ᠠ᠋ᠯᠪᠡᠭᠴᠡᠴᠡᠭ
ᠨᠢᠭᠡ᠂ ᠤᠯᠠᠮᠵᠢᠯᠠᠯᠳᠦ ᠵᠠᠩ ᠳᠠᠳᠬᠠᠯ᠎ᠤᠨ ᠭᠦᠮᠦᠵᠢᠯ᠎ᠤᠨ ᠲᠠᠯ᠎ᠠ᠎ᠪᠠᠷ ᠤᠷᠤᠰᠢᠵᠤ ᠪᠠᠶ᠋ᠢᠭ᠎ᠠ ᠠᠰᠠᠭᠤᠳᠠᠯ
ᠤᠯᠠᠮᠵᠢᠯᠠᠯᠳᠦ ᠵᠠᠩ ᠳᠠᠳᠬᠠᠯ ᠭᠡᠳᠡᠭ ᠪᠤᠯ ᠮᠤᠩᠭᠤᠯ ᠦᠨᠳᠦᠰᠦᠳᠡᠨ᠎ᠤ ᠠ᠋ᠷᠳᠡ ᠳᠡᠭᠡᠳᠦᠠᠴᠠᠪᠠᠨ ᠤᠯᠠᠮᠵᠢᠯᠠᠭ᠋ᠠᠳ ᠢᠷᠡᠭᠰᠡᠨ ᠰᠤᠶᠤᠯ᠎ᠤᠨ ᠦᠪ ᠬᠦᠷᠦᠩᠭᠡ ᠮᠦᠨ᠃ ᠭᠡᠪᠡᠴᠤ ᠤᠳᠤᠬᠠᠨ᠎ᠤ ᠮᠤᠩᠭᠤᠯ ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠠ᠋ᠨᠡ ᠲᠠᠯ᠎ᠠ ᠵᠢ ᠬᠦᠨᠳᠦᠳᠬᠡᠵᠤ ᠦᠵᠡᠬᠦ ᠦᠭᠡᠢ᠂ ᠮᠤᠩᠭᠤᠯ ᠰᠤᠶᠤᠯ ᠵᠶ᠋ᠠᠨ ᠳᠡᠭᠡᠳᠦᠯᠡᠵᠤ ᠦᠵᠡᠬᠦ ᠦᠭᠡᠢ ᠦᠵᠡᠭᠳᠡᠯ ᠤᠷᠤᠰᠢᠵᠤ ᠪᠠᠶ᠋ᠢᠨ᠎ᠠ᠃ ᠨᠡᠶ᠋ᠢᠭᠡᠮ᠎ᠤᠨ ᠬᠤᠪᠢᠷᠠᠯᠳᠠ᠂ ᠠᠵᠤ ᠠᠬᠤᠢ ᠵᠢᠨ ᠦᠳᠳᠡᠷ ᠲᠦᠷᠭᠡᠨ ᠬᠦᠭᠵᠢᠯᠲᠡ ᠵᠢᠴᠢ ᠬᠤᠳᠠᠴᠢᠯᠠᠯᠳᠠ ᠵᠢ ᠳᠠᠭ᠋ᠠᠯᠳᠤᠨ ᠴᠡᠴᠡᠷᠯᠢᠭ᠎ᠤᠨ ᠤᠯᠠᠮᠵᠢᠯᠠᠯᠲᠤ ᠰᠤᠶᠤᠯ᠎ᠤᠨ ᠵᠢᠭ᠋ᠠᠨ ᠰᠤᠷᠭ᠋ᠠᠯᠳᠠ᠎ᠳᠤ ᠮᠠᠰᠢ ᠤᠯᠠᠨ ᠠᠰᠠᠭᠤᠳᠠᠯ ᠠᠪᠴᠢᠷᠠᠭᠰᠠᠨ ᠪᠠᠶ᠋ᠢᠨ᠎ᠠ᠃
(ᠨᠢᠭᠡ) ᠮᠤᠩᠭᠤᠯ ᠬᠡᠥᠬᠡᠳ᠎ᠤᠳ ᠤᠯᠠᠮᠵᠢᠯᠠᠯᠲᠤ ᠵᠠᠩ ᠳᠠᠳᠬᠠᠯ ᠵᠶ᠋ᠠᠨ ᠲᠠᠮᠠᠢ ᠮᠡᠳᠡᠬᠦ ᠦᠭᠡᠢ ᠪᠠᠢ᠍ᠢ᠍ᠬᠤ᠃
ᠨᠡᠶ᠋ᠢᠭᠡᠮ᠎ᠤᠨ ᠬᠦᠭᠵᠢᠯᠲᠡ ᠬᠤᠪᠢᠷᠠᠯᠲᠠ ᠵᠢ ᠳᠠᠭ᠋ᠠᠯᠳᠤᠨ ᠨᠡᠭᠦᠳᠡᠯ ᠰᠤᠶᠤᠯ ᠪᠢᠳᠡᠨ᠎ᠠᠴᠠ ᠤᠯᠠᠮ᠎ᠠᠴᠠ ᠤᠯᠠᠮ ᠬᠤᠯᠠᠳᠴᠤ ᠪᠠᠶ᠋ᠢᠭ᠎ᠠ ᠦᠨᠦᠳᠦᠷ ᠮᠤᠩᠭᠤᠯ ᠦᠨᠳᠦᠰᠦᠲᠡᠨ᠎ᠤ ᠰᠤᠷᠭ᠋ᠠᠨ ᠬᠦᠮᠦᠵᠢᠯ᠎ᠨᠢ ᠦᠪᠡᠷ᠎ᠤᠨ ᠭᠡᠰᠡᠨ ᠦᠪᠡᠷᠮᠢᠴᠡ ᠤᠨᠴᠠᠯᠢᠭ ᠰᠢᠨᠵᠢ᠎ᠲᠠᠢ ᠪᠠᠶ᠋ᠢᠬᠤ ᠵᠢ ᠱᠠᠭ᠋ᠠᠷᠳᠠᠵᠤ ᠪᠠᠶ᠋ᠢᠨ᠎ᠠ᠃
ᠮᠠᠯᠵᠢᠬᠤ ᠠᠮᠢᠳᠤᠷᠠᠯ᠎ᠤᠨ ᠬᠤᠪᠢ᠎ᠳᠤ ᠪᠡᠯᠴᠢᠭᠡᠷ ᠨᠤᠲᠤᠭ᠎ᠢ ᠠ᠋ᠷᠦᠬᠡ᠎ᠳᠤ ᠳᠠᠭ᠋ᠠᠭ᠋ᠠᠴᠢᠯᠠᠭᠤᠯᠤᠭᠰᠠᠨ᠂ ᠡᠪᠡᠰᠤᠨ ᠬᠦᠷᠢᠶ᠎ᠡ ᠲᠡᠳᠠᠭᠰᠠᠨ᠂ ᠨᠤᠲᠤᠭ ᠪᠡᠯᠴᠢᠭᠡᠷ᠎ᠤᠨ ᠲᠠᠴᠢᠷᠳᠠᠯ᠂ ᠵᠢᠯ ᠳᠠᠷᠠᠭ᠋ᠠᠯᠠᠨ ᠭᠠᠩ ᠭᠠᠴᠢᠭ ᠪᠤᠯᠤᠭᠰᠠᠨ ᠵᠡᠷᠭᠡ ᠤᠯᠠᠨ ᠰᠢᠯᠲᠠᠭ᠋ᠠᠨ᠎ᠠᠴᠠ ᠪᠤᠯᠵᠤ ᠲᠠᠪᠤᠨ ᠬᠤᠰᠢᠭᠤ ᠮᠠᠯ ᠴᠦᠭᠡᠷᠡᠵᠦ᠂ ᠮᠠᠯ ᠠᠵᠤ ᠠᠬᠤᠢ᠎ᠲᠠᠢ ᠬᠤᠯᠪᠤᠭᠳᠠᠭᠰᠠᠨ ᠮᠠᠰᠢ ᠤᠯᠠᠨ ᠰᠤᠶᠤᠯ ᠤᠰᠠᠳᠬᠤ ᠬᠡᠮᠵᠢᠶᠡᠨ᠎ᠳᠤ ᠬᠦᠷᠪᠡ᠃ ᠵᠢᠱ᠌ᠢᠶᠠᠯᠡᠪᠡᠯ᠄ 《ᠱᠠᠭ᠎ᠠ ᠨᠠᠭ᠋ᠠᠳᠬᠤ》᠂ 《ᠲᠠᠪᠤᠨ ᠬᠤᠰᠢᠭᠤ ᠮᠠᠯ᠎ᠤᠨ ᠢᠷᠦᠭᠡᠯ ᠮᠠᠭᠲᠠᠭ᠋ᠠᠯ》 ᠵᠡᠷᠭᠡ ᠦᠨᠡᠲᠦ ᠰᠤᠶᠤᠯ ᠤᠰᠠᠳᠬᠤ ᠬᠡᠮᠵᠢᠶᠡᠨ᠎ᠳᠤ ᠬᠦᠷᠦᠭᠰᠡᠨ ᠪᠠᠶ᠋ᠢᠨ᠎ᠠ᠃ ᠤᠷᠴᠢᠨ ᠲᠤᠭᠤᠷᠢᠨ᠎ᠤ ᠨᠦᠯᠦᠭᠡ᠎ᠠᠴᠠ ᠪᠤᠯᠵᠤ ᠮᠤᠩᠭᠤᠯ ᠭᠡᠷ᠎ᠲᠤ ᠰᠠᠭᠤᠬᠤ ᠭᠦᠮᠦᠰ ᠴᠦᠭᠡᠷᠡᠵᠦ᠂ ᠮᠤᠩᠭᠤᠯ ᠭᠡᠷ᠎ᠤᠨ ᠲᠤᠬᠠᠢ ᠦᠪ ᠰᠤᠶᠤᠯ ᠭᠡᠭᠡᠭᠳᠡᠨ ᠤᠷᠬᠢᠭᠳᠠᠵᠤ ᠪᠠᠶ᠋ᠢᠨ᠎ᠠ᠃ ᠰᠢᠨᠡᠯᠡᠬᠦ ᠶᠤᠰᠤ ᠵᠠᠩᠰᠢᠯ᠂ ᠭᠠᠯ ᠲᠠᠬᠢᠯᠭ᠎ᠠ ᠵᠢᠨ ᠵᠠᠩᠰᠢᠯ᠎ᠠᠴᠠ ᠠ᠋ᠬᠢᠯᠡᠭᠡᠳ ᠪᠤᠰᠤᠳ ᠮᠠᠯ ᠮᠠᠯᠵᠢᠯ᠎ᠲᠠᠢ ᠬᠤᠯᠪᠤᠭᠳᠠᠭᠰᠠᠨ ᠠ᠋ᠳᠤᠷ ᠳᠤᠲᠤᠮ᠎ᠤᠨ ᠠᠮᠢᠳᠤᠷᠠᠯ ᠳᠤᠮᠳᠠᠬᠢ ᠵᠠᠩ ᠦᠢ᠍ᠯᠡ᠎ᠨᠢ ᠴᠦᠮ ᠪᠠᠯᠠᠷᠬᠠᠢ᠍ᠢ᠍ᠰᠢᠵᠦ ᠪᠠᠶ᠋ᠢᠨ᠎ᠠ᠃ ᠶᠠᠭ ᠠ᠋ᠶ᠋ᠢᠮᠦ᠎ᠠᠴᠠ ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠤᠯᠠᠮᠵᠢᠯᠠᠯᠳᠤ ᠵᠠᠩ ᠦᠢ᠍ᠯᠡ ᠵᠢᠨ ᠭᠦᠮᠦᠵᠢᠯ᠎ᠢ ᠰᠢᠮᠡᠳᠭᠡᠨ ᠤᠷᠤᠭᠤᠯᠬᠤ᠎ᠨᠢ ᠲᠦᠢ᠍ᠯ᠎ᠤᠨ ᠴᠢᠬᠤᠯᠠ ᠠᠰᠠᠭᠤᠳᠠᠯ ᠪᠤᠯᠵᠤ ᠪᠠᠶ᠋ᠢᠬᠤ ᠮᠦᠷᠲᠡᠭᠡᠨ ᠮᠦᠨ ᠴᠦ᠍ ᠨᠢᠭᠡ ᠬᠦᠴᠢᠷᠳᠡᠯᠭᠡ ᠪᠤᠯᠵᠤ ᠪᠠᠶ᠋ᠢᠨ᠎ᠠ᠃
(ᠬᠤᠶᠠᠷ) ᠮᠤᠩᠭᠤᠯ ᠬᠡᠥᠬᠡᠳ᠎ᠤᠳ ᠦᠨᠳᠦᠰᠤᠲᠡᠨᠤ ᠦᠭᠡ ᠬᠡᠯᠡ᠎ᠪᠠᠨ ᠴᠡᠪᠡᠷ ᠰᠠᠶ᠋ᠢᠬᠠᠨ ᠶᠠᠷᠢᠵᠤ ᠢᠯᠡᠳᠬᠡᠬᠦ ᠲᠠᠯ᠎ᠠ᠎ᠪᠠᠷ ᠠᠨᠠᠢ᠃
ᠢᠷᠡᠭᠡᠳᠦᠢ᠎ᠳᠤ ᠦᠨᠳᠦᠰᠦᠲᠡᠨ᠎ᠤ᠎ᠪᠠᠨ ᠦᠭᠡ ᠬᠡᠯᠡ᠂ ᠦᠰᠦᠭ ᠪᠢᠴᠢᠭ ᠵᠶ᠋ᠠᠨ ᠶᠠᠭ᠋ᠠᠬᠢᠵᠤ ᠬᠦᠭᠵᠢᠭᠦᠯᠦᠨ᠎ᠡ ᠭᠡᠳᠡᠭ ᠪᠤᠯ ᠮᠤᠩᠭᠤᠯ ᠬᠡᠥᠬᠡᠳᠤᠳᠤᠨ ᠮᠦᠷᠦᠨ ᠳᠡᠭᠡᠷ᠎ᠡ ᠲᠠᠯᠪᠢᠭᠳᠠᠵᠤ ᠪᠠᠶ᠋ᠢᠭ᠎ᠠ ᠬᠦᠨᠳᠦ ᠠ᠋ᠭᠦᠷᠭᠡ ᠪᠠᠶ᠋ᠢᠭ᠎ᠠ ᠶᠤᠮ᠃ ᠭᠡᠲᠡᠯ᠎ᠡ ᠤᠳᠤ ᠵᠢᠨ ᠮᠤᠩᠭᠤᠯ ᠬᠡᠥᠬᠡᠳ᠎ᠤᠳ ᠦᠭᠡ ᠬᠡᠯᠡ᠎ᠪᠠᠨ ᠴᠡᠪᠡᠷ ᠰᠠᠶ᠋ᠢᠬᠠᠨ ᠶᠠᠷᠢᠵᠤ ᠴᠢᠳᠠᠭ᠍ᠤ ᠦᠭᠡᠢ ᠪᠠᠢ᠍ᠢ᠍ᠵᠤ᠂ ᠴᠡᠪᠡᠷ ᠮᠤᠩᠭᠤᠯ ᠵᠶ᠋ᠠᠷ ᠵᠶ᠋ᠠᠨ ᠤᠷᠤᠰᠤᠮ᠎ᠠ ᠰᠠᠶ᠋ᠢᠬᠠᠨ ᠶᠠᠷᠢᠵᠤ ᠴᠢᠳᠠᠭ᠍ᠤ ᠬᠡᠥᠬᠡᠳ ᠠ᠋ᠳᠦᠷ᠎ᠤᠨ ᠤᠳᠤ ᠰᠢᠬ ᠴᠦᠭᠡᠨ ᠪᠤᠯᠤᠭᠰᠠᠨ ᠪᠠᠶ᠋ᠢᠨ᠎ᠠ᠃ ᠮᠤᠩᠭᠤᠯ ᠬᠡᠤᠬᠡᠳ᠎ᠤᠳ ᠦᠪᠡᠷ᠎ᠤᠨ ᠦᠭᠡ ᠬᠡᠯᠡ᠎ᠪᠠᠨ ᠤᠷᠤᠰᠤᠮ᠎ᠠ ᠳᠤᠳᠦ᠂ ᠪᠦᠷᠢᠨ ᠵᠦᠪ ᠬᠡᠯᠡᠵᠤ ᠴᠢᠳᠠᠭ᠍ᠤ ᠦᠭᠡᠢ ᠪᠠᠶ᠋ᠢᠭ᠎ᠠ᠎ᠨᠢ ᠬᠡᠤᠬᠡᠳ᠎ᠲᠤ ᠠᠰᠢᠭᠯᠠᠵᠤ ᠬᠡᠷᠡᠭᠯᠡᠬᠦ ᠨᠤᠮ ᠰᠡᠳᠬᠦᠯ ᠲᠤᠶ᠋ᠢᠯ᠎ᠤᠨ ᠬᠤᠪᠤᠷ ᠴᠤᠬᠠᠭ᠂ ᠠ᠋ᠳᠦᠷ ᠲᠤᠳᠤᠮ᠎ᠤᠨ ᠠᠮᠢᠳᠤᠷᠠᠯ ᠳᠤᠮᠳᠠ ᠴᠤᠯ ᠮᠤᠩᠭᠤᠯ ᠦᠭᠡ ᠬᠡᠯᠡ᠎ᠪᠠᠨ ᠬᠡᠷᠡᠭᠯᠡᠵᠤ ᠪᠠᠶ᠋ᠢᠬᠤ ᠨᠤᠷᠮ᠎ᠠ᠎ᠨᠢ ᠲᠤᠤᠷ᠎ᠠ᠂ ᠰᠤᠨᠢᠷᠬᠠᠵᠤ ᠪᠠᠭ᠍ᠠᠷᠬᠠᠬᠤ ᠳᠡᠯᠭᠡᠴᠡ ᠦᠷᠭᠡᠨ ᠳᠡᠯᠭᠡᠷ ᠪᠢᠰᠢ᠂ ᠬᠢᠴᠢᠶᠡᠯ᠎ᠤᠨ ᠴᠠᠭ᠎ᠲᠤ ᠴᠦ᠍ ᠲᠡᠷᠡ ᠭᠡᠷ᠎ᠲᠤ᠎ᠪᠠᠨ ᠬᠠᠷᠢᠭᠰᠠᠨ ᠴᠦ᠍ ᠲᠠᠷᠠ ᠪᠦᠷ ᠬᠢᠲᠠᠳ ᠮᠤᠩᠭᠤᠯ᠎ᠢ ᠬᠤᠯᠢᠵᠤ ᠶᠠᠷᠢᠬᠤ᠎ᠠᠴᠠ ᠰᠢᠯᠳᠠᠭ᠋ᠠᠯᠠᠭᠳᠠᠨᠠ᠃ ᠮᠤᠩᠭᠤᠯ ᠴᠡᠴᠡᠷᠯᠢᠭ᠎ᠤᠨ ᠬᠤᠪᠢ᠎ᠳᠤ᠂ ᠮᠤᠩᠭᠤᠯ ᠪᠠᠭᠰᠢ ᠨᠠᠷ᠎ᠤᠨ ᠬᠤᠪᠢ᠎ᠳᠤ ᠢᠷᠡᠭᠡᠳᠦᠢ ᠵᠢᠨ ᠬᠤᠶ᠋ᠢᠴᠢ ᠦᠶ᠎ᠡ ᠪᠤᠯᠤᠭᠰᠠᠨ ᠮᠤᠩᠭᠤᠯ ᠬᠡᠥᠬᠡᠳ᠎ᠤᠳ ᠵᠶ᠋ᠠᠨ ᠶᠠᠭ᠋ᠠᠬᠢᠵᠤ ᠴᠡᠪᠡᠷ ᠮᠤᠩᠭᠤᠯ ᠰᠡᠳᠭᠢᠬᠦᠢ᠎ᠪᠠᠷ ᠬᠦᠮᠤᠵᠢᠭᠦᠯᠬᠦ ᠠᠰᠠᠭᠤᠳᠠᠯ᠎ᠨᠢ ᠲᠡᠳᠡ ᠨᠠᠷ᠎ᠤᠨ ᠮᠦᠷᠦᠨ ᠳᠡᠭᠡᠷ᠎ᠡ ᠲᠠᠯᠪᠢᠭᠳᠠᠵᠤ ᠪᠠᠶ᠋ᠢᠭ᠎ᠠ ᠳᠠᠷᠬᠠᠨ ᠠ᠋ᠭᠦᠷᠭᠡ ᠪᠠᠶ᠋ᠢᠭ᠎ᠠ ᠶᠤᠮ᠃
(ᠭᠤᠷᠪᠠ) ᠬᠡᠥᠬᠡᠳ᠎ᠤᠨ ᠴᠡᠴᠡᠷᠯᠢᠭ᠎ᠤᠨ ᠵᠢᠭ᠋ᠠᠬᠤ ᠮᠠᠲᠸᠷᠢᠶᠠᠯ ᠲᠤᠲᠠᠮᠠᠭ᠃
ᠮᠤᠩᠭᠤᠯ ᠬᠡᠥᠬᠡᠳ᠎ᠤᠨ ᠴᠡᠴᠡᠷᠯᠢᠭ᠎ᠤᠨ ᠵᠢᠭ᠋ᠠᠬᠤ ᠮᠠᠲᠸᠷᠢᠶᠠᠯ᠎ᠤᠨ ᠵᠢᠭ᠋ᠠᠬᠤ ᠠᠭᠤᠯᠭ᠎ᠠ ᠵᠢᠨ ᠬᠤᠪᠢ᠎ᠳᠤ ᠰᠢᠰᠲᠸᠮᠲᠦ ᠴᠢᠨᠠᠷ ᠵᠶ᠋ᠠᠷ ᠰᠤᠯᠠ ᠪᠠ ᠦᠨᠳᠦᠰᠦᠲᠡᠨ᠎ᠤ ᠤᠨᠴᠠᠯᠢᠭᠲᠤ ᠵᠠᠩ ᠳᠠᠳᠬᠠᠯ᠎ᠤᠨ ᠬᠦᠮᠦᠵᠢᠯ᠎ᠤᠨ ᠠᠭᠤᠯᠭ᠎ᠠ ᠵᠢ ᠬᠠᠮᠤᠷᠤᠭᠰᠠᠨ ᠵᠶ᠋ᠠᠷ ᠬᠦᠷᠦᠯᠴᠡᠬᠦ ᠦᠭᠡᠢ ᠪᠠᠶ᠋ᠢᠳᠠᠯ ᠤᠷᠤᠰᠢᠵᠤ ᠪᠠᠶ᠋ᠢᠨ᠎ᠠ᠃ ᠤᠯᠠᠩᠬᠢ ᠨᠤᠮ᠎ᠨᠢ ᠤᠷᠴᠢᠭᠤᠯᠤᠨ ᠪᠠᠭᠤᠯᠭ᠋ᠠᠭᠰᠠᠨ ᠪᠠᠶ᠋ᠢᠵᠤ ᠵᠠᠷᠢᠮ ᠰᠢᠯᠦᠭ᠎ᠤᠨ ᠬᠡᠯᠡ ᠬᠡᠯᠡᠯᠭᠡ᠎ᠨᠢ ᠤᠷᠤᠰᠤᠮ᠎ᠠ ᠪᠢᠰᠢ᠂ ᠠᠶ᠋ᠢᠵᠠᠮ ᠴᠤᠬᠢᠯᠭ᠎ᠠ ᠠᠯᠳᠠᠴᠢᠬᠠᠭᠰᠠᠨ᠂ ᠦᠨᠦᠷ ᠠᠮᠲᠠ᠎ᠪᠠᠷ ᠠᠨᠠᠶ᠋ᠢᠬᠠᠨ ᠶᠠᠭᠤᠮᠠᠰ ᠤᠯᠠᠨ ᠪᠠᠶ᠋ᠢᠳᠠᠭ᠃ ᠴᠡᠴᠡᠷᠯᠢᠭ᠎ᠤᠨ ᠰᠤᠷᠭ᠋ᠠᠨ ᠬᠦᠮᠦᠵᠢᠯ᠎ᠨᠢ ᠵᠦᠪᠬᠡᠨ ᠤᠷᠴᠢᠭᠤᠯᠭ᠎ᠠ ᠵᠢᠨ ᠬᠡᠳᠦᠬᠡᠨ ᠨᠤᠮ᠎ᠳᠤ ᠪᠠᠷᠢᠭᠳᠠᠭ᠋ᠠᠳ ᠪᠠᠶ᠋ᠢᠵᠤ ᠪᠤᠯᠬᠤ ᠦᠭᠡᠢ᠃ ᠦᠨᠳᠦᠰᠦᠲᠡᠨ᠎ᠤ ᠤᠯᠠᠮᠵᠢᠯᠠᠯᠲᠤ ᠵᠠᠩ ᠳᠠᠳᠬᠠᠯ ᠵᠶ᠋ᠠᠨ ᠬᠡᠷᠬᠢᠨ ᠠᠮᠢᠳᠤᠯᠢᠭ ᠵᠶ᠋ᠠᠷ ᠮᠤᠩᠭᠤᠯ ᠬᠡᠥᠬᠡᠳᠤᠳᠲᠤᠪᠠᠨ ᠤᠯᠠᠮᠵᠢᠯᠠᠨ ᠰᠤᠷᠭ᠋ᠠᠬᠤ ᠪᠤᠢ ᠭᠡᠳᠡᠭ ᠠᠰᠠᠭᠤᠳᠠᠯ ᠤᠳᠤᠬᠠᠨ᠎ᠤ ᠮᠤᠩᠭᠤᠯ ᠴᠡᠴᠡᠷᠯᠢᠭ᠎ᠤᠨ ᠠ᠋ᠮᠦᠨ᠎ᠡ ᠲᠠᠯᠪᠢᠭᠳᠠᠵᠤ ᠪᠠᠶ᠋ᠢᠨ᠎ᠠ᠃
(ᠳᠦᠷᠪᠡ) ᠵᠠᠷᠢᠮ ᠮᠤᠩᠭᠤᠯ ᠪᠠᠭᠰᠢ ᠨᠠᠷ᠎ᠤᠨ ᠤᠯᠠᠮᠵᠢᠯᠠᠯᠲᠤ ᠵᠠᠩ ᠳᠠᠳᠬᠠᠯ᠎ᠤᠨ ᠲᠤᠬᠠᠢ ᠮᠡᠳᠡᠯᠭᠡ ᠭᠦᠢ᠍ᠴᠡᠳ ᠪᠤᠰᠤ᠃
ᠵᠢᠭ᠋ᠠᠬᠤ ᠠᠵᠢᠯ ᠪᠤᠯ ᠳᠠᠷᠤᠢ ᠵᠢᠭ᠋ᠠᠬᠤ ᠤᠷᠠᠯᠢᠭ ᠪᠤᠯᠤᠨ᠎ᠠ᠃ ᠴᠡᠴᠡᠷᠯᠢᠭ᠎ᠤᠨ ᠵᠢᠭ᠋ᠠᠨ ᠰᠤᠷᠭ᠋ᠠᠯᠳᠠ ᠵᠢᠨ ᠠᠵᠢᠯ ᠪᠤᠯ ᠤᠷᠠᠯᠢᠭ᠎ᠤᠨ ᠳᠤᠲᠤᠷᠠᠬᠢ ᠨᠠᠷᠢᠨ ᠤᠷᠠᠯᠢᠭ ᠪᠤᠯᠤᠨ᠎ᠠ᠃ ᠬᠡᠥᠬᠡᠳ᠎ᠤᠨ ᠴᠡᠴᠡᠷᠯᠢᠭ᠎ᠤᠨ ᠵᠢᠭ᠋ᠠᠬᠤ ᠠᠭᠤᠯᠭ᠎ᠠ ᠭᠡᠳᠤᠢ᠍ᠢ᠍ᠪᠠᠷ ᠲᠤᠩ ᠲᠦᠭᠦᠮᠭᠡᠨ ᠪᠠᠢ᠍ᠢ᠍ᠵᠤ᠂ 10 ᠳᠤᠲᠤᠷᠠᠬᠢ ᠲᠤᠭ᠎ᠠ᠂ ᠲᠦᠭᠦᠮ ᠰᠢᠯᠦᠭ᠂ ᠨᠠᠶ᠋ᠢᠷᠠᠭᠤᠯᠤᠯ᠂ ᠤᠨᠢᠰᠤᠭ᠎ᠠ᠂ ᠳᠠᠭᠤᠤ᠂ ᠵᠢᠷᠤᠭ ᠵᠡᠷᠭᠡ ᠪᠠᠶ᠋ᠢᠳᠠᠭ ᠪᠤᠯᠪᠠᠴᠤ ᠲᠡᠳᠡᠭᠡᠷ᠎ᠢ ᠬᠡᠤᠬᠡᠳ᠎ᠲᠤ ᠵᠢᠭ᠋ᠠᠬᠤ᠂ ᠲᠡᠭᠦᠨᠴᠢᠯᠡᠨ ᠤᠷᠮᠠᠰᠢᠯ᠎ᠲᠠᠢ ᠪᠤᠯᠭ᠋ᠠᠬᠤ ᠭᠡᠭᠴᠢ ᠶᠡᠬᠡᠬᠡᠨ ᠤᠷ᠎ᠠ ᠳᠡᠮ ᠱᠠᠭ᠋ᠠᠷᠳᠠᠳᠠᠬ ᠶᠤᠮ᠃ ᠴᠡᠴᠡᠷᠯᠢᠭ᠎ᠤᠨ ᠱᠠᠲᠤᠨ᠎ᠳᠤ᠎ᠬᠢ ᠬᠡᠤᠬᠡᠳ᠎ᠤᠨ ᠤᠢ ᠪᠢᠯᠢᠭ᠎ᠢ ᠨᠡᠭᠡᠭᠡᠵᠤ᠂ ᠠᠪᠢᠶᠠᠰ ᠴᠢᠳᠠᠪᠤᠷᠢ ᠵᠢ᠎ᠨᠢ ᠬᠦᠭᠵᠢᠭᠡᠨ᠂ ᠰᠤᠷᠬᠤ ᠪᠠ ᠤᠷᠤᠯᠳᠤᠬᠤ ᠰᠤᠨᠢᠷᠬᠠᠯ᠎ᠲᠠᠢ ᠪᠤᠯᠭ᠋ᠠᠬᠤ᠎ᠨᠢ ᠲᠡᠳᠡᠨ᠎ᠤ ᠴᠠᠭ᠋ᠠᠰᠢᠲᠠ ᠵᠢᠨ ᠨᠠᠰᠤᠨ ᠲᠤᠷᠰᠢᠲᠠ ᠵᠢᠨ ᠰᠤᠷᠤᠯᠴᠠᠯᠭ᠎ᠠ᠎ᠳᠤ ᠬᠤᠯᠪᠤᠭᠳᠠᠭ᠍ᠤ ᠴᠢᠬᠤᠯᠠ ᠠᠰᠠᠭᠤᠳᠠᠯ ᠪᠤᠯᠬᠤ ᠶᠤᠮ᠃ ᠦᠨᠳᠦᠰᠦᠲᠡᠨ᠎ᠤ ᠵᠠᠩ ᠳᠠᠳᠬᠠᠯ᠎ᠤᠨ ᠬᠦᠮᠦᠵᠢᠯ ᠬᠢᠬᠦ᠎ᠳᠤ ᠪᠠᠭᠰᠢ ᠨᠠᠷ ᠵᠠᠪᠠᠯ ᠵᠦᠪ ᠦᠵᠡᠯᠲᠡ ᠲᠠᠨᠢᠯᠲᠠ᠎ᠲᠠᠢ ᠪᠠᠶ᠋ᠢᠬᠤ ᠬᠡᠷᠡᠭᠲᠡᠢ᠃ ᠦᠨᠳᠦᠰᠦᠲᠡᠨ ᠵᠶ᠋ᠠᠨ ᠬᠠᠶ᠋ᠢᠷᠠᠯᠠᠭ᠍ᠤ ᠰᠡᠳᠭᠢᠯᠭᠡ᠎ᠲᠠᠢ᠂ ᠦᠨᠳᠦᠰᠦᠲᠡᠨ᠎ᠤ᠎ᠪᠠᠨ ᠰᠤᠶᠤᠯ ᠵᠠᠩ ᠵᠠᠩᠰᠢᠯ᠎ᠢ ᠬᠠᠶ᠋ᠢᠷᠠᠯᠠᠨ ᠬᠠᠮᠠᠭ᠋ᠠᠯᠠᠵᠤ ᠴᠠᠭ᠋ᠠᠰᠢᠳᠠ ᠤᠯᠠᠮᠵᠢᠯᠠᠨ ᠭᠦᠭᠵᠢᠭᠦᠯᠭᠦ ᠤᠬᠠᠮᠰᠠᠷ᠎ᠲᠠᠢ ᠪᠠᠶ᠋ᠢᠬᠤ ᠬᠡᠷᠡᠭᠲᠡᠢ᠃ ᠢᠩᠭᠢᠮᠡᠨᠵᠢᠨ ᠰᠠᠶᠢ ᠦᠨᠳᠦᠰᠦᠲᠡᠨ᠎ᠤ᠎ᠪᠠᠨ ᠰᠢᠯᠢᠳᠡᠭ ᠰᠠᠶ᠋ᠢᠬᠠᠨ ᠵᠠᠩ ᠵᠠᠩᠰᠢᠯ᠂ ᠶᠤᠰᠤ ᠰᠤᠷᠲᠠᠭ᠍ᠤᠨ ᠵᠶ᠋ᠠᠷ ᠬᠡᠥᠬᠡᠳ ᠵᠶ᠋ᠠᠨ ᠬᠦᠮᠦᠵᠢᠭᠦᠯᠦᠨ᠂ ᠦᠨᠳᠦᠰᠦᠲᠡᠨ᠎ᠤ᠎ᠪᠠᠨ ᠦᠭᠡ ᠬᠡᠯᠡ ᠵᠢ ᠰᠠᠶ᠋ᠢᠲᠤᠷ ᠰᠤᠷᠭ᠋ᠠᠵᠤ᠂ ᠦᠨᠳᠦᠰᠦᠲᠡᠨ᠎ᠤ᠎ᠪᠠᠨ ᠰᠤᠶᠤᠯ ᠤᠷᠠᠯᠢᠭ᠎ᠢ ᠤᠯᠠᠮᠵᠢᠯᠠᠨ ᠬᠦᠭᠵᠢᠭᠦᠯᠬᠦ ᠵᠤᠷᠢᠯᠭ᠎ᠠ᠎ᠳᠤ᠎ᠪᠠᠨ ᠬᠦᠷᠴᠦ ᠴᠢᠳᠠᠨ᠎ᠠ᠃ ᠭᠡᠪᠡᠴᠦ ᠤᠳᠤ ᠵᠢᠨ ᠪᠤᠳᠠᠲᠤ ᠪᠠᠶ᠋ᠢᠳᠠᠯ᠎ᠠᠴᠠ ᠠᠪᠴᠤ ᠦᠵᠡᠪᠡᠯ ᠮᠠᠰᠢ ᠤᠯᠠᠨ ᠴᠡᠴᠡᠷᠯᠢᠭ ᠵᠢᠴᠢ ᠪᠠᠭᠰᠢ ᠨᠠᠷ ᠮᠤᠩᠭᠤᠯ ᠵᠢᠭ᠋ᠠᠨ ᠰᠤᠷᠭ᠋ᠠᠯᠲᠠ ᠵᠢᠨ ᠳᠤᠮᠳᠠ ᠦᠨᠳᠦᠰᠦᠲᠡᠨ᠎ᠤ ᠤᠯᠠᠮᠵᠢᠯᠠᠯᠲᠤ ᠦᠪ ᠰᠤᠶᠤᠯ᠎ᠤᠨ ᠤᠬᠢ ᠰᠢᠮ᠎ᠡ ᠵᠢ ᠵᠢᠭ᠋ᠠᠨ ᠰᠤᠷᠭ᠋ᠠᠯᠲᠠ᠎ᠳᠤ᠎ᠪᠠᠨ ᠠᠭᠤᠰᠬᠠᠨ ᠰᠢᠮᠡᠳᠭᠡᠭᠦ ᠵᠢ ᠤᠮᠠᠷᠳᠠᠵᠤ᠂ ᠮᠡᠳᠡᠯᠭᠡ ᠵᠢᠨ ᠲᠣᠰ ᠪᠡᠶ᠎ᠡ ᠵᠢ ᠯᠡ ᠵᠢᠭ᠋ᠠᠵᠤ ᠪᠠᠢ᠍ᠢ᠍ᠨ᠎ᠠ᠃
ᠬᠤᠶᠠᠷ᠂ ᠤᠯᠠᠮᠵᠢᠯᠠᠯᠲᠤ ᠰᠤᠶᠤᠯ ᠰᠤᠷᠭ᠋ᠠᠨ ᠬᠦᠮᠦᠵᠢᠯ᠎ᠢ ᠴᠡᠴᠡᠷᠯᠢᠭ᠎ᠤᠨ ᠵᠢᠭ᠋ᠠᠨ ᠰᠤᠷᠭ᠋ᠠᠯᠲᠠ᠎ᠲᠠᠢ ᠬᠡᠷᠬᠢᠨ ᠤᠶᠠᠯᠳᠤᠭᠤᠯᠬᠤ ᠲᠤᠬᠠᠢ
ᠦᠨᠳᠦᠰᠦᠲᠡᠨ᠎ᠤ᠎ᠪᠠᠨ ᠰᠤᠶᠤᠯ᠎ᠢ ᠰᠡᠷᠭᠦᠨ ᠮᠠᠨᠳᠤᠭᠤᠯᠤᠶ᠎ᠠ ᠭᠡᠪᠡᠯ ᠵᠠᠪᠠᠯ ᠰᠠᠭᠤᠷᠢ ᠰᠤᠷᠭ᠋ᠠᠨ ᠬᠦᠮᠦᠵᠢᠯ᠎ᠠᠴᠠ ᠠ᠋ᠬᠢᠯᠡᠨ ᠰᠠᠶ᠋ᠢᠲᠤᠷ ᠠᠳᠬᠤᠬᠤ ᠬᠡᠷᠡᠭᠲᠡᠢ᠃ ᠰᠠᠭᠤᠷᠢ ᠰᠤᠷᠭ᠋ᠠᠨ ᠬᠦᠮᠦᠵᠢᠯ᠎ᠢ ᠰᠠᠶ᠋ᠢᠲᠤᠷ ᠠᠳᠬᠤᠬᠤ ᠵᠢᠨ ᠵᠠᠩᠭᠢᠯᠠᠭ᠎ᠠ᠎ᠨᠢ ᠴᠡᠴᠡᠷᠯᠢᠭ᠎ᠤᠨ ᠬᠦᠮᠦᠵᠢᠯ᠎ᠢ ᠭᠦᠨᠳᠤᠳᠭᠡᠭᠦ᠎ᠳᠤ ᠪᠠᠢ᠍ᠢ᠍ᠨ᠎ᠠ᠃
(ᠨᠢᠭᠡ) ᠦᠯᠢᠭᠡᠷ ᠳᠤᠮᠤᠭ᠂ ᠪᠠᠭ᠋ᠠᠲᠤᠷ᠎ᠤᠨ ᠲᠤᠤᠯᠢᠰ ᠵᠡᠷᠭᠡ ᠵᠢ ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠠᠰᠢᠭᠯᠠᠭ᠍ᠤ᠃
ᠦᠯᠢᠭᠡᠷ ᠳᠤᠮᠤᠭ᠂ ᠪᠠᠭ᠋ᠠᠲᠤᠷ᠎ᠤᠨ ᠲᠤᠤᠯᠢᠰ ᠪᠤᠯ ᠮᠤᠩᠭᠤᠯ ᠦᠨᠳᠤᠰᠤᠳᠠᠨ᠎ᠤ ᠦᠨᠢ ᠠ᠋ᠷᠲᠡ᠎ᠠᠴᠠ ᠠᠪᠤᠭ᠋ᠠᠳ ᠠᠮᠠ᠎ᠪᠠᠷ ᠳᠠᠮᠵᠢᠨ ᠤᠯᠠᠮᠵᠢᠯᠠᠭᠳᠠᠵᠤ ᠢᠷᠡᠭᠰᠡᠨ ᠬᠡᠯᠡᠨ᠎ᠤ ᠤᠷᠠᠯᠢᠭ᠎ᠤᠨ ᠨᠢᠭᠡᠨ ᠲᠤᠮᠤᠬᠠᠨ ᠲᠦᠷᠦᠯ ᠪᠤᠯᠬᠤ ᠶᠤᠮ᠃ ᠵᠢᠱ᠌ᠢᠶᠡᠯᠡᠭᠡᠳ ᠬᠡᠯᠡᠬᠦ᠎ᠳᠤ᠄ 《ᠰᠢᠯᠢᠨ ᠭᠠᠯᠵᠠᠭᠤ ᠪᠠᠭ᠋ᠠᠲᠤᠷ》᠎ᠲᠤ ᠮᠠᠭᠤ ᠲᠠᠯ᠎ᠠ ᠵᠢᠨ ᠳᠦᠷᠢ᠎ᠶᠢ ᠠ᠋ᠰᠭᠡᠬᠦᠳᠤᠪᠠᠨ 《ᠭᠡᠳᠡᠰᠦ᠎ᠨᠢ ᠲᠠᠰᠤᠷᠠᠭ᠋ᠠᠳ ᠮᠤᠭ᠋ᠠᠢ ᠪᠤᠯᠵᠤ ᠭᠡᠨ᠎ᠡ᠂ ᠭᠡᠵᠢᠭᠡ᠎ᠨᠢ ᠲᠡᠰᠤᠷᠠᠭ᠋ᠠᠳ ᠬᠤᠷᠤᠬᠠᠢ ᠪᠤᠯᠵᠤ ᠭᠡᠨ᠎ᠡ᠂ ᠴᠢᠰᠤ ᠲᠤᠰᠤᠭᠰᠠᠨ ᠭᠠᠵᠠᠷ᠎ᠨᠢ ᠬᠠᠮᠬᠤᠤᠯ ᠵᠠᠩᠭᠤᠤ ᠤᠷᠭᠤᠵᠤ ᠭᠡᠨ᠎ᠡ》 ᠭᠡᠬᠦᠴᠢᠯᠡᠨ ᠬᠠᠶ᠋ᠢᠯᠠᠭ᠍ᠤᠳᠤ ᠭᠡᠳᠤᠢ᠍ᠢ᠍ᠪᠠᠷ ᠠᠶᠤᠮᠰᠢᠭᠲᠠᠢ ᠰᠤᠨᠤᠰᠳᠠᠭ᠍ᠤ ᠪᠤᠯᠪᠠᠴᠤ ᠦᠨᠡᠨ᠎ᠳᠤ᠎ᠪᠠᠨ ᠬᠡᠥᠬᠡᠳ᠎ᠲᠤ ᠠᠮᠢᠲᠠᠨ ᠤᠷᠭᠤᠮᠠᠯ᠎ᠤᠨ ᠬᠡᠯᠪᠡᠷᠢ ᠳᠦᠷᠰᠦ ᠵᠢ ᠲᠠᠨᠢᠭᠤᠯᠬᠤ ᠪᠠ ᠰᠠᠶ᠋ᠢᠨ ᠮᠠᠭᠤ᠂ ᠠᠰᠢᠭ ᠬᠤᠤᠷ᠎ᠤᠨ ᠢᠯᠭ᠋ᠠᠯ᠎ᠢ ᠲᠠᠨᠢᠭᠤᠯᠵᠤ ᠪᠠᠶ᠋ᠢᠭ᠎ᠠ ᠶᠤᠮ᠃ 《ᠡᠪᠲᠡᠢ ᠳᠦᠷᠪᠡᠨ ᠠᠮᠢᠲᠠᠨ》 ᠭᠡᠳᠡᠭ ᠦᠯᠢᠭᠡᠷ᠎ᠲᠤ 《ᠠ᠋ᠷᠲᠡᠨ᠎ᠤ ᠠ᠋ᠨᠡᠳᠭᠡᠭᠤᠨ ᠰᠠᠶ᠋ᠢᠬᠠᠨ ᠤᠷᠤᠨ᠎ᠳᠤ ᠵᠠᠭ᠋ᠠᠨ᠂ ᠰᠠᠮᠵᠠ᠂ ᠲᠠᠤᠯᠠᠢ᠂ ᠲᠠᠭᠲᠠᠭ᠎ᠠ ᠳᠦᠷᠪᠡ ᠠ᠋ᠶ᠎ᠡ ᠡᠪᠲᠡᠢ ᠠᠮᠢᠳᠤᠷᠠᠵᠤ ᠪᠠᠶ᠋ᠢᠵᠠᠢ》 ᠭᠡᠬᠦᠴᠢᠯᠡᠨ ᠶᠠᠷᠢᠬᠤ᠎ᠳᠤ ᠬᠡᠥᠬᠡᠳ᠎ᠲᠤ ᠲᠠᠶ᠋ᠢᠪᠤᠭᠤ ᠰᠡᠳᠭᠢᠯ᠂ ᠠ᠋ᠶ᠎ᠡ ᠨᠠᠶ᠋ᠢᠷᠠᠮᠳᠠᠭᠤ ᠠᠮᠢᠳᠤᠷᠠᠯ᠎ᠤᠨ ᠤᠷᠴᠢᠨ᠂ ᠠᠬ᠎ᠠ ᠳᠡᠭᠦᠦ ᠵᠢᠨ ᠨᠠᠶ᠋ᠢᠷ ᠲᠠᠯ᠎ᠠ ᠵᠢᠨ ᠲᠤᠬᠠᠢ ᠮᠠᠳᠡᠭᠦᠯᠭᠦᠠᠴᠠ ᠭᠠᠳᠠᠨ᠎ᠠ ᠠᠮᠢᠲᠠᠨ ᠤᠷᠭᠤᠮᠠᠯ᠂ ᠭᠠᠵᠠᠷ ᠤᠰᠤᠨ᠎ᠤ ᠨᠡᠷᠡᠶ᠋ᠢᠳᠦᠯ ᠵᠡᠷᠭᠡ ᠤᠯᠠᠨ ᠵᠦᠢ᠍ᠯ᠎ᠢ ᠲᠤᠨᠭ᠌ᠭ᠋ᠠᠵᠤ ᠠᠪᠬᠤ᠎ᠳᠤ ᠠᠰᠢᠭᠲᠠᠢ᠃
ᠤᠯᠠᠮᠵᠢᠯᠠᠯᠲᠤ ᠳᠤᠮᠤᠭ ᠦᠯᠢᠭᠡᠷ᠎ᠤᠨ ᠠᠷᠭ᠎ᠠ ᠪᠠᠷᠢᠯ᠎ᠢ ᠤᠳᠤᠬᠢ ᠵᠢᠭ᠋ᠠᠨ ᠰᠤᠷᠭ᠋ᠠᠯᠲᠠ ᠵᠢᠨ ᠠᠷᠭ᠎ᠠ ᠪᠠᠷᠢᠯ᠎ᠲᠠᠢ ᠤᠶᠠᠯᠳᠤᠭᠤᠯᠬᠤ᠎ᠨᠢ ᠬᠡᠥᠬᠡᠳ᠎ᠲᠤ ᠦᠨᠳᠦᠰᠦᠲᠡᠨ᠎ᠤ ᠲᠡᠤᠬᠡ ᠰᠤᠶᠤᠯ᠎ᠢ ᠤᠢ᠍ᠢ᠍ᠯᠠᠭ᠋ᠠᠭᠤᠯᠬᠤᠪᠠᠷ ᠳᠠᠮᠵᠢᠭᠤᠯᠵᠤ ᠬᠡᠥᠬᠡᠳ᠎ᠤᠨ ᠤᠢ ᠤᠬᠠᠭ᠋ᠠᠨ᠎ᠢ ᠨᠡᠭᠡᠭᠡᠭᠳᠡᠭᠦᠯᠭᠦ᠎ᠳᠤ ᠴᠢᠬᠤᠯᠠ ᠦᠢ᠍ᠯᠡᠳᠦᠯ ᠦᠵᠡᠭᠦᠯᠳᠡᠭ ᠲᠤᠯᠠ ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠠ᠋ᠨᠡ ᠲᠠᠯ᠎ᠠ ᠵᠢᠨ ᠬᠦᠮᠦᠵᠢᠯ᠎ᠢ ᠵᠠᠪᠠᠯ ᠤᠶᠠᠯᠳᠤᠭᠤᠯᠬᠤ ᠬᠡᠷᠡᠭᠲᠡᠢ᠃
(ᠬᠤᠶᠠᠷ) ᠤᠯᠠᠮᠵᠢᠯᠠᠯᠲᠤ ᠠᠮᠠᠨ ᠢᠷᠠᠭᠤ ᠨᠠᠶ᠋ᠢᠷᠠᠭ᠎ᠢ ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠠᠰᠢᠭᠯᠠᠭ᠍ᠤ᠃
ᠠᠮᠠᠨ ᠢᠷᠠᠭᠤ ᠨᠠᠶ᠋ᠢᠷᠠᠭ᠎ᠨᠢ ᠮᠤᠩᠭᠤᠯᠴᠤᠳ᠎ᠤᠨ ᠠ᠋ᠷᠲᠡ ᠦᠶ᠎ᠡ ᠵᠢᠨ ᠠᠮᠢᠳᠤᠷᠠᠯ ᠦᠢ᠍ᠯᠡᠳᠪᠦᠷᠢᠯᠡᠯ᠎ᠤᠨ ᠳᠤᠮᠲᠠ ᠰᠡᠷᠡᠭᠳᠡᠵᠦ ᠬᠠᠷᠠᠭᠳᠠᠭᠰᠠᠨ ᠲᠡᠳᠡᠭᠡᠷ ᠪᠤᠰᠤᠳᠴᠢ ᠤᠷᠤᠰᠢᠬᠤᠢ ᠬᠡᠷᠡᠭ ᠪᠤᠳᠠᠰ᠂ ᠶᠠᠭᠤᠮ᠎ᠠ ᠦᠵᠡᠭᠳᠡᠯ ᠪᠤᠶᠤ ᠤᠶᠤᠨ ᠲᠠᠷᠢᠬᠢᠨ᠎ᠳᠤ᠎ᠪᠠᠨ ᠪᠤᠳᠤᠵᠤ ᠲᠤᠩᠭ᠋ᠠᠵᠤ ᠪᠤᠯᠪᠠᠰᠤᠷᠠᠭᠤᠯᠵᠤ ᠭᠠᠷᠭ᠋ᠠᠭᠰᠠᠨ ᠰᠠᠨᠠᠭ᠎ᠠ ᠪᠤᠳᠤᠯ᠂ ᠰᠡᠳᠭᠢᠭᠳᠡᠭᠰᠡᠨ ᠵᠦᠢ᠍ᠯ ᠵᠶ᠋ᠠᠨ ᠬᠤᠯᠪᠤᠨ ᠳᠦᠷᠰᠦᠯᠡᠬᠦ᠂ ᠤᠶᠠᠩᠭ᠋ᠠᠯᠠᠬᠤ ᠮᠠᠶᠢᠭ ᠵᠶ᠋ᠠᠷ ᠢᠯᠠᠳᠭᠡᠳᠡᠭ ᠰᠢᠯᠦᠭᠤᠳᠢ ᠵᠢᠭ᠋ᠠᠵᠤ ᠪᠠᠶ᠋ᠢᠨ᠎ᠠ᠃ ᠠ᠋ᠭᠦᠨ᠎ᠳᠤ ᠭᠤᠤᠯᠳᠠᠭᠤ ᠲᠤᠮ ᠰᠢᠪᠰᠢᠯᠭᠡ ᠵᠢᠨ ᠦᠭᠡ᠂ ᠳᠠᠯᠠᠯᠭ᠎ᠠ ᠳᠠᠭᠤᠳᠠᠯᠭ᠎ᠠ ᠵᠢᠨ ᠦᠭᠡ᠂ ᠲᠠᠬᠢᠯᠭ᠎ᠠ ᠳᠠᠶ᠋ᠢᠯᠠᠯᠭ᠎ᠠ ᠵᠢᠨ ᠦᠭᠡ᠂ ᠢᠷᠦᠭᠡᠯ ᠮᠠᠭᠲᠠᠭ᠋ᠠᠯ᠂ ᠠᠷᠠᠳ᠎ᠤᠨ ᠳᠠᠭᠤᠤ᠂ ᠬᠤᠯᠪᠤᠭ᠎ᠠ ᠰᠢᠯᠦᠭ᠂ ᠵᠦᠢ᠍ᠷ ᠰᠡᠴᠡᠨ ᠦᠭᠡ᠂ ᠶᠢᠷᠲᠢᠨᠴᠦ ᠵᠢᠨ ᠭᠤᠷᠪᠠ᠂ ᠬᠡᠯᠡ ᠵᠦᠭᠰᠢᠷᠡᠭᠦᠯᠬᠦ ᠦᠭᠡ ᠵᠡᠷᠭᠡ ᠵᠢ ᠪᠠᠭᠲᠠᠭ᠋ᠠᠳᠠᠭ᠃ ᠠ᠋ᠳᠡᠭᠡᠷ᠎ᠢ ᠴᠡᠴᠡᠷᠯᠢᠭ᠎ᠤᠨ ᠬᠡᠥᠬᠡᠳ᠎ᠤᠨ ᠰᠤᠷᠭ᠋ᠠᠨ ᠬᠦᠮᠦᠵᠢᠯ᠎ᠲᠠᠢ ᠤᠶᠠᠯᠳᠤᠭᠤᠯᠪᠠᠯ ᠬᠡᠥᠬᠡᠳ᠎ᠤᠨ ᠦᠰᠦᠯᠲᠡ ᠪᠤᠶ᠋ᠢᠵᠢᠯᠲᠠ᠂ ᠮᠤᠩᠭᠤᠯ ᠰᠤᠶᠤᠯ᠎ᠤᠨ ᠤᠯᠠᠮᠵᠢᠯᠠᠯ ᠵᠠᠯᠭ᠋ᠠᠮᠵᠢᠯᠠᠯ᠎ᠳᠤ ᠶᠡᠬᠡᠬᠡᠨ ᠨᠦᠯᠦᠭᠡ ᠦᠵᠡᠭᠦᠯᠦᠨ᠎ᠡ᠃
ᠵᠦᠢ᠍ᠷ ᠰᠡᠴᠡᠨ ᠦᠭᠡ᠎ᠪᠠᠷ ᠵᠢᠱ᠌ᠢᠶᠡᠯᠡᠵᠦ ᠬᠡᠯᠡᠬᠦ᠎ᠳᠤ᠂ ᠵᠦᠢ᠍ᠷ ᠰᠡᠴᠡᠨ ᠦᠭᠡ ᠪᠤᠯ ᠰᠤᠶᠤᠨ ᠰᠡᠩᠬᠡᠷᠡᠭᠦᠯᠬᠦ ᠪᠠ ᠢᠳᠬᠠᠨ ᠴᠡᠭᠡᠷᠯᠡᠭᠦᠯᠬᠦ ᠵᠤᠷᠢᠯᠭ᠎ᠠ᠎ᠲᠠᠢ᠃ ᠵᠦᠢ᠍ᠷ ᠰᠡᠴᠡᠨ ᠦᠭᠡ᠎ᠠᠴᠠ ᠬᠡᠥᠬᠡᠳᠤᠳᠲᠤ ᠵᠢᠭ᠋ᠠᠵᠤ ᠰᠤᠷᠭ᠋ᠠᠬᠤ᠎ᠨᠢ ᠮᠤᠩᠭᠤᠯ ᠬᠡᠥᠬᠡᠳ᠎ᠤᠨ ᠬᠡᠯᠡᠨ᠎ᠤ ᠰᠠᠭᠤᠷᠢ ᠵᠢ ᠪᠠᠲᠤᠳᠬᠠᠬᠤ᠎ᠳᠤ ᠤᠮᠳᠤᠭ᠋ᠠᠶ᠋ᠢᠯᠠᠵᠤ ᠪᠤᠯᠤᠰᠢ ᠦᠭᠡᠢ ᠦᠢ᠍ᠯᠡᠳᠦᠯ᠎ᠲᠠᠢ᠃
ᠮᠤᠩᠭᠤᠯ ᠠᠮᠠᠨ ᠨᠠᠶ᠋ᠢᠷᠠᠭ᠎ᠲᠤ ᠶᠢᠷᠲᠢᠨᠴᠤ ᠵᠢᠨ ᠭᠤᠷᠪᠠ ᠭᠡᠳᠡᠭ ᠤᠨᠴᠠᠭ᠋ᠠᠢ ᠨᠢᠭᠡᠨ ᠲᠦᠷᠦᠯ ᠪᠠᠶ᠋ᠢᠳᠠᠭ᠃ ᠲᠡᠷᠡ᠎ᠨᠢ ᠮᠤᠩᠭᠤᠯᠴᠤᠳ᠎ᠤᠨ ᠳᠤᠮᠳᠠ ᠲᠤᠩ ᠦᠷᠭᠡᠨ ᠵᠶ᠋ᠠᠷ ᠲᠠᠷᠬᠠᠵᠤ ᠦᠶ᠎ᠡ ᠵᠢᠨ ᠦᠶ᠎ᠡ᠎ᠳᠤ ᠤᠯᠠᠮᠵᠢᠯᠠᠭᠳᠠᠭᠰᠠᠭ᠋ᠠᠷ ᠢᠷᠡᠵᠡᠢ᠃ ᠵᠢᠱ᠌ᠢᠶᠡᠯᠡᠪᠡᠯ᠄ 《ᠦᠬᠦᠬᠦ᠎ᠳᠤ ᠶᠠᠰᠤ ᠴᠠᠭ᠋ᠠᠨ᠂ ᠦᠲᠡᠯᠬᠦ᠎ᠳᠤ ᠦᠰᠦ ᠴᠠᠭ᠋ᠠᠨ᠂ ᠦᠰᠬᠦ᠎ᠳᠤ ᠰᠢᠳᠦ ᠴᠠᠭ᠋ᠠᠨ》᠂ 《ᠠᠷᠪᠠᠨ ᠲᠠᠪᠤᠨ᠎ᠤ ᠰᠠᠷᠠᠨ ᠨᠢᠭᠡ ᠰᠠᠶ᠋ᠢᠬᠠᠨ᠂ ᠠᠪᠤ ᠡᠵᠢ ᠵᠢᠨ ᠰᠤᠷᠭ᠋ᠠᠯ ᠨᠢᠭᠡ ᠰᠠᠶ᠋ᠢᠬᠠᠨ᠂ ᠠᠴᠢᠲᠤ ᠪᠠᠭᠰᠢ ᠵᠢᠨ ᠬᠦᠮᠦᠵᠢᠯ ᠨᠢᠭᠡ ᠰᠠᠶ᠋ᠢᠬᠠᠨ》 ᠭᠡᠬᠦ ᠮᠡᠲᠦ ᠵᠢᠨ ᠶᠢᠷᠲᠢᠨᠴᠤ ᠵᠢᠨ ᠭᠤᠷᠪᠠ᠎ᠨᠢ ᠬᠡᠥᠬᠡᠳ᠎ᠤᠨ ᠰᠢᠯᠦᠭ ᠵᠤᠬᠢᠶᠠᠯ᠎ᠢ ᠴᠤᠬᠢᠯᠭ᠎ᠠ᠎ᠲᠠᠢ ᠴᠡᠭᠡᠵᠢᠯᠡᠵᠤ ᠰᠤᠷᠬᠤ᠂ ᠪᠠᠰᠠ ᠵᠤᠬᠢᠶᠠᠯ᠎ᠤᠨ ᠬᠡᠯᠡ ᠵᠢ ᠤᠶ᠋ᠢᠯᠠᠭ᠋ᠠᠬᠤ᠎ᠳᠤ ᠠᠰᠢᠭᠲᠠᠢᠪᠠᠷ ᠪᠠᠷᠠᠭ᠍ᠤ ᠦᠭᠡᠢ ᠮᠤᠩᠭᠤᠯ ᠬᠡᠥᠬᠡᠳ᠎ᠲᠤ᠎ᠪᠠᠨ ᠬᠡᠯᠡᠨ᠎ᠤ ᠪᠠᠶᠠᠯᠢᠭ᠎ᠢ ᠮᠡᠳᠡᠭᠦᠯᠵᠦ᠂ ᠦᠨᠳᠦᠰᠦᠲᠡᠨ᠎ᠤ ᠰᠤᠶᠤᠯ᠎ᠤᠨ ᠦᠪ᠎ᠢ ᠬᠠᠷᠠᠬᠠᠨ ᠪᠠᠭ᠎ᠠ᠎ᠠᠴᠠ᠎ᠨᠢ ᠵᠢᠭ᠋ᠠᠵᠤ ᠰᠤᠷᠭ᠋ᠠᠬᠤ᠎ᠨᠢ ᠲᠡᠳᠡᠨ᠎ᠤ ᠬᠤᠵᠢᠮ᠎ᠤᠨ ᠵᠦᠪ ᠠᠮᠢᠳᠤᠷᠠᠭ᠍ᠤᠢ ᠵᠢᠨ ᠦᠵᠡᠯᠲᠠ᠎ᠲᠠᠢ ᠪᠤᠯᠬᠤ᠎ᠳᠤ ᠠᠰᠢᠭᠲᠠᠢ ᠪᠠᠢ᠍ᠢ᠍ᠳᠠᠬ᠃
(ᠭᠤᠷᠪᠠ) ᠤᠯᠠᠮᠵᠢᠯᠠᠯᠲᠤ ᠨᠠᠭ᠋ᠠᠳᠤᠮ ᠲᠤᠭᠯᠠᠭ᠋ᠠᠮ᠎ᠢ ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠠᠰᠢᠭᠯᠠᠭ᠍ᠤ᠃
ᠤᠯᠠᠮᠵᠢᠯᠠᠯᠲᠤ ᠦᠨᠳᠦᠰᠦᠲᠡᠨ᠎ᠤ ᠲᠤᠭᠯᠠᠭ᠋ᠠᠮ᠎ᠨᠢ ᠬᠡᠤᠬᠡᠳ᠎ᠢ ᠰᠤᠷᠭ᠋ᠠᠨ ᠬᠦᠮᠦᠵᠢᠭᠦᠯᠬᠦ᠎ᠳᠤ ᠶᠡᠬᠡᠬᠡᠨ ᠨᠦᠯᠦᠭᠡ ᠦᠵᠡᠭᠦᠯᠳᠡᠭ᠃ ᠮᠤᠩᠭᠤᠯ ᠠᠷᠠᠳ᠎ᠤᠨ ᠲᠤᠭᠯᠠᠭ᠋ᠠᠮ᠎ᠳᠤ ᠱᠠᠭ᠎ᠠ ᠨᠠᠭ᠋ᠠᠳᠬᠤ (ᠠᠷᠪᠠᠨ ᠭᠤᠷᠪᠠᠨ ᠱᠠᠭ᠎ᠠ ᠤᠷᠬᠢᠬᠤ᠂ ᠮᠤᠷᠢ ᠤᠷᠤᠯᠳᠤᠬᠤ᠂ ᠰᠠᠶᠢᠩ ᠬᠠᠶᠠᠭ᠍ᠤ᠂ ᠬᠠᠯᠵᠠ ᠬᠠᠷᠪᠤᠬᠤ᠂ ᠰᠤᠪᠤᠷᠭ᠎ᠠ ᠪᠤᠰᠬᠠᠬᠤ᠂ ᠲᠠᠪᠤᠨ ᠬᠤᠰᠢᠭᠤ ᠮᠠᠯ ᠲᠠᠯᠪᠢᠵᠤ ᠱᠠᠩ ᠬᠤᠪᠢᠶᠠᠭ᠍ᠤ)᠂ ᠤᠨᠢᠰᠤᠨ ᠲᠤᠭᠯᠠᠭ᠋ᠠᠮ᠂ ᠶᠢᠰᠤᠨ ᠭᠠᠷᠬ᠎ᠠ ᠬᠦᠯᠢᠵᠦ ᠪᠠᠭᠤᠯᠭ᠋ᠠᠬᠤ ᠲᠤᠭᠯᠠᠭ᠋ᠠᠮ᠂ ᠰᠢᠲᠠᠷ᠎ᠠ᠂ ᠤᠨᠢᠰᠤᠭ᠎ᠠ ᠲᠠᠭ᠋ᠠᠬᠤ ᠵᠡᠷᠭᠡ᠎ᠨᠢ ᠴᠦᠮ ᠬᠡᠤᠬᠡᠳ᠎ᠤᠨ ᠨᠠᠮ ᠰᠠᠭᠤᠵᠤ ᠰᠡᠳᠬᠢᠨ ᠪᠤᠳᠤᠯᠬᠢᠯᠠᠭ᠍ᠤ᠂ ᠤᠶᠤᠨ ᠤᠬᠠᠭ᠋ᠠᠨ᠎ᠢ᠎ᠨᠢ ᠨᠡᠭᠡᠭᠡᠭᠳᠡᠭᠦᠯᠬᠦ᠎ᠳᠤ ᠠᠰᠢᠭᠲᠠᠢ ᠪᠠᠢ᠍ᠢ᠍ᠳᠠᠬ᠃ ᠬᠤᠷᠤᠭᠤᠨ ᠲᠤᠭᠯᠠᠭ᠋ᠠᠮ᠂ ᠲᠡᠮᠡᠭᠡᠯᠴᠡᠬᠦ ᠲᠤᠭᠯᠠᠭ᠋ᠠᠮ᠂ ᠲᠠᠷᠪᠠᠭ᠋ᠠᠴᠠᠭ᠍ᠤ ᠲᠤᠭᠯᠠᠭ᠋ᠠᠮ᠂ ᠪᠤᠷᠭ᠋ᠠᠰᠤᠨ ᠮᠤᠷᠢ ᠤᠨᠤᠬᠤ᠂ ᠪᠦᠬᠡ ᠪᠠᠷᠢᠯᠳᠤᠬᠤ ᠵᠡᠷᠭᠡ ᠲᠤᠭᠯᠠᠭ᠋ᠠᠮ᠎ᠨᠢ ᠬᠡᠤᠬᠡᠳ᠎ᠤᠨ ᠪᠡᠶ᠎ᠡ ᠪᠢᠯᠳᠠᠷ᠎ᠤᠨ ᠦᠰᠦᠯᠲᠡ ᠪᠤᠶ᠋ᠢᠵᠢᠯᠲᠠ ᠪᠠ ᠦᠭᠡ ᠬᠡᠯᠡᠨ᠎ᠤ ᠬᠦᠭᠵᠢᠯᠲᠡ ᠬᠢᠭᠡᠳ ᠪᠤᠰᠤᠳ᠎ᠲᠠᠢ ᠬᠠᠮᠲᠤᠷᠠᠨ ᠠᠵᠢᠯᠯᠠᠭ᠍ᠤ ᠵᠡᠷᠭᠡ ᠡᠯ᠎ᠡ ᠲᠠᠯ᠎ᠠ᠎ᠳᠤ ᠠᠰᠢᠭᠲᠠᠢ ᠲᠤᠭᠯᠠᠭ᠋ᠠᠮ᠎ᠤᠳ ᠪᠤᠯᠤᠨ᠎ᠠ᠃ ᠵᠢᠱ᠌ᠢᠶᠡᠯᠡᠪᠡᠯ᠄ ᠬᠤᠷᠤᠭᠤᠨ ᠲᠤᠭᠯᠠᠭ᠋ᠠᠮ᠎ᠤᠨ 《ᠰᠦᠮᠪᠤᠷ ᠠᠭᠤᠯᠠ》 ᠪᠠᠷᠢᠬᠤ ᠲᠤᠭᠯᠠᠭ᠋ᠠᠮ᠎ᠳᠤ ᠬᠤᠶᠠᠷ ᠬᠡᠤᠬᠡᠳ ᠨᠠᠭ᠋ᠠᠳᠤᠨᠠ᠃ ᠠ᠋ᠭᠦᠨ᠎ᠳᠤ ᠨᠢᠭᠡ ᠬᠡᠤᠬᠡᠳ᠎ᠨᠢ 《ᠰᠦᠮᠪᠤᠷ ᠠᠭᠤᠯᠠ》 ᠪᠠᠷᠢᠨ᠎ᠠ᠃ ᠨᠦᠭᠦᠬᠡ ᠬᠡᠤᠬᠡᠳ᠎ᠨᠢ ᠠᠰᠠᠭᠤᠨ᠎ᠠ᠄
ᠠ᠋ᠨᠡ᠎ᠨᠢ ᠶᠠᠭᠤ ᠪᠤᠢ? ᠰᠦᠮᠪᠦᠷ ᠠᠭᠤᠯᠠ
ᠠ᠋ᠨᠡ᠎ᠨᠢ ᠶᠠᠭᠤ ᠪᠤᠢ? ᠠᠯᠲᠠᠨ ᠪᠠᠭ᠋ᠠᠨ᠎ᠠ
ᠠ᠋ᠨᠡ᠎ᠨᠢ ᠶᠠᠭᠤ ᠪᠤᠢ? ᠮᠦᠩᠭᠦᠨ ᠪᠠᠭ᠋ᠠᠨ᠎ᠠ
ᠠ᠋ᠨᠡ᠎ᠨᠢ ᠶᠠᠭᠤ ᠪᠤᠢ? ᠱ᠌ᠢᠷᠤᠨ ᠪᠠᠭ᠋ᠠᠨ᠎ᠠ
ᠠ᠋ᠨᠡᠭᠦᠷ᠎ᠨᠢ ᠶᠠᠭᠤ ᠤᠷᠤᠳᠠᠭ ᠪᠤᠢ? ᠠᠳᠤᠭᠤ
ᠠ᠋ᠨᠡᠭᠦᠷ᠎ᠨᠢ ᠶᠠᠭᠤ ᠤᠷᠤᠳᠠᠭ ᠪᠤᠢ? ᠦᠬᠡᠷ
ᠠ᠋ᠨᠡᠭᠦᠷ᠎ᠨᠢ ᠶᠠᠭᠤ ᠤᠷᠤᠳᠠᠭ ᠪᠤᠢ? ᠲᠡᠮᠡᠭᠡ
ᠢᠮᠠᠭ᠎ᠠ ᠵᠢ ᠶᠠᠭ᠋ᠠᠬᠢᠭᠰᠠᠨ ᠪᠤᠢ? ᠪᠡᠯᠴᠢᠭᠡᠷ᠎ᠲᠤ ᠭᠠᠷᠭ᠋ᠠᠭᠰᠠᠨ
ᠠ᠋ᠨᠡ᠎ᠨᠢ ᠶᠠᠭᠤ ᠪᠤᠢ? ᠬᠤᠨᠢᠨ᠎ᠤ ᠬᠤᠶᠠᠷ ᠬᠡᠤᠬᠡᠳ ᠪᠦᠬᠡ ᠪᠠᠷᠢᠯᠳᠤᠵᠤ ᠪᠠᠶ᠋ᠢᠨ᠎ᠠ
ᠠ᠋ᠨᠡ᠎ᠨᠢ ᠶᠠᠭᠤ ᠪᠤᠢ? ᠡᠵᠢ ᠵᠢᠨ ᠰᠢᠷᠢᠭᠰᠡᠨ ᠤᠯᠪᠤᠬ
ᠠ᠋ᠨᠡ᠎ᠨᠢ ᠶᠠᠭᠤ ᠪᠤᠢ? ᠴᠢᠳᠤᠷ᠎ᠲᠠᠢ ᠪᠤᠷᠤ ᠳᠠᠭ᠎ᠠ᠂ ᠪᠢ ᠪᠤᠷᠤ ᠳᠠᠭ᠎ᠠ᠎ᠪᠠᠨ ᠤᠨᠤᠭ᠋ᠠᠳ ᠰᠦᠮᠪᠦᠷ ᠠᠭᠤᠯᠠ ᠵᠢᠨ ᠤᠷᠤᠢ᠎ᠳᠤ ᠭᠠᠷᠴᠤ ᠠᠳᠤᠭᠤ ᠮᠠᠯ ᠵᠶ᠋ᠠᠨ ᠬᠠᠷᠢᠭᠤᠯᠵᠤ ᠵᠢᠷᠭ᠋ᠠᠨᠠ ᠁ ᠭᠡᠬᠦ ᠮᠡᠲᠦ᠎ᠪᠠᠷ ᠠᠰᠠᠭᠤᠵᠤ ᠬᠠᠷᠢᠭᠤᠯᠵᠤ ᠲᠤᠭᠯᠠᠳᠠᠭ᠃ ᠲᠤᠰ ᠲᠤᠭᠯᠠᠭ᠋ᠠᠮ᠎ᠨᠢ ᠬᠡᠤᠬᠡᠳ᠎ᠤᠨ ᠬᠤᠷᠤᠭᠤᠨ᠎ᠤ ᠪᠤᠯᠴᠢᠩ᠎ᠤᠨ ᠬᠦᠭᠵᠢᠯᠲᠡ᠎ᠳᠤ ᠠᠰᠢᠭᠲᠠᠢᠪᠠᠷ ᠪᠠᠷᠠᠭ᠍ᠤ ᠦᠭᠡᠢ ᠠᠮᠢᠳᠤᠷᠠᠯ᠎ᠤᠨ ᠰᠠᠶ᠋ᠢᠨ ᠰᠠᠶ᠋ᠢᠬᠠᠨ᠎ᠢ ᠪᠡᠯᠭᠡᠳᠡᠭᠰᠡᠨ ᠰᠠᠨᠠᠭ᠎ᠠ᠎ᠲᠠᠢ ᠪᠠᠶ᠋ᠢᠳᠠᠭ᠃ ᠠ᠋ᠨᠡ ᠬᠦ᠌ ᠲᠤᠭᠯᠠᠭ᠋ᠠᠮ᠎ᠨᠢ ᠤᠳᠤ ᠵᠢᠨ ᠬᠦᠳᠡᠭᠡ ᠵᠢᠨ ᠮᠠᠯᠵᠢᠬᠤ ᠠᠮᠢᠳᠤᠷᠠᠯ᠎ᠠᠴᠠ ᠵᠠᠶ᠋ᠢᠳᠠᠭᠰᠠᠨ ᠬᠡᠤᠬᠡᠳ᠎ᠲᠤ ᠮᠠᠰᠢ ᠲᠤᠬᠢᠷᠠᠭ᠍ᠤ ᠲᠤᠭᠯᠠᠭ᠋ᠠᠮ᠎ᠤᠨ ᠬᠢᠴᠢᠶᠡᠯ ᠪᠤᠯᠤᠨ᠎ᠠ᠃ ᠬᠡᠳᠦᠶ᠋ᠢᠪᠡᠷ ᠵᠢᠵᠢᠭᠬᠡᠨ ᠬᠤᠷᠤᠭᠤᠨ ᠲᠤᠭᠯᠠᠭ᠋ᠠᠮ ᠪᠤᠯᠪᠠᠴᠤ ᠮᠠᠯᠵᠢᠬᠤ ᠠᠮᠢᠳᠤᠷᠠᠯ᠎ᠤᠨ ᠤᠯᠠᠨ ᠠᠭᠤᠯᠭ᠎ᠠ ᠵᠢ ᠬᠠᠮᠤᠷᠴᠤ ᠪᠠᠢ᠍ᠢ᠍ᠳᠠᠬ᠃
ᠤᠨᠢᠰᠤᠭ᠎ᠠ ᠪᠤᠯ ᠪᠠᠶ᠋ᠢᠭ᠋ᠠᠯᠢ ᠨᠡᠶ᠋ᠢᠭᠡᠮ᠎ᠤᠨ ᠲᠦᠮᠡᠨ ᠪᠤᠳᠠᠰ ᠪᠠ ᠬᠡᠷᠡᠭ ᠦᠵᠡᠭᠳᠡᠯ᠎ᠢ ᠤᠷᠠᠯᠢᠭ ᠵᠶ᠋ᠠᠷ ᠢᠯᠡᠳᠭᠡᠵᠦ ᠬᠦᠮᠦᠰ᠎ᠢ ᠰᠡᠳᠬᠢᠨ ᠪᠤᠳᠤᠭᠤᠯᠳᠠᠬ ᠪᠠᠰᠠ ᠨᠢᠭᠡᠨ ᠠᠮᠠᠨ ᠢᠷᠠᠭᠤ ᠨᠠᠶ᠋ᠢᠷᠠᠭ ᠮᠦᠷᠲᠡᠭᠡᠨ ᠲᠤᠭᠯᠠᠭ᠋ᠠᠮ ᠮᠦᠨ᠃ ᠤᠨᠢᠰᠤᠭ᠎ᠠ᠎ᠳᠤ ᠬᠡᠤᠬᠡᠳ᠎ᠤᠨ ᠳᠦᠷᠰᠦᠯᠡᠨ ᠪᠤᠳᠤᠬᠤ ᠴᠢᠳᠠᠪᠤᠷᠢ ᠵᠢ ᠳᠡᠭᠡᠭᠰᠢᠯᠡᠭᠦᠯᠭᠦ᠂ ᠤᠶᠤᠨ ᠤᠬᠠᠭ᠋ᠠᠨ᠎ᠢ ᠨᠡᠭᠡᠭᠡᠭᠳᠡᠭᠦᠯᠭᠦ ᠵᠡᠷᠭᠡ ᠮᠠᠰᠢ ᠤᠯᠠᠨ ᠲᠠᠯ᠎ᠠ ᠵᠢᠨ ᠬᠦᠮᠦᠵᠢᠯ ᠳᠠᠭ᠋ᠠᠯᠳᠤᠵᠤ ᠪᠠᠶ᠋ᠢᠳᠠᠭ᠃ ᠵᠢᠱ᠌ᠢᠶᠡᠯᠡᠪᠡᠯ᠄ 《ᠠᠳᠬᠤᠪᠠᠯ ᠠᠳᠬᠤ ᠳᠦᠭᠦᠷᠬᠦ ᠦᠭᠡᠢ᠂ ᠲᠠᠯᠪᠢᠪᠠᠯ ᠲᠠᠯ᠎ᠠ ᠳᠦᠭᠦᠷᠦᠨ᠎ᠡ》 (ᠨᠢᠳᠦ)᠂ 《ᠤᠯᠠᠭ᠋ᠠᠨ ᠪᠢᠷᠠᠭᠤ ᠶᠠᠰᠤᠨ ᠬᠤᠷᠤᠭ᠎ᠠ᠎ᠲᠠᠢ》 (ᠰᠢᠳᠦ) ᠭᠡᠬᠦ ᠮᠡᠲᠦ ᠵᠢᠨ ᠶᠦᠮᠦᠷᠯᠢᠭ ᠮᠦᠷᠲᠡᠭᠡᠨ ᠦᠭᠡ᠎ᠨᠢ ᠬᠢᠯᠪᠠᠷ᠂ ᠬᠡᠤᠬᠡᠳ ᠴᠡᠭᠡᠵᠢᠯᠡᠬᠦ᠎ᠳᠤ ᠳᠦᠭᠦᠮ ᠪᠠᠶ᠋ᠢᠳᠠᠭ ᠤᠨᠴᠠᠯᠢᠭ᠎ᠲᠠᠢ᠃ ᠠ᠋ᠳᠡᠭᠡᠷ ᠤᠨᠢᠰᠤᠭ᠎ᠠ᠎ᠪᠠᠷ ᠳᠠᠮᠵᠢᠭᠤᠯᠵᠤ ᠬᠡᠤᠬᠡᠳ᠎ᠲᠤ ᠠ᠋ᠷᠬᠡᠲᠡᠨ ᠵᠶ᠋ᠠᠨ ᠲᠠᠨᠢᠬᠤ ᠪᠠ ᠲᠡᠭᠦᠨ᠎ᠢ ᠬᠡᠷᠬᠢᠨ ᠬᠠᠶ᠋ᠢᠷᠠᠯᠠᠵᠤ ᠬᠠᠮᠠᠭ᠋ᠠᠯᠠᠭ᠍ᠤ ᠬᠦᠮᠦᠵᠢᠯ᠎ᠢ ᠬᠢᠵᠤ ᠪᠤᠯᠬᠤ ᠲᠡᠳᠦᠢ ᠦᠭᠡᠢ ᠶᠠᠭᠤᠮ᠎ᠠ ᠦᠵᠡᠭᠳᠡᠯ᠎ᠢ ᠰᠤᠨᠢᠭᠤᠴᠢᠯᠠᠨ ᠰᠡᠳᠬᠢᠬᠦ᠂ ᠤᠨᠢᠰᠤᠭ᠎ᠠ᠎ᠳᠤ ᠭᠠᠷᠤᠭᠰᠠᠨ ᠦᠭᠡ ᠪᠤᠯᠭ᠋ᠠᠨ᠎ᠢ ᠬᠢᠨᠠᠭᠤᠷ ᠪᠤᠳᠤᠯᠬᠢᠯᠠᠭ᠍ᠤ᠂ ᠦᠭᠡᠰ᠎ᠤᠨ ᠰᠠᠩ᠎ᠢ᠎ᠨᠢ ᠨᠡᠮᠡᠭᠳᠡᠬᠦᠯᠭᠦ ᠵᠡᠷᠭᠡ ᠮᠠᠰᠢ ᠰᠠᠶ᠋ᠢᠨ ᠬᠦᠮᠦᠵᠢᠯ᠎ᠤᠨ ᠦᠨ᠎ᠡ ᠦᠷᠳᠡᠭ᠎ᠲᠠᠢ ᠶᠤᠮ᠃
ᠨᠠᠭ᠋ᠠᠳᠤᠮ ᠲᠤᠭᠯᠠᠭ᠋ᠠᠮ᠎ᠤᠨ ᠳᠤᠮᠳᠠ ᠪᠠᠰᠠ ᠱᠦᠭᠦᠯᠴᠡᠭᠡᠨᠤ ᠦᠭᠡ ᠭᠡᠵᠤ ᠪᠠᠶ᠋ᠢᠳᠠᠭ᠃ ᠱᠠᠭ᠎ᠠ ᠨᠠᠭ᠋ᠠᠳᠤᠭ᠋ᠠᠳ ᠱᠦᠭᠦᠭᠳᠡᠬᠦ ᠪᠤᠶᠤ ᠤᠨᠢᠰᠤᠭ᠎ᠠ ᠲᠠᠭ᠋ᠠᠭ᠋ᠠᠳ ᠱᠦᠭᠦᠭᠳᠡᠬᠦ ᠦᠶᠡᠰ 《ᠠᠰᠠᠭᠤᠭᠳᠠᠭ᠋ᠠᠳ ᠠᠰᠠᠭᠤᠭᠳᠠᠭ᠋ᠠᠳ ᠮᠤᠬᠤᠷᠳᠠᠭᠰᠠᠨ ᠠᠷᠭ᠎ᠠ ᠮᠠᠭᠤᠲᠤ ᠵᠢ ᠬᠤᠳᠠᠯᠳᠤᠶ᠎ᠠ᠂ ᠳᠠᠭ᠋ᠠᠭ᠋ᠠᠳ ᠲᠠᠭ᠋ᠠᠭ᠋ᠠᠤᠨ ᠲᠠᠭᠵᠢᠷᠠᠭᠰᠠᠨ ᠲᠠᠭ ᠲᠡᠨᠡᠭᠢ ᠬᠤᠳᠠᠯᠳᠤᠶ᠎ᠠ》᠂ 《ᠭᠤᠴᠢᠨ ᠭᠤᠴᠢᠨ ᠲᠡᠮᠡᠭᠡᠨ᠎ᠠᠴᠠ᠂ ᠭᠤᠷᠪᠠᠨ ᠠᠳᠬᠤ ᠰᠢᠷᠦᠢ᠎ᠠᠴᠠ᠂ ᠰᠠᠨᠵᠢ ᠦᠭᠡᠢ ᠵᠡᠭᠦᠦ᠎ᠠᠴᠠ᠂ ᠰᠡᠮᠡᠷᠬᠡᠢ ᠬᠠᠨᠳᠢᠭᠠᠴᠠ᠂ ᠰᠢᠷᠠᠵᠤ ᠢᠳᠡᠬᠦ ᠮᠢᠬ᠎ᠠ᠎ᠠᠴᠠ᠂ ᠰᠢᠷ᠎ᠠ ᠨᠤᠬᠠᠢ ᠵᠢᠨ ᠭᠤᠶ᠎ᠠ᠎ᠠᠴᠠ᠂ ᠠᠷᠤ ᠵᠢᠨ ᠮᠠᠶ᠋ᠢᠮᠠᠢ᠎ᠳᠤ ᠬᠤᠳᠠᠯᠳᠤᠶ᠎ᠠ᠂ ᠠᠷᠭ᠋ᠠᠯ ᠬᠤᠷᠭᠤᠤᠯ᠎ᠳᠤ ᠬᠤᠳᠠᠯᠳᠤᠶ᠎ᠠ᠂ ᠬᠤᠶ᠋ᠢᠲᠤ ᠮᠠᠶ᠋ᠢᠮᠠᠢ᠎ᠳᠤ ᠬᠤᠳᠠᠯᠳᠤᠶ᠎ᠠ᠂ ᠬᠤᠷᠭᠤᠤᠯ ᠪᠤᠤᠪᠤ᠎ᠪᠠᠷ ᠬᠤᠳᠠᠯᠳᠤᠶ᠎ᠠ ᠁》 ᠭᠡᠬᠦ ᠮᠡᠲᠦ᠎ᠪᠠᠷ ᠨᠠᠭ᠋ᠠᠳᠤᠮ᠎ᠤᠨ ᠳᠦᠷᠢᠮ ᠭᠤᠷᠢᠮ᠎ᠢ ᠰᠠᠬᠢᠬᠤ᠂ ᠬᠤᠷᠤᠰᠬᠠᠨ ᠦᠳᠦᠭᠡᠵᠤ᠂ ᠴᠢᠷᠮᠠᠶ᠋ᠢᠬᠤ ᠵᠢ ᠳᠠᠶ᠋ᠢᠴᠢᠯᠠᠭᠰᠠᠨ ᠰᠠᠨᠠᠭ᠎ᠠ ᠠᠬᠤᠢ ᠠᠭᠤᠯᠵᠤ ᠪᠠᠶ᠋ᠢᠳᠠᠭ᠃
(ᠳᠦᠷᠪᠡ) ᠤᠷᠠᠯᠢᠭ᠎ᠤᠨ ᠬᠢᠴᠢᠶᠡᠯ ᠵᠶ᠋ᠠᠷ ᠦᠨᠳᠦᠰᠦᠲᠡᠨ᠎ᠤ ᠵᠠᠩ ᠦᠢ᠍ᠯᠡ ᠵᠢᠨ ᠬᠦᠮᠦᠵᠢᠯ ᠬᠢᠬᠦ᠃
ᠤᠷᠠᠯᠢᠭ᠎ᠨᠢ ᠨᠢᠭᠡ ᠦᠨᠳᠦᠰᠦᠲᠡᠨ᠎ᠤ ᠰᠤᠶᠤᠯ᠎ᠤᠨ ᠠᠴᠢᠶᠠᠯᠠᠭᠴᠢ ᠪᠤᠯᠬᠤ ᠮᠦᠷᠲᠡᠭᠡᠨ ᠬᠡᠤᠬᠡᠳ᠎ᠤᠨ ᠬᠠᠮᠤᠭ᠎ᠠᠴᠠ ᠢᠳᠡᠪᠬᠢᠲᠡᠢ ᠤᠷᠤᠯᠴᠠᠳᠠᠭ ᠬᠦᠳᠡᠯᠭᠡᠭᠡᠨ᠎ᠤ ᠨᠢᠭᠡ ᠬᠡᠯᠪᠡᠷᠢ ᠪᠤᠯᠤᠨ᠎ᠠ᠂ ᠲᠡᠶ᠋ᠢᠮᠤ᠎ᠠᠴᠠ ᠤᠷᠠᠯᠢᠭ᠎ᠤᠨ ᠬᠦᠳᠡᠯᠭᠡᠭᠡᠨ᠎ᠳᠤ ᠦᠨᠳᠤᠰᠤᠳᠠᠨ᠎ᠤ ᠵᠠᠩ ᠦᠢ᠍ᠯᠡ ᠵᠢᠨ ᠬᠦᠮᠦᠵᠢᠯ᠎ᠢ ᠠᠭᠤᠰᠬᠠᠨ ᠤᠷᠤᠭᠤᠯᠬᠤ᠎ᠨᠢ ᠬᠠᠮᠤᠭ᠎ᠤᠨ ᠲᠤᠬᠢᠷᠠᠮᠵᠢᠲᠠᠢ᠂ ᠬᠠᠮᠤᠭ᠎ᠤᠨ ᠦᠷ᠎ᠡ ᠠᠰᠢᠭ ᠰᠠᠶ᠋ᠢᠲᠠᠢ᠂ ᠬᠠᠮᠤᠭ᠎ᠤᠨ ᠤᠷᠠᠨ ᠠᠷᠭ᠎ᠠ ᠭᠡᠵᠤ ᠪᠤᠳᠤᠵᠤ ᠪᠠᠶ᠋ᠢᠨ᠎ᠠ᠃ ᠵᠢᠱ᠌ᠢᠶᠡᠯᠡᠪᠡᠯ᠄ ᠳᠠᠭᠤᠨ᠎ᠤ ᠬᠢᠴᠢᠶᠡᠯ ᠳᠡᠭᠡᠷ᠎ᠡ ᠮᠤᠷᠢᠨ ᠬᠤᠭᠤᠷ᠎ᠢ ᠲᠠᠨᠢᠯᠴᠠᠭᠤᠯᠵᠤ᠂ ᠮᠤᠷᠢᠨ ᠬᠤᠭᠤᠷ᠎ᠤᠨ ᠠ᠋ᠭᠦᠰᠦᠯ᠂ ᠦᠯᠢᠭᠡᠷ ᠲᠡᠤᠬᠡ ᠵᠢ ᠶᠠᠷᠢᠵᠤ ᠦᠭᠭᠦᠨ᠎ᠡ᠂ ᠪᠠᠰᠠ ᠤᠯᠠᠮᠵᠢᠯᠠᠯᠲᠤ ᠠᠷᠠᠳ᠎ᠤᠨ ᠪᠦᠵᠢᠭ ᠰᠤᠨᠢᠷᠬᠠᠭᠤᠯᠤᠨ᠂ ᠰᠢᠨ᠎ᠡ ᠵᠢᠯ᠎ᠤᠨ ᠵᠤᠯᠭ᠋ᠠᠯᠲᠠ ᠵᠢᠨ ᠳᠠᠭᠤᠤ᠂ ᠡᠷ᠎ᠡ ᠵᠢᠨ ᠭᠤᠷᠪᠠᠨ ᠨᠠᠭ᠋ᠠᠳᠤᠮ᠎ᠤᠨ ᠳᠠᠭᠤᠤ᠂ ᠱᠠᠭ᠎ᠠ ᠵᠢᠨ ᠳᠠᠭᠤᠤ ᠁ ᠭᠡᠬᠦᠴᠢᠯᠡᠨ ᠠ᠋ᠳᠦᠢ ᠲᠡᠳᠦᠢ ᠮᠤᠩᠭᠤᠯ ᠰᠤᠶᠤᠯ᠂ ᠵᠠᠩ ᠵᠠᠩᠰᠢᠯ᠎ᠢ ᠬᠠᠷᠠᠭᠤᠯᠤᠭᠰᠠᠨ ᠳᠠᠭᠤᠤ ᠪᠦᠵᠢᠭ᠂ ᠭᠦᠭᠵᠢᠮ᠎ᠤᠨ ᠵᠦᠢ᠍ᠯ᠎ᠢ ᠵᠢᠭ᠋ᠠᠵᠤ ᠪᠤᠯᠤᠨ᠎ᠠ᠃
