ᠬᠤᠸᠠᠷ

ᠭᠡᠷ᠎ᠤᠨ ᠠᠬᠠᠮᠠᠳ ᠪᠣᠯ ᠦᠷ᠎ᠡ ᠬᠡᠤᠬᠡᠳ᠎ᠤᠨ ᠵᠶ᠋ᠠᠨ ᠬᠠᠮᠤᠭ᠎ᠤᠨ ᠠᠩᠬᠠᠨ᠎ᠤ ᠪᠠᠭᠰᠢ ᠪᠤᠯᠬᠤᠷ ᠭᠡᠷ ᠤᠨ ᠠᠬᠠᠮᠠᠳ᠎ᠤᠨ ᠬᠡᠪ ᠪᠤᠯᠪᠠᠰᠤᠷᠠᠯ᠎ᠨᠢ ᠭᠡᠷ ᠪᠦᠯᠢ ᠵᠢᠨ ᠰᠤᠷᠭ᠋ᠠᠨ ᠬᠦᠮᠤᠵᠢᠯ᠎ᠤᠨ ᠶᠠᠰᠤ ᠴᠢᠨᠠᠷ᠎ᠢ ᠨᠦᠯᠦᠭᠡᠯᠠᠳᠡᠭ᠃ ᠲᠠᠢ᠍ᠢ᠍ᠮᠦ ᠪᠤᠯᠬᠤᠷ ᠭᠡᠷ ᠤᠨ ᠠᠬᠠᠮᠠᠳᠴᠤᠳ ᠦᠷ᠎ᠡ ᠬᠤᠶ᠋ᠢᠴᠢᠰ᠎ᠤᠨ ᠵᠶ᠋ᠠᠨ ᠰᠡᠶ᠋ᠢᠨ ᠰᠡᠶ᠋ᠢᠬᠠᠨᠤ ᠲᠦᠯᠤᠭᠡ ᠬᠦᠳᠡᠯᠤᠩᠬᠦᠢ᠎ᠪᠠᠷ ᠦᠪᠡᠷᠰᠠᠳ᠎ᠤᠨ ᠬᠡᠪ ᠪᠤᠯᠪᠠᠰᠤᠷᠠᠯ ᠪᠠ ᠰᠤᠷᠭ᠋ᠠᠨ ᠬᠦᠮᠤᠵᠢᠬᠦᠯᠬᠦ ᠴᠢᠳᠠᠪᠤᠷᠢ᠎ᠪᠠᠨ ᠳᠡᠭᠡᠭᠰᠢᠯᠡᠬᠦᠯᠬᠦ ᠠᠷᠭ᠎ᠠ ᠵᠠᠮ᠎ᠢ ᠰᠦᠪᠡᠭᠴᠢᠯᠡᠪᠡᠯ ᠵᠤᠬᠢᠨ᠎ᠠ᠃
ᠨᠢᠭᠡ᠂ ᠭᠡᠷ᠎ᠤᠨ ᠠᠬᠠᠮᠠᠳ᠎ᠤᠨ ᠪᠤᠯᠪᠠᠰᠤᠷᠠᠯ᠎ᠤᠨ ᠵᠠᠷᠴᠢᠮ
1. ᠭᠡᠷ ᠪᠦᠯᠢ ᠵᠢᠨ ᠰᠤᠷᠭ᠋ᠠᠨ ᠬᠦᠮᠤᠵᠢᠯ᠎ᠤᠨ ᠳᠠᠪᠠᠭᠤᠯᠢᠭ᠎ᠢ ᠪᠠᠳᠠᠷᠠᠭᠤᠯᠬᠤ
ᠭᠡᠷ᠎ᠤᠨ ᠠᠬᠠᠮᠠᠳᠴᠤᠳ ᠪᠣᠯ ᠬᠡᠤᠬᠡᠳ᠎ᠤᠨ ᠠᠮᠢᠳᠤᠷᠠᠯ ᠪᠤᠶᠤ ᠠᠮᠢ ᠨᠠᠰᠤᠨ᠎ᠤ ᠪᠠᠳᠤᠯᠠᠭ᠎ᠠ ᠪᠤᠯᠣᠨᠡ᠃ ᠬᠡᠤᠬᠡᠳ᠎ᠤᠨ ᠴᠡᠴᠡᠷᠯᠢᠭ᠂ ᠪᠠᠭ᠎ᠠ ᠰᠤᠷᠭ᠋ᠠᠭᠤᠯᠢ᠂ ᠲᠤᠮᠳᠠᠳᠤ ᠰᠤᠷᠭ᠋ᠠᠭᠤᠯᠢ᠂ ᠳᠡᠭᠡᠳᠤ ᠰᠤᠷᠭ᠋ᠠᠭᠤᠯᠢ ᠵᠢᠨ ᠠᠯᠢ ᠨᠢᠭᠡ ᠱᠠᠳᠤᠨ᠎ᠳᠤ ᠴᠦ᠍ ᠭᠡᠰᠡᠨ ᠬᠡᠤᠬᠡᠳ ᠶᠡᠷᠤ᠎ᠨᠢ ᠡᠴᠢᠭᠡ ᠠ᠋ᠬᠡ ᠵᠢᠨ ᠠᠰᠠᠷᠠᠯ ᠬᠠᠮᠠᠭ᠋ᠠᠯᠠᠯ᠂ ᠬᠠᠶ᠋ᠢᠷ᠎ᠠ ᠬᠠᠯᠠᠮᠵᠢᠯᠠᠯ᠂ ᠬᠠᠪᠰᠤᠷᠤᠯᠭ᠎ᠠ ᠲᠡᠮᠵᠢᠯᠭᠡ᠎ᠠᠴᠠ ᠰᠠᠯᠵᠤ ᠴᠢᠳᠠᠳᠠᠭ ᠦᠭᠡᠢ ᠶᠤᠮ᠃ ᠥᠭᠡᠷ᠎ᠡ᠎ᠪᠠᠷ ᠬᠡᠯᠡᠪᠡᠯ ᠭᠡᠷ᠎ᠤᠨ ᠠᠬᠠᠮᠠᠳ ᠬᠢᠭᠡᠳ ᠦᠷ᠎ᠡ ᠬᠡᠤᠬᠡᠳ᠎ᠤᠨ ᠠᠰᠢᠭ ᠲᠤᠰᠠ ᠨᠢᠭᠡᠳᠡᠢ᠂ ᠬᠤᠪᠢ ᠵᠠᠶᠠᠭ᠎ᠠ ᠨᠢᠭᠡᠲᠡᠢ᠂ ᠬᠠᠶ᠋ᠢᠷ᠎ᠠ ᠰᠡᠳᠬᠢᠯ ᠨᠢᠭᠡᠲᠡᠢ ᠪᠤᠯᠬᠤᠷ ᠦᠷ᠎ᠡ ᠬᠡᠤᠬᠡᠳ ᠪᠤᠯᠤᠬᠰᠠᠳ ᠠ᠋ᠩ᠎ᠤᠨ ᠪᠡᠶ᠋ᠢᠳᠠᠯ ᠳᠤᠤᠷ᠎ᠠ ᠡᠴᠢᠭᠡ ᠠ᠋ᠬᠡ ᠵᠢᠨ ᠵᠶ᠋ᠠᠨ ᠦᠭᠡ ᠵᠢ ᠬᠦᠰᠡᠷᠳᠡᠭᠦᠯᠳᠡᠭ ᠦᠭᠡᠢ ᠶᠤᠮ᠃ ᠠ᠋ᠶ᠋ᠢᠮᠦ ᠠᠴᠠ ᠭᠡᠷ᠎ᠤᠨ ᠠᠬᠠᠮᠠᠳᠴᠤᠳ ᠠ᠋ᠷᠭᠡᠪᠰᠢ ᠤᠷᠢᠳ ᠵᠶ᠋ᠠᠷ ᠦᠪᠡᠷᠰᠠᠳ᠎ᠤᠨ ᠭᠡᠪ ᠪᠤᠯᠪᠠᠰᠤᠷᠠᠯ ᠵᠶ᠋ᠠᠨ ᠴᠢᠩᠭ᠋ᠠᠳᠬᠠᠨ ᠬᠡᠪ ᠴᠢᠨᠠᠷ ᠵᠶ᠋ᠠᠨ ᠳᠡᠭᠡᠭᠰᠢᠯᠡᠭᠦᠯᠪᠡᠯ ᠰᠡᠶᠢ ᠭᠡᠷ ᠪᠦᠯᠢ ᠵᠢᠨ ᠰᠤᠷᠭ᠋ᠠᠨ ᠬᠦᠮᠤᠵᠢᠯ᠎ᠤᠨ ᠡ᠊ᠨᠡ ᠭᠦ᠌ ᠳᠠᠪᠠᠭᠤᠯᠢᠭ ᠲᠠᠯ᠎ᠠ ᠵᠢ ᠤᠯᠠᠮ ᠰᠡᠶ᠋ᠢᠨ ᠪᠠᠳᠠᠷᠠᠭᠤᠯᠤᠨ ᠦᠷ᠎ᠡ ᠬᠡᠤᠬᠡᠳ᠎ᠤᠨ ᠵᠶ᠋ᠠᠨ ᠠ᠋ᠳᠤᠷ᠎ᠠᠴᠠ ᠠ᠋ᠳᠤᠷ ᠢᠳᠠᠷᠡᠭᠦᠨ ᠵᠶ᠋ᠠᠷ ᠦᠰᠦᠨ ᠪᠤᠢ᠍ᠢ᠍ᠵᠢᠬᠤ᠎ᠳᠤ ᠲᠤᠰᠠᠯᠠᠳᠠᠬ᠃
2. ᠭᠡᠷ ᠪᠦᠯᠢ ᠵᠢᠨ ᠰᠤᠷᠭ᠋ᠠᠨ ᠬᠦᠮᠤᠵᠢᠯᠲᠠᠬᠢ ᠦᠯᠢᠭᠡᠷ ᠳᠠᠭᠤᠷᠢᠶᠠᠯ᠎ᠤᠨ ᠦᠢ᠍ᠯᠠᠳᠤᠯ᠎ᠢ ᠪᠠᠷᠢᠮᠳᠠᠯᠠᠬᠤ
ᠭᠡᠷ᠎ᠤᠨ ᠠᠬᠠᠮᠠᠳ᠎ᠤᠨ ᠭᠡᠷ ᠪᠦᠯᠢ᠎ᠳᠠᠬᠢ ᠳᠠᠭᠤᠷᠢᠶᠠᠯ᠎ᠤᠨ ᠦᠢ᠍ᠯᠠᠳᠤᠯ᠎ᠢ ᠠ᠋ᠷᠲᠡ ᠠ᠋ᠳᠤᠭᠡ᠂ ᠳᠤᠳᠤᠭ᠋ᠠᠳᠤ ᠭᠠᠳᠠᠭ᠋ᠠᠳᠤ ᠵᠢᠨ ᠰᠤᠷᠭ᠋ᠠᠨ ᠬᠦᠮᠤᠵᠢᠯ᠎ᠤᠨ ᠵᠢᠳᠬᠦᠯᠲᠡᠳ ᠲᠤᠩ ᠬᠦᠨᠳᠤᠳᠭᠡᠨ ᠦᠵᠡᠭᠰᠡᠭᠡᠷ ᠢᠷᠡᠵᠡᠢ᠃ ᠮᠤᠩᠭᠤᠯ ᠠᠷᠠᠳ᠎ᠤᠨ ᠵᠤᠢ᠍ᠢ᠍ᠷ ᠰᠠᠴᠠᠨ ᠦᠭᠡᠨ᠎ᠳᠤ᠎ᠬᠢ 《ᠬᠡᠭᠡᠷ᠎ᠡ ᠠᠯᠠᠭ᠎ᠠᠴᠠ ᠰᠢᠬᠢᠷ᠎ᠠ ᠠᠯᠠᠭ᠂ ᠭᠡᠯᠳᠡᠭ ᠭᠡᠭᠦᠤ᠎ᠠᠴᠠ ᠱᠤᠪᠳᠤᠩ ᠤᠨᠠᠭ᠎ᠠ》᠂ 《ᠠᠯᠠᠭ᠋ᠠᠴᠢ ᠵᠢᠨ ᠬᠦᠦ ᠪᠤᠯᠠᠭ᠋ᠠᠴᠢ》 ᠭᠡᠳᠡᠭ᠎ᠨᠢ ᠡᠴᠢᠭᠡ ᠠ᠋ᠬᠡ ᠪᠤᠯᠤᠬᠰᠠᠳ ᠦᠷ᠎ᠡ ᠬᠡᠤᠬᠡᠳ᠎ᠤᠨ ᠵᠶ᠋ᠠᠨ ᠦᠰᠤᠨ ᠪᠤᠢ᠍ᠢ᠍ᠵᠢᠬᠤ᠎ᠳᠤ ᠦᠯᠢᠭᠡᠷ ᠳᠠᠭᠤᠷᠢᠶᠠᠯ ᠪᠣᠯᠳᠠᠭ ᠤᠴᠢᠷ ᠶᠤᠰᠤ ᠵᠢ ᠳᠤᠳᠤᠷᠠᠭᠤᠯᠤᠬᠰᠠᠨ ᠶᠤᠮ᠃ ᠦᠯᠢᠭᠡᠷ ᠳᠠᠭᠤᠷᠢᠶᠠᠯ᠎ᠤᠨ ᠬᠦᠴᠤᠨ ᠴᠢᠳᠠᠯ ᠬᠢᠵᠠᠭ᠋ᠠᠷ ᠦᠭᠡᠢ ᠶᠡᠭᠡ ᠪᠡᠶ᠋ᠢᠳᠠᠭ᠃ ᠭᠠᠭᠴᠠ ᠬᠦ᠌ ᠭᠡᠷ᠎ᠤᠨ ᠠᠬᠠᠮᠠᠳᠴᠤᠳ ᠦᠪᠡᠷᠰᠠᠳ᠎ᠤᠨ ᠭᠡᠪ ᠪᠤᠯᠪᠠᠰᠤᠷᠠᠯ ᠵᠶ᠋ᠠᠨ ᠴᠢᠩᠭ᠋ᠠᠳᠬᠠᠳᠠᠭ ᠯᠡ ᠶᠤᠮ ᠪᠣᠯ ᠬᠡᠤᠬᠡᠳ᠎ᠤᠨ ᠪᠦᠭᠦ ᠲᠠᠯ᠎ᠠ᠎ᠪᠠᠷ ᠬᠦᠭᠵᠢᠬᠦ ᠪᠠ ᠠ᠋ᠳᠤᠷ ᠳᠤᠳᠤᠮ᠎ᠤᠨ ᠠᠮᠢᠳᠤᠷᠠᠯ᠎ᠤᠨ ᠰᠡᠶ᠋ᠢᠨ ᠰᠡᠶ᠋ᠢᠠᠭᠨ ᠵᠡᠩ ᠲᠠᠳᠬᠠᠯ᠎ᠢ ᠬᠦᠮᠤᠵᠢᠬᠦᠯᠬᠦ᠎ᠳᠤ ᠴᠦᠮ ᠵᠦᠪ ᠲᠠᠯ᠎ᠠ ᠵᠢᠨ ᠦᠯᠢᠭᠡᠷ ᠳᠠᠭᠤᠷᠢᠶᠠᠯ ᠪᠤᠯᠵᠤ ᠴᠢᠳᠠᠨ᠎ᠠ᠃
3. ᠭᠡᠷ ᠪᠦᠯᠢ ᠵᠢᠨ ᠰᠤᠷᠭ᠋ᠠᠨ ᠭᠦᠮᠦᠵᠢᠯ᠎ᠳᠤ ᠠ᠋ᠷᠬᠡ ᠲᠡᠭᠰᠢ ᠵᠠᠷᠴᠢᠮ᠎ᠢ ᠪᠠᠷᠢᠮᠳᠠᠯᠠᠬᠤ
