ᠪᠤᠤ ᠢᠤᠢ ᠯᠠᠨ

《ᠣᠷᠮ᠎ᠠ ᠪᠠᠬ᠎ᠠ ᠪᠣᠯ ᠬᠠᠮᠤᠭ᠎ᠤᠨ ᠰᠠᠶ᠋ᠢᠨ ᠪᠠᠭᠰᠢ》 ᠬᠡᠳᠡᠭ ᠵᠶ᠋ᠠᠷ ᠰᠣᠷᠣᠭᠴᠢᠳ ᠵᠶ᠋ᠠᠨ ᠣᠷᠮᠠᠰᠢᠭᠤᠯᠣᠨ ᠵᠣᠷᠢᠬ᠍ᠵᠢᠭᠤᠯᠬᠤ᠎ᠨᠢ ᠲᠠᠳᠠᠨ᠎ᠤ ᠰᠣᠷᠣᠯᠴᠠᠭ᠍ᠣ ᠢᠳᠡᠪᠬᠢᠵᠢᠯ᠎ᠢ ᠲᠠᠶ᠋ᠢᠴᠢᠯᠠᠭ᠍ᠤ ᠴᠢᠬᠤᠯᠡ ᠠᠷᠭ᠎ᠠ ᠮᠦᠨ᠃ ᠠ᠋ᠬᠦᠨ᠎ᠳᠤ ᠠᠩᠬᠢ ᠵᠢᠨ ᠠ᠋ᠷᠬᠢᠯᠡᠭᠴᠢ ᠭᠤᠤᠯᠯᠠᠭᠴᠢ ᠬᠦᠴᠦᠨ ᠪᠤᠯᠤᠨ᠎ᠠ᠃ ᠤᠴᠢᠷ᠎ᠨᠢ ᠠᠩᠬᠢ ᠵᠢᠨ ᠠ᠋ᠷᠬᠢᠯᠡᠭᠴᠢ ᠪᠤᠯ ᠰᠤᠷᠤᠭᠴᠢᠳ᠎ᠲᠠᠢ ᠬᠠᠮᠤᠭ ᠤᠨ ᠠᠷᠪᠢᠨ ᠬᠠᠮᠳᠤ ᠪᠠᠶ᠋ᠢᠳᠠᠭ ᠬᠦᠮᠦᠨ᠃ ᠪᠤᠰᠤᠳ ᠬᠢᠴᠢᠶᠡᠯ᠎ᠤᠨ ᠪᠠᠭᠰᠢ᠎ᠲᠠᠢ ᠨᠠᠪᠳᠠᠷᠠᠯᠴᠠᠭᠦ ᠭᠦᠭᠦᠷᠭᠡ᠂ ᠰᠤᠷᠤᠭᠴᠢᠳ᠎ᠤᠨ ᠮᠡᠳᠡᠯᠬᠡ ᠵᠢᠨ ᠶᠡᠷᠤᠩᠬᠡᠢ ᠣᠯᠠᠮᠵᠢᠯᠠᠭᠴᠢ᠂ ᠰᠤᠷᠤᠭᠴᠢᠳ᠎ᠤᠨ ᠬᠦᠮᠦᠨ ᠪᠣᠯᠬᠤ᠂ ᠠᠮᠢᠳᠤᠷᠠᠭ᠍ᠤᠢ ᠵᠢᠨ ᠣᠬᠠᠭ᠋ᠠᠨ᠎ᠢ ᠠᠩᠬ᠎ᠠ ᠮᠡᠳᠡᠬᠦᠯᠦᠭᠴᠢ᠂ ᠰᠤᠷᠤᠭᠴᠢᠳ᠎ᠤᠨ ᠪᠡᠶ᠎ᠡ ᠰᠡᠳᠬᠢᠴᠡ ᠵᠢᠨ ᠠ᠋ᠷᠡᠭᠦᠯ ᠮᠠᠨᠳᠤ ᠵᠢᠨ ᠨᠠᠨᠳᠢᠨ ᠵᠦᠪᠯᠡᠭᠴᠢ ᠵᠡᠷᠭᠡ ᠣᠯᠠᠨ ᠲᠠᠯ᠎ᠠ ᠵᠢᠨ ᠠ᠋ᠬᠦᠷᠬᠡ ᠵᠢ ᠠ᠋ᠬᠦᠷᠬᠡᠯᠡᠵᠤ ᠪᠤᠢ᠃
ᠰᠤᠷᠤᠭᠴᠢᠳ ᠠᠩᠬ᠎ᠠ ᠰᠤᠷᠭ᠋ᠠᠭᠤᠯᠢ᠎ᠳᠤ ᠰᠠᠭᠤᠮᠠᠭᠴᠠ ᠪᠠᠭᠰᠢ ᠰᠣᠷᠣᠭᠴᠢ ᠵᠢᠨ ᠬᠠᠷᠢᠯᠴᠠᠨ ᠮᠠᠨᠳᠦᠴᠢᠯᠡᠭᠡᠠᠴᠠ ᠠ᠋ᠬᠢᠯᠡᠵᠦ᠂ ᠬᠤᠪᠴᠠᠰᠤ ᠬᠤᠨᠠᠷ ᠵᠶ᠋ᠠᠨ ᠠ᠋ᠮᠦᠰᠬᠦ᠂ ᠰᠠᠭᠤᠳᠡᠯ᠎ᠳᠤ ᠲᠦᠪ ᠰᠠᠭᠤᠬᠤ᠂ ᠬᠠᠷᠡᠨᠳᠡᠪᠠᠨ ᠵᠦᠪ ᠠᠳᠬᠤᠬᠤ᠂ ᠲᠡᠪᠳᠡᠷ ᠵᠶ᠋ᠠᠨ ᠬᠡᠷᠬᠢᠨ ᠪᠣᠭᠴᠣᠯᠠᠭ᠍ᠣ᠂ ᠰᠢᠷᠡᠭᠡ ᠰᠠᠨᠳᠠᠯᠢ᠎ᠪᠠᠨ ᠲᠡᠭᠰᠢᠯᠡᠬᠦ᠂ ᠣᠰᠣᠨ ᠴᠣᠮᠣ᠎ᠪᠠᠨ ᠡᠪᠳᠡᠶ᠋ᠢᠬᠡᠨ ᠲᠠᠯᠪᠢᠬᠤ᠂ ᠬᠢᠴᠢᠶᠡᠯ᠎ᠢ ᠰᠠᠶ᠋ᠢᠳᠤᠷ ᠰᠤᠨᠤᠰᠬᠤ᠂ ᠲᠠᠰᠬᠠᠯ᠎ᠢ ᠬᠢᠨᠠᠮᠠᠭ᠋ᠠᠢ ᠬᠢᠬᠦ᠂ ᠪᠠᠭᠰᠢ ᠵᠢᠨ ᠠᠰᠠᠭᠤᠯᠳᠠ ᠵᠢ ᠵᠣᠷᠢᠭᠳᠠᠢ ᠲᠣᠳᠣ ᠬᠠᠷᠢᠭᠤᠯᠬᠤ ᠵᠡᠷᠬᠡ ᠠᠵᠢᠯᠯᠠᠭ᠎ᠠ᠎ᠨᠢ ᠭᠤᠤᠯᠳᠠᠭᠤ ᠠᠩᠬᠢ ᠵᠢᠨ ᠠ᠋ᠷᠬᠢᠯᠡᠭᠴᠢ᠎ᠳᠤ ᠲᠦᠰᠢᠭᠯᠡᠵᠤ ᠪᠠᠶᠠᠯᠡᠭᠳᠡᠳᠡᠭ᠃ ᠠᠩᠬᠢ ᠵᠢᠨ ᠠ᠋ᠷᠬᠢᠯᠡᠭᠴᠢ ᠪᠤᠯ ᠰᠤᠷᠤᠭᠴᠢᠳ᠎ᠤᠨ ᠨᠢᠳᠤ᠂ ᠪᠤᠳᠤᠯ᠎ᠳᠠᠬᠢ 《ᠠ᠋ᠷᠬᠡ ᠰᠦᠷᠳᠡᠨ》 ᠮᠦᠷᠳᠡᠬᠡᠨ 《ᠲᠡᠭᠦᠰ ᠴᠢᠳᠠᠪᠦᠷᠢᠳᠡᠨ》 ᠮᠦᠨ᠃ ᠠᠩᠬᠢ ᠵᠢᠨ ᠠ᠋ᠷᠬᠢᠯᠡᠭᠴᠢ ᠵᠢᠨ ᠦᠢ᠍ᠯᠡ ᠬᠦᠳᠡᠯᠦᠯ᠎ᠨᠢ ᠰᠤᠷᠤᠭᠴᠢᠳ᠎ᠢ ᠰᠢᠭᠤᠳ ᠨᠦᠯᠦᠬᠡᠯᠡᠳᠡᠭ ᠤᠴᠢᠷ᠎ᠠᠴᠠ ᠠᠨᠭ᠌ᠬᠢ ᠵᠢᠨ ᠠ᠋ᠷᠬᠢᠯᠡᠭᠴᠢ ᠠ᠋ᠷᠭᠡᠪᠰᠢ ᠲᠡᠯᠬᠡᠷ ᠮᠡᠳᠡᠯᠬᠡ᠂ ᠦᠨᠳᠤᠷ ᠬᠡᠪ ᠪᠣᠯᠪᠠᠰᠣᠷᠠᠯ᠂ ᠬᠦᠯᠢᠴᠡᠩᠬᠦᠢ ᠣᠪᠣᠷ᠂ ᠬᠠᠶ᠋ᠢᠷ᠎ᠠ ᠬᠠᠷᠢᠭᠤᠴᠠᠯᠭ᠎ᠠ ᠵᠡᠷᠬᠡ ᠤᠯᠠᠨ ᠲᠠᠯ᠎ᠠ᠎ᠪᠠᠷ ᠪᠡᠶ᠎ᠠ᠎ᠪᠠᠨ ᠴᠢᠩᠭ᠎ᠠ ᠱᠠᠭ᠋ᠠᠷᠳᠠᠬᠤ ᠭᠡᠷᠡᠭᠳᠠᠢ ᠶᠤᠮ᠃
ᠠᠩᠬᠢ ᠵᠢᠨ ᠠ᠋ᠷᠬᠢᠯᠡᠭᠴᠢ ᠠ᠋ᠷᠬᠡᠪᠰᠢ ᠰᠣᠷᠣᠭᠴᠢᠳ᠎ᠤᠨ ᠰᠡᠳᠬᠢᠯ᠎ᠤᠨ ᠨᠠᠶ᠋ᠢᠵᠠ ᠪᠣᠯᠬᠤ ᠬᠡᠷᠡᠭᠳᠡᠢ᠃ ᠰᠤᠷᠤᠭᠴᠢᠳ᠎ᠢ ᠢᠯᠡᠬᠦᠤ ᠦᠵᠡᠬᠦ᠂ ᠬᠡᠳᠡᠷ ᠲᠤᠭᠰᠢᠨ ᠬᠠᠨᠳᠤᠬᠤ ᠦᠭᠡᠢ ᠪᠠᠢ᠍ᠢ᠍ᠪᠠᠯ ᠵᠤᠬᠢᠨ᠎ᠠ᠃ ᠢᠨᠭ᠌ᠬᠢᠪᠠᠯ ᠰᠠᠶᠢ ᠰᠤᠷᠤᠭᠴᠢᠳ ᠴᠢᠮ᠎ᠠ᠎ᠲᠠᠢ ᠣᠶ᠋ᠢᠷᠠᠳᠴᠣ᠂ ᠦᠪᠡᠷ᠎ᠤᠨ ᠲᠤᠬᠠᠢ᠎ᠪᠠᠨ ᠠ᠋ᠷᠢᠶᠡᠯᠡᠯ ᠦᠬᠡᠢ ᠶᠠᠷᠢᠳᠠᠬ ᠪᠤᠯᠤᠨ᠎ᠠ᠂ ᠠ᠋ᠬᠦᠨ᠎ᠤ ᠤᠯᠠᠮ᠎ᠠᠴᠠ ᠠᠩᠬᠢ ᠵᠢᠨ ᠠ᠋ᠷᠬᠢᠯᠡᠭᠴᠢ᠎ᠨᠢ ᠰᠤᠷᠤᠭᠴᠢᠳ᠎ᠤᠨ ᠲᠣᠳᠣᠭ᠋ᠠᠳᠣ ᠶᠢᠷᠳᠢᠨᠴᠣ ᠵᠢ ᠤᠶ᠋ᠢᠯᠠᠭ᠋ᠠᠨ᠂ ᠪᠤᠳᠠᠳᠠᠢ᠎ᠳᠤᠨᠢ ᠴᠢᠭᠯᠡᠬᠦᠯᠵᠤ ᠵᠢᠭ᠋ᠠᠨ ᠵᠢᠯᠦᠭᠤᠳᠬᠤ᠎ᠨᠢ ᠰᠤᠷᠤᠭᠴᠢᠳ᠎ᠤᠨ ᠪᠡᠶ᠎ᠡ ᠰᠡᠳᠬᠢᠴᠡ ᠵᠢᠨ ᠬᠦᠭᠵᠢᠯᠳᠡ᠎ᠳᠤ ᠠᠰᠢᠭᠳᠠᠢ ᠪᠠᠶ᠋ᠢᠳᠠᠭ᠃ ᠰᠤᠷᠤᠭᠴᠢ × × ᠨᠠᠳᠡ᠎ᠳᠤ ᠠᠪᠤ ᠡᠵᠢ ᠵᠢᠨ ᠵᠶ᠋ᠠᠨ ᠬᠡᠷᠡᠬᠦᠯᠢ ᠦᠷᠬᠦᠯᠵᠢ ᠶᠠᠷᠢᠳᠠᠭ᠂ ᠪᠢ ᠲᠡᠭᠦᠨ᠎ᠳᠤ ᠪᠤᠯᠬᠢ ᠪᠦᠳᠦᠬᠦᠯᠢᠭ ᠦᠬᠡ ᠶᠠᠷᠢᠶ᠎ᠠ ᠵᠢ ᠲᠡᠪᠴᠢᠬᠦ᠂ ᠠᠪᠤ ᠡᠵᠢ᠎ᠪᠠᠨ ᠬᠦᠨᠳᠤᠯᠡᠬᠦ᠂ ᠤᠶ᠋ᠢᠯᠠᠭ᠋ᠠᠬᠤ ᠶᠤᠰᠤᠨᠢ ᠰᠠᠶ᠋ᠢᠳᠤᠷ ᠬᠡᠯᠡᠭᠰᠡᠨ᠎ᠠᠴᠠ ᠲᠡᠷᠡ ᠮᠠᠰᠢ ᠲᠤᠮᠤᠭ᠋ᠠᠳᠠᠢ ᠬᠡᠤᠬᠡᠳ ᠪᠤᠯᠤᠨ ᠬᠦᠮᠦᠵᠢᠭᠰᠡᠨ ᠪᠠᠶ᠋ᠢᠯ᠎ᠠ᠃ ᠨᠢᠬᠡ ᠤᠳᠠᠭ᠎ᠠ ᠡᠵᠢ᠎ᠨᠢ ᠤᠳᠠᠰᠤ ᠢᠷᠡᠵᠤ᠄ 《ᠪᠤᠤ ᠪᠠᠭᠰᠢ ᠡ᠂ ᠲᠠᠨ᠎ᠤ ᠵᠢᠭ᠋ᠠᠨ ᠵᠢᠯᠤᠭᠤᠳᠤᠯᠭ᠎ᠠ ᠲᠤᠤᠷ᠎ᠡ ᠮᠢᠨᠤ ᠬᠡᠤᠬᠡᠨ ᠪᠢᠳᠡᠨ᠎ᠤ ᠬᠡᠷᠡᠬᠦᠯ ᠮᠠᠷᠭᠤᠯᠳᠤᠭ᠋ᠠᠨ᠎ᠤ ᠭᠤᠤᠯ ᠲᠠᠰᠣᠯᠣᠭᠴᠢ ᠪᠤᠯᠵᠠᠢ᠂ ᠲᠡᠷᠡ ᠪᠢᠳᠡᠨ᠎ᠢ ᠪᠤᠯᠪᠡᠰᠤᠨ ᠶᠠᠷᠢᠬᠤ ᠵᠢ ᠱᠠᠭ᠋ᠠᠷᠳᠠᠭᠰᠡᠨᠠᠴᠠ ᠪᠢᠳᠠ ᠪᠤᠯᠬᠢ ᠪᠦᠳᠦᠬᠦᠯᠢᠭ ᠦᠬᠡ ᠵᠠᠷᠤᠬᠤ᠎ᠪᠠᠨ ᠢᠴᠢᠬᠦ ᠪᠤᠯᠤᠭᠰᠡᠨ ᠮᠦᠷᠳᠡᠬᠡᠨ ᠬᠡᠷᠡᠯᠳᠦᠬᠦ ᠴᠤ᠌ ᠪᠠᠭ᠋ᠠᠰᠤᠯᠠ ᠰᠢᠤ!》 ᠬᠡᠵᠡᠢ᠃ ᠠ᠋ᠨᠡ ᠪᠤᠯ ᠮᠢᠨᠤ ᠰᠤᠷᠤᠭᠴᠢᠳ᠎ᠤᠨ ᠵᠶ᠋ᠠᠨ ᠰᠡᠳᠬᠢᠯ᠎ᠤᠨ ᠲᠠᠭ᠋ᠠᠯᠠᠯᠢ ᠤᠯᠵᠤ ᠨᠠᠶ᠋ᠢᠵᠠᠯᠠᠭᠰᠡᠨᠤ ᠨᠢᠭᠡᠨ ᠵᠢᠱ᠌ᠢᠶ᠎ᠡ ᠮᠦᠨ᠃
