ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠮᠣᠩᠭᠤᠯ ᠠᠷᠠᠳ᠎ᠤᠨ ᠣᠯᠠᠮᠵᠢᠯᠠᠯᠳᠥ ᠨᠠᠭ᠋ᠠᠳᠥᠮ 《ᠴᠠᠭ᠋ᠠᠨ ᠬᠤᠷᠠᠭ᠋ᠠᠨ ᠰᠡᠭᠦᠯ ᠪᠠᠷᠢᠬᠤ》 ᠲᠣᠭᠯᠠᠭ᠋ᠠᠮ᠎ᠠᠴᠠ ᠰᠡᠳᠣᠪᠯᠡᠭᠦ᠎ᠨᠢ
ᠨᠡᠶ᠋ᠢᠲᠡᠯᠡᠭᠰᠡᠨ ᠴᠠᠭ᠄ 2020-04-08

                                                ᠰᠡᠴᠠᠨ


      ᠮᠣᠩᠭᠤᠯ ᠠᠷᠠᠳ᠎ᠤᠨ ᠨᠠᠭ᠋ᠠᠳᠥᠮ ᠪᠣᠯ ᠮᠤᠩᠭᠤᠯ ᠦᠨᠳᠦᠰᠦᠳᠠᠨ᠎ᠤ ᠦᠨᠢ ᠣᠳᠠᠭ᠋ᠠᠨ ᠨᠡᠭᠦᠳᠠᠯ ᠠᠮᠢᠳᠣᠷᠠᠯ᠎ᠤᠨ ᠲᠣᠮᠳᠠ᠎ᠪᠠᠨ ᠠ᠋ᠭᠦᠳᠦᠨ ᠪᠦᠳᠦᠭᠡᠭᠰᠠᠨ ᠦᠪᠠᠷᠮᠢᠴᠨ ᠣᠨᠴᠠᠯᠢᠭ ᠪᠦᠭᠦᠢ ᠵᠤᠭ᠎ᠠ ᠴᠡᠨᠭᠭᠡᠯ᠎ᠤᠨ ᠨᠢᠭᠡᠨ ᠭᠡᠯᠪᠠᠷᠢ ᠪᠣᠯᠬᠤ ᠶᠤᠮ᠃ ᠮᠣᠩᠭᠤᠯᠴᠣᠳ ᠨᠡᠭᠦᠳᠡᠯᠯᠡᠨ ᠮᠠᠯᠵᠢᠬᠤ ᠦᠢ᠍ᠯᠡᠳᠪᠤᠷᠢᠯᠡᠯ ᠠᠮᠢᠳᠤᠷᠠᠯ᠎ᠤᠨ ᠶᠠᠪᠤᠴᠠ᠎ᠳᠤ᠎ᠪᠠᠨ ᠠᠵᠢᠯ᠎ᠤᠨ ᠴᠢᠯᠦᠭᠡ ᠪᠣᠶᠣ ᠦᠢ᠍ᠯᠠᠳᠪᠣᠷᠢᠯᠠᠯ᠎ᠤᠨ ᠰᠡᠯᠡᠭᠦᠦ ᠵᠢ ᠠᠰᠢᠭᠯᠠᠵᠥ ᠣᠯᠠᠨ ᠲᠦᠷᠦᠯ᠎ᠤᠨ ᠨᠠᠭ᠋ᠠᠳᠥᠮ ᠲᠣᠭᠯᠠᠭ᠋ᠠᠮ᠎ᠢ ᠵᠣᠭᠢᠶᠠᠨ ᠪᠦᠳᠦᠭᠡᠵᠥ᠂ ᠨᠠᠭ᠋ᠠᠳᠣᠮ ᠲᠣᠭᠯᠠᠭ᠋ᠠᠮ ᠵᠶ᠋ᠠᠷ ᠲᠠᠮᠵᠢᠭᠤᠯᠤᠨ ᠭᠡᠥᠭᠡᠳ᠎ᠤᠨ ᠣᠶᠣᠨ ᠣᠬᠠᠭ᠋ᠠᠨ᠎ᠢ ᠨᠡᠭᠡᠭᠡᠭᠳᠡᠬᠦᠯᠤᠨ᠂ ᠰᠡᠳᠭᠢᠯ ᠰᠠᠨᠠᠭ᠎ᠠ ᠵᠢ᠎ᠨᠢ ᠠᠭᠤᠳᠠᠮ ᠪᠠᠭᠳᠠᠭ᠋ᠠᠮᠵᠢ᠎ᠲᠠᠢ ᠪᠤᠯᠭ᠋ᠠᠬᠤ ᠵᠢ ᠵᠤᠷᠢᠳᠠᠬ᠃ ᠲᠤᠤᠷ᠎ᠠ ᠶᠠᠷᠢᠬᠤ ᠭᠡᠵᠦ ᠪᠠᠢ᠍ᠢ᠍ᠭ᠎ᠠ 《ᠴᠠᠭ᠋ᠠᠨ ᠬᠤᠷᠠᠭ᠋ᠠᠨ ᠰᠡᠭᠦᠯ ᠪᠠᠷᠢᠬᠤ》 ᠲᠤᠭᠯᠠᠭ᠋ᠠᠮ ᠪᠤᠯ ᠲᠡᠭᠦᠨ᠎ᠤ ᠲᠤᠳᠤᠷᠠᠬᠢ ᠨᠠᠢ᠍ᠢ᠍ᠳᠡᠯᠢᠭ ᠴᠢᠨᠠᠷ᠎ᠲᠠᠢ ᠨᠠᠭ᠋ᠠᠳᠤᠮ᠎ᠤᠨ ᠨᠢᠭᠡ ᠪᠤᠯᠬᠤ ᠶᠤᠮ᠃
      ᠨᠢᠭᠡ᠂ 《ᠴᠠᠭ᠋ᠠᠨ ᠬᠤᠷᠠᠭ᠋ᠠᠨ ᠰᠡᠭᠦᠯ ᠪᠠᠷᠢᠬᠤ》 ᠲᠣᠭᠯᠠᠭ᠋ᠠᠮ᠎ᠤᠨ ᠢᠷᠠᠯᠳᠠ
     《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》 ᠭᠦᠳᠡᠯᠦᠯ᠎ᠨᠢ ᠲᠦᠭᠦᠮ᠂ ᠨᠠᠭ᠋ᠠᠳᠬᠤ᠎ᠳᠤ ᠠᠮᠠᠷᠬᠠᠨ᠂ ᠶᠠᠮᠠᠷᠴᠦ ᠨᠠᠭ᠋ᠠᠳᠥᠮ᠎ᠤᠨ ᠪᠠᠭ᠋ᠠᠵᠢ ᠵᠢ ᠭᠡᠷᠡᠭᠯᠡᠯ ᠦᠭᠡᠢ᠂ ᠬᠠᠮᠢᠭ᠎ᠠ ᠣᠴᠢᠭᠰᠠᠨ ᠴᠦ᠍ ᠪᠦᠷ ᠨᠠᠭ᠋ᠠᠳᠴᠦ ᠪᠤᠯᠬᠤ ᠠ᠋ᠩ᠎ᠤᠨ ᠨᠢᠭᠡᠨ ᠨᠠᠭ᠋ᠠᠳᠦᠮ ᠪᠣᠯᠬᠤ ᠶᠤᠮ᠃ ᠠ᠋ᠨᠡ ᠭᠦ᠌ ᠨᠠᠭ᠋ᠠᠳᠤᠮ᠎ᠨᠢ ᠪᠠᠰᠠ ᠨᠢᠭᠡᠨ ᠰᠤᠨᠢᠷᠬᠠᠯ᠎ᠲᠠᠢ ᠲᠤᠮᠤᠬ ᠦᠯᠢᠭᠡᠷ᠎ᠠᠴᠠ ᠢᠷᠡᠯᠳᠠ᠎ᠲᠠᠢ᠃
      ᠠ᠋ᠷᠳᠡ ᠣᠷᠢᠳᠥ ᠵᠢᠨ ᠴᠠᠭ᠎ᠲᠤ ᠴᠢᠨ᠋ᠸ᠎ᠠ ᠢᠳᠡᠰᠢ ᠠ᠋ᠷᠢᠨ ᠶᠠᠪᠣᠵᠥ ᠪᠠᠶ᠋ᠢᠳᠠᠯ᠎ᠠ ᠬᠠᠷ᠎ᠠ ᠬᠠᠯᠵᠠᠨ ᠬᠤᠨᠢᠨ᠎ᠤ ᠲᠦᠷᠦᠭᠦᠦ᠎ᠲᠠᠢ ᠲᠠᠭ᠋ᠠᠷᠠᠯᠳᠣᠭᠰᠠᠨ ᠭᠡᠨ᠎ᠠ᠃ ᠬᠠᠷ᠎ᠠ ᠬᠠᠯᠵᠠᠨ ᠬᠤᠨᠢ ᠴᠢᠨ᠋ᠸ᠎ᠠ᠎ᠠᠴᠠ᠄ 《ᠲᠨ ᠬᠠᠮᠢᠭ᠎ᠠ᠎ᠠᠴᠠ ᠢᠷᠠᠵᠥ ᠬᠠᠮᠢᠭ᠎ᠠ ᠣᠴᠢᠬᠤ ᠪᠣᠢ?》 ᠭᠡᠵᠥ ᠠᠰᠠᠭᠤᠭᠰᠠᠨ᠎ᠳᠤ ᠴᠢᠨ᠋ᠸ᠎ᠠ᠄ 《ᠨᠠᠷᠨ ᠭᠠᠷᠬᠤ ᠵᠦᠭ᠎ᠠᠴᠠ ᠢᠷᠠᠵᠥ᠂ ᠨᠠᠷᠨ ᠰᠢᠩᠭᠡᠭᠦ ᠵᠦᠭ᠎ᠲᠤ ᠣᠴᠢᠨ᠎ᠠ》 ᠭᠡᠵᠥ ᠬᠠᠷᠢᠭᠤᠯᠵᠡᠢ᠃ ᠲᠡᠭᠢᠨ ᠶᠠᠭᠤᠨ᠎ᠳᠤ ᠶᠠᠪᠣᠵᠥ ᠪᠠᠶ᠋ᠢᠭ᠎ᠠ ᠵᠢ ᠠᠰᠠᠭᠤᠭᠰᠠᠨ᠎ᠳᠤ ᠴᠢᠨ᠋ᠸ᠎ᠠ᠄ 《ᠬᠤᠷᠠᠭ᠋ᠠᠨ ᠰᠡᠭᠦᠯ ᠪᠠᠷᠢᠬᠤ᠎ᠪᠠᠷ ᠶᠠᠪᠣᠵᠥ ᠪᠠᠶ᠋ᠢᠨ᠎ᠠ》 ᠭᠡᠰᠠᠨ ᠭᠡᠨ᠎ᠠ᠃ ᠲᠡᠭᠢᠨ᠄ 《ᠶᠠᠮᠠᠷ ᠬᠤᠷᠠᠭ᠋ᠠᠨ ᠰᠡᠭᠦᠯ ᠪᠠᠷᠢᠬᠤ ᠪᠣᠢ?》 