ᠥᠪᠥᠷ ᠮᠣᠩᠭᠤᠯ ᠠᠭᠤᠷᠬᠠᠶ᠎ᠶ᠋ᠢᠨ ᠬᠡᠪᠴᠢᠶᠡᠵᠢᠯᠲᠡ᠂ ᠡᠷᠴᠢᠮᠵᠢᠯᠲᠡ᠂ ᠪᠣᠬᠢᠷᠲᠤᠯ ᠥᠬᠡᠶ ᠬᠥᠭ᠌ᠵᠢᠯᠲᠡ᠎ᠶ᠋ᠢᠨ ᠬᠢᠷᠢ ᠲᠦᠪᠱᠢᠨ᠎ᠢ ᠲᠦᠷᠭᠡᠳᠭᠡᠨ ᠳᠡᠭᠡᠭ᠌ᠰᠢᠯᠡᠭᠦᠯᠵᠦ᠍᠂ ᠲᠣᠮᠣ ᠳᠤᠮᠳᠠ ᠬᠡᠯᠪᠡᠷᠢ᠎ᠶ᠋ᠢᠨ ᠠᠭᠤᠷᠬᠠᠶ᠎ᠪᠠᠷ ᠭᠤᠤᠯ ᠪᠣᠯᠭᠠᠭ᠍ᠰᠠᠨ ᠠᠭᠤᠷᠬᠠᠶ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠢ ᠨᠡᠭᠡᠭᠡᠨ ᠠᠱᠢᠭ᠍ᠯᠠᠬᠤ ᠪᠠᠢᠷᠢᠱᠢᠭᠤᠯᠤᠯᠲᠠ ᠶᠠᠭ ᠪᠦᠷᠢᠯᠳᠦᠵᠦ᠍ ᠪᠠᠢᠨ᠎ᠠ᠃ ᠣᠳᠣᠬᠠᠨ ᠪᠣᠯᠲᠠᠯ᠎ᠠ᠂ ᠪᠥᠬᠦ᠌ ᠣᠷᠣᠨ᠎ᠳᠤ ᠨᠢᠭᠡᠨᠲᠡ 398 ᠪᠣᠬᠢᠷᠲᠤᠯ ᠥᠬᠡᠶ ᠠᠭᠤᠷᠬᠠᠶ᠎ᠶ᠋ᠢ ᠪᠠᠢᠭᠤᠯᠵᠤ᠂ ᠪᠥᠲᠥᠭᠡᠨ ᠪᠠᠢᠭᠤᠯᠤᠭ᠍ᠰᠠᠨ ᠲᠤᠭ᠎ᠠ ᠬᠡᠮᠵᠢᠶ᠎ᠡ᠎ᠨᠢ ᠪᠥᠬᠦ᠌ ᠤᠯᠤᠰ᠎ᠤᠨ ᠡᠮᠦᠨ᠎ᠡ ᠡᠩᠨᠡᠭᠡᠨ᠎ᠳᠤ ᠣᠷᠣᠪᠠ᠃ ᠡᠨᠡ ᠵᠢᠯ᠂ ᠥᠪᠡᠷᠲᠡᠭᠡᠨ ᠵᠠᠰᠠᠬᠤ ᠣᠷᠣᠨ 55 ᠭᠠᠷᠤᠢ ᠭᠠᠵᠠᠷ᠎ᠲᠤ ᠪᠣᠬᠢᠷᠲᠤᠯ ᠦᠭᠡᠢ ᠠᠭᠤᠷᠬᠠᠢ ᠪᠠᠢᠭᠤᠯᠬᠤ᠎ᠪᠠᠷ ᠲᠥᠯᠥᠪᠯᠡᠵᠦ᠍ ᠪᠠᠢᠨ᠎ᠠ᠃
