ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠦᠢ᠍ᠯᠡ ᠤᠶᠤᠳᠠᠯ᠎ᠤᠨ ᠵᠢᠭ᠋ᠠᠨ ᠰᠤᠷᠭ᠋ᠠᠯᠳᠠ ᠵᠢᠨ ᠴᠡᠴᠡᠷᠯᠢᠭ᠎ᠤᠨ ᠬᠡᠦᠬᠡᠳ᠎ᠲᠤ ᠦᠵᠡᠭᠦᠯᠬᠦ ᠨᠦᠯᠦᠭᠡ
ᠨᠡᠶ᠋ᠢᠲᠡᠯᠡᠭᠰᠡᠨ ᠴᠠᠭ᠄ 2020-03-20

                                        ᠦᠵᠡᠰᠭᠦᠯᠡᠩ


      ᠴᠡᠴᠡᠷᠯᠢᠭ᠎ᠤᠨ ᠰᠤᠷᠭ᠋ᠠᠨ ᠬᠦᠮᠦᠵᠢᠯ᠎ᠤᠨ ᠵᠢᠯᠤᠭᠤᠳᠬᠤ ᠬᠦᠳᠦᠯᠪᠦᠷᠢ᠎ᠳᠤ᠄ 《ᠪᠠᠯᠴᠢᠷ ᠬᠡᠦᠬᠡᠳ᠎ᠤᠨ ᠰᠤᠷᠤᠯᠴᠠᠯᠭ᠎ᠠ ᠵᠢᠨ ᠠᠷᠭ᠎ᠠ ᠮᠠᠶᠢᠭ᠎ᠨᠢ ᠭᠤᠤᠯᠳᠠᠭᠤ ᠨᠤᠮ ᠪᠢᠴᠢᠭ ᠵᠶ᠋ᠠᠷ ᠳᠠᠮᠵᠢᠬᠤ ᠪᠢᠰᠢ᠂ ᠶᠡᠭᠡ ᠬᠡᠮᠵᠢᠶᠡᠨ᠎ᠤ ᠬᠡᠶ᠋ᠢᠰᠪᠦᠷᠢ ᠲᠤᠬᠢᠶ᠎ᠠ ᠲᠡᠮᠳᠡᠭ᠎ᠢ ᠴᠡᠭᠡᠵᠢᠯᠡᠬᠦ᠎ᠪᠠᠷ ᠳᠠᠮᠵᠢᠵᠤ ᠰᠤᠷᠤᠯᠴᠠᠭ᠍ᠤ ᠴᠦ᠍ ᠪᠢᠰᠢ᠂ ᠬᠠᠷᠢᠨ ᠪᠤᠳᠠᠳᠠᠢ ᠦᠢ᠍ᠯᠡᠳᠦᠯᠭᠡ᠎ᠪᠠᠷ ᠳᠠᠮᠵᠢᠬᠤ᠂ ᠪᠡᠶ᠎ᠡ᠎ᠪᠠᠷ ᠵᠶ᠋ᠠᠨ ᠦᠩᠭᠡᠷᠡᠭᠦᠯᠬᠦ᠂ ᠳᠠᠭᠤᠷᠢᠶᠠᠭ᠍ᠤ᠂ ᠰᠡᠷᠡᠨ ᠮᠡᠳᠡᠷᠡᠬᠦ᠂ ᠰᠦᠪᠡᠭᠴᠢᠯᠡᠬᠦ᠂ ᠬᠢᠬᠦ ᠵᠢᠨ ᠳᠤᠮᠳᠠ ᠰᠤᠷᠬᠤ᠂ ᠨᠠᠭ᠋ᠠᠳᠬᠤ᠎ᠶᠢᠨ ᠳᠤᠮᠳᠠ ᠰᠤᠷᠬᠤ᠂ ᠠᠮᠢᠳᠤᠷᠠᠯ᠎ᠤᠨ ᠳᠤᠮᠳᠠ ᠰᠤᠷᠬᠤ᠂ ᠲᠠᠰᠤᠷᠠᠯᠳᠠ ᠦᠭᠡᠢ ᠲᠤᠷᠰᠢᠯᠭ᠎ᠠ ᠬᠤᠷᠠᠮᠳᠤᠭᠤᠯᠬᠤ᠂ ᠦᠪᠡᠷ᠎ᠤᠨ ᠤᠶ᠋ᠢᠯᠠᠭ᠋ᠠᠯᠳᠠ ᠪᠠ ᠲᠠᠨᠢᠯᠳᠠ᠎ᠪᠠᠨ ᠠᠯᠬᠤᠮ ᠠᠯᠬᠤᠮ ᠵᠶ᠋ᠠᠷ ᠪᠦᠷᠢᠯᠳᠦᠭᠦᠯᠬᠦ ᠶᠠᠪᠤᠴᠠ ᠪᠤᠯᠤᠨ᠎ᠠ》 ᠭᠡᠵᠦ ᠵᠢᠭ᠋ᠠᠵᠤ ᠭᠠᠷᠭ᠋ᠠᠭᠰᠠᠨ ᠪᠠᠶ᠋ᠢᠳᠠᠭ᠃ ᠮᠤᠩᠭᠤᠯᠴᠤᠳ ᠶᠡᠷᠦ᠎ᠨᠢ 《ᠬᠥᠮᠥᠨ ᠪᠣᠯᠬᠤ ᠪᠠᠭ᠎ᠠ᠎ᠠᠴᠠ᠎ᠪᠠᠨ᠂ ᠬᠥᠯᠥᠭ ᠪᠣᠯᠬᠤ ᠤᠨᠠᠭ᠋ᠠᠨ᠎ᠠᠴᠠ᠎ᠪᠠᠨ》᠂ 《ᠠ᠋ᠷᠬᠡ ᠵᠢ ᠰᠤᠷᠬᠤ᠎ᠪᠠᠷ ᠪᠡᠷᠬᠡ ᠵᠢ ᠰᠤᠷ》 ᠭᠡᠵᠦ ᠬᠡᠦᠬᠡᠳ ᠪᠠᠭ᠋ᠠᠴᠤᠳ ᠵᠶ᠋ᠠᠨ ᠬᠠᠷᠠᠬᠠᠨ ᠪᠠᠭ᠎ᠠ ᠨᠠᠰᠤᠨ᠎ᠠᠴᠠ᠎ᠨᠢ ᠠᠵᠢᠯ ᠬᠦᠳᠡᠯᠮᠦᠷᠢ᠎ᠳᠤ ᠳᠠᠪᠳᠠᠨ ᠪᠤᠯᠪᠠᠰᠤᠷᠠᠭᠤᠯᠬᠤ᠂ ᠥᠪᠡᠰᠦᠪᠡᠨ ᠭᠠᠷ ᠬᠦᠳᠡᠯᠦᠨ ᠠᠵᠢᠯ ᠦᠢ᠍ᠯᠡᠳᠦᠯᠭᠡ᠎ᠳᠤ ᠪᠡᠶᠡᠴᠢᠯᠡᠨ ᠣᠷᠣᠯᠴᠠᠭ᠍ᠤ᠎ᠪᠠᠷ ᠳᠠᠮᠵᠢᠨ ᠠᠮᠢᠳᠤᠷᠠᠯ᠎ᠢ ᠲᠠᠨᠢᠵᠤ᠂ ᠠ᠋ᠨᠡ ᠶᠠᠪᠤᠴᠠ ᠳᠤᠮᠳᠠ ᠲᠣᠬᠢᠶᠠᠯᠳᠤᠭᠰᠠᠨ ᠬᠦᠴᠢᠷ ᠪᠡᠷᠬᠡᠰᠢᠶᠡᠯ᠎ᠢ ᠢᠯᠠᠨ ᠳᠠᠪᠠᠭ᠍ᠤ ᠪᠠ ᠪᠡᠶ᠎ᠡ᠎ᠪᠠᠨ ᠳᠠᠭ᠋ᠠᠭ᠋ᠠᠵᠤ ᠨᠠᠭ᠋ᠠᠳᠴᠤ ᠲᠣᠭᠯᠠᠭ᠍ᠤ ᠪᠤᠶᠤ ᠠᠵᠢᠯᠯᠠᠵᠤ ᠰᠤᠷᠤᠯᠴᠠᠭ᠍ᠤ ᠴᠢᠳᠠᠪᠤᠷᠢ ᠵᠢ ᠡᠵᠡᠮᠰᠢᠭᠦᠯᠬᠦ᠎ᠪᠠᠷ ᠵᠤᠷᠢᠬ᠍ᠵᠢᠭᠤᠯᠤᠨ ᠬᠠᠷᠠᠯᠲᠠ ᠵᠣᠷᠢᠯᠭ᠎ᠠ᠎ᠲᠠᠢ᠎ᠪᠠᠷ ᠬᠦᠮᠦᠵᠢᠭᠦᠯᠳᠡᠭ᠃ ᠠ᠋ᠶ᠋ᠢᠨ ᠬᠦ᠌ ᠡᠴᠢᠨᠡᠭᠡᠨ ᠵᠢᠯ᠎ᠤᠨ ᠴᠡᠴᠡᠷᠯᠢᠭ᠎ᠤᠨ ᠵᠢᠭ᠋ᠠᠨ ᠰᠤᠷᠭ᠋ᠠᠯᠲᠠ ᠵᠢᠨ ᠶᠠᠪᠤᠴᠠ᠎ᠳᠤ᠎ᠪᠠᠨ ᠪᠠᠯᠴᠢᠷ ᠬᠡᠦᠬᠡᠳ᠎ᠤᠨ ᠦᠢ᠍ᠯᠡ ᠬᠦᠳᠡᠯᠦᠯ᠂ ᠦᠭᠡ ᠶᠠᠷᠢᠶ᠎ᠠ ᠴᠢᠨᠠᠭᠰᠢᠯᠠᠨ ᠨᠠᠭ᠋ᠠᠳᠤᠮ ᠲᠣᠭᠯᠠᠭ᠋ᠠᠮ᠂ ᠳᠤᠷ᠎ᠠ ᠰᠣᠨᠢᠷᠬᠠᠯ ᠵᠡᠷᠭᠡ ᠲᠠᠯ᠎ᠠ᠎ᠳᠤ ᠢᠯᠡᠭᠦᠦ ᠠᠩᠬᠠᠷᠤᠯ ᠵᠶ᠋ᠠᠨ ᠬᠠᠨᠳᠤᠭᠤᠯᠵᠤ᠂ ᠠᠯᠢ ᠪᠣᠯᠬᠤ᠎ᠪᠠᠷ ᠬᠡᠦᠬᠡᠳ ᠨᠢᠭᠡ ᠪᠦᠷᠢ ᠵᠢᠨ ᠲᠤᠳᠤᠭ᠋ᠠᠳᠤ ᠰᠡᠳᠬᠢᠯ᠎ᠢ ᠨᠠᠷᠢᠨ ᠠᠵᠢᠭᠯᠠᠵᠤ᠂ ᠲᠡᠳᠡᠨ᠎ᠤ ᠠᠭ᠋ᠠᠰᠢ ᠵᠠᠩ᠎ᠢ᠎ᠨᠢ ᠲᠣᠳᠣᠷᠬᠠᠢ ᠣᠶ᠋ᠢᠯᠠᠭ᠋ᠠᠵᠤ᠂ ᠬᠡᠦᠬᠡᠳ ᠨᠠᠰᠤᠨ᠎ᠤ ᠤᠨᠴᠠᠯᠢᠭ᠎ᠲᠤ᠎ᠨᠢ ᠲᠤᠬᠢᠷᠠᠭᠤᠯᠤᠨ᠂ ᠬᠡᠦᠬᠡᠳ ᠵᠶ᠋ᠠᠷ ᠦᠨᠳᠦᠰᠦ ᠪᠤᠯᠭ᠋ᠠᠨ᠂ ᠪᠠᠭᠰᠢ᠎ᠪᠠᠷ ᠵᠢᠯᠤᠭᠤᠳᠤᠭᠴᠢ ᠪᠤᠯᠭ᠋ᠠᠬᠤ ᠵᠢ ᠪᠠᠷᠢᠮᠳᠠᠯᠠᠨ ᠬᠡᠦᠬᠡᠳ᠎ᠤᠨ ᠰᠤᠨᠢᠭᠤᠴᠢ ᠰᠡᠳᠬᠢᠯ᠂ ᠤᠷᠮ᠎ᠠ ᠰᠤᠨᠢᠷᠬᠠᠯ᠎ᠢ ᠲᠠᠳᠠᠵᠤ᠂ ᠲᠡᠳᠡᠨ᠎ᠢ ᠠᠯᠢ ᠴᠢᠳᠠᠭ᠍ᠤ᠎ᠪᠠᠷ ᠥᠪᠡᠰᠦᠪᠡᠨ ᠭᠠᠷ ᠬᠦᠳᠡᠯᠦᠨ ᠬᠢᠵᠦ ᠪᠦᠲᠦᠭᠡᠵᠦ ᠤᠷᠤᠯᠳᠤᠬᠤ ᠵᠢ ᠵᠣᠷᠢᠬ᠍ᠵᠢᠭᠤᠯᠤᠨ᠂ ᠪᠤᠳᠠᠳᠠᠢ ᠦᠢ᠍ᠯᠡᠳᠦᠯᠭᠡ᠎ᠳᠤ ᠤᠷᠤᠯᠴᠠᠭᠤᠯᠤᠨ᠂ ᠦᠨᠡᠨ ᠮᠥᠨ ᠴᠢᠳᠠᠪᠤᠷᠢ ᠵᠢ ᠬᠥᠮᠥᠵᠢᠭᠦᠯᠬᠦ ᠵᠣᠷᠢᠯᠭ᠎ᠠ᠎ᠪᠠᠷ ᠭᠠᠵᠠᠷ ᠣᠷᠣᠨ᠎ᠤ᠎ᠪᠠᠨ ᠪᠣᠳᠠᠲᠤ ᠪᠠᠶ᠋ᠢᠳᠠᠯ᠎ᠳᠤ ᠵᠣᠬᠢᠴᠠᠭᠤᠯᠤᠨ ᠦᠢ᠍ᠯᠡ ᠤᠶᠤᠳᠠᠯ᠎ᠤᠨ ᠵᠢᠭ᠋ᠠᠨ ᠰᠤᠷᠭ᠋ᠠᠯᠳᠠ ᠵᠢ ᠴᠡᠴᠡᠷᠯᠢᠭ᠎ᠤᠨ ᠪᠠᠯᠴᠢᠷ ᠬᠡᠦᠬᠡᠳ᠎ᠠᠴᠠ ᠠ᠋ᠬᠢᠯᠡᠨ ᠶᠠᠪᠤᠭᠳᠠᠭᠤᠯᠬᠤ ᠵᠢᠭ᠋ᠠᠨ ᠰᠤᠷᠭ᠋ᠠᠯᠲᠠ ᠵᠢᠨ ᠰᠤᠳᠤᠯᠭ᠋ᠠᠨ᠎ᠢ ᠠ᠋ᠬᠢᠯᠡᠵᠦ ᠭᠠᠷᠳᠠᠨ ᠬᠢᠬᠡᠳ ᠮᠠᠰᠢ ᠶᠡᠭᠡ ᠦᠷ᠎ᠡ ᠠᠰᠢᠭ᠎ᠲᠠᠢ᠂ ᠠᠯᠤᠰ ᠬᠤᠯᠠ ᠵᠢᠨ ᠠᠴᠢ ᠬᠤᠯᠪᠤᠭᠳᠠᠯ ᠲ᠋ᠠᠢ ᠭᠡᠳᠡᠭ᠎ᠢ ᠤᠬᠠᠵᠤ ᠤᠶ᠋ᠢᠯᠠᠭ᠋ᠠᠯ᠎ᠠ᠃ ᠲᠡᠭᠡᠵᠦ ᠴᠡᠴᠡᠷᠯᠢᠭ᠎ᠤᠨ ᠬᠡᠦᠬᠡᠳ᠎ᠲᠤ ᠦᠢ᠍ᠯᠡ ᠤᠶᠤᠳᠠᠯ᠎ᠤᠨ ᠵᠢᠭ᠋ᠠᠨ ᠰᠤᠷᠭ᠋ᠠᠯᠳᠠ ᠶᠠᠮᠠᠷᠬᠠᠨ ᠨᠦᠯᠦᠭᠡ ᠦᠵᠡᠭᠦᠯᠳᠡᠭ ᠲᠤᠬᠠᠢ ᠮᠦᠴᠢᠳ ᠦᠭᠦᠯᠡᠶ᠎ᠡ᠃
      ᠨᠢᠭᠡ᠂ ᠬᠡᠦᠬᠡᠳ᠎ᠤᠨ ᠠᠩᠬᠠᠷᠤᠯ ᠵᠶ᠋ᠠᠨ ᠲᠦᠪᠯᠡᠷᠡᠭᠦᠯᠬᠦ ᠴᠢᠳᠠᠪᠤᠷᠢ ᠪᠤᠯᠤᠨ ᠬᠦᠯᠢᠴᠡᠩᠭᠦᠢ᠂ ᠲᠡᠰᠪᠦᠷᠢ ᠲᠡᠪᠴᠢᠶᠡᠷᠢ᠎ᠲᠠᠢ ᠵᠠᠩ ᠤᠪᠤᠷ᠎ᠢ ᠪᠤᠢ ᠪᠤᠯᠭ᠋ᠠᠨ᠎ᠠ᠃ 《ᠲᠦᠮᠡᠨ ᠳᠠᠪᠬᠤᠷ ᠠᠰᠠᠷ ᠴᠦ᠍ ᠰᠠᠭᠤᠷᠢ᠎ᠠᠴᠠ᠎ᠪᠠᠨ ᠪᠣᠰᠳᠠᠭ》 ᠭᠡᠳᠡᠭ ᠵᠶ᠋ᠠᠷ ᠬᠥᠮᠥᠨ ᠲᠦᠷᠦᠯᠬᠢᠳᠡᠨ᠎ᠤ ᠬᠠᠮᠤᠭ᠎ᠤᠨ ᠠᠩᠬᠠᠨ᠎ᠤ ᠰᠤᠷᠭ᠋ᠠᠭᠤᠯᠢ ᠵᠢᠨ ᠰᠤᠷᠭ᠋ᠠᠨ ᠬᠥᠮᠥᠵᠢᠯ᠎ᠤᠨ ᠰᠠᠭᠤᠷᠢ᠎ᠨᠢ ᠴᠡᠴᠡᠷᠯᠢᠭ ᠪᠣᠯᠳᠠᠭ ᠵᠶ᠋ᠠᠷ ᠬᠡᠦᠬᠡᠳ᠎ᠤᠨ ᠵᠢᠩᠬᠢᠨᠢ ᠬᠥᠮᠥᠨ ᠪᠣᠯᠬᠤ ᠬᠥᠮᠥᠵᠢᠯ ᠴᠦ᠍ ᠴᠡᠴᠡᠷᠯᠢᠭ᠎ᠠᠴᠠ ᠠ᠋ᠬᠢᠯᠡᠳᠡᠭ᠃ ᠮᠡᠳᠡᠭᠡᠵᠢ᠎ᠪᠠᠷ᠂ ᠠᠪᠤ ᠡᠵᠢ ᠵᠢᠨ ᠵᠶ᠋ᠠᠨ ᠬᠠᠯᠠᠭᠤᠨ ᠬᠠᠶ᠋ᠢᠷ᠎ᠠ ᠳᠤᠯᠠᠭ᠋ᠠᠨ ᠪᠦᠪᠡᠶ᠋ᠢᠯᠡᠯ᠎ᠠᠴᠠ ᠠᠩᠬ᠎ᠠ ᠰᠠᠯᠵᠤ ᠴᠡᠴᠡᠷᠯᠢᠭ᠎ᠤᠨ ᠪᠣᠱ᠌ᠤᠭ᠎ᠠ ᠵᠢ ᠠᠯᠬᠤᠨ ᠣᠷᠣᠵᠤ ᠢᠷᠡᠭᠰᠡᠨ ᠪᠠᠯᠴᠢᠷ ᠬᠡᠦᠬᠡᠳ᠎ᠲᠤ ᠦᠢ᠍ᠯᠡ ᠣᠶᠤᠳᠠᠯ ᠵᠢᠭ᠋ᠠᠨ᠎ᠠ ᠭᠡᠭᠴᠢ ᠬᠡᠨ ᠰᠣᠨᠣᠰᠤᠭᠰᠠᠨ ᠴᠦ᠍ ᠠᠶᠤᠯᠳᠠᠢ ᠠᠶᠤᠮᠰᠢᠭᠲᠠᠢ ᠠᠵᠢᠯᠯᠠᠭ᠎ᠠ ᠪᠣᠯᠳᠠᠭ ᠵᠶ᠋ᠠᠷ ᠮᠠᠨ᠎ᠤ ᠵᠠᠷᠢᠮᠠᠳ᠎ᠨᠢ ᠰᠢᠭᠤᠳ 《ᠲᠡᠷᠡ ᠬᠤᠯᠠ ᠲᠡᠭᠷᠢ ᠣᠶ᠋ᠢᠷ᠎ᠠ》 ᠭᠡᠳ ᠯᠠ ᠵᠢᠭ᠋ᠠᠬᠤ ᠵᠢ ᠪᠠᠶ᠋ᠢᠴᠢᠬ᠎ᠠ᠂ ᠥᠭᠡᠳᠡ᠎ᠠᠴᠠ ᠴᠢᠨᠢ ᠰᠢᠭᠤᠳ ᠦᠭᠡᠶ᠋ᠢᠰᠬᠡᠵᠦ ᠭᠠᠷᠳᠠᠭ᠃ ᠰᠢᠯᠲᠠᠭ᠋ᠠᠨ᠎ᠨᠢ ᠲᠤᠶ᠋ᠢᠯ᠎ᠤᠨ ᠲᠣᠳᠤᠷᠬᠠᠢ᠂ ᠠᠶᠠᠭ᠎ᠠ ᠰᠠᠪᠬ᠎ᠠ᠎ᠪᠠᠨ ᠴᠦ᠍ ᠰᠠᠶ᠋ᠢᠬᠠᠨ ᠬᠡᠷᠡᠭᠯᠡᠵᠦ ᠴᠢᠳᠠᠭ᠎ᠠ ᠦᠭᠡᠢ ᠤᠯᠠᠭ᠋ᠠᠨ ᠨᠢᠯᠬ᠎ᠠ ᠬᠡᠦᠬᠡᠳ ᠵᠶ᠋ᠠᠷ ᠵᠡᠭᠦᠦ ᠤᠲᠠᠰᠤ ᠪᠠᠷᠢᠭᠤᠯᠵᠤ ᠦᠢ᠍ᠯᠡ ᠣᠶᠣᠳᠠᠯ᠎ᠳᠤ ᠰᠤᠷᠭ᠋ᠠᠨ᠎ᠠ ᠭᠡᠭᠴᠢ ᠭᠠᠯ ᠵᠶ᠋ᠠᠷ ᠨᠠᠭ᠋ᠠᠳᠴᠤ ᠪᠠᠶ᠋ᠢᠭ᠎ᠠ᠎ᠲᠠᠢ ᠠ᠋ᠭᠡᠭᠡ ᠠᠳᠠᠯᠢᠬᠠᠨ ᠭᠡᠰᠡᠨ ᠦᠭᠡ᠃ ᠳᠠᠬᠢᠭ᠋ᠠᠳ ᠬᠡᠯᠡᠪᠡᠯ ᠤᠳᠤ ᠵᠢᠨ ᠬᠡᠦᠬᠡᠳ᠎ᠤᠳ ᠶᠡᠷᠦᠩᠬᠡᠢ᠎ᠳᠤ᠎ᠪᠠᠨ ᠪᠦᠷ ᠶᠡᠭᠡ ᠬᠦᠳᠡᠯᠦᠮᠡᠳᠡᠬᠡᠢ ᠪᠠᠶ᠋ᠢᠳᠠᠭ ᠵᠶ᠋ᠠᠷ ᠬᠠᠷᠠᠵᠤ ᠬᠠᠮᠢᠶᠠᠷᠴᠤ ᠳᠣᠲᠤᠮᠳᠠᠨ ᠪᠠᠶ᠋ᠢᠲᠠᠯ᠎ᠠ ᠠᠯᠢ ᠬᠡᠳᠦ᠎ᠨᠢ ᠭᠠᠷ ᠬᠥᠯ ᠵᠶ᠋ᠠᠨ ᠬᠠᠳᠬᠤᠭᠤᠯᠵᠤ ᠰᠢᠪᠡᠭᠦᠯᠴᠢᠬᠡᠭᠰᠡᠨ ᠤᠬᠢᠯᠠᠵᠤ ᠤᠨᠵᠢᠳᠠᠭ ᠬᠡᠷᠡᠭ ᠵᠥᠩᠳᠡᠭᠡᠨ ᠭᠠᠷᠳᠠᠭ᠃ ᠠ᠋ᠶ᠋ᠢᠮᠦ᠎ᠠᠴᠠ ᠦᠢ᠍ᠯᠡ ᠣᠶᠤᠳᠠᠯ᠎ᠤᠨ ᠵᠢᠭ᠋ᠠᠨ ᠰᠤᠷᠭ᠋ᠠᠯᠲᠠ ᠵᠢᠨ ᠠ᠋ᠬᠢᠨ᠎ᠤ ᠬᠤᠭᠤᠴᠠᠭ᠋ᠠᠨ᠎ᠳᠤ ᠮᠠᠨ᠎ᠤ ᠪᠠᠭᠰᠢ ᠠᠵᠢᠯᠲᠠᠳ᠎ᠠᠴᠠ ᠲᠡᠰᠪᠦᠷᠢ ᠲᠡᠪᠴᠢᠶᠡᠷᠢ ᠲ᠋ᠠᠢ᠎ᠪᠠᠷ ᠬᠡᠦᠬᠡᠳ ᠨᠢᠭᠡ ᠪᠦᠷᠢ᠎ᠳᠤ ᠬᠠᠨᠳᠤᠨ ᠲᠡᠳᠡᠨ᠎ᠳᠤ ᠵᠡᠭᠦᠦ ᠬᠠᠶ᠋ᠢᠴᠢ ᠵᠢ ᠵᠥᠪ ᠰᠠᠶ᠋ᠢᠬᠠᠨ ᠬᠡᠷᠡᠭᠯᠡᠵᠦ ᠴᠢᠳᠠᠭ᠍ᠤ ᠮᠡᠳᠡᠯᠭᠡ ᠮᠡᠷᠭᠡᠰᠢᠯ᠎ᠢ ᠶᠠᠭᠤᠨ᠎ᠤ ᠤᠷᠢᠳ ᠭᠡᠷ᠎ᠤᠨ ᠠᠬᠠᠮᠠᠳ᠎ᠤᠨ ᠨᠢᠭᠲᠠ ᠬᠠᠮᠵᠢᠯᠴᠠᠭ᠎ᠠ᠎ᠲᠠᠢ᠎ᠪᠠᠷ ᠰᠠᠶ᠋ᠢᠲᠤᠷ ᠵᠢᠭ᠋ᠠᠵᠤ ᠰᠤᠷᠭ᠋ᠠᠭᠰᠠᠨ ᠪᠠᠶ᠋ᠢᠬᠤ   ᠬᠡᠷᠡᠭᠲᠡᠢ᠃ ᠳᠠᠷᠠᠭ᠎ᠠ᠎ᠳᠤ᠎ᠨᠢ ᠰᠠᠶᠢ ᠪᠥᠰ ᠦᠭᠡᠳᠡᠰᠦ ᠪᠣᠶᠤ ᠪᠤᠰᠤᠳ ᠵᠦᠢ᠍ᠯ᠎ᠳᠤ ᠬᠠᠳᠬᠤᠵᠤ ᠰᠢᠪᠡᠬᠦ᠎ᠳᠤ ᠬᠡᠦᠬᠡᠳ ᠪᠣᠯᠭ᠋ᠠᠨ᠎ᠢ ᠢᠳᠡᠭ ᠢᠳᠡᠭ ᠵᠶ᠋ᠠᠷ ᠪᠣᠯᠪᠠᠰᠤᠷᠠᠭᠤᠯᠤᠨ᠎ᠠ᠂ ᠲᠠᠳᠤᠯᠭ᠋ᠠᠵᠢᠭᠤᠯᠤᠨ᠎ᠠ᠃ ᠢᠩᠭᠢᠵᠦ ᠠᠭ᠋ᠠᠵᠢᠮ ᠠᠭ᠋ᠠᠵᠢᠮ᠎ᠢᠶᠠᠷ ᠦᠢ᠍ᠯᠡ ᠣᠶᠤᠳᠠᠯ᠎ᠤᠨ ᠵᠢᠭ᠋ᠠᠨ ᠰᠤᠷᠭ᠋ᠠᠯᠲᠠ ᠵᠢᠨ ᠪᠡᠯᠡᠳᠬᠡᠯ ᠵᠶ᠋ᠠᠨ ᠪᠦᠷᠢᠨ ᠭᠦᠢ᠍ᠴᠡᠳ ᠬᠢᠭᠰᠨ᠎ᠤ ᠬᠤᠶ᠋ᠢᠨ᠎ᠠ ᠬᠡᠦᠬᠡᠳ᠎ᠲᠤ᠎ᠪᠠᠨ ᠪᠥᠰ ᠵᠡᠭᠦᠦ ᠬᠤᠪᠢᠶᠠᠵᠤ ᠦᠢ᠍ᠯᠡ ᠣᠶᠤᠳᠠᠯ᠎ᠳᠤ ᠪᠡᠶᠡᠴᠢᠯᠡᠨ ᠣᠷᠤᠯᠴᠠᠭᠤᠯᠵᠤ ᠰᠤᠷᠭ᠋ᠠᠨ᠎ᠠ᠃ ᠵᠡᠭᠦᠦ ᠪᠠᠷᠢᠵᠤ ᠨᠠᠭ᠋ᠠᠳᠴᠤ ᠪᠠᠶ᠋ᠢᠭ᠎ᠠ ᠬᠡᠦᠬᠡᠳ᠎ᠤᠨ ᠬᠥᠮᠥᠵᠢᠯ᠎ᠳᠤ ᠬᠡᠦᠬᠡᠳ᠎ᠤᠨ ᠠᠮᠤᠷ ᠲᠦᠪᠰᠢᠨ ᠪᠣᠯ ᠲᠡᠷᠢᠭᠦᠨ ᠴᠢᠬᠤᠯᠠ ᠤᠴᠢᠷ ᠮᠠᠨ᠎ᠤ ᠵᠢᠯᠣᠭᠤᠳᠤᠭᠴᠢ ᠪᠠᠭᠰᠢ᠎ᠠᠴᠠ ᠳᠡᠭᠡᠳᠦ ᠬᠡᠮᠵᠢᠶᠡᠨ᠎ᠤ ᠬᠠᠷᠢᠭᠤᠴᠠᠯᠭ᠋ᠠᠲᠤ ᠣᠪᠣᠷ ᠵᠶ᠋ᠠᠷ᠂ ᠠᠵᠢᠬ᠍ᠴᠢ ᠭᠢᠷᠠᠭ᠍ᠠᠢ᠎ᠪᠠᠷ ᠬᠢᠴᠢᠶᠡᠩᠭᠦᠶ᠋ᠢᠯᠡᠨ ᠬᠠᠮᠢᠶᠠᠷᠴᠤ ᠵᠢᠭ᠋ᠠᠬᠤ ᠵᠢ ᠲᠤᠩ ᠶᠡᠭᠡ ᠱᠠᠭ᠋ᠠᠷᠳᠠᠳᠠᠭ᠃ ᠮᠥᠨ ᠠ᠋ᠨᠡ ᠦᠶ᠎ᠡ᠎ᠳᠤ᠎ᠬᠢ ᠬᠡᠦᠬᠡᠳ᠎ᠤᠨ ᠠᠩᠬᠠᠷᠤᠯ ᠪᠤᠯ ᠦᠢ᠍ᠯᠡ ᠣᠶᠤᠳᠠᠯ ᠳᠡᠭᠡᠷ᠎ᠡ᠎ᠪᠠᠨ ᠳᠡᠭᠡᠳᠦ ᠬᠡᠮᠵᠢᠶ᠎ᠡ᠎ᠪᠠᠷ ᠲᠦᠪᠯᠡᠷᠡᠭᠰᠡᠨ ᠪᠠᠶ᠋ᠢᠳᠠᠭ᠃ ᠠ᠋ᠰᠡ ᠲᠡᠶ᠋ᠢᠮᠦ ᠪᠣᠯ ᠭᠠᠷ ᠬᠥᠯ ᠵᠶ᠋ᠠᠨ ᠬᠠᠳᠬᠤᠵᠤ ᠰᠢᠪᠡᠬᠦ ᠯᠠ ᠬᠡᠷᠡᠭ ᠲᠤᠯᠠ ᠬᠡᠦᠬᠡᠳ᠎ᠤᠳ ᠴᠦ᠍ ᠭᠡᠰᠡᠨ ᠥᠪᠡᠷ᠎ᠤᠨ ᠪᠡᠶ᠎ᠡ ᠵᠢᠨ ᠵᠶ᠋ᠠᠨ ᠠᠮᠤᠷ ᠲᠦᠪᠰᠢᠨ᠎ᠢ ᠲᠡᠷᠢᠭᠦᠨ ᠪᠠᠶ᠋ᠢᠷᠢᠨ᠎ᠳᠤ ᠲᠠᠯᠪᠢᠵᠤ ᠰᠡᠳᠬᠢᠯ ᠲᠠᠯᠪᠢᠨ ᠣᠷᠤᠯᠳᠤᠳᠠᠭ᠃ ᠲᠡᠭᠡᠵᠦ ᠤᠬᠠᠮᠰᠠᠷ᠎ᠲᠠᠢ ᠤᠬᠠᠮᠰᠠᠷ ᠦᠭᠡᠢ᠎ᠪᠠᠷ ᠦᠪᠡᠷ᠎ᠤᠨ ᠪᠡᠶ᠎ᠡ ᠪᠤᠯᠤᠨ ᠪᠤᠰᠤᠳ᠎ᠤᠨ ᠠᠮᠤᠷ ᠲᠦᠪᠰᠢᠨ᠎ᠳᠤ ᠬᠠᠷᠢᠭᠤᠴᠬᠠᠤ ᠵᠢᠨ ᠬᠠᠮᠳᠤ ᠨᠣᠭᠳᠠᠭᠰᠠᠨ ᠠᠵᠢᠯ ᠵᠶ᠋ᠠᠨ ᠲᠡᠰᠪᠦᠷᠢ ᠳᠡᠪᠵᠢᠶᠡᠷᠢ᠎ᠲᠠᠢ ᠪᠡᠶᠡᠯᠡᠭᠦᠯᠬᠦ᠎ᠪᠠᠷ ᠴᠢᠷᠮᠠᠶ᠋ᠢᠳᠠᠭ᠎ᠠᠴᠠ ᠬᠡᠦᠬᠡᠳ᠎ᠤᠨ ᠠᠩᠬᠠᠷᠤᠯ ᠲᠥᠪᠯᠡᠷᠡᠭᠦᠯᠬᠦ ᠪᠣᠯᠣᠨ ᠲᠡᠰᠪᠦᠷᠢ ᠲᠡᠪᠴᠢᠶᠡᠷᠢ ᠵᠢ ᠠᠶᠠᠨᠳᠠᠭ᠋ᠠᠨ ᠬᠥᠮᠥᠵᠢᠭᠦᠯᠳᠡᠭ᠃
      ᠬᠤᠶᠠᠷ᠂ ᠬᠡᠦᠬᠡᠳ᠎ᠤᠨ ᠭᠠᠷ᠎ᠤᠨ ᠪᠠᠭ᠎ᠠ ᠪᠤᠯᠴᠢᠩ᠎ᠤᠨ ᠬᠦᠭᠵᠢᠯᠳᠡ ᠵᠢ ᠠᠬᠢᠭᠤᠯᠵᠤ᠂ ᠨᠢᠳᠦ᠂ ᠭᠠᠷ᠎ᠤᠨ ᠵᠤᠬᠢᠴᠠᠯ᠎ᠤᠨ ᠴᠢᠳᠠᠪᠤᠷᠢ ᠵᠢ ᠳᠡᠬᠡᠭᠰᠢᠯᠡᠭᠦᠯᠬᠦ᠎ᠳᠤ ᠠᠰᠢᠭ᠎ᠲᠠᠢ᠃ ᠨᠡᠶ᠋ᠢᠭᠡᠮ᠎ᠤᠨ ᠦᠢ᠍ᠯᠡᠳᠦᠯᠭᠡ᠎ᠨᠢ ᠨᠢᠭᠡᠨ ᠣᠨᠴᠠᠭ᠋ᠠᠢ ᠰᠤᠷᠭ᠋ᠠᠨ ᠬᠥᠮᠥᠵᠢᠯ᠎ᠤᠨ ᠠᠷᠭ᠎ᠠ ᠬᠡᠯᠪᠡᠷᠢ ᠪᠣᠯᠣᠭᠰᠠᠨ᠎ᠤ ᠬᠤᠪᠢᠨ᠎ᠳᠤ ᠴᠡᠴᠡᠷᠯᠢᠭ᠎ᠤᠨ ᠰᠤᠷᠭ᠋ᠠᠨ ᠬᠥᠮᠥᠵᠢᠯ᠎ᠳᠤ ᠴᠦ᠍ ᠲᠤᠩ ᠴᠢᠬᠤᠯᠠ ᠦᠢ᠍ᠯᠡᠳᠦᠯ ᠦᠵᠡᠭᠦᠯᠳᠡᠭ᠃ ᠠ᠋ᠶ᠋ᠢᠮᠦ᠎ᠠᠴᠠ ᠦᠢ᠍ᠯᠡᠳᠦᠯᠭᠡ ᠵᠢᠨ ᠵᠢᠭ᠋ᠠᠨ ᠰᠤᠷᠭ᠋ᠠᠯᠲᠠ ᠵᠢ ᠴᠡᠴᠡᠷᠯᠢᠭ᠎ᠤᠨ ᠬᠡᠦᠬᠡᠳ᠎ᠲᠤ ᠶᠠᠭ᠋ᠠᠬᠢᠵᠤ ᠬᠢᠪᠡᠯ ᠵᠣᠬᠢᠬᠤ ᠵᠢ ᠴᠡᠴᠡᠷᠯᠢᠭ᠎ᠤᠨ ᠪᠠᠭᠰᠢ ᠨᠢᠭᠡ ᠪᠦᠷᠢ ᠰᠡᠳᠬᠢᠨ ᠪᠣᠳᠣᠬᠤ ᠴᠢᠬᠤᠯᠠᠲᠠᠢ᠃ 《ᠠᠮᠢ ᠨᠠᠰᠤ ᠬᠥᠳᠡᠯᠭᠡᠭᠡᠨ᠎ᠳᠤ ᠪᠣᠢ》 ᠭᠡᠳᠡᠭᠴᠢᠯᠡᠨ ᠴᠡᠴᠡᠷᠯᠢᠭ᠎ᠤᠨ ᠬᠡᠦᠬᠡᠳ᠎ᠤᠨ ᠦᠢ᠍ᠯᠡ ᠣᠶᠤᠳᠠᠯ᠎ᠤᠨ ᠵᠢᠭ᠋ᠠᠨ ᠰᠤᠷᠭ᠋ᠠᠯᠲᠠ ᠵᠢᠨ ᠥᠪᠡᠷᠮᠢᠴᠡ ᠦᠢ᠍ᠯᠡᠳᠦᠯᠭᠡ ᠵᠢᠨ ᠬᠢᠴᠢᠶᠡᠯ᠎ᠨᠢ ᠳᠠᠩ ᠭᠠᠭᠴᠠ ᠬᠡᠦᠬᠡᠳ ᠵᠶ᠋ᠠᠷ ᠣᠶᠤᠭᠤᠯᠵᠤ ᠴᠠᠭ ᠨᠥᠭᠴᠡᠭᠡᠬᠦ ᠯᠠ ᠲᠡᠳᠦᠢ ᠪᠤᠰᠤ᠂ ᠬᠠᠷᠢᠨ ᠬᠡᠦᠬᠡᠳ᠎ᠤᠳ᠎ᠤᠨ ᠥᠪᠡᠰᠦᠪᠡᠨ ᠭᠠᠷ ᠬᠦᠳᠡᠯᠦᠨ ᠪᠣᠳᠠᠲᠠᠢ ᠦᠢ᠍ᠯᠡᠳᠦᠯᠭᠡ᠎ᠳᠤ ᠣᠷᠤᠯᠴᠠᠨ ᠪᠠᠭᠰᠢ ᠵᠢᠨ ᠵᠶ᠋ᠠᠨ ᠵᠢᠯᠤᠭᠤᠳᠤᠯᠭ᠎ᠠ᠎ᠪᠠᠷ ᠪᠥᠰ ᠥᠭᠡᠳᠡᠰᠦ ᠵᠢ ᠬᠠᠶ᠋ᠢᠴᠢᠯᠠᠵᠤ ᠠ᠋ᠰᠭᠡᠬᠦ᠂ ᠵᠡᠭᠦᠦ ᠤᠲᠠᠰᠤ ᠰᠦᠪᠡᠯᠡᠬᠦ᠂ ᠤᠳᠠᠰᠤ ᠵᠠᠩᠭᠢᠳᠬᠤ᠂ ᠤᠭᠲᠤᠯᠬᠤ ᠵᠢᠴᠢ ᠣᠶᠣᠵᠤ ᠬᠠᠳᠬᠤᠬᠤ ᠵᠡᠷᠬᠡ ᠵᠢᠨ ᠲᠣᠭᠲᠠᠮᠠᠯ ᠬᠦᠳᠡᠯᠭᠡᠭᠡᠨ᠎ᠢ ᠳᠠᠬᠢᠨ ᠳᠠᠪᠳᠠᠨ ᠬᠢᠬᠦ᠎ᠪᠠᠷ ᠳᠠᠮᠵᠢᠨ᠂ ᠨᠠᠭ᠋ᠠᠳᠤᠮ ᠲᠣᠭᠯᠠᠭ᠋ᠠᠮ᠎ᠤᠨ ᠳᠤᠮᠳᠠ᠎ᠪᠠᠨ ᠪᠡᠶ᠎ᠡ ᠵᠢᠨ ᠪᠣᠯᠪᠠᠰᠤᠷᠠᠯ᠎ᠳᠤ ᠣᠷᠤᠯᠴᠠᠳᠠᠭ ᠵᠶ᠋ᠠᠷ ᠬᠡᠦᠬᠡᠳ᠎ᠤᠨ ᠭᠠᠷ᠎ᠤᠨ ᠪᠠᠭ᠎ᠠ ᠪᠤᠯᠴᠢᠩ᠎ᠤᠨ ᠬᠦᠭᠵᠢᠯᠳᠡ ᠵᠢ ᠠᠬᠢᠭᠤᠯᠵᠤ᠂ ᠬᠤᠶᠠᠷ ᠭᠠᠷ ᠵᠶ᠋ᠠᠨ ᠲᠠᠳᠮᠠᠭ᠋ᠠᠢ᠂ ᠤᠷᠠᠨ ᠬᠡᠷᠡᠭᠯᠡᠵᠦ᠂ ᠠ᠋ᠭᠦᠨ᠎ᠤ᠎ᠪᠠᠨ ᠬᠠᠮᠲᠤ ᠬᠡᠦᠬᠡᠳ᠎ᠤᠨ ᠨᠢᠳᠦ᠂ ᠭᠠᠷ᠎ᠤᠨ ᠵᠤᠬᠢᠴᠠᠯ᠎ᠤᠨ ᠴᠢᠳᠠᠪᠤᠷᠢ᠂ ᠨᠡᠩ ᠴᠢᠨᠠᠭᠰᠢᠯᠠᠨ ᠲᠠᠷᠢᠬᠢᠨ᠎ᠤ ᠵᠣᠬᠢᠴᠠᠭᠤᠯᠬᠤ ᠴᠢᠳᠠᠪᠤᠷᠢ ᠵᠢ ᠳᠡᠬᠡᠭᠰᠢᠯᠡᠭᠦᠯᠦᠨ ᠬᠡᠦᠬᠡᠳ᠎ᠤᠨ ᠴᠣᠪᠤᠭᠤ ᠳᠡᠭᠵᠢᠨ᠂ ᠪᠠᠶᠠᠷ ᠬᠦᠷ᠎ᠲᠠᠢ ᠮᠥᠷᠲᠡᠭᠡᠨ ᠤᠬᠠᠭ᠋ᠠᠨ ᠲᠣᠮᠤᠭ᠎ᠠ᠎ᠲᠠᠢ᠂ ᠠ᠋ᠷᠡᠬᠦᠯ ᠵᠶ᠋ᠠᠷ ᠦᠰᠦᠨ ᠪᠤᠶ᠋ᠢᠵᠢᠬᠤ᠎ᠳᠤ ᠮᠠᠰᠢ ᠶᠡᠭᠡ ᠠᠴᠢ ᠬᠤᠯᠪᠤᠭᠳᠠᠯ᠎ᠲᠠᠢ ᠪᠠᠶ᠋ᠢᠳᠠᠭ᠃ ᠠᠳᠡ ᠬᠡᠯᠡᠯᠭᠡᠨ ᠦᠭᠡᠢ ᠬᠡᠦᠬᠡᠳ ᠨᠢᠭᠡ ᠪᠦᠷᠢ ᠵᠢᠨ ᠥᠪᠡᠷᠮᠢᠴᠡ ᠣᠨᠴᠠᠯᠢᠭ ᠵᠠᠩ᠎ᠠᠴᠠ᠎ᠪᠠᠨ ᠪᠣᠯᠵᠤ ᠬᠥᠮᠥᠨ ᠬᠥᠮᠥᠨ᠎ᠤ ᠬᠢᠨᠢ ᠬᠥᠭᠵᠢᠯᠲᠡ ᠪᠣᠯᠣᠨ ᠢᠯᠡᠷᠡᠯ ᠠᠳᠠᠯᠢ ᠦᠭᠡᠢ ᠪᠠᠶ᠋ᠢᠳᠠᠭ᠎ᠨᠢ ᠮᠡᠳᠡᠭᠡᠵᠢ ᠬᠡᠷᠡᠭ᠃ ᠨᠥᠭᠦᠭᠡ ᠲᠠᠯ᠎ᠠ᠎ᠠᠴᠠ᠎ᠨᠢ ᠶᠠᠷᠢᠪᠠᠯ 《ᠬᠡᠦᠬᠡᠳ᠎ᠤᠨ ᠣᠶᠣᠨ᠎ᠤ ᠬᠥᠭᠵᠢᠯᠲᠡ᠎ᠨᠢ ᠬᠤᠷᠤᠭᠤᠨ ᠥᠨᠳᠡᠭᠡᠨ᠎ᠳᠤ᠎ᠨᠢ ᠪᠣᠢ》 ᠭᠡᠵᠤ ᠮᠡᠷᠭᠡᠳ᠎ᠤᠨ ᠠᠶ᠋ᠢᠯᠠᠳᠤᠭᠰᠠᠨ ᠵᠶ᠋ᠠᠷ ᠣᠶᠤᠵᠤ ᠬᠠᠳᠬᠤᠬᠤ ᠦᠢ᠍ᠯᠡ ᠣᠶᠤᠳᠠᠯ᠎ᠨᠢ ᠬᠡᠦᠭᠡᠳ᠎ᠤᠨ ᠣᠶᠣᠨ᠎ᠤ ᠬᠥᠭᠵᠢᠯᠲᠡ᠎ᠳᠤ ᠴᠦ᠍ ᠴᠢᠬᠤᠯᠠ ᠦᠢ᠍ᠯᠡᠳᠦᠯ ᠦᠵᠡᠭᠦᠯᠬᠦ᠎ᠨᠢ ᠮᠠᠷᠭᠤᠭ᠋ᠠᠨ ᠦᠭᠡᠢ ᠶᠤᠮ᠃
      ᠭᠤᠷᠪᠠ᠂ ᠬᠡᠦᠬᠡᠳ᠎ᠲᠤ ᠦᠪᠡᠷ᠎ᠢ᠎ᠪᠠᠨ ᠢᠲᠡᠭᠡᠬᠦ ᠤᠷᠮ᠎ᠠ ᠵᠤᠷᠢᠭ ᠦᠭᠴᠦ᠂ ᠠᠮᠵᠢᠯᠳᠠ ᠵᠢᠨ ᠪᠠᠭ᠍ᠠᠲᠤᠯ ᠪᠤᠶᠤ ᠲᠣᠮᠣ ᠬᠥᠮᠥᠨ ᠪᠣᠯᠴᠢᠬᠠᠭᠰᠠᠨ ᠲᠦᠷᠦᠭᠳᠡᠯ ᠤᠯᠭᠤᠳᠠᠭ᠃ ᠴᠡᠴᠡᠷᠯᠢᠭ᠎ᠨᠢ ᠨᠢᠯᠬ᠎ᠠ ᠪᠠᠯᠴᠢᠷ ᠬᠡᠦᠬᠡᠳ᠎ᠤᠨ ᠠᠮᠢᠳᠤᠷᠠᠵᠤ ᠰᠤᠷᠤᠯᠴᠠᠭ᠍ᠤ ᠴᠢᠬᠤᠯᠠ ᠲᠠᠯᠠᠪᠤᠷ ᠪᠣᠯᠣᠭᠰᠠᠨ᠎ᠤ ᠬᠤᠪᠢᠨ᠎ᠳᠤ ᠵᠢᠭ᠋ᠠᠨ ᠰᠤᠷᠭ᠋ᠠᠬᠤ ᠠᠷᠭ᠎ᠠ ᠬᠡᠯᠪᠡᠷᠢ᠎ᠨᠢ ᠴᠦ᠍ ᠴᠠᠭ ᠦᠶ᠎ᠡ᠎ᠲᠠᠢ ᠵᠡᠷᠭᠡᠴᠡᠨ᠂ ᠰᠢᠨ᠎ᠡ᠎ᠶᠢ ᠠ᠋ᠭᠦᠳᠦᠨ ᠣᠯᠠᠨ ᠵᠦᠢ᠍ᠯ᠎ᠤᠨ ᠰᠤᠷᠭ᠋ᠠᠨ ᠬᠥᠮᠥᠵᠢᠯ᠎ᠤᠨ ᠠ᠋ᠬᠢ ᠰᠤᠷᠪᠤᠯᠵᠢ ᠵᠢ ᠴᠢᠳᠠᠮᠠᠭ᠋ᠠᠢ ᠠᠭᠤᠳᠠᠯᠤᠨ ᠬᠡᠦᠬᠡᠳ᠎ᠤᠨ ᠰᠤᠷᠴᠤ ᠮᠡᠳᠡᠬᠦ ᠬᠡᠷᠡᠭᠴᠡᠭᠡ ᠵᠢ ᠬᠠᠩᠭ᠋ᠠᠭᠰᠠᠨ ᠪᠠᠶ᠋ᠢᠬᠤ ᠬᠡᠷᠡᠭᠲᠡᠢ᠃ ᠠ᠋ᠶ᠋ᠢᠮᠦ᠎ᠠᠴᠠ ᠬᠡᠦᠬᠡᠳ᠎ᠤᠨ ᠭᠠᠷ ᠬᠦᠳᠡᠯᠦᠨ ᠥᠪᠡᠰᠦᠪᠡᠨ ᠪᠡᠶᠡᠴᠢᠯᠡᠨ ᠣᠷᠤᠯᠳᠤᠵᠤ ᠰᠤᠷᠬᠤ᠎ᠪᠠᠷ ᠵᠣᠷᠢᠯᠲᠠ᠎ᠪᠠᠨ ᠪᠣᠯᠭ᠋ᠠᠭᠰᠠᠨ ᠦᠢ᠍ᠯᠡ ᠣᠶᠤᠳᠠᠯ᠎ᠤᠨ ᠬᠢᠴᠢᠶᠡᠯ᠎ᠤᠨ ᠠᠵᠢᠯᠯᠠᠭ᠋ᠠᠨ᠎ᠳᠤ ᠬᠡᠦᠬᠡᠳ ᠦᠪᠡᠷᠲᠡᠭᠡᠨ ᠭᠠᠷ ᠬᠦᠳᠡᠯᠦᠨ ᠤᠷᠠᠯᠠᠵᠤ ᠣᠶᠤᠭᠰᠨ ᠪᠦᠳᠦᠭᠡᠯ ᠵᠶ᠋ᠠᠨ ᠤᠶᠤᠵᠤ ᠭᠠᠷᠭ᠋ᠠᠭ᠋ᠠᠳ ᠵᠦᠪ ᠴᠦ᠍ ᠭᠡᠰᠡᠨ ᠪᠤᠷᠤᠭᠤ ᠴᠦ᠍ ᠭᠡᠰᠡᠨ᠂ ᠠ᠋ᠰᠡᠬᠦᠯ᠎ᠡ ᠰᠠᠶ᠋ᠢᠨ ᠮᠠᠭᠤ ᠠᠯᠢᠨ ᠴᠦ᠍ ᠭᠡᠰᠡᠨ ᠦᠪᠡᠷᠲᠡᠭᠡᠨ ᠬᠢᠭᠰᠡᠨ ᠪᠦᠲᠦᠭᠡᠯ ᠵᠶ᠋ᠠᠨ ᠬᠠᠷᠠᠭ᠋ᠠᠳ᠂ ᠦᠨᠡᠨ ᠰᠡᠳᠬᠢᠯ᠎ᠠᠴᠠ᠎ᠪᠠᠨ ᠪᠠᠶᠠᠷᠯᠠᠵᠤ᠂ ᠦᠪᠡᠷ᠎ᠤᠨ ᠵᠶ᠋ᠠᠨ ᠪᠦᠳᠦᠭᠡᠯ ᠵᠶ᠋ᠠᠷ ᠵᠶ᠋ᠠᠨ 《ᠪᠢ ᠪᠤᠯᠵᠤ ᠪᠠᠶ᠋ᠢᠨ᠎ᠠ᠂ ᠪᠢ ᠣᠶᠤᠭ᠋ᠠᠳ ᠴᠢᠳᠠᠴᠢᠬᠠᠯ᠎ᠠ᠂ ᠠ᠋ᠨᠡ ᠴᠢᠨᠢ ᠮᠢᠨᠤ ᠣᠶᠤᠭᠰᠠᠨ ᠪᠦᠲᠦᠭᠡᠯ ᠰᠢᠦ ᠁》 