2025 ᠣᠨ᠎ᠳᠤ᠂ ᠬᠥᠬᠡᠬᠤᠲᠠ᠎ᠶ᠋ᠢᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ ᠢᠨᠵᠧᠨᠧᠷᠢᠩ᠎ᠤᠨ ᠪᠥᠲᠥᠭᠡᠨ ᠪᠠᠢᠭᠤᠯᠤᠯᠲᠠ᠎ᠶ᠋ᠢᠨ ᠲᠥᠷᠥᠯ ᠵᠦᠢᠯ᠎ᠢ ᠬᠢᠨᠠᠨ ᠵᠥᠪᠱᠢᠶᠡᠷᠡᠬᠦ᠌᠎ᠪᠠᠨ ᠲᠦᠷᠭᠡᠳᠭᠡᠵᠦ᠍᠂ ᠬᠤᠳᠠᠯᠳᠤᠭ᠎ᠠ ᠡᠷᠬᠢᠯᠡᠬᠦ᠌ ᠣᠷᠴᠢᠨ ᠨᠥᠬᠦᠴᠡᠯ᠎ᠢ ᠱᠢᠯᠢᠳᠡᠭ᠌ᠵᠢᠭᠦᠯᠦᠨ᠂ ᠣᠯᠠᠨ ᠦᠨᠡᠮᠯᠡᠯ᠎ᠢ ᠬᠤᠯᠪᠣᠭᠠᠯᠠᠨ ᠲᠠᠷᠬᠠᠭᠠᠬᠤ ᠥᠭᠡᠷᠡᠴᠢᠯᠡᠯᠲᠡ᠎ᠶ᠋ᠢ ᠦᠷᠭᠦᠯᠵᠢᠯᠡᠨ ᠠᠬᠢᠭᠤᠯᠪᠠ᠃ ᠣᠳᠣᠬᠠᠨ᠎ᠳᠤ᠂ ᠪᠥᠬᠦ᠌ ᠬᠤᠲᠠ᠎ᠶ᠋ᠢᠨ ᠱᠢᠨ᠎ᠡ᠎ᠪᠠᠷ ᠨᠡᠮᠡᠭ᠌ᠳᠡᠭ᠌ᠰᠡᠨ 11 ᠠᠵᠤ ᠦᠢᠯᠡᠳᠪᠦᠷᠢ᠎ᠶ᠋ᠢᠨ ᠲᠥᠷᠥᠯ ᠵᠦᠢᠯ᠎ᠳᠤ ᠣᠯᠠᠨ ᠦᠨᠡᠮᠯᠡᠯ᠎ᠢ ᠬᠤᠯᠪᠣᠭᠠᠯᠠᠨ ᠲᠠᠷᠬᠠᠭᠠᠬᠤ᠎ᠶ᠋ᠢ ᠪᠡᠶᠡᠯᠡᠭᠦᠯᠬᠦ᠌᠎ᠶ᠋ᠢᠨ ᠬᠠᠮᠲᠤ ᠲᠣᠰ ᠵᠠᠭ᠍ᠪᠤᠷ᠎ᠢ ᠬᠥᠮᠥᠷᠭᠡᠯᠡᠨ ᠬᠠᠳᠠᠭᠠᠯᠠᠬᠤ᠂ ᠴᠠᠬᠢᠯᠭᠠᠨ ᠬᠦᠴᠦᠨ᠎ᠤ ᠲᠥᠬᠦᠭᠡᠷᠦᠮᠵᠢ᠂ ᠬᠤᠲᠠ᠎ᠶ᠋ᠢᠨ ᠶᠠᠪᠤᠳᠠᠯ᠎ᠤᠨ ᠵᠠᠮ᠂ ᠵᠠᠰᠠᠭ᠎ᠤᠨ ᠣᠷᠳᠣᠨ᠎ᠤ ᠪᠠᠯᠠ ᠣᠷᠣᠭᠤᠯᠤᠯᠲᠠ ᠵᠡᠷᠭᠡ ᠬᠦᠷᠢᠶᠡᠨ᠎ᠳᠤ ᠬᠦᠷᠲᠡᠯ᠎ᠡ ᠥᠷᠭᠡᠳᠭᠡᠵᠦ᠍᠂ 14 ᠲᠥᠷᠥᠯ ᠵᠦᠢᠯ᠎ᠤᠨ ᠲᠤᠷᠱᠢᠯᠲᠠ᠎ᠶ᠋ᠢᠨ ᠴᠡᠭ᠎ᠢ ᠪᠡᠶᠡᠯᠡᠭᠦᠯᠬᠦ᠎ᠪᠡᠷ ᠪᠠᠢ᠌ᠨ᠎ᠠ᠃