ᠠᠩᠬᠢ ᠵᠢᠨ ᠠ᠋ᠷᠬᠢᠯᠡᠭᠴᠢ ᠠ᠋ᠷᠬᠡᠪᠰᠢ ᠰᠣᠷᠣᠭᠴᠢᠳ ᠵᠶ᠋ᠠᠨ ᠰᠠᠶ᠋ᠢᠳᠤᠷ ᠤᠶ᠋ᠢᠯᠠᠭ᠋ᠠᠬᠤ ᠬᠡᠷᠡᠭᠳᠡᠢ᠃ ᠠᠩᠬᠢ ᠵᠢᠨ ᠠ᠋ᠷᠬᠢᠯᠡᠭᠴᠢ ᠵᠢᠨ ᠲᠣᠯᠠᠭ᠋ᠠᠬᠠᠨ ᠬᠠᠷᠠᠴᠠ᠂ ᠠ᠋ᠶᠡᠯᠳᠡᠭ ᠶᠠᠷᠢᠶ᠎ᠠ᠂ ᠢᠨᠢᠶᠡᠮᠰᠦᠭ ᠴᠢᠷᠠᠢ᠎ᠨᠢ ᠰᠣᠷᠣᠭᠴᠢᠳ᠎ᠲᠤ ᠬᠡᠴᠢᠨᠡᠬᠡᠨ ᠶᠡᠭᠡ ᠵᠣᠷᠢᠬ᠍ᠵᠢᠭᠤᠯᠣᠯ ᠪᠠ ᠢᠳᠡᠬᠡᠯ ᠤᠯᠭᠤᠬᠤ ᠠᠵᠢ᠃ ᠰᠤᠷᠤᠭᠴᠢ × × ᠪᠤᠯ ᠰᠤᠷᠤᠯᠭ᠎ᠠ ᠠᠨᠠᠢ ᠬᠦᠤ ᠶᠤᠮ᠂ ᠨᠢᠬᠡ ᠤᠳᠠᠭ᠎ᠠ ᠲᠡᠷᠡ ᠰᠠᠮᠪᠠᠷ᠎ᠡ ᠵᠢ ᠴᠡᠪᠡᠷ ᠰᠠᠶ᠋ᠢᠬᠠᠨ ᠵᠦᠯᠬᠦᠭᠰᠡᠨ᠎ᠳᠤ ᠪᠢ ᠲᠡᠭᠦᠨ᠎ᠤ ᠲᠤᠯᠤᠭ᠋ᠠᠢ ᠵᠢ᠎ᠨᠢ ᠢᠯᠪᠢᠵᠤ᠄ 《ᠮᠢᠨᠤ ᠰᠤᠷᠤᠭᠴᠢ ᠬᠦᠳᠡᠯᠮᠦᠷᠢ ᠵᠢᠨ ᠢᠳᠡᠪᠬᠢᠳᠡᠨ᠂ ᠴᠡᠪᠡᠷᠴᠢ ᠬᠡᠤᠬᠡᠳ ᠪᠠᠶ᠋ᠢᠨ᠎ᠠ!》 ᠬᠡᠰᠡᠨ᠎ᠠᠴᠠ ᠰᠡᠬᠦᠯᠡᠷ ᠲᠡᠭᠦᠨ᠎ᠤ ᠰᠤᠷᠤᠯᠭ᠎ᠠ᠎ᠨᠢ ᠮᠡᠳᠡᠭᠳᠡᠬᠦᠶ᠋ᠢᠴᠡ ᠲᠡᠭᠡᠭᠰᠢᠯᠡᠵᠡᠢ᠃ ᠲᠡᠬᠦᠨ᠎ᠢ ᠬᠦᠳᠡᠯᠮᠦᠷᠢ ᠵᠢᠨ ᠬᠡᠰᠢᠬᠦᠨ ᠪᠤᠯᠭ᠋ᠠᠭᠰᠡᠨ᠎ᠳᠤ ᠬᠤᠭᠤᠴᠠᠭ᠋ᠠᠨ ᠡᠴᠤᠰ᠎ᠤᠨ ᠰᠤᠷᠤᠯᠭ᠎ᠠ ᠵᠢᠨ ᠬᠢᠷᠢ ᠪᠦᠳᠤᠮᠵᠢ᠎ᠨᠢ ᠠᠩᠬᠢ ᠵᠢᠨ ᠠ᠋ᠮᠤᠨ᠎ᠠ ᠬᠤᠷᠢ᠎ᠳᠤ ᠤᠷᠤᠭᠰᠠᠨ ᠪᠠᠢ᠍ᠢ᠍ᠨ᠎ᠠ᠃ ᠠ᠋ᠨᠡ᠎ᠨᠢ ᠲᠠᠷᠤᠢ ᠰᠤᠷᠤᠭᠴᠢ × × ᠵᠢᠨ ᠲᠠᠪᠰᠢᠬᠤ ᠵᠤᠷᠢᠭ᠎ᠢ ᠪᠢ ᠰᠠᠶ᠋ᠢᠳᠤᠷ ᠤᠶ᠋ᠢᠯᠠᠭ᠋ᠠᠭᠰᠡᠨᠳᠤ ᠪᠠᠶ᠋ᠢᠭ᠎ᠠ ᠶᠤᠮ᠃
ᠤᠳᠤ ᠪᠢ ᠠᠩᠬᠢ ᠵᠢᠨ ᠠ᠋ᠷᠬᠢᠯᠡᠭᠴᠢ ᠪᠤᠯᠤᠭᠴᠢ ᠬᠡᠷᠬᠢᠨ ᠰᠣᠷᠣᠭᠴᠢᠳ ᠵᠶ᠋ᠠᠨ ᠣᠷᠮᠠᠰᠢᠭᠤᠯᠣᠨ ᠢᠳᠡᠪᠬᠢᠵᠢᠯ᠎ᠢ᠎ᠨᠢ ᠲᠠᠶ᠋ᠢᠴᠢᠯᠠᠭ᠍ᠤ ᠲᠣᠬᠠᠢ ᠦᠪᠡᠷ᠎ᠤᠨ ᠦᠵᠡᠯᠳᠡ᠎ᠪᠠᠨ ᠮᠦᠴᠢᠳᠬᠡᠨ ᠲᠣᠷᠠᠳᠣᠶ᠎ᠠ᠃
ᠨᠢᠬᠡ᠂ ᠦᠬᠡ ᠶᠠᠷᠢᠶ᠎ᠠ᠂ ᠦᠢ᠍ᠯᠡ ᠬᠦᠳᠡᠯᠦᠯ ᠵᠶ᠋ᠠᠷ ᠵᠶ᠋ᠠᠨ ᠰᠣᠷᠣᠭᠴᠢᠳ᠎ᠲᠤ᠎ᠪᠠᠨ ᠲᠠᠭᠤᠷᠢᠶᠠᠯ ᠦᠵᠡᠬᠦᠯᠬᠦ
ᠠᠩᠬᠢ ᠵᠢᠨ ᠠ᠋ᠷᠬᠢᠯᠡᠭᠴᠢ ᠠᠩᠬᠢ ᠵᠢᠨ ᠠᠯᠢ ᠣᠯᠠᠨ ᠣᠴᠢᠷ᠎ᠢ ᠭᠠᠷᠳᠠᠨ ᠰᠢᠢ᠍ᠳᠪᠦᠷᠢᠯᠡᠬᠦ ᠬᠡᠷᠡᠭᠳᠡᠢ᠃ ᠲᠠᠷᠤᠢ ᠰᠤᠷᠤᠭᠴᠢᠳ᠎ᠤᠨ ᠠ᠋ᠳᠤᠷ ᠲᠤᠳᠤᠮ᠎ᠤᠨ ᠮᠠᠰᠢ ᠤᠯᠠᠨ ᠬᠡᠷᠡᠭ ᠶᠠᠪᠤᠳᠡᠯ᠎ᠢ ᠠ᠋ᠮᠬᠢ ᠲᠠᠷᠠᠭ᠎ᠠ᠎ᠲᠠᠢ᠂ ᠴᠢᠨᠠᠷᠯᠢᠭ ᠦᠷ᠎ᠡ ᠳ᠋ᠦᠩ᠎ᠲᠠᠢ᠂ ᠨᠠᠷᠢᠨ ᠨᠢᠮᠪᠠᠢ ᠬᠢᠬᠦ ᠴᠢᠬᠤᠯᠠᠲᠠᠢ ᠪᠠᠶ᠋ᠢᠳᠠᠭ᠃
ᠨᠢᠬᠡᠳᠦᠬᠡᠷ ᠣᠨ᠎ᠤ ᠰᠤᠷᠤᠭᠴᠢᠳ ᠵᠶ᠋ᠠᠷ ᠵᠢᠱ᠌ᠢᠶᠡᠯᠡᠭᠰᠡᠨ ᠴᠤ᠌᠂ ᠠᠩᠬᠢ ᠵᠢᠨ ᠠ᠋ᠷᠬᠢᠯᠡᠭᠴᠢ ᠪᠠᠶᠡᠴᠢᠯᠠᠨ ᠣᠷᠣᠯᠴᠠᠵᠣ᠂ ᠲᠦᠷᠢᠮᠴᠢᠯᠡᠨ ᠦᠵᠡᠬᠦᠯᠵᠦ ᠬᠢᠬᠦ᠎ᠨᠢ ᠦᠷ᠎ᠡ ᠠᠰᠢᠭ ᠦᠨᠳᠤᠷ ᠪᠠᠶ᠋ᠢᠳᠠᠭ᠃ ᠱᠠᠯᠠ ᠱᠦᠬᠦᠷᠳᠡᠬᠦ᠎ᠳᠤ ᠱᠦᠬᠦᠷ ᠵᠶ᠋ᠠᠨ ᠶᠠᠭ᠋ᠠᠬᠢᠵᠤ ᠠᠳᠬᠤᠪᠡᠯ ᠭᠠᠷᠤᠨ ᠬᠦᠴᠦᠨ᠎ᠳᠤ ᠲᠤᠬᠢᠷᠠᠮᠵᠢᠳᠠᠢ᠂ ᠲᠠᠷᠣᠰᠬᠢᠨ ᠱᠦᠬᠦᠷᠳᠡᠬᠦ᠎ᠨᠢ ᠲᠣᠭᠤᠰᠣ ᠪᠣᠳᠠᠷᠠᠭ᠍ᠣᠨᠢ ᠪᠠᠭ᠎ᠠ᠂ ᠰᠠᠮᠪᠠᠷ᠎ᠠ ᠵᠢ ᠠᠯᠴᠢᠭᠤᠷ ᠵᠶ᠋ᠠᠨ ᠨᠣᠷᠠᠭ᠋ᠠᠭ᠋ᠠᠳ ᠵᠦᠯᠬᠦᠪᠡᠯ ᠣ ᠵᠢᠨ ᠪᠢᠷ᠎ᠤᠨ ᠦᠷᠦᠪᠳᠡᠰᠦ ᠪᠣᠳᠠᠷᠠᠭ᠍ᠣ ᠦᠬᠡᠢ᠂ ᠠᠯᠴᠢᠭᠤᠷ ᠵᠶ᠋ᠠᠨ ᠲᠡᠯᠬᠡᠨ ᠰᠠᠮᠪᠠᠷ᠎ᠡ ᠰᠢᠷᠡᠭᠡ ᠠᠷᠴᠢᠬᠤ᠎ᠨᠢ ᠵᠦᠯᠬᠦᠬᠦ ᠲᠠᠯᠠᠪᠠᠢ᠎ᠨᠢ ᠶᠡᠭᠡ᠂ ᠬᠡᠷᠡᠭᠰᠡᠬᠦ ᠴᠠᠭ ᠪᠠᠭ᠎ᠠ᠂ ᠰᠠᠨᠳᠠᠯᠢ ᠲᠡᠭᠡᠷ᠎ᠡ ᠬᠡᠷᠬᠢᠨ ᠯᠠᠪᠳᠠᠭᠤᠨ ᠵᠤᠭᠰᠤᠬᠤ ᠬᠡᠬᠦ ᠮᠡᠳᠤ᠎ᠪᠠᠷ ᠰᠤᠷᠤᠭᠴᠢᠳ᠎ᠲᠤ ᠬᠦᠳᠡᠯᠮᠦᠷᠢ ᠵᠢᠨ ᠠᠷᠭ᠎ᠠ ᠲᠡᠮ᠎ᠢ ᠮᠡᠳᠡᠬᠦᠯᠵᠤ᠂ ᠠᠮᠤᠷ ᠲᠦᠪᠰᠢᠨ᠎ᠢ ᠠᠩᠬᠠᠷᠤᠭᠤᠯᠬᠤ ᠵᠡᠷᠭᠡ᠎ᠪᠠᠷ ᠠᠩᠬᠢ ᠵᠢᠨ ᠠ᠋ᠷᠬᠢᠯᠡᠭᠴᠢ ᠪᠤᠯ ᠭᠠᠭᠴᠠ ᠮᠡᠳᠡᠯᠬᠡ ᠤᠯᠠᠮᠵᠢᠯᠠᠭᠴᠢ ᠪᠢᠰᠢ᠂ ᠪᠠᠰᠠ ᠴᠢᠳᠠᠪᠦᠷᠢ ᠵᠢ ᠤᠯᠠᠮᠵᠢᠯᠠᠭᠴᠢ ᠬᠡᠰᠡᠨ᠎ᠢ ᠮᠡᠳᠡᠬᠦᠯᠦᠨ᠎ᠡ᠃ ᠬᠡᠬᠦ᠎ᠳᠤ᠎ᠪᠠᠨ ᠪᠠᠭᠰᠢ ᠨᠠᠷ ᠦᠪᠠᠷ᠎ᠤᠨ ᠶᠠᠪᠤᠵᠤ ᠰᠠᠭᠤᠬᠤ᠂ ᠭᠦᠳᠠᠯᠵᠤ ᠪᠠᠷᠢᠬᠤ ᠵᠢᠴᠢ ᠠᠵᠢᠯᠯᠠᠭ᠍ᠤ ᠰᠢᠷᠡᠬᠡᠨᠤ ᠬᠤᠷᠭᠤ᠎ᠪᠠᠨ ᠠ᠋ᠮᠬᠢᠯᠡᠬᠦ᠂ ᠲᠡᠪᠳᠡᠷ ᠨᠣᠮ ᠵᠶ᠋ᠠᠨ ᠲᠡᠭᠰᠢᠯᠡᠬᠦ᠂ ᠤ ᠵᠢᠨ ᠪᠢᠷ ᠵᠶ᠋ᠠᠨ ᠬᠠᠶ᠋ᠢᠷᠠᠯᠠᠭ᠍ᠤ᠂ ᠫᠧᠩᠰᠡ᠎ᠲᠠᠢ ᠴᠡᠴᠡᠭ᠎ᠢ ᠨᠠᠷᠢᠨ ᠬᠢᠨᠠᠮᠠᠭ᠋ᠠᠢ ᠤᠰᠤᠯᠠᠨ ᠠᠷᠠᠴᠢᠯᠠᠭ᠍ᠣᠨᠢ ᠴᠤ᠌ ᠰᠤᠷᠤᠭᠴᠢᠳ᠎ᠲᠤ ᠠᠵᠢᠯᠴᠢ ᠪᠤᠷᠤᠭᠵᠢᠭᠤᠨ ᠬᠢᠬᠡᠳ ᠭᠤᠸ᠎ᠠ ᠰᠠᠶ᠋ᠢᠬᠠᠨ᠎ᠤ ᠬᠦᠮᠦᠵᠢᠯ᠎ᠢ ᠲᠠᠮ ᠵᠶ᠋ᠠᠷ ᠬᠦᠷᠳᠡᠭᠡᠭᠰᠡᠨ ᠶᠠᠪᠤᠳᠠᠯ ᠪᠤᠯᠤᠨ᠎ᠠ᠃ ᠠᠩᠬᠢ ᠵᠢᠨ ᠬᠡᠷ᠎ᠤᠨ ᠴᠡᠪᠡᠷ ᠲᠡᠭᠰᠢ ᠵᠢ ᠱᠠᠭ᠋ᠠᠷᠳᠠᠭ᠍ᠤ᠎ᠨᠢ ᠰᠣᠷᠣᠭᠴᠢᠳ᠎ᠲᠤ᠎ᠪᠠᠨ ᠦᠪᠡᠷ᠎ᠤᠨ ᠠᠮᠢᠳᠣᠷᠠᠭ᠍ᠣ᠂ ᠰᠣᠷᠣᠯᠴᠠᠭ᠍ᠣ ᠣᠷᠴᠢᠨ ᠵᠶ᠋ᠠᠨ ᠠᠷᠢᠭᠤᠨ ᠴᠡᠪᠡᠷ ᠪᠠᠶ᠋ᠢᠯᠭ᠋ᠠᠬᠤ ᠵᠢ ᠮᠡᠳᠡᠬᠦᠯᠦᠭᠰᠡᠨ ᠬᠡᠷᠡᠭ ᠪᠤᠯᠬᠤ ᠪᠦᠬᠡᠳ ᠠᠷᠢᠭᠤᠨ ᠴᠡᠪᠡᠷ᠎ᠢ ᠠ᠋ᠷᠬᠢᠮᠯᠡᠬᠦ ᠵᠢᠨ ᠴᠢᠬᠤᠯᠠ ᠴᠢᠨᠡᠷ᠎ᠢ ᠤᠶ᠋ᠢᠯᠠᠭ᠋ᠠᠭᠤᠯᠤᠭᠰᠡᠨ ᠶᠠᠪᠤᠳᠡᠯ ᠪᠤᠯᠬᠤ ᠶᠤᠮ᠃
