ᠥᠪᠥᠷ ᠮᠣᠩᠭᠤᠯ ᠪᠣᠬᠢᠷᠲᠤᠯ ᠥᠬᠡᠶ ᠠᠭᠤᠷᠬᠠᠶ ᠵᠢᠨ ᠪᠥᠲᠥᠭᠡᠨ ᠪᠠᠶ᠋ᠢᠭᠤᠯᠤᠯᠲᠠ ᠵᠢ ᠠᠬᠢᠭᠤᠯᠪᠠ
2024-03-18

   ᠳᠤᠮᠳᠠᠳᠤ ᠤᠯᠤᠰ᠎ᠤᠨ ᠰᠣᠨᠢᠨ ᠮᠡᠳᠡᠭᠡᠨ᠎ᠤ ᠰᠦᠯᠵᠢᠶ᠎ᠡ ᠵᠢᠨ ᠪᠡᠭᠡᠵᠢᠩ᠎ᠤᠨ 3 ᠳ᠋ᠤᠭ᠋ᠠᠷ ᠰᠠᠷ᠎ᠠ ᠵᠢᠨ 7᠎ᠤ ᠡᠳᠦᠷ᠎ᠤᠨ ᠴᠠᠬᠢᠯᠭ᠋ᠠᠨ ᠮᠡᠳᠡᠭᠡ (ᠶᠢᠨ ᠴᠢᠶᠠᠨ ᠶᠦᠨ) ᠪᠣᠬᠢᠷᠳᠤᠯ ᠦᠭᠡᠢ ᠠᠭᠤᠷᠬᠠᠢ ᠵᠢᠨ ᠪᠦᠲᠦᠭᠡᠨ ᠪᠠᠶ᠋ᠢᠭᠤᠯᠤᠯᠲᠠ ᠪᠣᠯ ᠮᠠᠨ᠎ᠤ ᠤᠯᠤᠰ᠎ᠤᠨ ᠠᠭᠤᠷᠬᠠᠢ ᠵᠢᠨ ᠦᠢ᠍ᠯᠡᠰ᠎ᠤᠨ ᠴᠢᠨᠠᠷ ᠰᠠᠶ᠋ᠢᠲᠠᠢ ᠬᠥᠭᠵᠢᠯᠲᠡ ᠵᠢ ᠠᠬᠢᠭᠤᠯᠬᠤ ᠴᠢᠬᠤᠯᠠ ᠠᠷᠭ᠎ᠠ ᠬᠡᠮᠵᠢᠶ᠎ᠡ ᠪᠣᠯᠣᠨ᠎ᠠ᠃ ᠣᠶ᠋ᠢᠷ᠎ᠠ᠎ᠳᠤ᠂ 《ᠦᠵᠡᠰᠬᠦᠯᠡᠩᠲᠦ ᠰᠠᠶ᠋ᠢᠬᠠᠨ ᠤᠮᠠᠷᠠᠲᠤ ᠬᠢᠯᠢ ᠨᠣᠭᠤᠭ᠋ᠠᠨ ᠥᠩᠭᠡ᠎ᠪᠠᠷ ᠠᠶᠠᠯᠠᠬᠤ —  ᠥᠪᠥᠷ ᠮᠣᠩᠭᠤᠯ᠎ᠤᠨ ᠪᠣᠬᠢᠷᠲᠤᠯ ᠥᠬᠡᠶ ᠠᠭᠤᠷᠬᠠᠶ ᠵᠢᠨ ᠣᠨᠴᠠ ᠦᠵᠡᠭᠦᠯᠭᠡ》᠎ᠨᠢ ᠳᠤᠮᠳᠠᠳᠤ ᠤᠯᠤᠰ᠎ᠤᠨ ᠭᠠᠵᠠᠷ ᠰᠢᠨᠵᠢᠯᠡᠭᠡᠨ᠎ᠤ ᠮᠦᠽᠧᠶ᠎ᠳᠤ ᠶᠠᠪᠤᠭᠳᠠᠵᠤ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠡᠯᠪᠡᠭ ᠪᠠᠶᠠᠯᠢᠭ ᠠᠭᠤᠷᠬᠠᠶ ᠵᠢᠨ ᠭᠠᠷᠤᠯᠲᠠ ᠵᠢᠨ ᠡᠬᠢ ᠪᠠᠶᠠᠯᠢᠭ ᠵᠢᠴᠢ ᠪᠣᠬᠢᠷᠲᠤᠯ ᠥᠬᠡᠶ ᠠᠭᠤᠷᠬᠠᠶ ᠵᠢᠨ ᠪᠥᠲᠥᠭᠡᠨ ᠪᠠᠶ᠋ᠢᠭᠤᠯᠤᠯᠲᠠ ᠵᠢᠨ ᠦᠷ᠎ᠡ ᠪᠦᠲᠦᠭᠡᠯ᠎ᠢ ᠳᠡᠯᠭᠡᠨ ᠦᠵᠡᠭᠦᠯᠪᠡ᠃

   ᠥᠪᠥᠷ ᠮᠣᠩᠭᠤᠯ ᠪᠣᠯ ᠠᠭᠤᠷᠬᠠᠶ ᠵᠢᠨ ᠭᠠᠷᠤᠯᠲᠠ ᠵᠢᠨ ᠡᠬᠢ ᠪᠠᠶᠠᠯᠢᠭ᠎ᠤᠨ ᠲᠣᠮᠣ ᠣᠷᠣᠨ᠂ ᠮᠠᠨ᠎ᠤ ᠤᠯᠤᠰ᠎ᠤᠨ ᠴᠢᠬᠤᠯᠠ ᠡᠨᠧᠷᠭᠢ ᠵᠢᠨ ᠡᠬᠢ ᠪᠠᠶᠠᠯᠢᠭ᠎ᠤᠨ ᠰᠠᠭᠤᠷᠢᠨ ᠭᠠᠵᠠᠷ᠂ ᠨᠡᠭᠦᠷᠡᠰᠦ᠂ ᠬᠤᠪᠣᠷ ᠰᠢᠷᠣᠶ ᠵᠡᠷᠭᠡ 21 ᠵᠦᠢ᠍ᠯ᠎ᠤᠨ ᠴᠢᠬᠤᠯᠠ ᠠᠭᠤᠷᠬᠠᠶ ᠵᠢᠨ ᠭᠠᠷᠤᠯᠲᠠ ᠵᠢᠨ ᠪᠠᠲᠤᠯᠠᠭ᠎ᠠ ᠵᠢᠨ ᠡᠬᠢ ᠪᠠᠶᠠᠯᠢᠭ᠎ᠤᠨ ᠬᠡᠮᠵᠢᠶ᠎ᠡ ᠪᠥᠬᠦ ᠤᠯᠤᠰ᠎ᠤᠨ ᠲᠡᠷᠢᠭᠦᠨ᠎ᠳᠤ ᠣᠷᠣᠪᠠ᠃ ᠭᠡᠪᠡᠴᠦ ᠬᠥᠭᠵᠢᠯᠲᠡ ᠵᠢᠨ ᠶᠠᠪᠤᠴᠠ᠎ᠳᠤ ᠠᠮᠢ ᠠᠬᠤᠢ ᠵᠢᠨ ᠣᠷᠴᠢᠨ ᠲᠣᠭᠤᠷᠢᠨ᠎ᠢ ᠬᠡᠷᠬᠢᠨ ᠬᠠᠮᠠᠭ᠋ᠠᠯᠠᠵᠤ᠂ ᠠᠭᠤᠷᠬᠠᠢ ᠵᠢᠨ ᠣᠷᠣᠨ᠎ᠤ ᠭᠠᠵᠠᠷ ᠰᠢᠨᠵᠢᠯᠡᠭᠡᠨ᠎ᠤ ᠣᠷᠴᠢᠨ ᠲᠣᠭᠤᠷᠢᠨ᠎ᠢ ᠰᠡᠷᠭᠦᠭᠡᠨ ᠵᠠᠰᠠᠬᠤ ᠵᠢ ᠠᠬᠢᠭᠤᠯᠬᠤ᠎ᠳᠤ 《ᠵᠠᠪᠠᠯ ᠬᠠᠷᠢᠭᠤᠯᠬᠤ ᠰᠡᠳᠦᠪ》 ᠪᠣᠯᠭ᠋ᠠᠬᠤ ᠬᠡᠷᠡᠭᠲᠡᠢ᠃