(ᠲᠠᠪᠤ) ᠤᠷᠴᠢᠨ ᠲᠤᠭᠤᠷᠢᠨ᠎ᠤ ᠳᠠᠯᠳᠠ ᠴᠢᠨᠠᠷᠳᠦ ᠰᠤᠷᠭ᠋ᠠᠨ ᠬᠦᠮᠦᠵᠢᠯ ᠵᠶ᠋ᠠᠷ ᠦᠨᠳᠦᠰᠦᠳᠡᠨ᠎ᠤ ᠵᠠᠩ ᠤᠶ᠋ᠢᠯᠡ ᠵᠢᠨ ᠬᠦᠮᠦᠵᠢᠯ ᠭᠦᠷᠳᠡᠭᠡᠭᠦ᠃
ᠤᠷᠴᠢᠨ ᠲᠤᠭᠤᠷᠢᠨ ᠪᠤᠯ ᠬᠡᠤᠬᠡᠳ᠎ᠢ ᠰᠢᠭᠤᠳ ᠨᠦᠯᠦᠭᠡᠯᠡᠬᠦ ᠪᠠᠰᠠ ᠨᠢᠭᠡᠨ ᠴᠢᠬᠤᠯᠠ ᠭᠦᠴᠦᠨ ᠵᠦᠢ᠍ᠯ ᠮᠦᠨ᠃ ᠲᠡᠶ᠋ᠢᠮᠤ᠎ᠠᠴᠠ ᠴᠡᠴᠡᠷᠯᠢᠭ᠎ᠤᠨ ᠤᠷᠴᠢᠨ ᠲᠤᠭᠤᠷᠢᠨ᠎ᠢ ᠦᠨᠳᠦᠰᠦᠲᠡᠨ᠎ᠤ ᠤᠨᠴᠠᠯᠢᠭ᠎ᠲᠠᠢ ᠵᠠᠰᠠᠨ ᠴᠢᠮᠡᠭᠯᠡᠵᠤ᠂ ᠬᠡᠤᠬᠡᠳ᠎ᠲᠤ ᠮᠤᠩᠭᠤᠯ ᠠᠮᠢᠳᠤᠷᠠᠯ᠂ ᠮᠤᠩᠭᠤᠯ ᠰᠤᠶᠤᠯ ᠤᠷᠠᠯᠢᠭ᠎ᠤᠨ ᠨᠦᠯᠦᠭᠡ ᠵᠢ ᠤᠷᠴᠢᠨ ᠲᠤᠭᠤᠷᠢᠨ ᠵᠶ᠋ᠠᠷ ᠲᠠᠮᠵᠢᠭᠤᠯᠤᠨ ᠬᠦᠷᠲᠡᠭᠡᠨ᠎ᠡ᠃ ᠮᠤᠩᠭᠤᠯ ᠦᠨᠳᠦᠰᠦᠳᠡᠨ᠎ᠤ ᠭᠠᠷ ᠤᠷᠠᠯᠠᠯ᠂ ᠬᠡ ᠤᠭ᠋ᠠᠯᠵᠠ ᠵᠡᠷᠭᠡ᠎ᠪᠠᠷ ᠠᠩᠭᠢ ᠵᠢᠨ ᠭᠡᠷ᠂ ᠬᠠᠨ᠎ᠠ ᠵᠢᠨ ᠵᠢᠷᠤᠭ᠎ᠢ ᠵᠠᠰᠠᠨ ᠴᠢᠮᠡᠭᠯᠡᠨ᠎ᠡ᠃ ᠠ᠋ᠳᠤᠷ ᠲᠤᠳᠤᠮ᠎ᠤᠨ ᠠᠮᠢᠳᠤᠷᠠᠯ ᠳᠤᠮᠳᠠ᠎ᠪᠠᠨ ᠦᠷᠭᠦᠯᠵᠢ ᠦᠵᠡᠵᠦ ᠬᠠᠷᠠᠵᠤ᠂ ᠤᠷᠤᠯᠳᠤᠵᠤ ᠬᠦᠷᠦᠯᠴᠡᠵᠤ ᠪᠠᠢ᠍ᠢ᠍ᠪᠠᠯ 《ᠮᠤᠩᠭᠤᠯ ᠰᠡᠳᠬᠢᠬᠦᠢ》᠎ᠲᠠᠢ ᠪᠤᠯᠭ᠋ᠠᠨ ᠬᠦᠮᠦᠵᠢᠭᠦᠯᠬᠦ᠎ᠳᠤ ᠲᠦᠢ᠍ᠯ᠎ᠤᠨ ᠠᠰᠢᠭᠲᠠᠢ᠃
(ᠵᠢᠷᠭᠤᠭ᠎ᠠ) ᠴᠡᠴᠡᠷᠯᠢᠭ᠎ᠤᠨ ᠨᠢᠭᠡᠳᠦᠯᠲᠡᠢ ᠵᠢᠭ᠋ᠠᠬᠤ ᠮᠠᠲᠸᠷᠢᠶᠠᠯ᠎ᠲᠠᠢ ᠤᠶᠠᠯᠳᠤᠭᠤᠯᠤᠨ᠂ ᠦᠨᠳᠦᠰᠦᠲᠡᠨ᠎ᠤ ᠵᠠᠩ ᠦᠢ᠍ᠯᠡ ᠵᠢ ᠠᠮᠢᠳᠤᠯᠢᠭ ᠵᠶ᠋ᠠᠷ ᠵᠢᠭ᠋ᠠᠬᠤ᠃
ᠴᠡᠴᠡᠷᠯᠢᠭ᠎ᠤᠨ ᠪᠠᠭᠰᠢ ᠨᠠᠷ᠎ᠠᠴᠠ ᠴᠡᠴᠡᠷᠯᠢᠭ᠎ᠤᠨ ᠵᠢᠭ᠋ᠠᠬᠤ ᠮᠠᠲᠸᠷᠢᠶᠠᠯ᠎ᠲᠠᠢ ᠤᠶᠠᠯᠳᠤᠭᠤᠯᠤᠨ᠂ ᠦᠨᠳᠦᠰᠦᠲᠡᠨ᠎ᠤ ᠵᠠᠩ ᠦᠢ᠍ᠯᠡ ᠵᠢᠨ ᠠᠭᠤᠯᠭ᠎ᠠ ᠵᠢ ᠵᠢᠭ᠋ᠠᠨ ᠰᠤᠷᠭ᠋ᠠᠯᠳᠠ᠎ᠳᠤ᠎ᠪᠠᠨ ᠰᠢᠮᠡᠳᠭᠡᠨ ᠤᠷᠤᠭᠤᠯᠵᠤ᠂ ᠵᠢᠭ᠋ᠠᠬᠤ ᠠᠵᠢᠯᠯᠠᠭ᠎ᠠ᠎ᠪᠠᠨ ᠦᠷᠨᠢᠭᠦᠯᠵᠦ ᠪᠤᠯᠤᠨ᠎ᠠ᠃ ᠵᠢᠱ᠌ᠢᠶᠡᠯᠡᠪᠡᠯ᠄ ᠵᠦᠢ᠍ᠷ ᠰᠡᠴᠡᠨ ᠦᠭᠡ ᠪᠤᠶᠤ ᠰᠤᠷᠭ᠋ᠠᠯ ᠦᠭᠡ᠂ ᠠᠮᠠᠨ ᠤᠩᠰᠢᠯᠭ᠎ᠠ᠂ ᠤᠨᠢᠰᠤᠭ᠎ᠠ᠂ ᠮᠤᠩᠭᠤᠯ ᠭᠡᠷ᠎ᠤᠨ ᠢᠷᠦᠭᠡᠯ ᠮᠠᠭᠲᠠᠭ᠋ᠠᠯ᠂ ᠳᠤᠮᠤᠭ ᠦᠯᠢᠭᠡᠷ ᠵᠡᠷᠭᠡ ᠠᠭᠤᠯᠭ᠎ᠠ ᠵᠢ ᠵᠢᠭ᠋ᠠᠨ᠎ᠠ᠃
ᠪᠠᠰᠠ ᠶᠡᠭᠡ ᠪᠠᠭ᠎ᠠ ᠵᠢ ᠠᠳᠠᠯᠢᠳᠬᠠᠬᠤ᠂ ᠤᠯᠠᠨ ᠴᠦᠭᠡᠨᠢ ᠢᠯᠭ᠋ᠠᠬᠤ ᠵᠡᠷᠭᠡ ᠠᠭᠤᠯᠭ᠎ᠠ᠎ᠳᠤ ᠲᠤᠬᠢᠷᠠᠭᠤᠯᠤᠨ᠂ ᠠᠮᠢᠳᠤᠯᠢᠭ ᠵᠶ᠋ᠠᠷ ᠠᠭᠤᠰᠬᠠᠨ ᠤᠷᠤᠭᠤᠯᠤᠨ᠎ᠠ᠃ ᠲᠤᠭ᠎ᠠ ᠲᠤᠭ᠋ᠠᠯᠠᠵᠤ ᠰᠤᠷᠬᠤ᠎ᠳᠤ ᠮᠤᠩᠭᠤᠯ ᠭᠡᠷ᠂ ᠠ᠋ᠳ᠋ᠯᠡᠯ ᠬᠡᠷᠡᠭᠰᠡᠯ᠂ ᠲᠠᠪᠤᠨ ᠬᠤᠰᠢᠭᠤ ᠮᠠᠯ᠂ ᠲᠦᠯᠢ ᠲᠤᠭ᠋ᠠᠯᠠᠭᠤᠯᠬᠤ (ᠳᠠᠭ᠋ᠠᠯᠳᠤᠭᠤᠯᠤᠨ ᠨᠡᠷᠡᠶ᠋ᠢᠳᠦᠯ᠎ᠢ᠎ᠨᠢ ᠬᠡᠯᠡᠭᠦᠯᠵᠦ ᠪᠤᠯᠪᠠᠰᠤᠷᠠᠭᠤᠯᠬᠤ ᠮᠡᠲᠦ᠎ᠪᠠᠷ) ᠵᠡᠷᠭᠡ ᠠᠷᠭ᠎ᠠ ᠵᠢ ᠬᠡᠷᠡᠭᠯᠡᠵᠦ ᠪᠤᠯᠤᠨ᠎ᠠ᠃ ᠡᠷ᠎ᠡ ᠵᠢᠨ ᠭᠤᠷᠪᠠᠨ ᠨᠠᠭ᠋ᠠᠳᠤᠮ᠂ ᠱᠠᠭ᠎ᠠ ᠪᠠ ᠰᠢᠲᠠᠷ᠎ᠠ ᠨᠠᠭ᠋ᠠᠳᠬᠤ ᠵᠡᠷᠭᠡ ᠵᠢ ᠠᠮᠢᠳᠤᠯᠢᠭ ᠵᠶ᠋ᠠᠷ ᠲᠤᠬᠢᠷᠠᠭᠤᠯᠤᠨ ᠤᠷᠤᠭᠤᠯᠵᠤ ᠪᠤᠯᠤᠨ᠎ᠠ᠃
(ᠳᠤᠯᠤᠭ᠎ᠠ) ᠦᠨᠳᠦᠰᠦᠲᠡᠨ᠎ᠤ ᠤᠯᠠᠮᠵᠢᠯᠡᠯᠲᠤ ᠵᠠᠩ ᠦᠢ᠍ᠯᠡ ᠵᠢᠨ ᠲᠤᠰᠬᠠᠢ ᠵᠢᠭ᠋ᠠᠬᠤ ᠮᠠᠲᠸᠷᠢᠶᠠᠯ ᠨᠠᠶ᠋ᠢᠷᠠᠭᠤᠯᠤᠨ ᠵᠢᠭ᠋ᠠᠨ ᠰᠤᠷᠭ᠋ᠠᠯᠲᠠ᠎ᠳᠤ᠎ᠪᠠᠨ ᠠᠰᠢᠭᠯᠠᠬᠤ᠃
ᠤᠳᠤᠬᠠᠨ᠎ᠤ ᠴᠡᠴᠡᠷᠯᠢᠭ᠎ᠤᠨ ᠵᠢᠭ᠋ᠠᠬᠤ ᠮᠠᠲᠸᠷᠢᠶᠠᠯ᠂ ᠵᠠᠬ᠎ᠠ ᠳᠡᠯᠭᠡᠭᠦᠷ ᠳᠡᠭᠡᠷᠡᠬᠢ ᠵᠢᠭ᠋ᠠᠬᠤ ᠮᠠᠲᠸᠷᠢᠶᠠᠯ᠎ᠨᠢ ᠦᠨᠳᠦᠰᠦᠲᠡᠨ᠎ᠤ ᠤᠯᠠᠮᠵᠢᠯᠠᠯᠲᠤ ᠵᠠᠩ ᠦᠢ᠍ᠯᠡ ᠵᠢᠨ ᠠᠭᠤᠯᠭ᠎ᠠ ᠵᠢ ᠪᠦᠭᠦᠨ᠎ᠢ ᠬᠠᠮᠤᠷᠴᠦ ᠲᠠᠢ᠍ᠢ᠍ᠯᠦᠭᠰᠡᠨ ᠦᠭᠡᠢ᠂ ᠪᠤᠰᠤᠳ᠎ᠤᠨ᠎ᠬᠢ ᠵᠢ ᠤᠷᠴᠢᠭᠤᠯᠵᠤ ᠪᠠᠭᠤᠯᠭ᠋ᠠᠵᠤ ᠠᠪᠤᠭᠰᠠᠨ᠎ᠨᠢ ᠠᠷᠪᠢᠨ ᠪᠠᠶ᠋ᠢᠭ᠎ᠠ ᠪᠤᠳᠠᠲᠠᠢ ᠪᠠᠶ᠋ᠢᠳᠠᠯ᠎ᠳᠤ ᠬᠠᠨᠳᠤᠭᠤᠯᠤᠨ ᠦᠨᠳᠦᠰᠦᠲᠡᠨ᠎ᠤ ᠵᠠᠩ ᠦᠢ᠍ᠯᠡ ᠵᠢᠨ ᠲᠤᠬᠠᠢ ᠵᠢᠭ᠋ᠠᠬᠤ ᠮᠠᠲᠸᠷᠢᠶᠠᠯ ᠨᠠᠶ᠋ᠢᠷᠠᠭᠤᠯᠤᠨ ᠵᠢᠭ᠋ᠠᠨ ᠰᠤᠷᠭ᠋ᠠᠯᠲᠠ᠎ᠳᠤ᠎ᠪᠠᠨ ᠬᠡᠷᠡᠭᠯᠡᠬᠦ᠎ᠨᠢ ᠲᠦᠢ᠍ᠯ᠎ᠤᠨ ᠴᠢᠬᠤᠯᠠ ᠢᠳᠡᠪᠬᠢᠳᠠᠢ ᠦᠢ᠍ᠯᠡᠳᠦᠯ᠎ᠲᠠᠢ᠃ ᠤᠳᠤ ᠵᠢᠨ ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠤᠷᠤᠰᠢᠵᠤ ᠪᠠᠶ᠋ᠢᠬᠤ ᠠᠰᠠᠭᠤᠳᠠᠯ ᠵᠶ᠋ᠠᠷ ᠵᠢᠱ᠌ᠢᠶᠡᠯᠡᠵᠦ ᠬᠡᠯᠡᠪᠡᠯ᠄ ᠴᠡᠴᠡᠷᠯᠢᠭ᠎ᠤᠨ ᠵᠢᠭ᠋ᠠᠬᠤ ᠮᠠᠲᠸᠷᠢᠶᠠᠯ ᠲᠤᠲᠤᠷ᠎ᠠ ᠦᠨᠳᠦᠰᠦᠲᠡᠨ᠎ᠤ ᠵᠠᠩ ᠦᠢ᠍ᠯᠡ᠎ᠲᠠᠢ ᠬᠤᠯᠪᠤᠭᠳᠠᠭᠰᠠᠨ ᠳᠠᠭᠤᠤ ᠲᠦᠢ᠍ᠯ᠎ᠤᠨ ᠴᠦᠭᠡᠨ ᠪᠠᠶ᠋ᠢᠨ᠎ᠠ᠃ ᠠ᠋ᠶ᠋ᠢᠮᠦ ᠪᠠᠶ᠋ᠢᠳᠠᠯ ᠳᠤᠤᠷ᠎ᠠ ᠪᠠᠭᠰᠢ ᠨᠠᠷ᠎ᠠᠴᠠ ᠦᠪᠡᠷ ᠵᠶ᠋ᠠᠨ ᠤᠯᠠᠮᠵᠢᠯᠠᠯᠲᠤ ᠵᠠᠩ ᠦᠢ᠍ᠯᠡ᠎ᠲᠠᠢ ᠬᠤᠯᠪᠤᠭᠳᠠᠭ᠍ᠤ ᠳᠠᠭᠤᠤ ᠵᠢ ᠵᠤᠬᠢᠶᠠᠵᠤ ᠬᠡᠷᠡᠭᠯᠡᠵᠦ ᠪᠤᠯᠤᠨ᠎ᠠ᠃ ᠪᠠᠰᠠ ᠴᠡᠴᠡᠷᠯᠢᠭ᠎ᠤᠳ ᠬᠤᠭᠤᠷᠤᠨᠳᠤ᠎ᠪᠠᠨ ᠵᠢᠭ᠋ᠠᠬᠤ ᠮᠠᠲᠸᠷᠢᠶᠠᠯ ᠵᠶ᠋ᠠᠨ ᠰᠤᠯᠢᠯᠴᠠᠵᠤ ᠪᠠᠶ᠋ᠢᠭ᠋ᠠᠳ ᠬᠡᠥᠬᠡᠳᠤᠳᠤᠨ ᠳᠤᠷ᠎ᠠ ᠪᠠᠬ᠎ᠠ ᠪᠠ ᠨᠠᠰᠤᠨ᠎ᠤ ᠤᠨᠴᠠᠯᠢᠭᠲᠤ ᠲᠤᠬᠢᠷᠠᠭᠰᠠᠨ ᠪᠦᠷᠢᠨ ᠪᠦᠲᠦᠨ ᠰᠢᠰᠲᠸᠮᠴᠢᠯᠡᠭᠰᠡᠨ ᠦᠨᠳᠦᠰᠦᠲᠡᠨ᠎ᠤ ᠵᠠᠩ ᠦᠢ᠍ᠯᠡ ᠵᠢᠨ ᠲᠤᠬᠠᠢ ᠵᠢᠷᠤᠭᠲᠤ ᠳᠡᠪᠲᠡᠷ᠂ ᠬᠡᠷᠡᠯᠯᠢᠭ ᠲᠠᠪᠠᠭ ᠭᠠᠷᠭ᠋ᠠᠪᠠᠯ ᠮᠤᠩᠭᠤᠯ ᠴᠡᠴᠡᠷᠯᠢᠭ᠎ᠤᠨ ᠤᠯᠠᠮᠵᠢᠯᠠᠯᠲᠤ ᠵᠠᠩ ᠦᠢ᠍ᠯᠡ ᠵᠢᠨ ᠰᠤᠷᠭ᠋ᠠᠨ ᠬᠦᠮᠦᠵᠢᠯ᠎ᠳᠤ ᠶᠡᠬᠡᠬᠡᠨ ᠲᠤᠰᠠᠯᠠᠮᠵᠢ ᠪᠤᠯᠤᠨ᠎ᠠ᠃
