9 ᠳ᠋ᠤᠭᠡᠷ ᠰᠠᠷ᠎ᠠ᠎ᠶ᠋ᠢᠨ 19 ᠤ ᠡᠳᠦᠷ᠂ ᠬᠢᠩᠭᠠᠨ ᠠᠢᠮᠠᠭ᠎ᠤᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ ᠵᠠᠯᠠᠢᠳ ᠬᠤᠱᠢᠭᠤᠨ᠎ᠤ ᠬᠤᠩ ᠬᠤᠤ ᠠᠭᠤᠷᠬᠠᠶ᠎ᠶ᠋ᠢᠨ ᠦᠢᠯᠡᠰ᠎ᠤᠨ ᠬᠢᠵᠠᠭᠠᠷᠲᠤ ᠺᠣᠮᠫᠠᠨᠢ᠎ᠶ᠋ᠢᠨ ᠴᠣᠬᠤᠢ᠎ᠶ᠋ᠢᠨ ᠴᠢᠯᠠᠭᠤᠯᠢᠭ᠎ᠤᠨ ᠠᠭᠤᠷᠬᠠᠶ᠎ᠳᠤ ᠠᠩᠬᠠᠳᠠᠭ᠍ᠴᠢ ᠠᠭᠤᠷᠬᠠᠶ᠎ᠶ᠋ᠢᠨ ᠦᠢᠯᠡᠰ᠎ᠤᠨ ᠡᠷᠬᠡ᠎ᠶ᠋ᠢᠨ ᠪᠠᠷᠢᠴᠠᠭᠠᠨ᠎ᠤ ᠡᠷᠬᠡ᠎ᠶ᠋ᠢᠨ ᠥᠯᠥ᠍ ᠬᠥᠳᠡᠯᠬᠦ᠌ ᠬᠥᠷᠥᠩᠭᠡ᠎ᠶ᠋ᠢᠨ ᠳᠡᠩᠰᠡᠯᠡᠯᠲᠡ᠎ᠶ᠋ᠢᠨ ᠭᠡᠷᠡᠴᠢᠯᠡᠯ ᠵᠢᠴᠢ ᠬᠢᠩᠭᠠᠨ ᠠᠢᠮᠠᠭ᠎ᠤᠨ ᠠᠩᠬᠠᠳᠠᠭ᠍ᠴᠢ ᠠᠭᠤᠷᠬᠠᠶ ᠮᠠᠯᠲᠠᠬᠤ ᠡᠷᠬᠡ᠎ᠶ᠋ᠢᠨ ᠥᠯᠥ᠍ ᠬᠥᠳᠡᠯᠬᠦ᠌ ᠬᠥᠷᠥᠩᠭᠡ᠎ᠶ᠋ᠢᠨ ᠡᠷᠬᠡ᠎ᠶ᠋ᠢᠨ ᠦᠨᠡᠮᠯᠡᠯ᠎ᠢ ᠭᠦᠢᠴᠡᠳᠭᠡᠪᠡ᠂ ᠡᠨᠡ᠎ᠨᠢ ᠱᠢᠨ᠎ᠡ᠎ᠪᠠᠷ ᠵᠠᠰᠠᠪᠤᠷᠢ ᠣᠷᠣᠭᠤᠯᠤᠭ᠍ᠰᠠᠨ 《ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠠᠭᠤᠷᠬᠠᠶ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠤᠨ ᠬᠠᠤᠯᠢ》 ( ᠳᠣᠷᠣᠭ᠍ᠰᠢ 《ᠱᠢᠨ᠎ᠡ 