ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠪᠠᠯᠴᠢᠷ ᠨᠠᠰᠤᠨ᠎ᠤ ᠬᠡᠥᠬᠡᠳ᠎ᠤᠨ ᠬᠡᠷ ᠪᠦᠯᠢ ᠵᠢᠨ ᠬᠦᠮᠦᠵᠢᠯ᠎ᠤᠨ ᠴᠢᠬᠤᠯᠠ ᠴᠢᠨᠠᠷ
ᠨᠡᠶ᠋ᠢᠲᠡᠯᠡᠭᠰᠡᠨ ᠴᠠᠭ᠄ 2020-03-26

                                      ᠪᠢᠡᠭ ᠬᠤᠸᠠ


      ᠨᠢᠯᠬ᠎ᠠ ᠬᠡᠥᠬᠡᠳ ᠴᠡᠴᠡᠷᠯᠢᠭ᠎ᠲᠤ ᠤᠷᠤᠭᠰᠠᠨ᠎ᠠᠴᠠ ᠠ᠋ᠬᠢᠯᠡᠨ ᠭᠡᠷ ᠪᠦᠯᠢ᠂ ᠰᠤᠷᠭ᠋ᠠᠭᠤᠯᠢ ᠬᠡᠮᠡᠬᠦ ᠠᠳᠠᠯᠢ ᠪᠤᠰᠤ ᠤᠨᠴᠠᠯᠢᠭ ᠪᠦᠬᠦᠢ ᠬᠤᠶᠠᠷ ᠵᠦᠢ᠍ᠯ᠎ᠤᠨ ᠬᠠᠮᠳᠤ ᠨᠡᠶ᠋ᠢᠳᠡ᠎ᠳᠤ ᠠᠮᠢᠳᠤᠷᠠᠵᠤ᠂ ᠠᠳᠠᠯᠢ ᠪᠤᠰᠤ ᠤᠷᠴᠢᠨ ᠲᠤᠭᠤᠷᠢᠨ᠎ᠤ ᠨᠦᠯᠦᠬᠡ ᠪᠠ ᠰᠤᠷᠭ᠋ᠠᠨ ᠬᠦᠮᠦᠵᠢᠯ᠎ᠢ ᠬᠦᠷᠳᠡᠵᠤ ᠠ᠋ᠬᠢᠯᠡᠳᠡᠭ᠃ ᠬᠡᠷᠪᠡ ᠬᠡᠥᠬᠡᠳ᠎ᠤᠨ ᠴᠡᠴᠡᠷᠯᠢᠭ ᠬᠢᠬᠡᠳ ᠬᠡᠷ ᠪᠦᠯᠢ ᠵᠢᠨ ᠰᠤᠷᠭ᠋ᠠᠨ ᠬᠦᠮᠦᠵᠢᠯ᠎ᠨᠢ ᠬᠠᠷᠢᠯᠴᠠᠨ ᠵᠦᠷᠢᠴᠡᠯᠳᠦᠬᠦ ᠪᠤᠶᠤ ᠠ᠋ᠰᠡᠷᠬᠦᠴᠡᠯᠳᠤᠪᠠᠯ ᠨᠢᠯᠬ᠎ᠠ ᠬᠡᠥᠬᠡᠳ᠎ᠤᠨ ᠰᠢᠯᠢᠳᠡᠭ ᠰᠠᠶ᠋ᠢᠬᠠᠨ ᠦᠵᠡᠯ ᠰᠠᠨᠠᠭ᠎ᠠ᠂ ᠵᠠᠩ ᠮᠤᠷᠠᠯ ᠪᠠ ᠵᠠᠩ ᠲᠠᠳᠬᠠᠯ᠎ᠢ᠎ᠨᠢ ᠪᠠᠳᠤᠳᠬᠠᠨ ᠬᠦᠭᠵᠢᠬᠡᠬᠦ᠎ᠳᠤ ᠬᠠᠷᠰᠢ ᠰᠠᠭ᠋ᠠᠳ ᠪᠤᠯᠳᠠᠬ ᠮᠦᠷᠳᠡᠬᠡᠨ ᠨᠢᠯᠬ᠎ᠠ ᠬᠡᠥᠬᠡᠳ᠎ᠲᠤ ᠠᠯᠢ ᠵᠢ᠎ᠨᠢ ᠵᠢᠷᠤᠮᠯᠠᠨ ᠲᠠᠭ᠋ᠠᠬᠤ᠎ᠪᠠᠨ ᠤᠯᠬᠤ ᠦᠭᠡᠢ ᠲᠦᠷᠦᠭᠳᠡᠯ᠎ᠢ ᠤᠯᠭᠤᠵᠤ ᠮᠡᠳᠡᠨ᠎ᠡ᠃
     《ᠬᠡᠥᠬᠡᠳ᠎ᠤᠨ ᠴᠡᠴᠡᠷᠯᠢᠭ᠎ᠤᠨ ᠵᠢᠭ᠋ᠠᠨ ᠰᠤᠷᠭ᠋ᠠᠬᠤ ᠠᠵᠢᠯ᠎ᠤᠨ ᠵᠢᠯᠤᠭᠤᠳᠬᠤ ᠬᠦᠳᠦᠯᠪᠤᠷᠢ》᠎ᠳᠤ 《ᠬᠡᠥᠬᠡᠳ᠎ᠤᠨ ᠬᠦᠭᠵᠢᠯᠳᠡ ᠪᠤᠯ ᠲᠡᠬᠦᠨ᠎ᠤ ᠤᠷᠤᠰᠢᠨ ᠲᠤᠭᠳᠠᠨᠢᠬᠤ ᠤᠷᠴᠢᠨ ᠲᠤᠭᠤᠷᠢᠨ᠎ᠤ ᠬᠠᠷᠢᠯᠴᠠᠨ ᠤᠶᠠᠯᠳᠤᠯ᠎ᠤᠨ ᠲᠤᠮᠳᠠ ᠪᠡᠶᠡᠯᠡᠭᠳᠡᠵᠤ᠂ ᠰᠠᠶ᠋ᠢᠨ ᠰᠠᠶ᠋ᠢᠬᠠᠨ ᠰᠤᠷᠭ᠋ᠠᠨ ᠬᠦᠮᠦᠵᠢᠯ᠎ᠤᠨ ᠤᠷᠴᠢᠨ ᠲᠤᠭᠤᠷᠢᠨ᠎ᠨᠢ ᠬᠡᠥᠬᠡᠳ᠎ᠤᠨ ᠪᠡᠶ᠎ᠡ ᠰᠡᠳᠬᠢᠴᠡ ᠵᠢᠨ ᠬᠦᠭᠵᠢᠯᠳᠡ᠎ᠳᠤ ᠢᠳᠡᠪᠬᠢᠳᠡᠢ ᠠᠬᠢᠭᠤᠯᠬᠤ ᠦᠢ᠍ᠯᠡᠳᠦᠯ᠎ᠢ ᠦᠵᠡᠬᠦᠯᠳᠡᠭ》 ᠬᠡᠵᠤ ᠲᠤᠷᠠᠳᠤᠭᠰᠠᠨ ᠪᠠᠶ᠋ᠢᠳᠠᠭ᠃ ᠬᠡᠥᠬᠡᠳ᠎ᠲᠤ ᠠᠪᠴᠤ ᠬᠡᠯᠡᠪᠡᠯ ᠲᠡᠬᠦᠨ᠎ᠢ ᠨᠦᠯᠦᠬᠡᠯᠡᠬᠦ ᠬᠠᠮᠤᠭ ᠴᠢᠬᠤᠯᠠ ᠤᠷᠴᠢᠨ ᠠᠬᠤᠢ ᠪᠤᠯ ᠬᠡᠷ ᠪᠦᠯᠢ ᠪᠠᠶ᠋ᠢᠪᠠᠯ ᠲᠡᠭ᠋ᠠᠷᠠᠨ᠎ᠠ᠂ ᠵᠠᠷᠢᠮ ᠪᠠᠶ᠋ᠢᠳᠠᠯ᠎ᠳᠤ ᠴᠡᠴᠡᠷᠯᠢᠭ ᠪᠤᠯᠤᠨ ᠬᠡᠷ ᠪᠦᠯᠢ᠎ᠨᠢ ᠬᠠᠷᠢᠯᠴᠠᠨ ᠨᠢᠬᠡ ᠨᠢᠬᠡ᠎ᠳᠤ᠎ᠪᠠᠨ 《ᠪᠦᠮᠪᠦᠭᠡ ᠢᠰᠬᠦᠯᠵᠤ》᠂ 《ᠰᠤᠷᠭ᠋ᠠᠭᠤᠯᠢ ᠲᠠᠷᠬᠠᠬᠤ᠎ᠠᠴᠠ ᠠ᠋ᠮᠦᠨ᠎ᠡ ᠪᠠᠭᠰᠢ ᠰᠤᠯᠢᠶᠠᠷᠠᠭ᠍ᠤ ᠰᠢᠬᠠᠵᠤ᠂ ᠰᠤᠷᠭ᠋ᠠᠭᠤᠯᠢ ᠠ᠋ᠬᠢᠯᠡᠬᠦ᠎ᠠᠴᠠ ᠤᠷᠢᠳ ᠡᠵᠢ ᠰᠤᠯᠢᠶᠠᠷᠠᠭ᠍ᠤ᠎ᠳᠤ ᠲᠦᠬᠦᠬᠦ》 ᠦᠯᠢᠬᠡᠷ ᠵᠦᠩᠳᠡᠬᠡᠨ ᠭᠠᠷᠤᠭ᠋ᠠᠳ ᠪᠠᠶ᠋ᠢᠬᠤ ᠰᠢᠬ ᠪᠠᠶ᠋ᠢᠳᠠᠭ᠃ ᠰᠢᠨᠵᠢᠯᠡᠬᠦ ᠤᠬᠠᠭ᠋ᠠᠨᠴᠢ᠎ᠪᠠᠷ ᠬᠡᠥᠬᠡᠳ ᠬᠦᠮᠦᠵᠢᠬᠦᠯᠬᠦ᠎ᠨᠢ ᠬᠡᠥᠬᠡᠳ᠎ᠤᠨ ᠨᠢᠬᠡ ᠨᠠᠰᠤᠨ᠎ᠤ ᠬᠦᠭᠵᠢᠯᠳᠡ᠎ᠳᠤ ᠴᠢᠬᠤᠯᠠ ᠨᠦᠯᠦᠬᠡ ᠦᠵᠡᠭᠦᠯᠳᠡᠭ᠃ ᠲᠡᠭᠡᠪᠡᠯ 3~6 ᠨᠠᠰᠤᠨ᠎ᠤ ᠬᠡᠥᠬᠡᠳ᠎ᠤᠨ ᠬᠡᠷ ᠪᠦᠯᠢ ᠵᠢᠨ ᠬᠦᠮᠦᠵᠢᠯ᠎ᠳᠤ ᠶᠠᠭᠤ᠎ᠶᠢ ᠠᠩᠬᠠᠷᠬᠤ ᠪᠤᠢ? 3~6 ᠨᠠᠰᠤᠨ᠎ᠤ ᠬᠡᠥᠬᠡᠳ᠎ᠤᠨ ᠬᠡᠷ ᠪᠦᠯᠢ ᠵᠢᠨ ᠬᠦᠮᠦᠵᠢᠯ᠎ᠢ ᠬᠠᠮᠢᠭ᠎ᠠ᠎ᠠᠴᠠ ᠭᠠᠷᠳᠠᠵᠤ ᠬᠡᠷᠬᠢᠨ ᠬᠢᠬᠦ ᠪᠤᠢ?
