ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ︵ᠥᠷᠭᠡᠳᠬᠡᠭᠰᠡᠨ︶  ᠤᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2024/7/25
    7 ᠳ᠋ᠤᠭᠠᠷ ᠰᠠᠷ᠎ᠠ ᠶᠢᠨ 22 ᠤᠨ ᠡᠳᠦᠷ᠂ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ︵ᠥᠷᠭᠡᠳᠬᠡᠭᠰᠡᠨ︶ ᠤᠨ ᠬᠤᠷᠠᠯ ᠬᠤᠷᠠᠯᠳᠤᠭᠤᠯᠵᠤ᠂ ᠨᠠᠮ ᠤᠨ ᠬᠤᠷᠢᠳᠤᠭᠠᠷ ᠬᠤᠭᠤᠴᠠᠭᠠᠨ ᠤ ᠭᠤᠷᠪᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ᠂ ᠶᠡᠷᠦᠩᠬᠡᠶ ᠱᠦᠵᠢ ᠰᠢ ᠶᠢᠨ ᠫᠢᠩ ᠤᠨ ᠣᠶᠢᠷ᠎ᠠ ᠶᠢᠨ ᠬᠤᠭᠤᠴᠠᠭᠠᠨ ᠤ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠵᠢᠴᠢ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠥᠬᠦᠶ ᠬᠤᠷᠠᠯ ᠪᠠ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠵᠤ᠂ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠰᠤᠳᠤᠯᠪᠠ᠃ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠢᠩᠬᠢᠮ ᠤᠨ ᠳᠠᠷᠤᠭ᠎ᠠ ᠭᠦᠸᠧ ᠢᠦᠶ ᠹᠧᠩ ᠬᠤᠷᠠᠯ ᠢ ᠡᠷᠭᠢᠯᠡᠪᠡ᠃
W020240723337971794017.jpg
    ᠬᠤᠷᠠᠯ ᠠᠴᠠ᠂ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠦᠬᠦᠳᠡ ᠬᠤᠷᠠᠯ ᠪᠣᠯ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠤᠯᠤᠰ ᠢᠶᠠᠨ ᠬᠦᠴᠦᠷᠬᠡᠭᠵᠢᠭᠦᠯᠬᠦ ᠪᠦᠳᠦᠭᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠠᠬᠢᠭᠤᠯᠬᠤ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠦᠢᠯᠡᠰ ᠢ ᠠᠬᠢᠭᠤᠯᠬᠤ ᠵᠠᠩᠭᠢᠯᠠᠭ᠎ᠠ ᠶᠢᠨ ᠬᠤᠭᠤᠴᠠᠭᠠᠨ ᠳᠤ ᠬᠤᠷᠠᠯᠳᠤᠭᠰᠠᠨ ᠨᠢᠭᠡ ᠤᠳᠠᠭᠠᠨ ᠤ ᠲᠦᠢᠯ ᠤᠨ ᠴᠢᠬᠤᠯᠠ ᠬᠤᠷᠠᠯ ᠪᠣᠯᠤᠨ᠎ᠠ᠂ ᠪᠦᠬᠦᠳᠡ ᠬᠤᠷᠠᠯ ᠠᠴᠠ ᠥᠭᠡᠷᠡᠴᠢᠯᠡᠯᠲᠡ ᠨᠡᠭᠡᠭᠡᠯᠳᠡ ᠶᠢᠨ ᠠᠭᠤᠤ ᠶᠡᠭᠡ ᠲᠤᠭ ᠢ ᠥᠨᠳᠥᠷ ᠮᠠᠨᠳᠤᠭᠤᠯᠵᠤ᠂ ᠶᠠᠭᠤᠨ ᠳᠤ ᠥᠭᠡᠷᠡᠴᠢᠯᠡᠬᠦ᠂ ᠶᠠᠭᠤ ᠶᠢ ᠥᠭᠡᠷᠡᠴᠢᠯᠡᠬᠦ᠂ ᠬᠡᠷᠬᠢᠨ ᠥᠭᠡᠷᠡᠴᠢᠯᠡᠬᠦ ᠵᠡᠷᠭᠡ ᠤᠯᠠᠨ ᠵᠦᠢᠯ ᠤᠨ ᠴᠢᠬᠤᠯᠠ ᠶᠡᠭᠡ ᠤᠨᠤᠯ ᠪᠠ ᠦᠢᠯᠡᠳᠦᠯᠭᠡ ᠶᠢᠨ ᠠᠰᠠᠭᠤᠳᠠᠯ ᠳᠤ ᠭᠦᠨᠵᠡᠭᠡᠢ ᠬᠠᠷᠢᠭᠤᠯᠲᠠ ᠥᠭᠴᠦ᠂ ᠰᠢᠨ᠎ᠡ ᠴᠠᠭ ᠦᠶ᠎ᠡ ᠰᠢᠨ᠎ᠡ ᠠᠶᠠᠨ ᠵᠠᠮ ᠳᠤ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠶᠢ ᠠᠬᠢᠭᠤᠯᠬᠤ ᠥᠷᠭᠡᠴᠡ ᠪᠠ ᠭᠦᠨᠵᠡᠭᠡᠶᠢᠷᠡᠭᠦᠯᠦᠨ ᠤᠷᠤᠭᠰᠢᠯᠠᠭᠤᠯᠬᠤ ᠨᠢᠭᠡ ᠤᠳᠠᠭᠠᠨ ᠤ ᠶᠡᠷᠦᠩᠬᠡᠢ ᠲᠠᠶᠢᠴᠢᠯᠠᠯᠳᠠ᠂ ᠶᠡᠷᠦᠩᠬᠡᠢ ᠪᠠᠶᠢᠷᠢᠯᠠᠭᠤᠯᠤᠯᠲᠠ ᠪᠣᠯᠤᠨ᠎ᠠ᠃ ᠶᠡᠷᠦᠩᠬᠡᠶ ᠱᠦᠵᠢ ᠰᠢ ᠶᠢᠨ ᠫᠢᠩ ᠤᠨ ᠥᠭᠡᠷᠡᠴᠢᠯᠡᠯᠲᠡ ᠶᠢ ᠪᠥᠬᠦ ᠲᠠᠯ᠎ᠠ ᠪᠠᠷ ᠭᠦᠨᠵᠡᠭᠡᠶᠢᠷᠡᠭᠦᠯᠬᠦ ᠲᠤᠬᠠᠶ ᠣᠯᠠᠨ ᠰᠢᠨ᠎ᠡ ᠦᠵᠡᠯ ᠰᠠᠨᠠᠭ᠎ᠠ᠂ ᠰᠢᠨ᠎ᠡ ᠦᠵᠡᠯᠲᠡ᠂ ᠰᠢᠨ᠎ᠡ ᠨᠤᠲᠠᠯᠠᠯᠲᠠ ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠵᠤ᠂ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠶ ᠰᠤᠷᠤᠯᠴᠠᠨ ᠲᠤᠭᠤᠰᠢᠯᠠᠭᠤᠯᠵᠤ᠂ ᠥᠭᠡᠷᠡᠴᠢᠯᠡᠯᠲᠡ ᠶᠢ ᠪᠥᠬᠦ ᠲᠠᠯ᠎ᠠ ᠪᠠᠷ ᠭᠦᠨᠵᠡᠭᠡᠶᠢᠷᠡᠭᠦᠯᠬᠦ ︽ᠵᠠᠩᠭᠢᠯᠠᠭ᠎ᠠ ᠶᠢᠨ ᠠᠷᠭ᠎ᠠ︾ ᠶᠢ ᠰᠠᠶᠢᠲᠤᠷ ᠬᠡᠷᠡᠭᠯᠡᠵᠦ᠂   ᠥᠭᠡᠷᠡᠴᠢᠯᠡᠯᠲᠡᠡ ᠶᠢ ᠤᠯᠠᠮ ᠨᠢᠭᠡ ᠠᠯᠬᠤᠮ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠶᠢᠨ ᠵᠢᠯᠣᠭᠤᠳᠬᠤ ᠦᠵᠡᠯ ᠰᠠᠨᠠᠭ᠎ᠠ᠂ ᠶᠡᠷᠦᠩᠬᠡᠢ ᠬᠠᠷᠠᠯᠲᠠ᠂ ᠴᠢᠬᠤᠯᠠ ᠶᠡᠭᠡ ᠵᠠᠷᠴᠢᠮ ᠪᠣᠯᠣᠨ ᠴᠢᠬᠤᠯᠠ ᠠᠷᠭ᠎ᠠ ᠬᠡᠮᠵᠢᠶ᠎ᠡ ᠶᠢ ᠭᠦᠨᠵᠡᠭᠡᠢ ᠣᠶᠢᠯᠠᠭᠠᠨ ᠡᠵᠡᠮᠳᠠᠵᠤ᠂  ᠠᠵᠠ ᠲᠣᠬᠢᠶᠠᠯ ᠢ ᠢᠯᠡᠷᠡᠭᠦᠯᠬᠦ ᠬᠠᠷᠠᠴᠠ᠂ ᠠᠵᠠ ᠲᠣᠬᠢᠶᠠᠯ ᠢ ᠡᠵᠡᠮᠳᠡᠬᠦ ᠣᠶᠤᠨ ᠤᠬᠠᠭᠠᠨ᠂ ᠠᠵᠠ ᠲᠣᠬᠢᠶᠠᠯ ᠢ ᠡᠵᠡᠮᠳᠡᠬᠦ ᠡᠷᠡᠰ ᠰᠢᠭᠤᠷᠬᠠᠶ ᠵᠤᠷᠢᠭ ᠰᠠᠨᠠᠭ᠎ᠠ ᠶᠢ ᠭᠦᠨᠵᠡᠭᠡᠶ ᠤᠶᠢᠯᠠᠭᠠᠨ ᠡᠵᠡᠮᠳᠡᠵᠦ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠬᠦᠷᠢᠶᠡᠨ ᠳᠠᠬᠢ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠶᠢ ᠠᠬᠢᠭᠤᠯᠵᠤ᠂ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠤ ᠬᠥᠭᠵᠢᠯᠲᠡ ᠶᠢ ᠬᠦᠯᠢᠶᠡᠰᠦᠯᠡᠵᠦ ᠪᠠᠶᠢᠭ᠎ᠠ ᠲᠦᠭᠵᠢᠷᠡᠯ᠂ ᠬᠤᠷᠢᠭ᠎ᠠ ᠴᠡᠭ ᠢ ᠶᠡᠭᠡ ᠪᠠᠷ ᠭᠦᠨᠵᠡᠭᠡᠶᠢᠷᠡᠭᠦᠯᠦᠨ ᠨᠡᠪᠲᠡᠷᠡᠭᠦᠯᠵᠦ᠂ ᠡᠯ᠎ᠡ ᠲᠥᠷᠥᠯ ᠤᠨ ᠴᠢᠳᠠᠪᠤᠷᠢᠲᠠᠨ ᠤ ᠳᠠᠯᠳᠠ ᠬᠦᠴᠦᠨ ᠢ ᠬᠥᠭᠵᠢᠭᠡᠵᠦ᠂ ᠡᠯ᠎ᠡ ᠲᠠᠯ᠎ᠠ ᠶᠢᠨ ᠬᠦᠴᠦᠨ ᠴᠢᠳᠠᠯ ᠢ ᠨᠢᠭᠲᠠᠷᠠᠭᠤᠯᠵᠤ᠂ ᠰᠡᠳᠬᠢᠯ ᠢᠶᠠᠨ ᠨᠢᠭᠡᠳᠬᠡᠨ ᠬᠦᠴᠦ ᠪᠠᠨ ᠬᠠᠮᠲᠤᠳᠬᠠᠵᠤ  ᠥᠭᠡᠷᠡᠴᠢᠯᠡᠯᠲᠡ ᠶᠢᠨ ︽ᠶᠡᠷᠦᠩᠬᠡᠶ ᠳᠠᠶᠢᠯᠠᠯᠳᠤᠭᠠᠨ︾᠂ ︽ᠪᠣᠭᠤᠮᠲᠠ ᠰᠢᠪᠲᠤᠯᠬᠤ ᠳᠠᠶᠢᠯᠠᠯᠳᠤᠭᠠᠨ︾ ︽ᠦᠷᠭᠦᠯᠵᠢᠯᠡᠬᠦ ᠲᠠᠶᠢᠯᠠᠯᠳᠤᠭᠠᠨ︾ ᠢ ᠰᠠᠶᠢᠲᠤᠷ ᠬᠢᠵᠦ᠂ ᠥᠭᠡᠷᠡᠴᠢᠯᠡᠯᠲᠡ ᠶᠢ ᠪᠥᠬᠦ ᠲᠠᠯ᠎ᠠ ᠪᠠᠷ ᠭᠦᠨᠵᠡᠭᠡᠶᠢᠷᠡᠭᠦᠯᠬᠦ ᠪᠠᠷ ᠬᠥᠭᠵᠢᠯᠲᠡ ᠶᠢᠨ ᠰᠠᠨᠠᠭᠠᠴᠢᠯᠠᠭᠠᠲᠤ ᠡᠷᠬᠡ ᠶᠢ ᠣᠯᠵᠤ᠂ ᠣᠳᠣᠬᠢᠴᠢᠯᠠᠭᠰᠠᠨ ᠥᠪᠥᠷ ᠮᠣᠩᠭᠤᠯ ᠤᠨ ᠪᠥᠲᠥᠭᠡᠨ ᠪᠠᠶᠢᠭᠤᠯᠤᠯᠲᠠ ᠶᠢ ᠠᠬᠢᠭᠤᠯᠬᠤ ᠳᠤ ᠬᠦᠴᠦᠨ ᠴᠢᠳᠠᠯ ᠢᠶᠠᠨ ᠡᠷᠭᠦᠬᠦ ᠬᠡᠷᠡᠭᠲᠡᠶ ᠭᠡᠵᠦ ᠵᠢᠭᠠᠵᠤ ᠭᠠᠷᠭᠠᠪᠠ᠃
W020240723337972399771.jpg
    ᠬᠤᠷᠠᠯ ᠠᠴᠠ᠂ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠤᠬᠠᠭᠤᠯᠵᠤ ᠲᠤᠭᠤᠰᠢᠯᠠᠭᠤᠯᠬᠤ ᠶᠢ ᠴᠢᠬᠤᠯᠠ ᠤᠯᠤᠰ ᠲᠦᠷᠦ ᠶᠢᠨ ᠡᠭᠦᠷᠭᠡ ᠪᠣᠯᠭᠠᠵᠤ᠂ ᠨᠠᠮ ᠤᠨ ᠬᠤᠷᠢᠳᠤᠭᠠᠷ ᠶᠡᠭᠡ ᠬᠤᠷᠠᠯ᠂ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠨᠠᠶᠢᠳᠠᠪᠤᠷᠢᠵᠢᠭᠤᠯᠬᠤ ᠲᠠᠢ ᠤᠶᠠᠯᠳᠤᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠲᠠᠢ ᠤᠶᠠᠯᠳᠤᠭᠤᠯᠵᠤ᠂ ᠲᠢᠩᠬᠢᠮ ᠤᠨ ᠰᠢᠰᠲ᠋ᠧᠮ ᠤᠨ ᠬᠡᠪᠴᠢᠶᠡᠨ ᠳᠤ ᠰᠤᠷᠤᠯᠴᠠᠯᠭ᠎ᠠ ᠶᠢᠨ ᠠᠭᠤᠷ ᠠᠮᠢᠰᠬᠤᠯ ᠢ ᠦᠳᠲᠡᠷ ᠲᠦᠷᠭᠡᠨ ᠪᠤᠢ ᠪᠣᠯᠭᠠᠵᠤ᠂ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠨᠡᠪᠲᠡᠷᠡᠲᠡᠯ᠎ᠡ ᠣᠶᠢᠯᠠᠭᠠᠵᠤ᠂ ᠪᠣᠳᠠᠲᠠᠶᠢᠵᠢᠭᠤᠯᠬᠤ ᠠᠵᠢᠯ ᠢ ᠰᠠᠶᠢᠲᠤᠷ ᠬᠢᠵᠦ᠂ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ︽ᠵᠦᠭᠯᠡᠭᠦᠷ︾ ᠢ ᠤᠯᠠᠮ ᠴᠢᠨᠠᠭᠰᠢᠳᠠ ᠣᠨᠣᠪᠴᠢᠲᠠᠢ ᠡᠵᠡᠮᠳᠡᠬᠦ ᠬᠡᠷᠡᠭᠲᠡᠢ᠃ ᠲᠥᠪ ᠪᠠ ᠥᠪᠡᠷᠲᠡᠭᠡᠨ ᠵᠠᠰᠠᠬᠤ ᠣᠷᠣᠨ ᠤ ᠴᠢᠬᠤᠯᠠ ᠶᠡᠭᠡ ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠲᠠᠢ ᠰᠠᠨᠠᠭᠠᠴᠢᠯᠠᠭ᠎ᠠ ᠠᠴᠠ ᠪᠠᠨ ᠤᠶᠠᠯᠳᠤᠭᠤᠯᠵᠤ ᠂ ︽ᠵᠢᠷᠭᠤᠭ᠎ᠠ ᠶᠢ ᠪᠠᠷᠢᠮᠲᠠᠯᠠᠬᠤ︾ ᠴᠢᠬᠤᠯᠠ ᠵᠠᠷᠴᠢᠮ ᠪᠠ ︽ᠳᠣᠯᠤᠭ᠎ᠠ ᠶᠢ ᠲᠥᠪᠯᠡᠷᠡᠭᠦᠯᠬᠦ︾ ᠶᠡᠷᠦᠩᠬᠡᠶ ᠬᠠᠷᠠᠯᠲᠠ ᠲᠠᠢ ᠤᠶᠠᠯᠳᠤᠭᠤᠯᠤᠨ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠬᠦᠷᠢᠶᠡᠨ ᠳᠠᠬᠢ ᠥᠭᠡᠷᠡᠴᠢᠯᠡᠯᠲᠡ ᠶᠢᠨ ᠭᠤᠤᠯᠳᠠᠯᠭ᠎ᠠ᠂ᠰᠢᠪᠲᠤᠯᠤᠯᠲᠠ ᠶᠢᠨ ᠭᠤᠤᠯ ᠴᠢᠭᠯᠡᠯ ᠪᠠ ᠵᠠᠩᠭᠢᠯᠠᠭ᠎ᠠ ᠶᠢᠨ ᠠᠷᠭ᠎ᠠ ᠬᠡᠮᠵᠢᠶ᠎ᠡ ᠶᠢ ᠣᠨᠣᠪᠴᠢᠲᠠᠶ ᠪᠥᠭᠡᠳ ᠪᠣᠳᠠᠲᠠᠶ ᠨᠠᠷᠢᠯᠢᠭ ᠰᠦᠪᠡᠭᠴᠢᠯᠡᠵᠦ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠬᠦᠷᠢᠶᠡᠨ ᠳᠠᠬᠢ ᠬᠡᠷ ᠪᠠᠶᠢᠰᠢᠩ ᠭᠠᠵᠠᠷ ᠬᠥᠷᠥᠩᠭᠡ ᠶᠢᠨ ᠦᠢᠯᠡᠰ ᠂ ᠪᠠᠷᠢᠯᠭ᠎ᠠ ᠶᠢᠨ ᠦᠢᠯᠡᠰ ᠵᠡᠷᠭᠡ ᠲᠤᠯᠭᠠᠭᠤᠷᠢ ᠠᠵᠤ ᠦᠢᠯᠡᠰ ᠤᠨ ᠴᠢᠬᠤᠯᠠ ᠶᠡᠭᠡ ᠥᠭᠡᠷᠡᠴᠢᠯᠡᠯᠲᠡ ᠶᠢ ᠠᠬᠢᠭᠤᠯᠤᠨ᠂ ᠬᠡᠷ ᠪᠠᠶᠢᠰᠢᠩ ᠭᠠᠵᠠᠷ ᠬᠥᠷᠥᠩᠭᠡ ᠶᠢᠨ ᠬᠥᠭᠵᠢᠯᠲᠡ ᠶᠢᠨ ᠰᠢᠨ᠎ᠡ ᠵᠠᠭᠪᠤᠷ ᠢ ᠲᠦᠷᠭᠡᠳᠬᠡᠨ ᠪᠠᠶᠢᠭᠤᠯᠵᠤ᠂ ᠬᠤᠲᠠ ᠶᠢᠨ ᠪᠥᠲᠥᠭᠡᠨ ᠪᠠᠶᠢᠭᠤᠯᠤᠯᠲᠠ ᠪᠠ ᠵᠠᠰᠠᠯᠲᠠ ᠶᠢᠨ ᠬᠢᠷᠢ ᠲᠦᠪᠰᠢᠨ ᠢ ᠪᠥᠬᠦ ᠲᠠᠯ᠎ᠠ ᠪᠠᠷ ᠳᠡᠭᠡᠭᠰᠢᠯᠡᠭᠦᠯᠦᠨ᠂ ᠠᠷᠠᠳ ᠲᠦᠮᠡᠨ ᠤ ᠬᠠᠮᠤᠭ ᠠᠴᠠ ᠠᠩᠬᠠᠷᠴᠤ ᠪᠠᠶᠢᠭ᠎ᠠ ᠬᠠᠮᠤᠭ ᠤᠨ ᠰᠢᠭᠤᠳ ᠬᠠᠮᠤᠭ ᠤᠨ ᠪᠣᠳᠠᠲᠠᠶ ᠠᠰᠢᠭ ᠲᠤᠰᠠ ᠶᠢᠨ ᠠᠰᠠᠭᠤᠳᠠᠯ ᠢ ᠰᠠᠶᠢᠲᠤᠷ ᠰᠢᠢᠳᠪᠦᠷᠢᠯᠡᠵᠦ᠂ ᠣᠯᠠᠨ ᠲᠦᠮᠡᠨ ᠢ ᠥᠭᠡᠷᠡᠴᠢᠯᠡᠯᠲᠡ ᠳᠤ ᠦᠨᠡᠨ ᠬᠦ ᠣᠷᠣᠯᠴᠠᠭᠤᠯᠵᠤ᠂ ᠥᠭᠡᠷᠡᠴᠢᠯᠡᠯᠲᠡ ᠶᠢ ᠬᠠᠮᠲᠤ ᠪᠠᠷ ᠡᠳ᠋ᠯᠡᠭᠦᠯᠵᠦ᠂ ᠬᠥᠭᠵᠢᠯᠲᠡ ᠶᠢᠨ ᠬᠡᠷᠡᠭᠴᠡᠭᠡ᠂ ᠦᠨᠳᠦᠰᠦᠨ ᠱᠠᠲᠤᠨ ᠤ ᠬᠦᠰᠡᠯ᠂ ᠠᠷᠠᠳ ᠤᠨ ᠰᠡᠳᠬᠢᠯ ᠤᠨ ᠬᠠᠨᠳᠤᠰᠢ ᠶᠢ ᠨᠠᠩ ᠰᠠᠶᠢᠲᠤᠷ ᠤᠶᠠᠯᠳᠤᠭᠤᠯᠬᠤ ᠶᠢ ᠠᠬᠢᠭᠤᠯᠬᠤ ᠬᠡᠷᠡᠭᠲᠡᠶ᠃ ᠣᠳᠣᠬᠠᠨ ᠳᠤ ᠶᠠᠭ ᠰᠠᠶ᠋ᠢᠬᠠᠨ ᠠᠬᠢᠭᠤᠯᠵᠤ ᠪᠠᠶᠢᠭ᠎ᠠ ᠲᠤᠯᠠᠭᠠᠯᠭ᠎ᠠ ᠶᠢᠨ ᠢᠨᠵᠧᠨᠧᠷᠢᠩ᠂  ᠪᠠᠳᠤᠯᠠᠭᠠᠳᠤ ᠲᠤᠰᠢᠶᠠᠬᠤ ᠠᠰᠠᠷ ᠂ ᠪᠠᠳᠤᠯᠠᠭᠳᠤ ᠲᠤᠰᠢᠶᠠᠬᠤ ᠭᠡᠷ ᠪᠠᠶᠢᠰᠢᠩ ᠂ ᠪᠠᠷᠢᠯᠭ᠎ᠠ ᠶᠢᠨ ᠦᠢᠯᠡᠰ ᠤᠨ ᠭᠤᠷᠪᠠᠨ ᠵᠢᠯ ᠳᠤ ᠳᠠᠬᠢᠨ ᠢᠶᠠᠷ ᠨᠡᠮᠡᠭᠳᠡᠭᠦᠯᠬᠦ ᠠᠵᠢᠯᠯᠠᠭ᠎ᠠ᠂ ᠬᠤᠳᠠ ᠶᠢᠨ ᠠᠮᠢ ᠨᠠᠰᠤᠨ ᠤ ᠱᠤᠭᠤᠮ ᠤᠨ ᠠᠮᠤᠷ ᠲᠦᠪᠰᠢᠨ ᠤ ᠢᠨᠵᠧᠨᠧᠷᠢᠩ ᠤᠨ ᠪᠦᠳᠦᠭᠡᠨ ᠪᠠᠶᠢᠭᠤᠯᠤᠯᠲᠠ᠂ ᠣᠷᠣᠨ ᠰᠠᠭᠤᠴᠠ ᠶᠢᠨ ᠪᠦᠳᠦᠭᠡᠨ ᠪᠠᠶᠢᠭᠤᠯᠤᠯᠲᠠ ᠪᠠ ᠠᠮᠢ ᠠᠬᠤᠢ ᠶᠢᠨ ᠣᠷᠴᠢᠨ ᠲᠣᠭᠤᠷᠢᠨ ᠤ ᠬᠦᠷᠢᠶᠡᠨ ᠳᠠᠬᠢ ᠬᠠᠤᠯᠢ ᠠᠴᠠ ᠵᠥᠷᠢᠴᠡᠭᠰᠡᠨ ᠠᠰᠠᠭᠤᠳᠠᠯ ᠢ ᠲᠤᠰᠬᠠᠢ ᠴᠡᠭᠴᠡᠯᠡᠨ ᠵᠠᠰᠠᠬᠤ᠂ ᠤᠯᠠᠨ ᠲᠦᠮᠡᠨ ᠤ ᠳᠡᠷᠭᠡᠳᠡᠬᠢ ᠲᠥᠪ ᠪᠤᠰᠤ ᠰᠤᠷᠲᠠᠯ ᠪᠠ ᠢᠯᠵᠠᠷᠠᠯ ᠤᠨ ᠠᠰᠠᠭᠤᠳᠠᠯ ᠢ ᠲᠦᠪᠯᠡᠷᠡᠭᠦᠯᠦᠨ ᠴᠡᠭᠴᠡᠯᠡᠨ ᠵᠠᠰᠠᠬᠤ ᠵᠡᠷᠭᠡ ᠭᠤᠤᠯᠳᠠᠯᠭ᠎ᠠ  ᠲᠠᠢ ᠡᠭᠦᠷᠭᠡ ᠯᠦᠭᠡ ᠤᠶᠠᠯᠳᠤᠭᠤᠯᠵᠤ ᠂   ᠦᠢᠯᠡᠳᠦᠯᠭᠡ ᠶᠢᠨ ᠳᠤᠮᠳᠠ ᠵᠣᠷᠢᠭᠲᠠᠶ ᠪᠠᠷ ᠬᠠᠶᠢᠨ ᠰᠦᠪᠡᠭᠴᠢᠯᠡᠵᠦ᠂ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠪᠠᠷ ᠳᠠᠮᠵᠢᠭᠤᠯᠤᠨ ᠠᠵᠢᠯ ᠦᠢᠯᠡᠰ ᠤᠨ ᠬᠥᠭᠵᠢᠯᠲᠡ ᠶᠢ ᠠᠬᠢᠭᠤᠯᠵᠤ᠂ ᠠᠵᠢᠯ ᠦᠢᠯᠡᠰ ᠪᠦᠬᠦᠨ ᠳᠤ ᠰᠢᠨ᠎ᠡ ᠶᠢ ᠡᠭᠦᠳᠬᠦ ᠴᠢᠨᠠᠷᠲᠠᠶ ᠠᠷᠭ᠎ᠠ ᠬᠡᠮᠵᠢᠶ᠎ᠡ ᠲᠠᠢ᠂ ᠰᠢᠪᠲᠤᠯᠤᠯᠲᠠ ᠶᠢᠨ ᠴᠢᠨᠠᠷᠲᠠᠶ ᠠᠬᠢᠴᠠ  ᠲᠠᠢ ᠂ ᠪᠡᠯᠭᠡ ᠲᠡᠮᠳᠡᠭ ᠤᠨ ᠴᠢᠨᠠᠷᠲᠠᠶ ᠦᠷ᠎ᠡ ᠪᠦᠲᠦᠭᠡᠯ ᠲᠠᠢ ᠪᠣᠯᠬᠤ ᠪᠠᠷ ᠴᠢᠷᠮᠠᠶᠢᠵᠤ᠂ ᠬᠤᠲᠠ ᠶᠢᠨ ᠡᠨᠧᠷᠭᠢ ᠶᠢᠨ ᠲᠠᠰ᠂ ᠰᠠᠭᠤᠷᠢ ᠪᠡᠯᠡᠳᠬᠡᠮᠵᠢ ᠶᠢᠨ ᠡᠨᠧᠷᠭᠢ ᠶᠢᠨ ᠲᠠᠰ᠂ ᠠᠵᠤ ᠦᠢᠯᠡᠰ ᠤᠨ ᠡᠨᠧᠷᠭᠢ ᠶᠢᠨ ᠲᠠᠰ᠂ ᠠᠮᠢ ᠠᠬᠤᠶ ᠣᠷᠴᠢᠨ ᠲᠣᠭᠤᠷᠢᠨ ᠤ ᠬᠠᠮᠠᠭᠠᠯᠠᠯᠲᠠ ᠶᠢᠨ ᠡᠨᠧᠷᠭᠢ ᠶᠢᠨ ᠲᠠᠰ᠂ ᠠᠮᠢᠳᠤᠷᠠᠯ ᠤᠨ ᠶᠠᠰᠤ ᠴᠢᠨᠠᠷ ᠤᠨ ᠡᠨᠧᠷᠭᠢ ᠶᠢᠨ ᠲᠠᠰ ᠵᠡᠷᠭᠡ ᠶᠢ ᠶᠡᠭᠡ ᠬᠡᠮᠵᠢᠶ᠎ᠡ ᠪᠠᠷ ᠲᠡᠭᠡᠭᠰᠢᠯᠡᠭᠦᠯᠦᠨ ᠪᠡᠶᠡᠯᠡᠭᠦᠯᠬᠦ ᠬᠡᠷᠡᠭᠳᠡᠢ ᠭᠡᠵᠤ ᠱᠠᠭᠠᠷᠳᠠᠪᠠ᠃
W020240723337972596838.jpg
    ᠬᠤᠷᠠᠯ ᠠᠴᠠ᠂ ᠶᠡᠷᠦᠩᠬᠡᠢ ᠱᠦᠵᠢ ᠰᠢ ᠶᠢᠨ ᠫᠢᠩ ᠤᠨ ᠬᠤᠨᠠᠨ ᠤ ᠶᠤᠸᠠᠢ ᠶᠠᠩ ᠬᠤᠳᠠ ᠶᠢᠨ ᠬᠤᠸᠠ ᠷᠦᠩ ᠰᠢᠶᠠᠨ ᠤ ᠲᠤᠸᠠᠨ ᠵᠧᠦ ᠸᠠᠨ ᠳ᠋ᠦᠩ ᠲᠢᠩ ᠬᠤ᠋ ᠨᠠᠭᠤᠷ ᠤᠨ ᠨᠢᠭᠡᠳᠦᠭᠡᠷ ᠹᠷᠣᠨᠲ ᠤᠨ ᠬᠠᠰᠢᠯᠭ᠎ᠠ ᠰᠡᠳᠡᠷᠡᠭᠰᠡᠨ ᠶᠠᠪᠤᠳᠠᠯ ᠪᠣᠯᠤᠨ ᠱᠠᠨᠰᠢ ᠶᠢᠨ ᠱᠠᠩ ᠯᠦᠸᠧ ᠬᠤᠳᠠ ᠶᠢᠨ ᠴᠠᠷᠠᠰᠤ ᠰᠢᠶᠠᠨ ᠤ ᠬᠢᠯᠢ ᠳᠣᠲᠣᠷᠠᠬᠢ ᠨᠢᠭᠡ ᠲᠦᠷᠭᠡᠨ ᠤ ᠵᠠᠰᠠᠮᠠᠯ ᠵᠠᠮ ᠤᠨ ᠬᠥᠭᠦᠷᠭᠡ ᠨᠤᠷᠠᠭᠰᠠᠨ ᠶᠠᠪᠤᠳᠠᠯ ᠳᠤ ᠦᠭᠭᠦᠭᠰᠡᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠬᠤᠷᠢᠭ᠎ᠠ ᠱᠤᠭᠤᠮ ᠤᠨ ᠰᠡᠳᠬᠢᠬᠦᠢ ᠶᠢ ᠪᠠᠲᠤ ᠪᠤᠢ ᠪᠣᠯᠭᠠᠵᠤ᠂ ᠬᠠᠷᠢᠭᠤᠴᠠᠯᠭ᠎ᠠ ᠪᠠᠨ ᠴᠢᠩᠭ᠎ᠠ ᠪᠣᠳᠠᠲᠠᠶᠢᠵᠢᠭᠤᠯᠵᠤ᠂ ︽ᠴᠠᠭ ᠢᠮᠠᠭᠲᠠ ᠰᠠᠨᠠᠭ᠎ᠠ ᠠᠮᠤᠷ ᠪᠠᠶᠢᠬᠤ ᠦᠭᠡᠢ︾ ᠬᠠᠷᠢᠭᠤᠴᠠᠯᠭᠠᠲᠤ ᠰᠡᠳᠬᠢᠯᠭᠡ ᠶᠢ ︽ᠶᠠᠪᠤᠳᠠᠯ ᠪᠦᠬᠦᠨ ᠳᠤ ᠰᠡᠳᠬᠢᠯ ᠳᠡᠭᠡᠨ ᠲᠤᠭ᠎ᠠ ᠲᠠᠢ︾ ᠠᠵᠢᠯᠯᠠᠭᠠᠨ ᠤ ᠬᠦᠴᠦᠨ ᠪᠣᠯᠭᠠᠨ ᠬᠤᠪᠢᠷᠠᠭᠤᠯᠵᠤ᠂ ᠦᠶᠡᠷ ᠢ ᠰᠡᠷᠭᠡᠶᠢᠯᠡᠵᠦ ᠠᠶᠤᠯ ᠠᠴᠠ ᠠᠪᠤᠷᠠᠬᠤ ᠡᠯ᠎ᠡ ᠵᠦᠢᠯ ᠤᠨ ᠠᠵᠢᠯ ᠢ ᠥᠴᠦᠬᠡᠨ ᠴᠦ ᠰᠤᠯᠠᠷᠠᠭᠤᠯᠤᠯ ᠦᠭᠡᠢ ᠰᠠᠶᠢᠲᠤᠷ ᠬᠢᠵᠦ᠂ ᠠᠷᠠᠳ ᠤᠯᠠᠨ ᠤ ᠠᠮᠢ ᠨᠠᠰᠤ ᠡᠳ᠋ ᠬᠦᠷᠦᠩᠭᠡ ᠶᠢᠨ ᠠᠮᠤᠷ ᠲᠦᠪᠰᠢᠨ ᠪᠣᠯᠤᠨ ᠨᠡᠶᠢᠭᠡᠮ ᠤᠨ ᠶᠡᠭᠡ ᠲᠠᠯ᠎ᠠ ᠶᠢᠨ ᠲᠣᠭᠲᠠᠭᠤᠨ ᠢ ᠦᠨᠡᠨ ᠬᠦ ᠪᠠᠲᠤᠯᠠᠬᠤ ᠬᠡᠷᠡᠭᠲᠡᠢ᠃ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠵᠦ ᠤᠷᠢᠳᠴᠢᠯᠠᠨ ᠰᠡᠷᠡᠮᠵᠢᠯᠡᠭᠦᠯᠬᠦ ᠶᠢ ᠴᠢᠩᠭᠠᠳᠬᠠᠵᠤ᠂ ᠴᠠᠭ ᠠᠭᠤᠷ ᠪᠠ ᠪᠣᠷᠣᠭᠠᠨ ᠤ ᠪᠠᠶᠢᠳᠠᠯ᠂ ᠤᠰᠤᠨ ᠤ ᠪᠠᠶᠢᠳᠠᠯ ᠤᠨ ᠬᠤᠪᠢᠷᠠᠯᠲᠠ ᠶᠢ ᠨᠢᠭᠲᠠ ᠠᠩᠬᠠᠷᠴᠤ᠂ ᠪᠠᠴᠢᠮ ᠪᠠᠶᠢᠳᠠᠯ ᠢ ᠠᠷᠭᠠᠴᠠᠭᠠᠬᠤ ᠪᠡᠯᠡᠳᠬᠡᠯ ᠲᠥᠰᠦᠯ ᠢ ᠪᠦᠷᠢᠨᠰᠢᠭᠦᠯᠦᠨ ᠲᠡᠭᠦᠯᠳᠡᠷᠵᠢᠭᠦᠯᠵᠦ᠂ ᠠᠪᠤᠷᠠᠨ ᠲᠤᠰᠠᠯᠠᠬᠤ ᠬᠦᠴᠦᠨ ᠪᠠ ᠡᠳ᠋ ᠪᠣᠳᠠᠰ ᠲᠣᠨᠤᠭ ᠲᠥᠬᠦᠭᠡᠷᠦᠮᠵᠢ ᠶᠢ ᠰᠢᠨᠵᠢᠯᠡᠬᠦ ᠤᠬᠠᠭᠠᠨᠴᠢ ᠪᠠᠷ ᠤᠷᠢᠳᠴᠢᠯᠠᠨ ᠲᠣᠬᠢᠷᠠᠭᠤᠯᠵᠤ᠂ ᠮᠡᠳᠡᠭᠡ ᠵᠠᠩᠭᠢ ᠶᠢ ᠮᠡᠳᠡᠭᠦᠯᠦᠨ ᠬᠦᠷᠭᠡᠬᠦ ᠪᠠ ᠵᠢᠵᠢᠭᠦᠷᠯᠡᠨ ᠰᠠᠬᠢᠬᠤ ᠶᠢ ᠴᠢᠩᠭ᠎ᠠ ᠨᠠᠶᠢᠳᠠᠪᠤᠷᠢᠵᠢᠭᠤᠯᠵᠤ᠂ ᠲᠦᠭᠰᠢᠭᠦᠷᠢᠲᠦ ᠪᠠᠶᠢᠳᠠᠯ ᠲᠣᠬᠢᠶᠠᠯᠳᠤᠪᠠᠯ ᠴᠠᠭ ᠲᠤᠬᠠᠶ ᠳᠤᠨᠢ ᠠᠷᠭᠠᠴᠠᠭᠠᠨ ᠰᠢᠢᠳᠪᠦᠷᠢᠯᠡᠬᠦ ᠶᠢ ᠦᠨᠡᠨ ᠬᠦ ᠪᠠᠲᠤᠯᠠᠬᠤ ᠬᠡᠷᠡᠭᠲᠡᠶ᠃ ᠡᠯ᠎ᠡ ᠵᠦᠢᠯ ᠤᠨ ᠨᠡᠶᠢᠭᠡᠮ ᠤᠨ ᠭᠠᠮᠰᠢᠭ ᠢ ᠴᠢᠩᠭ᠎ᠠ ᠰᠡᠷᠭᠡᠶᠢᠯᠡᠵᠦ᠂ ᠪᠠᠶᠢᠭᠤᠯᠵᠤ ᠪᠠᠶᠢᠭ᠎ᠠ ᠪᠠᠷᠢᠯᠭ᠎ᠠ᠂ ᠨᠤᠷᠠᠬᠤ ᠠᠶᠤᠯᠲᠠᠶ ᠬᠠᠭᠤᠴᠢᠨ ᠭᠡᠷ ᠪᠠᠶᠢᠰᠢᠩ᠂ ᠭᠠᠵᠠᠷ ᠳᠣᠤᠷᠠᠬᠢ ᠣᠷᠣᠨ ᠵᠠᠶ᠂ ᠬᠤᠲᠠ ᠶᠢᠨ ᠠᠮᠠᠷᠬᠠᠨ ᠤᠰᠤᠲᠤᠬᠤ ᠣᠷᠣᠨ ᠵᠡᠷᠭᠡ ᠭᠤᠤᠯᠳᠠᠯᠭ᠎ᠠ ᠲᠠᠢ ᠬᠦᠷᠢᠶᠡᠨ ᠤ ᠬᠢᠨᠠᠨ ᠬᠡᠮᠵᠢᠯᠲᠡ ᠶᠢ ᠴᠢᠩᠭᠠᠳᠬᠠᠵᠤ᠂ ᠪᠠᠶᠢᠴᠠᠭᠠᠬᠤ ᠬᠦᠷᠢᠶ᠎ᠡ ᠬᠡᠪᠴᠢᠶ᠎ᠡ ᠶᠢ ᠥᠷᠭᠡᠳᠬᠡᠵᠦ᠂ ᠲᠣᠭᠤᠷᠢᠨ ᠪᠠᠶᠢᠴᠠᠭᠠᠬᠤ ᠬᠦᠴᠦᠨ ᠢ ᠴᠢᠩᠭᠠᠳᠬᠠᠵᠤ᠂ ᠲᠣᠭᠤᠷᠢᠨ ᠪᠠᠶᠢᠴᠠᠭᠠᠬᠤ ᠤᠳᠠᠭ᠎ᠠ ᠶᠢ ᠨᠢᠭᠲᠠᠷᠠᠭᠤᠯᠵᠤ᠂ ᠠᠶᠤᠯ ᠢ ᠠᠷᠢᠯᠭᠠᠨ ᠪᠠᠬᠢᠵᠢᠭᠦᠯᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ᠂ ᠬᠤᠭᠤᠰᠣᠨ ᠭᠠᠵᠠᠷ ᠦᠯᠡᠳᠡᠭᠡᠬᠦ ᠦᠭᠡᠢ᠂ ᠥᠨᠴᠥᠭ ᠪᠤᠯᠤᠩ ᠦᠯᠡᠳᠡᠭᠡᠬᠦ ᠦᠭᠡᠢ ᠰᠡᠷᠭᠡᠶᠢᠯᠡᠬᠦ ᠠᠵᠢᠯ ᠢ ᠦᠨᠡᠨ ᠬᠦ ᠪᠣᠳᠠᠲᠠᠶᠢᠵᠢᠭᠤᠯᠬᠤ ᠬᠡᠷᠡᠭᠲᠡᠶ᠃ ᠬᠤᠲᠠ ᠶᠢᠨ ᠰᠢᠨᠡᠴᠢᠯᠡᠯᠲᠡ ᠶᠢᠨ ᠠᠵᠢᠯᠯᠠᠭ᠎ᠠ᠂ ᠬᠠᠭᠤᠴᠢᠷᠠᠭᠰᠠᠨ ᠬᠤᠭᠤᠯᠠᠶ ᠲᠣᠤᠷ ᠢ ᠰᠢᠨᠡᠳᠬᠡᠨ ᠥᠭᠡᠷᠡᠴᠢᠯᠡᠬᠦ᠂ ᠬᠠᠭᠤᠴᠢᠨ ᠰᠠᠭᠤᠭᠠᠯᠢ ᠠᠷᠠᠳ ᠤᠨ ᠲᠣᠭᠤᠷᠢᠭ ᠢ ᠥᠭᠡᠷᠡᠴᠢᠯᠡᠬᠦ᠂ ᠬᠤᠲᠠ ᠶᠢᠨ ᠠᠮᠠᠷᠬᠠᠨ ᠤᠰᠤᠲᠤᠬᠤ ᠭᠠᠵᠠᠷ ᠢ ᠴᠡᠭᠴᠡᠯᠡᠨ ᠵᠠᠰᠠᠬᠤ ᠵᠡᠷᠭᠡ ᠠᠵᠢᠯ ᠲᠠᠢ ᠤᠶᠠᠯᠳᠤᠭᠤᠯᠤᠨ᠂ ᠬᠤᠲᠠ ᠶᠢᠨ ᠦᠶᠡᠷ ᠢ ᠰᠡᠷᠭᠡᠶᠢᠯᠡᠵᠦ ᠤᠰᠤᠲᠤᠯ ᠢ ᠵᠠᠯᠠᠬᠤ ᠪᠠᠭᠤᠷᠠᠶ ᠭᠤᠭᠴᠤᠭ᠎ᠠ ᠶᠢ ᠪᠥᠬᠦ ᠲᠠᠯ᠎ᠠ ᠪᠠᠷ ᠵᠢᠭᠰᠠᠭᠠᠨ ᠪᠠᠶᠢᠴᠠᠭᠠᠵᠤ᠂ ᠤᠰᠤ ᠲᠠᠲᠠᠷᠠᠭᠤᠯᠬᠤ ᠬᠤᠭᠤᠯᠠᠶ ᠲᠣᠤᠷ ᠪᠠ ᠬᠥᠭᠡᠷᠭᠡ ᠥᠷᠲᠡᠭᠡ ᠶᠢ ᠪᠥᠲᠥᠭᠡᠨ ᠪᠠᠶᠢᠭᠤᠯᠵᠤ ᠥᠭᠡᠷᠡᠴᠢᠯᠡᠬᠦ ᠶᠢ ᠰᠢᠰᠲ᠋ᠧᠮ ᠲᠠᠢ ᠠᠬᠢᠭᠤᠯᠵᠤ᠂ ᠲᠥᠬᠦᠭᠡᠷᠦᠮᠵᠢ ᠶᠢᠨ ᠲᠤᠳᠠᠭᠳᠠᠯ ᠢ ᠲᠦᠷᠭᠡᠨ ᠨᠥᠬᠦᠪᠥᠷᠢᠯᠡᠵᠦ᠂ ᠠᠮᠠᠷᠬᠠᠨ ᠤᠰᠤᠲᠤᠵᠦ ᠤᠰᠤ ᠬᠤᠷᠠᠬᠤ ᠴᠡᠭ ᠢ ᠲᠦᠷᠭᠡᠨ ᠠᠷᠢᠯᠭᠠᠵᠤ᠂ ᠦᠶᠡᠷ ᠢ ᠠᠮᠤᠷ ᠲᠦᠪᠰᠢᠨ ᠢᠶᠠᠷ ᠥᠩᠭᠡᠷᠡᠭᠦᠯᠬᠦ ᠶᠢ ᠦᠨᠡᠨ ᠬᠦ ᠪᠠᠲᠤᠯᠠᠬᠤ ᠬᠡᠷᠡᠭᠲᠡᠶ ᠭᠡᠵᠦ ᠴᠢᠬᠤᠯᠠᠴᠢᠯᠠᠪᠠ᠃    ᠬᠤᠷᠠᠯ ᠠᠴᠠ᠂ ᠪᠦᠬᠦ ᠣᠷᠣᠨ ᠤ ᠰᠢᠨᠵᠢᠯᠡᠬᠦ ᠤᠬᠠᠭᠠᠨ ᠮᠡᠷᠭᠡᠵᠢᠯ ᠤᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠶᠢ ᠬᠥᠭᠵᠢᠯᠲᠡ ᠶᠢᠨ ᠭᠤᠣᠯ ᠪᠠᠶᠢᠷᠢᠨ ᠳᠤ ᠲᠠᠯᠪᠢᠵᠤ᠂ ᠰᠢᠨᠵᠢᠯᠡᠬᠦ ᠤᠬᠠᠭᠠᠨ ᠮᠡᠷᠭᠡᠵᠢᠯ ᠤᠨ ︽ᠪᠦᠰᠡᠯᠡᠯᠲᠡ ᠶᠢ ᠰᠢᠪᠲᠤᠯᠬᠤ︾ ᠢᠨᠵᠧᠨᠧᠷᠢᠩ ᠢ ᠪᠦᠬᠦ ᠲᠠᠯ᠎ᠠ ᠪᠠᠷ ᠬᠡᠷᠡᠭᠵᠢᠭᠦᠯᠵᠦ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠬᠦᠷᠢᠶᠡᠨ ᠤ ᠭᠦᠨ ᠳᠠᠪᠬᠤᠷᠭ᠎ᠠ ᠶᠢᠨ ᠵᠥᠷᠢᠴᠡᠯ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ ᠬᠥᠭᠵᠢᠯᠲᠡ ᠶᠢᠨ ᠶᠠᠰᠤ ᠴᠢᠨᠠᠷ ᠢ ᠳᠡᠭᠡᠭᠰᠢᠯᠡᠭᠦᠯᠵᠦ ᠦᠷ᠎ᠡ ᠠᠰᠢᠭ ᠢ ᠨᠡᠮᠡᠭᠳᠡᠭᠦᠯᠬᠦ ᠶᠢ ᠠᠬᠢᠭᠤᠯᠵᠤ᠂ ︽ᠬᠤᠶᠠᠷ ᠶᠡᠭᠡ ᠶᠠᠪᠤᠳᠠᠯ︾ ᠢ ᠰᠠᠶᠢᠲᠤᠷ ᠬᠢᠬᠦ᠂ ︽ᠰᠢᠨ᠎ᠡ ᠵᠠᠮ ᠢ ᠨᠡᠭᠡᠭᠡᠬᠦ᠂ ᠳᠤᠮᠳᠠ ᠤᠷᠤᠰᠬᠠᠯ ᠳᠤ ᠣᠷᠣᠬᠤ︾ ᠬᠠᠷᠠᠯᠲᠠ ᠶᠢ ᠪᠡᠶᠡᠯᠡᠭᠦᠯᠬᠦ ᠳᠤ ᠬᠦᠴᠦᠲᠡᠢ ᠲᠤᠯᠭᠠᠭᠤᠷᠢᠯᠠᠯ ᠬᠠᠩᠭᠠᠬᠤ ᠬᠡᠷᠡᠭᠲᠡᠢ᠃ ᠠᠵᠤ ᠦᠢᠯᠡᠰ ᠂ ᠰᠢᠨᠵᠢᠯᠡᠬᠦ ᠤᠬᠠᠭᠠᠨ ᠮᠡᠷᠭᠡᠵᠢᠯ ᠤᠨ ᠭᠦᠨᠵᠡᠭᠡᠢ ᠠᠭᠤᠰᠤᠯᠴᠠᠯ ᠢ ᠭᠦᠨᠵᠡᠭᠡᠶᠢᠷᠡᠭᠦᠯᠵᠦ᠂ ᠡᠯ᠎ᠡ ᠲᠦᠷᠦᠯ ᠤᠨ ᠰᠢᠨ᠎ᠡ ᠶᠢ ᠡᠭᠦᠳᠬᠦ ᠡᠯᠧᠮᠧᠨ᠋ᠲ᠂ ᠡᠬᠢ ᠪᠠᠶᠠᠯᠢᠭ᠂ ᠦᠢᠯᠡᠴᠢᠯᠡᠭᠡ ᠶᠢ ᠠᠵᠤ ᠠᠬᠤᠶᠢᠯᠠᠯ  ᠲᠡᠰᠢ ᠲᠥᠪᠯᠡᠷᠡᠭᠦᠯᠬᠦ ᠶᠢ ᠠᠬᠢᠭᠤᠯᠵᠤ᠂ ᠰᠢᠨᠵᠢᠯᠡᠬᠦ ᠤᠬᠠᠭᠠᠨ ᠮᠡᠷᠭᠡᠵᠢᠯ ᠤᠨ ᠬᠡᠯᠪᠡᠷᠢ ᠶᠢᠨ ᠠᠵᠤ ᠠᠬᠤᠶᠢᠯᠠᠯ ᠤᠨ ᠪᠦᠯᠦᠭ ᠢ ᠪᠤᠵᠠᠭᠠᠶᠢᠷᠠᠭᠤᠯᠵᠤ᠂ ︽ᠲᠤᠰᠬᠠᠢ  ᠰᠢᠯᠢᠳᠡᠭ ᠣᠨᠴᠠᠭᠠᠢ ᠰᠢᠨ᠎ᠡ︾ ᠳᠤᠮᠳᠠ ᠪᠠᠭ᠎ᠠ ᠬᠡᠯᠪᠡᠷᠢ ᠶᠢᠨ ᠠᠵᠤ ᠠᠬᠤᠶᠢᠯᠠᠯ ᠢ ᠲᠦᠷᠭᠡᠨ ᠪᠤᠶᠢᠵᠢᠭᠤᠯᠵᠤ᠂ ᠨᠡᠩ ᠤᠯᠠᠨ ᠴᠢᠨᠠᠷ ᠰᠠᠶᠢᠲᠠᠢ ᠠᠵᠤ ᠠᠬᠤᠶᠢᠯᠠᠯ ᠢᠶᠠᠷ ᠨᠡᠩ ᠤᠯᠠᠨ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠪᠤᠶᠢᠵᠢᠭᠤᠯᠬᠤ ᠬᠡᠷᠡᠭᠲᠡᠢ᠃ ᠰᠤᠷᠭᠠᠭᠤᠯᠢ ᠠᠵᠤ ᠠᠬᠤᠶᠢᠯᠠᠯ ᠰᠤᠳᠤᠯᠭᠠᠨ ᠤ ᠨᠢᠭᠲᠠ ᠬᠠᠮᠵᠢᠯᠴᠠᠭ᠎ᠠ ᠶᠢ ᠴᠢᠩᠭᠠᠳᠬᠠᠵᠤ᠂ ᠳᠡᠭᠡᠳᠦ ᠲᠡᠰ ᠤᠨ ᠴᠢᠳᠠᠪᠤᠷᠢᠲᠠᠨ ᠢ ᠤᠷᠢᠨ ᠵᠠᠯᠠᠬᠤ ᠠᠵᠢᠯ ᠢ ᠰᠠᠶᠢᠲᠤᠷ ᠬᠢᠵᠦ᠂ ᠪᠠᠷᠢᠯᠭ᠎ᠠ ᠶᠢᠨ ᠠᠵᠤ ᠦᠢᠯᠡᠰ ᠤᠨ ᠡᠩᠨᠡᠭᠡ ᠶᠢ ᠦᠷᠭᠦᠯᠵᠢᠯᠡᠨ ᠪᠤᠵᠠᠭᠠᠶᠢᠷᠠᠭᠤᠯᠵᠤ᠂ ᠨᠡᠩ ᠤᠯᠠᠨ ︽ᠤᠷᠠᠨ ᠳᠠᠷᠬᠠᠨ︾᠂ ᠳᠡᠭᠡᠳᠦ ᠮᠡᠷᠭᠡᠵᠢᠯ ᠤᠨ ᠴᠢᠳᠠᠪᠤᠷᠢᠲᠠᠨ ᠢ ᠴᠢᠷᠮᠠᠶᠢᠨ ᠬᠥᠮᠦᠵᠢᠭᠦᠯᠵᠦ᠂ ᠪᠠᠷᠢᠯᠭ᠎ᠠ ᠶᠢᠨ ᠠᠵᠤ ᠠᠬᠤᠶᠢᠯᠠᠯ ᠤᠨ ᠴᠢᠨᠠᠷ ᠰᠠᠶᠢᠲᠠᠢ ᠬᠥᠭᠵᠢᠯᠲᠡ ᠳᠤ ᠡᠨᠧᠷᠬᠢ ᠣᠯᠭᠤᠬᠤ ᠬᠡᠷᠡᠭᠲᠡᠢ᠃ ᠤᠭᠰᠠᠷᠠᠮᠠᠯ ᠮᠠᠶ᠋ᠢᠭ ᠤᠨ ᠪᠥᠲᠥᠭᠡᠨ ᠪᠠᠶᠢᠭᠤᠯᠤᠯᠲᠠ᠂ ᠣᠶᠤᠨᠴᠢ ᠪᠠᠷᠢᠯᠭ᠎ᠠ᠂ ᠪᠣᠬᠢᠷᠲᠤᠯ ᠥᠬᠡᠶ ᠪᠥᠲᠥᠭᠡᠨ ᠪᠠᠶᠢᠭᠤᠯᠤᠯᠲᠠ ᠵᠡᠷᠭᠡ ᠬᠦᠷᠢᠶᠡᠨ ᠳᠠᠬᠢ ᠮᠡᠷᠭᠡᠵᠢᠯ ᠤᠨ ᠰᠢᠨᠡᠴᠢᠯᠡᠯᠲᠡ ᠰᠤᠳᠤᠯᠤᠨ ᠨᠡᠭᠡᠭᠡᠯᠲᠡ ᠶᠢ ᠴᠢᠩᠭᠠᠳᠬᠠᠵᠤ᠂ 5G᠂ ᠲᠣᠮᠣ ᠳ᠋ᠠᠶᠢᠲ᠋ᠠ᠂ ᠡᠭᠦᠯᠡᠨ ᠪᠤᠳᠤᠯᠲᠠ᠂ ᠵᠣᠬᠢᠶᠠᠮᠠᠯ ᠣᠶᠤᠨ ᠵᠡᠷᠭᠡ ᠮᠡᠳᠡᠭᠡ ᠵᠠᠩᠭᠢ ᠶᠢᠨ ᠮᠡᠷᠭᠡᠵᠢᠯ ᠢ ᠳᠡᠯᠭᠡᠷᠡᠭᠦᠯᠦᠨ ᠬᠡᠷᠡᠭᠯᠡᠬᠦ ᠶᠢ ᠴᠢᠩᠭᠠᠳᠬᠠᠵᠤ᠂ ᠨᠠᠩ ᠣᠯᠠᠨ ᠰᠢᠨᠵᠢᠯᠡᠬᠦ ᠤᠬᠠᠭᠠᠨ ᠮᠡᠷᠭᠡᠵᠢᠯ ᠤᠨ ᠦᠷ᠎ᠡ ᠪᠦᠲᠦᠭᠡᠯ ᠳᠤ ︽ᠠᠵᠤ ᠦᠢᠯᠡᠰ ᠤᠨ ᠵᠢᠮᠢᠰ︾᠂ ︽ᠬᠥᠭᠵᠢᠯᠲᠡ ᠶᠢᠨ ᠵᠢᠮᠢᠰ︾ ᠪᠤᠯᠪᠠᠰᠤᠷᠠᠭᠤᠯᠬᠤ ᠬᠡᠷᠡᠭᠲᠡᠶ ᠭᠡᠵᠦ ᠴᠢᠬᠤᠯᠠᠴᠢᠯᠠᠪᠠ᠃    ᠬᠤᠷᠠᠯ ᠠᠴᠠ᠂ ᠠᠵᠢᠯ ᠤᠨ ᠲᠣᠭᠲᠠᠴᠠ ᠶᠢᠨ ᠨᠠᠶᠢᠳᠠᠪᠤᠷᠢᠵᠢᠭᠤᠯᠤᠯᠲᠠ ᠶᠢ ᠴᠢᠨᠠᠭᠰᠢᠳᠠ ᠴᠢᠩᠭᠠᠳᠬᠠᠵᠤ᠂ ᠬᠠᠷᠢᠭᠤᠴᠠᠯᠭ᠎ᠠ ᠶᠢᠨ ᠬᠡᠯᠬᠢᠶ᠎ᠡ ᠶᠢ ᠴᠢᠩᠭᠠᠯᠠᠵᠤ᠂  ᠦᠷᠭᠡᠨ ᠭᠦᠨᠴᠡ ᠲᠠᠢ ᠠᠬᠢᠭᠤᠯᠵᠤ᠂ ᠤᠯᠠᠨ ᠲᠦᠮᠡᠨ ᠤ ᠳᠡᠷᠭᠡᠳᠡᠬᠢ ᠲᠥᠪ ᠪᠤᠰᠤ ᠰᠤᠷᠲᠠᠯ ᠪᠣᠯᠤᠨ ᠢᠯᠵᠠᠷᠠᠯ ᠤᠨ ᠠᠰᠠᠭᠤᠳᠠᠯ ᠢ ᠲᠥᠪᠯᠡᠷᠡᠭᠦᠯᠦᠨ ᠴᠡᠭᠴᠡᠯᠡᠨ ᠵᠠᠰᠠᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠤ ᠢᠯᠠᠯᠲᠠ ᠶᠢ ᠡᠷᠡᠰ ᠤᠯᠬᠤ ᠬᠡᠷᠡᠭᠲᠡᠢ᠃ ᠬᠡᠷ ᠪᠠᠶᠢᠰᠢᠩ ᠭᠠᠵᠠᠷ ᠬᠥᠷᠥᠩᠭᠡ ᠶᠢᠨ ︽ᠬᠤᠶᠠᠷ ᠬᠦᠴᠢᠷᠲᠡᠶ︾ ᠠᠰᠠᠭᠤᠳᠠᠯ ᠂ ᠭᠠᠯ ᠤᠨᠲᠠᠷᠠᠭᠠᠬᠤ ᠬᠢᠨᠠᠨ ᠰᠢᠯᠭᠠᠯᠲᠠ ᠶᠢᠨ ᠲᠡᠤᠬᠡᠨ ᠠᠴᠠ ᠦᠯᠡᠳᠡᠭᠳᠡᠵᠦ ᠢᠷᠡᠭᠰᠡᠨ ᠠᠰᠠᠭᠤᠳᠠᠯ᠂ ᠬᠤᠲᠠ ᠪᠠᠯᠭᠠᠰᠤᠨ ᠤ ᠰᠢᠲᠠᠮᠠᠬᠠᠶ ᠬᠡᠶ ᠶᠢ ᠴᠡᠭᠴᠡᠯᠡᠨ ᠵᠠᠰᠠᠬᠤ ᠵᠡᠷᠭᠡ ᠲᠣᠪᠤᠶᠢᠮ᠎ᠠ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠴᠡᠭᠴᠡᠯᠡᠨ ᠰᠠᠶᠢᠵᠢᠷᠠᠭᠤᠯᠵᠤ ᠴᠡᠭᠴᠡᠯᠡᠨ ᠵᠠᠰᠠᠬᠤ ᠡᠯ᠎ᠡ ᠵᠦᠢᠯ ᠤᠨ ᠡᠭᠦᠷᠭᠡ ᠶᠢᠨ ᠲᠥᠷᠥᠯ ᠵᠦᠢᠯ ᠢ ᠬᠦᠴᠦᠲᠡᠶ ᠳᠥᠯᠭᠢᠨ ᠠᠬᠢᠭᠤᠯᠵᠤ᠂ ᠣᠯᠠᠨ ᠲᠦᠮᠡᠨ ᠤ ᠪᠠᠴᠢᠮᠳᠠᠵᠤ ᠬᠦᠴᠢᠷᠳᠡᠵᠦ ᠵᠣᠪᠠᠨᠢᠵᠤ ᠬᠦᠰᠡᠵᠦ ᠪᠠᠶᠢᠭ᠎ᠠ ᠠᠰᠠᠭᠤᠳᠠᠯ ᠢ ᠦᠨᠡᠨ ᠬᠦ ᠰᠢᠢᠳᠪᠦᠷᠢᠯᠡᠵᠦ᠂ ᠵᠠᠩᠭᠢᠯᠠᠭ᠎ᠠ ᠶᠢᠨ ᠴᠡᠭ ᠤᠨ ᠬᠠᠷᠠᠯᠲᠠ ᠶᠢ ᠲᠣᠭᠲᠠᠭᠠᠵᠤ᠂ ᠴᠢᠩᠭ᠎ᠠ ᠠᠳᠬᠤᠬᠤ᠂ ᠦᠷᠭᠦᠯᠵᠢᠯᠡᠨ ᠠᠳᠬᠤᠬᠤ᠂ ᠪᠣᠳᠠᠲᠠᠶ ᠪᠠᠷ ᠠᠳᠬᠤᠬᠤ ᠶᠢ ᠪᠠᠷᠢᠮᠲᠠᠯᠠᠨ᠂ ᠠᠷᠠᠳ ᠣᠯᠠᠨ ᠤ ᠬᠦᠷᠲᠡᠮᠵᠢ ᠶᠢᠨ ᠲᠥᠷᠥᠭᠳᠡᠯ᠂ ᠵᠢᠷᠭᠠᠯᠲᠤ ᠲᠥᠷᠥᠭᠳᠡᠯ᠂ ᠠᠮᠤᠷ ᠲᠦᠪᠰᠢᠨ ᠤ ᠲᠥᠷᠥᠭᠳᠡᠯ ᠢ ᠲᠠᠰᠤᠷᠠᠯᠲᠠ ᠥᠬᠡᠶ ᠨᠡᠮᠡᠭᠳᠡᠭᠦᠯᠬᠦ ᠬᠡᠷᠡᠭᠲᠡᠶ ᠭᠡᠵᠦ ᠴᠢᠬᠤᠯᠠᠴᠢᠯᠠᠪᠠ᠃    ᠬᠤᠷᠠᠯ ᠠᠴᠠ ᠲᠢᠩᠬᠢᠮ ᠤᠨ ᠤᠳᠤᠷᠢᠳᠬᠤ ᠪᠠᠭ ᠤᠨ ᠪᠦᠷᠢᠯᠳᠦᠬᠦᠨ ᠤ ᠬᠤᠪᠢᠳᠠᠨ ᠬᠠᠮᠢᠶᠠᠷᠴᠤ ᠪᠠᠶᠢᠭ᠎ᠠ ᠬᠦᠷᠢᠶᠡᠨ ᠤ ᠳᠡᠭᠡᠷ᠎ᠡ ᠬᠠᠭᠠᠰ ᠵᠢᠯ ᠤᠨ ᠭᠤᠣᠯᠳᠠᠯᠭ᠎ᠠ ᠲᠠᠢ ᠠᠵᠢᠯ ᠤᠨ ᠪᠠᠶᠢᠳᠠᠯ ᠤᠨ ᠬᠠᠷᠢᠭᠤ ᠮᠡᠳᠡᠭᠦᠯᠦᠯᠲᠡ ᠶᠢ ᠰᠣᠨᠣᠰᠪᠠ᠃ ᠬᠠᠷᠠᠯᠲᠠ ᠶᠢᠨ ᠤᠳᠤᠷᠢᠳᠤᠮᠵᠢ ᠶᠢ ᠪᠠᠷᠢᠮᠲᠠᠯᠠᠨ ᠠᠬᠢᠴᠠ ᠶᠢ ᠠᠳᠬᠤᠬᠤ ᠬᠡᠷᠡᠭᠲᠡᠢ᠃ ᠣᠨ ᠤ ᠬᠠᠷᠠᠯᠲᠠ ᠡᠭᠦᠷᠭᠡ ᠲᠠᠢ ᠬᠠᠷᠢᠴᠠᠭᠤᠯᠵᠤ᠂ ᠭᠦᠨᠵᠡᠭᠡᠶ ᠪᠠᠶᠢᠴᠠᠭᠠᠨ ᠰᠤᠳᠤᠯᠤᠯᠲᠠ ᠬᠢᠵᠦ᠂ ᠵᠦᠢᠯ ᠳᠠᠷᠠᠭᠠᠯᠠᠨ ᠪᠦᠷᠢᠳᠬᠡᠨ ᠵᠠᠳᠠᠯᠵᠤ᠂ ᠬᠠᠷᠠᠯᠲᠠ ᠪᠠᠷ ᠬᠠᠷᠢᠭᠤᠴᠠᠯᠭ᠎ᠠ ᠶᠢ ᠭᠡᠳᠡᠷᠭᠦ ᠰᠢᠬᠠᠮᠳᠠᠭᠤᠯᠵᠤ᠂ ᠴᠠᠭ ᠬᠤᠭᠤᠴᠠᠭ᠎ᠠ ᠪᠠᠷ ᠠᠬᠢᠴᠠ ᠶᠢ ᠭᠡᠳᠡᠷᠭᠦ ᠰᠢᠬᠠᠮᠳᠠᠭᠤᠯᠵᠤ᠂ ᠭᠤᠤᠯᠳᠠᠯᠭ᠎ᠠ ᠲᠠᠢ ᠠᠶᠢᠮᠠᠭ ᠬᠤᠲᠠ ᠳᠤ ᠠᠩᠬᠠᠷᠤᠯ ᠢᠶᠠᠨ ᠲᠥᠪᠯᠡᠷᠡᠭᠦᠯᠦᠨ᠂ ︽ᠬᠤᠶᠠᠷ ᠲᠠᠯ᠎ᠠ ᠶᠢ ᠠᠳᠬᠤᠵᠤ᠂ ᠳᠤᠮᠳᠠᠬᠢ ᠶᠢ ᠠᠬᠢᠭᠤᠯᠵᠤ︾᠂ ᠡᠯ᠎ᠡ ᠵᠦᠢᠯ ᠤᠨ ᠡᠭᠦᠷᠭᠡ ᠶᠢᠨ ᠭᠤᠤᠯᠳᠠᠯᠭ᠎ᠠ ᠲᠠᠢ ᠰᠢᠪᠲᠤᠯᠤᠯᠲᠠ᠂ ᠱᠠᠲᠤᠯᠢᠭ ᠠᠬᠢᠭᠤᠯᠤᠯᠲᠠ᠂ ᠪᠦᠬᠦᠯᠢ ᠴᠣᠭᠴᠠ ᠶᠢᠨ ᠳᠡᠭᠡᠭᠰᠢᠯᠡᠯᠲᠡ ᠶᠢ ᠪᠡᠶᠡᠯᠡᠭᠦᠯᠦᠨ᠎ᠡ᠃ ᠲᠤᠷᠰᠢᠯᠲᠠ ᠶᠢᠨ ᠴᠢᠭ ᠤᠨ ᠵᠢᠱᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠦᠯ ᠢ ᠭᠦᠢᠴᠡᠳ ᠪᠠᠳᠠᠷᠠᠭᠤᠯᠵᠤ᠂ ᠲᠡᠷᠢᠭᠦᠨ ᠤ ᠬᠢ ᠪᠠᠷ ᠬᠤᠴᠣᠷᠤᠩᠭᠤᠶ ᠶᠢ ᠳᠠᠶᠢᠴᠢᠯᠠᠵᠤ᠂ ᠬᠤᠴᠣᠷᠤᠩᠭᠤᠶ ᠠᠶᠢᠮᠠᠭ ᠬᠤᠲᠠ ᠶᠢ ᠰᠢᠮᠳᠠᠭᠤᠯᠵᠤ ᠪᠠᠶᠢᠭᠠᠳ ᠬᠦᠭᠵᠢᠯᠳᠡ ᠶᠢ ᠠᠬᠢᠭᠤᠯᠬᠤ ᠬᠡᠷᠡᠭᠳᠡᠢ᠃ ᠡᠯ᠎ᠡ ᠭᠠᠵᠠᠷ ᠤᠨ ︽ ᠥᠪᠡᠷ ᠥᠪᠡᠷ ᠤᠨ ᠠᠪᠢᠶᠠᠰ ᠴᠢᠳᠠᠪᠤᠷᠢ ᠪᠠᠨ ᠢᠯᠡᠷᠡᠭᠦᠯᠬᠦ︾ ᠶᠢ ᠵᠣᠷᠢᠭᠵᠢᠭᠤᠯᠵᠤ᠂ ᠶᠡᠷᠦ ᠪᠤᠰᠤ ᠶᠢᠨ ᠭᠠᠪᠢᠶ᠎ᠠ ᠪᠠᠶᠢᠭᠤᠯᠵᠤ᠂ ᠶᠡᠷᠦ ᠪᠤᠰᠤ ᠶᠢᠨ ᠬᠦᠴᠦᠨ ᠨᠡᠮᠡᠷᠢᠯᠡᠵᠦ᠂ ᠶᠡᠷᠦ ᠪᠤᠰᠤ ᠶᠢᠨ ᠠᠷᠭ᠎ᠠ ᠬᠡᠮᠵᠢᠶ᠎ᠡ ᠪᠠᠷ ᠬᠡᠪ ᠤᠨ ᠪᠤᠰᠤ ᠪᠣᠳᠠᠲᠤ ᠦᠷ᠎ᠡ ᠪᠦᠲᠦᠮᠵᠢ ᠶᠢ ᠲᠡᠮᠡᠴᠡᠨ ᠤᠯᠬᠤ ᠶᠢ ᠵᠣᠷᠢᠭᠵᠢᠭᠤᠯᠬᠤ ᠬᠡᠷᠡᠭᠲᠡᠢ᠃ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ ᠬᠦᠴᠢᠷ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ᠃ ᠲᠦᠷᠦᠯ ᠵᠦᠢᠯ ᠢ ᠪᠦᠬᠦ ᠬᠦᠴᠦᠨ ᠢᠶᠠᠷ ᠢᠶᠠᠨ ᠠᠳᠬᠤᠵᠤ᠂ ᠪᠡᠯᠡ ᠮᠥᠩᠭᠦ ᠤᠯᠬᠤ ᠪᠠᠷ ᠴᠢᠷᠮᠠᠶᠢᠵᠤ᠂ ᠴᠠᠭ ᠬᠤᠭᠤᠴᠠᠭ᠎ᠠ ᠶᠢ ᠠᠮᠵᠢᠵᠤ᠂ ᠠᠬᠢᠴᠠ ᠶᠢ ᠠᠮᠵᠢᠵᠤ᠂ ᠠᠵᠢᠯ ᠤᠨ ᠬᠤᠭᠤᠴᠠᠭ᠎ᠠ ᠶᠢ ᠠᠮᠵᠢᠵᠤ᠂ ᠨᠡᠩ ᠤᠯᠠᠨ ᠪᠣᠳᠠᠲᠤ ᠠᠵᠢᠯ ᠤᠨ ᠬᠡᠮᠵᠢᠶ᠎ᠡ ᠪᠣᠯᠤᠨ ᠪᠡᠯᠡ ᠮᠥᠩᠭᠦ ᠥᠭᠬᠦ ᠬᠡᠮᠵᠢᠶ᠎ᠡ ᠶᠢ ᠲᠦᠷᠭᠡᠨ ᠪᠦᠷᠢᠯᠳᠦᠭᠦᠯᠵᠦ᠂ ᠭᠤᠣᠯᠳᠠᠯᠭ᠎ᠠ ᠲᠠᠢ ᠬᠦᠷᠢᠶ᠎ᠡ ᠪᠣᠯᠤᠨ ᠵᠠᠩᠭᠢᠯᠠᠭ᠎ᠠ ᠶᠢᠨ ᠭᠤᠭᠴᠤᠭ᠎ᠠ ᠶᠢᠨ ᠰᠢᠪᠲᠤᠯᠤᠯᠲᠠ ᠪᠠᠷ ᠪᠦᠬᠦ ᠲᠠᠯ᠎ᠠ ᠶᠢᠨ ᠠᠵᠢᠯ ᠤᠨ ᠠᠮᠵᠢᠯᠲᠠ ᠪᠦᠲᠦᠮᠵᠢ ᠶᠢ ᠳᠠᠶᠢᠴᠢᠯᠠᠬᠤ ᠬᠡᠷᠡᠭᠲᠡᠢ᠃ ᠬᠦᠴᠢᠷ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠤᠯᠠᠨ ᠲᠠᠯ᠎ᠠ ᠪᠠᠷ ᠵᠡᠷᠭᠡᠪᠡᠷ ᠬᠠᠮᠢᠶᠠᠷᠴᠤ᠂ ᠦᠩᠭᠡᠨ ᠲᠠᠯ᠎ᠠ ᠪᠠ ᠦᠨᠳᠦᠰᠦ ᠰᠤᠷᠪᠤᠯᠵᠢ ᠶᠢ ᠵᠡᠷᠭᠡᠪᠡᠷ ᠵᠠᠰᠠᠵᠤ᠂ ᠪᠠᠶᠢᠷᠢᠯᠠᠭᠤᠯᠤᠯᠲᠠ ᠶᠢ ᠠᠳᠬᠤᠬᠤ᠂ ᠨᠢᠭᠡᠳᠦᠯᠲᠡᠢ ᠲᠥᠯᠥᠪᠵᠢᠭᠦᠯᠬᠦ ᠶᠢ ᠠᠳᠬᠤᠬᠤ᠂ ᠲᠥᠰᠦᠯ ᠢ ᠠᠳᠬᠤᠬᠤ᠂ ᠨᠠᠶᠢᠳᠠᠪᠤᠷᠢᠵᠢᠭᠤᠯᠤᠯᠲᠠ ᠶᠢ ᠠᠳᠬᠤᠬᠤ᠂ ᠰᠢᠮᠳᠠᠭᠤᠯᠤᠨ ᠭᠦᠢᠴᠡᠳᠬᠡᠬᠦ ᠶᠢ ᠠᠳᠬᠤᠬᠤ ᠵᠡᠷᠭᠡ ᠭᠤᠭᠴᠤᠭ᠎ᠠ ᠶᠢ ᠵᠣᠯᠭᠠᠭᠤᠯᠤᠨ ᠨᠡᠪᠲᠡᠷᠡᠭᠦᠯᠵᠦ᠂ ᠰᠠᠨᠠᠭᠠᠴᠢᠯᠠᠭ᠎ᠠ ᠠᠴᠠ ᠪᠠᠨ ᠵᠥᠷᠢᠴᠡᠯ ᠢ ᠰᠢᠢᠳᠪᠦᠷᠢᠯᠡᠵᠦ᠂ ᠠᠰᠠᠭᠤᠳᠠᠯ ᠢ ᠰᠢᠢᠳᠪᠦᠷᠢᠯᠡᠵᠦ᠂ ᠬᠠᠷᠢᠭᠤᠴᠠᠯᠭ᠎ᠠ  ᠪᠠᠨ ᠭᠦᠢᠴᠡᠳᠬᠡᠨ ᠨᠠᠶᠢᠳᠠᠪᠤᠷᠢᠵᠢᠭᠤᠯᠤᠯᠲᠠ ᠶᠢ ᠴᠢᠩᠭ᠎ᠠ ᠠᠳᠬᠤᠬᠤ ᠬᠡᠷᠡᠭᠲᠡᠢ᠃ ᠦᠷ᠎ᠡ ᠳ᠋ᠦᠩ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ ᠪᠣᠳᠠᠲᠤ ᠦᠷ᠎ᠡ ᠪᠦᠲᠦᠮᠵᠢ ᠶᠢ ᠡᠷᠬᠢᠮᠯᠡᠬᠦ ᠬᠡᠷᠡᠭᠲᠡᠢ᠃ ᠬᠦᠴᠤᠷᠭᠡᠭ ᠢᠶᠠᠷ ᠰᠢᠪᠳᠤᠯᠬᠤ ᠪᠠᠶᠢᠳᠠᠯ ᠢ ᠢᠮᠠᠭᠳᠠ ᠪᠠᠳᠤᠯᠠᠵᠤ᠂ ᠡᠬᠦᠷᠭᠡ ᠶᠢᠨ ᠪᠢᠴᠢᠭ ᠲᠠᠢ ᠬᠠᠷᠭᠤᠭᠤᠯᠤᠨ᠂ ᠴᠠᠭ ᠤᠨ ᠬᠦᠰᠦᠨᠦᠭᠳᠦ ᠶᠢ ᠳᠤᠭᠳᠠᠭᠠᠵᠤ᠂ ᠪᠠᠶᠢᠯᠳᠤᠭᠠᠨ ᠤ ᠵᠢᠷᠤᠭ ᠢ ᠨᠠᠶᠢᠳᠠᠪᠤᠷᠢᠵᠢᠭᠤᠯᠬᠤ ᠬᠡᠷᠡᠭᠳᠠᠢ᠃ ᠲᠠᠩᠰᠠ ᠮᠡᠳᠡᠭᠦᠯᠵᠦ ᠰᠢᠯᠭᠠᠯᠲᠠ ᠲᠤᠰᠢᠶᠠᠬᠤ ᠤᠬᠠᠮᠰᠠᠷ ᠢᠶᠠᠨ ᠴᠢᠩᠭᠠᠳᠬᠠᠵᠤ᠂ ᠡᠭᠦᠷᠭᠡ ᠶᠢᠨ ᠬᠡᠮᠵᠢᠶ᠎ᠡ ᠲᠣᠭᠲᠠᠭᠠᠬᠤ᠂ ᠬᠠᠷᠢᠭᠤᠴᠠᠯᠭ᠎ᠠ ᠪᠠᠷ ᠬᠥᠮᠦᠨ ᠲᠣᠭᠲᠠᠭᠠᠬᠤ᠂ ᠠᠬᠢᠴᠠ ᠪᠠᠷ ᠬᠤᠭᠤᠴᠠᠭ᠎ᠠ ᠲᠤᠭᠳᠠᠭᠠᠬᠤ ᠠᠵᠢᠯ ᠤᠨ ᠡᠬᠡ ᠲᠠᠩᠰᠠ ᠪᠠᠶᠢᠭᠤᠯᠵᠤ᠂ ᠲᠣᠬᠢᠷᠠᠭᠤᠯᠤᠨ ᠰᠢᠮᠳᠠᠭᠤᠯᠤᠨ ᠰᠢᠢᠳᠪᠦᠷᠢᠯᠡᠭᠦᠯᠬᠦ ᠡᠷᠴᠢᠮ ᠢᠶᠠᠨ ᠴᠢᠩᠭᠠᠷᠠᠭᠤᠯᠤᠨ᠂ ᠠᠵᠢᠯ ᠬᠠᠮᠢᠭ᠎ᠠ ᠪᠠᠶᠢᠪᠠᠯ ᠰᠢᠮᠳᠠᠭᠤᠯᠤᠨ ᠪᠠᠶᠢᠴᠠᠭᠠᠵᠤ ᠵᠢᠭᠠᠨ ᠵᠢᠯᠤᠭᠤᠳᠬᠤ ᠲᠡᠨᠳᠡ ᠬᠦᠷᠲᠡᠯ᠎ᠡ ᠦᠷᠭᠦᠯᠵᠢᠯᠡᠵᠦ᠂ ᠰᠢᠮᠳᠠᠭᠤᠯᠤᠨ ᠰᠢᠢᠳᠪᠦᠷᠢᠯᠡᠬᠦ ᠶᠢ ᠰᠤᠯᠠᠷᠠᠭᠤᠯᠤᠯ ᠥᠬᠡᠶ ᠪᠠᠶᠢᠬᠤ ᠶᠢ ᠪᠠᠷᠢᠮᠳᠠᠯᠠᠵᠦ᠂ ᠦᠨᠡᠨ ᠬᠦ ᠪᠣᠳᠠᠲᠤ ᠠᠮᠵᠢᠯᠲᠠ ᠂ ᠦᠷ᠎ᠡ ᠳ᠋ᠦᠩ ᠢᠶᠠᠷ ᠲᠠᠩᠰᠠ ᠲᠤᠰᠢᠶᠠᠬᠤ ᠬᠡᠷᠡᠭᠲᠡᠶ ᠭᠡᠵᠦ ᠴᠢᠬᠤᠯᠠᠴᠢᠯᠠᠪᠠ ᠃    ᠬᠤᠷᠠᠯ ᠠᠴᠠ ᠪᠠᠰᠠ ᠪᠤᠰᠤᠳ ᠵᠦᠢᠯ ᠢ ᠰᠤᠳᠤᠯᠵᠠᠢ᠃ 
ᠢᠷᠡᠯᠲᠡ᠄ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠢᠩᠬᠢᠮ ᠤᠨ ᠠᠯᠪᠠᠨ ᠬᠡᠷ