(ᠨᠠᠢ᠍ᠮᠠ) ᠤᠯᠠᠮᠵᠢᠯᠠᠯᠲᠤ ᠵᠠᠩ ᠳᠠᠳᠬᠠᠯ᠎ᠢ ᠦᠢ᠍ᠯᠡᠳᠦᠯᠭᠡ ᠵᠢᠨ ᠳᠤᠮᠳᠠ ᠤᠴᠢᠵᠤ ᠰᠤᠷᠤᠯᠴᠠᠭ᠍ᠤ ᠨᠦᠬᠦᠴᠡᠯ᠎ᠢ ᠪᠤᠢ ᠪᠤᠯᠭ᠋ᠠᠵᠤ ᠦᠭᠬᠦ᠃
ᠮᠤᠩᠭᠤᠯ ᠬᠡᠥᠬᠡᠳᠤᠳᠲᠤᠪᠠᠨ ᠦᠨᠳᠦᠰᠦᠲᠡᠨ᠎ᠤ᠎ᠪᠠᠨ ᠰᠤᠶᠤᠯ ᠤᠯᠠᠮᠵᠢᠯᠠᠯ᠂ ᠵᠠᠩ ᠳᠠᠳᠬᠠᠯ᠎ᠢ ᠤᠶ᠋ᠢᠯᠭ᠋ᠠᠭᠤᠯᠬᠤᠨᠢ ᠮᠠᠨ᠎ᠤ ᠦᠨᠳᠦᠰᠦᠲᠡᠨ᠎ᠤ ᠬᠤᠵᠢᠮ ᠬᠤᠶ᠋ᠢᠰᠢᠲᠠ ᠵᠢᠨ ᠤᠷᠤᠰᠢᠨ ᠲᠤᠭᠲᠠᠨᠢᠯ ᠪᠠ ᠬᠦᠭᠵᠢᠯᠲᠡ᠎ᠲᠠᠢ ᠬᠤᠯᠪᠤᠭᠳᠠᠭ᠍ᠤ ᠲᠤᠮᠤᠬᠠᠨ ᠠᠰᠠᠭᠤᠳᠠᠯ ᠶᠤᠮ᠃ ᠰᠤᠷᠭ᠋ᠠᠭᠤᠯᠢ᠎ᠳᠤ ᠲᠤᠰᠬᠠᠢ᠍ᠢ᠍ᠯᠠᠨ ᠵᠡᠩ ᠦᠢ᠍ᠯᠡ ᠵᠢᠨ ᠬᠢᠴᠢᠶᠡᠯ ᠨᠡᠭᠡᠬᠡᠵᠦ ᠰᠤᠷᠤᠭᠴᠢᠳ᠎ᠢ ᠳᠠᠭ᠋ᠠᠭᠤᠯᠤᠨ ᠬᠦᠳᠡᠭᠡ ᠵᠢᠨ ᠮᠠᠯᠴᠢᠨ ᠠᠶ᠋ᠢᠯ᠎ᠳᠤ ᠤᠴᠢᠵᠤ᠂ ᠮᠠᠯᠴᠢᠳ ᠵᠶ᠋ᠠᠷ ᠪᠠᠭᠰᠢ ᠪᠠᠷᠢᠭᠤᠯ᠎ᠤᠨ᠂ ᠮᠠᠯ ᠤᠨᠤᠭ᠋ᠠᠨ᠎ᠤ ᠲᠤᠬᠠᠢ ᠵᠠᠩ ᠦᠢ᠍ᠯᠡ ᠵᠡᠷᠭᠡ ᠵᠢ ᠰᠤᠷᠤᠯᠴᠠᠭᠤᠯᠤᠨ᠎ᠠ᠃ ᠤᠪᠤᠭ᠎ᠠ ᠲᠠᠬᠢᠯᠭ᠎ᠠ᠂ ᠨᠠᠶ᠋ᠢᠷ ᠨᠠᠭ᠋ᠠᠳᠤᠮ᠎ᠤᠨ ᠴᠤᠭᠯᠠᠭ᠋ᠠᠨ ᠵᠡᠷᠭᠡ᠎ᠳᠤ ᠪᠤᠳᠠᠳᠠᠢ ᠪᠠᠢ᠍ᠢ᠍ᠳᠠᠯ ᠵᠶ᠋ᠠᠨ ᠦᠨᠳᠦᠰᠦᠯᠡᠨ ᠰᠤᠷᠤᠭᠴᠢᠳ᠎ᠢ ᠵᠤᠬᠢᠶᠠᠨ ᠪᠠᠶ᠋ᠢᠭᠤᠯᠤᠨ ᠤᠴᠢᠭᠤᠯᠵᠤ ᠲᠤᠰᠬᠠᠢ ᠰᠡᠳᠦᠪᠲᠦ ᠵᠠᠩ ᠦᠢ᠍ᠯᠡ ᠵᠢᠨ ᠬᠢᠴᠢᠶᠡᠯ᠎ᠢ ᠤᠷᠤᠭᠤᠯᠤᠨ᠎ᠠ᠃ ᠠ᠋ᠭᠦᠨ᠎ᠠᠴᠠ ᠭᠠᠳᠠᠨ᠎ᠠ ᠬᠠᠮᠢᠶ᠎ᠠ ᠪᠦᠬᠦᠢ ᠵᠠᠩ ᠦᠢ᠍ᠯᠡ ᠦᠢ᠍ᠯᠡᠳᠦᠯᠭᠡ ᠵᠢᠨ ᠬᠢᠴᠢᠶᠡᠯ᠎ᠳᠤ ᠢᠯᠡᠭᠦᠬᠡᠨ ᠤᠷᠤᠯᠴᠠᠭᠤᠯᠤᠨ᠎ᠠ᠃
ᠭᠤᠷᠪᠠ᠂ ᠤᠯᠠᠮᠵᠢᠯᠠᠯᠲᠤ ᠰᠤᠶᠤᠯ ᠰᠤᠷᠭ᠋ᠠᠨ ᠬᠦᠮᠦᠵᠢᠯ᠎ᠢ ᠴᠡᠴᠡᠷᠯᠢᠭ᠎ᠤᠨ ᠵᠢᠭ᠋ᠠᠨ ᠰᠤᠷᠭ᠋ᠠᠯᠲᠠ᠎ᠲᠠᠢ ᠤᠶᠠᠯᠳᠤᠭᠤᠯᠬᠤ ᠵᠢᠨ ᠠᠴᠢ ᠬᠤᠯᠪᠤᠭᠳᠠᠯ
(ᠨᠢᠭᠡ) ᠦᠨᠳᠦᠰᠦᠲᠡᠨ᠎ᠤ ᠵᠠᠩ ᠦᠢ᠍ᠯᠡ ᠵᠢᠨ ᠬᠦᠮᠦᠵᠢᠯ ᠬᠢᠬᠦ᠎ᠨᠢ ᠦᠨᠳᠦᠰᠦᠲᠡᠨ᠎ᠤ ᠰᠢᠯᠢᠳᠡᠭ ᠪᠤᠯᠪᠠᠰᠤᠨ ᠵᠠᠩ ᠰᠤᠷᠲᠠᠯ᠎ᠢ ᠤᠯᠠᠮᠵᠢᠯᠠᠵᠤ᠂ ᠪᠤᠯᠪᠠᠰᠤᠨ ᠶᠤᠰᠤᠷᠬᠠᠭ᠂ ᠬᠡᠪ ᠪᠤᠯᠪᠠᠰᠤᠷᠠᠯ ᠰᠠᠶ᠋ᠢᠲᠠᠢ ᠬᠤᠶ᠋ᠢᠴᠢ ᠨᠢᠭᠡᠨ ᠦᠶ᠎ᠡ ᠵᠢ ᠬᠦᠮᠦᠵᠢᠭᠦᠯᠬᠦ ᠵᠢᠨ ᠲᠦᠯᠦᠭᠡ ᠶᠤᠮ᠃
ᠬᠡᠥᠬᠡᠳ᠎ᠲᠤ ᠨᠢᠯᠬ᠎ᠠ ᠪᠠᠯᠴᠢᠷᠠᠴᠠᠨᠢ ᠠ᠋ᠬᠢᠯᠡᠨ ᠠᠪᠤ ᠡᠵᠢ ᠠᠬᠠᠰ ᠵᠠᠭ᠍ᠠᠰ ᠵᠶ᠋ᠠᠨ ᠬᠦᠨᠳᠦᠯᠡᠬᠦ ᠶᠤᠰᠤᠨᠢ ᠰᠤᠷᠭ᠋ᠠᠵᠤ᠂ ᠮᠡᠨᠳᠦᠴᠢᠯᠡᠨ ᠵᠤᠯᠭ᠋ᠠᠬᠤ ᠶᠤᠰᠤᠨ᠂ ᠵᠤᠴᠢᠨ ᠤᠭᠳᠤᠵᠤ ᠦᠳᠡᠬᠦ ᠶᠤᠰᠤᠨ᠂ ᠪᠤᠰᠤᠳ᠎ᠲᠤ ᠪᠡᠯᠡᠭ ᠬᠦᠷᠭᠡᠬᠦ ᠪᠠ ᠪᠤᠰᠤᠳ᠎ᠠᠴᠠ ᠪᠡᠯᠡᠭ ᠲᠤᠰᠬᠤ ᠶᠤᠰᠤᠨ ᠵᠡᠷᠭᠡ ᠵᠢ ᠮᠡᠳᠡᠭᠦᠯᠬᠦ ᠪᠠ ᠰᠤᠷᠭ᠋ᠠᠬᠤ᠎ᠨᠢ ᠪᠦᠷ ᠪᠤᠯᠪᠠᠰᠤᠨ ᠰᠠᠶ᠋ᠢᠬᠠᠨ ᠮᠤᠷᠠᠯ᠎ᠤᠨ ᠬᠦᠮᠦᠵᠢᠯ ᠤᠯᠭᠤᠵᠤ ᠪᠠᠶ᠋ᠢᠭ᠎ᠠ ᠶᠠᠪᠤᠴᠠ ᠪᠤᠯᠤᠨ᠎ᠠ᠃ ᠤᠪᠤᠭ᠎ᠠ ᠲᠠᠬᠢᠬᠤ ᠵᠠᠩ ᠦᠢ᠍ᠯᠡ᠎ᠠᠴᠠ ᠬᠡᠥᠬᠡᠳ᠎ᠲᠤ ᠮᠤᠩᠭᠤᠯᠴᠤᠳ᠎ᠤᠨ ᠤᠷᠤᠰᠢᠨ ᠠᠮᠢᠳᠤᠷᠠᠵᠤ ᠪᠦᠬᠦᠢ ᠠ᠋ᠬᠡ ᠪᠠᠶ᠋ᠢᠭ᠋ᠠᠯᠢ᠎ᠪᠠᠨ ᠬᠠᠶ᠋ᠢᠷᠠᠯᠠᠵᠤ᠂ ᠪᠠᠶ᠋ᠢᠭ᠋ᠠᠯᠢ ᠳᠡᠯᠡᠬᠡᠢᠲᠠᠢᠪᠠᠨ ᠠ᠋ᠶ᠎ᠡ ᠵᠤᠬᠢᠴᠠᠨ ᠠᠮᠢᠳᠤᠷᠠᠭᠰᠠᠭ᠋ᠠᠷ ᠢᠷᠡᠭᠰᠡᠨ ᠭᠦᠨ ᠨᠢᠭᠤᠴᠠᠭ᠋ᠠᠢ ᠰᠤᠶᠤᠯ᠎ᠤᠨ ᠤᠬᠠᠮᠰᠠᠷ᠎ᠲᠠᠢ ᠪᠠᠶ᠋ᠢᠳᠠᠭ᠎ᠢ ᠮᠡᠳᠡᠭᠦᠯᠦᠨ᠎ᠡ᠃ ᠠ᠋ᠨᠡ ᠬᠦ᠌ ᠬᠦᠮᠦᠵᠢᠯ ᠳᠤᠮᠳᠠ ᠬᠡᠥᠬᠡᠳ᠎ᠤᠨ ᠬᠠᠶ᠋ᠢᠷ᠎ᠠ ᠰᠡᠳᠭᠢᠯᠭᠡ ᠪᠠ ᠦᠵᠡᠯ ᠲᠠᠨᠢᠯᠲᠠ ᠵᠢᠨ ᠲᠠᠯ᠎ᠠ᠎ᠪᠠᠷ᠎ᠬᠢ ᠬᠦᠮᠦᠵᠢᠯ᠎ᠨᠢ ᠢᠳᠡᠭ ᠢᠳᠡᠭ ᠵᠶ᠋ᠠᠷ ᠭᠦᠨᠵᠡᠭᠡᠶ᠋ᠢᠷᠡᠵᠦ᠂ ᠠ᠋ᠳᠦᠷ᠎ᠤᠨ ᠤᠳᠠᠭ᠋ᠠᠨ᠎ᠳᠤ᠎ᠪᠠᠨ ᠬᠡᠪ ᠪᠤᠯᠪᠠᠰᠤᠷᠠᠯ᠎ᠨᠢ ᠠᠶᠠᠨᠳᠠᠭ᠋ᠠᠨ ᠳᠡᠭᠡᠭᠰᠢᠯᠡᠨ᠎ᠡ᠃
(ᠬᠤᠶᠠᠷ) ᠦᠨᠳᠦᠰᠦᠲᠡᠨ᠎ᠤ ᠵᠠᠩ ᠦᠢ᠍ᠯᠡ ᠵᠢᠨ ᠬᠦᠮᠦᠵᠢᠯ ᠬᠢᠭᠦ᠎ᠨᠢ ᠮᠤᠩᠭᠤᠯ ᠦᠭᠡ ᠬᠡᠯᠡ ᠰᠤᠷᠤᠯᠴᠠᠬᠤ ᠰᠠᠢ᠍ᠢ᠍ᠨ ᠰᠠᠢ᠍ᠢ᠍ᠬᠠᠨ ᠬᠡᠯᠡᠨ᠎ᠤ ᠤᠷᠴᠢᠨ᠎ᠢ ᠪᠦᠷᠢᠯᠳᠦᠭᠦᠯᠵᠦ᠂ ᠦᠭᠡᠰ᠎ᠤᠨ ᠰᠠᠩ᠎ᠢ ᠪᠠᠶᠠᠯᠢᠬ᠍ᠵᠢᠭᠤᠯᠬᠤ ᠠᠴᠢ ᠬᠤᠯᠪᠤᠭᠳᠠᠯ᠎ᠲᠠᠢ᠃
ᠬᠡᠯᠡ ᠪᠤᠯ ᠰᠤᠶᠤᠯ᠎ᠤᠨ ᠨᠢᠭᠡ ᠬᠡᠰᠡᠭ᠂ ᠬᠡᠯᠡᠨ᠎ᠳᠤ ᠦᠨᠳᠦᠰᠦᠲᠡᠨ᠎ᠤ ᠰᠤᠶᠤᠯ ᠵᠠᠩ ᠵᠠᠩᠰᠢᠯ ᠠᠭᠤᠰᠤᠨ ᠰᠢᠩᠭᠡᠵᠦ ᠪᠤᠢ᠃ ᠮᠤᠩᠭᠤᠯ ᠬᠡᠯᠡ ᠦᠭᠡᠢ ᠪᠤᠯ ᠮᠤᠩᠭᠤᠯ ᠰᠤᠶᠤᠯ ᠪᠠᠶ᠋ᠢᠵᠤ ᠴᠢᠳᠠᠭ᠍ᠤ ᠦᠭᠡᠢ᠂ ᠮᠤᠩᠭᠤᠯ ᠬᠡᠯᠡ᠎ᠪᠠᠨ ᠰᠠᠶ᠋ᠢᠨ ᠰᠤᠷᠤᠶ᠎ᠠ ᠭᠡᠪᠡᠯ ᠮᠤᠩᠭᠤᠯ ᠠᠮᠢᠳᠤᠷᠠᠯ ᠵᠶ᠋ᠠᠨ ᠤᠶ᠋ᠢᠯᠠᠭ᠋ᠠᠵᠤ ᠮᠡᠳᠡᠬᠦ ᠬᠡᠷᠡᠭᠲᠡᠢ᠃ ᠦᠨᠳᠦᠰᠦᠲᠡᠨ᠎ᠤ ᠵᠠᠩ ᠦᠢ᠍ᠯᠡ ᠵᠢᠨ ᠬᠦᠮᠦᠵᠢᠯ ᠬᠢᠬᠦ᠎ᠨᠢ ᠬᠡᠥᠬᠡᠳ᠎ᠲᠤ ᠮᠤᠩᠭᠤᠯ ᠠᠮᠢᠳᠤᠷᠠᠯ᠎ᠢ ᠮᠡᠳᠡᠭᠦᠯᠵᠦ᠂ ᠮᠠᠯᠵᠢᠬᠤ ᠠᠮᠢᠳᠤᠷᠠᠯ᠎ᠠᠴᠠ ᠬᠤᠯᠠᠳᠤᠭᠰᠠᠨ᠎ᠠᠴᠠ ᠪᠤᠢ ᠪᠤᠯᠤᠭᠰᠠᠨ ᠨᠦᠯᠦᠭᠡ ᠵᠢ ᠪᠠᠭ᠋ᠠᠰᠬᠠᠵᠤ ᠴᠢᠳᠠᠨ᠎ᠠ᠃
