ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠴᠡᠴᠡᠷᠯᠢᠭ᠎ᠤᠨ ᠭᠡᠤᠭᠡᠳ᠎ᠤᠨ ᠦᠬᠡ ᠶᠠᠷᠢᠶᠠᠨ᠎ᠤ ᠵᠢᠭ᠋ᠠᠨ ᠰᠤᠷᠭ᠋ᠠᠯᠳᠠ ᠵᠢᠨ ᠲᠤᠬᠠᠢ ᠲᠦᠬᠦᠮ ᠦᠬᠦᠯᠡᠬᠦ᠎ᠨᠢ
ᠨᠡᠶ᠋ᠢᠲᠡᠯᠡᠭᠰᠡᠨ ᠴᠠᠭ᠄ 2020-01-02

                                  ᠴᠡᠯᠮᠡᠭ


      ᠴᠡᠴᠡᠷᠯᠢᠭ᠎ᠤᠨ ᠬᠡᠤᠬᠡᠳ᠎ᠤᠨ ᠦᠬᠡ ᠶᠠᠷᠢᠶᠠᠨ᠎ᠤ ᠵᠢᠭ᠋ᠠᠨ ᠰᠤᠷᠭ᠋ᠠᠯᠳᠠ ᠵᠢ ᠲᠡᠬᠦᠯᠳᠡᠷᠵᠢᠬᠦᠯᠬᠦ᠎ᠳᠤ ᠵᠦᠪᠬᠡᠨ ᠭᠠᠭᠴᠠ ᠲᠠᠯ᠎ᠠ᠎ᠠᠴᠠ ᠴᠢᠷᠮᠠᠢ᠍ᠢ᠍ᠭ᠋ᠠᠳ ᠪᠤᠯᠬᠤ ᠦᠭᠡᠢ᠃ ᠦᠬᠡᠷ᠎ᠡ᠎ᠪᠠᠷ ᠬᠡᠯᠡᠪᠡᠯ᠂ ᠦᠰᠪᠤᠷᠢ ᠨᠠᠰᠤᠨ᠎ᠤ ᠬᠡᠤᠬᠡᠳ᠎ᠤᠨ ᠬᠡᠷ ᠪᠦᠯᠢ ᠵᠢᠨ ᠰᠤᠷᠭ᠋ᠠᠨ ᠬᠦᠮᠤᠵᠢᠯ᠎ᠳᠤ ᠨᠦᠯᠦᠭᠡᠯᠡᠭᠳᠡᠭᠦ ᠴᠠᠭ᠎ᠨᠢ ᠬᠠᠮᠤᠭ ᠤᠷᠳᠤ᠂ ᠳᠠᠷᠠᠭ᠎ᠠ᠎ᠨᠢ ᠰᠠᠶᠢ ᠴᠡᠴᠡᠷᠯᠢᠭ᠎ᠲᠤ ᠪᠠᠢ᠍ᠢ᠍ᠬᠤ ᠬᠤᠭᠤᠴᠠᠭ᠎ᠠ ᠪᠠᠶ᠋ᠢᠳᠠᠭ᠂ ᠬᠠᠮᠤᠭ ᠡᠴᠤᠰ᠎ᠲᠤ ᠪᠤᠰᠤᠳ ᠬᠡᠤᠬᠡᠳ᠎ᠤᠨ ᠲᠤᠮᠳᠠ᠎ᠠᠴᠠ ᠰᠤᠷᠴᠤ ᠡᠵᠡᠮᠰᠢᠭᠦ ᠴᠠᠭ ᠬᠤᠭᠤᠴᠠᠭ᠎ᠠ ᠪᠤᠯᠤᠨ᠎ᠠ᠃ ᠠ᠋ᠶ᠋ᠢᠮᠤ ᠭᠤᠷᠪᠠᠨ ᠲᠠᠯ᠎ᠠ ᠵᠢᠨ ᠦᠡᠳᠤᠰᠤᠨ ᠨᠦᠬᠦᠴᠡᠯ ᠪᠦᠷᠢᠯᠳᠤᠪᠡᠯ ᠰᠠᠶᠢ ᠦᠬᠡ ᠶᠠᠷᠢᠶᠠᠨ᠎ᠤ ᠪᠠᠶᠠᠯᠢᠭ᠎ᠤᠨ ᠬᠡᠮᠵᠢᠶ᠎ᠡ ᠲᠡᠭᠡᠭᠰᠢᠯᠡᠳᠡᠭ᠃

      ᠨᠢᠬᠡ᠂ ᠴᠡᠴᠡᠷᠯᠢᠭ᠎ᠤᠨ ᠬᠡᠤᠬᠡᠳ᠎ᠤᠨ ᠦᠬᠡ ᠶᠠᠷᠢᠶᠠᠨ᠎ᠤ ᠴᠢᠬᠤᠯᠠ ᠴᠢᠨᠠᠷ

      ᠴᠡᠴᠡᠷᠯᠢᠭ᠎ᠤᠨ ᠵᠢᠭ᠋ᠠᠨ ᠰᠤᠷᠭ᠋ᠠᠯᠳᠠ ᠵᠦᠪᠬᠡᠨ ᠬᠡᠤᠬᠡᠳ᠎ᠢ ᠨᠠᠭ᠋ᠠᠳᠤᠮ ᠲᠤᠭᠯᠠᠭ᠋ᠠᠮ᠎ᠳᠤ ᠢᠯᠡᠬᠦᠤ ᠤᠶ᠋ᠢᠷᠠᠳᠤᠭᠤᠯᠵᠤ ᠴᠠᠭ ᠦᠷᠡᠭᠡᠵᠤ ᠠ᠋ᠳᠤᠷ ᠨᠦᠭᠴᠢᠬᠡᠬᠦ ᠲᠡᠳᠤᠢ ᠪᠢᠰᠢ᠂ ᠬᠠᠷᠢᠨ ᠠᠪᠬᠠᠯᠵᠢ ᠰᠠᠮᠪᠠᠭ᠎ᠠ᠎ᠲᠠᠢ ᠠᠵᠢᠯᠯᠠᠵᠤ ᠴᠢᠳᠠᠭ᠍ᠤ ᠶᠤᠮ ᠪᠤᠯ ᠠᠮᠵᠢᠯᠳᠠ᠎ᠳᠤ ᠭᠦᠷᠭᠦ ᠪᠤᠯᠤᠮᠵᠢ᠎ᠲᠠᠢ ᠶᠤᠮ᠃
     1. ᠭᠡᠤᠭᠡᠳ᠎ᠤᠨ ᠰᠡᠳᠬᠢᠭᠦᠢ ᠵᠢ ᠭᠦᠭᠵᠢᠭᠦᠯᠭᠦ ᠵᠢ ᠠᠨᠭ᠌ᠬᠠᠷᠤᠨ᠎ᠠ᠃

      ᠮᠤᠩᠭᠤᠯᠴᠤᠳ᠎ᠢ ᠦᠬᠡ ᠶᠠᠷᠢᠬᠤ ᠲᠤᠷᠠᠳᠠᠢ᠂ ᠴᠠᠯᠴᠢᠬᠤ ᠲᠤᠷᠠᠳᠠᠢ ᠭᠡᠳᠡᠭ᠃ ᠶᠠᠭ ᠦᠨᠡᠨ᠎ᠳᠤ᠎ᠪᠠᠨ ᠲᠡᠶ᠋ᠢᠮᠤ ᠪᠢᠰᠢ᠂ ᠬᠠᠷᠢᠨ ᠦᠷ᠎ᠡ ᠬᠡᠤᠬᠡᠳ ᠵᠶ᠋ᠠᠨ ᠦᠬᠡ ᠶᠠᠷᠢᠶᠠᠨ᠎ᠤ ᠪᠤᠯᠪᠠᠰᠤᠷᠠᠯ᠎ᠲᠠᠢ᠂ ᠶᠤᠰᠤ ᠰᠤᠷᠳᠠᠭ᠍ᠤᠨ᠎ᠲᠠᠢ᠂ ᠤᠬᠠᠭ᠋ᠠᠨ ᠰᠠᠨᠠᠭ᠎ᠠ ᠬᠤᠤᠰᠯᠠᠭᠰᠠᠨ ᠬᠦᠮᠤᠨ ᠪᠤᠯᠬᠤ᠎ᠳᠤ ᠬᠠᠷ᠎ᠠ ᠨᠢᠯᠬ᠎ᠠ᠎ᠠᠴᠠ᠎ᠨᠢ ᠲᠤᠰᠠᠯᠠᠯᠴᠠᠳᠠᠭ᠎ᠤᠨ ᠭᠤᠤᠯ ᠵᠤᠷᠢᠯᠭ᠎ᠠ ᠲᠠᠷᠠ ᠪᠤᠯᠤᠨ᠎ᠠ᠃ ᠲᠡᠷᠡ᠎ᠪᠠᠷ ᠴᠦ᠍ ᠦᠯᠤ ᠪᠠᠷᠠᠨ ᠤᠨᠢᠰᠤᠭ᠎ᠠ ᠲᠠᠭ᠋ᠠᠪᠤᠷᠢ ᠵᠤᠬᠢᠶᠠᠵᠤ ᠬᠡᠤᠬᠡᠳ ᠵᠶ᠋ᠠᠷ ᠰᠡᠳᠬᠢᠬᠦᠯᠵᠤ ᠬᠡᠯᠡᠬᠦᠯᠳᠡᠭ ᠲᠠᠳᠬᠠᠯ᠎ᠲᠠᠢ ᠪᠠᠶ᠋ᠢᠬᠰᠡᠨ ᠶᠤᠮ᠃ ᠤᠨᠢᠰᠤᠭ᠎ᠠ᠎ᠨᠢ ᠦᠬᠡ ᠶᠠᠷᠢᠶᠠᠨ᠎ᠤ ᠬᠡᠯᠪᠡᠷᠢ᠎ᠪᠠᠷ ᠬᠦᠮᠤᠨ᠎ᠤ ᠤᠶᠤᠨ ᠰᠡᠳᠬᠢᠭᠦᠢ᠎ᠳᠤ ᠲᠤᠰᠬᠠᠯ ᠥᠭᠳᠡᠭ᠃ ᠨᠦᠬᠦᠬᠡ᠎ᠨᠢ ᠬᠡᠬᠦ᠎ᠳᠤ ᠦᠯᠢᠬᠡᠷ ᠶᠠᠷᠢᠬᠤ ᠵᠢ ᠮᠤᠩᠭᠤᠯᠴᠤᠳ ᠮᠠᠰᠢᠳᠠ ᠠᠩᠬᠠᠷᠴᠤ ᠢᠷᠡᠭᠰᠡᠨ ᠶᠤᠮ᠃ ᠬᠡᠤᠬᠡᠳ᠎ᠤᠳ ᠦᠯᠢᠬᠡᠷ ᠰᠤᠨᠤᠰᠴᠤ ᠤᠴᠢᠷ ᠶᠠᠪᠤᠳᠠᠯ᠎ᠤᠨ ᠤᠯᠠᠨ ᠲᠠᠯ᠎ᠠ᠎ᠳᠤ ᠨᠢᠭᠳᠠᠯᠠᠯ ᠰᠢᠡᠵᠢᠯᠡᠯ ᠬᠢᠬᠦ ᠮᠦᠷᠳᠡᠬᠡᠨ ᠠᠭ᠋ᠠᠵᠢᠮ᠎ᠳᠤ᠎ᠪᠠᠨ ᠦᠪᠡᠷ ᠦᠪᠡᠷᠰᠡᠳ ᠵᠶ᠋ᠠᠨ ᠲᠠᠭᠤᠷᠢᠶᠠᠨ ᠵᠤᠬᠢᠶᠠᠵᠤ ᠦᠬᠡ ᠬᠡᠯᠡ᠎ᠪᠠᠨ ᠪᠠᠶᠠᠯᠢᠬ᠍ᠵᠢᠭᠤᠯᠳᠠᠭ᠃ ᠠ᠋ᠭᠦᠨ᠎ᠠᠴᠠ ᠭᠠᠳᠠᠨ᠎ᠠ ᠮᠤᠨᠭ᠌ᠭᠤᠯᠴᠤᠳ ᠬᠦᠡᠳᠤᠯᠡᠬᠦ ᠮᠡᠡᠳᠤᠯᠡᠬᠦ ᠶᠤᠰᠤ ᠵᠠᠩᠰᠢᠯ᠎ᠲᠠᠢ ᠪᠠᠶ᠋ᠢᠳᠠᠭ᠃ ᠬᠡᠤᠬᠡᠳ ᠬᠡᠯᠡᠨ᠎ᠳᠤ ᠤᠷᠤᠮᠠᠭᠴᠠ ᠰᠠᠶ᠋ᠢᠨ ᠤᠤ? ᠮᠡᠡᠳᠤ ᠤᠤ? ᠭᠡᠵᠦ ᠠᠰᠠᠭᠤᠵᠤ ᠰᠤᠷᠠᠬᠤ ᠲᠠᠳᠬᠠᠯ᠎ᠲᠠᠢ ᠪᠤᠯᠳᠠᠬ᠃ ᠲᠡᠷᠡ᠎ᠨᠢ ᠦᠬᠡ ᠶᠠᠷᠢᠶᠠᠨ᠎ᠤ ᠨᠦᠬᠡᠴᠡ ᠬᠦᠴᠤᠨ᠎ᠢ ᠨᠡᠮᠡᠭᠳᠡᠬᠦᠯᠵᠤ ᠪᠠᠶ᠋ᠢᠭ᠎ᠠ ᠶᠤᠮ᠃