ᠪᠠᠭᠰᠢ ᠵᠢᠨ ᠲᠠᠭᠤᠨ᠎ᠤ ᠠ᠋ᠷᠬᠦᠯᠳᠡ ᠲᠠᠷᠣᠯᠳᠠ ᠵᠢᠴᠢ ᠦᠩᠬᠡ ᠵᠢᠨ ᠬᠤᠪᠢᠷᠡᠯ᠎ᠨᠢ ᠰᠣᠷᠣᠭᠴᠢ ᠵᠢᠨ ᠠᠰᠠᠭᠤᠯᠳᠠ ᠬᠠᠷᠢᠭᠤᠯᠬᠤ ᠦᠷ᠎ᠡ ᠳ᠋ᠦᠩ᠎ᠢ ᠰᠢᠭᠤᠳ ᠨᠦᠯᠦᠬᠡᠯᠡᠳᠡᠭ᠃ ᠪᠠᠭᠰᠢ ᠵᠢᠨ ᠨᠠᠮᠤᠭᠤᠬᠠᠨ ᠵᠦᠬᠡᠯᠡᠨ ᠬᠡᠯᠡᠬᠦ᠎ᠨᠢ ᠰᠤᠷᠤᠭᠴᠢᠳ᠎ᠢ ᠵᠣᠷᠢᠭᠳᠠᠢ ᠪᠤᠯᠭ᠋ᠠᠵᠤ᠂ ᠵᠠᠩᠳᠤᠷᠴᠤ ᠲᠤᠭᠳᠤᠷᠬᠤ᠂ ᠰᠢᠬᠠᠮᠳᠠᠭᠤᠯᠤᠨ ᠪᠠᠷᠬᠢᠷᠠᠭ᠍ᠤᠨᠢ ᠠᠶᠤᠩᠭᠤᠷᠢ ᠲᠦᠷᠦᠭᠳᠡᠬᠦᠯᠵᠤ᠂ ᠠ᠋ᠷᠴᠢ ᠵᠤᠷᠢᠭ᠎ᠤᠨ ᠠ᠋ᠷᠴᠢᠮ᠎ᠢ ᠠᠯᠳᠠᠷᠠᠭ᠋ᠠᠬᠤ᠎ᠳᠤ ᠭᠦᠷᠦᠭᠦᠯᠳᠡᠭ᠃ ᠪᠠᠭᠰᠢ ᠵᠢᠨ ᠠ᠋ᠶᠡᠯᠳᠡᠭ ᠬᠠᠷᠠᠴᠠ᠂ ᠵᠦᠬᠡᠯᠡᠨ ᠠᠶᠠᠯᠭᠤ᠎ᠨᠢ ᠰᠤᠷᠤᠭᠴᠢᠳ᠎ᠤᠨ ᠣᠷᠮ᠎ᠠ ᠢᠳᠡᠬᠡᠯ᠎ᠢ ᠲᠠᠶ᠋ᠢᠴᠢᠯᠠᠵᠣ ᠴᠢᠳᠠᠳᠠᠬ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠪᠡᠶ᠎ᠡ᠎ᠳᠤ᠎ᠪᠠᠨ ᠦᠨᠳᠤᠷ ᠱᠠᠭ᠋ᠠᠷᠳᠠᠯᠭ᠎ᠠ ᠲᠠᠯᠪᠢᠵᠤ ᠪᠠᠶ᠋ᠢᠬᠤ ᠬᠡᠷᠡᠭᠳᠡᠢ᠃ × × ᠪᠤᠯ ᠲᠤᠭ᠋ᠠᠨ᠎ᠤ ᠬᠢᠷᠢ ᠪᠦᠳᠦᠮᠵᠢ ᠠᠨᠠᠶ᠋ᠢᠬᠠᠨ ᠰᠤᠷᠤᠭᠴᠢ ᠴᠤ᠌ ᠮᠠᠰᠢ ᠴᠤᠪᠤᠭᠤᠯᠢᠭ ᠬᠡᠤᠬᠡᠳ ᠶᠤᠮ᠂ ᠪᠢ ᠨᠢᠬᠡ ᠤᠳᠠᠭ᠎ᠠ ᠲᠡᠭᠦᠨ᠎ᠳᠤ ᠨᠢᠬᠡᠨᠳᠡ ᠰᠤᠷᠤᠭᠰᠡᠨ ᠲᠤᠭ᠋ᠠᠨ᠎ᠤ ᠬᠢᠴᠢᠶᠡᠯ᠎ᠢ᠎ᠨᠢ ᠵᠢᠯᠦᠭᠤᠳᠤᠭᠰᠡᠨᠤ ᠲᠠᠷᠠᠭ᠎ᠠ ᠲᠡᠭᠦᠨ ᠵᠶ᠋ᠠᠷ ᠪᠤᠯᠪᠡᠰᠤᠷᠡᠯ ᠬᠢᠯᠬᠡᠭᠰᠡᠨ᠎ᠳᠤ ᠪᠦᠷ ᠴᠢᠳᠠᠭᠰᠡᠨ ᠪᠠᠶ᠋ᠢᠯ᠎ᠠ᠃ ᠪᠢ ᠭᠠᠶ᠋ᠢᠬᠠᠵᠤ᠄ 《ᠲᠠ ᠠ᠋ᠶ᠋ᠢᠮᠦ ᠬᠤᠷᠴᠡ ᠰᠡᠷᠬᠡᠢ ᠪᠠᠶ᠋ᠢᠳᠠᠯ᠎ᠠ ᠶᠠᠭ᠋ᠠᠬᠢᠭ᠋ᠠᠳ ᠲᠤᠭ᠋ᠠᠨ᠎ᠤ ᠬᠢᠷᠢ ᠪᠦᠳᠦᠮᠵᠢ ᠴᠢᠨᠢ ᠠᠨᠠᠶ᠋ᠢᠬᠠᠨ ᠪᠠᠶ᠋ᠢᠭ᠎ᠠ ᠪᠤᠢ?》 ᠬᠡᠰᠡᠨ᠎ᠳᠤ ᠲᠡᠷᠡ ᠬᠡᠰᠡᠭ ᠤᠳᠠᠭ᠋ᠠᠳ᠄ 《ᠪᠠᠭᠰᠢ᠎ᠠᠴᠠ ᠠᠶᠤᠭ᠋ᠠᠳ ᠬᠢᠴᠢᠶᠡᠯᠯᠡᠭᠡ᠎ᠳᠤ ᠠᠩᠬᠠᠷᠤᠯ ᠲᠦᠪᠯᠡᠷᠡᠵᠤ ᠦᠭᠬᠦ ᠦᠬᠡᠢ!》 ᠬᠡᠵᠡᠢ᠃ ᠪᠢ᠄ 《ᠬᠡᠷᠪᠡ ᠪᠢ ᠲᠠ ᠪᠤᠯᠤᠭᠰᠡᠨ ᠪᠤᠯ ᠲᠤᠭ᠋ᠠᠨ᠎ᠤ ᠬᠢᠴᠢᠶᠡᠯ᠎ᠳᠤ ᠢᠩᠬᠢᠵᠤ ᠰᠤᠨᠤᠰᠤᠨ᠎ᠠ᠂ ᠪᠤᠯᠪᠡᠰᠤᠷᠡᠯ ᠵᠶ᠋ᠠᠨ ᠢᠩᠬᠢᠵᠤ ᠬᠢᠨ᠎ᠡ ᠁》 ᠬᠡᠬᠦ ᠮᠡᠳᠤ ᠲᠦᠷᠰᠦᠯᠡᠨ ᠶᠠᠷᠢᠬᠤ ᠵᠢᠨ ᠬᠠᠮᠳᠤ ᠵᠤᠷᠢᠭ᠎ᠢ᠎ᠨᠢ ᠬᠦᠪᠴᠢᠯᠡᠵᠤ᠂ ᠲᠤᠭ᠋ᠠᠨ᠎ᠤ ᠪᠠᠭᠰᠢ᠎ᠲᠠᠢ᠎ᠨᠢ ᠰᠠᠨᠠᠯ ᠵᠶ᠋ᠠᠨ ᠰᠤᠯᠢᠯᠴᠠᠭᠰᠡᠨᠤ ᠰᠡᠬᠦᠯᠡᠷ × ×ᠤᠨ ᠲᠤᠭ᠋ᠠᠨ᠎ᠤ ᠬᠢᠷᠢ ᠪᠦᠳᠤᠮᠵᠢ ᠮᠡᠳᠡᠭᠳᠡᠮ᠎ᠡ ᠲᠦᠷᠬᠡᠨ ᠲᠡᠭᠡᠭᠰᠢᠯᠡᠵᠡᠢ᠃
ᠬᠤᠶᠠᠷ᠂ ᠰᠣᠷᠣᠭᠴᠢᠳ ᠵᠶ᠋ᠠᠨ ᠴᠠᠭ ᠲᠣᠬᠠᠢᠳᠤᠨᠢ ᠣᠷᠮᠠᠰᠢᠭᠤᠯᠣᠨ ᠵᠣᠷᠢᠬ᠍ᠵᠢᠭᠤᠯᠬᠤ
ᠠᠩᠬᠢ ᠵᠢᠨ ᠠ᠋ᠷᠬᠢᠯᠡᠭᠴᠢ ᠪᠣᠯᠣᠭᠰᠠᠳ ᠰᠣᠷᠣᠭᠴᠢᠳ᠎ᠤᠨ ᠵᠶ᠋ᠠᠨ ᠨᠠᠷᠠᠨ ᠲᠠᠯ᠎ᠠ — ᠲᠠᠪᠠᠭᠤᠯᠢᠭ ᠵᠦᠢ᠍ᠯ᠎ᠢ ᠠᠵᠢᠨ ᠰᠡᠷᠡᠵᠦ ᠴᠠᠭ ᠢᠮᠠᠭᠳᠠ ᠣᠷᠮᠠᠰᠢᠭᠤᠯᠣᠨ ᠵᠣᠷᠢᠬ᠍ᠵᠢᠭᠤᠯᠵᠣ ᠪᠠᠶ᠋ᠢᠪᠠᠯ ᠰᠤᠷᠤᠭᠴᠢᠳ ᠰᠠᠶᠢ ᠪᠠᠶ᠎ᠠ᠎ᠳᠤ᠎ᠪᠠᠨ ᠢᠳᠡᠬᠡᠯ᠎ᠲᠠᠢ᠂ ᠦᠬᠡᠳᠡᠷᠬᠡᠭ ᠪᠣᠳᠣᠯ᠎ᠲᠠᠢ᠂ ᠴᠢᠯᠦᠬᠡᠳᠡᠢ ᠰᠡᠳᠬᠢᠵᠦ᠂ ᠵᠣᠷᠢᠭᠳᠠᠢ ᠶᠠᠷᠢᠬᠤ᠂ ᠪᠠᠶᠠᠰᠤᠩᠭᠤᠢ ᠢᠳᠡᠪᠬᠢᠳᠡᠨ ᠪᠣᠯᠵᠣ ᠬᠦᠮᠦᠵᠢᠭᠳᠡᠳᠡᠭ᠃
ᠴᠦᠬᠡᠨ ᠲᠣᠭ᠋ᠠᠨ᠎ᠤ ᠪᠠᠭᠰᠢ ᠰᠢᠬᠦᠭᠴᠢ ᠵᠢᠨ ᠣᠪᠣᠷ ᠵᠶ᠋ᠠᠷ ᠰᠤᠷᠤᠭᠴᠢᠳ᠎ᠲᠤ᠎ᠪᠠᠨ ᠬᠠᠨᠳᠣᠵᠣ᠂ ᠲᠡᠳᠡᠨ᠎ᠢ ᠶᠠᠭᠤ ᠶᠠᠭ᠋ᠠᠬᠢᠬᠤ᠎ᠪᠠᠨ ᠮᠡᠳᠡᠬᠦ ᠦᠬᠡᠢ ᠪᠣᠯᠭ᠋ᠠᠳᠠᠭ᠂ ᠰᠤᠷᠤᠭᠴᠢᠳ ᠵᠶ᠋ᠠᠨ ᠠᠶᠠᠨᠳᠠᠭ᠋ᠠᠨ ᠪᠡᠶ᠎ᠠ᠎ᠠᠴᠠ ᠬᠦᠨᠳᠡᠶ᠋ᠢᠷᠡᠬᠦᠯᠵᠤ ᠤᠷᠬᠢᠳᠠᠭ᠃ ᠰᠤᠷᠤᠭᠴᠢᠳ᠎ᠲᠠᠢ᠎ᠪᠠᠨ ᠢᠯᠡᠬᠦᠦ ᠬᠠᠷᠢᠴᠠᠵᠣ᠂ ᠲᠣᠳᠣᠭ᠋ᠠᠳᠣ ᠰᠡᠳᠬᠢᠯ᠎ᠢ᠎ᠨᠢ ᠢᠯᠡᠬᠦᠦ ᠠᠩᠬᠠᠷᠣᠨ᠂ ᠰᠠᠨᠠᠯ ᠪᠣᠳᠣᠯ ᠵᠶ᠋ᠠᠨ ᠴᠢᠯᠦᠬᠡᠳᠡᠢ ᠶᠠᠷᠢᠯᠴᠠᠭ᠍ᠣᠨᠢ ᠰᠤᠷᠤᠭᠴᠢᠳ᠎ᠤᠨ ᠠ᠋ᠷᠡᠬᠦᠯ ᠮᠡᠨᠳᠤ᠎ᠪᠠᠷ ᠦᠰᠦᠨ ᠪᠤᠶ᠋ᠢᠵᠢᠬᠤ᠎ᠳᠤ ᠮᠠᠰᠢ ᠴᠢᠬᠤᠯᠠ᠃ ᠬᠡᠷ᠎ᠤᠨ ᠠᠬᠠᠮᠡᠳ ᠪᠤᠶᠤ ᠪᠠᠭᠰᠢ ᠦᠷᠦᠬᠡᠰᠦᠯ ᠵᠶ᠋ᠠᠷ ᠱᠠᠭ᠋ᠠᠷᠳᠠᠭ᠍ᠤ᠂ ᠦᠪᠡᠷ᠎ᠤᠨ ᠵᠠᠭᠪᠣᠷ ᠵᠶ᠋ᠠᠷ ᠬᠡᠦᠬᠡᠳ ᠵᠶ᠋ᠠᠨ ᠲᠤᠮᠢᠶᠠᠯᠠᠭ᠍ᠤᠨᠢ ᠴᠦᠮ ᠭᠡᠳᠡᠷᠭᠦ ᠦᠢ᠍ᠯᠡᠳᠦᠯ ᠭᠠᠷᠭ᠋ᠠᠵᠣ ᠮᠡᠳᠡᠨ᠎ᠡ᠃ ᠰᠤᠷᠤᠭᠴᠢᠳ ᠵᠶ᠋ᠠᠨ ᠣᠶ᠋ᠢᠯᠠᠭ᠋ᠠᠵᠣ᠂ ᠴᠠᠭ ᠲᠤᠬᠠᠢᠳᠤᠨᠢ ᠤᠷᠮᠠᠰᠢᠭᠤᠯᠤᠨ ᠵᠣᠷᠢᠬ᠍ᠵᠢᠭᠤᠯᠬᠤ᠎ᠨᠢ ᠠᠮᠵᠢᠯᠳᠠ᠎ᠳᠤ ᠬᠦᠷᠬᠦ ᠵᠢᠨ ᠤᠷᠢᠳᠡᠯ ᠮᠦᠨ᠃
