ᠣᠢ᠌ᠷ᠎ᠠ᠎ᠳᠤ᠂ ᠪᠠᠢ᠌ᠭ᠋ᠠᠯᠢ ᠵᠢᠨ ᠡᠬᠢ ᠪᠠᠶᠠᠯᠢᠭ᠎ᠤᠨ ᠶᠠᠮᠤᠨ᠎ᠤ ᠠᠯᠪᠠᠨ ᠲᠢᠩᠬᠢᠮ ᠲᠠᠪᠤᠳᠤᠭ᠋ᠠᠷ ᠪᠦᠯᠦᠭ ᠠᠮᠢ ᠠᠬᠤᠢ ᠵᠢᠨ ᠪᠦᠲᠦᠭᠡᠭᠳᠡᠬᠦᠨ᠎ᠤ ᠥᠷᠲᠡᠭ᠎ᠢ ᠨᠡᠢ᠌ᠲᠡᠯᠡᠭᠰᠡᠨ ᠨᠡᠢ᠌ᠲᠡᠯᠢᠭ ᠬᠡᠷᠡᠭ᠎ᠤᠨ ᠵᠢᠱ᠌ᠢᠶ᠎ᠡ ᠵᠢ ᠨᠡᠢ᠌ᠲᠡᠯᠡᠵᠦ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠶᠠᠭᠰᠢ ᠬᠣᠲᠠ ᠵᠢᠨ ᠮᠢᠶᠠᠨ ᠳ᠋ᠦ᠋ ᠡᠾᠸ ᠭᠤᠤᠯ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ᠎ᠤᠨ ᠣᠨᠴᠠ ᠵᠦᠪᠰᠢᠶᠡᠷᠡᠭᠰᠡᠨ ᠡᠵᠡᠩᠨᠡᠯᠲᠡ ᠵᠢ ᠠᠬᠢᠭᠤᠯᠵᠤ ᠠᠮᠢ ᠠᠬᠤᠢ ᠵᠢᠨ ᠦᠢ᠍ᠯᠡᠳᠬᠦᠨ᠎ᠤ ᠥᠷᠲᠡᠭ᠎ᠢ ᠪᠡᠶᠡᠯᠡᠭᠦᠯᠦᠭᠰᠡᠨ ᠬᠡᠷᠡᠭ᠎ᠤᠨ ᠵᠢᠱ᠌ᠢᠶ᠎ᠡ》᠎ᠳᠤ ᠠᠮᠵᠢᠯᠲᠠ᠎ᠲᠠᠢ ᠰᠣᠩᠭᠣᠭᠳᠠᠪᠠ᠂ ᠡᠨᠡ ᠪᠣᠯ ᠥᠪᠡᠷᠲᠡᠭᠡᠨ ᠵᠠᠰᠠᠬᠤ ᠣᠷᠣᠨ᠎ᠤ ᠠᠩᠬᠠᠳᠠᠭᠴᠢ ᠪᠦᠬᠦ ᠤᠯᠤᠰ᠎ᠤᠨ ᠴᠢᠨᠠᠷᠲᠠᠢ ᠠᠮᠢ ᠠᠬᠤᠢ ᠵᠢᠨ ᠪᠦᠲᠦᠭᠡᠭᠳᠡᠬᠦᠨ᠎ᠤ ᠥᠷᠲᠡᠭ᠎ᠢ ᠪᠡᠶᠡᠯᠡᠭᠦᠯᠦᠭᠰᠡᠨ ᠨᠡᠢ᠌ᠲᠡᠯᠢᠭ ᠬᠡᠷᠡᠭ ᠪᠣᠯᠤᠨ᠎ᠠ᠃