ᠨᠠᠷᠠᠰᠤ ᠥᠪᠥᠷ ᠮᠣᠩᠭᠣᠯ᠎ᠤ᠋ᠨ ᠬᠣᠷᠢᠶ᠎ᠠ᠎ᠶᠢᠨ ᠰᠤᠷᠪᠤᠯᠵᠢᠯᠠᠭ᠍ᠴᠢ ᠡᠨᠡ ᠪᠣᠯ ᠪᠠᠶᠬᠠᠣᠪᠤᠭ᠎ᠠ ᠲᠡᠮᠦᠷᠦ᠋ᠨ ᠠᠭᠤᠷᠬᠠᠢ᠎ᠶᠢᠨ ᠭᠤᠷᠪᠠᠳᠤᠭᠠᠷ ᠬᠤᠭᠤᠴᠠᠭᠠᠨ᠎ᠤ᠋ ᠭᠠᠵᠠᠷ ᠰᠢᠨᠵᠢᠯᠡᠭᠡᠨ᠎ᠦ᠌ ᠣᠷᠴᠢᠨ ᠲᠣᠭᠣᠷᠢᠨ᠎ᠢ᠋ ᠵᠠᠰᠠᠬᠤ ᠲᠥᠷᠥᠯ ᠵᠦᠢᠯ᠎ᠦ᠋ᠨ ᠠᠬᠤᠢ ᠲᠠᠯᠠᠪᠠᠢ ᠪᠣᠯᠤᠨ᠎ᠠ᠂ ᠮᠠᠨ᠎ᠤ᠋ ᠪᠠᠢᠭ᠎ᠠ ᠡᠨᠡ ᠬᠦ᠌ ᠣᠷᠣᠨ ᠪᠦᠰᠡ ᠨᠢ ᠥᠩᠭᠡᠷᠡᠭ᠌ᠰᠡᠨᠳ᠋ᠦ᠍ ᠨᠢᠭᠡ ᠶᠡᠬᠡ ᠬᠡᠮᠵᠢᠶᠡᠨ᠎ᠦ᠌ ᠰᠢᠷᠤᠢ ᠤᠪᠤᠭ᠋ᠠᠯᠠᠭᠰᠠᠨ ᠲᠠᠯᠠᠪᠠᠢ ᠪᠠᠢᠵᠤ᠂ ᠠᠷᠪᠠᠨ ᠬᠡᠳᠦᠨ ᠵᠢᠯ᠎ᠦ᠋ᠨ ᠵᠠᠰᠠᠯᠲᠠ᠎ᠪᠠᠷ ᠳᠠᠮᠵᠢᠭᠠᠳ᠂ ᠦᠵᠡ᠂ ᠣᠳᠣ ᠨᠢᠭᠡᠨᠲᠡ 15 ᠲᠡᠭ᠌ᠱᠢ ᠳᠥᠷᠪᠡᠯᠵᠢᠨ ᠺᠢᠯᠣᠮᠧᠲ᠋ᠷᠦ᠋ᠨ ᠨᠣᠭᠣᠭᠠᠷᠠᠭᠤᠯᠤᠯᠲᠠ᠎ᠶᠢᠨ ᠣᠷᠣᠨ ᠪᠣᠯᠤᠭ᠍ᠰᠠᠨ ᠪᠠᠢᠨ᠎ᠠ᠃ ᠦᠨᠡᠨᠳ᠋ᠡᠭᠡᠨ ᠡᠢᠮᠦ᠍ ᠠᠭᠤᠷᠬᠠᠢ᠎ᠶᠢᠨ ᠣᠷᠣᠨ᠎ᠤ᠋ ᠭᠠᠵᠠᠷ ᠰᠢᠨᠵᠢᠯᠡᠭᠡᠨ ᠦ᠌ ᠨᠥᠬᠥᠴᠡᠯ᠎ᠢᠶᠡᠷ ᠨᠡᠯᠢᠶᠡᠳ ᠮᠠᠭᠤ ᠬᠥᠷᠥᠰᠥ᠍ ᠰᠢᠷᠤᠢᠳ᠋ᠤ ᠤᠷᠭᠤᠮᠠᠯ ᠲᠠᠷᠢᠬᠤ ᠨᠢ ᠨᠢᠭᠡᠨ ᠬᠦᠴᠢᠷ ᠶᠠᠪᠤᠳᠠᠯ ᠪᠣᠯᠤᠨ᠎ᠠ᠂ ᠪᠠᠶᠬᠠᠣᠪᠤᠭ᠎ᠠ᠎ᠶᠢᠨ ᠠᠭᠤᠷᠬᠠᠢ᠎ᠶᠢᠨ ᠲᠣᠭᠣᠷᠢᠭ ᠨᠢ ᠥᠨᠳᠥᠷ ᠮᠣᠯᠧᠺᠦ᠋ᠯᠦ᠋ᠨ ᠰᠦᠷᠴᠢᠬᠦ᠌ ᠮᠡᠷᠭᠡᠵᠢᠯ᠎ᠢ᠋ ᠬᠡᠷᠡᠭᠯᠡᠵᠦ᠂ ᠡᠨᠳᠡ ᠲᠣᠬᠢᠷᠠᠬᠤ ᠥᠪᠡᠷᠮᠢᠴᠡ ᠤᠷᠭᠤᠮᠠᠯ᠎ᠤ᠋ᠨ ᠲᠥᠷᠥᠯ ᠵᠦᠢᠯ᠎ᠢ᠋ ᠬᠠᠢᠨ ᠰᠦᠪᠡᠭ᠌ᠴᠢᠯᠡᠵᠦ᠍ ᠭᠠᠷᠭᠠᠭ᠍ᠰᠠᠨ ᠪᠠᠢᠨ᠎ᠠ ᠃ ᠦᠵᠡ ᠂ ᠡᠨᠳᠡ ᠣᠳᠣ ᠨᠢᠭᠡᠨᠲᠡ ᠨᠣᠭᠣᠭᠠᠨ ᠥᠩᠭᠡ᠎ᠪᠡᠷ ᠨᠢᠭᠡ ᠠᠭᠤᠷᠬᠠᠢ᠎ᠶ᠋ᠢᠨ ᠭᠣᠣᠯ ᠰᠡᠳ᠋ᠦᠪᠲᠦ ᠴᠡᠴᠡᠷᠯᠢᠭ ᠪᠤᠯᠤᠭᠰᠠᠨ ᠪᠠᠢ᠌ᠨ᠎ᠠ᠃
2012 ᠣᠨ᠎ᠠᠴᠠ ᠣᠲᠣ ᠪᠣᠯᠲᠠᠯ᠎ᠠ᠂ ᠪᠠᠶᠬᠠᠤᠪᠤᠭ᠎ᠠ ᠠᠭᠤᠷᠬᠠᠶ᠎ᠶ᠋ᠢᠨ ᠲᠣᠭᠤᠷᠢᠭ᠎ᠲᠤ ᠵᠠᠯᠭᠠᠭ᠎ᠠ᠎ᠪᠠᠷ 5.7 ᠳ᠋ᠦᠩᠱᠢᠭᠤᠷ ᠲᠥᠭᠦᠷᠢᠭ᠎ᠤᠨ ᠪᠠᠯᠠ ᠣᠷᠣᠭᠤᠯᠵᠤ᠂ ᠪᠠᠷᠤᠭ 16 ᠲᠡᠭ᠌ᠰᠢ ᠳᠥᠷᠪᠡᠯᠵᠢᠨ ᠺᠢᠯᠣᠮᠧᠲᠷ ᠠᠭᠤᠷᠬᠠᠶ᠎ᠶ᠋ᠢᠨ ᠲᠣᠭᠤᠷᠢᠭ᠎ᠲᠤ ᠠᠮᠢ ᠠᠬᠤᠶ᠎ᠶ᠋ᠢᠨ ᠵᠠᠰᠠᠯᠲᠠ ᠬᠢᠪᠠ᠃ ᠨᠢᠳᠤᠨᠤᠨ᠎ᠠᠴᠠ ᠨᠠᠭ᠋ᠠᠰᠢ᠂ ᠪᠠᠶᠠᠨ᠌ᠣ᠋ᠪᠣᠭ᠎ᠠ ᠲᠡᠮᠦᠷ᠎ᠤᠨ ᠠᠭᠤᠷᠬᠠᠢ᠎ᠨᠢ ᠠᠭᠤᠷᠬᠠᠢ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠢ ᠶᠡᠷᠦᠩᠬᠡᠢᠯᠡᠨ ᠠᠱᠢᠭ᠍ᠯᠠᠬᠤ ᠬᠢᠷᠢ ᠲᠦᠪᠱᠢᠨ᠎ᠢᠶᠠᠨ ᠶᠡᠬᠡᠪᠡᠷ ᠳᠡᠭᠡᠭ᠌ᠰᠢᠯᠡᠭᠦᠯᠵᠦ᠍᠂ ᠭᠤᠣᠯ ᠬᠦᠳᠡᠷ᠎ᠤᠨ ᠴᠢᠯᠠᠭᠤᠯᠢᠭ᠎ᠢᠶᠠᠷ ᠲᠡᠭᠡᠭᠡᠪᠦᠷᠢᠯᠡᠬᠦ᠌ ᠲᠠᠬᠢᠨ ᠰᠣᠩᠭᠤᠬᠤ ᠱᠢᠰᠲ᠋ᠧᠮ᠎ᠢ ᠪᠠᠢᠭᠤᠯᠵᠤ᠂ ᠳᠣᠣᠷ᠎ᠠ ᠳᠡᠰ᠎ᠤᠨ ᠲᠡᠮᠦᠷ᠎ᠤᠨ ᠡᠬᠢ ᠪᠠᠶᠠᠯᠢᠭ᠎ᠢ ᠡᠭᠡᠭᠦᠯᠦᠨ ᠬᠤᠷᠢᠶᠠᠵᠤ ᠠᠱᠢᠭ᠍ᠯᠠᠬᠤ ᠴᠢᠳᠠᠪᠤᠷᠢ᠎ᠪᠠᠨ ᠳᠡᠭᠡᠭ᠌ᠰᠢᠯᠡᠭᠦᠯᠵᠦ᠍᠂ 2024 ᠣᠨ᠎ᠳᠤ ᠡᠬᠢ ᠪᠠᠶᠠᠯᠢᠭ᠎ᠢ 294 ᠲᠦᠮᠡᠨ ᠲᠣᠨ ᠡᠭᠡᠭᠦᠯᠦᠨ ᠬᠤᠷᠢᠶᠠᠬᠤ᠎ᠶ᠋ᠢ ᠪᠡᠶᠡᠯᠡᠭᠦᠯᠵᠦ᠍᠂ ᠪᠠᠷᠤᠭ 7 ᠳ᠋ᠦᠩᠱᠢᠭᠤᠷ ᠲᠥᠭᠦᠷᠢᠭ᠎ᠤᠨ ᠣᠷᠣᠯᠭ᠎ᠠ ᠡᠭᠦᠳᠪᠡ᠃
ᠪᠤᠭᠤᠲᠤ ᠬᠤᠲᠠ᠎ᠶ᠋ᠢᠨ ᠪᠠᠶᠬᠠᠣᠪᠤᠭ᠎ᠠ ᠲᠡᠮᠦᠷ᠎ᠤᠨ ᠠᠭᠤᠷᠬᠠᠢ᠎ᠶ᠋ᠢᠨ ᠨᠠᠮ᠎ᠤᠨ ᠬᠤᠷᠢᠶ᠎ᠠ᠎ᠶ᠋ᠢᠨ ᠱᠦᠵᠢ ᠳᠡᠳ᠋ ᠠᠭᠤᠷᠬᠠᠢ᠎ᠶ᠋ᠢᠨ ᠳᠠᠷᠤᠭ᠎ᠠ ᠶᠠᠩ ᠨᠠᠨ ᠠᠭᠤᠷᠬᠠᠢ᠎ᠶ᠋ᠢ ᠣᠶᠤᠨᠴᠢ ᠠᠭᠤᠷᠬᠠᠢ ᠪᠣᠯᠭᠠᠵᠤ᠂ ᠠᠵᠢᠯᠲᠠᠨ ᠠᠵᠢᠯᠴᠢᠨ᠎ᠤ ᠠᠵᠢᠯ᠎ᠤᠨ ᠣᠷᠴᠢᠨ ᠲᠣᠭᠤᠷᠢᠨ᠎ᠢ ᠳᠡᠭᠡᠭ᠌ᠰᠢᠯᠡᠭᠦᠯᠵᠦ᠍᠂ ᠪᠠᠰᠠ ᠮᠠᠨ᠎ᠤ ᠨᠡᠭᠡᠭᠡᠨ ᠮᠠᠯᠲᠠᠬᠤ ᠦᠷ᠎ᠡ ᠪᠦᠲᠦᠮᠵᠢ᠎ᠶ᠋ᠢ ᠳᠡᠭᠡᠭᠰᠢᠯᠡᠭᠦᠯᠦᠭᠰᠡᠨ ᠪᠠᠢ᠌ᠨ᠎ᠠ᠃
ᠡᠨᠡ ᠵᠢᠯ᠎ᠤᠨ 7 ᠳ᠋ᠤᠭ᠋ᠠᠷ ᠰᠠᠷ᠎ᠠ᠎ᠶ᠋ᠢᠨ 1 ᠤ ᠡᠳᠦᠷ ᠬᠡᠷᠡᠭ᠌ᠵᠢᠭᠦᠯᠦᠭ᠌ᠰᠡᠨ ᠱᠢᠨ᠎ᠡ 《ᠠᠭᠤᠷᠬᠠᠢ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠤᠨ ᠬᠠᠤᠯᠢ》 ᠳᠤ᠂ 《ᠠᠭᠤᠷᠬᠠᠢ᠎ᠶ᠋ᠢᠨ ᠦᠢᠯᠡᠰ᠎ᠤᠨ ᠪᠣᠬᠢᠷᠳᠤᠯ ᠦᠭᠡᠢ ᠨᠡᠭᠦᠷᠡᠰᠦᠲᠥ᠋ᠷᠥᠭ᠌ᠴᠢ ᠪᠠᠭ᠎ᠠ ᠭᠠᠳᠠᠭ᠍ᠰᠢᠯᠠᠭᠤᠯᠬᠤ ᠬᠡᠯᠪᠡᠷᠢ᠎ᠶ᠋ᠢ ᠬᠤᠪᠢᠷᠠᠭᠤᠯᠤᠨ ᠬᠥᠭ᠌ᠵᠢᠭᠦᠯᠬᠦ᠌᠎ᠶ᠋ᠢ ᠵᠣᠷᠢᠭ᠍ᠵᠢᠭᠤᠯᠤᠨ ᠳᠡᠮᠵᠢᠵᠦ᠍᠂ ᠪᠣᠬᠢᠷᠳᠤᠯ ᠦᠭᠡᠢ ᠠᠭᠤᠷᠬᠠᠢ᠎ᠶ᠋ᠢᠨ ᠪᠦᠲᠦᠭᠡᠨ ᠪᠠᠢᠭᠤᠯᠤᠯᠲᠠ᠎ᠶ᠋ᠢ ᠴᠢᠩᠭᠠᠳᠭᠠᠬᠤ》 ᠬᠡᠷᠡᠭ᠌ᠲᠡᠢ᠂ ᠪᠣᠬᠢᠷᠳᠤᠯ ᠦᠭᠡᠢ ᠠᠭᠤᠷᠬᠠᠢ᠎ᠶ᠋ᠢᠨ ᠪᠦᠲᠦᠭᠡᠨ ᠪᠠᠢᠭᠤᠯᠤᠯᠲᠠ᠎ᠶ᠋ᠢ ᠲᠥᠷᠥ᠎ᠶ᠋ᠢᠨ ᠪᠣᠳᠣᠯᠭ᠎ᠠ᠎ᠶ᠋ᠢᠨ ᠵᠢᠷᠤᠮᠵᠢᠯ᠎ᠠᠴᠠ ᠬᠠᠤᠯᠢ ᠴᠠᠭᠠᠵᠠ᠎ᠶ᠋ᠢᠨ ᠱᠠᠭᠠᠷᠳᠠᠯᠭ᠎ᠠ ᠪᠣᠯᠭᠠᠨ ᠳᠡᠭᠡᠭ᠌ᠰᠢᠯᠡᠭᠦᠯᠬᠦ᠌ ᠬᠡᠷᠡᠭ᠌ᠲᠡᠢ ᠭᠡᠵᠦ᠍ ᠳᠤᠷᠠᠳᠤᠨ ᠭᠠᠷᠭᠠᠪᠠ᠃ ᠳᠠᠷᠠᠭ᠎ᠠ᠎ᠨᠢ᠂ ᠥᠪᠡᠷᠲᠡᠭᠡᠨ ᠵᠠᠰᠠᠬᠤ ᠣᠷᠣᠨ᠎ᠠᠴᠠ ᠠᠯᠢ ᠣᠯᠠᠨ ᠠᠷᠭ᠎ᠠ ᠬᠡᠮᠵᠢᠶ᠎ᠡ ᠲᠣᠭ᠍ᠲᠠᠭᠠᠵᠤ᠂ ᠪᠣᠬᠢᠷᠲᠤᠯ ᠥᠬᠡᠶ ᠠᠭᠤᠷᠬᠠᠶ᠎ᠶ᠋ᠢ ᠪᠥᠲᠥᠭᠡᠨ ᠪᠠᠢᠭᠤᠯᠬᠤ ᠴᠠᠭ᠎ᠤᠨ ᠬᠦᠰᠦᠨᠦᠭ᠌ᠲᠦ ᠪᠠ ᠵᠠᠮ ᠱᠤᠭᠤᠮ᠎ᠤᠨ ᠵᠢᠷᠤᠭ᠎ᠢ ᠤᠯᠠᠮ ᠨᠢᠭᠡ ᠠᠯᠬᠤᠮ ᠲᠣᠳᠣᠷᠬᠠᠢᠯᠠᠵᠤ᠂ ᠭᠠᠵᠠᠷ ᠬᠡᠷᠡᠭ᠌ᠯᠡᠬᠦ᠌ ᠠᠭᠤᠷᠬᠠᠶ᠎ᠳᠤ ᠬᠡᠷᠡᠭ᠌ᠯᠡᠬᠦ᠌ ᠣᠶ ᠱᠢᠭᠤᠶ ᠡᠪᠡᠰᠦᠨ᠎ᠤ ᠭᠠᠢᠯᠢ ᠲᠠᠲᠠᠪᠤᠷᠢ᠎ᠶ᠋ᠢᠨ ᠬᠠᠷᠠᠭᠠᠯᠵᠠᠯ᠂ ᠮᠥᠩᠭᠦᠨ ᠭᠦᠢᠯᠭᠡᠭᠡᠨ᠎ᠤ ᠢᠲᠡᠭᠡᠮᠵᠢᠲᠦ ᠵᠢᠭᠡᠯᠡᠯᠭᠡ ᠵᠡᠷᠭᠡ 16 ᠵᠤᠷᠪᠤᠰ ᠪᠣᠬᠢᠷᠲᠤᠯ ᠥᠬᠡᠶ ᠠᠭᠤᠷᠬᠠᠶ᠎ᠶ᠋ᠢᠨ ᠪᠥᠲᠥᠭᠡᠨ ᠪᠠᠢᠭᠤᠯᠤᠯᠲᠠ᠎ᠶ᠋ᠢ ᠳᠡᠮᠵᠢᠬᠦ᠌ ᠪᠣᠳᠠᠲᠠᠶ ᠠᠷᠭ᠎ᠠ ᠬᠡᠮᠵᠢᠶ᠎ᠡ᠎ᠶ᠋ᠢ ᠨᠠᠷᠢᠯᠢᠬ᠍ᠵᠢᠭᠤᠯᠪᠠ᠃ ᠪᠥᠬᠦ᠌ ᠣᠷᠣᠨ᠎ᠤ ᠡᠯ᠎ᠡ ᠰᠠᠯᠠᠭ᠎ᠠ ᠮᠥᠴᠢᠷ ᠡᠯ᠎ᠡ ᠭᠠᠵᠠᠷ ᠣᠷᠣᠨ ᠬᠠᠮᠵᠢᠯᠴᠠᠨ ᠠᠭᠤᠷᠬᠠᠶ᠎ᠶ᠋ᠢᠨ ᠦᠢᠯᠡᠰ᠎ᠤᠨ ᠠᠵᠤ ᠠᠬᠤᠢᠯᠠᠯ᠎ᠳᠤ ᠪᠣᠬᠢᠷᠲᠤᠯ ᠥᠬᠡᠶ ᠠᠭᠤᠷᠬᠠᠶ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠪᠠᠯᠠ ᠮᠥᠩᠭᠦ᠌᠂ ᠭᠠᠢᠯᠢ ᠲᠠᠲᠠᠪᠤᠷᠢ ᠪᠠ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠲᠤᠯᠭᠠᠭᠤᠷᠢᠯᠠᠯ ᠬᠠᠩᠭᠠᠬᠤ᠎ᠶ᠋ᠢᠨ ᠬᠠᠮᠲᠤ ᠪᠣᠬᠢᠷᠲᠤᠯ ᠥᠬᠡᠶ ᠠᠭᠤᠷᠬᠠᠶ᠎ᠶ᠋ᠢᠨ ᠨᠡᠷᠡᠰ᠎ᠤᠨ ᠵᠢᠭ᠍ᠰᠠᠭᠠᠯᠲᠠ᠎ᠳᠤ ᠬᠥᠳᠡᠯᠦᠩᠭᠦᠶ ᠬᠠᠮᠢᠶᠠᠷᠤᠯᠲᠠ᠎ᠶ᠋ᠢ ᠬᠡᠷᠡᠭ᠌ᠵᠢᠭᠦᠯᠵᠦ᠍᠂ ᠱᠢᠭ᠌ᠰᠢᠭ᠌ᠳᠡᠭᠦᠯᠬᠦ᠌ ᠲᠦᠷᠢᠮ᠎ᠢ ᠴᠢᠩᠭ᠎ᠠ ᠬᠡᠷᠡᠭ᠌ᠵᠢᠭᠦᠯᠵᠦ᠍᠂ ᠣᠳᠣᠬᠠᠨ᠎ᠳᠤ ᠨᠢᠭᠡᠨᠲᠡ 16 ᠠᠭᠤᠷᠬᠠᠶ᠎ᠶ᠋ᠢ ᠪᠣᠬᠢᠷᠲᠤᠯ ᠥᠬᠡᠶ ᠠᠭᠤᠷᠬᠠᠶ᠎ᠶ᠋ᠢᠨ ᠨᠡᠷᠡᠰ᠎ᠤᠨ ᠵᠢᠭ᠍ᠰᠠᠭᠠᠯᠲᠠ᠎ᠠᠴᠠ ᠱᠢᠯᠵᠢᠭᠦᠯᠦᠨ ᠭᠠᠷᠭᠠᠪᠠ᠃
2024 ᠣᠨ᠎ᠳᠤ᠂ ᠪᠥᠬᠦ᠌ ᠣᠷᠣᠨ᠎ᠳᠤ ᠥᠪᠡᠷᠲᠡᠭᠡᠨ ᠵᠠᠰᠠᠬᠤ ᠣᠷᠣᠨ᠎ᠤ ᠲᠠᠰ᠎ᠤᠨ 63 ᠪᠣᠬᠢᠷᠲᠤᠯ ᠥᠬᠡᠶ ᠠᠭᠤᠷᠬᠠᠶ᠎ᠶ᠋ᠢ ᠰᠢᠨ᠎ᠡ᠎ᠪᠠᠷ ᠪᠠᠢᠭᠤᠯᠵᠤ᠂ 2025 ᠣᠨ᠎ᠳᠤ 55 ᠠᠭᠤᠷᠬᠠᠶ᠎ᠶ᠋ᠢ ᠱᠢᠨ᠎ᠡ᠎ᠪᠠᠷ ᠨᠡᠮᠡᠭᠳᠡᠭᠦᠯᠬᠦ᠎ᠪᠡᠷ ᠲᠦᠯᠦᠪᠯᠡᠵᠦ ᠪᠠᠢ᠌ᠨ᠎ᠠ᠃ ᠡᠨᠡ ᠵᠢᠯ᠎ᠤᠨ ᠳᠡᠭᠡᠷ᠎ᠡ ᠬᠠᠭᠠᠰ ᠵᠢᠯ᠎ᠳᠤ᠂ ᠥᠪᠡᠷᠲᠡᠭᠡᠨ ᠵᠠᠰᠠᠬᠤ ᠣᠷᠣᠨ᠎ᠤ ᠪᠠᠢᠭᠠᠯᠢ᠎ᠶ᠋ᠢᠨ ᠡᠬᠢ ᠪᠠᠶᠠᠯᠢᠭ᠎ᠤᠨ ᠲᠢᠩᠬᠢᠮ 23 ᠪᠣᠬᠢᠷᠲᠤᠯ ᠥᠬᠡᠶ ᠠᠭᠤᠷᠬᠠᠶ᠎ᠶ᠋ᠢᠨ 3906 ᠾᠧᠺᠲ᠋ᠠᠷ ᠭᠠᠵᠠᠷ ᠬᠡᠷᠡᠭ᠌ᠯᠡᠬᠦ᠌ ᠬᠡᠷᠡᠭ᠌ᠴᠡᠭᠡ᠎ᠶ᠋ᠢ ᠪᠠᠲᠤᠯᠠᠵᠤ᠂ ᠪᠤᠰᠤᠳ 80 ᠭᠠᠷᠤᠶ ᠠᠭᠤᠷᠬᠠᠶ᠎ᠶ᠋ᠢᠨ 4548 ᠾᠧᠺᠲ᠋ᠠᠷ ᠭᠠᠵᠠᠷ ᠬᠡᠷᠡᠭ᠌ᠯᠡᠬᠦ᠌ ᠬᠡᠷᠡᠭ᠌ᠴᠡᠭᠡ᠎ᠶ᠋ᠢ ᠪᠠᠲᠤᠯᠠᠪᠠ᠃᠂ ᠠᠭᠤᠷᠬᠠᠶ᠎ᠶ᠋ᠢᠨ ᠠᠵᠤ ᠠᠬᠤᠢᠯᠠᠯ᠎ᠤᠨ ᠪᠣᠬᠢᠷᠲᠤᠯ ᠥᠬᠡᠶ ᠠᠭᠤᠷᠬᠠᠶ᠎ᠶ᠋ᠢ ᠡᠭᠦᠳᠦᠨ ᠪᠠᠢᠭᠤᠯᠬᠤ᠎ᠶ᠋ᠢ ᠳᠡᠮᠵᠢᠪᠡ; ᠣᠲᠣ ᠪᠣᠯᠲᠠᠯ᠎ᠠ᠂ ᠪᠥᠬᠦ᠌ ᠣᠷᠣᠨ᠎ᠳᠤ ᠨᠢᠭᠡᠨᠲᠡ 398 ᠪᠣᠬᠢᠷᠲᠤᠯ ᠥᠬᠡᠶ ᠠᠭᠤᠷᠬᠠᠶ᠎ᠶ᠋ᠢ ᠪᠠᠢᠭᠤᠯᠵᠤ᠂ ᠪᠥᠲᠥᠭᠡᠨ ᠪᠠᠢᠭᠤᠯᠤᠯᠲᠠ᠎ᠶ᠋ᠢᠨ ᠲᠤᠭ᠎ᠠ ᠬᠡᠮᠵᠢᠶ᠎ᠡ᠎ᠨᠢ ᠪᠥᠬᠦ᠌ ᠤᠯᠤᠰ᠎ᠤᠨ ᠡᠮᠦᠨ᠎ᠡ ᠡᠩᠨᠡᠭᠡᠨ᠎ᠳᠤ ᠣᠷᠣᠪᠠ᠂ ᠡᠭᠦᠨ᠎ᠳᠤ᠂ ᠤᠯᠤᠰ᠎ᠤᠨ ᠲᠠᠰ᠎ᠤᠨ ᠪᠣᠬᠢᠷᠲᠤᠯ ᠥᠬᠡᠶ ᠠᠭᠤᠷᠬᠠᠶ 47᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠬᠢᠷᠲᠤᠯ ᠥᠬᠡᠶ ᠠᠭᠤᠷᠬᠠᠶ 351 ᠪᠣᠶ᠃
ᠪᠠᠢᠭᠠᠯᠢ᠎ᠶ᠋ᠢᠨ ᠡᠬᠢ ᠪᠠᠶᠠᠯᠢᠭ᠎ᠤᠨ ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠭᠡᠰᠢᠭᠦᠨ ᠲᠢᠩᠬᠢᠮ᠎ᠤᠨ ᠳᠡᠳ᠋ ᠳᠠᠷᠤᠭ᠎ᠠ ᠵᠠᠩ ᠶᠢᠩ ᠳ᠋ᠡ ᠪᠣᠬᠢᠷᠲᠤᠯ ᠥᠬᠡᠶ ᠠᠭᠤᠷᠬᠠᠶ᠎ᠶ᠋ᠢᠨ ᠪᠥᠲᠥᠭᠡᠨ ᠪᠠᠢᠭᠤᠯᠤᠯᠲᠠ᠎ᠶ᠋ᠢ ᠦᠷᠭᠦᠯᠵᠢᠯᠡᠨ ᠠᠬᠢᠭᠤᠯᠵᠤ᠂ 2028 ᠣᠨ᠎ᠤ ᠡᠴᠦᠰ᠎ᠠᠴᠠ ᠡᠮᠦᠨ᠎ᠡ᠂ 90% ᠶ᠋ᠢᠨ ᠲᠣᠮᠣ ᠬᠡᠯᠪᠡᠷᠢ᠎ᠶ᠋ᠢᠨ ᠠᠭᠤᠷᠬᠠᠶ᠂ 80% ᠠᠴᠠ ᠳᠡᠭᠡᠭ᠌ᠰᠢᠬᠢ ᠳᠤᠮᠳᠠ ᠬᠡᠯᠪᠡᠷᠢ᠎ᠶ᠋ᠢᠨ ᠠᠭᠤᠷᠬᠠᠶ᠎ᠶ᠋ᠢ ᠪᠦᠬᠦᠨ᠎ᠢ ᠪᠣᠬᠢᠷᠲᠤᠯ ᠥᠬᠡᠶ ᠠᠭᠤᠷᠬᠠᠶ ᠪᠣᠯᠭ᠋ᠠᠨ ᠪᠠᠢᠭᠤᠯᠬᠤ ᠶᠡᠷᠦᠩᠬᠡᠶ ᠬᠠᠷᠠᠯᠲᠠ᠎ᠶ᠋ᠢ ᠪᠡᠶᠡᠯᠡᠭᠦᠯᠬᠦ᠌᠎ᠪᠠᠷ ᠴᠢᠷᠮᠠᠢᠵᠤ᠂ ᠪᠣᠬᠢᠷᠲᠤᠯ ᠥᠬᠡᠶ ᠠᠭᠤᠷᠬᠠᠶ᠎ᠶ᠋ᠢᠨ ᠳᠤᠤᠷ᠎ᠠ ᠨᠡᠭᠦᠷᠡᠰᠦᠲᠥ᠋ᠷᠥᠭ᠌ᠴᠢᠲᠦ ᠬᠡᠯᠪᠡᠷᠢ᠎ᠪᠠᠨ ᠬᠤᠪᠢᠷᠠᠭᠤᠯᠤᠨ ᠬᠥᠭ᠌ᠵᠢᠬᠦ᠌᠎ᠶ᠋ᠢ ᠲᠦᠷᠭᠡᠳᠭᠡᠨ᠎ᠡ᠃