ᠰᠠᠶ᠋ᠢᠵᠢᠷᠠᠭ᠍ᠣ
《ᠪᠡᠶ᠎ᠡ ᠲᠦᠪ ᠪᠣᠯᠪᠠᠰᠦ ᠳᠠᠭᠤᠷᠢᠶᠠᠯ᠂ ᠮᠡᠳᠡᠯᠭᠡ ᠭᠦᠨ ᠪᠣᠯᠪᠠᠰᠦ ᠪᠠᠭᠰᠢ》 ᠭᠡᠳᠡᠭᠴᠢᠯᠡᠨ ᠬᠡᠦᠬᠡᠳ᠎ᠤᠨ ᠰᠤᠷᠭ᠋ᠠᠨ ᠬᠦᠮᠦᠵᠢᠯ᠎ᠳᠤ ᠠᠪᠴᠦ ᠦᠵᠡᠪᠡᠯ᠂ ᠭᠡᠷ᠎ᠤᠨ ᠠᠬᠠᠮᠠᠳ᠎ᠤᠨ ᠬᠤᠪᠢ ᠬᠦᠮᠦᠨ᠎ᠤ ᠵᠠᠩ ᠠᠭ᠋ᠠᠰᠢ᠂ ᠮᠣᠷᠠᠯ ᠰᠣᠷᠲᠠᠯ᠂ ᠠ᠋ᠷᠳᠡᠮ ᠮᠡᠳᠡᠯᠭᠡ᠎ᠨᠢ ᠪᠦᠷ ᠯᠡ ᠬᠡᠦᠬᠡᠳ᠎ᠲᠤ ᠲᠠᠭᠤᠷᠢᠶᠠᠯ ᠪᠣᠯᠣᠨ᠎ᠠ᠃ ᠠᠷᠪᠠᠭ᠋ᠠᠳ ᠵᠢᠯ᠎ᠤᠨ ᠠ᠋ᠮᠦᠨ᠎ᠡ ᠨᠢᠭᠡ ᠣᠳᠠᠭ᠋ᠠᠨ᠎ᠤ ᠭᠡᠷ᠎ᠤᠨ ᠠᠬᠠᠮᠠᠳ᠎ᠤᠨ ᠰᠠᠭᠤᠳᠠᠯ᠎ᠤᠨ ᠬᠤᠷᠠᠯ᠎ᠳᠤ ᠭᠡᠷ᠎ᠤᠨ ᠠᠬᠠᠮᠠᠳ ᠬᠡᠳᠦᠨ ᠦᠭᠡ ᠬᠡᠯᠡᠨ᠎ᠡ ᠤᠤ ᠭᠡᠵᠦ ᠣᠷᠢᠭᠰᠠᠨ᠎ᠳᠤ᠂ ᠨᠢᠭᠡᠨ ᠭᠡᠷ᠎ᠤᠨ ᠠᠬᠠᠮᠠᠳ 《ᠪᠢ ᠨᠢᠭᠡ ᠲᠠᠷᠢᠶᠠᠴᠢᠨ ᠬᠦᠮᠦᠨ᠂ ᠬᠡᠦᠬᠡᠳ᠎ᠲᠤ ᠶᠠᠭᠤ ᠯᠡ ᠵᠢᠭ᠋ᠠᠨ᠎ᠠ ᠳ᠋ᠠ᠂ ᠬᠡᠦᠬᠡᠳ ᠬᠠᠰᠢ ᠯᠡ ᠪᠠᠭᠰᠢ ᠵᠢᠨ ᠵᠶ᠋ᠠᠨ ᠦᠭᠡ ᠵᠢ ᠰᠣᠨᠣᠰᠣᠨ᠎ᠠ》 ᠭᠡᠵᠤ ᠶᠠᠷᠢᠯ᠎ᠠ᠃ ᠠ᠋ᠨᠡ ᠪᠠᠳᠠᠭ ᠦᠭᠡ᠎ᠨᠢ ᠨᠠᠳᠠ᠎ᠳᠤ ᠲᠤᠩ ᠠᠶ᠎ᠠ ᠦᠭᠡᠢ ᠰᠠᠨᠠᠭᠳᠠᠵᠠᠢ᠃ 《ᠦᠰᠭᠡᠭᠡᠳ ᠰᠣᠷᠭ᠋ᠠᠬᠤ ᠦᠭᠡᠢ ᠪᠣᠯ ᠠᠪᠤ ᠡᠵᠢ ᠪᠣᠯᠣᠭᠰᠠᠳ᠎ᠤᠨ ᠠᠯᠳᠠᠭ᠎ᠠ᠂ ᠰᠣᠷᠭ᠋ᠠᠭ᠋ᠠᠳ ᠰᠣᠷᠬᠤ ᠦᠭᠡᠢ ᠪᠣᠯ ᠬᠡᠦᠬᠡᠳ ᠪᠣᠯᠣᠭᠰᠠᠳ᠎ᠤᠨ ᠪᠣᠷᠣᠭᠤ》 ᠭᠡᠳᠡᠭᠴᠢᠯᠡᠨ ᠮᠢᠨᠤ ᠦᠵᠡᠬᠦ᠎ᠪᠠᠷ ᠠᠪᠤ ᠡᠵᠢ ᠪᠣᠯᠣᠭᠰᠠᠳ᠎ᠨᠢ ᠬᠡᠦᠬᠡᠳ᠎ᠤᠨ ᠠᠩᠬᠠᠨ᠎ᠤ ᠪᠠᠭᠰᠢ᠂ ᠮᠥᠨᠴᠣ ᠨᠠᠰᠤᠨ ᠲᠤᠷᠰᠢᠳᠠ ᠵᠢᠨ ᠪᠠᠭᠰᠢ ᠮᠦᠨ᠃ ᠬᠡᠦᠬᠡᠳ᠎ᠤᠨ ᠨᠢᠭᠡ ᠨᠠᠰᠤᠨ᠎ᠳᠤ ᠭᠡᠷ᠎ᠤᠨ ᠠᠬᠠᠮᠠᠳ᠎ᠤᠨ ᠵᠠᠩ ᠠᠭ᠋ᠠᠰᠢ᠂ ᠮᠣᠷᠠᠯ ᠰᠣᠷᠲᠠᠯ᠂ ᠠ᠋ᠷᠳᠡᠮ ᠮᠡᠳᠡᠯᠭᠡ ᠵᠡᠷᠭᠡ᠎ᠨᠢ ᠬᠡᠦᠬᠡᠳ᠎ᠤᠨ ᠠ᠋ᠷᠡᠭᠦᠯ ᠵᠶ᠋ᠠᠷ ᠦᠰᠦᠨ ᠪᠣᠶ᠋ᠢᠵᠢᠨ ᠰᠤᠷᠭ᠋ᠠᠭᠳᠠᠨ ᠬᠦᠮᠦᠵᠢᠭᠳᠡᠬᠦ᠎ᠳᠤ ᠬᠠᠮᠤᠭ᠎ᠤᠨ ᠶᠡᠭᠡ ᠨᠦᠯᠦᠭᠡ ᠪᠣᠯᠣᠨ᠎ᠠ᠃ ᠬᠡᠦᠬᠡᠳ ᠠ᠋ᠨᠡ ᠶᠢᠷᠲᠢᠨᠴᠦ᠎ᠳᠤ ᠢᠷᠡᠬᠦ᠎ᠳᠤ᠎ᠪᠠᠨ ᠴᠠᠭ᠋ᠠᠨ ᠴᠠᠭ᠋ᠠᠰᠤ ᠠᠳᠠᠯᠢ ᠴᠡᠪᠡᠷᠬᠡᠨ ᠬᠤᠭᠤᠰᠤᠨ ᠪᠠᠶ᠋ᠢᠳᠠᠭ᠃ ᠠᠪᠤ ᠡᠵᠢ ᠪᠤᠯᠤᠭᠰᠠᠳ ᠬᠡᠦᠬᠡᠳ᠎ᠤᠨ ᠨᠢᠭᠡ ᠨᠠᠰᠣᠨ᠎ᠤ ᠠᠮᠢᠳᠣᠷᠠᠯ᠎ᠢ ᠡ᠊ᠨᠡ ᠭᠦ᠌ ᠴᠠᠭ᠋ᠠᠰᠣᠨ᠎ᠳᠤ ᠶᠡᠷᠦᠩᠬᠡᠢ ᠲᠦᠰᠦᠪ ᠭᠠᠷᠭ᠋ᠠᠨ᠂ ᠬᠠᠮᠤᠭ᠎ᠤᠨ ᠲᠦᠷᠦᠭᠦᠨ᠎ᠳᠤ ᠣᠷᠠᠯᠠᠨ ᠵᠢᠷᠣᠭᠴᠢᠯᠠᠨᠠ᠃ ᠬᠡᠷᠪᠡ ᠭᠡᠷ᠎ᠤᠨ ᠠᠬᠠᠮᠠᠳ ᠬᠠᠮᠢᠶ᠎ᠠ ᠨᠠᠮᠢᠶ᠎ᠠ ᠦᠭᠡᠢ ᠬᠠᠷ᠎ᠠ ᠪᠡᠭᠡ᠎ᠪᠠᠷ ᠪᠢᠯᠳᠠᠭ᠋ᠠᠳ ᠬᠠᠶᠠᠴᠢᠬᠠᠭᠰᠠᠨ ᠪᠣᠯ᠂ ᠬᠤᠵᠢᠮ ᠬᠤᠶ᠋ᠢᠰᠢ ᠪᠠᠭ᠎ᠠ ᠰᠣᠷᠭ᠋ᠠᠭᠤᠯᠢ᠂ ᠳᠣᠮᠳᠠᠲᠣ ᠰᠣᠷᠭ᠋ᠠᠭᠤᠯᠢ᠂ ᠶᠡᠭᠡ ᠰᠣᠷᠭ᠋ᠠᠭᠤᠯᠢ ᠵᠢᠴᠢ ᠨᠡᠶ᠋ᠢᠭᠡᠮ᠎ᠤᠨ ᠰᠣᠷᠭ᠋ᠠᠭᠤᠯᠢ᠎ᠶᠢᠨ ᠵᠠᠮ᠎ᠳᠤ ᠬᠡᠦᠬᠡᠳ ᠦᠩᠭᠡ ᠭᠢᠯᠪᠠᠭ᠎ᠠ ᠰᠠᠴᠣᠷᠠᠭᠰᠠᠨ ᠭᠡᠷᠡᠯ ᠰᠠᠴᠣᠷᠠᠩᠭᠤᠢ ᠬᠠᠭᠤᠳᠠᠰᠦ ᠵᠢ ᠵᠢᠷᠣᠭᠯᠠᠨ᠎ᠠ ᠭᠡᠳᠡᠭ ᠴᠢᠨᠢ ᠬᠤᠭᠤᠰᠣᠨ ᠦᠭᠡ᠃ ᠠᠪᠤ ᠡᠵᠢ ᠪᠣᠯᠣᠭᠰᠠᠳ ᠬᠡᠦᠬᠡᠳ᠎ᠤᠨ ᠵᠶ᠋ᠠᠨ ᠨᠢᠭᠡ ᠨᠠᠰᠣᠨ᠎ᠤ ᠢᠷᠡᠭᠡᠳᠦᠢ ᠵᠢ ᠪᠣᠳᠣᠯᠬᠢᠯᠠᠨ᠂ ᠬᠡᠦᠭᠡᠳ ᠵᠶ᠋ᠠᠨ ᠨᠡᠶ᠋ᠢᠭᠡᠮ ᠨᠡᠶ᠋ᠢᠳᠡ᠎ᠲᠤ ᠲᠣᠰᠠ᠎ᠲᠠᠢ᠂ ᠣᠯᠠᠨ ᠲᠦᠮᠡᠨ᠎ᠳᠤ᠎ᠪᠠᠨ ᠬᠦᠷᠢᠶᠡᠯᠡᠯᠲᠡᠢ ᠬᠦᠮᠦᠨ ᠪᠣᠯᠭ᠋ᠠᠵᠣ ᠬᠦᠮᠦᠵᠢᠭᠦᠯᠬᠦ᠎ᠪᠠᠷ ᠬᠦᠰᠡᠯ ᠪᠣᠯᠭ᠋ᠠᠨ᠂ ᠬᠡᠦᠬᠡᠳ᠎ᠲᠤ᠎ᠪᠠᠨ ᠦᠪᠡᠷ ᠵᠶ᠋ᠠᠨ ᠲᠠᠭᠤᠷᠢᠶᠠᠯ ᠪᠣᠯᠵᠣ᠂ ᠬᠡᠦᠬᠡᠳ᠎ᠲᠤ᠎ᠪᠠᠨ ᠢᠯᠡᠭᠦᠬᠡᠨ ᠵᠦᠪ ᠲᠠᠯ᠎ᠠ ᠵᠢᠨ ᠬᠦᠮᠦᠵᠢᠯ᠎ᠢ ᠬᠦᠷᠳᠡᠭᠡᠵᠤ᠂ ᠬᠡᠦᠬᠡᠳ ᠵᠶ᠋ᠠᠨ ᠶᠣᠰᠣ ᠮᠣᠷᠠᠯ᠂ ᠠ᠋ᠷᠳᠡᠮ ᠮᠡᠳᠡᠯᠭᠡ᠂ ᠪᠡᠶ᠎ᠡ ᠲᠠᠮᠢᠷ᠂ ᠣᠷ᠎ᠠ ᠠᠪᠢᠶᠠᠰ᠂ ᠭᠤᠸ᠎ᠡ ᠰᠠᠶ᠋ᠢᠬᠠᠨ ᠵᠡᠷᠭᠡ ᠡᠯ᠎ᠡ ᠲᠠᠯ᠎ᠠ᠎ᠪᠠᠷ ᠬᠦᠮᠦᠵᠢᠭᠦᠯᠬᠦ᠎ᠪᠠᠷ ᠱᠠᠭ᠋ᠠᠷᠳᠠᠯᠭ᠎ᠠ ᠪᠣᠯᠭ᠋ᠠᠨ ᠴᠢᠷᠮᠠᠶ᠋ᠢᠳᠠᠭ᠎ᠲᠤ ᠯᠡ ᠭᠦᠷᠪᠡᠯ᠂ ᠬᠡᠦᠬᠡᠳ᠎ᠤᠨ ᠵᠶ᠋ᠠᠨ ᠢᠷᠡᠭᠡᠳᠦᠢ ᠵᠢ ᠨᠡᠩ ᠭᠤᠶᠣ ᠰᠠᠶ᠋ᠢᠬᠠᠨ ᠭᠡᠷᠡᠯ ᠰᠠᠴᠣᠷᠠᠩᠭᠤᠢ ᠬᠠᠭᠤᠳᠠᠰᠣ ᠪᠣᠯᠭ᠋ᠠᠨ ᠵᠢᠷᠣᠭᠯᠠᠵᠣ ᠳᠡᠶ᠋ᠢᠯᠦᠨ᠎ᠡ ᠭᠡᠳᠡᠭ᠎ᠢ ᠢᠲᠡᠭᠡᠬᠦ ᠬᠡᠷᠡᠭᠲᠡᠢ᠃
ᠠᠪᠤ ᠡᠵᠢ ᠪᠣᠯᠣᠭᠰᠠᠳ ᠬᠡᠦᠬᠡᠳ᠎ᠲᠤ᠎ᠪᠠᠨ ᠵᠢᠭ᠋ᠠᠬᠤ ᠵᠦᠢ᠍ᠯ᠎ᠨᠢ ᠣᠯᠠᠨ᠎ᠠᠴᠠ ᠣᠯᠠᠨ᠂ ᠤᠯᠠᠨᠭ᠌ᠬᠢ ᠭᠡᠷ᠎ᠤᠨ ᠠᠬᠠᠮᠠᠳ᠎ᠤᠨ ᠣᠶ᠋ᠢᠯᠠᠭ᠋ᠠᠵᠣ ᠪᠠᠶ᠋ᠢᠭ᠎ᠠ ᠰᠣᠷᠭ᠋ᠠᠨ ᠬᠥᠮᠥᠵᠢᠯ ᠭᠡᠳᠡᠭ᠎ᠨᠢ ᠲᠠᠩ ᠭᠠᠭᠴᠠ ᠬᠢᠴᠢᠶᠡᠯ᠎ᠤᠨ ᠪᠢᠴᠢᠭᠳᠤᠬᠢ ᠰᠢᠨᠵᠢᠯᠡᠬᠦ ᠣᠬᠠᠭ᠋ᠠᠨ᠎ᠤ ᠮᠡᠳᠡᠯᠭᠡ ᠵᠢᠨ ᠰᠣᠷᠭ᠋ᠠᠨ ᠬᠥᠮᠥᠵᠢᠯ ᠪᠣᠯᠣᠨ᠎ᠠ᠃ ᠬᠡᠣᠬᠡᠳ᠎ᠤᠨ ᠰᠣᠷᠭ᠋ᠠᠨ ᠬᠥᠮᠥᠵᠢᠯ᠎ᠨᠢ ᠲᠠᠩ ᠭᠠᠭᠴᠠ ᠰᠢᠨᠵᠢᠯᠡᠬᠦ ᠣᠬᠠᠭ᠋ᠠᠨ᠎ᠤ ᠮᠡᠳᠡᠯᠭᠡ ᠵᠢᠨ ᠰᠣᠷᠭ᠋ᠠᠨ ᠬᠥᠮᠥᠵᠢᠯ ᠪᠢᠰᠢ᠂ ᠨᠡᠩ ᠴᠢᠬᠤᠯᠠ᠎ᠨᠢ ᠶᠣᠰᠣ ᠮᠣᠷᠠᠯ᠎ᠤᠨ ᠰᠣᠷᠭ᠋ᠠᠨ ᠬᠥᠮᠥᠵᠢᠯ ᠪᠣᠯᠬᠤ ᠵᠢ ᠣᠶ᠋ᠢᠯᠠᠭ᠋ᠠᠬᠤ ᠴᠢᠬᠤᠯᠠᠳᠠᠢ᠃ ᠮᠢᠨᠣ ᠦᠵᠡᠬᠦ᠎ᠪᠠᠷ ᠬᠡᠦᠭᠡᠳ᠎ᠤᠨ ᠰᠣᠷᠭ᠋ᠠᠨ ᠬᠦᠮᠦᠵᠢᠯ᠎ᠳᠤ ᠳᠣᠣᠷᠠᠬᠢ ᠭᠤᠷᠪᠠᠨ ᠲᠠᠯ᠎ᠠ᠎ᠪᠠᠷ ᠣᠨᠴᠠᠭ᠋ᠠᠶ᠋ᠢᠯᠠᠨ ᠠᠩᠬᠠᠷᠣᠯ᠎ᠳᠤ ᠠᠪᠴᠣ᠂ ᠬᠡᠦᠬᠡᠳ᠎ᠲᠤ᠎ᠪᠠᠨ ᠳᠠᠭᠤᠷᠢᠶᠠᠯ ᠪᠣᠯᠬᠤ ᠴᠢᠬᠤᠯᠠᠲᠠᠢ ᠭᠡᠳᠡᠭ᠎ᠢ ᠣᠶ᠋ᠢᠯᠠᠭ᠋ᠠᠬᠤ ᠬᠡᠷᠡᠭᠲᠡᠢ᠃
1. ᠭᠡᠷ᠎ᠤᠨ ᠠᠬᠠᠮᠠᠳ ᠦᠪᠡᠷ᠎ᠤᠨ ᠠᠪᠤ ᠡᠵᠢ᠂ ᠠᠬᠠᠰ ᠵᠠᠭ᠍ᠠᠰ ᠵᠢᠴᠢ ᠠᠶ᠋ᠢᠯ ᠠᠶ᠋ᠢᠮᠠᠭ᠎ᠤᠨ ᠠᠬᠠᠮᠠᠳ ᠵᠶ᠋ᠠᠨ ᠭᠦᠨᠳᠦᠳᠭᠡᠬᠦ ᠴᠢᠬᠤᠯᠨ᠎ᠲᠠᠢ᠃ ᠭᠡᠷ᠎ᠤᠨ ᠠᠬᠠᠮᠠᠳ ᠦᠪᠡᠷ᠎ᠤᠨ ᠠᠪᠤ ᠡᠵᠢ᠂ ᠠᠬᠠᠰ ᠵᠠᠭ᠍ᠠᠰ ᠵᠶ᠋ᠠᠨ ᠬᠦᠨᠳᠦᠳᠭᠡᠨ ᠬᠠᠶ᠋ᠢᠷᠠᠯᠠᠳᠠᠭ᠎ᠲᠤ ᠯᠡ ᠬᠦᠷᠪᠡᠯ ᠬᠡᠦᠬᠡᠳ᠎ᠲᠤ᠎ᠪᠠᠨ ᠳᠠᠭᠤᠷᠢᠶᠠᠯ ᠪᠣᠯᠵᠣ᠂ ᠬᠡᠦᠬᠡᠳ ᠴᠤ᠌ ᠭᠡᠷ᠎ᠤᠨ ᠠᠬᠠᠮᠠᠳ ᠵᠶ᠋ᠠᠨ ᠳᠠᠭᠤᠷᠢᠶᠠᠨ ᠠᠪᠤ ᠡᠵᠢ᠎ᠪᠠᠨ ᠭᠦᠨᠳᠦᠳᠭᠡᠨ ᠬᠠᠶ᠋ᠢᠷᠠᠯᠠᠵᠣ᠂ ᠠᠪᠤ ᠡᠵᠢ ᠵᠢᠨ ᠵᠶ᠋ᠠᠨ ᠰᠣᠷᠭ᠋ᠠᠯ ᠵᠠᠬᠢᠶ᠎ᠡ ᠵᠢ ᠵᠢᠷᠣᠮᠯᠡᠨ ᠲᠠᠭ᠋ᠠᠵᠣ᠂ ᠠᠪᠤ ᠡᠵᠢ ᠵᠢᠨ᠎ᠢᠶᠠᠨ ᠰᠠᠶ᠋ᠢᠨ ᠰᠠᠶ᠋ᠢᠬᠠᠨ ᠵᠠᠩ ᠠᠭ᠋ᠠᠯᠢ ᠮᠣᠷᠠᠯ ᠰᠣᠷᠳᠠᠯ᠎ᠢ ᠰᠢᠯᠢᠳᠡᠭ ᠵᠶ᠋ᠠᠷ ᠵᠠᠯᠭ᠋ᠠᠮᠵᠢᠯᠠᠨ ᠰᠢᠯᠢᠳᠡᠭ ᠵᠶ᠋ᠠᠷ ᠬᠦᠮᠦᠵᠢᠭᠳᠡᠨ᠎ᠡ᠃ ᠣᠯᠠᠩᠬᠢ ᠭᠡᠷ᠎ᠤᠨ ᠠᠬᠠᠮᠠᠳ ᠪᠦᠷ ᠯᠡ ᠬᠡᠦᠬᠡᠳ ᠪᠠᠭᠰᠢ ᠵᠢᠨ ᠵᠶ᠋ᠠᠨ ᠦᠭᠡ ᠵᠢ ᠰᠣᠨᠣᠰᠣᠨ᠎ᠠ ᠭᠡᠵᠦ ᠦᠵᠡᠳᠡᠭ᠃ ᠦᠪᠡᠷ᠎ᠤᠨ ᠠᠪᠤ ᠡᠵᠢ᠎ᠪᠠᠨ ᠬᠦᠨᠳᠦᠳᠬᠡᠬᠦ ᠦᠭᠡᠢ ᠬᠦᠮᠦᠨ ᠪᠣᠰᠣᠳ ᠬᠦᠮᠦᠨ᠎ᠢ ᠬᠦᠨᠳᠦᠳᠭᠡᠬᠦ ᠭᠡᠳᠡᠭ ᠴᠢᠨᠢ ᠬᠤᠳᠠᠯ ᠦᠭᠡ᠂ ᠦᠪᠡᠷ᠎ᠤᠨ ᠠᠪᠤ ᠡᠵᠢ᠎ᠪᠠᠨ ᠬᠠᠶ᠋ᠢᠷᠠᠯᠠᠭ᠍ᠣ ᠦᠭᠡᠢ ᠬᠦᠮᠦᠨ ᠪᠣᠰᠣᠳ ᠬᠦᠮᠦᠨ᠎ᠢ ᠬᠠᠶ᠋ᠢᠷᠠᠯᠠᠭ᠍ᠣ ᠭᠡᠳᠡᠭ ᠴᠢᠨᠢ ᠭᠤᠨᠵᠢ ᠵᠢᠨ ᠵᠣᠭᠤᠭ᠃ ᠠ᠋ᠶ᠋ᠢᠮᠦ᠎ᠠᠴᠠ ᠭᠡᠷ᠎ᠤᠨ ᠠᠬᠠᠮᠠᠳ ᠬᠡᠦᠬᠡᠳ᠎ᠲᠤ ᠮᠣᠷᠠᠯ ᠰᠣᠷᠲᠠᠯ᠎ᠤᠨ ᠲᠠᠯ᠎ᠠ᠎ᠪᠠᠷ ᠠ᠋ᠷᠬᠡᠪᠰᠢ ᠬᠡᠪ ᠳᠠᠭᠤᠷᠢᠶᠠᠯ ᠪᠣᠯᠬᠤ ᠴᠢᠬᠤᠯᠠᠲᠠᠢ᠃ ᠢᠩᠭᠢᠪᠡᠯ ᠰᠠᠶᠢ ᠬᠡᠦᠬᠡᠳ ᠠᠪᠤ ᠡᠵᠢ ᠵᠢᠨ ᠦᠭᠡ ᠵᠢ ᠰᠣᠨᠣᠰᠴᠣ᠂ ᠦᠪᠡᠷ᠎ᠤᠨ ᠪᠡᠶ᠎ᠡ᠎ᠪᠠᠨ ᠴᠢᠩᠭ᠎ᠠ ᠱᠠᠭ᠋ᠠᠷᠳᠠᠨ᠂ ᠪᠠᠭᠰᠢ ᠵᠢᠨ ᠦᠭᠡ ᠵᠢ ᠰᠣᠨᠣᠰᠴᠣ᠂ ᠰᠣᠷᠭ᠋ᠠᠭᠤᠯᠢ ᠵᠢᠨ ᠰᠠᠬᠢᠯᠭ᠎ᠠ ᠪᠠᠲᠣ ᠵᠢ ᠰᠠᠬᠢᠨ᠂ ᠬᠢᠴᠢᠶᠡᠯ᠎ᠤᠨ ᠴᠠᠭ ᠪᠠᠭᠰᠢ ᠵᠢᠨ ᠲᠠᠶ᠋ᠢᠯᠪᠣᠷᠢᠯᠠᠭ᠍ᠣ ᠵᠢ ᠠᠩᠬᠠᠷᠣᠨ ᠰᠣᠨᠣᠰᠴᠣ᠂ ᠰᠣᠯᠠ ᠰᠡᠯᠡᠭᠦᠦ ᠴᠠᠭ᠎ᠢ ᠠᠰᠢᠭᠯᠠᠨ ᠢᠯᠡᠭᠦᠬᠡᠨ ᠰᠢᠭ ᠬᠢᠴᠢᠶᠡᠯ᠎ᠤᠨ ᠪᠢᠴᠢᠭ᠎ᠲᠤ᠎ᠪᠠᠨ ᠰᠢᠮᠳᠠᠵᠣ᠂ ᠰᠣᠷᠣᠯᠭ᠎ᠠ ᠠᠮᠢᠳᠣᠷᠠᠯ᠎ᠳᠤ᠎ᠪᠠᠨ ᠢᠲᠡᠭᠡᠯ᠎ᠲᠠᠢ᠎ᠪᠠᠷ ᠢᠯᠡᠬᠦᠬᠡᠨ ᠬᠦᠴᠦ ᠬᠦᠯᠦᠰᠦ ᠣᠷᠣᠰᠬᠠᠨ ᠴᠢᠷᠮᠠᠶ᠋ᠢᠳᠠᠭ᠎ᠲᠤ ᠯᠡ ᠬᠦᠷᠪᠡᠯ ᠨᠡᠯᠢᠶᠡᠳ ᠰᠠᠶ᠋ᠢᠨ ᠠᠮᠵᠢᠯᠲᠠ ᠪᠦᠲᠦᠭᠡᠯ ᠤᠯᠵᠤ ᠪᠤᠯᠬᠤ ᠶᠤᠮ᠃
2. ᠭᠡᠷ᠎ᠤᠨ ᠠᠬᠠᠮᠡᠳ ᠦᠪᠡᠷ᠎ᠤᠨ ᠰᠠᠳᠣᠨ ᠲᠦᠷᠦᠯ᠂ ᠠᠶ᠋ᠢᠯ ᠠᠶ᠋ᠢᠮᠠᠭᠲᠠᠢᠪᠠᠨ ᠠ᠋ᠶᠡᠯᠳᠡᠭ ᠲᠣᠳᠣᠨᠣ ᠶᠠᠪᠣᠯᠴᠠᠵᠣ᠂ ᠬᠡᠦᠬᠡᠳ᠎ᠲᠤ᠎ᠪᠠᠨ ᠬᠡᠪ ᠳᠦᠷᠢᠮ ᠪᠣᠯᠬᠤ ᠬᠡᠷᠡᠭᠳᠡᠢ᠃ ᠭᠡᠷ᠎ᠤᠨ ᠠᠬᠠᠮᠠᠳ ᠬᠡᠷᠪᠡ ᠦᠪᠡᠷ᠎ᠤᠨ ᠰᠠᠳᠣᠨ ᠲᠦᠷᠣᠯ᠂ ᠠᠶ᠋ᠢᠯ ᠠᠶ᠋ᠢᠮᠠᠭ ᠪᠠ ᠠᠬ᠎ᠠ ᠳᠡᠭᠦᠦ ᠲᠦᠷᠦᠯ ᠰᠠᠳᠣᠨ ᠲ᠋ᠠᠢ ᠪᠠᠨ ᠠ᠋ᠶᠡᠯᠳᠡᠭ ᠶᠠᠪᠣᠯᠴᠠᠳᠠᠭ ᠲᠤ ᠯᠡ ᠬᠦᠷᠪᠡᠯ᠂ ᠬᠡᠦᠬᠡᠳ ᠴᠤ᠌ ᠬᠠᠮᠲᠦ ᠰᠣᠷᠦᠯᠭ᠋ᠠᠳᠠᠨ᠂ ᠨᠠᠶ᠋ᠢᠵᠢ ᠨᠦᠬᠦᠳ᠎ᠲᠠᠢ᠎ᠪᠠᠨ ᠠ᠋ᠶᠡᠯᠳᠡᠭ ᠶᠠᠪᠣᠯᠴᠠᠨ᠂ ᠬᠠᠷᠢᠯᠴᠠᠨ ᠬᠠᠪᠰᠣᠷᠣᠯᠴᠠᠨ᠂ ᠬᠠᠷᠢᠯᠴᠠᠨ ᠬᠠᠮᠵᠢᠯᠴᠠᠨ᠂ ᠬᠡᠷᠡᠭ ᠶᠠᠪᠣᠳᠠᠯ᠎ᠢ ᠬᠠᠮᠲᠦᠪᠡᠷ ᠶᠠᠷᠢᠯᠴᠠᠨ ᠰᠢᠢ᠍ᠳᠪᠣᠷᠢᠯᠡᠵᠦ᠂ ᠬᠠᠮᠲᠣ᠎ᠪᠠᠷ ᠳᠠᠪᠰᠢᠬᠤ ᠵᠢ ᠠ᠋ᠷᠬᠢᠮᠯᠡᠳᠡᠭ᠎ᠲᠤ ᠯᠡ ᠬᠦᠷᠪᠡᠯ᠂ ᠰᠣᠷᠭ᠋ᠠᠭᠤᠯᠢ᠎ᠳᠤ ᠪᠠᠶ᠋ᠢᠬᠤ ᠬᠤᠭᠤᠴᠠᠭ᠋ᠠᠨ᠎ᠳᠤ᠎ᠪᠠᠨ ᠬᠡᠷᠡᠭᠦᠯ ᠵᠣᠳᠣᠭ᠋ᠠᠨ᠎ᠳᠤ ᠣᠷᠣᠯᠴᠠᠭ᠍ᠣ ᠦᠭᠡᠢ᠂ ᠠᠷᠢᠬᠢ ᠳᠠᠮᠠᠬᠢ ᠲᠠᠲᠠᠭ᠍ᠣ ᠦᠭᠡᠢ᠂ ᠲᠣᠣᠷ ᠰᠦᠯᠵᠢᠶᠡᠨ᠎ᠳᠤ ᠭᠦᠶᠦᠭᠦ ᠦᠭᠡᠢ᠂ ᠰᠣᠷᠭ᠋ᠠᠭᠤᠯᠢ ᠵᠢᠨ ᠰᠠᠬᠢᠯᠭ᠎ᠠ ᠪᠠᠲᠣ ᠶᠣᠰᠣ ᠮᠣᠷᠠᠯ᠎ᠢ ᠵᠢᠷᠤᠮᠯᠡᠨ ᠲᠠᠭ᠋ᠠᠳᠠᠭ ᠰᠠᠶ᠋ᠢᠨ ᠰᠣᠷᠣᠭᠴᠢ ᠪᠣᠯᠵᠣ ᠬᠦᠮᠦᠵᠢᠭᠳᠡᠬᠦ ᠣᠴᠢᠷ᠎ᠠᠴᠠ ᠬᠡᠦᠬᠡᠳ᠎ᠤᠨ ᠢᠷᠡᠭᠡᠳᠦᠢ ᠨᠡᠩ ᠭᠡᠭᠡᠨ ᠰᠠᠷᠠᠭᠤᠯ ᠪᠣᠯᠣᠨ᠎ᠠ᠃
3. ᠭᠡᠷ᠎ᠤᠨ ᠠᠬᠠᠮᠠᠳ ᠭᠡᠷ ᠪᠦᠯᠢ ᠵᠢᠨ ᠠᠳᠠᠯ ᠠᠮᠢᠳᠣᠷᠠᠯ ᠵᠶ᠋ᠠᠨ ᠵᠣᠬᠢᠰᠳᠠᠢ ᠲᠣᠬᠢᠷᠠᠭᠤᠯᠣᠨ᠂ ᠠᠵᠢᠯ ᠬᠦᠳᠡᠯᠮᠦᠷᠢ᠎ᠳᠤ ᠢᠳᠡᠪᠬᠢᠲᠡᠢ ᠣᠷᠣᠯᠴᠠᠨ᠂ ᠭᠡᠷ᠎ᠤᠨ ᠠᠮᠢᠳᠣᠷᠠᠯ ᠦᠭᠡᠳᠡ ᠠ᠋ᠰᠡᠷᠡᠭ ᠪᠠᠶ᠋ᠢᠵᠣ᠂ ᠠᠷᠢᠬᠢᠨ᠎ᠳᠤ ᠲᠠᠪᠲᠣᠵᠣ ᠨᠠᠭ᠋ᠠᠳᠣᠮ᠎ᠳᠤ ᠰᠢᠨᠣᠬᠤ ᠦᠭᠡᠢ᠂ ᠭᠡᠷ ᠪᠦᠯᠢ ᠵᠢᠨ ᠲᠣᠲᠣᠷ᠎ᠠ᠎ᠪᠠᠨ ᠠ᠋ᠶ᠎ᠡ ᠡᠪᠲᠠᠢ ᠪᠠᠶ᠋ᠢᠬᠤ ᠲᠠᠯ᠎ᠠ᠎ᠪᠠᠷ ᠬᠡᠦᠬᠡᠳ᠎ᠲᠤ᠎ᠪᠠᠨ ᠬᠡᠪ ᠲᠦᠷᠢᠮ ᠪᠣᠯᠬᠤ ᠴᠢᠬᠤᠯᠠᠲᠠᠢ᠃ ᠭᠡᠷ᠎ᠤᠨ ᠠᠬᠠᠮᠠᠳ ᠡᠷ᠎ᠡ ᠡᠮ᠎ᠡ ᠬᠤᠶᠠᠭᠤᠯᠠ᠎ᠪᠠᠨ ᠠ᠋ᠶ᠎ᠡ ᠡᠪᠳᠡᠢ᠂ ᠭᠡᠷ᠎ᠤᠨ ᠠᠮᠢᠳᠣᠷᠠᠯ᠎ᠤᠨ ᠲᠦᠯᠦᠭᠡ ᠮᠡᠷᠡᠶ᠋ᠢᠨ ᠴᠢᠷᠮᠠᠶ᠋ᠢᠵᠣ ᠪᠠᠶ᠋ᠢᠪᠠᠯ ᠬᠡᠦᠬᠡᠳ᠎ᠲᠤ᠎ᠪᠠᠨ ᠬᠡᠪ ᠳᠠᠭᠤᠷᠢᠶᠠᠯ ᠪᠣᠯᠵᠣ᠂ ᠬᠡᠦᠬᠡᠳ᠎ᠤᠨ ᠰᠡᠳᠬᠢᠯ᠎ᠳᠤ ᠨᠠᠷᠠ ᠰᠢᠬ ᠭᠡᠷᠡᠯᠲᠡᠢ ᠪᠣᠯᠣᠨ᠎ᠠ᠃ ᠠ᠋ᠶ᠎ᠡ ᠨᠠᠶ᠋ᠢᠷᠲᠠᠢ ᠭᠡᠷ ᠪᠦᠯᠢ᠎ᠨᠢ ᠣᠬᠠᠭ᠋ᠠᠨ ᠲᠦᠬᠦᠭᠡ᠎ᠲᠠᠢ ᠬᠡᠦᠬᠡᠳ ᠬᠦᠮᠦᠵᠢᠭᠦᠯᠵᠦ ᠭᠠᠷᠭ᠋ᠠᠬᠤ᠎ᠨᠢ ᠯᠠᠪᠲᠠᠢ᠃ ᠭᠡᠷ ᠪᠦᠯᠢ ᠵᠢᠨ ᠠ᠋ᠶ᠎ᠡ ᠨᠠᠶ᠋ᠢᠷᠲᠠᠢ ᠠᠮᠢᠳᠣᠷᠠᠯ᠎ᠨᠢ ᠬᠡᠦᠬᠡᠳ᠎ᠤᠨ ᠨᠢᠭᠡ ᠨᠠᠰᠣᠨ᠎ᠳᠤ ᠨᠦᠯᠦᠭᠡ ᠪᠣᠯᠣᠨ᠎ᠠ᠃ ᠭᠡᠷ᠎ᠤᠨ ᠠᠬᠠᠮᠠᠳ ᠭᠡᠷ ᠪᠦᠯᠢ᠎ᠳᠤ᠎ᠪᠠᠨ ᠠ᠋ᠶ᠎ᠡ ᠡᠪᠲᠡᠢ᠂ ᠠᠳᠠᠯ ᠠᠮᠢᠳᠣᠷᠠᠯ ᠦᠭᠡᠳᠡ ᠠ᠋ᠰᠡᠷᠡᠭ᠂ ᠠᠵᠢᠯ ᠬᠦᠳᠡᠯᠮᠦᠷᠢ᠎ᠳᠤ ᠢᠳᠡᠪᠬᠢᠲᠡᠢ ᠣᠷᠣᠯᠴᠠᠳᠠᠭ᠎ᠲᠤ ᠯᠡ ᠬᠦᠷᠪᠡᠯ᠂ ᠬᠡᠦᠬᠡᠳ᠎ᠨᠢ ᠠᠪᠤ ᠡᠵᠢ᠎ᠪᠠᠨ ᠲᠠᠭᠤᠷᠢᠶᠠᠨ ᠦᠪᠡᠷ᠎ᠤᠨ ᠰᠣᠷᠣᠯᠭ᠎ᠠ ᠠᠮᠢᠳᠣᠷᠠᠯ᠎ᠳᠤ᠎ᠪᠠᠨ ᠮᠡᠷᠡᠶ᠋ᠢᠨ ᠴᠢᠷᠮᠠᠶ᠋ᠢᠵᠣ᠂ ᠪᠠᠭᠰᠢ ᠵᠢᠨ ᠦᠭᠡ ᠵᠢ ᠰᠣᠨᠣᠰᠴᠣ᠂ ᠰᠢᠯᠢᠳᠡᠭ ᠬᠢᠷᠢ ᠪᠦᠳᠦᠮᠵᠢ᠎ᠪᠠᠷ ᠰᠣᠶᠣᠯ ᠰᠣᠷᠣᠯᠭ᠎ᠠ ᠵᠢᠨ ᠵᠠᠮ ᠵᠶ᠋ᠠᠨ ᠬᠦᠭᠡᠭᠡᠵᠣ᠂ ᠬᠤᠵᠢᠮ ᠢᠷᠡᠭᠡᠳᠦᠢ᠎ᠳᠤ ᠣᠯᠣᠰ ᠦᠨᠳᠦᠰᠦᠳᠡᠨ᠂ ᠭᠡᠷ ᠪᠦᠯᠢ᠎ᠳᠤ᠎ᠪᠠᠨ ᠬᠡᠷᠡᠭᠴᠡᠭᠡ᠎ᠲᠠᠢ ᠬᠦᠮᠦᠨ ᠪᠣᠯᠵᠣ ᠬᠦᠮᠦᠵᠢᠭᠳᠡᠵᠣ ᠳᠡᠶ᠋ᠢᠯᠦᠨ᠎ᠡ᠃
ᠭᠡᠷ᠎ᠤᠨ ᠠᠬᠠᠮᠠᠳ ᠬᠡᠦᠬᠡᠳ᠎ᠤᠨ ᠬᠦᠮᠦᠵᠢᠯ᠎ᠳᠤ ᠳᠡᠭᠡᠷᠡᠬᠢ ᠭᠤᠷᠪᠠᠨ ᠵᠦᠢ᠍ᠯ᠎ᠤᠨ ᠠᠩᠬᠠᠷᠠᠭ᠍ᠣ ᠵᠦᠢ᠍ᠯ᠎ᠢ ᠲᠣᠳᠣᠷᠬᠠᠢ ᠣᠶ᠋ᠢᠯᠠᠭ᠋ᠠᠨ ᠶᠠᠪᠣᠭᠳᠠᠭᠤᠯᠬᠤᠳᠤᠪᠠᠨ ᠪᠠᠰᠠ ᠭᠤᠷᠪᠠᠨ ᠲᠠᠯ᠎ᠠ ᠵᠢᠨ ᠵᠠᠷᠣᠴᠠᠭᠤᠯᠭ᠎ᠠ ᠪᠠᠶ᠋ᠢᠬᠤ ᠴᠢᠬᠤᠯᠠᠲᠠᠢ᠃ ᠠ᠋ᠭᠦᠨ᠎ᠳᠤ ᠨᠢᠭᠡᠳᠦᠭᠡᠷ᠎ᠨᠢ᠂ ᠬᠠᠶ᠋ᠢᠷ᠎ᠠ ᠰᠡᠳᠬᠢᠯᠭᠡ᠎ᠪᠠᠨ ᠦᠷᠡᠭᠳᠡᠭᠦᠯᠬᠦ ᠬᠡᠷᠡᠭᠲᠡᠢ᠃ ᠬᠤᠶᠠᠳᠣᠭ᠋ᠠᠷ᠎ᠨᠢ᠂ ᠣᠶᠣᠨ ᠣᠬᠠᠭ᠋ᠠᠨ ᠵᠶ᠋ᠠᠨ ᠵᠦᠳᠡᠭᠡᠬᠦ ᠬᠡᠷᠡᠭᠲᠡᠢ᠃ ᠭᠤᠷᠪᠠᠳᠣᠭ᠋ᠠᠷ᠎ᠨᠢ᠂ ᠵᠣᠭᠤᠰ ᠮᠦᠩᠭᠦ᠎ᠪᠠᠨ ᠵᠠᠷᠣᠴᠠᠭᠤᠯᠬᠤ ᠬᠡᠷᠡᠭᠲᠡᠢ᠃ ᠣᠳᠣ ᠵᠢᠨ ᠭᠡᠷ᠎ᠤᠨ ᠠᠬᠠᠮᠠᠳ ᠵᠦᠪᠬᠡᠨ ᠵᠣᠭᠤᠰ ᠮᠦᠩᠭᠦ ᠵᠢᠨ ᠵᠠᠷᠣᠴᠠᠭᠤᠯᠭ᠎ᠠ ᠵᠢ ᠬᠦᠨᠳᠦᠳᠭᠡᠨ᠂ ᠬᠠᠶ᠋ᠢᠷ᠎ᠠ ᠰᠡᠳᠬᠢᠯᠭᠡ ᠪᠠ ᠣᠶᠣᠨ ᠣᠬᠠᠭ᠋ᠠᠨ᠎ᠤ ᠵᠠᠷᠣᠴᠠᠭᠤᠯᠭ᠎ᠠ ᠵᠢ ᠬᠦᠩᠭᠡᠪᠴᠢᠯᠡᠳᠡᠭ᠃ ᠬᠤᠭᠤᠴᠠᠭ᠋ᠠᠨ ᠡᠴᠦᠰ᠎ᠲᠤ ᠠ᠋ᠰᠡᠭᠦᠯ᠎ᠡ ᠣᠯᠣᠰ᠎ᠤᠨ ᠰᠢᠯᠭ᠋ᠠᠯᠳᠠ ᠵᠢᠨ ᠰᠡᠭᠦᠯᠡᠷ᠂ ᠬᠡᠦᠬᠡᠳ᠎ᠨᠢ ᠭᠡᠷ᠎ᠲᠤ᠎ᠪᠠᠨ ᠠᠨᠠᠶ᠋ᠢᠬᠠᠨ ᠬᠢᠷᠢ ᠪᠦᠳᠦᠮᠵᠢ᠎ᠪᠠᠷ ᠬᠠᠷᠢᠬᠤ᠎ᠳᠤ᠂ ᠴᠢᠨᠦ ᠵᠠᠷᠣᠬᠤ ᠵᠣᠭᠤᠰ᠎ᠢ ᠬᠦᠮᠦᠨ᠎ᠠᠴᠠ ᠲᠣᠳᠠᠭᠤ ᠦᠭᠴᠦ ᠦᠦ? ᠵᠣᠭᠤᠰ ᠵᠶ᠋ᠠᠨ ᠪᠠᠷᠠᠭ᠋ᠠᠳ ᠰᠣᠷᠣᠭᠰᠠᠨ ᠶᠠᠭᠤᠮ᠎ᠠ ᠦᠭᠡᠢ ᠭᠡᠵᠦ ᠨᠢᠳᠦ ᠠ᠋ᠷᠡᠶ᠋ᠢᠨ ᠪᠠᠷᠬᠢᠷᠠᠳᠠᠭ᠃ ᠠ᠋ᠨᠡ ᠦᠶ᠎ᠡ᠎ᠳᠤ ᠨᠢᠭᠡᠨᠲᠡ ᠣᠷᠣᠶ᠋ᠢᠲᠠᠪᠠ᠃ ᠶᠠᠭ ᠰᠠᠶ᠋ᠢᠬᠠᠨ ᠬᠠᠪᠣᠷ᠎ᠲᠤ ᠭᠠᠩᠳᠠᠨ᠂ ᠵᠣᠨ᠎ᠳᠤ ᠣᠰᠣᠳᠠᠨ᠂ ᠨᠠᠮᠣᠷ᠎ᠤᠨ ᠰᠡᠭᠦᠯ ᠰᠢᠪᠲᠣᠷᠬᠤᠳᠤ ᠬᠤᠷ᠎ᠠ ᠪᠣᠷᠣᠭ᠋ᠠᠨ᠎ᠨᠢ ᠲᠣᠰᠴᠢᠬᠠᠯᠠ ᠭᠡᠳ ᠬᠤᠷᠢᠶᠠᠨ ᠣᠯᠬᠤ ᠵᠦᠢ᠍ᠯ᠎ᠨᠢ ᠪᠠᠭ᠎ᠠ ᠰᠢᠭ ᠬᠠᠶ᠋ᠢᠷ᠎ᠠ ᠰᠡᠳᠬᠢᠯᠭᠡ ᠵᠢᠨ ᠦᠷᠡᠭᠳᠡᠯ ᠭᠡᠳᠡᠭ᠎ᠨᠢ ᠭᠡᠷ᠎ᠤᠨ ᠠᠬᠠᠮᠠᠳ ᠬᠡᠦᠬᠡᠳ᠎ᠲᠠᠢ᠎ᠪᠠᠨ ᠢᠯᠡᠭᠦᠬᠡᠨ ᠶᠠᠷᠢᠯᠴᠠᠵᠣ᠂ ᠬᠡᠦᠭᠡᠳ᠎ᠤᠨ ᠵᠶ᠋ᠠᠨ ᠰᠡᠳᠬᠢᠯ᠎ᠤᠨ ᠪᠠᠶ᠋ᠢᠳᠠᠯ᠎ᠢ ᠣᠶ᠋ᠢᠯᠠᠭ᠋ᠠᠵᠣ᠂ ᠴᠠᠭ ᠲᠣᠬᠠᠢᠳᠤᠨᠢ ᠬᠡᠦᠬᠡᠳ᠎ᠤᠨ ᠵᠶ᠋ᠠᠨ ᠪᠣᠳᠠᠳᠠᠢ ᠪᠠᠶ᠋ᠢᠳᠠᠯ᠎ᠳᠤ ᠴᠢᠭᠯᠡᠭᠦᠯᠵᠤ᠂ ᠬᠦᠮᠦᠵᠢᠯ ᠰᠣᠷᠭ᠋ᠠᠯ ᠣᠯᠭᠤᠵᠣ᠂ ᠬᠡᠦᠭᠡᠳ᠎ᠤᠨ ᠬᠦᠮᠦᠨ ᠪᠣᠯᠵᠣ ᠬᠦᠮᠦᠵᠢᠬᠦ ᠵᠠᠮ᠎ᠳᠤ ᠲᠦᠰᠢᠭ ᠲᠣᠯᠭ᠋ᠠᠭᠤᠷᠢ ᠪᠣᠯᠵᠣ᠂ ᠬᠡᠦᠬᠡᠳ᠎ᠤᠨ ᠢᠷᠡᠭᠡᠳᠦᠢ ᠵᠢᠨ ᠵᠠᠮ᠎ᠳᠤ ᠭᠡᠷᠡᠯ ᠭᠡᠭᠡ ᠪᠣᠯᠣᠨ᠎ᠠ᠃ ᠣᠶᠣᠨ ᠣᠬᠠᠭ᠋ᠠᠨ᠎ᠤ ᠵᠦᠳᠡᠬᠡᠯᠲᠡ ᠭᠡᠳᠡᠭ᠎ᠨᠢ ᠬᠡᠦᠬᠡᠳ᠎ᠤᠨ ᠵᠶ᠋ᠠᠨ ᠪᠣᠳᠠᠳᠠᠢ ᠪᠠᠶ᠋ᠢᠳᠠᠯ᠎ᠳᠤ ᠲᠣᠬᠢᠷᠠᠭᠤᠯᠣᠨ᠂ ᠵᠣᠬᠢᠰᠳᠠᠢ ᠵᠢᠭ᠋ᠠᠨ ᠰᠣᠷᠭ᠋ᠠᠬᠤ ᠠᠷᠭ᠎ᠠ ᠠᠪᠴᠣ᠂ ᠬᠡᠦᠬᠡᠳ᠎ᠤᠨ ᠵᠶ᠋ᠠᠨ ᠶᠠᠮᠠᠷ ᠶᠠᠩᠵᠤ ᠵᠢᠨ ᠬᠦᠮᠦᠨ᠂ ᠶᠠᠮᠠᠷ ᠲᠡᠰ᠎ᠤᠨ ᠠ᠋ᠷᠳᠡᠮ ᠮᠡᠳᠡᠯᠭᠡ᠎ᠲᠠᠢ ᠪᠣᠯᠭ᠋ᠠᠵᠣ ᠬᠦᠮᠦᠵᠢᠭᠦᠯᠬᠦ ᠵᠢ ᠣᠨᠴᠠᠭ᠋ᠠᠶ᠋ᠢᠯᠠᠨ ᠠᠩᠬᠠᠷᠴᠣ᠂ ᠴᠠᠭ ᠲᠣᠬᠠᠢᠳᠤᠨᠢ ᠵᠣᠬᠢᠰᠲᠠᠢ ᠠᠷᠭ᠎ᠠ ᠪᠠᠷᠢᠯ ᠠᠪᠴᠣ᠂ ᠬᠡᠦᠬᠡᠳ᠎ᠲᠤ᠎ᠪᠠᠨ ᠵᠣᠬᠢᠰᠲᠠᠢ ᠰᠣᠷᠭ᠋ᠠᠨ ᠬᠦᠮᠦᠵᠢᠬᠦᠯᠬᠦ ᠠᠷᠭ᠎ᠠ ᠠᠪᠴᠠᠯ ᠠᠪᠲᠠᠭ᠎ᠲᠤ ᠯᠡ ᠬᠦᠷᠪᠡᠯ᠂ ᠬᠡᠦᠬᠡᠳ ᠯᠠᠪᠳᠠᠢ ᠠ᠋ᠷᠡᠭᠦᠯ ᠴᠢᠬᠢᠷᠠᠭ ᠦᠰᠦᠨ ᠪᠣᠶ᠋ᠢᠵᠢᠵᠣ ᠳᠡᠶ᠋ᠢᠯᠦᠨ᠎ᠡ᠃ ᠵᠣᠭᠤᠰ ᠮᠦᠩᠭᠦᠨ᠎ᠤ ᠵᠠᠷᠣᠴᠠᠭᠤᠯᠭ᠎ᠠ ᠵᠢ ᠠ᠋ᠷᠬᠡᠪᠰᠢ ᠵᠣᠬᠢᠰᠲᠠᠢ ᠪᠠᠶ᠋ᠢᠯᠭ᠋ᠠᠬᠤ ᠵᠢ ᠠᠩᠬᠠᠷᠠᠭ᠍ᠣ ᠬᠡᠷᠡᠭᠲᠡᠢ᠃ ᠬᠡᠦᠬᠡᠳ ᠦᠨᠦᠳᠦᠷ᠎ᠤᠨ ᠴᠢᠷᠮᠠᠶ᠋ᠢᠯᠭ᠎ᠠ ᠦᠭᠡᠢ ᠪᠣᠯ ᠮᠠᠷᠭ᠋ᠠᠰᠢ ᠵᠢᠨ ᠠᠮᠵᠢᠯᠲᠠ ᠵᠢ ᠤᠯᠵᠤ ᠴᠢᠳᠠᠭ᠍ᠣ ᠦᠭᠡᠢ᠃ ᠬᠡᠦᠬᠡᠳ᠎ᠲᠠᠢ᠎ᠪᠠᠨ ᠢᠯᠡᠭᠦᠬᠡᠨ ᠶᠠᠷᠢᠯᠴᠠᠵᠣ ᠬᠡᠦᠬᠡᠳ᠎ᠤᠨ ᠪᠠᠶ᠋ᠢᠳᠠᠯ᠎ᠢ ᠢᠯᠡᠭᠦᠬᠡᠨ ᠣᠶ᠋ᠢᠯᠠᠭ᠋ᠠᠵᠣ᠂ ᠬᠡᠦᠬᠡᠳ᠎ᠤᠨ ᠠᠯᠢᠪᠠ ᠦᠢ᠍ᠯᠡ ᠠᠵᠢᠯᠯᠠᠭ᠎ᠠ᠎ᠳᠤ ᠵᠢᠭ᠋ᠠᠨ ᠵᠢᠯᠣᠭᠤᠳᠣᠯᠭ᠎ᠠ ᠬᠢᠨ᠎ᠡ᠃ ᠬᠡᠦᠬᠡᠳ᠎ᠲᠤ᠎ᠪᠠᠨ ᠬᠠᠷᠢᠭᠤᠴᠠᠨ ᠬᠡᠦᠬᠡᠳ᠎ᠤᠨ ᠬᠦᠮᠦᠵᠢᠯ᠎ᠳᠤ ᠭᠦᠴᠦᠯᠡᠵᠦ ᠵᠣᠷᠢᠭᠤᠯᠬᠤ ᠴᠢᠬᠤᠯᠠᠲᠠᠢ᠃ ᠬᠡᠦᠬᠡᠳ ᠵᠶ᠋ᠠᠨ ᠵᠦᠪᠬᠡᠨ ᠶᠡᠭᠡ ᠰᠣᠷᠭ᠋ᠠᠭᠤᠯᠢ᠎ᠳᠤ ᠣᠷᠣᠭᠤᠯᠬᠤ᠎ᠪᠠᠷ ᠵᠣᠷᠢᠯᠭ᠎ᠠ ᠪᠣᠯᠭ᠋ᠠᠵᠣ ᠪᠣᠯᠬᠤ ᠥᠭᠡᠢ᠃ ᠠ᠋ᠶ᠋ᠢᠮᠦ᠎ᠠᠴᠠ ᠭᠡᠷ᠎ᠤᠨ ᠠᠬᠠᠮᠠᠳ ᠬᠡᠦᠬᠡᠳ᠎ᠤᠨ ᠵᠶ᠋ᠠᠨ ᠪᠠᠶ᠋ᠢᠳᠠᠯ᠎ᠢ ᠠ᠋ᠷᠬᠡᠪᠰᠢ ᠣᠶ᠋ᠢᠯᠠᠭ᠋ᠠᠬᠤ ᠬᠡᠷᠡᠭᠲᠡᠢ᠃ ᠦᠷᠭᠦᠯᠵᠢ ᠠᠩᠭᠢ ᠵᠢᠨ ᠪᠠᠭᠰᠢ᠂ ᠬᠢᠴᠢᠶᠡᠯ᠎ᠤᠨ ᠪᠠᠭᠰᠢ᠎ᠲᠠᠢ ᠬᠠᠷᠢᠯᠴᠠᠵᠣ ᠬᠡᠣᠬᠡᠳ᠎ᠤᠨ ᠵᠶ᠋ᠠᠨ ᠪᠠᠶ᠋ᠢᠳᠠᠯ᠎ᠢ ᠣᠶ᠋ᠢᠯᠠᠭ᠋ᠠᠵᠣ ᠪᠠᠢ᠍ᠢ᠍ᠪᠠᠯ ᠵᠤᠬᠢᠨ᠎ᠠ᠃
ᠭᠡᠷ᠎ᠤᠨ ᠠᠬᠠᠮᠠᠳ ᠭᠡᠤᠭᠡᠳ᠎ᠤᠨ ᠵᠶ᠋ᠠᠨ ᠰᠤᠷᠭ᠋ᠠᠨ ᠭᠦᠮᠦᠵᠢᠯ᠎ᠳᠤ ᠢᠯᠡᠭᠦᠭᠡᠨ ᠠᠨᠭ᠌ᠬᠠᠷᠤᠯ ᠲᠠᠯᠪᠢᠵᠤ ᠭᠦᠴᠦ ᠤᠷᠤᠭᠤᠯᠬᠤ ᠴᠢᠬᠤᠯᠠᠲᠠᠢ᠃ ᠭᠡᠤᠭᠡᠳ᠎ᠤᠨ ᠰᠤᠷᠭ᠋ᠠᠨ ᠭᠦᠮᠦᠵᠢᠯ᠎ᠤᠨ ᠶᠠᠭᠤ ᠪᠦᠭᠦᠨ᠎ᠢ ᠰᠤᠷᠭ᠋ᠠᠭᠤᠯᠢ᠎ᠳᠤ ᠨᠠᠢ᠍ᠢ᠍ᠳᠠᠬᠤ ᠪᠤᠯ ᠵᠤᠬᠢᠰ ᠦᠭᠡᠢ ᠶᠤᠮ᠃ ᠭᠡᠷ ᠪᠦᠯᠢ ᠵᠢᠨ ᠰᠤᠷᠭ᠋ᠠᠨ ᠭᠦᠮᠦᠵᠢᠯ᠎ᠨᠢ ᠰᠤᠷᠭ᠋ᠠᠭᠤᠯᠢ ᠵᠢᠨ ᠰᠤᠷᠭ᠋ᠠᠨ ᠭᠦᠮᠦᠵᠢᠯ᠎ᠲᠠᠢ ᠠᠳᠠᠯᠢᠬᠠᠨ ᠴᠢᠬᠤᠯᠠ ᠭᠡᠳᠡᠭ᠎ᠢ ᠤᠢ᠍ᠢ᠍ᠯᠠᠭ᠋ᠠᠬᠤ ᠭᠡᠷᠡᠭᠳᠠᠢ᠃
ᠬᠠᠶᠢᠬ᠄ ᠬᠥᠷᠢᠶ᠎ᠡ ᠬᠤᠰᠢᠭᠤᠨ᠎ᠤ ᠨᠢᠭᠡᠳᠥᠭᠡᠷ ᠲᠣᠮᠳᠠᠳᠣ ᠰᠣᠷᠭ᠋ᠠᠭᠤᠯᠢ
(ᠠ᠋ᠾᠤᠢ᠍ᠩ ᠮᠸᠢ ᠨᠠᠢ᠍ᠢ᠍ᠷᠠᠭᠤᠯᠪᠠ)
2019 ᠣᠨ᠎ᠤ 2 ᠳ᠋ᠤᠭ᠋ᠠᠷ ᠬᠤᠭᠤᠴᠠᠭ᠎ᠠ