ᠰᠢᠨ᠎ᠡ ᠴᠠᠭ ᠥᠶ᠎ᠡ ᠵᠢᠨ ᠭᠡᠷ ᠪᠦᠯᠢ ᠵᠢᠨ ᠬᠠᠷᠢᠴᠠᠭ᠎ᠠ ᠪᠣᠯ ᠭᠡᠷ ᠪᠦᠯᠢ ᠵᠢᠨ ᠬᠦᠮᠤᠰ ᠬᠠᠷᠢᠯᠴᠠᠨ ᠬᠦᠨᠳᠤᠳᠭᠡᠵᠤ ᠬᠠᠷᠢᠯᠴᠠᠨ ᠠ᠋ᠷᠬᠡ ᠲᠡᠭᠰᠢ ᠪᠡᠶ᠋ᠢᠬᠤᠳᠤᠪᠠᠨ ᠲᠠᠭ᠋ᠠᠷᠠᠨᠡ᠃ ᠡᠴᠢᠭᠡ ᠠ᠋ᠬᠡ ᠪᠤᠯᠤᠭᠰᠠᠳ᠎ᠨᠢ ᠦᠪᠠᠷ᠎ᠤᠨ ᠡᠵᠢ ᠠᠪᠤ᠂ ᠦᠷ᠎ᠠ ᠭᠡᠤᠭᠡᠳ ᠵᠶ᠋ᠠᠨ ᠭᠦᠨᠳᠤᠳᠭᠡᠵᠦ᠂ ᠲᠠᠳᠠᠨ᠎ᠤ ᠠᠳᠠᠯᠢ ᠪᠤᠰᠤ ᠦᠵᠠᠯᠳᠠ᠂ ᠬᠦᠮᠣᠨ᠎ᠤ ᠠ᠋ᠷᠬᠡ ᠵᠡᠷᠭᠡ ᠵᠢ ᠬᠦᠨᠳᠤᠳᠭᠡᠬᠦ ᠶᠤᠰᠤᠲᠡᠢ᠃ ᠢᠩᠬᠢᠮᠡᠨᠵᠢᠨ ᠰᠡᠶᠢ ᠭᠡᠳᠤᠨ ᠥᠶ᠎ᠡ ᠵᠢᠨ ᠬᠦᠮᠣᠰ ᠠ᠋ᠷᠬᠡ ᠲᠡᠭᠰᠢ᠂ ᠠ᠋ᠶ᠎ᠡ ᠨᠡᠶ᠋ᠢᠷᠲᠡᠢ᠂ ᠦᠨᠡᠨᠴᠢ ᠲᠤᠲᠤᠨᠤᠰᠤᠭ ᠵᠶ᠋ᠠᠷ ᠬᠠᠮᠳᠤ ᠠᠮᠢᠳᠤᠷᠠᠵᠤ ᠪᠡᠶ᠋ᠢᠬᠤ᠎ᠳᠤ ᠲᠤᠭ᠋ᠠᠴᠠᠭᠳᠠᠨᠡ᠃ ᠠ᠋ᠨᠡ ᠲᠠᠯ᠎ᠠ᠎ᠪᠠᠷ ᠵᠠᠷᠢᠮ ᠭᠡᠷ᠎ᠤᠨ ᠠᠬᠠᠮᠠᠳ᠎ᠤᠨ ᠤᠬᠠᠮᠰᠠᠷ ᠦᠨᠳᠤᠷ ᠪᠤᠰᠤ ᠬᠢᠳᠡᠯ ᠪᠡᠷᠢᠳᠠᠬᠨᠢ ᠲᠤᠲᠠᠭᠳᠠᠯ᠎ᠲᠠᠢ ᠪᠡᠶ᠋ᠢᠳᠠᠭ᠃ ᠡ᠊ᠨᠳᠠ ᠨᠢᠭᠡ ᠵᠢᠱ᠌ᠢᠶ᠎ᠡ ᠳᠠᠲᠠᠵᠤ ᠶᠠᠷᠢᠪᠠᠯ᠂ ᠨᠢᠭᠡ ᠭᠡᠷ᠎ᠤᠨ ᠠᠬᠠᠮᠠᠳ ᠠ᠋ᠳᠤᠷ ᠪᠦᠷᠢ ᠬᠡᠤᠬᠡᠳ ᠵᠶ᠋ᠠᠨ ᠠ᠋ᠳᠤᠷ᠎ᠤᠨ ᠲᠡᠮᠳᠡᠭᠯᠡᠯ ᠪᠢᠴᠢᠬᠦ ᠵᠢ ᠱᠠᠭ᠋ᠠᠷᠳᠠᠳᠠᠭ ᠪᠡᠶ᠋ᠢᠵᠡᠢ᠃ ᠨᠢᠭᠡ ᠤᠷᠤᠢ ᠬᠡᠤᠬᠡᠳ᠎ᠨᠢ ᠠ᠋ᠳᠤᠷ᠎ᠤᠨ ᠲᠡᠮᠳᠡᠭᠯᠡᠯ ᠵᠶ᠋ᠠᠨ ᠪᠢᠴᠢᠭᠰᠡᠨ ᠦᠭᠡᠢ᠎ᠪᠠᠷ ᠤᠨᠲᠠᠴᠢᠬᠠᠪᠠ᠃ ᠰᠦᠨᠢ ᠵᠢᠨ ᠠᠷᠪᠠᠨ ᠬᠤᠶᠠᠷ ᠴᠠᠭ ᠦᠩᠭᠡᠷᠡᠭᠰᠡᠨ᠎ᠤ ᠲᠠᠷᠠᠭ᠎ᠠ ᠲᠡᠷᠡ ᠬᠦ᠌ ᠭᠡᠷ᠎ᠤᠨ ᠠᠬᠠᠮᠠᠳ ᠬᠡᠤᠬᠡᠳ ᠵᠶ᠋ᠠᠨ ᠲᠠᠭᠤᠳᠠᠨ ᠰᠡᠷᠢᠭᠡᠵᠤ᠂ ᠪᠤᠷᠤᠭᠤᠰᠢᠶᠡᠨ ᠵᠢᠮᠡᠯᠡᠬᠦ ᠵᠢᠨ ᠳᠠᠭ᠋ᠠᠤ ᠠ᠋ᠳᠤᠷ᠎ᠤᠨ ᠲᠡᠮᠳᠡᠭᠯᠡᠯ ᠵᠶ᠋ᠠᠨ ᠨᠦᠬᠦᠨ ᠪᠢᠴᠢᠬᠦ ᠵᠢ ᠱᠠᠭ᠋ᠠᠷᠳᠠᠭᠰᠨᠨ ᠪᠡᠶ᠋ᠢᠨᠡ᠃ ᠠ᠋ᠳᠤᠷ᠎ᠤᠨ ᠲᠡᠮᠳᠡᠭᠯᠡᠯ ᠵᠶ᠋ᠠᠨ ᠪᠢᠴᠢᠵᠦ ᠲᠠᠭᠤᠰᠬᠠᠭᠰᠠᠨᠤ ᠳᠠᠷᠠᠭ᠎ᠠ ᠭᠡᠷ᠎ᠤᠨ ᠠᠬᠠᠮᠠᠳ᠎ᠨᠢ ᠠᠪᠤᠭ᠋ᠠᠳ ᠦᠵᠡᠭᠰᠡᠨ ᠴᠢᠨᠢ᠄ 《ᠪᠢ ᠪᠠᠰᠠ ᠨᠢᠭᠡ ᠬᠦᠮᠤᠨ ᠰᠢᠤ!》 ᠭᠡᠵᠦ ᠪᠢᠴᠢᠭᠰᠡᠨ ᠪᠡᠶ᠋ᠢᠯᠠ᠃ ᠠ᠋ᠨᠡ᠎ᠨᠢ ᠭᠡᠤᠭᠡᠳ᠎ᠤᠳ᠎ᠲᠤ 《ᠭᠡᠷ᠎ᠤᠨ ᠠᠬᠠᠮᠠᠳ᠎ᠨᠢ ᠲᠠᠳᠠᠨ᠎ᠢ ᠬᠦᠮᠤᠨ ᠵᠶ᠋ᠠᠷ ᠦᠵᠡᠬᠦ ᠦᠭᠡᠢ ᠪᠡᠶ᠋ᠢᠨᠡ》 ᠭᠡᠰᠡᠨ ᠪᠤᠳᠤᠯ᠎ᠢ ᠲᠦᠷᠤᠬᠦᠯᠤᠭ᠌ᠰᠡᠨ ᠭᠡᠳᠡᠭ᠎ᠢ ᠭᠡᠷᠡᠴᠢᠯᠡᠨ᠎ᠡ᠃ ᠪᠠᠰᠠ ᠨᠢᠭᠡ ᠵᠢᠱ᠌ᠢᠶ᠎ᠡ ᠲᠠᠳᠠᠪᠠᠯ᠂ ᠨᠢᠭᠡ ᠠ᠋ᠮᠡᠭᠲᠡᠢ ᠰᠤᠷᠤᠭᠴᠢ ᠲᠤᠮᠳᠠᠳᠤ ᠰᠤᠷᠭ᠋ᠠᠭᠤᠯᠢ᠎ᠳᠤ ᠤᠷᠤᠬᠰᠠᠨ᠎ᠤ ᠳᠠᠷᠠᠭ᠎ᠠ ᠭᠤᠶᠤᠯᠠᠭ᠍ᠤ ᠵᠢ ᠮᠡᠳᠡᠴᠢᠭᠡᠵᠡᠢ᠃ ᠨᠢᠭᠡ ᠤᠳᠠᠭ᠎ᠠ ᠲᠡᠷᠡ ᠭᠡᠵᠢᠭᠡ᠎ᠪᠠᠨ ᠰᠢᠨ᠎ᠡ ᠮᠠᠶᠢᠭ ᠵᠶ᠋ᠠᠷ ᠭᠦᠷᠤᠭ᠌ᠰᠡᠨᠢ ᠡᠵᠢ᠎ᠨᠢ ᠦᠵᠡᠮᠡᠭᠴᠡ ᠬᠠᠶ᠋ᠢᠴᠢ ᠠᠪᠴᠢᠷᠡᠨ ᠠᠯᠪᠠ᠎ᠪᠠᠷ ᠬᠡᠵᠢᠭᠡ ᠵᠢ᠎ᠨᠢ ᠬᠠᠶ᠋ᠢᠴᠢᠯᠠᠭᠰᠠᠨ ᠪᠡᠶ᠋ᠢᠨᠡ᠃ ᠠ᠋ᠳᠡᠭᠡᠷ ᠪᠣᠯ ᠴᠦᠮ ᠡᠴᠢᠭᠡ ᠠ᠋ᠭᠡᠴᠤᠤᠯᠳᠤ ᠠ᠋ᠷᠬᠡ ᠲᠡᠭᠰᠢ ᠵᠢᠨ ᠤᠬᠠᠮᠰᠠᠷ ᠳᠤᠲᠠᠭᠤᠳᠠᠵᠤ᠂ ᠡᠴᠢᠭᠡ ᠠ᠋ᠬᠡ ᠵᠢᠨ ᠠ᠋ᠷᠬᠡ ᠰᠦᠷ ᠵᠶ᠋ᠠᠨ ᠪᠤᠷᠤᠭᠤ᠎ᠪᠠᠷ ᠬᠡᠷᠡᠭᠯᠡᠵᠦ ᠪᠡᠶ᠋ᠢᠬᠤ ᠵᠢᠨ ᠢᠯᠡᠷᠡᠯ ᠪᠤᠯᠣᠨᠡ᠃
ᠠᠯᠳᠠᠭ᠎ᠠ ᠭᠠᠷᠭ᠋ᠠᠬᠤ ᠦᠭᠡᠢ ᠬᠦᠮᠤᠨ ᠭᠡᠵᠤ ᠪᠡᠶ᠋ᠢᠳᠠᠭ ᠦᠭᠡᠢ᠂ ᠬᠡᠷᠪᠡ ᠬᠡᠤᠬᠡᠳ ᠵᠶ᠋ᠠᠨ ᠪᠤᠷᠤᠭᠤ ᠤᠶ᠋ᠢᠯᠠᠭ᠋ᠠᠵᠤ᠂ ᠪᠤᠷᠤᠭᠤ ᠪᠣᠳᠤᠵᠤ᠂ ᠪᠤᠷᠤᠭᠤ ᠰᠢᠬᠦᠮᠵᠢᠯᠡᠭᠰᠡᠨ ᠪᠡᠶ᠋ᠢᠪᠡᠯ ᠬᠡᠤᠬᠡᠳ᠎ᠲᠤ᠎ᠪᠠᠨ ᠪᠤᠷᠤᠭᠤ ᠮᠡᠳᠡᠷᠡᠵᠤ ᠤᠰᠣᠯ ᠬᠦᠯᠢᠶᠡᠬᠦ᠎ᠨᠢ ᠮᠠᠭᠤᠬᠠᠢ ᠬᠡᠷᠡᠭ ᠪᠢᠰᠢ ᠶᠤᠮ᠃ ᠬᠡᠤᠬᠡᠳ ᠭᠡᠷ᠎ᠤᠨ ᠠᠬᠠᠮᠠᠳ᠎ᠤᠨ ᠵᠶ᠋ᠠᠨ ᠠᠯᠳᠠᠭ᠎ᠠ ᠳᠤᠲᠠᠭᠳᠠᠯ᠎ᠢ ᠶᠠᠷᠢᠬᠤ ᠥᠶ᠎ᠡ᠎ᠳᠤ ᠭᠡᠷ᠎ᠤᠨ ᠠᠬᠠᠮᠠᠳ ᠬᠦᠯᠢᠴᠡᠩᠬᠦᠢ᠎ᠪᠠᠷ ᠰᠤᠨᠣᠰᠤᠨ ᠬᠢᠴᠢᠶᠡᠩᠭᠦᠢ᠎ᠪᠠᠷ ᠬᠦᠯᠢᠶᠡᠨ ᠠᠪᠴᠥ᠂ ᠠᠯᠳᠠᠭ᠎ᠠ ᠲᠤᠳᠠᠭᠳᠠᠯ ᠵᠶ᠋ᠠᠨ ᠮᠡᠳᠡᠷᠡᠬᠦ ᠬᠡᠷᠡᠭᠲᠡᠢ᠃ ᠭᠠᠭᠴᠠ ᠬᠦ᠌ ᠠ᠋ᠷᠬᠡ ᠲᠡᠭᠰᠢ ᠪᠡᠶ᠋ᠢᠬᠤ ᠤᠬᠠᠮᠰᠠᠷ ᠵᠶ᠋ᠠᠨ ᠳᠡᠭᠡᠭᠰᠢᠯᠡᠭᠦᠯᠪᠡᠯ ᠰᠡᠶᠢ ᠬᠡᠤᠬᠡᠳ᠎ᠨᠢ ᠡᠴᠢᠭᠡ ᠠ᠋ᠬᠡ᠎ᠪᠠᠨ ᠰᠡᠳᠬᠢᠯ᠎ᠤᠨ ᠬᠠᠨᠢ᠎ᠪᠠᠨ ᠪᠤᠯᠭ᠋ᠠᠵᠤ᠂ ᠡᠴᠢᠭᠡ ᠠ᠋ᠬᠡ ᠵᠢᠨ ᠰᠤᠷᠭ᠋ᠠᠯ᠎ᠢ ᠰᠤᠨᠤᠰᠬᠤ ᠪᠤᠯᠣᠨᠡ᠃
4. ᠭᠡᠷ ᠪᠦᠯᠢ ᠵᠢᠨ ᠰᠤᠷᠭ᠋ᠠᠨ ᠭᠦᠮᠦᠵᠢᠯ᠎ᠳᠤ ᠠᠭᠤᠴᠢᠯᠠᠭ᠍ᠤ ᠵᠠᠷᠴᠢᠮ᠎ᠢ ᠪᠠᠷᠢᠮᠳᠠᠯᠠᠬᠤ
ᠠᠭᠤᠴᠢᠯᠠᠨ᠎ᠠ ᠭᠡᠳᠡᠭ ᠪᠣᠯ ᠴᠢᠩᠭ᠎ᠠ ᠱᠠᠭ᠋ᠠᠷᠳᠠᠯᠭ᠎ᠠ ᠲᠠᠯᠪᠢᠬᠤ ᠦᠭᠡᠢ ᠪᠤᠶᠤ ᠵᠠᠷᠴᠢᠮ ᠦᠭᠡᠢ᠎ᠪᠠᠷ ᠨᠡᠶ᠋ᠢᠷ ᠲᠠᠯᠪᠢᠬᠤ ᠵᠢ ᠵᠢᠭ᠋ᠠᠵᠤ ᠪᠡᠶ᠋ᠢᠬᠤ ᠪᠢᠰᠢ᠂ ᠬᠠᠷᠢᠨ ᠦᠷ᠎ᠡ ᠬᠡᠤᠬᠡᠳ᠎ᠤᠨ ᠵᠶ᠋ᠠᠨ ᠲᠦᠪᠡᠭᠰᠢᠶᠡᠵᠦ ᠪᠡᠶ᠋ᠢᠭᠠ ᠲᠠᠯ᠎ᠠ᠂ ᠲᠠᠲᠠᠭ᠋ᠠᠯᠵᠠᠵᠤ ᠪᠡᠶ᠋ᠢᠭᠠ ᠵᠤᠶ᠋ᠢᠯᠡᠰᠤᠨ ᠤᠭ ᠰᠢᠯᠲᠠᠭ᠋ᠠᠨ᠎ᠢ ᠤᠶ᠋ᠢᠯᠠᠭ᠋ᠠᠵᠤ᠂ ᠦᠷ᠎ᠡ ᠬᠡᠤᠬᠡᠳ᠎ᠤᠨ ᠵᠶ᠋ᠠᠨ ᠲᠤᠳᠤᠭ᠋ᠠᠳᠤ ᠰᠡᠳᠬᠢᠯ᠎ᠤᠨ ᠳᠦᠯᠬᠢᠴᠡ ᠬᠦᠴᠤᠨ ᠪᠠ ᠦᠪᠡᠷ᠎ᠤᠨ ᠬᠢᠨᠢ ᠤᠬᠠᠮᠰᠠᠷᠲᠤ ᠲᠦᠰᠢᠭᠯᠡᠨ ᠠᠯᠳᠠᠭ᠎ᠠ ᠳᠤᠲᠠᠭᠳᠠᠯ᠎ᠢ᠎ᠨᠢ ᠵᠠᠯᠠᠷᠠᠭᠤᠯᠬᠤ ᠵᠢᠨ ᠲᠦᠯᠤᠭᠡ ᠦᠭᠡᠷ᠎ᠠ ᠨᠢᠭᠡ ᠬᠡᠯᠪᠡᠷᠢ᠎ᠪᠠᠷ ᠦᠷ᠎ᠡ ᠬᠡᠤᠬᠡᠳ ᠵᠶ᠋ᠠᠨ ᠬᠦᠳᠤᠯᠤᠨ ᠵᠢᠯᠤᠭᠤᠳᠴᠤ᠂ ᠬᠦᠮᠤᠵᠢᠭᠦᠯᠤᠨ ᠰᠤᠷᠭ᠋ᠠᠬᠤ ᠵᠢ ᠵᠢᠭ᠋ᠠᠵᠤ ᠪᠡᠶ᠋ᠢᠭᠠ ᠶᠤᠮ᠃