ᠠᠵᠢᠯ᠎ᠤᠨ ᠳᠤᠮᠳᠠ᠂ ᠬᠥᠬᠡᠬᠤᠲᠠ᠎ᠶ᠋ᠢᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ ᠣᠯᠠᠨ ᠰᠠᠯᠠᠭ᠎ᠠ ᠮᠥᠴᠢᠷ ᠬᠤᠯᠪᠣᠭᠠᠯᠠᠵᠤ᠂ ᠲᠥᠷᠥᠯ ᠵᠦᠢᠯ᠎ᠢ ᠪᠥᠬᠦ᠌ ᠲᠠᠯ᠎ᠠ᠎ᠪᠠᠷ ᠣᠢᠯᠠᠭᠠᠵᠤ᠂ ᠤᠷᠢᠳᠴᠢᠯᠠᠨ ᠲᠤᠰᠭᠠᠶ ᠬᠥᠮᠦᠨ ᠲᠣᠬᠢᠷᠠᠭᠤᠯᠤᠨ ᠠᠵᠤ ᠠᠬᠤᠢᠯᠠᠯ ᠲᠠᠢ ᠰᠠᠨᠠᠭ᠋ᠠᠴᠢᠯᠠᠭ᠎ᠠ᠎ᠠᠴᠠ᠎ᠪᠠᠨ ᠵᠤᠯᠭ᠋ᠠᠭᠤᠯᠵᠤ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠤᠨ ᠲᠠᠢᠯᠪᠤᠷᠢᠯᠠᠵᠤ᠂ ᠪᠥᠬᠦ᠌ ᠶᠠᠪᠤᠴᠠ᠎ᠶ᠋ᠢ ᠬᠢᠨᠠᠨ ᠵᠥᠪᠱᠢᠶᠡᠷᠡᠬᠦ᠌ ᠠᠵᠢᠯ ᠶᠠᠪᠤᠳᠠᠯ ᠭᠦᠢᠴᠡᠳᠭᠡᠬᠦ᠌ ᠵᠦᠭ᠌ᠯᠡᠭᠦᠷ ᠬᠢᠭᠡᠳ ᠲᠣᠳᠣᠷᠬᠠᠶ ᠺᠠᠷᠲ ᠬᠠᠩᠭᠠᠵᠤ᠂ ᠭᠠᠵᠠᠷ᠎ᠤᠨ ᠬᠠᠷᠢᠶ᠎ᠠ᠎ᠶ᠋ᠢᠨ ᠪᠠᠢᠴᠠᠭᠠᠯᠲᠠ᠂ ᠲᠥᠯᠥᠪᠵᠢᠭᠦᠯᠭᠡ ᠵᠢᠷᠤᠭ ᠲᠥᠯᠥᠪᠯᠡᠭᠡ᠎ᠶ᠋ᠢᠨ ᠲᠥᠰᠦᠯ᠎ᠢ ᠨᠠᠢᠷᠠᠭᠤᠯᠤᠨ ᠵᠣᠬᠢᠶᠠᠵᠤ ᠬᠢᠨᠠᠨ ᠪᠠᠢᠴᠠᠭᠠᠬᠤ ᠵᠡᠷᠭᠡ ᠤᠷᠢᠳᠠᠴᠢ ᠮᠡᠷᠭᠡᠵᠢᠯ᠎ᠤᠨ ᠠᠵᠢᠯ ᠵᠢᠴᠢ ᠪᠠᠷᠢᠯᠭ᠎ᠠ ᠪᠠᠷᠢᠬᠤ ᠵᠥᠪᠱᠢᠶᠡᠷᠡᠯ᠎ᠢ ᠨᠠᠢᠷᠠᠭᠤᠯᠤᠨ ᠵᠣᠬᠢᠶᠠᠵᠤ ᠬᠢᠨᠠᠨ ᠪᠠᠢᠴᠠᠭᠠᠬᠤ ᠰᠠᠯᠠᠭ᠎ᠠ ᠮᠥᠴᠢᠷ᠎ᠤᠨ ᠬᠠᠮᠢᠶ᠎ᠠ ᠪᠥᠬᠦᠶ ᠱᠠᠭᠠᠷᠳᠠᠯᠭ᠎ᠠ᠎ᠶ᠋ᠢ ᠲᠣᠳᠣᠷᠬᠠᠢᠯᠠᠵᠤ᠂ ᠪᠥᠬᠦ᠌ ᠶᠠᠪᠤᠴᠠ᠎ᠳᠤ ᠬᠠᠪᠰᠤᠷᠤᠨ ᠭᠦᠢᠴᠡᠳᠭᠡᠬᠦ᠌᠎ᠶ᠋ᠢᠨ ᠬᠠᠮᠲᠤ ᠬᠦᠴᠢᠷ ᠠᠰᠠᠭᠤᠳᠠᠯ᠎ᠢ ᠵᠣᠬᠢᠴᠠᠭᠤᠯᠤᠨ ᠰᠢᠢ᠍ᠳᠪᠦᠷᠢᠯᠡᠨ᠎ᠡ; ᠭᠠᠵᠠᠷ ᠰᠢᠷᠣᠢ᠎ᠶᠢᠨ ᠫᠠᠢᠰᠠ ᠡᠯᠭᠦᠬᠦ᠎ᠶᠢ ᠭᠦᠢᠴᠡᠳ ᠠᠰᠢᠭ᠍ᠯᠠᠨ ᠰᠢᠯᠵᠢᠭᠦᠯᠦᠨ ᠬᠤᠳᠠᠯᠳᠤᠬᠤ ᠭᠡᠷ᠎ᠡ᠎ᠶᠢᠨ ᠴᠣᠩᠬᠣᠨ᠎ᠤ ᠬᠤᠭᠤᠴᠠᠭᠠᠨ᠎ᠳᠤ ᠭᠠᠷᠤᠨ ᠦᠰᠦᠭ ᠵᠢᠷᠤᠬᠤ᠎ᠠᠴᠠ ᠡᠮᠦᠨᠡᠬᠢ ᠴᠢᠬᠤᠯᠠ ᠨᠥᠬᠥᠴᠡᠯ᠎ᠦᠨ ᠪᠡᠯᠡᠳᠬᠡᠯ ᠠᠵᠢᠯ᠎ᠢ ᠪᠡᠶᠡᠯᠡᠭᠦᠯᠵᠦ᠂ ᠤᠯᠠᠮᠵᠢᠯᠠᠯᠲᠤ ᠤᠭ᠍ᠰᠠᠷᠠᠭ᠎ᠠ ᠵᠥᠪᠱᠢᠶᠡᠷᠡᠯ᠎ᠢ ᠨᠡᠢᠯᠡᠭᠦᠯᠦᠨ ᠬᠤᠯᠪᠣᠭᠠᠯᠠᠨ ᠭᠦᠢᠴᠡᠳᠭᠡᠬᠦ᠌ ᠪᠣᠯᠭᠠᠨ ᠱᠢᠯᠢᠳᠡᠭ᠌ᠵᠢᠭᠦᠯᠦᠨ᠂ ᠠᠵᠤ ᠠᠬᠤᠢᠯᠠᠯ ᠭᠠᠵᠠᠷ ᠱᠢᠷᠣᠶ᠎ᠶ᠋ᠢ ᠲᠦᠯᠦᠪᠦᠷᠢᠲᠡᠢ ᠱᠢᠯᠵᠢᠭᠦᠯᠬᠦ᠌ ᠭᠡᠷ᠎ᠡ ᠲᠣᠭ᠍ᠲᠠᠬᠤ ᠦᠶ᠎ᠡ᠎ᠳᠤ᠂ ᠭᠠᠵᠠᠷ ᠬᠡᠷᠡᠭ᠌ᠯᠡᠬᠦ᠌ ᠲᠥᠯᠥᠪᠵᠢᠭᠦᠯᠭᠡ᠎ᠶ᠋ᠢᠨ ᠵᠥᠪᠱᠢᠶᠡᠷᠡᠯ᠂ ᠪᠠᠷᠢᠯᠭ᠎ᠠ᠎ᠶ᠋ᠢᠨ ᠲᠥᠯᠥᠪᠵᠢᠭᠦᠯᠭᠡ᠎ᠶ᠋ᠢᠨ ᠵᠥᠪᠱᠢᠶᠡᠷᠡᠯ᠂ ᠥᠯᠥ᠍ ᠬᠥᠳᠡᠯᠬᠦ᠌ ᠬᠥᠷᠥᠩᠭᠡ᠎ᠶ᠋ᠢᠨ ᠡᠷᠬᠡ᠎ᠶ᠋ᠢᠨ ᠦᠨᠡᠮᠯᠡᠯ᠂ ᠪᠠᠷᠢᠯᠭ᠎ᠠ ᠪᠠᠷᠢᠬᠤ ᠵᠥᠪᠱᠢᠶᠡᠷᠡᠯ ᠵᠡᠷᠭᠡ ᠬᠢᠨᠠᠨ ᠵᠥᠪᠱᠢᠶᠡᠷᠡᠬᠦ᠌ ᠵᠦᠢᠯᠡᠰ᠎ᠢ ᠵᠡᠷᠭᠡ᠎ᠳᠤ᠎ᠨᠢ ᠭᠦᠢᠴᠡᠳᠭᠡᠵᠦ᠍᠂ ᠬᠢᠨᠠᠨ ᠵᠥᠪᠱᠢᠶᠡᠷᠡᠬᠦ᠌ ᠠᠯᠤᠰᠯᠠᠬᠤ ᠴᠠᠭ᠎ᠢ ᠶᠡᠭᠡ᠎ᠪᠠᠷ ᠪᠣᠭᠤᠨᠢᠰᠭᠠᠵᠤ ᠪᠣᠯᠣᠨ᠎ᠠ᠃ ᠡᠭᠦᠨ᠎ᠳᠤ 《ᠭᠤᠷᠪᠠᠨ ᠦᠨᠡᠮᠯᠡᠯ᠎ᠢ ᠬᠤᠯᠪᠤᠭᠠᠯᠠᠨ ᠲᠠᠷᠬᠠᠭ᠋ᠠᠬᠤ》᠎ᠶᠢ ᠪᠤᠭᠤᠨᠢᠰᠬᠠᠭ᠋ᠠᠳ ᠪᠠᠷᠤᠭ 15 - 30 ᠡᠳᠦᠷ ᠪᠣᠯᠭ᠋ᠠᠵᠤ᠂ 《ᠳᠥᠷᠪᠡᠨ ᠦᠨᠡᠮᠯᠡᠯ᠎ᠢ ᠬᠠᠮᠲᠤᠷᠠᠨ ᠲᠠᠷᠬᠠᠭ᠋ᠠᠬᠤ》 ᠶᠢ ᠪᠤᠭᠤᠨᠢᠰᠬᠠᠭ᠋ᠠᠳ ᠪᠠᠷᠤᠭ 2 ᠰᠠᠷ᠎ᠠ ᠪᠣᠯᠭ᠋ᠠᠵᠦ᠂ 《ᠲᠠᠪᠤᠨ ᠦᠨᠡᠮᠯᠡᠯ᠎ᠢ ᠬᠠᠮᠲᠤᠷᠠᠨ ᠲᠠᠷᠬᠠᠭ᠋ᠠᠬᠤ》 ᠶᠢ ᠪᠤᠭᠤᠨᠢᠰᠬᠠᠭ᠋ᠠᠳ ᠪᠠᠷᠤᠭ 3 ᠰᠠᠷ᠎ᠠ ᠪᠣᠯᠭ᠋ᠠᠨ᠎ᠠ᠃