      ᠴᠡᠬᠡᠷ ᠶᠤᠰᠤ᠎ᠨᠢ ᠬᠡᠤᠬᠡᠳ᠎ᠤᠨ ᠰᠡᠳᠬᠢᠬᠦᠢ ᠵᠢ ᠭᠦᠭᠵᠢᠬᠦᠯᠬᠦ ᠰᠢᠳᠢ᠎ᠲᠠᠢ ᠪᠠᠢ᠍ᠢ᠍ᠳᠠᠬ᠃ ᠮᠤᠩᠭᠤᠯᠴᠤᠳ᠎ᠤᠨ ᠠ᠋ᠷᠳᠡᠨ᠎ᠤ ᠬᠡᠷ ᠪᠦᠯᠢ ᠵᠢᠨ ᠰᠤᠷᠭ᠋ᠠᠨ ᠬᠦᠮᠤᠵᠢᠯ᠎ᠳᠤ ᠴᠡᠬᠡᠷ ᠶᠤᠰᠤ᠎ᠨᠢ ᠨᠡᠯᠢᠶᠡᠳ ᠰᠠᠶ᠋ᠢᠨ ᠤᠶ᠋ᠢᠯᠡᠳᠤᠯ ᠦᠵᠡᠬᠦᠯᠵᠠᠢ᠃ ᠮᠤᠩᠭᠤᠯᠴᠤᠳ ᠴᠡᠬᠡᠷ ᠶᠤᠰᠤ ᠤᠯᠠᠨ᠎ᠲᠠᠢ ᠪᠠᠶ᠋ᠢᠳᠠᠭ᠎ᠠᠴᠠ ᠲᠡᠬᠦᠨ᠎ᠢ᠎ᠪᠠᠨ ᠬᠡᠪᠰᠢᠬᠦᠯᠵᠤ ᠬᠡᠪ ᠬᠠᠤᠯᠢ ᠪᠤᠯᠭ᠋ᠠᠭᠰᠡᠨ ᠲᠡᠳᠤᠢ ᠦᠭᠡᠢ ᠬᠡᠷ ᠪᠦᠯᠢ ᠵᠢᠨ ᠰᠤᠷᠭ᠋ᠠᠨ ᠬᠦᠮᠤᠵᠢᠯ᠎ᠤᠨ ᠴᠢᠬᠤᠯᠠ ᠵᠠᠷᠴᠢᠮ ᠪᠤᠯᠭ᠋ᠠᠭᠰᠡᠨ ᠪᠠᠶ᠋ᠢᠳᠠᠭ᠃ ᠲᠡᠬᠡᠬᠦᠯᠡᠷ ᠴᠡᠬᠡᠷ ᠶᠤᠰᠤ᠎ᠨᠢ ᠬᠦᠮᠤᠨ ᠪᠤᠯᠭ᠋ᠠᠨ᠎ᠤ ᠮᠡᠳᠡᠵᠤ ᠪᠠᠶ᠋ᠢᠳᠠᠭ᠂ ᠬᠡᠤᠬᠡᠳ᠎ᠢ ᠰᠤᠷᠭ᠋ᠠᠨ ᠬᠦᠮᠤᠵᠢᠬᠦᠯᠬᠦ ᠬᠡᠯᠪᠡᠷᠢ ᠵᠢᠨ ᠨᠢᠬᠡ ᠪᠤᠯᠤᠭᠰᠡᠨ ᠪᠠᠶ᠋ᠢᠨ᠎ᠠ᠃ ᠦᠨᠡᠡ᠎ᠳᠤ᠎ᠪᠠᠨ ᠴᠡᠬᠡᠷ ᠶᠤᠰᠤ᠎ᠨᠢ ᠠᠮᠢᠳᠤᠷᠠᠯ ᠲᠤᠮᠳᠠ ᠬᠡᠤᠬᠡᠳ᠎ᠤᠨ ᠰᠡᠳᠬᠢᠬᠦᠢ ᠵᠢ ᠭᠦᠭᠵᠢᠬᠦᠯᠬᠦ ᠤᠶ᠋ᠢᠯᠡᠳᠤᠯ ᠦᠵᠡᠬᠦᠯᠤᠭ᠌ᠰᠡᠬᠡᠷ ᠢᠷᠡᠪᠡ᠃ ᠵᠢᠱ᠌ᠢᠶᠡᠯᠡᠪᠡᠯ᠄ 《ᠬᠡᠤᠬᠡᠳ ᠬᠦᠮᠤᠨ ᠲᠠᠷᠢᠬᠢ ᠢᠳᠡᠳᠡᠭ ᠦᠭᠡᠢ᠂ ᠲᠠᠷᠢᠬᠢ ᠢᠳᠡᠪᠡᠯ ᠨᠢᠰᠤᠩᠬᠠᠢ ᠪᠤᠯᠤᠨ᠎ᠠ》 ᠬᠡᠭᠦ ᠮᠡᠳᠦᠴᠢᠯᠡᠨ ᠬᠡᠤᠬᠡᠳ᠎ᠤᠳ᠎ᠢ ᠠᠯᠠᠰᠢ ᠦᠬᠦᠴᠡᠨ᠎ᠤ ᠪᠤᠯᠤᠭᠰᠡᠨ ᠲᠠᠷᠢᠬᠢ ᠵᠢ ᠢᠳᠡᠬᠦᠯᠳᠡᠭ ᠦᠭᠡᠢ᠃ ᠢᠳᠡᠬᠦᠯᠳᠡᠭ ᠦᠭᠡᠢ ᠵᠢᠨ ᠭᠤᠤᠯ ᠤᠴᠢᠷ᠎ᠨᠢ ᠲᠠᠷᠢᠬᠢᠨ᠎ᠤ ᠬᠡᠮᠳᠤᠯ᠎ᠲᠠᠢ ᠮᠠᠯ᠎ᠤᠨ ᠲᠠᠷᠢᠬᠢ᠎ᠨᠢ ᠬᠡᠤᠬᠡᠳ᠎ᠤᠨ ᠲᠠᠷᠢᠬᠢᠨ᠎ᠳᠤ ᠪᠤᠶᠤ ᠪᠡᠶ᠎ᠡ ᠮᠠᠭ᠍ᠠᠪᠤᠳ᠎ᠲᠤ ᠮᠠᠭᠤ ᠨᠦᠯᠤᠬᠡ ᠦᠵᠡᠬᠦᠯᠬᠦ᠎ᠠᠴᠠ ᠬᠢᠴᠢᠶᠡᠵᠤ ᠪᠠᠶ᠋ᠢᠭ᠎ᠠ ᠶᠠᠪᠤᠳᠠᠯ ᠪᠤᠯᠤᠨ᠎ᠠ᠃ ᠬᠡᠪᠡᠴᠤ ᠬᠡᠤᠬᠡᠳ᠎ᠤᠨ ᠲᠤᠷ᠎ᠠ ᠰᠤᠨᠢᠷᠬᠠᠯ᠎ᠢ ᠶᠠᠮᠠᠷᠴᠤ ᠦᠬᠡ᠎ᠪᠠᠷ ᠨᠢᠴᠤᠭ᠋ᠠᠬᠤ ᠵᠢᠨ ᠠᠷᠭ᠎ᠠ ᠦᠭᠡᠢ ᠪᠤᠯᠬᠤᠷ ᠴᠡᠬᠡᠷ ᠶᠤᠰᠤᠨ᠎ᠤ ᠬᠡᠯᠡᠴᠡ᠎ᠪᠠᠷ ᠰᠢᠢ᠍ᠤᠪᠤᠷᠢᠯᠡᠵᠤ ᠪᠠᠶ᠋ᠢᠨ᠎ᠠ᠃ ᠮᠤᠩᠭᠤᠯᠴᠤᠳ᠎ᠤᠨ ᠵᠤᠶ᠋ᠢᠷ ᠰᠡᠴᠡᠨ ᠦᠬᠡ᠂ ᠴᠡᠴᠡᠨ ᠦᠬᠡ᠂ ᠶᠤᠭᠳᠠ ᠦᠬᠡ᠂ ᠶᠢᠷᠳᠢᠡᠴᠤ ᠵᠢᠨ ᠭᠤᠷᠪᠠ ᠬᠡᠬᠦ ᠮᠡᠳᠤ ᠵᠦᠢ᠍ᠯ᠎ᠳᠤ ᠬᠡᠤᠬᠡᠳ᠎ᠤᠨ ᠰᠡᠳᠬᠢᠬᠦᠢ ᠵᠢ ᠭᠦᠭᠵᠢᠭᠡᠭᠦ ᠵᠦᠢ᠍ᠯ ᠨᠢᠭᠤᠭᠳᠠᠵᠤ ᠪᠠᠢ᠍ᠢ᠍ᠨ᠎ᠠ ᠭᠡᠵᠦ ᠦᠵᠡᠵᠤ ᠪᠤᠯᠤᠨ᠎ᠠ᠃ ᠠ᠋ᠳᠡᠬᠡᠷ᠎ᠨᠢ ᠪᠦᠷ ᠰᠢᠯᠦᠭᠯᠢᠭ ᠬᠡᠪ᠂ ᠢᠷᠠᠭᠤ ᠭᠦᠭᠵᠢᠮᠯᠢᠭ ᠬᠡᠯᠡᠴᠡ᠎ᠪᠠᠷ ᠢᠯᠡᠷᠡᠳᠡᠭ ᠪᠤᠯᠬᠤᠷ ᠦᠬᠡ ᠶᠠᠷᠢᠶᠠᠨ᠎ᠤ ᠵᠢᠯᠤᠭᠤᠳᠤᠮᠵᠢ ᠪᠤᠯᠭ᠋ᠠᠬᠤ᠎ᠳᠤ ᠲᠡᠭᠦᠨ᠎ᠤ ᠲᠠᠪᠠᠭᠤᠯᠢᠬ ᠦᠢ᠍ᠯᠡᠳᠤᠯ ᠵᠶ᠋ᠠᠨ ᠪᠠᠳᠠᠷᠠᠭᠤᠯᠵᠠᠢ᠃

     2. ᠠᠮᠢᠳᠤᠷᠠᠯ ᠲᠤᠮᠳᠠ ᠶᠠᠷᠢᠵᠤ ᠢᠯᠡᠳᠬᠡᠭᠦ ᠴᠢᠳᠠᠪᠤᠷᠢ ᠵᠢ᠎ᠨᠢ ᠲᠡᠬᠡᠭᠰᠢᠯᠡᠬᠦᠯᠤᠨ᠎ᠡ

      ᠴᠡᠴᠡᠷᠯᠢᠭ᠎ᠤᠨ ᠰᠤᠷᠭ᠋ᠠᠨ ᠬᠦᠮᠤᠵᠢᠬᠦᠯᠬᠦ ᠵᠠᠷᠴᠢᠮ᠎ᠤᠨ ᠲᠠᠭ᠋ᠠᠤ᠎ᠳᠤ ᠦᠬᠡ ᠶᠠᠷᠢᠶᠠᠨ᠎ᠤ ᠢᠳᠡᠪᠬᠢ ᠴᠢᠨᠠᠷ᠎ᠢ ᠲᠠᠶ᠋ᠢᠴᠢᠯᠠᠵᠤ ᠭᠡᠤᠭᠡᠳ᠎ᠤᠳ᠎ᠤᠨ ᠠᠮᠢᠳᠤᠷᠠᠯ ᠲᠤᠮᠳᠠᠬᠢ ᠦᠬᠡ ᠶᠠᠷᠢᠶᠠᠨ᠎ᠤ ᠰᠤᠯᠢᠯᠴᠠᠭ᠎ᠠ ᠵᠢ ᠠᠬᠢᠭᠤᠯᠬᠤ᠎ᠳᠤ ᠪᠤᠳᠠᠳᠠᠢ ᠮᠦᠷᠳᠡᠬᠡᠨ ᠦᠷ᠎ᠡ ᠠᠰᠢᠭᠳᠠᠢ ᠵᠢᠭ᠋ᠠᠨ ᠰᠤᠷᠭ᠋ᠠᠯᠳᠠ ᠵᠢᠨ ᠠᠷᠭ᠎ᠠ ᠮᠠᠶᠢᠭ᠎ᠢ ᠴᠢᠬᠤᠯᠠᠴᠢᠯᠠᠪᠠᠯ ᠲᠠᠭ᠋ᠠᠷᠠᠨ᠎ᠠ᠃

      ᠴᠡᠴᠡᠷᠯᠢᠭ᠎ᠤᠨ ᠬᠡᠤᠬᠡᠳ᠎ᠤᠨ ᠠᠮᠢᠳᠤᠷᠠᠯ ᠲᠤᠮᠳᠠᠬᠢ ᠦᠬᠡ ᠶᠠᠷᠢᠶᠠᠨ᠎ᠤ ᠢᠯᠡᠳᠬᠡᠭᠦ ᠴᠢᠳᠠᠪᠤᠷᠢ ᠵᠢ ᠲᠦᠷᠬᠡᠨ ᠰᠠᠶ᠋ᠢᠵᠢᠷᠠᠭᠤᠯᠬᠤ ᠴᠤᠷ᠎ᠤᠨ ᠭᠠᠭᠴᠠ ᠪᠤᠯᠤᠮᠵᠢ ᠪᠤᠯ ᠵᠢᠭ᠋ᠠᠨ ᠰᠤᠷᠭ᠋ᠠᠯᠳᠠ ᠵᠢᠨ ᠠᠷᠭ᠎ᠠ ᠬᠡᠯᠪᠡᠷᠢ ᠵᠢ ᠲᠦᠷᠢᠮᠵᠢᠬᠦᠯᠤᠨ ᠬᠡᠪᠰᠢᠬᠦᠯᠬᠦ᠎ᠳᠤ ᠪᠠᠶ᠋ᠢᠭ᠎ᠠ ᠶᠤᠮ᠃ ᠵᠢᠭ᠋ᠠᠨ ᠰᠤᠷᠭ᠋ᠠᠯᠳᠠ ᠵᠢᠨ ᠠᠷᠭ᠎ᠠ ᠬᠡᠯᠪᠡᠷᠢ᠎ᠪᠠᠨ ᠲᠦᠷᠢᠮᠵᠢᠬᠦᠯᠤᠨ ᠬᠡᠪᠰᠢᠬᠦᠯᠵᠤ ᠲᠡᠳᠡᠬᠡᠷ ᠦᠬᠡ ᠬᠡᠯᠡᠨ᠎ᠳᠤ᠎ᠪᠠᠨ ᠠᠨᠠᠢ᠂ ᠰᠠᠢ᠍ᠢ᠍ᠳᠤᠷ ᠶᠠᠷᠢᠵᠤ ᠢᠯᠡᠳᠭᠡᠵᠤ ᠴᠢᠳᠠᠬᠤ ᠦᠭᠡᠢ ᠭᠡᠤᠭᠡᠳ᠎ᠤᠳ᠎ᠢ ᠲᠠᠭ᠋ᠠᠭᠤᠯᠵᠤ ᠠ᠋ᠩ᠎ᠤᠨ ᠴᠠᠭ᠎ᠲᠤ ᠢᠯᠠᠭᠦᠦ ᠶᠠᠷᠢᠵᠤ ᠢᠯᠡᠳᠭᠡᠭᠦ ᠵᠢ ᠱᠠᠭ᠋ᠠᠷᠳᠠᠵᠤ᠂ ᠲᠡᠳᠡᠨ᠎ᠳᠤ ᠢᠯᠠᠭᠦᠦ ᠵᠠᠪᠰᠢᠶᠠᠨ ᠤᠯᠭᠤᠨ ᠨᠠᠢ᠍ᠢ᠍ᠵᠢ ᠨᠦᠭᠦᠳ᠎ᠤᠨ ᠬᠢᠨᠢ ᠲᠤᠮᠳᠠ ᠦᠪᠠᠷ᠎ᠢ᠎ᠨᠢ ᠢᠯᠠᠭᠦᠦ ᠶᠠᠷᠢᠬᠤ ᠵᠢ ᠵᠤᠷᠢᠬ᠍ᠵᠢᠭᠤᠯᠬᠤ᠂ ᠲᠡᠳᠡᠨ ᠵᠶ᠋ᠠᠷ ᠦᠯᠢᠭᠡᠷ ᠶᠠᠷᠢᠭᠤᠯᠬᠤ ᠵᠡᠷᠭᠡ ᠠᠷᠭ᠎ᠠ ᠵᠢ ᠠᠪᠴᠤ ᠪᠤᠯᠤᠨ᠎ᠠ᠂ ᠪᠠᠰᠡ ᠭᠡᠷ᠎ᠤᠨ ᠠᠬᠠᠮᠠᠳ ᠪᠤᠯᠤᠭᠰᠠᠳ ᠢᠯᠠᠭᠦᠦ ᠰᠢᠭ ᠭᠦᠴᠦ ᠤᠷᠤᠭᠤᠯᠵᠤ ᠢᠯᠠᠭᠦᠦ ᠲᠠᠭ᠋ᠠᠭᠤᠯᠤᠨ ᠤᠨᠭ᠌ᠰᠢᠭᠤᠯᠬᠤ᠂ ᠢᠯᠠᠭᠦᠦ ᠮᠤᠨᠭ᠌ᠭᠤᠯ ᠵᠶ᠋ᠠᠷ ᠶᠠᠷᠢᠭᠤᠯᠵᠤ ᠰᠤᠷᠭ᠋ᠠᠨ᠎ᠠ᠃

     3. ᠰᠠᠨᠠᠭ᠎ᠠ᠎ᠪᠠᠨ ᠵᠦᠪ ᠢᠯᠡᠳᠬᠡᠵᠤ᠂ ᠦᠬᠡ᠎ᠪᠠᠨ ᠤᠨᠤᠪᠴᠢᠳᠠᠢ ᠪᠦᠷᠢᠨ ᠪᠦᠳᠤᠨ ᠬᠡᠯᠡᠵᠤ ᠴᠢᠳᠠᠭ᠍ᠤ ᠵᠢ ᠵᠤᠷᠢᠬ᠍ᠵᠢᠭᠤᠯᠤᠨ᠎ᠠ

      ᠦᠬᠡ ᠶᠠᠷᠢᠶ᠎ᠠ᠎ᠪᠠᠷ ᠪᠠᠶᠠᠷᠯᠠᠵᠤ ᠭᠦᠭᠰᠤᠭ᠌ᠰᠡᠨ᠂ ᠠᠭᠤᠷᠯᠠᠵᠤ ᠭᠤᠮᠤᠳᠠᠭᠰᠡᠨ᠂ ᠬᠤᠷᠤᠰᠴᠤ ᠵᠠᠨᠤᠭᠰᠡᠨ ᠬᠡᠬᠦ ᠮᠡᠳᠤ ᠵᠢᠨ ᠰᠡᠳᠬᠢᠯ᠎ᠤᠨ ᠬᠦᠳᠡᠯᠬᠡᠬᠡᠨ᠎ᠢ ᠢᠯᠡᠳᠬᠡᠵᠤ ᠴᠢᠳᠠᠳᠠᠭ᠃
      ᠮᠤᠩᠭᠤᠯ ᠬᠡᠯᠡ᠎ᠨᠢ ᠬᠡᠳᠤᠶ᠋ᠢᠪᠡᠷ ᠮᠠᠰᠢ ᠪᠠᠶᠠᠯᠢᠭ ᠦᠬᠡᠰ᠎ᠤᠨ ᠰᠠᠩ᠎ᠲᠠᠢ ᠪᠠᠢ᠍ᠢ᠍ᠳᠠᠬ ᠴᠦ᠍ ᠬᠡᠯᠡᠨ᠎ᠳᠤ ᠤᠷᠤᠵᠤ ᠪᠤᠢ ᠬᠡᠤᠬᠡᠳ᠎ᠲᠤ ᠪᠤᠯ ᠬᠡᠯᠡ ᠤᠷᠢᠶᠠᠯᠳᠤᠬᠤ ᠪᠡᠷᠬᠡᠰᠢᠶᠡᠯ᠎ᠲᠠᠢ ᠦᠬᠡᠰ ᠵᠦᠩᠳᠡᠬᠡᠨ ᠲᠤᠬᠢᠶᠠᠯᠳᠤᠳᠠᠬ᠃ ᠲᠡᠭᠦᠨ᠎ᠢ ᠨᠢᠬᠡᠳ ᠨᠢᠬᠡ᠎ᠪᠠᠷ ᠬᠡᠤᠬᠡᠳ᠎ᠲᠤ ᠴᠡᠪᠡᠷ ᠲᠤᠳᠤ ᠤᠨᠤᠪᠴᠢᠳᠠᠢ ᠡᠵᠡᠮᠰᠢᠬᠦᠯᠬᠦ᠎ᠳᠤ ᠦᠬᠡ ᠶᠠᠷᠢᠶᠠᠨ᠎ᠤ ᠵᠢᠭ᠋ᠠᠨ ᠰᠤᠷᠭ᠋ᠠᠯᠳᠠ ᠯᠡ ᠲᠤᠳᠤᠷᠬᠠᠢ ᠬᠡᠮᠵᠢᠶᠡᠨ᠎ᠤ ᠦᠷ᠎ᠡ ᠳ᠋ᠦᠩ᠎ᠢ ᠠᠪᠴᠢᠷᠠᠳᠠᠬ᠃ ᠦᠬᠡ᠎ᠪᠠᠨ ᠤᠨᠤᠪᠴᠢᠳᠠᠢ ᠬᠡᠯᠡᠵᠤ ᠰᠤᠷᠬᠤ ᠪᠤᠯ ᠲᠦᠷᠬᠡᠨ ᠬᠤᠭᠤᠴᠠᠭ᠋ᠠᠨ᠎ᠳᠤ ᠬᠡᠯᠡ ᠵᠦᠭᠰᠢᠷᠡᠬᠦᠯᠬᠦ ᠵᠢᠨ ᠵᠠᠩᠬᠢᠯᠠᠭ᠎ᠠ ᠪᠤᠯᠤᠨ᠎ᠠ᠃ ᠦᠬᠡ᠎ᠪᠠᠨ ᠤᠨᠤᠪᠴᠢᠳᠠᠢ ᠬᠡᠯᠡᠵᠤ ᠴᠢᠳᠠᠭ᠍ᠤ ᠦᠭᠡᠢ ᠪᠤᠯ ᠬᠡᠤᠬᠡᠳ ᠵᠤᠷᠢᠬ ᠦᠭᠡᠢ ᠪᠤᠯᠵᠤ ᠬᠡᠯᠡᠵᠤ ᠶᠠᠷᠢᠬᠤ᠎ᠨᠢ ᠤᠯᠠᠮ ᠵᠶ᠋ᠠᠷ ᠤᠳᠠᠭ᠋ᠠᠰᠢᠷᠠᠭ᠍ᠤ ᠪᠤᠯᠤᠨ᠎ᠠ᠃ ᠲᠡᠶ᠋ᠢᠮᠤ ᠪᠤᠯᠬᠤᠷ ᠶᠠᠷᠢᠶ᠎ᠠ ᠢᠯᠡᠳᠬᠡᠯ᠎ᠤᠨ ᠪᠤᠯᠪᠠᠰᠤᠷᠠᠯ᠎ᠢ ᠬᠡᠤᠬᠡᠳ᠎ᠲᠤ ᠢᠯᠡᠬᠦᠤ ᠬᠢᠯᠭᠡᠪᠡᠯ ᠲᠡᠳᠡᠨ᠎ᠤ ᠰᠠᠨᠠᠭ᠎ᠠ᠎ᠪᠠᠨ ᠵᠦᠪ ᠢᠯᠡᠳᠬᠡᠵᠤ ᠦᠬᠡ᠎ᠪᠠᠨ ᠤᠨᠤᠪᠴᠢᠳᠠᠢ᠂ ᠪᠦᠷᠢᠨ ᠪᠦᠳᠤᠨ ᠬᠡᠯᠡᠵᠤ ᠴᠢᠳᠠᠭ᠍ᠤ᠎ᠳᠤ ᠲᠤᠩ ᠶᠡᠭᠡ ᠲᠤᠰᠠᠯᠠᠮᠵᠢ ᠪᠤᠯᠤᠨ᠎ᠠ᠃

      ᠬᠤᠶᠠᠷ᠂ ᠴᠡᠴᠡᠷᠯᠢᠭ᠎ᠤᠨ ᠬᠡᠤᠬᠡᠳ᠎ᠤᠨ ᠦᠬᠡ ᠶᠠᠷᠢᠶᠠᠨ᠎ᠤ ᠵᠢᠭ᠋ᠠᠨ ᠰᠤᠷᠭ᠋ᠠᠯᠳᠠ᠎ᠳᠤ ᠤᠷᠤᠰᠢᠵᠤ ᠪᠠᠶ᠋ᠢᠭ᠎ᠠ ᠠᠰᠠᠭᠤᠳᠠᠯ ᠵᠢᠴᠢ ᠰᠢᠯᠳᠠᠭ᠋ᠠᠨ

     1. ᠬᠡᠷ ᠪᠦᠯᠢ ᠵᠢᠨ ᠰᠤᠷᠭ᠋ᠠᠨ ᠬᠦᠮᠤᠵᠢᠯ

      ᠮᠤᠩᠭᠤᠯᠴᠤᠳ ᠠ᠋ᠷᠳᠡ ᠦᠶ᠎ᠡ᠎ᠠᠴᠠ ᠠ᠋ᠬᠢᠯᠡᠨ ᠬᠡᠷ ᠪᠦᠯᠢ ᠵᠢᠨ ᠰᠤᠷᠭ᠋ᠠᠨ ᠬᠦᠮᠤᠵᠢᠯ᠎ᠢ ᠴᠢᠨᠭᠭ᠎ᠠ ᠠᠳᠬᠤᠭᠰᠠᠭ᠋ᠠᠷ ᠢᠷᠡᠵᠡᠢ᠃ ᠭᠡᠪᠡᠴᠦ ᠤᠳᠤᠬᠠᠨ᠎ᠳᠤ ᠠ᠋ᠨᠡᠭᠦ ᠬᠠᠨᠳᠤᠰᠢ ᠰᠤᠯᠠᠷᠠᠭᠰᠠᠨ ᠭᠡᠵᠦ ᠨᠠᠢ᠍ᠢ᠍ᠭᠡᠮ ᠲᠠᠶᠠᠭ᠋ᠠᠷ ᠵᠶ᠋ᠠᠨ ᠰᠠᠨᠠᠯ ᠨᠢᠭᠡᠳᠠᠢ ᠦᠵᠡᠵᠡᠭᠡᠵᠦ ᠪᠤᠢ᠃
ᠠ᠋ᠭᠦᠨ᠎ᠳᠤ ᠠ᠋ᠶ᠋ᠢᠮᠤ ᠭᠤᠷᠪᠡᠨ ᠨᠡᠶ᠋ᠢᠳᠡᠯᠢᠭ ᠤᠡᠴᠠᠯᠢᠭ ᠤᠷᠤᠰᠢᠵᠤ ᠪᠠᠶ᠋ᠢᠭ᠎ᠠ ᠮᠡᠳᠤ᠃

     (1) ᠬᠡᠤᠬᠡᠳ᠎ᠤᠨ ᠠ᠋ᠷᠬᠡ ᠮᠡᠳᠡᠯ ᠶᠡᠬᠡᠳᠦᠭᠰᠡᠨ

      ᠤᠳᠤᠬᠠᠨ᠎ᠤ ᠭᠠᠭᠴᠠ ᠬᠤᠶᠠᠷ ᠬᠡᠤᠬᠡᠳ᠎ᠨᠢ ᠡᠪᠦᠭᠡ ᠠ᠋ᠮᠡᠭᠡ ᠵᠢᠨ ᠠ᠋ᠷᠳᠡᠨᠢ᠂ ᠡᠵᠢ ᠠᠪᠤ ᠵᠢᠨ ᠤᠷᠬᠤᠳᠠᠢ ᠪᠤᠯᠤᠭᠰᠡᠨ ᠪᠠᠶ᠋ᠢᠳᠠᠭ᠃ ᠬᠡᠷ ᠪᠦᠯᠢ ᠵᠢᠨ ᠰᠤᠷᠭ᠋ᠠᠨ ᠬᠦᠮᠤᠵᠢᠯ᠎ᠤᠨ ᠴᠢᠩᠭ᠎ᠠ ᠵᠢᠷᠤᠮᠵᠢᠯ᠎ᠨᠢ ᠭᠠᠭᠴᠠ ᠬᠤᠶᠠᠷ ᠬᠡᠤᠬᠡᠳ ᠲᠡᠬᠡᠷ᠎ᠡ ᠤᠴᠢᠵᠤ ᠤᠶ᠋ᠢᠯᠡᠴᠢᠯᠡᠬᠦ᠎ᠳᠤ ᠬᠡᠷᠡᠭ᠎ᠠᠴᠠ ᠭᠠᠷᠴᠤ᠂ ᠴᠢᠬᠢ ᠬᠠᠳᠠᠭᠤ᠂ ᠪᠤᠯᠪᠠᠰᠤᠷᠠᠯ ᠮᠠᠭᠤᠳᠠᠢ ᠬᠡᠤᠬᠡᠳ ᠪᠤᠯᠵᠤ ᠬᠦᠮᠤᠵᠢᠭ᠌ᠳᠡᠳᠡᠭ᠃ ᠢᠩᠬᠢᠵᠤ ᠬᠥᠮᠥᠵᠢᠭᠳᠡᠭᠰᠡᠨ ᠬᠡᠤᠬᠡᠳ᠎ᠨᠢ ᠬᠠᠮᠢᠭ᠎ᠠ ᠤᠴᠢᠬᠰᠡᠨ ᠴᠦ᠍ ᠲᠡᠷᠡᠬᠦ ᠵᠠᠩ ᠴᠢᠨᠠᠷ᠎ᠨᠢ ᠢᠯᠠᠷᠠᠳᠡᠭ ᠪᠠᠢ᠍ᠢ᠍ᠨ᠎ᠠ᠃