ᠭᠡᠵᠥ ᠯᠠᠪᠯᠠᠭᠰᠠᠨ᠎ᠳᠤ ᠴᠢᠨ᠋ᠸ᠎ᠠ᠄ 《ᠬᠠᠷ᠎ᠠ ᠬᠠᠯᠵᠠᠨ ᠬᠤᠨᠢᠨ᠎ᠤ ᠴᠠᠭ᠋ᠠᠨ ᠬᠤᠷᠠᠭ᠋ᠠᠨ ᠰᠡᠭᠦᠯ᠎ᠢ ᠪᠠᠷᠢᠬᠤ᠎ᠪᠠᠷ ᠶᠠᠪᠣᠵᠥ ᠪᠠᠶ᠋ᠢᠨ᠎ᠠ᠂ ᠲᠠᠨ᠎ᠤ ᠠ᠋ᠨᠡᠭᠦᠷ ᠦᠩᠭᠡᠷᠡᠭᠦ ᠵᠠᠮ ᠪᠠᠶ᠋ᠢᠨ᠎ᠠ ᠤᠤ?》 ᠭᠡᠭᠦ᠎ᠳᠤ ᠬᠠᠷ᠎ᠠ ᠬᠠᠯᠵᠠᠨ ᠬᠤᠨᠢᠨ᠎ᠤ ᠲᠦᠷᠦᠭᠦᠦ᠎ᠨᠢ ᠴᠠᠭ᠋ᠠᠨ ᠬᠤᠷᠠᠭ᠎ᠠ ᠵᠢ ᠠᠶᠣᠯ᠎ᠠᠴᠠ ᠵᠠᠶ᠋ᠢᠯᠠᠭᠤᠯᠬᠤ ᠵᠢᠨ ᠲᠦᠯᠦᠭᠡ ᠵᠡᠭᠦᠨᠰᠢ ᠪᠠᠷᠠᠭᠤᠨᠰᠢ ᠬᠤᠯᠠ ᠵᠢ ᠵᠢᠭ᠋ᠠᠨ᠂ 《ᠲᠡᠷᠡᠭᠦᠷ ᠴᠦ᠍ ᠵᠠᠮ ᠪᠣᠢ! ᠲᠡᠷᠡᠭᠦᠷ ᠴᠦ᠍ ᠵᠠᠮ ᠪᠣᠢ᠂ ᠬᠠᠷᠢᠨ ᠮᠠᠨ᠎ᠤ ᠠ᠋ᠨᠡᠭᠦᠷ ᠶᠠᠪᠣᠬᠤ ᠵᠠᠮ ᠪᠠᠢ᠍ᠢ᠍ᠬᠤ ᠦᠭᠡᠢ》 ᠭᠡᠭᠦ᠎ᠳᠤ ᠦᠯᠦᠨ ᠴᠢᠨ᠋ᠸ᠎ᠠ ᠶᠠᠭᠤ ᠵᠢ ᠴᠦ᠍ ᠬᠠᠶ᠋ᠢᠬᠤᠷᠦᠯ ᠦᠭᠡᠢ ᠴᠠᠭ᠋ᠠᠨ ᠬᠤᠷᠠᠭ᠋ᠠᠨ᠎ᠤ ᠰᠡᠭᠦᠯ᠎ᠢ ᠪᠠᠷᠢᠬᠤ᠎ᠪᠠᠷ ᠲᠠᠭ᠋ᠠᠷᠢᠬᠤ᠎ᠳᠤ ᠬᠠᠷ᠎ᠠ ᠬᠠᠯᠵᠠᠨ ᠬᠤᠨᠢ ᠴᠠᠭ᠋ᠠᠨ ᠬᠤᠷᠠᠭ᠎ᠠ᠎ᠪᠠᠨ ᠬᠠᠮᠠᠭ᠋ᠠᠯᠠᠭ᠍ᠣ᠎ᠪᠠᠷ ᠴᠢᠨ᠋ᠸ᠎ᠠ᠎ᠲᠠᠢ ᠲᠡᠮᠡᠴᠡᠯᠳᠤᠵᠤ ᠠ᠋ᠬᠢᠯᠡᠭᠰᠡᠨ ᠶᠤᠮ ᠭᠡᠨ᠎ᠠ᠃ ᠢᠨᠭᠬᠢᠭᠡᠳ ᠠ᠋ᠨᠡ ᠭᠦ᠌ ᠲᠣᠮᠤᠭ ᠦᠯᠢᠭᠡᠷ᠎ᠨᠢ ᠠᠷᠠᠳ᠎ᠤᠨ ᠲᠣᠮᠳᠠ ᠳᠠᠯᠭᠡᠷᠡᠵᠦ᠂ 《ᠴᠠᠭ᠋ᠠᠨ ᠬᠤᠷᠠᠭ᠋ᠠᠨ ᠰᠡᠭᠦᠯ ᠪᠠᠷᠢᠬᠤ》 ᠲᠣᠭᠯᠠᠭ᠋ᠠᠮ ᠪᠣᠢ ᠪᠣᠯᠵᠥ ᠦᠶ᠎ᠠ ᠲᠠᠮᠵᠢᠨ ᠤᠯᠠᠮᠵᠢᠯᠠᠭᠳᠠᠭᠰᠠᠭ᠋ᠠᠷ ᠤᠳᠤ ᠭᠦᠷᠴᠠᠢ᠃
      ᠬᠤᠶᠠᠷ᠂ ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ᠎ᠢ ᠨᠠᠭ᠋ᠠᠳᠬᠤ ᠠᠷᠭ᠎ᠠ
     1. ᠤᠷᠢᠳ ᠵᠶ᠋ᠠᠷ ᠬᠤᠶᠠᠷ ᠭᠡᠥᠭᠡᠳ ᠰᠣᠩᠭᠤᠵᠥ᠂ ᠨᠢᠭᠡ᠎ᠨᠢ ᠴᠢᠨ᠋ᠸ᠎ᠠ ᠨᠦᠭᠦᠭᠡ᠎ᠨᠢ ᠬᠠᠷ᠎ᠠ ᠬᠠᠯᠵᠠᠨ ᠬᠤᠨᠢᠨ᠎ᠤ ᠲᠦᠷᠦᠭᠦᠦ ᠪᠣᠯᠤᠨ᠎ᠠ᠃
     2. ᠪᠣᠰᠣᠳ ᠭᠡᠥᠭᠡᠳ᠎ᠨᠢ ᠴᠦᠮ ᠴᠠᠭ᠋ᠠᠨ ᠬᠤᠷᠠᠭ᠋ᠠᠨ ᠰᠡᠭᠦᠯ ᠪᠣᠯᠵᠥ᠂ ᠬᠠᠷ᠎ᠠ ᠬᠠᠯᠵᠠᠨ ᠬᠤᠨᠢᠨ᠎ᠤ ᠠᠷᠣ᠎ᠠᠴᠠ ᠵᠠᠯᠭ᠋ᠠᠯᠳᠤᠵᠤ᠂ ᠴᠢᠨ᠋ᠸ᠎ᠠ᠎ᠠᠴᠠ ᠲᠤᠳᠠᠭ᠋ᠠᠨ ᠬᠦᠶᠦᠵᠥ ᠨᠠᠭ᠋ᠠᠳᠣᠨ᠎ᠠ᠃
     3. ᠴᠢᠨ᠋ᠸ᠎ᠠ᠂ ᠬᠠᠷ᠎ᠠ ᠬᠠᠯᠵᠠᠨ ᠬᠤᠨᠢ ᠵᠢ ᠮᠡᠭᠡᠯᠠᠵᠥ᠂ ᠵᠡᠭᠦᠨᠰᠢ ᠪᠠᠷᠠᠭᠤᠨᠰᠢ ᠪᠣᠯᠳᠡᠨ ᠬᠠᠮᠤᠭ᠎ᠤᠨ ᠠᠷᠣ᠎ᠳᠤ ᠪᠠᠶ᠋ᠢᠭ᠎ᠠ ᠴᠠᠭ᠋ᠠᠨ ᠬᠤᠷᠠᠭ᠋ᠠᠨ ᠰᠡᠭᠦᠯ᠎ᠠᠴᠠ ᠠ᠋ᠭᠢᠯᠠᠨ ᠨᠢᠭᠡ ᠨᠢᠭᠡ᠎ᠪᠠᠷ ᠪᠠᠷᠢᠵᠥ ᠬᠠᠮᠤᠭ ᠰᠡᠭᠦᠯ᠎ᠤᠨ ᠨᠢᠭᠡ ᠵᠢ ᠪᠠᠷᠠᠳᠠᠯ᠎ᠠ ᠨᠠᠭ᠋ᠠᠳᠣᠨ᠎ᠠ᠃
     4. ᠴᠢᠨ᠋ᠸ᠎ᠠ᠎ᠳᠤ ᠪᠠᠷᠢᠭᠳᠠᠭᠰᠠᠨ ᠴᠠᠭ᠋ᠠᠨ ᠬᠤᠷᠠᠭ᠋ᠠᠨ ᠰᠡᠭᠦᠯ᠎ᠢ ᠴᠢᠨ᠋ᠸ᠎ᠠ ᠠ᠋ᠭᠦᠷ (ᠨᠠᠭ᠋ᠠᠳᠬᠤ᠎ᠠᠴᠠ ᠠ᠋ᠮᠥᠨ᠎ᠠ ᠨᠢᠭᠡ ᠲᠣᠭᠤᠷᠢᠭ ᠵᠢᠷᠣᠵᠥ ᠪᠡᠯᠡᠳᠭᠡᠨ᠎ᠠ)᠎ᠲᠤ᠎ᠪᠠᠨ ᠠᠪᠠᠴᠢᠵᠥ ᠲᠠᠯᠪᠢᠨ᠎ᠠ᠃
     5. ᠨᠠᠭ᠋ᠠᠳᠬᠤ᠎ᠠᠴᠠ ᠠ᠋ᠮᠥᠨ᠎ᠠ ᠴᠢᠨ᠋ᠸ᠎ᠠ ᠪᠠ ᠬᠠᠷ᠎ᠠ ᠬᠠᠯᠵᠠᠨ ᠬᠤᠨᠢᠨ᠎ᠤ ᠲᠦᠷᠦᠭᠦᠦ ᠬᠤᠶᠠᠷ ᠶᠠᠷᠢᠯᠴᠠᠭ᠎ᠠ ᠭᠢᠵᠥ ᠭᠡᠥᠭᠡᠳ᠎ᠤᠨ ᠠᠩᠬᠠᠷᠣᠯ᠎ᠢ ᠲᠡᠳᠠᠨ ᠨᠠᠭ᠋ᠠᠳᠤᠮ᠎ᠳᠤ᠎ᠪᠠᠨ ᠲᠦᠪᠯᠡᠷᠡᠭᠦᠯᠦᠨ᠎ᠠ᠄
      ᠬᠠᠷ᠎ᠠ ᠬᠠᠯᠵᠠᠨ ᠬᠤᠨᠢ᠄ ᠲᠠ ᠬᠠᠮᠢᠭ᠎ᠠ᠎ᠠᠴᠠ ᠢᠷᠡᠪᠠ?
