ᠲᠦᠩᠯᠢᠶᠣᠤ ᠬᠤᠲᠠ᠄ ᠲᠥᠷᠥ ᠶᠢᠨ ᠪᠣᠳᠣᠯᠭ᠎ᠠ ᠲᠤᠭᠲᠠᠭᠠᠵᠤ ︽ᠬᠠᠮ ᠠᠷᠭ᠎ᠠ︾ ᠶᠢ ᠬᠡᠷᠡᠭᠵᠢᠭᠦᠯᠵᠦ ᠪᠠᠶᠢᠭᠠᠳ ᠬᠡᠷ ᠪᠠᠶᠢᠰᠢᠩ ᠭᠠᠵᠠᠷ ᠬᠥᠷᠥᠩᠭᠡ ᠶᠢᠨ ᠦᠢᠯᠡᠰ ᠤᠨ ᠲᠣᠭᠲᠠᠭᠤᠨ ᠪᠥᠭᠡᠳ ᠡᠷᠡᠭᠦᠯ ᠢᠶᠠᠷ ᠬᠥᠭᠵᠢᠬᠦ ᠶᠢ ᠠᠬᠢᠭᠤᠯᠪᠠ
ᠨᠡᠶᠢᠲᠡᠯᠡᠭᠰᠡᠨ ᠴᠠᠭ᠄
2025/1/13
  ᠤᠶᠢᠷ᠎ᠠ ᠳᠤ᠂ ᠥᠪᠥᠷ ᠮᠣᠩᠭᠤᠯ ᠤᠨ ᠲᠦᠩᠯᠢᠶᠣᠣ ᠬᠤᠲᠠ ᠭᠡᠷ ᠪᠠᠶᠢᠰᠢᠩ ᠭᠠᠵᠠᠷ ᠬᠥᠷᠥᠩᠭᠡ ᠶᠢᠨ ᠦᠢᠯᠡᠰ ᠤᠨ ᠲᠣᠭᠲᠠᠭᠤᠨ ᠡᠷᠡᠭᠦᠯ ᠬᠥᠭᠵᠢᠯᠲᠡ ᠶᠢ ᠠᠬᠢᠭᠤᠯᠵᠤ᠂ ︽ᠨᠠᠷᠢᠯᠢᠭ ᠣᠨᠣᠪᠴᠢᠲᠠᠢ ᠬᠦᠴᠦᠯᠡᠨ ᠠᠬᠢᠭᠤᠯᠵᠤ᠂ ᠥᠨᠳᠥᠷ ᠪᠦᠲᠦᠮᠵᠢᠲᠡᠢ᠂ ᠬᠤᠯᠪᠣᠭᠠᠯᠠᠨ ᠬᠥᠳᠡᠯᠦᠯᠴᠡᠵᠦ ᠲᠣᠭᠲᠠᠭᠤᠨ ᠪᠠᠶᠢᠬᠤ ᠶᠢ ᠪᠠᠲᠤᠯᠠᠶ᠎ᠠ︾ ᠭᠡᠬᠦ ᠭᠤᠣᠯ ᠰᠡᠳᠦᠪᠲᠦ ᠰᠣᠨᠢᠨ ᠮᠡᠳᠡᠭᠡ ᠨᠡᠶᠢᠲᠡᠯᠡᠬᠦ ᠬᠤᠷᠠᠯ ᠬᠢᠪᠡ᠃ ᠲᠦᠩᠯᠢᠶᠣᠤ ᠬᠤᠲᠠ ᠶᠢᠨ ᠣᠯᠠᠨ ᠰᠠᠯᠠᠭ᠎ᠠ ᠮᠥᠴᠢᠷ ᠤᠨ ᠬᠠᠮᠢᠶ᠎ᠠ ᠪᠥᠬᠦᠶ ᠬᠠᠷᠢᠭᠤᠴᠠᠯᠭᠠᠲᠠᠨ ᠲᠣᠰ ᠲᠣᠰ ᠤᠨ ᠬᠦᠷᠢᠶ᠎ᠡ ᠴᠠᠷᠠᠭ᠎ᠠ ᠶᠢᠨ ᠢᠶᠠᠨ ᠬᠡᠷ ᠪᠠᠶᠢᠰᠢᠩ ᠭᠠᠵᠠᠷ ᠬᠥᠷᠥᠩᠭᠡ ᠶᠢᠨ ᠦᠢᠯᠡᠰ ᠤᠨ ᠲᠣᠭᠲᠠᠭᠤᠨ ᠪᠥᠭᠡᠳ ᠡᠷᠡᠭᠦᠯ ᠢᠶᠠᠷ ᠬᠥᠭᠵᠢᠬᠦ ᠶᠢ ᠠᠬᠢᠭᠤᠯᠬᠤ ᠬᠠᠮᠢᠶ᠎ᠠ ᠪᠥᠬᠦᠶ ᠠᠵᠢᠯ ᠤᠨ ᠡᠭᠦᠷᠭᠡ᠂ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠨᠡᠶᠢᠲᠡᠯᠡᠬᠦ ᠶᠢᠨ ᠬᠠᠮᠲᠤ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠪᠠ᠃
1.13-1.jpg
