ᠸᠠᠩ ᠮᠤ᠌ ᠯᠠᠨ
ᠠᠯᠳᠠᠷᠲᠤ ᠬᠡᠯᠡᠨ᠎ᠤ ᠰᠢᠨᠵᠢᠯᠡᠭᠡᠨ᠎ᠤ ᠠ᠋ᠷᠳᠡᠮᠲᠡᠨ Peal ᠪᠠ Lambert ᠬᠤᠶᠠᠷ 1962 ᠣᠨ᠎ᠳᠤ ᠣᠯᠠᠨ ᠵᠦᠢ᠍ᠯ᠎ᠤᠨ ᠲᠤᠷᠰᠢᠯᠲᠠ᠎ᠪᠠᠷ ᠳᠠᠮᠵᠢᠵᠤ᠂ ᠬᠤᠤᠰ ᠬᠡᠯᠡ᠎ᠲᠠᠢ ᠬᠦᠮᠦᠰ᠎ᠤᠨ ᠣᠶᠤᠨ ᠴᠢᠳᠠᠪᠤᠷᠢ ᠵᠢᠨ ᠬᠦᠭᠵᠢᠯᠲᠡ ᠪᠠ ᠬᠡᠶ᠋ᠢᠰᠪᠦᠷᠢ ᠰᠡᠳᠭᠢᠬᠦᠢ ᠵᠢᠨ ᠴᠢᠳᠠᠪᠤᠷᠢ᠎ᠨᠢ ᠭᠠᠭᠴᠠ ᠬᠡᠯᠡ᠎ᠲᠠᠢ ᠬᠦᠮᠦᠰ᠎ᠲᠠᠢ ᠠᠳᠠᠯᠢᠳᠬᠠᠪᠠᠯ᠂ ᠶᠡᠷᠦᠩᠬᠡᠢ᠎ᠳᠤ᠎ᠪᠠᠨ ᠨᠡᠩ ᠰᠠᠶ᠋ᠢᠨ ᠪᠡᠶ᠋ᠢᠵᠤ᠂ ᠬᠡᠯᠡᠨ᠎ᠤ ᠡᠵᠡᠮᠰᠢᠯᠳᠤ ᠲᠠᠩ ᠦᠭᠡᠰ᠎ᠤᠨ ᠨᠥᠯᠦᠭᠡᠯᠡᠯ᠎ᠠᠴᠠ ᠪᠣᠯᠵᠤ ᠦᠭᠡ ᠦᠭᠦᠯᠡᠪᠦᠷᠢ ᠵᠢᠨ ᠣᠶ᠋ᠢᠯᠠᠭ᠋ᠠᠯᠲᠠ ᠵᠢ ᠬᠠᠷᠰᠢᠯᠠᠭ᠍ᠤ ᠪᠠᠶ᠋ᠢᠳᠠᠯ᠎ᠨᠢ ᠲᠡᠶ᠋ᠢᠮᠦ ᠢᠯᠡ ᠪᠢᠰᠢ᠂ ᠬᠡᠯᠡᠨ᠎ᠤ ᠠ᠋ᠶᠡᠷᠬᠦ ᠨᠡᠭᠦᠯᠲᠠ ᠵᠢᠨ ᠦᠢ᠍ᠯᠡᠳᠦᠯ᠎ᠨᠢ ᠰᠦᠬᠡᠷᠬᠦ ᠨᠡᠭᠦᠯᠲᠡ ᠵᠢᠨ ᠦᠢ᠍ᠯᠡᠳᠦᠯ᠎ᠠᠴᠠ ᠶᠡᠭᠡ ᠪᠠᠶ᠋ᠢᠳᠠᠭ᠎ᠢ ᠨᠣᠳᠠᠯᠠᠭᠰᠠᠨ ᠪᠠᠶ᠋ᠢᠨ᠎ᠠ᠃ Lemmebery 1967 ᠣᠨ᠎ᠳᠤ ᠬᠡᠯᠡ ᠵᠢ ᠠᠶᠠᠨᠳᠠᠭ᠋ᠠᠨ ᠡᠵᠡᠮᠰᠢᠬᠦ (ᠲᠥᠷᠦᠯᠬᠢ ᠬᠡᠯᠡ᠎ᠲᠠᠢ ᠠᠳᠠᠯᠢᠬᠠᠨ ᠰᠤᠷᠬᠤ ᠬᠡᠯᠡ ᠵᠢᠨ ᠪᠠᠶ᠋ᠢᠭ᠋ᠠᠯᠢᠯᠢᠬ ᠣᠷᠴᠢᠨ᠎ᠳᠤ ᠠ᠋ᠳᠦᠷ ᠲᠤᠳᠤᠮ᠎ᠤᠨ ᠨᠡᠶ᠋ᠢᠭᠡᠮ᠎ᠤᠨ ᠬᠠᠷᠢᠯᠴᠠᠭ᠎ᠠ᠎ᠪᠠᠷ ᠳᠠᠮᠵᠢᠨ ᠡᠵᠡᠮᠰᠢᠬᠦ᠂ ᠬᠠᠷᠢᠨ ᠲᠤᠰᠬᠠᠢ ᠬᠢᠴᠢᠶᠡᠯᠯᠡᠭᠡ᠎ᠪᠠᠷ ᠡᠵᠡᠮᠰᠢᠬᠦ ᠪᠢᠰᠢ) ᠦᠢ᠍ᠯᠡ ᠠᠵᠢᠯᠯᠠᠭ᠎ᠠ ᠵᠢ ᠬᠦᠮᠦᠨ 2~12 ᠨᠠᠰᠤᠨ᠎ᠤ ᠬᠤᠭᠤᠴᠠᠭ᠋ᠠᠨ᠎ᠳᠤ ᠯᠡ ᠰᠠᠶᠢ ᠪᠡᠶᠡᠯᠡᠭᠦᠯᠵᠦ ᠴᠢᠳᠠᠳᠠᠭ ᠭᠡᠵᠦ ᠨᠣᠲᠠᠯᠠᠭ᠋ᠠᠳ ᠠ᠋ᠨᠡ ᠭᠦ᠌ ᠬᠤᠭᠤᠴᠠᠭ᠎ᠠ ᠵᠢ 《ᠬᠡᠯᠡ ᠰᠤᠷᠬᠤ ᠵᠠᠩᠭᠢᠯᠠᠭ᠎ᠠ ᠵᠢᠨ ᠬᠤᠭᠤᠴᠠᠭ᠎ᠠ》 ᠭᠡᠵᠡᠢ᠃ ᠮᠠᠨ᠎ᠤ ᠤᠯᠤᠰ᠎ᠤᠨ ᠵᠠᠷᠢᠮ ᠠ᠋ᠷᠳᠡᠮᠲᠡᠳ ᠪᠠᠰᠠ 6 ᠨᠠᠰᠤᠨ᠎ᠠᠴᠠ ᠠ᠋ᠮᠦᠨ᠎ᠡ ᠬᠤᠤᠰ ᠬᠡᠯᠡ ᠵᠢ ᠡᠵᠡᠮᠰᠢᠪᠡᠯ ᠬᠠᠮᠤᠭ᠎ᠤᠨ ᠰᠠᠶ᠋ᠢᠨ ᠭᠡᠵᠤ ᠲᠤᠷᠠᠳᠤᠭᠰᠠᠨ ᠪᠠᠶ᠋ᠢᠳᠠᠭ᠃ ᠠ᠋ᠭᠦᠨ᠎ᠢ ᠪᠢᠳᠡ ᠥᠪᠡᠷ᠎ᠤᠨ ᠪᠡᠶ᠎ᠡ᠂ ᠠ᠋ᠰᠡᠭᠦᠯᠠ ᠣᠷᠴᠢᠨ ᠲᠣᠭᠤᠷᠢᠨ᠎ᠤ᠎ᠪᠠᠨ ᠬᠦᠮᠦᠰ᠎ᠤᠨ ᠬᠢᠲᠠᠳ ᠬᠡᠯᠡ ᠰᠤᠷᠤᠭᠰᠠᠨ ᠪᠠᠶ᠋ᠢᠳᠠᠯ᠎ᠠᠴᠠ ᠮᠡᠳᠡᠵᠤ ᠪᠤᠯᠤᠨ᠎ᠠ᠃ ᠶᠡᠷᠤ᠎ᠳᠤ᠎ᠪᠠᠨ ᠪᠠᠭ᠎ᠠ᠎ᠠᠴᠠ᠎ᠪᠠᠨ ᠬᠢᠲᠠᠳ ᠬᠡᠯᠡᠨ᠎ᠤ ᠣᠷᠴᠢᠨ᠎ᠳᠤ ᠬᠢᠲᠠᠳ ᠬᠦᠮᠦᠨ᠎ᠲᠠᠢ ᠢᠯᠡᠭᠦᠤ ᠬᠠᠷᠢᠴᠠᠳᠠᠭ ᠮᠣᠩᠭᠤᠯᠴᠤᠳ᠎ᠤᠨ ᠬᠢᠲᠡᠳ ᠬᠡᠯᠡ᠎ᠨᠢ ᠮᠣᠩᠭᠤᠯ ᠬᠡᠯᠡ᠎ᠲᠠᠢ᠎ᠨᠢ ᠪᠠᠷᠤᠭ ᠠᠳᠠᠯᠢ ᠲᠡᠭᠰᠢ ᠪᠠᠶ᠋ᠢᠳᠠᠭ᠃ ᠬᠠᠷᠢᠨ ᠪᠠᠭ᠎ᠠ᠎ᠠᠴᠠ᠎ᠪᠠᠨ ᠬᠢᠲᠡᠳ ᠬᠡᠯᠡᠨ᠎ᠤ ᠣᠷᠴᠢᠨ ᠦᠭᠡᠢ ᠪᠠᠶ᠋ᠢᠵᠤ ᠪᠠᠶ᠋ᠢᠭ᠋ᠠᠳ ᠨᠡᠯᠢᠶᠡᠳ ᠥᠭᠡᠯᠡᠢ ᠪᠤᠯᠤᠭᠰᠠᠨ᠎ᠤ ᠲᠠᠷᠠᠭ᠎ᠠ ᠰᠤᠷᠭ᠋ᠠᠭᠤᠯᠢ᠎ᠳᠤ ᠰᠠᠭᠤᠬᠤ ᠠ᠋ᠰᠡᠭᠦᠯᠠ ᠥᠭᠡᠷ᠎ᠡ ᠶᠠᠮᠡᠷ ᠰᠢᠯᠲᠠᠭ᠋ᠠᠨ᠎ᠠᠴᠠ ᠰᠡᠶᠢ ᠬᠢᠲᠠᠳ ᠬᠡᠯᠡ ᠵᠢ ᠠ᠋ᠬᠢᠯᠡᠨ ᠬᠡᠷᠡᠭᠯᠡᠵᠦ᠂ ᠬᠡᠯᠡᠵᠤ ᠪᠠᠶ᠋ᠢᠭ᠎ᠠ ᠮᠣᠩᠭᠤᠯᠴᠤᠤᠨᠤᠨ ᠬᠢᠲᠠᠳ ᠬᠡᠯᠡᠨ᠎ᠤ ᠲᠦᠪᠰᠢᠨ᠎ᠨᠢ ᠮᠣᠩᠭᠤᠯ ᠬᠡᠯᠡᠠᠴᠠᠨᠢ ᠠᠨᠠᠢ ᠰᠢᠤᠬᠠᠨ ᠪᠠᠶ᠋ᠢᠳᠠᠭ᠃
ᠠᠩᠭ᠍ᠯᠢ ᠬᠡᠯᠡ᠎ᠨᠢ ᠮᠠᠨ᠎ᠤ ᠮᠤᠩᠭᠤᠯ ᠬᠡᠦᠬᠡᠳ᠎ᠤᠳ᠎ᠲᠤ ᠠᠪᠴᠤ ᠬᠡᠯᠡᠪᠡᠯ 《ᠭᠤᠷᠪᠠᠳᠤᠭ᠋ᠠᠷ ᠬᠡᠯᠡ》 ᠭᠡᠵᠦ ᠦᠵᠡᠵᠦ ᠪᠤᠯᠤᠨ᠎ᠠ᠃ ᠠ᠋ᠶ᠋ᠢᠮᠤ᠎ᠠᠴᠠ ᠮᠠᠰᠢ ᠣᠯᠠᠨ ᠬᠦᠮᠦᠰ 《ᠬᠤᠶᠡᠷ ᠬᠡᠯᠡ ᠰᠤᠷᠤᠭ᠋ᠠᠳ ᠲᠠᠷᠢᠬᠢ ᠭᠦᠳᠡᠯᠵᠦ ᠠᠮᠵᠢᠬᠤ ᠦᠭᠡᠢ ᠪᠠᠶ᠋ᠢᠲᠠᠯ᠎ᠠ ᠪᠠᠰᠠ ᠨᠢᠭᠡ ᠬᠡᠯᠡ ᠨᠡᠮᠡᠵᠤ ᠰᠤᠷᠪᠠᠯ ᠤᠳᠤ ᠠᠯᠢ ᠠᠯᠢ ᠵᠢ᠎ᠨᠢ ᠴᠤ᠌ ᠰᠠᠶ᠋ᠢᠨ ᠰᠤᠷᠴᠤ ᠴᠢᠳᠠᠭ᠍ᠤ ᠦᠭᠡᠢ ᠪᠤᠯᠤᠨ᠎ᠠ》 ᠭᠡᠵᠤ ᠵᠣᠪᠠᠳᠠᠭ᠃ ᠦᠨᠡᠨ᠎ᠳᠤ᠎ᠪᠠᠨ ᠬᠡᠥᠬᠡᠳ᠎ᠤᠨ ᠬᠡᠯᠡᠨ᠎ᠤ ᠮᠡᠳᠡᠷᠡᠬᠦᠢ ᠵᠢᠨ ᠴᠢᠳᠠᠪᠤᠷᠢ᠎ᠨᠢ ᠪᠢᠳᠡᠨ᠎ᠤ ᠰᠠᠨᠠᠭᠰᠠᠨ᠎ᠠᠴᠠ ᠬᠤᠯᠠ ᠰᠠᠶ᠋ᠢᠨ ᠶᠤᠮ᠃ ᠬᠦᠮᠦᠨ᠎ᠤ ᠲᠠᠷᠢᠬᠢ ᠴᠤ᠌ ᠲᠤᠭᠲᠠᠮᠠᠯ ᠪᠠᠭᠲᠠᠭ᠋ᠠᠮᠵᠢᠲᠠᠢ ᠪᠢᠰᠢ᠂ ᠬᠠᠷᠢᠨ ᠤᠯᠠᠮ ᠢᠯᠡᠭᠦᠦ ᠬᠡᠷᠡᠭᠯᠡᠪᠡᠯ ᠪᠠᠭᠲᠠᠭ᠋ᠠᠮᠵᠢ᠎ᠨᠢ ᠤᠯᠠᠮ ᠶᠡᠭᠡ ᠪᠣᠯᠳᠠᠭ᠃ ᠠ᠋ᠨᠡ᠎ᠨᠢ ᠴᠤ᠌ ᠪᠢᠳᠡᠨ᠎ᠤ ᠠᠮᠢᠳᠤᠷᠠᠯ ᠲᠤᠮᠳᠠ ᠢᠯᠡᠬᠡᠨ ᠪᠠᠶ᠋ᠢᠳᠠᠭ ᠶᠤᠮ᠃ ᠤᠯᠠᠮ ᠠᠷᠪᠢᠨ ᠨᠣᠮ ᠪᠢᠴᠢᠭ ᠦᠵᠡᠳᠡᠭ ᠬᠦᠮᠦᠨ ᠤᠯᠠᠮ ᠤᠬᠠᠭ᠋ᠠᠨ ᠰᠠᠷᠠᠭᠤᠯ ᠪᠤᠯᠵᠤ᠂ ᠤᠯᠠᠮ ᠰᠤᠷᠬᠤ ᠦᠭᠡᠢ ᠪᠠᠶ᠋ᠢᠪᠠᠯ ᠤᠯᠠᠮ ᠲᠠᠷᠢᠬᠢ ᠤᠳᠠᠭ᠋ᠠᠨ ᠪᠤᠯᠵᠤ ᠴᠡᠭᠡᠵᠢᠯᠡᠬᠦ᠂ ᠣᠶ᠋ᠢᠯᠠᠭ᠋ᠠᠬᠤ ᠴᠢᠳᠠᠪᠤᠷᠢ᠎ᠨᠢ ᠪᠠᠭᠤᠷᠠᠳᠠᠭ ᠪᠠᠶ᠋ᠢᠨ᠎ᠠ᠃
ᠵᠣᠬᠢᠶᠠᠭᠴᠢ ᠨᠢᠭᠡᠨ ᠠᠩᠭ᠍ᠯᠢ ᠬᠡᠯᠡᠨ᠎ᠤ ᠪᠠᠭᠰᠢ ᠮᠦᠨ ᠴᠦ᠍ ᠬᠡᠦᠬᠡᠳ᠎ᠤᠨ ᠭᠡᠷ᠎ᠤᠨ ᠠᠬᠠᠮᠠᠳ ᠪᠤᠯᠤᠭᠰᠠᠨ᠎ᠤ ᠬᠤᠪᠢ᠎ᠳᠤ᠂ ᠬᠡᠦᠬᠡᠳ ᠪᠠᠭ᠋ᠠᠴᠤᠳ᠎ᠤᠨ ᠠᠩᠭ᠍ᠯᠢ ᠬᠡᠯᠡ ᠰᠤᠷᠬᠤ ᠠᠰᠠᠭᠤᠳᠠᠯ᠎ᠳᠤ ᠲᠤᠩ ᠰᠠᠨᠠᠭ᠋ᠠᠰᠢᠷᠠᠵᠤ᠂ ᠦᠪᠡᠷ᠎ᠤᠨ ᠠᠵᠢᠯ ᠠᠮᠢᠳᠤᠷᠠᠯ᠎ᠤᠨ ᠠᠰᠢᠭᠲᠠᠢ ᠨᠥᠬᠦᠴᠡᠯ᠎ᠢ ᠠᠰᠢᠭᠯᠠᠨ᠂ ᠠᠩᠭ᠍ᠯᠢ ᠬᠡᠯᠡᠨ᠎ᠤ ᠭᠡᠷ᠎ᠤᠨ ᠰᠤᠷᠭ᠋ᠠᠨ ᠬᠦᠮᠦᠵᠢᠯ᠎ᠤᠨ ᠲᠤᠬᠠᠢ ᠥᠪᠡᠷ᠎ᠤᠨ ᠬᠡᠦᠬᠡᠳ ᠵᠶ᠋ᠠᠨ ᠰᠤᠳᠤᠯᠤᠭᠳᠠᠭ᠍ᠤᠨ ᠪᠤᠯᠭ᠋ᠠᠵᠤ ᠨᠢᠭᠡᠴᠢᠯᠡᠭᠰᠡᠨ ᠰᠤᠳᠤᠯᠭ᠋ᠠᠨ ᠬᠢᠵᠡᠢ᠃ ᠰᠤᠳᠤᠯᠭᠠᠳᠤᠪᠠᠨ ᠭᠤᠤᠯᠳᠠᠭᠤ ᠬᠡᠯᠡᠨ᠎ᠤ ᠰᠢᠨᠵᠢᠯᠡᠯ᠎ᠤᠨ ᠠ᠋ᠷᠳᠡᠮᠲᠡᠨ ᠰᠧᠳᠢᠸᠡᠨ · ᠫᠢᠩᠺᠧᠷ (Steven · Pinker)᠎ᠤᠨ 《ᠬᠡᠯᠡᠨ᠎ᠤ ᠲᠥᠷᠦᠯᠬᠢ ᠴᠢᠳᠠᠪᠤᠷᠢ ᠵᠢᠨ ᠣᠨᠤᠯ》 ᠪᠠ ᠺᠷᠠᠱ᠌ᠧᠨ · ᠰᠧᠳᠢᠸᠡᠨ (Krashen · Stephen)᠎ᠤ 《ᠬᠤᠶᠠᠳᠤᠭ᠋ᠠᠷ ᠬᠡᠯᠡᠨ᠎ᠤ ᠡᠵᠡᠮᠰᠢᠯᠲᠠ ᠵᠢᠨ ᠣᠨᠣᠯ》 ᠵᠶ᠋ᠠᠷ ᠦᠨᠳᠦᠰᠦᠯᠡᠯ ᠪᠤᠯᠭ᠋ᠠᠪᠠ᠃ ᠣᠳᠤᠬᠢ ᠱᠠᠲᠤᠨ᠎ᠤ ᠰᠤᠳᠤᠯᠭ᠋ᠠᠨ᠎ᠤ ᠳ᠋ᠦᠩ᠎ᠠᠴᠠ ᠦᠵᠡᠪᠡᠯ ᠰᠤᠳᠤᠯᠤᠭᠳᠠᠭ᠍ᠤᠨᠤ ᠠᠩᠭ᠍ᠯᠢ ᠬᠡᠯᠡ ᠵᠢ ᠡᠵᠡᠮᠰᠢᠵᠤ ᠪᠠᠶ᠋ᠢᠭ᠎ᠠ ᠪᠠᠶ᠋ᠢᠳᠠᠯ᠎ᠨᠢ ᠨᠡᠯᠢᠶᠡᠳ ᠦᠷ᠎ᠡ ᠪᠦᠲᠦᠮᠵᠢ᠎ᠲᠠᠢ ᠪᠠᠶ᠋ᠢᠭ᠎ᠠ ᠣᠴᠢᠷ᠎ᠠᠴᠠ ᠡ᠊ᠨᠳᠠ ᠰᠤᠳᠤᠯᠤᠭᠳᠠᠭ᠍ᠤᠨᠤ ᠠᠩᠭ᠍ᠯᠢ ᠬᠡᠯᠡᠨ᠎ᠤ ᠰᠤᠷᠭ᠋ᠠᠨ ᠬᠦᠮᠦᠵᠢᠯ᠎ᠳᠤ ᠬᠡᠷᠡᠭᠯᠡᠭᠰᠡᠨ ᠴᠢᠬᠤᠯᠠ ᠨᠢᠭᠡᠨ ᠠᠷᠭ᠎ᠠ — ᠠᠩᠭ᠍ᠯᠢ ᠬᠡᠦᠬᠡᠳ᠎ᠤᠨ ᠳᠠᠭᠤᠤ ᠵᠢ ᠠᠰᠢᠭᠯᠠᠭ᠍ᠤ ᠠᠷᠭ᠎ᠠ ᠵᠢᠨ ᠲᠤᠬᠠᠢ ᠦᠭᠦᠯᠡᠬᠦ᠎ᠪᠠᠷ ᠪᠠᠶ᠋ᠢᠨ᠎ᠠ᠃
ᠨᠢᠭᠡ᠂ ᠤᠨᠤᠯ᠎ᠤᠨ ᠰᠠᠭᠤᠷᠢ
ᠺᠷᠠᠱ᠌ᠧᠨᠤ 《ᠬᠡᠯᠡᠨ᠎ᠤ ᠤᠷᠤᠭᠤᠯᠤᠯᠲᠠ ᠵᠢᠨ ᠵᠢᠱ᠌ᠢᠯᠲᠠ》 ᠪᠤᠯ ᠲᠡᠭᠦᠨ᠎ᠤ 《ᠬᠤᠶᠠᠳᠤᠭ᠋ᠠᠷ ᠬᠡᠯᠡᠨ᠎ᠤ ᠡᠵᠡᠮᠰᠢᠯᠲᠡ ᠵᠢᠨ ᠣᠨᠤᠯ (Second Language Acquisition)》᠎ᠤᠨ ᠲᠠᠪᠤᠨ ᠵᠢᠱ᠌ᠢᠯᠲᠠ ᠵᠢᠨ ᠨᠢᠭᠡ ᠪᠣᠯᠬᠤ ᠶᠤᠮ᠃
《ᠬᠤᠶᠠᠳᠤᠭ᠋ᠠᠷ ᠬᠡᠯᠡᠨ᠎ᠤ ᠡᠵᠡᠮᠰᠢᠯᠳᠠ ᠵᠢᠨ ᠣᠨᠤᠯ》᠎ᠤᠨ ᠴᠢᠮᠦᠭᠡ᠎ᠨᠢ ᠪᠣᠯ 《ᠬᠡᠯᠡᠨ᠎ᠤ ᠰᠤᠷᠤᠯᠴᠠᠯᠭ᠎ᠠ (language learning语言学得) ᠪᠠ ᠬᠡᠯᠡᠨ᠎ᠤ ᠡᠵᠡᠮᠰᠢᠯᠲᠡ (language acquisition语言习得) ᠬᠡᠭᠦ ᠬᠤᠶᠡᠷ ᠠᠳᠠᠯᠢ ᠪᠤᠰᠤ ᠤᠬᠠᠭᠳᠠᠭ᠍ᠤᠨ》 ᠮᠦᠨ᠃ ᠬᠡᠯᠡᠨ᠎ᠤ ᠰᠤᠷᠤᠯᠴᠠᠯᠭ᠎ᠠ ᠭᠡᠳᠡᠭ᠎ᠨᠢ ᠲᠤᠰᠭ᠍ᠠᠢ ᠬᠡᠯᠡᠨ᠎ᠤ ᠪᠠᠭᠰᠢ᠎ᠠᠴᠠ ᠲᠥᠷᠦᠯᠬᠢ ᠬᠡᠯᠡ᠎ᠪᠠᠷ ᠵᠠᠭᠤᠴᠢ ᠪᠣᠯᠭ᠋ᠠᠨ ᠬᠤᠶᠠᠳᠤᠭ᠋ᠠᠷ ᠬᠡᠯᠡᠨ᠎ᠤ ᠦᠭᠡ᠂ ᠦᠭᠦᠯᠡᠪᠦᠷᠢ᠂ ᠬᠡᠯᠡ ᠵᠦᠢ ᠵᠢᠨ ᠳᠦᠷᠢᠮ᠎ᠢ ᠲᠠᠶ᠋ᠢᠯᠪᠤᠷᠢᠯᠠᠨ ᠵᠢᠭ᠋ᠠᠵᠤ᠂ ᠰᠤᠷᠤᠭᠴᠢᠳ᠎ᠲᠤ ᠲᠠᠭᠤᠷᠢᠶᠠᠮᠠᠯ ᠬᠡᠯᠡᠨ᠎ᠤ ᠣᠷᠴᠢᠨ᠎ᠢ ᠪᠦᠷᠢᠯᠳᠦᠭᠦᠯᠤᠨ ᠦᠭᠴᠦ᠂ ᠶᠠᠮᠠᠷ ᠨᠢᠭᠡᠨ ᠬᠡᠯᠡᠨ᠎ᠤ ᠠᠭᠤᠯᠭ᠎ᠠ ᠵᠢ ᠰᠤᠷᠬᠤ ᠵᠣᠷᠢᠯᠭ᠎ᠠ ᠲ᠋ᠠᠢ᠎ᠪᠠᠷ ᠴᠡᠭᠡᠵᠢᠯᠡᠬᠦ᠂ ᠪᠣᠯᠪᠠᠰᠤᠷᠠᠯ ᠬᠢᠵᠤ ᠬᠤᠶᠠᠳᠤᠭ᠋ᠠᠷ ᠬᠡᠯᠡ ᠵᠢ ᠰᠤᠷᠤᠯᠴᠠᠭ᠍ᠤ ᠠᠵᠢᠯᠯᠠᠭ᠎ᠠ ᠵᠢ ᠵᠢᠭ᠋ᠠᠵᠤ ᠪᠤᠢ᠃ ᠬᠡᠯᠡᠨ᠎ᠤ ᠡᠵᠡᠮᠰᠢᠯᠲᠠ ᠭᠡᠳᠡᠭ᠎ᠨᠢ ᠬᠡᠦᠬᠡᠳ᠎ᠤᠨ ᠲᠥᠷᠦᠯᠬᠢ ᠬᠡᠯᠡᠨ᠎ᠤ ᠴᠢᠳᠠᠪᠤᠷᠢ᠎ᠶᠢᠨ ᠶᠠᠪᠤᠴᠠ᠎ᠳᠤ᠂ ᠬᠤᠶᠠᠳᠤᠭ᠋ᠠᠷ ᠬᠡᠯᠡ ᠵᠢ ᠲᠥᠷᠦᠯᠬᠢ ᠬᠡᠯᠡ᠎ᠲᠠᠢ ᠠᠳᠠᠯᠢᠬᠠᠨ ᠪᠠᠶ᠋ᠢᠭ᠋ᠠᠯᠢᠯᠢᠬ (ᠠ᠋ᠰᠡᠭᠦᠯᠠ ᠬᠡᠰᠡᠭ ᠪᠠᠶ᠋ᠢᠭ᠋ᠠᠯᠢᠯᠢᠬ) ᠬᠡᠯᠡᠨ᠎ᠤ ᠤᠷᠴᠢᠨ᠎ᠳᠤ᠂ ᠮᠡᠳᠡᠷᠡᠮᠵᠢ ᠦᠭᠡᠢ᠎ᠪᠠᠷ ᠠᠶᠠᠨᠳᠠᠭ᠋ᠠᠨ ᠰᠤᠷᠤᠯᠴᠠᠭ᠍ᠤ ᠠᠵᠢᠯᠯᠠᠭ᠎ᠠ ᠵᠢ ᠵᠢᠭ᠋ᠠᠵᠤ ᠪᠠᠶ᠋ᠢᠨ᠎ᠠ᠃ ᠺᠷᠠᠱ᠌ᠧᠨᠤ ᠦᠵᠡᠬᠦ᠎ᠪᠠᠷ ᠬᠡᠯᠡᠨ᠎ᠤ ᠡᠵᠡᠮᠰᠢᠯᠲᠠ ᠵᠢᠨ ᠠᠷᠭ᠎ᠠ᠎ᠨᠢ ᠰᠠᠶᠢ ᠬᠤᠶᠠᠳᠤᠭ᠋ᠠᠷ ᠬᠡᠯᠡᠨ᠎ᠤ ᠴᠢᠳᠠᠪᠤᠷᠢ ᠵᠢ ᠰᠢᠭᠤᠳ ᠠᠬᠢᠭᠤᠯᠵᠤ ᠴᠢᠳᠠᠨ᠎ᠠ᠃ ᠠ᠋ᠨᠡ ᠭᠦ᠌ ᠤᠬᠠᠭᠳᠠᠭ᠍ᠤᠨ ᠵᠢ 《ᠬᠤᠶᠠᠳᠤᠭ᠋ᠠᠷ ᠬᠡᠯᠡ》᠎ᠪᠠᠷ ᠨᠡᠷᠡᠯᠡᠭᠰᠡᠨ ᠪᠤᠯᠪᠠᠴᠤ᠂ ᠭᠤᠷᠪᠠᠳᠤᠭ᠋ᠠᠷ ᠠ᠋ᠰᠡᠭᠦᠯᠠ ᠲᠦᠷᠪᠡᠳᠦᠭᠡᠷ ᠬᠡᠯᠡ ᠵᠢ ᠰᠤᠷᠤᠯᠴᠠᠭ᠍ᠤ ᠵᠢ ᠪᠠᠭᠲᠠᠭ᠋ᠠᠵᠤ ᠪᠣᠯᠣᠨ᠎ᠠ᠃ ᠠ᠋ᠨᠡ ᠬᠤᠶᠡᠷ ᠤᠬᠠᠭᠳᠠᠭ᠍ᠤᠨᠤ ᠭᠤᠤᠯ ᠢᠯᠭ᠋ᠠᠭ᠎ᠠ᠎ᠨᠢ ᠪᠠᠶ᠋ᠢᠭ᠋ᠠᠯᠢᠯᠢᠬ ᠬᠡᠯᠡᠨ᠎ᠤ ᠤᠷᠴᠢᠨ ᠪᠠᠶ᠋ᠢᠬᠤ ᠠ᠋ᠰᠡᠬᠦ ᠪᠠ ᠠᠶᠠᠨᠳᠠᠭ᠋ᠠᠨ᠎ᠤ ᠦᠢ᠍ᠯᠡ ᠠᠵᠢᠯᠯᠠᠭ᠎ᠠ ᠪᠣᠯᠬᠤ ᠠ᠋ᠰᠡᠬᠦ᠎ᠳᠤ ᠪᠠᠶ᠋ᠢᠨ᠎ᠠ᠃ ᠠ᠋ᠨᠡ ᠭᠦ᠌ ᠢᠯᠭ᠋ᠠᠭ᠎ᠠ᠎ᠨᠢ ᠬᠡᠯᠡᠨ᠎ᠤ ᠣᠷᠤᠭᠤᠯᠤᠯᠲᠠ᠎ᠲᠠᠢ ᠰᠢᠭᠤᠳ ᠬᠤᠯᠪᠤᠭ᠎ᠠ᠎ᠲᠠᠢ᠃
ᠺᠷᠠᠱ᠌ᠧᠨᠤ ᠦᠵᠡᠬᠦ᠎ᠪᠠᠷ 《ᠬᠡᠯᠡ ᠰᠤᠷᠬᠤ᠎ᠳᠤ ᠤᠷᠢᠳᠠᠪᠠᠷ ᠦᠭᠦᠯᠡᠪᠦᠷᠢ ᠵᠢᠨ ᠪᠦᠲᠦᠴᠡ᠂ ᠢᠯᠡᠳᠭᠡᠬᠦ ᠠᠷᠭ᠎ᠠ ᠵᠢ ᠡᠵᠡᠮᠰᠢᠪᠡᠯ ᠰᠡᠶᠢ ᠣᠷᠤᠰᠤᠮ᠎ᠠ ᠲᠤᠳᠤ ᠬᠡᠯᠡ᠎ᠲᠠᠢ ᠪᠣᠯᠵᠤ ᠴᠢᠳᠠᠭ᠍ᠤ ᠪᠢᠰᠢ᠂ ᠬᠠᠷᠢᠨ ᠣᠶ᠋ᠢᠯᠠᠭ᠋ᠠᠮᠵᠢᠲᠠᠢ ᠬᠡᠯᠡᠨ᠎ᠤ ᠣᠷᠣᠭᠤᠯᠤᠯᠲᠠ (comprehensive input可理解的语言输入)᠂ ᠲᠤᠬᠠᠶ᠋ᠢᠯᠠᠪᠠᠯ ᠬᠤᠶᠠᠳᠤᠭ᠋ᠠᠷ ᠬᠡᠯᠡᠨ᠎ᠤ ᠣᠳᠤᠬᠢ ᠲᠥᠪᠰᠢᠨ᠎ᠠᠴᠠ ᠥᠨᠳᠦᠷ ᠰᠢᠭ ᠬᠡᠯᠡᠨ᠎ᠤ ᠤᠷᠤᠭᠤᠯᠤᠯᠲᠠ᠎ᠨᠢ ᠰᠠᠶᠢ ᠬᠦᠮᠦᠨ᠎ᠤ ᠠᠩᠬᠠᠷᠤᠯ᠎ᠢ ᠦᠭᠡ ᠶᠡᠷᠢᠶᠠᠨᠤ ᠭᠤᠤᠯ ᠠᠭᠤᠯᠭ᠎ᠠ ᠰᠠᠨᠠᠭ᠎ᠠ᠎ᠳᠤᠨᠢ ᠲᠥᠪᠯᠡᠷᠡᠭᠦᠯᠵᠦ᠂ ᠬᠡᠯᠡ ᠵᠢ ᠡᠵᠡᠮᠰᠢᠨ ᠠᠰᠢᠭᠯᠠᠵᠤ ᠴᠢᠳᠠᠨ᠎ᠠ᠃ ᠰᠤᠷᠤᠭᠴᠢ ᠵᠢᠨ ᠣᠳᠣᠬᠢ ᠬᠤᠶᠠᠳᠤᠭ᠋ᠠᠷ ᠬᠡᠯᠡᠨ᠎ᠤ ᠲᠥᠪᠰᠢᠨ᠎ᠢ i ᠭᠡᠵᠤ ᠵᠢᠱ᠌ᠢᠪᠡᠯ᠂ ᠲᠡᠭᠦᠨ᠎ᠤ ᠬᠡᠯᠡᠨ᠎ᠤ ᠡᠵᠡᠮᠰᠢᠯᠲᠠ ᠵᠢ ᠠᠬᠢᠭᠤᠯᠵᠤ ᠴᠢᠳᠠᠭ᠍ᠤ ᠣᠷᠤᠭᠤᠯᠤᠯᠲᠠ᠎ᠨᠢ ᠠᠳᠠᠭ᠎ᠲᠤ᠎ᠪᠠᠨ i+1 ᠪᠠᠶ᠋ᠢᠬᠤ ᠬᠡᠷᠡᠭᠲᠡᠢ》 (Krashen.1985)᠃ ᠠ᠋ᠨᠡ ᠭᠦ᠌ ᠣᠷᠤᠭᠤᠯᠤᠯᠲᠠ᠎ᠨᠢ ᠬᠦᠮᠦᠰ᠎ᠤᠨ ᠲᠥᠷᠦᠯᠬᠢ ᠬᠡᠯᠡᠨ᠎ᠤ ᠤᠷᠴᠢᠨ᠎ᠳᠤ ᠪᠠᠶ᠋ᠢᠭ᠎ᠠ ᠰᠢᠬ ᠭᠡᠷ ᠪᠦᠯᠢ᠂ ᠨᠠᠶ᠋ᠢᠭᠡᠮ᠎ᠤᠨ ᠬᠠᠷᠢᠯᠴᠠᠭ᠋ᠠᠨ᠎ᠤ ᠳᠤᠮᠳᠠ ᠴᠢᠬᠢᠨ᠎ᠳᠤᠨᠢ ᠦᠷᠭᠦᠯᠵᠢ ᠰᠣᠨᠤᠰᠤᠭᠳᠠᠵᠤ ᠬᠡᠯᠡᠨ᠎ᠤ ᠮᠡᠳᠡᠷᠡᠬᠦᠢ᠎ᠳᠤ ᠤᠷᠤᠭᠰᠠᠨ ᠣᠷᠤᠭᠤᠯᠤᠯᠲᠠ ᠪᠤᠯᠤᠨ᠎ᠠ᠃ ᠠ᠋ᠶ᠋ᠢᠮᠦ ᠤᠷᠤᠭᠤᠯᠤᠯᠲᠠ᠎ᠲᠠᠢ ᠪᠣᠯᠪᠠᠯ ᠬᠡᠯᠡᠨ᠎ᠤ ᠴᠢᠳᠠᠪᠤᠷᠢ᠎ᠨᠢ ᠶᠠᠪᠤᠬᠤ ᠲᠤᠳᠤᠮ ᠦᠨᠳᠦᠷ ᠪᠣᠯᠳᠠᠭ᠃ ᠠ᠋ᠨᠡ᠎ᠨᠢ ᠶᠠᠭ ᠯᠠ ᠲᠤᠮᠳᠠᠳᠤ ᠤᠯᠤᠰ᠎ᠲᠤ ᠪᠠᠶ᠋ᠢᠭ᠎ᠠ ᠮᠣᠩᠭᠤᠯ ᠬᠡᠦᠬᠡᠳ᠎ᠤᠳ ᠲᠥᠷᠦᠭᠰᠡᠨᠠᠴᠠᠪᠠᠨ ᠠᠪᠤᠭ᠋ᠠᠳ ᠣᠷᠴᠢᠨ ᠲᠤᠭᠤᠷᠢᠨ᠎ᠤ ᠬᠦᠮᠦᠰ᠂ ᠲᠧᠯᠧᠢ᠍ᠰ ᠵᠡᠷᠭᠡ᠎ᠠᠴᠠ ᠦᠷᠭᠦᠯᠵᠢ ᠬᠢᠲᠠᠳ ᠬᠡᠯᠡ᠎ᠪᠠᠷ ᠶᠠᠷᠢᠯᠴᠠᠬᠤ ᠵᠢ ᠣᠯᠵᠤ ᠰᠣᠨᠤᠰᠤᠭ᠋ᠠᠳ᠂ ᠭᠡᠷ᠎ᠤᠨ ᠬᠦᠮᠦᠰ᠎ᠨᠢ ᠶᠡᠷᠤ᠎ᠠᠴᠠ ᠲᠡᠳᠡᠨ᠎ᠲᠠᠢ ᠬᠢᠲᠠᠳ ᠵᠶ᠋ᠠᠷ ᠬᠡᠯᠡᠳᠡᠭ ᠦᠭᠡᠢ ᠴᠤ᠌᠂ ᠲᠡᠳᠡ 2~3 ᠨᠠᠰᠤᠨ᠎ᠠᠴᠠ᠎ᠪᠠᠨ ᠨᠡᠯᠢᠶᠡᠳ ᠬᠢᠲᠠᠳ ᠦᠭᠡ ᠵᠢ ᠣᠶ᠋ᠢᠯᠠᠭ᠋ᠠᠬᠤ ᠪᠣᠯᠵᠤ᠂ ᠤᠯᠠᠮ ᠶᠡᠭᠡ ᠪᠣᠯᠬᠤ ᠳᠤᠲᠤᠮ ᠬᠢᠲᠠᠳ ᠬᠡᠯᠡ᠎ᠨᠢ ᠤᠯᠠᠮ ᠰᠠᠶ᠋ᠢᠨ ᠪᠣᠯᠵᠤ᠂ 5~6 ᠨᠠᠰᠤ ᠴᠠᠭ᠋ᠠᠰᠢᠯᠠᠪᠠᠯ 4~5 ᠨᠠᠰᠤᠨ᠎ᠤ ᠦᠶ᠎ᠡ᠎ᠳᠤ ᠬᠢᠲᠡᠳ ᠬᠡᠯᠡᠨ᠎ᠤ ᠲᠥᠪᠰᠢᠨ᠎ᠨᠢ ᠬᠤᠷᠠᠭ ᠨᠠᠰᠤᠨ᠎ᠤ ᠬᠢᠲᠡᠳ ᠬᠡᠦᠬᠡᠳ᠎ᠲᠠᠢ ᠳᠡᠮᠡᠢ ᠵᠥᠷᠢᠶ᠎ᠡ ᠦᠭᠡᠢ ᠪᠣᠯᠳᠠᠭ ᠵᠢᠱ᠌ᠢᠶ᠎ᠡ ᠵᠢᠨ ᠲᠠᠶ᠋ᠢᠯᠪᠤᠷᠢ ᠪᠤᠯᠤᠨ᠎ᠠ᠃