      ᠠ᠋ᠩ ᠲᠡᠷᠢᠬᠦᠨ᠎ᠳᠤ᠂ ᠬᠡᠥᠬᠡᠳ᠎ᠲᠤ ᠦᠭᠬᠦ ᠬᠠᠶ᠋ᠢᠷ᠎ᠠ᠎ᠪᠠᠨ ᠲᠤᠬᠢᠷᠠᠮᠵᠢᠳᠠᠢ ᠪᠠᠶ᠋ᠢᠯᠭ᠋ᠠᠬᠤ
     1. ᠬᠠᠶ᠋ᠢᠷ᠎ᠠ ᠠᠬᠠᠳᠠᠭ᠍ᠤ
    《ᠲᠠᠰᠢᠵᠤ ᠦᠰᠭᠡᠭᠰᠡᠨ ᠬᠦᠪᠡᠬᠦᠨ ᠲᠠᠪᠢᠨ ᠯᠠᠩ᠂ ᠲᠠᠭ᠋ᠠᠯᠠᠵᠤ ᠦᠰᠭᠡᠭᠰᠡᠨ ᠬᠦᠪᠡᠬᠦᠨ ᠲᠠᠪᠤᠨ ᠯᠠᠩ》᠂ 《ᠠᠮᠠᠨ᠎ᠳᠤ᠎ᠪᠠᠨ ᠬᠢᠪᠠᠯ ᠬᠠᠶ᠋ᠢᠯᠤᠮᠠᠷ᠂ ᠠᠯᠠᠭ᠋ᠠᠨ᠎ᠳᠤ᠎ᠪᠠᠨ ᠲᠠᠯᠪᠢᠪᠠᠯ ᠪᠦᠮᠪᠦᠷᠢᠮᠡᠷ》 ᠬᠡᠳᠡᠭᠴᠢᠯᠡᠨ᠂ ᠬᠠᠶ᠋ᠢᠷ᠎ᠠ ᠲᠡᠩᠳᠡᠬᠦᠥ ᠬᠡᠳᠦᠷᠡᠪᠡᠯ ᠬᠡᠳᠡᠷᠬᠦ᠎ᠪᠠᠨ ᠬᠠᠯᠠ ᠪᠤᠯᠳᠠᠭ ᠤᠴᠢᠷ ᠪᠤᠢ᠃
      ᠵᠠᠷᠢᠮ ᠬᠡᠷ᠎ᠤᠨ ᠠᠬᠠᠮᠠᠳ ᠬᠡᠥᠬᠡᠳ ᠵᠶ᠋ᠠᠨ ᠬᠡᠳᠦᠷᠬᠡᠢ ᠬᠠᠶ᠋ᠢᠷᠠᠯᠠᠵᠤ ᠰᠠᠨᠠᠭ᠍ᠤ᠎ᠠᠴᠠ ᠪᠤᠯᠵᠤ ᠶᠠᠪᠤᠳᠠᠯ ᠪᠤᠯᠭ᠋ᠠᠨ᠎ᠳᠤ ᠲᠤᠷ᠎ᠠ᠎ᠪᠠᠷ᠎ᠨᠢ ᠲᠠᠯᠪᠢᠵᠤ᠂ ᠴᠢᠬᠤᠯᠠ ᠪᠦᠬᠦᠢ ᠰᠤᠷᠭ᠋ᠠᠨ ᠬᠦᠮᠦᠵᠢᠯ ᠪᠠ ᠬᠠᠮᠢᠶᠠᠷᠤᠯᠳᠠ᠎ᠪᠠᠷ ᠲᠤᠳᠠᠮᠠᠭ ᠪᠤᠯᠳᠠᠭ᠂ ᠠ᠋ᠶ᠋ᠢᠮᠦ ᠬᠦᠮᠦᠵᠢᠯ᠎ᠤᠨ ᠳ᠋ᠦᠩ᠎ᠳᠤ ᠬᠡᠥᠬᠡᠳ᠎ᠨᠢ ᠠ᠋ᠷᠬᠡ ᠲᠠᠩᠬᠢ᠂ ᠲᠤᠷ᠎ᠠ ᠵᠤᠷᠢᠭ ᠵᠶ᠋ᠠᠷ ᠵᠶ᠋ᠠᠨ ᠠᠭ᠋ᠠᠰᠢᠯᠠᠭ᠍ᠤ᠂ ᠠᠶᠤᠮᠠᠳᠠᠭ᠋ᠠᠢ᠂ ᠬᠦᠳᠡᠯᠮᠦᠷᠢᠯᠡᠬᠦ ᠲᠤᠷ᠎ᠠ ᠦᠭᠡᠢ᠂ ᠵᠦᠷᠢᠬᠦᠳ᠂ ᠪᠤᠰᠤᠳ᠎ᠢ ᠲᠦᠰᠢᠭᠯᠡᠬᠦ ᠲᠤᠷᠠᠳᠠᠢ ᠪᠤᠯᠳᠠᠭ᠃
      ᠵᠠᠷᠢᠮ ᠬᠡᠷ᠎ᠤᠨ ᠠᠬᠠᠮᠠᠳ ᠬᠢᠨᠠᠮᠠᠭ᠋ᠠᠢ᠎ᠪᠠᠷ ᠬᠡᠥᠬᠡᠳ ᠵᠶ᠋ᠠᠨ ᠬᠦᠮᠦᠵᠢᠬᠦᠯᠳᠡᠭ ᠪᠤᠯᠪᠠᠴᠤ ᠬᠡᠳᠦ ᠬᠢᠵᠠᠭ᠋ᠠᠷᠯᠠᠭ᠍ᠤ᠂ ᠬᠡᠳᠦ ᠱᠠᠭ᠋ᠠᠷᠳᠠᠭ᠍ᠤ᠂ ᠬᠡᠲᠦ ᠭᠠᠷ ᠲᠦᠷᠦᠬᠦ ᠬᠡᠯᠪᠡᠷᠢᠯ᠎ᠲᠠᠢ᠎ᠠᠴᠠ ᠪᠤᠯᠵᠤ᠂ ᠬᠡᠥᠬᠡᠳ᠎ᠨᠢ ᠬᠡᠷ᠎ᠤᠨ ᠠᠬᠠᠮᠠᠳ᠎ᠤᠨ ᠠ᠋ᠮᠦᠨ᠎ᠡ ᠲᠠᠳᠠᠭ ᠶᠠᠳᠠᠭ ᠬᠡᠬᠦ ᠪᠤᠶᠤ ᠬᠡᠯᠡᠵᠤ ᠬᠢᠬᠦ᠎ᠨᠢ ᠨᠢᠬᠡᠳᠦᠯ ᠦᠭᠡᠢ ᠪᠠᠶ᠋ᠢᠵᠤ᠂ ᠬᠡᠷ᠎ᠤᠨ ᠭᠠᠳᠠᠭᠤᠷ ᠪᠤᠯ ᠲᠦᠷᠢᠮᠡᠬᠡᠢ ᠲᠡᠷᠰᠯᠡᠬᠦ ᠵᠠᠩ ᠴᠢᠨᠠᠷ᠎ᠤᠨ ᠤᠨᠴᠠᠯᠢᠭ᠎ᠲᠠᠢ ᠪᠤᠯᠵᠦ᠂ ᠬᠡᠷ᠎ᠲᠤ᠎ᠪᠠᠨ ᠠᠮᠰᠠᠭᠰᠠᠨ ᠬᠢᠯᠢᠰ ᠬᠦᠵᠢᠷ ᠪᠤᠯᠤᠨ ᠲᠠᠷᠤᠯᠳᠠ᠎ᠪᠠᠨ ᠭᠠᠳᠠᠭᠰᠢ᠎ᠪᠠᠨ ᠭᠠᠷᠭ᠋ᠠᠳᠠᠭ᠃ ᠵᠢᠱ᠌ᠢᠶᠡᠯᠡᠪᠡᠯ᠄ ᠪᠢ ᠲᠡᠭᠡᠷ᠎ᠡ ᠬᠤᠭᠤᠴᠠᠭ᠎ᠠ ᠬᠡᠥᠬᠡᠳ᠎ᠤᠨ ᠴᠡᠴᠡᠷᠯᠢᠭ᠎ᠲᠤ ᠨᠢᠬᠡ ᠰᠠᠷ᠎ᠠ ᠵᠢᠨ ᠲᠠᠭ᠋ᠠᠭᠤᠯᠤᠨ ᠵᠢᠯᠤᠭᠤᠳᠤᠯᠭ᠎ᠠ ᠬᠢᠪᠡ᠃ ᠶᠠᠭ ᠲᠡᠷᠡ ᠠᠩᠬᠢ᠎ᠳᠤ ᠨᠢᠬᠡ ᠬᠡᠥᠬᠡᠨ ᠠ᠋ᠨᠡ ᠲᠠᠯ᠎ᠠ᠎ᠪᠠᠷ ᠮᠠᠰᠢ ᠤᠨᠴᠠᠭ᠋ᠠᠢ ᠪᠠᠶ᠋ᠢᠵᠠᠢ᠃ ᠤᠶ᠋ᠢᠯᠠᠭ᠋ᠠᠭᠰᠠᠨ ᠵᠶ᠋ᠠᠷ᠂ ᠠ᠋ᠨᠡ ᠭᠡᠷ ᠪᠦᠯᠢ ᠵᠢᠨ ᠡᠷ᠎ᠡ ᠡᠮ᠎ᠡ ᠬᠤᠶᠠᠭᠤᠯᠠ᠎ᠪᠠᠨ ᠪᠦᠷ ᠴᠡᠷᠢᠭ ᠬᠦᠮᠦᠨ᠂ ᠬᠡᠷ ᠪᠦᠯᠢ ᠵᠢᠨ ᠰᠤᠷᠪᠤᠯᠵᠢᠯᠠᠭ᠎ᠠ᠎ᠪᠠᠷ ᠤᠴᠢᠭᠰᠠᠨ ᠪᠠᠭᠰᠢ ᠵᠢᠨ ᠬᠡᠯᠡᠬᠦ᠎ᠪᠠᠷ ᠪᠤᠯ ᠬᠡᠷ᠎ᠲᠤ᠎ᠨᠢ ᠤᠷᠤᠬᠤ᠎ᠳᠤ ᠪᠦᠬᠦᠳᠡ ᠵᠦᠢ᠍ᠯ ᠲᠡᠷᠢ ᠲᠡᠭᠰᠢ᠂ ᠴᠡᠪᠡᠷ ᠴᠡᠮᠴᠡᠬᠡᠷ᠂ ᠬᠡᠥᠬᠡᠳ ᠦᠭᠡᠢ ᠠᠶ᠋ᠢᠯ᠎ᠠᠴᠠ ᠴᠦ᠍ ᠠ᠋ᠮᠬᠢ ᠴᠡᠭᠴᠡᠳᠡᠢ ᠪᠠᠶ᠋ᠢᠨ᠎ᠠ ᠬᠡᠯ᠎ᠡ᠃ ᠲᠤᠰ ᠴᠡᠷᠢᠭ ᠬᠡᠷ ᠪᠦᠯᠢ ᠵᠢᠨ ᠱᠠᠭ᠋ᠠᠷᠳᠠᠯᠭ᠎ᠠ᠎ᠪᠠᠷ ᠪᠤᠯ ᠬᠡᠥᠬᠡᠨ᠎ᠨᠢ ᠬᠡᠷ᠎ᠲᠤ ᠤᠷᠤᠩᠭᠤᠳᠠ ᠲᠤᠮᠤ ᠬᠦᠮᠦᠨ ᠰᠢᠭ ᠪᠠᠶ᠋ᠢᠬᠤ ᠬᠡᠷᠡᠭᠳᠡᠢ᠃ ᠠ᠋ᠢ᠍ᠢ᠍ᠮᠦᠷᠭᠦᠦ ᠤᠳᠠᠭ᠋ᠠᠨ ᠬᠤᠨᠤᠭ᠎ᠤᠨ ᠴᠡᠷᠢᠭ ᠮᠡᠳᠦ ᠴᠢᠩᠭ᠎ᠠ ᠱᠠᠭ᠋ᠠᠷᠳᠠᠯᠭ᠎ᠠ᠎ᠠᠴᠠ ᠪᠤᠯᠵᠤ᠂ ᠬᠡᠥᠬᠡᠳ ᠴᠡᠴᠡᠷᠯᠢᠭ᠂ ᠬᠡᠷ ᠪᠦᠯᠢ ᠬᠡᠬᠦ ᠠ᠋ᠷᠡᠰ ᠤᠨᠳᠤᠥ ᠬᠤᠶᠠᠷ ᠤᠷᠴᠢᠨ᠎ᠳᠤ ᠬᠡᠷ ᠲᠤ᠎ᠪᠠᠨ ᠪᠤᠯ ᠪᠡᠶ᠎ᠡ᠎ᠪᠠᠨ ᠲᠡᠰᠴᠤ ᠶᠠᠳᠠᠨ ᠪᠠᠷᠢᠭ᠋ᠠᠳ᠂ ᠴᠡᠴᠡᠷᠯᠢᠭ᠎ᠲᠤ ᠤᠴᠢᠪᠠᠯ ᠰᠤᠯᠠ ᠵᠠᠳᠠᠭ᠋ᠠᠢ᠂ ᠵᠦᠷᠢᠬᠦᠳ ᠮᠦᠷᠳᠡᠭᠡᠨ ᠵᠠᠷᠢᠮ᠎ᠳᠤ᠎ᠪᠠᠨ ᠬᠡᠯᠡᠵᠦ ᠬᠢᠬᠦ᠎ᠨᠢ ᠨᠠᠰᠤᠨ᠎ᠳᠤ᠎ᠪᠠᠨ ᠲᠤᠬᠢᠷᠠᠭ᠍ᠤ ᠦᠭᠡᠢ ᠪᠠᠢ᠍ᠢ᠍ᠳᠠᠬ᠃ ᠠ᠋ᠢ᠍ᠢ᠍ᠮᠦᠷᠭᠦᠦ ᠭᠡᠳᠤ ᠬᠠᠳᠠᠭᠤ ᠴᠢᠩᠭ᠎ᠠ ᠬᠡᠷ ᠪᠦᠯᠢ ᠵᠢᠨ ᠬᠦᠮᠦᠵᠢᠯ᠎ᠨᠢ ᠵᠠᠷᠢᠮ ᠦᠶᠡᠰ ᠭᠡᠤᠭᠡᠳ᠎ᠤᠳ᠎ᠲᠤ ᠭᠡᠳᠡᠷᠭᠦ ᠨᠦᠯᠦᠭᠡ ᠦᠵᠡᠭᠦᠯᠳᠡᠭ᠂ ᠠ᠋ᠶ᠋ᠢᠮᠦ᠎ᠠᠴᠠ ᠬᠡᠷ᠎ᠤᠨ ᠠᠬᠠᠮᠠᠳ ᠵᠠᠪᠠᠯ ᠬᠡᠥᠬᠡᠳ᠎ᠲᠤ᠎ᠪᠠᠨ ᠵᠦᠪ ᠬᠠᠶ᠋ᠢᠷ᠎ᠠ᠂ ᠲᠠᠩᠴᠡᠬᠦᠥ ᠬᠠᠶ᠋ᠢᠷ᠎ᠠ ᠵᠢ ᠦᠭᠪᠡᠯ ᠵᠤᠬᠢᠨ᠎ᠠ᠃
     2. ᠬᠠᠶ᠋ᠢᠷ᠎ᠠ ᠲᠤᠳᠠᠭᠤᠳᠠᠭ᠍ᠤ
      ᠲᠡᠬᠡᠷᠡᠬᠢ ᠵᠢᠱ᠌ᠢᠶ᠎ᠠ᠎ᠲᠠᠢ ᠠᠳᠠᠯᠢᠳᠬᠠᠪᠠᠯ ᠳᠤᠤᠷ᠎ᠠ ᠶᠠᠷᠢᠬᠤ ᠭᠡᠵᠦ ᠪᠠᠢ᠍ᠢ᠍ᠭ᠎ᠠ ᠬᠠᠢ᠍ᠢ᠍ᠷ᠎ᠠ ᠵᠢᠨ ᠭᠡᠯᠪᠡᠷᠢ᠎ᠨᠢ ᠪᠠᠰᠠ ᠤᠨᠳᠤᠤ ᠨᠢᠭᠡ ᠵᠦᠢ᠍ᠯ᠎ᠤᠨ᠎ᠬᠢ ᠪᠠᠢ᠍ᠢ᠍ᠳᠠᠬ᠃ 2016 ᠤᠨ᠎ᠳᠤ ᠨᠢᠬᠡ ᠬᠡᠥᠭᠡᠳ᠎ᠤᠨ ᠠ᠋ᠳᠦᠷ᠎ᠤᠨ ᠲᠡᠮᠳᠡᠭᠯᠡᠯ᠎ᠨᠢ ᠰᠦᠯᠵᠢᠶ᠎ᠡ ᠵᠢ ᠲᠤᠷᠭᠢᠭᠤᠯᠵᠠᠢ᠃ 3.8᠎ᠤ ᠠ᠋ᠳᠦᠷ ᠨᠢᠬᠡ ᠬᠡᠥᠬᠡᠨ ᠡᠵᠢ᠎ᠳᠤ᠎ᠪᠠᠨ ᠬᠠᠢ᠍ᠢ᠍ᠷᠠᠳᠠᠢ ᠭᠡᠳᠡᠭ ᠵᠶ᠋ᠠᠨ ᠢᠯᠡᠳᠬᠡᠬᠦ ᠵᠢᠨ ᠲᠦᠯᠦᠬᠡ ᠲᠦᠷᠪᠡᠨ ᠵᠦᠢ᠍ᠯ᠎ᠤᠨ ᠠᠵᠢᠯ᠎ᠢ ᠬᠦᠢ᠍ᠴᠡᠳᠬᠡᠵᠡᠢ᠃ ᠬᠡᠥᠬᠡᠨ ᠬᠠᠮᠤᠭ᠎ᠤᠨ ᠲᠦᠷᠦᠭᠦᠨ᠎ᠳᠤ ᠡᠵᠢ᠎ᠳᠤ᠎ᠪᠠᠨ ᠨᠢᠬᠡ ᠦᠯᠢᠬᠡᠷ ᠶᠠᠷᠢᠵᠤ ᠦᠭᠴᠡᠢ᠂ ᠡᠵᠢ᠎ᠨᠢ ᠭᠠᠷ ᠤᠳᠠᠰᠤ᠎ᠪᠠᠨ ᠱᠠᠬᠠᠢ᠍ᠢ᠍ᠭ᠋ᠠᠳ ᠲᠡᠬᠦᠨ᠎ᠢ ᠤᠶ᠋ᠢᠰᠢᠶᠠᠭᠰᠠᠨ ᠦᠭᠡᠢ᠂ ᠬᠡᠥᠬᠡᠨ ᠲᠤᠳᠤᠷ᠎ᠠ᠎ᠪᠠᠨ ᠡᠵᠢ ᠮᠢᠨᠢ ᠯᠠᠪ ᠲᠤᠰ ᠦᠯᠢᠭᠡᠷ᠎ᠲᠤ ᠰᠤᠨᠢᠷᠬᠠᠯ ᠦᠭᠡᠢ ᠪᠠᠶ᠋ᠢᠬᠤ ᠡ ᠬᠡᠵᠤ ᠪᠤᠳᠤᠭ᠋ᠠᠳ ᠡᠵᠢ᠎ᠳᠤ᠎ᠪᠠᠨ ᠲᠠᠯᠠᠷᠬᠠᠯ᠎ᠤᠨ ᠦᠬᠡ ᠬᠡᠯᠡᠵᠡᠢ᠂ ᠡᠵᠢ᠎ᠨᠢ ᠮᠦᠨ ᠭᠠᠷ ᠤᠳᠠᠰᠤ᠎ᠪᠠᠨ ᠱᠠᠬᠠᠢ᠍ᠢ᠍ᠬᠰᠠᠨ ᠭᠡᠪ ᠵᠶ᠋ᠠᠷ ᠵᠶ᠋ᠠᠨ ᠭᠡᠨ᠎ᠠ᠂ ᠬᠡᠥᠬᠡᠨ ᠵᠠᠯᠭ᠋ᠠᠭ᠋ᠠᠳ ᠡᠵᠢ᠎ᠳᠤ᠎ᠪᠠᠨ ᠨᠢᠷᠤᠭᠤ ᠵᠢ᠎ᠨᠢ ᠨᠤᠬᠤᠯᠠᠵᠤ ᠦᠭᠭᠦᠭᠰᠡᠨ ᠪᠠᠢ᠍ᠢ᠍ᠨ᠎ᠠ᠂ ᠡᠵᠢ᠎ᠨᠢ ᠮᠦᠨ ᠭᠠᠷ ᠤᠳᠠᠰᠤ᠎ᠪᠠᠨ ᠪᠠᠷᠢᠭᠰᠠᠭ᠋ᠠᠷ ᠁ ᠬᠠᠮᠤᠭ᠎ᠤᠨ ᠡᠴᠤᠰ᠎ᠲᠤ ᠬᠡᠥᠬᠡᠨ ᠪᠦᠯᠢᠶᠡᠨ ᠤᠰᠤ ᠠᠪᠴᠢᠷᠠᠨ ᠡᠵᠢ ᠵᠢᠨ ᠵᠶ᠋ᠠᠨ ᠬᠦᠯ᠎ᠢ ᠤᠬᠢᠶᠠᠵᠤ ᠦᠭᠬᠦ᠎ᠳᠤ ᠡᠵᠢ᠎ᠨᠢ ᠰᠠᠶᠢ ᠠᠯᠭᠤᠷ ᠵᠶ᠋ᠠᠷ ᠲᠤᠯᠤᠭ᠋ᠠᠢ᠎ᠪᠠᠨ ᠦᠨᠳᠡᠶ᠋ᠢᠨ᠄ 《ᠠ᠋ᠨᠡ ᠬᠠᠷᠢᠨ ᠪᠤᠯᠵᠤ ᠪᠠᠶ᠋ᠢᠨ᠎ᠠ᠂ ᠲᠠᠷᠠᠭ᠋ᠠᠴᠢ᠎ᠪᠠᠷ ᠬᠦᠯ ᠤᠬᠢᠶᠠᠭ᠍ᠤ᠎ᠳᠤ᠎ᠪᠠᠨ ᠨᠡᠩ ᠬᠦᠴᠦᠳᠡᠢ ᠰᠢᠭ ᠨᠤᠬᠤᠯᠠᠪᠠᠯ ᠤᠯᠠᠮ ᠰᠠᠶ᠋ᠢᠨ》 ᠬᠡᠵᠤ ᠬᠡᠯᠡᠵᠡᠢ᠃ ᠠ᠋ᠨᠡ ᠦᠬᠡ ᠵᠢ ᠰᠤᠨᠤᠰᠤᠭ᠋ᠠᠳ ᠬᠡᠥᠬᠡᠨ᠎ᠤ ᠲᠤᠳᠤᠷ᠎ᠠ ᠲᠤᠩ ᠤᠶ᠋ᠢᠳᠬᠠᠷ᠎ᠲᠠᠢ ᠰᠠᠨᠠᠭᠳᠠᠭᠰᠠᠨ ᠪᠠᠶ᠋ᠢᠨ᠎ᠠ᠃ ᠠ᠋ᠬᠦᠨ᠎ᠠᠴᠠ ᠦᠵᠡᠪᠡᠯ ᠵᠠᠷᠢᠮ ᠦᠶᠡᠰ᠎ᠲᠤ ᠠᠪᠤ ᠡᠵᠢ ᠪᠤᠯᠤᠭᠰᠠᠳ ᠭᠡᠤᠭᠡᠳ᠎ᠤᠨ ᠴᠢᠷᠮᠠᠢ᠍ᠢ᠍ᠯᠭ᠎ᠠ᠎ᠳᠤ ᠵᠦᠪ ᠦᠨᠠᠯᠡᠯᠲᠡ ᠦᠭᠭᠦ ᠭᠡᠷᠡᠭᠳᠠᠢ᠃
