ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠩ᠎ᠤᠨ ᠳᠡᠭᠡᠳᠦ ᠰᠤᠷᠭ᠋ᠠᠭᠤᠯᠢ᠎ᠳᠤ ᠰᠤᠷᠤᠭᠴᠢ ᠡᠯᠰᠡᠬᠦ ᠪᠥᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠰᠢᠯᠭ᠋ᠠᠬᠤ᠎ᠠᠴᠠ ᠡᠮᠦᠨᠡᠬᠢ ᠰᠠᠨᠠᠭᠤᠯᠤᠮᠵᠢ
ᠨᠡᠶ᠋ᠢᠲᠡᠯᠡᠭᠰᠡᠨ ᠴᠠᠭ᠄ 2025-06-05

ᠳᠡᠭᠡᠳᠦ ᠰᠤᠷᠭ᠋ᠠᠭᠤᠯᠢ᠎ᠳᠤ ᠰᠢᠯᠭ᠋ᠠᠭᠤᠯᠤᠭᠰᠠᠳ

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2025 ᠣᠨ᠎ᠤ ᠡᠩ᠎ᠤᠨ ᠳᠡᠭᠡᠳᠦ ᠰᠤᠷᠭ᠋ᠠᠭᠤᠯᠢ ᠵᠢᠨ ᠰᠤᠷᠤᠭᠴᠢ ᠡᠯᠰᠡᠬᠦ ᠪᠦᠬᠦ ᠤᠯᠤᠰ᠎ᠤᠨ ᠨᠢᠭᠡᠳᠦᠯᠲᠡᠢ ᠰᠢᠯᠭ᠋ᠠᠯᠲᠠ 6 ᠳ᠋ᠤᠭ᠋ᠠᠷ ᠰᠠᠷ᠎ᠠ ᠵᠢᠨ 7᠎ᠤ ᠡᠳᠦᠷ᠎ᠠᠴᠠ ᠡᠬᠢᠯᠡᠵᠦ᠂ ᠥᠷᠭᠡᠨ ᠣᠯᠠᠨ ᠰᠢᠯᠭ᠋ᠠᠭᠤᠯᠤᠭᠴᠢ ᠵᠢᠨ ᠰᠢᠯᠭ᠋ᠠᠯᠲᠠ᠎ᠳᠤ ᠠᠮᠵᠢᠯᠲᠠᠲᠠᠢ ᠣᠷᠣᠯᠴᠠᠬᠤ ᠵᠢ ᠪᠠᠲᠤᠯᠠᠬᠤ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠯᠭ᠋ᠠᠯᠲᠠ ᠵᠢᠨ ᠬᠦᠷᠢᠶᠡᠯᠡᠩ ᠬᠠᠯᠠᠭᠤᠨ ᠳᠣᠲᠣᠨᠣ ᠰᠠᠨᠠᠭᠤᠯᠤᠮᠵᠢ ᠭᠠᠷᠭ᠋ᠠᠪᠠ᠄

1. ᠰᠢᠯᠭ᠋ᠠᠬᠤ ᠲᠡᠮᠳᠡᠭ᠎ᠢ ᠡᠷᠲᠡᠬᠡᠨ ᠳᠠᠷᠤᠮᠠᠯᠯᠠᠨ᠎ᠠ

2025 ᠣᠨ᠎ᠤ ᠡᠩ᠎ᠤᠨ ᠳᠡᠭᠡᠳᠦ ᠰᠤᠷᠭ᠋ᠠᠭᠤᠯᠢ ᠵᠢᠨ ᠰᠤᠷᠤᠭᠴᠢ ᠡᠯᠰᠡᠬᠦ ᠪᠦᠬᠦ ᠤᠯᠤᠰ᠎ᠤᠨ ᠨᠢᠭᠡᠳᠦᠯᠲᠡᠢ ᠰᠢᠯᠭ᠋ᠠᠯᠲᠠ ᠵᠢᠨ ᠰᠢᠯᠭ᠋ᠠᠬᠤ ᠲᠡᠮᠳᠡᠭ᠎ᠢ ᠳᠠᠷᠤᠮᠠᠯᠯᠠᠬᠤ ᠴᠢᠳᠠᠮᠵᠢ ᠵᠢ 5 ᠰᠠᠷ᠎ᠠ ᠵᠢᠨ 26᠎ᠤ ᠡᠳᠦᠷ ᠨᠢᠭᠡᠨᠲᠡ ᠨᠡᠪᠲᠡᠷᠡᠭᠦᠯᠵᠦ᠂ ᠰᠢᠯᠭ᠋ᠠᠬᠤ ᠲᠡᠮᠳᠡᠭ ᠵᠶ᠋ᠠᠨ ᠳᠠᠷᠤᠮᠠᠯᠯᠠᠭ᠋ᠠᠳᠤᠢ ᠰᠢᠯᠭ᠋ᠠᠭᠤᠯᠤᠭᠴᠢ ᠬᠤᠷᠳᠤᠬᠠᠨ ᠥᠪᠥᠷ ᠮᠣᠩᠭᠣᠯ᠎ᠤᠨ ᠰᠤᠷᠤᠭᠴᠢ ᠡᠯᠰᠡᠬᠦ ᠰᠢᠯᠭ᠋ᠠᠯᠲᠠ ᠵᠢᠨ ᠮᠡᠳᠡᠭᠡ ᠵᠠᠩᠭᠢ ᠵᠢᠨ ᠰᠦᠯᠵᠢᠶ᠎ᠡ᠎ᠳᠤ ᠳᠠᠩᠰᠠᠯᠠᠭᠤᠯᠤᠨ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠦᠵᠢᠯ᠎ᠤᠨ ᠰᠢᠯᠭ᠋ᠠᠯᠲᠠ ᠵᠢᠨ ᠬᠦᠷᠢᠶᠡᠯᠡᠩ᠎ᠤᠨ ᠰᠢᠯᠭ᠋ᠠᠭᠤᠯᠤᠭᠴᠢ ᠵᠢᠨ ᠶᠡᠷᠦᠩᠬᠡᠶ᠋ᠢᠯᠡᠭᠰᠡᠨ ᠦᠢ᠍ᠯᠡᠴᠢᠯᠡᠭᠡᠨ᠎ᠤ ᠲᠠᠪᠴᠠᠩ (https://www4.nm.zsks.cn/BaseStudent/)᠎ᠳᠤ ᠰᠢᠯᠭ᠋ᠠᠬᠤ ᠲᠡᠮᠳᠡᠭ᠎ᠢ ᠳᠠᠷᠤᠮᠠᠯᠯᠠᠨ᠎ᠠ᠃