ᠭᠡᠵᠦ ᠶᠣᠰᠣᠲᠠᠢ ᠬᠤᠪᠤᠷᠬᠠᠨ ᠰᠢᠬᠢᠷ ᠣᠯᠣᠭ᠋ᠠᠳ ᠬᠦᠯᠭᠦᠴᠢᠭᠡᠭᠰᠡᠨ᠎ᠠᠴᠠ ᠬᠤᠯᠠ ᠢᠯᠡᠭᠦᠦ᠎ᠪᠠᠷ ᠥᠨᠥᠬᠢ ᠪᠦᠲᠦᠭᠡᠯ ᠵᠶ᠋ᠠᠨ ᠦᠵᠡᠨ ᠦᠵᠡᠨ ᠪᠠᠶᠠᠷᠯᠠᠨ ᠬᠥᠭᠡᠷᠴᠦ᠂ ᠬᠠᠷᠠᠨ ᠬᠠᠷᠠᠨ ᠣᠮᠣᠭᠰᠢᠨ ᠳᠡᠪᠬᠡᠷᠴᠢᠭᠡᠭᠰᠡᠨ ᠠᠮᠠ ᠬᠠᠮᠬᠢᠯ ᠦᠭᠡᠢ᠎ᠪᠠᠷ ᠶᠣᠰᠣᠲᠠᠢ 《ᠮᠣᠳᠣ ᠦᠵᠡᠪᠡᠯ ᠪᠢᠴᠢᠵᠦ᠂ ᠬᠥᠮᠥᠨ ᠦᠵᠡᠪᠡᠯ ᠶᠠᠷᠢᠵᠤ》᠂ ᠵᠣᠭᠰᠤᠭ᠎ᠠ ᠵᠢᠯᠣᠭᠤ ᠦᠭᠡᠢ ᠳᠡᠭᠦᠵᠢᠯᠡᠨ ᠭᠦᠶᠦᠴᠢᠭᠡᠭᠰᠡᠨ ᠥᠪᠡᠷ᠎ᠤᠨ ᠵᠶ᠋ᠠᠨ ᠠᠮᠵᠢᠯᠳᠠ᠎ᠳᠤ᠎ᠪᠠᠨ ᠤᠮᠤᠭᠰᠢᠵᠤ᠂ ᠠᠮᠵᠢᠯᠳᠠ ᠵᠢᠨ ᠪᠠᠭ᠍ᠠᠲᠤᠯ᠎ᠳᠤ᠎ᠪᠠᠨ ᠪᠠᠭ᠍ᠠᠷᠬᠠᠵᠤ᠂ ᠨᠢᠭᠡ ᠯᠠ ᠳᠡᠭᠡᠷ᠎ᠡ ᠲᠣᠮᠣ ᠬᠥᠮᠥᠨ ᠪᠣᠯᠴᠢᠬᠠᠭᠰᠠᠨ ᠰᠢᠭ ᠰᠠᠨᠠᠵᠤ ᠵᠠᠯᠭ᠋ᠠᠭ᠋ᠠᠳ ᠪᠠᠰᠠ ᠨᠢᠭᠡ ᠵᠢ ᠣᠶᠤᠵᠤ ᠬᠠᠳᠬᠤᠨ ᠥᠭᠡᠷ᠎ᠡ ᠪᠤᠰᠤᠳ᠎ᠲᠤ ᠮᠠᠵᠤᠤᠯᠠᠶ᠎ᠠ ᠭᠡᠵᠤ ᠰᠠᠨᠳᠤᠷᠳᠠᠭ᠎ᠨᠢ ᠬᠡᠦᠬᠡᠳ᠎ᠤᠨ ᠭᠡᠨᠡᠭᠡ ᠦᠭᠡᠢ ᠴᠠᠶ᠋ᠢᠯᠭ᠋ᠠᠨ ᠰᠡᠳᠬᠢᠯ᠃ ᠮᠥᠨ ᠴᠣ᠌ ᠬᠦᠳᠡᠯᠮᠦᠷᠢ᠎ᠠᠴᠠ ᠣᠯᠣᠭᠰᠠᠨ ᠬᠠᠪᠤ ᠴᠡᠩᠭᠡᠯ᠎ᠨᠢ ᠬᠡᠦᠬᠡᠳ᠎ᠢ ᠨᠠᠰᠤᠨ ᠲᠤᠷᠰᠢᠳᠠ ᠨᠥᠯᠥᠭᠡᠯᠡᠵᠦ᠂ ᠲᠡᠳᠡᠨ᠎ᠤ ᠶᠢᠷᠲᠢᠨᠴᠦ ᠵᠢ ᠲᠠᠨᠢᠬᠤ ᠦᠵᠡᠯᠲᠡ ᠲᠠᠨᠢᠯᠲᠠ᠎ᠳᠤ᠎ᠨᠢ ᠮᠠᠷᠲᠠᠭᠳᠠᠰᠢ ᠦᠭᠡᠢ ᠭᠦᠨ ᠳᠤᠷᠠᠳᠬᠠᠯ ᠦᠯᠡᠳᠡᠭᠡᠬᠦ ᠶᠤᠮ᠃
      ᠳᠦᠷᠪᠡ᠂ ᠬᠠᠷᠢᠯᠴᠠᠨ ᠬᠠᠮᠵᠢᠯᠴᠠᠨ ᠬᠠᠪᠰᠤᠷᠤᠯᠴᠠᠭ᠍ᠤ ᠬᠠᠮᠳᠤᠴᠢ ᠦᠵᠡᠯ᠎ᠢ ᠪᠤᠢ ᠪᠤᠯᠭ᠋ᠠᠵᠤ ᠴᠢᠳᠠᠨ᠎ᠠ᠃ ᠣᠳᠣ ᠵᠢᠨ ᠬᠡᠦᠬᠡᠳ᠎ᠤᠨ ᠣᠯᠠᠩᠬᠢ᠎ᠨᠢ ᠭᠡᠷ ᠪᠦᠯᠢ᠎ᠳᠤ᠎ᠪᠠᠨ ᠭᠠᠭᠴᠠ ᠬᠤᠶᠠᠷ ᠬᠡᠦᠬᠡᠳ ᠪᠠᠶ᠋ᠢᠵᠤ ᠪᠦᠷ ᠯᠠ ᠠᠪᠤ ᠡᠵᠢ ᠵᠢᠨ ᠵᠶ᠋ᠠᠨ ᠳᠠᠯᠠᠢ ᠬᠠᠶ᠋ᠢᠷᠠᠨ᠎ᠳᠤ ᠠ᠋ᠷᠬᠡ ᠳᠤᠷ᠎ᠠ᠎ᠪᠠᠷ ᠵᠶ᠋ᠠᠨ ᠠᠵᠠᠲᠠᠢ ᠪᠦᠪᠡᠶ᠋ᠢᠯᠡᠭᠳᠡᠵᠦ ᠥᠰᠦᠭᠰᠡᠨ ᠬᠡᠦᠬᠡᠳ᠃ ᠠ᠋ᠶ᠋ᠢᠮᠦ᠎ᠠᠴᠠ ᠪᠠᠯᠴᠢᠷ ᠬᠡᠦᠬᠡᠳ᠎ᠤᠨ ᠰᠤᠷᠭ᠋ᠠᠭᠤᠯᠢ᠎ᠶᠢᠨ ᠰᠤᠷᠭ᠋ᠠᠨ ᠬᠥᠮᠥᠵᠢᠯ᠎ᠤᠨ ᠰᠠᠭᠤᠷᠢᠨ ᠪᠣᠯᠣᠭᠰᠠᠨ ᠴᠡᠴᠡᠷᠯᠢᠭ᠎ᠤᠨ ᠰᠤᠷᠭ᠋ᠠᠨ ᠬᠥᠮᠥᠵᠢᠯ᠎ᠨᠢ ᠥᠷᠭᠡᠨ ᠣᠯᠠᠨ ᠭᠡᠷ᠎ᠤᠨ ᠠᠬᠠᠮᠠᠳ ᠪᠣᠯᠣᠨ ᠨᠡᠶ᠋ᠢᠭᠡᠮ ᠨᠡᠶ᠋ᠢᠲᠡ ᠵᠢᠨ ᠠᠩᠬᠠᠷᠤᠯ᠎ᠳᠤ ᠬᠦᠷᠴᠦ ᠴᠢᠬᠤᠯᠠᠴᠢᠯᠠᠭᠳᠠᠭ᠍ᠤ ᠪᠣᠯᠵᠠᠢ᠃ ᠠ᠋ᠶ᠋ᠢᠨ ᠬᠦ᠌ 《ᠴᠡᠴᠡᠷᠯᠢᠭ᠎ᠤᠨ ᠰᠤᠷᠭ᠋ᠠᠨ ᠬᠥᠮᠥᠵᠢᠯ᠎ᠢ ᠵᠢᠯᠤᠭᠤᠳᠬᠤ ᠬᠦᠲᠦᠯᠪᠦᠷᠢ》᠎ᠳᠤ᠄ 《ᠴᠡᠴᠡᠷᠯᠢᠭ᠎ᠤᠨ ᠰᠤᠷᠭ᠋ᠠᠨ ᠬᠥᠮᠥᠵᠢᠯ᠎ᠨᠢ ᠬᠡᠯᠪᠡᠷᠢ ᠮᠠᠶᠢᠭ ᠣᠯᠠᠨ᠂ ᠠᠭᠤᠯᠭ᠎ᠠ ᠪᠠᠶᠠᠯᠢᠭ ᠬᠢᠴᠢᠶᠡᠯ᠎ᠤᠨ ᠭᠠᠳᠠᠭᠤᠷᠬᠢ ᠨᠠᠭ᠋ᠠᠳᠤᠮ ᠲᠣᠭᠯᠠᠭ᠋ᠠᠮ ᠪᠤᠶᠤ ᠪᠡᠶ᠎ᠡ ᠲᠠᠮᠢᠷ᠎ᠤᠨ ᠬᠥᠳᠡᠯᠭᠡᠭᠡᠨ᠎ᠢ ᠢᠯᠡᠭᠦᠬᠡᠨ ᠵᠣᠬᠢᠶᠠᠨ ᠪᠠᠶ᠋ᠢᠭᠤᠯᠵᠤ᠂ ᠬᠡᠦᠬᠡᠳ᠎ᠤᠨ ᠣᠷᠴᠢᠨ ᠲᠣᠭᠤᠷᠢᠨ᠎ᠲᠠᠢ᠎ᠪᠠᠨ ᠵᠣᠬᠢᠴᠠᠭ᠍ᠤ ᠴᠢᠳᠠᠪᠤᠷᠢ ᠵᠢ ᠳᠡᠭᠡᠭᠰᠢᠯᠡᠭᠦᠯᠬᠦ ᠬᠡᠷᠡᠭᠲᠡᠢ》 ᠭᠡᠵᠤ ᠳᠤᠷᠠᠳᠤᠭᠰᠠᠨ ᠪᠠᠶ᠋ᠢᠳᠠᠭ᠃ ᠬᠡᠦᠬᠡᠳ ᠬᠡᠦᠬᠡᠳ᠎ᠤᠨ ᠭᠡᠷ ᠪᠦᠯᠢ ᠵᠢᠨ ᠬᠥᠮᠥᠵᠢᠯ ᠪᠣᠯᠣᠨ ᠬᠤᠪᠢ ᠪᠡᠶ᠎ᠡ ᠵᠢᠨ ᠵᠦᠷᠢᠶᠡᠨ᠎ᠠᠴᠠ ᠪᠤᠯᠵᠤ ᠪᠣᠳᠠᠲᠠᠢ ᠵᠢᠭ᠋ᠠᠨ ᠰᠤᠷᠭ᠋ᠠᠯᠲᠠ ᠵᠢᠨ ᠶᠠᠪᠤᠴᠠ᠎ᠳᠤ ᠵᠠᠷᠢᠮ ᠤᠳᠠᠭ᠋ᠠᠨ᠎ᠤ ᠦᠢ᠍ᠯᠡ ᠤᠶᠤᠳᠠᠯ᠎ᠤᠨ ᠠᠵᠢᠯᠯᠠᠭ᠎ᠠ ᠵᠢ ᠵᠠᠷᠢᠮ ᠬᠡᠦᠬᠡᠳ᠎ᠨᠢ ᠭᠠᠭᠴᠠᠭ᠋ᠠᠷ ᠪᠡᠶ᠎ᠡ᠎ᠪᠠᠨ ᠳᠠᠭ᠋ᠠᠭ᠋ᠠᠨ ᠪᠡᠶᠡᠯᠡᠭᠦᠯᠵᠦ ᠴᠢᠳᠠᠭ᠍ᠤ ᠦᠭᠡᠢ ᠪᠣᠯᠬᠤ ᠦᠶᠡᠰ ᠬᠡᠦᠬᠡᠳ᠎ᠤᠳ ᠬᠠᠮᠲᠤ ᠨᠡᠶ᠋ᠢᠲᠡ ᠵᠢᠨ ᠬᠤᠭᠤᠷᠣᠨᠳᠤ᠎ᠪᠠᠨ ᠵᠠᠷᠢᠮ ᠴᠢᠳᠠᠳᠠᠭ᠎ᠨᠢ ᠴᠢᠳᠠᠭ᠎ᠠ ᠦᠭᠡᠢ᠎ᠪᠠᠨ ᠳᠠᠭ᠋ᠠᠭᠤᠯᠵᠤ᠂ ᠬᠠᠷᠢᠯᠴᠠᠨ ᠬᠠᠪᠰᠤᠷᠤᠯᠴᠠᠨ᠂ ᠬᠠᠮᠳᠦ᠎ᠪᠠᠷ ᠬᠢᠵᠦ ᠭᠦᠢ᠍ᠴᠡᠳᠭᠡᠬᠦ ᠪᠤᠶᠤ ᠠ᠋ᠰᠡᠬᠦᠯ᠎ᠡ ᠪᠠᠭᠰᠢ᠎ᠠᠴᠠ ᠨᠢᠭᠡᠳᠦᠯᠲᠡᠢ ᠵᠣᠬᠢᠶᠠᠨ ᠪᠠᠶ᠋ᠢᠭᠤᠯᠤᠨ ᠳᠤᠭᠤᠶ᠋ᠢᠯᠠᠩ ᠬᠤᠪᠢᠶᠠᠵᠤ ᠬᠠᠮᠲᠤ ᠨᠡᠶ᠋ᠢᠲᠡ ᠵᠢᠨ ᠦᠢ᠍ᠯᠡᠳᠦᠯ᠎ᠢ ᠭᠦᠢ᠍ᠴᠡᠳ ᠪᠠᠳᠠᠷᠠᠭᠤᠯᠤᠨ ᠬᠠᠮᠲᠤ ᠵᠢᠨ ᠣᠷᠤᠯᠴᠠᠭ᠎ᠠ᠎ᠲᠠᠢ᠎ᠪᠠᠷ ᠦᠢ᠍ᠯᠡ ᠣᠶᠣᠳᠠᠯ᠎ᠤᠨ ᠠᠵᠢᠯ᠎ᠢ ᠭᠦᠢ᠍ᠴᠡᠳᠬᠡᠵᠦ ᠪᠤᠯᠳᠠᠭ᠃ ᠢᠩᠭᠢᠵᠦ ᠬᠢᠬᠦ᠎ᠨᠢ ᠬᠡᠦᠬᠡᠳ᠎ᠲᠤ ᠬᠠᠮᠲᠤᠷᠠᠨ ᠪᠥᠯᠬᠦᠮᠳᠡᠵᠦ᠂ ᠬᠠᠷᠢᠯᠴᠠᠨ ᠬᠠᠮᠵᠢᠯᠴᠠᠵᠤ ᠬᠠᠮᠲᠤ᠎ᠪᠠᠷ ᠬᠢᠬᠦ᠂ ᠵᠣᠪᠠᠯ ᠪᠠᠶᠠᠰᠤᠯ ᠵᠶ᠋ᠠᠨ ᠬᠤᠪᠢᠶᠠᠯᠴᠠᠭ᠍ᠤ ᠬᠠᠮᠲᠤᠴᠢ ᠦᠵᠡᠯ᠎ᠤᠨ ᠪᠠᠶᠠᠷ ᠪᠠᠶᠠᠰᠤᠯ᠎ᠢ ᠤᠯᠭᠤᠵᠤ᠂ ᠬᠡᠦᠬᠡᠳ᠎ᠤᠳ᠎ᠤᠨ ᠬᠤᠭᠤᠷᠤᠨᠳᠤᠬᠢ ᠨᠥᠬᠦᠷᠯᠡᠯ ᠬᠠᠷᠢᠯᠴᠠᠭ᠎ᠠ ᠵᠢ ᠴᠢᠩᠭ᠋ᠠᠳᠬᠠᠵᠤ᠂ ᠬᠠᠷᠢᠯᠴᠠᠨ ᠪᠣᠳᠣᠯ ᠰᠠᠨᠠᠯ ᠵᠶ᠋ᠠᠨ ᠰᠣᠯᠢᠯᠴᠠᠨ ᠥᠭᠡᠷ᠎ᠡ ᠪᠤᠰᠤᠳ᠎ᠲᠠᠢ ᠬᠠᠷᠢᠯᠴᠠᠵᠤ ᠶᠠᠪᠤᠯᠴᠠᠭ᠍ᠤ ᠪᠤᠶᠤ ᠪᠣᠳᠣᠵᠤ ᠰᠠᠨᠠᠭᠰᠠᠨ ᠵᠶ᠋ᠠᠨ ᠶᠠᠷᠢᠵᠤ ᠢᠯᠡᠳᠬᠡᠬᠦ ᠴᠢᠳᠠᠪᠤᠷᠢ ᠵᠢᠨ ᠲᠠᠯ᠎ᠠ᠎ᠳᠤ ᠴᠦ᠍ ᠵᠤᠬᠢᠬᠤ ᠳᠡᠬᠡᠭᠰᠢᠯᠡᠭᠦᠯᠦᠯᠳᠡ᠎ᠲᠠᠢ ᠪᠠᠶ᠋ᠢᠵᠤ ᠬᠡᠦᠬᠡᠳ᠎ᠤᠨ ᠪᠦᠬᠦ ᠲᠠᠯ᠎ᠠ᠎ᠪᠠᠷ ᠵᠣᠬᠢᠴᠠᠩᠭᠤᠢ ᠬᠥᠭᠵᠢᠬᠦ᠎ᠳᠤ᠎ᠨᠢ ᠰᠠᠭᠤᠷᠢ ᠪᠤᠯᠵᠤ ᠴᠢᠳᠠᠳᠠᠭ᠃
      ᠲᠠᠪᠤ᠂ ᠦᠨᠳᠦᠰᠦᠲᠡᠨ᠎ᠤ᠎ᠪᠠᠨ ᠤᠯᠠᠮᠵᠢᠯᠠᠯᠲᠤ ᠦᠢ᠍ᠯᠡ ᠣᠶᠤᠳᠠᠯ᠎ᠤᠨ ᠦᠨᠡᠲᠦ ᠦᠪ ᠰᠤᠶᠤᠯ᠎ᠢ ᠤᠯᠠᠮᠵᠢᠯᠠᠨ ᠦᠪᠯᠡᠬᠦ᠎ᠳᠤ ᠠᠰᠢᠭ᠎ᠲᠠᠢ᠃ ᠪᠣᠳᠠᠲᠠᠢ ᠦᠢ᠍ᠯᠡ ᠣᠶᠤᠳᠠᠯ᠎ᠤᠨ ᠵᠢᠭ᠋ᠠᠨ ᠰᠤᠷᠭ᠋ᠠᠯᠲᠠ ᠵᠢᠨ ᠶᠠᠪᠤᠴᠠ ᠳᠤᠮᠳᠠ ᠪᠢᠳᠠ ᠬᠡᠦᠬᠡᠳ᠎ᠤᠨ ᠵᠶ᠋ᠠᠨ ᠤᠷᠠᠯᠠᠵᠤ ᠣᠶᠤᠭᠰᠠᠨ ᠦᠢ᠍ᠯᠡ ᠤᠷᠠᠯᠠᠯ᠎ᠤᠨ ᠪᠦᠲᠦᠭᠡᠭᠳᠡᠬᠦᠨ ᠵᠶ᠋ᠠᠨ ᠠᠩᠭᠢ᠎ᠳᠤ᠎ᠪᠠᠨ ᠪᠤᠶᠤ ᠰᠤᠷᠭ᠋ᠠᠭᠤᠯᠢ ᠵᠢᠨ ᠬᠡᠪᠴᠢᠶᠡᠨ᠎ᠳᠤ ᠦᠷᠭᠡᠨ ᠬᠡᠪᠴᠢᠶᠡᠨ᠎ᠤ ᠲᠡᠯᠭᠡᠨ ᠦᠵᠡᠭᠦᠯᠭᠡ ᠪᠠ ᠠᠳᠠᠯᠢᠳᠬᠠᠨ ᠰᠢᠯᠭ᠋ᠠᠷᠠᠭᠤᠯᠤᠯᠲᠠ ᠬᠢᠵᠦ᠂ ᠳᠡᠯᠭᠡᠨ ᠦᠵᠡᠭᠦᠯᠭᠡ ᠪᠤᠶᠤ ᠠᠳᠠᠯᠢᠳᠬᠠᠨ ᠰᠢᠯᠭ᠋ᠠᠷᠠᠭᠤᠯᠤᠯᠲᠠ ᠵᠢᠨ ᠠᠬᠤᠢ ᠲᠠᠯᠠᠪᠠᠢ᠎ᠳᠤ ᠦᠢ᠍ᠯᠡ ᠣᠶᠤᠳᠠᠯ᠎ᠳᠤ᠎ᠪᠠᠨ ᠰᠠᠶ᠋ᠢᠨ᠂ ᠠ᠋ᠰᠡᠬᠦᠯ᠎ᠡ ᠤᠳᠠᠭ᠋ᠠᠨ ᠵᠢᠯ᠎ᠤᠨ ᠲᠤᠷᠰᠢᠯᠭ᠎ᠠ᠎ᠲᠠᠢ ᠭᠡᠷ᠎ᠤᠨ ᠠᠬᠠᠮᠠᠳ ᠪᠤᠶᠤ ᠲᠤᠰᠬᠠᠢ ᠮᠡᠷᠭᠡᠵᠢᠯᠲᠡᠨ᠎ᠢ ᠤᠷᠢᠨ ᠵᠠᠯᠠᠵᠤ᠂ ᠬᠡᠦᠬᠡᠳ᠎ᠤᠨ ᠦᠢ᠍ᠯᠡ ᠤᠶᠤᠳᠠᠯ᠎ᠤᠨ ᠪᠦᠲᠦᠭᠡᠯ᠎ᠤᠨ ᠲᠤᠬᠠᠢ ᠵᠢᠭ᠋ᠠᠨ ᠵᠢᠯᠤᠭᠤᠳᠤᠯᠭ᠎ᠠ ᠪᠤᠶᠤ ᠲᠠᠶ᠋ᠢᠯᠤᠮᠵᠢ ᠬᠢᠯᠭᠡᠨ ᠬᠡᠦᠬᠡᠳ᠎ᠲᠤ ᠦᠢ᠍ᠯᠡ ᠣᠶᠤᠳᠠᠯ᠎ᠤᠨ ᠲᠤᠬᠠᠢ᠎ᠲᠠᠢ ᠭᠤᠶᠣ ᠬᠥᠮᠥᠵᠢᠯ ᠬᠦᠷᠲᠡᠭᠡᠪᠡ᠃ ᠬᠡᠦᠬᠡᠳ᠎ᠲᠤ ᠬᠠᠮᠤᠭ᠎ᠤᠨ ᠨᠠᠭ᠋ᠠᠲᠤ ᠵᠠᠬ᠎ᠠ᠎ᠳᠤ᠎ᠪᠠᠨ ᠥᠪᠡᠷ᠎ᠤᠨ ᠠ᠋ᠮᠦᠰᠴᠦ ᠪᠠᠶ᠋ᠢᠭ᠎ᠠ ᠭᠤᠶᠣ ᠭᠤᠶᠣ ᠬᠤᠪᠴᠠᠰᠤ ᠲᠡᠷᠯᠢᠭ᠎ᠢ ᠴᠣᠬᠤᠮ ᠶᠠᠭ᠋ᠠᠬᠢᠵᠤ ᠦᠢ᠍ᠯᠡ᠎ᠪᠠᠨ ᠪᠠᠷᠠᠵᠤ᠂ ᠬᠦᠴᠦ ᠬᠦᠳᠡᠯᠮᠦᠷᠢ ᠵᠠᠷᠤᠴᠠᠭᠤᠯᠤᠨ ᠣᠶᠤᠭᠰᠠᠨ ᠭᠡᠳᠡᠭ᠎ᠲᠤ ᠠᠩᠬᠠᠨ᠎ᠤ ᠲᠠᠨᠢᠯᠲᠠ ᠣᠶ᠋ᠢᠯᠠᠭ᠋ᠠᠯᠲᠠ᠎ᠲᠠᠢ ᠪᠣᠯᠭ᠋ᠠᠨ᠂ ᠠ᠋ᠭᠦᠨ ᠵᠶ᠋ᠠᠷ ᠳᠠᠮᠵᠢᠨ ᠠ᠋ᠬᠡ ᠡᠴᠢᠭᠡ ᠵᠢᠨ ᠠᠭᠤᠤ ᠶᠡᠭᠡ ᠬᠠᠶ᠋ᠢᠷ᠎ᠠ ᠵᠢ ᠮᠡᠳᠡᠷᠡᠭᠦᠯᠦᠨ᠂ ᠳᠠᠭ᠋ᠠᠤ᠎ᠳᠤ᠎ᠨᠢ ᠥᠪᠡᠷ᠎ᠤᠨ ᠬᠦᠴᠦ ᠬᠦᠳᠡᠯᠮᠦᠷᠢ᠎ᠪᠠᠷ ᠵᠶ᠋ᠠᠨ ᠪᠦᠲᠦᠭᠡᠭᠰᠡᠨ ᠦᠷ᠎ᠡ ᠪᠦᠲᠦᠭᠡᠯ ᠵᠶ᠋ᠠᠨ ᠬᠠᠶ᠋ᠢᠷᠠᠯᠠᠵᠤ ᠬᠢᠮᠠᠭ᠋ᠠᠳᠠᠭ᠍ᠤ ᠬᠥᠮᠥᠵᠢᠯ᠎ᠢ ᠴᠦ᠍ ᠠᠮᠵᠢᠯᠲᠠ᠎ᠲᠠᠢ ᠬᠢᠵᠦ ᠪᠣᠯᠣᠨ᠎ᠠ᠃ ᠠ᠋ᠭᠦᠨ᠎ᠠᠴᠠ ᠭᠠᠳᠠᠨ᠎ᠠ ᠠᠮᠢᠳᠤᠷᠠᠯ ᠳᠤᠮᠳᠠᠬᠢ ᠪᠤᠷᠤ ᠮᠠᠲ᠋ᠧᠷᠢᠶᠠᠯ᠎ᠢ ᠴᠤᠭᠯᠠᠭᠤᠯᠤᠨ ᠦᠢ᠍ᠯᠡ ᠤᠶᠤᠳᠠᠯ᠎ᠤᠨ ᠵᠢᠭ᠋ᠠᠨ ᠰᠤᠷᠭ᠋ᠠᠯᠳᠠ᠎ᠳᠤ ᠬᠡᠷᠡᠭᠯᠡᠭᠰᠡᠨ ᠵᠶ᠋ᠠᠷ ᠮᠦᠨ ᠴᠦ᠍ ᠬᠡᠦᠬᠡᠳ ᠦᠪᠡᠷᠲᠡᠭᠡᠨ ᠪᠣᠷᠣ ᠮᠠᠲ᠋ᠧᠷᠢᠶᠠᠯ᠎ᠢ ᠬᠡᠷᠬᠢᠨ ᠰᠣᠩᠭᠤᠵᠤ ᠠᠰᠢᠭᠯᠠᠭ᠍ᠤ᠂ ᠵᠡᠭᠦᠦ ᠪᠠᠷᠢᠵᠤ ᠱᠠᠭᠯᠠᠭ᠍ᠤ᠂ ᠬᠦᠪᠦᠷᠢᠳᠬᠦ᠂ ᠬᠠᠳᠬᠤᠬᠤ᠂ ᠰᠢᠷᠢᠬᠦ᠂ ᠤᠳᠠᠰᠤ ᠤᠷᠢᠶᠠᠭ᠍ᠤ ᠵᠡᠷᠬᠡ ᠵᠢᠨ ᠤᠶᠤᠳᠠᠯ᠎ᠤᠨ ᠠᠷᠭ᠎ᠠ ᠮᠠᠶᠢᠭ᠂ ᠠᠯᠬᠤᠮ ᠳᠠᠷᠠᠭ᠎ᠠ ᠵᠢ ᠵᠦᠪ ᠲᠠᠨᠢᠵᠤ᠂ ᠥᠪᠡᠷᠲᠡᠭᠡᠨ ᠵᠡᠭᠦᠦ ᠤᠲᠠᠰᠤ ᠲᠠᠲᠠᠯᠠᠨ᠂ ᠪᠡᠶᠡᠴᠢᠯᠡᠨ ᠦᠢ᠍ᠯᠡᠳᠦᠯᠭᠡ᠎ᠳᠤ ᠤᠷᠤᠯᠴᠠᠭᠰᠠᠨ ᠵᠶ᠋ᠠᠷ ᠨᠢᠬᠡ ᠬᠠᠳᠬᠤᠭ᠋ᠠᠰᠤ᠂ ᠨᠢᠭᠡ ᠰᠢᠪᠡᠭᠡᠰᠦ᠎ᠨᠢ ᠴᠦ᠍ ᠬᠦᠳᠡᠯᠮᠦᠷᠢᠴᠢ ᠮᠤᠩᠭᠤᠯᠴᠤᠳ᠎ᠤᠨ ᠤᠷᠠᠨ ᠤᠷ᠎ᠠ᠂ ᠴᠡᠴᠡᠨ ᠤᠬᠠᠭ᠋ᠠᠨ ᠰᠢᠩᠭᠡᠭᠰᠡᠨ ᠭᠡᠳᠡᠭ᠎ᠢ ᠤᠶ᠋ᠢᠯᠠᠭ᠋ᠠᠵᠤ᠂ ᠦᠨᠳᠦᠰᠦᠲᠡᠨ᠎ᠤ᠎ᠪᠠᠨ ᠦᠪ ᠰᠤᠶᠤᠯ ᠵᠶ᠋ᠠᠨ ᠤᠯᠠᠮᠵᠢᠯᠠᠨ ᠦᠪᠯᠡᠬᠦ ᠪᠠ ᠪᠠᠭ᠍ᠠᠷᠬᠠᠨ ᠬᠠᠶ᠋ᠢᠷᠠᠯᠠᠭ᠍ᠤ ᠤᠮᠤᠭᠰᠢᠯᠲᠤ ᠰᠡᠳᠬᠢᠯᠭᠡ ᠵᠢ ᠪᠤᠢ ᠪᠤᠯᠭ᠋ᠠᠵᠤ ᠴᠢᠳᠠᠳᠠᠭ ᠪᠠᠶ᠋ᠢᠨ᠎ᠠ᠃
    ᠵᠢᠷᠭᠤᠭ᠎ᠠ᠂ ᠬᠡᠦᠬᠡᠳ᠎ᠤᠨ ᠭᠤᠸ᠎ᠠ ᠲᠠᠭ᠋ᠠᠰᠢᠶᠠᠯ᠎ᠤᠨ ᠰᠤᠨᠢᠷᠬᠠᠯ᠎ᠤᠨ ᠤᠷᠮᠠᠰᠢᠯ ᠪᠠ ᠤᠷᠠᠯᠢᠭ᠎ᠤᠨ ᠠ᠋ᠭᠦᠳᠦᠨ ᠪᠦᠳᠦᠭᠡᠬᠦ ᠳᠠᠯᠳᠠ ᠬᠦᠴᠦᠨ᠎ᠢ ᠪᠤᠢ ᠪᠤᠯᠭ᠋ᠠᠨ᠎ᠠ᠃ ᠠᠯᠢᠪᠠ ᠤᠷᠠᠯᠢᠭ ᠪᠤᠯ ᠴᠦᠮ ᠭᠤᠸ᠎ᠠ ᠰᠠᠶ᠋ᠢᠬᠠᠨ᠎ᠤ ᠰᠤᠨᠢᠷᠬᠠᠮᠵᠢ ᠪᠤᠯᠤᠨ ᠠ᠋ᠭᠦᠳᠦᠨ ᠪᠦᠳᠦᠭᠡᠯᠲᠡ ᠵᠢᠨ ᠤᠶᠠᠯᠳᠤᠯ ᠮᠦᠨ᠃ ᠳᠠᠬᠢᠭ᠋ᠠᠳ ᠬᠡᠯᠡᠪᠡᠯ ᠬᠡᠦᠬᠡᠳ᠎ᠤᠳ ᠶᠠᠭᠤ ᠪᠦᠬᠦᠨ᠎ᠳᠤ ᠰᠣᠨᠢᠭᠤᠴᠢ ᠪᠠᠶ᠋ᠢᠳᠠᠭ ᠵᠶ᠋ᠠᠷ ᠪᠦᠷ ᠭᠠᠷ ᠬᠦᠷᠴᠦ ᠪᠠᠷᠢᠵᠤ ᠦᠵᠡᠳᠡᠭ᠃ 《ᠮᠣᠩᠭᠤᠯ ᠬᠥᠮᠥᠨ ᠭᠠᠷ᠎ᠲᠤ᠎ᠪᠠᠨ ᠨᠢᠳᠦ᠎ᠲᠠᠢ》 ᠭᠡᠭᠴᠢ᠎ᠨᠢ ᠲᠡᠷᠡ ᠪᠢᠵᠡ᠃ ᠨᠡᠩ ᠢᠯᠡᠭᠦᠦ ᠥᠪᠡᠷ᠎ᠤᠨ ᠲᠣᠭᠤᠵᠤ ᠪᠠᠭ᠍ᠠᠷᠬᠠᠭᠰᠠᠨ ᠵᠦᠢ᠍ᠯ ᠵᠶ᠋ᠠᠨ ᠠ᠋ᠷᠭᠢᠭᠦᠯᠦᠨ ᠤᠷᠪᠠᠭᠤᠯᠤᠨ ᠰᠢᠨᠵᠢᠵᠦ ᠱᠠᠭ᠋ᠠᠶ᠋ᠢᠵᠤ᠂ ᠣᠷᠤᠯᠳᠤᠵᠤ ᠭᠠᠷ᠎ᠠᠴᠠ᠎ᠪᠠᠨ ᠲᠠᠯᠪᠢᠬᠤ ᠳᠤᠷ᠎ᠠ ᠦᠭᠡᠢ ᠪᠠᠶ᠋ᠢᠳᠠᠭ᠎ᠨᠢ ᠬᠡᠦᠬᠡᠳ᠎ᠤᠨ ᠲᠦᠷᠦᠯᠬᠢ ᠵᠠᠩ ᠭᠡᠯᠲᠡᠢ᠃ ᠠ᠋ᠶ᠋ᠢᠮᠦ᠎ᠠᠴᠠ ᠦᠢ᠍ᠯᠡ ᠣᠶᠤᠳᠠᠯ᠎ᠤᠨ ᠵᠢᠭ᠋ᠠᠨ ᠰᠤᠷᠭ᠋ᠠᠯᠲᠠ᠎ᠳᠤ ᠤᠶᠤᠳᠠᠯ᠎ᠤᠨ ᠠᠷᠭ᠎ᠠ ᠵᠢᠨ ᠰᠤᠩᠭᠤᠯᠳᠠ᠂ ᠤᠳᠠᠰᠤᠨ᠎ᠤ ᠦᠩᠭᠡ ᠵᠢᠨ ᠵᠤᠬᠢᠴᠠᠭᠤᠯᠤᠯ ᠵᠡᠷᠭᠡ ᠵᠢ ᠬᠡᠦᠬᠡᠳ ᠨᠢᠭᠡ ᠪᠦᠷᠢ ᠵᠢᠨ ᠳᠤᠷ᠎ᠠ ᠰᠣᠨᠢᠷᠬᠠᠯ᠎ᠳᠤ ᠦᠨᠳᠦᠰᠦᠯᠡᠨ ᠰᠠᠶ᠋ᠢᠲᠤᠷ ᠰᠣᠩᠭᠤᠬᠤ᠎ᠨᠢ ᠲᠤᠩ ᠴᠢᠬᠤᠯᠠ᠃ ᠬᠡᠦᠬᠡᠳ᠎ᠲᠤ ᠠᠪᠴᠤ ᠬᠡᠯᠡᠪᠡᠯ ᠵᠢᠵᠢᠭᠬᠡᠨ ᠨᠢᠬᠡ ᠪᠦᠳᠦᠭᠡᠯ᠎ᠨᠢ ᠴᠦ᠍ ᠪᠦᠷ ᠲᠡᠳᠡᠨ᠎ᠤ ᠨᠦᠷᠢ ᠶᠡᠭᠡ ᠬᠦᠳᠡᠯᠮᠦᠷᠢ ᠵᠢ ᠵᠠᠷᠤᠴᠠᠭᠤᠯᠤᠭᠰᠠᠨ ᠵᠦᠢ᠍ᠷᠯᠡᠰᠢ ᠦᠭᠡᠢ ᠭᠤᠸ᠎ᠠ ᠰᠠᠶ᠋ᠢᠬᠠᠨ ᠳᠤᠲᠤᠭ᠋ᠠᠳᠤ ᠶᠢᠷᠳᠢᠨᠴᠦ ᠵᠢ ᠠᠬᠤᠭᠤᠯᠵᠤ᠂ ᠨᠢᠭᠡ ᠨᠢᠭᠡ ᠵᠡᠭᠦᠦ᠎ᠪᠠᠷ ᠰᠢᠪᠠᠵᠤ ᠤᠶᠤᠵᠤ᠂ ᠪᠠᠶᠠᠰᠤᠨ ᠤᠷᠮᠠᠰᠢᠵᠤ᠂ ᠥᠪᠡᠷ᠎ᠤᠨ ᠵᠶ᠋ᠠᠨ ᠳᠤᠷ᠎ᠠ᠎ᠪᠠᠷ ᠪᠠᠭ᠍ᠠᠲᠠᠢ ᠵᠦᠢ᠍ᠯ ᠵᠶ᠋ᠠᠨ ᠬᠢᠵᠦ ᠪᠦᠲᠦᠭᠡᠵᠦ ᠪᠠᠶ᠋ᠢᠬᠤ᠎ᠳᠤ᠎ᠪᠠᠨ ᠲᠡᠳᠡ ᠴᠦ᠍ ᠤᠶᠤᠨ ᠰᠠᠨᠠᠭ᠋ᠠᠨ᠎ᠤ ᠦᠵᠡᠮᠵᠢ ᠵᠢᠷᠤᠭᠯᠠᠯ᠎ᠳᠤ᠎ᠪᠠᠨ ᠪᠦᠬᠦ ᠰᠡᠳᠬᠢᠯ ᠪᠦᠬᠦ ᠵᠣᠷᠢᠭ ᠵᠶ᠋ᠠᠷ ᠵᠶ᠋ᠠᠨ ᠠᠭᠤᠰᠤᠨ ᠤᠷᠤᠭᠰᠠᠨ ᠪᠠᠶ᠋ᠢᠳᠠᠭ᠃ ᠲᠡᠭᠡᠵᠦ ᠮᠠᠰᠢ ᠴᠢᠯᠦᠭᠡᠲᠡᠢ ᠤᠷᠠᠨ ᠰᠡᠳᠬᠢᠮᠵᠢ ᠪᠠ ᠠ᠋ᠬᠦᠳᠦᠨ ᠪᠦᠳᠦᠭᠡᠬᠦ ᠳᠠᠯᠳᠠ ᠵᠢᠨ ᠴᠢᠳᠠᠪᠤᠷᠢ᠎ᠪᠠᠨ ᠭᠦᠢ᠍ᠴᠡᠳ ᠳᠠᠶ᠋ᠢᠴᠢᠯᠠᠨ ᠪᠤᠳᠤᠯ᠎ᠤᠨ ᠪᠤᠷᠤ ᠵᠢᠷᠤᠭ ᠳᠡᠬᠡᠷ᠎ᠡ᠎ᠪᠠᠨ ᠦᠢ᠍ᠯᠡ ᠤᠲᠠᠰᠤ᠎ᠪᠠᠷ ᠴᠢᠯᠦᠬᠡᠳᠡᠢ ᠳᠡᠯᠭᠡᠨ ᠢᠯᠡᠷᠡᠭᠦᠯᠳᠡᠭ ᠪᠠᠶ᠋ᠢᠨ᠎ᠠ᠃
