1 ᠳ᠋ᠦ᠋ᠭᠡᠷ ᠰᠠᠷ᠎ᠠ ᠶᠢᠨ 19 ᠤ ᠡᠳᠦᠷ ᠤᠨ ᠦᠳᠡ ᠶᠢᠨ ᠬᠤᠶᠢᠨ᠎ᠠ᠂ ᠥᠪᠦᠷ ᠮᠣᠩᠭᠤᠯ ᠤᠨ ᠪᠡᠶ᠎ᠡ ᠶᠢᠨ ᠲᠠᠮᠢᠷ ᠤᠨ | ᠲᠣᠪᠴᠢᠶ᠎ᠠ ︽ᠥᠪᠦᠷ ᠮᠣᠩᠭᠤᠯ ᠤᠨ ᠪᠡᠶ᠎ᠡ ᠶᠢᠨ ᠲᠠᠮᠢᠷ ᠤᠨ ᠠᠵᠤ ᠦᠢᠯᠡᠰ ᠤᠨ ᠠᠷᠪᠠᠨ ᠭᠤᠷᠪᠠᠳᠤᠭᠠᠷ ᠲᠠᠪᠤᠨ ᠵᠢᠯ ᠤᠨ | ᠠᠮᠵᠢᠯᠲᠠ︾ ᠬᠡᠮᠡᠬᠦ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠤᠨ᠂ | ︽ᠠᠷᠪᠠᠨ ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠳᠠᠬᠢ ᠥᠪᠦᠷ ᠮᠣᠩᠭᠤᠯ ᠤᠨ ᠪᠡᠶ᠎ᠡ ᠶᠢᠨ ᠲᠠᠮᠢᠷ ᠤᠨ ᠠᠵᠤ | ᠦᠢᠯᠡᠰ ᠤᠨ ᠭᠦᠭᠵᠢᠯᠲᠡ ᠶᠢᠨ ᠬᠤᠯᠪᠤᠭᠳᠠᠯ ᠪᠦᠬᠦᠢ ᠪᠠᠶᠢᠳᠠᠯ ᠢ ᠨᠡᠶᠢᠲᠡᠯᠡᠪᠡ᠃ | ᠣᠶᠢᠯᠠᠭᠠᠭᠰᠠᠨ ᠢᠶᠠᠷ᠂ 2018 ᠣᠨ ᠳᠤ ᠪᠥᠬᠦ ᠣᠷᠣᠨ ᠤ ᠪᠡᠶ᠎ᠡ ᠶᠢᠨ ᠲᠠᠮᠢᠷ ᠤᠨ ᠠᠵᠤ ᠦᠶᠯᠡᠰ ᠤᠨ ᠶᠡᠷᠦᠩᠬᠡᠶ | ᠬᠡᠪᠴᠢᠶ᠎ᠡ ( ᠶᠡᠷᠦᠩᠬᠡᠶ ᠭᠠᠷᠤᠯᠲᠠ ) ᠨᠢ 319 ᠳ᠋ᠦᠩᠰᠢᠭᠤᠷ ᠲᠥᠭᠦᠷᠢᠭ᠂ ᠨᠡᠮᠡᠭᠳᠡᠯ ᠥᠷᠲᠡᠭ ᠨᠢ145 ᠳ᠋ᠦᠩᠰᠢᠭᠤᠷ | ᠲᠥᠭᠦᠷᠢᠭ ᠲᠤ ᠬᠦᠷᠴᠦ᠂ ᠭᠠᠵᠠᠷ ᠣᠷᠣᠨ ᠤ ᠦᠶᠯᠡᠳᠪᠦᠷᠢᠯᠡᠯ ᠤᠨ ᠶᠡᠷᠦᠩᠬᠡᠶ ᠥᠷᠲᠡᠭ ᠲᠠᠬᠢ ᠪᠡᠶ᠎ᠡ ᠶᠢᠨ ᠲᠠᠮᠢᠷ ᠤᠨ | ᠠᠵᠤ ᠦᠶᠯᠡᠰ ᠤᠨ ᠨᠡᠮᠡᠭᠳᠡᠯ ᠥᠷᠲᠡᠭ ᠤᠨ ᠡᠵᠡᠯᠡᠬᠦ ᠬᠤᠪᠢ ᠶᠢᠨ ᠵᠢᠩ 0.9% ᠳᠤ ᠬᠦᠷᠴᠦ ᠪᠠᠶᠢᠭᠰᠠᠨ ᠢᠶᠠᠨ᠂ | 2020 ᠣᠨ ᠤ ᠡᠴᠦᠰ ᠪᠣᠯᠬᠤ ᠳᠤ 1% ᠣᠷᠴᠢᠮ ᠳᠤ ᠬᠦᠷᠴᠡᠢ᠃ ᠪᠡᠶ᠎ᠡ ᠶᠢᠨ ᠲᠠᠮᠢᠷ ᠪᠠ ᠵᠢᠭᠤᠯᠴᠢᠯᠠᠯ ᠤᠨ | ᠠᠭᠤᠰᠤᠯᠴᠠᠯ᠂ ᠪᠡᠶ᠎ᠡ ᠶᠢᠨ ᠲᠠᠮᠢᠷ ᠪᠠ ᠡᠮᠴᠢᠯᠡᠭᠡᠨ ᠤ ᠠᠭᠤᠰᠤᠯᠴᠠᠨ ᠬᠥᠭᠵᠢᠬᠦ ᠶᠢ ᠦᠷᠭᠦᠯᠵᠢᠯᠡᠨ ᠭᠦᠨᠵᠡᠭᠡᠶᠢᠷᠡᠭᠦᠯᠵᠡᠢ᠃ | ᠥᠪᠥᠷ ᠮᠣᠩᠭᠤᠯ ᠤᠨ ᠮᠣᠷᠢᠨ ᠤᠷᠤᠯᠳᠤᠭᠠᠨ ᠤ ᠲᠠᠯᠠᠪᠠᠶ ᠤᠯᠤᠰ ᠤᠨ 4A ᠲᠠᠰ ᠤᠨ ᠵᠢᠭᠤᠯᠴᠢᠯᠠᠯ ᠤᠨ ᠦᠵᠡᠮᠵᠢ ᠶᠢᠨ | ᠣᠷᠣᠨ ᠢᠶᠠᠷ ᠦᠨᠡᠯᠡᠭᠳᠡᠨ᠂ ᠥᠪᠥᠷ ᠮᠣᠩᠭᠤᠯ ᠤᠨ ᠪᠡᠶ᠎ᠡ ᠶᠢᠨ ᠲᠠᠮᠢᠷ ᠤᠨ ᠡᠮᠨᠡᠯᠭᠡ ᠶᠢᠨ ᠬᠤᠷᠢᠶ᠎ᠠ ᠶᠢ ᠪᠠᠶᠢᠭᠤᠯᠤᠭᠰᠠᠨ ᠤ | ᠬᠠᠮᠲᠤ ᠡᠷᠡᠭᠦᠯ ᠢᠶᠠᠷ ᠬᠥᠭᠵᠢᠪᠡ᠃ ᠤᠯᠤᠰ ᠤᠨ ᠪᠡᠶ᠎ᠡ ᠶᠢᠨ ᠲᠠᠮᠢᠷ ᠤᠨ ᠠᠵᠤ ᠦᠶᠯᠡᠰ ᠤᠨ ᠵᠢᠱᠢᠶ᠎ᠡ ᠦᠵᠡᠭᠦᠯᠬᠦ | ᠰᠠᠭᠤᠷᠢᠨ ᠭᠠᠵᠠᠷ 1᠂ ᠵᠢᠱᠢᠶ᠎ᠡ ᠦᠵᠡᠭᠦᠯᠬᠦ ᠨᠢᠭᠡᠴᠢ 2᠂ ᠵᠢᠱᠢᠶ᠎ᠡ ᠦᠵᠡᠭᠦᠯᠬᠦ ᠲᠥᠷᠥᠯ ᠵᠦᠶᠯ 4 ᠶᠢ ᠪᠠᠶᠢᠭᠤᠯᠤᠯ᠎ᠠ᠃ | ᠣᠷᠣᠨ ᠪᠦᠰᠡ ᠶᠢᠨ ︽ᠮᠠᠰᠢᠨ ᠲᠡᠷᠭᠡ︾᠂ ︽ᠮᠣᠷᠢᠨ ᠮᠡᠷᠭᠡᠵᠢᠯ︾᠂ ︽ᠮᠥᠰᠥ ᠴᠠᠰᠤ︾᠂ | ︽ᠨᠠᠭᠠᠳᠤᠮ︾ ᠵᠡᠷᠭᠡ ᠲᠡᠮᠳᠡᠭᠲᠦ ᠤᠷᠤᠯᠳᠤᠭᠠᠨ ᠦᠨᠳᠦᠰᠦᠨ ᠳᠡᠭᠡᠨ ᠪᠦᠷᠢᠯᠳᠦᠵᠦ᠂ ᠥᠪᠥᠷ ᠮᠣᠩᠭᠤᠯ ᠤᠨ ᠣᠯᠠᠨ | ᠤᠯᠤᠰ ᠤᠨ ᠮᠣᠷᠢᠨ ᠮᠡᠷᠭᠡᠵᠢᠯ ᠤᠨ ᠨᠠᠶᠢᠷ᠂ ᠬᠡᠭᠡᠷᠡᠯᠡᠭᠴᠢ e ᠪᠦᠯᠦᠭ · ᠠᠯᠠᠱᠠ ᠶᠢᠨ ᠪᠠᠭᠠᠲᠤᠷᠴᠤᠳ ᠤᠨ ᠴᠤᠭᠯᠠᠭᠠᠨ | ᠵᠡᠷᠭᠡ ᠦᠨᠳᠦᠰᠦᠲᠡᠨ ᠤ ᠣᠨᠴᠠᠯᠢᠭᠲᠤ ᠤᠷᠤᠯᠳᠤᠭᠠᠨ ᠤ ᠨᠥᠯᠥᠭᠡᠯᠡᠬᠦ ᠬᠦᠴᠦᠨ ᠲᠠᠰᠤᠷᠠᠯᠲᠠ ᠥᠬᠡᠶ ᠥᠷᠭᠡᠵᠢᠵᠦ ᠪᠠᠶᠢᠨ᠎ᠠ᠃ | ᠪᠡᠶ᠎ᠡ ᠶᠢᠨ ᠲᠠᠮᠢᠷ ᠤᠨ ᠬᠤᠨᠵᠢᠪᠤᠷᠢᠳᠤ ᠰᠤᠭᠤᠯᠤᠭ᠎ᠠ ᠶᠢ ᠨᠡᠶᠢᠲᠡ 267.25 ᠳ᠋ᠦᠩᠰᠢᠭᠤᠷ ᠲᠥᠭᠦᠷᠢᠭ ᠪᠣᠷᠣᠯᠠᠭᠤᠯᠵᠤ᠂ | ᠨᠡᠶᠢᠲᠡ ᠶᠢᠨ ᠠᠰᠠᠷᠠᠮᠵᠢ ᠶᠢᠨ ᠮᠥᠩᠭᠦ ᠶᠢ 68.78 ᠳ᠋ᠦᠩᠰᠢᠭᠤᠷ ᠲᠥᠭᠦᠷᠢᠭ ᠴᠤᠭᠯᠠᠭᠤᠯᠤᠭᠠᠳ᠂ ︽ᠠᠷᠪᠠᠨ | ᠬᠤᠶᠠᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ ᠲᠣᠰ ᠪᠦᠷᠢ 122% ᠪᠠ 105% ᠪᠠᠷ ᠨᠡᠮᠡᠭᠳᠡᠵᠡᠢ᠃ | ︽ᠠᠷᠪᠠᠨ ᠳᠥᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠳᠤ ᠥᠪᠥᠷ ᠮᠣᠩᠭᠤᠯ ᠤᠨ ᠪᠡᠶ᠎ᠡ ᠶᠢᠨ ᠲᠠᠮᠢᠷ ᠤᠨ | ᠠᠵᠤ ᠦᠶᠯᠡᠰ ᠤᠨ ᠠᠪᠬᠤ ᠭᠤᠤᠯ ᠠᠷᠭ᠎ᠠ ᠬᠡᠮᠵᠢᠶ᠎ᠡ ᠪᠣᠯ᠄ ᠨᠢᠭᠡ ᠳᠤ᠂ ︽ᠲᠠᠯᠪᠢᠬᠤ ᠬᠠᠮᠢᠶᠠᠷᠬᠤ ᠦᠶᠯᠡᠴᠢᠯᠡᠬᠦ︾ | ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠪᠡᠶ᠎ᠡ ᠶᠢᠨ ᠲᠠᠮᠢᠷ ᠤᠨ ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢ ᠶᠡᠭᠡ ᠪᠠᠷ | ᠪᠣᠶᠢᠵᠢᠭᠤᠯᠤᠨ᠂ ᠤᠷᠤᠯᠳᠤᠭᠠᠨ ᠤ ᠠᠵᠢᠯᠯᠠᠭ᠎ᠠ ᠶᠢ ᠳᠠᠭᠠᠭᠠᠨ ᠡᠷᠬᠢᠯᠡᠬᠦ ᠡᠷᠬᠡ ᠪᠣᠯᠤᠨ ᠲᠠᠯᠠᠪᠤᠷ ᠣᠷᠳᠣᠨ ᠤ ᠡᠵᠡᠩᠨᠡᠯᠲᠡ | ᠶᠢᠨ ᠡᠷᠬᠡ ᠶᠢ ᠦᠮᠴᠢᠯᠡᠯ ᠤᠨ ᠡᠷᠬᠡ ᠶᠢ ᠠᠷᠠᠯᠵᠢᠶᠠᠯᠠᠬᠤ ᠲᠠᠪᠴᠠᠩ ᠢᠶᠠᠷ ᠳᠠᠮᠵᠢᠭᠤᠯᠤᠨ ᠢᠯᠡ ᠪᠠᠷ ᠠᠷᠠᠯᠵᠢᠶᠠᠯᠠᠬᠤ ᠶᠢ | ᠵᠣᠷᠢᠭᠵᠢᠭᠤᠯᠵᠤ᠂ ᠣᠯᠠᠨ ᠨᠡᠶᠢᠲᠡ ᠶᠢᠨ ᠦᠢᠯᠡᠴᠢᠯᠡᠭᠡ ᠬᠠᠩᠭᠠᠬᠤ ᠳᠤ ᠣᠯᠠᠨ ᠡᠰᠢᠵᠢᠭᠰᠡᠨ ᠬᠥᠭᠵᠢᠯᠲᠡ ᠶᠢᠨ ᠪᠠᠶᠢᠷᠢᠰᠢᠯ | ᠢ ᠪᠤᠢ ᠪᠣᠯᠭᠠᠬᠤ ᠶᠢ ᠠᠭᠢᠭᠤᠯᠤᠨ᠎ᠠ᠃ ᠬᠤᠶᠠᠷ ᠲᠤ ᠪᠡᠶ᠎ᠡ ᠶᠢᠨ ᠲᠠᠮᠢᠷ ᠤᠨ ᠬᠡᠷᠡᠭᠯᠡᠭᠡ ᠶᠢ ᠠᠬᠢᠭᠤᠯᠵᠤ᠂ ᠡᠯ᠎ᠡ ᠭᠠᠵᠠᠷ | ᠣᠷᠣᠨ ᠲᠡᠦᠬᠡ᠂ ᠰᠣᠶᠣᠯ᠂ ᠣᠷᠴᠢᠨ ᠠᠬᠤᠢ ᠪᠠ ᠠᠭᠤᠷ ᠠᠮᠢᠰᠬᠤᠯ ᠵᠡᠷᠭᠡ ᠨᠥᠭᠦᠴᠡᠯ ᠤᠳ ᠢ ᠤᠶᠠᠯᠳᠤᠭᠤᠯᠤᠨ ᠪᠡᠶ᠎ᠡ | ᠶᠢᠨ ᠲᠠᠮᠢᠷ ᠤᠨ ᠠᠵᠤ ᠦᠢᠯᠡᠰ ᠤᠨ ᠪᠠᠶᠢᠷᠢᠰᠢᠭᠤᠯᠤᠯ ᠢᠶᠠᠨ ᠲᠤᠬᠢᠷᠠᠭᠤᠯᠬᠤ ᠶᠢ ᠨᠢ ᠲᠡᠮᠵᠢᠵᠤ᠂ ᠪᠡᠶ᠎ᠡ ᠶᠢᠨ ᠲᠠᠮᠢᠷ ᠤᠨ | ᠠᠵᠤ ᠦᠢᠯᠡᠰ ᠤᠨ ᠪᠦᠲᠦᠴᠡ ᠶᠢ ᠰᠢᠯᠢᠳᠡᠭᠵᠢᠭᠦᠯᠦᠨ᠂ ᠠᠵᠤ ᠦᠢᠯᠡᠰ ᠤᠨ ᠠᠭᠤᠰᠤᠯᠳᠤᠨ ᠬᠥᠭᠵᠢᠬᠦ ᠶᠢ ᠲᠦᠯᠬᠢᠨ | ᠠᠬᠢᠭᠤᠯᠤᠨ᠎ᠠ᠃ ᠭᠤᠷᠪᠠ ᠳᠤ ᠡᠯ᠎ᠡ ᠭᠠᠵᠠᠷ ᠣᠷᠣᠨ ᠤᠯᠠᠮᠵᠢᠯᠠᠯᠲᠤ ᠪᠡᠶ᠎ᠡ ᠶᠢᠨ ᠲᠠᠮᠢᠷ ᠤᠨ ᠲᠥᠷᠥᠯ ᠤᠨ ᠪᠣᠳᠠᠰ ᠤᠨ | ᠪᠤᠰᠤ ᠲᠥᠷᠦᠯ ᠵᠦᠢᠯ ᠢ ᠠᠭᠤᠳᠠᠯᠤᠨ ᠳᠡᠯᠭᠡᠷᠡᠭᠦᠯᠬᠦ ᠢ ᠨᠢ ᠳᠡᠮᠵᠢᠵᠦ᠂ ᠤᠷᠤᠯᠳᠤᠭᠠᠨ ᠤ ᠶᠠᠪᠤᠳᠠᠯ ᠤᠨ ᠡᠬᠢ ᠪᠠᠶᠠᠯᠢᠭ ᠢ | ᠬᠤᠰᠢᠭᠤ ᠰᠢᠶᠠᠨ ( ᠬᠤᠲᠠ᠂ ᠲᠣᠭᠤᠷᠢᠭ ) ᠲᠡᠶᠢᠰᠢ ᠤᠷᠲᠤᠳᠬᠠᠨ ᠥᠷᠭᠡᠳᠬᠡᠬᠦ ᠶᠢ ᠠᠬᠢᠭᠤᠯᠤᠨ᠎ᠠ᠃ ᠳᠥᠷᠪᠡ ᠳᠤ ᠡᠯ᠎ᠡ | ᠭᠠᠵᠠᠷ ᠤᠨ ᠬᠢᠨ ᠤ ᠣᠯᠠᠨ ᠨᠡᠶᠢᠲᠡ ᠶᠢᠨ ᠪᠡᠶ᠎ᠡ ᠶᠢᠨ ᠲᠠᠮᠢᠷ ᠤᠨ ᠣᠷᠳᠣᠨ ᠲᠠᠯᠠᠪᠠᠶ ᠶᠢᠨ ︽ᠴᠢᠳᠠᠮᠵᠢ ᠶᠢ ᠥᠭᠡᠷᠡᠴᠢᠯᠡᠨ᠂ | ᠲᠣᠭᠲᠠᠴᠠ ᠶᠢ ᠥᠭᠡᠷᠡᠴᠢᠯᠡᠬᠦ︾ ᠢᠨᠵᠧᠨᠧᠷᠢᠩ ᠢ ᠲᠦᠯᠬᠢᠨ ᠠᠬᠢᠭᠤᠯᠬᠤ ᠶᠢ ᠨᠢ ᠵᠣᠷᠢᠭᠵᠢᠭᠤᠯᠵᠤ᠂ ᠪᠦᠬᠦ ᠣᠷᠣᠨ ᠤ | ᠪᠡᠶ᠎ᠡ ᠶᠢᠨ ᠲᠠᠮᠢᠷ ᠤᠨ ᠣᠷᠳᠣᠨ ᠲᠠᠯᠠᠪᠠᠶ ᠶᠢᠨ ᠡᠬᠢ ᠪᠠᠶᠠᠯᠢᠭ ᠢ ᠰᠢᠯᠢᠳᠡᠭᠵᠢᠭᠦᠯᠦᠨ ᠡᠮᠬᠢᠯᠡᠨ᠎ᠡ᠃ ᠲᠠᠪᠤ ᠳᠤ ᠣᠶᠤᠨᠴᠢ | ᠪᠡᠶ᠎ᠡ ᠶᠢᠨ ᠲᠠᠮᠢᠷ ᠤᠨ ᠠᠵᠤ ᠦᠶᠯᠡᠰ ᠤᠨ ᠬᠥᠭᠵᠢᠯᠲᠡ ᠶᠢ ᠳᠥᠯᠭᠢᠨ ᠠᠬᠢᠭᠤᠯᠵᠤ᠂ ᠬᠤᠳᠠᠯᠳᠤᠭ᠎ᠠ ᠡᠵᠡᠩᠨᠡᠬᠦ ᠣᠷᠴᠢᠨ | ᠨᠥᠬᠦᠴᠡᠯ ᠢ ᠰᠠᠶᠢᠵᠢᠷᠠᠭᠤᠯᠤᠭᠠᠳ᠂ ᠡᠯ᠎ᠡ ᠭᠠᠵᠠᠷ ᠤᠨ ᠬᠢᠨ ᠤ ᠤᠯᠤᠰ ᠤᠨ ᠳᠣᠲᠣᠭᠠᠳᠤ ᠭᠠᠳᠠᠭᠠᠳᠤ ᠶᠢᠨ ᠪᠡᠶ᠎ᠡ ᠶᠢᠨ | ᠲᠠᠮᠢᠷ ᠤᠨ ᠤᠷᠤᠯᠳᠤᠭᠠᠨ᠂ ᠪᠡᠶ᠎ᠡ ᠶᠢᠨ ᠲᠠᠮᠢᠷ ᠤᠨ ᠲᠥᠬᠦᠭᠡᠷᠦᠮᠵᠢ ᠪᠠ ᠲᠣᠨᠤᠭ ᠲᠥᠬᠦᠭᠡᠷᠦᠮᠵᠢ ᠰᠤᠳᠤᠯᠤᠨ ᠨᠡᠭᠡᠭᠡᠵᠦ | ᠦᠶᠯᠡᠳᠬᠦ ᠠᠵᠤ ᠠᠬᠤᠶᠢᠯᠠᠯ ᠢ ᠣᠷᠣᠭᠤᠯᠤᠨ ᠠᠪᠴᠢᠷᠠᠬᠤ ᠶᠢ ᠵᠣᠷᠢᠭᠵᠢᠭᠤᠯᠵᠤ᠂ ᠥᠪᠥᠷ ᠮᠣᠩᠭᠤᠯ ᠤᠨ ᠪᠡᠶ᠎ᠡ ᠶᠢᠨ ᠲᠠᠮᠢᠷ | ᠤᠨ ᠠᠵᠤ ᠠᠬᠤᠶᠢᠯᠠᠯ ᠢ ᠪᠤᠵᠠᠭᠠᠶᠢᠷᠠᠭᠤᠯᠤᠨ᠂ ᠤᠨᠴᠠᠯᠢᠭᠳᠤ ᠠᠵᠤ ᠦᠶᠯᠡᠰ ᠤᠨ ᠨᠡᠷᠡᠲᠦ ᠲᠡᠮᠳᠡᠭ ᠢ ᠪᠣᠶᠢᠵᠢᠭᠤᠯᠤᠨ᠎ᠠ᠃ | ᠵᠢᠷᠭᠤᠭ᠎ᠠ ᠳᠤ ᠪᠡᠶ᠎ᠡ ᠶᠢᠨ ᠲᠠᠮᠢᠷ ᠤᠨ ᠠᠵᠤ ᠦᠢᠯᠡᠰ ᠤᠨ ᠪᠦᠯᠦᠭᠯᠡᠯ ᠪᠠᠶᠢᠭᠤᠯᠬᠤ ᠶᠢ ᠲᠦᠯᠬᠢᠨ ᠠᠬᠢᠭᠤᠯᠵᠤ᠂ ᠣᠷᠣᠨ | ᠪᠦᠰᠡ ᠬᠠᠮᠲᠤᠷᠠᠨ ᠬᠥᠳᠡᠯᠦᠯᠴᠡᠬᠦ ᠶᠢ ᠪᠣᠶ ᠪᠣᠯᠭᠠᠵᠤ᠂ ᠪᠡᠶ᠎ᠡ ᠶᠢᠨ ᠲᠠᠮᠢᠷ ᠤᠨ ᠠᠵᠤ ᠦᠢᠯᠡᠰ ᠤᠨ ᠶᠡᠷᠦᠩᠬᠡᠶᠢᠯᠡᠭᠰᠡᠨ | ᠪᠣᠳᠠᠲᠤ ᠬᠦᠴᠦᠨ ᠢ ᠨᠡᠮᠡᠭᠳᠡᠭᠦᠯᠦᠨ᠎ᠡ᠃ | | | | | | | | |