      ᠴᠢᠨ᠋ᠸ᠎ᠠ᠄ ᠪᠢ ᠨᠠᠷᠨ ᠭᠠᠷᠬᠤ ᠵᠦᠭ᠎ᠠᠴᠠ ᠢᠷᠡᠯ᠎ᠠ᠃
      ᠬᠠᠷ᠎ᠠ ᠬᠠᠯᠵᠠᠨ ᠬᠤᠨᠢ᠄ ᠲᠨ ᠬᠠᠮᠢᠭ᠎ᠠ ᠣᠴᠢᠬᠤ ᠪᠣᠢ?
      ᠴᠢᠨ᠋ᠸ᠎ᠠ᠄ ᠪᠢ ᠨᠠᠷᠨ ᠰᠢᠩᠭᠡᠭᠦ ᠵᠦᠭ᠎ᠲᠤ ᠣᠴᠢᠨ᠎ᠠ᠃
      ᠬᠠᠷ᠎ᠠ ᠬᠠᠯᠵᠠᠨ ᠬᠤᠨᠢ᠄ ᠲᠠ ᠶᠠᠭᠤ ᠭᠢᠭᠦ᠎ᠪᠠᠷ ᠶᠠᠪᠣᠵᠥ ᠪᠠᠶ᠋ᠢᠨ᠎ᠠ ᠪᠤᠢ?
      ᠴᠢᠨ᠋ᠸ᠎ᠠ᠄ ᠪᠢ ᠬᠤᠷᠠᠭ᠋ᠠᠨ ᠰᠡᠭᠦᠯ ᠪᠠᠷᠢᠬᠤ᠎ᠪᠠᠷ ᠶᠠᠪᠣᠵᠥ ᠪᠠᠶ᠋ᠢᠨ᠎ᠠ᠃
      ᠬᠠᠷ᠎ᠠ ᠬᠠᠯᠵᠠᠨ ᠬᠤᠨᠢ᠄ ᠶᠠᠮᠠᠷ ᠬᠤᠷᠠᠭ᠋ᠠᠨ ᠰᠡᠭᠦᠯ ᠪᠠᠷᠢᠬᠤ ᠪᠣᠢ?
      ᠴᠢᠨ᠋ᠸ᠎ᠠ᠄ ᠪᠢ ᠬᠠᠷ᠎ᠠ ᠬᠠᠯᠵᠠᠨ ᠬᠤᠨᠢᠨ᠎ᠤ ᠴᠠᠭ᠋ᠠᠨ ᠬᠤᠷᠠᠭ᠋ᠠᠨ ᠰᠡᠭᠦᠯ᠎ᠢ ᠪᠠᠷᠢᠵᠥ ᠢᠳᠡᠭᠦ᠎ᠪᠠᠷ ᠶᠠᠪᠣᠵᠥ ᠪᠠᠶ᠋ᠢᠨ᠎ᠠ᠃ ᠵᠠᠮ ᠬᠠᠮᠢᠭ᠋ᠠᠭᠤᠷ ᠪᠠᠶ᠋ᠢᠨ᠎ᠠ?
      ᠬᠠᠷ᠎ᠠ ᠬᠠᠯᠵᠠᠨ ᠬᠤᠨᠢ᠄ (ᠬᠤᠯᠨ ᠵᠢᠨ ᠵᠦᠭ᠎ᠢ ᠵᠢᠭ᠋ᠠᠵᠥ) ᠲᠡᠷᠡᠭᠦᠷ ᠴᠦ᠍ ᠵᠠᠮ ᠪᠣᠢ᠂ ᠲᠡᠷᠡᠭᠦᠷ ᠴᠦ᠍ ᠵᠠᠮ ᠪᠣᠢ᠂ (ᠭᠠᠷ ᠵᠶ᠋ᠠᠷ ᠵᠡᠭᠦᠨ ᠪᠠᠷᠠᠭᠤᠨ ᠲᠡᠶ᠋ᠢᠰᠢ ᠵᠢᠭ᠋ᠠᠨ᠎ᠠ) ᠬᠠᠷᠢᠨ ᠮᠠᠨ᠎ᠤ ᠠ᠋ᠨᠡᠭᠦᠷ ᠵᠠᠮ ᠪᠠᠶ᠋ᠢᠬᠤ ᠦᠭᠡᠢ ᠰᠢᠣ! ᠭᠡᠵᠥ ᠭᠡᠯᠡᠵᠦ ᠲᠠᠭᠤᠰᠤᠮᠠᠭᠴᠠ ᠨᠠᠭ᠋ᠠᠳᠤᠮ ᠠ᠋ᠬᠢᠯᠡᠨ᠎ᠠ᠃
      ᠲᠣᠭᠯᠠᠭ᠍ᠣ ᠲᠦᠷᠢᠮ
     1. ᠴᠢᠨ᠋ᠸ᠎ᠠ ᠵᠢᠨ ᠲᠦᠷᠢ ᠵᠢ ᠲᠣᠭᠯᠠᠵᠥ ᠪᠠᠶ᠋ᠢᠭ᠎ᠠ ᠭᠡᠥᠭᠡᠳ ᠬᠤᠨᠢᠨ᠎ᠤ ᠲᠦᠷᠦᠭᠦᠦ ᠵᠢ ᠪᠠᠷᠢᠵᠥ ᠪᠣᠯᠬᠤ ᠦᠭᠡᠢ᠂ ᠵᠦᠪᠭᠡᠨ ᠲᠡᠭᠦᠨ᠎ᠤ ᠨᠠᠭ᠋ᠠᠭᠤᠷ ᠴᠠᠭ᠋ᠠᠭᠤᠷ ᠪᠣᠯᠳᠠᠨ ᠬᠦᠶᠣᠵᠥ ᠴᠠᠭ᠋ᠠᠨ ᠬᠤᠷᠠᠭ᠎ᠠ᠎ᠨᠤᠭᠤᠳ᠎ᠤᠨ ᠠᠷᠤ᠎ᠠᠴᠠ ᠠ᠋ᠭᠢᠯᠠᠨ ᠪᠠᠷᠢᠨ᠎ᠠ᠃
     2. ᠴᠠᠭ᠋ᠠᠨ ᠬᠤᠷᠠᠭ᠋ᠠᠨ ᠰᠡᠭᠦᠯ ᠪᠣᠯᠵᠥ ᠪᠠᠶ᠋ᠢᠭ᠎ᠠ ᠭᠡᠥᠭᠡᠳ᠎ᠤᠳ ᠠ᠋ᠷᠭᠡᠪᠰᠢ ᠨᠢᠭᠡ ᠨᠢᠭᠡᠨ᠎ᠤ᠎ᠪᠠᠨ ᠬᠤᠷᠮᠣᠢ᠎ᠠᠴᠠ ᠴᠢᠩᠭ᠎ᠠ ᠪᠠᠷᠢᠵᠥ ᠴᠢᠨ᠋ᠸ᠎ᠠ᠎ᠠᠴᠠ ᠵᠠᠶ᠋ᠢᠯᠠᠵᠥ ᠨᠠᠭ᠋ᠠᠳᠤᠮ᠎ᠤᠨ ᠲᠣᠮᠳᠠ ᠰᠠᠯᠵᠥ ᠪᠣᠯᠬᠤ ᠦᠭᠡᠢ᠃ ᠭᠡᠷᠪᠠ ᠠᠯᠢ ᠨᠢᠭᠡ᠎ᠨᠢ ᠭᠠᠷ ᠠᠯᠳᠠᠵᠥ ᠰᠡᠯᠣᠭᠰᠠᠨ ᠪᠣᠯ ᠴᠢᠨ᠋ᠸ᠎ᠠ᠎ᠳᠤ ᠢᠳᠡᠭᠳᠡᠭᠰᠠᠨ᠎ᠳᠤ ᠲᠣᠭ᠋ᠠᠴᠢᠭᠳᠠᠨ ᠲᠣᠭᠯᠠᠭ᠋ᠠᠮ᠎ᠠᠴᠠ ᠭᠠᠷᠣᠨ᠎ᠠ᠃
     3. ᠴᠠᠭ᠋ᠠᠨ ᠬᠤᠷᠠᠭ᠋ᠠᠨ᠎ᠤ ᠲᠦᠷᠦᠭᠦᠦ ᠪᠣᠯᠵᠥ ᠪᠠᠶ᠋ᠢᠭ᠎ᠠ ᠬᠠᠯᠵᠠᠨ ᠬᠤᠨᠢ᠎ᠨᠢ ᠠᠷᠭ᠎ᠠ   ᠪᠣᠳᠣᠵᠥ ᠬᠤᠶᠠᠷ ᠭᠠᠷ ᠵᠶ᠋ᠠᠨ ᠲᠡᠯᠭᠡᠨ ᠴᠢᠨ᠋ᠸ᠎ᠠ ᠵᠢ ᠬᠠᠰᠢᠨ᠎ᠠ᠃ ᠴᠢᠨ᠋ᠸ᠎ᠠ ᠵᠢ ᠲᠡᠪᠠᠷᠢᠨ ᠲᠠᠳᠠᠵᠥ ᠪᠣᠯᠬᠤ ᠦᠭᠡᠢ᠂ ᠬᠠᠷᠢᠨ ᠪᠦᠭᠦ ᠴᠢᠳᠠᠯ ᠵᠶ᠋ᠠᠷ ᠵᠶ᠋ᠠᠨ ᠴᠠᠭ᠋ᠠᠨ ᠬᠤᠷᠠᠭ᠎ᠠ᠎ᠨᠤᠭᠤᠳ ᠵᠶ᠋ᠠᠨ ᠬᠠᠮᠠᠭ᠋ᠠᠯᠠᠨ᠎ᠠ᠃
     4. ᠭᠡᠷᠪᠠ ᠨᠠᠭ᠋ᠠᠳᠤᠭ᠋ᠠᠳ ᠶᠠᠳᠠᠷᠠᠭᠰᠠᠨ ᠪᠣᠯ ᠴᠠᠭ᠋ᠠᠨ ᠬᠤᠷᠠᠭ᠎ᠠ᠎ᠨᠤᠭᠤᠳ᠎ᠢ ᠭᠡᠪᠳᠡᠭᠦᠯᠦᠨ ᠠᠮᠠᠷᠠᠭᠤᠯᠣᠨ᠎ᠠ᠃ (ᠬᠤᠨᠢᠨ᠎ᠤ ᠲᠦᠷᠦᠭᠦᠦ ᠵᠢ ᠲᠠᠭᠤᠷᠢᠶᠠᠨ ᠣᠷᠣᠨ᠎ᠳᠤ᠎ᠪᠠᠨ ᠣᠴᠣᠶ᠋ᠢᠵᠥ ᠰᠠᠭᠤᠬᠤ) ᠭᠡᠳᠠᠯ᠎ᠠ ᠴᠠᠭ᠎ᠨᠢ ᠭᠡᠳᠣᠷᠭᠡᠢ ᠣᠷᠳᠥ ᠪᠠᠶ᠋ᠢᠵᠥ ᠪᠣᠯᠬᠤ ᠦᠭᠡᠢ᠂ ᠬᠠᠭ᠋ᠠᠰ ᠮᠢᠨᠦ᠋ᠲ ᠭᠢᠷᠢ ᠪᠠᠶ᠋ᠢᠪᠠᠯ ᠪᠣᠯᠴᠢᠬᠠᠨ᠎ᠠ᠃ ᠠ᠋ᠨᠠ ᠮᠡᠳᠥ᠎ᠪᠠᠷ ᠭᠡᠥᠭᠡᠳ᠎ᠤᠳ ᠲᠤᠭᠯᠠᠵᠤ ᠪᠠᠢ᠍ᠢ᠍ᠭ᠎ᠠ ᠲᠦᠷᠢ᠎ᠪᠠᠨ ᠰᠤᠯᠢᠯᠴᠠᠵᠤ ᠲᠡᠭᠢᠨ ᠲᠠᠪᠳᠠᠨ ᠨᠠᠭ᠋ᠠᠳᠴᠤ ᠪᠤᠯᠤᠨ᠎ᠠ᠃
