ᠤᠯᠠᠭᠠᠨᠬᠠᠳᠠ ᠬᠤᠲᠠ᠎ᠶ᠋ᠢᠨ ᠶᠤᠸᠠᠨ ᠪᠦᠦ ᠱᠠᠨ ᠲᠣᠭᠤᠷᠢᠭ᠎ᠤᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ ᠠᠷᠠᠳ ᠣᠯᠠᠨ᠎ᠲᠠᠢ ᠰᠡᠳᠭᠢᠯ ᠵᠢᠷᠦᠬᠡ᠎ᠪᠠᠨ ᠬᠤᠯᠪᠣᠵᠤ ᠪᠣᠳᠠᠲᠤ ᠶᠠᠪᠤᠳᠠᠯ ᠬᠢᠬᠦ᠌ ᠳᠡᠩᠰᠡᠯᠡᠯᠲᠡ᠎ᠶ᠋ᠢᠨ ᠬᠤᠷᠳᠤᠴᠠ᠎ᠪᠠᠨ ᠲᠦᠷᠭᠡᠳᠭᠡᠵᠦ᠍ ᠠᠷᠠᠳ᠎ᠤᠨ ᠰᠡᠳᠭᠢᠯ᠎ᠢ ᠲᠤᠯᠠᠭᠠᠴᠠᠭᠤᠯᠪᠠ
2025-10-20

  ᠣᠯᠠᠨ ᠲᠦᠮᠡᠨ᠎ᠤ ᠠᠵᠢᠯ ᠶᠠᠪᠤᠳᠠᠯ ᠭᠦᠢᠴᠡᠳᠭᠡᠬᠦ᠌ ᠣᠢᠯᠠᠭᠠᠯᠲᠠ᠎ᠶ᠋ᠢ ᠳᠡᠭᠡᠭ᠌ᠰᠢᠯᠡᠭᠦᠯᠵᠦ᠍᠂ 《ᠦᠨᠡᠮᠯᠡᠯ ᠠᠪᠬᠤ》ᠶ᠋ᠢ ᠣᠯᠠᠨ ᠲᠦᠮᠡᠨ᠎ᠤ ᠰᠡᠳᠭᠢᠯ᠎ᠳᠠᠬᠢ 《ᠰᠡᠳᠭᠢᠯ᠎ᠢ ᠳᠤᠯᠠᠭᠠᠴᠠᠭᠤᠯᠬᠤ ᠶᠠᠪᠤᠳᠠᠯ ᠪᠣᠯᠭᠠᠬᠤ᠎ᠶ᠋ᠢᠨ ᠲᠥᠯᠥᠭᠡ᠂ ᠤᠯᠠᠭᠠᠨᠬᠠᠳᠠ ᠬᠤᠲᠠ᠎ᠶ᠋ᠢᠨ ᠶᠤᠸᠠᠨ ᠪᠦᠦ ᠱᠠᠨ ᠲᠣᠭᠤᠷᠢᠭ᠎ᠤᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ ᠦᠢᠯᠡᠴᠢᠯᠡᠭᠡᠨ᠎ᠤ ᠳᠤᠮᠳᠠᠬᠢ ᠲᠦᠭ᠌ᠵᠢᠷᠡᠯ᠂ ᠬᠦᠴᠢᠷ ᠠᠰᠠᠭᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠦᠢᠯᠡᠴᠢᠯᠡᠭᠡᠨ᠎ᠤ ᠲᠣᠤᠷ᠎ᠢ ᠤᠯᠠᠮ ᠨᠢᠭᠡ ᠠᠯᠬᠤᠮ ᠨᠢᠭ᠍ᠲᠠ ᠰᠦᠯᠵᠢᠵᠦ᠍᠂ ᠥᠯᠥ᠍ ᠬᠥᠳᠡᠯᠬᠦ᠌ ᠬᠥᠷᠥᠩᠭᠡ᠎ᠶ᠋ᠢ ᠳᠡᠩᠰᠡᠯᠡᠨ ᠲᠡᠮᠳᠡᠭ᠌ᠯᠡᠬᠦ᠌ ᠠᠵᠢᠯ᠎ᠤᠨ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠪᠡ᠃

  ᠬᠤᠷᠳᠤᠴᠠ᠎ᠶᠢ ᠳᠡᠭᠡᠭᠰᠢᠯᠡᠭᠦᠯᠦᠨ ᠦᠷ᠎ᠡ ᠠᠰᠢᠭ᠋᠎ᠢ ᠨᠡᠮᠡᠭᠳᠡᠭᠦᠯᠬᠦ᠎ᠶᠢ ᠬᠠᠮᠲᠤ ᠳ᠋ᠤᠨᠢ ᠬᠦᠴᠦᠯᠡᠵᠦ ᠂ ᠨᠢᠭᠡ ᠵᠦᠢᠯ᠎ᠦᠨ ᠳᠡᠩᠰᠡᠯᠡᠨ ᠲᠡᠮᠳᠡᠭᠯᠡᠬᠦ᠎ᠳᠦ ᠬᠠᠮᠲᠤ᠎ᠪᠠᠷ ᠬᠠᠪᠰᠤᠷᠤᠯᠭ᠎ᠠ ᠦᠵᠡᠭᠦᠯᠪᠡ᠃ 《ᠨᠢᠭᠡ ᠶᠠᠪᠤᠳᠠᠯ᠎ᠢ ᠨᠢᠭᠡ ᠯᠡ ᠤᠳᠠᠭ᠎ᠠ᠎ᠳᠤ ᠭᠦᠢᠴᠡᠳᠭᠡᠬᠦ᠌》 ᠎ᠶ᠋ᠢ ᠪᠥᠬᠦ᠌ ᠲᠠᠯ᠎ᠠ᠎ᠪᠠᠷ ᠬᠡᠷᠡᠭ᠌ᠵᠢᠭᠦᠯᠵᠦ᠍᠂ ᠠᠷᠠᠯᠵᠢᠶ᠎ᠠ᠂ ᠭᠠᠢᠯᠢ ᠲᠤᠱᠢᠶᠠᠬᠤ᠂ ᠳᠡᠩᠰᠡᠯᠡᠨ ᠲᠡᠮᠳᠡᠭ᠌ᠯᠡᠬᠦ᠂ ᠰᠦᠢᠳᠭᠡᠯ ᠬᠤᠷᠢᠶᠠᠬᠤ ᠵᠡᠷᠭᠡ ᠭᠤᠭ᠍ᠴᠤᠭ᠎ᠠ᠎ᠶ᠋ᠢ ᠡᠮᠬᠢᠯᠡᠨ ᠨᠡᠢᠯᠡᠭᠦᠯᠵᠦ᠍᠂ 《ᠶᠡᠷᠦᠩᠬᠡᠢᠯᠡᠭ᠌ᠰᠡᠨ ᠴᠣᠩᠬᠤ᠎ᠪᠠᠷ ᠭᠥᠯᠢᠶᠡᠨ ᠠᠪᠴᠤ᠌ ᠱᠢᠢᠳᠪᠦᠷᠢᠯᠡᠬᠦ᠌》 ᠎ᠪᠠᠷ ᠳᠠᠮᠵᠢᠭᠤᠯᠤᠨ᠂ ᠭᠦᠶ᠋ᠴᠡᠳᠭᠡᠬᠦ᠌ ᠦᠷ᠎ᠡ ᠪᠦᠲᠦᠮᠵᠢ᠎ᠶ᠋ᠢ  ᠳᠡᠭᠡᠭᠰᠢᠯᠡᠭᠦᠯᠪᠡ᠃ ᠪᠠᠷᠢᠴᠠᠭᠠᠯᠠᠬᠤ ᠳᠠᠩᠰᠠᠯᠠᠯᠲᠠ᠂ ᠪᠠᠢᠴᠠᠭᠠᠨ ᠪᠢᠲᠡᠭᠦᠮᠵᠢᠯᠡᠵᠦ᠍ ᠳᠠᠩᠰᠠᠯᠠᠨ ᠲᠡᠮᠳᠡᠭ᠌ᠯᠡᠬᠦ᠌᠎ᠶ᠋ᠢ ᠳᠠᠷᠦ᠋ᠢᠬᠠᠨ ᠭᠦᠢᠴᠡᠳᠭᠡᠵᠦ᠍ ᠳᠠᠭᠤᠰᠭᠠᠬᠤ᠎ᠶ᠋ᠢ ᠪᠡᠶᠡᠯᠡᠭᠦᠯᠵᠦ᠍᠂ ᠡᠩ᠎ᠤᠨ ᠥᠯᠥ᠍ ᠬᠥᠳᠡᠯᠬᠦ᠌ ᠬᠥᠷᠥᠩᠭᠡ᠎ᠶ᠋ᠢᠨ ᠳᠠᠩᠰᠠᠯᠠᠨ ᠲᠡᠮᠳᠡᠭ᠌ᠯᠡᠬᠦ᠌ ᠲᠤᠬᠠᠢᠯᠠᠭ᠍ᠰᠠᠨ ᠠᠵᠢᠯ᠎ᠢ 1 ᠠᠵᠢᠯᠯᠠᠬᠤ ᠡᠳᠦᠷ᠎ᠤᠨ ᠳᠣᠲᠣᠷ᠎ᠠ ᠭᠦᠢᠴᠡᠳᠭᠡᠵᠦ᠍ ᠳᠠᠭᠤᠰᠭᠠᠬᠤ ᠬᠡᠷᠡᠭ᠌ᠲᠡᠶ᠃ ᠡᠨᠡ ᠵᠢᠯ᠎ᠠᠴᠠ ᠨᠠᠭ᠋ᠠᠰᠢ᠂ ᠥᠯᠥ᠍ ᠬᠥᠳᠡᠯᠬᠦ᠌ ᠬᠥᠷᠥᠩᠭᠡ᠎ᠶ᠋ᠢᠨ ᠳᠡᠩᠰᠡᠯᠡᠯᠲᠡ᠎ᠶ᠋ᠢᠨ ᠲᠤᠬᠠᠢᠯᠠᠭ᠍ᠰᠠᠨ ᠠᠵᠢᠯ᠎ᠢ ᠨᠢᠭᠡᠨᠲᠡ 15663 ᠬᠤᠪᠢ ᠭᠦᠢᠴᠡᠳᠭᠡᠵᠦ᠍᠂ 330 ᠡᠷᠦᠬᠡ᠎ᠶ᠋ᠢᠨ ᠣᠷᠣᠨ ᠰᠠᠭᠤᠴᠠ᠎ᠶ᠋ᠢᠨ 《ᠦᠨᠡᠮᠯᠡᠯ ᠭᠦᠢ᠍ᠴᠡᠳᠭᠡᠬᠦ᠎ᠳᠤ ᠬᠦᠴᠢᠷ》 ᠪᠠᠢᠬᠤ ᠠᠰᠠᠭᠤᠳᠠᠯ᠎ᠢ ᠠᠮᠵᠢᠯᠲᠠ᠎ᠲᠠᠢ᠎ᠪᠠᠷ ᠱᠢᠢᠳᠪᠦᠷᠢᠯᠡᠪᠡ᠃