《ᠴᠡᠴᠡᠭ ᠨᠢᠬᠡ ᠪᠦᠷᠢ ᠲᠡᠯᠬᠡᠷᠡᠬᠦ ᠴᠠᠭ᠎ᠨᠢ ᠠᠳᠠᠯᠢ ᠦᠬᠡᠢ᠂ ᠴᠠᠭ᠎ᠨᠢ ᠲᠤᠯᠪᠠᠰᠤ ᠴᠡᠴᠡᠭ ᠪᠦᠬᠦᠨ ᠠᠶᠠᠨᠳᠠᠭ᠋ᠠᠨ ᠲᠡᠯᠬᠡᠷᠡᠮᠤᠢ》 ᠬᠡᠳᠡᠭᠴᠢᠯᠠᠨ ᠪᠠᠭᠰᠢ ᠪᠤᠯᠤᠭᠰᠡᠳ ᠰᠤᠷᠤᠭᠴᠢ ᠪᠤᠯᠭ᠋ᠠᠨ᠎ᠤ ᠬᠦᠯᠢᠶᠡᠨ ᠠᠪᠬᠤ ᠴᠢᠳᠠᠪᠦᠷᠢ᠎ᠨᠢ ᠠᠳᠠᠯᠢ ᠪᠣᠰᠣ᠂ ᠴᠡᠬᠡᠵᠢᠯᠡᠨ ᠲᠤᠭᠳᠠᠭ᠋ᠠᠬᠤ ᠬᠤᠷᠳᠤᠴᠡ᠎ᠨᠢ ᠠᠳᠠᠯᠢ ᠪᠣᠰᠣ᠂ ᠪᠡᠶᠡᠯᠡᠬᠦᠯᠬᠦ ᠬᠤᠭᠤᠴᠠᠭ᠎ᠠ᠎ᠨᠢ ᠠᠳᠠᠯᠢ ᠪᠣᠰᠣ ᠪᠤᠯᠬᠤᠷ ᠨᠢᠬᠡᠯᠡᠬᠡᠨ ᠬᠡᠮᠵᠢᠬᠦᠷ ᠵᠶ᠋ᠠᠷ ᠬᠡᠮᠵᠢᠬᠦ᠎ᠨᠢ ᠰᠤᠷᠤᠭᠴᠢᠳ᠎ᠤᠨ ᠦᠪᠡᠷᠮᠢᠴᠡ ᠣᠨᠴᠠᠯᠢᠭ᠎ᠢ ᠪᠠᠳᠠᠷᠠᠭᠤᠯᠬᠤ᠎ᠳᠤ ᠵᠣᠬᠢᠰ ᠦᠬᠡᠢ ᠬᠡᠳᠡᠭ᠎ᠢ ᠮᠡᠳᠡᠵᠤ᠂ ᠠᠳᠠᠯᠢ ᠪᠣᠰᠣ ᠰᠣᠷᠣᠭᠴᠢ᠎ᠳᠤ ᠠᠳᠠᠯᠢ ᠪᠣᠰᠣ ᠱᠠᠭ᠋ᠠᠷᠳᠠᠯᠭ᠎ᠠ ᠲᠠᠯᠪᠢᠵᠣ ᠰᠤᠷᠤᠭᠴᠢ ᠪᠣᠯᠭ᠋ᠠᠨ ᠣᠯᠣᠯᠳᠠ᠎ᠲᠠᠢ᠂ ᠲᠠᠪᠰᠢᠯᠳᠠ᠎ᠲᠠᠢ ᠪᠠᠶ᠋ᠢᠬᠤ ᠵᠢ ᠬᠦᠨᠳᠤᠳᠬᠡᠨᠡ᠃ ᠬᠡᠦᠬᠡᠳ᠎ᠤᠨ ᠵᠣᠷᠢᠭ ᠮᠣᠬᠤᠬᠤ᠂ ᠪᠠᠶ᠎ᠠ᠎ᠪᠠᠨ ᠭᠤᠯᠤᠬᠤ᠂ ᠢᠳᠡᠪᠬᠢᠵᠢᠯ ᠮᠠᠭᠤᠳᠠᠭ᠍ᠤ ᠦᠵᠡᠭᠳᠡᠯ᠎ᠠᠴᠠ ᠵᠠᠶ᠋ᠢᠯᠠᠰᠬᠢᠬᠤ ᠬᠡᠷᠡᠭᠳᠡᠢ᠃ ᠵᠢᠱ᠌ᠢᠶᠡᠯᠡᠪᠡᠯ᠂ ᠪᠢᠳᠡ ᠠᠳᠠᠯᠢ ᠪᠣᠰᠣ ᠰᠤᠷᠤᠭᠴᠢ᠎ᠳᠤ ᠠᠳᠠᠯᠢ ᠪᠣᠰᠣ ᠲᠡᠭᠳᠡᠷᠯᠢᠭ ᠴᠢᠨᠠᠷᠳᠤ ᠲᠠᠰᠬᠠᠯ ᠲᠣᠬᠢᠷᠠᠭᠤᠯᠵᠣ᠂ ᠲᠠᠪᠰᠢᠯᠳᠠ᠎ᠲᠠᠢ᠎ᠳᠤᠨᠢ ᠴᠡᠴᠡᠭ ᠵᠡᠬᠦᠯᠬᠡᠬᠦ ᠪᠣᠶᠣ ᠣᠳᠣᠨ ᠱᠠᠩᠨᠠᠭ᠍ᠣ ᠬᠡᠯᠪᠡᠷᠢ᠎ᠪᠠᠷ ᠤᠷᠮᠠᠰᠢᠭᠤᠯᠤᠨ᠎ᠠ᠃ ᠲᠣᠮᠳᠠ ᠵᠢᠨ ᠰᠣᠷᠣᠭᠴᠢ ᠪᠣᠶᠣ ᠰᠢᠯᠢᠳᠡᠭ ᠰᠣᠷᠣᠭᠴᠢ᠎ᠳᠤ ᠪᠦᠷᠢᠨ ᠵᠦᠪ ᠲᠦᠷᠢᠮᠵᠢᠬᠦᠨ ᠬᠢᠬᠦ ᠵᠢ ᠴᠢᠬᠤᠯᠠᠴᠢᠯᠠᠵᠣ᠂ ᠣᠷᠣᠯᠳᠣᠭ᠋ᠠᠨ ᠵᠠᠷᠯᠠᠭ᠍ᠣ ᠬᠡᠯᠪᠡᠷᠢ᠎ᠪᠠᠷ ᠢᠳᠡᠪᠬᠢᠵᠢᠯ᠎ᠢ᠎ᠨᠢ ᠬᠦᠭᠵᠢᠬᠡᠨ᠎ᠡ᠃ ᠵᠦᠪ᠂ ᠲᠦᠷᠬᠡᠨ᠂ ᠲᠦᠷᠢᠮᠵᠢᠬᠦᠨ᠂ ᠪᠠᠷᠢᠮᠵᠢᠶ᠎ᠠ ᠬᠢᠭᠰᠡᠳ᠎ᠢ ᠰᠠᠶ᠋ᠢᠰᠢᠶᠠᠵᠤ᠂ ᠪᠤᠰᠤᠳ᠎ᠢ᠎ᠨᠢ ᠵᠢᠭ᠋ᠠᠬᠠᠨ ᠤᠯᠤᠯᠳᠡ᠎ᠲᠠᠢ ᠪᠤᠯ ᠵᠤᠷᠢᠬ᠍ᠵᠢᠭᠤᠯᠤᠨ᠎ᠠ᠃
ᠰᠤᠷᠤᠭᠴᠢ × × ᠪᠤᠯ ᠰᠢᠯᠢᠳᠡᠭ ᠰᠤᠷᠤᠯᠭ᠋ᠠᠳᠡᠨ ᠮᠦᠨ᠂ ᠬᠡᠪᠡᠴᠤ ᠨᠢᠬᠡ ᠤᠳᠠᠭ᠋ᠠᠨ᠎ᠤ ᠮᠤᠩᠭᠤᠯ ᠬᠡᠯᠡᠨ᠎ᠤ ᠰᠢᠯᠭ᠋ᠠᠯᠳᠡ᠎ᠳᠤ ᠬᠠᠨᠣᠮᠵᠢ ᠦᠬᠡᠢ ᠰᠢᠯᠭ᠋ᠠᠵᠤ ᠶᠡᠬᠡᠬᠡᠨ ᠲᠤᠷ᠎ᠡ ᠭᠤᠳᠤᠭᠰᠡᠨ ᠪᠠᠶ᠋ᠢᠯ᠎ᠠ᠃ ᠪᠢ ᠲᠡᠭᠦᠨ᠎ᠳᠤ᠄ 《ᠲᠠᠨ᠎ᠤ ᠠ᠋ᠮᠡᠭᠡ ᠦᠩᠬᠡᠷᠡᠭᠡᠳ ᠬᠡᠳᠤᠨ ᠠ᠋ᠳᠤᠷ ᠰᠠᠭ᠋ᠠᠳᠠᠭᠰᠡᠨ ᠪᠤᠯᠬᠤᠷ ᠬᠡᠳᠤᠨ ᠠ᠋ᠳᠤᠷ᠎ᠤᠨ ᠬᠢᠴᠢᠶᠡᠯ ᠬᠤᠴᠤᠷᠤᠭᠰᠡᠨ ᠲᠡᠳᠤᠢ᠂ ᠪᠠᠭᠰᠢ᠎ᠨᠢ ᠴᠢᠮ᠎ᠠ᠎ᠳᠤ ᠨᠦᠬᠦᠵᠤ ᠦᠭᠬᠦᠶ᠎ᠡ᠂ ᠲᠠ ᠴᠢᠷᠮᠠᠶ᠋ᠢᠪᠡᠯ ᠪᠠᠰᠠ ᠯᠡ ᠰᠢᠯᠢᠳᠡᠭ ᠰᠤᠷᠤᠯᠭ᠋ᠠᠳᠡᠨ ᠪᠤᠯᠵᠤ ᠪᠤᠯᠤᠨ᠎ᠡ ᠰᠢᠤ!》 ᠬᠡᠵᠤ ᠬᠠᠪᠰᠤᠷᠤᠭᠰᠡᠨᠠᠴᠠ ᠲᠡᠷᠡ ᠰᠤᠷᠤᠯᠭ᠎ᠠ᠎ᠳᠤ᠎ᠪᠠᠨ ᠬᠤᠰᠢᠭᠤᠷᠡᠵᠤ ᠭᠠᠷᠣᠭᠰᠠᠨ ᠪᠠᠶ᠋ᠢᠯ᠎ᠠ᠃ ᠠ᠋ᠨᠡ ᠪᠤᠯ ᠰᠤᠷᠤᠭᠴᠢ ᠵᠢ ᠴᠠᠭ ᠲᠤᠬᠠᠢᠳᠤᠨᠢ ᠠᠵᠢᠵᠤ᠂ ᠪᠠᠶ᠋ᠢᠳᠡᠯ᠎ᠳᠤᠨᠢ ᠲᠤᠬᠢᠷᠠᠭᠤᠯᠤᠨ ᠵᠤᠷᠢᠬ᠍ᠵᠢᠭᠤᠯᠤᠭᠰᠡᠨᠠᠴᠠ ᠪᠤᠯᠤᠭᠰᠡᠨ ᠶᠤᠮ᠃
ᠠᠩᠬᠢ ᠵᠢᠨ ᠠ᠋ᠷᠬᠢᠯᠡᠭᠴᠢ ᠪᠤᠯᠤᠭᠰᠠᠳ ᠰᠤᠷᠤᠭᠴᠢ ᠨᠢᠭᠡ ᠪᠦᠷᠢ ᠵᠢᠨ ᠲᠠᠪᠠᠭᠤᠯᠢᠭ ᠲᠠᠯ᠎ᠠ ᠵᠢ ᠤᠯᠵᠤ ᠬᠠᠷᠠᠭ᠍ᠤ ᠮᠦᠷᠳᠡᠬᠡᠨ ᠪᠠᠳᠠᠷᠠᠭᠤᠯᠵᠤ᠂ ᠰᠤᠷᠤᠯᠴᠠᠭ᠍ᠤ ᠢᠳᠡᠪᠬᠢᠵᠢᠯ᠎ᠢ᠎ᠨᠢ ᠲᠠᠶ᠋ᠢᠴᠢᠯᠡᠵᠦ ᠴᠢᠳᠠᠪᠡᠯ ᠰᠠᠶᠢ ᠲᠠᠳᠠᠨ᠎ᠢ ᠵᠤᠷᠢᠬᠳᠡᠢ᠂ ᠢᠳᠡᠬᠡᠯ᠎ᠲᠠᠢ᠂ ᠴᠢᠯᠦᠬᠡᠳᠡᠢ ᠰᠡᠳᠬᠢᠬᠦ ᠲᠠᠳᠬᠠᠯ᠎ᠲᠠᠢ ᠪᠤᠯᠭ᠋ᠠᠵᠤ ᠲᠡᠶ᠋ᠢᠯᠦᠨ᠎ᠡ᠃
ᠭᠤᠷᠪᠠ᠂ ᠰᠣᠷᠣᠭᠴᠢᠳ ᠵᠶ᠋ᠠᠨ ᠲᠠᠭ᠋ᠠᠭᠤᠯᠣᠨ ᠠᠵᠢᠯ ᠬᠦᠳᠡᠯᠮᠦᠷᠢ᠎ᠳᠤ ᠪᠡᠶᠡᠴᠢᠯᠠᠨ ᠣᠷᠣᠯᠴᠠᠭ᠍ᠣ
ᠬᠦᠳᠡᠯᠮᠦᠷᠢ ᠵᠢᠨ ᠪᠠᠶᠠᠷ ᠪᠠᠭ᠍ᠠᠳᠣᠯ᠎ᠢ ᠠ᠋ᠳ᠋ᠯᠡᠭᠦᠯᠵᠦ᠂ ᠬᠦᠳᠡᠯᠮᠦᠷᠢ ᠵᠢ ᠬᠦᠨᠳᠦᠳᠬᠡᠬᠦ ᠶᠣᠰᠣ ᠣᠴᠢᠷ᠎ᠢ ᠪᠠᠭᠰᠢ᠎ᠠᠴᠠ ᠪᠠᠶᠡᠴᠢᠯᠠᠨ ᠮᠡᠳᠡᠬᠦᠯᠬᠦ᠎ᠨᠢ ᠰᠣᠷᠣᠭᠴᠢᠳ᠎ᠢ ᠤᠷᠮᠠᠰᠢᠭᠤᠯᠵᠤ᠂ ᠰᠤᠷᠤᠯᠴᠠᠭ᠍ᠤ ᠢᠳᠡᠪᠬᠢᠵᠢᠯ᠎ᠢ᠎ᠨᠢ ᠲᠠᠶ᠋ᠢᠴᠢᠯᠠᠭ᠍ᠤ ᠦᠷ᠎ᠡ ᠠᠰᠢᠭ ᠦᠨᠳᠣᠷ ᠠᠷᠭ᠎ᠠ ᠵᠠᠮ ᠪᠤᠯᠤᠨ᠎ᠠ᠃
ᠵᠢᠵᠢᠬᠦᠷ ᠬᠢᠬᠦ᠎ᠳᠤ ᠪᠠᠭᠰᠢ᠎ᠠᠴᠠ ᠲᠦᠷᠢᠮ ᠦᠵᠡᠬᠦᠯᠬᠦ᠎ᠨᠢ ᠰᠢᠭᠤᠳ ᠢᠩᠬᠢᠵᠦ᠎ᠬᠢ᠂ ᠲᠡᠬᠡᠵᠦ᠎ᠬᠢ ᠬᠡᠬᠦ᠎ᠠᠴᠠ ᠲᠡᠬᠡᠷ᠎ᠡ᠃ ᠣᠳᠣᠬᠢ ᠰᠤᠷᠤᠭᠴᠢᠳ ᠬᠢᠬᠦ ᠲᠣᠷ᠎ᠠ ᠦᠬᠡᠢ ᠪᠣᠶᠣ ᠬᠢᠬᠦ ᠵᠠᠪᠰᠢᠶᠠᠨ ᠦᠬᠡᠢ ᠪᠠᠶ᠋ᠢᠳᠠᠭ᠂ ᠵᠠᠷᠢᠮ ᠬᠡᠷ᠎ᠤᠨ ᠠᠬᠠᠮᠠᠳ᠎ᠨᠢ ᠬᠡᠦᠬᠡᠳ᠎ᠤᠨ ᠪᠠᠶ᠎ᠠ᠎ᠪᠠᠨ ᠲᠠᠭ᠋ᠠᠭ᠋ᠠᠨ ᠬᠢᠬᠦ ᠵᠢ ᠣᠮᠳᠣᠭ᠋ᠠᠶ᠋ᠢᠯᠠᠭᠰᠠᠨᠠᠴᠠ ᠰᠣᠷᠣᠭᠴᠢ ᠪᠣᠭᠴᠣ᠎ᠪᠠᠨ ᠬᠦᠷᠳᠡᠯ᠎ᠡ ᠦᠪᠡᠷ ᠵᠶ᠋ᠠᠨ ᠠ᠋ᠬᠦᠷᠬᠦ ᠦᠬᠡᠢ᠂ ᠣᠰᠣᠨ ᠴᠣᠮᠣ᠎ᠪᠠᠨ ᠬᠦᠷᠳᠡᠯ᠎ᠡ ᠠᠳᠬᠤᠬᠤ ᠦᠬᠡᠢ ᠪᠠᠶ᠋ᠢᠳᠠᠯ ᠨᠡᠶ᠋ᠢᠳᠡᠮ᠎ᠤᠨ ᠦᠵᠡᠭᠳᠡᠯ ᠪᠤᠯᠵᠠᠢ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠰᠤᠷᠤᠭᠴᠢᠳ᠎ᠢ ᠠᠵᠢᠯ ᠬᠦᠳᠡᠯᠮᠦᠷᠢ᠎ᠳᠤ ᠣᠷᠣᠯᠴᠠᠭᠤᠯᠬᠤ᠎ᠨᠢ ᠮᠠᠰᠢ ᠵᠦᠢ᠍ᠳᠡᠢ ᠪᠠᠶ᠋ᠢᠳᠠᠭ᠃ ᠵᠢᠱ᠌ᠢᠶᠡᠯᠡᠪᠠᠯ᠂ ᠵᠠᠪᠰᠠᠷᠯᠠᠭ᠎ᠠ ᠵᠢᠨ ᠲᠠᠮᠢᠷ᠎ᠠᠴᠠ ᠢᠷᠡᠪᠡᠯ ᠮᠢᠶᠠᠨᠪᠣᠣ ᠢᠳᠡᠵᠦ ᠰᠦ ᠤᠤᠭᠤᠭᠰᠡᠨ ᠣᠭᠤᠳᠠ ᠬᠠᠶ᠋ᠢᠷᠴᠠᠭ ᠵᠶ᠋ᠠᠨ ᠬᠤᠭ᠎ᠤᠨ ᠰᠠᠪᠠᠨ᠎ᠳᠤ ᠶᠠᠭ᠋ᠠᠬᠢᠵᠤ ᠠᠪᠠᠴᠢᠨ ᠬᠠᠶᠠᠭ᠍ᠤ᠂ ᠪᠠᠭ᠎ᠠ ᠰᠤᠷᠭ᠋ᠠᠭᠤᠯᠢ ᠵᠢᠨ ᠲᠤᠤᠷ᠎ᠡ ᠤᠨ᠎ᠤ ᠰᠤᠷᠤᠭᠴᠢᠳ᠎ᠲᠤ ᠠ᠋ᠩ᠎ᠤᠨ ᠪᠤᠰᠤ ᠠ᠋ᠨᠡ ᠭᠦ᠌ ᠠᠵᠢᠯᠯᠠᠭ᠎ᠠ ᠵᠢ ᠪᠠᠭᠰᠢ᠎ᠠᠴᠠ ᠨᠢᠬᠡ ᠤᠳᠠᠭ᠎ᠠ ᠲᠦᠷᠢᠮᠴᠢᠯᠠᠨ ᠬᠢᠵᠤ᠂ ᠬᠤᠭ᠎ᠤᠨ ᠰᠠᠪᠠ ᠵᠢ ᠬᠡᠷᠬᠢᠨ ᠨᠡᠬᠡᠬᠡᠬᠦ᠂ ᠬᠤᠭ ᠵᠶ᠋ᠠᠨ ᠬᠡᠷᠬᠢᠨ ᠠᠰᠬᠠᠵᠤ ᠴᠢᠳᠬᠤᠬᠤ ᠦᠬᠡᠢ ᠬᠢᠬᠦ᠂ ᠬᠤᠭ᠎ᠤᠨ ᠰᠠᠪᠠᠨ᠎ᠤ ᠠᠮᠠᠰᠡᠷᠢ ᠬᠡᠷᠬᠢᠨ ᠬᠠᠭ᠋ᠠᠬᠤ᠂ ᠭᠠᠷ ᠵᠶ᠋ᠠᠨ ᠭᠡᠷᠬᠢᠨ ᠤᠬᠢᠶᠠᠭ᠍ᠤ ᠵᠡᠷᠬᠡ᠎ᠨᠢ ᠪᠦᠷ ᠰᠤᠷᠤᠭᠴᠢᠳ᠎ᠲᠤ ᠬᠦᠳᠡᠯᠮᠦᠷᠢ᠎ᠳᠤ ᠤᠷᠤᠯᠴᠠᠭ᠍ᠤ ᠶᠠᠪᠤᠴᠠ᠂ ᠠᠷᠢᠭᠤᠨ ᠴᠡᠪᠡᠷ᠎ᠤᠨ ᠬᠦᠮᠦᠵᠢᠯ ᠪᠤᠯᠬᠤ ᠶᠤᠮ᠃