      ᠲᠤᠰ ᠲᠤᠭᠯᠠᠭ᠋ᠠᠮ᠎ᠨᠢ ᠭᠡᠤᠭᠡᠳ᠎ᠤᠨ ᠶᠠᠷᠢᠵᠤ ᠢᠯᠡᠳᠭᠡᠭᠦ ᠴᠢᠳᠠᠪᠤᠷᠢ ᠵᠢ ᠲᠡᠭᠡᠭᠰᠢᠯᠡᠭᠦᠯᠭᠦ᠎ᠳᠤ ᠠᠰᠢᠭᠳᠠᠢ ᠮᠦᠷᠳᠡᠭᠡᠨ ᠭᠡᠤᠭᠡᠳ᠎ᠤᠳ ᠨᠠᠭ᠋ᠠᠰᠢ ᠴᠠᠭ᠋ᠠᠰᠢ ᠪᠤᠯᠳᠠᠨ ᠭᠦᠶᠦᠭᠦ᠎ᠪᠠᠷ ᠲᠠᠮᠵᠢᠨ᠂ ᠤᠢ᠍ᠢ᠍ᠯᠠ ᠭᠦᠳᠡᠯᠦᠯ᠎ᠨᠢ ᠪᠤᠰᠢᠭᠤ ᠱᠠᠯᠠᠮᠠᠭ᠋ᠠᠢ ᠪᠤᠯᠬᠤ᠂ ᠪᠡᠶ᠎ᠠ ᠵᠢᠨ ᠲᠡᠨᠭᠴᠡᠭᠦᠷᠢᠳᠤ ᠴᠢᠨᠠᠷ᠎ᠢ ᠪᠠᠳᠤᠯᠠᠬᠤ ᠵᠡᠷᠭᠡ ᠲᠠᠯ᠎ᠠ᠎ᠳᠤ ᠢᠯᠠᠳᠳᠡ ᠦᠢ᠍ᠯᠡᠳᠦᠯ ᠦᠵᠡᠭᠦᠯᠭᠦ ᠪᠤᠯᠤᠨ᠎ᠠ᠃ ᠲᠤᠰ ᠲᠤᠭᠯᠠᠭ᠋ᠠᠮ᠎ᠳᠤ ᠮᠦᠨ ᠴᠦ᠍ ᠪᠤᠰᠤᠳ᠎ᠲᠠᠢ ᠬᠠᠷᠢᠯᠴᠠᠬᠤ᠂ ᠬᠤᠭᠤᠷᠤᠨᠳᠤ᠎ᠪᠠᠨ ᠬᠤᠷᠰᠢᠯᠴᠠᠬᠤ᠂ ᠲᠦᠷᠢᠮ᠎ᠢ ᠰᠠᠬᠢᠬᠤ ᠵᠡᠷᠭᠡ ᠤᠳᠬ᠎ᠠ ᠠᠭᠤᠯᠭ᠎ᠠ ᠠᠭᠤᠯᠤᠭᠳᠠᠵᠤ ᠪᠠᠢ᠍ᠢ᠍ᠭ᠎ᠠ ᠤᠴᠢᠷ᠎ᠠᠴᠠ ᠭᠡᠤᠭᠡᠳ᠎ᠤᠨ ᠪᠦᠯᠭᠦᠮᠳᠡᠯ᠂ ᠠ᠋ᠶ᠎ᠡ ᠵᠤᠬᠢᠴᠠᠯ᠎ᠤᠨ ᠦᠵᠡᠯ ᠰᠠᠨᠠᠭ᠎ᠠ᠎ᠲᠠᠢ ᠪᠤᠯᠤᠨ ᠭᠦᠮᠦᠵᠢᠭᠳᠡᠭᠦ᠎ᠳᠤ ᠴᠦ᠍ ᠵᠤᠬᠢᠬᠤ ᠨᠦᠯᠦᠭᠡ ᠦᠵᠡᠭᠦᠯᠭᠦ ᠪᠤᠯᠤᠨ᠎ᠠ᠃
      ᠭᠤᠷᠪᠠ᠂ 《ᠴᠠᠭ᠋ᠠᠨ ᠬᠤᠷᠠᠭ᠋ᠠᠨ ᠰᠡᠭᠦᠯ ᠪᠠᠷᠢᠬᠤ》 ᠲᠣᠭᠯᠠᠭ᠋ᠠᠮ᠎ᠤᠨ ᠣᠨᠴᠠᠯᠢᠭ ᠰᠢᠨᠵᠢ
     1. ᠢᠯᠡ ᠲᠤᠳᠤᠷᠬᠠᠢ ᠦᠨᠳᠤᠰᠤᠳᠠᠨ᠎ᠤ ᠤᠨᠴᠠᠯᠢᠬ᠎ᠲᠠᠢ
     《ᠴᠠᠭ᠋ᠠᠨ ᠬᠤᠷᠠᠭ᠋ᠠᠨ ᠰᠡᠭᠦᠯ ᠪᠠᠷᠠᠬᠤ ᠲᠤᠭᠯᠠᠭ᠋ᠠᠮ》᠎ᠲᠠᠢ ᠠᠳᠠᠯᠢ ᠪᠤᠶᠤ ᠲᠦᠰᠳᠠᠢ ᠲᠤᠭᠯᠠᠭ᠋ᠠᠮ᠎ᠢ ᠦᠭᠡᠷ᠎ᠡ ᠦᠨᠳᠤᠰᠤᠳᠠᠨ᠎ᠤ ᠭᠡᠤᠭᠡᠳ᠎ᠤᠳ ᠴᠦ᠍ ᠲᠤᠭᠯᠠᠳᠠᠬ᠃ ᠭᠡᠭᠦ᠎ᠳᠤ᠎ᠪᠠᠨ ᠦᠨᠳᠤᠰᠤᠳᠠᠨ ᠪᠤᠯᠭ᠋ᠠᠨ᠎ᠤ ᠦᠢ᠍ᠯᠡᠳᠪᠤᠷᠢᠯᠡᠯ ᠠᠮᠢᠳᠤᠷᠠᠯ᠎ᠤᠨ ᠠᠷᠭ᠎ᠠ ᠪᠠᠷᠢᠯ᠂ ᠵᠠᠩ ᠠᠷᠠᠨᠰᠢᠯ᠂ ᠤᠷᠤᠰᠢᠨ ᠰᠠᠭᠤᠷᠢᠰᠢᠭ᠎ᠠ ᠤᠷᠤᠨ ᠨᠤᠲᠤᠭ᠎ᠤᠨ ᠠᠳᠠᠯᠢ ᠪᠤᠰᠤ᠎ᠠᠴᠠ ᠪᠤᠯᠵᠤ᠂ ᠨᠠᠷᠠᠢ᠍ᠢ᠍ᠳᠤᠯ ᠪᠤᠯᠤᠨ ᠲᠤᠭᠯᠠᠬᠤ ᠠᠷᠭ᠎ᠠ᠎ᠨᠢ ᠬᠠᠷᠢᠯᠴᠠᠨ ᠵᠦᠷᠢᠶ᠎ᠡ᠎ᠲᠠᠢ ᠪᠠᠢ᠍ᠢ᠍ᠳᠠᠬ᠃ ᠠ᠋ᠢ᠍ᠢ᠍ᠮᠦᠷᠭᠦᠦ ᠲᠤᠭᠯᠠᠭ᠋ᠠᠮ᠎ᠢ ᠰᠢᠨᠵᠢᠶᠠᠩ᠎ᠤᠨ ᠬᠢᠷᠬᠢᠰ ᠦᠨᠳᠤᠰᠤᠳᠠᠨ 《ᠠ᠋ᠯᠢᠶ᠎ᠠ ᠴᠠᠭ᠋ᠠᠨ ᠲᠤᠭᠤᠷᠤᠤ ᠵᠢ ᠢᠳᠡᠭᠦ》 ᠭᠡᠵᠦ ᠨᠠᠷᠠᠯᠠᠨ᠂ ᠬᠢᠳᠠᠳ ᠦᠨᠳᠤᠰᠤᠳᠠᠨ 《ᠠ᠋ᠯᠢᠶ᠎ᠠ ᠲᠠᠬᠢᠶ᠎ᠠ ᠰᠢᠭᠦᠷᠡᠭᠦ》 ᠭᠡᠵᠦ᠂ ᠮᠠᠨᠵᠤ ᠦᠨᠳᠤᠰᠤᠳᠠᠨ 《ᠬᠢᠷᠭᠤᠢ ᠲᠠᠬᠢᠶ᠎ᠠ ᠵᠠᠭᠤᠬᠤ》 ᠭᠡᠳᠡᠭ᠃ ᠨᠠᠭ᠋ᠠᠳᠬᠤ ᠠᠷᠭ᠎ᠠ ᠵᠢᠨ ᠬᠤᠪᠢ᠎ᠳᠤ᠂ ᠮᠠᠨᠵᠤ ᠦᠨᠳᠤᠰᠤᠳᠠᠨ᠎ᠤ ᠲᠤᠭᠯᠠᠭ᠋ᠠᠮ᠎ᠨᠢ ᠬᠢᠷᠭᠤᠢ ᠲᠠᠬᠢᠶ᠎ᠠ ᠵᠢ ᠪᠠᠷᠢᠭᠰᠠᠨ᠎ᠤ ᠳᠠᠷᠠᠭ᠎ᠠ ᠵᠤᠬᠢᠬᠤ ᠵᠠᠢ᠍ᠢ᠍ᠳᠠᠢ ᠭᠠᠵᠠᠷ ᠠᠪᠠᠴᠢᠵᠤ ᠲᠠᠯᠪᠢᠨ 《ᠢᠳᠠᠴᠢᠭᠡᠯ᠎ᠡ》 ᠭᠡᠮᠡᠵᠤ ᠪᠤᠴᠠᠵᠤ ᠢᠷᠡᠭᠡᠳ ᠦᠷᠭᠦᠯᠵᠢᠯᠡᠨ ᠲᠤᠭᠯᠠᠨ᠎ᠠ᠃ ᠦᠭᠡᠷ᠎ᠡ ᠦᠨᠳᠤᠰᠤᠳᠠᠨ᠎ᠤ ᠲᠤᠭᠯᠠᠬᠤ ᠠᠷᠭ᠎ᠠ ᠬᠤᠭᠤᠷᠤᠨᠳᠤ᠎ᠪᠠᠨ ᠪᠠᠭ᠎ᠠ ᠰᠠᠭ᠎ᠠ ᠵᠦᠷᠢᠶ᠎ᠠ᠎ᠲᠠᠢ ᠪᠠᠢ᠍ᠢ᠍ᠨ᠎ᠠ᠃