  ᠡᠷᠬᠡ᠎ᠶᠢ ᠨᠤᠲᠠᠯᠠᠨ ᠦᠨᠡᠮᠯᠡᠯ ᠣᠯᠭᠣᠬᠤ᠎ᠳᠤ ᠲᠣᠰᠬᠣᠨ᠎ᠤ ᠵᠠᠬ᠎ᠠ᠎ᠳᠤ ᠬᠦᠷᠴᠦ᠂ ᠠᠷᠠᠳ᠎ᠲᠤ ᠠᠰᠢᠭ᠋ ᠬᠦᠷᠲᠡᠭᠡᠬᠦ ᠦᠢᠯᠡᠴᠢᠯᠡᠭᠡ᠎ᠶᠢ ᠥᠴᠥᠬᠡᠨ ᠴᠦ᠍ ᠲᠠᠰᠤᠯᠳᠠᠭᠤᠯᠤᠭᠰᠠᠨ ᠦᠭᠡᠢ᠃ ᠬᠥᠳᠡᠭᠡ ᠲᠣᠰᠭᠤᠨ᠎ᠤ ᠣᠷᠣᠨ ᠰᠠᠭᠤᠴᠠ᠎ᠶ᠋ᠢᠨ ᠭᠠᠵᠠᠷ᠎ᠤᠨ ᠦᠨᠡᠮᠯᠡᠯ ᠣᠯᠭᠤᠬᠤ ᠠᠵᠢᠯ᠎ᠤᠨ ᠤᠷᠤᠭ᠍ᠰᠢᠲᠠᠶ ᠶᠠᠪᠤᠭ᠍ᠳᠠᠬᠤ᠎ᠶ᠋ᠢ ᠠᠬᠢᠭᠤᠯᠬᠤ᠎ᠶ᠋ᠢᠨ ᠲᠥᠯᠥᠭᠡ᠂ ᠰᠠᠨᠠᠭᠠᠴᠢᠯᠠᠭ᠎ᠠ᠎ᠠᠴᠠ᠎ᠪᠠᠨ ᠭᠤᠷᠪᠠᠳᠠᠬᠢ ᠲᠠᠯ᠎ᠠ᠎ᠶ᠋ᠢᠨ ᠬᠦᠴᠦᠨ᠎ᠢ ᠣᠷᠣᠭᠤᠯᠤᠨ ᠠᠪᠴᠢᠷᠠᠵᠤ᠂ ᠣᠯᠠᠨ ᠠᠵᠢᠯᠯᠠᠬᠤ ᠠᠩᠭᠢ᠎ᠶ᠋ᠢ ᠵᠣᠬᠢᠶᠠᠨ ᠪᠠᠢᠭᠤᠯᠵᠤ ᠬᠥᠳᠡᠭᠡ ᠲᠣᠰᠭᠤᠨ᠎ᠳᠤ ᠭᠦᠨᠵᠡᠭᠡᠢᠷᠡᠭᠦᠯᠦᠨ᠂ ᠡᠷᠬᠡ᠎ᠶ᠋ᠢ ᠨᠤᠲᠠᠯᠠᠨ ᠳᠡᠩᠰᠡᠯᠡᠵᠦ᠍᠂ ᠬᠠᠮᠢᠶ᠎ᠠ ᠪᠥᠬᠦᠶ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠤᠨ ᠲᠠᠢᠯᠪᠤᠷᠢᠯᠠᠵᠤ᠂ ᠲᠣᠰᠭᠤᠨ᠎ᠤ ᠠᠷᠠᠳ᠎ᠤᠨ ᠮᠠᠳᠠᠭ᠎ᠲᠠᠢ ᠠᠰᠠᠭᠤᠳᠠᠯ᠎ᠢ ᠱᠢᠢᠳᠪᠦᠷᠢᠯᠡᠵᠦ᠍ ᠥᠭ᠌ᠪᠡ᠃ ᠣᠢᠷ᠎ᠠ᠎ᠶ᠋ᠢᠨ ᠬᠤᠭᠤᠴᠠᠭᠠᠨ᠎ᠳᠤ᠂ ᠱᠢᠶᠤᠤ ᠡᠤ ᠎ᠶᠢᠨ ᠣᠷᠣᠨ ᠨᠤᠲᠤᠭ ᠵᠡᠷᠭᠡ 5 ᠲᠣᠰᠭᠤᠨ᠎ᠢ ᠨᠢᠭᠡᠨᠲᠡ ᠪᠡᠶᠡᠯᠡᠭᠦᠯᠵᠦ᠍᠂ ᠨᠡᠢᠲᠡ 1200 ᠡᠷᠦᠬᠡ᠎ᠶ᠋ᠢᠨ ᠣᠷᠣᠨ ᠰᠠᠭᠤᠴᠠ᠎ᠶ᠋ᠢᠨ ᠭᠠᠵᠠᠷ᠎ᠤᠨ ᠬᠡᠷ ᠪᠠᠢᠱᠢᠩ ᠭᠠᠵᠠᠷ ᠱᠢᠷᠣᠶ᠎ᠶ᠋ᠢᠨ ᠡᠷᠬᠡ᠎ᠶ᠋ᠢ ᠨᠤᠲᠠᠯᠠᠨ ᠲᠣᠭ᠍ᠲᠠᠭᠠᠵᠤ ᠪᠦᠷᠢᠳᠭᠡᠬᠦ᠌ ᠠᠵᠢᠯ᠎ᠢ ᠪᠡᠶᠡᠯᠡᠭᠦᠯᠵᠦ᠍᠂ ᠣᠯᠠᠨ ᠲᠦᠮᠡᠨ᠎ᠳᠤ ᠦᠶ᠋ᠯᠡᠴᠢᠯᠡᠬᠦ᠌ 《ᠡᠴᠦᠰ᠎ᠤᠨ ᠨᠢᠭᠡ ᠺᠢᠯᠣᠮᠧᠲᠷ》 ᠎ᠢ ᠨᠡᠪᠲᠡᠷᠡᠭᠦᠯᠪᠡ᠃

  ᠵᠠᠰᠠᠭ ᠪᠠᠩᠬᠢ ᠬᠤᠯᠪᠣᠭᠠᠯᠠᠨ ᠨᠢᠭᠡ ᠥᠷᠲᠡᠭᠡ ᠡᠷᠬᠢᠯᠡᠵᠦ᠍᠂ ᠣᠢᠷ᠎ᠠ ᠬᠠᠪᠢ᠎ᠳᠠᠭᠠᠨ ᠠᠵᠢᠯ ᠶᠠᠪᠤᠳᠠᠯ ᠭᠦᠢᠴᠡᠳᠭᠡᠬᠦ᠌᠎ᠳᠤ ᠨᠠᠩ ᠳᠥᠭᠦᠮ ᠳᠥᠲᠡ ᠪᠣᠯᠪᠠ᠃ ᠬᠠᠮᠳᠣᠷᠡᠯᠴᠠᠬᠤ ᠵᠠᠮ ᠮᠦᠷ᠎ᠢ ᠢᠳᠡᠪᠬᠢᠳᠡᠢ᠎ᠪᠠᠷ ᠦᠷᠭᠡᠳᠭᠡᠵᠦ᠍᠂ ᠣᠷᠣᠨ ᠰᠠᠭᠤᠴᠠ᠎ᠶ᠋ᠢᠨ ᠨᠡᠢᠳᠡ᠎ᠶ᠋ᠢᠨ ᠬᠤᠷᠡᠮᠳᠣᠭᠤᠯᠭ᠎ᠠ᠎ᠶ᠋ᠢᠨ ᠮᠦᠡᠭ᠌ᠬᠦ᠎ᠶ᠋ᠢᠨ ᠬᠠᠮᠢᠶᠡᠷᠦᠯᠳᠡ᠎ᠶ᠋ᠢᠨ ᠲᠥᠪ᠂ ᠳᠡᠷᠢᠶᠡᠯᠡᠩ᠎ᠤᠨ ᠬᠤᠳᠠᠯᠳᠣᠭᠠᠨ᠎ᠤ ᠪᠠᠩᠬᠢ᠂ ᠦᠪᠤᠷ ᠮᠣᠩᠭᠤᠯ᠎ᠤᠨ ᠬᠤᠳᠠᠯᠳᠣᠭᠠᠨ᠎ᠤ ᠪᠠᠩᠬᠢ ᠵᠡᠷᠭᠡ ᠨᠢᠭᠡᠴᠢ᠎ᠯᠦᠭᠡ ᠬᠠᠮᠳᠣᠷᠡᠯᠴᠠᠵᠦ᠍᠂ ᠡᠯ᠎ᠠ ᠪᠠᠩᠬᠢ᠎ᠶ᠋ᠢᠨ ᠲᠣᠣᠷ ᠴᠡᠭ ᠵᠢᠴᠢ ᠨᠡᠢᠳᠡ᠎ᠶ᠋ᠢᠨ ᠬᠤᠷᠡᠮᠳᠣᠭᠤᠯᠭ᠎ᠠ᠎ᠶ᠋ᠢᠨ ᠮᠦᠡᠭ᠌ᠬᠦ᠎ᠶ᠋ᠢᠨ ᠦᠢᠯᠡᠴᠢᠯᠡᠭᠡᠨ᠎ᠤ ᠲᠣᠣᠷ ᠴᠡᠭ᠎ᠲᠤ ᠲᠣᠰᠭᠠᠢᠯᠠᠨ ᠪᠠᠷᠢᠴᠠᠭᠠᠯᠠᠨ ᠳᠡᠩᠰᠡᠯᠡᠭᠤᠯᠬᠤ ᠠᠷᠡᠳ᠎ᠲᠤ ᠳᠦᠬᠦᠮ ᠦᠵᠡᠬᠦᠯᠬᠦ᠌ ᠴᠣᠩᠬᠤᠪᠴᠢ᠎ᠶ᠋ᠢ ᠪᠠᠢ᠌ᠷᠢᠯᠠᠭᠤᠯᠪᠠ᠃ ᠡᠬᠢ ᠪᠠᠶᠠᠯᠢᠭ᠎ᠢ ᠬᠠᠮᠲᠤ᠎ᠪᠠᠷ ᠡᠳ᠋ᠯᠡᠬᠦ᠂ ᠲᠤᠬᠠᠢᠯᠠᠭ᠍ᠰᠠᠨ ᠠᠵᠢᠯ᠎ᠤᠨ ᠬᠠᠮᠵᠢᠯᠴᠠᠬᠤ ᠠᠷᠭ᠎ᠠ ᠮᠠᠶᠢᠭ᠎ᠢᠶᠠᠷ ᠳᠠᠮᠵᠢᠭᠤᠯᠤᠨ᠂ ᠣᠯᠠᠨ ᠲᠦᠮᠡᠨ ᠬᠡᠷ ᠪᠠᠢᠱᠢᠩ ᠬᠤᠳᠠᠯᠳᠤᠨ ᠠᠪᠬᠤ ᠵᠢᠭᠡᠯᠡᠯᠭᠡ ᠪᠤᠶᠤ ᠨᠡᠢᠲᠡ᠎ᠶ᠋ᠢᠨ ᠬᠤᠷᠠᠮᠳᠤᠭᠤᠯᠭ᠎ᠠ᠎ᠶ᠋ᠢᠨ ᠮᠥᠩᠭᠦ᠎ᠶ᠋ᠢᠨ ᠲᠤᠬᠠᠢᠯᠠᠭ᠍ᠰᠠᠨ ᠠᠵᠢᠯ᠎ᠢ ᠭᠦᠶ᠋ᠴᠡᠳᠭᠡᠬᠦ᠌᠎ᠳᠡᠭᠡᠨ᠂ ᠱᠢᠭᠤᠳ ᠲᠣᠤᠷ ᠴᠡᠭ᠎ᠲᠦ ᠥᠯᠥ᠍ ᠬᠥᠳᠡᠯᠬᠦ᠌ ᠬᠥᠷᠥᠩᠭᠡ᠎ᠶ᠋ᠢᠨ ᠪᠠᠷᠢᠴᠠᠭᠠᠯᠠᠬᠤ ᠳᠡᠩᠰᠡᠯᠡᠯᠲᠡ᠎ᠶ᠋ᠢᠨ ᠭᠤᠶᠤᠴᠢᠯᠠᠯ᠎ᠢ ᠲᠤᠱᠢᠶᠠᠵᠤ ᠪᠣᠯᠤᠨ᠎ᠠ᠂ ᠣᠯᠠᠨ ᠤᠳᠠᠭ᠎ᠠ ᠨᠠᠭ᠋ᠠᠰᠢ ᠴᠠᠭ᠋ᠠᠰᠢ ᠶᠠᠪᠤᠬᠤ ᠴᠢᠬᠤᠯᠠ ᠥᠬᠡᠶ ᠪᠣᠯᠬᠤᠷ 《ᠣᠢᠷ᠎ᠠ ᠬᠠᠪᠢ᠎ᠳᠠᠭᠠᠨ ᠭᠤᠶᠤᠴᠢᠯᠠᠬᠤ᠂ ᠨᠢᠭᠡ ᠥᠷᠲᠡᠭᠡ᠎ᠳᠤ ᠭᠦᠶ᠋ᠴᠡᠳᠭᠡᠬᠦ᠌》 ᠎ᠶ᠋ᠢ ᠪᠡᠶᠡᠯᠡᠭᠦᠯᠵᠦ᠍ ᠪᠣᠯᠤᠨ᠎ᠠ᠃