ᠵᠠᠷᠢᠮ ᠥᠶ᠎ᠡ ᠵᠠᠷᠢᠮ ᠬᠡᠷᠡᠭ ᠤᠴᠢᠷ᠎ᠲᠤ ᠠᠭᠤᠴᠢᠯᠠᠭ᠍ᠤ ᠤᠪᠣᠷ ᠠᠪᠬᠤ᠎ᠨᠢ ᠠᠭᠤᠷᠯᠠᠵᠤ ᠤᠴᠠᠭ᠋ᠠᠷᠯᠠᠨ᠂ ᠠᠶᠤᠯᠭ᠋ᠠᠨ ᠰᠦᠷᠳᠡᠭᠦᠯᠬᠦ ᠪᠤᠶᠤ ᠪᠤᠷᠤᠭᠤᠰᠢᠶᠡᠨ ᠵᠢᠮᠡᠯᠡᠵᠤ᠂ ᠬᠠᠷᠢᠶᠠᠵᠤ ᠵᠦᠭᠡᠭᠡᠬᠦ᠂ ᠶᠠᠷᠢᠭ᠋ᠠᠳ ᠪᠠᠷᠠᠭ᠍ᠤ ᠦᠭᠡᠢ ᠬᠡᠯᠡᠭᠡᠳ ᠳᠠᠭᠤᠰᠬᠤ ᠦᠭᠡᠢ ᠪᠡᠶ᠋ᠢᠬᠤ᠎ᠠᠴᠠ ᠬᠤᠯᠠ ᠢᠯᠡᠭᠦᠦ ᠰᠤᠷᠭ᠋ᠠᠨ ᠬᠦᠮᠤᠵᠢᠬᠦᠯᠬᠦ ᠤᠶ᠋ᠢᠯᠡᠳᠤᠯ᠎ᠲᠠᠢ ᠪᠡᠶ᠋ᠢᠳᠠᠭ᠃ ᠶᠡᠷᠦ᠎ᠨᠢ ᠬᠡᠤᠬᠡᠳ᠎ᠲᠤ ᠠᠯᠳᠠᠭ᠎ᠠ ᠳᠤᠲᠠᠭᠳᠠᠯ᠎ᠤᠨ ᠳᠠᠩᠰᠠ ᠲᠡᠮᠳᠡᠭᠯᠡᠵᠦ᠂ ᠪᠠᠶ᠋ᠢᠨ ᠲᠠᠬᠢᠨ ᠬᠤᠣᠷ ᠰᠢᠷ᠎ᠠ ᠵᠢ᠎ᠨᠢ ᠮᠠᠯᠲᠠᠨ᠂ ᠦᠷᠬᠦᠯᠵᠢ ᠦᠰᠢᠯᠳᠤᠬᠦᠨᠢ ᠰᠤᠷᠭ᠋ᠠᠨ ᠬᠦᠮᠤᠵᠢᠬᠦᠯᠬᠦ ᠰᠡᠶ᠋ᠢᠨ ᠠᠷᠭ᠎ᠠ ᠪᠢᠰᠢ ᠶᠤᠮ᠃ ᠠ᠋ᠶ᠋ᠢᠮᠦ᠎ᠠᠴᠠ ᠡᠴᠢᠭᠡ ᠠ᠋ᠬᠡ ᠪᠤᠯᠤᠬᠰᠠᠳ ᠦᠪᠡᠷ᠎ᠤᠨ ᠪᠤᠯᠪᠠᠰᠤᠷᠠᠯ ᠵᠶ᠋ᠠᠨ ᠴᠢᠩᠭ᠋ᠠᠳᠬᠠᠬᠤ᠎ᠳᠤ᠎ᠪᠠᠨ ᠠᠭᠤᠴᠢᠯᠠᠭ᠍ᠤ ᠤᠬᠠᠮᠰᠠᠷ ᠵᠶ᠋ᠠᠨ ᠳᠡᠭᠡᠭᠰᠢᠯᠡᠭᠦᠯᠬᠦ᠎ᠠᠴᠠ ᠭᠠᠷᠳᠠᠵᠤ᠂ ᠬᠡᠤᠬᠡᠳ᠎ᠤᠨ ᠵᠶ᠋ᠠᠨ ᠠᠯᠳᠠᠭ᠎ᠠ ᠪᠤᠷᠤᠭᠤ ᠭᠠᠷᠭ᠋ᠠᠬᠤ ᠵᠢ ᠤᠬᠠᠮᠰᠠᠷ᠎ᠠᠴᠠ᠎ᠪᠠᠨ ᠠᠭᠤᠴᠢᠯᠠᠪᠠᠯ ᠵᠤᠬᠢᠨ᠎ᠡ᠃ ᠬᠡᠤᠬᠡᠳ ᠠᠯᠳᠠᠭ᠎ᠠ ᠳᠤᠲᠠᠭᠳᠠᠯ ᠭᠠᠷᠭ᠋ᠠᠬᠤ᠎ᠨᠢ ᠠᠶᠠᠨᠳᠠᠭ᠋ᠠᠨ᠎ᠤ ᠵᠡᠶ᠋ᠢᠯᠠᠰᠢ ᠦᠭᠡᠢ ᠴᠢᠨᠠᠷᠲᠡᠢ ᠪᠤᠯᠬᠤᠷ ᠭᠠᠶ᠋ᠢᠬᠠᠵᠤ ᠰᠤᠴᠢᠬᠰᠠᠨᠤ ᠬᠡᠷᠡᠭ ᠦᠭᠡᠢ᠂ ᠬᠠᠷᠢᠨ ᠯᠠᠪᠳᠠᠭᠤᠨ ᠲᠤᠬᠲᠠᠭᠤᠨ ᠵᠶ᠋ᠠᠷ ᠪᠤᠳᠠᠳᠤ ᠠᠰᠠᠭᠤᠳᠠᠯ᠎ᠳᠤ ᠬᠠᠨᠳᠤᠵᠤ᠂ ᠵᠦᠷᠢᠴᠡᠯ᠎ᠢ ᠵᠦᠪ ᠰᠢᠢ᠍ᠳᠪᠦᠷᠢᠯᠡᠬᠦ ᠬᠡᠷᠡᠭᠲᠡᠢ ᠪᠦᠭᠡᠳ ᠬᠡᠤᠬᠡᠳ᠎ᠤᠨ ᠠᠯᠳᠠᠭ᠎ᠠ ᠭᠠᠷᠭ᠋ᠠᠬᠤ ᠵᠢ ᠵᠦᠪᠰᠢᠶᠡᠷᠡᠬᠦ᠂ ᠠᠯᠳᠠᠭ᠎ᠠ᠎ᠪᠠᠨ ᠵᠠᠯᠠᠷᠠᠭᠤᠯᠵᠤ᠂ ᠠᠯᠳᠠᠭ᠎ᠠ᠎ᠪᠠᠨ ᠲᠠᠨᠢᠬᠤ ᠶᠠᠪᠤᠴᠠ ᠵᠢ ᠴᠤ᠌ ᠬᠦᠯᠢᠴᠡᠩᠬᠦᠢ᠎ᠪᠠᠷ ᠬᠦᠯᠢᠶᠡᠬᠦ ᠬᠡᠷᠡᠭᠲᠡᠢ᠂ ᠠ᠋ᠨᠡ ᠪᠣᠯ ᠠᠭᠤᠴᠢᠯᠠᠯ ᠮᠦᠨ᠃
ᠠᠭᠤᠴᠢᠯᠠᠯ ᠪᠣᠯ ᠨᠢᠭᠡ ᠵᠤᠶ᠋ᠢᠯ᠎ᠤᠨ ᠠ᠋ᠷᠬᠢᠮ ᠰᠡᠶ᠋ᠢᠠᠭᠨ ᠶᠤᠰᠤ ᠰᠤᠷᠲᠠᠭ᠍ᠤᠨ ᠪᠣᠯᠣᠨ᠎ᠡ᠃ ᠠ᠋ᠬᠦᠨ᠎ᠢ ᠦᠷᠭᠦᠯᠵᠢᠳᠡ ᠵᠢᠨ ᠪᠤᠯᠪᠠᠰᠤᠷᠠᠯ ᠵᠶ᠋ᠠᠷ ᠰᠡᠶᠢ ᠪᠤᠢ ᠪᠤᠯᠭ᠋ᠠᠵᠤ ᠴᠢᠳᠠᠨ᠎ᠡ᠃ ᠬᠡᠤᠬᠡᠳ᠎ᠤᠨ ᠭᠡᠨᠡᠳᠲᠡ᠎ᠪᠠᠷ ᠤᠶ᠋ᠢᠯᠡᠳᠤᠭ᠌ᠰᠡᠨ ᠪᠠᠯᠠᠢ ᠠᠵᠢᠯᠯᠠᠭ᠎ᠠ ᠵᠢ ᠠᠭᠤᠴᠢᠯᠠᠭ᠍ᠤ ᠮᠦᠷᠲᠡᠭᠡᠨ ᠠ᠋ᠩ᠎ᠤᠨ ᠥᠶ᠎ᠡ ᠵᠢᠨ ᠱᠠᠭ᠋ᠠᠷᠳᠠᠯᠭ᠎ᠠ ᠵᠢ ᠴᠢᠩᠭ᠋ᠠᠳᠬᠠᠬᠤ᠂ ᠠᠭᠤᠴᠢᠯᠠᠭ᠍ᠤ ᠪᠠ ᠴᠢᠩᠭ᠋ᠠᠳᠬᠠᠬᠤ ᠵᠢ ᠤᠶᠠᠯᠳᠤᠭᠤᠯᠬᠤ ᠭᠡᠷ ᠪᠦᠯᠢ ᠵᠢᠨ ᠰᠤᠷᠭ᠋ᠠᠨ ᠬᠦᠮᠣᠵᠢᠯ᠎ᠤᠨ ᠠᠷᠭ᠎ᠠ ᠵᠠᠷᠴᠢᠮ᠎ᠢ ᠰᠡᠶ᠋ᠢᠳᠤᠷ ᠭᠡᠷᠡᠭᠵᠢᠬᠦᠯᠬᠦ᠎ᠳᠤ ᠭᠡᠷ᠎ᠤᠨ ᠠᠬᠠᠮᠠᠳ᠎ᠤᠨ ᠲᠡᠪᠴᠢᠶᠡᠷᠢᠲᠡᠢ ᠪᠤᠯᠪᠠᠰᠤᠷᠠᠯ ᠲᠤᠩ ᠴᠢᠬᠤᠯᠠ ᠶᠤᠮ᠃ ᠵᠠᠷᠢᠮ ᠪᠤᠯᠪᠠᠰᠤᠷᠠᠯ ᠳᠤᠲᠠᠮᠠᠭ ᠭᠡᠷ᠎ᠤᠨ ᠠᠬᠠᠮᠠᠳ ᠦᠷ᠎ᠡ ᠬᠡᠤᠬᠡᠳ᠎ᠤᠨ ᠵᠶ᠋ᠠᠨ ᠭᠠᠷᠭ᠋ᠠᠬᠰᠠᠨ ᠠᠯᠳᠠᠭ᠎ᠠ᠎ᠳᠤ ᠪᠠᠴᠢᠮᠳᠠᠨ ᠰᠠᠨᠳᠤᠷᠴᠤ᠂ ᠪᠠᠯᠢᠲᠠᠨ ᠰᠠᠮᠠᠭ᠋ᠠᠷᠳᠠᠵᠥ᠂ ᠠᠶᠤᠨ ᠠ᠋ᠮᠢᠶᠡᠬᠦ ᠪᠤᠶᠤ ᠴᠢᠨᠠᠭᠰᠢᠯᠠᠪᠠᠯ ᠬᠡᠤᠬᠡᠳ ᠵᠶ᠋ᠠᠨ ᠠᠪᠤᠷᠠᠰᠢ ᠦᠭᠡᠢ ᠬᠡᠮᠵᠢᠶᠡᠨ᠎ᠳᠤ ᠬᠦᠷᠤᠭ᠌ᠰᠡᠨ ᠵᠶ᠋ᠠᠷ ᠪᠤᠳᠤᠵᠤ᠂ ᠠᠭᠤᠴᠢᠯᠠᠭ᠍ᠤ ᠪᠤᠳᠤᠯ ᠤᠷᠤᠬᠤ ᠦᠭᠡᠢ ᠪᠡᠶ᠋ᠢᠳᠠᠭ᠃ ᠢᠩᠬᠢᠭᠦ᠎ᠨᠢ ᠬᠡᠤᠬᠡᠳ᠎ᠢ ᠠᠯᠪᠠ᠎ᠪᠠᠷ ᠪᠤᠷᠤᠭᠤ ᠵᠠᠮ᠎ᠳᠤ ᠲᠦᠯᠬᠢᠨ ᠤᠷᠤᠭᠤᠯᠵᠣ᠂ ᠠᠮᠢ ᠨᠠᠰᠤᠨ᠎ᠳᠤ᠎ᠨᠢ ᠴᠤ᠌ ᠠᠶᠤᠯ ᠤᠴᠠᠷᠠᠭᠤᠯᠳᠠᠭ ᠶᠤᠮ᠃
ᠬᠤᠶᠠᠷ᠂ ᠭᠡᠷ ᠪᠦᠯᠢ ᠵᠢᠨ ᠰᠤᠷᠭ᠋ᠠᠨ ᠭᠦᠮᠦᠵᠢᠯ᠎ᠤᠨ ᠠᠴᠢ ᠬᠤᠯᠪᠣᠭᠳᠠᠯ