ᠳᠡᠭᠡᠷ᠎ᠡ ᠳᠤᠷᠠᠳᠤᠭᠰᠠᠨ ᠣᠨᠤᠯ᠎ᠠᠴᠠ ᠦᠵᠡᠬᠦ᠎ᠳᠤ᠂ ᠮᠣᠩᠭᠤᠯ ᠬᠡᠦᠬᠡᠳ ᠠᠩᠭ᠍ᠯᠢ ᠬᠡᠯᠡ ᠰᠤᠷᠬᠤ᠎ᠳᠤ ᠬᠢᠲᠠᠳ ᠬᠡᠯᠡ ᠰᠤᠷᠬᠤ᠎ᠲᠠᠢ ᠠᠳᠠᠯᠢᠬᠠᠨ ᠬᠡᠯᠡᠨ᠎ᠤ ᠣᠷᠤᠭᠤᠯᠤᠯᠲᠠ ᠵᠢ ᠭᠦᠢ᠍ᠴᠡᠳ ᠬᠠᠩᠭ᠋ᠠᠵᠤ ᠬᠡᠰᠡᠭ ᠪᠠᠶ᠋ᠢᠭ᠋ᠠᠯᠢᠯᠢᠬ ᠣᠷᠴᠢᠨ᠎ᠢ ᠪᠦᠷᠢᠯᠳᠦᠭᠦᠯᠵᠦ ᠦᠭᠪᠡᠯ ᠠᠩᠭ᠍ᠯᠢ ᠬᠡᠯᠡ ᠵᠢ ᠬᠢᠲᠡᠳ ᠬᠡᠯᠡ᠎ᠠᠴᠠ ᠳᠤᠲᠠᠭᠤ ᠦᠭᠡᠢ ᠰᠠᠶ᠋ᠢᠨ ᠰᠤᠷᠴᠤ ᠴᠢᠳᠠᠭ᠍ᠤ ᠶᠤᠮ᠃ ᠲᠡᠭᠡᠪᠡᠯ ᠣᠯᠠᠩᠬᠢ ᠭᠡᠷ᠎ᠤᠨ ᠠᠬᠠᠮᠠᠳ ᠥᠪᠡᠷ ᠵᠶ᠋ᠠᠨ ᠴᠤ᠌ ᠠᠩᠭ᠍ᠯᠢ ᠬᠡᠯᠡ ᠲᠡᠶ᠋ᠢᠮᠦ ᠰᠠᠶ᠋ᠢᠨ ᠮᠡᠳᠡᠬᠦ ᠦᠭᠡᠢ ᠤᠴᠢᠷ᠎ᠠᠴᠠ ᠬᠡᠦᠬᠡᠳ᠎ᠲᠤ᠎ᠪᠠᠨ ᠠ᠋ᠶ᠋ᠢᠮᠤ ᠨᠥᠬᠦᠴᠡᠯ᠎ᠢ ᠬᠠᠩᠭ᠋ᠠᠵᠤ ᠴᠢᠳᠠᠭ᠍ᠤ ᠦᠭᠡᠢ ᠭᠡᠵᠦ ᠪᠣᠳᠤᠳᠠᠭ᠃ ᠤᠳᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ ᠲᠤᠩ ᠭᠦᠭᠵᠢᠵᠦ᠂ ᠬᠡᠯᠡ ᠰᠤᠷᠬᠤ ᠰᠦᠯᠵᠢᠶᠡᠨ᠎ᠤ ᠵᠢᠷᠤᠭᠲᠤ ᠮᠠᠲ᠋ᠧᠷᠢᠶᠠᠯ᠂ ᠲᠠᠭᠤᠤ ᠰᠢᠩᠭᠡᠭᠡᠯᠲᠡ᠂ APP ᠵᠡᠷᠭᠡ ᠲᠤᠩ ᠣᠯᠠᠨ ᠵᠦᠢ᠍ᠯ᠎ᠤᠨ ᠲᠣᠰᠠᠯᠠᠮᠵᠢ ᠮᠠᠲ᠋ᠧᠷᠢᠶᠠᠯ ᠪᠠᠶ᠋ᠢᠳᠠᠭ᠃ ᠠ᠋ᠳᠡᠭᠡᠷ ᠮᠠᠲᠸᠷᠢᠶᠠᠯᠤᠳᠤᠨ ᠲᠤᠳᠤᠷ᠎ᠠ ᠠᠨᠭ᠌ᠭ᠍ᠯᠢ ᠭᠡᠯᠡᠨ᠎ᠤ ᠬᠡᠦᠬᠡᠳ᠎ᠤᠨ ᠲᠠᠭᠤᠤ᠎ᠨᠢ ᠬᠡᠦᠬᠡᠳ᠎ᠤᠨ ᠠᠩᠭ᠍ᠯᠢ ᠬᠡᠯᠡᠨ᠎ᠤ ᠣᠷᠤᠭᠤᠯᠤᠯᠲᠠ ᠬᠢᠬᠦ᠎ᠳᠤ ᠬᠠᠮᠤᠭ᠎ᠤᠨ ᠦᠷ᠎ᠡ ᠪᠦᠲᠦᠮᠵᠢ᠎ᠲᠠᠢ ᠪᠠᠶ᠋ᠢᠭ᠎ᠠ ᠵᠢ ᠣᠯᠠᠨ ᠬᠦᠮᠦᠰ᠎ᠤᠨ ᠬᠡᠦᠬᠡᠳ᠎ᠲᠤ᠎ᠪᠠᠨ ᠠᠨᠭ᠌ᠭ᠍ᠯᠢ ᠭᠡᠯᠡᠨ ᠰᠤᠷᠭ᠋ᠠᠭᠰᠠᠨ ᠲᠤᠷᠰᠢᠯᠭ᠎ᠠ ᠭᠡᠷᠡᠴᠢᠯᠡᠭᠰᠡᠨ ᠪᠠᠶ᠋ᠢᠨ᠎ᠠ᠃
ᠬᠤᠶᠠᠷ᠂ ᠠᠩᠭ᠍ᠯᠢ ᠬᠡᠦᠬᠡᠳ᠎ᠤᠨ ᠳᠠᠭᠤᠤ
ᠠᠩᠭ᠍ᠯᠢ ᠬᠡᠦᠬᠡᠳ᠎ᠤᠨ ᠳᠠᠭᠤᠤ ᠪᠤᠯ ᠲᠤᠰᠬᠠᠢ ᠨᠢᠯᠬ᠎ᠠ ᠪᠠᠭ᠎ᠠ ᠬᠡᠦᠬᠡᠳ᠎ᠲᠤ ᠵᠤᠷᠢᠭᠤᠯᠤᠭᠰᠠᠨ ᠥᠷᠭᠡᠨ ᠵᠶ᠋ᠠᠷ ᠳᠡᠯᠭᠡᠷᠡᠵᠤ ᠪᠠᠢ᠍ᠢ᠍ᠭ᠎ᠠ ᠣᠬᠤᠷ ᠠᠪᠰᠠᠷᠬᠠᠨ᠂ ᠠᠶ᠋ᠢᠵᠠᠮ ᠬᠥᠭ᠎ᠲᠠᠢ ᠳᠠᠭᠤᠤ ᠪᠤᠯᠤᠨ᠎ᠠ᠃ ᠲᠡᠷᠡ᠎ᠨᠢ ᠬᠡᠦᠬᠡᠳ᠎ᠤᠨ ᠨᠠᠰᠤᠨ᠎ᠤ ᠣᠨᠴᠠᠯᠢᠭ᠎ᠲᠠᠢ ᠲᠣᠬᠢᠷᠡᠳᠠᠭ ᠪᠦᠭᠡᠳ ᠠᠷᠠᠳ᠎ᠤᠨ ᠳᠠᠭᠤᠨ᠎ᠤ ᠤᠷᠠᠯᠢᠭ᠎ᠤᠨ ᠰᠢᠨᠵᠢ᠎ᠲᠠᠢ᠃ ᠠᠩᠭ᠍ᠯᠢ᠎ᠪᠠᠷ 《Children's song》 , 《Chant》 , 《nursery rhyme》 ᠭᠡᠬᠦ ᠮᠡᠲᠦ᠎ᠪᠠᠷ ᠬᠡᠯᠡᠳᠡᠭ᠃ ᠲᠡᠭᠦᠨ᠎ᠤ ᠬᠡᠯᠡᠨ᠎ᠤ ᠣᠨᠴᠠᠯᠢᠭ᠎ᠨᠢ ᠭᠤᠤᠯᠳᠠᠭᠤ ᠠ᠋ᠶ᠋ᠢᠮᠦ ᠬᠡᠳᠦᠨ ᠲᠠᠯ᠎ᠠ᠎ᠪᠠᠷ ᠢᠯᠡᠷᠡᠳᠡᠭ᠃
1. ᠦᠭᠡ ᠦᠭᠦᠯᠡᠪᠦᠷᠢ᠎ᠨᠢ ᠳᠥᠭᠦᠮ ᠣᠶ᠋ᠢᠯᠠᠭ᠋ᠠᠮᠵᠢᠲᠠᠢ᠂ ᠠᠮᠢᠳᠤ ᠳᠦᠷᠰᠦᠯᠢᠭ᠂ ᠰᠣᠨᠢᠷᠬᠠᠯ᠎ᠢ ᠲᠠᠲᠠᠵᠤ ᠴᠢᠳᠠᠳᠠᠭ᠃ ᠨᠢᠯᠬ᠎ᠠ ᠪᠠᠭ᠎ᠠ ᠬᠡᠦᠬᠡᠳ᠎ᠤᠨ ᠲᠠᠨᠢᠨ ᠮᠠᠳᠡᠭᠦ ᠴᠢᠳᠠᠪᠤᠷᠢ ᠭᠥᠭᠵᠢᠭᠡᠳᠦᠢ᠂ ᠠᠮᠢᠳᠤᠷᠠᠯ᠎ᠤᠨ ᠲᠤᠷᠰᠢᠯᠭ᠎ᠠ ᠭᠦᠢ᠍ᠴᠡᠳ ᠦᠭᠡᠢ ᠤᠴᠢᠷ᠎ᠠᠴᠠ ᠬᠡᠷᠡᠭ ᠪᠤᠳᠠᠰ᠎ᠤᠨ ᠲᠤᠬᠠᠢ ᠲᠠᠨᠢᠯᠲᠠ᠎ᠨᠢ ᠳᠥᠭᠦᠮ ᠮᠦᠷᠳᠡᠭᠡᠨ ᠭᠦᠢ᠍ᠬᠡᠨ ᠪᠠᠶ᠋ᠢᠳᠠᠭ᠃ ᠬᠡᠦᠬᠡᠳ᠎ᠤᠨ ᠲᠠᠭᠤᠤ᠎ᠨᠢ ᠬᠡᠦᠬᠡᠳ᠎ᠤᠨ ᠰᠡᠳᠬᠢᠬᠦᠢ᠂ ᠲᠠᠨᠢᠯᠲᠠ ᠵᠢᠨ ᠤᠨᠴᠠᠯᠢᠭᠲᠤ ᠵᠣᠬᠢᠴᠠᠭᠤᠯᠵᠤ ᠬᠦᠮᠦᠨ ᠠᠮᠢᠲᠠᠨ (ᠤᠨᠴᠠᠭ᠋ᠠᠶ᠋ᠢᠯᠠᠨ ᠬᠤᠷᠠᠭ ᠨᠠᠰᠤᠨ᠎ᠤ ᠬᠡᠦᠬᠡᠳ ᠠ᠋ᠰᠡᠭᠦᠯ᠎ᠡ ᠠᠮᠢᠲᠠᠨ)᠂ ᠬᠡᠷᠡᠭ ᠪᠣᠳᠠᠰ ᠪᠠ ᠤᠴᠢᠷ ᠶᠠᠪᠤᠳᠠᠯ᠎ᠢ ᠳᠦᠷᠰᠦᠯᠡᠬᠦ᠂ ᠬᠦᠮᠦᠨᠴᠢᠯᠡᠬᠦ ᠪᠠ ᠳᠠᠪᠠᠭᠤᠯᠤᠨ ᠳᠦᠷᠰᠦᠯᠡᠬᠦ ᠵᠡᠷᠭᠡ ᠠᠷᠭ᠎ᠠ ᠪᠠᠷᠢᠯ ᠵᠶ᠋ᠠᠷ ᠲᠡᠳᠡᠭᠡᠷ᠎ᠤᠨ ᠥᠩᠭᠡ ᠪᠤᠳᠤᠭ᠂ ᠲᠠᠭᠤ ᠴᠢᠮᠡᠭᠡ᠂ ᠬᠡᠯᠪᠡᠷᠢ ᠳᠦᠷᠰᠦ ᠵᠡᠷᠭᠡ ᠵᠢ ᠢᠯᠡᠳᠭᠡᠳᠡᠭ ᠪᠤᠯᠬᠤᠷ ᠬᠡᠦᠬᠡᠳ᠎ᠤᠨ ᠬᠦᠯᠢᠶᠡᠨ ᠠᠪᠬᠤ ᠴᠢᠳᠠᠪᠤᠷᠢ᠎ᠳᠤ ᠲᠣᠬᠢᠷᠠᠳᠠᠭ᠃
2. ᠣᠬᠤᠷ ᠠᠪᠰᠠᠷᠬᠠᠨ᠂ ᠭᠤᠤᠯ ᠰᠡᠳᠤᠪ᠎ᠨᠢ ᠢᠯᠭᠤᠮ ᠲᠤᠳᠤ ᠪᠠᠢ᠍ᠢ᠍ᠳᠠᠬ᠃ ᠨᠢᠭᠡ ᠲᠠᠭᠤᠤ᠎ᠪᠠᠷ ᠨᠢᠭᠡ ᠬᠦᠮᠦᠨ (ᠠᠮᠢᠲᠠᠨ) ᠠ᠋ᠰᠡᠭᠦᠯᠠ ᠨᠢᠭᠡ ᠶᠤᠰᠤ ᠤᠴᠢᠷ᠎ᠢ ᠲᠠᠨᠢᠭᠤᠯᠳᠠᠭ᠃ ᠬᠠᠷᠢᠨ ᠵᠢᠷᠤᠭᠲᠤ ᠦᠯᠢᠭᠡᠷ ᠰᠢᠭ ᠪᠣᠳᠤᠯᠢᠶᠡᠨᠲᠡᠢ᠂ ᠳᠡᠰ ᠳᠠᠷᠠᠭ᠋ᠠᠯᠠᠯ᠎ᠲᠠᠢ ᠦᠯᠢᠭᠡᠷ᠎ᠤᠨ ᠶᠠᠪᠤᠴᠠ᠎ᠲᠠᠢ ᠪᠢᠰᠢ᠃ ᠠ᠋ᠶ᠋ᠢᠮᠦ᠎ᠠᠴᠠ ᠰᠣᠨᠤᠰᠬᠤ᠎ᠳᠤ ᠣᠶ᠋ᠢᠯᠠᠭ᠋ᠠᠮᠵᠢᠲᠠᠢ᠂ ᠰᠡᠳᠬᠢᠨ ᠪᠣᠳᠤᠯᠬᠢᠯᠠᠭ᠍ᠤ ᠴᠢᠬᠤᠯᠠ ᠦᠭᠡᠢ ᠨᠠᠭ᠋ᠠᠳᠴᠤ ᠲᠤᠭᠯᠠᠭ᠍ᠤ ᠠ᠋ᠰᠡᠭᠦᠯᠠ ᠥᠭᠡᠷ᠎ᠡ ᠶᠠᠪᠤᠳᠠᠯ ᠬᠢᠬᠦ᠎ᠳᠤ ᠴᠤ᠌ ᠳᠠᠭᠤᠯᠠᠵᠤ ᠴᠢᠳᠠᠳᠠᠭ᠃
3. ᠬᠦᠩᠭᠡᠨ ᠴᠣᠪᠤᠭᠤᠯᠢᠭ ᠠᠶᠠᠰ᠎ᠲᠠᠢ᠂ ᠲᠣᠯᠤᠭ᠋ᠠᠢ ᠰᠡᠭᠦᠯ᠎ᠤᠨ ᠬᠤᠯᠪᠤᠴᠠ᠂ ᠭᠤᠤᠯ ᠦᠭᠡ ᠵᠢᠨ ᠳᠠᠪᠲᠠᠯᠲᠠ ᠵᠢ ᠴᠢᠬᠤᠯᠠᠴᠢᠯᠠᠳᠠᠬ᠃ ᠠ᠋ᠨᠡ᠎ᠨᠢ ᠴᠤ᠌ ᠬᠡᠦᠬᠡᠳ᠎ᠤᠨ ᠬᠡᠯᠡ ᠰᠤᠷᠭ᠍ᠤ᠂ ᠴᠡᠭᠡᠵᠢᠯᠡᠬᠦ ᠴᠢᠳᠠᠪᠤᠷᠢ ᠪᠠ ᠲᠠᠨᠢᠨ ᠮᠠᠳᠡᠷᠡᠬᠦᠢ ᠵᠢᠨ ᠤᠨᠴᠠᠯᠢᠭᠲᠤ ᠮᠠᠰᠢ ᠲᠤᠬᠢᠷᠠᠳᠠᠭ᠃
ᠭᠤᠷᠪᠠ᠂ ᠬᠡᠷᠬᠢᠨ ᠠᠰᠢᠭᠯᠠᠭ᠍ᠤ
1. ᠵᠢᠷᠮᠦᠰᠦᠯᠡᠯᠲᠠ ᠵᠢᠨ ᠬᠤᠭᠤᠴᠠᠭ᠋ᠠᠨ᠎ᠳᠤ
ᠰᠢᠨᠵᠢᠯᠡᠯᠲᠠ᠎ᠨᠢ ᠬᠡᠥᠬᠡᠢ 17 ᠭᠠᠷᠠᠬ ᠪᠣᠯᠬᠤ᠎ᠳᠤ ᠲᠠᠭᠤ ᠴᠢᠮᠡᠭᠡ ᠵᠢ ᠰᠡᠷᠡᠨ ᠮᠡᠳᠡᠬᠦ ᠪᠣᠯᠵᠤ᠂ 30 ᠭᠠᠷᠠᠭ ᠪᠣᠯᠬᠤ᠎ᠳᠤ ᠰᠤᠨᠤᠰᠬᠤ ᠮᠡᠳᠡᠷᠡᠯ᠎ᠲᠠᠢ ᠪᠣᠯᠴᠢᠬᠠᠳᠠᠭ ᠭᠡᠵᠦ ᠭᠡᠷᠡᠴᠢᠯᠡᠭᠰᠡᠨ ᠪᠠᠢ᠍ᠢ᠍ᠳᠠᠬ᠃ ᠠᠮᠧᠷᠢᠺᠠ ᠵᠢᠨ ᠮᠡᠳᠡᠷᠡᠯ᠎ᠤᠨ ᠠ᠋ᠷᠳᠡᠮᠲᠡᠨ ᠲᠥᠧᠮᠠᠰ ᠬᠡᠦᠬᠡᠢ 6 ᠰᠠᠷ᠎ᠠ ᠶᠡᠭᠡ ᠪᠣᠯᠬᠤ᠎ᠳᠤ ᠶᠡᠭᠡ ᠲᠠᠷᠢᠬᠢᠨ᠎ᠤ ᠠ᠋ᠰᠤᠨ ᠲᠤᠭ᠎ᠠ᠎ᠨᠢ ᠨᠠᠰᠤᠨ᠎ᠳᠤ ᠬᠦᠷᠦᠭᠰᠡᠳ᠎ᠤᠨ ᠲᠠᠷᠢᠬᠢᠨ᠎ᠤ ᠠ᠋ᠰᠲᠠᠢ ᠠᠳᠠᠯᠢ ᠣᠯᠠᠨ ᠪᠤᠯᠬᠤ ᠵᠢ ᠢᠯᠡᠷᠡᠭᠦᠯᠦᠭᠰᠡᠨ ᠪᠠᠶ᠋ᠢᠨ᠎ᠠ᠃ ᠬᠡᠳᠦᠶ᠋ᠢᠪᠡᠷ ᠬᠡᠦᠬᠡᠢ ᠵᠢᠨ ᠬᠤᠭᠤᠴᠠᠭ᠎ᠠ᠎ᠳᠤ ᠬᠡᠯᠡᠨ᠎ᠤ ᠣᠷᠤᠭᠤᠯᠦᠯᠲᠠ ᠬᠢᠬᠦ᠎ᠨᠢ ᠬᠡᠦᠬᠡᠳ᠎ᠤᠨ ᠬᠤᠵᠢᠮ᠎ᠤᠨ ᠬᠡᠯᠡᠨ᠎ᠤ ᠬᠦᠭᠵᠢᠯᠲᠡ᠎ᠳᠤ ᠴᠤᠬᠤᠮ ᠬᠡᠳᠦᠢ ᠨᠥᠯᠦᠭᠡ ᠦᠵᠡᠭᠦᠯᠭᠦ᠎ᠨᠢ ᠰᠢᠨᠵᠢᠯᠡᠭᠡ᠎ᠪᠠᠷ ᠪᠠᠳᠤᠯᠠᠭᠳᠠᠭᠠ ᠦᠭᠡᠢ ᠪᠣᠯᠪᠠᠴᠤ᠂ ᠲᠠᠭᠤᠤ ᠬᠦᠭᠵᠢᠮ᠎ᠨᠢ ᠬᠡᠦᠬᠡᠳ᠎ᠤᠨ ᠶᠡᠭᠡ ᠲᠠᠷᠢᠬᠢᠨ᠎ᠤ ᠬᠦᠭᠵᠢᠯᠲᠡ᠎ᠳᠤ ᠠᠬᠢᠭᠤᠯᠬᠤ ᠦᠢ᠍ᠯᠡᠳᠤᠯ᠎ᠲᠠᠢ ᠭᠡᠳᠡᠭ᠎ᠨᠢ ᠠᠯᠢ ᠠ᠋ᠷᠳᠠ ᠭᠡᠷᠡᠴᠢᠯᠡᠭᠳᠡᠭᠰᠡᠨ ᠪᠠᠶ᠋ᠢᠨ᠎ᠠ᠃ ᠠ᠋ᠶ᠋ᠢᠮᠦ᠎ᠠᠴᠠ ᠵᠢᠷᠮᠦᠰᠦᠯᠡᠯᠲᠡ ᠵᠢᠨ ᠬᠤᠭᠤᠴᠠᠭ᠎ᠠ᠎ᠪᠠᠨ ᠠᠰᠢᠭᠯᠠᠨ ᠬᠡᠥᠬᠡᠢ ᠵᠢᠨ ᠬᠦᠮᠦᠵᠢᠯ᠎ᠢ ᠴᠢᠬᠤᠯᠠᠴᠢᠯᠠᠵᠤ᠂ ᠠ᠋ᠳᠤᠷ ᠪᠦᠷᠢ ᠠᠩᠭ᠍ᠯᠢ ᠬᠡᠥᠬᠡᠳ᠎ᠤᠨ ᠲᠠᠭᠤᠤ ᠵᠢ ᠰᠣᠨᠤᠰᠬᠠᠪᠠᠯ ᠬᠡᠦᠬᠡᠢ ᠵᠢᠨ ᠪᠣᠶ᠋ᠢᠵᠢᠯᠲᠠ᠎ᠳᠤ ᠠᠰᠢᠭᠲᠠᠢ ᠶᠤᠮ᠃ ᠠ᠋ᠨᠡ᠎ᠨᠢ ᠡᠵᠢ ᠪᠣᠯᠤᠭᠰᠠᠳ᠎ᠲᠤ ᠴᠤ᠌ ᠠᠩᠭ᠍ᠯᠢ ᠬᠡᠯᠡᠨ᠎ᠤ ᠪᠣᠯᠪᠠᠰᠤᠷᠠᠯ ᠪᠣᠯᠵᠤ ᠪᠣᠯᠬᠤ ᠶᠤᠮ᠃ ᠠᠷᠪᠢᠨ ᠰᠣᠨᠤᠰᠤᠭᠰᠠᠭ᠋ᠠᠷ ᠪᠠᠶ᠋ᠢᠭ᠋ᠠᠳ ᠳᠠᠩ ᠦᠰᠦᠭ᠂ ᠳᠦᠭᠦᠮ ᠦᠭᠦᠯᠡᠪᠦᠷᠢ ᠵᠢ᠎ᠨᠢ ᠴᠡᠭᠡᠵᠢᠯᠡᠵᠤ᠂ ᠬᠤᠵᠢᠮ ᠬᠡᠦᠬᠡᠳ᠎ᠲᠠᠢ᠎ᠪᠠᠨ ᠠᠩᠭ᠍ᠯᠢ᠎ᠪᠠᠷ ᠬᠠᠷᠢᠴᠠᠭ᠍ᠤ᠎ᠳᠤ ᠲᠤᠩ ᠠᠰᠢᠭᠲᠠᠢ ᠪᠠᠢ᠍ᠢ᠍ᠳᠠᠬ᠃
2. 0~6 ᠰᠠᠷ᠎ᠠ ᠵᠢᠨ ᠬᠤᠭᠤᠴᠠᠭ᠋ᠠᠨ᠎ᠳᠤ
0~6 ᠰᠠᠷᠠ᠎ᠲᠠᠢ ᠬᠡᠦᠬᠡᠳ ᠠ᠋ᠳᠤᠷ ᠪᠦᠷᠢ ᠪᠠᠷᠤᠭ 18~22 ᠴᠠᠭ᠎ᠨᠢ ᠤᠨᠲᠠᠵᠤ᠂ 2~4 ᠴᠠᠭ ᠪᠣᠯᠬᠤ ᠪᠦᠷᠢ ᠨᠢᠭᠡ ᠤᠳᠠᠭ᠎ᠠ 10~40 ᠮᠢᠨᠦᠢ᠍ᠲ᠎ᠤᠨ ᠬᠤᠭᠤᠴᠠᠭ᠎ᠠ᠎ᠲᠠᠢ ᠬᠦᠭᠦᠳᠡᠭ ᠪᠥᠭᠡᠳ ᠬᠦᠭᠦᠭᠦ ᠦᠶ᠎ᠡ᠎ᠳᠤ᠎ᠪᠠᠨ ᠴᠤ᠌ ᠪᠠᠷᠤᠭ ᠤᠨᠲᠠᠭ᠎ᠠ᠎ᠪᠠᠷ ᠵᠶ᠋ᠠᠨ ᠪᠠᠶ᠋ᠢᠳᠠᠭ ᠪᠠᠶ᠋ᠢᠭᠰᠠᠨ᠎ᠠᠴᠠ᠎ᠪᠠᠨ ᠠᠭ᠋ᠠᠵᠢᠮ ᠵᠶ᠋ᠠᠷ 16 ᠴᠠᠭ ᠰᠢᠬᠠᠮ ᠤᠨᠲᠠᠭ᠍ᠤ ᠪᠤᠯᠳᠠᠬ᠃ ᠰᠤᠨᠤᠷ᠎ᠤᠨ ᠮᠡᠳᠡᠷᠡᠯ ᠪᠠ ᠬᠡᠯᠡᠨ᠎ᠤ ᠲᠠᠨᠢᠨ ᠮᠡᠳᠡᠷᠡᠬᠦᠢ ᠵᠢᠨ ᠲᠠᠯ᠎ᠠ᠎ᠠᠴᠠ ᠠᠪᠴᠤ ᠦᠵᠡᠪᠡᠯ᠂ ᠬᠡᠦᠬᠡᠳ ᠲᠦᠷᠦᠬᠦ ᠦᠶ᠎ᠡ᠎ᠳᠤ᠎ᠪᠠᠨ ᠨᠢᠭᠡᠨᠲᠠ ᠲᠠᠭᠤᠨ᠎ᠤ ᠳᠣᠯᠬᠢᠶᠠᠨᠢ ᠢᠯᠭ᠋ᠠᠬᠤ ᠴᠢᠳᠠᠪᠤᠷᠢ᠎ᠲᠠᠢ ᠪᠤᠯᠤᠭᠰᠠᠨ ᠪᠦᠭᠡᠳ ᠠ᠋ᠨᠡ ᠭᠦ᠌ ᠴᠢᠳᠠᠪᠤᠷᠢ᠎ᠨᠢ 6 ᠰᠠᠷ᠎ᠠ ᠶᠡᠭᠡ ᠪᠣᠯᠬᠤ ᠦᠶ᠎ᠡ ᠬᠦᠷᠲᠡᠯ᠎ᠡ ᠬᠠᠮᠤᠭ᠎ᠤᠨ ᠶᠡᠭᠡ᠎ᠪᠠᠷ ᠬᠦᠭᠵᠢᠬᠦ ᠱᠡᠲᠤ ᠦᠶ᠎ᠡ ᠪᠤᠯᠤᠨ᠎ᠠ᠃ ᠠ᠋ᠶ᠋ᠢᠮᠤ᠎ᠠᠴᠠ᠎ᠪᠠᠨ ᠠ᠋ᠨᠡ ᠭᠦ᠌ ᠬᠤᠭᠤᠴᠠᠭ᠎ᠠ ᠵᠢ ᠬᠡᠯᠡᠨ᠎ᠤ ᠠᠪᠢᠶᠠᠯᠠᠪᠤᠷᠢ ᠵᠢ ᠢᠯᠭ᠋ᠠᠨ ᠲᠠᠨᠢᠬᠤ ᠰᠢᠵᠢᠷ ᠠᠯᠲᠠᠨ ᠬᠤᠭᠤᠴᠠᠭ᠎ᠠ ᠬᠡᠵᠤ ᠦᠵᠡᠳᠡᠭ᠃ 6 ᠰᠠᠷ᠎ᠠ᠎ᠠᠴᠠ ᠬᠤᠶ᠋ᠢᠰᠢ ᠠᠪᠢᠶᠠᠯᠠᠪᠤᠷᠢ ᠵᠢ ᠢᠯᠭ᠋ᠠᠨ ᠲᠠᠨᠢᠬᠤ ᠴᠢᠳᠠᠪᠤᠷᠢ᠎ᠨᠢ ᠠᠭ᠋ᠠᠵᠢᠮ ᠵᠶ᠋ᠠᠷ ᠪᠠᠭᠤᠷᠠᠵᠤ᠂ ᠵᠥᠪᠬᠡᠨ ᠲᠥᠷᠦᠯᠬᠢ ᠬᠡᠯᠡᠨ᠎ᠳᠤ᠎ᠬᠢ ᠠᠪᠢᠶᠠᠯᠠᠪᠤᠷᠢ ᠵᠢ ᠢᠯᠭ᠋ᠠᠨ ᠲᠠᠨᠢᠵᠤ ᠴᠢᠳᠠᠳᠠᠭ ᠪᠤᠯᠤᠨ᠎ᠠ᠃ ᠠ᠋ᠶ᠋ᠢᠮᠦ᠎ᠠᠴᠠ ᠠ᠋ᠨᠡ 6 ᠰᠠᠷ᠎ᠠ ᠵᠢᠨ ᠬᠤᠭᠤᠴᠠᠭ᠎ᠠ ᠵᠢ ᠪᠠᠷᠢᠮᠲᠠᠯᠠᠭ᠍ᠤᠨᠢ ᠲᠤᠩ ᠴᠢᠬᠤᠯᠠ ᠶᠤᠮ᠃ ᠭᠡᠬᠦ᠎ᠳᠤ᠎ᠪᠠᠨ ᠵᠥᠪᠬᠡᠨ ᠬᠡᠦᠬᠡᠳ ᠰᠡᠷᠢᠭᠦᠨ ᠪᠠᠶ᠋ᠢᠬᠤ ᠦᠶ᠎ᠡ᠎ᠳᠤ᠎ᠨᠢ ᠰᠠᠶᠢ ᠰᠤᠨᠤᠰᠬᠠᠬᠤ ᠪᠢᠰᠢ᠂ ᠣᠨᠲᠠᠵᠤ ᠪᠠᠶ᠋ᠢᠬᠤ᠎ᠳᠤ ᠴᠤ᠌ ᠰᠤᠨᠤᠰᠬᠠᠵᠤ ᠪᠤᠯᠤᠨ᠎ᠠ᠃ ᠨᠠᠮᠠᠭᠤᠬᠠᠨ ᠠᠶᠠᠯᠭᠤ᠎ᠲᠠᠢ ᠪᠦᠪᠡᠢ ᠵᠢᠨ ᠳᠠᠭᠤᠤ᠎ᠪᠠᠷ ᠭᠤᠤᠯ ᠪᠤᠯᠭ᠋ᠠᠵᠤ᠂ ᠬᠡᠥᠬᠡᠳ᠎ᠤᠨ ᠰᠤᠨᠤᠷ᠎ᠢ ᠬᠠᠮᠠᠭ᠋ᠠᠯᠠᠬᠤ ᠵᠢᠨ ᠲᠤᠰᠠᠲᠠ ᠳᠠᠭᠤᠨ ᠥᠩᠭᠡ ᠵᠢ᠎ᠨᠢ ᠦᠨᠳᠤᠷ ᠪᠠᠶ᠋ᠢᠯᠭ᠋ᠠᠵᠤ ᠪᠣᠯᠬᠤ ᠦᠭᠡᠢ᠃ ᠪᠠᠰᠠ ᠠᠩᠭ᠍ᠯᠢ ᠬᠡᠯᠡᠨ᠎ᠤ ᠠᠪᠢᠶ᠎ᠠ᠎ᠨᠢ ᠪᠠᠷᠢᠮᠵᠢᠶ᠎ᠠ ᠪᠠᠶ᠋ᠢᠬᠤ ᠮᠠᠲ᠋ᠧᠷᠢᠶᠠᠯ᠎ᠢ ᠰᠤᠩᠭᠤᠬᠤ᠎ᠨᠢ ᠲᠤᠩ ᠴᠢᠬᠤᠯᠠ ᠶᠤᠮ᠃
3. 6~12 ᠰᠠᠷ᠎ᠠ ᠵᠢᠨ ᠬᠤᠭᠤᠴᠠᠭ᠋ᠠᠨ᠎ᠳᠤ
ᠠ᠋ᠨᠡ ᠦᠶᠡᠰ᠎ᠠᠴᠠ ᠠ᠋ᠬᠢᠯᠡᠨ ᠬᠡᠤᠬᠡᠳ᠎ᠤᠨ ᠤᠨᠳᠠᠭ᠍ᠤ ᠴᠠᠬ᠎ᠨᠢ ᠶᠠᠪᠤᠬᠤ ᠲᠤᠳᠤᠮ ᠪᠤᠭᠤᠨᠢᠳᠠᠵᠤ᠂ ᠲᠣᠭᠯᠠᠭ᠍ᠤ ᠬᠤᠭᠤᠴᠠᠭ᠎ᠠ᠎ᠨᠢ ᠤᠯᠠᠮ ᠤᠷᠲᠤ ᠪᠤᠯᠤᠭ᠋ᠠᠳ᠂ 7~8 ᠰᠠᠷ᠎ᠠ ᠪᠣᠯᠬᠤ᠎ᠳᠤ ᠠ᠋ᠳᠦᠷ ᠪᠦᠷᠢ ᠪᠠᠷᠤᠭ 4~6 ᠴᠠᠭ ᠲᠤᠭᠯᠠᠵᠤ ᠴᠢᠳᠠᠳᠠᠭ ᠪᠦᠭᠡᠳ 《ᠠ᠋ᠬᠢᠯᠡᠭᠡᠳ ᠦᠭᠡ ᠬᠡᠯᠡᠨ᠎ᠤ ᠮᠡᠳᠡᠷᠡᠮᠵᠢ᠎ᠲᠠᠢ ᠪᠤᠯᠵᠤ᠂ “ba-ba-ba”᠂ “neh-neh-neh”᠂ “dee-dee-dee” ᠵᠡᠷᠭᠡ ᠦᠶ᠎ᠡ᠎ᠲᠤ ᠠᠪᠢᠶ᠎ᠠ᠎ᠪᠠᠷ ᠥᠪᠡᠷ᠎ᠢ᠎ᠪᠠᠨ ᠢᠯᠡᠳᠭᠡᠵᠤ᠂ ᠠᠪᠤ ᠡᠵᠢ᠎ᠲᠠᠢ᠎ᠪᠠᠨ ᠬᠠᠷᠢᠴᠠᠳᠠᠭ᠃ 1 ᠨᠠᠰᠤᠲᠠᠢ ᠪᠣᠯᠬᠤ᠎ᠳᠤ ᠠᠪᠢᠶᠠᠨ᠎ᠤ ᠦᠶ᠎ᠡ ᠵᠢ “neh-nee”᠂ “da-dee”᠂ “meh-neh” ᠭᠡᠬᠦ ᠮᠡᠲᠤ᠎ᠪᠠᠷ ᠬᠤᠪᠢᠷᠠᠭᠤᠯᠵᠤ ᠴᠢᠳᠠᠭ᠍ᠤ᠂ ᠴᠠᠭ᠋ᠠᠰᠢᠯᠠᠪᠠᠯ ᠦᠭᠦᠯᠡᠪᠦᠷᠢ ᠰᠢᠭ ᠰᠣᠨᠤᠰᠳᠠᠭ᠍ᠤ ᠦᠭᠡ ᠶᠡᠷᠢᠵᠤ ᠴᠢᠳᠠᠭ᠍ᠤ ᠪᠤᠯᠤᠭᠰᠠᠨ ᠪᠠᠶ᠋ᠢᠳᠠᠭ》 (Steven · Pinker,1994)᠃ ᠠ᠋ᠨᠡ ᠭᠦ᠌ ᠬᠤᠭᠤᠴᠠᠭ᠋ᠠᠨ᠎ᠳᠤ ᠬᠡᠦᠬᠡᠳ᠎ᠤᠨ ᠲᠠᠨᠢᠨ ᠮᠡᠳᠡᠬᠦᠢ ᠨᠡᠯᠢᠶᠡᠳ ᠬᠦᠭᠵᠢᠭᠰᠡᠨ᠎ᠠᠴᠠ ᠬᠦᠮᠦᠨ ᠠᠮᠢᠲᠠᠨ᠂ ᠬᠡᠷᠡᠭ ᠪᠤᠳᠠᠰ᠂ ᠲᠡᠳᠡᠭᠡᠷ᠎ᠤᠨ ᠤᠨᠴᠠᠯᠢᠭ ᠰᠢᠨᠵᠢ ᠵᠢ ᠲᠠᠨᠢᠭᠤᠯᠵᠤ ᠴᠢᠳᠠᠭ᠍ᠤ ᠬᠡᠦᠬᠡᠳ᠎ᠤᠨ ᠳᠠᠭᠤᠤ ᠵᠢ ᠰᠤᠩᠭᠤᠪᠠᠯ ᠵᠤᠬᠢᠨ᠎ᠠ᠃ ᠰᠤᠨᠤᠰᠴᠤ ᠪᠠᠶ᠋ᠢᠬᠤ ᠦᠶ᠎ᠡ᠎ᠳᠤ᠎ᠨᠢ ᠪᠣᠳᠠᠳᠤ ᠶᠠᠭᠤᠮ᠎ᠠ ᠵᠢ ᠦᠵᠡᠭᠦᠯᠬᠦ᠂ ᠲᠠᠭᠤᠨ᠎ᠤ ᠬᠥᠭ᠎ᠢ᠎ᠲᠠᠭᠠᠨ ᠬᠥᠳᠡᠯᠭᠡᠭᠡᠨ ᠵᠶ᠋ᠠᠷ ᠤᠳᠬ᠎ᠠ ᠵᠢ᠎ᠨᠢ ᠢᠯᠡᠷᠬᠡᠶ᠋ᠢᠯᠡᠪᠡᠯ᠂ ᠲᠠᠭᠤᠨ᠎ᠳᠤ ᠢᠯᠡᠷᠡᠬᠦ ᠬᠦᠮᠦᠨ ᠠᠮᠢᠲᠠᠨ ᠬᠡᠷᠡᠭ ᠪᠤᠳᠠᠰ᠎ᠲᠤ ᠰᠢᠭᠤᠳ ᠲᠠᠨᠢᠯᠲᠠ᠎ᠲᠠᠢ ᠪᠣᠯᠵᠤ ᠴᠢᠳᠠᠨ᠎ᠠ᠃ ᠵᠢᠱ᠌ᠢᠶᠡᠯᠡᠪᠡᠯ᠄ 《Peek, peek,peek a boo.peek,peek I see you!》 ᠭᠡᠬᠦ ᠳᠠᠭᠤᠤ ᠵᠢ ᠰᠤᠨᠤᠰᠬᠠᠬᠤᠳᠤᠪᠠᠨ ᠭᠠᠷ ᠵᠶ᠋ᠠᠷ ᠵᠶ᠋ᠠᠨ ᠨᠢᠭᠤᠷ ᠵᠶ᠋ᠠᠨ ᠬᠠᠯᠬᠠᠯᠠᠵᠤ᠂ peek ᠭᠡᠵᠤ ᠬᠡᠯᠡᠬᠦ᠎ᠳᠤᠨᠢ ᠬᠤᠷᠤᠭᠤᠨ ᠵᠠᠪᠰᠠᠷ ᠵᠶ᠋ᠠᠷ ᠵᠶ᠋ᠠᠨ ᠬᠤᠯᠠᠭ᠋ᠠᠶ᠋ᠢᠯᠠᠵᠤ ᠦᠵᠡᠨ᠂ peek a boo ᠭᠡᠬᠦ᠎ᠳᠤᠨᠢ ᠳᠠᠬᠢᠨ ᠨᠢᠭᠤᠵᠤ᠂ I see you ᠭᠡᠬᠦ᠎ᠳᠤᠨᠢ ᠭᠠᠷ ᠵᠶ᠋ᠠᠨ ᠰᠤᠩᠭ᠋ᠠᠨ ᠬᠡᠦᠬᠡᠳ᠎ᠢ ᠪᠠᠷᠢᠵᠤ ᠠᠪᠬᠤ 《ᠨᠢᠭᠤᠯᠴᠠᠵᠤ ᠨᠠᠭ᠋ᠠᠳᠬᠤ》 ᠠᠷᠭ᠎ᠠ᠎ᠪᠠᠷ ᠳᠠᠭᠤᠤ ᠵᠢ ᠰᠣᠨᠤᠰᠴᠤ ᠲᠣᠭᠯᠠᠪᠠᠯ ᠬᠡᠦᠬᠡᠳ ᠠ᠋ᠨᠡ ᠬᠡᠳᠦᠨ ᠦᠰᠦᠭ᠎ᠢ ᠣᠶ᠋ᠢᠯᠠᠭ᠋ᠠᠨ ᠲᠠᠨᠢᠬᠤ᠎ᠳᠤ ᠰᠢᠭᠤᠳ ᠪᠦᠭᠡᠳ ᠳᠦᠭᠦᠮ ᠪᠣᠯᠳᠠᠭ ᠮᠥᠷᠲᠡᠭᠡᠨ ᠦᠭᠡ ᠠ᠋ᠷᠲᠡ ᠶᠠᠷᠢᠭᠰᠠᠨ ᠬᠡᠦᠬᠡᠳ᠎ᠢ ᠳᠠᠭ᠋ᠠᠭᠤᠯᠤᠨ ᠳᠠᠭᠤᠯᠠᠵᠤ ᠪᠤᠯᠤᠨ᠎ᠠ᠃
4.1~2 ᠨᠠᠰᠤᠨ᠎ᠤ ᠬᠤᠭᠤᠴᠠᠭ᠋ᠠᠨ᠎ᠳᠤ