      ᠲᠤᠯᠤᠭ᠎ᠠ᠂ ᠬᠡᠦᠬᠡᠳ᠎ᠤᠨ ᠢᠯᠡᠳᠬᠡᠬᠦ ᠴᠢᠳᠠᠮᠵᠢ ᠵᠢ ᠳᠡᠬᠡᠭᠰᠢᠯᠡᠭᠦᠯᠦᠨ᠂ ᠬᠤᠯᠪᠤᠨ ᠪᠤᠳᠤᠯᠳᠠ ᠵᠡᠷᠭᠡ ᠶᠡᠷᠦᠩᠬᠡᠶ᠋ᠢᠯᠡᠭᠰᠡᠨ ᠴᠢᠳᠠᠪᠤᠷᠢ ᠪᠣᠯᠣᠨ ᠬᠡᠪ ᠴᠢᠨᠠᠷ᠎ᠤᠨ ᠪᠦᠷᠢᠯᠳᠦᠴᠡ ᠵᠢ ᠠᠬᠢᠭᠤᠯᠵᠤ ᠲᠡᠯᠡᠨ᠎ᠡ᠃ ᠬᠡᠦᠬᠡᠳ᠎ᠤᠨ ᠬᠤᠪᠢ᠎ᠳᠤ ᠦᠢ᠍ᠯᠡ ᠣᠶᠤᠳᠠᠯ᠎ᠨᠢ ᠬᠦᠴᠢᠷ᠎ᠲᠠᠢ ᠪᠦᠬᠡᠳ ᠤᠳᠠᠭ᠋ᠠᠨ ᠳᠡᠰᠪᠦᠷᠢᠲᠡᠢ᠂ ᠪᠠᠰᠠ ᠵᠤᠬᠢᠬᠤ ᠬᠡᠮᠵᠢᠶᠡᠨ᠎ᠤ ᠠᠮᠤᠷ ᠲᠦᠪᠰᠢᠨ᠎ᠤ ᠰᠦᠷᠳᠡᠭᠦᠯᠦᠯ᠎ᠲᠠᠢ ᠭᠡᠨᠡᠨ ᠠᠶᠤᠮᠰᠢᠭᠲᠠᠢ ᠠᠵᠢᠯᠯᠠᠭ᠎ᠠ ᠪᠣᠯᠬᠤ ᠪᠤᠯᠪᠠᠴᠤ ᠤᠶᠤᠵᠤ ᠤᠷᠠᠯᠠᠭ᠍ᠤ ᠶᠠᠪᠤᠴᠠ ᠳᠤᠮᠳᠠ ᠪᠠᠭᠰᠢ᠎ᠠᠴᠠ ᠲᠡᠳᠡᠨ᠎ᠳᠤ ᠢᠯᠡᠭᠦᠬᠡᠨ ᠵᠢᠭ᠋ᠠᠵᠤ ᠳᠣᠬᠢᠵᠤ᠂ ᠬᠡᠯᠡᠵᠦ ᠰᠤᠷᠭ᠋ᠠᠨ᠂ ᠲᠡᠰᠪᠦᠷᠢ ᠲᠡᠪᠴᠢᠶᠡᠷᠢ᠎ᠲᠠᠢ᠎ᠪᠠᠷ ᠢᠯᠡᠭᠦᠬᠡᠨ ᠪᠣᠳᠣᠯ ᠰᠠᠨᠠᠯ ᠵᠶ᠋ᠠᠨ ᠶᠠᠷᠢᠯᠴᠠᠵᠤ᠂ ᠴᠠᠭ ᠲᠤᠬᠠᠢ᠎ᠳᠤ᠎ᠨᠢ ᠬᠢᠵᠦ ᠪᠠᠶ᠋ᠢᠭ᠎ᠠ ᠠᠵᠢᠯ᠎ᠤᠨ ᠵᠶ᠋ᠠᠨ ᠲᠤᠬᠠᠢ ᠣᠶ᠋ᠢᠯᠠᠭ᠋ᠠᠯᠴᠠᠵᠤ ᠮᠡᠳᠡᠯᠴᠡᠨ᠂ ᠲᠡᠳᠡᠨ᠎ᠤ ᠳᠠᠪᠠᠭᠤᠯᠢᠭ ᠲᠠᠯ᠎ᠠ ᠵᠢ ᠴᠢᠳᠠᠮᠠᠭ᠋ᠠᠢ ᠣᠯᠵᠤ ᠬᠠᠷᠠᠭ᠍ᠤ ᠵᠢᠨ ᠬᠠᠮᠲᠤ ᠬᠦᠴᠢᠷᠳᠡᠵᠦ ᠪᠠᠶ᠋ᠢᠭ᠎ᠠ ᠠᠰᠠᠭᠤᠳᠠᠯ᠎ᠢ ᠴᠦ᠍ ᠰᠡᠷᠬᠡᠭ ᠵᠶ᠋ᠠᠷ ᠮᠡᠳᠡᠵᠦ ᠰᠢᠢ᠍ᠳᠪᠦᠷᠢᠯᠡᠬᠦ ᠠᠷᠭ᠎ᠠ ᠵᠠᠮ ᠪᠤᠶᠤ ᠮᠠᠭᠲᠠᠭ᠋ᠠᠯ ᠦᠵᠡᠭᠦᠯᠬᠦ ᠬᠡᠷᠡᠭᠲᠡᠢ᠃ ᠢᠩᠭᠢᠪᠡᠯ ᠬᠡᠦᠬᠡᠳ ᠤᠯᠠᠮ ᠤᠷᠮᠠᠰᠢᠨ ᠤᠷᠠᠨ ᠵᠶ᠋ᠠᠷ ᠰᠡᠳᠬᠢᠨ ᠲᠦᠰᠦᠭᠡᠯᠡᠵᠦ᠂ ᠥᠪᠡᠷ᠎ᠤᠨ ᠪᠣᠳᠣᠯ ᠵᠶ᠋ᠠᠨ ᠢᠳᠡᠪᠬᠢᠲᠡᠢ ᠶᠠᠷᠢᠵᠤ ᠢᠯᠡᠳᠬᠡᠨ᠂ ᠦᠢ᠍ᠯᠡ ᠣᠶᠤᠳᠠᠯ᠎ᠤᠨ ᠵᠶ᠋ᠠᠨ ᠬᠡᠯᠪᠡᠷᠢ ᠳᠦᠷᠰᠦ ᠪᠠ ᠤᠷᠤᠨ ᠵᠠᠢ᠂ ᠦᠩᠭᠡ ᠪᠤᠳᠤᠭ᠎ᠤᠨ ᠵᠤᠬᠢᠴᠠᠯ ᠵᠡᠷᠭᠡ᠎ᠳᠤ ᠥᠪᠡᠷᠮᠢᠴᠡ ᠴᠢᠨᠠᠷ ᠵᠶ᠋ᠠᠨ ᠭᠦᠢ᠍ᠴᠡᠳ ᠢᠯᠡᠷᠡᠭᠦᠯᠳᠡᠭ ᠵᠶ᠋ᠠᠷ ᠬᠡᠦᠬᠡᠳ᠎ᠤᠨ ᠪᠦᠬᠦ ᠲᠠᠯ᠎ᠠ ᠵᠢᠨ ᠬᠦᠭᠵᠢᠯᠳᠡ᠎ᠳᠤ ᠠᠬᠢᠭᠤᠯᠬᠤ ᠦᠢ᠍ᠯᠡᠳᠦᠯ᠎ᠲᠠᠢ ᠪᠠᠶ᠋ᠢᠳᠠᠭ᠃ ᠠ᠋ᠭᠦᠨᠴᠢᠯᠡᠨ ᠬᠡᠦᠬᠡᠳ᠎ᠤᠳ ᠦᠪᠡᠷ᠎ᠤᠨ ᠬᠢᠭᠰᠡᠨ ᠪᠦᠳᠦᠭᠡᠯ᠎ᠳᠤ᠎ᠪᠠᠨ ᠮᠠᠰᠢ ᠰᠡᠳᠬᠢᠯ ᠬᠠᠨᠤᠮᠵᠢᠲᠠᠢ ᠪᠠᠶ᠋ᠢᠵᠤ᠂ ᠪᠤᠰᠤᠳ᠎ᠲᠠᠢ ᠬᠤᠪᠢᠶᠠᠯᠴᠠᠭ᠍ᠤ᠂ ᠪᠦᠳᠦᠭᠡᠯ ᠵᠶ᠋ᠠᠨ ᠲᠠᠨᠢᠯᠴᠠᠭᠤᠯᠤᠨ ᠲᠠᠶ᠋ᠢᠯᠪᠤᠷᠢᠯᠠᠭ᠍ᠤ᠎ᠪᠠᠷ ᠳᠠᠮᠵᠢᠨ᠂ ᠵᠤᠷᠢᠬᠳᠠᠢ᠎ᠪᠠᠷ ᠶᠠᠷᠢᠵᠤ ᠢᠯᠡᠳᠬᠡᠬᠦ ᠬᠡᠯᠡ ᠶᠠᠷᠢᠶᠠᠨ᠎ᠤ ᠴᠢᠳᠠᠪᠤᠷᠢ ᠵᠢᠨ ᠬᠦᠭᠵᠢᠯᠳᠡ᠎ᠳᠤ ᠴᠦ᠍ ᠲᠤᠳᠠᠭᠳᠠᠵᠤ ᠪᠤᠯᠤᠰᠢ ᠦᠭᠡᠢ ᠠᠴᠢ ᠲᠤᠰᠠ᠎ᠲᠠᠢ ᠪᠠᠶ᠋ᠢᠳᠠᠭ᠃
      ᠬᠠᠶᠢᠬ᠄ ᠵᠡᠭᠦᠨ ᠦᠵᠦᠮᠦᠴᠢᠨ ᠬᠤᠰᠢᠭᠤᠨ᠎ᠤ ᠦᠨᠳᠦᠰᠦᠲᠡᠨ᠎ᠤ ᠬᠡᠦᠬᠡᠳ᠎ᠤᠨ ᠴᠡᠴᠡᠷᠯᠢᠭ
                                            (ᠦᠨᠠᠨᠪᠠᠳᠤ ᠨᠠᠢ᠍ᠢ᠍ᠷᠠᠭᠤᠯᠪᠠ)
                                            5 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠬᠡᠦᠬᠡᠳ᠎ᠤᠨ ᠲᠠᠭᠤᠤ ᠵᠢ ᠠᠰᠢᠭᠯᠠᠵᠤ ᠠᠩᠭ᠍ᠯᠢ ᠬᠡᠯᠡᠨ᠎ᠤ ᠰᠤᠷᠭ᠋ᠠᠨ ᠬᠦᠮᠦᠵᠢᠯ ᠬᠢᠬᠦ
ᠪᠠᠯᠴᠢᠷ ᠨᠠᠰᠤᠨ᠎ᠤ ᠬᠡᠥᠬᠡᠳ᠎ᠤᠨ ᠬᠡᠷ ᠪᠦᠯᠢ ᠵᠢᠨ ᠬᠦᠮᠦᠵᠢᠯ᠎ᠤᠨ ᠴᠢᠬᠤᠯᠠ ᠴᠢᠨᠠᠷ
ᠮᠣᠩᠭᠤᠯ ᠠᠷᠠᠳ᠎ᠤᠨ ᠣᠯᠠᠮᠵᠢᠯᠠᠯᠳᠥ ᠨᠠᠭ᠋ᠠᠳᠥᠮ 《ᠴᠠᠭ᠋ᠠᠨ ᠬᠤᠷᠠᠭ᠋ᠠᠨ ᠰᠡᠭᠦᠯ ᠪᠠᠷᠢᠬᠤ》 ᠲᠣᠭᠯᠠᠭ᠋ᠠᠮ᠎ᠠᠴᠠ ᠰᠡᠳᠣᠪᠯᠡᠭᠦ᠎ᠨᠢ
ᠭᠡᠤᠭᠡᠳ ᠨᠤᠮ ᠲᠤᠭᠯᠠᠭ᠋ᠠᠮ ᠭᠤᠷᠪᠠ ᠵᠢ ᠤᠶᠠᠯᠳᠤᠭᠤᠯᠤᠭᠰᠠᠨ 《ᠲᠤᠭᠯᠠᠭ᠋ᠠᠮ᠎ᠤᠨ ᠲᠤᠮᠳᠠ ᠬᠡᠤᠬᠡᠳ᠎ᠤᠨ ᠬᠦᠭᠵᠢᠯ᠎ᠢ ᠲᠡᠮᠵᠢᠬᠦ》 ᠰᠤᠳᠤᠯᠭ᠋ᠠᠨ᠎ᠤ ᠰᠡᠳᠦᠪ᠎ᠤᠨ ᠲᠤᠬᠠᠢ
ᠴᠡᠴᠡᠷᠯᠢᠭ᠎ᠤᠨ ᠰᠤᠷᠭ᠋ᠠᠨ ᠬᠦᠮᠦᠵᠢᠯ᠎ᠳᠤ ᠬᠦᠨᠳᠦᠳᠬᠡᠬᠦ ᠴᠢᠬᠤᠯᠠ᠎ᠲᠠᠢ ᠬᠡᠳᠦᠨ ᠠᠰᠠᠭᠤᠳᠠᠯ
 
             蒙ICP备05000248号