2. ᠰᠢᠯᠭ᠋ᠠᠭᠤᠯᠤᠭᠰᠠᠳ᠎ᠤᠨ ᠰᠢᠯᠭ᠋ᠠᠯᠲᠠ ᠵᠢᠨ ᠳᠦᠷᠢᠮ᠎ᠢ ᠰᠠᠶ᠋ᠢᠨ ᠮᠡᠳᠡᠵᠦ ᠠᠪᠤᠨ᠎ᠠ

ᠰᠢᠯᠭ᠋ᠠᠬᠤ ᠲᠡᠮᠳᠡᠭ᠎ᠢ ᠳᠠᠷᠤᠮᠠᠯᠯᠠᠭᠰᠠᠨ᠎ᠤ ᠳᠠᠷᠠᠭ᠎ᠠ᠂ ᠰᠢᠯᠭ᠋ᠠᠭᠤᠯᠤᠭᠰᠠᠳ ᠰᠢᠯᠭ᠋ᠠᠬᠤ ᠲᠡᠮᠳᠡᠭ ᠳᠡᠭᠡᠷᠡᠬᠢ ᠰᠢᠯᠭ᠋ᠠᠭᠤᠯᠤᠭᠴᠢ ᠵᠢᠨ ᠬᠤᠪᠢ ᠬᠥᠮᠦᠨ᠎ᠤ ᠮᠡᠳᠡᠭᠡ ᠵᠠᠩᠭᠢ ᠵᠥᠪ ᠣᠨᠣᠪᠴᠢᠲᠠᠢ ᠪᠠᠢ᠌ᠬᠤ ᠡᠰᠡᠬᠦ ᠵᠢ ᠨᠠᠷᠢᠨ ᠬᠢᠨᠠᠮᠠᠭ᠋ᠠᠢ ᠪᠠᠢ᠌ᠴᠠᠭ᠋ᠠᠵᠤ᠂ ᠬᠡᠷᠪᠡ ᠠᠰᠠᠭᠤᠳᠠᠯ᠎ᠲᠠᠢ ᠪᠣᠯ ᠳᠠᠷᠤᠢ᠎ᠳᠤ᠎ᠨᠢ ᠡᠩ᠎ᠤᠨ ᠳᠡᠭᠡᠳᠦ ᠰᠤᠷᠭ᠋ᠠᠭᠤᠯᠢ ᠵᠢᠨ ᠰᠤᠷᠤᠭᠴᠢ ᠡᠯᠰᠡᠬᠦ ᠪᠦᠬᠦ ᠤᠯᠤᠰ᠎ᠤᠨ ᠨᠢᠭᠡᠳᠦᠯᠲᠡᠢ ᠰᠢᠯᠭ᠋ᠠᠯᠲᠠ᠎ᠳᠤ ᠨᠡᠷ᠎ᠡ ᠮᠡᠳᠡᠭᠦᠯᠦᠭᠰᠡᠨ ᠭᠠᠵᠠᠷ᠎ᠤᠨ ᠬᠣᠰᠢᠭᠤ ᠰᠢᠶᠠᠨ (ᠬᠣᠲᠠ᠂ ᠲᠣᠭᠣᠷᠢᠭ) ᠎ᠤ ᠰᠤᠷᠭ᠋ᠠᠨ ᠬᠥᠮᠦᠵᠢᠯ᠎ᠤᠨ ᠰᠤᠷᠤᠭᠴᠢ ᠡᠯᠰᠡᠬᠦ ᠰᠢᠯᠭ᠋ᠠᠯᠲᠠ ᠵᠢᠨ ᠪᠠᠶ᠋ᠢᠭᠤᠯᠤᠮᠵᠢ᠎ᠲᠠᠢ ᠬᠠᠷᠢᠯᠴᠠᠵᠤ᠂ ᠬᠢᠨᠠᠨ ᠪᠠᠢ᠌ᠴᠠᠭ᠋ᠠᠯᠭ᠋ᠠᠬᠤ ᠪᠠ ᠵᠠᠯᠠᠷᠠᠭᠤᠯᠬᠤ ᠬᠡᠷᠡᠭᠲᠡᠢ; ᠡᠯ᠎ᠡ ᠬᠢᠴᠢᠶᠡᠯ ᠲᠥᠷᠥᠯ᠎ᠤᠨ ᠰᠢᠯᠭ᠋ᠠᠯᠲᠠ ᠵᠢᠨ ᠴᠠᠭ ᠪᠠ ᠰᠢᠯᠭ᠋ᠠᠯᠲᠠ ᠵᠢᠨ ᠴᠡᠭ᠎ᠢ ᠪᠠᠶ᠋ᠢᠴᠠᠭ᠋ᠠᠨ ᠦᠵᠡᠬᠦ ᠬᠡᠷᠡᠭᠲᠡᠢ; 《ᠰᠢᠯᠭ᠋ᠠᠭᠤᠯᠤᠭᠴᠢ ᠵᠢᠨ ᠰᠢᠯᠭ᠋ᠠᠯᠲᠠ ᠵᠢᠨ ᠳᠦᠷᠢᠮ》᠎ᠤᠨ ᠬᠣᠯᠪᠣᠭᠳᠠᠯ ᠪᠦᠬᠦᠢ ᠱᠠᠭ᠋ᠠᠷᠳᠠᠯᠭ᠎ᠠ ᠪᠠ ᠰᠠᠨᠠᠭᠤᠯᠤᠮᠵᠢ ᠵᠢ ᠨᠠᠷᠢᠨ ᠨᠢᠮᠪᠠᠢ ᠤᠩᠰᠢᠬᠤ ᠬᠡᠷᠡᠭᠲᠡᠢ᠃

