ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
2025 ᠣᠨ᠎ᠤ ᠡᠪᠦᠯ᠎ᠤᠨ ᠠᠮᠠᠷᠠᠯᠲᠠ ᠵᠢᠨ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠵᠢ ᠪᠠᠭᠰᠢ ᠰᠤᠷᠤᠭᠴᠢ ᠭᠡᠷ᠎ᠤᠨ ᠠᠬᠠᠮᠠᠳ᠎ᠲᠤ ᠳᠠᠮᠵᠢᠭᠤᠯᠬᠤ᠎ᠨᠢ ⑦
ᠨᠡᠶ᠋ᠢᠲᠡᠯᠡᠭᠰᠡᠨ ᠴᠠᠭ᠄ 2025-02-05

ᠥᠷᠭᠡᠨ ᠣᠯᠠᠨ ᠬᠡᠦᠬᠡᠳ ᠵᠠᠯᠠᠭᠤᠴᠤᠳ ᠪᠠᠭ᠋ᠠᠴᠤᠳ᠎ᠢ ᠬᠥᠲᠥᠯᠥᠨ ᠵᠢᠯᠣᠭᠣᠳᠴᠤ᠂ ᠡᠨᠡ ᠵᠢᠯ᠎ᠤᠨ ᠡᠪᠦᠯ᠎ᠤᠨ ᠠᠮᠠᠷᠠᠯᠲᠠ ᠵᠢᠨ ᠬᠤᠭᠤᠴᠠᠭ᠋ᠠᠨ᠎ᠳᠤ ᠰᠢᠨᠵᠢᠯᠡᠬᠦ ᠤᠬᠠᠭ᠋ᠠᠨᠴᠢ᠎ᠪᠠᠷ ᠨᠢᠳᠦ ᠎ᠪᠠᠨ ᠬᠡᠷᠡᠭᠯᠡᠵᠦ᠂ ᠵᠢᠮ᠎ᠡ ᠶᠣᠰᠣ᠎ᠲᠠᠢ ᠠᠮᠠᠷᠠᠵᠤ᠂ ᠣᠶ᠋ᠢᠷ᠎ᠠ ᠬᠠᠷᠠᠭ᠎ᠠ ᠵᠢ ᠰᠠᠨᠠᠭ᠋ᠠᠴᠢᠯᠠᠭ᠎ᠠ᠎ᠠᠴᠠ᠎ᠪᠠᠨ ᠤᠷᠢᠳᠴᠢᠯᠠᠨ ᠰᠡᠷᠭᠡᠶ᠋ᠢᠯᠡᠬᠦ ᠵᠢᠨ ᠲᠥᠯᠥᠭᠡ᠂ ᠪᠦᠬᠦ ᠤᠯᠤᠰ᠎ᠤᠨ ᠬᠡᠦᠬᠡᠳ ᠵᠠᠯᠠᠭᠤᠴᠤᠳ ᠪᠠᠭ᠋ᠠᠴᠤᠳ᠎ᠤᠨ ᠣᠶ᠋ᠢᠷ᠎ᠠ ᠬᠠᠷᠠᠭ᠎ᠠ ᠵᠢ ᠶᠡᠷᠦᠩᠬᠡᠶ᠋ᠢᠯᠡᠨ ᠰᠡᠷᠭᠡᠶ᠋ᠢᠯᠡᠨ ᠡᠵᠡᠮᠳᠡᠬᠦ ᠵᠢ ᠤᠬᠠᠭᠤᠯᠤᠨ ᠲᠠᠶ᠋ᠢᠯᠪᠤᠷᠢᠯᠠᠬᠤ ᠪᠦᠯᠬᠦᠮ ᠡᠮᠦᠨᠡᠬᠢ ᠬᠤᠭᠤᠴᠠᠭ᠋ᠠᠨ᠎ᠤ ᠠᠵᠢᠯ᠎ᠤᠨ ᠰᠠᠭᠤᠷᠢᠨ ᠳᠡᠭᠡᠷ᠎ᠡ᠂ 2025 ᠣᠨ᠎ᠤ ᠡᠪᠦᠯ᠎ᠤᠨ ᠠᠮᠠᠷᠠᠯᠲᠠ ᠵᠢᠨ ᠣᠶ᠋ᠢᠷ᠎ᠠ ᠬᠠᠷᠠᠭ᠎ᠠ ᠵᠢ ᠰᠡᠷᠭᠡᠶ᠋ᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ᠎ᠳᠤ ᠵᠠᠰᠠᠪᠤᠷᠢ ᠣᠷᠣᠭᠤᠯᠵᠤ᠂ ᠥᠷᠭᠡᠨ ᠣᠯᠠᠨ ᠬᠡᠦᠬᠡᠳ ᠵᠠᠯᠠᠭᠤᠴᠤᠳ ᠪᠠᠭ᠋ᠠᠴᠤᠳ ᠪᠠ ᠭᠡᠷ᠎ᠤᠨ ᠠᠬᠠᠮᠠᠳ᠎ᠤᠨ ᠮᠠᠳᠠᠭ᠎ᠢ ᠲᠠᠢ᠌ᠯᠵᠤ᠂ ᠰᠢᠨᠵᠢᠯᠡᠬᠦ ᠤᠬᠠᠭ᠋ᠠᠨᠴᠢ᠎ᠪᠠᠷ ᠬᠥᠲᠥᠯᠦᠨ ᠵᠢᠯᠣᠭᠣᠳᠪᠠ᠃