      ᠬᠠᠶ᠋ᠢᠷ᠎ᠠ ᠪᠤᠯ ᠬᠤᠤᠰ ᠴᠢᠭᠯᠡᠯ᠎ᠤᠨ ᠶᠤᠮ᠂ ᠬᠡᠥᠬᠡᠳ ᠭᠡᠷᠪᠡ ᠲᠠᠨ᠎ᠳᠤ ᠰᠠᠢ᠍ᠢ᠍ᠨ ᠪᠠᠢ᠍ᠢ᠍ᠪᠠᠯ ᠲᠠ ᠴᠦ᠍ ᠬᠡᠥᠬᠡᠳ ᠵᠶ᠋ᠠᠨ ᠬᠦᠨᠳᠦᠳᠬᠡᠪᠡᠯ ᠵᠤᠬᠢᠨ᠎ᠠ᠃ ᠬᠡᠰᠡᠭ ᠬᠡᠷ᠎ᠤᠨ ᠠᠬᠠᠮᠠᠳ᠎ᠲᠤ ᠪᠠᠶ᠋ᠢᠴᠠᠭ᠋ᠠᠨ ᠰᠤᠳᠤᠯᠤᠯᠳᠠ ᠬᠢᠭᠰᠡᠨ᠎ᠤ ᠳ᠋ᠦᠩ᠎ᠳᠤ 20% ᠵᠢᠨ ᠬᠡᠷ᠎ᠤᠨ ᠠᠬᠠᠮᠠᠳ ᠬᠡᠥᠬᠡᠳ᠎ᠲᠠᠢ ᠨᠠᠢ᠍ᠢ᠍ᠵᠢ ᠪᠤᠯᠤᠯᠴᠠᠵᠤ ᠴᠢᠳᠠᠬᠤ ᠦᠭᠡᠢ ᠠ᠋ᠰᠡᠭᠦᠯ᠎ᠡ ᠭᠡᠤᠭᠡᠳ ᠵᠶ᠋ᠠᠨ ᠲᠠᠩᠳᠠ ᠬᠠᠶᠠᠭ᠋ᠠᠨ᠎ᠳᠤ᠎ᠨᠢ ᠬᠠᠶᠠᠭ᠍ᠤ ᠠ᠋ᠰᠡᠭᠦᠯ᠎ᠡ ᠨᠠᠰᠤᠳᠠᠢ᠍ᠢ᠍ᠴᠤᠳ᠎ᠲᠤ ᠲᠤᠰᠢᠶᠠᠵᠤ ᠦᠭᠳᠡᠭ᠃ ᠠ᠋ᠳᠦᠷ ᠤᠳᠠᠭ᠋ᠠᠨ᠎ᠳᠤ᠎ᠪᠠᠨ ᠠᠪᠤ ᠡᠵᠢ ᠪᠤᠯᠤᠨ ᠦᠷ᠎ᠡ ᠬᠡᠥᠬᠡᠳ᠎ᠤᠨ ᠬᠤᠭᠤᠷᠤᠨᠳᠤᠬᠢ ᠬᠠᠶ᠋ᠢᠷ᠎ᠠ ᠰᠡᠳᠬᠢᠯᠬᠡ ᠰᠤᠯᠠᠷᠠᠵᠤ᠂ ᠨᠢᠬᠡᠨ ᠨᠢᠬᠡᠨ ᠵᠶ᠋ᠠᠨ ᠤᠶ᠋ᠢᠯᠠᠭ᠋ᠠᠭ᠍ᠤ᠎ᠳᠤ ᠬᠦᠴᠢᠷ ᠪᠤᠯᠳᠠᠬ᠃
      ᠬᠤᠶᠠᠷ᠂ ᠠᠪᠤ ᠡᠵᠢ ᠪᠤᠯᠤᠭᠰᠠᠳ ᠦᠪᠡᠷ᠎ᠤᠨ ᠪᠡᠶ᠎ᠡ᠎ᠪᠠᠷ ᠵᠶ᠋ᠠᠨ ᠬᠡᠪ ᠲᠠᠭᠤᠷᠢᠶᠠᠯ ᠪᠤᠯᠬᠤ
      ᠬᠡᠷ ᠪᠦᠯᠢ ᠪᠤᠯ ᠬᠡᠥᠬᠡᠳ᠎ᠤᠨ ᠬᠠᠮᠤᠭ ᠠᠩᠬᠠᠨ᠎ᠤ ᠰᠤᠷᠭ᠋ᠠᠭᠤᠯᠢ᠂ ᠡᠴᠢᠬᠡ ᠠ᠋ᠬᠡ ᠪᠤᠯ ᠬᠡᠥᠬᠡᠳ᠎ᠤᠨ ᠤᠤᠭ᠋ᠠᠨ ᠪᠠᠭᠰᠢ᠃ ᠦᠷ᠎ᠡ ᠬᠡᠥᠬᠡᠳ᠎ᠤᠨ ᠦᠬᠡ ᠶᠠᠷᠢᠶ᠎ᠠ᠂ ᠦᠢ᠍ᠯᠡ ᠠᠵᠢᠯᠯᠠᠭ᠎ᠠ᠎ᠨᠢ ᠡᠴᠢᠬᠡ ᠠ᠋ᠬᠡ ᠵᠢᠨ ᠬᠢᠨᠢ ᠰᠤᠷᠭ᠋ᠠᠨ ᠬᠦᠮᠦᠵᠢᠯ᠂ ᠬᠡᠪ ᠳᠠᠭᠤᠷᠢᠶᠠᠯ᠎ᠲᠠᠢ ᠰᠢᠭᠤᠳ ᠬᠤᠯᠪᠤᠭ᠎ᠠ᠎ᠲᠠᠢ᠃
      ᠬᠡᠷ᠎ᠤᠨ ᠠᠬᠠᠮᠠᠳ᠎ᠤᠨ ᠭᠦᠮᠦᠨ ᠴᠢᠨᠠᠷ ᠵᠠᠩ ᠠᠷᠠᠨᠰᠢᠨ ᠪᠤᠯ ᠬᠡᠷ ᠪᠦᠯᠢ ᠵᠢᠨ ᠬᠦᠮᠦᠵᠢᠯ᠎ᠤᠨ ᠰᠠᠭᠤᠷᠢ   ᠮᠦᠨ᠃ ᠬᠡᠥᠬᠡᠳ ᠠ᠋ᠬᠡ᠎ᠠᠴᠠ᠎ᠪᠠᠨ ᠤᠶᠠᠨ ᠵᠦᠬᠡᠯᠡᠨ᠂ ᠦᠷᠦᠪᠴᠢ ᠠ᠋ᠨᠡᠷᠢᠩᠬᠦᠢ᠂ ᠨᠠᠷᠢᠨ ᠨᠢᠮᠪᠠᠢ᠂ ᠴᠡᠪᠡᠷ ᠴᠡᠮᠴᠡᠬᠡᠷ ᠵᠡᠷᠬᠡ ᠲᠠᠯ᠎ᠠ ᠵᠢᠨ ᠨᠦᠯᠦᠭᠡ ᠵᠢ ᠶᠡᠬᠡᠬᠡᠨ ᠬᠦᠷᠲᠡᠳᠡᠭ ᠪᠤᠯ ᠠᠪᠤ᠎ᠠᠴᠠ᠎ᠪᠠᠨ ᠠ᠋ᠷᠡᠰ ᠬᠠᠳᠠᠨ᠂ ᠲᠦᠪ ᠲᠦᠪᠯᠡᠬᠦᠨ᠂ ᠠᠭᠤᠳᠠᠮ ᠪᠠᠭᠳᠠᠭ᠋ᠠᠮᠵᠢᠳᠠᠢ ᠵᠡᠷᠬᠡ ᠲᠠᠯ᠎ᠠ᠎ᠶᠢᠨ ᠨᠦᠯᠦᠬᠡ ᠵᠢ ᠬᠦᠷᠳᠡᠳᠡᠭ᠃ 3~6 ᠨᠠᠰᠤᠨ᠎ᠤ ᠬᠤᠭᠤᠷᠤᠨᠳᠤᠬᠢ ᠬᠡᠥᠬᠡᠳ ᠦᠵᠡᠵᠤ ᠬᠠᠷᠠᠭᠰᠠᠨ ᠶᠠᠭᠤ ᠪᠦᠬᠦᠨ ᠵᠶ᠋ᠠᠨ ᠰᠢᠩᠬᠡᠬᠡᠨ ᠲᠤᠭᠳᠠᠭ᠋ᠠᠵᠤ ᠴᠢᠳᠠᠳᠠᠭ᠂ ᠠ᠋ᠶ᠋ᠢᠮᠦ᠎ᠠᠴᠠ ᠬᠡᠷ᠎ᠤᠨ ᠠᠬᠠᠮᠠᠳ ᠬᠡᠵᠢᠶᠡᠳᠡ 《ᠪᠢᠳᠡ ᠪᠤᠯ ᠬᠡᠥᠬᠡᠳ᠎ᠤᠨ ᠲᠤᠯᠢ ᠰᠢᠥ》 ᠬᠡᠳᠡᠭ᠎ᠢ ᠪᠡᠶ᠎ᠡ᠎ᠳᠤ᠎ᠪᠠᠨ ᠲᠠᠩᠳᠠ ᠰᠠᠨᠠᠭᠤᠯᠵᠤ᠂ ᠦᠪᠡᠷ᠎ᠤᠨ ᠦᠬᠡ ᠶᠠᠷᠢᠶ᠎ᠠ᠂ ᠦᠢ᠍ᠯᠡ ᠬᠦᠳᠡᠯᠤᠯ᠂ ᠵᠠᠩ ᠠᠷᠠᠨᠰᠢᠨ᠂ ᠠ᠋ᠮᠦᠰᠬᠡᠯ ᠵᠡᠬᠦᠯᠳᠡ ᠪᠦᠬᠦ ᠵᠦᠢ᠍ᠯ ᠵᠶ᠋ᠠᠨ ᠴᠠᠭ ᠢᠮᠠᠭᠳᠠ ᠠᠩᠬᠠᠷᠤᠨ᠂ ᠦᠷ᠎ᠡ ᠬᠡᠥᠬᠡᠳ᠎ᠲᠤ᠎ᠪᠠᠨ ᠵᠢᠩᠬᠢᠨᠢ ᠦᠯᠢᠬᠡᠷ ᠲᠠᠭᠤᠷᠢᠶᠠᠯ ᠪᠤᠯᠵᠤ᠂ ᠦᠷ᠎ᠡ ᠬᠡᠥᠬᠡᠳ᠎ᠤᠨ ᠵᠶ᠋ᠠᠨ ᠦᠵᠡᠯ ᠰᠠᠨᠠᠭ᠎ᠠ᠂ ᠦᠢ᠍ᠯᠡ ᠠᠵᠢᠯᠯᠠᠭ᠎ᠠ᠂ ᠵᠠᠩ ᠲᠠᠳᠬᠠᠯ᠎ᠢ ᠨᠦᠯᠦᠬᠡᠯᠡᠨ᠂ ᠲᠡᠳᠡᠨ᠎ᠤ ᠠᠮᠵᠢᠯᠳᠠ ᠪᠦᠳᠦᠬᠡᠯ ᠪᠤᠯᠤᠨ ᠠᠯᠳᠠᠭ᠎ᠠ ᠲᠤᠳᠠᠭᠳᠠᠯ᠎ᠳᠤ᠎ᠨᠢ ᠵᠦᠪ ᠵᠶ᠋ᠠᠷ ᠬᠠᠨᠳᠤᠪᠠᠯ ᠵᠤᠬᠢᠨ᠎ᠠ᠃
      ᠠ᠋ᠷᠡᠭᠳᠠᠢ ᠠ᠋ᠮᠡᠭᠳᠠᠢ ᠬᠤᠭᠤᠷᠤᠨᠳᠤ᠎ᠪᠠᠨ ᠠ᠋ᠶ᠎ᠡ ᠨᠠᠶ᠋ᠢᠷ ᠡᠪᠳᠡᠷᠡᠵᠤ᠂ ᠬᠡᠥᠬᠡᠳ᠎ᠤᠨ ᠵᠶ᠋ᠠᠨ ᠪᠠᠶ᠋ᠢᠬᠤ ᠪᠠᠶ᠋ᠢᠬᠤ ᠦᠭᠡᠢ ᠵᠢ ᠦᠯᠦ ᠬᠠᠶ᠋ᠢᠬᠤᠷᠤᠨ ᠠ᠋ᠯᠳᠡᠪ ᠬᠤᠶᠠᠷ ᠵᠶ᠋ᠠᠷ ᠬᠠᠷᠢᠶᠠᠯᠴᠠᠵᠤ ᠵᠤᠳᠤᠯᠳᠤᠬᠤ᠂ ᠴᠠᠭ᠋ᠠᠰᠢᠯᠠᠪᠠᠯ ᠰᠠᠯᠵᠤ ᠰᠠᠭᠤᠬᠤ᠂ ᠠ᠋ᠳᠦᠷ ᠲᠤᠷᠰᠢ ᠠᠷᠢᠬᠢᠳᠠᠭ᠍ᠤ᠂ ᠨᠠᠭ᠋ᠠᠳᠬᠤ ᠵᠡᠷᠬᠡ᠎ᠪᠠᠷ ᠬᠡᠥᠬᠡᠳ᠎ᠲᠤ᠎ᠪᠠᠨ ᠮᠠᠭᠤ ᠨᠦᠯᠦᠬᠡ ᠦᠵᠡᠬᠦᠯᠬᠦ᠎ᠠᠴᠠ ᠵᠠᠶ᠋ᠢᠯᠠᠰᠬᠢᠨ᠂ ᠦᠪᠡᠷ᠎ᠤᠨ ᠠᠭᠤᠷ ᠤᠮᠤᠭ ᠵᠶ᠋ᠠᠨ ᠲᠠᠷᠤᠵᠤ ᠠᠭᠤᠳᠠᠮ ᠪᠠᠭᠳᠠᠭ᠋ᠠᠮᠵᠢᠳᠠᠢ᠂ ᠠ᠋ᠷᠬᠡ ᠲᠡᠭᠰᠢ᠂ ᠠ᠋ᠶᠡᠯᠰᠡᠭ ᠰᠠᠶ᠋ᠢᠬᠠᠨ ᠬᠡᠷ ᠪᠦᠯᠢ ᠵᠢᠨ ᠤᠷᠴᠢᠨ ᠲᠤᠭᠤᠷᠢᠨ᠎ᠢ ᠪᠦᠷᠢᠯᠳᠤᠬᠦᠯᠬᠦ ᠵᠢ ᠠᠩᠬᠠᠷᠪᠠᠯ ᠵᠤᠬᠢᠨ᠎ᠠ᠃
      ᠴᠡᠴᠡᠷᠯᠢᠭ᠎ᠤᠨ ᠬᠦᠮᠦᠵᠢᠯ᠎ᠨᠢ ᠭᠤᠤᠯᠳᠠᠭᠤ ᠶᠡᠷᠦᠨᠭᠭᠡᠢ᠍ᠢ᠍ᠯᠡᠭᠰᠡᠨ ᠵᠦᠢ᠍ᠯ᠎ᠢ ᠴᠢᠬᠤᠯᠠᠴᠢᠯᠠᠨ ᠦᠵᠡᠳᠡᠭ ᠪᠤᠯ ᠬᠡᠷ ᠪᠦᠯᠢ ᠵᠢᠨ ᠬᠦᠮᠦᠵᠢᠯ᠎ᠨᠢ ᠬᠠᠷᠢᠴᠠᠩᠭᠤᠢ᠎ᠪᠠᠷ ᠦᠪᠡᠷᠮᠢᠴᠡ᠂ ᠠᠮᠢᠳᠤᠯᠢᠭ ᠮᠦᠷᠳᠡᠭᠡᠨ ᠨᠠᠷᠢᠯᠢᠬ ᠪᠠᠶ᠋ᠢᠳᠠᠭ᠃ ᠡᠴᠢᠬᠡ ᠠ᠋ᠬᠡ᠎ᠨᠢ ᠬᠡᠥᠬᠡᠳ᠎ᠤᠨ ᠵᠶ᠋ᠠᠨ ᠠᠯᠢ ᠲᠠᠯ᠎ᠠ᠎ᠳᠤ ᠠᠪᠢᠶᠠᠰ᠎ᠲᠠᠢ ᠭᠡᠳᠡᠭ᠎ᠢ ᠰᠠᠷᠠᠵᠤ ᠮᠠᠳᠡᠪᠡᠯ ᠲᠡᠷᠡ ᠲᠠᠯ᠎ᠠ ᠤᠷᠤᠭᠤ ᠬᠦᠴᠦ ᠲᠠᠯᠪᠢᠵᠤ ᠬᠦᠮᠦᠵᠢᠬᠦᠯᠳᠡᠭ ᠪᠤᠯᠬᠤᠷ ᠶᠠᠮᠠᠷ ᠠᠰᠠᠭᠤᠳᠠᠯ ᠲᠤᠯᠭ᠋ᠠᠷᠠᠪᠠᠯ ᠴᠠᠭ ᠲᠠᠷᠤᠢ᠎ᠳᠤ᠎ᠨᠢ ᠵᠠᠯᠠᠷᠠᠭᠤᠯᠵᠤ ᠪᠤᠯᠳᠠᠬ᠃ ᠲᠡᠷᠡᠴᠢᠯᠡᠨ ᠬᠡᠥᠬᠡᠳ᠎ᠤᠨ ᠦᠪᠡᠷᠮᠢᠴᠡ ᠤᠨᠴᠠᠯᠢᠭ ᠪᠤᠯᠤᠨ ᠤᠷᠮ᠎ᠠ ᠪᠠᠬ᠎ᠠ᠎ᠳᠤ᠎ᠨᠢ ᠴᠢᠭᠯᠡᠬᠦᠯᠵᠤ᠂ ᠲᠤᠰᠬᠠᠢ ᠬᠦᠮᠦᠵᠢᠬᠦᠯᠬᠦ ᠨᠦᠬᠦᠴᠡᠯ ᠪᠤᠯᠤᠯᠴᠠᠭ᠎ᠠ᠎ᠨᠢ ᠬᠠᠷᠢᠴᠠᠩᠭᠤᠢ ᠲᠠᠪᠠᠭᠤᠯᠢᠭ ᠪᠠᠶ᠋ᠢᠳᠠᠭ᠃ ᠠᠪᠤ ᠡᠵᠢ ᠪᠤᠯᠤᠬᠰᠡᠤᠨ ᠠ᠋ᠬᠦᠨ᠎ᠳᠤ ᠴᠢᠭᠯᠡᠭᠳᠡᠭᠰᠡᠨ ᠬᠡᠷ᠎ᠤᠨ ᠠᠬᠠᠮᠠᠳ᠎ᠤᠨ ᠬᠤᠷᠠᠯ ᠪᠤᠶᠤ ᠬᠡᠥᠬᠡᠳ᠎ᠤᠨ ᠴᠡᠴᠡᠷᠯᠢᠭ᠎ᠤᠨ ᠰᠤᠷᠭ᠋ᠠᠨ ᠬᠦᠮᠦᠵᠢᠯ᠎ᠤᠨ ᠠᠵᠢᠯ᠎ᠤᠨ ᠬᠠᠷᠢᠭᠤ ᠮᠡᠳᠡᠬᠦᠯᠦᠯᠳᠡ ᠵᠡᠷᠬᠡ᠎ᠳᠤ ᠢᠳᠡᠪᠬᠢᠳᠡᠢ ᠤᠷᠤᠯᠴᠠᠵᠤ᠂ ᠬᠡᠥᠬᠡᠳ᠎ᠤᠨ ᠵᠶ᠋ᠠᠨ ᠪᠤᠳᠠᠳᠤ ᠪᠠᠶ᠋ᠢᠳᠠᠯ᠎ᠳᠤ ᠴᠠᠭ ᠢᠮᠠᠭᠳᠠ ᠰᠠᠨᠠᠭ᠎ᠠ ᠲᠠᠯᠪᠢᠵᠤ᠂ ᠠ᠋ᠬᠦᠰᠦᠭᠰᠡᠨ ᠠᠰᠠᠭᠤᠳᠠᠯ᠎ᠤᠨ ᠬᠤᠪᠢ᠎ᠳᠤ ᠲᠤᠰᠬᠠᠢ ᠶᠠᠷᠢᠯᠴᠠᠭ᠎ᠠ ᠦᠷᠨᠢᠭᠦᠯᠦᠨ᠂ ᠲᠤᠷᠰᠢᠯᠭ᠎ᠠ᠎ᠪᠠᠨ ᠰᠤᠯᠢᠯᠴᠠᠵᠤ ᠪᠤᠯᠤᠨ᠎ᠠ᠃ ᠠ᠋ᠳᠡᠬᠡᠷ ᠠᠵᠢᠯ᠎ᠨᠢ ᠬᠡᠥᠬᠡᠳ᠎ᠢ ᠰᠢᠯᠢᠳᠡᠭ ᠬᠦᠮᠦᠵᠢᠬᠦᠯᠬᠦ᠎ᠳᠤ ᠲᠤᠩ ᠠᠴᠢ ᠲᠤᠰᠠ᠎ᠲᠠᠢ ᠶᠤᠮ᠃ ᠪᠠᠰᠠ ᠮᠤᠩᠭᠤᠯ᠎ᠤᠨ ᠲᠡᠥᠬᠡᠨ᠎ᠳᠤ᠎ᠬᠢ 《ᠠᠯᠤᠩᠭᠤᠸ᠎ᠠ ᠠ᠋ᠭᠡ ᠲᠠᠪᠤᠨ ᠮᠦᠰᠦ᠎ᠪᠠᠷ ᠬᠡᠥᠬᠡᠳ ᠵᠶ᠋ᠠᠨ ᠰᠤᠷᠭ᠋ᠠᠭᠰᠠᠨ》 ᠦᠯᠢᠭᠡᠷ᠂ ᠬᠢᠳᠠᠳ᠎ᠤᠨ ᠲᠡᠥᠬᠡᠨ᠎ᠳᠤ᠎ᠬᠢ 《ᠮᠸᠩᠽᠢ ᠵᠢᠨ ᠠ᠋ᠬᠡ ᠭᠤᠷᠪᠠ ᠤᠳᠠᠭ᠎ᠠ ᠬᠡᠷ ᠵᠶ᠋ᠠᠨ ᠨᠡᠬᠦᠯᠭᠡᠭᠰᠡᠨ》 ᠦᠯᠢᠭᠡᠷ᠎ᠲᠤ ᠠᠭᠤᠯᠤᠭᠳᠠᠬᠤ ᠭᠡᠷ᠎ᠤᠨ ᠭᠦᠮᠦᠵᠢᠯ᠎ᠤᠨ ᠠᠷᠭ᠎ᠠ ᠭᠡᠯᠪᠠᠷᠢ ᠵᠢ᠎ᠲᠠᠭᠠᠨ ᠰᠤᠷᠤᠯᠴᠠᠵᠤ ᠪᠤᠯᠤᠨ᠎ᠠ᠃
      ᠭᠤᠷᠪᠠ᠂ ᠬᠡᠷ᠎ᠤᠨ ᠠᠬᠠᠮᠠᠳ ᠬᠡᠥᠬᠡᠳ᠎ᠤᠨ ᠪᠡᠶ᠎ᠡ ᠰᠡᠳᠬᠢᠴᠡ ᠵᠢᠨ ᠠ᠋ᠷᠡᠬᠦᠯ ᠮᠡᠨᠳᠦ᠎ᠳᠤ ᠠᠩᠬᠠᠷᠤᠯ ᠵᠶ᠋ᠠᠨ ᠬᠠᠨᠳᠤᠭᠤᠯᠬᠤ
     《ᠬᠡᠥᠬᠡᠳ᠎ᠤᠨ ᠴᠡᠴᠡᠷᠯᠢᠭ᠎ᠤᠨ ᠵᠦᠭᠯᠡᠬᠦᠷ》᠎ᠤᠨ ᠠ᠋ᠷᠡᠬᠦᠯ ᠮᠡᠨᠳᠦ ᠵᠢᠨ ᠬᠠᠷᠠᠯᠳᠠ᠎ᠳᠤ ᠬᠡᠥᠬᠡᠳ᠎ᠤᠨ ᠪᠡᠶ᠎ᠡ ᠰᠡᠳᠬᠢᠴᠡ᠂ ᠠᠮᠢᠳᠤᠷᠠᠯ᠎ᠤᠨ ᠲᠠᠳᠬᠠᠯ ᠪᠤᠯᠤᠨ ᠠᠮᠢᠳᠤᠷᠠᠭ᠍ᠤ ᠴᠢᠳᠠᠪᠤᠷᠢ᠂ ᠪᠡᠶ᠎ᠡ᠎ᠪᠠᠨ ᠲᠠᠭ᠋ᠠᠭ᠋ᠠᠬᠤ ᠴᠢᠳᠠᠪᠤᠷᠢ ᠵᠡᠷᠬᠡ᠎ᠳᠤ ᠪᠦᠷ ᠨᠠᠷᠢᠯᠢᠬ ᠲᠤᠬᠢᠷᠠᠭᠤᠯᠤᠯᠳᠠ᠎ᠲᠠᠢ ᠪᠠᠶ᠋ᠢᠳᠠᠭ᠃
     1. ᠬᠡᠥᠬᠡᠳ᠎ᠤᠨ ᠪᠡᠶ᠎ᠡ ᠮᠠᠭ᠍ᠠᠪᠤᠳ᠎ᠤᠨ ᠠ᠋ᠷᠡᠬᠦᠯ ᠮᠡᠨᠳᠦ ᠵᠢ ᠠᠩᠬᠠᠷᠬᠤ
      ᠲᠤᠰ ᠬᠤᠭᠤᠴᠠᠭ᠋ᠠᠨ᠎ᠤ 《ᠪᠦᠬᠦ ᠬᠤᠰᠢᠭᠤᠨ᠎ᠤ ᠬᠡᠥᠬᠡᠳ᠎ᠤᠨ ᠴᠡᠴᠡᠷᠯᠢᠭ᠎ᠤᠨ ᠰᠤᠷᠭ᠋ᠠᠨ ᠬᠦᠮᠦᠵᠢᠯ᠎ᠢ ᠬᠠᠷᠢᠭᠤᠴᠠᠭᠴᠢ ᠵᠡᠬᠢᠷᠤᠯ᠎ᠤᠨ ᠬᠤᠷᠠᠯ》 ᠲᠡᠭᠡᠷ᠎ᠡ ᠨᠢᠬᠡ ᠵᠡᠬᠢᠷᠤᠯ᠄ ᠬᠡᠥᠬᠡᠳ᠎ᠤᠨ ᠴᠡᠴᠡᠷᠯᠢᠭ᠎ᠲᠤ ᠢᠷᠡᠭᠰᠡᠨ ᠬᠡᠥᠬᠡᠳ᠎ᠤᠨ ᠪᠡᠶ᠎ᠡ᠎ᠪᠠᠨ ᠲᠠᠭ᠋ᠠᠭ᠋ᠠᠬᠤ ᠴᠢᠳᠠᠪᠤᠷᠢ ᠠ᠋ᠩ᠎ᠤᠨ ᠪᠠᠭᠤᠷᠠᠢ ᠪᠢᠰᠢ᠂ ᠬᠠᠷᠢᠨ ᠲᠡᠩᠳᠡᠬᠦᠥ ᠪᠠᠭᠤᠷᠠᠢ ᠪᠤᠯᠵᠠᠢ᠂ ᠤᠳᠤ ᠵᠢᠨ ᠬᠡᠥᠬᠡᠳ ᠴᠡᠴᠡᠷᠯᠢᠭ᠎ᠲᠤ ᠢᠷᠡᠬᠦ᠎ᠳᠤ᠎ᠪᠠᠨ ᠰᠢᠬᠡᠰᠦ ᠰᠢᠩᠬᠡᠬᠡᠬᠦ ᠴᠠᠭ᠋ᠠᠰᠤᠨ ᠦᠮᠦᠳᠦ ᠠᠪᠴᠢᠷᠠᠳᠠᠭ ᠪᠤᠯᠤᠭᠰᠠᠨ ᠪᠠᠶ᠋ᠢᠨ᠎ᠠ᠃ ᠮᠤᠩᠭᠤᠯ ᠬᠦᠮᠦᠨ ᠤᠤᠯ᠎ᠨᠢ ᠬᠡᠥᠬᠡᠳ ᠵᠶ᠋ᠠᠨ ᠰᠠᠷ᠎ᠠ ᠪᠤᠯᠬᠤ᠎ᠲᠠᠢ ᠵᠡᠷᠭᠡ ᠲᠤᠰᠴᠤ ᠰᠢᠬᠡᠯᠬᠡᠬᠡᠳ ᠲᠠᠰᠬᠠᠴᠢᠬᠠᠭᠰᠠᠨ ᠪᠠᠶ᠋ᠢᠳᠠᠭ᠃ ᠭᠤᠷᠪᠠᠨ ᠨᠠᠰᠤ ᠬᠦᠷᠳᠡᠯ᠎ᠡ ᠰᠢᠬᠡᠰᠦᠨ ᠦᠮᠦᠳᠦ ᠠ᠋ᠮᠦᠰᠦᠭᠦᠯᠦᠨ᠎ᠡ ᠬᠡᠳᠡᠭ ᠴᠢᠨᠢ ᠴᠤᠬᠤᠮ ᠶᠠᠮᠠᠷ ᠤᠴᠢᠷ ᠪᠤᠯᠪᠠ? ᠤᠷᠳᠤ ᠬᠤᠭᠤᠴᠠᠭ᠎ᠠ ᠨᠤᠶ᠋ᠢᠳᠠᠨ ᠴᠢᠬᠢᠭ᠎ᠲᠠᠢ ᠦᠮᠦᠳᠤ ᠠ᠋ᠮᠦᠰᠦᠭᠰᠡᠨ᠎ᠠᠴᠠ ᠪᠤᠯᠤᠭ᠋ᠠᠳ ᠬᠡᠥᠬᠡᠳ᠎ᠤᠨ ᠠᠷᠠᠰᠤᠨ᠎ᠤ ᠨᠤᠶ᠋ᠢᠳᠠᠨ᠎ᠢ ᠮᠡᠳᠡᠷᠡᠬᠦ ᠴᠢᠳᠠᠪᠤᠷᠢ᠎ᠨᠢ ᠪᠠᠭᠤᠷᠠᠵᠤ᠂ ᠴᠠᠭ᠋ᠠᠰᠢᠯᠠᠭ᠋ᠠᠳ ᠪᠡᠶ᠎ᠡ ᠮᠠᠭ᠍ᠠᠪᠤᠳ᠎ᠤᠨ ᠠ᠋ᠷᠡᠬᠦᠯ ᠮᠡᠨᠳᠦ᠎ᠳᠤ ᠨᠦᠯᠦᠭᠡ ᠦᠵᠡᠭᠦᠯᠵᠦ ᠮᠡᠳᠡᠨ᠎ᠡ᠃
      ᠨᠢᠬᠡᠨ ᠬᠡᠥᠬᠡᠳ᠎ᠤᠨ ᠪᠡᠶ᠎ᠡ ᠮᠠᠭ᠍ᠠᠪᠤᠳ᠎ᠤᠨ ᠰᠢᠯᠢᠳᠡᠭ ᠰᠠᠶ᠋ᠢᠬᠠᠨ ᠬᠦᠭᠵᠢᠯᠳᠡ᠎ᠠᠴᠠ ᠲᠡᠬᠦᠨ᠎ᠤ ᠠᠮᠢᠳᠤᠷᠠᠯ᠎ᠤᠨ ᠲᠠᠳᠬᠠᠯ ᠪᠤᠯᠤᠨ ᠠᠮᠢᠳᠤᠷᠠᠭ᠍ᠤ ᠴᠢᠳᠠᠪᠤᠷᠢ᠎ᠨᠢ ᠲᠠᠭ᠋ᠠᠯᠳᠤᠨ ᠬᠦᠭᠵᠢᠬᠦ ᠤᠴᠢᠷᠳᠡᠢ᠃ ᠠ᠋ᠶ᠋ᠢᠮᠦ᠎ᠠᠴᠠ ᠠᠪᠤ ᠡᠵᠢ ᠪᠤᠯᠤᠭᠰᠠᠳ ᠬᠡᠥᠬᠡᠳ᠎ᠤᠨ ᠵᠢᠮ᠎ᠠ ᠶᠤᠰᠤ᠎ᠲᠠᠢ ᠠᠮᠢᠳᠤᠷᠠᠭ᠍ᠤ᠂ ᠰᠢᠯᠢᠳᠡᠭ ᠰᠠᠶ᠋ᠢᠬᠠᠨ ᠲᠠᠳᠬᠠᠯ᠎ᠢ ᠬᠦᠮᠦᠵᠢᠬᠦᠯᠬᠦ᠎ᠨᠢ ᠴᠢᠬᠤᠯᠠ᠂ ᠠ᠋ᠬᠦᠨ᠎ᠤ ᠳ᠋ᠦᠩ᠎ᠳᠤ ᠬᠡᠥᠬᠡᠳ ᠦᠪᠡᠷᠮᠢᠴᠡ ᠬᠦᠭᠵᠢᠯᠳᠡ᠎ᠪᠠᠨ ᠤᠯᠵᠤ ᠴᠢᠳᠠᠭ᠍ᠤ ᠪᠦᠬᠡᠳ ᠪᠦᠬᠦ ᠲᠠᠯ᠎ᠠ᠎ᠪᠠᠷ ᠬᠦᠭᠵᠢᠵᠤ ᠲᠡᠢ᠍ᠢ᠍ᠯᠳᠡᠭ᠃
      ᠬᠡᠥᠬᠡᠳ᠎ᠤᠨ ᠪᠡᠶ᠎ᠡ ᠴᠤᠭᠴᠠᠰ᠎ᠤᠨ ᠠ᠋ᠷᠡᠬᠦᠯ ᠮᠡᠨᠳᠦ ᠵᠢᠨ ᠠᠰᠠᠭᠤᠳᠠᠯ᠎ᠳᠤ ᠤᠨᠴᠠᠭ᠋ᠠᠶ᠋ᠢᠯᠠᠨ ᠲᠤᠷᠠᠳᠤᠭᠤᠰᠢᠳᠠᠢ ᠪᠠᠰᠠ ᠨᠢᠬᠡᠨ ᠴᠢᠬᠤᠯᠠ ᠵᠦᠢ᠍ᠯ ᠬᠡᠪᠡᠯ ᠬᠡᠥᠬᠡᠳ᠎ᠤᠨ ᠨᠢᠳᠦ ᠵᠢ ᠵᠠᠪᠠᠯ ᠰᠠᠶ᠋ᠢᠳᠤᠷ ᠬᠠᠮᠠᠭ᠋ᠠᠯᠠᠭ᠍ᠤ ᠬᠡᠷᠡᠭᠳᠡᠢ᠃ ᠰᠢ ᠵᠢᠨ ᠫᠢᠩ ᠲᠡᠷᠢᠬᠦᠯᠡᠭᠴᠢ᠎ᠠᠴᠠ ᠲᠤᠰ ᠬᠤᠭᠤᠴᠠᠭ᠎ᠠ ᠰᠤᠷᠭ᠋ᠠᠭᠤᠯᠢ ᠠ᠋ᠬᠢᠯᠡᠬᠦ ᠦᠶᠡᠰ 《ᠬᠠᠮᠳᠤ᠎ᠳᠤ᠎ᠪᠠᠨ ᠬᠡᠥᠬᠡᠳ᠎ᠤᠨ ᠨᠢᠳᠦ ᠵᠢ ᠰᠠᠶ᠋ᠢᠳᠤᠷ ᠬᠠᠮᠠᠭ᠋ᠠᠯᠠᠵᠤ᠂ ᠳᠠᠲᠠ ᠨᠠᠷ᠎ᠲᠤ ᠬᠡᠷᠡᠯ ᠰᠠᠴᠤᠷᠠᠩᠭᠤᠢ ᠢᠷᠡᠬᠡᠳᠦᠢ ᠵᠢ ᠤᠯᠭᠤᠶ᠎ᠠ》 ᠬᠡᠵᠤ ᠲᠤᠷᠠᠳᠤᠭᠰᠠᠨ ᠪᠠᠶ᠋ᠢᠨ᠎ᠠ᠃
      ᠪᠤᠳᠠᠳᠠᠢ ᠲᠤᠷᠠᠳᠪᠠᠯ᠂ ᠴᠡᠴᠡᠷᠯᠢᠭ᠎ᠲᠤ ᠤᠶ᠋ᠢᠷ᠎ᠠ ᠵᠢᠨ ᠵᠢᠯ᠎ᠤᠳ᠎ᠲᠤ ᠤᠶ᠋ᠢᠷ᠎ᠠ ᠬᠠᠷᠠᠭ᠎ᠠ᠎ᠲᠠᠢ ᠪᠤᠶᠤ ᠬᠠᠷᠠᠭ᠎ᠠ ᠮᠠᠭᠤ ᠬᠡᠥᠬᠡᠳ ᠠᠷᠪᠢᠳᠤᠭᠰᠠᠨ᠂ ᠠ᠋ᠬᠦᠨ᠎ᠳᠤ ᠴᠢᠭᠯᠡᠬᠦᠯᠦᠨ ᠦᠪᠦᠷ ᠮᠤᠩᠭᠤᠯ᠎ᠤᠨ ᠠᠯᠠᠱ᠌ᠠ ᠵᠡᠬᠦᠨ ᠬᠤᠰᠢᠭᠤᠨ᠎ᠤ ᠬᠢᠳᠠᠳ ᠨᠢᠬᠡᠳᠦᠬᠡᠷ ᠬᠡᠥᠬᠡᠳ᠎ᠤᠨ ᠴᠡᠴᠡᠷᠯᠢᠭ ᠬᠡᠥᠬᠡᠳ᠎ᠲᠤ ᠲᠤᠰᠬᠠᠢ ᠰᠡᠳᠦᠪᠳᠦ ᠰᠤᠳᠤᠯᠭ᠋ᠠᠨ ᠬᠢᠵᠤ ᠪᠠᠭᠰᠢ᠂ ᠬᠡᠷ᠎ᠤᠨ ᠠᠬᠠᠮᠠᠳ ᠠ᠋ᠳᠦᠷ ᠲᠤᠳᠤᠮ᠎ᠤᠨ ᠠᠮᠢᠳᠤᠷᠠᠯ ᠰᠤᠷᠤᠯᠴᠠᠯᠭ᠎ᠠ ᠲᠤᠮᠳᠠ ᠬᠡᠥᠬᠡᠳ᠎ᠤᠨ ᠦᠢ᠍ᠷ᠎ᠠ ᠬᠠᠷᠠᠭ᠎ᠠ ᠵᠢ ᠰᠡᠷᠬᠡᠶ᠋ᠢᠯᠡᠬᠦ ᠪᠤᠳᠠᠳᠤ ᠠᠵᠢᠯᠯᠠᠭ᠎ᠠ ᠦᠷᠨᠢᠬᠦᠯᠦᠭᠰᠡᠨ᠎ᠤ ᠡᠴᠦᠰ᠎ᠲᠤ ᠴᠡᠴᠡᠷᠯᠢᠭ᠎ᠤᠨ ᠬᠡᠥᠬᠡᠳ ᠦᠨᠡᠨ ᠬᠦ᠌ ᠠᠰᠢᠭ ᠬᠦᠷᠳᠡᠵᠤ ᠴᠢᠳᠠᠭᠰᠠᠨ ᠪᠦᠬᠡᠳ ᠬᠡᠷ᠎ᠤᠨ ᠠᠬᠠᠮᠠᠳ᠎ᠤᠨ ᠲᠤᠰ ᠠᠵᠢᠯ᠎ᠢ ᠴᠢᠬᠤᠯᠠᠴᠢᠯᠠᠭ᠍ᠤ ᠦᠵᠡᠯ ᠤᠬᠠᠮᠰᠠᠷ᠎ᠨᠢ ᠴᠦ᠍ ᠲᠡᠭᠡᠭᠰᠢᠯᠡᠭᠰᠡᠨ ᠪᠠᠶ᠋ᠢᠨ᠎ᠠ᠃ ᠤᠳᠤ ᠵᠢᠨ ᠬᠡᠥᠬᠡᠳ ᠬᠤᠯᠠ ᠵᠢ ᠬᠠᠷᠠᠭ᠍ᠤ᠂ ᠨᠢᠳᠦᠨ᠎ᠤ ᠪᠤᠯᠪᠠᠰᠤᠷᠠᠯ ᠬᠢᠬᠦ ᠪᠤᠯᠤᠯᠴᠠᠭ᠎ᠠ ᠲᠤᠩ ᠬᠤᠪᠤᠷ᠂ ᠴᠠᠭ᠋ᠠᠰᠢᠯᠠᠭ᠋ᠠᠳ ᠬᠡᠦᠬᠡᠳ᠎ᠤᠨ ᠠ᠋ᠯᠧᠺᠲᠷᠣᠨ ᠪᠦᠲᠦᠭᠡᠭᠳᠡᠭᠦᠨ᠎ᠳᠤ ᠬᠡᠲᠦ ᠰᠢᠨᠤᠬᠤ᠎ᠨᠢ ᠤᠶ᠋ᠢᠷ᠎ᠠ ᠬᠠᠷᠠᠭ᠎ᠠ᠎ᠲᠠᠢ ᠪᠤᠯᠬᠤ ᠪᠤᠯᠤᠯᠴᠠᠭ᠎ᠠ ᠵᠢ ᠲᠠᠬᠢᠨ ᠵᠶ᠋ᠠᠷ ᠨᠡᠮᠡᠭᠳᠡᠬᠦᠯᠦᠭᠰᠡᠨ ᠪᠠᠶ᠋ᠢᠨ᠎ᠠ᠃ ᠠ᠋ᠳᠦᠷ᠎ᠲᠤ ᠬᠡᠳᠦ ᠤᠳᠠᠭ᠎ᠠ ᠨᠢᠳᠤᠨ ᠲᠠᠮᠢᠷ ᠬᠢᠭᠦ᠂ ᠬᠤ᠌ ᠯᠤᠥᠪᠠᠩ᠂ ᠵᠢᠭ᠋ᠠᠰᠤᠨ᠎ᠤ ᠲᠦᠷᠦᠯ᠂ ᠸᠢᠲ᠋ᠠᠮᠢᠨ ᠠᠭᠤᠯᠤᠭᠰᠠᠨ ᠢᠳᠡᠬᠡᠨ᠂ ᠵᠢᠮᠢᠰ ᠨᠤᠭᠤᠭ᠎ᠠ ᠢᠯᠡᠬᠦᠥ ᠢᠳᠡᠬᠦ᠎ᠨᠢ ᠬᠡᠦᠬᠡᠳ᠎ᠤᠨ ᠬᠠᠷᠠᠭ᠋ᠠᠨ᠎ᠤ ᠪᠤᠶ᠋ᠢᠵᠢᠯᠲᠠ᠎ᠳᠤ ᠰᠠᠶ᠋ᠢᠨ ᠪᠠᠶ᠋ᠢᠳᠠᠭ᠃
