ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠠᠩᠬᠢ ᠵᠢᠨ ᠠ᠋ᠷᠬᠢᠯᠡᠭᠴᠢ ᠵᠢᠨ ᠠᠵᠢᠯ᠎ᠢ ᠬᠡᠷᠬᠢᠨ ᠬᠢᠬᠦ ᠲᠤᠬᠠᠢ
ᠨᠡᠶ᠋ᠢᠲᠡᠯᠡᠭᠰᠡᠨ ᠴᠠᠭ᠄ 2020-01-02

                                    ᠰᠠᠷᠠᠨᠪᠢᠯᠢᠭ᠌


      ᠰᠤᠷᠭ᠋ᠠᠨ ᠬᠦᠮᠦᠵᠢᠬᠦᠯᠬᠦ᠎ᠪᠠᠷ ᠬᠦᠰᠡᠯ ᠵᠤᠷᠢᠯᠳᠠ᠎ᠪᠠᠨ ᠪᠤᠯᠭ᠋ᠠᠵᠤ᠂ ᠦᠷᠦᠭᠡᠯ ᠪᠤᠰᠤᠳ᠎ᠤᠨ ᠬᠡᠥᠬᠡᠳ᠎ᠢ ᠦᠪᠡᠷ᠎ᠤᠨ ᠬᠡᠥᠬᠡᠳ ᠰᠢᠭ ᠵᠶ᠋ᠠᠨ ᠬᠠᠶ᠋ᠢᠷᠠᠯᠠᠵᠤ᠂ ᠰᠤᠶᠤᠯ᠎ᠤᠨ ᠦᠷ᠎ᠡ ᠵᠢ ᠪᠦᠬᠦᠶ᠋ᠢᠯᠡ ᠰᠤᠷᠤᠭᠴᠢᠳ᠎ᠲᠤ ᠰᠠᠴᠤᠵᠤ ᠶᠠᠪᠤᠭ᠎ᠠ ᠪᠠᠭᠰᠢ ᠵᠢᠨ ᠠᠵᠢᠯ ᠬᠡᠭᠴᠢ ᠶᠡᠷᠦᠨᠢ ᠠᠮᠠᠷ ᠪᠤᠰᠦ ᠠᠵᠤ ᠶᠤᠮ ᠪᠠᠶ᠋ᠢᠨ᠎ᠠ ᠬᠡᠵᠦ ᠠᠩᠬ᠎ᠠ ᠠ᠋ᠬᠢᠯᠡᠵᠦ ᠠᠷᠠᠳ᠎ᠤᠨ ᠪᠠᠭᠰᠢ ᠪᠤᠯᠤᠭᠰᠠᠨ ᠲᠡᠷᠡ ᠴᠠᠭ᠎ᠠᠴᠠ ᠠ᠋ᠬᠢᠯᠡᠵᠦ ᠤᠶ᠋ᠢᠯᠠᠭ᠋ᠠᠭᠰᠠᠨ ᠬᠡᠬᠦ᠎ᠠᠴᠠ ᠠᠩᠬᠢ ᠵᠢᠨ ᠠ᠋ᠷᠬᠢᠯᠡᠭᠴᠢ ᠵᠢᠨ ᠠᠵᠢᠯ᠎ᠢ ᠭᠠᠷᠳᠠᠵᠦ ᠬᠢᠭᠰᠡᠨ ᠲᠡᠷᠡ ᠮᠦᠴᠡ᠎ᠠᠴᠠ ᠨᠡᠩ ᠬᠦᠨᠵᠡᠬᠡᠢ ᠮᠡᠳᠡᠷᠡᠵᠦ ᠶᠠᠪᠤᠭᠰᠠᠨ ᠮᠢᠨᠢ ᠦᠨᠡᠨᠳᠠᠢ᠃