〈 ᠠᠭᠤᠷᠬᠠᠶ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠤᠨ ᠬᠠᠤᠯᠢ 〉》ᠭᠡᠵᠦ᠍ ᠲᠣᠪᠴᠢᠯᠠᠨ᠎ᠠ)᠎ᠶ᠋ᠢ ᠬᠢᠩᠭᠠᠨ ᠠᠢᠮᠠᠭ᠎ᠲᠤ ᠵᠢᠩᠬᠢᠨᠢ ᠪᠠᠷ ᠨᠠᠢᠳᠠᠪᠤᠷᠢᠵᠢᠭᠤᠯᠤᠨ ᠬᠡᠷᠡᠭ᠌ᠵᠢᠭᠦᠯᠵᠦ᠍᠂ ᠠᠭᠤᠷᠬᠠᠶ᠎ᠶ᠋ᠢᠨ ᠦᠢᠯᠡᠰ᠎ᠤᠨ ᠡᠷᠬᠡ᠎ᠶ᠋ᠢᠨ 《ᠡᠷᠬᠡ ᠦᠨᠡᠮᠯᠡᠯ᠎ᠢ ᠰᠠᠯᠭᠠᠬᠤ》 ᠲᠦᠷᠢᠮ᠎ᠢ ᠬᠢᠩᠭᠠᠨ ᠠᠢᠮᠠᠭ᠎ᠲᠤ ᠵᠠᠩᠭᠢᠯᠠᠭ᠎ᠠ᠎ᠶ᠋ᠢᠨ ᠠᠯᠬᠤᠮ᠎ᠢ ᠠᠯᠬᠤᠭ᠍ᠰᠠᠨᠢ ᠬᠠᠷᠠᠭᠤᠯᠵᠤ ᠪᠠᠢᠨ᠎ᠠ᠃
ᠱᠢᠨ᠎ᠡ 《ᠠᠭᠤᠷᠬᠠᠶ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠤᠨ ᠬᠠᠤᠯᠢ》᠎ᠨᠢ ᠠᠭᠤᠷᠬᠠᠶ᠎ᠶ᠋ᠢᠨ ᠦᠢᠯᠡᠰ᠎ᠤᠨ ᠡᠷᠬᠡ᠎ᠶ᠋ᠢᠨ ᠬᠠᠮᠢᠶᠠᠷᠤᠯᠲᠠ᠎ᠶ᠋ᠢᠨ ᠲᠦᠷᠢᠮ᠎ᠳᠤ ᠱᠢᠰᠲ᠋ᠧᠮᠲᠦ ᠴᠢᠨᠠᠷᠲᠠᠶ ᠳᠠᠬᠢᠨ ᠬᠢᠵᠦ᠍᠂ ᠤᠤᠯ᠎ᠤᠨ 《ᠨᠢᠭᠡ ᠦᠨᠡᠮᠯᠡᠯ ᠬᠤᠶᠠᠷ ᠡᠷᠬᠡ》᠎ᠶ᠋ᠢᠨ ᠬᠠᠢᠨ ᠪᠠᠢᠴᠠᠭᠠᠬᠤ ᠵᠥᠪᠱᠢᠶᠡᠷᠡᠯ᠎ᠤᠨ ᠦᠨᠡᠮᠯᠡᠯ᠂ ᠠᠭᠤᠷᠬᠠᠶ ᠮᠠᠯᠲᠠᠬᠤ ᠵᠥᠪᠱᠢᠶᠡᠷᠡᠯ᠎ᠤᠨ ᠦᠨᠡᠮᠯᠡᠯ᠎ᠢ ᠠᠭᠤᠷᠬᠠᠶ᠎ᠶ᠋ᠢᠨ ᠦᠢᠯᠡᠰ᠎ᠤᠨ ᠡᠷᠬᠡ᠎ᠶ᠋ᠢᠨ ᠥᠯᠥ᠍ ᠬᠥᠳᠡᠯᠬᠦ᠌ ᠬᠥᠷᠥᠩᠭᠡ᠎ᠶ᠋ᠢᠨ ᠡᠷᠬᠡ᠎ᠶ᠋ᠢᠨ ᠦᠨᠡᠮᠯᠡᠯ ᠪᠠ ᠬᠠᠢᠨ ᠪᠠᠢᠴᠠᠭᠠᠵᠤ ᠨᠡᠭᠡᠭᠡᠨ ᠮᠠᠯᠲᠠᠬᠤ ᠵᠥᠪᠱᠢᠶᠡᠷᠡᠯ᠎ᠤᠨ ᠦᠨᠡᠮᠯᠡᠯ ᠂ ᠠᠭᠤᠷᠬᠠᠶ᠎ᠶ᠋ᠢᠨ ᠦᠢᠯᠡᠰ᠎ᠤᠨ ᠡᠷᠬᠡ᠎ᠶ᠋ᠢ ᠥᠯᠥ᠍ ᠬᠥᠳᠡᠯᠬᠦ᠌ ᠬᠥᠷᠥᠩᠭᠡ᠎ᠶ᠋ᠢᠨ ᠨᠢᠭᠡᠳᠦᠯᠲᠡᠶ ᠳᠡᠩᠰᠡᠯᠡᠨ ᠬᠠᠮᠢᠶᠠᠷᠬᠤ᠎ᠳᠤ ᠣᠷᠣᠭᠤᠯᠵᠤ᠂ ᠠᠭᠤᠷᠬᠠᠶ᠎ᠶ᠋ᠢᠨ ᠦᠢᠯᠡᠰ᠎ᠤᠨ ᠡᠷᠬᠡ᠎ᠶ᠋ᠢ ᠠᠱᠢᠭ ᠤᠯᠬᠤ ᠪᠣᠳᠠᠰ᠎ᠤᠨ ᠡᠷᠬᠡ᠎ᠶ᠋ᠢᠨ ᠡᠳ᠋ ᠬᠥᠷᠥᠩᠭᠡ᠎ᠶ᠋ᠢᠨ ᠱᠢᠨᠵᠢ ᠴᠢᠨᠠᠷ ᠪᠣᠯᠭᠠᠵᠤ᠂ ᠠᠭᠤᠷᠬᠠᠶ᠎ᠶ᠋ᠢᠨ ᠦᠢᠯᠡᠰ᠎ᠤᠨ ᠡᠷᠬᠡᠲᠦ ᠬᠥᠮᠦᠨ᠎ᠤ ᠪᠠᠷᠢᠴᠠᠭᠠᠯᠠᠵᠤ ᠪᠠᠯᠠ ᠲᠣᠬᠢᠷᠠᠭᠤᠯᠬᠤ᠎ᠳᠤ ᠨᠠᠩ ᠰᠠᠢᠨ ᠬᠠᠤᠯᠢ ᠴᠠᠭᠠᠵᠠ᠎ᠶ᠋ᠢᠨ ᠪᠠᠲᠤᠯᠠᠭ᠎ᠠ ᠬᠠᠩᠭᠠᠪᠠ᠃
ᠱᠢᠨ᠎ᠡ 《ᠠᠭᠤᠷᠬᠠᠶ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠤᠨ ᠬᠠᠤᠯᠢ》᠎ᠶ᠋ᠢᠨ ᠥᠨᠳᠥᠷ ᠪᠦᠲᠦᠮᠵᠢᠲᠡᠶ ᠬᠡᠷᠡᠭ᠌ᠵᠢᠭᠦᠯᠦᠭ᠌ᠳᠡᠬᠦ᠌᠎ᠶ᠋ᠢ ᠪᠠᠲᠤᠯᠠᠬᠤ᠎ᠶ᠋ᠢᠨ ᠲᠥᠯᠥᠭᠡ᠂ ᠬᠢᠩᠭᠠᠨ ᠠᠢᠮᠠᠭ᠎ᠤᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ ᠣᠯᠠᠨ ᠵᠦᠢᠯ᠎ᠤᠨ ᠠᠷᠭ᠎ᠠ ᠬᠡᠮᠵᠢᠶ᠎ᠡ᠎ᠶ᠋ᠢ ᠵᠡᠷᠭᠡ᠎ᠪᠠᠷ ᠬᠡᠷᠡᠭ᠌ᠯᠡᠨ ᠱᠢᠨ᠎ᠡ ᠬᠠᠭᠤᠴᠢᠨ ᠲᠦᠷᠢᠮ᠎ᠤᠨ ᠵᠣᠯᠭᠠᠭᠤᠯᠬᠤ᠎ᠶ᠋ᠢ ᠠᠬᠢᠭᠤᠯᠵᠤ᠂ ᠴᠠᠭ ᠲᠤᠬᠠᠶ᠎ᠳᠤ ᠨᠢ ᠲᠤᠬᠠᠢᠯᠠᠭ᠍ᠰᠠᠨ ᠠᠵᠢᠯ᠎ᠤᠨ ᠢ ᠵᠣᠬᠢᠶᠠᠨ ᠪᠠᠢᠭᠤᠯᠵᠤ᠂ ᠠᠭᠤᠷᠬᠠᠶ᠎ᠶ᠋ᠢᠨ ᠠᠵᠤ ᠠᠬᠤᠢᠯᠠᠯ᠎ᠳᠤ ᠦᠢᠯᠡᠴᠢᠯᠡᠬᠦ᠌ 《 》ᠵᠢᠯᠣᠭᠤᠳᠭᠤ ᠲᠣᠭ᠍ᠲᠠᠴᠠ᠎ᠶ᠋ᠢ ᠪᠠᠢᠭᠤᠯᠤᠨ᠂ 《ᠮᠠᠲ᠋ᠧᠷᠢᠶᠠᠯ᠎ᠢ ᠨᠢᠭᠡ ᠯᠡ ᠤᠳᠠᠭ᠎ᠠ᠎ᠳᠤ ᠮᠡᠳᠡᠭ᠌ᠳᠡᠬᠦ᠂ ᠬᠢᠨᠠᠨ ᠬᠠᠷᠭᠤᠭᠤᠯᠬᠤ᠎ᠶ᠋ᠢ ᠨᠡᠢᠯᠡᠭᠦᠯᠦᠨ ᠬᠠᠮᠲᠤᠷᠠᠨ ᠭᠦᠶ᠋ᠴᠡᠳᠭᠡᠬᠦ᠌》 ᠵᠠᠭ᠍ᠪᠤᠷ᠎ᠢ ᠬᠡᠷᠡᠭ᠌ᠵᠢᠭᠦᠯᠬᠦ᠌ ᠶ᠋ᠢᠨ ᠬᠠᠮᠲᠤ᠌᠂ ᠥᠪᠡᠷᠲᠡᠭᠡᠨ ᠵᠠᠰᠠᠬᠤ ᠣᠷᠣᠨ᠎ᠤ ᠬᠠᠮᠢᠶᠠᠷᠤᠯᠲᠠ᠎ᠶ᠋ᠢᠨ ᠲᠠᠪᠴᠠᠩ᠎ᠢᠶᠠᠷ ᠠᠴᠢᠶᠠᠯᠠᠪᠤᠷᠢ ᠪᠣᠯᠭᠠᠵᠤ᠂ ᠠᠭᠤᠷᠬᠠᠶ᠎ᠶ᠋ᠢᠨ ᠦᠢᠯᠡᠰ᠎ᠤᠨ ᠡᠷᠬᠡ᠎ᠶ᠋ᠢᠨ ᠬᠠᠮᠢᠶᠠᠷᠤᠯᠲᠠ ᠥᠯᠥ᠍ ᠬᠥᠳᠡᠯᠬᠦ᠌ ᠬᠥᠷᠥᠩᠭᠡ᠎ᠶ᠋ᠢᠨ ᠳᠡᠩᠰᠡᠯᠡᠯᠲᠡ᠎ᠶ᠋ᠢ ᠲᠠᠰ ᠳᠠᠷᠠᠭᠠᠯᠠᠯ᠂ ᠮᠡᠳᠡᠭᠡ ᠵᠠᠩᠭᠢ ᠪᠠ ᠦᠨᠡᠮᠯᠡᠯ ᠣᠯᠭᠤᠬᠤ ᠭᠤᠭ᠍ᠴᠣᠭᠠᠨᠳᠠᠬᠢ ᠣᠷᠭᠠᠨᠢᠭ᠎ᠢᠶᠠᠷ ᠵᠣᠯᠭᠠᠭᠤᠯᠬᠤ᠎ᠶ᠋ᠢ ᠪᠡᠶᠡᠯᠡᠭᠦᠯᠪᠡ᠃