 

07. ᠵᠠᠰᠠᠯᠭ᠎ᠠ ᠬᠢᠬᠦ᠄ ᠠᠬᠢᠴᠠ ᠵᠢ ᠡᠵᠡᠮᠳᠡᠵᠦ᠂ ᠦᠷᠭᠦᠯᠵᠢ ᠪᠠᠢ᠌ᠴᠠᠭ᠋ᠠᠯᠲᠠ ᠬᠢᠬᠦ

17. ᠣᠶ᠋ᠢᠷ᠎ᠠ ᠬᠠᠷᠠᠭ᠎ᠠ ᠵᠢ ᠣᠯᠵᠤ ᠮᠡᠳᠡᠪᠡᠯ ᠵᠠᠪᠠᠯ ᠨᠢᠳᠦᠨ ᠰᠢᠯ ᠲᠠᠭ᠋ᠠᠷᠠᠭᠤᠯᠬᠤ ᠤᠤ?

ᠬᠠᠷᠢᠭᠤᠯᠲᠠ᠄ ᠣᠶ᠋ᠢᠷ᠎ᠠ ᠬᠠᠷᠠᠭ᠎ᠠ ᠵᠢ ᠣᠯᠵᠤ ᠮᠡᠳᠡᠪᠡᠯ᠂ ᠵᠢᠩᠬᠢᠨᠢ ᠨᠢᠳᠦᠨ ᠰᠠᠯᠠᠭ᠋ᠠᠨ᠎ᠤ ᠡᠮᠴᠢᠯᠡᠭᠡᠨ᠎ᠤ ᠪᠠᠶ᠋ᠢᠭᠤᠯᠤᠮᠵᠢ᠎ᠳᠤ ᠬᠦᠷᠴᠦ ᠪᠠᠢ᠌ᠴᠠᠭ᠋ᠠᠯᠭ᠋ᠠᠬᠤ ᠬᠡᠷᠡᠭᠲᠡᠢ᠃ ᠡᠮᠴᠢ ᠵᠢᠨ ᠰᠠᠨᠠᠭᠤᠯᠭ᠎ᠠ ᠵᠢ ᠦᠨᠳᠦᠰᠦᠯᠡᠨ᠂ ᠬᠡᠦᠬᠡᠨ ᠬᠠᠷᠠᠭ᠎ᠠ ᠵᠢᠨ ᠰᠠᠷᠨᠢᠯᠲᠠ ᠵᠢ ᠰᠢᠯᠭ᠋ᠠᠬᠤ ᠪᠤᠶᠤ ᠰᠢᠨᠵᠢᠯᠡᠬᠦ ᠤᠬᠠᠭ᠋ᠠᠨᠴᠢ ᠵᠠᠰᠠᠯᠭ᠎ᠠ ᠬᠢᠨ᠎ᠡ᠃ ᠨᠢᠳᠦᠨ ᠰᠢᠯ ᠲᠠᠭ᠋ᠠᠷᠠᠭᠤᠯᠵᠤ ᠣᠶ᠋ᠢᠷ᠎ᠠ ᠬᠠᠷᠠᠭ᠎ᠠ ᠵᠢ ᠡᠵᠡᠮᠳᠡᠬᠦ ᠲᠠᠯ᠎ᠠ᠎ᠪᠠᠷ ᠭᠣᠣᠯᠳᠠᠭᠤ ᠬᠦᠷᠢᠶ᠎ᠡ᠎ᠲᠠᠢ ᠨᠢᠳᠦᠨ ᠰᠢᠯ ᠵᠡᠭᠦᠬᠦ ᠪᠤᠶᠤ ᠡᠪᠡᠷᠯᠢᠭ ᠪᠦᠷᠬᠦᠪᠴᠢ᠎ᠳᠤ ᠬᠦᠷᠦᠯᠴᠡᠬᠦ ᠨᠢᠳᠦᠨ ᠰᠢᠯ ᠵᠡᠭᠦᠨ᠎ᠡ᠃ ᠬᠦᠷᠢᠶ᠎ᠡ᠎ᠲᠠᠢ ᠨᠢᠳᠦᠨ ᠰᠢᠯ ᠪᠣᠯ ᠬᠠᠮᠤᠭ᠎ᠤᠨ ᠳᠥᠭᠥᠮ᠂ ᠠᠮᠤᠷ ᠲᠦᠪᠰᠢᠨ ᠵᠠᠰᠠᠯᠭ᠎ᠠ ᠬᠢᠬᠦ ᠪᠠᠭ᠋ᠠᠵᠢ ᠮᠥᠨ᠂ ᠣᠶ᠋ᠢᠷ᠎ᠠ ᠵᠢᠨ ᠵᠢᠯ ᠣᠨᠴᠠᠭ᠋ᠠᠢ ᠭᠡᠷᠡᠯ᠎ᠤᠨ ᠤᠬᠠᠭ᠋ᠠᠨ ᠵᠶ᠋ᠠᠷ ᠲᠥᠯᠦᠪᠯᠡᠵᠦ ᠭᠠᠷᠭ᠋ᠠᠭᠰᠠᠨ ᠬᠦᠷᠢᠶ᠎ᠡ᠎ᠲᠠᠢ ᠨᠢᠳᠦᠨ ᠰᠢᠯ᠂ ᠲᠤᠬᠠᠢ᠌ᠯᠠᠪᠠᠯ᠂ ᠴᠢᠳᠠᠮᠵᠢᠲᠤ ᠨᠢᠳᠦᠨ ᠰᠢᠯ᠎ᠨᠢ ᠰᠣᠩᠭᠣᠵᠤ ᠪᠣᠯᠬᠤᠢ᠌ᠴᠠ ᠣᠶ᠋ᠢᠷ᠎ᠠ ᠬᠠᠷᠠᠭ᠎ᠠ ᠵᠢ ᠵᠠᠰᠠᠬᠤ ᠠᠷᠭ᠎ᠠ ᠵᠢᠨ ᠨᠢᠭᠡ ᠪᠣᠯᠤᠭᠰᠠᠨ ᠪᠠᠶ᠋ᠢᠨ᠎ᠠ᠃ ᠡᠪᠡᠷᠯᠢᠭ ᠪᠦᠷᠬᠦᠪᠴᠢ᠎ᠳᠤ ᠬᠦᠷᠦᠯᠴᠡᠬᠦ ᠨᠢᠳᠦᠨ ᠰᠢᠯ᠎ᠳᠤ ᠵᠦᠭᠡᠯᠡᠨ ᠴᠢᠨᠠᠷᠲᠠᠢ ᠬᠦᠷᠦᠯᠴᠡᠬᠦ ᠨᠢᠳᠦᠨ ᠰᠢᠯ᠂ ᠬᠠᠲᠠᠭᠤ ᠴᠢᠨᠠᠷᠲᠠᠢ ᠠᠭ᠋ᠠᠷ ᠨᠡᠪᠲᠡᠷᠡᠬᠦ ᠬᠦᠷᠦᠯᠴᠡᠬᠦ ᠨᠢᠳᠦᠨ ᠰᠢᠯ ᠪᠣᠯᠤᠨ ᠡᠪᠡᠷᠯᠢᠭ ᠪᠥᠷᠬᠦᠪᠴᠢ ᠵᠢᠨ ᠬᠡᠪᠰᠢᠮᠡᠭᠡᠢ ᠨᠢᠳᠦᠨ ᠰᠢᠯ (OK  ᠨᠢᠳᠦᠨ ᠰᠢᠯ) ᠵᠡᠷᠭᠡ ᠵᠢ ᠪᠠᠭᠲᠠᠭ᠋ᠠᠵᠤ᠂ ᠬᠦᠷᠦᠯᠴᠡᠬᠦ ᠨᠢᠳᠦᠨ ᠰᠢᠯ᠎ᠢ ᠵᠡᠭᠦᠬᠦ᠎ᠳᠤ ᠭᠡᠷ᠎ᠤᠨ ᠠᠬᠠᠮᠠᠳ ᠬᠠᠷᠠᠭ᠋ᠠᠯᠵᠠᠨ ᠬᠠᠮᠠᠭ᠋ᠠᠯᠠᠬᠤ ᠴᠢᠬᠤᠯᠠᠲᠠᠢ᠂ ᠲᠣᠭᠲᠠᠭᠰᠠᠨ ᠬᠤᠭᠤᠴᠠᠭ᠎ᠠ᠎ᠲᠠᠢ ᠳᠠᠬᠢᠨ ᠪᠠᠢ᠌ᠴᠠᠭ᠋ᠠᠯᠭ᠋ᠠᠵᠤ᠂  ᠥᠷᠪᠢᠰᠬᠦ ᠎ᠠᠴᠠ ᠰᠡᠷᠭᠡᠶ᠋ᠢᠯᠡᠬᠦ ᠬᠡᠷᠡᠭᠲᠡᠢ᠃

 

1.jpg

   

18. ᠡᠮ᠎ᠤᠨ ᠵᠦᠢ᠍ᠯ ᠣᠶ᠋ᠢᠷ᠎ᠠ ᠬᠠᠷᠠᠭ᠋ᠠᠨ᠎ᠤ ᠠᠬᠢᠴᠠ ᠵᠢ ᠡᠵᠡᠮᠳᠡᠵᠦ ᠴᠢᠳᠠᠨ᠎ᠠ ᠤᠤ?

ᠬᠠᠷᠢᠭᠤᠯᠲᠠ᠄ ᠣᠳᠣᠬᠠᠨ᠎ᠳᠤ᠂ ᠳᠣᠣᠷ᠎ᠠ ᠥᠳᠭᠡᠴᠡ᠎ᠲᠠᠢ ᠠ ᠲᠦᠸᠧ ᠫᠢᠨ ᠨᠢᠳᠦᠨ ᠎ᠳᠤ ᠳᠤᠰᠤᠭ᠋ᠠᠬᠤ ᠰᠢᠩᠭᠡᠨ ᠡᠮ ᠪᠣᠯ ᠭᠡᠷᠡᠴᠢ ᠵᠢᠷᠤᠮᠯᠠᠬᠤ ᠠᠨᠠᠭ᠋ᠠᠬᠤ ᠤᠬᠠᠭ᠋ᠠᠨ᠎ᠤ ᠰᠢᠯᠭ᠋ᠠᠨ ᠪᠠᠲᠤᠯᠠᠯᠲᠠ ᠵᠢ ᠳᠠᠮᠵᠢᠭᠰᠠᠨ ᠣᠶ᠋ᠢᠷ᠎ᠠ ᠬᠠᠷᠠᠭ᠋ᠠᠨ᠎ᠤ ᠠᠬᠢᠴᠠ ᠵᠢ ᠪᠦᠲᠦᠮᠵᠢᠲᠡᠢ ᠬᠣᠷᠢᠭᠯᠠᠬᠤ ᠡᠮ ᠮᠥᠨ᠂ ᠡᠯ᠎ᠡ ᠵᠦᠢ᠍ᠯ᠎ᠤᠨ ᠣᠨᠴᠠᠭ᠋ᠠᠢ ᠲᠥᠯᠦᠪᠯᠡᠭᠰᠡᠨ ᠨᠢᠳᠦᠨ ᠰᠢᠯ ᠵᠢᠴᠢ ᠬᠦᠷᠦᠯᠴᠡᠬᠦ ᠨᠢᠳᠦᠨ ᠰᠢᠯ᠎ᠲᠠᠢ ᠬᠠᠮᠲᠤ ᠬᠡᠷᠡᠭᠯᠡᠪᠡᠯ ᠣᠶ᠋ᠢᠷ᠎ᠠ ᠬᠠᠷᠠᠭ᠎ᠠ ᠵᠢ ᠡᠵᠡᠮᠳᠡᠬᠦ ᠦᠢ᠍ᠯᠡᠳᠦᠯ᠎ᠢ ᠳᠡᠭᠡᠭᠰᠢᠯᠡᠭᠦᠯᠦᠨ᠎ᠡ᠃ ᠳᠣᠣᠷ᠎ᠠ ᠥᠳᠭᠡᠴᠡ᠎ᠲᠠᠢ ᠠ ᠲᠦᠸᠧ ᠫᠢᠨ ᠨᠢᠳᠦᠨ᠎ᠳᠤ ᠳᠤᠰᠤᠭ᠋ᠠᠬᠤ ᠰᠢᠩᠭᠡᠨ ᠡᠮ᠎ᠢ ᠳᠤᠰᠬᠠᠢ ᠮᠡᠷᠭᠡᠵᠢᠯ᠎ᠤᠨ ᠡᠮᠴᠢ ᠵᠢᠨ ᠵᠢᠯᠣᠭᠣᠳᠣᠯᠭ᠎ᠠ᠎ᠪᠠᠷ ᠵᠢᠷᠤᠮᠵᠢᠭᠤᠯᠤᠨ ᠬᠡᠷᠡᠭᠯᠡᠵᠦ᠂ ᠡᠮᠴᠢ ᠵᠢᠨ ᠵᠢᠭ᠋ᠠᠪᠤᠷᠢ ᠵᠢ ᠳᠠᠭ᠋ᠠᠬᠤ ᠬᠡᠷᠡᠭᠲᠡᠢ᠃

19. ᠶᠠᠭᠤᠨ᠎ᠳᠤ ᠣᠶ᠋ᠢᠷ᠎ᠠ ᠬᠠᠷᠠᠭ᠎ᠠ ᠵᠢᠨ ᠠᠬᠢᠴᠠ ᠵᠢ ᠡᠵᠡᠮᠳᠡᠵᠦ᠂ ᠬᠡᠲᠦ ᠣᠶ᠋ᠢᠷ᠎ᠠ ᠬᠠᠷᠠᠭ᠎ᠠ᠎ᠲᠠᠢ ᠪᠣᠯᠬᠤ ᠵᠢ ᠰᠡᠷᠭᠡᠶ᠋ᠢᠯᠡᠬᠦ ᠪᠤᠢ?

ᠬᠠᠷᠢᠭᠤᠯᠲᠠ᠄ ᠬᠡᠲᠦ ᠣᠶ᠋ᠢᠷ᠎ᠠ ᠬᠠᠷᠠᠭ᠎ᠠ ᠪᠣᠯ ᠣᠢ᠌ᠷ᠎ᠠ ᠬᠠᠷᠠᠭ᠋ᠠᠨ᠎ᠤ ᠭ᠋ᠷᠠᠳᠦ᠋ᠰ᠎ᠤᠨ ᠲᠣᠭ᠎ᠠ 600 ᠭ᠋ᠷᠠᠳᠦ᠋ᠰ᠎ᠠᠴᠠ ᠶᠡᠬᠡ ᠪᠠᠶ᠋ᠢᠳᠠᠯ᠎ᠢ ᠵᠢᠭ᠋ᠠᠨ᠎ᠠ᠃ ᠬᠡᠲᠦ ᠣᠶ᠋ᠢᠷ᠎ᠠ ᠬᠠᠷᠠᠭ᠋ᠠᠨ᠎ᠤ ᠬᠣᠣᠷ ᠬᠥᠨᠥᠭᠡᠯ ᠶᠡᠬᠡ᠂ ᠬᠡᠷᠪᠡ ᠳᠠᠷᠤᠢ᠎ᠳᠤ᠎ᠨᠢ ᠰᠢᠨᠵᠢᠯᠡᠬᠦ ᠤᠬᠠᠭ᠋ᠠᠨᠴᠢ᠎ᠪᠠᠷ ᠵᠠᠰᠠᠬᠤ ᠦᠭᠡᠢ ᠪᠣᠯ ᠨᠢᠳᠦᠨ ᠴᠡᠴᠡᠬᠡᠢ ᠭᠦᠳᠦᠢ᠌ᠨ ᠭᠠᠷᠴᠤ ᠮᠠᠭᠤᠬᠠᠢ ᠬᠠᠷᠠᠭᠳᠠᠨ᠎ᠠ᠂ ᠪᠠᠰᠠ ᠨᠢᠳᠦᠨ ᠴᠡᠴᠡᠭᠡᠢ ᠵᠢᠨ ᠬᠠᠨ᠎ᠠ  ᠨᠢᠮᠭᠡᠷᠡᠵᠦ᠂  ᠨᠢᠳᠦᠨ ᠴᠡᠴᠡᠭᠡᠢ ᠵᠢᠨ ᠪᠦᠲᠦᠴᠡ᠎ᠳᠤ ᠡᠪᠡᠳᠴᠢᠨ᠎ᠤ ᠬᠤᠪᠢᠷᠠᠯᠲᠠ ᠭᠠᠷᠳᠠᠭ᠃  ᠬᠡᠲᠦ  ᠣᠢ᠌ᠷ᠎ᠠ ᠬᠠᠷᠠᠭ᠎ᠠ᠎ᠲᠠᠢ ᠪᠣᠯᠬᠤ ᠵᠢ ᠳᠠᠭ᠋ᠠᠯᠳᠤᠨ ᠦᠷᠭᠦᠯᠵᠢ ᠬᠠᠮᠢᠶ᠎ᠠ ᠪᠥᠬᠦᠢ ᠳᠠᠪᠬᠤᠴᠠᠭᠰᠠᠨ ᠡᠪᠡᠳᠴᠢᠨ ᠡᠭᠦᠰᠳᠡᠭ᠂ ᠲᠤᠬᠠᠢ᠌ᠯᠠᠪᠠᠯ᠂ ᠡᠪᠡᠳᠴᠢᠨ᠎ᠤ ᠵᠦᠢ ᠵᠢᠨ ᠴᠢᠨᠠᠷᠲᠠᠢ ᠣᠢ᠌ᠷ᠎ᠠ ᠬᠠᠷᠠᠭ᠎ᠠ᠂ ᠭᠣᠣᠯᠳᠠᠭᠤ ᠬᠠᠷᠠᠭ᠎ᠠ ᠮᠠᠭᠤᠲᠠᠬᠤ ᠪᠤᠶᠤ ᠰᠣᠬᠣᠷᠠᠬᠤ ᠢᠯᠡᠷᠡᠯ᠎ᠲᠠᠢ᠃ ᠬᠡᠲᠦ ᠣᠢ᠌ᠷ᠎ᠠ ᠬᠠᠷᠠᠭ᠎ᠠ᠎ᠲᠠᠢ ᠬᠥᠮᠦᠰ ᠰᠢᠷᠦᠭᠦᠨ ᠮᠥᠷᠭᠦᠯᠲᠡ᠎ᠠᠴᠠ ᠬᠢᠴᠢᠶᠡᠬᠦ ᠬᠡᠷᠡᠭᠲᠡᠢ᠂  ᠦᠰᠦᠷᠬᠦ᠂ ᠤᠰᠤᠨ᠎ᠳᠤ ᠬᠠᠷᠠᠶ᠋ᠢᠬᠤ᠂ ᠤᠰᠤᠨ᠎ᠳᠤ ᠤᠮᠪᠠᠬᠤ ᠵᠡᠷᠭᠡ ᠬᠥᠳᠡᠯᠭᠡᠭᠡᠨ᠎ᠳᠤ ᠣᠷᠣᠯᠴᠠᠵᠤ ᠪᠣᠯᠬᠤ ᠦᠭᠡᠢ᠃

20. ᠯᠠᠶ᠋ᠢᠰᠧᠷ ᠮᠡᠰᠡ ᠵᠠᠰᠠᠯ ᠣᠶ᠋ᠢᠷ᠎ᠠ ᠬᠠᠷᠠᠭ᠎ᠠ ᠵᠢ ᠵᠠᠰᠠᠵᠤ ᠳᠡᠢ᠌ᠯᠦᠨ᠎ᠡ ᠤᠤ?

ᠬᠠᠷᠢᠭᠤᠯᠲᠠ᠄ ᠯᠠᠶ᠋ᠢᠰᠧᠷ ᠮᠡᠰᠡ ᠵᠠᠰᠠᠯ ᠪᠣᠯ ᠣᠶ᠋ᠢᠷ᠎ᠠ ᠬᠠᠷᠠᠭ᠎ᠠ᠎ᠳᠤ ᠴᠢᠭᠯᠡᠭᠦᠯᠦᠭᠰᠡᠨ ᠭᠡᠷᠡᠯ ᠨᠤᠭᠤᠷᠠᠯᠲᠠ ᠵᠢᠨ ᠮᠡᠰᠡ ᠵᠠᠰᠠᠯ ᠪᠣᠯᠤᠨ᠎ᠠ᠂ ᠺᠣᠮᠫᠢᠦ᠋ᠲ᠋ᠧᠷ ᠨᠠᠷᠢᠯᠢᠭ ᠣᠨᠣᠴᠠᠲᠠᠢ ᠡᠵᠡᠮᠳᠡᠭᠰᠡᠨ ᠯᠠᠶ᠋ᠢᠰᠧᠷ ᠪᠠᠭᠴᠠ ᠵᠢ ᠬᠡᠷᠡᠭᠯᠡᠨ ᠡᠪᠡᠷᠯᠢᠭ ᠪᠥᠷᠬᠦᠪᠴᠢ᠎ᠳᠤ ᠨᠢᠭᠡ ᠲᠣᠬᠢᠷᠠᠮᠵᠢᠲᠠᠢ ᠬᠥᠩᠬᠥᠷ ᠮᠡᠰᠢᠯ᠎ᠢ ᠵᠦᠰᠦᠵᠦ᠂ ᠭᠠᠳᠠᠨᠠᠬᠢ ᠭᠡᠷᠡᠯ᠎ᠤᠨ ᠱᠤᠭᠤᠮ᠎ᠢ ᠨᠢᠳᠦᠨ᠎ᠤ ᠲᠣᠣᠷᠯᠢᠭ ᠪᠦᠷᠬᠦᠪᠴᠢ ᠳᠡᠭᠡᠷ᠎ᠡ ᠣᠨᠣᠪᠴᠢᠲᠠᠢ ᠲᠥᠪᠯᠡᠷᠡᠭᠦᠯᠦᠨ᠂ ᠵᠠᠰᠠᠬᠤ ᠵᠣᠷᠢᠯᠭ᠎ᠠ᠎ᠳᠤ᠎ᠪᠠᠨ ᠬᠦᠷᠳᠡᠭ᠃ ᠡᠪᠦᠯ᠎ᠤᠨ ᠠᠮᠠᠷᠠᠯᠲᠠ ᠵᠢᠨ ᠬᠤᠭᠤᠴᠠᠭ᠋ᠠᠨ᠎ᠳᠤ᠂ ᠪᠦᠬᠦᠯᠢ 18 ᠨᠠᠰᠤ ᠬᠦᠷᠦᠭᠰᠡᠨ ᠬᠡᠰᠡᠭ ᠰᠤᠷᠤᠭᠴᠢ ᠯᠠᠶ᠋ᠢᠰᠧᠷ ᠮᠡᠰᠡ ᠵᠠᠰᠠᠯ ᠵᠶ᠋ᠠᠷ 《ᠨᠢᠳᠦᠨ ᠰᠢᠯ ᠵᠶ᠋ᠡᠨ ᠠᠪᠴᠤ ᠬᠠᠶᠠᠬᠤ》 ᠮᠠᠭ᠋ᠠᠳ ᠦᠭᠡᠢ᠃ ᠯᠠᠶ᠋ᠢᠰᠧᠷ ᠮᠡᠰᠡ ᠵᠠᠰᠠᠯ ᠬᠢᠬᠦ᠎ᠳᠤ ᠲᠣᠬᠢᠷᠠᠬᠤ ᠡᠪᠡᠳᠴᠢᠨ ᠪᠠ ᠴᠡᠭᠡᠷᠯᠡᠬᠦ ᠡᠪᠡᠳᠴᠢᠨ ᠪᠠᠶ᠋ᠢᠵᠤ᠂ ᠵᠢᠩᠬᠢᠨᠢ ᠨᠢᠳᠦᠨ ᠰᠠᠯᠠᠭ᠋ᠠᠨ᠎ᠤ ᠡᠮᠴᠢᠯᠡᠭᠡᠨ᠎ᠤ ᠪᠠᠶ᠋ᠢᠭᠤᠯᠤᠮᠵᠢ᠎ᠳᠤ ᠬᠦᠷᠴᠦ ᠪᠠᠢ᠌ᠴᠠᠭ᠋ᠠᠯᠭ᠋ᠠᠬᠤ᠎ᠪᠠᠷ ᠳᠠᠮᠵᠢᠨ ᠰᠢᠨᠵᠢᠯᠡᠬᠦ ᠤᠬᠠᠭ᠋ᠠᠨᠴᠢ᠎ᠪᠠᠷ ᠦᠨᠡᠯᠡᠨ ᠵᠢᠱ᠌ᠢᠬᠦ ᠴᠢᠬᠤᠯᠠᠲᠠᠢ᠃ ᠯᠠᠶ᠋ᠢᠰᠧᠷ ᠮᠡᠰᠡ ᠵᠠᠰᠠᠯ ᠣᠶ᠋ᠢᠷ᠎ᠠ ᠬᠠᠷᠠᠭ᠎ᠠ᠎ᠠᠴᠠ ᠪᠣᠯᠤᠭᠰᠠᠨ ᠬᠠᠷᠠᠭ᠋ᠠᠨ᠎ᠤ ᠠᠰᠠᠭᠤᠳᠠᠯ᠎ᠢ ᠰᠢᠢ᠍ᠳᠪᠦᠷᠢᠯᠡᠬᠦ ᠪᠣᠯᠪᠠᠴᠤ ᠣᠶ᠋ᠢᠷ᠎ᠠ ᠬᠠᠷᠠᠭ᠎ᠠ᠎ᠠᠴᠠ ᠪᠣᠯᠤᠭᠰᠠᠨ ᠨᠢᠳᠦᠨ ᠴᠡᠴᠡᠭᠡᠢ ᠵᠢᠨ ᠪᠥᠲᠦᠴᠡ ᠵᠢᠨ ᠬᠤᠪᠢᠷᠠᠯᠲᠠ ᠣᠨᠴᠠᠭ᠋ᠠᠢ᠌ᠯᠠᠨ ᠨᠢᠳᠦᠨ ᠢᠷᠤᠭ᠋ᠠᠷ᠎ᠤᠨ ᠬᠤᠪᠢᠷᠠᠯᠲᠠ ᠵᠢ ᠵᠠᠰᠠᠵᠤ ᠳᠡᠢ᠌ᠯᠬᠦ ᠦᠭᠡᠢ᠃ ᠣᠶ᠋ᠢᠷ᠎ᠠ ᠬᠠᠷᠠᠭ᠎ᠠ᠎ᠨᠢ ᠬᠦᠨᠳᠦᠷᠡᠵᠦ ᠪᠠᠢ᠌ᠭ᠎ᠠ ᠵᠠᠯᠠᠭᠤᠴᠤᠳ ᠪᠠᠭ᠋ᠠᠴᠤᠳ ᠯᠠᠶ᠋ᠢᠰᠧᠷ ᠮᠡᠰᠡ ᠵᠠᠰᠠᠯ ᠬᠢᠵᠦ ᠪᠣᠯᠬᠤ ᠦᠭᠡᠢ᠃ ᠬᠡᠷᠪᠡ ᠯᠠᠶ᠋ᠢᠰᠧᠷ ᠮᠡᠰᠡ ᠵᠠᠰᠠᠯ ᠬᠢᠬᠦ᠎ᠳᠤ ᠬᠦᠷᠪᠡᠯ᠂ ᠮᠡᠰᠡ ᠵᠠᠰᠠᠯ᠎ᠤᠨ ᠳᠠᠷᠠᠭ᠎ᠠ ᠮᠥᠨ ᠯᠡ ᠨᠢᠳᠦ ᠬᠡᠷᠡᠭᠯᠡᠬᠦ ᠠᠷᠢᠭᠤᠨ ᠴᠡᠪᠡᠷ ᠪᠠ ᠳᠠᠳᠬᠠᠯ᠎ᠢ ᠠᠩᠬᠠᠷᠴᠤ᠂ ᠣᠢ᠌ᠷ᠎ᠠ ᠵᠠᠢ᠎ᠠᠴᠠ ᠨᠢᠳᠦ ᠬᠡᠷᠡᠭᠯᠡᠬᠦ ᠵᠢ ᠪᠠᠭ᠋ᠠᠰᠬᠠᠨ᠂  ᠬᠠᠷᠠᠭ᠎ᠠ ᠵᠢ ᠶᠠᠳᠠᠷᠠᠭᠤᠯᠬᠤ᠎ᠠᠴᠠ ᠵᠠᠶ᠋ᠢᠯᠠᠰᠬᠢᠵᠦ᠂ ᠬᠠᠷᠠᠭ᠋ᠠᠨ᠎ᠤ ᠪᠠᠶ᠋ᠢᠳᠠᠯ ᠵᠶ᠋ᠠᠨ ᠠᠩᠬᠠᠷᠴᠤ᠂ ᠲᠣᠭᠲᠠᠭᠰᠠᠨ ᠬᠤᠭᠤᠴᠠᠭ᠎ᠠ᠎ᠲᠠᠢ ᠪᠠᠢ᠌ᠴᠠᠭ᠋ᠠᠯᠭ᠋ᠠᠬᠤ ᠬᠡᠷᠡᠭᠲᠡᠢ᠃