ᠵᠢᠱ᠌ᠢᠶᠡᠯᠡᠪᠡᠯ᠂ ᠡᠪᠤᠯ ᠣᠯᠣᠨᠳᠠᠢ᠎ᠪᠠᠨ ᠬᠤᠷᠢᠶᠠᠭ᠍ᠤ᠎ᠳᠤ ᠪᠠᠭᠰᠢ᠎ᠠᠴᠠ᠄ 《ᠤᠷᠢᠳ ᠵᠶ᠋ᠠᠷ ᠬᠠᠮᠤᠭ᠎ᠤᠨ ᠲᠤᠤᠷᠠᠬᠢ ᠲᠣᠪᠴᠢ ᠵᠢ᠎ᠨᠢ ᠲᠣᠪᠴᠢᠯᠠᠪᠠᠯ ᠬᠤᠪᠴᠠᠰᠤᠨ ᠬᠤᠷᠮᠣᠢ ᠭᠠᠳᠠᠭᠰᠢ᠎ᠪᠠᠨ ᠲᠡᠯᠡᠬᠦ ᠦᠬᠡᠢ᠂ ᠮᠠᠯᠠᠭ᠋ᠠᠢ ᠵᠢ᠎ᠨᠢ ᠬᠤᠮᠢᠵᠤ᠂ ᠬᠤᠶᠠᠷ ᠬᠠᠨᠴᠣᠢᠪᠠᠷᠨᠢ ᠡᠪᠬᠡᠨ ᠲᠠᠷᠤᠵᠤ᠂ ᠪᠡᠶ᠎ᠡ ᠵᠢ᠎ᠨᠢ ᠨᠤᠭᠤᠯᠤᠨ ᠤᠷᠢᠶᠠᠪᠡᠯ ᠬᠤᠪᠴᠠᠰᠤ ᠬᠤᠶᠡᠷ ᠲᠡᠢ᠍ᠢ᠍ᠰᠢ ᠦᠷᠬᠡᠵᠢᠬᠦ ᠦᠬᠡᠢ ᠤᠷᠤ ᠡᠵᠡᠯᠡᠬᠦᠨ᠎ᠢ ᠪᠠᠭ᠎ᠠ!》 ᠬᠡᠮᠡᠨ ᠨᠠᠷᠢᠨ ᠬᠢᠨᠠᠮᠠᠭ᠋ᠠᠢ ᠬᠦᠯᠢᠴᠡᠩᠬᠦᠢ ᠦᠵᠡᠬᠦᠯᠦᠨ ᠬᠢᠨ᠎ᠡ᠃ ᠲᠠᠬᠢᠨ ᠤᠯᠤᠨᠳᠠᠢᠪᠠᠨ ᠡᠪᠭᠡᠵᠦ ᠴᠢᠳᠠᠭᠰᠡᠨ ᠰᠤᠷᠤᠭᠴᠢ᠎ᠪᠠᠷ ᠲᠤᠷᠰᠢᠭᠤᠯ᠎ᠤᠨ ᠬᠢᠯᠬᠡᠨ᠎ᠡ᠃ ᠵᠤᠨ ᠴᠤᠩᠬᠤ ᠠ᠋ᠬᠦᠳᠡ᠎ᠪᠠᠨ ᠨᠡᠬᠡᠬᠡᠵᠤ ᠬᠠᠭ᠋ᠠᠬᠤ᠎ᠳᠤ ᠬᠤᠷᠤᠭᠤ ᠭᠠᠷ ᠵᠶ᠋ᠠᠨ ᠬᠠᠪᠴᠢᠭᠤᠯᠬᠤ᠎ᠠᠴᠠ ᠵᠠᠶ᠋ᠢᠯᠠᠰᠬᠢᠬᠤ᠂ ᠪᠠᠶ᠋ᠢᠷᠢ ᠵᠢᠨ ᠰᠣᠷᠣᠭᠴᠢᠳ ᠣᠷᠣ᠎ᠪᠠᠨ ᠬᠤᠷᠢᠶᠠᠭ᠍ᠣ᠂ ᠴᠢᠷᠦᠬᠦᠯ ᠱᠠᠭ᠍ᠠᠢ᠂ ᠨᠢᠭᠤᠷ᠎ᠤᠨ ᠭᠠᠳᠤᠷ᠎ᠠ᠎ᠪᠠᠨ ᠬᠠᠮᠢᠭ᠎ᠠ ᠲᠠᠯᠪᠢᠬᠤ᠂ ᠬᠤᠷᠭᠤᠨ᠎ᠳᠠᠬᠢ ᠶᠠᠭᠤᠮ᠎ᠠ ᠬᠡᠦᠮ᠎ᠡ᠎ᠪᠠᠨ ᠬᠡᠷᠬᠢᠨ ᠲᠢᠭᠯᠡᠬᠦ᠂ ᠰᠢᠷᠡᠬᠡᠨ ᠰᠢᠷᠭᠤᠣᠯᠳᠤ ᠦᠵᠡᠬᠦ ᠨᠣᠮ᠂ ᠪᠢᠴᠢᠬᠦ ᠲᠡᠪᠳᠡᠷ᠂ ᠪᠢᠷ᠎ᠤᠨ ᠬᠠᠶ᠋ᠢᠷᠴᠠᠭ ᠵᠶ᠋ᠠᠨ ᠬᠡᠷᠬᠢᠨ ᠠᠩᠬᠢᠯᠡᠨ ᠲᠠᠯᠪᠢᠬᠤ ᠵᠡᠷᠬᠡ ᠵᠢ ᠬᠢᠵᠤ ᠦᠵᠡᠬᠦᠯᠦᠨ᠂ ᠬᠦᠳᠡᠯᠮᠦᠷᠢ ᠵᠢᠨ ᠲᠤᠮᠳᠡ ᠠᠮᠤᠷ ᠲᠦᠪᠰᠢᠨ᠎ᠤ ᠬᠦᠮᠦᠵᠢᠯ ᠬᠢᠵᠤ᠂ ᠬᠦᠳᠡᠯᠮᠦᠷᠢᠯᠡᠬᠦ ᠲᠡᠮ᠂ ᠠᠮᠢᠳᠤᠷᠠᠭ᠍ᠤᠢ ᠵᠢᠨ ᠦᠵᠡᠯᠳᠡ ᠵᠢ ᠠᠩᠬᠢ ᠵᠢᠨ ᠠ᠋ᠷᠬᠢᠯᠡᠭᠴᠢ ᠪᠡᠶᠡᠴᠢᠯᠡᠨ ᠵᠢᠯᠦᠭᠤᠳᠤᠨ᠎ᠠ᠃ ᠭᠠᠷᠠᠭ᠎ᠤᠨ ᠠᠮᠠᠷᠡᠯᠳᠡ᠎ᠳᠤ ᠠᠷᠤ ᠬᠡᠷ᠂ ᠠᠪᠤ ᠡᠵᠢ᠎ᠳᠤ᠎ᠪᠠᠨ ᠬᠠᠪᠰᠤᠷᠤᠨ ᠦᠪᠡᠷ᠎ᠤᠨ ᠬᠢᠷᠢ ᠲᠤᠳᠤᠷ᠎ᠡ ᠬᠦᠳᠡᠯᠮᠦᠷᠢᠯᠡᠬᠦ ᠵᠢ ᠰᠠᠶ᠋ᠢᠰᠢᠶᠠᠨ ᠮᠠᠭᠳᠠᠨ᠎ᠠ᠃ ᠠ᠋ᠬᠦᠨ᠎ᠤ ᠤᠯᠠᠮ᠎ᠠᠴᠠ ᠰᠤᠷᠤᠭᠴᠢᠳ ᠠᠵᠢᠯᠯᠠᠭ᠍ᠤ ᠠᠷᠭ᠎ᠠ ᠲᠠᠮ᠎ᠲᠠᠢ ᠪᠤᠯᠵᠤ᠂ ᠠ᠋ᠳᠤᠷ ᠲᠤᠳᠤᠮ᠎ᠤᠨ ᠠᠮᠢᠳᠤᠷᠡᠯ ᠵᠶ᠋ᠠᠨ ᠲᠤᠳᠤᠮᠳᠠᠵᠤ ᠲᠡᠶ᠋ᠢᠯᠦᠨ᠂ ᠣᠳᠠᠭ᠋ᠠᠨᠠᠴᠠᠪᠠᠨ ᠬᠤᠷᠳᠣᠨ᠂ ᠣᠯᠳᠣᠢᠠᠴᠠᠪᠠᠨ ᠣᠷᠠᠨ ᠪᠣᠯᠵᠣ ᠴᠠᠭ᠋ᠠᠷᠠᠳᠠᠭ᠃ 《ᠠᠵᠢᠯ ᠬᠢᠵᠦ ᠬᠦᠮᠦᠨ ᠪᠣᠯᠳᠠᠭ᠂ ᠠᠷᠣ ᠲᠠᠪᠠᠵᠣ ᠬᠦᠯᠦᠭ ᠪᠣᠯᠳᠠᠭ》 ᠭᠡᠳᠡᠭ᠎ᠤᠨ ᠶᠣᠰᠣ ᠠ᠋ᠶ᠋ᠢᠮᠦ ᠪᠠᠶ᠋ᠢᠵᠤ᠂ ᠬᠦᠳᠡᠯᠮᠦᠷᠢ᠎ᠠᠴᠠ ᠤᠷᠮᠠᠰᠢᠨ᠂ ᠰᠤᠷᠤᠯᠴᠠᠭ᠍ᠤ ᠢᠳᠡᠪᠬᠢᠵᠢᠯ᠎ᠨᠢ ᠢᠯᠡᠳᠳᠡ ᠲᠡᠭᠡᠭᠰᠢᠯᠡᠬᠦ ᠶᠤᠮ᠃
ᠲᠦᠷᠪᠡ᠂ ᠰᠣᠷᠣᠭᠴᠢᠳ᠎ᠲᠤ᠎ᠪᠠᠨ ᠴᠠᠭ᠎ᠢ ᠪᠠᠷᠢᠮᠳᠠᠯᠠᠭ᠍ᠣ ᠵᠢ ᠮᠡᠳᠡᠬᠦᠯᠬᠦ
《ᠪᠠᠷᠰ ᠴᠠᠭ᠎ᠲᠤ ᠪᠣᠰᠬᠤ ᠦᠬᠡᠢ ᠪᠣᠯ ᠠ᠋ᠳᠦᠷ᠎ᠤᠨ ᠶᠠᠪᠣᠳᠠᠯ ᠬᠤᠴᠣᠷᠣᠨ᠎ᠠ᠂ ᠪᠠᠭ᠎ᠠ ᠨᠠᠰᠤᠨ᠎ᠳᠤ᠎ᠪᠠᠨ ᠰᠣᠷᠬᠤ ᠦᠬᠡᠢ ᠪᠣᠯ ᠨᠠᠰᠣᠨ᠎ᠤ ᠶᠠᠪᠣᠳᠠᠯ ᠬᠤᠴᠣᠷᠣᠨ᠎ᠠ》 ᠭᠡᠳᠡᠭ᠃ ᠰᠤᠷᠤᠭᠴᠢᠳ᠎ᠲᠤ ᠴᠠᠭ᠎ᠢ ᠪᠠᠷᠢᠮᠳᠠᠯᠠᠭ᠍ᠣ ᠵᠢᠨ ᠣᠬᠠᠭ᠋ᠠᠨ᠎ᠢ ᠬᠠᠷᠠᠭ᠍ᠠᠨ ᠪᠠᠭ᠎ᠠ᠎ᠠᠴᠠ᠎ᠨᠢ ᠲᠠᠳᠬᠠᠯᠵᠢᠭᠤᠯᠬᠤ ᠪᠤᠯ ᠪᠠᠭ᠎ᠠ ᠰᠤᠷᠭ᠋ᠠᠭᠤᠯᠢ ᠵᠢᠨ ᠠᠩᠬᠢ ᠵᠢᠨ ᠠ᠋ᠷᠬᠢᠯᠡᠭᠴᠢ ᠵᠢᠨ ᠪᠠᠰᠠ ᠨᠢᠬᠡ ᠠ᠋ᠬᠦᠷᠬᠡ ᠬᠠᠷᠢᠭᠤᠴᠠᠯᠭ᠎ᠠ ᠪᠤᠯᠤᠨ᠎ᠠ᠃ ᠲᠣᠭᠳᠠᠭᠰᠠᠨ ᠴᠠᠭ᠎ᠲᠤ ᠣᠨᠳᠠᠭ᠍ᠣ᠂ ᠲᠣᠭᠳᠠᠭᠰᠠᠨ ᠴᠠᠭ᠎ᠲᠤ ᠪᠣᠰᠬᠤ᠂ ᠲᠣᠭᠳᠠᠭᠰᠠᠨ ᠴᠠᠭ᠎ᠲᠤ ᠲᠠᠰᠬᠠᠯ ᠲᠠᠭ᠋ᠠᠭ᠋ᠠᠯᠭ᠋ᠠᠪᠦᠷᠢᠪᠠᠨ ᠲᠣᠰᠢᠶᠠᠭ᠍ᠣ᠂ ᠲᠤᠭᠳᠠᠭᠰᠡᠨ ᠴᠠᠭ᠎ᠲᠤ ᠠ᠋ᠬᠦᠷᠬᠡ ᠬᠠᠷᠡᠯᠳᠡᠳᠤᠪᠠᠨ ᠬᠦᠷᠬᠦ ᠵᠢᠨ ᠴᠢᠬᠤᠯᠠ ᠴᠢᠨᠠᠷ᠎ᠢ ᠰᠤᠷᠤᠭᠴᠢᠳ᠎ᠲᠤ ᠮᠡᠳᠡᠬᠦᠯᠬᠦ ᠬᠡᠷᠡᠭᠳᠡᠢ ᠪᠦᠬᠡᠳ ᠲᠠᠳᠬᠠᠯᠵᠢᠭᠤᠯᠬᠤ ᠬᠡᠷᠡᠭᠳᠡᠢ᠃
ᠪᠠᠭᠰᠢ᠎ᠠᠴᠠ ᠲᠦᠴᠢᠨ ᠮᠢᠨᠦ᠋ᠲᠢ ᠬᠦᠢ᠍ᠴᠡᠳ ᠠᠰᠢᠭᠯᠠᠭ᠍ᠣ᠂ ᠦᠷ᠎ᠡ ᠠᠰᠢᠭᠳᠣ ᠬᠢᠴᠢᠶᠡᠯᠯᠡᠭᠡ ᠵᠢ ᠪᠠᠳᠣᠯᠠᠭ᠍ᠣᠨᠢ ᠲᠠᠮ ᠵᠶ᠋ᠠᠷ ᠰᠣᠷᠣᠭᠴᠢᠳ᠎ᠲᠤ ᠴᠠᠭ᠎ᠢ ᠪᠠᠷᠢᠮᠳᠠᠯᠠᠭ᠍ᠣ ᠵᠢ ᠮᠡᠳᠡᠬᠦᠯᠬᠦ ᠵᠠᠩᠬᠢᠯᠠᠭ᠎ᠠ ᠮᠦᠨ᠃ ᠪᠢ ᠬᠤᠩᠬᠤᠨ ᠲᠠᠭᠤᠨ᠎ᠠᠴᠠ ᠠ᠋ᠮᠤᠨ᠎ᠡ ᠠᠩᠬᠢ᠎ᠳᠤ᠎ᠪᠠᠨ ᠬᠦᠷᠴᠤ᠂ ᠬᠤᠩᠬᠤᠨ ᠲᠠᠭᠤᠨ ᠵᠶ᠋ᠠᠷ ᠬᠢᠴᠢᠶᠡᠯ ᠪᠠᠭᠤᠵᠤ᠂ ᠰᠤᠷᠤᠭᠴᠢᠳ᠎ᠤᠨ ᠲᠦᠴᠢᠨ ᠮᠢᠨᠦ᠋ᠲᠢ ᠲᠣᠷ᠎ᠠ᠎ᠪᠠᠷ ᠡᠵᠡᠯᠡᠳᠡᠭ ᠦᠬᠡᠢ᠃ ᠰᠤᠷᠤᠭᠴᠢᠳ᠎ᠲᠤ ᠴᠠᠭ᠎ᠢ ᠪᠠᠷᠢᠮᠳᠠᠯᠠᠭ᠍ᠣ ᠵᠢ ᠮᠡᠳᠡᠬᠦᠯᠬᠦ᠎ᠳᠤ ᠪᠠᠭᠰᠢ ᠤᠷᠢᠳ ᠵᠶ᠋ᠠᠷ ᠴᠠᠭ᠎ᠢ ᠪᠠᠷᠢᠮᠳᠠᠯᠠᠭ᠍ᠤ ᠵᠢᠱ᠌ᠢᠶᠡᠴᠢ ᠪᠤᠯᠬᠤ ᠬᠡᠷᠡᠭᠳᠡᠢ᠃