   ᠣᠶ᠋ᠢᠷ᠎ᠠ ᠵᠢᠨ ᠵᠢᠯ᠎ᠤᠨ ᠲᠤᠷᠰᠢ᠂ ᠥᠪᠥᠷ ᠮᠣᠩᠭᠤᠯ ᠤᠷᠢᠳ ᠬᠤᠵᠢᠳ ᠪᠣᠬᠢᠷᠲᠤᠯ ᠥᠬᠡᠶ ᠠᠭᠤᠷᠬᠠᠶ ᠵᠢᠨ ᠪᠥᠲᠥᠭᠡᠨ ᠪᠠᠶ᠋ᠢᠭᠤᠯᠤᠯᠲᠠ ᠵᠢᠨ ᠲᠥᠰᠦᠯ᠂ ᠪᠥᠲᠥᠭᠡᠨ ᠪᠠᠶ᠋ᠢᠭᠤᠯᠤᠯᠲᠠ ᠵᠢᠨ ᠲᠥᠯᠥᠪᠵᠢᠭᠦᠯᠭᠡ᠂ ᠦᠨᠡᠯᠡᠨ ᠵᠢᠱ᠌ᠢᠬᠦ ᠠᠷᠭ᠎ᠠ᠂ ᠪᠥᠲᠥᠭᠡᠨ ᠪᠠᠶ᠋ᠢᠭᠤᠯᠤᠯᠲᠠ ᠵᠢᠨ ᠦᠨᠡᠯᠡᠯᠲᠡ ᠵᠢᠨ ᠭᠦᠢ᠍ᠴᠡᠳᠭᠡᠯ ᠲᠤᠭ᠎ᠠ ᠵᠡᠷᠭᠡ ᠠᠯᠢ ᠣᠯᠠᠨ ᠲᠦᠷᠢᠮ ᠲᠣᠭᠲᠠᠭ᠋ᠠᠯ᠎ᠢ ᠲᠣᠭᠲᠠᠭ᠋ᠠᠨ ᠨᠡᠶ᠋ᠢᠲᠡᠯᠡᠵᠦ᠂ ᠪᠣᠬᠢᠷᠲᠤᠯ ᠥᠬᠡᠶ ᠠᠭᠤᠷᠬᠠᠶ ᠵᠢᠨ ᠪᠥᠲᠥᠭᠡᠨ ᠪᠠᠶ᠋ᠢᠭᠤᠯᠤᠯᠲᠠ ᠵᠢ ᠪᠥᠬᠦ ᠲᠠᠯ᠎ᠠ᠎ᠪᠠᠷ ᠠᠬᠢᠭᠤᠯᠪᠠ᠃

   ᠪᠦᠷᠢᠳᠭᠡᠯ᠎ᠢ ᠦᠨᠳᠦᠰᠦᠯᠡᠪᠡᠯ᠂ 2011 ᠣᠨ᠎ᠠᠴᠠ 2014 ᠣᠨ ᠪᠣᠯᠲᠠᠯ᠎ᠠ᠂ ᠥᠪᠥᠷ ᠮᠣᠩᠭᠣᠯ᠎ᠤᠨ 35 ᠠᠭᠤᠷᠬᠠᠢ ᠤᠯᠤᠰ᠎ᠤᠨ ᠳᠡᠰ᠎ᠤᠨ ᠪᠣᠬᠢᠷᠲᠤᠯ ᠦᠭᠡᠢ ᠠᠭᠤᠷᠬᠠᠢ ᠵᠢᠨ ᠲᠤᠷᠰᠢᠯᠲᠠ᠎ᠪᠠᠷ ᠰᠣᠩᠭᠣᠭᠳᠠᠪᠠ᠃ 2023 ᠣᠨ᠎ᠤ ᠡᠴᠦᠰ ᠪᠣᠯᠲᠠᠯ᠎ᠠ᠂ ᠪᠥᠬᠦ ᠣᠷᠣᠨ᠎ᠳᠤ ᠨᠡᠶ᠋ᠢᠲᠡ 344 ᠠᠭᠤᠷᠬᠠᠶ ᠵᠢ ᠪᠣᠬᠢᠷᠲᠤᠯ ᠥᠬᠡᠶ ᠠᠭᠤᠷᠬᠠᠶ ᠵᠢᠨ ᠨᠡᠷᠡᠰ᠎ᠤᠨ ᠵᠢᠭᠰᠠᠭ᠋ᠠᠯᠲᠠ᠎ᠳᠤ ᠣᠷᠣᠭᠤᠯᠵᠤ᠂ ᠡᠭᠦᠨ᠎ᠳᠤ 47 ᠠᠭᠤᠷᠬᠠᠶ ᠵᠢ ᠤᠯᠤᠰ᠎ᠤᠨ ᠪᠣᠬᠢᠷᠲᠤᠯ ᠥᠬᠡᠶ ᠠᠭᠤᠷᠬᠠᠶ ᠵᠢᠨ ᠨᠡᠷᠡᠰ᠎ᠤᠨ ᠵᠢᠭᠰᠠᠭ᠋ᠠᠯᠲᠠ᠎ᠳᠤ ᠣᠷᠣᠭᠤᠯᠪᠠ᠃

   ᠡᠭᠦᠨ᠎ᠠᠴᠠ ᠭᠠᠳᠠᠨ᠎ᠠ᠂ ᠥᠪᠥᠷ ᠮᠣᠩᠭᠤᠯ ᠠᠭᠤᠷᠬᠠᠶ ᠵᠢᠨ ᠠᠮᠢ ᠠᠬᠤᠶ ᠵᠢ ᠰᠡᠷᠭᠦᠭᠡᠬᠦ ᠠᠵᠢᠯ᠎ᠢ ᠬᠦᠴᠦᠯᠡᠨ ᠠᠬᠢᠭᠤᠯᠬᠤ ᠵᠢᠨ ᠬᠠᠮᠲᠤ ᠰᠡᠷᠭᠦᠭᠡᠨ ᠵᠠᠰᠠᠬᠤ ᠵᠢ ᠠᠭᠤᠷᠬᠠᠶ ᠵᠢᠨ ᠪᠥᠲᠥᠭᠡᠨ ᠪᠠᠶ᠋ᠢᠭᠤᠯᠤᠯᠲᠠ᠂ ᠦᠢ᠍ᠯᠡᠳᠪᠦᠷᠢᠯᠡᠯ᠂ ᠲᠡᠭᠡᠭᠡᠪᠦᠷᠢ ᠵᠡᠷᠭᠡ ᠭᠤᠭᠴᠤᠭ᠎ᠠ᠎ᠳᠤ ᠬᠦᠷᠲᠡᠯ᠎ᠡ ᠥᠷᠭᠡᠳᠬᠡᠵᠦ᠂ ᠠᠭᠤᠷᠬᠠᠶ ᠵᠢᠨ ᠣᠷᠣᠨ᠎ᠤ ᠪᠦᠬᠦᠯᠢ ᠴᠣᠭᠴᠠ ᠵᠢᠨ ᠣᠷᠴᠢᠨ ᠲᠣᠭᠤᠷᠢᠨ᠎ᠢ ᠢᠯᠡᠳᠲᠡ ᠳᠡᠭᠡᠭᠰᠢᠯᠡᠭᠦᠯᠬᠦ ᠵᠢ ᠠᠬᠢᠭᠤᠯᠪᠠ᠃