      ᠠ᠋ᠭᠦᠨ᠎ᠳᠤ ᠰᠤᠷᠤᠯᠭ᠎ᠠ᠎ᠳᠤ᠎ᠪᠠᠨ ᠬᠦᠴᠢᠷᠳᠡᠳᠡᠭ ᠮᠤᠷᠠᠯ ᠵᠶ᠋ᠠᠷ ᠠᠨᠠᠢ ᠰᠤᠷᠤᠭᠴᠢ ᠵᠢ ᠭᠤᠤᠯᠴᠢᠯᠠᠨ ᠬᠦᠮᠦᠵᠢᠭᠦᠯᠬᠦ ᠵᠢ ᠠᠩᠬᠠᠷᠴᠦ᠂ ᠲᠡᠳᠡᠨ᠎ᠤ ᠲᠠᠪᠰᠢᠯᠳᠠ ᠵᠢ᠎ᠨᠢ ᠰᠡᠷᠡᠵᠦ᠂ ᠠᠯᠬᠤᠮ ᠪᠦᠷᠢ᠎ᠳᠤ᠎ᠨᠢ ᠵᠠᠮᠴᠢ ᠪᠤᠯᠬᠤ ᠵᠢᠨ ᠲᠠᠭ᠋ᠠᠤ ᠰᠢᠯᠢᠳᠡᠭ ᠰᠤᠷᠤᠭᠴᠢ ᠵᠢᠨ ᠲᠠᠭᠤᠷᠢᠶᠠᠯ᠎ᠤᠨ ᠦᠢ᠍ᠯᠡᠳᠦᠯ᠎ᠢ ᠪᠠᠳᠠᠷᠠᠭᠤᠯᠵᠦ᠂ ᠲᠤᠮᠳᠠ ᠵᠡᠷᠭᠡ ᠵᠢᠨ ᠰᠤᠷᠤᠭᠴᠢ᠎ᠳᠤ ᠦᠪᠡᠷ᠎ᠢ᠎ᠪᠠᠨ ᠢᠯᠡᠷᠡᠬᠦᠯᠬᠦ ᠵᠠᠪᠰᠢᠶᠠᠨ ᠲᠤᠬᠢᠶᠠᠯ ᠢᠯᠡᠬᠦᠭᠡᠨ ᠤᠯᠭᠤᠵᠦ ᠲᠡᠳᠡᠨ᠎ᠢ ᠵᠤᠷᠢᠬ᠍ᠵᠢᠭᠤᠯᠵᠦ ᠪᠡᠶ᠎ᠡ᠎ᠳᠤ᠎ᠪᠠᠨ ᠢᠳᠡᠭᠡᠯ᠎ᠲᠠᠢ ᠪᠠᠶ᠋ᠢᠯᠭ᠋ᠠᠵᠦ᠂ ᠪᠦᠬᠦ ᠰᠤᠷᠤᠭᠴᠢ ᠵᠢ ᠬᠠᠷᠠᠭ᠋ᠠᠯᠵᠠᠨ ᠪᠦᠬᠦ ᠰᠤᠷᠤᠭᠴᠢ ᠵᠢ ᠲᠠᠶ᠋ᠢᠴᠢᠯᠠᠵᠦ᠂ ᠬᠠᠮᠳᠤ᠎ᠪᠠᠷ ᠪᠦᠯᠬᠦᠮᠳᠡᠨ ᠲᠠᠪᠰᠢᠵᠦ᠂ ᠬᠠᠮᠳᠤ᠎ᠪᠠᠷ ᠬᠦᠭᠵᠢᠬᠦ ᠵᠢ ᠠᠩᠬᠠᠷᠬᠤ ᠴᠢᠬᠤᠯᠠ᠎ᠲᠠᠢ ᠶᠤᠮ᠃