ᠭᠡᠷ᠎ᠤᠨ ᠠᠬᠠᠮᠠᠳ᠎ᠤᠨ ᠭᠡᠤᠭᠡᠳ᠎ᠲᠤ ᠦᠵᠡᠭᠦᠯᠭᠦ ᠨᠦᠯᠦᠭᠡ ᠦᠢ᠍ᠯᠠᠳᠤᠯ ᠲᠤᠩ ᠶᠡᠭᠡ ᠪᠠᠢ᠍ᠢ᠍ᠳᠠᠬ᠃ ᠠ᠋ᠶ᠋ᠢᠮᠦ᠎ᠠᠴᠠ ᠡᠴᠢᠭᠡ ᠠ᠋ᠬᠡ ᠪᠤᠯᠤᠬᠰᠠᠳ ᠠ᠋ᠷᠬᠡᠪᠰᠢ ᠬᠡᠤᠬᠡᠳ᠎ᠲᠤ᠎ᠪᠠᠨ ᠬᠠᠷᠢᠭᠤᠴᠠᠭ᠍ᠤ᠂ ᠭᠡᠷ ᠪᠦᠯᠢ᠎ᠳᠤ᠎ᠪᠠᠨ ᠬᠠᠷᠢᠭᠤᠴᠠᠭ᠍ᠤ᠂ ᠨᠡᠶ᠋ᠢᠬᠡᠮ᠎ᠳᠤ ᠬᠠᠷᠢᠭᠤᠴᠠᠭ᠍ᠤ᠂ ᠤᠯᠤᠰ ᠦᠨᠳᠤᠰᠤᠲᠠᠨᠳᠤᠪᠠᠨ ᠬᠠᠷᠢᠭᠤᠴᠠᠭ᠍ᠤ ᠳᠡᠭᠡᠳᠤ ᠬᠡᠮᠵᠢᠶᠡᠨ᠎ᠤ ᠬᠠᠷᠢᠭᠤᠴᠠᠯᠭ᠋ᠠᠳᠤ ᠰᠡᠳᠬᠢᠯᠭᠡ ᠵᠢ ᠡᠪᠦᠷᠯᠡᠨ᠂ ᠦᠷ᠎ᠡ ᠬᠡᠤᠬᠡᠳ ᠵᠶ᠋ᠠᠨ ᠰᠡᠶ᠋ᠢᠳᠤᠷ ᠬᠦᠮᠤᠵᠢᠬᠦᠯᠬᠦ ᠠ᠋ᠭᠦᠷᠭᠡ ᠬᠠᠷᠢᠭᠤᠴᠠᠯᠭ᠎ᠠ᠎ᠪᠠᠨ ᠠ᠋ᠭᠦᠷᠭᠡᠯᠡᠨ ᠠᠪᠴᠥ᠂ ᠠ᠋ᠳᠤᠷ ᠳᠤᠳᠤᠮ᠎ᠤᠨ ᠠᠵᠥ ᠠᠮᠢᠳᠤᠷᠠᠯ ᠠᠵᠢᠯ ᠰᠤᠷᠤᠯᠭ᠎ᠠ ᠵᠢᠨ ᠲᠤᠮᠲᠠ᠎ᠪᠠᠨ ᠪᠤᠳᠠᠲᠡᠢ ᠬᠡᠷᠡᠭᠵᠢᠭᠦᠯᠭᠦ ᠶᠤᠰᠤᠲᠡᠢ᠃ ᠦᠷ᠎ᠡ ᠬᠡᠤᠬᠡᠳ ᠵᠶ᠋ᠠᠨ ᠰᠡᠶ᠋ᠢᠳᠤᠷ ᠬᠦᠮᠤᠵᠢᠭᠦᠯᠭᠦ ᠪᠣᠯ ᠬᠤᠪᠢ ᠬᠦᠮᠤᠨ᠎ᠤ ᠯᠡ ᠠᠵᠢᠯ ᠲᠡᠳᠤᠢ ᠪᠢᠰᠢ᠂ ᠬᠠᠷᠢᠨ ᠤᠯᠤᠰ ᠦᠨᠳᠤᠰᠤᠲᠠᠨ᠎ᠤ ᠠᠯᠤᠰ ᠢᠷᠡᠭᠡᠳᠤᠢ ᠪᠠ ᠨᠡᠶ᠋ᠢᠭᠡᠮ ᠲᠡᠤᠬᠡ ᠵᠢᠨ ᠬᠦᠭᠵᠢᠯᠲᠡ ᠲᠠᠪᠰᠢᠯᠲᠠ᠎ᠲᠠᠢ ᠬᠤᠯᠪᠤᠬᠳᠠᠭ᠍ᠤ ᠶᠡᠭᠡ ᠤᠴᠢᠷ ᠪᠣᠯᠤᠨ᠎ᠡ᠃ ᠬᠡᠤᠬᠡᠳ ᠵᠶ᠋ᠠᠨ ᠰᠡᠶ᠋ᠢᠨ ᠬᠦᠮᠥᠵᠢᠭᠦᠯᠬᠦ ᠦᠭᠡᠢ ᠪᠣᠯ ᠭᠡᠷ ᠪᠦᠯᠢ ᠵᠢᠨ ᠬᠤᠬᠢᠷᠡᠯ ᠲᠡᠳᠤᠢ ᠪᠢᠰᠢ᠂ ᠮᠦᠨ ᠴᠦ᠍ ᠤᠯᠤᠰ ᠦᠨᠳᠤᠰᠤᠲᠡᠡᠤ ᠬᠤᠬᠢᠷᠡᠯ ᠪᠣᠯᠬᠤ ᠶᠤᠮ᠃ ᠠ᠋ᠶ᠋ᠢᠮᠦ᠎ᠠᠴᠠ ᠭᠡᠷ ᠪᠦᠯᠢ ᠵᠢᠨ ᠬᠦᠮᠤᠵᠢᠯ᠎ᠳᠤ ᠵᠠᠪᠠᠯ ᠬᠠᠷᠢᠭᠤᠴᠠᠯᠭ᠋ᠠᠳᠤ ᠣᠪᠤᠷ ᠵᠶ᠋ᠠᠷ ᠬᠠᠨᠳᠤᠮᠠᠨᠵᠢᠨ ᠰᠡᠶᠢ ᠴᠠᠭ ᠦᠷᠭᠦᠯᠵᠢ ᠤᠴᠢᠷ ᠪᠤᠯᠭ᠋ᠠᠨ᠎ᠳᠤ ᠦᠪᠡᠷ᠎ᠢ᠎ᠪᠠᠨ ᠴᠢᠩᠭ᠎ᠠ ᠱᠠᠭ᠋ᠠᠷᠳᠠᠵᠤ᠂ ᠦᠪᠡᠷ᠎ᠤᠨ ᠪᠤᠯᠪᠠᠰᠤᠷᠠᠯ ᠵᠶ᠋ᠠᠨ ᠴᠢᠩᠭ᠋ᠠᠳᠬᠠᠵᠤ᠂ ᠦᠷ᠎ᠡ ᠬᠡᠤᠬᠡᠳ ᠵᠶ᠋ᠠᠨ ᠰᠡᠶ᠋ᠢᠳᠤᠷ ᠬᠦᠮᠥᠵᠢᠭᠦᠯᠬᠦ ᠠ᠋ᠭᠦᠷᠭᠡ᠎ᠪᠠᠨ ᠠᠮᠵᠢᠯᠲᠠ ᠳᠡᠭᠦᠯᠲᠡᠷ ᠪᠡᠶᠡᠯᠡᠭᠦᠯᠵᠤ ᠴᠢᠳᠠᠨ᠎ᠡ᠃
ᠯᠠᠷᠵᠢᠶ᠎ᠠ ᠶᠠᠮᠪᠠ᠎ᠪᠠᠨ ᠲᠠᠶᠠᠭᠳᠠᠵᠤ᠂ ᠦᠷ᠎ᠡ ᠬᠡᠤᠬᠡᠳ᠎ᠲᠤ᠎ᠪᠠᠨ ᠬᠠᠨᠳᠤᠬᠤ ᠣᠪᠤᠷ ᠵᠶ᠋ᠠᠨ ᠰᠡᠶ᠋ᠢᠵᠢᠷᠠᠭᠤᠯᠬᠤ ᠪᠣᠯ ᠭᠡᠷ᠎ᠤᠨ ᠠᠬᠠᠮᠠᠳ ᠪᠤᠯᠤᠬᠰᠠᠳ᠎ᠤᠨ ᠣᠪᠣᠷ ᠰᠤᠷᠲᠠᠯ᠎ᠤᠨ ᠪᠤᠯᠪᠠᠰᠤᠷᠠᠯ᠎ᠤᠨ ᠪᠠᠰᠠ ᠨᠢᠭᠡᠨ ᠴᠢᠬᠤᠯᠠ ᠠᠭᠤᠯᠭ᠎ᠠ ᠪᠣᠯᠤᠨ᠎ᠡ᠃ ᠵᠠᠷᠢᠮ ᠭᠡᠷ᠎ᠤᠨ ᠠᠬᠠᠮᠠᠳ ᠦᠷ᠎ᠡ ᠬᠡᠤᠬᠡᠳ ᠵᠶ᠋ᠠᠨ ᠬᠤᠪᠢ ᠵᠢᠨ ᠥᠮᠴᠢ ᠭᠡᠵᠤ ᠦᠵᠡᠭᠡᠳ ᠪᠢᠳᠠ ᠶᠠᠭᠤ ᠭᠡᠵᠤ ᠬᠡᠯᠡᠪᠡᠯ ᠬᠡᠤᠬᠡᠳ ᠳᠡᠬᠡᠵᠤ ᠬᠢᠬᠦ ᠶᠤᠰᠤᠲᠡᠢ᠂ ᠪᠢᠳᠠ ᠶᠠᠭᠤ ᠰᠤᠷ ᠭᠡᠪᠡᠯ ᠬᠡᠤᠬᠡᠳ ᠲᠡᠬᠦᠨ᠎ᠢ ᠯᠠ ᠰᠤᠷᠬᠤ ᠬᠡᠷᠡᠭᠲᠡᠢ ᠭᠡᠵᠤ ᠪᠤᠳᠤᠵᠤ ᠪᠡᠶ᠋ᠢᠳᠠᠭ᠃ ᠠ᠋ᠨᠡ᠎ᠨᠢ ᠹᠸᠣᠳᠠᠯ᠎ᠤᠨ ᠡᠪᠦᠭᠡ ᠶᠤᠰᠤᠨ᠎ᠤ ᠳᠦᠷᠢᠮ᠎ᠤᠨ ᠦᠯᠡᠳᠡᠭᠳᠡᠯ ᠭᠡᠷ᠎ᠤᠨ ᠠᠬᠠᠮᠠᠳ᠎ᠤᠨ ᠲᠠᠷᠢᠬᠢ ᠲᠤᠯᠤᠭ᠋ᠠᠢ᠎ᠳᠤ ᠮᠦᠨ ᠴᠦ᠍ ᠭᠠᠵᠠᠷ ᠡᠵᠡᠯᠡᠭᠰᠡᠭᠡᠷ ᠪᠡᠶ᠋ᠢᠭᠠ ᠵᠢ ᠬᠠᠷᠠᠭᠤᠯᠵᠤ ᠪᠡᠶ᠋ᠢᠨᠡ᠃ ᠭᠡᠷ᠎ᠤᠨ ᠠᠬᠠᠮᠠᠳᠴᠤᠳ ᠣᠪᠤᠷ ᠰᠤᠷᠲᠠᠯ ᠵᠶ᠋ᠠᠨ ᠵᠠᠪᠠᠯ ᠰᠡᠶ᠋ᠢᠵᠢᠷᠠᠭᠤᠯᠬᠤ ᠬᠡᠷᠡᠭᠲᠡᠢ ᠭᠡᠳᠡᠭ ᠪᠣᠯ ᠲᠠᠷᠤᠢ ᠠ᠋ᠶ᠋ᠢᠮᠤᠷᠭᠦᠤ ᠠ᠋ᠷᠬᠡ ᠲᠡᠭᠰᠢ ᠪᠤᠰᠤ ᠣᠪᠣᠷ ᠰᠤᠷᠲᠠᠯ᠎ᠢ ᠦᠭᠡᠷᠡᠴᠢᠯᠠᠨ᠂ ᠣᠨᠴᠠ ᠠ᠋ᠷᠬᠡ ᠵᠢᠨ ᠦᠵᠡᠯ᠎ᠢ ᠢᠯᠠᠨ ᠲᠠᠪᠠᠵᠤ᠂ ᠭᠡᠷ᠎ᠤᠨ ᠠᠬᠠᠮᠠᠳ᠎ᠤᠨ ᠯᠠᠷᠵᠢᠶ᠎ᠠ ᠶᠠᠮᠪᠠ ᠰᠦᠷ ᠰᠤᠷᠲᠤᠭᠤ᠎ᠪᠠᠨ ᠲᠠᠶᠠᠭᠳᠠᠨ ᠦᠷ᠎ᠡ ᠬᠡᠤᠬᠡᠳ᠎ᠲᠠᠢ᠎ᠪᠠᠨ ᠠ᠋ᠷᠬᠡ ᠲᠡᠭᠰᠢ ᠣᠪᠤᠷ ᠵᠶ᠋ᠠᠷ ᠬᠠᠷᠢᠯᠴᠠᠵᠤ᠂ ᠲᠡᠳᠡᠨ᠎ᠲᠠᠢ ᠨᠡᠶ᠋ᠢᠵᠠ ᠨᠦᠬᠦᠳ᠎ᠤᠨ ᠬᠠᠷᠢᠴᠠᠭ᠎ᠠ ᠵᠢ ᠪᠠᠢ᠍ᠢ᠍ᠭᠤᠯᠵᠤ᠂ ᠦᠪᠡᠷ᠎ᠤᠨ ᠳᠡᠭᠡᠳᠤ ᠬᠡᠮᠵᠢᠶᠡᠨ᠎ᠤ ᠪᠤᠯᠪᠠᠰᠤᠷᠠᠯ ᠵᠶ᠋ᠠᠷ ᠵᠶ᠋ᠠᠨ ᠦᠷ᠎ᠡ ᠬᠡᠤᠬᠡᠳ᠎ᠤᠨ ᠵᠶ᠋ᠠᠨ ᠬᠠᠶ᠋ᠢᠷ᠎ᠠ ᠬᠦᠨᠳᠤᠳᠭᠡᠯ᠎ᠢ ᠣᠯᠬᠤ ᠵᠢ ᠵᠢᠭ᠋ᠠᠵᠤ ᠪᠣᠢ᠃ ᠢᠩᠬᠢᠪᠡᠯ ᠰᠡᠶᠢ ᠦᠷ᠎ᠡ ᠬᠡᠤᠬᠡᠳ ᠴᠢᠨᠢ ᠦᠭᠡ ᠨᠣᠮ ᠵᠶ᠋ᠠᠷ ᠶᠠᠪᠤᠵᠤ᠂ ᠭᠡᠷ ᠪᠦᠯᠢ ᠵᠢᠨ ᠰᠤᠷᠭ᠋ᠠᠨ ᠬᠦᠮᠤᠵᠢᠯ᠎ᠤᠨ ᠠᠮᠵᠢᠯᠲᠠ᠎ᠲᠠᠢ ᠶᠠᠪᠤᠬᠳᠠᠭ᠍ᠤᠳᠤ ᠴᠢᠬᠤᠯᠠ ᠨᠢᠭᠡᠨ ᠨᠦᠭᠦᠴᠠᠯᠢ ᠪᠦᠷᠢᠯᠳᠤᠭᠦᠯᠵᠤ ᠥᠭᠭᠦᠭᠰᠡᠨ᠎ᠳᠤ ᠲᠤᠭ᠋ᠠᠴᠠᠭᠳᠠᠨᠡ᠃
ᠭᠡᠷ᠎ᠤᠨ ᠠᠬᠠᠮᠠᠳ᠎ᠤᠨ ᠪᠤᠯᠪᠠᠰᠤᠷᠠᠯ᠎ᠳᠤ ᠠᠯᠤᠰ᠎ᠤᠨ ᠬᠦᠰᠡᠯᠡᠩ᠂ ᠬᠤᠯᠠ ᠵᠢᠨ ᠵᠣᠷᠢᠯᠲᠠ᠂ ᠨᠡᠶ᠋ᠢᠭᠡᠮ᠎ᠤᠨ ᠠᠮᠢᠳᠤᠷᠠᠯ᠎ᠤᠨ ᠦᠵᠡᠯᠲᠡ᠂ ᠢᠳᠡᠪᠬᠢᠲᠡᠢ ᠦᠭᠡᠳᠡᠯᠡᠬᠦ ᠵᠣᠷᠢᠭ ᠰᠠᠨᠠᠭ᠎ᠠ᠂ ᠠ᠋ᠷᠬᠢᠮ ᠳᠡᠭᠡᠳᠤ ᠶᠤᠰᠤ ᠰᠤᠷᠲᠠᠭ᠍ᠤᠨ ᠵᠡᠷᠭᠡ ᠬᠡᠳᠦᠨ ᠲᠠᠯ᠎ᠠ ᠵᠢᠨ ᠪᠤᠯᠪᠠᠰᠤᠷᠠᠯ᠎ᠢ ᠪᠠᠭᠲᠠᠭ᠋ᠠᠨ᠎ᠠ᠃ ᠭᠡᠷ᠎ᠤᠨ ᠠᠬᠠᠮᠠᠳ ᠠ᠋ᠷᠬᠡᠪᠰᠢ ᠦᠵᠡᠯ ᠰᠠᠨᠠᠭ᠎ᠠ ᠠ᠋ᠷᠡᠬᠦᠯ ᠰᠠᠷᠠᠭᠤᠯ᠂ ᠠᠯᠤᠰ᠎ᠤᠨ ᠬᠦᠰᠡᠯᠡᠩ ᠬᠤᠯᠠ ᠵᠢᠨ ᠵᠤᠷᠢᠯᠲᠠ ᠲᠤᠳᠤᠷᠬᠠᠢ᠂ ᠶᠢᠷᠲᠢᠨᠴᠦ ᠵᠢᠨ ᠦᠵᠡᠯᠲᠡ᠂ ᠠᠮᠢᠳᠤᠷᠠᠬᠤᠢ ᠵᠢᠨ ᠦᠵᠡᠯᠲᠡ ᠵᠦᠪ᠂ ᠴᠠᠭ ᠥᠶ᠎ᠡ᠎ᠠᠴᠠ ᠬᠤᠴᠤᠷᠬᠤ ᠦᠭᠡᠢ ᠢᠳᠡᠪᠬᠢᠲᠡᠢ ᠦᠭᠡᠳᠡᠯᠡᠬᠦ ᠵᠣᠷᠢᠭ ᠰᠠᠨᠠᠭ᠎ᠠ᠂ ᠬᠡᠪ ᠴᠢᠨᠠᠷ᠎ᠤᠨ ᠪᠤᠯᠪᠠᠰᠤᠷᠠᠯ᠎ᠲᠠᠢ ᠪᠡᠶ᠋ᠢᠬᠤ ᠭᠡᠷᠡᠭᠳᠠᠢ᠃
ᠵᠠᠬ᠎ᠠ ᠳᠡᠯᠭᠡᠬᠦᠷ᠎ᠤᠨ ᠠᠵᠤ ᠠᠬᠤᠢ ᠵᠢᠨ ᠴᠠᠭ ᠥᠶ᠎ᠡ᠎ᠳᠤ ᠭᠡᠷ᠎ᠤᠨ ᠠᠬᠠᠮᠠᠳ᠎ᠤᠨ ᠦᠵᠡᠯ ᠰᠠᠨᠠᠭ᠎ᠠ᠂ ᠬᠡᠪ ᠴᠢᠨᠠᠷ᠎ᠨᠢ ᠠᠮᠢᠳᠤᠷᠠᠯ᠎ᠤᠨ ᠦᠵᠡᠯᠲᠡ᠂ ᠦᠷᠲᠡᠭ᠎ᠤᠨ ᠦᠵᠡᠯᠲᠡ᠎ᠪᠠᠷ ᠳᠤᠰᠬᠠᠯ ᠵᠶ᠋ᠠᠨ ᠣᠯᠳᠠᠭ᠃ ᠵᠠᠷᠢᠮ ᠭᠡᠷ᠎ᠤᠨ ᠠᠬᠠᠮᠠᠳ ᠠᠵᠢᠯᠴᠢ ᠠᠷᠪᠢᠴᠢ᠎ᠪᠠᠷ ᠠᠮᠢᠳᠤᠷᠠᠵᠤ᠂ ᠠᠷᠪᠢᠯᠠᠭᠰᠠᠨ ᠵᠤᠭᠤᠰ ᠮᠦᠩᠭᠦ᠎ᠪᠠᠨ 《ᠬᠦᠰᠡᠯᠡᠩ᠎ᠤᠨ ᠢᠨᠵᠸᠨ᠋ᠸᠷᠢᠩ》᠎ᠳᠤ ᠲᠤᠰᠢᠶᠠᠵᠤ᠂ ᠰᠤᠷᠤᠯᠭ᠎ᠠ ᠠᠯᠳᠠᠭᠰᠠᠨ ᠬᠡᠤᠬᠡᠳ᠎ᠢ ᠬᠠᠯᠠᠮᠵᠢᠯᠠᠨ ᠬᠠᠪᠰᠤᠷᠴᠤ ᠪᠡᠶ᠋ᠢᠬᠤ᠎ᠳᠤ᠂ ᠵᠠᠷᠢᠮ ᠭᠡᠷ᠎ᠤᠨ ᠠᠬᠠᠮᠠᠳ ᠭᠠᠷ᠎ᠲᠤ᠎ᠪᠠᠨ ᠵᠤᠭᠤᠰ ᠮᠦᠩᠭᠦ᠎ᠲᠠᠢ ᠪᠣᠯᠣᠮᠠᠭᠴᠠ ᠠᠵᠢᠯᠴᠢ ᠠᠷᠪᠢᠴᠢ᠎ᠪᠠᠷ ᠠᠵᠤ ᠲᠦᠷᠤᠬᠦ᠂ ᠰᠢᠷᠭ᠋ᠠᠭᠤ ᠬᠠᠳᠠᠭᠤᠵᠢᠯᠲᠠᠢ ᠲᠡᠮᠡᠴᠡᠬᠦ᠂ ᠪᠤᠰᠤᠳ᠎ᠢ ᠲᠤᠰᠠᠯᠠᠨ ᠲᠡᠮᠵᠢᠬᠦ᠂ ᠠᠷᠠᠳ ᠲᠦᠮᠡᠨ᠎ᠳᠤ ᠠᠰᠢᠬᠲᠡᠢ ᠠᠵᠢᠯ ᠬᠢᠬᠦ ᠵᠡᠷᠭᠡ ᠵᠢ ᠪᠦᠷᠢᠮᠦᠰᠦᠨ ᠮᠠᠷᠲᠠᠴᠢᠬᠠᠳᠠᠭ᠃ ᠵᠠᠷᠢᠮ᠎ᠨᠢ ᠪᠠᠶᠠᠨ ᠬᠦᠮᠤᠨ᠎ᠤ ᠯᠠᠷᠵᠢᠶ᠎ᠠ ᠶᠠᠮᠪᠠ ᠲᠠᠲᠠᠵᠤ᠂ ᠮᠦᠩᠭᠦ ᠵᠤᠭᠤᠰ ᠵᠶ᠋ᠠᠨ ᠭᠠᠶ᠋ᠢᠬᠠᠭᠤᠯᠤᠨ ᠢᠳᠡᠵᠤ ᠤᠤᠭᠤᠨ ᠪᠦᠷᠢᠯᠭᠡᠨ ᠰᠤᠶ᠋ᠢᠳᠬᠡᠵᠤ᠂ ᠪᠤᠰᠤᠳ᠎ᠤᠨ ᠨᠡᠶ᠋ᠢᠭᠡᠮ᠎ᠳᠤ ᠠᠰᠢᠬᠲᠡᠢ ᠠᠵᠢᠯ ᠬᠢᠬᠦ ᠵᠢ 《ᠠ᠋ᠷᠬᠢᠬᠦᠤ ᠲᠡᠨᠡᠭ》᠂ 《ᠨᠡᠷ᠎ᠡ ᠭᠠᠷᠬᠤ ᠵᠢᠨ ᠲᠦᠯᠤᠭᠡ》᠂ 《ᠪᠡᠶ᠎ᠡ᠎ᠪᠠᠨ ᠭᠠᠶ᠋ᠢᠬᠠᠭᠤᠯᠬᠤ ᠵᠢᠨ ᠲᠦᠯᠤᠭᠡ》 ᠭᠡᠬᠦ ᠮᠡᠳᠤ᠎ᠪᠠᠷ ᠳᠠᠭ᠋ᠠᠷᠢᠨ ᠶᠤᠵᠤᠯᠠᠵᠤ ᠪᠡᠶ᠋ᠢᠳᠠᠭ᠃ ᠠ᠋ᠳᠡᠭᠡᠷ ᠦᠵᠡᠭᠳᠡᠯ᠎ᠳᠤ ᠭᠡᠷ᠎ᠤᠨ ᠠᠬᠠᠮᠠᠳ᠎ᠤᠨ ᠦᠵᠡᠯ ᠰᠠᠨᠠᠭ᠎ᠠ᠂ ᠬᠡᠪ ᠴᠢᠨᠠᠷ᠎ᠤᠨ ᠪᠤᠯᠪᠠᠰᠤᠷᠠᠯ᠎ᠤᠨ ᠬᠢᠷᠢ ᠬᠡᠮᠵᠢᠶ᠎ᠡ ᠲᠤᠳᠤᠷᠬᠠᠢ ᠳᠤᠰᠬᠠᠬᠳᠠᠵᠤ ᠪᠡᠶ᠋ᠢᠭᠠ ᠶᠤᠮ᠃ ᠡ᠊ᠨᠡ ᠬᠦ᠌ ᠲᠠᠯ᠎ᠠ ᠵᠢᠨ ᠪᠤᠯᠪᠠᠰᠤᠷᠠᠯ ᠲᠤᠲᠠᠮᠠᠭ ᠬᠦᠮᠤᠰ ᠦᠷ᠎ᠡ ᠬᠡᠤᠬᠡᠳ ᠵᠶ᠋ᠠᠨ ᠬᠦᠮᠤᠵᠢᠭᠦᠯᠵᠤ᠂ ᠨᠡᠶ᠋ᠢᠭᠡᠮ ᠨᠡᠶ᠋ᠢᠲᠡ᠎ᠳᠤ ᠠᠰᠢᠬᠲᠡᠢ ᠬᠦᠮᠤᠨ ᠪᠤᠯᠭ᠋ᠠᠨᠡ ᠭᠡᠳᠡᠭ ᠪᠣᠯ ᠰᠡᠳᠬᠢᠭᠳᠡᠰᠢ ᠦᠭᠡᠢ ᠬᠡᠷᠡᠭ ᠶᠤᠮ᠃
ᠵᠠᠷᠢᠮ ᠭᠡᠷ᠎ᠤᠨ ᠠᠬᠠᠮᠠᠳ ᠰᠤᠶᠤᠯ ᠳᠣᠷᠤᠢ᠂ ᠬᠡᠤᠬᠡᠳ ᠵᠶ᠋ᠠᠨ ᠬᠦᠮᠤᠵᠢᠭᠦᠯᠭᠦᠳᠤᠪᠠᠨ ᠭᠤᠤᠯ ᠴᠢᠬᠤᠯᠠ ᠵᠤᠶ᠋ᠢᠯ᠎ᠢ ᠣᠯᠵᠦ ᠬᠡᠯᠡᠬᠦ ᠦᠭᠡᠢ ᠭᠡᠳᠡᠭ ᠵᠶ᠋ᠠᠷ ᠰᠢᠯᠲᠠᠭ ᠵᠢᠭ᠋ᠠᠵᠤ᠂ ᠭᠡᠷ ᠪᠦᠯᠢ ᠵᠢᠨ ᠰᠤᠷᠭ᠋ᠠᠨ ᠬᠦᠮᠤᠵᠢᠯ᠎ᠢ ᠬᠠᠢ᠍ᠢ᠍ᠨ᠎ᠳᠤᠨᠢ ᠬᠠᠶᠠᠳᠠᠭ᠃ ᠠ᠋ᠶ᠋ᠢᠮᠦ᠎ᠠᠴᠠ ᠭᠡᠷ᠎ᠤᠨ ᠠᠬᠠᠮᠠᠳ᠎ᠲᠤ ᠠᠪᠴᠤ ᠬᠡᠯᠡᠪᠡᠯ ᠰᠤᠷᠤᠯᠴᠠᠯᠭ᠎ᠠ᠎ᠳᠤ ᠦᠷᠭᠦᠯᠵᠢ ᠤᠷᠤᠯᠴᠠᠬᠤ ᠪᠣᠯ ᠲᠤᠯᠭ᠋ᠠᠮ ᠱᠠᠭ᠋ᠠᠷᠳᠠᠯᠭ᠎ᠠ ᠪᠣᠯᠣᠭ᠋ᠠᠳ ᠪᠤᠢ᠃
ᠤᠳᠤᠬᠠᠨ᠎ᠳᠤ ᠭᠡᠷ ᠪᠦᠯᠢ ᠵᠢᠨ ᠰᠤᠷᠭ᠋ᠠᠨ ᠬᠦᠮᠤᠵᠢᠯ᠎ᠤᠨ ᠲᠤᠬᠠᠢ ᠨᠣᠮ ᠰᠡᠳᠬᠦᠯ ᠲᠤᠩ ᠤᠯᠠᠨ᠂ ᠠᠯᠢ ᠨᠢᠭᠡ ᠵᠢ᠎ᠨᠢ ᠠᠪᠤᠭ᠋ᠠᠳ ᠤᠩᠰᠢᠬᠰᠡᠨ ᠴᠤ᠌ ᠴᠦᠮ ᠵᠤᠬᠢᠬᠤ ᠰᠡᠩᠭᠡᠷᠡᠭᠦᠯᠤᠯ ᠣᠯᠵᠤ ᠪᠤᠯᠬᠤ ᠶᠤᠮ᠃ ᠵᠤᠭᠤᠰ᠎ᠲᠠᠢ ᠪᠤᠯᠵᠣ ᠴᠠᠭ ᠤᠯᠳᠠᠪᠠᠯ ᠠᠷᠢᠬᠢ ᠤᠤᠭᠤᠨ ᠨᠠᠭ᠋ᠠᠳᠤᠮ ᠨᠠᠭ᠋ᠠᠳᠤᠬᠰᠠᠨᠢ ᠪᠤᠳᠤᠪᠠᠯ ᠨᠣᠮ ᠰᠡᠳᠬᠦᠯ ᠢᠯᠡᠭᠦᠭᠡᠨ ᠬᠤᠳᠠᠯᠳᠤᠨ ᠠᠪᠴᠥ ᠤᠶᠣᠨᠤ ᠬᠦᠭᠵᠢᠯᠲᠡ᠎ᠳᠤ ᠪᠡᠯᠡ ᠤᠷᠤᠭᠤᠯᠬᠤ᠎ᠨᠢ ᠨᠡᠶ᠋ᠢᠭᠡᠮ ᠨᠡᠶ᠋ᠢᠲᠡ᠎ᠳᠤ ᠠᠰᠢᠬᠲᠡᠢᠪᠠᠷ ᠪᠠᠷᠠᠭ᠍ᠤ ᠦᠭᠡᠢ ᠬᠤᠪᠢ ᠪᠡᠶ᠎ᠡ᠎ᠳᠤ ᠴᠤ᠌ ᠠᠰᠢᠬᠲᠡᠢ ᠪᠡᠶ᠋ᠢᠵᠤ᠂ ᠠᠮᠢ ᠨᠠᠰᠤᠨ᠎ᠤ ᠦᠨ᠎ᠡ ᠦᠷᠲᠡᠭ᠎ᠢ ᠴᠤ᠌ ᠳᠡᠭᠡᠭᠰᠢᠯᠡᠭᠦᠯᠵᠦ ᠲᠡᠶ᠋ᠢᠯᠤᠨᠡ᠃
ᠭᠡᠷ᠎ᠤᠨ ᠠᠬᠠᠮᠠᠳ᠎ᠤᠨ ᠰᠤᠷᠤᠯᠴᠠᠯᠭ᠎ᠠ᠎ᠨᠢ ᠬᠡᠤᠬᠡᠳ᠎ᠢ ᠲᠤᠩ ᠶᠡᠭᠡ᠎ᠪᠠᠷ ᠨᠦᠯᠤᠭᠡᠯᠡᠳᠡᠭ᠃ ᠭᠡᠷ᠎ᠤᠨ ᠠᠬᠠᠮᠠᠳ ᠰᠤᠷᠤᠯᠴᠠᠭ᠍ᠤ ᠲᠤᠷᠠᠲᠡᠢ ᠪᠡᠶ᠋ᠢᠪᠠᠯ ᠦᠷ᠎ᠡ ᠬᠡᠤᠬᠡᠳ᠎ᠤᠨ ᠵᠶ᠋ᠠᠨ ᠰᠤᠷᠤᠯᠭ᠎ᠠ ᠵᠢᠨ ᠦᠯᠢᠭᠡᠷ ᠳᠠᠭᠤᠷᠢᠶᠠᠯ ᠪᠣᠯᠬᠤ᠎ᠪᠠᠷ ᠪᠠᠷᠠᠭ᠍ᠤ ᠦᠭᠡᠢ ᠬᠡᠤᠬᠡᠳ᠎ᠤᠨ ᠵᠶ᠋ᠠᠨ ᠬᠢᠴᠢᠶᠡᠯ ᠰᠤᠷᠤᠯᠭ᠎ᠠ ᠵᠢ ᠬᠠᠪᠰᠤᠷᠤᠨ ᠵᠢᠯᠤᠭᠤᠳᠬᠤ᠎ᠳᠤ ᠴᠤ᠌ ᠳᠦᠬᠦᠮ ᠶᠤᠮ᠃ ᠬᠡᠤᠬᠡᠳ ᠮᠡᠳᠡᠯᠭᠡ ᠵᠢ ᠰᠢᠮᠲᠡᠨ ᠰᠤᠷᠤᠯᠴᠠᠭ᠍ᠤ ᠶᠠᠪᠤᠴᠠ᠎ᠳᠤ᠎ᠪᠠᠨ ᠭᠡᠷ᠎ᠤᠨ ᠠᠬᠠᠮᠠᠳ᠎ᠠᠴᠠ᠎ᠪᠠᠨ ᠠᠰᠠᠭᠤᠬᠤ ᠴᠢᠬᠤᠯᠠᠲᠠᠢ ᠵᠤᠶ᠋ᠢᠯᠡᠰ ᠮᠠᠰᠢ ᠤᠯᠠᠨ ᠲᠤᠯᠭ᠋ᠠᠷᠠᠵᠤ᠂ ᠭᠡᠷ᠎ᠤᠨ ᠠᠬᠠᠮᠠᠳ᠎ᠤᠨ ᠬᠠᠪᠰᠤᠷᠤᠨ ᠵᠢᠯᠤᠭᠤᠳᠬᠤ ᠵᠢ ᠬᠦᠰᠡᠨ ᠱᠠᠭ᠋ᠠᠷᠳᠠᠨᠡ᠃ ᠠ᠋ᠶ᠋ᠢᠮᠦ ᠥᠶ᠎ᠡ᠎ᠳᠤ ᠭᠡᠷ᠎ᠤᠨ ᠠᠬᠠᠮᠠᠳ ᠦᠪᠡᠷ ᠵᠶ᠋ᠠᠨ ᠴᠢᠷᠮ᠎ᠡ᠎ᠶ᠋ᠢᠨ ᠰᠤᠷᠤᠯᠴᠠᠭ᠍ᠤ ᠦᠭᠡᠢ᠂ ᠬᠠᠮᠢᠶ᠎ᠡ ᠪᠦᠭᠦᠢ ᠠ᠋ᠷᠳᠡᠮ ᠮᠡᠳᠡᠯᠭᠡ ᠵᠢ ᠡᠵᠡᠮᠰᠢᠭᠰᠡᠨ ᠦᠭᠡᠢ ᠪᠡᠶ᠋ᠢᠪᠠᠯ ᠬᠡᠤᠬᠡᠳ᠎ᠤᠨ ᠵᠶ᠋ᠠᠨ ᠬᠦᠰᠡᠯ᠎ᠢ ᠬᠠᠩᠭ᠋ᠠᠵᠤ ᠴᠢᠳᠠᠭ᠍ᠤ ᠦᠭᠡᠢ ᠮᠦᠷᠳᠡᠭᠡᠨ ᠬᠡᠤᠬᠡᠳ ᠤᠨ ᠢᠳᠡᠭᠡᠯ ᠬᠦᠰᠡᠯ᠎ᠢ ᠬᠦᠰᠡᠷᠳᠡᠭᠦᠯᠤᠨᠡ᠃ ᠠ᠋ᠶ᠋ᠢᠮᠦ᠎ᠠᠴᠠ ᠭᠡᠷ᠎ᠤᠨ ᠠᠬᠠᠮᠠᠳ᠎ᠤᠨ ᠰᠤᠷᠤᠯᠴᠠᠯᠭ᠎ᠠ ᠪᠤᠯᠪᠠᠰᠤᠷᠠᠯ ᠵᠶ᠋ᠠᠨ ᠴᠢᠩᠭ᠋ᠠᠳᠬᠠᠬᠤ᠎ᠨᠢ ᠬᠡᠤᠬᠡᠳ᠎ᠤᠨ ᠡᠯ᠎ᠡ ᠲᠠᠯ᠎ᠠ᠎ᠪᠠᠷ ᠬᠦᠮᠤᠵᠢᠭ᠌ᠳᠡᠭᠦ ᠵᠢᠨ ᠪᠠᠰᠠ ᠨᠢᠭᠡ ᠴᠢᠬᠤᠯᠠ ᠨᠦᠬᠦᠴᠡᠯ ᠪᠤᠯᠣᠨᠡ᠃
ᠦᠷ᠎ᠡ ᠬᠡᠤᠬᠡᠳ᠎ᠤᠨ ᠵᠶ᠋ᠠᠨ ᠰᠡᠶ᠋ᠢᠨ ᠰᠡᠶ᠋ᠢᠠᠭᠨ ᠰᠠᠷᠠᠭᠤᠯ ᠭᠡᠭᠡᠨ ᠢᠷᠡᠭᠡᠳᠤᠢ ᠵᠢᠨ ᠲᠦᠯᠤᠭᠡ ᠭᠡᠷ᠎ᠤᠨ ᠠᠬᠠᠮᠠᠳᠴᠤᠳ ᠬᠤᠪᠢ ᠵᠢᠨ ᠰᠤᠷᠤᠯᠴᠠᠯᠭ᠎ᠠ᠎ᠪᠠᠨ ᠴᠢᠩᠭ᠋ᠠᠳᠬᠠᠵᠤ᠂ ᠬᠡᠪ ᠴᠢᠨᠠᠷ ᠵᠶ᠋ᠠᠨ ᠳᠡᠭᠡᠭᠰᠢᠯᠡᠬᠦᠯᠥᠨ ᠪᠤᠳᠠᠳᠤ ᠤᠶ᠋ᠢᠯᠡ ᠠᠵᠢᠯᠯᠠᠭ᠎ᠠ᠎ᠪᠠᠷ ᠵᠶ᠋ᠠᠨ ᠬᠡᠤᠬᠡᠳ᠎ᠲᠤ᠎ᠪᠠᠨ ᠬᠡᠪ ᠳᠠᠭᠤᠷᠢᠶᠠᠯ ᠪᠣᠯᠬᠤ ᠬᠡᠷᠡᠭᠲᠡᠢ᠃ ᠬᠡᠪ ᠳᠠᠭᠤᠷᠢᠶᠠᠯ᠎ᠤᠨ ᠬᠦᠴᠤᠨ ᠪᠣᠯ ᠬᠢᠵᠠᠭ᠋ᠠᠷᠯᠠᠰᠢ ᠦᠭᠡᠢ ᠶᠡᠭᠡ ᠪᠡᠶ᠋ᠢᠳᠠᠭ ᠭᠡᠳᠡᠭ᠎ᠢ ᠮᠡᠳᠡᠵᠤ ᠠᠪᠬᠤ ᠬᠡᠷᠡᠭᠲᠡᠢ᠃
ᠡᠴᠢᠭᠡ ᠠ᠋ᠬᠡ ᠪᠤᠯᠤᠬᠰᠠᠳ ᠴᠦᠮ ᠦᠷ᠎ᠡ ᠬᠡᠤᠬᠡᠳ᠎ᠤᠨ ᠵᠶ᠋ᠠᠨ ᠠᠨᠭ᠌ᠬᠠᠨ᠎ᠤ ᠪᠠᠭᠰᠢ ᠮᠦᠨ ᠪᠣᠯᠬᠤᠷ ᠠ᠋ᠷᠬᠡᠪᠰᠢ ᠰᠤᠷᠭ᠋ᠠᠨ ᠬᠦᠮᠤᠵᠢᠭᠦᠯᠥᠭᠴᠢ ᠵᠢᠨ ᠪᠤᠯᠪᠠᠰᠤᠷᠠᠯ᠎ᠲᠠᠢ ᠪᠡᠶ᠋ᠢᠬᠤᠳᠤᠪᠠᠨ ᠲᠠᠭ᠋ᠠᠷᠠᠨᠡ᠃ ᠨᠢᠭᠡ ᠰᠢᠯᠢᠳᠡᠭ ᠰᠤᠷᠭ᠋ᠠᠨ ᠬᠦᠮᠤᠵᠢᠭᠦᠯᠥᠭᠴᠢ ᠵᠢᠨ ᠱᠠᠭ᠋ᠠᠷᠳᠠᠯᠭ᠎ᠠ᠎ᠪᠠᠷ ᠪᠡᠶ᠎ᠡ᠎ᠪᠠᠨ ᠦᠷᠭᠦᠯᠵᠢ ᠴᠢᠩᠭ᠎ᠠ ᠱᠠᠭ᠋ᠠᠷᠳᠠᠵᠤ᠂ ᠬᠦᠮᠤᠵᠢᠭᠦᠯᠤᠨ ᠪᠤᠶ᠋ᠢᠵᠢᠭᠤᠯᠬᠤ ᠬᠦᠨᠳᠦ ᠠ᠋ᠭᠦᠷᠭᠡ᠎ᠪᠠᠨ ᠬᠡᠵᠢᠶᠡᠲᠡ ᠤᠮᠳᠤᠭ᠋ᠠᠶ᠋ᠢᠯᠠᠬᠤ ᠦᠭᠡᠢ ᠪᠡᠶ᠋ᠢᠵᠤ᠂ ᠴᠠᠭ ᠢᠮᠠᠭᠲᠠ ᠦᠷ᠎ᠡ ᠬᠡᠤᠬᠡᠳ᠎ᠤᠨ ᠵᠶ᠋ᠠᠨ ᠪᠡᠶ᠋ᠢᠳᠠᠯᠳᠤ ᠰᠠᠨᠠᠭ᠋ᠠᠰᠢᠷᠠᠵᠤ ᠪᠡᠶ᠋ᠢᠬᠤ ᠭᠡᠷᠡᠭᠲᠡᠢ᠃
ᠰᠤᠷᠭ᠋ᠠᠨ ᠬᠦᠮᠤᠵᠢᠭᠦᠯᠥᠭᠴᠢ ᠵᠢᠨ ᠪᠤᠯᠪᠠᠰᠤᠷᠠᠯ᠎ᠳᠤ ᠲᠡᠷᠢᠬᠦᠨ ᠴᠢᠬᠤᠯᠠ ᠱᠠᠭ᠋ᠠᠷᠳᠠᠭᠳᠠᠭ᠍ᠤ ᠵᠤᠶ᠋ᠢᠯ ᠪᠣᠯ ᠬᠤᠷᠴᠠ ᠰᠡᠷᠭᠡᠭ ᠠᠵᠢᠬᠯᠠᠭ᠍ᠤ ᠴᠢᠳᠠᠪᠤᠷᠢ ᠪᠣᠯᠣᠨ᠎ᠡ᠃ ᠦᠷ᠎ᠡ ᠬᠡᠤᠬᠡᠳ᠎ᠤᠨ ᠵᠶ᠋ᠠᠨ ᠦᠭᠡ ᠶᠠᠷᠢᠶ᠎ᠠ᠂ ᠤᠶ᠋ᠢᠯᠡ ᠬᠦᠳᠡᠯᠭᠡᠭᠡᠨ᠂ ᠭᠠᠯᠪᠢᠷ ᠳᠦᠷᠬᠦ ᠵᠢᠨ ᠦᠴᠤᠭᠡᠨ ᠲᠡᠳᠤᠢ ᠬᠤᠪᠢᠷᠠᠯᠲᠠ ᠵᠢ ᠴᠤ᠌ ᠠᠵᠢᠬᠯᠠᠨ ᠤᠯᠵᠦ᠂ ᠤᠴᠢᠷ ᠰᠢᠯᠲᠠᠭ᠋ᠠᠨ᠎ᠢ᠎ᠨᠢ ᠤᠬᠤᠴᠢᠯᠠᠨ᠂ ᠶᠠᠮᠠᠷ ᠠᠰᠠᠭᠤᠳᠠᠯ ᠭᠠᠷᠤᠬᠰᠠᠨ ᠪᠡᠶ᠋ᠢᠪᠠᠯ ᠲᠡᠷᠡ ᠲᠠᠷᠤᠢ᠎ᠳᠤ᠎ᠨᠢ ᠵᠦᠪ ᠵᠶ᠋ᠠᠷ ᠰᠢᠢ᠍ᠳᠪᠦᠷᠢᠯᠡᠵᠦ ᠪᠡᠶ᠋ᠢᠬᠤ ᠬᠡᠷᠡᠭᠲᠡᠢ᠃ ᠳᠠᠷᠠᠭ᠋ᠠᠯᠠᠪᠠᠯ᠂ ᠴᠡᠭᠡᠵᠢᠯᠡᠬᠦ ᠴᠢᠳᠠᠪᠤᠷᠢ ᠵᠢᠨ ᠪᠤᠯᠪᠠᠰᠤᠷᠠᠯ ᠪᠣᠯᠣᠨ᠎ᠡ᠃ ᠬᠡᠦᠬᠡᠳ᠎ᠲᠤ᠎ᠪᠠᠨ ᠬᠡᠵᠢᠶ᠎ᠡ ᠶᠠᠮᠠᠷ ᠠᠵᠢᠯ ᠳᠠᠭ᠋ᠠᠭ᠋ᠠᠯᠭ᠋ᠠᠬᠰᠠᠨ᠂ ᠶᠠᠮᠠᠷ ᠱᠠᠭ᠋ᠠᠷᠳᠠᠯᠭ᠎ᠠ ᠲᠠᠯᠪᠢᠬᠰᠠᠨ᠂ ᠶᠠᠭᠤ ᠵᠢ ᠵᠦᠪᠰᠢᠶᠡᠷᠡᠭᠰᠡᠨ᠂ ᠶᠠᠭ᠋ᠠᠬᠢᠵᠤ ᠬᠢᠬᠦ ᠵᠢ ᠵᠦᠪᠰᠢᠶᠡᠷᠡᠭᠰᠡᠨ ᠦᠭᠡᠢ᠂ ᠶᠠᠭᠤ ᠵᠢ ᠠᠮᠠᠯᠠᠭᠰᠠᠨ ᠭᠡᠬᠦ ᠮᠡᠲᠦ᠎ᠪᠠᠨ ᠴᠡᠭᠡᠵᠢᠯᠡᠵᠦ᠂ ᠦᠪᠡᠷ᠎ᠤᠨ ᠬᠡᠯᠡᠭᠰᠡᠨ᠎ᠳᠤ᠎ᠪᠠᠨ ᠭᠦᠷᠴᠣ ᠪᠡᠶ᠋ᠢᠬᠤ ᠪᠠ ᠬᠡᠤᠬᠡᠳ᠎ᠤᠨ ᠬᠢᠵᠤ ᠪᠡᠶᠡᠯᠡᠭᠦᠯᠵᠦ ᠪᠡᠶ᠋ᠢᠬᠤ ᠲᠤᠬᠠᠢ ᠲᠤᠳᠤᠷ᠎ᠠ᠎ᠪᠠᠨ ᠲᠤᠭ᠋ᠠᠲᠡᠢ ᠪᠡᠶ᠋ᠢᠬᠤ ᠬᠡᠷᠡᠭᠲᠡᠢ᠃ ᠢᠩᠬᠢᠪᠡᠯ ᠰᠠᠶᠢ ᠬᠡᠤᠬᠡᠳ ᠡᠴᠢᠭᠡ ᠠ᠋ᠬᠡ᠎ᠪᠠᠨ ᠰᠡᠳᠬᠢᠯ ᠵᠢᠷᠤᠬᠡᠨ ᠠᠴᠠ᠎ᠪᠠᠨ ᠪᠢᠰᠢᠷᠡᠨ᠂ ᠡᠴᠢᠭᠡ ᠠ᠋ᠬᠡ᠎ᠪᠠᠨ ᠢᠳᠡᠭᠡᠵᠤ᠂ ᠡᠴᠢᠭᠡ ᠠ᠋ᠬᠡ ᠵᠢᠨ ᠵᠶ᠋ᠠᠨ ᠬᠡᠯᠡᠭᠰᠡᠨ ᠵᠶ᠋ᠠᠷ ᠬᠢᠬᠦ ᠪᠤᠯᠣᠨᠡ᠃ ᠬᠡᠷᠪᠡ ᠠ᠋ᠷᠲᠡ ᠠ᠋ᠶ᠋ᠢᠮᠦ ᠵᠠᠷᠯᠢᠭ ᠪᠠᠭᠤᠯᠭ᠋ᠠᠨ ᠤᠷᠤᠢ ᠲᠡᠶ᠋ᠢᠮᠦ ᠵᠢᠭ᠋ᠠᠪᠤᠷᠢ ᠦᠭᠴᠥ᠂ ᠵᠠᠷᠯᠢᠭ ᠵᠢᠭ᠋ᠠᠪᠤᠷᠢ ᠬᠠᠷᠢᠯᠴᠠᠨ ᠵᠦᠷᠢᠴᠡᠯᠳᠤᠬᠦ ᠪᠤᠶᠤ ᠳᠠᠷᠠᠭ᠎ᠠ ᠠ᠋ᠳᠤᠷ᠎ᠨᠢ ᠪᠦᠬᠦᠨ᠎ᠢ ᠦᠭᠡᠶ᠋ᠢᠰᠭᠡᠵᠤ᠂ ᠦᠪᠡᠷ ᠵᠶ᠋ᠠᠨ ᠶᠠᠭᠤ ᠬᠡᠯᠡᠭᠰᠡᠨ᠂ ᠬᠡᠤᠬᠡᠳ᠎ᠤᠨ ᠶᠠᠭ᠋ᠠᠬᠢᠵᠤ ᠬᠢᠭᠰᠡᠨ᠎ᠢ ᠤᠶ᠋ᠢᠰᠢᠶᠠᠭ᠍ᠤ ᠦᠭᠡᠢ ᠬᠠᠶ᠋ᠢᠨ᠎ᠳᠤᠨᠢ ᠬᠠᠶᠠᠭ᠍ᠤ᠎ᠳᠤ ᠬᠦᠷᠪᠡᠯ ᠡᠴᠢᠭᠡ ᠠ᠋ᠬᠡ ᠵᠢᠨ ᠬᠡᠯᠡᠭᠰᠡᠨ ᠦᠭᠡ ᠬᠡᠤᠬᠡᠳ᠎ᠤᠨ ᠰᠡᠳᠬᠢᠯ᠎ᠳᠤ ᠬᠦᠨᠳᠦ ᠦᠭᠡᠢ ᠪᠤᠯᠵᠣ᠂ ᠶᠠᠮᠠᠷ ᠵᠠᠬᠢᠶ᠎ᠡ ᠵᠢᠭ᠋ᠠᠪᠤᠷᠢ ᠪᠡᠶ᠋ᠢᠭ᠍ᠰᠠᠨ ᠴᠤ᠌ ᠪᠡᠶᠡᠯᠡᠭᠦᠯᠭᠦ ᠦᠭᠡᠢ ᠪᠤᠯᠬᠤ᠎ᠳᠤ ᠬᠦᠷᠤᠨ᠎ᠡ᠃ ᠪᠠᠰᠠ ᠨᠢᠭᠡ᠎ᠨᠢ ᠪᠦᠳᠤᠭᠡᠯᠴᠢ ᠴᠢᠳᠠᠪᠤᠷᠢ ᠵᠢᠨ ᠪᠤᠯᠪᠠᠰᠤᠷᠠᠯ ᠪᠤᠯᠣᠨᠡ᠃ ᠭᠡᠷ᠎ᠤᠨ ᠠᠬᠠᠮᠠᠳ ᠰᠤᠷᠭ᠋ᠠᠨ ᠬᠦᠮᠤᠵᠢᠭᠦᠯᠭᠦ ᠰᠡᠳᠤᠪ ᠵᠶ᠋ᠠᠨ ᠰᠡᠶ᠋ᠢᠳᠤᠷ ᠡᠵᠡᠮᠰᠢᠨ ᠴᠠᠭ ᠲᠤᠬᠢᠶᠠᠯ᠎ᠢ ᠠᠰᠢᠬᠯᠠᠵᠤ᠂ ᠰᠢᠨ᠎ᠡ ᠠᠷᠭ᠎ᠠ ᠬᠡᠯᠪᠡᠷᠢ ᠪᠠᠷ ᠬᠡᠤᠬᠡᠳ ᠵᠶ᠋ᠠᠨ ᠰᠡᠩᠬᠡᠷᠡᠭᠦᠯᠤᠨ ᠵᠢᠯᠤᠭᠤᠳᠬᠤ ᠬᠡᠷᠡᠭᠲᠡᠢ᠃ ᠵᠢᠱ᠌ᠢᠶᠡᠯᠡᠪᠡᠯ᠂ ᠶᠠᠮᠠᠷ ᠨᠢᠭᠡᠨ ᠠᠵᠢᠯ᠎ᠢ ᠬᠠᠮᠳᠤ᠎ᠪᠠᠷ ᠬᠢᠵᠤ ᠪᠡᠶ᠋ᠢᠬᠤᠳᠤᠪᠠᠨ ᠪᠤᠶᠤ ᠰᠤᠯᠠ ᠶᠠᠷᠢᠯᠴᠠᠭ᠍ᠤ ᠲᠤᠮᠲᠠ᠎ᠪᠠᠨ ᠰᠠᠨᠠᠮᠰᠠᠷ ᠦᠭᠡᠢ᠎ᠪᠠᠷ ᠰᠡᠩᠬᠡᠷᠡᠭᠦᠯᠤᠯ ᠣᠯᠭᠤᠬᠤ᠂ ᠲᠤᠬᠢᠶ᠎ᠡ ᠥᠭᠬᠦ᠂ ᠳᠠᠮ ᠵᠶ᠋ᠠᠷ ᠤᠶ᠋ᠢᠯᠠᠭ᠋ᠠᠭᠤᠯᠬᠤ ᠵᠡᠷᠭᠡ ᠠᠷᠭ᠎ᠠ᠎ᠪᠠᠷ ᠰᠤᠷᠭ᠋ᠠᠨ ᠬᠦᠮᠤᠵᠢᠭᠦᠯᠬᠦ ᠵᠤᠷᠢᠯᠲᠠᠳᠤᠪᠠᠨ ᠭᠦᠷᠴᠣ ᠪᠤᠯᠣᠨᠡ᠃ ᠢᠩᠬᠢᠭᠦ᠎ᠨᠢ ᠵᠠᠷᠢᠮ᠎ᠳᠤ᠎ᠪᠠᠨ ᠲᠤᠰᠬᠠᠢ ᠴᠠᠭ ᠭᠠᠷᠭ᠋ᠠᠨ ᠲᠤᠰᠬᠠᠢ ᠰᠡᠳᠦᠪ ᠵᠶ᠋ᠠᠷ ᠬᠠᠪᠰᠤᠷᠤᠨ ᠵᠢᠯᠤᠭᠤᠳᠬᠤ᠎ᠠᠴᠠ ᠢᠯᠡᠭᠦᠤ ᠠᠰᠢᠬᠲᠡᠢ ᠪᠡᠶ᠋ᠢᠳᠠᠭ᠃
ᠭᠤᠷᠪᠠ᠂ ᠭᠡᠷ᠎ᠤᠨ ᠠᠬᠠᠮᠠᠳ᠎ᠤᠨ ᠭᠡᠪ ᠪᠤᠯᠪᠠᠰᠤᠷᠠᠯ᠎ᠢ ᠲᠡᠭᠡᠭᠰᠢᠯᠠᠭᠦᠯᠭᠦ ᠠᠷᠭ᠎ᠠ ᠠᠪᠴᠠᠯ
ᠭᠡᠷ᠎ᠤᠨ ᠠᠬᠠᠮᠠᠳ᠎ᠤᠨ ᠪᠤᠯᠪᠠᠰᠤᠷᠠᠯ᠎ᠢ ᠵᠤᠬᠢᠬᠤ ᠤᠳᠬ᠎ᠠ᠎ᠠᠴᠠ᠎ᠨᠢ ᠬᠡᠯᠡᠪᠡᠯ ᠤᠳᠠᠭ᠋ᠠᠨ ᠬᠤᠭᠤᠴᠠᠭ᠋ᠠᠨ᠎ᠤ ᠪᠤᠯᠪᠠᠰᠤᠷᠠᠯ ᠵᠶ᠋ᠠᠷ ᠲᠠᠮᠵᠢᠨ ᠬᠡᠤᠬᠡᠳ ᠵᠶ᠋ᠠᠨ ᠬᠦᠮᠤᠵᠢᠬᠦᠯᠬᠦ᠂ ᠠᠭᠤᠳᠠᠮ ᠪᠠᠭᠳᠠᠭ᠋ᠠᠮᠵᠢ᠎ᠲᠠᠢ ᠮᠦᠷᠲᠡᠭᠡᠨ ᠵᠦᠪ ᠤᠪᠣᠷ᠎ᠲᠠᠢ ᠪᠣᠯᠬᠤ ᠵᠢ ᠵᠢᠭ᠋ᠠᠵᠤ ᠪᠣᠢ᠃ ᠪᠠᠭᠲᠠᠭ᠋ᠠᠮᠵᠢ ᠭᠡᠳᠡᠭ ᠪᠣᠯ ᠦᠪᠡᠷ᠎ᠤᠨ ᠤᠷᠮᠠᠰ ᠰᠡᠳᠬᠢᠯᠭᠡ᠂ ᠵᠠᠩ ᠠᠭ᠋ᠠᠰᠢ᠎ᠪᠠᠨ ᠵᠠᠬᠢᠷᠬᠤ ᠴᠢᠳᠠᠪᠤᠷᠢ ᠪᠠ ᠠᠰᠠᠭᠤᠳᠠᠯ᠎ᠢ ᠯᠠᠪᠳᠠᠭᠤᠨ ᠬᠢᠨᠠᠭᠤᠷ ᠰᠢᠢ᠍ᠳᠪᠦᠷᠢᠯᠡᠬᠦ ᠴᠢᠳᠠᠪᠤᠷᠢ᠂ ᠦᠭᠡᠷ᠎ᠠ᠎ᠪᠠᠷ ᠬᠡᠯᠡᠪᠡᠯ ᠪᠡᠶ᠎ᠡ᠎ᠪᠠᠨ ᠪᠠᠷᠢᠬᠤ ᠴᠢᠳᠠᠪᠤᠷᠢ ᠪᠤᠯᠤᠨ᠎ᠡ᠃
ᠭᠡᠷ᠎ᠤᠨ ᠠᠬᠠᠮᠠᠳ᠎ᠤᠨ ᠪᠡᠶ᠎ᠡ᠎ᠪᠠᠨ ᠪᠠᠷᠢᠬᠤ ᠪᠤᠯᠪᠠᠰᠤᠷᠠᠯ᠎ᠢ ᠴᠢᠩᠭ᠋ᠠᠳᠬᠠᠬᠤ ᠠᠷᠭ᠎ᠠ ᠵᠠᠮ᠎ᠢ ᠳᠤᠤᠷᠠᠬᠢ ᠬᠡᠳᠤᠨ ᠲᠠᠯ᠎ᠠ᠎ᠠᠴᠠ ᠠ᠋ᠷᠢᠯᠬᠢᠯᠡᠵᠤ ᠪᠤᠯᠣᠨᠡ᠃
(1) ᠦᠷ᠎ᠡ ᠬᠡᠤᠬᠡᠳ᠎ᠲᠤ᠎ᠪᠠᠨ ᠬᠠᠨᠳᠤᠬᠤ ᠣᠪᠣᠷ ᠵᠶ᠋ᠠᠨ ᠦᠭᠡᠷᠡᠴᠢᠯᠠᠵᠤ᠂ ᠦᠷ᠎ᠡ ᠬᠡᠤᠬᠡᠳ᠎ᠲᠤ᠎ᠪᠠᠨ ᠬᠡᠵᠢᠶᠡᠳᠡ ᠬᠠᠶ᠋ᠢᠷᠠᠲᠠᠢ ᠪᠠᠶ᠋ᠢᠬᠤ ᠬᠡᠷᠡᠭᠲᠡᠢ᠃ ᠬᠠᠶ᠋ᠢᠷ᠎ᠠ ᠵᠢᠨ ᠬᠦᠴᠤᠨ ᠠᠯᠢᠪᠠ ᠵᠢ ᠢᠯᠠᠳᠠᠭ ᠶᠤᠮ᠃
(2) ᠤᠶᠤᠨᠴᠢ ᠤᠬᠠᠮᠰᠠᠷ᠎ᠤᠨ ᠵᠤᠬᠢᠴᠠᠭᠤᠯᠬᠤ ᠤᠶ᠋ᠢᠯᠡᠳᠤᠯᠢ ᠭᠦᠢ᠍ᠴᠡᠳ ᠪᠠᠳᠠᠷᠠᠭᠤᠯᠤᠨ᠎ᠡ᠃ ᠦᠪᠡᠷ᠎ᠤᠨ ᠵᠠᠩ ᠠᠭ᠋ᠠᠰᠢ᠎ᠪᠠᠨ ᠰᠡᠶ᠋ᠢᠵᠢᠷᠠᠭᠤᠯᠬᠤ ᠬᠡᠷᠡᠭᠲᠡᠢ᠃ ᠮᠠᠭᠤ ᠵᠠᠩ ᠮᠤᠷᠤᠢ ᠵᠠᠮ᠎ᠳᠤ ᠤᠷᠤᠭᠤᠯᠳᠠᠭ ᠶᠤᠮ᠃
(3) ᠠᠩᠬᠠᠷᠤᠯ ᠵᠶ᠋ᠠᠨ ᠰᠢᠯᠵᠢᠭᠦᠯᠦᠨ᠎ᠡ᠃ ᠶᠠᠮᠠᠷ ᠨᠢᠭᠡᠨ ᠤᠴᠢᠷ᠎ᠲᠤ ᠠᠭᠤᠷ ᠤᠴᠠᠭ᠋ᠠᠷ ᠬᠥᠳᠡᠯᠦᠭᠰᠡᠨ ᠪᠡᠶ᠋ᠢᠪᠠᠯ ᠲᠡᠷᠡ ᠲᠠᠷᠤᠢ᠎ᠳᠤ᠎ᠨᠢ ᠦᠭᠡᠷ᠎ᠠ ᠠᠰᠠᠭᠤᠳᠠᠯ᠎ᠳᠤ ᠠᠩᠬᠠᠷᠤᠯ ᠵᠶ᠋ᠠᠨ ᠰᠢᠯᠵᠢᠭᠦᠯᠵᠦ᠂ ᠬᠡᠰᠡᠭ ᠴᠠᠭ ᠲᠤᠭᠤᠢ ᠰᠠᠭᠤᠪᠠᠯ ᠠᠭᠤᠷ ᠬᠢᠯᠢᠩ ᠠᠶᠠᠨᠳᠠᠭ᠋ᠠᠨ ᠨᠠᠮᠳᠠᠭ᠍ᠤ ᠪᠣᠯᠤᠨ᠎ᠡ᠃ ᠬᠡᠤᠬᠡᠳ᠎ᠤᠨ ᠵᠶ᠋ᠠᠨ ᠬᠠᠭᠤᠴᠢᠨ 《ᠶᠠᠷ᠎ᠠ》 ᠵᠢ ᠮᠠᠯᠲᠠᠭ᠍ᠤ ᠦᠭᠡᠢ ᠪᠡᠶ᠋ᠢᠵᠤ ᠴᠢᠳᠠᠪᠠᠯ ᠪᠡᠶ᠎ᠡ᠎ᠪᠠᠨ ᠪᠠᠷᠢᠬᠤ ᠴᠢᠳᠠᠪᠤᠷᠢ ᠨᠡᠯᠢᠶᠡᠳ ᠰᠡᠶ᠋ᠢᠨ ᠪᠡᠶ᠋ᠢᠬᠤ᠎ᠳᠤ ᠲᠤᠭ᠋ᠠᠴᠠᠭᠳᠠᠨᠡ᠃
ᠠ᠋ᠭᠦᠨ᠎ᠠᠴᠠ ᠭᠠᠳᠠᠨ᠎ᠠ᠂ ᠭᠡᠷ ᠪᠦᠯᠢ ᠵᠢᠨ ᠪᠠᠶᠠᠷ ᠬᠦᠷ᠎ᠲᠠᠢ ᠪᠡᠶ᠋ᠢᠬᠤ ᠠ᠋ᠰᠡᠬᠦ᠎ᠨᠢ ᠭᠡᠷ᠎ᠤᠨ ᠠᠬᠠᠮᠠᠳ᠎ᠤᠨ ᠪᠤᠯᠪᠠᠰᠤᠷᠠᠯ᠎ᠢ ᠲᠤᠰᠬᠠᠬᠤ ᠲᠤᠯᠢ ᠪᠤᠯᠣᠨᠡ᠃ ᠪᠠᠶᠠᠷ ᠬᠦᠷ᠎ᠲᠠᠢ ᠭᠡᠷ ᠪᠦᠯᠢ ᠵᠢᠨ ᠠᠭᠤᠷ ᠠᠮᠢᠰᠬᠤᠯ᠎ᠨᠢ ᠬᠡᠤᠬᠡᠳ᠎ᠤᠨ ᠪᠡᠶ᠎ᠡ ᠰᠡᠳᠬᠢᠯ᠎ᠤᠨ ᠠ᠋ᠷᠡᠬᠦᠯ ᠵᠶ᠋ᠠᠷ ᠬᠦᠭᠵᠢᠬᠦ ᠵᠢ ᠠᠬᠢᠭᠤᠯᠵᠤ ᠠᠮᠢᠳᠤᠷᠠᠯ᠎ᠳᠤ ᠬᠠᠨᠳᠤᠬᠤ ᠣᠪᠤᠷᠢ ᠲᠥᠪ ᠪᠤᠯᠭ᠋ᠠᠵᠤ ᠭᠤᠷᠪᠠᠨ ᠥᠶ᠎ᠡ ᠵᠢᠨ ᠬᠦᠮᠤᠰ᠎ᠤᠨ ᠰᠡᠳᠬᠢᠯ ᠵᠶ᠋ᠠᠨ ᠰᠤᠯᠢᠯᠴᠠᠭ᠍ᠤ ᠵᠠᠮ᠎ᠢ ᠨᠡᠪᠲᠡᠷᠡᠭᠦᠯᠳᠡᠭ ᠶᠤᠮ᠃
ᠭᠡᠷ ᠪᠦᠯᠢ᠎ᠪᠠᠨ ᠪᠠᠶᠠᠷ ᠬᠦᠷ᠎ᠲᠠᠢ ᠪᠡᠶ᠋ᠢᠯᠭ᠋ᠠᠬᠤᠳᠤ ᠭᠡᠷ᠎ᠤᠨ ᠠᠬᠠᠮᠠᠳ᠎ᠤᠨ ᠪᠤᠯᠪᠠᠰᠤᠷᠠᠯ᠎ᠳᠤ ᠲᠦᠰᠢᠭᠯᠡᠨ᠎ᠡ᠃ ᠭᠡᠷ᠎ᠤᠨ ᠠᠬᠠᠮᠠᠳ ᠶᠠᠭ᠋ᠠᠬᠢᠪᠠᠯ ᠰᠡᠶᠢ ᠭᠡᠷ ᠪᠦᠯᠢ᠎ᠪᠠᠨ ᠪᠠᠶᠠᠷ ᠬᠦᠷ᠎ᠲᠠᠢ ᠪᠡᠶ᠋ᠢᠯᠭ᠋ᠠᠵᠤ ᠴᠢᠳᠠᠭ᠍ᠤ ᠪᠣᠢ?