     (2) ᠤᠯᠠᠮᠵᠢᠯᠠᠯᠳᠤ ᠬᠡᠷ᠎ᠤᠨ ᠬᠦᠮᠤᠵᠢᠯ ᠬᠦᠷᠳᠡᠬᠦ ᠪᠤᠯᠤᠮᠵᠢ᠎ᠨᠢ ᠪᠠᠭ᠋ᠠᠰᠤᠭᠰᠡᠨ

      ᠤᠳᠤ ᠵᠢᠨ ᠴᠡᠴᠡᠷᠯᠢᠭ᠎ᠤᠨ ᠬᠡᠤᠬᠡᠳ᠎ᠤᠨ ᠠᠪᠤ ᠡᠵᠢ᠎ᠨᠢ ᠪᠦᠷ ᠵᠠᠯᠠᠭᠤ ᠬᠡᠷ᠎ᠤᠨ ᠠᠬᠠᠮᠠᠳ᠎ᠤᠳ ᠪᠤᠯᠤᠨ᠎ᠠ᠃ ᠵᠠᠯᠠᠭᠤ ᠬᠡᠷ᠎ᠤᠨ ᠠᠬᠠᠮᠠᠳ᠎ᠤᠳ᠎ᠨᠢ ᠦᠰᠬᠦ ᠨᠠᠰᠤ᠂ ᠵᠠᠯᠠᠭᠤ ᠨᠠᠰᠤ᠎ᠪᠠᠨ ᠤᠯᠠᠨᠭ᠌ᠬᠢ᠎ᠨᠢ ᠰᠤᠷᠭ᠋ᠠᠭᠤᠯᠢ ᠰᠤᠶᠤᠯ᠎ᠤᠨ ᠮᠦᠷ ᠬᠦᠬᠡᠬᠡᠭᠦ᠎ᠳᠤ ᠵᠤᠷᠢᠭᠤᠯᠵᠤ᠂ ᠠᠵᠢᠯ ᠠᠯᠪᠠ᠎ᠲᠠᠢ ᠪᠤᠯᠤᠬᠰᠠᠨ ᠴᠦ᠍ ᠠᠪᠤ ᠡᠵᠢ᠎ᠠᠴᠠ᠎ᠪᠠᠨ ᠵᠠᠶ᠋ᠢᠳᠠᠢ ᠪᠠᠶ᠋ᠢᠳᠠᠭ᠎ᠤᠨ ᠤᠴᠢᠷ ᠲᠡᠳᠡ ᠴᠦ᠍ ᠪᠦᠷᠢᠨ ᠭᠦᠢ᠍ᠴᠡᠳ ᠬᠡᠷ᠎ᠤᠨ ᠬᠦᠮᠤᠵᠢᠯ   ᠬᠦᠷᠳᠡᠵᠤ ᠦᠨᠭᠭᠡᠷᠡᠭᠰᠡᠨ ᠦᠭᠡᠢ ᠮᠠᠭ᠋ᠠᠳ᠃ ᠴᠠᠭ᠋ᠠᠰᠢᠯᠠᠪᠠᠯ ᠬᠡᠤᠬᠡᠳ᠎ᠢ᠎ᠨᠢ ᠬᠡᠯᠡᠵᠤ ᠰᠤᠷᠭ᠋ᠠᠪᠠᠯ ᠬᠡᠤᠬᠡᠳ ᠵᠶ᠋ᠠᠨ ᠦᠮᠦᠭᠡᠷᠡᠵᠦ ᠪᠠᠭᠰᠢ ᠵᠢ᠎ᠨᠢ ᠭᠤᠳᠤᠭ᠋ᠠᠵᠤ ᠵᠢᠮᠡᠯᠡᠬᠦ ᠮᠡᠳᠤ ᠵᠢᠨ ᠮᠠᠭᠤᠬᠠᠢ ᠵᠤᠶ᠋ᠢᠯ ᠴᠦ᠍ ᠲᠠᠰᠤᠷᠠᠭ᠎ᠠ ᠦᠭᠡᠢ ᠭᠠᠷᠬᠤ ᠪᠤᠯᠤᠭᠰᠡᠨ ᠶᠤᠮ᠃

      ᠲᠡᠬᠡᠷ᠎ᠡ ᠵᠠᠭᠤᠨ᠎ᠤ ᠲᠠᠯᠠ ᠨᠠᠶᠠᠭ᠋ᠠᠳ ᠤᠨ ᠬᠡᠬᠦ᠎ᠳᠤ ᠬᠤᠳᠠ ᠤᠰᠤᠨ᠎ᠤ ᠬᠡᠤᠬᠡᠳ ᠨᠠᠭ᠋ᠠᠳᠤᠮ ᠲᠤᠭᠯᠠᠭ᠋ᠠᠮ᠎ᠤᠨ ᠤᠴᠢᠷ ᠲᠡᠬᠡᠷ᠎ᠡ ᠰᠠᠶ᠋ᠢᠳᠠᠵᠤ ᠮᠠᠭᠤᠳᠠᠭ᠍ᠤ ᠤᠴᠢᠷ ᠵᠦᠩᠳᠡᠬᠡᠨ ᠭᠠᠷᠴᠤ ᠪᠠᠶ᠋ᠢᠬᠰᠡᠨ ᠴᠦ᠍ ᠬᠡᠷ᠎ᠲᠤ᠎ᠪᠠᠨ ᠬᠠᠷᠢᠵᠤ ᠬᠡᠨ ᠬᠡᠨ ᠨᠠᠮ᠎ᠠ ᠵᠢ ᠶᠠᠭ᠋ᠠᠬᠢᠬᠰᠡᠨ ᠠ᠋ᠶ᠋ᠢᠭ᠌ᠰᠡᠨ ᠬᠡᠵᠤ ᠬᠤᠪ ᠰᠢᠪ ᠵᠦᠬᠡᠬᠡᠵᠤ ᠴᠢᠳᠠᠳᠠᠭ ᠦᠭᠡᠢ ᠪᠠᠶ᠋ᠢᠬᠰᠡᠨ᠃ ᠲᠤᠬᠠᠢ ᠵᠢᠨ ᠦᠶ᠎ᠡ᠎ᠳᠤ ᠬᠡᠨ ᠬᠡᠷᠪᠡ ᠨᠠᠮ᠎ᠠ ᠵᠢ ᠬᠠᠷᠢᠶᠠᠭᠰᠡᠨ ᠬᠡᠬᠦ ᠶᠤᠮ ᠤᠤ ᠬᠡᠨ ᠨᠠᠮ᠎ᠠ ᠵᠢ ᠴᠤᠬᠢᠬᠰᠡᠨ ᠬᠡᠵᠤ ᠡᠴᠢᠬᠡ ᠠ᠋ᠬᠡ᠎ᠳᠤ᠎ᠪᠠᠨ ᠬᠤᠪᠯᠠᠬᠤ ᠶᠤᠮ ᠪᠤᠯ ᠪᠤᠴᠠᠭ᠋ᠠᠳ ᠨᠢᠬᠡ ᠰᠠᠶ᠋ᠢᠨ ᠰᠢᠭᠦᠮᠵᠢᠯᠡᠭᠳᠡᠳᠡᠭ᠃ ᠪᠤᠰᠤᠳ᠎ᠤᠨ ᠬᠡᠤᠬᠡᠳ᠎ᠢ ᠪᠢᠰᠢ ᠦᠪᠡᠷ᠎ᠤᠨ ᠵᠶ᠋ᠠᠨ ᠬᠡᠤᠬᠡᠳ᠎ᠢ ᠬᠡᠯᠡᠵᠤ ᠰᠤᠷᠭ᠋ᠠᠬᠤ ᠳᠡᠭᠡᠷ᠎ᠡ ᠢᠯᠡᠭᠦᠦ ᠠᠨᠭ᠌ᠬᠠᠷᠤᠯ ᠲᠠᠯᠪᠢᠵᠤ ᠪᠠᠶ᠋ᠢᠬᠰᠡᠨ ᠶᠤᠮ᠃

     2. ᠴᠡᠴᠡᠷᠯᠢᠭ᠎ᠤᠨ ᠪᠠᠭᠰᠢ ᠵᠢᠨ ᠲᠤᠰᠬᠠᠢ ᠮᠡᠷᠭᠡᠵᠢᠯ᠎ᠤᠨ ᠭᠡᠪ ᠴᠢᠨᠠᠷ᠎ᠤᠨ ᠠᠰᠠᠭᠤᠲᠠᠯ

      ᠤᠯᠤᠰ᠎ᠤᠨ ᠰᠤᠷᠭ᠋ᠠᠨ ᠬᠦᠮᠦᠵᠢᠯ᠎ᠤᠨ ᠶᠠᠮᠤᠨ᠎ᠠᠴᠠ ᠴᠡᠴᠡᠷᠯᠢᠭ᠎ᠲᠤ ᠪᠦᠬᠦᠯᠢ ᠠ᠋ᠲᠦᠷ᠎ᠤᠨ ᠲᠦᠷᠢᠮᠲᠦ ᠭᠢᠴᠢᠶᠡᠯᠯᠡᠭᠡ ᠵᠢᠨ ᠵᠠᠷᠴᠢᠮ᠎ᠢ ᠪᠠᠷᠢᠮᠲᠠᠯᠠᠵᠦ ᠪᠤᠯᠬᠤ ᠦᠭᠡᠢ ᠭᠡᠵᠦ ᠲᠤᠭᠲᠠᠭ᠋ᠠᠭᠰᠡᠨ ᠪᠦᠭᠡᠳ ᠰᠤᠶᠤᠯ᠎ᠤᠨ ᠬᠢᠴᠢᠶᠡᠯᠯᠡᠭᠡ ᠵᠢᠨ ᠱᠠᠭ᠋ᠠᠷᠲᠠᠯᠭ᠎ᠠ ᠲᠠᠯᠪᠢᠬᠰᠡᠨ ᠦᠭᠡᠢ ᠪᠠᠶ᠋ᠢᠲᠠᠭ᠃ ᠠ᠋ᠨᠡ᠎ᠨᠢ ᠨᠢᠭᠡ ᠶᠤᠰᠤᠨ᠎ᠳᠤ᠎ᠪᠠᠨ ᠴᠡᠴᠡᠷᠯᠢᠭ᠎ᠤᠨ ᠰᠤᠷᠭ᠋ᠠᠨ ᠬᠦᠮᠤᠵᠢᠯ ᠪᠤᠯ ᠦᠰᠪᠦᠷᠢ ᠨᠠᠰᠤᠨ᠎ᠤ ᠭᠡᠤᠭᠡᠳ᠎ᠤᠳ᠎ᠲᠤ ᠶᠤᠰᠤ ᠰᠤᠷᠲᠠᠭ᠍ᠤᠨ᠎ᠤ ᠬᠦᠮᠦᠵᠢᠯ ᠬᠢᠬᠦ᠎ᠪᠠᠷ ᠭᠤᠤᠯᠲᠠᠯᠭ᠎ᠠ ᠪᠤᠯᠭ᠋ᠠᠭᠰᠡᠨ ᠭᠡᠵᠦ ᠤᠢ᠍ᠢ᠍ᠯᠠᠭ᠋ᠠᠵᠤ ᠪᠤᠯᠤᠨ᠎ᠠ᠃ ᠠ᠋ᠭᠦᠨ᠎ᠤ ᠲᠠᠭ᠋ᠠᠤ᠎ᠳᠤ ᠭᠡᠤᠭᠡᠳ᠎ᠤᠳ᠎ᠤᠨ ᠲᠤᠷ᠎ᠠ ᠰᠤᠨᠢᠷᠬᠠᠯ ᠪᠠ ᠤᠷ᠎ᠠ ᠠᠪᠢᠶᠠᠰ᠎ᠢ ᠢᠯᠡᠷᠡᠬᠦᠯᠭᠦ᠎ᠳᠤ ᠢᠯᠡᠬᠦᠤ ᠭᠦᠴᠦ ᠲᠠᠯᠪᠢᠳᠠᠬ᠃

      ᠦᠪᠤᠷ ᠮᠤᠩᠭᠤᠯ ᠤᠷᠤᠨ᠎ᠤ ᠡᠯ᠎ᠡ ᠠᠶ᠋ᠢᠮᠠᠭ ᠬᠤᠰᠢᠭᠤ᠎ᠨᠢ ᠶᠡᠷᠡᠭᠡᠳ ᠤᠨ᠎ᠤ ᠰᠡᠬᠦᠯᠴᠢ᠎ᠪᠠᠷ ᠰᠠᠶᠢ ᠭᠡᠤᠭᠡᠳ᠎ᠤᠨ ᠴᠡᠴᠡᠷᠯᠢᠭ᠎ᠤᠨ ᠲᠦᠷᠢᠮᠵᠢᠭᠰᠡᠨ ᠰᠤᠷᠭ᠋ᠠᠨ ᠬᠦᠮᠦᠵᠢᠯ᠎ᠤᠨ ᠰᠢᠰᠲ᠋ᠧᠮ᠎ᠲᠠᠢ ᠪᠤᠯᠵᠠᠢ᠃ ᠠ᠋ᠶ᠋ᠢᠮᠦ ᠴᠦ᠍ ᠤᠴᠢᠷ᠎ᠠᠴᠠ ᠠ᠋ᠬᠢᠨ᠎ᠤ ᠬᠤᠭᠤᠴᠠᠭ᠋ᠠᠨ᠎ᠳᠤ ᠴᠡᠴᠡᠷᠯᠢᠭ᠎ᠤᠨ ᠲᠤᠰᠬᠠᠢ ᠮᠡᠷᠭᠡᠵᠢᠯ᠎ᠤᠨ ᠪᠠᠭᠰᠢ ᠭᠡᠵᠦ ᠶᠡᠷᠦᠲᠡᠭᠡᠨ ᠪᠠᠶ᠋ᠢᠬᠤ ᠦᠭᠡᠢ ᠪᠠᠶ᠋ᠢᠬᠰᠡᠨ ᠲᠦᠯᠦᠪᠲᠡᠢ᠃ ᠠᠵᠢᠯᠯᠠᠵᠤ ᠪᠠᠢ᠍ᠢ᠍ᠭᠰᠠᠨ ᠪᠠᠭᠰᠢ ᠨᠠᠷ᠎ᠠᠴᠠ ᠰᠢᠯᠢᠵᠦ ᠰᠤᠩᠭᠤᠨ ᠬᠢᠴᠢᠶᠡᠯ ᠵᠢᠭ᠋ᠠᠯᠭ᠋ᠠᠳᠠᠬ᠃ ᠰᠡᠬᠦᠯ᠎ᠤᠨ ᠦᠶ᠎ᠡ ᠪᠤᠯᠵᠦ ᠢᠷᠡᠭᠡᠳ ᠡᠯ᠎ᠡ ᠭᠠᠵᠠᠷ᠎ᠤᠨ ᠶᠡᠭᠡ ᠲᠡᠭᠡᠲᠦ ᠰᠤᠷᠭ᠋ᠠᠭᠤᠯᠢ᠎ᠨᠢ ᠰᠤᠷᠭ᠋ᠠᠭᠤᠯᠢ᠎ᠠᠴᠠ ᠠ᠋ᠮᠤᠨᠡᠬᠢ ᠨᠠᠰᠤᠨ᠎ᠤ ᠭᠡᠤᠭᠡᠳ᠎ᠤᠨ ᠰᠤᠷᠭ᠋ᠠᠨ ᠬᠦᠮᠦᠵᠢᠯ᠎ᠢ ᠵᠢᠯᠤᠭᠤᠲᠤᠭᠤᠯᠬᠤ ᠪᠠᠭᠰᠢ ᠵᠢᠨ ᠲᠤᠰᠬᠠᠢ ᠮᠡᠷᠭᠡᠵᠢᠯ᠎ᠤᠨ ᠠᠩᠭᠢ᠎ᠳᠤ ᠰᠤᠷᠤᠭᠴᠢ ᠠ᠋ᠯᠰᠡᠬᠦ ᠪᠤᠯᠤᠭᠰᠡᠨ ᠵᠶ᠋ᠠᠷ ᠤᠲᠦ ᠪᠤᠯᠬᠤ᠎ᠳᠤ ᠡᠯ᠎ᠡ ᠭᠠᠵᠠᠷ᠎ᠤᠨ ᠴᠡᠴᠡᠷᠯᠢᠭ᠎ᠨᠢ ᠪᠦᠷ ᠲᠤᠰᠬᠠᠢ ᠮᠡᠷᠭᠡᠵᠢᠯ᠎ᠤᠨ ᠬᠢᠷᠢ ᠭᠡᠮ᠎ᠤᠨ ᠦᠨᠡᠮᠯᠡᠯ᠎ᠲᠠᠢ ᠪᠠᠭᠰᠢ ᠵᠢ ᠰᠤᠩᠭᠤᠵᠦ ᠭᠡᠷᠡᠭᠯᠡᠬᠦ ᠪᠤᠯᠤᠭᠰᠠᠨ ᠪᠠᠶ᠋ᠢᠨ᠎ᠠ᠃

      ᠭᠡᠤᠭᠡᠳ ᠪᠤᠯ ᠦᠪᠡᠷ᠎ᠤᠨ ᠭᠡᠬᠦ ᠰᠡᠳᠬᠢᠬᠦᠢ ᠵᠢᠨ ᠤᠷᠤᠨ ᠵᠠᠢ᠎ᠳᠤ ᠦᠰᠦᠨ ᠪᠤᠶ᠋ᠢᠵᠢᠲᠠᠭ᠃ ᠲᠡᠭᠡᠬᠦᠯᠡᠷ ᠭᠡᠤᠭᠡᠳ᠎ᠤᠨ ᠰᠡᠳᠬᠢᠬᠦᠢ ᠵᠢᠨ ᠤᠨᠴᠠᠯᠢᠬ᠎ᠠᠴᠠ ᠠ᠋ᠭᠦᠰᠴᠦ ᠰᠤᠷᠭ᠋ᠠᠨ ᠬᠦᠮᠦᠵᠢᠯ ᠬᠦᠷᠲᠡᠭᠡᠬᠦ᠎ᠠᠴᠠ ᠪᠢᠰᠢ ᠲᠡᠲᠡᠨ᠎ᠳᠤ ᠪᠠᠭ᠎ᠠ᠂ ᠲᠤᠮᠲᠠᠲᠦ ᠰᠤᠷᠭ᠋ᠠᠭᠤᠯᠢ ᠵᠢᠨ ᠭᠡᠤᠭᠡᠳ ᠰᠢᠭ ᠱᠠᠭ᠋ᠠᠷᠲᠠᠯᠭ᠎ᠠ ᠲᠠᠯᠪᠢᠬᠤ᠎ᠨᠢ ᠠᠮᠵᠢᠯᠲᠠ ᠵᠢᠨ ᠠ᠋ᠬᠢ ᠠ᠋ᠬᠦᠰᠪᠦᠷᠢ ᠶᠠᠭ᠋ᠠᠬᠢᠬᠰᠡᠨ ᠴᠦ᠍ ᠪᠢᠰᠢ ᠶᠤᠮ᠃ ᠤᠲᠦ ᠵᠢᠨ ᠭᠡᠤᠭᠡᠳ᠎ᠤᠨ ᠤᠢ ᠪᠢᠯᠢᠭ᠎ᠤᠨ ᠨᠡᠭᠡᠭᠡᠭᠳᠡᠭᠦ᠎ᠨᠢ ᠲᠦᠷᠭᠡᠨ ᠪᠦᠭᠡᠳ ᠰᠡᠳᠬᠢᠨ ᠪᠤᠲᠤᠬᠤ ᠴᠢᠲᠠᠪᠦᠷᠢ᠎ᠨᠢ ᠴᠦ᠍ ᠦᠨᠲᠦᠷ ᠶᠤᠮ᠃ ᠲᠠᠢ᠍ᠢ᠍ᠮᠦ ᠪᠤᠯᠬᠤᠷ ᠴᠡᠴᠡᠷᠯᠢᠭ᠎ᠤᠨ ᠪᠠᠭᠰᠢ ᠨᠠᠷ ᠵᠠᠪᠠᠯ ᠴᠠᠭ ᠢᠮᠠᠭᠳᠠ ᠰᠤᠷᠤᠯᠴᠠᠵᠤ ᠦᠪᠠᠷ᠎ᠤᠨ ᠭᠡᠪ ᠴᠢᠨᠠᠷ ᠵᠶ᠋ᠠᠨ ᠲᠡᠭᠡᠭᠰᠢᠯᠡᠭᠦᠯᠭᠦ ᠭᠡᠷᠡᠭ᠎ᠲᠠᠢ᠃

     (1) ᠪᠠᠭᠰᠢ ᠭᠡᠲᠡᠭ ᠤᠬᠠᠭᠳᠠᠬᠤᠨ᠎ᠳᠤ ᠤᠢ᠍ᠢ᠍ᠯᠠᠭ᠋ᠠᠯᠳᠠ ᠪᠠᠯᠠᠷᠬᠠᠢ ᠪᠠᠢ᠍ᠢ᠍ᠬᠤ

    ᠠᠷᠭ᠋ᠠᠯᠠᠵᠤ ᠪᠠᠢ᠍ᠢ᠍ᠭ᠋ᠠᠳ ᠴᠠᠯᠢᠩ ᠵᠶ᠋ᠠᠨ ᠤᠯᠪᠠᠯ ᠪᠤᠯᠤᠯ᠎ᠠ ᠭᠡᠭᠦ ᠦᠵᠡᠯᠲᠡ ᠲᠠᠪᠠᠮᠠᠭ᠋ᠠᠢ᠎ᠠᠴᠠ ᠪᠤᠰᠤ ᠪᠤᠰᠤᠳ᠎ᠤᠨ ᠦᠰᠪᠦᠷᠢ ᠨᠠᠰᠤᠨ᠎ᠤ ᠭᠡᠤᠭᠡᠳ᠎ᠢ ᠰᠤᠷᠭ᠋ᠠᠵᠦ ᠬᠦᠮᠦᠵᠢᠬᠦᠯᠬᠦ ᠲᠠᠷᠬᠠᠨ ᠠ᠋ᠭᠦᠷᠭᠡ᠎ᠲᠠᠢ ᠭᠡᠰᠡᠨ ᠬᠠᠮᠤᠭ ᠨᠠᠭ᠋ᠠᠲᠦ ᠵᠠᠬ᠎ᠠ ᠵᠢᠨ ᠤᠬᠠᠮᠰᠠᠷ᠎ᠢ ᠪᠦᠷᠢᠯᠲᠦᠬᠦᠯᠦᠭᠰᠡᠨ ᠦᠭᠡᠢ ᠪᠠᠭᠰᠢ ᠤᠯᠠᠨ ᠪᠠᠢ᠍ᠢ᠍ᠭ᠎ᠠ ᠰᠢᠬ ᠬᠠᠷᠠᠭᠳᠠᠵᠤ ᠪᠠᠢ᠍ᠢ᠍ᠨ᠎ᠠ᠃ ᠠ᠋ᠭᠦᠨ᠎ᠢ ᠦᠭᠡᠷᠡᠴᠢᠯᠡᠭᠦ᠎ᠳᠤ ᠪᠠᠭᠰᠢ ᠭᠡᠳᠡᠭ ᠤᠬᠠᠭᠳᠠᠬᠤᠨ᠎ᠢ ᠲᠤᠳᠤᠷᠬᠠᠢ ᠤᠢ᠍ᠢ᠍ᠯᠠᠭ᠋ᠠᠬᠤ᠎ᠠᠴᠠ ᠭᠠᠷᠳᠠᠬᠤ ᠭᠡᠷᠡᠭᠳᠠᠢ᠃

     (2) ᠪᠤᠰᠤᠳ᠎ᠠᠴᠠ᠎ᠲᠠᠭᠠᠨ ᠰᠤᠷᠤᠯᠴᠠᠭ᠍ᠤ ᠤᠪᠤᠷ ᠰᠤᠷᠲᠠᠯ ᠵᠶ᠋ᠠᠷ ᠪᠠᠷᠤᠭᠲᠠᠢ ᠪᠠᠶ᠋ᠢᠬᠤ

      ᠪᠤᠰᠤᠳ᠎ᠤᠨ ᠭᠡᠯᠡᠵᠦ ᠰᠠᠨᠠᠭᠤᠯᠬᠤ ᠵᠢ ᠬᠦᠯᠢᠴᠡᠩᠭᠦᠢ ᠬᠦᠯᠢᠶᠡᠨ ᠰᠤᠨᠤᠰᠬᠤ ᠪᠤᠶᠤ ᠪᠤᠰᠤᠳ᠎ᠠᠴᠠ᠎ᠲᠠᠭᠠᠨ ᠰᠤᠷᠤᠯᠴᠠᠭ᠍ᠤ᠎ᠨᠢ ᠭᠠᠭᠴᠠ ᠬᠦ᠌ ᠪᠠᠭᠰᠢ ᠬᠦᠮᠤᠨ᠎ᠳᠤ ᠯᠡ ᠪᠠᠢ᠍ᠢ᠍ᠬᠤ ᠰᠤᠷᠳᠠᠯ ᠪᠢᠰᠢ᠂ ᠬᠠᠷᠢᠨ ᠶᠠᠮᠠᠷ ᠴᠤ᠌ ᠨᠢᠭᠡᠨ ᠬᠦᠮᠤᠨ᠎ᠳᠤ ᠪᠠᠶ᠋ᠢᠵᠦ ᠪᠤᠯᠬᠤ ᠤᠪᠤᠷ ᠰᠤᠷᠳᠠᠯ᠎ᠤᠨ ᠠᠰᠠᠭᠤᠲᠠᠯ ᠪᠤᠯᠤᠨ᠎ᠠ᠃ ᠰᠢᠨ᠎ᠡ ᠰᠤᠷᠭ᠋ᠠᠭᠤᠯᠢ ᠲᠡᠬᠦᠰᠦᠭᠰᠡᠨ ᠭᠡᠰᠡᠭ ᠵᠠᠯᠠᠭᠤ ᠪᠠᠭᠰᠢ ᠨᠠᠷ ᠪᠤᠰᠤᠳ᠎ᠤᠨ ᠭᠡᠯᠡᠵᠦ ᠢᠳᠬᠠᠬᠤ ᠵᠢ ᠬᠦᠯᠢᠶᠡᠨ ᠵᠦᠪᠰᠢᠶᠡᠷᠡᠬᠦ ᠦᠭᠡᠢ᠂ ᠠ᠋ᠰᠡᠬᠦᠯ᠎ᠡ ᠦᠪᠡᠷ᠎ᠢ᠎ᠪᠠᠨ ᠬᠦᠭᠡᠷᠭᠡᠲᠡᠨ ᠮᠠᠵᠤᠤᠯᠠᠭ᠍ᠤ ᠠᠯᠲᠠᠭ᠎ᠠ ᠵᠢ ᠦᠷᠬᠦᠯᠵᠢ ᠵᠢᠨ ᠴᠢᠨᠠᠷᠲᠠᠢ ᠭᠠᠷᠭ᠋ᠠᠵᠦ ᠪᠠᠶ᠋ᠢᠨ᠎ᠠ᠃ ᠴᠡᠴᠡᠷᠯᠢᠭ᠎ᠲᠤ ᠪᠠᠭᠰᠢᠯᠠᠭ᠍ᠤ᠎ᠪᠠᠷ ᠠ᠋ᠷᠡᠮᠡᠯᠵᠡᠯᠡᠵᠦ ᠪᠠᠶ᠋ᠢᠭ᠎ᠠ ᠪᠠᠭᠰᠢ ᠵᠢᠨ 95%᠎ᠨᠢ ᠠ᠋ᠮᠡᠭᠳᠠᠢ ᠪᠠᠭᠰᠢ ᠪᠠᠶ᠋ᠢᠲᠠᠭ᠃ ᠠ᠋ᠨᠡ᠎ᠨᠢ ᠠ᠋ᠷᠲᠡᠨ᠎ᠤ ᠮᠤᠩᠭᠤᠯᠴᠤᠳ᠎ᠤᠨ ᠭᠡᠷ᠎ᠤᠨ ᠬᠦᠮᠦᠵᠢᠯ᠎ᠢ ᠠ᠋ᠮᠡᠭᠳᠠᠢ᠍ᠢ᠍ᠴᠤᠳ ᠭᠤᠤᠯ ᠠᠳᠬᠤᠵᠤ ᠪᠠᠶ᠋ᠢᠬᠰᠡᠨ᠎ᠲᠠᠢ ᠨᠡᠶ᠋ᠢᠴᠡᠵᠦ ᠪᠠᠶ᠋ᠢᠭ᠎ᠠ ᠶᠤᠮ᠃ ᠲᠡᠤᠭᠡᠨ᠎ᠳᠤ 《ᠠᠯᠤᠩᠭᠤᠸ᠎ᠠ ᠠ᠋ᠭᠡ ᠵᠢᠨ ᠲᠠᠪᠤᠨ ᠮᠦᠰᠤᠨ᠎ᠤ ᠰᠤᠷᠭ᠋ᠠᠯ》᠂ ᠦᠭᠡᠯᠤᠨ ᠠ᠋ᠭᠡ ᠵᠢᠨ ᠰᠤᠷᠭ᠋ᠠᠯ᠂ ᠰᠤᠷᠬᠠᠭᠳᠠᠨᠢ ᠪᠠᠬᠢ ᠬᠠᠲᠤᠨ᠎ᠤ ᠰᠤᠷᠭ᠋ᠠᠯ᠂ ᠮᠠᠨᠲᠤᠬᠠᠢ ᠰᠡᠴᠡᠨ ᠬᠠᠲᠤᠨ᠎ᠤ ᠰᠤᠷᠭ᠋ᠠᠯ ᠭᠡᠳ ᠪᠦᠷ ᠠ᠋ᠮᠡᠭᠲᠡᠢ ᠬᠦᠮᠤᠨ ᠭᠡᠷ᠎ᠤᠨ ᠭᠦᠮᠦᠵᠢᠯ᠎ᠢ ᠢᠯᠡᠭᠦᠦ ᠭᠦᠨᠳᠤᠳᠭᠡᠵᠦ ᠪᠠᠶ᠋ᠢᠬᠰᠡᠨ᠎ᠨᠢ ᠦᠨᠡᠨ ᠪᠢᠯᠡ᠃ ᠠ᠋ᠶ᠋ᠢᠮᠤ ᠰᠢᠯᠢᠳᠡᠭ ᠤᠯᠠᠮᠵᠢᠯᠠᠯ ᠪᠠᠶ᠋ᠢᠭ᠎ᠠ ᠪᠠᠶ᠋ᠢᠲᠠᠯ᠎ᠠ ᠤᠲᠤᠬᠢ ᠵᠠᠷᠢᠮ ᠵᠠᠯᠠᠭᠤ ᠪᠦᠰᠡᠬᠦᠢ ᠪᠠᠭᠰᠢ ᠨᠠᠷ᠎ᠨᠢ ᠶᠠᠭ᠋ᠠᠬᠢᠭ᠋ᠠᠳ ᠲᠠᠶ᠋ᠢᠮᠦ ᠠ᠋ᠬᠦᠷᠭᠡ ᠬᠠᠷᠢᠭᠤᠴᠠᠯᠭ᠎ᠠ᠎ᠳᠤ᠎ᠪᠠᠨ ᠵᠦᠪ ᠬᠠᠨᠳᠤᠵᠤ ᠴᠢᠳᠠᠳᠠᠬ ᠦᠭᠡᠢ ᠪᠤᠢ? ᠠ᠋ᠬᠦᠨ᠎ᠤ ᠬᠠᠮᠤᠭ ᠭᠤᠤᠯ᠎ᠨᠢ ᠲᠡᠲᠡ ᠪᠤᠰᠤᠳ᠎ᠤᠨ ᠭᠡᠯᠡᠵᠦ ᠲᠤᠬᠢᠬᠤ ᠵᠢ ᠤᠢ᠍ᠢ᠍ᠰᠢᠶᠠᠬᠤ ᠦᠭᠡᠢ ᠮᠦᠷᠲᠡᠭᠡᠨ ᠪᠤᠰᠤᠳ᠎ᠠᠴᠠ᠎ᠲᠠᠭᠠᠨ ᠰᠤᠷᠤᠯᠴᠠᠭ᠍ᠤ ᠤᠪᠤᠷ ᠰᠤᠷᠲᠠᠯ ᠵᠶ᠋ᠠᠷ ᠲᠤᠶ᠋ᠢᠯ᠎ᠤᠨ ᠪᠠᠷᠤᠭᠲᠠᠢ ᠪᠠᠶ᠋ᠢᠭ᠎ᠠ ᠵᠢᠨ ᠢᠯᠡᠷᠡᠯ ᠪᠤᠯᠤᠨ᠎ᠠ᠃

     (3) ᠦᠰᠪᠦᠷᠢ ᠵᠢᠨ ᠭᠡᠤᠭᠡᠳ᠎ᠢ ᠠᠷᠠᠴᠢᠯᠠᠵᠦ ᠲᠤᠲᠤᠮᠲᠠᠭ᠍ᠤ ᠤᠷ᠎ᠠ ᠮᠡᠷᠬᠡᠰᠢᠯ ᠲᠤᠲᠠᠭᠤ ᠪᠠᠶ᠋ᠢᠬᠤ

      ᠪᠦᠲᠦᠬᠦᠯᠢᠭ ᠵᠶ᠋ᠠᠷ ᠭᠡᠯᠡᠪᠡᠯ ᠴᠡᠴᠡᠷᠯᠢᠭ᠎ᠤᠨ ᠠᠰᠠᠷᠠᠭᠴᠢ ᠪᠠᠭᠰᠢ ᠪᠤᠯ ᠭᠡᠤᠭᠡᠳ᠎ᠢ ᠠᠰᠠᠷᠠᠵᠦ ᠲᠤᠲᠤᠮᠲᠠᠭ᠍ᠤ ᠵᠠᠩ ᠤᠶ᠋ᠢᠯᠡ ᠵᠢ ᠬᠦᠢ᠍ᠴᠡᠳᠭᠡᠬᠦ ᠠᠯᠪᠠᠨ ᠲᠠᠯ᠎ᠠ ᠵᠢᠨ ᠠ᠋ᠬᠦᠷᠬᠡ ᠪᠦᠬᠦᠢ ᠬᠦᠮᠤᠨ᠎ᠢ ᠭᠡᠯᠡᠵᠦ ᠪᠤᠢ᠃ ᠴᠡᠴᠡᠷᠯᠢᠭ᠎ᠨᠢ ᠦᠨᠲᠦᠰᠦᠨ᠎ᠳᠤ᠎ᠪᠠᠨ 3~6 ᠨᠠᠰᠤᠨ᠎ᠤ ᠭᠡᠤᠭᠡᠳ ᠵᠶ᠋ᠠᠷ ᠭᠤᠤᠯᠲᠠᠵᠦ ᠪᠠᠶ᠋ᠢᠭ᠎ᠠ ᠪᠤᠯᠬᠤᠷ ᠲᠠᠲᠠᠨ᠎ᠤ ᠪᠠᠶ᠎ᠠ᠎ᠪᠠᠨ ᠲᠠᠭ᠋ᠠᠭ᠋ᠠᠬᠤ ᠴᠢᠲᠠᠪᠦᠷᠢ᠎ᠨᠢ ᠠᠨᠠᠢ ᠶᠤᠮ᠃ ᠲᠡᠲᠡᠨ᠎ᠢ ᠠᠷᠠᠴᠢᠯᠠᠵᠦ ᠲᠤᠲᠤᠮᠲᠠᠭ᠍ᠤ᠂ ᠠᠷᠭ᠋ᠠᠲᠠᠵᠦ ᠲᠠᠶ᠋ᠢᠳᠬᠤᠷᠠᠭᠤᠯᠬᠤ᠂ ᠤᠷᠮᠠᠰᠢᠭᠤᠯᠵᠦ ᠵᠤᠷᠢᠬ᠍ᠵᠢᠭᠤᠯᠬᠤ᠎ᠳᠤ ᠪᠦᠷ ᠤᠷ᠎ᠠ ᠮᠡᠷᠭᠡᠰᠢᠯ ᠱᠠᠭ᠋ᠠᠷᠲᠠᠭᠲᠠᠲᠠᠭ᠃ ᠤᠲᠤᠬᠢ ᠪᠠᠭᠰᠢ ᠨᠠᠷ᠎ᠲᠤ ᠠ᠋ᠨᠡ ᠲᠠᠯ᠎ᠠ ᠵᠢᠨ ᠤᠷ᠎ᠠ ᠮᠡᠷᠭᠡᠰᠢᠯ ᠲᠤᠳᠠᠭᠳᠠᠵᠤ ᠪᠠᠢ᠍ᠢ᠍ᠨ᠎ᠠ᠃ ᠤᠬᠢᠯᠠᠭᠰᠠᠨ ᠭᠡᠤᠭᠡᠳ᠎ᠢ ᠠᠷᠭ᠋ᠠᠲᠠᠵᠦ ᠴᠢᠲᠠᠭ᠍ᠤ ᠦᠭᠡᠢ᠂ ᠠᠯᠢᠶᠠᠯᠠᠭᠰᠠᠨ᠎ᠢ᠎ᠨᠢ ᠨᠠᠮᠲᠠᠭ᠋ᠠᠵᠦ ᠴᠢᠲᠠᠭ᠍ᠤ ᠦᠭᠡᠢ ᠪᠠᠶ᠋ᠢᠲᠠᠭ᠃ ᠠ᠋ᠨᠡ᠎ᠨᠢ ᠥᠪᠡᠷᠰᠡᠳ᠎ᠢᠶᠠᠨ ᠴᠦ᠍ ᠦᠰᠦᠯᠲᠠ ᠵᠢᠨ ᠨᠠᠰᠤ᠎ᠪᠠᠨ ᠲᠡᠩᠲᠡᠬᠦᠤ ᠠ᠋ᠷᠭᠡ ᠲᠡᠩᠬᠢ ᠦᠩᠭᠡᠷᠡᠬᠦᠯᠦᠭᠰᠡᠨ᠎ᠲᠠᠢ ᠬᠤᠯᠪᠤᠭ᠎ᠠ᠎ᠲᠠᠢ ᠴᠤ᠌ ᠮᠠᠭ᠋ᠠᠳ᠃ ᠮᠢᠨᠤ ᠦᠵᠡᠬᠦ᠎ᠪᠠᠷ᠂ ᠴᠡᠴᠡᠷᠯᠢᠭ᠎ᠲᠤ ᠪᠠᠭᠰᠢ ᠪᠤᠯᠤᠭᠰᠡᠳ᠎ᠨᠢ ᠶᠠᠲᠠᠭ᠍ᠤ᠎ᠳᠤ᠎ᠪᠠᠨ ᠲᠠᠰᠪᠦᠷᠢ ᠲᠡᠪᠴᠢᠶᠡᠷᠢ᠂ ᠬᠦᠯᠢᠴᠡᠩᠬᠦᠢ ᠵᠢᠨ ᠬᠦᠮᠦᠵᠢᠯ᠎ᠳᠤ ᠰᠤᠷᠤᠯᠴᠠᠬᠤ ᠭᠡᠷᠡᠭᠲᠡᠢ᠃ ᠪᠠᠰᠠ ᠠ᠋ᠶᠡᠯᠳᠡᠭ ᠵᠦᠭᠡᠯᠡᠨ᠂ ᠨᠠᠮᠵᠢᠭᠤᠨ ᠪᠠᠢ᠍ᠢ᠍ᠬᠤ᠎ᠨᠢ ᠴᠡᠴᠡᠷᠯᠢᠭ᠎ᠤᠨ ᠪᠠᠭᠰᠢ ᠵᠢᠨ ᠱᠠᠭ᠋ᠠᠷᠳᠠᠯᠭ᠎ᠠ ᠪᠠᠢ᠍ᠢ᠍ᠬᠤ ᠶᠤᠰᠤᠳᠠᠢ᠃

      ᠭᠤᠷᠪᠠ᠂ ᠴᠡᠴᠡᠷᠯᠢᠭ᠎ᠤᠨ ᠬᠡᠤᠬᠡᠳ᠎ᠤᠨ ᠦᠬᠡ ᠶᠠᠷᠢᠶᠠᠨ᠎ᠤ ᠵᠢᠭ᠋ᠠᠨ ᠰᠤᠷᠭ᠋ᠠᠯᠳᠠ᠎ᠳᠤ ᠤᠷᠤᠰᠢᠵᠤ ᠪᠠᠶ᠋ᠢᠭ᠎ᠠ ᠠᠰᠠᠭᠤᠳᠠᠯ᠎ᠢ ᠰᠢᠢ᠍ᠳᠪᠤᠷᠢᠯᠡᠬᠦ᠎ᠳᠤ ᠠᠪᠬᠤ ᠠᠷᠭ᠎ᠠ ᠭᠡᠮᠵᠢᠶ᠎ᠡ