3. ᠰᠢᠯᠭ᠋ᠠᠯᠲᠠ ᠵᠢᠨ ᠪᠢᠴᠢᠭ᠎ᠤᠨ ᠬᠡᠷᠡᠭᠰᠡᠯ᠎ᠢ ᠰᠠᠢ᠌ᠲᠤᠷ ᠪᠡᠯᠡᠳᠭᠡᠨ᠎ᠡ

ᠰᠢᠯᠭ᠋ᠠᠭᠤᠯᠤᠭᠴᠢ ᠡᠷᠬᠡᠪᠰᠢ ᠰᠢᠯᠭ᠋ᠠᠯᠲᠠ᠎ᠳᠤ ᠬᠡᠷᠡᠭᠰᠡᠬᠦ 0.5 ᠮᠢᠯᠢᠮᠧᠲᠷ᠎ᠤᠨ ᠬᠠᠷ᠎ᠠ ᠥᠩᠭᠡ᠎ᠲᠠᠢ ᠳᠤᠮᠳᠠ ᠴᠢᠨᠠᠷ᠎ᠤᠨ ᠪᠢᠷ᠂ 2B ᠬᠠᠷᠠᠨᠳᠠ᠂ ᠪᠠᠯᠠᠯᠠᠭᠤᠷ᠂ ᠰᠢᠯᠤᠭᠤᠨ ᠱᠤᠭᠤᠮ᠂ ᠭᠤᠷᠪᠠᠯᠵᠢᠨ ᠬᠠᠪᠲᠠᠰᠤ᠂ ᠥᠨᠴᠥᠭ᠎ᠤᠨ ᠬᠡᠮᠵᠢᠭᠦᠷ᠂ ᠭᠣᠷᠲᠢᠭ᠂ ᠵᠣᠷᠭᠣᠭᠤᠯ ᠵᠡᠷᠭᠡ ᠪᠢᠴᠢᠭ᠎ᠤᠨ ᠬᠡᠷᠡᠭᠰᠡᠯ᠎ᠢ ᠥᠪᠡᠰᠦᠪᠡᠨ ᠪᠡᠯᠡᠳᠭᠡᠵᠦ᠂ ᠨᠡᠪᠲᠡ ᠦᠵᠡᠭᠳᠡᠳᠡᠭ ᠪᠢᠴᠢᠭ᠎ᠤᠨ ᠬᠡᠷᠡᠭᠰᠡᠯ᠎ᠤᠨ ᠤᠭᠤᠲᠠᠨ᠎ᠳᠤ ᠰᠠᠪᠠᠯᠠᠨ᠎ᠠ᠃ ᠰᠢᠯᠭ᠋ᠠᠭᠤᠯᠤᠭᠴᠢ ᠠᠯᠢ ᠴᠢᠳᠠᠬᠤ᠎ᠪᠠᠷ ᠰᠦᠯᠢᠶᠣᠣ ᠪᠢᠴᠢᠭ᠎ᠤᠨ ᠬᠡᠷᠡᠭᠰᠡᠯ᠎ᠢ ᠬᠡᠷᠡᠭᠯᠡᠨ᠎ᠡ᠂ ᠬᠡᠷᠪᠡ ᠲᠡᠮᠦᠷᠯᠢᠭ ᠪᠢᠴᠢᠭ᠎ᠤᠨ ᠬᠡᠷᠡᠭᠰᠡᠯ᠎ᠢ ᠠᠪᠴᠤ᠂ ᠲᠤᠰ ᠬᠥᠮᠦᠨ᠎ᠤ ᠰᠢᠯᠭ᠋ᠠᠯᠲᠠ ᠵᠢᠨ ᠲᠠᠯᠠᠪᠠᠢ᠎ᠳᠤ ᠣᠷᠣᠬᠤ ᠪᠠᠢ᠌ᠴᠠᠭ᠋ᠠᠯᠲᠠ ᠵᠢᠨ ᠠᠬᠢᠴᠠ ᠵᠢ ᠨᠥᠯᠦᠭᠡᠯᠡᠪᠡᠯ᠂ ᠬᠠᠷᠢᠭᠤᠴᠠᠯᠭ᠎ᠠ ᠵᠢ ᠰᠢᠯᠭ᠋ᠠᠭᠤᠯᠤᠭᠴᠢ ᠡᠭᠦᠷᠭᠡᠯᠡᠨ᠎ᠡ᠃ ᠰᠢᠯᠭ᠋ᠠᠭᠤᠯᠤᠭᠴᠢ ᠰᠢᠯᠭ᠋ᠠᠯᠲᠠ ᠵᠢᠨ ᠲᠠᠯᠠᠪᠠᠢ᠎ᠳᠤ ᠣᠷᠣᠬᠤ᠎ᠳᠤ ᠡᠷᠬᠡᠪᠰᠢ ᠲᠤᠰ ᠬᠥᠮᠦᠨ᠎ᠤ ᠰᠢᠯᠭ᠋ᠠᠬᠤ ᠲᠡᠮᠳᠡᠭ ᠪᠠ ᠰᠠᠭᠤᠭ᠋ᠠᠯᠢ ᠠᠷᠠᠳ᠎ᠤᠨ ᠪᠡᠶ᠎ᠡ ᠵᠢᠨ ᠦᠨᠡᠮᠯᠡᠯ ᠵᠶ᠋ᠠᠨ ᠠᠪᠴᠤ᠂ ᠰᠢᠯᠭ᠋ᠠᠬᠤ ᠲᠡᠮᠳᠡᠭ᠎ᠤᠨ ᠵᠥᠪ ᠲᠠᠯ᠎ᠠ ᠪᠠ ᠡᠰᠡᠷᠭᠦ ᠲᠠᠯ᠎ᠠ ᠵᠢ ᠰᠢᠯᠭ᠋ᠠᠯᠲᠠ ᠳᠠᠭᠤᠰᠬᠤ᠎ᠠᠴᠠ ᠡᠮᠦᠨ᠎ᠡ ᠪᠠᠯᠠᠯᠤᠨ ᠵᠠᠰᠠᠬᠤ ᠪᠤᠶᠤ ᠳᠡᠭᠡᠷ᠎ᠡ᠎ᠨᠢ ᠪᠢᠴᠢᠵᠦ ᠪᠣᠯᠬᠤ ᠦᠭᠡᠢ᠃ ᠪᠠᠯᠠᠯᠤᠨ ᠵᠠᠰᠠᠬᠤ ᠰᠢᠩᠭᠡᠨ ᠪᠤᠶᠤ ᠵᠠᠯᠠᠷᠠᠭᠤᠯᠬᠤ ᠪᠦᠰᠡ ᠵᠢ ᠠᠪᠴᠤ ᠣᠷᠣᠵᠤ ᠪᠣᠯᠬᠤ ᠦᠭᠡᠢ᠃