(1) ᠭᠡᠷ᠎ᠤᠨ ᠠᠬᠠᠮᠠᠳ᠎ᠨᠢ ᠠᠷᠠᠳᠴᠢᠯᠠᠯ᠎ᠲᠠᠢ᠂ ᠠ᠋ᠷᠬᠡ ᠲᠡᠭᠰᠢ᠂ ᠠᠭᠤᠳᠠᠮ ᠪᠠᠭᠳᠠᠭ᠋ᠠᠮᠵᠢᠲᠡᠢ ᠤᠪᠣᠷ ᠰᠤᠷᠳᠠᠯ ᠵᠶ᠋ᠠᠨ ᠬᠡᠵᠢᠶᠡᠲᠡ ᠪᠠᠷᠢᠮᠲᠠᠯᠠᠨ᠎ᠠ᠃
(2) ᠡᠴᠢᠬᠡ ᠠ᠋ᠬᠡ ᠵᠢᠨ ᠳᠡᠶ᠋ᠢᠴᠢᠯᠠᠯ ᠳᠤᠤᠷ᠎ᠠ ᠬᠠᠮᠳᠤ᠎ᠪᠠᠷ ᠠᠵᠢᠯᠯᠠᠵᠤ ᠬᠦᠳᠡᠯᠮᠤᠷᠢᠯᠡᠬᠦ ᠨᠦᠬᠦᠴᠡᠯ᠎ᠢ ᠢᠯᠡᠭᠦᠤ ᠪᠦᠷᠢᠯᠳᠤᠭᠦᠯᠵᠤ ᠬᠤᠶᠠᠷ ᠭᠤᠷᠪᠠᠨ ᠥᠶ᠎ᠡ ᠵᠢᠨ ᠬᠦᠮᠤᠨ᠎ᠤ ᠰᠡᠳᠬᠢᠯᠭᠡ ᠵᠢᠨ ᠬᠠᠷᠢᠴᠠᠭ᠎ᠠ ᠵᠢ ᠨᠢᠬᠲᠠᠷᠠᠭᠤᠯᠤᠨᠡ᠃
(3) ᠡᠴᠢᠭᠡ ᠠ᠋ᠬᠡ ᠵᠢᠨ ᠰᠠᠨᠠᠭ᠋ᠠᠴᠢᠯᠠᠭ᠎ᠠ᠎ᠪᠠᠷ ᠬᠦᠴᠢᠷ ᠪᠡᠷᠭᠡ ᠵᠢ ᠬᠠᠮᠳᠤ᠎ᠪᠠᠷ ᠵᠶ᠋ᠠᠨ ᠢᠯᠠᠨ ᠳᠠᠪᠠᠭ᠍ᠤ ᠦᠵᠡᠯ ᠰᠠᠨᠠᠭ᠋ᠠᠨ᠎ᠤ ᠪᠡᠯᠡᠳᠭᠡᠯ᠎ᠲᠠᠢ ᠪᠡᠶ᠋ᠢᠬᠤ ᠭᠡᠷᠡᠭᠲᠡᠢ᠃
(4) ᠡᠴᠢᠭᠡ ᠠ᠋ᠬᠡ ᠪᠤᠯᠤᠬᠰᠠᠳ ᠪᠡᠶ᠎ᠡ᠎ᠪᠠᠨ ᠪᠠᠷᠢᠨ᠂ ᠵᠠᠩ ᠠᠭ᠋ᠠᠰᠢ᠎ᠪᠠᠨ ᠲᠠᠷᠤᠵᠤ᠂ ᠪᠡᠶ᠋ᠢᠭᠤᠯᠭᠠ ᠪᠤᠶᠤ ᠬᠠᠮᠳᠤ ᠠᠵᠢᠯᠯᠠᠭᠰᠠᠳ᠂ ᠤᠳᠤᠷᠢᠳᠤᠯᠭ᠎ᠠ᠎ᠳᠤ᠎ᠪᠠᠨ ᠭᠤᠮᠤᠳᠠᠭᠰᠠᠨ᠂ ᠠᠭᠤᠷᠯᠠᠭᠰᠠᠨ᠂ ᠠ᠋ᠭ᠌ᠳᠡᠭᠦᠴᠡᠭᠰᠡᠨ ᠠᠭᠤᠷ ᠤᠴᠠᠭ᠋ᠠᠷ ᠵᠶ᠋ᠠᠨ ᠦᠷ᠎ᠡ ᠬᠡᠤᠬᠡᠳ᠎ᠲᠤ᠎ᠪᠠᠨ ᠭᠠᠷᠭ᠋ᠠᠬᠤ ᠦᠭᠡᠢ ᠪᠡᠶ᠋ᠢᠵᠤ᠂ ᠭᠡᠷ ᠪᠦᠯᠢ ᠵᠢᠨ ᠪᠠᠶᠠᠷ ᠬᠦᠷ᠎ᠲᠠᠢ ᠪᠡᠶ᠋ᠢᠳᠠᠯ᠎ᠢ ᠡᠪᠳᠡᠬᠦ ᠦᠭᠡᠢ ᠪᠠᠢ᠍ᠢ᠍ᠬᠤ ᠵᠢ ᠬᠢᠴᠢᠶᠡᠨ᠎ᠡ᠃
4. ᠭᠡᠷ ᠪᠦᠯᠢ ᠵᠢᠨ ᠪᠠᠶᠠᠷ ᠬᠦᠷ᠎ᠲᠠᠢ ᠪᠡᠶ᠋ᠢᠳᠠᠯ᠎ᠢ ᠡᠪᠳᠡᠬᠦ ᠦᠭᠡᠢ ᠵᠢᠨ ᠲᠦᠯᠤᠭᠡ ᠳᠤᠤᠷᠠᠬᠢ ᠲᠦᠷᠪᠡᠨ ᠵᠤᠶ᠋ᠢᠯ᠎ᠢ ᠴᠡᠭᠡᠷᠯᠡᠬᠦ ᠬᠡᠷᠡᠭᠲᠡᠢ᠃
(1) ᠡᠴᠢᠬᠡ ᠠ᠋ᠬᠡ ᠯᠠ ᠡᠵᠡᠨ ᠮᠡᠳᠡᠵᠤ᠂ 《ᠰᠤᠷᠭ᠋ᠠᠯ ᠬᠠᠶ᠋ᠢᠷᠠᠯᠠᠭ᠋ᠠᠳ》 ᠦᠷ᠎ᠡ ᠬᠡᠤᠬᠡᠳ᠎ᠤᠨ ᠵᠶ᠋ᠠᠨ ᠳᠤᠷ᠎ᠠ ᠦᠭᠡᠶ᠋ᠢᠴᠡᠯᠢ ᠬᠦᠷᠭᠡᠬᠦ;
(2) ᠡᠴᠢᠭᠡ ᠠ᠋ᠬᠡ᠎ᠨᠢ ᠦᠭᠡ ᠲᠠᠭᠤ ᠦᠭᠡᠢ ᠦᠯᠢᠵᠤ ᠰᠠᠭᠤᠭ᠋ᠠᠳ ᠭᠡᠷ᠎ᠤᠨ ᠪᠦᠷᠢᠯᠳᠤᠬᠦᠨ ᠨᠢᠭᠡ ᠪᠦᠷᠢ ᠠᠮᠢ ᠬᠤᠪᠢ᠎ᠪᠠᠨ ᠪᠤᠷᠤᠯᠠᠭᠤᠯᠬᠤ ᠬᠤᠪᠢᠨᠴᠢᠷ ᠦᠵᠡᠯ᠎ᠢ ᠭᠠᠷᠭ᠋ᠠᠬᠤ ᠦᠭᠡᠢ ᠪᠡᠶ᠋ᠢᠬᠤ;
(3) ᠡᠴᠢᠭᠡ ᠠ᠋ᠬᠡ᠎ᠨᠢ ᠴᠢᠯᠤᠭᠡ ᠴᠠᠭ᠎ᠲᠤ᠎ᠪᠠᠨ ᠠ᠋ᠷᠡᠬᠦᠯ ᠪᠤᠰᠤ ᠨᠠᠭ᠋ᠠᠳᠤᠮ ᠲᠤᠬᠯᠠᠭ᠋ᠠᠮᠳᠤ ᠰᠢᠨᠤᠬᠠᠶ᠋ᠢᠷᠠᠨ᠂ ᠦᠷ᠎ᠡ ᠬᠡᠤᠬᠡᠳ᠎ᠲᠠᠢ᠎ᠪᠠᠨ ᠢᠯᠡᠬᠦᠤ ᠶᠠᠷᠢᠯᠴᠠᠭ᠍ᠤ ᠦᠭᠡᠢ ᠪᠤᠯᠵᠤ᠂ ᠭᠡᠷ ᠪᠦᠯᠢ ᠵᠢᠨ ᠠᠮᠢᠳᠤᠷᠠᠯ᠎ᠨᠢ ᠬᠡᠤᠬᠡᠳ᠎ᠲᠤ ᠶᠠᠮᠠᠷ ᠴᠤ᠌ ᠤᠳᠬ᠎ᠠ ᠦᠭᠡᠢ᠂ ᠬᠡᠢ ᠬᠤᠭᠤᠰᠤᠨ᠂ ᠠ᠋ᠯᠤᠢ ᠬᠤᠯᠤᠢ ᠰᠠᠨᠠᠭᠳᠠᠬᠤ᠃ ᠢᠳᠡᠵᠤ ᠤᠤᠭᠤᠵᠤ ᠶᠠᠪᠤᠵᠤ ᠰᠠᠭᠤᠬᠤ᠎ᠳᠤ᠎ᠪᠠᠨ ᠴᠤ᠌ ᠭᠠᠷ ᠤᠳᠠᠰᠤ᠎ᠲᠠᠢ᠎ᠪᠠᠨ ᠨᠤᠴᠤᠯᠳᠤᠭ᠋ᠠᠳ ᠬᠡᠤᠬᠡᠳ᠎ᠲᠠᠢ᠎ᠪᠠᠨ ᠨᠠᠷᠭᠢᠵᠤ ᠬᠦᠭᠡᠷᠡᠬᠦ ᠦᠭᠡᠢ ᠭᠠᠭᠴᠠᠭ᠋ᠠᠷᠳᠠᠮᠠᠯ ᠬᠤᠪᠢ ᠬᠤᠪᠢ᠎ᠪᠠᠨ ᠰᠠᠬᠢᠬᠰᠠᠨ ᠪᠡᠶ᠋ᠢᠬᠤ ᠵᠢ ᠬᠢᠴᠢᠶᠡᠭᠦ;
(4) ᠡᠴᠢᠭᠡ ᠠ᠋ᠬᠡ ᠠᠮᠢᠳᠤᠷᠠᠯ᠎ᠳᠤ᠎ᠪᠠᠨ ᠪᠤᠯᠭᠤᠮᠵᠢ ᠠᠯᠳᠠᠵᠤ᠂ ᠪᠤᠯᠪᠠᠰᠤᠨ ᠮᠣᠷᠠᠯ ᠲᠤᠳᠠᠮᠠᠭ᠎ᠠᠴᠠ ᠪᠤᠯᠵᠤ᠂ ᠰᠠᠯᠵᠤ ᠰᠠᠷᠨᠢᠬᠤ᠎ᠨᠢ ᠬᠡᠤᠬᠡᠳ᠎ᠤᠨ ᠵᠶ᠋ᠠᠨ ᠳᠤᠷ᠎ᠠ ᠦᠭᠡᠶ᠋ᠢᠴᠡᠯᠢ ᠬᠦᠷᠭᠡᠵᠤ᠂ ᠭᠡᠷ ᠪᠦᠯᠢ ᠵᠢᠨ ᠡᠪ ᠨᠡᠶ᠋ᠢᠷᠢ ᠨᠦᠯᠤᠭᠡᠯᠡᠬᠦ ᠭᠡᠬᠦ ᠮᠡᠳᠤ᠃
ᠠ᠋ᠶ᠋ᠢᠮᠦ᠎ᠠᠴᠠ ᠡᠪ ᠵᠤᠬᠢᠴᠠᠩᠭᠤᠢ᠂ ᠠ᠋ᠷᠡᠬᠦᠯ ᠠ᠋ᠩᠭᠡ᠂ ᠪᠠᠶᠠᠷ ᠬᠦᠷ᠎ᠲᠠᠢ ᠭᠡᠷ ᠪᠦᠯᠢ ᠵᠢᠨ ᠠᠭᠤᠷ ᠠᠮᠢᠰᠬᠤᠯ᠎ᠢ ᠪᠤᠢ ᠪᠤᠯᠭ᠋ᠠᠬᠤ ᠵᠢᠨ ᠲᠦᠯᠤᠭᠡ ᠭᠡᠷ᠎ᠤᠨ ᠠᠬᠠᠮᠠᠳ ᠢᠯᠡᠭᠦᠭᠡᠨ ᠲᠠᠷᠢᠬᠢ ᠲᠤᠯᠤᠭ᠋ᠠᠢ᠎ᠪᠠᠨ ᠬᠦᠳᠡᠯᠭᠡᠵᠤ᠂ ᠰᠢᠨᠡᠴᠢᠯᠡᠯᠲᠡ ᠦᠭᠡᠷᠡᠴᠢᠯᠡᠯᠲᠡ ᠬᠦᠭᠵᠢᠯᠲᠡ ᠵᠢᠨ ᠨᠡᠶ᠋ᠢᠬᠡᠮ᠎ᠳᠤ ᠰᠢᠨ᠎ᠡ ᠠᠷᠭ᠎ᠠ ᠵᠠᠮ᠎ᠢ ᠰᠦᠪᠡᠭᠴᠢᠯᠡᠵᠦ᠂ ᠭᠡᠷ ᠪᠦᠯᠢ ᠵᠢᠨ ᠰᠤᠷᠭ᠋ᠠᠨ ᠬᠦᠮᠣᠵᠢᠯᠢ ᠰᠢᠨᠵᠢᠯᠡᠬᠦ ᠤᠬᠠᠭ᠋ᠠᠨᠴᠢ᠎ᠪᠠᠷ ᠬᠢᠵᠤ᠂ ᠰᠢᠯᠢᠳᠡᠭ ᠬᠤᠶ᠋ᠢᠴᠢ ᠥᠶ᠎ᠡ ᠵᠢᠨ᠎ᠬᠢᠨ᠎ᠢ ᠬᠦᠮᠤᠵᠢᠬᠦᠯᠬᠦ ᠪᠣᠯ ᠠᠯᠤᠰ ᠬᠡᠳᠤ ᠵᠢᠨ ᠠᠴᠢ ᠬᠤᠯᠪᠤᠬᠳᠠᠯ᠎ᠲᠠᠢ ᠶᠤᠮ᠃ ᠨᠢᠭᠡᠨ ᠬᠢᠷᠢ ᠲᠡᠩᠴᠡᠭᠰᠡᠨ ᠭᠡᠷ ᠪᠦᠯᠢ᠎ᠠᠴᠠ ᠨᠡᠶ᠋ᠢᠭᠡᠮ ᠳᠠᠶᠠᠭ᠋ᠠᠷ᠎ᠲᠤ ᠬᠡᠷᠡᠭᠴᠡᠭᠡ᠎ᠲᠠᠢ ᠬᠤᠶ᠋ᠢᠴᠢᠰ ᠮᠡᠨᠳᠦᠯᠡᠬᠦ᠎ᠨᠢ ᠳᠠᠮᠵᠢᠭ ᠦᠭᠡᠢ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠣᠲᠤᠭ᠎ᠤᠨ ᠠ᠋ᠮᠦᠨᠡᠲᠦ ᠬᠤᠰᠢᠭᠤᠨ᠎ᠤ
ᠬᠤᠶᠠᠳᠤᠭ᠋ᠠᠷ ᠳᠤᠮᠳᠠᠳᠤ ᠰᠤᠷᠭ᠋ᠠᠭᠤᠯᠢ
(ᠠᠯᠳᠠᠨᠰᠦᠭᠡ ᠨᠠᠢ᠍ᠢ᠍ᠷᠠᠭᠤᠯᠪᠠ)