(ᠭᠤᠷᠪᠠ) ᠦᠨᠳᠦᠰᠦᠲᠡᠨ᠎ᠤ ᠵᠠᠩ ᠦᠢ᠍ᠯᠡ ᠵᠢᠨ ᠬᠦᠮᠦᠵᠢᠯ ᠬᠢᠬᠦ᠎ᠨᠢ ᠬᠡᠥᠬᠡᠳ᠎ᠲᠤ ᠬᠠᠷᠠᠬᠠᠨ ᠪᠠᠭ᠎ᠠ᠎ᠠᠴᠠ᠎ᠨᠢ ᠦᠪᠡᠷ᠎ᠤᠨ ᠦᠨᠳᠦᠰᠦᠲᠡᠨ᠎ᠢ᠎ᠨᠢ ᠲᠠᠨᠢᠭᠤᠯᠤᠨ ᠮᠡᠳᠡᠭᠦᠯᠵᠦ᠂ ᠠ᠋ᠭᠦᠨ᠎ᠤ ᠤᠯᠠᠮ᠎ᠠᠴᠠ ᠦᠪᠡᠷ᠎ᠤᠨ ᠦᠨᠳᠦᠰᠦᠲᠡᠨ ᠵᠶ᠋ᠠᠨ ᠪᠠᠭ᠍ᠠᠷᠬᠠᠵᠤ᠂ ᠦᠨᠳᠤᠰᠤᠳᠠᠨ ᠵᠶ᠋ᠠᠨ ᠬᠠᠶ᠋ᠢᠷᠠᠯᠠᠭ᠍ᠤ ᠰᠡᠳᠭᠢᠯᠭᠡ᠎ᠲᠠᠢ ᠪᠤᠯᠭ᠋ᠠᠨ ᠬᠦᠮᠦᠵᠢᠭᠦᠯᠬᠦ ᠠᠴᠢ ᠬᠤᠯᠪᠤᠭᠳᠠᠯ᠎ᠲᠠᠢ᠃
ᠬᠡᠥᠬᠡᠳ᠎ᠲᠤ ᠨᠢᠯᠬ᠎ᠠ ᠪᠡᠯᠴᠢᠷᠠᠴᠠᠨᠢ ᠮᠤᠩᠭᠤᠯ ᠦᠨᠳᠦᠰᠦᠲᠡᠨ᠎ᠤ ᠰᠢᠯᠢᠳᠡᠭ ᠰᠠᠶ᠋ᠢᠬᠠᠨ ᠶᠣᠰᠣ ᠵᠠᠩᠰᠢᠯ᠂ ᠠ᠋ᠷᠡᠯᠬᠡᠭ ᠪᠠᠭ᠋ᠠᠲᠣᠷᠯᠢᠭ ᠵᠤᠷᠢᠭ ᠰᠠᠨᠠᠭ᠎ᠠ ᠵᠢ ᠤᠶ᠋ᠢᠯᠠᠭ᠋ᠠᠭᠤᠯᠤᠨ ᠮᠠᠳᠡᠭᠦᠯᠪᠡᠯ ᠬᠡᠤᠭᠡᠳ ᠮᠤᠩᠭᠤᠯ ᠬᠦᠮᠦᠨ ᠪᠤᠯᠤᠭᠰᠡᠨᠳᠤᠪᠠᠨ ᠤᠮᠤᠭᠰᠢᠨ ᠪᠠᠭ᠍ᠠᠲᠤᠬᠤ ᠰᠡᠳᠬᠢᠯ ᠲᠦᠷᠦᠨ᠂ ᠠ᠋ᠭᠦᠨ᠎ᠤ ᠤᠯᠠᠮ ᠵᠶ᠋ᠠᠷ ᠦᠨᠳᠦᠰᠦᠲᠡᠨ ᠵᠶ᠋ᠠᠨ ᠬᠠᠶ᠋ᠢᠷᠠᠯᠠᠬᠤ ᠰᠡᠳᠬᠢᠯᠭᠡ᠎ᠨᠢ ᠠᠶᠠᠨᠳᠠᠭ᠋ᠠᠨ ᠬᠦᠮᠦᠵᠢᠭᠳᠡᠨ᠎ᠡ᠃
(ᠲᠦᠷᠪᠡ) ᠦᠨᠳᠦᠰᠦᠲᠡᠨ᠎ᠤ ᠵᠠᠩ ᠦᠢ᠍ᠯᠡ ᠵᠢᠨ ᠬᠦᠮᠦᠵᠢᠯ ᠬᠢᠬᠦ᠎ᠨᠢ ᠬᠡᠤᠬᠡᠳ᠎ᠤᠨ ᠲᠦᠷᠦᠯᠬᠢ ᠬᠡᠯᠡᠨ᠎ᠤ ᠮᠡᠳᠡᠷᠡᠮᠵᠢ ᠵᠢ ᠲᠡᠭᠡᠭᠰᠢᠯᠡᠭᠦᠯᠦᠨ ᠬᠡᠯᠡᠨ᠎ᠤ ᠬᠦᠭᠵᠢᠯ᠎ᠢ ᠠᠬᠢᠭᠤᠯᠵᠦ᠂ ᠴᠡᠴᠡᠷᠯᠢᠭ᠎ᠤᠨ ᠰᠤᠷᠭ᠋ᠠᠨ ᠬᠦᠮᠦᠵᠢᠯ ᠪᠠ ᠪᠠᠭ᠎ᠠ ᠰᠤᠷᠭ᠋ᠠᠭᠤᠯᠢ ᠵᠢᠨ ᠰᠤᠷᠭ᠋ᠠᠨ ᠬᠦᠮᠦᠵᠢᠯ᠎ᠳᠤ 《ᠠᠮᠠ ᠰᠡᠭᠡᠷ》 ᠵᠤᠯᠭ᠋ᠠᠭᠤᠯᠬᠤ ᠦᠢ᠍ᠯᠡᠳᠤᠯ ᠦᠵᠡᠭᠦᠯᠳᠡᠭ
ᠬᠡᠯᠡ ᠪᠢᠴᠢᠭ᠎ᠤᠨ ᠬᠢᠴᠢᠶᠡᠯᠯᠡᠭᠡ᠎ᠳᠤ ᠬᠦᠴᠢᠷ᠎ᠲᠠᠢ ᠠᠰᠠᠭᠤᠳᠠᠯ ᠲᠤᠯᠭ᠋ᠠᠷᠠᠵᠤ ᠪᠠᠶ᠋ᠢᠭ᠎ᠠ ᠵᠢᠨ ᠨᠢᠭᠡᠨ ᠰᠢᠯᠳᠠᠭ᠋ᠠᠨ ᠪᠤᠯ ᠮᠤᠩᠭᠤᠯ ᠬᠡᠥᠬᠡᠳ ᠮᠠᠯᠵᠢᠬᠤ ᠠᠮᠢᠳᠤᠷᠠᠯ᠎ᠠᠴᠠ᠎ᠪᠠᠨ ᠬᠤᠯᠠᠳᠤᠭᠰᠠᠨ᠎ᠠᠴᠠ ᠪᠤᠯᠵᠤ ᠮᠠᠯᠵᠢᠬᠤ ᠠᠮᠢᠳᠤᠷᠠᠯ᠎ᠳᠤ᠎ᠬᠢ ᠦᠭᠡ ᠶᠠᠷᠢᠶ᠎ᠠ ᠵᠢ ᠮᠡᠳᠡᠬᠦ ᠦᠭᠡᠢ ᠪᠤᠯᠤᠭᠰᠠᠨ ᠶᠠᠪᠤᠳᠠᠯ ᠪᠤᠯᠤᠨ᠎ᠠ᠃ ᠠ᠋ᠶ᠋ᠢᠮᠦ᠎ᠠᠴᠠ ᠮᠤᠩᠭᠤᠯ ᠬᠡᠥᠬᠡᠳ᠎ᠲᠤ᠎ᠪᠠᠨ ᠮᠠᠯᠵᠢᠬᠤ ᠠᠮᠢᠳᠤᠷᠠᠯ᠎ᠳᠤ᠎ᠬᠢ ᠦᠭᠡ ᠶᠠᠷᠢᠶ᠎ᠠ ᠵᠢ ᠰᠤᠷᠭ᠋ᠠᠵᠤ᠂ ᠲᠡᠳᠡᠨ᠎ᠢ ᠪᠠᠶᠠᠯᠢᠭ ᠰᠠᠶ᠋ᠢᠬᠠᠨ ᠦᠭᠡᠰ᠎ᠤᠨ ᠰᠠᠩ᠎ᠲᠠᠢ ᠪᠤᠯᠭ᠋ᠠᠵᠤ ᠬᠦᠮᠦᠵᠢᠭᠦᠯᠬᠦ᠎ᠨᠢ ᠵᠠᠯᠭ᠋ᠠᠭ᠋ᠠᠳ ᠪᠠᠭ᠎ᠠ ᠰᠤᠷᠭ᠋ᠠᠭᠤᠯᠢ ᠵᠢᠨ ᠰᠤᠷᠭ᠋ᠠᠨ ᠬᠦᠮᠦᠵᠢᠯ ᠬᠦᠷᠲᠡᠬᠦ᠎ᠳᠤᠨᠢ ᠰᠠᠭᠤᠷᠢ ᠲᠠᠯᠪᠢᠨ 《ᠠᠮᠠ ᠰᠡᠭᠡᠷ》 ᠵᠤᠯᠭ᠋ᠠᠭᠤᠯᠤᠭᠰᠠᠨ ᠶᠠᠪᠤᠳᠠᠯ ᠪᠤᠯᠤᠨ᠎ᠠ᠃ ᠴᠡᠴᠡᠷᠯᠢᠭ᠎ᠤᠨ ᠦᠶ᠎ᠡ ᠪᠤᠯ ᠶᠠᠭ ᠬᠡᠯᠡᠨ᠎ᠤ ᠮᠡᠳᠡᠷᠡᠮᠵᠢ ᠵᠢ ᠬᠦᠮᠦᠵᠢᠭᠦᠯᠬᠦ ᠪᠠ ᠬᠡᠯᠡᠨ᠎ᠤ ᠬᠦᠭᠵᠢᠯᠲᠡ ᠵᠢᠨ ᠵᠠᠩᠭᠢᠯᠠᠭ᠎ᠠ ᠵᠢᠨ ᠴᠠᠭ ᠪᠤᠯᠤᠨ᠎ᠠ᠃ ᠴᠡᠴᠡᠷᠯᠢᠭ᠎ᠤᠨ ᠬᠡᠥᠬᠡᠳ᠎ᠠᠴᠠ ᠠ᠋ᠬᠢᠯᠡᠨ ᠦᠭᠡᠰ᠎ᠤᠨ ᠰᠠᠩ᠎ᠢ᠎ᠨᠢ ᠪᠠᠶᠠᠯᠢᠬ᠍ᠵᠢᠭᠤᠯᠵᠤ᠂ ᠬᠡᠯᠡ ᠬᠡᠯᠡᠯᠭᠡ ᠵᠢ ᠤᠷᠤᠰᠤᠮ᠎ᠠ ᠰᠤᠷᠭ᠋ᠠᠵᠤ᠂ ᠬᠡᠯᠡᠨ᠎ᠤ ᠮᠡᠳᠡᠷᠡᠮᠵᠢ ᠵᠢ ᠠᠩᠬᠠᠷᠤᠨ ᠬᠦᠮᠦᠵᠢᠭᠦᠯᠬᠦ᠎ᠨᠢ ᠪᠠᠭ᠎ᠠ ᠰᠤᠷᠭ᠋ᠠᠭᠤᠯᠢ ᠵᠢᠨ ᠬᠡᠯᠡ ᠪᠢᠴᠢᠭ᠎ᠤᠨ ᠬᠢᠴᠢᠶᠡᠯᠯᠡᠭᠡ᠎ᠳᠤ ᠰᠠᠭᠤᠷᠢ ᠲᠠᠯᠪᠢᠵᠤ ᠪᠠᠶ᠋ᠢᠬᠤ ᠶᠠᠪᠤᠳᠠᠯ ᠪᠤᠯᠤᠨ᠎ᠠ᠃
ᠵᠡᠭᠦᠯᠳᠡ
① ᠦᠪᠦᠷ ᠮᠤᠩᠭᠤᠯ᠎ᠤᠨ ᠦᠪᠡᠷᠲᠡᠭᠡᠨ ᠵᠠᠰᠠᠭ᠍ᠤ ᠤᠷᠤᠨ᠎ᠤ ᠴᠦᠭᠡᠨ ᠲᠤᠭ᠋ᠠᠲᠤ ᠦᠨᠳᠦᠰᠦᠲᠡᠨ᠎ᠤ ᠰᠤᠷᠭ᠋ᠠᠨ ᠬᠦᠮᠦᠵᠢᠯ᠎ᠤᠨ ᠰᠤᠳᠤᠯᠭ᠋ᠠᠨ᠎ᠤ ᠨᠡᠶ᠋ᠢᠭᠡᠮᠯᠢᠭ᠂ 《ᠦᠨᠳᠦᠰᠦᠲᠡᠨ᠎ᠤ ᠰᠤᠷᠭ᠋ᠠᠨ ᠬᠦᠮᠦᠵᠢᠯ᠎ᠤᠨ ᠲᠤᠬᠠᠢ ᠦᠭᠦᠯᠡᠯ᠎ᠤᠳ》᠂ 1987 ᠤᠨ᠎ᠤ 6 ᠰᠠᠷ᠎ᠠ
② ᠰᠦᠮᠪᠦᠷ᠂ 《ᠦᠨᠳᠦᠰᠦᠳᠡᠨ᠎ᠤ ᠦᠪ ᠰᠤᠶᠤᠯ᠎ᠤᠨ ᠤᠯᠠᠮᠵᠢᠯᠠᠯᠳᠠ ᠪᠤᠯ ᠮᠤᠩᠭᠤᠯ ᠰᠤᠷᠭ᠋ᠠᠨ ᠬᠦᠮᠦᠵᠢᠯ᠎ᠤᠨ ᠠᠮᠢᠨ ᠰᠦᠨᠡᠰᠦ》᠂ 2004 ᠤᠨ᠎ᠤ 5 ᠰᠠᠷ᠎ᠠ
③ ᠨᠠᠷᠠᠨᠴᠤᠬᠠᠭ᠂ 《ᠤᠯᠠᠮᠵᠢᠯᠠᠯᠳᠦ ᠰᠤᠷᠭ᠋ᠠᠨ ᠬᠦᠮᠦᠵᠢᠯ᠎ᠢ ᠴᠡᠴᠡᠷᠯᠢᠭ᠎ᠤᠨ ᠰᠤᠷᠭ᠋ᠠᠯᠳᠠ᠎ᠳᠤ ᠤᠶᠠᠯᠳᠤᠭᠤᠯᠬᠤ ᠲᠤᠬᠠᠢ ᠦᠭᠦᠯᠡᠬᠦ᠎ᠨᠢ》᠂ 2013 ᠤᠨ᠎ᠤ 8 ᠰᠠᠷ᠎ᠠ
④ ᠡᠦ ᠵᠢᠨ ᠪᠤᠤ᠂ ᠰᠤᠳᠤᠪᠢᠯᠢᠭ᠌᠂ 《ᠮᠤᠩᠭᠤᠯ ᠬᠡᠥᠬᠡᠳ᠎ᠤᠨ ᠤᠯᠠᠮᠵᠢᠯᠠᠯᠲᠤ ᠨᠠᠭ᠋ᠠᠳᠤᠮ》᠂ ᠦᠪᠦᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 1991 ᠤᠨ᠎ᠤ 4 ᠰᠠᠷ᠎ᠠ
⑤ ᠮᠦᠩᠭᠦᠨᠴᠡᠴᠡᠭ᠂ ᠴᠢᠩ ᠱᠠᠨ᠂ 《ᠵᠠᠩ ᠦᠢ᠍ᠯᠡ ᠦᠪ ᠰᠤᠶᠤᠯ》᠂ ᠦᠪᠦᠷ ᠮᠤᠩᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ᠂ 2008 ᠤᠨ᠎ᠤ 12 ᠰᠠᠷ᠎ᠠ
ᠬᠠᠶᠢᠬ᠄ ᠠ᠋ᠷᠢᠶᠡᠨ ᠬᠤᠳᠠ ᠵᠢᠨ ᠥᠨᠳᠥᠰᠥᠳᠡᠨ᠎ᠤ ᠬᠡᠤᠬᠡᠳ᠎ᠤᠨ ᠴᠡᠴᠡᠷᠯᠢᠭ
(ᠦᠨᠡᠨᠪᠠᠳᠤ ᠨᠠᠢ᠍ᠢ᠍ᠷᠠᠭᠤᠯᠪᠠ)
2019 ᠣᠨ᠎ᠤ 3 ᠳ᠋ᠤᠭ᠋ᠠᠷ ᠬᠤᠭᠤᠴᠠᠭ᠎ᠠ