4. ᠬᠣᠷᠢᠭ᠎ᠠ᠎ᠲᠠᠢ ᠪᠣᠳᠠᠰ᠎ᠢ ᠠᠪᠴᠤ ᠣᠷᠣᠬᠤ ᠵᠢ ᠴᠢᠩᠭ᠎ᠠ ᠬᠣᠷᠢᠭᠯᠠᠨ᠎ᠠ

ᠰᠢᠯᠭ᠋ᠠᠭᠤᠯᠤᠭᠴᠢ ᠭᠠᠷ ᠤᠲᠠᠰᠤ᠂ ᠭᠠᠷ ᠴᠠᠭ (ᠪᠠᠭᠤᠤ)᠂ ᠤᠶᠤᠨᠲᠤ ᠨᠢᠳᠦᠨ ᠰᠢᠯ᠂ ᠪᠣᠳᠣᠭᠤᠷ ᠵᠡᠷᠭᠡ ᠡᠯᠧᠺᠲᠷᠣᠨ ᠲᠥᠬᠥᠭᠡᠷᠦᠮᠵᠢ ᠵᠢ ᠠᠪᠴᠤ ᠣᠷᠣᠬᠤ (ᠵᠡᠭᠦᠬᠦ) ᠵᠢ ᠴᠢᠩᠭ᠎ᠠ ᠬᠣᠷᠢᠭᠯᠠᠵᠤ᠂ ᠢᠷᠲᠦ ᠡᠳ᠋᠂ ᠲᠡᠮᠦᠷᠯᠢᠭ ᠵᠠᠰᠠᠯ ᠵᠢᠮᠰᠡᠭ᠂ ᠨᠣᠮ ᠪᠢᠴᠢᠭ ᠮᠠᠲ᠋ᠧᠷᠢᠶᠠᠯ᠂ ᠵᠢᠵᠢᠭ ᠬᠠᠭᠤᠯᠪᠤᠷᠢ᠂ ᠡᠬᠡ ᠪᠢᠴᠢᠭ᠎ᠤᠨ ᠴᠠᠭ᠋ᠠᠰᠤ᠂ ᠪᠢᠴᠢᠭ᠎ᠤᠨ ᠪᠣᠭᠴᠣ᠂ ᠬᠡᠲᠡ ᠴᠠᠬᠢᠭᠤᠷ᠂ ᠲᠦᠯᠬᠢᠭᠦᠷ ᠵᠡᠷᠭᠡ ᠰᠢᠯᠭ᠋ᠠᠯᠲᠠ᠎ᠳᠤ ᠬᠣᠯᠪᠤᠭᠳᠠᠬᠤ ᠦᠭᠡᠢ ᠪᠣᠳᠠᠰ᠎ᠢ ᠰᠢᠯᠭ᠋ᠠᠯᠲᠠ ᠵᠢᠨ ᠴᠡᠭ᠎ᠲᠤ ᠠᠪᠴᠤ ᠣᠷᠣᠬᠤ ᠵᠢ ᠴᠢᠩᠭ᠎ᠠ  ᠬᠣᠷᠢᠭᠯᠠᠵᠤ᠂ ᠡᠰᠡ ᠲᠡᠶ᠋ᠢᠮᠦ ᠪᠣᠯ ᠰᠢᠯᠭ᠋ᠠᠯᠲᠠ ᠵᠢᠨ ᠲᠣᠭᠲᠠᠭ᠋ᠠᠯ᠎ᠠᠴᠠ ᠵᠥᠷᠢᠴᠡᠭᠰᠡᠨ ᠵᠶ᠋ᠠᠷ ᠦᠵᠡᠨ᠎ᠡ᠃

5. ᠰᠢᠯᠭ᠋ᠠᠯᠲᠠ ᠵᠢᠨ ᠴᠡᠭ᠎ᠢ ᠤᠷᠢᠳᠴᠢᠯᠠᠨ ᠣᠢ᠌ᠯᠠᠭ᠋ᠠᠨ᠎ᠠ

ᠰᠢᠯᠭ᠋ᠠᠭᠤᠯᠤᠭᠴᠢ ᠬᠤᠪᠢ ᠬᠥᠮᠦᠨ᠎ᠤ ᠬᠡᠷᠡᠭᠴᠡᠭᠡ᠎ᠪᠠᠨ ᠦᠨᠳᠦᠰᠦᠯᠡᠨ ᠰᠢᠯᠭ᠋ᠠᠯᠲᠠ ᠵᠢᠨ ᠴᠡᠭ᠎ᠲᠤ ᠬᠦᠷᠬᠦ ᠵᠠᠮ ᠱᠣᠭᠤᠮ᠎ᠢ ᠤᠷᠢᠳᠴᠢᠯᠠᠨ ᠰᠠᠶ᠋ᠢᠨ ᠮᠡᠳᠡᠵᠦ  ᠠᠪᠤᠨ᠎ᠠ᠃ 6 ᠰᠠᠷ᠎ᠠ ᠵᠢᠨ 6᠎ᠤ ᠡᠳᠦᠷ᠎ᠤᠨ ᠦᠳᠡ ᠵᠢᠨ ᠬᠣᠶ᠋ᠢᠨᠠᠬᠢ 16᠄ 00 - 17᠄ 30᠎ᠳᠤ᠂ ᠰᠢᠯᠭ᠋ᠠᠭᠤᠯᠬᠤ ᠦᠶ᠎ᠡ ᠵᠢᠨ ᠬᠤᠪᠴᠠᠰᠤ ᠪᠠ ᠱᠠᠬᠠᠢ᠎ᠪᠠᠨ ᠡᠮᠦᠰᠴᠦ᠂ ᠰᠢᠯᠭ᠋ᠠᠯᠲᠠ᠎ᠳᠤ ᠬᠡᠷᠡᠭᠯᠡᠬᠦ ᠪᠢᠴᠢᠭ᠎ᠤᠨ ᠬᠡᠷᠡᠭᠰᠡᠯ ᠵᠶ᠋ᠠᠨ ᠠᠪᠴᠤ ᠰᠢᠯᠭ᠋ᠠᠯᠲᠠ ᠵᠢᠨ ᠴᠡᠭ᠎ᠤᠨ ᠡᠭᠦᠳᠡᠨ᠎ᠳᠤ ᠰᠢᠯᠭ᠋ᠠᠯᠲᠠ ᠵᠢᠨ ᠴᠡᠭ᠎ᠲᠤ ᠣᠷᠣᠬᠤ ᠠᠮᠤᠷ ᠲᠦᠪᠰᠢᠨ᠎ᠤ ᠪᠠᠶ᠋ᠢᠴᠠᠭ᠋ᠠᠯᠲᠠ ᠵᠢᠨ ᠰᠣᠷᠢᠯᠲᠠ ᠵᠢ ᠬᠢᠨ᠎ᠡ᠂ ᠭᠡᠬᠦ᠎ᠳᠤ᠎ᠪᠠᠨ ᠰᠢᠯᠭ᠋ᠠᠯᠲᠠ ᠵᠢᠨ ᠲᠠᠯᠠᠪᠠᠢ ᠵᠢᠨ ᠠᠰᠠᠷ᠎ᠲᠤ ᠣᠷᠣᠵᠤ ᠪᠣᠯᠬᠤ ᠦᠭᠡᠢ᠃ ᠰᠣᠷᠢᠯᠲᠠ ᠵᠢᠨ ᠦᠶ᠎ᠡ᠎ᠳᠤ ᠰᠡᠷᠡᠮᠵᠢ ᠵᠢᠨ ᠳᠣᠬᠢᠶ᠎ᠠ ᠥᠭᠭᠦᠭᠰᠡᠨ ᠬᠤᠪᠴᠠᠰᠤ ᠵᠢ ᠰᠢᠯᠭ᠋ᠠᠯᠲᠠ ᠵᠢᠨ ᠦᠶ᠎ᠡ᠎ᠳᠤ ᠡᠮᠦᠰᠬᠦ ᠪᠤᠶᠤ ᠠᠪᠴᠤ ᠣᠷᠣᠵᠤ ᠪᠣᠯᠬᠤ ᠦᠭᠡᠢ᠃

6. ᠠᠮᠤᠷ ᠲᠦᠪᠰᠢᠨ᠎ᠤ ᠪᠠᠶ᠋ᠢᠴᠠᠭ᠋ᠠᠯᠲᠠ ᠪᠠ ᠪᠡᠶ᠎ᠡ ᠵᠢᠨ ᠬᠢᠷᠢ ᠬᠡᠮ᠎ᠤᠨ ᠪᠠᠶ᠋ᠢᠴᠠᠭ᠋ᠠᠯᠲᠠ ᠵᠢ ᠬᠠᠮᠵᠢᠯᠴᠠᠨ ᠰᠠᠶ᠋ᠢᠲᠤᠷ ᠬᠢᠨ᠎ᠡ

ᠰᠢᠯᠭ᠋ᠠᠭᠤᠯᠤᠭᠴᠢ ᠡᠷᠬᠡᠪᠰᠢ ᠰᠢᠯᠭ᠋ᠠᠯᠲᠠ ᠡᠬᠢᠯᠡᠬᠦ᠎ᠠᠴᠠ 45 ᠮᠢᠨᠦ᠋ᠲ᠎ᠤᠨ ᠡᠮᠦᠨ᠎ᠡ ᠰᠢᠯᠭ᠋ᠠᠯᠲᠠ ᠵᠢᠨ ᠴᠡᠭ᠎ᠲᠤ ᠬᠦᠷᠴᠦ᠂ ᠪᠠᠶ᠋ᠢᠴᠠᠭ᠋ᠠᠯᠲᠠ ᠵᠢ ᠥᠩᠭᠡᠷᠡᠭᠰᠡᠨ᠎ᠤ ᠳᠠᠷᠠᠭ᠎ᠠ ᠰᠠᠶᠢ ᠰᠢᠯᠭ᠋ᠠᠯᠲᠠ ᠵᠢᠨ ᠴᠡᠭ ᠪᠠ ᠰᠢᠯᠭ᠋ᠠᠯᠲᠠ ᠵᠢᠨ ᠲᠠᠯᠠᠪᠠᠢ᠎ᠳᠤ ᠣᠷᠣᠵᠤ ᠪᠣᠯᠤᠨ᠎ᠠ᠃ ᠲᠣᠭᠲᠠᠭᠰᠠᠨ ᠴᠠᠭ᠎ᠲᠤ ᠰᠢᠯᠭ᠋ᠠᠯᠲᠠ ᠵᠢᠨ ᠴᠡᠭ᠎ᠲᠤ ᠬᠦᠷᠴᠦ ᠲᠡᠢ᠌ᠯᠦᠭᠰᠡᠨ ᠦᠭᠡᠢ᠂ ᠪᠠᠶ᠋ᠢᠴᠠᠭ᠋ᠠᠯᠲᠠ᠎ᠠᠴᠠ ᠪᠣᠯᠵᠣ ᠰᠢᠯᠭ᠋ᠠᠯᠲᠠ ᠵᠢᠨ ᠴᠠᠭ᠎ᠠᠴᠠ ᠣᠷᠣᠢ᠌ᠲᠠᠭᠰᠠᠨ ᠪᠣᠯ᠂ ᠬᠠᠷᠢᠭᠤᠴᠠᠯᠭ᠎ᠠ ᠵᠢ ᠰᠢᠯᠭ᠋ᠠᠭᠤᠯᠤᠭᠴᠢ ᠡᠭᠦᠷᠭᠡᠯᠡᠨ᠎ᠡ᠃ ᠰᠢᠯᠭ᠋ᠠᠯᠲᠠ ᠵᠢᠨ ᠴᠡᠭ᠎ᠲᠤ ᠣᠷᠣᠬᠤ᠎ᠠᠴᠠ ᠡᠮᠦᠨ᠎ᠡ᠂ ᠰᠢᠯᠭ᠋ᠠᠯᠲᠠ᠎ᠳᠤ ᠬᠣᠯᠪᠤᠭᠳᠠᠬᠤ ᠦᠭᠡᠢ ᠪᠣᠳᠠᠰ᠎ᠢ ᠤᠷᠢᠳᠴᠢᠯᠠᠨ ᠰᠢᠯᠭ᠋ᠠᠯᠲᠠ ᠵᠢᠨ ᠶᠠᠪᠤᠳᠠᠯ᠎ᠤᠨ ᠠᠵᠢᠯᠲᠠᠨ᠎ᠳᠤ ᠲᠤᠰᠢᠶᠠᠵᠤ᠂ ᠰᠢᠯᠭ᠋ᠠᠯᠲᠠ ᠵᠢᠨ ᠶᠠᠪᠤᠳᠠᠯ᠎ᠤᠨ ᠠᠵᠢᠯᠲᠠᠨ᠎ᠤ ᠲᠡᠮᠦᠷᠯᠢᠭ ᠬᠠᠢ᠌ᠭᠤᠷ ᠬᠡᠷᠡᠭᠰᠡᠯ ᠵᠶ᠋ᠡᠷ ᠪᠡᠶ᠎ᠡ ᠵᠢᠨ ᠪᠠᠶ᠋ᠢᠴᠠᠭ᠋ᠠᠯᠲᠠ ᠬᠢᠬᠦ ᠵᠢ ᠤᠬᠠᠮᠰᠠᠷ᠎ᠠᠴᠠ᠎ᠪᠠᠨ ᠬᠦᠯᠢᠶᠡᠵᠦ᠂ ᠬᠢᠷᠢ ᠲᠡᠩᠴᠡᠭᠰᠡᠨ᠎ᠤ ᠳᠠᠷᠠᠭ᠎ᠠ ᠳᠠᠬᠢᠨ ᠣᠶᠤᠨᠴᠢ ᠠᠮᠤᠷ ᠲᠦᠪᠰᠢᠨ᠎ᠤ ᠪᠠᠶ᠋ᠢᠴᠠᠭ᠋ᠠᠯᠲᠠ ᠵᠢᠨ ᠡᠭᠦᠳᠡᠨ᠎ᠳᠤ ᠠᠮᠤᠷ ᠲᠦᠪᠰᠢᠨ᠎ᠤ ᠪᠠᠶ᠋ᠢᠴᠠᠭ᠋ᠠᠯᠲᠠ ᠵᠢ ᠬᠦᠯᠢᠶᠡᠬᠦ ᠬᠡᠷᠡᠭᠲᠡᠢ᠃ ᠪᠠᠶ᠋ᠢᠴᠠᠭ᠋ᠠᠯᠲᠠ ᠵᠢᠨ ᠶᠠᠪᠤᠴᠠ᠎ᠳᠤ ᠰᠡᠵᠢᠭᠯᠡᠯᠲᠡᠢ ᠪᠣᠳᠠᠰ ᠠᠪᠴᠤ ᠶᠠᠪᠤᠭ᠎ᠠ᠂ ᠬᠡᠪ᠎ᠤᠨ ᠪᠤᠰᠤ ᠭᠡᠬᠦ ᠰᠠᠨᠠᠭᠤᠯᠤᠮᠵᠢ ᠭᠠᠷᠭ᠋ᠠᠭᠰᠠᠨ ᠵᠡᠷᠭᠡ ᠪᠠᠶ᠋ᠢᠳᠠᠯ᠎ᠲᠠᠢ ᠰᠢᠯᠭ᠋ᠠᠭᠤᠯᠤᠭᠴᠢ ᠡᠷᠬᠡᠪᠰᠢ ᠪᠣᠳᠠᠰ᠎ᠢ ᠲᠤᠰᠢᠶᠠᠭᠰᠠᠨ᠎ᠤ ᠳᠠᠷᠠᠭ᠎ᠠ ᠳᠠᠬᠢᠨ ᠨᠢᠭᠡ ᠤᠳᠠᠭ᠎ᠠ ᠬᠥᠮᠦᠨ ᠪᠠ ᠪᠣᠳᠠᠰ ᠎ᠢ ᠲᠤᠰ ᠲᠤᠰ ᠪᠠᠢ᠌ᠴᠠᠭ᠋ᠠᠬᠤ ᠵᠢ ᠬᠥᠯᠢᠶᠡᠵᠦ᠂ ᠬᠡᠪ᠎ᠤᠨ ᠪᠤᠰᠤ ᠰᠡᠷᠡᠮᠵᠢ ᠵᠢᠨ ᠳᠣᠬᠢᠶ᠎ᠠ ᠥᠭᠭᠦᠭᠰᠡᠨ ᠦᠭᠡᠢ ᠪᠣᠯ ᠰᠠᠶᠢ ᠥᠩᠭᠡᠷᠡᠵᠦ ᠪᠣᠯᠤᠨ᠎ᠠ᠃ ᠳᠠᠬᠢᠨ ᠳᠠᠪᠲᠠᠨ ᠠᠮᠤᠷ ᠲᠦᠪᠰᠢᠨ᠎ᠤ ᠪᠠᠶ᠋ᠢᠴᠠᠭ᠋ᠠᠯᠲᠠ ᠬᠢᠭᠰᠡᠨ᠎ᠤ ᠳᠠᠷᠠᠭ᠎ᠠ ᠲᠥᠬᠥᠭᠡᠷᠦᠮᠵᠢ᠎ᠨᠢ ᠮᠥᠨ ᠬᠦ᠌ ᠰᠡᠷᠡᠮᠵᠢ ᠵᠢᠨ ᠳᠣᠬᠢᠶ᠎ᠠ ᠥᠭᠬᠦ ᠪᠤᠶᠤ ᠪᠤᠰᠤᠳ ᠰᠡᠵᠢᠭᠯᠡᠯᠲᠡᠢ ᠪᠠᠶ᠋ᠢᠳᠠᠯ᠎ᠲᠠᠢ᠂ ᠬᠡᠪ᠎ᠤᠨ ᠠᠮᠤᠷ ᠲᠦᠪᠰᠢᠨ᠎ᠤ ᠪᠠᠶ᠋ᠢᠴᠠᠭ᠋ᠠᠯᠲᠠ ᠬᠢᠬᠦ ᠵᠢᠨ ᠠᠷᠭ᠎ᠠ ᠦᠭᠡᠢ ᠪᠣᠯ᠂ ᠰᠢᠯᠭ᠋ᠠᠭᠤᠯᠤᠭᠴᠢ᠎ᠲᠠᠢ ᠠᠳᠠᠯᠢ ᠬᠦᠢ᠍ᠰᠦ ᠵᠢᠨ ᠪᠤᠰᠤᠳ ᠬᠣᠶᠠᠷ᠎ᠠᠴᠠ ᠳᠡᠭᠡᠭᠰᠢ ᠠᠵᠢᠯᠲᠠᠨ ᠬᠠᠮᠲᠤ ᠪᠠᠶ᠋ᠢᠴᠠᠭ᠋ᠠᠬᠤ ᠬᠡᠷᠡᠭᠲᠡᠢ᠃ ᠬᠡᠷᠪᠡ ᠴᠢᠬᠤᠯᠠ᠎ᠲᠠᠢ ᠪᠣᠯ ᠪᠠᠢ᠌ᠴᠠᠭ᠋ᠠᠯᠲᠠ ᠵᠢ ᠳᠠᠬᠢᠨ ᠪᠠᠶ᠋ᠢᠴᠠᠭ᠋ᠠᠬᠤ ᠲᠠᠰᠤᠭ᠎ᠲᠤ ᠲᠣᠬᠢᠷᠠᠭᠤᠯᠤᠨ ᠬᠢᠵᠦ ᠪᠣᠯᠤᠨ᠎ᠠ᠃ ᠳᠡᠭᠡᠷ᠎ᠡ ᠳᠤᠷᠠᠳᠤᠭᠰᠠᠨ ᠪᠠᠶ᠋ᠢᠴᠠᠭ᠋ᠠᠯᠲᠠ ᠰᠢᠯᠭ᠋ᠠᠯᠲᠠ ᠵᠢᠨ ᠴᠠᠭ᠎ᠢ ᠰᠠᠭ᠋ᠠᠲᠠᠭ᠋ᠠᠭᠰᠠᠨ ᠪᠣᠯ᠂ ᠬᠠᠷᠢᠭᠤᠴᠠᠯᠭ᠎ᠠ ᠵᠢ ᠰᠢᠯᠭ᠋ᠠᠭᠤᠯᠤᠭᠴᠢ ᠡᠭᠦᠷᠭᠡᠯᠡᠨ᠎ᠡ᠃ ᠪᠠᠶ᠋ᠢᠴᠠᠭ᠋ᠠᠯᠲᠠ ᠵᠢ ᠥᠩᠭᠡᠷᠡᠭᠰᠡᠨ᠎ᠤ ᠳᠠᠷᠠᠭ᠎ᠠ᠂ ᠮᠥᠷᠯᠡᠨ ᠪᠡᠶ᠎ᠡ᠎ᠶᠢᠨ ᠬᠢᠷᠢ ᠭᠡᠮ᠎ᠤᠨ ᠪᠠᠶ᠋ᠢᠴᠠᠭ᠋ᠠᠯᠲᠠ ᠬᠢᠨ᠎ᠡ᠃ ᠰᠢᠯᠭ᠋ᠠᠨ ᠪᠠᠲᠤᠯᠠᠭᠰᠠᠨ᠎ᠤ ᠳᠠᠷᠠᠭ᠎ᠠ᠂ ᠰᠢᠯᠭ᠋ᠠᠬᠤ ᠲᠡᠮᠳᠡᠭ ᠪᠠ ᠰᠠᠭᠤᠭ᠋ᠠᠯᠢ ᠠᠷᠠᠳ᠎ᠤᠨ ᠪᠡᠶ᠎ᠡ ᠵᠢᠨ ᠦᠨᠡᠮᠯᠡᠯ ᠵᠶ᠋ᠠᠷ ᠰᠢᠯᠭ᠋ᠠᠯᠲᠠ ᠵᠢᠨ ᠲᠠᠯᠠᠪᠠᠢ᠎ᠳᠤ ᠣᠷᠣᠨ᠎ᠠ᠃ ᠰᠢᠯᠭ᠋ᠠᠯᠲᠠ ᠵᠢᠨ ᠲᠠᠯᠠᠪᠠᠢ᠎ᠳᠤ ᠣᠷᠣᠬᠤ᠎ᠠᠴᠠ ᠡᠮᠦᠨ᠎ᠡ᠂ ᠰᠢᠯᠭ᠋ᠠᠯᠲᠠ ᠬᠢᠨᠠᠭᠴᠢ ᠵᠢᠨ ᠪᠡᠶ᠎ᠡ ᠵᠢᠨ ᠬᠢᠷᠢ ᠭᠡᠮ᠎ᠤᠨ ᠪᠠᠶ᠋ᠢᠴᠠᠭ᠋ᠠᠯᠲᠠ ᠪᠠ ᠲᠡᠮᠦᠷᠯᠢᠭ ᠬᠠᠢ᠌ᠭᠤᠷ ᠬᠡᠷᠡᠭᠰᠡᠯ ᠵᠶ᠋ᠠᠷ ᠪᠠᠢ᠌ᠴᠠᠭ᠋ᠠᠬᠤ  ᠵᠢ ᠳᠠᠬᠢᠨᠲᠠ ᠰᠠᠨᠠᠭ᠋ᠠᠴᠢᠯᠠᠭ᠎ᠠ᠎ᠠᠴᠠ᠎ᠪᠠᠨ  ᠬᠦᠯᠢᠶᠡᠬᠦ ᠬᠡᠷᠡᠭᠲᠡᠢ᠃

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
 
             蒙ICP备05000248号