   ᠪᠣᠬᠢᠷᠲᠤᠯ ᠥᠬᠡᠶ ᠠᠭᠤᠷᠬᠠᠶ ᠵᠢᠨ ᠪᠥᠲᠥᠭᠡᠨ ᠪᠠᠶ᠋ᠢᠭᠤᠯᠤᠯᠲᠠ ᠵᠢ ᠠᠬᠢᠭᠤᠯᠬᠤ ᠳᠤᠮᠳᠠ᠂ ᠥᠪᠥᠷ ᠮᠣᠩᠭᠤᠯ᠎ᠤᠨ ᠮᠠᠰᠢ ᠣᠯᠠᠨ ᠠᠭᠤᠷᠬᠠᠶ ᠵᠢᠨ ᠣᠷᠣᠨ᠎ᠤ ᠰᠢᠨ᠎ᠡ ᠵᠢ ᠡᠭᠦᠳᠬᠦ ᠰᠡᠳᠬᠢᠮᠵᠢ᠂ ᠠᠮᠢ ᠠᠬᠤᠶ ᠵᠢᠨ ᠬᠡᠷᠡᠯ ᠴᠡᠨᠡᠭ᠂ ᠠᠭᠤᠷᠬᠠᠶ ᠵᠢᠨ ᠣᠷᠣᠨ᠎ᠤ ᠵᠢᠭᠤᠯᠴᠢᠯᠠᠯ᠂ ᠣᠷᠣᠨ ᠨᠤᠲᠤᠭ ᠪᠠ ᠠᠵᠤ ᠠᠬᠤᠶ᠋ᠢᠯᠠᠯ᠎ᠤᠨ ᠠᠭᠤᠰᠤᠯᠴᠠᠯ ᠵᠡᠷᠭᠡ ᠵᠠᠭᠪᠤᠷ᠎ᠢ ᠪᠣᠶ ᠪᠣᠯᠭ᠋ᠠᠵᠤ᠂ ᠮᠠᠨ᠎ᠤ ᠤᠯᠤᠰ᠎ᠤᠨ ᠠᠭᠤᠷᠬᠠᠶ ᠵᠢᠨ ᠣᠷᠣᠨ᠎ᠤ ᠪᠣᠬᠢᠷᠲᠤᠯ ᠥᠬᠡᠶ ᠬᠥᠭᠵᠢᠯᠲᠡ᠎ᠳᠤ ᠰᠡᠩᠬᠡᠷᠡᠭᠦᠯᠦᠯ ᠬᠠᠩᠭ᠋ᠠᠨ᠎ᠠ᠃

   ᠣᠷᠳᠣᠰ ᠬᠤᠲᠠ ᠵᠢᠨ ᠪᠤᠷᠲᠠᠢ ᠨᠡᠭᠦᠷᠡᠰᠦᠨ ᠠᠭᠤᠷᠬᠠᠢ᠎ᠪᠠᠷ ᠵᠢᠱ᠌ᠢᠶᠡᠯᠡᠪᠡᠯ᠂ ᠲᠡᠭᠦᠨ᠎ᠤ ᠨᠡᠭᠦᠷᠡᠰᠦ ᠮᠠᠯᠲᠠᠭᠰᠠᠨ᠎ᠠᠴᠠ ᠪᠣᠯᠵᠤ ᠳᠣᠷᠣᠭᠰᠢ ᠰᠠᠭᠤᠭᠰᠠᠨ ᠣᠷᠣᠨ᠎ᠢ ᠠᠰᠢᠭᠯᠠᠨ 《ᠠᠮᠢ ᠠᠬᠤᠢ + ᠭᠡᠷᠡᠯ ᠴᠡᠨᠡᠭ》᠎ᠢ ᠬᠥᠭᠵᠢᠭᠦᠯᠵᠦ᠂ ᠠᠮᠢ ᠠᠬᠤᠢ ᠵᠢ ᠰᠡᠷᠭᠦᠭᠡᠬᠦ᠂ ᠳᠠᠬᠢᠨ ᠡᠭᠦᠰᠴᠦ ᠪᠣᠯᠬᠤ ᠡᠨᠧᠷᠭᠢ ᠵᠢᠨ ᠠᠰᠢᠭᠯᠠᠯᠲᠠ ᠵᠢ ᠨᠡᠶ᠋ᠢᠭᠡᠮ ᠲᠣᠭᠤᠷᠢᠭ᠎ᠤᠨ ᠬᠠᠷᠠᠭ᠋ᠠᠯᠵᠠᠯ᠎ᠲᠠᠢ ᠬᠠᠮᠲᠤᠪᠠᠷ ᠡᠳ᠋ᠯᠡᠬᠦ ᠵᠡᠷᠭᠡ᠎ᠲᠠᠢ ᠠᠭᠤᠰᠤᠯᠴᠠᠭᠤᠯᠤᠨ᠎ᠠ᠃ ᠣᠶ᠋ᠢᠯᠠᠭ᠋ᠠᠭᠰᠠᠨ ᠵᠶ᠋ᠠᠷ᠂ ᠲᠣᠰ ᠲᠥᠷᠥᠯ ᠵᠦᠢ᠍ᠯ᠎ᠳᠤ ᠮᠠᠰᠢᠨ ᠴᠣᠭᠴᠠᠯᠠᠪᠤᠷᠢ ᠵᠢᠨ ᠪᠠᠭᠲᠠᠭ᠋ᠠᠮᠵᠢ᠎ᠨᠢ 50 ᠲᠦᠮᠡᠨ ᠺᠢᠯᠣᠸᠠᠲ᠎ᠤᠨ ᠬᠡᠷᠡᠯ ᠴᠡᠨᠡᠭ᠎ᠤᠨ ᠴᠠᠬᠢᠯᠭ᠋ᠠᠨ ᠥᠷᠲᠡᠭᠡ ᠪᠠᠶ᠋ᠢᠵᠤ᠂ ᠵᠢᠯ᠎ᠤᠨ ᠳᠤᠮᠳᠠᠴᠢ ᠴᠠᠬᠢᠯᠭ᠋ᠠᠨ ᠭᠠᠷᠭ᠋ᠠᠬᠤ ᠬᠡᠮᠵᠢᠶ᠎ᠡ᠎ᠨᠢ ᠪᠠᠷᠤᠭ 9 ᠲᠦᠮᠡᠨ ᠺᠢᠯᠣᠸᠠᠲ ᠴᠠᠭ᠎ᠲᠤ ᠬᠦᠷᠴᠦ᠂ ᠵᠢᠯ᠎ᠤᠨ ᠦᠢ᠍ᠯᠡᠳᠬᠦᠨ᠎ᠤ ᠥᠷᠲᠡᠭ᠎ᠨᠢ ᠪᠠᠷᠤᠭ 2.55 ᠳ᠋ᠦᠩᠰᠢᠭᠤᠷ ᠲᠥᠭᠦᠷᠢᠭ᠎ᠲᠤ ᠬᠦᠷᠴᠦ᠂ ᠭᠠᠶ᠋ᠢᠯᠢ ᠲᠠᠲᠠᠪᠤᠷᠢ ᠵᠢᠨ ᠣᠷᠣᠯᠭ᠎ᠠ᠎ᠨᠢ ᠪᠠᠷᠤᠭ 5 ᠮᠢᠩᠭ᠋ᠠᠨ ᠲᠦᠮᠡᠨ ᠲᠥᠭᠦᠷᠢᠭ᠎ᠲᠤ ᠬᠦᠷᠴᠦ᠂ ᠲᠤᠬᠠᠶ ᠵᠢᠨ ᠭᠠᠵᠠᠷ᠎ᠤᠨ ᠮᠠᠯᠴᠢᠨ ᠲᠠᠷᠢᠶᠠᠴᠢᠨ᠎ᠤ ᠬᠥᠮᠦᠨ ᠪᠦᠷᠢ᠎ᠳᠤ ᠵᠢᠯ ᠪᠦᠷᠢ 1000 ᠲᠥᠭᠦᠷᠢᠭ᠎ᠤᠨ ᠲᠣᠭᠲᠠᠮᠠᠯ ᠣᠷᠣᠯᠭ᠎ᠠ ᠨᠡᠮᠡᠭᠳᠡᠭᠦᠯᠬᠦ ᠪᠣᠯᠤᠨ᠎ᠠ᠃

   ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ᠎ᠤᠨ ᠬᠠᠮᠢᠶ᠎ᠠ ᠪᠦᠬᠦᠢ ᠠᠵᠢᠯᠲᠠᠨ ᠢᠯᠡᠷᠬᠡᠶ᠋ᠢᠯᠡᠬᠦ᠎ᠳᠡᠭᠡᠨ᠂ ᠪᠣᠬᠢᠷᠲᠤᠯ ᠥᠬᠡᠶ ᠠᠭᠤᠷᠬᠠᠶ ᠵᠢᠨ ᠪᠥᠲᠥᠭᠡᠨ ᠪᠠᠶ᠋ᠢᠭᠤᠯᠤᠯᠲᠠ ᠵᠢ ᠠᠬᠢᠭᠤᠯᠬᠤ᠎ᠳᠤ ᠣᠷᠴᠢᠨ ᠲᠣᠭᠤᠷᠢᠨ᠎ᠢ ᠠᠮᠢ ᠠᠬᠤᠶ᠋ᠢᠵᠢᠭᠤᠯᠬᠤ᠂ ᠨᠡᠭᠡᠭᠡᠨ ᠮᠠᠯᠲᠠᠬᠤ ᠠᠷᠭ᠎ᠠ ᠮᠠᠶᠢᠭ᠎ᠢ ᠰᠢᠨᠵᠢᠯᠡᠬᠦ ᠤᠬᠠᠭ᠋ᠠᠨᠴᠢᠯᠠᠬᠤ᠂ ᠡᠬᠢ ᠪᠠᠶᠠᠯᠢᠭ᠎ᠤᠨ ᠠᠰᠢᠭᠯᠠᠯᠲᠠ ᠵᠢ ᠥᠨᠳᠥᠷ ᠦᠷ᠎ᠡ ᠪᠦᠲᠦᠮᠵᠢᠲᠡᠶ ᠪᠣᠯᠭ᠋ᠠᠬᠤ᠂ ᠬᠠᠮᠢᠶᠠᠷᠤᠯᠲᠠ ᠵᠢᠨ ᠮᠡᠳᠡᠭᠡ ᠵᠠᠩᠭᠢ ᠵᠢ ᠲᠣᠭ᠋ᠠᠵᠢᠭᠤᠯᠬᠤ ᠪᠠ ᠠᠭᠤᠷᠬᠠᠶ ᠵᠢᠨ ᠣᠷᠣᠨ᠎ᠤ ᠨᠡᠶ᠋ᠢᠭᠡᠮ ᠲᠣᠭᠤᠷᠢᠭ ᠡᠶ᠎ᠡ ᠵᠣᠬᠢᠴᠠᠯ᠎ᠲᠠᠢ ᠪᠣᠯᠭ᠋ᠠᠬᠤ ᠵᠢ ᠪᠡᠶᠡᠯᠡᠭᠦᠯᠵᠦ᠂ ᠪᠣᠬᠢᠷᠲᠤᠯ ᠥᠬᠡᠶ ᠬᠥᠭᠵᠢᠯᠲᠡ ᠵᠢᠨ ᠣᠨᠣᠯᠵᠢᠬᠤᠨ᠎ᠢ ᠠᠭᠤᠷᠬᠠᠶ ᠵᠢᠨ ᠭᠠᠷᠤᠯᠲᠠ ᠵᠢᠨ ᠡᠬᠢ ᠪᠠᠶᠠᠯᠢᠭ᠎ᠢ ᠨᠡᠭᠡᠭᠡᠬᠦ ᠪᠥᠬᠦ ᠶᠠᠪᠤᠴᠠ᠎ᠳᠤ ᠲᠤᠭᠤᠰᠢᠯᠠᠭᠤᠯᠬᠤ ᠬᠡᠷᠡᠭᠲᠡᠶ ᠭᠡᠵᠡᠶ᠃

 

ᠢᠷᠡᠯᠲᠡ᠄ ᠳᠤᠮᠳᠠᠳᠤ ᠤᠯᠤᠰ᠎ᠤᠨ ᠰᠣᠨᠢᠨ ᠮᠡᠳᠡᠭᠡᠨ᠎ᠤ ᠰᠦᠯᠵᠢᠶ᠎ᠡ