ᠵᠠᠷᠢᠮ ᠰᠦᠯᠵᠢᠶᠡᠨ ᠳᠡᠭᠡᠷ᠎ᠡ ᠪᠣᠯᠵᠣᠬᠤ ᠮᠠᠰᠢᠨ ᠲᠡᠷᠭᠡᠨ᠎ᠤ ᠵᠢᠯᠣᠭᠣᠴᠢ ᠵᠢ ᠵᠣᠪᠠᠭ᠋ᠠᠵᠤ ᠪᠠᠶ᠋ᠢᠨ᠎ᠠ᠃ ᠴᠦᠩᠴᠢᠩ ᠬᠣᠲᠠ ᠵᠢᠨ ᠺᠠᠢ᠌ᠵᠸᠦ ᠲᠤᠭᠤᠷᠢᠭ᠎ᠤᠨ ᠰᠦᠯᠵᠢᠶᠡᠨ ᠳᠡᠭᠡᠷ᠎ᠡ ᠪᠣᠯᠵᠤᠬᠤ ᠮᠠᠰᠢᠨ ᠲᠡᠷᠭᠡᠨ᠎ᠤ ᠵᠢᠯᠣᠭᠣᠴᠢ ᠯᠢᠦ ᠵᠢᠶᠠ ᠯᠢᠨ᠄ 《ᠬᠡᠷᠪᠡ ᠲᠡᠷᠭᠡ ᠲᠦᠷᠢᠶᠡᠰᠦᠯᠡᠵᠦ ᠰᠦᠯᠵᠢᠶᠡᠨ ᠳᠡᠭᠡᠷ᠎ᠡ ᠪᠣᠯᠵᠣᠬᠤ ᠲᠡᠷᠭᠡ ᠵᠢᠯᠤᠭᠤᠳᠬᠤ᠎ᠳᠤ᠂ ᠬᠤᠭᠤᠴᠠᠭ᠎ᠠ᠎ᠨᠢ ᠲᠤᠯᠤᠭ᠋ᠠᠳ ᠲᠡᠷᠭᠡ ᠲᠤᠰᠢᠶᠠᠬᠤ ᠦᠶᠡᠰ᠂ ᠵᠠᠷᠢᠮ ᠲᠦᠷᠢᠶᠡᠰᠦᠯᠡᠯ᠎ᠤᠨ ᠺᠣᠮᠫᠠᠨᠢ ᠴᠤ᠌ ᠠᠳᠠᠯᠢᠬᠠᠨ ᠵᠶ᠋ᠠᠷ ᠥ ᠡᠷᠢᠵᠦ᠂ ᠨᠡᠩ ᠣᠯᠠᠨ ᠲᠡᠷᠭᠡᠨ ᠬᠣᠬᠢᠷᠠᠯ᠎ᠢ ᠪᠠᠢ᠌ᠴᠠᠭ᠋ᠠᠵᠤ᠂ ᠨᠡᠩ ᠣᠯᠠᠨ ᠪᠠᠷᠢᠴᠠᠭ᠋ᠠᠨ᠎ᠤ ᠮᠥᠩᠭᠥ ᠵᠢ ᠬᠠᠰᠤᠵᠤ ᠠᠪᠤᠨ᠎ᠠ》 ᠭᠡᠵᠦ ᠬᠡᠯᠡᠪᠡ᠃

     ᠴᠦᠩᠴᠢᠩ᠎ᠤᠨ ᠦᠢ᠍ᠯᠡᠳᠪᠦᠷᠢ ᠬᠤᠳᠠᠯᠳᠤᠭ᠋ᠠᠨ᠎ᠤ ᠶᠡᠬᠡ ᠰᠤᠷᠭ᠋ᠠᠭᠤᠯᠢ ᠵᠢᠨ ᠴᠧᠩ ᠢᠦᠢ ᠣᠷᠣᠨ᠎ᠤ ᠬᠣᠶᠠᠷ ᠬᠣᠲᠠ ᠵᠢᠨ ᠠᠵᠤ ᠠᠬᠤᠢ ᠵᠢᠨ ᠬᠦᠷᠢᠶᠡᠨ᠎ᠤ ᠬᠠᠮᠵᠢᠯᠴᠠᠨ ᠬᠥᠭᠵᠢᠬᠦ ᠲᠥᠪ᠎ᠤᠨ ᠰᠤᠳᠤᠯᠤᠭᠴᠢ ᠮᠦᠸᠧ ᠶᠤᠸᠠᠨ ᠮᠢᠩ᠎ᠤᠨ ᠦᠵᠡᠬᠦ᠎ᠪᠠᠷ᠂ 《ᠳ᠋ᠧᠩ ᠵᠶ᠋ᠠᠷ ᠬᠣᠬᠢᠷᠠᠯ᠎ᠢ ᠲᠣᠭᠲᠠᠭ᠋ᠠᠬᠤ》᠎ᠨᠢ ᠭᠡᠷ᠎ᠡ ᠵᠢᠨ ᠵᠣᠷᠢᠭ ᠰᠠᠨᠠᠭ᠎ᠠ ᠪᠠ ᠲᠥᠪ ᠭᠣᠣᠯᠴᠢ ᠵᠠᠷᠴᠢᠮ᠎ᠢ ᠡᠪᠳᠡᠵᠦ ᠪᠠᠢ᠌ᠨ᠎ᠠ᠂ ᠵᠢᠭᠤᠷᠠᠯᠳᠤᠭ᠋ᠠᠨ ᠲᠣᠬᠢᠶᠠᠯᠳᠤᠬᠤ ᠣᠢ᠍ᠶ᠎ᠠ᠎ᠳᠤ᠂ ᠲᠤᠬᠠᠢ ᠵᠢᠨ ᠬᠥᠮᠦᠨ᠎ᠨᠢ ᠬᠠᠷᠢᠯᠴᠠᠨ ᠣᠢ᠌ᠯᠠᠭ᠋ᠠᠬᠤ ᠪᠠ ᠪᠠᠭᠲᠠᠭ᠋ᠠᠮᠵᠢ᠎ᠲᠠᠢ ᠪᠠᠢ᠌ᠬᠤ ᠣᠪᠣᠷ ᠵᠶ᠋ᠠᠨ ᠪᠠᠷᠢᠮᠲᠠᠯᠠᠵᠤ᠂ ᠲᠣᠬᠢᠲᠠᠢ ᠵᠥᠪᠳᠡᠯᠴᠡᠨ ᠰᠢᠢ᠍ᠳᠪᠦᠷᠢᠯᠡᠬᠦ ᠬᠡᠷᠡᠭᠲᠡᠢ ᠭᠡᠵᠡᠢ᠃

     ᠬᠣᠬᠢᠷᠠᠯ᠎ᠤᠨ ᠲᠥᠯᠥᠪᠦᠷᠢ ᠥᠭᠬᠦ ᠬᠡᠯᠪᠡᠷᠢ ᠮᠠᠶᠢᠭ᠎ᠨᠢ ᠤᠭ ᠪᠠᠶ᠋ᠢᠳᠠᠯ᠎ᠢ ᠰᠡᠷᠭᠦᠭᠡᠬᠦ ᠪᠤᠶᠤ ᠲᠦᠷᠢᠶᠡᠰᠦᠯᠡᠭᠦᠯᠦᠭᠴᠢ ᠵᠢᠨ ᠥᠪᠡᠷ ᠵᠶ᠋ᠠᠨ ᠵᠠᠰᠠᠵᠤ ᠰᠡᠷᠭᠦᠭᠡᠬᠦ᠎ᠳᠤ ᠵᠠᠷᠤᠴᠠᠭᠤᠯᠤᠭᠰᠠᠨ ᠵᠠᠷᠤᠳᠠᠯ᠎ᠤᠨ ᠶᠣᠰᠣᠭ᠋ᠠᠷ ᠨᠥᠬᠥᠪᠥᠷᠢ ᠥᠭᠴᠦ ᠪᠣᠯᠤᠨ᠎ᠠ᠃ ᠭᠡᠪᠡᠴᠦ ᠲᠥᠯᠥᠪᠦᠷᠢ ᠥᠭᠬᠦ᠎ᠳᠤ ᠠᠵᠤ ᠠᠬᠤᠢ ᠵᠢᠨ ᠴᠢᠨᠠᠷ᠎ᠢ ᠪᠣᠳᠣᠯᠬᠢᠯᠠᠵᠤ᠂ ᠲᠥᠯᠥᠪᠦᠷᠢ ᠵᠢᠨ ᠶᠠᠪᠤᠴᠠ᠎ᠳᠤ ᠲᠥᠪ ᠭᠤᠣᠯᠴᠢ ᠴᠢᠨᠠᠷ᠂ ᠵᠦᠢ ᠶᠣᠰᠣᠴᠢ ᠴᠢᠨᠠᠷ ᠬᠢᠭᠡᠳ ᠳᠠᠪᠠᠮᠠᠭ᠋ᠠᠢ᠌ᠷᠠᠭᠰᠠᠨ ᠵᠣᠬᠢᠴᠠᠯᠳᠤᠬᠤ ᠴᠢᠨᠠᠷ᠎ᠢ ᠢᠯᠡᠷᠡᠭᠦᠯᠬᠦ ᠬᠡᠷᠡᠭᠲᠡᠢ》 ᠭᠡᠵᠦ ᠮᠥᠸᠸ ᠶᠤᠸᠠᠨ ᠮᠢᠩ ᠬᠡᠯᠡᠪᠡ᠃

     ᠮᠥᠸᠸ ᠶᠤᠸᠠᠨ ᠮᠢᠩ ᠢᠯᠡᠷᠬᠡᠢ᠌ᠯᠡᠭᠰᠡᠨ᠎ᠨᠢ᠂ ᠲᠦᠷᠢᠶᠡᠰᠦᠯᠡᠯ᠎ᠤᠨ ᠭᠡᠷ᠎ᠡ᠎ᠳᠤ ᠬᠤᠶᠠᠷ ᠲᠠᠯ᠎ᠠ᠎ᠪᠠᠷ ᠵᠶ᠋ᠠᠨ ᠭᠡᠷ ᠪᠠᠶ᠋ᠢᠰᠢᠩ ᠬᠡᠷᠡᠭᠯᠡᠬᠦ᠂ ᠬᠠᠳᠠᠭ᠋ᠠᠯᠠᠨ ᠬᠠᠮᠢᠶᠠᠷᠬᠤ᠂ ᠰᠢᠯᠭ᠋ᠠᠨ ᠠᠪᠬᠤ ᠵᠡᠷᠭᠡ ᠠᠷᠭ᠎ᠠ ᠬᠡᠯᠪᠡᠷᠢ᠎ᠪᠠᠷ ᠪᠣᠯᠵᠣᠨ ᠲᠣᠭᠲᠠᠵᠤ ᠪᠣᠯᠤᠨ᠎ᠠ᠃ ᠬᠡᠷᠪᠡ ᠪᠣᠯᠵᠣᠨ ᠲᠣᠭᠲᠠᠭᠰᠠᠨ ᠦᠭᠡᠢ ᠪᠣᠯ᠂ ᠡᠯᠡᠭᠳᠡᠯ᠎ᠤᠨ ᠮᠠᠭ᠋ᠠᠳᠯᠠᠯ᠎ᠨᠢ ᠡᠩ᠎ᠤᠨ ᠠᠷᠠᠯᠵᠢᠶ᠎ᠠ ᠪᠠ ᠡᠩ᠎ᠤᠨ ᠬᠥᠮᠥᠨ᠎ᠤ ᠮᠠᠭ᠋ᠠᠳᠯᠠᠯ᠎ᠤᠨ ᠳᠠᠳᠬᠠᠯ᠎ᠲᠠᠢ ᠨᠡᠢ᠌ᠴᠡᠬᠦ ᠬᠡᠷᠡᠭᠲᠡᠢ᠃ ᠵᠢᠱ᠌ᠢᠶᠡᠯᠡᠪᠡᠯ᠂ ᠲᠤᠰᠢᠶᠠᠨ ᠥᠭᠬᠦ ᠪᠠ ᠰᠢᠯᠭ᠋ᠠᠨ ᠠᠪᠬᠤ ᠪᠠᠷᠢᠮᠵᠢᠶ᠎ᠠ᠎ᠨᠢ ᠨᠢᠭᠡᠳᠦᠯᠲᠡᠶ ᠪᠠᠶ᠋ᠢᠬᠤ ᠡᠰᠡᠬᠦ᠄ ᠲᠤᠰᠢᠶᠠᠨ ᠥᠭᠬᠦ ᠦᠶ᠎ᠡ᠎ᠳᠤ ᠲᠦᠷᠢᠶᠡᠰᠦᠨ ᠡᠳ᠋ ᠨᠢᠭᠡᠪᠦᠷᠢ ᠵᠢᠨ ᠨᠠᠷᠢᠨ ᠵᠦᠢ᠍ᠯᠡᠰ᠎ᠢ ᠨᠠᠷᠢᠨ ᠨᠢᠮᠪᠠᠶ ᠬᠠᠷᠭᠤᠭᠤᠯᠤᠨ ᠪᠠᠢ᠌ᠴᠠᠭ᠋ᠠᠵᠤ᠂ ᠬᠡᠷᠪᠡ ᠲᠡᠢ᠌ᠮᠦ ᠪᠢᠰᠢ ᠪᠣᠯ ᠲᠦᠷᠢᠶᠡᠰᠦ ᠵᠢ ᠪᠤᠴᠠᠭ᠋ᠠᠬᠤ ᠦᠶ᠎ᠡ᠎ᠳᠤ ᠢᠯᠡᠭᠦᠴᠡ ᠠᠯᠪᠠᠳᠠᠯᠭ᠎ᠠ᠎ᠪᠠᠷ ᠱᠠᠭ᠋ᠠᠷᠳᠠᠵᠤ ᠪᠣᠯᠬᠤ ᠦᠭᠡᠢ᠃

 

ᠲᠦᠪ ᠭᠤᠤᠯᠴᠢ ᠵᠦᠢ ᠵᠤᠬᠢᠰᠳᠠᠢ ᠪᠠᠢ᠌ᠬᠤ ᠪᠣᠯ ᠲᠦᠷᠢᠶᠡᠰᠦᠯᠡᠯ᠎ᠤᠨ ᠬᠠᠷᠢᠴᠠᠭ᠋ᠠᠨ᠎ᠤ ᠰᠠᠭᠤᠷᠢ ᠴᠢᠯᠠᠭᠤ ᠪᠣᠯᠣᠨ᠎ᠠ

    《ᠲᠦᠷᠢᠶᠡᠰᠦᠯᠡᠭᠦᠯᠦᠭᠴᠢ ᠲᠦᠷᠢᠶᠡᠰᠦ᠎ᠪᠠᠨ ᠪᠤᠴᠠᠭ᠋ᠠᠵᠤ ᠠᠪᠬᠤ᠎ᠳᠤ᠎ᠪᠠᠨ ᠪᠠᠷᠢᠴᠠᠭ᠋ᠠᠨ᠎ᠤ ᠮᠥᠩᠭᠥ ᠵᠢ᠎ᠨᠢ ᠳᠠᠷᠤᠵᠤ ᠠᠪᠬᠤ᠎ᠠᠴᠠ ᠪᠣᠯᠣᠭᠰᠠᠨ ᠵᠥᠷᠢᠴᠡᠯ᠎ᠤᠨ ᠰᠢᠷᠦᠭᠦᠰᠦᠯ᠎ᠨᠢ ᠮᠢᠨᠤ ᠦᠵᠡᠬᠦ᠎ᠪᠠᠷ ᠨᠡᠩ ᠢᠯᠡᠭᠦᠦ ᠨᠡᠶ᠋ᠢᠭᠡᠮ ᠨᠡᠶ᠋ᠢᠲᠡ ᠵᠢᠨ ᠶᠣᠰᠣ ᠰᠤᠷᠲᠠᠬᠤᠨ᠎ᠤ ᠬᠢᠵᠠᠭ᠋ᠠᠷᠯᠠᠯ᠎ᠢ ᠱᠠᠭ᠋ᠠᠷᠳᠠᠨ᠎ᠠ᠃ ᠡᠷᠬᠡ ᠠᠰᠢᠭ ᠵᠶ᠋ᠠᠨ ᠬᠠᠮᠠᠭ᠋ᠠᠯᠠᠬᠤ ᠤᠷᠲᠤ ᠬᠤᠭᠤᠴᠠᠭ᠋ᠠᠨ᠎ᠤ ᠶᠠᠪᠤᠴᠠ᠎ᠨᠢ ᠰᠠᠶᠢᠬᠠᠨ ᠠᠵᠢᠯ᠎ᠤᠨ ᠪᠠᠶ᠋ᠢᠷᠢᠨ᠎ᠳᠤ ᠣᠷᠣᠭᠰᠠᠨ ᠬᠦᠮᠦᠰ᠎ᠲᠤ ᠠᠪᠴᠤ ᠬᠡᠯᠡᠪᠡᠯ ᠰᠡᠳᠭᠢᠯ᠎ᠤᠨ ᠲᠠᠷ᠎ᠢ ᠪᠠᠷᠠᠭ᠋ᠠᠬᠤ᠎ᠪᠠᠷ ᠪᠠᠷᠠᠬᠤ ᠦᠭᠡᠢ ᠪᠠᠰᠠ ᠡᠳ᠋ ᠮᠥᠩᠬᠦ ᠵᠢ ᠪᠠᠷᠠᠭ᠋ᠠᠳᠠᠭ》 ᠭᠡᠵᠦ ᠰᠠᠶᠢᠬᠠᠨ ᠶᠡᠬᠡ ᠰᠤᠷᠭ᠋ᠠᠭᠤᠯᠢ᠎ᠪᠠᠨ ᠲᠡᠭᠦᠰᠭᠡᠭᠰᠡᠨ ᠴᠸᠨ ᠵᠦᠩ ᠬᠡᠯᠡᠨ᠎ᠡ᠃

     ᠯᠢ ᠵᠢᠶᠠᠨ᠎ᠤ ᠦᠵᠡᠬᠦ᠎ᠪᠠᠷ᠂ ᠲᠦᠷᠢᠶᠡᠰᠦᠯᠡᠭᠦᠯᠦᠭᠴᠢ ᠵᠢᠨ ᠲᠠᠯ᠎ᠠ ᠵᠢᠨ ᠵᠦᠢ ᠵᠣᠬᠢᠰ ᠦᠭᠡᠢ ᠲᠥᠯᠥᠪᠦᠷᠢ ᠠᠪᠬᠤ ᠱᠠᠭ᠋ᠠᠷᠳᠠᠯᠭ᠎ᠠ ᠵᠢᠨ ᠡᠮᠦᠨ᠎ᠡ᠂ ᠲᠦᠷᠢᠶᠡᠰᠦᠯᠡᠭᠴᠢ ᠲᠠᠯ᠎ᠠ ᠵᠢᠨ᠎ᠬᠢᠨ ᠰᠣᠬᠤᠷ ᠪᠠᠯᠠᠶ᠎ᠪᠠᠷ ᠡᠪᠰᠡᠵᠦ ᠪᠣᠯᠬᠤ ᠦᠭᠡᠢ᠂ ᠪᠠᠰᠠ ᠥᠪᠡᠷ᠎ᠤᠨ ᠬᠠᠤᠯᠢ ᠶᠣᠰᠣᠨ᠎ᠤ ᠡᠷᠬᠡ ᠠᠰᠢᠭ ᠵᠶ᠋ᠠᠨ ᠠᠮᠠᠷᠬᠠᠨ ᠲᠠᠶᠠᠭᠳᠠᠵᠤ ᠪᠣᠯᠬᠤ ᠦᠭᠡᠢ᠃ ᠲᠦᠷᠢᠶᠡᠰᠦᠯᠡᠭᠦᠯᠦᠭᠴᠢ ᠵᠢᠨ ᠲᠠᠯ᠎ᠠ᠎ᠨᠢ ᠬᠣᠬᠢᠷᠠᠯ᠎ᠤᠨ ᠲᠥᠯᠥᠪᠦᠷᠢ ᠵᠢ ᠲᠣᠭᠲᠠᠭ᠋ᠠᠬᠤ᠎ᠳᠤ᠎ᠪᠠᠨ ᠪᠣᠳᠠᠲᠤ ᠪᠠᠶ᠋ᠢᠳᠠᠯ ᠪᠣᠯᠤᠨ ᠵᠠᠬ᠎ᠠ ᠳᠡᠯᠭᠡᠭᠦᠷ᠎ᠤᠨ ᠪᠠᠶ᠋ᠢᠳᠠᠯ᠎ᠢ ᠪᠣᠳᠣᠯᠬᠢᠯᠠᠬᠤ ᠬᠡᠷᠡᠭᠲᠡᠶ᠂ ᠳᠤᠷ᠎ᠠ᠎ᠪᠠᠷ ᠵᠶ᠋ᠠᠨ ᠦᠨ᠎ᠡ ᠭᠠᠷᠭ᠋ᠠᠵᠤ ᠪᠣᠯᠬᠤ ᠦᠭᠡᠶ᠂ ᠬᠡᠷᠪᠡ ᠵᠢᠭᠤᠷᠠᠯᠳᠤᠭ᠋ᠠᠨ᠎ᠲᠠᠢ ᠪᠣᠯ ᠵᠥᠪᠳᠡᠯᠴᠡᠬᠦ ᠪᠤᠶᠤ ᠭᠤᠷᠪᠠᠳᠠᠬᠢ ᠡᠲᠡᠭᠡᠳ᠎ᠤᠨ ᠪᠠᠶ᠋ᠢᠭᠤᠯᠤᠮᠵᠢ ᠵᠢ ᠤᠷᠢᠵᠤ ᠦᠨᠡᠯᠡᠨ ᠵᠢᠱ᠌ᠢᠯᠲᠡ ᠬᠢᠯᠭᠡᠵᠦ ᠪᠣᠯᠣᠨ᠎ᠠ᠃ ᠲᠥᠪ ᠭᠣᠣᠯᠴᠢ᠂ ᠵᠦᠢ ᠵᠣᠬᠢᠰᠲᠠᠢ ᠪᠠᠢ᠌ᠬᠤ ᠪᠣᠯ ᠰᠠᠶᠢ ᠲᠦᠷᠢᠶᠡᠰᠦᠯᠡᠯ᠎ᠤᠨ ᠬᠠᠷᠢᠴᠠᠭ᠋ᠠᠨ᠎ᠤ ᠰᠠᠭᠤᠷᠢ ᠴᠢᠯᠠᠭᠤ ᠪᠣᠯᠤᠨ᠎ᠠ᠃

    《ᠲᠦᠷᠢᠶᠡᠰᠦᠨ ᠣᠷᠣᠨ ᠰᠠᠭᠤᠴᠠ ᠵᠢᠨ ᠵᠠᠬ᠎ᠠ ᠳᠡᠯᠭᠡᠭᠦᠷ ᠨᠡᠯᠢᠶᠡᠳ ᠲᠤᠰᠬᠠᠶ᠋ᠢᠵᠢᠭᠰᠠᠨ᠂ ᠵᠢᠷᠤᠮᠵᠢᠭᠰᠠᠨ ᠪᠣᠯᠪᠠᠴᠤ ᠪᠠᠰᠠ ᠵᠠᠷᠢᠮ ᠬᠥᠮᠦᠰ ᠬᠣᠬᠢᠷᠠᠯ᠎ᠢ ᠲᠣᠭᠲᠠᠭ᠋ᠠᠬᠤ ᠪᠤᠶᠤ ᠪᠠᠷᠢᠴᠠᠭ᠋ᠠᠨ᠎ᠤ ᠮᠥᠩᠭᠦ ᠵᠢ ᠳᠠᠷᠤᠵᠤ ᠠᠪᠬᠤ ᠵᠡᠷᠭᠡ ᠠᠷᠭ᠎ᠠ᠎ᠪᠠᠷ ᠵᠣᠭᠤᠰ ᠣᠯᠵᠤ ᠪᠠᠶ᠋ᠢᠨ᠎ᠠ》᠃ ᠳᠤᠮᠳᠠᠳᠤ ᠤᠯᠤᠰ᠎ᠤᠨ ᠤᠯᠤᠰ ᠲᠥᠷᠥ ᠬᠠᠤᠯᠢ ᠴᠠᠭ᠋ᠠᠵᠠ ᠵᠢᠨ ᠶᠡᠭᠡ ᠰᠤᠷᠭ᠋ᠠᠭᠤᠯᠢ ᠵᠢᠨ ᠳᠠᠮᠵᠢᠭᠤᠯᠭ᠎ᠠ ᠵᠢᠨ ᠬᠠᠤᠯᠢ ᠵᠢᠨ ᠰᠤᠳᠤᠯᠭ᠋ᠠᠨ᠎ᠤ ᠲᠥᠪ᠎ᠤᠨ ᠳᠡᠳ᠋ ᠡᠷᠬᠢᠯᠡᠭᠴᠢ ᠵᠦ᠍ ᠸᠧᠶ ᠢᠯᠡᠷᠬᠡᠢ᠌ᠯᠡᠭᠰᠡᠨ᠎ᠨᠢ᠂ ᠡᠶ᠋ᠢᠮᠦᠷᠬᠦᠦ ᠪᠠᠶ᠋ᠢᠳᠠᠯ ᠭᠠᠷᠤᠭᠰᠠᠨ ᠰᠢᠯᠲᠠᠭ᠋ᠠᠨ᠎ᠨᠢ ᠭᠡᠷ᠎ᠡ ᠵᠢᠨ ᠨᠠᠷᠢᠨ ᠵᠦᠢ᠍ᠯᠡᠰ ᠵᠡᠷᠭᠡ ᠰᠢᠯᠲᠠᠭ᠋ᠠᠨ᠎ᠠᠴᠠ ᠣᠨᠳᠣᠣ ᠪᠠᠰᠠ ᠭᠡᠷ ᠲᠦᠷᠢᠶᠡᠰᠦᠯᠡᠬᠦ ᠵᠠᠬ᠎ᠠ ᠳᠡᠯᠭᠡᠭᠦᠷ᠎ᠤᠨ ᠬᠠᠩᠭ᠋ᠠᠯᠭ᠎ᠠ ᠬᠡᠷᠡᠭᠴᠡᠭᠡ ᠵᠢᠨ ᠵᠣᠬᠢᠴᠠᠯᠳᠤᠯ ᠬᠦᠷᠦᠯᠴᠡᠬᠦ ᠦᠭᠡᠢ᠂ ᠮᠡᠳᠡᠭᠡ ᠵᠠᠩᠭᠢ ᠲᠡᠭᠰᠢ ᠦᠭᠡᠢ ᠵᠡᠷᠭᠡ ᠬᠦᠴᠦᠨ ᠵᠦᠢ᠍ᠯ᠎ᠲᠠᠢ ᠬᠤᠯᠪᠣᠭ᠎ᠠ᠎ᠲᠠᠢ ᠪᠠᠶ᠋ᠢᠨ᠎ᠠ ᠭᠡᠵᠡᠢ᠃