ᠪᠢ ᠰᠤᠷᠤᠭᠴᠢᠳ᠎ᠲᠤ ᠴᠠᠭ᠎ᠢ ᠪᠠᠷᠢᠮᠳᠠᠯᠠᠭ᠍ᠤ ᠲᠤᠬᠠᠢ ᠮᠡᠳᠡᠬᠦᠯᠬᠦ᠎ᠳᠤ᠎ᠪᠠᠨ ᠠ᠋ᠶ᠋ᠢᠮᠦᠷᠬᠦᠤ ᠠᠷᠭ᠎ᠠ ᠠᠪᠴᠠᠯ ᠠᠪᠤᠭᠰᠡᠨ ᠪᠠᠶ᠋ᠢᠨ᠎ᠠ᠃
ᠨᠢᠬᠡᠳᠦᠬᠡᠷ᠎ᠲᠤ᠂ 《ᠬᠤᠶᠡᠷ ᠮᠢᠨᠦ᠋ᠲ》᠎ᠤᠨ ᠲᠤᠭᠯᠠᠭ᠋ᠠᠮ᠄ ᠰᠤᠷᠤᠭᠴᠢᠳ᠎ᠲᠤ ᠬᠤᠶᠠᠷ ᠮᠢᠨᠦ᠋ᠲ᠎ᠲᠤ ᠬᠡᠶ᠋ᠢᠳᠦ ᠪᠦᠮᠪᠦᠭᠡ ᠵᠢ ᠬᠠᠮᠤᠭ᠎ᠤᠨ ᠠ᠋ᠮᠤᠨᠡᠬᠢ ᠮᠦᠷ᠎ᠠᠴᠠ ᠬᠠᠮᠤᠭ᠎ᠤᠨ ᠬᠤᠶ᠋ᠢᠨᠠᠬᠢ ᠮᠦᠷ᠎ᠲᠤ ᠬᠡᠳᠤᠨᠳᠡ ᠵᠦᠬᠡᠬᠡᠵᠦ ᠲᠡᠶ᠋ᠢᠯᠬᠦ᠂ ᠬᠤᠶᠠᠷ ᠮᠢᠨᠦ᠋ᠲ᠎ᠲᠤ ᠬᠡᠳᠦᠨ ᠬᠡᠯᠡᠴᠡ ᠬᠡᠯᠡᠬᠦ᠂ ᠬᠤᠶᠠᠷ ᠮᠢᠨᠦ᠋ᠲ᠎ᠲᠤ ᠬᠡᠳᠦᠨ ᠰᠡᠳᠦᠪ ᠬᠢᠬᠦ᠂ ᠬᠤᠶᠠᠷ ᠮᠢᠨᠦ᠋ᠲ᠎ᠲᠤ ᠬᠡᠳᠦᠨ ᠲᠠᠩ ᠦᠬᠡ ᠴᠡᠬᠡᠵᠢᠯᠡᠬᠦ᠂ ᠬᠤᠶᠠᠷ ᠮᠢᠨᠦ᠋ᠲ᠎ᠲᠤ ᠬᠡᠳᠦᠨ ᠬᠤᠯᠪᠣᠭ᠎ᠠ ᠦᠬᠡ ᠣᠩᠰᠢᠬᠤ ᠵᠡᠷᠬᠡ ᠲᠤᠭᠯᠠᠭ᠋ᠠᠮ ᠵᠶ᠋ᠠᠷ 2 ᠮᠢᠨᠦᠢ᠍ᠲᠢ ᠴᠤ᠌ ᠬᠢᠮᠠᠭ᠋ᠠᠳᠠᠢ ᠭᠡᠷᠡᠭᠯᠡᠭᠦ ᠵᠢ ᠰᠤᠷᠤᠭᠴᠢᠳ᠎ᠲᠤ ᠮᠠᠳᠠᠭᠦᠯᠪᠠ᠃
ᠬᠤᠶᠠᠳᠤᠭ᠋ᠠᠷ᠎ᠲᠤ᠂ 《ᠭᠤᠷᠪᠡᠨ ᠮᠢᠨᠦ᠋ᠲ》᠎ᠤᠨ ᠠᠪᠤᠷᠡᠯᠳᠡ᠄ ᠭᠤᠷᠪᠠᠨ ᠮᠢᠨᠦ᠋ᠲ ᠲᠤᠳᠤᠷ᠎ᠡ ᠠᠩᠬᠢ᠎ᠠᠴᠠ ᠠ᠋ᠮᠬᠢ ᠲᠢᠭᠯᠢᠮ᠎ᠲᠠᠢ᠂ ᠬᠠᠮᠤᠭ᠎ᠤᠨ ᠲᠦᠷᠬᠡᠨ ᠵᠶ᠋ᠠᠷ ᠭᠠᠷᠴᠤ᠂ ᠪᠤᠰᠤᠳ᠎ᠢ ᠰᠢᠷᠠᠭᠳᠤᠭᠤᠯᠬᠤ ᠦᠬᠡᠢ᠂ ᠠᠮᠤᠷ ᠲᠦᠪᠰᠢᠨ ᠭᠠᠵᠠᠷ᠎ᠲᠤ ᠬᠦᠷᠴᠤ ᠲᠡᠶ᠋ᠢᠯᠬᠦ ᠬᠡᠷᠡᠭᠳᠡᠢ᠃ ᠠ᠋ᠨᠡ ᠪᠤᠯ ᠭᠠᠵᠠᠷ ᠬᠦᠳᠡᠯᠦᠯᠳᠡ ᠪᠤᠶᠤ ᠭᠠᠯ᠎ᠤᠨ ᠠᠶᠤᠯ᠎ᠠᠴᠠ ᠮᠤᠯᠳᠤᠷᠠᠭ᠍ᠤ ᠰᠤᠷᠢᠯᠳᠡ ᠮᠦᠨ᠂ ᠭᠤᠷᠪᠠᠨ ᠮᠢᠨᠦ᠋ᠲ᠎ᠲᠤ ᠶᠠᠭᠤ ᠬᠢᠵᠤ ᠴᠢᠳᠠᠳᠠᠭᠢ ᠮᠡᠳᠡᠬᠦᠯᠦᠭᠰᠡᠨ ᠪᠤᠯᠪᠡᠰᠤᠷᠡᠯ ᠪᠤᠯᠤᠨ᠎ᠠ᠂ ᠬᠡᠳᠤ ᠤᠳᠠᠭ᠋ᠠᠰᠢᠷᠠᠭ᠍ᠤᠨᠢ ᠠᠮᠢᠨ᠎ᠳᠤ ᠠᠶᠤᠯᠲᠠᠢ᠂ ᠴᠠᠭ ᠪᠤᠯ ᠠᠮᠢ ᠨᠠᠰᠤ ᠬᠡᠳᠡᠭ᠎ᠢ ᠮᠡᠳᠡᠬᠦᠯᠬᠦ ᠲᠠᠳᠤᠯᠭ᠎ᠠ ᠶᠤᠮ᠃
ᠠ᠋ᠶ᠋ᠢᠮᠦᠷᠬᠦᠤ ᠠᠷᠭ᠎ᠠ᠎ᠪᠠᠷ ᠰᠤᠷᠤᠭᠴᠢᠳ᠎ᠢ ᠴᠠᠭ᠎ᠢ ᠨᠠᠨᠳᠢᠩᠨᠠᠭ᠍ᠤ᠂ ᠴᠠᠭ᠎ᠢ ᠠᠷᠪᠢᠯᠠᠭ᠍ᠤ᠂ ᠴᠠᠭ᠎ᠢ ᠪᠠᠷᠢᠮᠳᠠᠯᠠᠭ᠍ᠤ ᠦᠵᠡᠯᠳᠡ ᠤᠬᠠᠮᠰᠡᠷ᠎ᠲᠠᠢ ᠪᠤᠯᠭ᠋ᠠᠵᠤ᠂ ᠪᠠᠭ᠎ᠠ᠎ᠠᠴᠠ ᠣᠯᠠᠨ ᠪᠣᠯᠳᠠᠭ᠂ ᠴᠦᠬᠡᠨᠠᠴᠠᠪᠠᠨ ᠠᠷᠪᠢᠨ ᠪᠤᠯᠳᠠᠭ᠂ ᠲᠣᠭ᠋ᠠᠨ᠎ᠤ ᠬᠤᠷᠠᠮᠳᠣᠯ᠎ᠠᠴᠠ ᠴᠢᠨᠠᠷ᠎ᠤᠨ ᠬᠤᠪᠢᠷᠠᠯᠳᠠ ᠭᠠᠷᠳᠠᠭ᠎ᠤᠨ ᠶᠤᠰᠤᠨᠢ ᠠᠩᠬ᠎ᠠ ᠠᠯᠬᠤᠮ ᠲᠠᠨᠢᠭᠤᠯᠵᠤ᠂ ᠨᠠᠭ᠋ᠠᠳᠤᠮ ᠰᠤᠨᠢᠷᠬᠠᠯ᠂ ᠰᠤᠷᠢᠯᠳᠡ ᠪᠤᠯᠪᠡᠰᠤᠷᠡᠯ᠎ᠤᠨ ᠲᠤᠮᠳᠡ ᠴᠠᠭ᠎ᠢ ᠪᠠᠷᠢᠮᠳᠠᠯᠠᠭ᠍ᠤ ᠵᠢᠨ ᠶᠤᠰᠤ ᠤᠴᠢᠷ᠎ᠢ ᠤᠬᠠᠭᠤᠯᠵᠤ᠂ ᠪᠠᠭ᠎ᠠ᠎ᠳᠤ᠎ᠪᠠᠨ ᠰᠤᠷᠬᠤ ᠦᠬᠡᠢ ᠪᠤᠯ ᠨᠠᠰᠤᠨ᠎ᠤ ᠬᠡᠮᠰᠢᠯ ᠪᠤᠯᠤᠨ᠎ᠠ ᠬᠡᠰᠡᠨ᠎ᠢ ᠤᠶ᠋ᠢᠯᠠᠭ᠋ᠠᠭᠤᠯᠪᠠ᠃
ᠲᠠᠪᠤ᠂ ᠰᠤᠷᠤᠭᠴᠢᠳ ᠵᠶ᠋ᠠᠨ ᠪᠣᠰᠣᠳ᠎ᠢ ᠪᠠᠭ᠍ᠠᠷᠬᠠᠵᠣ ᠴᠢᠳᠠᠭ᠍ᠤ ᠪᠤᠯᠭ᠋ᠠᠬᠤ
ᠶᠡᠷᠤᠳᠡ 《ᠨᠢᠬᠡ ᠪᠠᠶᠠᠷ᠎ᠢ ᠬᠤᠶᠠᠷ ᠬᠦᠮᠦᠨ ᠬᠤᠪᠢᠶᠠᠯᠴᠠᠪᠠᠯ ᠬᠤᠶᠠᠷ ᠪᠠᠶᠠᠷ ᠪᠤᠯᠤᠨ᠂ ᠨᠢᠬᠡ ᠵᠣᠪᠠᠯᠠᠩ᠎ᠢ ᠬᠤᠶᠠᠷ ᠬᠦᠮᠦᠨ ᠬᠤᠪᠢᠶᠠᠯᠴᠠᠪᠠᠯ ᠬᠠᠭ᠋ᠠᠰ ᠵᠣᠪᠠᠯᠠᠩ ᠪᠠᠭᠤᠷᠠᠳᠠᠭ》 ᠬᠡᠳᠡᠭ᠃ ᠰᠤᠷᠤᠭᠴᠢᠳ᠎ᠤᠨ ᠪᠠᠶᠠᠷ ᠪᠠᠭ᠍ᠠᠳᠣᠯᠨᠢ ᠰᠤᠷᠤᠯᠭ᠎ᠠ ᠵᠢᠨ ᠢᠳᠡᠪᠬᠢᠵᠢᠯ᠎ᠢ᠎ᠨᠢ ᠰᠠᠶ᠋ᠢᠵᠢᠷᠠᠭᠤᠯᠬᠤ᠎ᠳᠤ ᠮᠠᠰᠢ ᠴᠢᠬᠤᠯᠡ ᠪᠠᠶ᠋ᠢᠳᠠᠭ᠃ ᠪᠣᠰᠣᠳ᠎ᠤᠨ ᠪᠠᠶᠠᠷ ᠪᠠᠭ᠍ᠠᠳᠣᠯ᠎ᠢ ᠪᠠᠭ᠍ᠠᠷᠬᠠᠬᠤ᠎ᠨᠢ ᠴᠤ᠌ ᠲᠣᠩ ᠴᠢᠬᠤᠯᠠ ᠪᠠᠶ᠋ᠢᠳᠠᠭ᠃
ᠠᠩᠬᠢ ᠵᠢᠨ ᠠ᠋ᠷᠬᠢᠯᠡᠭᠴᠢ ᠪᠤᠯᠤᠭᠰᠠᠳ ᠴᠠᠭ᠎ᠢ ᠠᠰᠢᠭᠯᠠᠨ ᠬᠦᠴᠢᠷ ᠪᠠᠷᠬᠡ ᠵᠢ ᠲᠣᠭᠤᠯᠵᠣ ᠠᠮᠵᠢᠯᠳᠠ᠎ᠳᠤ ᠬᠦᠷᠦᠭᠰᠡᠨ ᠨᠡᠷᠡᠳᠤ ᠬᠦᠮᠦᠰ᠎ᠤᠨ ᠦᠯᠢᠬᠡᠷ᠎ᠢ ᠰᠤᠷᠤᠭᠴᠢᠳ᠎ᠲᠤ᠎ᠪᠠᠨ ᠶᠠᠷᠢᠵᠣ ᠦᠭᠪᠡᠯ ᠵᠤᠬᠢᠨ᠎ᠠ᠃
ᠪᠢ ᠠᠩᠬᠢ ᠠᠪᠬᠤ ᠪᠦᠷᠢ ᠰᠤᠷᠤᠭᠴᠢᠳ᠎ᠲᠤ᠎ᠪᠠᠨ ᠲᠤᠤᠷᠡᠬᠢ ᠬᠡᠳᠤᠨ ᠦᠯᠢᠬᠡᠷ᠎ᠢ ᠶᠠᠷᠢᠵᠤ ᠦᠭᠳᠡᠭ᠃
① ᠲᠡᠯᠡᠬᠡᠢ ᠵᠢᠨ ᠫᠢᠩᠫᠠᠩ ᠪᠦᠮᠪᠦᠭᠡ ᠵᠢᠨ ᠲᠠᠦᠬᠡᠨᠳᠤ ᠬᠦᠮᠦᠨ᠎ᠢ ᠰᠣᠴᠢᠭ᠋ᠠᠮ᠎ᠠ ᠠᠮᠵᠢᠯᠳᠠ᠎ᠳᠤ ᠬᠦᠷᠦᠭᠰᠡᠨ ᠳ᠋ᠧᠩ ᠶᠠ ᠫᠢᠩ 14 ᠵᠢᠯ᠎ᠳᠤ ᠬᠠᠮᠤᠭ᠎ᠤᠨ ᠲᠡᠭᠡᠳᠤ ᠲᠡᠰ᠎ᠤᠨ 18 ᠠᠯᠳᠠᠨ ᠮᠧᠳᠠᠯ ᠲᠣᠰᠴᠣ ᠲᠡᠯᠡᠬᠡᠢ ᠵᠢ ᠲᠣᠩᠰᠣᠯᠭ᠋ᠠᠵᠠᠢ᠂ ᠲᠡᠷᠡ ᠨᠠᠮᠬᠠᠨ ᠪᠠᠶ᠎ᠠ᠎ᠪᠠᠨ ᠦᠪᠡᠷ᠎ᠤᠨ ᠵᠶ᠋ᠠᠨ 《ᠲᠠᠪᠠᠭᠤᠯᠢᠭ》 ᠲᠠᠯ᠎ᠠ ᠪᠣᠯᠭ᠋ᠠᠨ᠂ ᠬᠤᠷᠳᠤᠴᠠ᠎ᠪᠠᠨ ᠲᠠᠰᠤᠷᠡᠯᠳᠡ ᠦᠬᠡᠢ ᠲᠡᠭᠡᠭᠰᠢᠯᠡᠬᠦᠯᠵᠤ᠂ ᠨᠦᠬᠦᠬᠡ ᠠ᠋ᠳᠡᠬᠡᠳ᠎ᠤᠨ ᠪᠦᠮᠪᠦᠭᠡ ᠲᠤᠰᠬᠤ ᠤᠷᠤᠨ ᠪᠠᠶ᠋ᠢᠷᠢ ᠵᠢ ᠲᠦᠷᠬᠡᠨ ᠠᠵᠢᠨ ᠮᠡᠳᠡᠵᠤ᠂ ᠪᠦᠮᠪᠦᠭᠡ ᠦᠰᠦᠷᠬᠦ᠎ᠠᠴᠠ ᠠ᠋ᠮᠤᠨ᠎ᠡ ᠵᠠᠪᠳᠤᠨ ᠬᠠᠷᠢᠭᠤ ᠴᠤᠬᠢᠳᠠᠭ᠎ᠠᠴᠠ ᠠ᠋ᠰᠡᠷᠬᠦ ᠠ᠋ᠳᠡᠬᠡᠳ ᠵᠶ᠋ᠠᠨ ᠢᠯᠡᠵᠤ ᠭᠠᠷᠳᠠᠭ᠃ ᠲᠡᠷᠡ ᠠ᠋ᠨᠡ ᠭᠦ᠌ ᠮᠡᠷᠬᠡᠰᠢᠯ᠎ᠳᠤ ᠬᠦᠷᠬᠦ ᠵᠢᠨ ᠲᠦᠯᠦᠬᠡ ᠬᠡᠳᠤᠶ᠋ᠢᠴᠢᠨᠡᠭᠡᠨ ᠰᠢᠷᠭ᠋ᠠᠭᠤ ᠴᠢᠷᠮᠡᠶ᠋ᠢᠯᠭᠠ᠂ ᠬᠠᠳᠠᠭᠤᠵᠢᠯᠳᠠᠢ ᠪᠣᠯᠪᠠᠰᠣᠷᠠᠯ᠂ ᠬᠦᠴᠦ ᠬᠦᠯᠦᠰᠦ ᠤᠷᠤᠰᠬᠠᠭᠰᠡᠨᠢ ᠪᠤᠤ ᠮᠡᠳᠡ! ᠪᠢᠳᠡ ᠳ᠋ᠧᠩ ᠶᠠ ᠫᠢᠩ᠎ᠤᠨ ᠰᠦᠰᠦ ᠵᠤᠷᠢᠭ᠎ᠢ ᠪᠠᠭ᠍ᠠᠷᠬᠠᠬᠤ ᠶᠤᠰᠤᠳᠠᠢ᠃
