ᠦᠵᠡᠰᠭᠦᠯᠡᠩᠲᠦ ᠰᠠᠢᠬᠠᠨ ᠬᠥᠳᠡᠭᠡ ᠲᠣᠰᠭᠣᠨᠤ᠋ ᠪᠦᠲᠦᠭᠡᠨ ᠪᠠᠢᠭᠤᠯᠤᠯᠲᠠ᠎ᠶᠢᠨ ᠠᠵᠢᠯ᠎ᠢ᠋ ᠲᠦᠯᠬᠢᠨ ᠠᠬᠢᠭᠤᠯᠬᠤ᠎ᠶᠢᠨ ᠲᠥᠯᠥᠭᠡ᠂ ᠪᠠᠶᠠᠨᠨᠠᠭᠤᠷ ᠬᠣᠲᠠ᠎ᠶᠢᠨ ᠪᠠᠢᠭᠠᠯᠢ᠎ᠶᠢᠨ ᠡᠬᠢ ᠪᠠᠶᠠᠯᠢᠭ᠎ᠤ᠋ᠨ ᠲᠣᠪᠴᠢᠶ᠎ᠠ ᠲᠥᠯᠥᠪᠵᠢᠭᠦᠯᠭᠡ᠎ᠶᠢᠨ ᠬᠠᠮᠢᠶᠠᠷᠤᠯᠲᠠ᠎ᠪᠠᠷ ᠭᠣᠣᠯ ᠭᠠᠷᠳᠠᠴᠠ ᠪᠣᠯᠭᠠᠨ᠂ ᠰᠢᠨᠵᠢᠯᠡᠬᠦ ᠤᠬᠠᠭᠠᠨᠴᠢ᠎ᠪᠠᠷ ᠲᠥᠯᠥᠪᠵᠢᠭᠦᠯᠭᠡ ᠵᠣᠬᠢᠶᠠᠬᠤ᠂ ᠪᠠᠢᠭᠤᠯᠤᠯ ᠲᠣᠭ᠍ᠲᠠᠴᠠ᠎ᠶᠢᠨ ᠰᠢᠨ᠎ᠡ᠎ᠶᠢ ᠡᠭᠦᠳᠬᠦ᠌᠂ ᠡᠭᠦᠷᠭᠡ᠎ᠶᠢᠨ ᠨᠠᠢᠳᠠᠪᠤᠷᠢᠵᠢᠭᠤᠯᠤᠯᠲᠠ᠎ᠶᠢ ᠴᠢᠩᠭᠠᠳᠭᠠᠬᠤ᠎ᠪᠠᠷ ᠳᠠᠮᠵᠢᠭᠤᠯᠤᠨ᠂ ᠪᠦᠬᠦ᠌ ᠣᠷᠣᠨ ᠪᠦᠰᠡ᠎ᠪᠡᠷ ᠨᠢᠭᠡᠳᠦᠯᠲᠡᠢ ᠲᠥᠯᠥᠪᠯᠡᠬᠦ᠌᠂ 《 ᠣᠯᠠᠨ ᠵᠢᠷᠤᠮᠵᠢᠭᠤᠯᠬᠤ᠎ᠶᠢ ᠨᠡᠢ᠌ᠯᠡᠭᠦᠯᠵᠦ ᠨᠢᠭᠡ ᠪᠣᠯᠭ᠋ᠠᠬᠤ 》 ᠬᠥᠳᠡᠭᠡ ᠲᠣᠰᠭᠣᠨᠤ᠋ ᠬᠥᠭ᠌ᠵᠢᠯᠲᠡ᠎ᠶᠢᠨ ᠰᠢᠨ᠎ᠡ ᠰᠢᠰᠲᠸᠮᠵᠢ ᠶᠢ ᠢᠳᠡᠪᠬᠢᠲᠡᠢ ᠪᠠᠢ᠌ᠭᠤᠯᠤᠨ᠎ᠠ᠃