ᠠ᠋ᠨᠡ ᠬᠤᠭᠤᠴᠠᠭ᠋ᠠᠨ᠎ᠳᠤ ᠬᠡᠦᠬᠡᠳ᠎ᠤᠨ ᠤᠨᠲᠠᠭ᠍ᠤ ᠴᠠᠭ᠎ᠨᠢ 12~14 ᠴᠠᠭ ᠪᠠᠶ᠋ᠢᠵᠤ᠂ ᠪᠤᠰᠤᠳ ᠴᠠᠭᠲᠤᠨᠢ ᠪᠦᠷ ᠲᠤᠭᠯᠠᠵᠤ ᠨᠠᠭ᠋ᠠᠳᠴᠤ ᠪᠣᠯᠬᠤ ᠤᠴᠢᠷ᠎ᠠᠴᠠ ᠲᠠᠭᠤᠤ ᠰᠤᠨᠤᠰᠬᠤ ᠴᠠᠭ᠎ᠢ᠎ᠨᠢ ᠶᠡᠷᠤ᠎ᠳᠤ᠎ᠪᠠᠨ ᠬᠡᠦᠬᠡᠳ᠎ᠤᠨ ᠪᠠᠶ᠋ᠢᠳᠠᠯ᠎ᠢ ᠦᠨᠳᠦᠰᠦᠯᠠᠵᠤ ᠲᠣᠬᠢᠷᠠᠭᠤᠯᠵᠤ ᠪᠤᠯᠤᠨ᠎ᠠ᠃ ᠭᠡᠪᠡᠴᠦ ᠠ᠋ᠳᠦᠷ ᠪᠦᠷᠢ ᠵᠠᠪᠠᠯ ᠴᠠᠭ ᠲᠤᠭᠲᠠᠭ᠋ᠠᠵᠤ ᠲᠤᠰᠬᠠᠢ ᠴᠠᠭ ᠭᠠᠷᠭ᠋ᠠᠨ ᠰᠠᠭᠤᠭ᠋ᠠᠳ ᠳᠠᠭᠤᠤ ᠰᠣᠨᠤᠰᠬᠤ ᠪᠢᠰᠢ᠃ ᠬᠡᠦᠬᠡᠳ᠎ᠢ ᠲᠤᠰᠬᠠᠢ 《ᠰᠠᠭᠤᠭ᠋ᠠᠳ ᠰᠠᠶ᠋ᠢᠬᠠᠨ ᠠᠩᠬᠠᠷᠴᠤ ᠰᠣᠨᠤᠰ》 ᠭᠡᠵᠤ ᠱᠠᠭ᠋ᠠᠷᠳᠠᠵᠤ ᠪᠣᠯᠬᠤ ᠦᠭᠡᠢ᠃ ᠬᠠᠷᠢᠨ ᠪᠢᠳᠠ ᠥᠪᠡᠰᠦᠪᠡᠨ ᠶᠡᠷᠦ᠎ᠳᠤ᠎ᠪᠠᠨ ᠠᠵᠢᠯᠯᠠᠵᠤ ᠪᠠᠶ᠋ᠢᠬᠤ ᠠ᠋ᠰᠡᠭᠦᠯ᠎ᠡ ᠭᠡᠷ᠎ᠤᠨ ᠠᠵᠢᠯ ᠵᠶ᠋ᠠᠨ ᠬᠢᠬᠦ ᠠ᠋ᠰᠡᠭᠦᠯᠠ ᠵᠠᠮ ᠬᠦᠭᠡᠭᠡᠵᠦ ᠪᠠᠶ᠋ᠢᠬᠤ ᠦᠶ᠎ᠡ᠎ᠳᠤ᠎ᠪᠠᠨ ᠳᠠᠭᠤᠤ ᠰᠣᠨᠤᠰᠴᠤ ᠪᠠᠶ᠋ᠢᠭ᠎ᠠ᠎ᠲᠠᠢ ᠠᠳᠠᠯᠢ᠎ᠪᠠᠷ ᠬᠡᠥᠬᠡᠳ ᠲᠤᠭᠯᠠᠵᠤ ᠪᠠᠶ᠋ᠢᠭ᠎ᠠ᠂ ᠠ᠋ᠰᠡᠭᠦᠯᠠ ᠢᠳᠡᠵᠤ ᠪᠠᠶ᠋ᠢᠭ᠎ᠠ ᠴᠠᠭᠲᠤᠨᠢ ᠬᠠᠵᠠᠭᠤ᠎ᠳᠤᠨᠢ ᠳᠠᠭᠤᠤ ᠵᠢ᠎ᠨᠢ ᠲᠠᠯᠪᠢᠭ᠋ᠠᠳ ᠦᠭᠭᠦᠪᠡᠯ ᠪᠣᠯᠴᠢᠬᠠᠨ᠎ᠠ᠃ ᠠᠪᠤ ᠡᠵᠢ᠎ᠨᠢ ᠬᠡᠦᠬᠡᠳ᠎ᠲᠠᠢ᠎ᠪᠠᠨ ᠴᠤᠭ ᠲᠣᠭᠯᠠᠭ᠍ᠤ ᠦᠶ᠎ᠡ᠎ᠳᠤ᠎ᠪᠠᠨ ᠲᠠᠭᠤᠨ᠎ᠳᠤ᠎ᠬᠢ ᠠᠭᠤᠯᠭ᠎ᠠ ᠵᠢ ᠪᠣᠳᠠᠲᠠᠶ᠋ᠢᠵᠢᠭᠤᠯᠵᠤ ᠲᠤᠭᠯᠠᠪᠠᠯ ᠨᠡᠩ ᠰᠠᠶ᠋ᠢᠨ ᠪᠣᠯᠬᠤ ᠶᠤᠮ᠃
5. 2~3 ᠨᠠᠰᠤᠨ᠎ᠤ ᠬᠤᠭᠤᠴᠠᠭ᠋ᠠᠨ᠎ᠳᠤ
2~3 ᠨᠠᠰᠤ ᠵᠢ ᠬᠡᠥᠬᠡᠳ᠎ᠤᠨ ᠬᠡᠯᠡᠨ᠎ᠤ ᠳᠡᠯᠪᠡᠷᠡᠯᠲᠡ ᠵᠢᠨ ᠬᠤᠭᠤᠴᠠᠭ᠎ᠠ (语言爆发期) ᠭᠡᠳᠡᠭ᠃ ᠣᠯᠠᠩᠬᠢ ᠭᠡᠷ᠎ᠤᠨ ᠠᠬᠠᠮᠠᠳ ᠬᠡᠦᠬᠡᠳ ᠵᠶ᠋ᠠᠨ ᠭᠡᠨᠡᠳᠲᠠ ᠨᠢᠭᠡᠨ ᠠ᠋ᠳᠦᠷ᠎ᠠᠴᠠ ᠠ᠋ᠬᠢᠯᠡᠨ ᠮᠠᠰᠢ ᠣᠯᠠᠨ ᠦᠭᠡᠰ᠎ᠤᠨ ᠰᠠᠩ᠎ᠲᠠᠢ ᠪᠦᠭᠡᠳ ᠳᠠᠭᠤᠨ᠎ᠳᠤ᠎ᠬᠢ ᠦᠭᠡ ᠦᠭᠦᠯᠡᠪᠦᠷᠢ᠎ᠪᠠᠷ ᠦᠪᠡᠷ᠎ᠢ᠎ᠪᠠᠨ ᠢᠯᠡᠳᠭᠡᠵᠤ ᠴᠢᠳᠠᠭᠰᠠᠨ᠎ᠢ ᠭᠠᠶ᠋ᠢᠬᠠᠵᠤ ᠪᠠᠭ᠍ᠠᠷᠬᠠᠨ ᠣᠮᠤᠭᠰᠢᠳᠠᠭ ᠶᠤᠮ᠃ ᠦᠨᠡᠨ᠎ᠳᠤ᠎ᠪᠠᠨ ᠬᠡᠦᠬᠡᠳ᠎ᠤᠨ ᠠ᠋ᠨᠡ ᠭᠦ᠌ ᠦᠢ᠍ᠯᠡ ᠠᠵᠢᠯᠯᠠᠭ᠎ᠠ᠎ᠨᠢ ᠭᠡᠨᠡᠳᠲᠡ ᠵᠢᠨ ᠪᠢᠰᠢ᠂ ᠬᠠᠷᠢᠨ ᠪᠦᠷ ᠭᠡᠷ᠎ᠤᠨ ᠬᠦᠮᠦᠰ᠎ᠤᠨ ᠬᠢᠨᠢ ᠠ᠋ᠩ᠎ᠤᠨ ᠦᠶ᠎ᠡ᠎ᠳᠤ ᠬᠠᠷᠢᠯᠴᠠᠨ ᠶᠠᠷᠢᠯᠴᠠᠵᠤ ᠬᠠᠷᠢᠴᠠᠨ᠂ ᠳᠠᠭᠤ ᠰᠢᠩᠭᠡᠭᠡᠯᠲᠠ ᠠᠷᠪᠢᠨ ᠰᠣᠨᠤᠰᠬᠠᠵᠤ ᠬᠡᠯᠡᠨ᠎ᠤ ᠣᠷᠤᠭᠤᠯᠤᠯᠲᠠ ᠵᠢ ᠭᠦᠢ᠍ᠴᠡᠳ ᠬᠢᠭᠰᠡᠨ᠎ᠠᠴᠠ ᠪᠤᠯᠤᠭᠰᠠᠨ ᠶᠤᠮ᠃ ᠠ᠋ᠨᠡ ᠭᠦ᠌ ᠬᠤᠭᠤᠴᠠᠭ᠋ᠠᠨ᠎ᠳᠤ ᠬᠡᠦᠬᠡᠳ᠎ᠤᠨ ᠳᠠᠭᠤᠤ ᠵᠢ ᠠᠰᠢᠭᠯᠠᠨ᠂ ᠵᠦᠪ ᠢᠯᠡᠳᠭᠡᠬᠦ ᠠᠷᠭ᠎ᠠ ᠵᠢ ᠡᠵᠡᠮᠰᠢᠭᠦᠯᠬᠦ᠎ᠪᠠᠷ ᠴᠢᠷᠮᠠᠶ᠋ᠢᠬᠤ ᠬᠡᠷᠡᠭᠲᠡᠢ᠃ ᠬᠡᠦᠬᠡᠳ᠎ᠤᠨ ᠮᠡᠳᠡᠷᠡᠬᠦᠢ ᠵᠢᠨ ᠣᠨᠴᠠᠯᠢᠭ᠎ᠠᠴᠠ ᠦᠵᠡᠪᠡᠯ ᠠ᠋ᠨᠡ ᠭᠦ᠌ ᠬᠤᠭᠤᠴᠠᠭ᠋ᠠᠨ᠎ᠳᠤ ᠬᠡᠦᠬᠡᠳ ᠬᠡᠷᠡᠭ ᠪᠣᠳᠠᠰ᠎ᠤᠨ ᠯᠣᠭᠢᠭ ᠴᠢᠨᠠᠷ᠎ᠢ ᠣᠶ᠋ᠢᠯᠠᠭ᠋ᠠᠵᠤ ᠠ᠋ᠬᠢᠯᠡᠳᠡᠭ᠎ᠠᠴᠠ ᠬᠡᠦᠬᠡᠳ᠎ᠤᠨ ᠤᠨᠴᠠᠯᠢᠬ᠎ᠲᠠᠢ ᠨᠡᠶ᠋ᠢᠴᠡᠭᠰᠡᠨ᠂ ᠬᠦᠮᠦᠨ ᠠᠮᠢᠲᠠᠨ᠎ᠤ ᠭᠠᠳᠠᠷ ᠳᠦᠷᠢ ᠪᠠᠶ᠋ᠢᠳᠠᠯ᠂ ᠦᠢ᠍ᠯᠡ ᠠᠵᠢᠯᠯᠠᠭ᠎ᠠ ᠵᠢ ᠠᠮᠢᠳᠤᠯᠢᠭ᠂ ᠶᠥᠮᠦᠷᠯᠢᠭ ᠵᠶ᠋ᠠᠷ ᠢᠯᠡᠳᠭᠡᠵᠤ ᠴᠢᠳᠠᠭ᠍ᠤ ᠠᠭᠤᠯᠭ᠎ᠠ᠎ᠲᠠᠢ ᠮᠠᠲ᠋ᠧᠷᠢᠶᠠᠯ᠎ᠢ ᠰᠤᠩᠭᠤᠪᠠᠯ ᠵᠤᠬᠢᠨ᠎ᠠ᠃ ᠴᠠᠭ ᠬᠤᠭᠤᠴᠠᠭ᠋ᠠᠨ᠎ᠤ ᠲᠠᠯ᠎ᠠ᠎ᠪᠠᠷ ᠶᠡᠷᠦᠩᠬᠡᠢ᠎ᠳᠤ᠎ᠪᠠᠨ ᠱᠠᠭ᠋ᠠᠷᠳᠠᠯᠭ᠎ᠠ ᠦᠭᠡᠢ ᠪᠣᠯᠪᠠᠴᠤ ᠳᠠᠪᠲᠠᠯᠲᠠ᠎ᠨᠢ ᠤᠯᠠᠮ ᠪᠠᠶ᠋ᠢᠩᠭᠤ ᠪᠣᠯ ᠤᠯᠠᠮ ᠰᠠᠶ᠋ᠢᠨ ᠶᠤᠮ᠃
ᠭᠤᠷᠪᠠ᠂ ᠠᠩᠬᠠᠷᠬᠤ ᠴᠢᠬᠤᠯᠠᠲᠠᠢ ᠵᠦᠢ᠍ᠯᠡᠰ
1. ᠶᠠᠮᠠᠷ᠎ᠴᠤ ᠬᠡᠷᠡᠭ ᠶᠠᠪᠤᠳᠠᠯ᠎ᠳᠤ ᠪᠦᠷ ᠵᠢᠮ᠎ᠡ ᠬᠠᠤᠯᠢ ᠪᠠᠶ᠋ᠢᠳᠠᠭ᠃ ᠵᠢᠮ᠎ᠡ ᠬᠠᠤᠯᠢ ᠵᠢ ᠵᠢᠷᠤᠮᠯᠠᠭ᠍ᠤ ᠦᠭᠡᠢ ᠪᠤᠯ ᠪᠦᠷ ᠬᠡᠷᠡᠭ ᠶᠠᠪᠤᠳᠠᠯ᠎ᠤᠨ ᠬᠥᠭᠵᠢᠯᠲᠡ ᠵᠢ ᠨᠥᠯᠦᠭᠡᠯᠡᠵᠤ ᠬᠠᠷᠰᠢᠯᠠᠳᠠᠭ᠃ ᠬᠡᠦᠬᠡᠳ᠎ᠤᠨ ᠰᠤᠷᠭ᠋ᠠᠨ ᠬᠦᠮᠦᠵᠢᠯ᠎ᠳᠤ ᠴᠤ᠌ ᠠᠳᠠᠯᠢ᠂ ᠶᠠᠭᠤᠨ᠎ᠤ ᠤᠷᠢᠳ ᠬᠡᠦᠬᠡᠳ᠎ᠤᠨ ᠦᠰᠦᠨ ᠪᠥᠢ᠍ᠵᠢᠯᠲᠠ ᠵᠢᠨ ᠵᠢᠮ᠎ᠡ ᠶᠣᠰᠤ ᠵᠢ ᠥᠢ᠍ᠯᠠᠭ᠋ᠠᠨ ᠲᠠᠨᠢᠵᠤ ᠵᠢᠷᠤᠮᠯᠠᠨ ᠲᠠᠭ᠋ᠠᠬᠤ ᠬᠡᠷᠡᠭᠲᠡᠢ᠃