  ᠳᠠᠷᠠᠭᠠᠴᠢ᠎ᠶ᠋ᠢᠨ ᠠᠯᠬᠤᠮ᠎ᠳᠤ᠂ ᠶᠤᠸᠠᠨ ᠪᠦᠦ ᠱᠠᠨ ᠲᠣᠭᠤᠷᠢᠭ᠎ᠤᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ ᠦᠷᠭᠦᠯᠵᠢᠯᠡᠨ 《ᠤᠴᠢᠷ ᠶᠠᠪᠤᠳᠠᠯ᠎ᠢ ᠢᠯᠡᠭᠦᠦ ᠨᠢᠭᠡ ᠬᠤᠪᠢ ᠭᠦᠢᠴᠡᠳᠬᠡᠵᠦ᠂ ᠤᠯᠠᠨ ᠲᠦᠮᠡᠨ ᠢᠯᠡᠭᠦᠦ ᠨᠢᠭᠡ ᠬᠤᠪᠢ ᠰᠡᠳᠬᠢᠯ ᠠᠮᠤᠷ》 ᠣᠢᠯᠠᠭᠠᠭ᠍ᠳᠠᠬᠤᠨ᠎ᠢ ᠪᠠᠷᠢᠮᠲᠠᠯᠠᠵᠤ᠂ ᠭᠦᠢᠴᠡᠳᠭᠡᠬᠦ᠌ ᠶᠠᠪᠤᠴᠠ᠎ᠶ᠋ᠢ ᠱᠢᠯᠢᠳᠡᠭ᠌ᠵᠢᠭᠦᠯᠵᠦ᠍᠂ ᠭᠦᠢᠴᠡᠳᠭᠡᠬᠦ᠌ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠵᠦ᠍᠂ ᠤᠳᠠᠭ᠎ᠠ ᠪᠦᠷᠢ᠎ᠶ᠋ᠢᠨ ᠦᠨᠡᠮᠯᠡᠯ ᠭᠦᠢᠴᠡᠳᠭᠡᠬᠦ᠌ ᠥᠩᠭᠡᠷᠡᠯᠲᠡ᠎ᠶ᠋ᠢ ᠬᠥᠮᠦᠰ᠎ᠤᠨ ᠰᠡᠳᠭᠢᠯ᠎ᠢ ᠳᠤᠯᠠᠭᠠᠴᠠᠭᠤᠯᠬᠤ ᠠᠷᠠᠳ᠎ᠤᠨ ᠠᠮᠢᠳᠤᠷᠠᠯ᠎ᠤᠨ ᠲᠡᠮᠳᠡᠭ᠌ᠯᠡᠯ ᠪᠣᠯᠭᠠᠨ᠎ᠠ᠃

ᠢᠷᠡᠯᠲᠡ᠄ ᠤᠯᠠᠭᠠᠨᠬᠠᠳᠠ ᠬᠤᠲᠠ᠎ᠶ᠋ᠢᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