ᠲᠥᠯᠥᠪᠵᠢᠭᠦᠯᠭᠡ᠎ᠪᠠᠷ ᠬᠥᠲᠥᠯᠥᠨ ᠳᠠᠭᠠᠭᠤᠯᠵᠤ᠂ ᠪᠦᠬᠦ᠌ ᠣᠷᠣᠨ ᠪᠦᠰᠡ᠎ᠳᠤ ᠨᠢᠭᠡᠳᠦᠯᠲᠡᠢ ᠲᠥᠯᠥᠪᠵᠢᠭᠦᠯᠬᠦ᠌ ᠪᠠ ᠤᠨᠢᠨ ᠳᠡᠭᠡᠷ᠎ᠡ᠎ᠨᠢ ᠠᠷᠭ᠎ᠠ ᠪᠤᠳᠤᠯᠭ᠎ᠠ ᠬᠡᠷᠡᠭ᠌ᠵᠢᠭᠦᠯᠬᠦ᠌᠎ᠶ᠋ᠢ ᠬᠡᠷᠡᠭ᠌ᠵᠢᠭᠦᠯᠦᠨ᠎ᠡ᠃ ᠨᠥᠬᠦᠴᠡᠯ᠎ᠲᠠᠢ᠂ ᠬᠡᠷᠡᠭᠴᠡᠭᠡ ᠱᠠᠭ᠋ᠠᠷᠳᠠᠯᠭ᠎ᠠ ᠲᠠᠢ ᠠᠢᠯ ᠲᠣᠰᠭᠤᠨ᠎ᠳᠤ 《ᠣᠯᠠᠨ ᠵᠢᠷᠤᠮᠵᠢᠭᠤᠯᠬᠤ᠎ᠶᠢ ᠨᠡᠢ᠌ᠯᠡᠭᠦᠯᠵᠦ ᠨᠢᠭᠡ ᠪᠣᠯᠭ᠋ᠠᠬᠤ》 ᠬᠡᠷᠡᠭ᠌ᠯᠡᠭᠡᠨ᠎ᠤ ᠴᠢᠨᠠᠷᠲᠠᠶ ᠠᠢᠯ ᠲᠣᠰᠭᠤᠨ᠎ᠤ ᠲᠥᠯᠥᠪᠵᠢᠭᠦᠯᠭᠡ᠎ᠶ᠋ᠢ ᠨᠠᠢᠷᠠᠭᠤᠯᠤᠨ ᠵᠣᠬᠢᠶᠠᠬᠤ ᠪᠠ ᠦᠷ᠎ᠡ ᠪᠦᠲᠦᠭᠡᠯ᠎ᠢ ᠬᠤᠷᠢᠶᠠᠩᠭᠤᠢᠯᠠᠨ ᠲᠤᠱᠢᠶᠠᠬᠤ ᠠᠵᠢᠯ᠎ᠢ ᠲᠦᠷᠭᠡᠳᠭᠡᠨ ᠠᠬᠢᠭᠤᠯᠤᠨ᠎ᠠ᠃ ᠬᠥᠳᠡᠭᠡ ᠲᠣᠰᠭᠤᠨ᠎ᠤ ᠪᠥᠲᠥᠭᠡᠨ ᠪᠠᠢᠭᠤᠯᠤᠯᠲᠠ᠎ᠶ᠋ᠢᠨ ᠲᠥᠷᠥᠯ ᠵᠦᠢᠯ᠎ᠳᠤ ᠬᠡᠷᠡᠭ᠌ᠯᠡᠬᠦ᠌ ᠭᠠᠵᠠᠷ᠎ᠤᠨ ᠬᠠᠩᠭᠠᠯᠭ᠎ᠠ᠎ᠶ᠋ᠢ ᠪᠥᠬᠦ᠌ ᠬᠦᠴᠦᠨ᠎ᠢᠶᠠᠷ᠎ᠢᠶᠠᠨ ᠪᠠᠲᠤᠯᠠᠵᠤ᠂ ᠡᠯ᠎ᠡ ᠬᠤᠱᠢᠭᠤ ᠱᠢᠶᠠᠨ ᠲᠣᠭᠤᠷᠢᠭ ᠰᠤᠮᠤ ᠲᠣᠰᠭᠤᠨ᠎ᠤ ᠲᠥᠯᠥᠪᠵᠢᠭᠦᠯᠭᠡ᠎ᠶ᠋ᠢ ᠨᠠᠢᠷᠠᠭᠤᠯᠤᠨ ᠵᠣᠬᠢᠶᠠᠬᠤ ᠶᠠᠪᠤᠴᠠ᠎ᠳᠤ᠂ ᠪᠥᠲᠥᠭᠡᠨ ᠪᠠᠢᠭᠤᠯᠤᠯᠲᠠ᠎ᠳᠤ ᠬᠡᠷᠡᠭ᠌ᠯᠡᠬᠦ᠌ ᠭᠠᠵᠠᠷ᠎ᠤᠨ 5% ᠠᠴᠠ ᠬᠡᠲᠦᠷᠡᠬᠦ᠌ ᠥᠬᠡᠶ ᠬᠡᠪᠴᠢᠶ᠎ᠡ᠎ᠶ᠋ᠢ ᠤᠷᠢᠳᠴᠢᠯᠠᠨ ᠦᠯᠡᠳᠡᠭᠡᠵᠦ᠍᠂ ᠮᠠᠯᠴᠢᠨ ᠲᠠᠷᠢᠶᠠᠴᠢᠨ᠎ᠤ ᠣᠷᠣᠨ ᠰᠠᠭᠤᠴᠠ᠂ ᠣᠯᠠᠨ ᠨᠡᠢᠲᠡ᠎ᠶ᠋ᠢᠨ ᠨᠡᠢᠲᠡ᠎ᠶ᠋ᠢᠨ ᠠᠰᠠᠷᠠᠮᠵᠢ᠎ᠶ᠋ᠢᠨ ᠪᠡᠯᠡᠳᠭᠡᠮᠵᠢ᠎ᠶ᠋ᠢᠨ ᠪᠥᠲᠥᠭᠡᠨ ᠪᠠᠢᠭᠤᠯᠤᠯᠲᠠ᠂ ᠬᠡᠰᠡᠭ ᠪᠤᠰᠠᠭ ᠲᠠᠷᠠᠬᠠᠶ ᠪᠤᠲᠠᠷᠬᠠᠶ ᠬᠥᠳᠡᠭᠡ ᠲᠣᠰᠭᠤᠨ᠎ᠤ ᠰᠣᠶᠣᠯ ᠵᠢᠭᠤᠯᠴᠢᠯᠠᠯ᠎ᠤᠨ ᠪᠡᠯᠡᠳᠭᠡᠮᠵᠢ ᠵᠢᠴᠢ ᠱᠢᠨ᠎ᠡ ᠠᠵᠤ ᠦᠢᠯᠡᠰ ᠱᠢᠨ᠎ᠡ ᠡᠵᠡᠩᠨᠡᠯᠲᠡ᠎ᠶ᠋ᠢᠨ ᠬᠡᠯᠪᠡᠷᠢ᠎ᠶ᠋ᠢᠨ ᠲᠥᠷᠥᠯ ᠵᠦᠢᠯ᠎ᠤᠨ ᠪᠥᠲᠥᠭᠡᠨ ᠪᠠᠢᠭᠤᠯᠤᠯᠲᠠ᠎ᠳᠤ ᠬᠡᠷᠡᠭ᠌ᠯᠡᠵᠦ᠍ ᠪᠣᠯᠤᠨ᠎ᠠ ᠭᠡᠵᠦ᠍ ᠲᠣᠭ᠍ᠲᠠᠭᠠᠪᠠ᠃
ᠲᠣᠭ᠍ᠲᠠᠴᠠ᠎ᠶ᠋ᠢᠨ ᠱᠢᠨ᠎ᠡ᠎ᠶ᠋ᠢ ᠡᠭᠦᠳᠴᠦ᠍᠂ ᠬᠠᠮᠵᠢᠯᠴᠠᠨ ᠵᠠᠰᠠᠬᠤ ᠪᠠ ᠤᠷᠳᠤ ᠬᠤᠭᠤᠴᠠᠭᠠᠨ᠎ᠤ ᠪᠦᠲᠦᠮᠵᠢᠲᠡᠢ ᠪᠠᠲᠤᠯᠠᠭ᠎ᠠ᠎ᠶ᠋ᠢ ᠠᠬᠢᠭᠤᠯᠤᠨ᠎ᠠ᠃ ᠲᠥᠯᠥᠪᠵᠢᠭᠦᠯᠭᠡ᠎ᠶ᠋ᠢ ᠨᠠᠢᠷᠠᠭᠤᠯᠤᠨ ᠵᠣᠬᠢᠶᠠᠬᠤ ᠶᠠᠪᠤᠴᠠ᠎ᠳᠤ᠂ ᠨᠠᠮ᠎ᠤᠨ ᠭᠡᠱᠢᠭᠦᠳ᠎ᠤᠨ ᠬᠤᠷᠠᠯ᠂ ᠲᠣᠰᠭᠤᠨ᠎ᠤ ᠠᠷᠠᠳ᠎ᠤᠨ ᠲᠥᠯᠥᠭᠡᠯᠡᠭ᠌ᠴᠢᠳ᠎ᠤᠨ ᠬᠤᠷᠠᠯ᠂ ᠲᠣᠰᠭᠤᠨ᠎ᠤ ᠠᠷᠠᠳ᠎ᠤᠨ ᠳᠤᠭᠤᠢᠯᠠᠩ᠎ᠤᠨ ᠬᠤᠷᠠᠯ ᠬᠤᠷᠠᠯᠳᠤᠭᠤᠯᠬᠤ ᠵᠡᠷᠭᠡ ᠬᠡᠯᠪᠡᠷᠢ᠎ᠪᠠᠷ ᠳᠠᠮᠵᠢᠭᠤᠯᠤᠨ᠂ ᠲᠣᠰᠭᠤᠨ᠎ᠤ ᠠᠷᠠᠳ᠎ᠲᠠᠢ ᠨᠢᠭᠤᠷᠳᠠᠨ ᠶᠠᠷᠢᠯᠴᠠᠵᠤ᠂ ᠦᠨᠡᠨ ᠪᠣᠳᠠᠲᠠᠶ᠎ᠪᠠᠷ ᠨᠡᠪᠲᠡᠷᠡᠯᠴᠡᠵᠦ᠍᠂ ᠲᠡᠭᠦᠨ᠎ᠳᠤ ᠲᠣᠳᠣᠷᠬᠠᠶ ᠦᠵᠡᠭᠦᠯᠵᠦ᠍᠂ ᠲᠣᠰᠭᠤᠨ᠎ᠤ ᠪᠦᠲᠦᠭᠡᠨ ᠪᠠᠢᠭᠤᠯᠤᠯᠲᠠ ᠪᠠ ᠠᠵᠤ ᠦᠢᠯᠡᠰ᠎ᠤᠨ ᠪᠠᠢᠷᠢᠯᠠᠭᠤᠯᠤᠯᠲᠠ ᠵᠡᠷᠭᠡ ᠬᠥᠭ᠌ᠵᠢᠯᠲᠡ᠎ᠶ᠋ᠢᠨ ᠬᠠᠷᠠᠯᠲᠠ᠎ᠶ᠋ᠢ ᠣᠢᠯᠠᠭᠠᠵᠤ ᠮᠡᠳᠡᠪᠡ᠃ ᠡᠭᠦᠨ᠎ᠤ ᠬᠠᠮᠲᠤ᠌᠂ ᠲᠣᠰᠭᠤᠨ᠎ᠤ ᠠᠷᠠᠳ ᠠᠢᠯ ᠲᠣᠰᠭᠤᠨ᠎ᠤ ᠲᠥᠯᠥᠪᠵᠢᠭᠦᠯᠭᠡ᠎ᠶ᠋ᠢ ᠬᠢᠨᠠᠨ ᠵᠥᠪᠯᠡᠬᠦ᠌ ᠴᠢᠬᠤᠯᠠ ᠨᠥᠬᠦᠴᠡᠯ᠎ᠢ ᠬᠢᠨᠠᠨ ᠪᠠᠢᠴᠠᠭᠠᠬᠤ ᠲᠠᠰ ᠳᠠᠷᠠᠭᠠᠯᠠᠯ᠎ᠢ ᠴᠢᠩᠭ᠎ᠠ ᠭᠦᠶ᠋ᠴᠡᠳᠭᠡᠵᠦ᠍᠂ ᠬᠠᠮᠢᠶ᠎ᠠ ᠪᠥᠬᠦᠶ ᠰᠡᠳᠦᠪ᠎ᠤᠨ ᠪᠠᠢᠴᠠᠭᠠᠨ ᠰᠤᠳᠤᠯᠤᠯᠲᠠ᠎ᠶ᠋ᠢ ᠢᠳᠡᠪᠬᠢᠲᠡᠶ ᠥᠷᠨᠢᠭᠦᠯᠵᠦ᠍᠂ ᠭᠠᠵᠠᠷ ᠣᠷᠣᠨ᠎ᠤ ᠪᠠᠢᠳᠠᠯ᠎ᠳᠤ᠎ᠪᠠᠨ ᠲᠣᠬᠢᠷᠠᠭᠤᠯᠤᠨ ᠬᠡᠷᠡᠭ᠌ᠯᠡᠭᠡᠨ᠎ᠤ ᠴᠢᠨᠠᠷᠲᠠᠶ ᠠᠢᠯ ᠲᠣᠰᠭᠤᠨ᠎ᠤ ᠲᠥᠯᠥᠪᠵᠢᠭᠦᠯᠭᠡ᠎ᠪᠠᠷ ᠴᠢᠨᠠᠷ ᠰᠠᠢᠲᠠᠶ ᠬᠥᠳᠡᠭᠡ ᠲᠣᠰᠭᠤᠨ᠎ᠤ ᠪᠥᠲᠥᠭᠡᠨ ᠪᠠᠢᠭᠤᠯᠤᠯᠲᠠ᠎ᠶ᠋ᠢ ᠬᠥᠲᠥᠯᠥᠨ ᠳᠠᠭᠠᠭᠤᠯᠵᠤ ᠠᠬᠢᠭᠤᠯᠬᠤ ᠠᠵᠢᠯᠯᠠᠭ᠎ᠠ᠎ᠶ᠋ᠢ ᠬᠡᠷᠡᠭ᠌ᠵᠢᠭᠦᠯᠬᠦ᠌ ᠠᠷᠭ᠎ᠠ ᠵᠠᠮ᠎ᠢ ᠰᠦᠪᠡᠭ᠌ᠴᠢᠯᠡᠪᠡ᠃
ᠣᠨᠴᠠᠯᠢᠭ᠎ᠢ ᠠᠭᠤᠳᠠᠯᠠᠨ᠂ ᠰᠣᠶᠣᠯ᠎ᠢ ᠤᠯᠠᠮᠵᠢᠯᠠᠨ ᠵᠠᠯᠭᠠᠮᠵᠢᠯᠠᠬᠤ ᠪᠠ ᠠᠮᠢ ᠠᠬᠤᠢ᠎ᠶ᠋ᠢᠨ ᠬᠠᠮᠠᠭᠠᠯᠠᠯᠲᠠ᠎ᠶ᠋ᠢ ᠳᠣᠪᠤᠢᠯᠭᠠᠨ᠎ᠠ᠃ ᠭᠠᠵᠠᠷ ᠣᠷᠣᠨ᠎ᠤ ᠬᠥᠮᠦᠨ ᠨᠡᠢᠭᠡᠮ᠂ ᠵᠠᠩ ᠵᠠᠩᠱᠢᠯ᠂ ᠲᠡᠦᠬᠡ᠎ᠶ᠋ᠢᠨ ᠠᠭᠤᠯᠬᠤᠨ᠎ᠢ ᠠᠭᠤᠳᠠᠯᠬᠤ᠎ᠶ᠋ᠢ ᠴᠢᠬᠤᠯᠠᠴᠢᠯᠠᠵᠤ᠂ ᠣᠷᠣᠱᠢᠨ ᠠᠮᠢᠳᠤᠷᠠᠬᠤ᠂ ᠪᠠᠷᠢᠯᠭ᠎ᠠ᠂ ᠦᠵᠡᠮᠵᠢ᠎ᠶ᠋ᠢᠨ ᠣᠨᠴᠠᠯᠢᠭ᠎ᠢ ᠳᠣᠪᠤᠢᠯᠭᠠᠵᠤ᠂ ᠪᠣᠷᠣᠲᠣᠬᠤᠶ ᠬᠥᠳᠡᠭᠡ ᠲᠣᠰᠭᠤᠨ᠎ᠤ ᠣᠨᠴᠠᠯᠢᠭ᠍ᠲᠤ ᠳᠦᠷᠰᠦ ᠪᠠᠢᠳᠠᠯ᠎ᠢ ᠭᠦᠢᠴᠡᠳ ᠢᠯᠡᠷᠡᠭᠦᠯᠬᠦ᠌ ᠬᠡᠷᠡᠭ᠌ᠲᠡᠢ᠃ ᠡᠭᠦᠨ᠎ᠤ ᠬᠠᠮᠲᠤ᠌᠂ ᠭᠦᠨᠵᠡᠭᠡᠶ ᠠᠭᠤᠳᠠᠯᠤᠨ ᠡᠮᠬᠢᠳᠭᠡᠬᠦ᠌᠎ᠪᠠᠷ ᠳᠠᠮᠵᠢᠭᠤᠯᠤᠨ᠂ 《ᠪᠣᠷᠣᠲᠣᠬᠤᠶ᠎ᠶ᠋ᠢᠨ ᠤᠨᠴᠠᠯᠢᠬ᠍ᠳᠤ ᠠᠢᠯ ᠲᠣᠰᠭᠤᠨ᠎ᠤ ᠪᠠᠷᠢᠯᠭ᠎ᠠ᠎ᠶ᠋ᠢᠨ ᠵᠢᠷᠤᠭ᠎ᠤᠨ ᠲᠡᠭᠦᠪᠦᠷᠢ》 ᠶ᠋ᠢ ᠨᠠᠢᠷᠠᠭᠤᠯᠤᠨ ᠵᠣᠬᠢᠶᠠᠵᠤ᠂ ᠬᠥᠳᠡᠭᠡ ᠲᠣᠰᠭᠤᠨ᠎ᠤ ᠪᠥᠲᠥᠭᠡᠨ ᠪᠠᠢᠭᠤᠯᠤᠯᠲᠠ᠎ᠶ᠋ᠢ ᠨᠠᠩ ᠰᠠᠢᠲᠤᠷ ᠵᠢᠯᠣᠭᠤᠳᠤᠨ᠎ᠠ᠃ ᠡᠭᠦᠨ᠎ᠠᠴᠠ ᠭᠠᠳᠠᠨ᠎ᠠ᠂ ᠠᠮᠢ ᠠᠬᠤᠢ᠎ᠶ᠋ᠢᠨ ᠤᠯᠠᠭᠠᠨ ᠱᠤᠭᠤᠮ᠎ᠤᠨ ᠬᠠᠲᠠᠭᠤ ᠬᠢᠵᠠᠭᠠᠷᠯᠠᠯ᠎ᠢ ᠰᠠᠢᠲᠤᠷ ᠰᠠᠬᠢᠵᠤ᠂ 《ᠣᠯᠠᠨ ᠵᠢᠷᠤᠮᠵᠢᠭᠤᠯᠬᠤ᠎ᠶᠢ ᠨᠡᠢ᠌ᠯᠡᠭᠦᠯᠵᠦ ᠨᠢᠭᠡ ᠪᠣᠯᠭ᠋ᠠᠬᠤ》 ᠳᠤᠮᠳᠠ ᠠᠮᠢ ᠠᠬᠤᠢ᠎ᠶ᠋ᠢᠨ ᠬᠠᠮᠠᠭᠠᠯᠠᠯᠲᠠ᠎ᠶ᠋ᠢᠨ ᠤᠯᠠᠭᠠᠨ ᠱᠤᠭᠤᠮ᠎ᠢ ᠬᠤᠪᠢᠶᠠᠷᠢᠯᠠᠨ ᠲᠣᠭ᠍ᠲᠠᠭᠠᠵᠤ᠂ ᠬᠡᠲᠦᠷᠡᠲᠡᠯ᠎ᠡ ᠨᠡᠭᠡᠭᠡᠨ ᠠᠱᠢᠭ᠍ᠯᠠᠬᠤ᠎ᠶ᠋ᠢ ᠴᠢᠩᠭ᠎ᠠ ᠬᠢᠵᠠᠭᠠᠷᠯᠠᠨ᠎ᠠ᠃ ᠬᠠᠲᠤᠨ ᠭᠣᠤᠯ᠎ᠤᠨ ᠠᠢᠯ ᠲᠣᠰᠭᠣᠨ᠎ᠳᠤ ᠴᠢᠭ᠌ᠯᠡᠭᠦᠯᠦᠨ᠂ ᠠᠮᠢ ᠠᠬᠤᠶ᠎ᠶ᠋ᠢᠨ ᠬᠤᠩᠭᠢᠯ ᠪᠣᠯᠤᠨ ᠬᠠᠯᠬᠠᠪᠴᠢ ᠣᠶ᠎ᠶ᠋ᠢᠨ ᠪᠦᠰᠡ᠎ᠶ᠋ᠢ ᠡᠩ ᠲᠡᠷᠢᠭᠦᠨ᠎ᠳᠦ ᠪᠠᠢᠷᠢᠱᠢᠭᠤᠯᠵᠤ᠂ ᠦᠶᠡᠷ᠎ᠢ ᠰᠡᠷᠭᠡᠢᠯᠡᠬᠦ᠌ ᠬᠢᠭᠡᠳ ᠦᠵᠡᠮᠵᠢ᠎ᠶ᠋ᠢᠨ ᠴᠢᠳᠠᠮᠵᠢ᠎ᠶ᠋ᠢ ᠬᠠᠮᠲᠤᠳᠤᠨᠢ ᠬᠠᠷᠠᠭᠠᠯᠵᠠᠵᠤ᠂ ᠦᠢᠯᠡᠳᠪᠦᠷᠢᠯᠡᠯ᠂ ᠠᠮᠢᠳᠤᠷᠠᠯ᠂ ᠠᠮᠢ ᠠᠬᠤᠶ᠎ᠶ᠋ᠢᠨ ᠣᠷᠣᠨ ᠵᠠᠶ᠎ᠶ᠋ᠢ ᠱᠢᠨᠵᠢᠯᠡᠬᠦ᠌ ᠤᠬᠠᠭᠠᠨᠴᠢ᠎ᠪᠠᠷ ᠪᠠᠢᠷᠢᠱᠢᠭᠤᠯᠬᠤ᠎ᠶ᠋ᠢ ᠪᠡᠶᠡᠯᠡᠭᠦᠯᠬᠦ᠌ ᠬᠡᠷᠡᠭ᠌ᠲᠡᠶ᠃