2. ᠬᠡᠦᠬᠡᠳ ᠪᠤᠯᠭ᠋ᠠᠨ᠎ᠤ ᠪᠤᠢ᠍ᠢ᠍ᠵᠢᠯᠳᠠ᠎ᠨᠢ ᠬᠤᠷᠳᠤᠨ ᠤᠳᠠᠭ᠋ᠠᠨ᠎ᠤ ᠵᠦᠷᠢᠶ᠎ᠠ ᠪᠠᠶ᠋ᠢᠳᠠᠭ ᠤᠴᠢᠷ᠎ᠠᠴᠠ ᠥᠪᠡᠷ᠎ᠤᠨ ᠬᠡᠦᠬᠡᠳ᠎ᠤᠨ ᠵᠶ᠋ᠠᠨ ᠪᠤᠳᠠᠳᠠᠢ ᠪᠠᠶ᠋ᠢᠳᠠᠯ᠎ᠢ ᠦᠨᠳᠦᠰᠦᠯᠡᠵᠤ ᠬᠡᠦᠬᠡᠳ᠎ᠤᠨ ᠳᠠᠭᠤᠤ ᠵᠢ ᠰᠤᠩᠭᠤᠬᠤ ᠪᠠ ᠬᠡᠷᠡᠭᠯᠡᠬᠦ ᠠᠷᠭ᠎ᠠ᠎ᠳᠤ ᠲᠣᠬᠢᠷᠠᠭᠤᠯᠤᠯᠲᠠ ᠬᠢᠬᠦ ᠬᠡᠷᠡᠭᠲᠡᠢ᠃
3. ᠬᠡᠦᠬᠡᠳ᠎ᠲᠤ᠎ᠪᠠᠨ ᠠᠩᠭ᠍ᠯᠢ ᠬᠡᠯᠡᠨ᠎ᠤ ᠳᠠᠭᠤᠤ ᠰᠣᠨᠤᠰᠬᠠᠨ ᠬᠡᠯᠡ ᠡᠵᠡᠮᠰᠢᠭᠦᠯᠬᠦ ᠵᠣᠷᠢᠯᠭ᠎ᠠ᠎ᠪᠠᠨ ᠮᠡᠳᠡᠬᠦ ᠬᠡᠷᠡᠭᠲᠡᠢ᠃ 0~3 ᠨᠠᠰᠤᠨ᠎ᠤ ᠬᠡᠦᠬᠡᠳ ᠮᠡᠳᠡᠯᠭᠡ ᠰᠤᠷᠬᠤ ᠬᠤᠭᠤᠴᠠᠭ᠎ᠠ ᠪᠢᠰᠢ ᠬᠠᠷᠢᠨ ᠬᠦᠮᠦᠨ᠎ᠤ ᠲᠦᠷᠦᠯᠬᠢ ᠴᠢᠳᠠᠪᠤᠷᠢ᠎ᠪᠠᠨ ᠢᠯᠡᠷᠡᠭᠦᠯᠬᠦ ᠬᠤᠭᠤᠴᠠᠭ᠎ᠠ ᠭᠡᠳᠡᠭ᠎ᠢ ᠦᠨᠢᠳᠡ ᠴᠡᠭᠡᠵᠢᠯᠡᠵᠤ᠂ ᠮᠡᠳᠡᠯᠭᠡ ᠡᠵᠡᠮᠰᠢᠬᠦ ᠵᠣᠷᠢᠯᠭ᠎ᠠ᠎ᠪᠠᠷ ᠬᠡᠦᠬᠡᠳ ᠵᠶ᠋ᠠᠨ ᠱᠠᠭ᠋ᠠᠷᠳᠠᠭ᠍ᠤ ᠵᠢ ᠠ᠋ᠷᠡᠰ ᠲᠡᠪᠴᠢᠬᠦ ᠬᠡᠷᠡᠭᠲᠡᠢ᠃
4. ᠠᠩᠭ᠍ᠯᠢ ᠬᠡᠯᠡᠨ᠎ᠤ ᠬᠡᠦᠬᠡᠳ᠎ᠤᠨ ᠳᠠᠭᠤᠤ᠎ᠪᠠᠷ ᠵᠥᠪᠬᠡᠨ ᠨᠢᠭᠡᠨ ᠵᠦᠢ᠍ᠯ᠎ᠤᠨ ᠠᠷᠭ᠎ᠠ ᠬᠡᠯᠪᠡᠷᠢ ᠪᠤᠯᠭ᠋ᠠᠵᠤ ᠬᠠᠭ᠋ᠠᠰ ᠪᠠᠶ᠋ᠢᠭ᠋ᠠᠯᠢᠯᠢᠬ ᠬᠡᠯᠡᠨ᠎ᠤ ᠣᠷᠴᠢᠨ᠎ᠢ ᠪᠦᠷᠢᠯᠳᠤᠭᠦᠯᠭᠦ ᠵᠢ ᠴᠢᠬᠤᠯᠠᠴᠢᠯᠠᠵᠤ᠂ ᠠ᠋ᠳᠥᠷ ᠲᠤᠳᠤᠮ᠎ᠤᠨ ᠠᠮᠢᠳᠤᠷᠠᠯ ᠲᠤᠮᠳᠠ᠎ᠪᠠᠨ ᠵᠠᠪᠠᠯ ᠪᠠᠰᠠ ᠠᠩᠭ᠍ᠯᠢ᠎ᠪᠠᠷ ᠶᠠᠷᠢᠯᠴᠠᠭ᠍ᠤ ᠵᠢ ᠬᠠᠪᠰᠤᠷᠭ᠋ᠠᠪᠠᠯ ᠰᠠᠶᠢ ᠨᠡᠩ ᠦᠷ᠎ᠡ ᠪᠦᠲᠦᠮᠵᠢᠲᠡᠢ ᠪᠤᠯᠵᠤ ᠴᠢᠳᠠᠨ᠎ᠠ᠃
ᠲᠡᠭᠡᠪᠡᠯ 3 ᠨᠠᠰᠤᠨ᠎ᠠᠴᠠ ᠬᠤᠶ᠋ᠢᠰᠢ ᠣᠯᠠᠩᠬᠢ ᠬᠡᠦᠬᠡᠳ ᠴᠡᠴᠡᠷᠯᠢᠭ᠎ᠲᠤ ᠣᠷᠤᠬᠤ ᠪᠤᠯᠵᠤ᠂ ᠭᠡᠷ᠎ᠲᠤ᠎ᠪᠠᠨ ᠪᠠᠶ᠋ᠢᠬᠤ ᠠ᠋ᠰᠡᠭᠦᠯᠠ ᠡᠵᠢ ᠠᠪᠤ᠎ᠲᠠᠢ᠎ᠪᠠᠨ ᠬᠠᠷᠢᠴᠠᠭ᠍ᠤ ᠬᠤᠭᠤᠴᠠᠭ᠎ᠠ᠎ᠨᠢ ᠣᠬᠤᠷ ᠪᠤᠯᠤᠭᠰᠠᠨ ᠣᠴᠢᠷ᠎ᠠᠴᠠ ᠳᠠᠬᠢᠨ ᠠᠩᠭ᠍ᠯᠢ ᠲᠠᠭᠤᠤ ᠰᠢᠯᠦᠭ᠎ᠢ ᠰᠤᠨᠤᠰᠬᠠᠬᠤ᠎ᠪᠠᠨ ᠪᠠᠶ᠋ᠢᠴᠢᠬᠠᠬᠤ ᠪᠢᠰᠢ᠂ ᠬᠠᠷᠢᠨ ᠠ᠋ᠳᠦᠷ ᠪᠦᠷᠢ ᠳᠠᠭᠤᠤ ᠰᠣᠨᠤᠰᠬᠤ ᠳᠠᠳᠬᠠᠯ ᠵᠶ᠋ᠠᠨ ᠲᠠᠰᠤᠯᠳᠠᠭᠤᠯᠬᠤ ᠦᠭᠡᠢ᠂ ᠴᠠᠭ ᠪᠦᠬᠦᠨ᠎ᠢ ᠠᠰᠢᠭᠯᠠᠵᠤ ᠢᠯᠡᠭᠦᠤ ᠰᠤᠨᠣᠰᠬᠠᠪᠠᠯ ᠲᠠᠭ᠋ᠠᠷᠠᠨ᠎ᠠ᠃ ᠬᠡᠦᠬᠡᠳ ᠴᠡᠴᠡᠷᠯᠢᠭ᠎ᠲᠤ ᠣᠷᠤᠭᠰᠠᠨ᠎ᠤ ᠳᠠᠷᠠᠭ᠎ᠠ ᠲᠥᠷᠦᠯᠬᠢ ᠬᠡᠯᠡ ᠪᠠ ᠬᠢᠲᠠᠳ ᠬᠡᠯᠡᠨ᠎ᠤ᠎ᠬᠢᠨ ᠣᠷᠤᠭᠤᠯᠤᠯᠲᠠ᠎ᠨᠢ ᠠᠩᠭ᠍ᠯᠢ ᠬᠡᠯᠡᠨ᠎ᠤ ᠣᠷᠤᠭᠤᠯᠤᠯᠲᠠ᠎ᠠᠴᠠ ᠬᠤᠯᠠ ᠠᠷᠪᠢᠨ ᠪᠠᠶ᠋ᠢᠵᠤ ᠠᠩᠭ᠍ᠯᠢ ᠬᠡᠯᠡᠨ᠎ᠤ ᠳᠠᠭᠤᠤ᠎ᠪᠠᠨ ᠰᠣᠨᠤᠰᠬᠤ ᠦᠭᠡᠢ᠂ ᠰᠤᠷᠤᠭᠰᠠᠨ ᠠᠩᠭ᠍ᠯᠢ ᠬᠡᠯᠡᠨ᠎ᠤ ᠦᠭᠡ ᠦᠭᠦᠯᠡᠪᠦᠷᠢ᠎ᠪᠠᠨ ᠴᠤ᠌ ᠬᠡᠷᠡᠭᠯᠡᠬᠦ᠎ᠪᠠᠨ ᠪᠣᠯᠢᠪᠠᠯ᠂ ᠤᠳᠠᠭ᠍ᠤ ᠦᠭᠡᠢ ᠠᠩᠭ᠍ᠯᠢ ᠬᠡᠯᠡ ᠵᠢ ᠮᠠᠷᠲᠠᠭ᠍ᠤ ᠪᠣᠯᠤᠨ᠎ᠠ᠂ ᠠ᠋ᠶ᠋ᠢᠮᠦ᠎ᠠᠴᠠ ᠵᠠᠪᠠᠯ ᠠ᠋ᠳᠦᠷ ᠪᠦᠷᠢ ᠰᠣᠨᠤᠰᠬᠠᠵᠤ ᠳᠠᠳᠬᠠᠯ ᠪᠣᠯᠭ᠋ᠠᠨ ᠬᠦᠮᠦᠵᠢᠭᠦᠯᠬᠦ ᠬᠡᠷᠡᠭᠲᠡᠢ᠃
ᠵᠡᠭᠦᠯᠲᠡ
[1]Krashen · Stephen.The Hypothesis:Issues and Implications [M].London:Longman,1985.
[2]Peal · Elizabeth and Lambert · Wallace.The Relation of Bilingualism to Intellegence [J]. Psychological Monographs,1962.
[3] Steven · Pimker,Language Instinct,[M].New York:HarperCollins Publishers, 1994.
[4]孙瑞玲,Elley Schottman.英美儿童英语游戏歌谣精选[M].北京᠄ 外语与教学研究出版社,2013.
[5]马丽.家庭教育对幼儿英语教育的影响及促进策略[J].桂林师范高等专科学校学报,2010 (9) .
[6]刘华.习得理论指导下的家庭幼儿英语
教育[J].学前教育研究,2003 (11) .
ᠬᠠᠶᠢᠬ᠄ ᠬᠦᠬᠡᠬᠤᠳᠠ ᠦᠨᠳᠤᠰᠤᠳᠠᠨ᠎ᠤ ᠳᠡᠭᠡᠳᠤ ᠰᠤᠷᠭ᠋ᠠᠭᠤᠯᠢ ᠵᠢᠨ
ᠭᠠᠳᠠᠭ᠋ᠠᠳᠤ ᠭᠡᠯᠡᠨ᠎ᠤ ᠰᠠᠯᠪᠤᠷᠢ
(ᠰᠦᠶ᠎ᠠ ᠨᠠᠢ᠍ᠢ᠍ᠷᠠᠭᠤᠯᠪᠠ)
6 ᠳ᠋ᠤᠭ᠋ᠠᠷ ᠬᠤᠭᠤᠴᠠᠭ᠎ᠠ