     ᠵᠦ᠍ ᠸᠧᠶ᠎ᠠᠴᠠ ᠰᠠᠨᠠᠭᠤᠯᠤᠭᠰᠠᠨ᠎ᠨᠢ᠂ ᠬᠡᠷ ᠪᠠᠶ᠋ᠢᠰᠢᠩ ᠲᠦᠷᠢᠶᠡᠰᠦᠯᠡᠭᠦᠯᠦᠭᠴᠢ᠂ ᠲᠦᠷᠢᠶᠡᠰᠦᠯᠡᠭᠴᠢ ᠬᠡᠷ ᠪᠠᠶ᠋ᠢᠰᠢᠩ᠎ᠢ ᠨᠠᠷᠢᠨ ᠨᠢᠮᠪᠠᠶ ᠰᠢᠯᠭ᠋ᠠᠨ ᠪᠠᠶ᠋ᠢᠴᠠᠭ᠋ᠠᠵᠤ᠂ ᠬᠡᠷᠪᠡ ᠡᠯᠡᠭᠳᠡᠯ ᠵᠶ᠋ᠡᠷ ᠬᠤᠬᠢᠷᠠᠯ᠎ᠢ ᠲᠣᠭᠲᠠᠭ᠋ᠠᠬᠤ᠂ ᠪᠠᠷᠢᠴᠠᠭ᠋ᠠᠨ᠎ᠤ ᠮᠥᠩᠭᠦ ᠵᠢ ᠳᠠᠷᠤᠵᠤ ᠠᠪᠬᠤ ᠵᠡᠷᠭᠡ᠎ᠠᠴᠠ ᠪᠣᠯᠵᠣ ᠮᠠᠷᠭᠤᠯᠳᠤᠭ᠋ᠠᠨ᠎ᠢ ᠰᠢᠢ᠍ᠳᠪᠦᠷᠢᠯᠡᠬᠦ᠎ᠳᠤ ᠪᠡᠷᠬᠡ ᠪᠣᠯᠪᠠᠯ ᠣᠷᠣᠨ ᠰᠠᠭᠤᠴᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠰᠠᠯᠠᠭ᠎ᠠ ᠮᠥᠴᠢᠷ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠲᠤ ᠲᠤᠰᠬᠠᠵᠤ ᠪᠣᠯᠤᠨ᠎ᠠ᠂ ᠪᠠᠰᠠ ᠬᠡᠷᠡᠭᠯᠡᠭᠴᠢᠳ᠎ᠤᠨ ᠨᠡᠶ᠋ᠢᠭᠡᠮᠯᠢᠭ᠂ ᠡᠶᠡᠳᠡᠭᠦᠯᠬᠦ ᠪᠠᠶ᠋ᠢᠭᠤᠯᠤᠮᠵᠢ ᠵᠡᠷᠭᠡ᠎ᠳᠤ ᠵᠠᠭ᠋ᠠᠯᠳᠤᠵᠤ ᠪᠣᠯᠤᠨ᠎ᠠ᠂ ᠪᠠᠰᠠ ᠬᠠᠤᠯᠢ ᠴᠠᠭ᠋ᠠᠵᠠ ᠵᠢᠨ ᠠᠷᠭ᠎ᠠ ᠵᠠᠮ ᠵᠶ᠋ᠠᠷ ᠡᠷᠬᠡ᠎ᠪᠠᠨ ᠬᠠᠮᠠᠭ᠋ᠠᠯᠠᠵᠤ ᠪᠣᠯᠤᠨ᠎ᠠ ᠭᠡᠵᠡᠢ᠃

 

ᠢᠷᠡᠯᠲᠡ᠄ ᠠᠵᠢᠯᠴᠢᠨ᠎ᠤ ᠡᠳᠦᠷ᠎ᠤᠨ ᠰᠣᠨᠢᠨ