     2. ᠣᠶᠠᠨ ᠬᠠᠳᠠᠨ ᠴᠢᠨᠠᠷ
      ᠨᠠᠭ᠋ᠠᠳᠣᠮ᠎ᠤᠨ ᠶᠠᠪᠣᠴᠨ᠎ᠳᠤ ᠭᠡᠥᠭᠡᠳ ᠦᠪᠠᠷ᠎ᠢ᠎ᠪᠠᠨ ᠬᠠᠮᠠᠭ᠋ᠠᠯᠠᠭ᠍ᠣ᠂ ᠬᠤᠷᠰᠢᠨ ᠨᠠᠭ᠋ᠠᠳᠬᠤ᠂ ᠲᠣᠳᠠᠭ᠋ᠠᠨ ᠵᠠᠶ᠋ᠢᠯᠠᠭ᠍ᠣ᠂ ᠰᠠᠷᠡᠮᠵᠢᠯᠡᠭᠦ ᠵᠡᠷᠭᠡ ᠦᠢ᠍ᠯᠡ ᠠᠵᠢᠯᠯᠠᠭ᠎ᠠ ᠬᠢᠳᠡᠭ᠎ᠠᠴᠠ ᠲᠣᠰᠬᠠᠯ᠎ᠤᠨ ᠣᠶᠠᠨ ᠬᠠᠳᠠᠨ᠎ᠤ ᠬᠡᠮᠵᠢᠶ᠎ᠠ ᠵᠢ ᠲᠡᠭᠡᠭᠰᠢᠯᠡᠭᠦᠯᠭᠦ᠎ᠪᠠᠷ ᠦᠯᠦ ᠪᠠᠷᠠᠨ ᠭᠡᠥᠭᠡᠳ᠎ᠤᠨ ᠬᠠᠮᠳᠥ ᠨᠠᠶ᠋ᠢᠳᠡᠴᠢ ᠦᠵᠡᠯ᠂ ᠨᠡᠶ᠋ᠢᠭᠡᠮᠴᠢ ᠴᠢᠨᠠᠷ᠂ ᠬᠤᠷᠰᠢᠵᠥ ᠨᠠᠭ᠋ᠠᠳᠬᠤ ᠴᠢᠳᠠᠪᠣᠷᠢ ᠵᠢ ᠴᠦ᠍ ᠲᠡᠭᠡᠭᠰᠢᠯᠡᠭᠦᠯᠵᠥ ᠴᠢᠳᠠᠨ᠎ᠠ᠂ ᠠ᠋ᠭᠦᠨ᠎ᠤ ᠲᠠᠭ᠋ᠠᠤ ᠲᠣᠭᠯᠠᠭ᠍ᠣ ᠠᠷᠭ᠎ᠠ᠎ᠨᠢ ᠶᠠᠬ ᠭᠡᠪᠰᠢᠭᠰᠡᠨ ᠪᠢᠰᠢ ᠪᠤᠯᠬᠤᠷ ᠭᠡᠳᠥ ᠭᠡᠳᠥᠭᠦᠯᠨ ᠨᠢᠭᠡ ᠲᠣᠭᠤᠶ᠋ᠢᠯᠠᠩ ᠪᠣᠯᠵᠥ᠂ ᠦᠪᠠᠷ᠎ᠤᠨ ᠲᠣᠷ᠎ᠠ ᠰᠣᠨᠢᠷᠬᠠᠯ ᠵᠶ᠋ᠠᠷ ᠵᠶ᠋ᠠᠨ ᠭᠡᠯᠪᠠᠷᠢ ᠵᠢ᠎ᠨᠢ ᠦᠭᠡᠷᠡᠴᠢᠯᠠᠨ ᠨᠠᠭ᠋ᠠᠳᠴᠣ ᠪᠣᠯᠳᠠᠭ ᠲᠤᠯᠠ ᠣᠶᠠᠨ ᠬᠠᠳᠠᠨ ᠴᠢᠨᠠᠷ᠎ᠲᠠᠢ ᠠᠮᠢᠳᠣᠯᠢᠭ ᠨᠠᠭ᠋ᠠᠳᠣᠮ ᠪᠣᠯᠬᠤ ᠶᠤᠮ᠃
     3. ᠣᠷᠮ᠎ᠠ ᠪᠠᠭ᠍ᠠᠳᠥ ᠴᠢᠨᠠᠷ
      ᠣᠷᠮ᠎ᠠ ᠪᠠᠭ᠍ᠠᠳᠥ ᠴᠢᠨᠠᠷ ᠪᠣᠯ ᠲᠣᠭᠯᠠᠭ᠋ᠠᠮ ᠪᠦᠭᠦᠨ᠎ᠤ ᠲᠣᠳᠠᠭᠳᠠᠵᠥ ᠪᠣᠯᠣᠰᠢ ᠦᠭᠡᠢ ᠴᠢᠬᠤᠯᠨ ᠠ᠋ᠯᠸᠮᠸᠨ᠋ᠲ ᠪᠣᠯᠬᠤ ᠶᠤᠮ᠃ 《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠤᠨ ᠠ᠋ᠳᠥᠭᠡ ᠪᠣᠯᠳᠠᠯ᠎ᠠ ᠣᠯᠠᠮᠵᠢᠯᠠᠭᠳᠠᠨ ᠢᠷᠡᠭᠰᠠᠨ᠎ᠤ ᠰᠢᠯᠳᠠᠭ᠋ᠠᠨ᠎ᠨᠢ ᠲᠡᠭᠦᠨ᠎ᠤ ᠣᠷᠮ᠎ᠠ ᠪᠠᠭ᠍ᠠᠳᠥ ᠴᠢᠨᠠᠷ᠎ᠲᠤ ᠪᠣᠢ᠃ ᠭᠡᠥᠭᠡᠳ᠎ᠤᠨ ᠰᠣᠨᠢᠭᠤᠴᠢ᠂ ᠭᠦᠳᠡᠯᠭᠦ ᠲᠣᠷᠠᠳᠡᠢ ᠣᠨᠴᠠᠯᠢᠭ᠎ᠲᠤ ᠲᠣᠭᠢᠷᠠᠭᠰᠨᠨ ᠮᠦᠷᠳᠡᠭᠡᠨ ᠴᠠᠭ᠋ᠠᠰᠢ ᠰᠢᠨ᠎ᠠ ᠠᠰᠠᠭᠤᠯᠳᠠ ᠲᠣᠷᠠᠳᠴᠦ ᠬᠠᠶ᠋ᠢᠨ ᠰᠦᠪᠡᠭᠴᠢᠯᠠᠵᠥ ᠣᠯᠠᠮ ᠰᠣᠨᠢᠭᠤᠴᠢ᠂ ᠭᠦᠭᠵᠢᠶᠠᠨᠳᠡᠢ ᠪᠣᠯᠭ᠋ᠠᠵᠥ ᠪᠣᠯᠬᠤ ᠣᠴᠢᠷ᠎ᠠᠴᠠ ᠭᠡᠥᠭᠡᠳ᠎ᠤᠨ ᠨᠠᠭ᠋ᠠᠳᠬᠤ ᠣᠷᠮ᠎ᠠ ᠵᠢ ᠭᠦᠭᠵᠢᠭᠡᠵᠥ ᠴᠢᠳᠠᠳᠠᠬ᠃
      ᠲᠦᠷᠪᠠ᠂ 《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》 ᠬᠢᠭᠡᠳ ᠴᠡᠴᠡᠷᠯᠢᠭ᠎ᠤᠨ ᠵᠢᠭ᠋ᠠᠨ ᠰᠣᠷᠭ᠋ᠠᠯᠳᠠ ᠵᠢᠨ ᠣᠶᠠᠯᠳᠥᠯ
     1. 《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠢ ᠭᠡᠥᠭᠡᠳ᠎ᠤᠨ ᠰᠣᠷᠥᠯᠴᠠᠯᠭ᠎ᠠ᠎ᠶᠢᠨ ᠣᠷᠴᠢᠨ ᠲᠣᠭᠤᠷᠢᠨ᠎ᠲᠠᠢ ᠣᠶᠠᠯᠳᠣᠭᠤᠯᠬᠤ᠃
     《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》 ᠵᠶ᠋ᠠᠷ ᠵᠢᠭ᠋ᠠᠨ ᠰᠣᠷᠭ᠋ᠠᠬᠤ ᠮᠠᠲᠸᠷᠢᠶᠠᠯ ᠪᠤᠯᠭ᠋ᠠᠵᠥ ᠠ᠋ᠳᠥᠷ ᠲᠣᠳᠥᠮ᠎ᠤᠨ ᠵᠢᠭ᠋ᠠᠨ ᠰᠣᠷᠭ᠋ᠠᠬᠤ ᠭᠦᠳᠡᠯᠭᠡᠭᠡᠨ᠎ᠲᠠᠢ ᠣᠷᠭ᠋ᠠᠨᠢᠭ ᠵᠶ᠋ᠠᠷ ᠣᠶᠠᠯᠳᠣᠭᠤᠯᠵᠥ᠂ ᠣᠷᠴᠢᠨ ᠲᠣᠭᠤᠷᠢᠨ ᠵᠶ᠋ᠠᠨ ᠴᠢᠮᠡᠭᠯᠡᠭᠦ᠂ ᠲᠣᠭᠤᠷᠢᠭ᠎ᠤᠨ ᠮᠠᠲᠸᠷᠢᠶᠠᠯ ᠪᠣᠯᠭ᠋ᠠᠬᠤ᠂ ᠲᠦᠷᠢᠳᠦ ᠲᠣᠭᠯᠠᠭ᠋ᠠᠮ᠂ ᠣᠶᠣᠨ᠎ᠤ ᠲᠣᠭᠯᠠᠭ᠋ᠠᠮ᠂ ᠭᠠᠷ ᠣᠷᠠᠯᠠᠯ ᠭᠢᠭᠦ ᠵᠡᠷᠭᠡ᠎ᠪᠠᠷ ᠲᠠᠮᠵᠢᠨ ᠭᠡᠥᠭᠡᠳ᠎ᠲᠤ ᠰᠠᠶ᠋ᠢᠨ ᠰᠠᠶ᠋ᠢᠬᠠᠨ ᠰᠣᠷᠣᠯᠴᠠᠭ᠍ᠣ ᠣᠷᠴᠢᠨ ᠲᠤᠭᠤᠷᠢᠨ᠎ᠢ ᠪᠣᠢ ᠪᠣᠯᠭ᠋ᠠᠨ ᠦᠭᠴᠦ᠂ ᠰᠣᠷᠣᠯᠴᠠᠭ᠍ᠣ ᠮᠠᠲᠸᠷᠢᠶᠠᠯ᠎ᠢ ᠪᠠᠶᠠᠯᠢᠬ᠍ᠵᠢᠭᠤᠯᠵᠥ᠂ ᠲᠠᠳᠠᠨ᠎ᠤ ᠰᠣᠷᠬᠤ ᠵᠢᠨ ᠣᠷᠮ᠎ᠠ ᠵᠢ ᠲᠡᠭᠡᠭᠰᠢᠯᠡᠭᠦᠯᠵᠤ ᠪᠤᠯᠬᠤ ᠶᠤᠮ᠃
     2. 《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠢ ᠪᠠᠶ᠎ᠠ ᠲᠠᠮᠢᠷ᠎ᠤᠨ ᠭᠦᠳᠡᠯᠭᠡᠭᠡᠨ᠎ᠲᠠᠢ ᠣᠶᠠᠯᠳᠣᠭᠤᠯᠬᠤ᠃
     《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠤᠨ ᠲᠣᠳᠠᠭ᠋ᠠᠵᠥ ᠵᠠᠶ᠋ᠢᠯᠠᠭ᠍ᠣ᠂ ᠭᠦᠶᠦᠭᠦ᠂ ᠣᠴᠦᠶ᠋ᠢᠬᠤ ᠵᠡᠷᠭᠡ ᠪᠠᠶ᠎ᠠ ᠵᠢᠨ ᠲᠡᠩᠴᠡᠭᠦᠷᠢᠰᠢᠯ᠎ᠤᠨ ᠭᠦᠳᠡᠯᠦᠯ᠎ᠢ ᠦᠨᠳᠦᠰᠦᠯᠠᠨ ᠭᠡᠥᠭᠡᠳ᠎ᠤᠨ ᠪᠠᠶ᠎ᠠ ᠵᠢ ᠲᠠᠪᠳᠠᠨ ᠪᠣᠯᠪᠠᠰᠣᠷᠠᠭᠤᠯᠬᠤ ᠦᠨᠳᠦᠰᠣᠨ ᠭᠦᠳᠡᠯᠦᠯ ᠪᠣᠯᠭ᠋ᠠᠵᠥ᠂ ᠠ᠋ᠭᠦᠨ ᠵᠶ᠋ᠠᠷ ᠲᠠᠮᠵᠢᠨ ᠭᠡᠥᠭᠡᠳ ᠦᠪᠠᠷᠳᠡᠭᠡᠨ ᠰᠢᠨ᠎ᠠ ᠲᠦᠷᠢᠮ ᠵᠣᠭᠢᠶᠠᠵᠥ᠂ ᠦᠭᠡᠷᠡᠴᠢᠯᠠᠨ ᠨᠠᠭ᠋ᠠᠳᠴᠦ᠂ ᠦᠢ᠍ᠯᠨ ᠭᠦᠳᠡᠯᠦᠯ᠎ᠤᠨ ᠭᠦᠭᠵᠢᠯᠳᠠ ᠵᠢᠨ ᠵᠣᠭᠢᠴᠠᠩᠭᠤᠢ ᠴᠢᠨᠠᠷ᠎ᠢ ᠲᠡᠭᠡᠭᠰᠢᠯᠡᠭᠦᠯᠵᠥ᠂ ᠭᠡᠥᠭᠡᠳ᠎ᠤᠨ ᠪᠠᠶ᠎ᠠ ᠲᠠᠮᠢᠷ᠎ᠤᠨ ᠭᠦᠳᠡᠯᠭᠡᠭᠡᠨ᠎ᠤ ᠠᠭᠤᠯᠭ᠎ᠠ ᠵᠢ ᠪᠠᠶᠡᠯᠢᠬ᠍ᠵᠢᠭᠤᠯᠵᠥ᠂ ᠨᠠᠭ᠋ᠠᠳᠥᠮ᠎ᠤᠨ ᠲᠣᠮᠳᠠ ᠭᠡᠥᠭᠡᠳ᠎ᠤᠨ ᠬᠠᠷᠢᠯᠴᠠᠭ᠍ᠣ ᠴᠢᠳᠠᠪᠣᠷᠢ᠂ ᠬᠤᠷᠰᠢᠨ ᠨᠠᠭ᠋ᠠᠳᠬᠤ ᠴᠢᠳᠠᠪᠣᠷᠢ ᠵᠢ ᠣᠯᠠᠮ ᠨᠢᠭᠡ ᠠᠯᠬᠤᠮ ᠲᠡᠭᠦᠯᠳᠡᠷᠵᠢᠭᠦᠯᠵᠤ ᠪᠤᠯᠤᠨ᠎ᠠ᠃
     3. 《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠢ ᠲᠠᠪᠣᠨ ᠶᠡᠭᠡ ᠭᠦᠷᠢᠶ᠎ᠠ ᠭᠡᠪᠴᠢᠶ᠎ᠠ᠎ᠲᠠᠢ ᠣᠶᠠᠯᠳᠣᠭᠤᠯᠬᠤ᠃
      ᠠᠩᠭᠢ ᠵᠢᠨ ᠭᠡᠥᠭᠡᠳ᠎ᠤᠳ᠎ᠤᠨ ᠪᠠᠶ᠎ᠠ ᠵᠢᠨ ᠭᠦᠭᠵᠢᠯᠳᠠ ᠵᠢᠨ ᠪᠠᠶ᠋ᠢᠳᠠᠯ᠂ ᠰᠣᠷᠬᠤ ᠣᠷᠮᠠᠰᠢᠯ᠂ ᠭᠦᠯᠢᠶᠠᠨ ᠠᠪᠬᠤ ᠴᠢᠳᠠᠪᠥᠷᠢ᠂ ᠨᠠᠰᠥᠨ᠎ᠤ ᠣᠨᠴᠠᠯᠢᠭ᠎ᠲᠤ᠎ᠨᠢ ᠲᠣᠭᠢᠷᠠᠭᠤᠯᠣᠨ 《ᠴᠠᠭ᠋ᠠᠨ ᠬᠤᠷᠠᠭ᠋ᠠᠨ ᠰᠡᠭᠦᠯ ᠪᠠᠷᠢᠬᠤ ᠲᠤᠭᠯᠠᠭ᠋ᠠᠮ》᠎ᠢ ᠵᠢᠭ᠋ᠠᠨ ᠰᠣᠷᠭ᠋ᠠᠬᠤ ᠠᠭᠤᠯᠭ᠎ᠠ᠎ᠲᠠᠢ ᠠᠮᠢᠳᠤᠯᠢᠬ ᠵᠶ᠋ᠠᠷ ᠣᠶᠠᠯᠳᠣᠭᠤᠯᠵᠥ᠂ ᠭᠦᠳᠡᠯᠭᠡᠭᠡᠨ᠎ᠤ ᠬᠠᠷᠠᠯᠳᠠ ᠪᠠ ᠠᠭᠤᠯᠭ᠎ᠠ ᠵᠢ ᠲᠣᠭᠳᠠᠭ᠋ᠠᠬᠤ᠂ ᠵᠢᠱ᠌ᠢᠶᠠᠯᠠᠪᠠᠯ᠄ 《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠤᠨ ᠠ᠋ᠭᠦᠰᠦᠯ᠎ᠤᠨ ᠲᠣᠬᠠᠢ ᠦᠯᠢᠭᠡᠷ ᠵᠶ᠋ᠠᠷ ᠭᠡᠥᠭᠡᠳ᠎ᠤᠨ ᠶᠠᠷᠢᠵᠤ ᠢᠯᠡᠳᠭᠡᠭᠦ ᠴᠢᠳᠠᠪᠣᠷᠢ ᠵᠢ ᠭᠦᠮᠦᠵᠢᠭᠦᠯᠵᠥ᠂ ᠠᠰᠠᠭᠤᠯᠳᠠ ᠬᠠᠷᠢᠭᠤᠯᠬᠤ ᠭᠡᠯᠪᠠᠷᠢ᠎ᠪᠠᠷ ᠭᠡᠥᠭᠡᠳ᠎ᠤᠨ ᠬᠠᠷᠢᠯᠴᠠᠭ᠍ᠣ ᠴᠢᠳᠠᠪᠣᠷᠢ ᠪᠠ ᠰᠢᠨ᠎ᠠ ᠠᠰᠠᠭᠤᠯᠳᠠ ᠲᠣᠷᠠᠳᠴᠦ ᠰᠡᠳᠭᠢᠭᠦ ᠴᠢᠳᠠᠪᠣᠷᠢ ᠵᠢ ᠨᠡᠮᠡᠭᠳᠡᠭᠦᠯᠦᠨ ᠭᠡᠥᠭᠡᠳ᠎ᠤᠨ ᠦᠭᠡ ᠭᠡᠯᠠᠨ᠎ᠤ ᠭᠦᠷᠢᠶ᠎ᠠ ᠭᠡᠪᠴᠢᠶ᠎ᠠ ᠵᠢ ᠦᠷᠭᠡᠳᠭᠡᠵᠥ᠂ 《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠢ ᠵᠢᠷᠣᠬᠤ᠂ ᠪᠣᠳᠣᠬᠤ᠂ ᠨᠠᠭ᠋ᠠᠬᠤ᠂ ᠵᠦᠢ᠍ᠭᠦ᠎ᠪᠠᠷ ᠲᠠᠮᠵᠢᠨ ᠤᠷᠠᠯᠢᠬ᠎ᠤᠨ ᠭᠤᠸ᠎ᠠ ᠰᠠᠶ᠋ᠢᠬᠠᠨ᠎ᠢ ᠮᠡᠳᠡᠷᠡᠭᠦᠯᠵᠥ᠂ ᠬᠠᠷ᠎ᠠ ᠬᠠᠯᠵᠠᠨ ᠬᠤᠨᠢ ᠪᠠ ᠴᠠᠭ᠋ᠠᠨ ᠬᠤᠷᠠᠭ᠎ᠠ ᠵᠢ ᠵᠢᠬᠰᠠᠭ᠋ᠠᠬᠤ᠎ᠪᠠᠷ ᠲᠠᠮᠵᠢᠨ ᠣᠷᠥᠨ ᠵᠠᠢ ᠵᠢᠨ ᠬᠤᠯᠪᠣᠭᠳᠠᠯ᠎ᠢ ᠰᠡᠷᠠᠨ ᠮᠡᠳᠡᠭᠦᠯᠵᠥ᠂ ᠵᠢᠭ᠋ᠠᠨ ᠰᠣᠷᠭ᠋ᠠᠬᠤ ᠵᠣᠷᠢᠯᠭ᠎ᠠ᠎ᠳᠤ᠎ᠪᠠᠨ ᠠᠶᠠᠨᠳᠠᠭ᠋ᠠᠨ ᠭᠦᠷᠴᠦ ᠴᠢᠳᠠᠭ᠍ᠣ ᠶᠤᠮ᠃
      ᠲᠠᠪᠤ᠂ 《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠤᠨ ᠴᠡᠴᠡᠷᠯᠢᠭ᠎ᠤᠨ ᠵᠢᠭ᠋ᠠᠨ ᠰᠣᠷᠭ᠋ᠠᠯᠳᠠ᠎ᠳᠤ᠎ᠬᠢ ᠦᠢ᠍ᠯᠠᠳᠥᠯ
     1. ᠭᠡᠥᠭᠡᠳ᠎ᠤᠨ ᠦᠢ᠍ᠯᠨ ᠭᠦᠳᠡᠯᠦᠯ᠎ᠤᠨ ᠭᠦᠭᠵᠢᠯᠳᠠ ᠵᠢ ᠠᠭᠢᠭᠤᠯᠵᠥ᠂ ᠪᠠᠶ᠎ᠠ ᠮᠠᠭ᠍ᠠᠪᠣᠳ᠎ᠢ ᠴᠢᠭᠢᠷᠠᠭᠵᠢᠭᠤᠯᠣᠨ᠎ᠠ᠃
     《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠨᠢ ᠭᠡᠥᠭᠡᠳ ᠭᠦᠶᠦᠭᠦ᠂ ᠲᠣᠳᠠᠭ᠋ᠠᠨ ᠵᠠᠶ᠋ᠢᠯᠠᠭ᠍ᠣ᠂ ᠣᠴᠣᠶ᠋ᠢᠬᠤ᠂ ᠪᠣᠰᠬᠤ ᠵᠡᠷᠭᠡ ᠠᠳᠠᠯᠢ ᠪᠣᠰᠥ ᠭᠦᠳᠡᠯᠦᠯ᠎ᠢ ᠲᠡᠭᠢᠨ ᠲᠠᠪᠳᠠᠨ ᠭᠢᠭᠦ᠎ᠪᠠᠷ ᠲᠠᠮᠵᠢᠨ᠂ ᠲᠡᠳᠡᠨ᠎ᠤ ᠪᠠᠶ᠎ᠠ ᠵᠢᠨ ᠲᠡᠩᠴᠡᠭᠦᠷᠢ᠂ ᠪᠣᠯᠴᠢᠩ᠎ᠤᠨ ᠭᠦᠭᠵᠢᠯᠳᠠ᠂ ᠵᠣᠭᠢᠴᠠᠭ᠍ᠣ ᠴᠢᠳᠠᠪᠣᠷᠢ ᠵᠢ ᠠᠭᠢᠭᠤᠯᠬᠤ ᠮᠦᠷᠳᠡᠭᠡᠨ ᠭᠡᠥᠭᠡᠳ᠎ᠤᠨ ᠭᠡᠯᠠᠨ᠎ᠤ ᠭᠦᠭᠵᠢᠯᠳᠠ᠂ ᠲᠣᠭ᠋ᠠᠨ᠎ᠤ ᠮᠡᠳᠡᠷᠡᠭᠦᠢ᠂ ᠬᠠᠮᠳᠥ ᠨᠡᠶ᠋ᠢᠳᠠ ᠵᠢᠨ ᠨᠦᠭᠦᠷᠰᠡᠭ ᠬᠠᠷᠢᠯᠴᠠᠭ᠎ᠠ ᠵᠢᠴᠢ ᠰᠡᠳᠭᠢᠴᠨ ᠵᠢᠨ ᠭᠦᠭᠵᠢᠯᠳᠠ ᠵᠢ ᠴᠦ᠍ ᠲᠠᠭ᠋ᠠᠯᠳᠤᠭᠤᠯᠤᠨ ᠭᠦᠭᠵᠢᠭᠦᠯᠵᠦ ᠪᠤᠯᠬᠤ ᠶᠤᠮ᠃
     2. ᠭᠡᠥᠭᠡᠳ᠎ᠤᠨ ᠲᠠᠨᠢᠯᠳᠠ ᠵᠢᠨ ᠴᠢᠳᠠᠪᠣᠷᠢ ᠵᠢ ᠲᠡᠭᠡᠭᠰᠢᠯᠡᠭᠦᠯᠭᠦ ᠦᠢ᠍ᠯᠡᠳᠥᠯ᠎ᠲᠠᠢ
     《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠨᠢ ᠭᠡᠥᠭᠡᠳ᠎ᠤᠨ ᠲᠠᠨᠢᠯᠳᠠ ᠵᠢᠨ ᠴᠢᠳᠠᠪᠣᠷᠢ ᠵᠢ ᠲᠡᠭᠡᠭᠰᠢᠯᠡᠭᠦᠯᠭᠦ᠎ᠪᠠᠷ ᠦᠯᠦ ᠪᠠᠷᠠᠨ ᠮᠡᠳᠡᠯᠭᠡ ᠵᠢᠨ ᠭᠦᠷᠢᠶ᠎ᠠ ᠭᠡᠪᠴᠢᠶ᠎ᠠ ᠵᠢ ᠴᠤ᠌ ᠦᠷᠭᠡᠳᠭᠡᠵᠥ ᠭᠡᠥᠭᠡᠳ᠎ᠤᠨ ᠰᠢᠨ᠎ᠠ ᠵᠢ ᠠ᠋ᠭᠦᠳᠭᠦ ᠵᠣᠷᠢᠭ ᠰᠠᠨᠠᠭ᠎ᠠ᠂ ᠬᠠᠶ᠋ᠢᠨ ᠰᠦᠪᠡᠭᠴᠢᠯᠡᠭᠦ᠂ ᠦᠭᠡᠷᠡᠴᠢᠯᠠᠨ ᠵᠣᠭᠢᠶᠠᠭ᠍ᠣ᠎ᠪᠠᠷ ᠲᠠᠮᠵᠢᠨ ᠭᠡᠯᠡ ᠶᠠᠷᠢᠶᠠᠨ᠎ᠤ ᠢᠯᠡᠳᠭᠡᠭᠦ ᠴᠢᠳᠠᠪᠣᠷᠢ ᠵᠢ ᠲᠡᠭᠡᠭᠰᠢᠯᠡᠭᠦᠯᠭᠦ᠎ᠳᠤ ᠮᠠᠰᠢ ᠴᠢᠬᠤᠯᠨ ᠦᠢ᠍ᠯᠡᠳᠦᠯ ᠦᠵᠡᠭᠦᠯᠭᠦ ᠶᠤᠮ᠃
     3. ᠭᠡᠥᠭᠡᠳ᠎ᠤᠨ ᠣᠷᠮ᠎ᠠ ᠵᠢ ᠭᠦᠭᠵᠢᠭᠡᠵᠥ᠂ ᠰᠠᠶ᠋ᠢᠨ ᠰᠠᠶ᠋ᠢᠬᠠᠨ ᠵᠠᠩ ᠴᠢᠨᠠᠷ᠎ᠢ ᠪᠦᠷᠢᠯᠳᠦᠭᠦᠯᠭᠦ᠎ᠳᠤ ᠮᠠᠰᠢ ᠰᠠᠢ᠍ᠢ᠍ᠨ ᠵᠶ᠋ᠠᠷ ᠨᠦᠯᠦᠭᠡᠯᠡᠨ᠎ᠡ