     2. ᠬᠡᠥᠬᠡᠳ᠎ᠤᠨ ᠰᠡᠳᠬᠢᠴᠡ ᠵᠢᠨ ᠠ᠋ᠷᠡᠬᠦᠯ ᠮᠡᠨᠳᠦ ᠵᠢ ᠠᠩᠬᠠᠷᠬᠤ
     《ᠪᠠᠯᠴᠢᠷ ᠨᠠᠰᠤᠨ᠎ᠤ ᠬᠦᠮᠦᠵᠢᠯ》᠎ᠤᠨ ᠬᠠᠯᠠᠭᠤᠷᠠᠯ᠎ᠠᠴᠠ ᠪᠤᠯᠵᠤ᠂ ᠤᠯᠠᠩᠬᠢ ᠬᠡᠷ᠎ᠤᠨ ᠠᠬᠠᠮᠠᠳ ᠬᠡᠥᠬᠡᠳ᠎ᠤᠨ ᠤᠶᠤᠨ᠎ᠤ ᠬᠦᠮᠦᠵᠢᠯ᠎ᠢ ᠭᠤᠥᠯᠴᠢᠯᠠᠵᠤ᠂ ᠬᠡᠥᠬᠡᠳ᠎ᠤᠨ ᠤᠷᠮ᠎ᠠ ᠰᠡᠳᠬᠢᠯᠬᠡ ᠵᠢ ᠪᠡᠶᠡᠳᠡᠨ ᠤᠶ᠋ᠢᠯᠠᠭ᠋ᠠᠬᠤ ᠵᠢ ᠠᠩᠬᠠᠷᠬᠤ ᠦᠭᠡᠢ ᠪᠠᠢ᠍ᠢ᠍ᠨ᠎ᠠ᠃
     2016 ᠤᠨ᠎ᠤ ᠪᠦᠷᠢᠳᠬᠡᠯ᠎ᠠᠴᠠ ᠦᠵᠡᠪᠡᠯ᠂ ᠲᠤᠰ ᠵᠢᠯ ᠮᠠᠨ᠎ᠤ ᠤᠯᠤᠰ᠎ᠲᠤ 1142.8 ᠲᠦᠮᠡᠨ ᠰᠢᠨ᠎ᠡ ᠬᠤᠥᠰ ᠤᠷᠤᠭᠯᠠᠵᠤ᠂ 415.8 ᠲᠦᠮᠡᠨ ᠬᠤᠥᠰ ᠤᠷᠤᠭ ᠰᠠᠯᠤᠭᠰᠠᠨ ᠪᠠᠶ᠋ᠢᠨ᠎ᠠ᠃ ᠠ᠋ᠳᠡᠬᠡᠷ ᠤᠷᠤᠭ ᠰᠠᠯᠤᠭᠰᠠᠨ ᠬᠡᠷ ᠪᠦᠯᠢ᠎ᠳᠤ ᠬᠡᠨ ᠬᠤᠬᠢᠷᠠᠯ ᠠᠮᠰᠠᠬᠤ ᠪᠤᠢ? ᠶᠠᠷᠢᠶᠠᠨ ᠦᠭᠡᠢ ᠬᠡᠥᠬᠡᠳ ᠰᠢᠤ ᠳ᠋ᠠ᠃ ᠠᠪᠤ ᠡᠵᠢ ᠪᠤᠯᠤᠭᠰᠠᠦᠨ ᠦᠪᠠᠷ᠎ᠢ᠎ᠪᠠᠨ ᠪᠤᠳᠤᠬᠤ᠎ᠨᠢ ᠴᠢᠬᠤᠯᠠ ᠭᠡᠭᠦ᠎ᠳᠤ ᠭᠡᠤᠭᠡᠳ᠎ᠢ᠎ᠪᠠᠨ ᠪᠤᠳᠤᠬᠤ᠎ᠨᠢ ᠴᠦ᠍ ᠮᠠᠰᠢ ᠴᠢᠬᠤᠯᠠ ᠶᠤᠮ᠃
     3~6 ᠨᠠᠰᠤᠨ᠎ᠤ ᠬᠡᠥᠬᠡᠳ᠎ᠤᠨ ᠬᠦᠮᠦᠵᠢᠯ ᠪᠤᠯ ᠮᠠᠰᠢ ᠴᠢᠬᠤᠯᠠ᠂ ᠨᠢᠬᠡ ᠪᠠᠷᠢᠯᠭ᠎ᠠ᠎ᠪᠠᠷ ᠠᠪᠴᠤ ᠦᠵᠡᠪᠡᠯ ᠠ᠋ᠨᠡ᠎ᠨᠢ ᠰᠠᠭᠤᠷᠢ ᠵᠢᠨ ᠰᠠᠭᠤᠷᠢ ᠪᠤᠯᠬᠤ ᠲᠤᠮᠤ ᠢᠨᠵᠸᠨ᠋ᠸᠷᠢᠩ ᠮᠦᠨ᠃ ᠠ᠋ᠶ᠋ᠢᠮᠦ᠎ᠠᠴᠠ ᠬᠡᠷ᠎ᠤᠨ ᠠᠬᠠᠮᠠᠳ ᠪᠤᠯᠤᠭᠰᠠᠳ ᠪᠦᠬᠦ ᠲᠠᠯ᠎ᠠ᠎ᠪᠠᠷ ᠠᠩᠬᠠᠷᠴᠤ᠂ ᠬᠡᠥᠬᠡᠳ᠎ᠤᠨ ᠵᠶ᠋ᠠᠨ ᠨᠢᠬᠡ ᠨᠠᠰᠤᠨ᠎ᠤ ᠬᠦᠭᠵᠢᠯᠳᠡ᠎ᠳᠤ ᠰᠠᠶ᠋ᠢᠨ ᠰᠠᠭᠤᠷᠢ ᠵᠢ ᠲᠠᠯᠪᠢᠵᠤ ᠦᠭᠪᠡᠯ ᠵᠤᠬᠢᠨ᠎ᠠ᠃


                ᠬᠠᠶᠢᠬ᠄   ᠭᠠᠨᠰᠤ ᠮᠤᠵᠢ ᠵᠢᠨ ᠰᠦᠪᠸᠢ ᠰᠢᠶᠠᠨ᠎ᠤ ᠬᠡᠤᠬᠡᠤᠨ᠎ᠤᠨ ᠴᠡᠴᠡᠷᠯᠢᠭ
                                     (ᠰᠦᠶ᠎ᠠ ᠨᠠᠢ᠍ᠢ᠍ᠷᠠᠭᠤᠯᠪᠠ)
                                      6 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠮᠣᠩᠭᠤᠯ ᠠᠷᠠᠳ᠎ᠤᠨ ᠣᠯᠠᠮᠵᠢᠯᠠᠯᠳᠥ ᠨᠠᠭ᠋ᠠᠳᠥᠮ 《ᠴᠠᠭ᠋ᠠᠨ ᠬᠤᠷᠠᠭ᠋ᠠᠨ ᠰᠡᠭᠦᠯ ᠪᠠᠷᠢᠬᠤ》 ᠲᠣᠭᠯᠠᠭ᠋ᠠᠮ᠎ᠠᠴᠠ ᠰᠡᠳᠣᠪᠯᠡᠭᠦ᠎ᠨᠢ
ᠭᠡᠤᠭᠡᠳ ᠨᠤᠮ ᠲᠤᠭᠯᠠᠭ᠋ᠠᠮ ᠭᠤᠷᠪᠠ ᠵᠢ ᠤᠶᠠᠯᠳᠤᠭᠤᠯᠤᠭᠰᠠᠨ 《ᠲᠤᠭᠯᠠᠭ᠋ᠠᠮ᠎ᠤᠨ ᠲᠤᠮᠳᠠ ᠬᠡᠤᠬᠡᠳ᠎ᠤᠨ ᠬᠦᠭᠵᠢᠯ᠎ᠢ ᠲᠡᠮᠵᠢᠬᠦ》 ᠰᠤᠳᠤᠯᠭ᠋ᠠᠨ᠎ᠤ ᠰᠡᠳᠦᠪ᠎ᠤᠨ ᠲᠤᠬᠠᠢ
ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠬᠦᠨᠳᠦᠳᠬᠡᠬᠦ ᠴᠢᠬᠤᠯᠠ᠎ᠲᠠᠢ ᠬᠡᠳᠦᠨ ᠠᠰᠠᠭᠤᠳᠠᠯ
ᠪᠠᠭ᠋ᠠᠴᠤᠳ᠎ᠤᠨ ᠬᠤᠰᠢᠭᠤᠴᠢ ᠠᠩᠬᠢ ᠵᠢᠨ ᠬᠦᠳᠡᠯᠭᠡᠭᠡᠨ ᠵᠶ᠋ᠠᠷ ᠰᠤᠷᠤᠭᠴᠢᠳ᠎ᠲᠤ ᠬᠡᠷᠬᠢᠨ ᠬᠦᠮᠦᠵᠢᠯ ᠬᠢᠬᠦ ᠪᠤᠢ
ᠭᠡᠤᠭᠡᠤᠨ᠎ᠤᠨ ᠶᠤᠰᠤ ᠮᠤᠷᠠᠯ᠎ᠤᠨ ᠰᠤᠷᠭ᠋ᠠᠨ ᠭᠦᠮᠤᠵᠢᠯ᠎ᠤᠨ ᠰᠢᠡᠵᠢᠯᠠᠯᠳᠠ
 
             蒙ICP备05000248号