ᠶᠠᠭᠰᠢ ᠬᠤᠲᠠ ᠲᠣᠰ ᠭᠠᠵᠠᠷ᠎ᠤᠨ ᠮᠥᠰᠥ ᠴᠠᠰᠤᠨ᠎ᠤ ᠠᠭᠤᠷ ᠠᠮᠢᠰᠬᠤᠯ᠎ᠤᠨ ᠳᠠᠪᠠᠭᠤᠯᠢᠭ ᠵᠶ᠋ᠠᠨ ᠠᠰᠢᠭᠯᠠᠨ᠂ ᠮᠢᠶᠠᠨ ᠳ᠋ᠦ᠋ ᠡᠾᠸ ᠭᠤᠤᠯ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ᠎ᠨᠢ ᠨᠤᠭᠤ ᠭᠠᠵᠠᠷ᠎ᠤᠨ ᠡᠬᠢ ᠪᠠᠶᠠᠯᠢᠭ᠎ᠤᠨ ᠳᠠᠪᠠᠭᠤᠯᠢᠭ᠎ᠲᠤ ᠲᠦᠰᠢᠭᠯᠡᠨ᠂ ᠪᠥᠬᠦ ᠠᠷᠠᠳ᠎ᠤᠨ ᠪᠣᠶ ᠪᠥᠬᠦᠶ ᠪᠠᠶ᠋ᠢᠭ᠋ᠠᠯᠢ ᠵᠢᠨ ᠡᠬᠢ ᠪᠠᠶᠠᠯᠢᠭ ᠡᠳ᠋ ᠬᠥᠷᠥᠩᠭᠡ ᠵᠢᠨ ᠥᠮᠴᠢᠯᠡᠬᠦ ᠡᠷᠬᠡ ᠵᠢᠨ ᠨᠠᠶ᠋ᠢᠳᠠᠵᠤ ᠣᠷᠣᠯᠠᠬᠤ ᠲᠣᠭᠲᠠᠴᠠ ᠵᠢ ᠢᠳᠡᠪᠬᠢᠲᠡᠶ ᠰᠦᠪᠡᠭᠴᠢᠯᠡᠵᠦ᠂ 《ᠪᠥᠬᠦ ᠲᠠᠯ᠎ᠠ᠎ᠪᠠᠷ ᠬᠠᠮᠠᠭ᠋ᠠᠯᠠᠬᠤ᠂ ᠰᠢᠨᠵᠢᠯᠡᠬᠦ ᠤᠬᠠᠭ᠋ᠠᠨᠴᠢ᠎ᠪᠠᠷ ᠰᠡᠷᠭᠦᠭᠡᠬᠦ᠂ ᠵᠦᠶ ᠵᠣᠬᠢᠰᠲᠠᠶ ᠠᠰᠢᠭᠯᠠᠬᠤ᠂ ᠦᠷᠭᠦᠯᠵᠢᠯᠡᠨ ᠬᠥᠭᠵᠢᠭᠦᠯᠬᠦ》 ᠵᠠᠷᠴᠢᠮ᠎ᠢ ᠵᠢᠷᠤᠮᠯᠠᠨ᠂ ᠲᠠᠩ ᠭᠠᠭᠴᠠ ᠬᠦᠴᠦᠨ ᠵᠦᠢ᠍ᠯ᠂ ᠣᠯᠠᠨ ᠡᠷᠬᠡ ᠠᠰᠢᠭ᠂ ᠣᠯᠠᠨ ᠠᠷᠭ᠎ᠠ ᠮᠠᠶᠢᠭ᠂ ᠠᠳᠠᠯᠢ ᠪᠤᠰᠤ ᠴᠠᠭ᠎ᠤᠨ ᠳᠠᠷᠠᠭ᠋ᠠᠯᠠᠯ᠎ᠤᠨ ᠨᠡᠶ᠋ᠢᠯᠡᠯ ᠡᠳ᠋ ᠬᠥᠷᠥᠩᠭᠡ ᠵᠢ ᠳᠣᠭᠢᠷᠠᠭᠤᠯᠬᠤ ᠰᠢᠨ᠎ᠡ ᠵᠠᠭᠪᠤᠷ᠎ᠢ ᠰᠦᠪᠡᠭᠴᠢᠯᠡᠨ᠎ᠡ᠃ ᠣᠨᠴᠠ ᠵᠦᠪᠰᠢᠶᠡᠷᠡᠭᠰᠡᠨ ᠡᠵᠡᠩᠨᠡᠯᠳᠡ᠎ᠪᠠᠷ ᠳᠡᠮᠵᠢᠭᠤᠯᠥᠨ᠂ ᠨᠤᠭᠤ ᠭᠠᠵᠡᠷ᠎ᠤᠨ ᠪᠠᠶ᠋ᠢᠭ᠋ᠠᠯᠢ ᠵᠢᠨ ᠡᠬᠢ ᠪᠠᠶᠠᠯᠢᠭ ᠡᠳ᠋ ᠬᠦᠷᠦᠩᠭᠡ ᠵᠢ ᠦᠨᠳᠣᠷ ᠦᠷ᠎ᠠ ᠪᠦᠳᠦᠮᠵᠢᠳᠡᠢ᠎ᠪᠠᠷ ᠠᠰᠢᠠᠠᠯᠠᠨ᠂ ᠨᠤᠭᠤ ᠭᠠᠵᠡᠷ᠎ᠤᠨ ᠪᠠᠶ᠋ᠢᠭ᠋ᠠᠯᠢ ᠵᠢᠨ ᠡᠬᠢ ᠪᠠᠶᠠᠯᠢᠭ᠎ᠢ ᠴᠠᠭ ᠭᠡᠰᠡᠭ ᠬᠤᠪᠢᠶᠡᠨ ᠲᠣᠬᠢᠷᠡᠭᠤᠯᠥᠨ᠎ᠠ; ᠪᠦᠳᠦᠭᠡᠨ ᠪᠠᠶ᠋ᠢᠭᠤᠯᠥᠯᠳᠡ᠎ᠳᠤ ᠭᠡᠷᠡᠭᠯᠡᠬᠦ ᠭᠠᠵᠡᠷ ᠰᠢᠷᠦᠢ ᠵᠢ ᠰᠢᠯᠵᠢᠬᠦᠯᠥᠨ ᠬᠤᠳᠠᠯᠳᠣᠬᠤ ᠪᠠ ᠮᠦᠰᠦᠡ ᠭᠠᠳᠠᠷᠭᠤ᠎ᠠᠴᠠ ᠳᠦᠷᠢᠶᠡᠰᠦᠯᠡᠬᠦ ᠵᠢ ᠬᠠᠷᠢᠯᠴᠠᠨ ᠣᠶᠠᠯᠳᠣᠭᠤᠯᠬᠤ ᠠᠷᠭ᠎ᠠ ᠮᠠᠶᠢᠭ ᠵᠶ᠋ᠠᠷ ᠳᠡᠮᠵᠢᠭᠤᠯᠥᠨ᠂ ᠡᠪᠤᠯ᠎ᠤᠨ ᠣᠯᠠᠷᠢᠯ᠎ᠤᠨ ᠮᠠᠰᠢᠨ ᠳᠡᠷᠭᠡ ᠵᠢ ᠬᠡᠮᠵᠢᠨ ᠲᠣᠷᠰᠢᠬᠤ ᠠᠵᠦ ᠦᠢ᠍ᠯᠡᠰ᠎ᠢ ᠬᠦᠭᠵᠢᠬᠦᠯᠵᠦ᠂ ᠨᠤᠭᠤ ᠭᠠᠵᠡᠷ᠎ᠤᠨ ᠡᠵᠡᠩᠨᠡᠯᠳᠡ ᠵᠢᠨ ᠦᠷ᠎ᠠ ᠠᠰᠢᠭ᠎ᠢ ᠠᠭᠤᠳᠡᠯᠯᠠᠨ᠂ 《ᠨᠣᠭᠤ ᠭᠠᠵᠡᠷ +》 ᠮᠦᠰᠦ ᠴᠠᠰᠣ᠂ ᠬᠦᠳᠡᠯᠬᠡᠬᠡᠨ᠂ ᠵᠢᠭᠤᠯᠴᠢᠯᠠᠯ᠂ ᠳᠡᠵᠢᠭᠡᠨ ᠦᠷᠡᠵᠢᠬᠦᠯᠬᠦ ᠵᠡᠷᠭᠡ ᠰᠢᠨ᠎ᠡ ᠡᠵᠡᠩᠨᠡᠯᠳᠡ ᠵᠢᠨ ᠪᠠᠶ᠋ᠢᠳᠡᠯ᠎ᠢ ᠪᠤᠶ᠋ᠢᠵᠢᠭᠤᠯᠥᠨ᠎ᠠ᠃ ᠡᠨᠡ ᠬᠦ᠌ ᠰᠢᠨ᠎ᠡ ᠵᠢ ᠡᠭᠦᠳᠬᠦ ᠠᠷᠭ᠎ᠠ ᠬᠡᠮᠵᠢᠶ᠎ᠡ᠎ᠨᠢ ᠡᠳ᠋ ᠬᠥᠷᠥᠩᠭᠡ ᠵᠢᠨ ᠲᠣᠬᠢᠷᠠᠭᠤᠯᠤᠯᠲᠠ ᠵᠢᠨ ᠦᠷ᠎ᠡ ᠪᠦᠲᠦᠮᠵᠢ ᠵᠢ ᠬᠠᠮᠤᠭ᠎ᠤᠨ ᠶᠡᠭᠡ ᠪᠣᠯᠭ᠋ᠠᠬᠤ ᠵᠢ ᠪᠡᠶᠡᠯᠡᠭᠦᠯᠦᠭᠰᠡᠨ ᠵᠶ᠋ᠠᠷ ᠪᠠᠷᠠᠬᠤ ᠥᠬᠡᠶ ᠪᠠᠰᠠ ᠨᠤᠭᠤ ᠭᠠᠵᠠᠷ᠎ᠤᠨ ᠮᠥᠰᠥ ᠴᠠᠰᠤᠨ᠎ᠤ ᠡᠬᠢ ᠪᠠᠶᠠᠯᠢᠭ ᠡᠳ᠋ ᠬᠥᠷᠥᠩᠭᠡ ᠵᠢᠨ ᠥᠷᠲᠡᠭ᠎ᠢ ᠪᠡᠶᠡᠯᠡᠭᠦᠯᠬᠦ ᠵᠢ ᠠᠬᠢᠭᠤᠯᠵᠤ᠂ ᠠᠮᠢ ᠠᠬᠤᠶ ᠵᠢᠨ ᠡᠬᠢ ᠪᠠᠶᠠᠯᠢᠭ᠎ᠢ ᠠᠵᠤ ᠠᠬᠤᠶ ᠵᠢᠨ ᠥᠷᠲᠡᠭ ᠪᠠ ᠠᠷᠠᠳ᠎ᠤᠨ ᠠᠮᠢᠳᠤᠷᠠᠯ᠎ᠤᠨ ᠠᠵᠠ ᠵᠢᠷᠭ᠋ᠠᠯ᠎ᠤᠨ ᠪᠣᠬᠢᠷᠲᠤᠯ ᠥᠬᠡᠶ ᠬᠥᠭᠵᠢᠯᠲᠡ ᠵᠢᠨ ᠠᠷᠭ᠎ᠠ ᠵᠠᠮ ᠪᠣᠯᠭ᠋ᠠᠨ ᠪᠦᠲᠦᠮᠵᠢᠲᠡᠶ ᠬᠤᠪᠢᠷᠠᠭᠤᠯᠬᠤ ᠵᠢ ᠬᠠᠶ᠋ᠢᠨ ᠰᠦᠪᠡᠭᠴᠢᠯᠡᠵᠦ ᠭᠠᠷᠭ᠋ᠠᠭᠰᠠᠨ ᠪᠠᠶ᠋ᠢᠨ᠎ᠠ᠃
ᠶᠠᠭᠰᠢ ᠬᠤᠲᠠ ᠵᠢᠨ ᠮᠢᠶᠠᠨ ᠳ᠋ᠦ᠋ ᠡᠾᠸ ᠭᠤᠤᠯ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ᠎ᠤᠨ ᠣᠨᠴᠠ ᠵᠥᠪᠰᠢᠶᠡᠷᠡᠭᠰᠡᠨ ᠡᠵᠡᠩᠨᠡᠯᠲᠡ ᠵᠢᠨ ᠬᠡᠷᠡᠭ᠎ᠤᠨ ᠵᠢᠱ᠌ᠢᠶ᠎ᠡ ᠪᠣᠯ ᠥᠪᠡᠷᠲᠡᠭᠡᠨ ᠵᠠᠰᠠᠬᠤ ᠣᠷᠣᠨ᠎ᠤ ᠠᠮᠢ ᠠᠬᠤᠶ ᠵᠢᠨ ᠠᠵᠤ ᠦᠢ᠍ᠯᠡᠰᠵᠢᠯᠲᠡ ᠪᠠ ᠠᠵᠤ ᠦᠢ᠍ᠯᠡᠰ᠎ᠤᠨ ᠠᠮᠢ ᠠᠬᠤᠶ᠋ᠢᠵᠢᠯᠲᠠ ᠵᠢ ᠬᠠᠮᠵᠢᠯᠴᠠᠨ ᠬᠥᠭᠵᠢᠭᠦᠯᠦᠭᠰᠡᠨ ᠨᠡᠶ᠋ᠢᠲᠡᠯᠢᠭ ᠵᠢᠱ᠌ᠢᠶ᠎ᠡ ᠮᠥᠨ᠂ ᠥᠪᠡᠷᠲᠡᠭᠡᠨ ᠵᠠᠰᠠᠬᠤ ᠣᠷᠣᠨ᠎ᠤ ᠡᠬᠢ ᠪᠠᠶᠠᠯᠢᠭ᠎ᠤᠨ ᠳᠠᠪᠠᠭᠤᠯᠢᠭ ᠪᠠ ᠠᠮᠢ ᠠᠬᠤᠶ ᠵᠢᠨ ᠳᠠᠪᠠᠭᠤᠯᠢᠭ᠎ᠢ ᠭᠦᠢ᠍ᠴᠡᠳ ᠪᠠᠳᠠᠷᠠᠭᠤᠯᠬᠤ᠂ ᠠᠮᠢ ᠠᠬᠤᠶ ᠵᠢᠨ ᠪᠦᠲᠦᠭᠡᠭᠳᠡᠬᠦᠨ᠎ᠤ ᠠᠵᠤ ᠦᠢ᠍ᠯᠡᠰᠵᠢᠭᠰᠡᠨ ᠡᠵᠡᠩᠨᠡᠯᠲᠡ ᠵᠢ ᠨᠡᠭᠡᠭᠡᠨ ᠬᠥᠭᠵᠢᠭᠦᠯᠬᠦ ᠲᠣᠭᠲᠠᠴᠠ ᠵᠢ ᠪᠠᠶ᠋ᠢᠭᠤᠯᠬᠤ᠂ ᠪᠠᠶ᠋ᠢᠭ᠋ᠠᠯᠢ ᠵᠢᠨ ᠡᠬᠢ ᠪᠠᠶᠠᠯᠢᠭ᠎ᠢ ᠰᠢᠨᠵᠢᠯᠡᠬᠦ ᠤᠬᠠᠭ᠋ᠠᠨᠴᠢ᠎ᠪᠠᠷ ᠨᠡᠭᠡᠭᠡᠨ ᠠᠰᠢᠭᠯᠠᠬᠤ᠂ ᠠᠵᠤ ᠦᠢ᠍ᠯᠡᠰᠵᠢᠭᠰᠡᠨ ᠡᠵᠡᠩᠨᠡᠯᠲᠡ ᠵᠢ ᠠᠬᠢᠭᠤᠯᠬᠤ᠂ ᠠᠮᠢ ᠠᠬᠤᠶ ᠪᠠ ᠠᠵᠤ ᠦᠢ᠍ᠯᠡᠰ᠎ᠤᠨ ᠠᠭᠤᠰᠤᠯᠴᠠᠨ ᠬᠥᠭᠵᠢᠬᠦ ᠵᠢ ᠠᠬᠢᠭᠤᠯᠬᠤ᠎ᠳᠤ ᠬᠥᠲᠥᠯᠦᠨ ᠳᠠᠭ᠋ᠠᠭᠤᠯᠵᠤ ᠵᠢᠱ᠌ᠢᠶ᠎ᠡ ᠦᠵᠡᠭᠦᠯᠬᠦ ᠦᠢ᠍ᠯᠡᠳᠦᠯ ᠦᠵᠡᠭᠦᠯᠪᠡ᠃