② ᠨᠠᠷᠡᠳᠤ ᠵᠣᠬᠢᠶᠠᠯᠴᠢ ᠵᠠᠩ ᠬᠠᠢ ᠳ᠋ᠢ ᠲᠡᠪᠦᠨ ᠨᠠᠰᠣᠨ᠎ᠳᠤ᠎ᠪᠠᠨ ᠨᠣᠭᠤᠰᠣᠨᠤ ᠬᠤᠣᠷᠳᠣ ᠬᠠᠪᠣᠳᠠᠷ᠎ᠲᠤ ᠨᠡᠷᠪᠡᠭᠳᠡᠭᠡᠳ ᠲᠣᠣᠷᠠᠳᠣ ᠮᠦᠴᠢ ᠵᠢᠨ ᠮᠠᠰᠠ ᠵᠠᠰᠠᠯ ᠬᠢᠵᠤ᠂ ᠨᠠᠰᠤ᠎ᠪᠠᠷ ᠵᠶ᠋ᠠᠨ ᠬᠦᠷᠳᠦᠳᠦ ᠰᠠᠨᠳᠠᠯᠢ᠎ᠳᠤ ᠰᠠᠭᠤᠬᠤ ᠪᠣᠯᠣᠭᠰᠠᠨ ᠴᠣ᠌ ᠵᠣᠷᠢᠭ ᠮᠣᠬᠤᠭᠰᠠᠨ ᠦᠬᠡᠢ ᠠᠯᠢᠪᠠ ᠬᠦᠴᠢᠷ᠎ᠢ ᠲᠠᠰᠪᠦᠷᠢᠯᠡᠵᠦ ᠦᠪᠡᠰᠦᠪᠡᠨ ᠪᠠᠭ᠎ᠠ ᠰᠣᠷᠭ᠋ᠠᠭᠤᠯᠢ᠂ ᠲᠣᠮᠳᠠᠳᠣ ᠰᠣᠷᠭ᠋ᠠᠭᠤᠯᠢ ᠵᠢᠨ ᠬᠢᠴᠢᠶᠡᠯ᠎ᠤᠨ ᠠᠭᠤᠯᠭ᠎ᠠ ᠵᠢ ᠪᠦᠬᠦᠨ᠎ᠢ ᠰᠣᠷᠴᠣ᠂ ᠶᠡᠭᠡ ᠰᠣᠷᠭ᠋ᠠᠭᠤᠯᠢ᠂ ᠰᠣᠳᠣᠯᠬᠤ ᠰᠣᠷᠣᠭᠴᠢ ᠵᠢᠨ ᠬᠢᠷᠢ ᠬᠡᠮ᠎ᠢ ᠣᠯᠣᠭᠰᠠᠨ ᠮᠦᠷᠳᠡᠬᠡᠨ ᠵᠡᠬᠦᠦ ᠲᠦᠬᠡᠨᠡᠯᠬᠡ ᠵᠢᠨ ᠠ᠋ᠷᠳᠡᠮ ᠰᠣᠷᠴᠣ ᠬᠦᠮᠦᠨ᠎ᠳᠤ ᠡᠪᠡᠳᠴᠢᠨ ᠵᠠᠰᠡᠨ᠂ ᠪᠣᠰᠣᠳ᠎ᠢ ᠬᠠᠪᠰᠣᠷᠬᠤ᠎ᠪᠠᠷ ᠪᠠᠶᠠᠷ ᠪᠠᠭ᠍ᠠᠳᠣᠯ ᠵᠶ᠋ᠠᠨ ᠪᠣᠯᠭ᠋ᠠᠵᠣ᠂ ᠠᠩᠭ᠍ᠯᠢ᠂ ᠶᠠᠫᠣᠨ᠂ ᠭᠧᠷᠮᠠᠨ ᠬᠡᠯᠡ᠎ᠪᠠᠷ ᠮᠠᠰᠢ ᠣᠯᠠᠨ ᠣᠷᠴᠢᠭᠤᠯᠭ᠎ᠠ ᠵᠢᠨ ᠪᠦᠳᠦᠬᠡᠯ ᠭᠠᠷᠭ᠋ᠠᠭᠰᠡᠨ ᠵᠶ᠋ᠠᠨ 《ᠠ᠋ᠷᠡᠮᠳᠡᠭ ᠬᠡᠦᠬᠡᠨ᠎ᠤ ᠠ᠋ᠷᠡᠬᠦᠯᠬᠡᠨ ᠵᠡᠬᠦᠳᠦ》 ᠬᠡᠬᠦ ᠨᠤᠮ᠎ᠳᠤ᠎ᠪᠠᠨ ᠪᠢᠴᠢᠭᠰᠡᠨ ᠪᠠᠶ᠋ᠢᠯ᠎ᠠ᠃ ᠵᠠᠩ ᠬᠠᠢ ᠳ᠋ᠢ ᠪᠠᠶ᠎ᠠ ᠵᠡᠮᠳᠡᠭ ᠴᠣ᠌ ᠰᠠᠨᠠᠭ᠎ᠠ ᠰᠠᠷᠠᠭᠤᠯᠬᠠᠨ᠂ ᠠᠮᠢᠳᠤᠷᠡᠯ᠎ᠳᠤ ᠵᠤᠷᠢᠭ ᠮᠤᠬᠤᠭᠰᠡᠨ ᠦᠬᠡᠢ᠂ ᠣᠢ ᠭᠤᠳᠤᠭᠰᠡᠨ ᠦᠬᠡᠢ ᠨᠡᠷᠡᠳᠤ ᠵᠤᠬᠢᠶᠠᠯᠴᠢ ᠪᠤᠯᠤᠭᠰᠡᠨᠢ ᠪᠢᠳᠡ ᠠ᠋ᠷᠬᠡᠪᠰᠢ ᠪᠠᠭ᠍ᠠᠷᠬᠠᠬᠤ ᠬᠡᠷᠡᠭᠳᠡᠢ᠃ ᠲᠡᠭᠦᠨ᠎ᠲᠠᠢ ᠬᠠᠷᠢᠴᠠᠭᠤᠯᠪᠡᠯ ᠪᠢᠳᠡᠨ ᠠ᠋ᠷᠡᠬᠦᠯ ᠰᠠᠷᠠᠭᠤᠯᠬᠠᠨ ᠪᠡᠶ᠎ᠡ ᠮᠠᠭ᠍ᠠᠪᠤᠳ᠎ᠲᠠᠢ ᠶᠠᠭᠤᠨ᠎ᠳᠤ ᠪᠠᠶᠡᠷ ᠪᠠᠶᠠᠰᠤᠯ᠎ᠲᠠᠢ ᠴᠢᠷᠮᠠᠶ᠋ᠢᠨ ᠰᠤᠷᠤᠯᠴᠠᠭ᠍ᠤ ᠦᠬᠡᠢ ᠪᠤᠢ!
ᠲᠡᠳᠡᠬᠡᠷ ᠨᠠᠷᠡᠳᠦ ᠬᠦᠮᠦᠨ᠎ᠤ ᠠᠮᠵᠢᠯᠳᠡ ᠤᠯᠤᠭᠰᠡᠨ᠎ᠨᠢ ᠲᠠᠩ ᠭᠠᠭᠴᠠ ᠦᠪᠡᠷ᠎ᠤᠨ ᠠᠪᠢᠶᠠᠰ ᠪᠢᠯᠢᠭᠲᠤᠪᠠᠨ ᠲᠦᠰᠢᠭᠯᠡᠭᠰᠡᠨ ᠪᠢᠰᠢ᠂ ᠨᠡᠩ ᠴᠢᠬᠤᠯᠠ᠎ᠨᠢ ᠪᠤᠰᠤᠳ᠎ᠤᠨ ᠠᠮᠵᠢᠯᠳᠡ ᠤᠯᠤᠭᠰᠡᠨ ᠪᠠᠶᠡᠷ ᠪᠠᠭ᠍ᠠᠳᠤᠯ᠎ᠢ ᠬᠤᠪᠢᠶᠠᠯᠴᠠᠭᠰᠡᠨᠳᠤ ᠪᠠᠶ᠋ᠢᠭ᠎ᠠ ᠶᠤᠮ᠃ ᠲᠡᠳᠡ ᠪᠤᠰᠤᠳ᠎ᠤᠨ ᠪᠡᠶ᠎ᠡ᠎ᠠᠴᠠ ᠠ᠋ᠷᠡᠯᠬᠡᠭ ᠵᠣᠷᠢᠭ᠎ᠨᠢ ᠬᠦᠪᠴᠢᠯᠡᠭᠳᠡᠵᠤ᠂ ᠠᠤᠭ᠎ᠠ ᠬᠦᠰᠡᠯ᠎ᠢ ᠡᠪᠦᠷᠯᠡᠨ᠂ ᠲᠠᠰᠤᠷᠡᠯᠳᠡ ᠦᠬᠡᠢ ᠣᠷᠣᠭᠰᠢᠯᠠᠨ ᠲᠠᠪᠰᠢᠬᠰᠡᠨ᠎ᠠᠴᠠ ᠰᠠᠶᠢ ᠦᠨᠦᠳᠦᠷ᠎ᠤᠨ ᠬᠡᠮᠵᠢᠶᠡᠨ᠎ᠳᠤ ᠬᠦᠷᠦᠭᠰᠡᠨ ᠪᠠᠶ᠋ᠢᠯ᠎ᠠ᠃
ᠪᠢ ᠦᠷᠬᠦᠯᠵᠢ ᠰᠤᠷᠤᠭᠴᠢᠳ᠎ᠲᠤ᠎ᠪᠠᠨ ᠪᠣᠰᠣᠳ᠎ᠤᠨ ᠰᠠᠶ᠋ᠢᠬᠠᠨ᠎ᠢ ᠪᠠᠭ᠍ᠠᠷᠬᠠᠵᠣ᠂ ᠦᠪᠡᠷ᠎ᠲᠤ᠎ᠪᠠᠨ ᠲᠦᠯᠬᠢᠴᠡ ᠬᠦᠴᠦᠨ ᠪᠤᠯᠭ᠋ᠠᠬᠤ᠎ᠨᠢ ᠨᠢᠬᠡ ᠬᠦᠮᠦᠨ᠎ᠤ ᠠᠮᠵᠢᠯᠳᠡ᠎ᠳᠤ ᠬᠦᠷᠬᠦ ᠵᠢᠨ ᠵᠠᠩᠬᠢᠯᠠᠭ᠎ᠠ ᠪᠤᠯᠤᠨ᠎ᠠ ᠬᠡᠵᠤ ᠬᠡᠯᠡᠳᠡᠭ᠂ ᠪᠢᠳᠡᠨ᠎ᠤ ᠲᠡᠷᠬᠡᠳᠡ ᠲᠠᠨ᠎ᠤ ᠪᠠᠭ᠍ᠠᠷᠬᠠᠬᠤ ᠨᠦᠭᠦᠳ ᠪᠠᠭ᠎ᠠ ᠪᠤᠰᠤ ᠪᠠᠶ᠋ᠢᠳᠠᠭ᠂ ᠬᠡᠷᠪᠡ ᠲᠠ ᠦᠪᠡᠷ᠎ᠤᠨ ᠵᠶ᠋ᠠᠨ ᠤᠮᠤᠷᠬᠠᠭ ᠰᠠᠭᠰᠠᠭᠤ ᠵᠢ ᠲᠡᠪᠴᠢᠵᠤ ᠴᠢᠳᠠᠳᠠᠭ ᠯᠡ ᠶᠤᠮ ᠪᠤᠯ ᠯᠠᠪ ᠪᠤᠰᠤᠳ᠎ᠤᠨ ᠪᠡᠶ᠎ᠡ ᠲᠡᠭᠡᠷᠡᠬᠢ ᠪᠠᠬᠠᠷᠤᠭᠤᠰᠢᠳᠠᠢ ᠲᠠᠯ᠎ᠠ ᠵᠢ ᠤᠯᠵᠤ ᠬᠠᠷᠠᠭ᠍ᠤ ᠪᠤᠯᠤᠨ᠎ᠠ᠂ ᠢᠩᠬᠢᠬᠦ᠎ᠨᠢ ᠰᠤᠷᠤᠯᠴᠠᠯᠭ᠎ᠠ᠎ᠳᠤ ᠲᠤᠰᠠᠳᠠᠢ ᠭᠡᠵᠦ ᠰᠤᠷᠭ᠋ᠠᠳᠠᠬ᠃
ᠵᠢᠷᠭᠤᠭ᠎ᠠ᠂ ᠰᠤᠷᠤᠭᠴᠢᠳ ᠵᠶ᠋ᠠᠨ ᠪᠣᠰᠣᠳ᠎ᠲᠤ ᠲᠠᠯᠠᠷᠬᠠᠵᠣ ᠰᠣᠷᠬᠤ ᠪᠤᠯᠭ᠋ᠠᠬᠤ
ᠶᠤᠰᠤᠷᠬᠠᠭ ᠪᠤᠯ ᠰᠢᠯᠢᠳᠡᠭ ᠬᠦᠮᠦᠨ᠎ᠤ ᠰᠢᠨᠵᠢ᠃ ᠮᠡᠳᠡᠯᠬᠡ᠎ᠲᠠᠢ ᠴᠤ᠌ ᠴᠢᠳᠠᠪᠦᠷᠢ ᠦᠬᠡᠢ᠂ ᠰᠤᠷᠤᠭᠰᠡᠨ᠎ᠨᠢ ᠲᠡᠯᠬᠡᠷ ᠴᠤ᠌ ᠶᠤᠰᠤ ᠦᠬᠡᠢ ᠪᠤᠯ ᠲᠡᠷᠡ ᠬᠦᠮᠦᠨ᠎ᠤ ᠰᠣᠷᠣᠯᠭ᠎ᠠ ᠵᠢᠨ ᠨᠠᠮᠳᠠᠷ ᠬᠡᠳᠤᠶ᠋ᠢᠴᠢᠨᠡᠭᠡᠨ ᠦᠨᠳᠤᠷ᠂ ᠠ᠋ᠷᠬᠡ ᠲᠤᠰᠢᠶᠡᠯ᠎ᠨᠢ ᠬᠡᠳᠤᠢ ᠶᠡᠭᠡ᠂ ᠮᠤᠨᠳᠠᠭ ᠠᠷᠪᠢᠨ ᠵᠤᠭᠤᠰ᠎ᠲᠠᠢ ᠪᠤᠯᠤᠭᠰᠡᠨ ᠴᠤ᠌ ᠬᠤᠪᠢ ᠵᠢᠨ ᠵᠢᠩ᠎ᠨᠢ ᠠᠨᠠᠶ᠋ᠢᠬᠠᠨ ᠪᠠᠶ᠋ᠢᠳᠠᠭ᠃ ᠬᠤᠪᠢ ᠵᠢᠨ ᠵᠢᠩ᠎ᠨᠢ ᠠᠨᠠᠶ᠋ᠢᠬᠠᠨ ᠬᠦᠮᠦᠨ ᠶᠡᠷᠤ᠎ᠨᠢ ᠬᠦᠮᠦᠰ᠎ᠲᠤ ᠬᠦᠨᠳᠤᠳᠬᠡᠭᠳᠡᠬᠦ ᠦᠬᠡᠢ ᠪᠤᠯᠳᠠᠭ᠃
ᠠᠩᠬᠢ ᠵᠢᠨ ᠠ᠋ᠷᠬᠢᠯᠡᠭᠴᠢ ᠪᠤᠯᠤᠭᠰᠠᠳ ᠰᠤᠷᠤᠭᠴᠢᠳ᠎ᠲᠤ᠎ᠪᠠᠨ ᠲᠤᠤᠷᠠᠬᠢ ᠰᠤᠷᠭ᠋ᠠᠯ᠎ᠢ ᠬᠢᠬᠦ ᠬᠡᠷᠡᠭᠳᠡᠢ᠄
① ᠠᠮᠢ ᠨᠠᠰᠣ ᠵᠢ ᠣᠯᠭᠤᠭᠰᠠᠨ ᠡᠵᠢ ᠠᠪᠤ ᠠᠬᠠᠮᠡᠳᠲᠤᠪᠠᠨ ᠲᠠᠯᠠᠷᠬᠠᠬᠤ ᠬᠡᠷᠡᠭᠳᠡᠢ᠃
② ᠠ᠋ᠷᠳᠡᠮ ᠮᠡᠳᠡᠯᠬᠡ ᠣᠯᠠᠮᠵᠢᠯᠠᠭᠰᠠᠨ ᠪᠠᠭᠰᠢ ᠨᠠᠷ᠎ᠲᠤ᠎ᠪᠠᠨ ᠲᠠᠯᠠᠷᠬᠠᠬᠤ ᠬᠡᠷᠡᠭᠳᠡᠢ᠃