     1. ᠬᠡᠷ᠎ᠤᠨ ᠠᠬᠠᠮᠠᠳ᠎ᠯᠤᠭ᠎ᠠ ᠵᠢᠨ ᠬᠠᠷᠢᠴᠠᠭ᠎ᠠ ᠵᠢ ᠪᠠᠬᠢᠵᠢᠬᠦᠯᠵᠤ᠂ ᠬᠡᠷ ᠪᠦᠯᠢ᠎ᠠᠴᠠ᠎ᠨᠢ ᠠ᠋ᠬᠢᠯᠡᠬᠦ

     (1) ᠬᠡᠷ᠎ᠤᠨ ᠠᠬᠠᠮᠠᠳ᠎ᠯᠤᠭ᠎ᠠ ᠬᠤᠯᠪᠤᠭ᠎ᠠ ᠪᠠᠷᠢᠵᠤ ᠭᠡᠤᠭᠡᠳ᠎ᠤᠨ ᠭᠡᠯᠡ ᠶᠠᠷᠢᠶᠠᠨ᠎ᠤ ᠪᠠᠶ᠋ᠢᠳᠠᠯ᠎ᠢ ᠤᠶ᠋ᠢᠯᠠᠭ᠋ᠠᠬᠤ

      ᠬᠡᠷ᠎ᠤᠨ ᠠᠬᠠᠮᠠᠳ᠎ᠯᠤᠭ᠎ᠠ ᠬᠤᠯᠪᠤᠭ᠎ᠠ ᠪᠠᠷᠢᠵᠤ ᠬᠡᠷ ᠪᠦᠯᠢ ᠵᠢᠨ ᠤᠷᠴᠢᠨ ᠲᠤᠭᠤᠷᠢᠨ᠎ᠢ᠎ᠨᠢ ᠤᠶ᠋ᠢᠯᠠᠭ᠋ᠠᠬᠤ᠎ᠨᠢ ᠴᠡᠴᠡᠷᠯᠢᠭ᠎ᠤᠨ ᠪᠠᠭᠰᠢ ᠨᠠᠷ᠎ᠤᠨ ᠬᠠᠮᠤᠭ᠎ᠤᠨ ᠴᠢᠬᠤᠯᠠ ᠠᠵᠢᠯ᠎ᠤᠨ ᠨᠢᠭᠡ ᠪᠤᠯᠤᠨ᠎ᠠ᠃ ᠬᠤᠯᠪᠤᠭ᠎ᠠ ᠪᠠᠷᠢᠬᠤ᠎ᠪᠠᠷ ᠦᠯᠤ ᠪᠠᠷᠠᠨ ᠬᠡᠷ᠎ᠲᠤ᠎ᠨᠢ ᠤᠴᠢᠵᠤ ᠲᠡᠳᠡᠨ᠎ᠤ ᠬᠡᠷ ᠵᠠᠭᠤᠷ᠎ᠠ ᠵᠢᠨ ᠬᠡᠯᠡ ᠶᠠᠷᠢᠶᠠᠨ᠎ᠤ ᠪᠠᠶ᠋ᠢᠳᠠᠯ᠎ᠢ ᠤᠶ᠋ᠢᠯᠠᠭ᠋ᠠᠵᠦ᠂ ᠵᠠᠷᠢᠮ ᠴᠢᠬᠤᠯᠠ᠎ᠲᠠᠢ ᠵᠤᠶ᠋ᠢᠯ᠎ᠢ ᠰᠠᠨᠠᠭᠤᠯᠵᠤ ᠬᠡᠯᠡᠬᠦ᠎ᠨᠢ ᠴᠦ᠍ ᠵᠦᠢ ᠵᠤᠬᠢᠰᠳᠠᠢ ᠬᠡᠵᠤ ᠦᠵᠡᠨ᠎ᠡ᠃ ᠤᠳᠤᠬᠢ ᠵᠠᠷᠢᠮ ᠬᠡᠷ᠎ᠤᠨ ᠠᠬᠠᠮᠠᠳ᠎ᠨᠢ ᠬᠡᠷ᠎ᠲᠤ᠎ᠪᠠᠨ ᠬᠤᠯᠢᠮᠠᠭ ᠦᠬᠡ ᠶᠠᠷᠢᠶ᠎ᠠ ᠵᠢ ᠲᠡᠬᠡᠳᠤᠯᠡᠬᠦ ᠪᠤᠶᠤ ᠪᠦᠷ ᠬᠠᠷᠢ ᠬᠡᠯᠡ᠎ᠪᠠᠷ ᠶᠠᠷᠢᠯᠴᠠᠳᠠᠭ ᠴᠦ᠍ ᠪᠤᠢ᠃ ᠠ᠋ᠢ᠍ᠢ᠍ᠮᠦᠷᠭᠦᠦ ᠪᠠᠶ᠋ᠢᠳᠠᠯ᠎ᠢ ᠦᠡᠳᠤᠰᠤᠨ᠎ᠠᠴᠠ᠎ᠨᠢ ᠤᠯᠵᠤ ᠢᠯᠡᠷᠡᠭᠦᠯᠭᠦ ᠦᠭᠡᠢ ᠪᠤᠯ ᠵᠠᠰᠠᠨ ᠵᠠᠯᠠᠷᠠᠭᠤᠯᠬᠤ᠎ᠳᠤ ᠬᠦᠴᠢᠷᠳᠡᠯ ᠲᠤᠯᠭ᠋ᠠᠷᠠᠭ᠍ᠤ᠎ᠨᠢ ᠭᠠᠷᠴᠠᠭ᠎ᠠ ᠦᠭᠡᠢ᠃

      ᠬᠡᠷ ᠪᠦᠯᠢ ᠵᠢᠨ ᠬᠡᠯᠡ ᠶᠠᠷᠢᠶᠠᠨ᠎ᠤ ᠤᠷᠴᠢᠨ ᠲᠤᠭᠤᠷᠢᠨ᠎ᠢ ᠤᠶ᠋ᠢᠯᠠᠭ᠋ᠠᠵᠦ ᠮᠡᠳᠡᠭᠰᠡᠨ ᠰᠠᠭᠤᠷᠢᠨ ᠲᠡᠬᠡᠷ᠎ᠡ ᠠᠯᠢ ᠲᠠᠯ᠎ᠠ ᠤᠷᠤᠭᠤ᠎ᠨᠢ ᠢᠯᠡᠬᠦᠤ ᠬᠦᠴᠤᠯᠡᠬᠦ ᠬᠡᠳᠡᠭ ᠵᠦᠪ ᠰᠤᠩᠭᠤᠯᠳᠠ ᠵᠢ ᠬᠢᠵᠤ ᠴᠢᠳᠠᠨ᠎ᠠ᠃

     (2) ᠬᠡᠷ᠎ᠤᠨ ᠠᠬᠠᠮᠠᠳ᠎ᠲᠠᠢ ᠬᠤᠯᠪᠤᠭ᠎ᠠ ᠪᠠᠷᠢᠵᠤ ᠦᠬᠡ ᠶᠠᠷᠢᠶᠠᠨ᠎ᠤ ᠵᠦᠪ ᠤᠷᠴᠢᠨ ᠲᠤᠭᠤᠷᠢᠨ᠎ᠢ ᠪᠤᠢ ᠪᠤᠯᠭ᠋ᠠᠬᠤ

      ᠬᠡᠷ᠎ᠤᠨ ᠠᠬᠠᠮᠠᠳ᠎ᠲᠤ ᠤᠷᠤᠰᠢᠵᠤ ᠪᠤᠢ ᠠᠰᠠᠭᠤᠳᠠᠯ᠎ᠢ ᠨᠡᠬᠡᠬᠡᠨ ᠢᠯᠡᠷᠡᠬᠦᠯᠵᠤ ᠲᠡᠳᠡᠨ᠎ᠢ ᠵᠦᠪ ᠦᠬᠡ ᠶᠠᠷᠢᠶᠠᠨ᠎ᠤ ᠰᠠᠢ᠍ᠢ᠍ᠨ ᠰᠠᠢ᠍ᠢ᠍ᠬᠠᠨ ᠤᠷᠴᠢᠨ ᠲᠤᠭᠤᠷᠢᠨ᠎ᠲᠠᠢ ᠪᠤᠯᠬᠤ᠎ᠳᠤ ᠲᠤᠰᠠᠯᠠᠮᠵᠢ ᠦᠵᠡᠭᠦᠯᠦᠨ᠎ᠡ᠃ ᠦᠬᠡ ᠶᠠᠷᠢᠶ᠎ᠠ ᠴᠡᠪᠡᠷ ᠪᠠᠶ᠋ᠢᠬᠤ ᠵᠢᠨ ᠬᠡᠳᠤ ᠵᠢᠨ ᠵᠤᠷᠢᠯᠭ᠎ᠠ ᠵᠢ ᠮᠡᠳᠡᠬᠦᠯᠤᠨ ᠡᠴᠢᠬᠡ ᠠ᠋ᠬᠡ ᠪᠤᠯᠤᠭᠰᠡᠨ᠎ᠤ ᠬᠤᠪᠢ᠎ᠳᠤ ᠦᠷ᠎ᠡ ᠬᠡᠤᠬᠡᠳ᠎ᠲᠤ᠎ᠪᠠᠨ ᠬᠡᠷᠬᠢᠨ ᠬᠠᠷᠢᠭᠤᠴᠠᠭ᠍ᠤ᠂ ᠦᠡᠳᠤᠰᠤᠳᠡᠨ᠎ᠳᠤ᠎ᠪᠠᠨ ᠬᠡᠷᠬᠢᠨ ᠬᠠᠷᠢᠭᠤᠴᠠᠭ᠍ᠤ ᠵᠢ ᠶᠠᠷᠢᠵᠤ   ᠦᠭᠭᠦᠨ᠎ᠡ᠃ ᠠ᠋ᠬᠦᠨ᠎ᠢ ᠪᠡᠶᠡᠯᠡᠭᠦᠯᠭᠦ᠎ᠳᠤ ᠠ᠋ᠷᠬᠡᠪᠰᠢ ᠬᠡᠷ᠎ᠤᠨ ᠠᠬᠠᠮᠠᠳ᠎ᠲᠠᠢ ᠪᠠᠶ᠋ᠢᠩᠭᠤ ᠵᠢᠨ ᠬᠤᠯᠪᠤᠭ᠎ᠠ ᠪᠠᠷᠢᠬᠤ ᠭᠡᠷᠡᠭᠳᠠᠢ᠃

     2. ᠴᠡᠴᠡᠷᠯᠢᠭ᠎ᠤᠨ ᠪᠠᠭᠰᠢ ᠵᠢᠨ ᠬᠡᠪ ᠴᠢᠨᠠᠷ᠎ᠢ ᠲᠡᠬᠡᠭᠰᠢᠯᠡᠬᠦᠯᠵᠤ ᠭᠡᠤᠭᠡᠳ᠎ᠤᠨ ᠭᠡᠯᠡᠨ᠎ᠤ ᠤᠷᠴᠢᠨ᠎ᠢ ᠴᠡᠪᠠᠷᠰᠢᠭᠦᠯᠭᠦ

     (1) ᠴᠡᠴᠡᠷᠯᠢᠭ᠎ᠤᠨ ᠪᠠᠭᠰᠢ ᠵᠢᠨ ᠬᠡᠪ ᠴᠢᠨᠠᠷ᠎ᠢ ᠲᠡᠬᠡᠭᠰᠢᠯᠡᠬᠦᠯᠵᠤ ᠦᠬᠡ ᠶᠠᠷᠢᠶᠠᠨ᠎ᠤ ᠦᠨ᠎ᠡ ᠴᠡᠨ᠎ᠡ ᠵᠢ ᠤᠶ᠋ᠢᠯᠠᠭ᠋ᠠᠭᠤᠯᠬᠤ

      ᠴᠡᠴᠡᠷᠯᠢᠭ᠎ᠤᠨ ᠪᠠᠭᠰᠢ ᠵᠢᠨ ᠬᠡᠪ ᠴᠢᠨᠠᠷ᠎ᠢ ᠲᠡᠬᠡᠭᠰᠢᠯᠡᠬᠦᠯᠬᠦ ᠪᠣᠯ ᠬᠡᠤᠬᠡᠳ᠎ᠤᠨ ᠮᠤᠩᠭᠤᠯ ᠬᠡᠯᠡᠨ᠎ᠤ ᠤᠷᠴᠢᠨ ᠲᠤᠭᠤᠷᠢᠨ᠎ᠢ ᠴᠠᠪᠠᠷᠰᠢᠭᠦᠯᠭᠦ ᠵᠢᠨ ᠴᠢᠬᠤᠯᠠ ᠨᠢᠬᠡᠨ ᠠᠷᠭ᠎ᠠ ᠵᠠᠮ ᠪᠤᠯᠤᠨ᠎ᠠ᠃ ᠪᠠᠭᠰᠢ᠎ᠨᠢ ᠬᠡᠪ ᠴᠢᠨᠠᠷ ᠵᠶ᠋ᠠᠷ ᠰᠤᠯᠠ ᠲᠤᠷᠤᠢ ᠪᠠᠶ᠋ᠢᠳᠠᠯ᠎ᠳᠤ ᠰᠤᠷᠤᠭᠴᠢᠳ᠎ᠲᠤ ᠮᠤᠩᠭᠤᠯ ᠦᠬᠡ ᠬᠡᠯᠡᠨ᠎ᠤ ᠰᠠᠶ᠋ᠢᠨ ᠰᠠᠢ᠍ᠢ᠍ᠬᠠᠨ ᠤᠷᠴᠢᠨ᠎ᠲᠠᠢ ᠪᠤᠯᠤᠨ᠎ᠠ ᠬᠡᠳᠡᠭ ᠪᠤᠯ ᠪᠠᠶ᠋ᠢᠰᠢ ᠦᠭᠡᠢ ᠶᠠᠪᠤᠳᠠᠯ ᠶᠤᠮ᠃ ᠦᠬᠡ ᠶᠠᠷᠢᠶᠠᠨ᠎ᠳᠤ ᠦᠬᠡ ᠶᠠᠷᠢᠶᠠᠨ᠎ᠤ ᠦᠨ᠎ᠡ ᠴᠡᠨ᠎ᠡ᠎ᠲᠠᠢ   ᠪᠠᠢ᠍ᠢ᠍ᠳᠠᠬ᠃ ᠠ᠋ᠳᠡᠬᠡᠷ᠎ᠢ ᠴᠡᠴᠡᠷᠯᠢᠭ᠎ᠤᠨ ᠪᠠᠭᠰᠢ ᠨᠠᠷ ᠬᠦᠯᠢᠶᠡᠨ ᠵᠦᠪᠰᠢᠶᠡᠷᠡᠬᠦ ᠤᠷᠢᠳᠠᠯ ᠲᠤᠤᠷ᠎ᠠ ᠰᠠᠶᠢ ᠰᠡᠳᠬᠢᠯ᠎ᠳᠤ᠎ᠪᠠᠨ ᠦᠬᠡ ᠶᠠᠷᠢᠶᠠᠨ᠎ᠤ ᠤᠷᠴᠢᠨ ᠲᠤᠭᠤᠷᠢᠨ᠎ᠢ ᠪᠤᠢ ᠪᠤᠯᠭ᠋ᠠᠵᠤ ᠴᠢᠳᠠᠭ᠍ᠤ ᠶᠤᠮ᠃ ᠦᠪᠤᠷ ᠮᠤᠩᠭᠤᠯ᠎ᠤᠨ ᠤᠯᠠᠩᠭᠢ ᠠᠶ᠋ᠢᠮᠠᠭ ᠬᠤᠰᠢᠭᠤ᠎ᠨᠢ ᠪᠠᠭ᠎ᠠ ᠰᠠᠭ᠎ᠠ ᠨᠤᠳᠤᠭ᠎ᠤᠨ ᠠᠶᠠᠯᠭᠤ ᠵᠢᠨ ᠵᠦᠷᠢᠶ᠎ᠠ᠎ᠲᠠᠢ᠎ᠠᠴᠠ ᠪᠢᠰᠢ ᠤᠯᠠᠨᠭ᠌ᠬᠢ ᠪᠠᠢ᠍ᠢ᠍ᠳᠠᠯ᠎ᠳᠤ ᠨᠡᠯᠢᠶᠡᠳ ᠴᠡᠪᠡᠷ ᠦᠭᠡ ᠶᠠᠷᠢᠶ᠎ᠠ ᠵᠢ ᠠ᠋ᠷᠬᠢᠮᠯᠡᠭᠰᠡᠬᠡᠷ ᠢᠷᠡᠭᠰᠡᠨ ᠶᠤᠮ᠃