     《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠨᠢ ᠠ᠋ᠷᠭᠡᠪᠰᠢ ᠬᠤᠷᠰᠢᠯᠴᠠᠵᠤ ᠬᠠᠮᠳᠥ᠎ᠪᠠᠷ ᠨᠠᠭ᠋ᠠᠳᠬᠤ ᠲᠣᠯᠨ ᠭᠡᠥᠭᠡᠳ᠎ᠤᠨ ᠦᠪᠠᠷ᠎ᠤᠨ ᠪᠡᠶ᠎ᠠ᠎ᠪᠠᠷ ᠵᠶ᠋ᠠᠨ ᠭᠤᠣᠯ ᠪᠤᠯᠭ᠋ᠠᠬᠤ ᠰᠡᠳᠬᠢᠴᠡ ᠵᠢ ᠪᠠᠭ᠋ᠠᠰᠬᠠᠵᠥ᠂ ᠨᠣᠭᠤᠷᠠᠯ ᠪᠦᠳᠦᠷᠢᠯ᠎ᠢ ᠢᠯᠠᠨ ᠲᠠᠪᠠᠭ᠍ᠣ᠂ ᠨᠦᠭᠦᠳ ᠬᠤᠭᠤᠷᠣᠨᠳᠦᠭᠢ ᠬᠠᠷᠢᠯᠴᠠᠭ᠋ᠠᠨ᠎ᠤ ᠲᠣᠮᠳᠠᠭᠢ ᠵᠦᠷᠢᠴᠠᠯ ᠮᠦᠷᠭᠦᠯᠳᠦᠭᠡᠨ᠎ᠢ ᠦᠪᠠᠷᠳᠡᠭᠡᠨ ᠰᠢᠢ᠍ᠳᠪᠦᠷᠢᠯᠡᠬᠦ ᠴᠢᠳᠠᠪᠥᠷᠢ᠎ᠲᠠᠢ ᠪᠣᠯᠭ᠋ᠠᠬᠤ᠎ᠪᠠᠷ ᠦᠯᠦ ᠪᠠᠷᠠᠨ ᠠ᠋ᠷᠭᠡ ᠴᠢᠯᠦᠭᠡᠳᠡᠢ ᠨᠠᠭ᠋ᠠᠳᠬᠤ᠂ ᠰᠡᠳᠭᠢᠴᠨ ᠵᠢᠨ ᠲᠠᠷᠣᠯᠳᠠ ᠵᠢ ᠪᠠᠭ᠋ᠠᠰᠬᠠᠬᠤ᠂ ᠣᠷᠮ᠎ᠠ ᠵᠢ ᠭᠦᠭᠵᠢᠭᠡᠭᠦ ᠣᠴᠢᠷ᠎ᠠᠴᠠ ᠭᠡᠥᠭᠡᠳ ᠪᠠᠶᠠᠰᠣᠩᠭᠤᠢ᠂ ᠭᠦᠷ ᠭᠦᠭᠵᠢᠶᠠᠨᠳᠡᠢ ᠪᠣᠯᠵᠥ᠂ ᠠᠶᠠᠨᠳᠠᠭ᠋ᠠᠨ ᠰᠠᠶ᠋ᠢᠨ ᠰᠠᠶ᠋ᠢᠬᠠᠨ ᠵᠠᠩ ᠴᠢᠨᠠᠷ᠎ᠲᠠᠢ ᠪᠣᠯᠵᠥ ᠭᠦᠭᠵᠢᠭᠦ ᠶᠤᠮ᠃
      ᠵᠢᠷᠭᠤᠭ᠎ᠠ᠂ ᠬᠤᠶ᠋ᠢᠰᠢᠳᠠ ᠵᠢᠨ ᠰᠠᠨᠠᠭ᠋ᠠᠰᠢᠷᠬᠠᠯ
     《ᠴᠠᠭ᠋ᠠᠨ ᠬᠤᠷᠠᠭ᠋ᠠᠨ ᠰᠡᠭᠦᠯ ᠪᠠᠷᠢᠬᠤ ᠲᠣᠭᠯᠠᠭ᠋ᠠᠮ》᠎ᠢ ᠨᠡᠩ ᠴᠠᠭ᠋ᠠᠰᠢᠳᠠ ᠭᠦᠨᠵᠡᠭᠡᠶ᠋ᠢᠷᠡᠭᠦᠯᠦᠨ ᠰᠣᠳᠣᠯᠵᠥ᠂ ᠭᠤᠣᠯ ᠰᠡᠳᠣᠪᠳᠥ ᠭᠦᠳᠡᠯᠭᠡᠭᠡᠨ ᠪᠣᠯᠭ᠋ᠠᠨ ᠲᠡᠯᠭᠡᠷᠡᠭᠦᠯᠦᠨ ᠭᠦᠭᠵᠢᠭᠦᠯᠵᠥ᠂ ᠴᠡᠴᠡᠷᠯᠢᠭ᠎ᠤᠨ ᠭᠡᠥᠭᠡᠳ᠎ᠲᠤ ᠵᠢᠭ᠋ᠠᠨ ᠰᠣᠷᠭ᠋ᠠᠬᠤ ᠴᠢᠬᠤᠯᠨ ᠮᠠᠲᠸᠷᠢᠶᠠᠯ ᠪᠣᠯᠭ᠋ᠠᠬᠤ᠎ᠪᠠᠷ ᠨᠡᠩ ᠣᠯᠠᠨ ᠠᠬᠠᠮᠠᠳ ᠨᠠᠰᠥᠳᠠᠳ᠎ᠠᠴᠠ ᠠᠰᠠᠭᠤᠨ ᠯᠡᠪᠯᠠᠵᠥ᠂ ᠠᠭᠤᠯᠭ᠎ᠠ ᠭᠡᠯᠪᠠᠷᠢ ᠵᠢ᠎ᠨᠢ ᠤᠯᠠᠮ ᠪᠠᠶᠠᠯᠢᠬ᠍ᠵᠢᠭᠤᠯᠤᠨ᠂ ᠭᠡᠥᠭᠡᠳ᠎ᠤᠨ ᠬᠠᠮᠤᠭ ᠴᠢᠯᠦᠭᠡ᠎ᠲᠠᠢ ᠣᠷᠣᠯᠴᠠᠳᠠᠭ ᠨᠠᠭ᠋ᠠᠳᠤᠮ ᠪᠤᠯᠭ᠋ᠠᠨ ᠭᠦᠭᠵᠢᠭᠦᠯᠭᠦ ᠭᠡᠷᠡᠭᠳᠠᠢ᠃
      ᠬᠠᠶᠢᠬ᠄ ᠦᠤᠰᠢᠨ ᠬᠤᠰᠢᠭᠤᠨ᠎ᠤ ᠣᠯᠠᠭ᠋ᠠᠨᠳᠣᠯᠣᠭ᠋ᠠᠢ ᠪᠠᠯᠭ᠋ᠠᠰᠥᠨ᠎ᠤ ᠭᠡᠥᠭᠡᠳ᠎ᠤᠨ ᠴᠡᠴᠡᠷᠯᠢᠭ
                                       (ᠪᠦᠭᠡᠠᠦᠢ᠍ᠯᠵᠡᠢ ᠨᠠᠢ᠍ᠢ᠍ᠷᠠᠭᠤᠯᠪᠠ)
                                         7 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠭᠡᠤᠭᠡᠳ ᠨᠤᠮ ᠲᠤᠭᠯᠠᠭ᠋ᠠᠮ ᠭᠤᠷᠪᠠ ᠵᠢ ᠤᠶᠠᠯᠳᠤᠭᠤᠯᠤᠭᠰᠠᠨ 《ᠲᠤᠭᠯᠠᠭ᠋ᠠᠮ᠎ᠤᠨ ᠲᠤᠮᠳᠠ ᠬᠡᠤᠬᠡᠳ᠎ᠤᠨ ᠬᠦᠭᠵᠢᠯ᠎ᠢ ᠲᠡᠮᠵᠢᠬᠦ》 ᠰᠤᠳᠤᠯᠭ᠋ᠠᠨ᠎ᠤ ᠰᠡᠳᠦᠪ᠎ᠤᠨ ᠲᠤᠬᠠᠢ
ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠬᠦᠨᠳᠦᠳᠬᠡᠬᠦ ᠴᠢᠬᠤᠯᠠ᠎ᠲᠠᠢ ᠬᠡᠳᠦᠨ ᠠᠰᠠᠭᠤᠳᠠᠯ
ᠪᠠᠭ᠋ᠠᠴᠤᠳ᠎ᠤᠨ ᠬᠤᠰᠢᠭᠤᠴᠢ ᠠᠩᠬᠢ ᠵᠢᠨ ᠬᠦᠳᠡᠯᠭᠡᠭᠡᠨ ᠵᠶ᠋ᠠᠷ ᠰᠤᠷᠤᠭᠴᠢᠳ᠎ᠲᠤ ᠬᠡᠷᠬᠢᠨ ᠬᠦᠮᠦᠵᠢᠯ ᠬᠢᠬᠦ ᠪᠤᠢ
ᠭᠡᠤᠭᠡᠤᠨ᠎ᠤᠨ ᠶᠤᠰᠤ ᠮᠤᠷᠠᠯ᠎ᠤᠨ ᠰᠤᠷᠭ᠋ᠠᠨ ᠭᠦᠮᠤᠵᠢᠯ᠎ᠤᠨ ᠰᠢᠡᠵᠢᠯᠠᠯᠳᠠ
ᠣᠯᠠᠨ ᠵᠠᠭᠤᠴᠢᠳᠥ ᠵᠢᠨ ᠴᠡᠴᠡᠷᠯᠢᠭ᠎ᠤᠨ ᠵᠢᠭ᠋ᠠᠨ ᠰᠣᠷᠭ᠋ᠠᠯᠳᠠ᠎ᠳᠤ᠎ᠬᠢ ᠠᠰᠢᠭᠯᠠᠯᠳᠠ
 
             蒙ICP备05000248号