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠰᠢᠨ᠎ᠡ ᠰᠤᠷᠤᠯᠭ᠎ᠠ ᠵᠢᠨ ᠬᠤᠭᠤᠴᠠᠭ᠎ᠠ ᠵᠢ ᠰᠠᠢ᠌ᠬᠠᠨ ᠡᠬᠢᠯᠡᠭᠦᠯᠬᠦ ᠬᠠᠮᠤᠭ᠎ᠤᠨ ᠪᠦᠷᠢᠨ ᠰᠤᠷᠭ᠋ᠠᠭᠤᠯᠢ ᠡᠬᠢᠯᠡᠬᠦ᠎ᠠᠴᠠ ᠡᠮᠦᠨᠡᠬᠢ ᠪᠡᠯᠡᠳᠬᠡᠯ ᠠᠵᠢᠯ ①
ᠰᠢᠨ᠎ᠡ ᠰᠤᠷᠤᠯᠭ᠎ᠠ ᠵᠢᠨ ᠬᠤᠭᠤᠴᠠᠭ᠎ᠠ ᠵᠢ ᠰᠠᠢ᠌ᠬᠠᠨ ᠡᠬᠢᠯᠡᠭᠦᠯᠬᠦ ᠬᠠᠮᠤᠭ᠎ᠤᠨ ᠪᠦᠷᠢᠨ ᠰᠤᠷᠭ᠋ᠠᠭᠤᠯᠢ ᠡᠬᠢᠯᠡᠬᠦ᠎ᠠᠴᠠ ᠡᠮᠦᠨᠡᠬᠢ ᠪᠡᠯᠡᠳᠬᠡᠯ ᠠᠵᠢᠯ ②
ᠰᠢᠨ᠎ᠡ ᠰᠤᠷᠤᠯᠭ᠎ᠠ ᠵᠢᠨ ᠬᠤᠭᠤᠴᠠᠭ᠎ᠠ ᠵᠢ ᠰᠠᠢ᠌ᠬᠠᠨ ᠡᠬᠢᠯᠡᠭᠦᠯᠬᠦ ᠬᠠᠮᠤᠭ᠎ᠤᠨ ᠪᠦᠷᠢᠨ ᠰᠤᠷᠭ᠋ᠠᠭᠤᠯᠢ ᠡᠬᠢᠯᠡᠬᠦ᠎ᠠᠴᠠ ᠡᠮᠦᠨᠡᠬᠢ ᠪᠡᠯᠡᠳᠬᠡᠯ ᠠᠵᠢᠯ ③
ᠰᠢᠨ᠎ᠡ ᠰᠤᠷᠤᠯᠭ᠎ᠠ ᠵᠢᠨ ᠬᠤᠭᠤᠴᠠᠭ᠎ᠠ ᠵᠢ ᠰᠠᠢ᠌ᠬᠠᠨ ᠡᠬᠢᠯᠡᠭᠦᠯᠬᠦ ᠬᠠᠮᠤᠭ᠎ᠤᠨ ᠪᠦᠷᠢᠨ ᠰᠤᠷᠭ᠋ᠠᠭᠤᠯᠢ ᠡᠬᠢᠯᠡᠬᠦ᠎ᠠᠴᠠ ᠡᠮᠦᠨᠡᠬᠢ ᠪᠡᠯᠡᠳᠬᠡᠯ ᠠᠵᠢᠯ ④
ᠰᠢᠭᠤᠳ ᠨᠡᠪᠲᠡᠷᠡᠭᠦᠯᠭᠡ — ᠪᠦᠬᠦ ᠣᠷᠣᠨ᠎ᠤ ᠪᠠᠭ᠎ᠠ ᠰᠤᠷᠭ᠋ᠠᠭᠤᠯᠢ ᠵᠢᠨ ᠲᠣᠭ᠋ᠠᠨ᠎ᠤ ᠤᠬᠠᠭ᠋ᠠᠨ᠎ᠤ ᠪᠠᠭᠰᠢ ᠨᠠᠷ ᠬᠢᠮᠡᠯ ᠣᠶᠤᠨ ᠪᠠᠭ᠎ᠠ ᠰᠤᠷᠭ᠋ᠠᠭᠤᠯᠢ ᠵᠢᠨ ᠲᠣᠭ᠋ᠠᠨ᠎ᠤ ᠤᠬᠠᠭ᠋ᠠᠨ᠎ᠤ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠲᠠ᠎ᠳᠤ ᠡᠨᠧᠷᠭᠢ ᠣᠯᠭᠣᠬᠤ ᠰᠤᠳᠤᠯᠤᠨ ᠶᠠᠷᠢᠯᠴᠠᠬᠤ ᠬᠤᠷᠠᠯ᠎ᠢ ᠬᠠᠮᠲᠤ᠎ᠳᠤ᠎ᠪᠠᠨ ᠰᠣᠨᠢᠷᠬᠠᠭ᠋ᠠᠷᠠᠢ
 
             蒙ICP备05000248号