     (2) ᠦᠬᠡ ᠶᠠᠷᠢᠶᠠᠨ᠎ᠤ ᠶᠠᠰᠤ ᠴᠢᠨᠠᠷ᠎ᠢ ᠪᠠᠢ᠍ᠢ᠍ᠨᠭ᠌ᠭᠤ ᠭᠡᠮᠵᠢᠭᠦ

      ᠦᠬᠡ ᠶᠠᠷᠢᠶᠠᠨ᠎ᠤ ᠶᠠᠰᠤ ᠴᠢᠨᠠᠷ᠎ᠢ ᠭᠡᠮᠵᠢᠭᠦ ᠬᠡᠳᠡᠭ᠎ᠨᠢ ᠲᠠᠷᠤᠢ ᠬᠤᠯᠢᠴᠠ ᠦᠭᠡᠢ ᠴᠡᠪᠡᠷ ᠶᠠᠷᠢᠬᠤ᠂ ᠬᠡᠷᠡᠭᠯᠡᠭᠡᠨ᠎ᠤ ᠦᠬᠡᠰ᠎ᠤᠨ ᠪᠠᠶᠠᠯᠢᠭ᠎ᠨᠢ ᠪᠠᠷᠢᠮᠵᠢᠶᠠᠨ᠎ᠳᠤ ᠬᠦᠷᠤᠭ᠌ᠰᠡᠨ ᠠ᠋ᠰᠡᠭᠦ ᠵᠢ ᠬᠡᠯᠡᠵᠤ ᠪᠠᠶ᠋ᠢᠭ᠎ᠠ ᠶᠤᠮ᠃ ᠶᠠᠰᠤ ᠴᠢᠨᠠᠷ᠎ᠤᠨ ᠬᠡᠮᠵᠢᠭᠳᠡᠯ᠎ᠳᠤ ᠠᠰᠠᠭᠤᠳᠠᠯ ᠤᠷᠤᠰᠢᠵᠤ ᠪᠠᠶ᠋ᠢᠭ᠎ᠠ ᠠ᠋ᠰᠡᠬᠦ ᠵᠢ ᠦᠷᠬᠦᠯᠵᠢ ᠵᠢᠨ ᠴᠢᠨᠠᠷᠳᠠᠢ ᠪᠠᠶ᠋ᠢᠴᠠᠭ᠋ᠠᠭ᠍ᠤ᠎ᠨᠢ ᠦᠬᠡ ᠶᠠᠷᠢᠶᠠᠨ᠎ᠤ ᠵᠢᠭ᠋ᠠᠨ ᠰᠤᠷᠭ᠋ᠠᠯᠳᠠ ᠵᠢ ᠲᠦᠯᠬᠢᠨ ᠠᠬᠢᠭᠤᠯᠬᠤ᠎ᠳᠤ ᠲᠤᠰᠠᠯᠠᠭ᠍ᠤ ᠤᠶ᠋ᠢᠯᠡᠳᠤᠯ᠎ᠲᠠᠢ ᠶᠤᠮ᠃ ᠬᠡᠯᠡᠨ᠎ᠤ ᠶᠠᠰᠤ ᠴᠢᠨᠠᠷ ᠪᠤᠯ ᠦᠰᠪᠤᠷᠢ ᠵᠢᠨ ᠬᠡᠤᠬᠡᠳ ᠲᠡᠳᠤᠢ ᠦᠭᠡᠢ᠂ ᠪᠦᠬᠦᠶ᠋ᠢᠯᠡ ᠮᠤᠩᠭᠤᠯᠴᠤᠳ᠎ᠤᠨ ᠬᠤᠵᠢᠮ ᠮᠠᠷᠭ᠋ᠠᠰᠢ᠂ ᠬᠤᠶ᠋ᠢᠴᠢ ᠵᠢᠨ ᠢᠷᠡᠬᠡᠳᠤᠢ᠎ᠲᠠᠢ ᠬᠤᠯᠪᠤᠭᠳᠠᠭ᠍ᠤ ᠴᠢᠬᠤᠯᠠ ᠵᠤᠶ᠋ᠢᠯ ᠮᠦᠨ᠃ ᠪᠢᠳᠡ ᠶᠠᠮᠠᠷ ᠬᠡᠯᠡ᠎ᠪᠠᠷ ᠶᠠᠭ᠋ᠠᠬᠢᠵᠤ ᠠᠵᠤ ᠲᠦᠷᠤᠬᠦ᠎ᠨᠢ ᠴᠢᠬᠤᠯᠠ ᠪᠢᠰᠢ᠂ ᠠ᠋ᠬᠡ ᠬᠡᠯᠡ᠎ᠪᠠᠨ ᠬᠡᠷᠬᠢᠨ ᠬᠠᠮᠠᠭ᠋ᠠᠯᠠᠵᠤ᠂ ᠬᠡᠷᠬᠢᠨ ᠬᠠᠶ᠋ᠢᠷᠠᠯᠠᠵᠤ ᠪᠠᠶ᠋ᠢᠬᠤ᠎ᠨᠢ ᠰᠠᠶᠢ ᠴᠢᠬᠤᠯᠠ ᠪᠠᠢ᠍ᠢ᠍ᠳᠠᠬ᠃

     (3) ᠦᠬᠡ ᠶᠠᠷᠢᠶᠠᠨ᠎ᠤ ᠵᠢᠭ᠋ᠠᠨ ᠰᠤᠷᠭ᠋ᠠᠯᠳᠠ ᠵᠢᠨ ᠯᠤᠬᠢᠭ ᠵᠦᠢ᠎ᠪᠠᠷ ᠬᠡᠤᠬᠡᠳ᠎ᠢ ᠭᠦᠮᠦᠵᠢᠭᠦᠯᠭᠦ

      ᠦᠬᠡ ᠶᠠᠷᠢᠶ᠎ᠠ᠎ᠨᠢ ᠵᠢᠮ᠎ᠡ ᠶᠤᠰᠤᠳᠤ ᠴᠢᠨᠠᠷ᠎ᠲᠠᠢ ᠪᠠᠢ᠍ᠢ᠍ᠳᠠᠬ᠃ ᠶᠠᠷᠢᠶᠠᠨ ᠦᠭᠡᠢ ᠴᠡᠴᠡᠷᠯᠢᠭ᠎ᠤᠨ ᠬᠡᠤᠬᠡᠳ᠎ᠤᠳ᠎ᠲᠤ ᠦᠬᠡ ᠶᠠᠷᠢᠶᠠᠨ᠎ᠤ ᠯᠤᠬᠢᠭ ᠵᠦᠢ ᠵᠢᠨ ᠬᠦᠮᠤᠵᠢᠯ ᠬᠢᠬᠦ ᠪᠤᠯ ᠪᠡᠶᠡᠯᠡᠭᠳᠡᠰᠢ ᠦᠭᠡᠢ ᠶᠤᠮ᠃ ᠬᠡᠬᠦ᠎ᠳᠤ᠎ᠪᠠᠨ ᠠᠮᠢᠳᠤᠷᠠᠯ᠎ᠤᠨ ᠲᠤᠮᠳᠠᠬᠢ ᠶᠠᠷᠢᠶᠠᠨ᠎ᠳᠤ ᠯᠤᠬᠢᠭ ᠵᠦᠢ᠎ᠲᠠᠢ ᠨᠠᠢ᠍ᠢ᠍ᠴᠡᠭᠰᠡᠨ ᠪᠤᠷᠤ ᠬᠡᠯᠡᠯᠬᠡ ᠤᠯᠠᠨ ᠪᠠᠶ᠋ᠢᠳᠠᠭ᠃ ᠶᠠᠭ ᠠ᠋ᠨᠡ ᠪᠤᠷᠤ ᠬᠡᠯᠡᠯᠬᠡ᠎ᠳᠤ ᠰᠤᠩᠭᠤᠯᠳᠠ᠎ᠲᠠᠢ᠎ᠪᠠᠷ ᠬᠠᠨᠳᠤᠵᠤ ᠤᠬᠢ ᠰᠦᠯᠳᠤ᠎ᠪᠠᠷ᠎ᠨᠢ ᠬᠡᠤᠬᠡᠳ ᠬᠦᠮᠦᠵᠢᠭᠦᠯᠭᠦ᠎ᠨᠢ ᠠᠰᠢᠭᠳᠠᠢ ᠠᠷᠭ᠎ᠠ ᠪᠤᠯᠵᠤ ᠪᠤᠯᠤᠨ᠎ᠠ᠃
      ᠬᠠᠶᠢᠬ᠄ ᠠ᠋ᠷᠢᠶᠡᠨ ᠬᠤᠳᠠ ᠵᠢᠨ ᠥᠨᠳᠥᠰᠥᠳᠡᠨ᠎ᠤ ᠬᠡᠤᠬᠡᠳ᠎ᠤᠨ ᠴᠡᠴᠡᠷᠯᠢᠭ

                               (ᠠ᠋ᠾᠤᠢ᠍ᠩ ᠮᠸᠢ ᠨᠠᠢ᠍ᠢ᠍ᠷᠠᠭᠤᠯᠪᠠ)

                               2019 ᠣᠨ᠎ᠤ 2 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠴᠡᠴᠡᠷᠯᠢᠭ᠎ᠤᠨ ᠵᠢᠭ᠋ᠠᠨ ᠰᠤᠷᠭ᠋ᠠᠯᠲᠠ᠎ᠳᠤ ᠤᠯᠠᠮᠵᠢᠯᠠᠯᠲᠤ ᠰᠤᠶᠤᠯ᠎ᠤᠨ ᠬᠦᠮᠦᠵᠢᠯ᠎ᠢ ᠠᠭᠤᠰᠬᠠᠬᠤ ᠲᠤᠬᠠᠢ ᠶᠠᠷᠢᠬᠤ᠎ᠨᠢ
ᠦᠢ᠍ᠯᠡ ᠤᠶᠤᠳᠠᠯ᠎ᠤᠨ ᠵᠢᠭ᠋ᠠᠨ ᠰᠤᠷᠭ᠋ᠠᠯᠳᠠ ᠵᠢᠨ ᠴᠡᠴᠡᠷᠯᠢᠭ᠎ᠤᠨ ᠬᠡᠦᠬᠡᠳ᠎ᠲᠤ ᠦᠵᠡᠭᠦᠯᠬᠦ ᠨᠦᠯᠦᠭᠡ
ᠬᠡᠦᠬᠡᠳ᠎ᠤᠨ ᠲᠠᠭᠤᠤ ᠵᠢ ᠠᠰᠢᠭᠯᠠᠵᠤ ᠠᠩᠭ᠍ᠯᠢ ᠬᠡᠯᠡᠨ᠎ᠤ ᠰᠤᠷᠭ᠋ᠠᠨ ᠬᠦᠮᠦᠵᠢᠯ ᠬᠢᠬᠦ
ᠪᠠᠯᠴᠢᠷ ᠨᠠᠰᠤᠨ᠎ᠤ ᠬᠡᠥᠬᠡᠳ᠎ᠤᠨ ᠬᠡᠷ ᠪᠦᠯᠢ ᠵᠢᠨ ᠬᠦᠮᠦᠵᠢᠯ᠎ᠤᠨ ᠴᠢᠬᠤᠯᠠ ᠴᠢᠨᠠᠷ
ᠮᠣᠩᠭᠤᠯ ᠠᠷᠠᠳ᠎ᠤᠨ ᠣᠯᠠᠮᠵᠢᠯᠠᠯᠳᠥ ᠨᠠᠭ᠋ᠠᠳᠥᠮ 《ᠴᠠᠭ᠋ᠠᠨ ᠬᠤᠷᠠᠭ᠋ᠠᠨ ᠰᠡᠭᠦᠯ ᠪᠠᠷᠢᠬᠤ》 ᠲᠣᠭᠯᠠᠭ᠋ᠠᠮ᠎ᠠᠴᠠ ᠰᠡᠳᠣᠪᠯᠡᠭᠦ᠎ᠨᠢ
 
             蒙ICP备05000248号