③ ᠠᠮᠢᠳᠣᠷᠠᠯ ᠰᠣᠷᠣᠯᠭ᠎ᠠ᠎ᠳᠤ ᠲᠣᠰᠠᠯᠠᠭᠰᠠᠨ ᠬᠦᠮᠦᠨ ᠨᠢᠬᠡ ᠪᠦᠷᠢ᠎ᠳᠤ ᠲᠠᠯᠠᠷᠬᠠᠬᠤ ᠬᠡᠷᠡᠭᠳᠡᠢ᠃
④ ᠲᠤᠰᠡ ᠲᠡᠮ ᠦᠵᠡᠬᠦᠯᠦᠭᠰᠡᠨ ᠨᠦᠭᠦᠳ᠎ᠲᠤ᠎ᠪᠠᠨ ᠲᠠᠯᠠᠷᠬᠠᠬᠤ ᠬᠡᠷᠡᠭᠳᠡᠢ᠃
⑤ ᠠᠮᠤᠷ ᠲᠦᠪᠰᠢᠨ᠎ᠢ ᠬᠠᠩᠭ᠋ᠠᠭᠰᠡᠨ ᠠ᠋ᠬᠡ ᠤᠯᠤᠰ᠎ᠲᠤ᠎ᠪᠠᠨ ᠲᠠᠯᠠᠷᠬᠠᠬᠤ ᠬᠡᠷᠡᠭᠳᠡᠢ᠃
ᠣᠳᠣᠬᠢ ᠬᠡᠷ᠎ᠤᠨ ᠠᠬᠠᠮᠡᠳ ᠬᠡᠤᠬᠡᠳ ᠵᠶ᠋ᠠᠨ 《ᠠᠮᠠᠨ᠎ᠳᠤ᠎ᠪᠠᠨ ᠬᠢᠪᠡᠯ ᠬᠠᠶ᠋ᠢᠯᠣᠮᠠᠷ ᠠᠯᠠᠭ᠋ᠠᠨ᠎ᠳᠤ᠎ᠪᠠᠨ ᠲᠠᠯᠪᠢᠪᠠᠯ ᠪᠦᠮᠪᠦᠷᠢᠮᠡᠷ》 ᠬᠡᠳᠤ ᠦᠷᠦᠬᠡᠰᠦᠭᠡᠯ ᠵᠶ᠋ᠠᠷ ᠬᠠᠶ᠋ᠢᠷᠠᠯᠠᠳᠠᠭ᠎ᠠᠴᠠ ᠬᠡᠤᠬᠡᠳ᠎ᠨᠢ 《ᠬᠡᠯᠡᠪᠡᠯ ᠲᠡᠳᠡᠨ᠎ᠤ ᠲᠤᠷ᠎ᠡ᠂ ᠬᠡᠶ᠋ᠢᠰᠬᠡᠪᠡᠯ ᠲᠩᠷᠢ ᠵᠢᠨ ᠰᠠᠨᠠᠭ᠎ᠠ》 ᠪᠤᠯᠵᠤ᠂ ᠠᠪᠤ ᠡᠵᠢ ᠵᠢᠨ ᠵᠶ᠋ᠠᠨ ᠬᠦᠴᠢᠷ ᠵᠤᠪᠠᠯᠠᠩ᠎ᠢ ᠮᠡᠳᠡᠬᠦ ᠦᠬᠡᠢ᠂ ᠢᠳᠡᠵᠤ ᠠ᠋ᠮᠦᠰᠬᠦ᠎ᠨᠢ ᠶᠠᠭ᠋ᠠᠬᠢᠵᠤ ᠢᠷᠡᠵᠤ ᠪᠠᠶ᠋ᠢᠬᠤ ᠵᠢ ᠤᠬᠠᠬᠤ ᠦᠬᠡᠢ᠂ ᠪᠦᠷ 《ᠪᠢᠴᠢᠬᠠᠨ ᠬᠦᠩᠵᠦ》᠂ 《ᠪᠢᠴᠢᠬᠠᠨ ᠠ᠋ᠭᠡ》 ᠬᠤᠪᠢᠷᠠᠭ᠋ᠠᠳ ᠬᠦᠰᠡᠯ ᠬᠦᠬᠡᠬᠡᠴᠡᠯᠳᠤᠯ ᠵᠶ᠋ᠠᠨ ᠠᠯᠳᠠᠵᠤ᠂ ᠪᠤᠰᠤᠳ᠎ᠲᠤ ᠲᠠᠯᠠᠷᠬᠠᠬᠤ ᠵᠢ ᠤᠮᠠᠷᠳᠠᠵᠤ ᠠ᠋ᠬᠢᠯᠡᠵᠡᠢ᠃ ᠠ᠋ᠶ᠋ᠢᠮᠦ᠎ᠠᠴᠠ ᠪᠠᠭᠰᠢ᠎ᠠᠴᠠ ᠰᠣᠷᠣᠭᠴᠢᠳ᠎ᠲᠤ᠎ᠪᠠᠨ ᠬᠦᠮᠦᠨ᠎ᠳᠤ ᠲᠠᠯᠠᠷᠬᠠᠬᠤ᠎ᠨᠢ ᠬᠦᠮᠦᠨ ᠪᠣᠯᠵᠣ ᠬᠦᠮᠦᠵᠢᠭᠳᠡᠬᠦ ᠵᠢᠨ ᠴᠢᠬᠤᠯᠠ ᠵᠠᠩᠬᠢᠯᠠᠭ᠎ᠠ ᠵᠢᠨ ᠶᠠᠪᠣᠴᠠ ᠭᠡᠳᠡᠭ᠎ᠢ ᠲᠣᠳᠣᠷᠬᠠᠢ ᠲᠠᠨᠢᠭᠤᠯᠬᠤ᠎ᠨᠢ ᠵᠦᠷᠢᠴᠡᠯ ᠮᠦᠷᠬᠦᠯᠳᠦᠬᠡᠨ᠎ᠢ ᠪᠠᠭ᠋ᠠᠰᠬᠠᠵᠤ᠂ ᠡᠪ ᠨᠠᠶ᠋ᠢᠷᠡᠮᠳᠡᠯᠲᠠᠢ ᠤᠷᠴᠢᠨ ᠲᠤᠭᠤᠷᠢᠨ᠎ᠢ ᠠ᠋ᠬᠦᠳᠬᠦ ᠶᠠᠪᠤᠴᠠ ᠪᠤᠯᠬᠤ ᠵᠢ ᠮᠡᠳᠡᠬᠦᠯᠬᠦ ᠬᠡᠷᠡᠭᠳᠡᠢ᠃
ᠡᠪ ᠨᠠᠶ᠋ᠢᠷᠡᠮᠳᠡᠯᠲᠠᠢ ᠤᠷᠴᠢᠨ᠎ᠳᠤ ᠰᠠᠶᠢ ᠰᠤᠷᠤᠭᠴᠢᠳ ᠪᠠᠶᠡᠷ ᠪᠠᠶᠠᠰᠤᠯ᠎ᠲᠠᠢ ᠰᠤᠷᠤᠯᠴᠠᠵᠤ ᠴᠢᠳᠠᠨ᠎ᠠ᠂ ᠢᠳᠡᠪᠬᠢᠳᠡᠢ ᠴᠢᠷᠮᠠᠶ᠋ᠢᠵᠤ ᠲᠡᠶ᠋ᠢᠯᠦᠨ᠎ᠡ᠃ ᠠ᠋ᠳᠦᠷ ᠲᠣᠳᠣᠮ᠎ᠤᠨ ᠠᠮᠢᠳᠣᠷᠠᠯ᠂ ᠠᠷᠰᠡᠷ ᠤᠴᠢᠷ ᠶᠠᠪᠤᠳᠡᠯ᠎ᠠᠴᠠ ᠭᠠᠷᠳᠠᠨ ᠠᠩᠬᠢ ᠵᠢᠨ ᠠ᠋ᠷᠬᠢᠯᠡᠭᠴᠢ ᠤᠨᠠᠭᠰᠡᠨ ᠪᠢᠷ᠎ᠢ ᠨᠢ ᠠᠪᠴᠤ ᠦᠭᠬᠦᠭᠰᠡᠨ ᠰᠣᠷᠣᠭᠴᠢ᠎ᠳᠤ᠎ᠪᠠᠨ 《ᠲᠠᠯᠠᠷᠬᠠᠵᠣ ᠪᠠᠶ᠋ᠢᠨ᠎ᠠ!》 ᠬᠡᠵᠦ ᠶᠠᠷᠢᠨ᠂ ᠲᠡᠭᠦᠨ᠎ᠢ ᠲᠤᠰᠠᠯᠠᠭᠰᠡᠨ ᠬᠦᠮᠦᠨ᠎ᠳᠤ 《ᠲᠠᠯᠠᠷᠬᠠᠵᠣ ᠪᠠᠶ᠋ᠢᠨ᠎ᠠ!》 ᠬᠡᠵᠦ ᠬᠡᠯᠡᠬᠦᠯᠵᠤ ᠪᠠᠶ᠋ᠢᠬᠤ ᠬᠡᠷᠡᠭᠳᠡᠢ᠃ ᠢᠩᠬᠢᠪᠡᠯ ᠰᠤᠷᠤᠭᠴᠢᠳ ᠠᠩᠬᠢ ᠪᠤᠶᠤ ᠵᠠᠮ ᠵᠠᠭᠤᠷ᠎ᠡ ᠬᠠᠷᠢᠯᠴᠡᠨ ᠲᠤᠰᠠᠯᠠᠭ᠍ᠤ᠂ ᠬᠠᠷᠢᠯᠴᠡᠨ ᠬᠠᠮᠵᠢᠬᠤ ᠰᠠᠶ᠋ᠢᠨ ᠰᠠᠶ᠋ᠢᠬᠠᠨ ᠵᠠᠩ ᠰᠤᠷᠳᠡᠯ᠎ᠲᠠᠢ ᠪᠤᠯᠵᠤ ᠬᠦᠮᠦᠵᠢᠭᠳᠡᠨ᠂ ᠠ᠋ᠬᠦᠨ᠎ᠤ ᠤᠯᠠᠮ᠎ᠠᠴᠠ ᠠᠪᠤ ᠡᠵᠢ᠎ᠪᠠᠨ ᠬᠦᠨᠳᠤᠯᠡᠬᠦ᠂ ᠪᠠᠭᠰᠢ ᠠᠬᠠᠮᠡᠳ ᠵᠶ᠋ᠠᠨ ᠬᠦᠨᠳᠤᠯᠡᠬᠦ᠂ ᠠᠩᠭ᠎ᠠ ᠲᠡᠭᠦᠤ ᠨᠠᠷ ᠵᠶ᠋ᠠᠨ ᠬᠠᠶ᠋ᠢᠷᠠᠯᠠᠭ᠍ᠤ ᠰᠠᠶ᠋ᠢᠬᠠᠨ ᠰᠤᠷᠳᠡᠯ᠎ᠲᠠᠢ ᠭᠦᠮᠦᠵᠢᠭᠦ ᠪᠤᠯᠤᠨ᠎ᠠ᠃ ᠠ᠋ᠶ᠋ᠢᠮᠦ ᠰᠠᠶ᠋ᠢᠬᠠᠨ ᠰᠤᠷᠳᠡᠯ᠎ᠲᠠᠢ ᠤᠷᠴᠢᠨ᠎ᠳᠤ ᠰᠤᠷᠤᠭᠴᠢᠳ᠎ᠤᠨ ᠰᠤᠷᠤᠯᠴᠠᠭ᠍ᠤ ᠢᠳᠡᠪᠬᠢᠵᠢᠯ ᠤᠯᠠᠮ ᠴᠢᠩᠭ᠋ᠠᠷᠠᠭ᠍ᠤᠨᠢ ᠲᠠᠮᠵᠢᠭ ᠦᠬᠡᠢ᠃ 《ᠪᠣᠰᠣᠳ᠎ᠲᠤ ᠰᠠᠷᠭ᠋ᠠᠢ ᠴᠡᠴᠡᠭ ᠬᠦᠷᠬᠡᠬᠦ᠎ᠳᠤ ᠭᠠᠷᠲᠤᠨᠢ ᠠᠩᠬᠢᠯᠦᠮ᠎ᠡ ᠦᠨᠦᠷ᠎ᠨᠢ ᠦᠯᠡᠳᠡᠳᠡᠭ》᠎ᠤᠨ ᠶᠣᠰᠣ ᠠ᠋ᠨᠡ ᠪᠢᠯᠡ᠃
ᠬᠤᠷᠢᠶᠠᠩᠭᠤᠶ᠋ᠢᠯᠡᠪᠡᠯ᠂ ᠠᠩᠬᠢ ᠵᠢᠨ ᠠ᠋ᠷᠬᠢᠯᠡᠭᠴᠢ ᠪᠤᠯᠤᠭᠰᠠᠳ ᠵᠠᠪᠡᠯ ᠦᠪᠡᠷ᠎ᠤᠨ ᠦᠬᠡ ᠶᠠᠷᠢᠶ᠎ᠠ᠂ ᠦᠢ᠍ᠯᠡ ᠬᠦᠳᠡᠯᠦᠯ ᠵᠶ᠋ᠠᠷ ᠵᠶ᠋ᠠᠨ ᠰᠣᠷᠣᠭᠴᠢᠳ᠎ᠲᠤ᠎ᠪᠠᠨ ᠲᠠᠭᠤᠷᠢᠶᠠᠯ ᠦᠵᠡᠬᠦᠯᠦᠨ᠂ ᠰᠣᠷᠣᠭᠴᠢᠳ ᠵᠶ᠋ᠠᠨ ᠴᠠᠭ ᠲᠣᠬᠠᠢᠳᠤᠨᠢ ᠣᠷᠮᠠᠰᠢᠭᠤᠯᠵᠤ ᠵᠤᠷᠢᠬ᠍ᠵᠢᠭᠤᠯᠤᠨ᠂ ᠰᠣᠷᠣᠭᠴᠢᠳ ᠵᠶ᠋ᠠᠨ ᠲᠠᠭ᠋ᠠᠭᠤᠯᠣᠨ ᠠᠵᠢᠯ ᠬᠦᠳᠡᠯᠮᠦᠷᠢ᠎ᠳᠤ ᠪᠡᠶᠡᠴᠢᠯᠠᠨ ᠤᠷᠤᠯᠴᠡᠨ᠂ ᠰᠣᠷᠣᠭᠴᠢᠳ᠎ᠲᠤ᠎ᠪᠠᠨ ᠴᠠᠭ᠎ᠢ ᠪᠠᠷᠢᠮᠳᠠᠯᠠᠭ᠍ᠣ ᠵᠢ ᠮᠡᠳᠡᠬᠦᠯᠵᠤ᠂ ᠪᠣᠰᠣᠳ᠎ᠢ ᠪᠠᠭ᠍ᠠᠷᠬᠠᠵᠣ ᠴᠢᠳᠠᠭ᠍ᠤ ᠪᠤᠯᠭ᠋ᠠᠬᠤ᠂ ᠪᠣᠰᠣᠳ᠎ᠲᠤ ᠲᠠᠯᠠᠷᠬᠠᠵᠣ ᠰᠣᠷᠬᠤ ᠪᠤᠯᠭ᠋ᠠᠬᠤ ᠵᠡᠷᠬᠡ ᠲᠠᠯ᠎ᠠ᠎ᠪᠠᠷ ᠠᠩᠬᠠᠷᠪᠡᠯ ᠰᠠᠶᠢ ᠰᠤᠷᠤᠭᠴᠢᠳ᠎ᠢ ᠤᠷᠮᠠᠰᠢᠭᠤᠯᠵᠤ᠂ ᠰᠤᠷᠤᠯᠴᠠᠭ᠍ᠤ ᠢᠳᠡᠪᠬᠢᠵᠢᠯ᠎ᠢ᠎ᠨᠢ ᠲᠠᠶ᠋ᠢᠴᠢᠯᠠᠵᠤ ᠲᠡᠶ᠋ᠢᠯᠦᠨ᠎ᠡ᠃ ᠠ᠋ᠷᠡᠬᠦᠯ ᠪᠠᠶ᠎ᠠ᠎ᠲᠠᠢ᠂ ᠰᠠᠷᠠᠭᠤᠯ ᠣᠬᠠᠭ᠋ᠠᠨ᠎ᠲᠠᠢ᠂ ᠦᠬᠡᠳᠡᠷᠬᠡᠭ ᠪᠣᠳᠣᠯ᠎ᠲᠠᠢ᠂ ᠣᠷᠣᠭᠰᠢ ᠲᠠᠪᠰᠢᠬᠤ ᠬᠦᠰᠡᠯ ᠲᠠᠮᠡᠣᠯᠡᠯᠲᠠᠢ ᠬᠦᠮᠦᠨ ᠪᠤᠯᠬᠤ ᠰᠠᠭᠤᠷᠢ ᠵᠢ᠎ᠨᠢ ᠲᠠᠯᠪᠢᠵᠤ ᠴᠢᠳᠠᠨ᠎ᠠ!
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠤᠷᠴᠢᠨ ᠵᠠᠭᠦᠨ ᠭᠠᠷᠤᠨ ᠲᠤᠮᠳᠠᠳᠤ ᠬᠤᠰᠢᠭᠤᠨ᠎ᠤ
ᠵᠢᠷᠤᠭᠡ ᠭᠤᠤᠯ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)