  ᠰᠣᠨᠢᠨ ᠮᠡᠳᠡᠭᠡ ᠨᠡᠶᠢᠲᠡᠯᠡᠬᠦ ᠬᠤᠷᠠᠯ ᠤᠨ ᠠᠬᠤᠶ ᠲᠠᠯᠠᠪᠠᠶ ︵ᠲᠢᠶᠠᠨ ᠴᠢ ᠵᠦ ᠰᠡᠭᠦᠳᠡᠷᠯᠡᠪᠡ︶  ᠨᠡᠶᠢᠲᠡᠯᠡᠬᠦ ᠶᠢ ᠦᠨᠳᠦᠰᠦᠯᠡᠪᠡᠯ᠂ ︽ᠲᠦᠩᠯᠢᠶᠣᠤ ᠬᠤᠲᠠ ᠶᠢᠨ ᠭᠡᠷ ᠪᠠᠶᠢᠰᠢᠩ ᠭᠠᠵᠠᠷ ᠬᠥᠷᠥᠩᠭᠡ ᠶᠢᠨ ᠦᠢᠯᠡᠰ ᠤᠨ ᠲᠣᠭᠲᠠᠭᠤᠨ ᠪᠥᠭᠡᠳ ᠡᠷᠡᠭᠦᠯ ᠢᠶᠠᠷ ᠬᠥᠭᠵᠢᠬᠦ ᠶᠢ ᠠᠬᠢᠭᠤᠯᠬᠤ ᠠᠵᠢᠯ ᠤᠨ ᠲᠥᠰᠦᠯ ︵ᠲᠤᠷᠰᠢᠨ ᠬᠡᠷᠡᠭᠵᠢᠭᠦᠯᠬᠦ︶︾ ᠢ 7 ᠲᠠᠯ᠎ᠠ ᠪᠠᠷ 39 ᠵᠦᠢᠯ ᠤᠨ ᠪᠣᠳᠠᠲᠠᠶ ᠠᠵᠢᠯ ᠤᠨ ᠠᠷᠭ᠎ᠠ ᠬᠡᠮᠵᠢᠶ᠎ᠡ ᠶᠢ ᠳᠤᠷᠠᠳᠴᠤ᠂ ᠡᠳ᠋ ᠤᠨ ᠵᠠᠰᠠᠭ᠂ ᠮᠥᠩᠭᠦᠨ ᠭᠦᠢᠯᠭᠡᠭᠡ᠂ ᠭᠠᠶᠢᠯᠢ ᠲᠠᠲᠠᠪᠤᠷᠢ᠂ ᠭᠠᠵᠠᠷ ᠰᠢᠷᠣᠶ᠂ ᠲᠥᠯᠥᠪᠵᠢᠭᠦᠯᠭᠡ ᠵᠡᠷᠭᠡ ᠣᠯᠠᠨ ᠵᠦᠢᠯ ᠤᠨ ᠪᠠᠭᠠᠵᠢ ᠶᠢ ᠶᠡᠷᠦᠩᠬᠡᠶᠢᠯᠡᠨ ᠬᠡᠷᠡᠭᠯᠡᠵᠦ᠂ ᠬᠥᠮᠥᠷᠭᠡᠯᠡᠨ ᠬᠠᠳᠠᠭᠠᠯᠠᠬᠤ᠂ ᠬᠡᠷ ᠪᠠᠶᠢᠰᠢᠩ ᠲᠤᠰᠢᠶᠠᠬᠤ ᠶᠢ ᠪᠠᠲᠤᠯᠠᠬᠤ᠂ ᠰᠤᠯᠠ ᠲᠠᠯᠪᠢᠵᠤ ᠪᠠᠶᠢᠬᠤ ᠶᠢ ᠴᠡᠪᠡᠷᠯᠡᠬᠦ᠂ ᠲᠦᠩᠯᠢᠶᠣᠤ ᠬᠤᠲᠠ ᠶᠢᠨ ᠭᠡᠷ ᠪᠠᠶᠢᠰᠢᠩ ᠭᠠᠵᠠᠷ ᠬᠥᠷᠥᠩᠭᠡ ᠶᠢᠨ ᠨᠡᠭᠡᠭᠡᠯᠲᠡ ᠶᠢᠨ ᠪᠠᠯᠠ ᠣᠷᠣᠭᠤᠯᠤᠯᠲᠠ ᠪᠠ ᠲᠠᠸᠠᠷ ᠤᠨ ᠭᠡᠷ ᠪᠠᠶᠢᠰᠢᠩ ᠪᠣᠷᠣᠯᠠᠭᠤᠯᠬᠤ ᠠᠵᠤ ᠠᠬᠤᠶᠢᠯᠠᠯ ᠤᠨ ᠲᠣᠭᠲᠠᠭᠤᠨ ᠢᠶᠠᠷ ᠳᠡᠭᠡᠭᠰᠢᠯᠡᠬᠦ ᠶᠢ ᠢᠳᠡᠪᠬᠢᠲᠡᠶ ᠠᠬᠢᠭᠤᠯᠵᠤ᠂ 2025 ᠣᠨ ᠳᠤ ᠲᠠᠸᠠᠷ ᠤᠨ ᠬᠡᠷ ᠪᠠᠶᠢᠰᠢᠩ ᠢ 150 ᠲᠦᠮᠡᠨ ᠲᠡᠭᠰᠢ ᠳᠥᠷᠪᠡᠯᠵᠢᠨ ᠮᠧᠲᠷ ᠪᠣᠷᠣᠯᠠᠭᠤᠯᠵᠤ᠂ ᠪᠦᠬᠦᠨ ᠢᠶᠠᠷ ᠢᠶᠠᠨ ᠭᠡᠷ ᠪᠠᠶᠢᠰᠢᠩ ᠲᠤᠰᠢᠶᠠᠬᠤ ᠶᠢ ᠪᠠᠲᠤᠯᠠᠬᠤ ᠡᠭᠦᠷᠭᠡ ᠶᠢ ᠪᠡᠶᠡᠯᠡᠭᠦᠯᠵᠦ᠂ 2000 ᠮᠦ ᠠᠴᠠ ᠳᠡᠭᠡᠭᠰᠢ ᠰᠤᠯᠠ ᠪᠠᠶᠢᠭ᠎ᠠ 27 ᠲᠥᠷᠥᠯ ᠵᠦᠢᠯ ᠢ ᠰᠢᠢᠳᠪᠦᠷᠢᠯᠡᠵᠦ᠂ ᠡᠭᠦᠨ ᠤ ᠤᠯᠠᠮ ᠠᠴᠠ ᠵᠠᠬ᠎ᠠ ᠳᠡᠯᠭᠡᠭᠦᠷ ᠤᠨ ᠵᠢᠱᠢᠯᠲᠡ ᠶᠢ ᠲᠣᠭᠲᠠᠪᠤᠷᠢᠵᠢᠭᠤᠯᠵᠤ᠂ ᠵᠠᠬ᠎ᠠ ᠳᠡᠯᠭᠡᠭᠦᠷ ᠤᠨ ᠠᠮᠢᠵᠢᠷᠠᠯ ᠤᠨ ᠬᠦᠴᠦᠨ ᠢ ᠨᠡᠮᠡᠭᠳᠡᠭᠦᠯᠬᠦ ᠪᠠᠷ ᠲᠥᠯᠥᠪᠯᠡᠵᠦ ᠪᠠᠶᠢᠨ᠎ᠠ᠃  ᠤᠯᠤᠰ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠶᠡᠷᠦᠩᠬᠡᠶ ᠲᠣᠪᠴᠢᠶ᠎ᠠ ᠶᠢᠨ ᠲᠦᠩᠯᠢᠶᠣᠤ ᠶᠢᠨ ᠬᠢᠨᠠᠯᠲᠠ ᠬᠠᠮᠢᠶᠠᠷᠤᠯᠲᠠ ᠶᠢᠨ ᠬᠤᠪᠢᠶᠠᠷᠢ ᠲᠣᠪᠴᠢᠶ᠎ᠠ ᠶᠢᠨ ᠵᠣᠬᠢᠴᠠᠭᠤᠯᠬᠤ ᠲᠣᠭᠲᠠᠴᠠ ᠶᠢᠨ ᠡᠭᠦᠷᠭᠡ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠲᠦᠩᠯᠢᠶᠣᠤ ᠬᠤᠲᠠ ᠶᠢᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠶᠢᠨ ︽ᠴᠠᠭᠠᠨ ᠨᠡᠷᠡᠰ ᠤᠨ ᠵᠢᠭᠰᠠᠭᠠᠯᠲᠠ︾ ᠶᠢᠨ ᠲᠦᠷᠢᠮ ᠲᠠᠢ ᠬᠤᠯᠪᠣᠭᠠᠯᠠᠨ ᠪᠥᠬᠦ ᠬᠤᠲᠠ ᠶᠢᠨ ᠪᠠᠩᠬᠢ ᠶᠢᠨ ᠪᠠᠶᠢᠭᠤᠯᠤᠮᠵᠢ ᠶᠢᠨ ᠬᠡᠷ ᠪᠠᠶᠢᠰᠢᠩ ᠭᠠᠵᠠᠷ ᠬᠥᠷᠥᠩᠭᠡ ᠶᠢᠨ ᠲᠥᠷᠥᠯ ᠵᠦᠢᠯ ᠤᠨ ᠵᠦᠶ ᠵᠣᠬᠢᠰᠲᠠᠶ ᠪᠠᠯᠠ ᠲᠣᠬᠢᠷᠠᠭᠤᠯᠭ᠎ᠠ ᠶᠢᠨ ᠬᠡᠷᠡᠭᠴᠡᠭᠡ ᠱᠠᠭᠠᠷᠳᠠᠯᠭ᠎ᠠ ᠶᠢ ᠴᠠᠭ ᠲᠤᠬᠠᠶ ᠳᠤᠨᠢ ᠬᠠᠩᠭᠠᠬᠤ ᠶᠢ ᠬᠥᠲᠥᠯᠦᠨ ᠵᠢᠯᠣᠭᠤᠳᠪᠠ᠃ ᠬᠠᠮᠢᠶ᠎ᠠ ᠪᠥᠬᠦᠶ ᠰᠠᠯᠠᠭ᠎ᠠ ᠮᠥᠴᠢᠷ ᠪᠣᠯᠤᠨ ᠪᠠᠶᠢᠭᠤᠯᠤᠮᠵᠢ ᠶᠢ ᠰᠡᠷᠭᠦᠭᠡᠬᠦ ᠲᠥᠷᠥᠯ ᠵᠦᠢᠯ ᠤᠨ ᠠᠰᠠᠭᠤᠳᠠᠯ ᠢ ᠪᠥᠬᠦ ᠬᠦᠴᠦᠨ ᠢᠶᠠᠷ ᠢᠶᠠᠨ ᠬᠢᠨᠠᠨ ᠵᠢᠯᠣᠭᠤᠳᠴᠤ ᠵᠣᠬᠢᠴᠠᠭᠤᠯᠵᠤ᠂ ᠡᠴᠦᠰ ᠲᠡᠭᠡᠨ 4 ︽ᠴᠠᠭᠠᠨ ᠨᠡᠷᠡᠰ ᠤᠨ ᠵᠢᠭᠰᠠᠭᠠᠯᠲᠠ︾ ᠶᠢᠨ ᠲᠥᠷᠥᠯ ᠵᠦᠢᠯ ᠳᠤ 3.23 ᠳ᠋ᠦᠩᠰᠢᠭᠤᠷ ᠲᠥᠭᠦᠷᠢᠭ ᠤᠨ ᠵᠢᠭᠡᠯᠡᠯᠭᠡ ᠲᠠᠯᠪᠢᠬᠤ ᠶᠢ ᠪᠡᠶᠡᠯᠡᠭᠦᠯᠵᠦ᠂ ᠠᠵᠢᠯ ᠤᠨ ᠦᠷ᠎ᠡ ᠪᠦᠲᠦᠮᠵᠢ ᠨᠢ ᠥᠪᠡᠷᠲᠡᠭᠡᠨ ᠵᠠᠰᠠᠬᠤ ᠣᠷᠣᠨ ᠤ ᠡᠮᠦᠨ᠎ᠡ ᠡᠩᠨᠡᠭᠡᠨ ᠳᠤ ᠣᠷᠣᠪᠠ᠃
1.13-2.jpg
  ᠲᠦᠩᠯᠢᠶᠣᠣ ᠬᠤᠲᠠ ᠶᠢᠨ ᠵᠢᠵᠢᠭ ᠲᠣᠭᠤᠷᠢᠭ ︵ᠵᠠᠩ ᠴᠢ ᠮᠢᠨ ᠰᠡᠭᠦᠳᠡᠷᠯᠡᠪᠡ︶  ᠲᠦᠩᠯᠢᠶᠣᠤ ᠬᠤᠲᠠ ᠶᠢᠨ ᠵᠠᠰᠠᠭ ᠤᠨ ᠶᠠᠪᠤᠳᠠᠯ ᠤᠨ ᠲᠤᠭ᠎ᠠ ᠪᠦᠷᠢᠳᠬᠡᠯ ᠤᠨ ᠲᠣᠪᠴᠢᠶ᠎ᠠ ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠪᠠ ᠢᠨᠵᠧᠨᠧᠷᠢᠩ ᠤᠨ ᠲᠥᠷᠥᠯ ᠵᠦᠢᠯ ᠤᠨ ᠬᠢᠨᠠᠨ ᠵᠥᠪᠰᠢᠶᠡᠷᠡᠬᠦ ᠲᠦᠷᠢᠮ ᠤᠨ ᠥᠭᠡᠷᠡᠴᠢᠯᠡᠯᠲᠡ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠪᠥᠬᠦ ᠣᠷᠣᠨ ᠳᠤ ᠬᠤᠲᠠ ᠶᠢᠨ ᠲᠣᠰ ᠱᠠᠲᠤᠨ ᠤ ᠥᠯᠥ ᠬᠥᠳᠡᠯᠬᠦ ᠬᠥᠷᠥᠩᠭᠡ ᠶᠢᠨ ᠰᠢᠰᠲ᠋ᠧᠮ ᠢ ᠢᠨᠵᠧᠨᠧᠷᠢᠩ ᠤᠨ ᠲᠥᠷᠥᠯ ᠵᠦᠢᠯ ᠤᠨ ᠬᠢᠨᠠᠨ ᠵᠥᠪᠰᠢᠶᠡᠷᠡᠬᠦ ᠰᠢᠰᠲ᠋ᠧᠮ ᠤᠨ ᠲᠠᠪᠴᠠᠩ ᠯᠤᠭ᠎ᠠ ᠵᠣᠯᠭᠠᠭᠤᠯᠬᠤ ᠶᠢ ᠤᠷᠢᠳᠠᠪᠠᠷ ᠪᠡᠶᠡᠯᠡᠭᠦᠯᠵᠦ᠂ ︽ᠭᠡᠷ ᠲᠤᠰᠢᠶᠠᠮᠠᠭᠴᠠ ᠳᠠᠷᠤᠢ ᠳᠤᠨᠢ ᠦᠨᠡᠮᠯᠡᠯ ᠢ ᠨᠢ ᠲᠤᠰᠢᠶᠠᠬᠤ︾ ᠶᠢ ᠨᠡᠶᠢᠳᠡᠮ ᠬᠡᠷᠡᠭᠵᠢᠭᠦᠯᠬᠦ ᠶᠢ ᠠᠬᠢᠭᠤᠯᠤᠨ᠎ᠠ᠃ ᠠᠵᠤ ᠠᠬᠤᠶᠢᠯᠠᠯ ᠤᠨ ᠬᠡᠷᠡᠭᠴᠡᠭᠡ ᠱᠠᠭᠠᠷᠳᠠᠯᠭ᠎ᠠ ᠶᠢ ᠦᠨᠳᠦᠰᠦᠯᠡᠨ ᠤᠷᠢᠳᠴᠢᠯᠠᠨ ᠬᠤᠳᠠᠯᠳᠤᠬᠤ ᠵᠥᠪᠰᠢᠶᠡᠷᠡᠯ ᠢ ᠰᠠᠯᠭᠠᠬᠤ ᠪᠤᠶᠤ ᠨᠡᠶᠢᠯᠡᠭᠦᠯᠦᠨ ᠲᠣᠬᠢᠷᠠᠭᠤᠯᠵᠤ ᠬᠤᠪᠢᠷᠠᠭᠤᠯᠬᠤ ᠠᠵᠢᠯ ᠢ ᠥᠷᠨᠢᠭᠦᠯᠵᠦ᠂ ᠠᠵᠤ ᠠᠬᠤᠶᠢᠯᠠᠯ ᠤᠨ ᠬᠡᠷᠡᠭᠴᠡᠭᠡ ᠱᠠᠭᠠᠷᠳᠠᠯᠭ᠎ᠠ ᠶᠢ ︽ᠳᠠᠷᠦ᠋ᠢᠬᠠᠨ ᠭᠦᠢᠴᠡᠳᠬᠡᠬᠦ︾ ᠶᠢ ᠪᠡᠶᠡᠯᠡᠭᠦᠯᠬᠦ ᠶᠢᠨ ᠬᠠᠮᠲᠤ ᠴᠠᠭ ᠲᠤᠬᠠᠶ ᠳᠤᠨᠢ ᠭᠠᠳᠠᠭᠰᠢ ᠵᠠᠷᠯᠠᠨ ᠨᠡᠶᠢᠲᠡᠯᠡᠨ᠎ᠡ᠃ ᠬᠢᠨᠠᠨ ᠵᠥᠪᠰᠢᠶᠡᠷᠡᠬᠦ ᠭᠤᠭᠴᠤᠭ᠎ᠠ ᠶᠢ ᠦᠷᠭᠦᠯᠵᠢᠯᠡᠨ ᠴᠣᠮᠬᠠᠳᠬᠠᠵᠤ᠂ ᠠᠵᠢᠯ ᠶᠠᠪᠤᠳᠠᠯ ᠭᠦᠢᠴᠡᠳᠭᠡᠬᠦ ᠴᠢᠬᠤᠯᠠ ᠨᠥᠬᠦᠴᠡᠯ ᠢ ᠪᠠᠭᠠᠰᠬᠠᠨ᠂ ᠬᠢᠨᠠᠨ ᠵᠥᠪᠰᠢᠶᠡᠷᠡᠬᠦ ᠴᠠᠭ ᠤᠨ ᠬᠢᠵᠠᠭᠠᠷ ᠢ ᠪᠠᠭᠠᠰᠬᠠᠵᠤ᠂ ᠢᠨᠵᠧᠨᠧᠷᠢᠩ ᠤᠨ ᠲᠥᠷᠥᠯ ᠵᠦᠢᠯ ᠢ ᠬᠢᠨᠠᠨ ᠵᠥᠪᠰᠢᠶᠡᠷᠡᠬᠦ ᠠᠵᠢᠯ ᠢ ᠴᠠᠭ ᠲᠤᠬᠠᠶ ᠳᠤᠨᠢ ᠪᠡᠶᠡᠯᠡᠭᠦᠯᠦᠨ᠂ ︽ᠨᠠᠷᠢᠯᠢᠭ ᠣᠨᠣᠴᠠᠲᠠᠶ ᠭᠦᠢᠴᠡᠳᠭᠡᠬᠦ︾ ᠪᠠᠷ ᠳᠠᠮᠵᠢᠭᠤᠯᠤᠨ ᠢᠨᠵᠧᠨᠧᠷᠢᠩ ᠤᠨ ᠲᠥᠷᠥᠯ ᠵᠦᠢᠯ ᠢ ᠤᠷᠤᠭᠰᠢᠲᠠᠶ ᠨᠠᠶᠢᠳᠠᠪᠤᠷᠢᠵᠢᠭᠤᠯᠤᠨ ᠠᠵᠢᠯ ᠡᠬᠢᠯᠡᠭᠦᠯᠬᠦ ᠶᠢ ᠪᠥᠬᠦ ᠬᠦᠴᠦᠨ ᠢᠶᠠᠷ ᠢᠶᠠᠨ ᠪᠠᠲᠤᠯᠠᠨ᠎ᠠ᠃  ᠲᠦᠩᠯᠢᠶᠣᠣ ᠬᠤᠲᠠ ᠶᠢᠨ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠭᠡᠷ ᠪᠠᠶᠢᠰᠢᠩ ᠭᠠᠵᠠᠷ ᠬᠥᠷᠥᠩᠭᠡ ᠶᠢᠨ ᠦᠢᠯᠡᠰ ᠤᠨ ᠲᠣᠭᠲᠠᠭᠤᠨ ᠪᠥᠭᠡᠳ ᠡᠷᠡᠭᠦᠯ ᠢᠶᠠᠷ ᠬᠥᠭᠵᠢᠬᠦ ᠶᠢ ᠠᠬᠢᠭᠤᠯᠬᠤ 9 ᠲᠠᠯ᠎ᠠ ᠶᠢᠨ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠨᠡᠶᠢᠲᠡᠯᠡᠪᠡ᠃ ᠲᠡᠦᠬᠡ ᠶᠢ ᠬᠦᠨᠳᠦᠳᠬᠡᠬᠦ᠂ ᠠᠵᠤ ᠠᠬᠤᠶᠢᠯᠠᠯ ᠤᠨ ᠬᠦᠰᠡᠯ ᠰᠠᠨᠠᠭ᠎ᠠ ᠶᠢ ᠬᠦᠨᠳᠦᠳᠬᠡᠬᠦ ᠵᠠᠷᠴᠢᠮ ᠶᠣᠰᠣᠭᠠᠷ ᠲᠡᠦᠬᠡᠨ ᠠᠴᠠ ᠦᠯᠡᠳᠡᠭᠳᠡᠵᠦ ᠢᠷᠡᠭᠰᠡᠨ ᠠᠰᠠᠭᠤᠳᠠᠯ ᠢ ᠥᠨᠳᠥᠷ ᠪᠦᠲᠦᠮᠵᠢᠲᠡᠶ ᠪᠠᠷ ᠰᠢᠢᠳᠪᠦᠷᠢᠯᠡᠵᠦ᠂ ᠳᠡᠰ ᠳᠠᠷᠠᠭᠠᠯᠠᠯ ᠶᠣᠰᠣᠭᠠᠷ ᠲᠥᠯᠥᠪᠵᠢᠭᠦᠯᠭᠡ ᠶᠢᠨ ᠰᠢᠨᠵᠢ ᠴᠢᠨᠠᠷ ᠢᠶᠠᠷ ᠨᠢ ᠣᠷᠣᠨ ᠰᠠᠭᠤᠴᠠ ᠳᠤ ᠬᠡᠷᠡᠭᠯᠡᠬᠦ ᠭᠠᠵᠠᠷ ᠤᠨ ᠬᠠᠩᠭᠠᠯᠭ᠎ᠠ ᠶᠢ ᠨᠡᠮᠡᠭᠳᠡᠭᠦᠯᠵᠦ᠂ ᠮᠠᠰᠢᠨᠲᠤ ᠲᠡᠷᠭᠡᠨ ᠤ ᠪᠠᠶᠢᠷᠢ ᠶᠢᠨ ᠬᠠᠷᠢᠴᠠᠯ ᠢ ᠰᠢᠯᠢᠳᠡᠭᠵᠢᠭᠦᠯᠦᠨ᠂ ᠲᠣᠬᠢᠷᠠᠭᠤᠯᠤᠨ ᠪᠠᠶᠢᠭᠤᠯᠬᠤ ᠪᠡᠯᠡᠳᠬᠡᠮᠵᠢ ᠶᠢ ᠪᠠᠭᠲᠠᠭᠠᠮᠵᠢ ᠶᠢᠨ ᠨᠣᠷᠮ᠎ᠠ ᠪᠠ ᠪᠠᠷᠢᠯᠭ᠎ᠠ ᠶᠢᠨ ᠨᠢᠭᠲᠠᠴᠠ ᠳᠤ ᠪᠤᠳᠤᠵᠤ ᠣᠷᠣᠭᠤᠯᠬᠤ ᠦᠭᠡᠢ ᠪᠠᠶᠢᠬᠤ ᠶᠢ ᠵᠥᠪᠰᠢᠶᠡᠷᠡᠵᠦ᠂ ᠲᠥᠪᠯᠡᠷᠡᠭᠦᠯᠦᠨ ᠪᠦᠲᠦᠭᠡᠨ ᠪᠠᠶᠢᠭᠤᠯᠬᠤ ᠳᠤ ᠲᠣᠬᠢᠷᠠᠬᠤ ᠢᠵᠢ ᠪᠦᠷᠢᠳᠦᠭᠦᠯᠦᠨ ᠪᠦᠲᠦᠭᠡᠨ ᠪᠠᠶᠢᠭᠤᠯᠬᠤ ᠭᠡᠷ ᠪᠠᠶᠢᠰᠢᠩ ᠢ ᠣᠷᠣᠨ ᠪᠦᠰᠡ ᠶᠢᠨ ᠪᠣᠳᠠᠲᠠᠶ ᠪᠠᠶᠢᠳᠠᠯ ᠢᠶᠠᠨ ᠦᠨᠳᠦᠰᠦᠯᠡᠨ ᠪᠤᠰᠤᠳ ᠠᠷᠭ᠎ᠠ ᠮᠠᠶ᠋ᠢᠭ ᠢᠶᠠᠷ ᠪᠦᠲᠦᠭᠡᠨ ᠪᠠᠶᠢᠭᠤᠯᠬᠤ ᠶᠢ ᠵᠥᠪᠰᠢᠶᠡᠷᠡᠵᠦ᠂ ᠪᠠᠷᠢᠯᠭ᠎ᠠ ᠶᠢᠨ ᠬᠡᠪᠴᠢᠶ᠎ᠡ ᠨᠢ ᠥᠷᠭᠡᠨ᠂ ᠬᠠᠭᠤᠴᠢᠨ ᠬᠤᠲᠠ ᠶᠢ ᠥᠭᠡᠷᠡᠴᠢᠯᠡᠬᠦ ᠵᠡᠷᠭᠡ ᠣᠨᠴᠠᠭᠠᠢ ᠭᠠᠵᠠᠷ ᠤᠨ ᠡᠶᠡᠷᠭᠦ ᠵᠠᠢ ᠪᠠ ᠪᠠᠷᠢᠯᠭ᠎ᠠ ᠶᠢᠨ ᠤᠬᠤᠷᠢᠬᠤ ᠱᠤᠭᠤᠮ᠂ ᠣᠷᠣᠨ ᠰᠠᠭᠤᠴᠠ ᠶᠢᠨ ᠪᠠᠷᠢᠯᠭ᠎ᠠ ᠶᠢᠨ ᠥᠨᠳᠥᠷ ᠤᠨ ᠬᠡᠮᠵᠢᠶ᠎ᠡ ᠵᠡᠷᠭᠡ ᠲᠥᠷᠥ ᠶᠢᠨ ᠪᠣᠳᠣᠯᠭ᠎ᠠ ᠶᠢ ᠠᠭᠤᠵᠢᠭᠤ ᠲᠠᠯᠪᠢᠵᠤ᠂ ᠨᠠᠷᠠᠪᠴᠢ ᠶᠢ ᠪᠢᠲᠡᠭᠦᠮᠵᠢᠯᠡᠪᠡᠯ 1.8 ᠮᠧᠲᠷ ᠤᠨ ︽ᠬᠠᠭᠠᠰ ᠢᠶᠠᠷ ᠨᠤᠭᠤᠯᠤᠨ ᠪᠣᠳᠣᠬᠤ︾ ᠶᠢ ᠪᠠᠷᠢᠯᠭ᠎ᠠ ᠶᠢᠨ ᠲᠠᠯᠠᠪᠠᠢ ᠳᠤ ᠣᠷᠣᠭᠤᠯᠵᠤ ᠪᠣᠯᠤᠨ᠎ᠠ᠃  ᠲᠦᠩᠯᠢᠶᠣᠤ ᠬᠤᠲᠠ ᠶᠢᠨ ᠣᠷᠣᠨ ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠥᠪ ᠴᠠᠭ ᠲᠤᠬᠠᠶ ᠳᠤ ᠨᠢ ᠲᠣᠬᠢᠷᠠᠭᠤᠯᠤᠨ ᠰᠢᠯᠢᠳᠡᠭᠵᠢᠭᠦᠯᠬᠦ ᠲᠥᠷᠥ ᠶᠢᠨ ᠪᠣᠳᠣᠯᠭ᠎ᠠ ᠶᠢ ᠬᠡᠷᠡᠭᠵᠢᠭᠦᠯᠵᠦ᠂ ᠵᠢᠭᠡᠯᠡᠯᠭᠡ ᠶᠢᠨ ᠲᠤᠭ᠎ᠠ ᠬᠡᠮᠵᠢᠶ᠎ᠡ ᠶᠢ ᠳᠡᠭᠡᠭᠰᠢᠯᠡᠭᠦᠯᠬᠦ᠂ ᠥᠨᠳᠥᠷ ᠲᠠᠰ ᠳᠠᠪᠬᠤᠷᠭ᠎ᠠ ᠶᠢᠨ ᠴᠢᠳᠠᠪᠤᠷᠢᠲᠠᠨ ᠪᠠ ᠣᠯᠠᠨ ᠦᠷ᠎ᠡ ᠬᠡᠤᠬᠡᠳ ᠲᠠᠢ ᠬᠡᠷ ᠪᠦᠯᠢ ᠶᠢᠨ ᠵᠢᠭᠡᠯᠡᠯᠭᠡ ᠶᠢᠨ ᠳᠡᠮᠵᠢᠯᠭᠡ ᠶᠢᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ᠂ ᠬᠤᠪᠢ ᠬᠥᠮᠦᠨ ᠤ ᠣᠷᠣᠨ ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠵᠢᠭᠡᠯᠡᠯᠭᠡ ᠶᠢᠨ ᠬᠦᠤ ᠮᠥᠩᠭᠦ ᠶᠢᠨ ᠨᠣᠷᠮ᠎ᠠ ᠶᠢ ᠪᠠᠭᠤᠷᠠᠭᠤᠯᠬᠤ᠂ ᠣᠷᠣᠨ ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠵᠢᠭᠡᠯᠡᠯᠭᠡ ᠶᠢ ᠪᠤᠳᠤᠬᠤ ᠲᠤᠭ᠎ᠠ ᠬᠡᠮᠵᠢᠶ᠎ᠡ ᠶᠢ ᠳᠡᠭᠡᠭᠰᠢᠯᠡᠭᠦᠯᠬᠦ᠂ ᠠᠵᠢᠯᠲᠠᠨ ᠠᠵᠢᠯᠴᠢᠨ ᠤ ᠵᠢᠭᠡᠯᠡᠯᠭᠡ ᠶᠢ ᠪᠤᠴᠠᠭᠠᠬᠤ ᠬᠠᠮᠤᠭ ᠤᠨ ᠥᠨᠳᠥᠷ ᠨᠠᠰᠤᠨ ᠳᠤ ᠳᠣᠭᠢᠷᠠᠭᠤᠯᠬᠤ᠂ ᠣᠷᠣᠨ ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠦᠯᠡᠳᠡᠪᠦᠷᠢ ᠲᠤᠭ᠎ᠠ ᠪᠠᠷ ᠬᠡᠷ ᠪᠠᠶᠢᠰᠢᠩ ᠬᠤᠳᠠᠯᠳᠤᠨ ᠠᠪᠬᠤ ᠳᠤ ᠠᠩᠬ᠎ᠠ ᠲᠤᠰᠢᠶᠠᠬᠤ ᠮᠥᠩᠭᠦ ᠶᠢ ᠳᠥᠯᠥᠬᠦ ᠶᠢ ᠳᠡᠮᠵᠢᠬᠦ ᠵᠡᠷᠭᠡ ᠲᠥᠷᠥ ᠶᠢᠨ ᠪᠣᠳᠣᠯᠭ᠎ᠠ ᠪᠠᠷ ᠳᠠᠮᠵᠢᠭᠤᠯᠤᠨ ᠦᠯᠡᠳᠡᠭᠡᠯ ᠪᠠᠯᠠ ᠮᠥᠩᠭᠦ ᠶᠢ ᠠᠮᠢᠳᠤᠯᠢᠭ ᠪᠣᠯᠭᠠᠪᠠ᠃  ᠳᠤᠮᠳᠠᠳᠤ ᠤᠯᠤᠰ ᠤᠨ ᠠᠷᠠᠳ ᠤᠨ ᠪᠠᠩᠬᠢ ᠶᠢᠨ ᠲᠦᠩᠯᠢᠶᠣᠣ ᠬᠤᠲᠠ ᠶᠢᠨ ᠬᠤᠪᠢᠶᠠᠷᠢ ᠪᠠᠩᠬᠢ ᠨᠢ ᠭᠡᠷ ᠤᠨ ᠵᠢᠭᠡᠯᠡᠯᠭᠡ ᠶᠢᠨ ᠬᠦᠦ ᠶᠢᠨ ᠨᠣᠷᠮ᠎ᠠ ᠶᠢ ᠪᠠᠭᠤᠷᠠᠭᠤᠯᠬᠤ᠂ ᠬᠠᠮᠤᠭ ᠳᠣᠣᠷ᠎ᠠ ᠨᠢ ᠠᠩᠬ᠎ᠠ ᠲᠤᠰᠢᠶᠠᠬᠤ ᠬᠠᠷᠢᠴᠠᠯ ᠢ ᠲᠣᠬᠢᠷᠠᠭᠤᠯᠤᠨ ᠪᠠᠭᠤᠷᠠᠭᠤᠯᠬᠤ᠂ ᠭᠡᠷ ᠤᠨ ᠵᠢᠭᠡᠯᠡᠯᠭᠡ ᠶᠢᠨ ᠬᠦᠦ ᠶᠢᠨ ᠨᠣᠷᠮ᠎ᠠ ᠶᠢ ᠬᠤᠪᠢᠷᠠᠭᠤᠯᠬᠤ ᠨᠢ ᠵᠢᠭᠡᠯᠡᠯᠭᠡ ᠶᠢᠨ ᠵᠠᠬ᠎ᠠ ᠳᠡᠯᠭᠡᠭᠦᠷ ᠤᠨ ᠮᠡᠳᠡᠭᠦᠯᠦᠭᠰᠡᠨ ᠦᠨ᠎ᠡ ᠶᠢᠨ ᠬᠦᠦ ᠮᠥᠩᠭᠦ ᠶᠢᠨ ᠨᠣᠷᠮ᠎ᠠ ︵LPR︶ ᠶᠢᠨ ᠰᠠᠭᠤᠷᠢᠨ ᠳᠡᠭᠡᠷᠡᠬᠢ ᠴᠡᠭ ᠨᠡᠮᠡᠬᠦ ᠬᠡᠮᠵᠢᠶ᠎ᠡ ᠶᠢ ᠨᠡᠮᠡᠬᠦ ᠶᠢᠨ ᠬᠠᠮᠲᠤ ᠭᠡᠷ ᠤᠨ ᠵᠢᠭᠡᠯᠡᠯᠭᠡ ᠶᠢᠨ ᠬᠦᠦ ᠶᠢᠨ ᠨᠣᠷᠮ᠎ᠠ ᠶᠢ ᠳᠠᠬᠢᠨ ᠲᠣᠭᠲᠠᠭᠠᠬᠤ ᠦᠶᠡᠯᠡᠯ ᠤᠨ ᠬᠤᠭᠤᠴᠠᠭ᠎ᠠ ᠶᠢ ᠬᠠᠮᠤᠭ ᠣᠬᠤᠷ ᠨᠢᠭᠡ ᠵᠢᠯ ᠳᠤ ᠬᠢᠵᠠᠭᠠᠷᠯᠠᠨ᠎ᠠ᠃ ︵ᠲᠢᠶᠠᠨ ᠴᠢ ᠵᠦ ᠯᠢᠶᠠᠩ ᠴᠤᠸᠠᠩ︶ 
ᠢᠷᠡᠯᠲᠡ᠄ ᠲᠥᠪ ᠤᠨ ᠷᠠᠳᠢᠣ᠋ ᠰᠦᠯᠵᠢᠶ᠎ᠡ ᠶᠢᠨ ᠬᠡᠷᠡᠭᠯᠡᠭᠰᠡᠳ ᠤᠨ ᠦᠵᠦᠭᠦᠷ