     《ᠠᠪᠤ ᠵᠢᠨ ᠬᠦᠦ ᠠᠳᠠᠯᠢ ᠦᠬᠡᠢ ᠠᠷᠪᠠᠨ ᠬᠤᠷᠤᠭᠤ ᠲᠡᠭᠰᠢ ᠦᠬᠡᠢ》 ᠬᠡᠳᠡᠭ ᠵᠶ᠋ᠠᠷ ᠨᠢᠬᠡᠨ ᠠᠩᠬᠢ ᠨᠢᠭᠡᠴᠢ᠎ᠳᠤ ᠠᠪᠴᠦ ᠬᠡᠯᠡᠪᠡᠯ ᠰᠢᠯᠢᠳᠡᠭ ᠰᠤᠷᠤᠭᠴᠢ ᠪᠠᠶ᠋ᠢᠬᠤ᠎ᠪᠠᠷ ᠪᠠᠷᠠᠭ᠍ᠤ ᠦᠭᠡᠢ ᠰᠤᠷᠤᠯᠭ᠎ᠠ ᠮᠤᠷᠠᠯ ᠠᠨᠠᠢ ᠰᠤᠷᠤᠭᠴᠢ ᠪᠠᠶ᠋ᠢᠬᠤ᠎ᠨᠢ ᠴᠤ᠌ ᠭᠠᠷᠴᠠᠭ᠎ᠠ ᠦᠭᠡᠢ᠃ ᠪᠠᠭᠰᠢ᠎ᠠᠴᠠ ᠰᠤᠷᠤᠯᠭ᠎ᠠ ᠮᠤᠷᠠᠯ ᠠᠨᠠᠢ ᠰᠤᠷᠤᠭᠴᠢ ᠵᠢ ᠬᠦᠮᠦᠵᠢᠬᠦᠯᠵᠦ ᠲᠠᠪᠰᠢᠭᠤᠯᠬᠤ᠎ᠳᠤ᠎ᠪᠠᠨ ᠠ᠋ᠷᠬᠡᠪᠰᠢ ᠵᠦᠪ ᠲᠠᠨᠢᠯᠳᠠ ᠢᠳᠡᠭᠡᠯ ᠵᠤᠷᠢᠭ᠎ᠲᠠᠢ ᠪᠠᠶ᠋ᠢᠬᠤ ᠬᠡᠷᠡᠭᠳᠠᠢ᠃ ᠬᠡᠦᠬᠡᠳ ᠶᠤᠮ ᠴᠢᠨᠢ ᠠᠯᠢ ᠨᠢᠭᠡᠨ ᠲᠠᠯ᠎ᠠ᠎ᠪᠠᠷ ᠠ᠋ᠮᠵᠡᠭ ᠲᠤᠳᠠᠭᠳᠠᠯ ᠭᠠᠷᠭ᠋ᠠᠬᠤ᠎ᠨᠢ ᠲᠠᠮᠵᠢᠬ ᠦᠭᠡᠢ ᠶᠤᠮ᠃ ᠠ᠋ᠨᠡ ᠦᠶ᠎ᠡ᠎ᠳᠤ ᠪᠠᠭᠰᠢ᠎ᠠᠴᠠ ᠰᠠᠢ᠍ᠢ᠍ᠳᠤᠷ ᠬᠦᠮᠦᠵᠢᠭᠦᠯᠦᠨ ᠲᠠᠭ᠋ᠠᠭᠤᠯᠳᠠᠭ ᠯᠠ ᠶᠤᠮ ᠪᠤᠯ ᠲᠡᠳᠡᠨ᠎ᠢ ᠠ᠋ᠷᠡᠬᠦᠯ ᠰᠠᠶ᠋ᠢᠬᠠᠨ ᠵᠠᠮ᠎ᠳᠤ ᠤᠷᠤᠭᠤᠯᠵᠦ ᠲᠡᠶ᠋ᠢᠯᠦᠨ᠎ᠡ᠃ ᠰᠤᠷᠤᠯᠭ᠎ᠠ᠎ᠳᠤ᠎ᠪᠠᠨ ᠭᠦᠴᠢᠷᠳᠡᠳᠡᠭ ᠮᠤᠷᠠᠯ ᠵᠶ᠋ᠠᠷ ᠠᠨᠠᠢ ᠰᠤᠷᠤᠭᠴᠢ ᠵᠢ ᠬᠦᠮᠦᠵᠢᠬᠦᠯᠬᠦ ᠠᠵᠢᠯ᠎ᠨᠢ ᠪᠡᠷᠬᠡ ᠬᠠᠳᠠᠭᠤᠵᠢᠯᠳᠠᠢ ᠨᠠᠷᠢᠨ ᠪᠤᠳᠤᠯᠢᠶᠠᠨᠳᠠᠢ ᠣᠴᠢᠷ ᠪᠠᠭᠰᠢ ᠵᠠᠪᠠᠯ ᠬᠦᠯᠢᠴᠡᠩᠬᠦᠢ ᠪᠦᠭᠡᠳ ᠲᠠᠭ᠋ᠠᠭ᠋ᠠᠮᠠᠭ᠋ᠠᠢ ᠪᠠᠶ᠋ᠢᠵᠦ᠂ ᠠᠵᠢᠯ᠎ᠤᠨ ᠠᠷᠭ᠎ᠠ ᠮᠠᠶᠢᠭ ᠵᠶ᠋ᠠᠨ ᠠᠩᠬᠠᠷᠬᠤ ᠴᠢᠬᠤᠯᠠᠳᠠᠢ᠃

      ᠨᠢᠭᠡ᠂ ᠢᠳᠡᠭᠡᠨ ᠵᠤᠷᠢᠬ᠍ᠵᠢᠭᠤᠯᠬᠤ ᠪᠤᠯ ᠰᠤᠷᠤᠯᠭ᠎ᠠ ᠬᠦᠴᠢᠷᠳᠠᠢ ᠮᠤᠷᠠᠯ ᠠᠨᠠᠢ ᠰᠤᠷᠤᠭᠴᠢ ᠵᠢ ᠲᠠᠪᠰᠢᠯᠳᠠ᠎ᠲᠠᠢ ᠪᠤᠯᠭ᠋ᠠᠬᠤ ᠵᠢᠨ ᠤᠷᠢᠳᠠᠯ ᠪᠠᠢ᠍ᠢ᠍ᠵᠤ᠂ ᠪᠠᠭᠰᠢ ᠵᠢᠨ ᠢᠳᠡᠭᠡᠯ᠎ᠨᠢ ᠲᠡᠳᠡᠨᠡᠷ᠎ᠤᠨ ᠠᠯᠬᠤᠮ ᠲᠠᠪᠰᠢᠬᠤ ᠠ᠋ᠬᠢᠯᠡᠯᠳᠡ ᠪᠤᠯᠤᠨ᠎ᠠ᠃ ᠪᠠᠭᠰᠢ᠎ᠠᠴᠠ ᠰᠤᠷᠤᠯᠭ᠎ᠠ᠎ᠳᠤ᠎ᠪᠠᠨ ᠭᠦᠴᠢᠷᠳᠡᠳᠡᠭ ᠮᠤᠷᠠᠯ ᠵᠶ᠋ᠠᠷ ᠠᠨᠠᠢ ᠰᠤᠷᠤᠭᠴᠢ ᠵᠢᠨ ᠦᠴᠦᠬᠡᠨ ᠲᠠᠪᠰᠢᠯᠳᠠ ᠵᠢ ᠴᠦ᠍ ᠵᠤᠷᠢᠬ᠍ᠵᠢᠭᠤᠯᠤᠨ ᠨᠤᠳᠠᠯᠠᠵᠦ ᠪᠠᠶ᠋ᠢᠪᠠᠯ ᠲᠡᠬᠦᠨ᠎ᠤ ᠦᠭᠡᠳᠡᠯᠡᠵᠦ ᠲᠠᠪᠰᠢᠬᠤ ᠢᠳᠡᠭᠡᠯ ᠵᠤᠷᠢᠭ᠎ᠨᠢ ᠭᠦᠪᠴᠢᠯᠡᠭᠳᠡᠭᠦ ᠪᠤᠯᠤᠨ᠎ᠠ᠃ ᠮᠠᠨ᠎ᠤ ᠠᠩᠬᠢ᠎ᠳᠤ ᠰᠤᠷᠤᠯᠭ᠎ᠠ᠎ᠳᠤ᠎ᠪᠠᠨ ᠠᠨᠠᠢ᠂ ᠬᠠᠶᠠ᠎ᠳᠤ᠎ᠪᠠᠨ ᠲᠠᠰᠬᠠᠯ ᠲᠠᠭ᠋ᠠᠭ᠋ᠠᠯᠭ᠋ᠠᠪᠤᠷᠢ᠎ᠪᠠᠨ ᠴᠠᠭ ᠲᠤᠬᠠᠢ᠎ᠳᠤ᠎ᠨᠢ ᠲᠤᠰᠢᠶᠠᠭ᠍ᠤ ᠦᠭᠡᠢ᠂ ᠰᠤᠷᠤᠯᠴᠠᠭ᠍ᠤ ᠢᠳᠡᠪᠬᠢᠵᠢᠯ ᠦᠭᠡᠢ᠂ ᠪᠤᠰᠤᠳ᠎ᠲᠠᠢ ᠦᠷᠢᠰᠦᠯᠳᠦᠭᠦ ᠵᠢ ᠮᠡᠳᠡᠬᠦ ᠦᠭᠡᠢ ᠪᠢᠴᠢᠬᠠᠨ ᠬᠦᠦ ᠪᠠᠶ᠋ᠢᠭᠰᠠᠨ ᠶᠤᠮ᠃ ᠨᠢᠭᠡ ᠤᠳᠠᠭ᠋ᠠᠨ᠎ᠤ ᠠᠩᠬᠢ ᠨᠢᠭᠡᠴᠢ ᠵᠢᠨ ᠦᠯᠢᠭᠡᠷ ᠶᠠᠷᠢᠬᠤ ᠤᠷᠤᠯᠳᠤᠭ᠋ᠠᠨ ᠲᠤᠮᠳᠠ ᠪᠢ ᠠ᠋ᠨᠡ ᠬᠡᠦᠬᠡᠳ ᠦᠯᠢᠭᠡᠷ ᠶᠠᠷᠢᠬᠤ ᠲᠤᠷᠠᠳᠠᠢ ᠮᠦᠷᠳᠡᠭᠡᠨ ᠶᠡᠭᠡ ᠲᠦᠷᠰᠦᠯᠢᠭ ᠰᠠᠶ᠋ᠢᠬᠠᠨ ᠶᠠᠷᠢᠳᠠᠭ᠎ᠢ᠎ᠨᠢ ᠰᠠᠷᠠᠵᠤ ᠮᠡᠳᠡᠭᠰᠡᠨ᠎ᠠᠴᠠ ᠬᠤᠶ᠋ᠢᠰᠢᠳᠠ ᠲᠡᠬᠦᠨ᠎ᠤ ᠠ᠋ᠨᠡ ᠭᠦ᠌ ᠲᠠᠪᠠᠭᠤᠯᠢᠭ ᠲᠠᠯ᠎ᠠ ᠵᠢ ᠦᠷᠭᠦᠯᠵᠢ ᠮᠠᠭᠳᠠᠨ᠂ ᠦᠯᠢᠭᠡᠷ᠎ᠤᠨ ᠨᠤᠮ ᠢᠯᠡᠭᠦᠴᠡ ᠤᠩᠰᠢᠵᠦ ᠪᠠᠶ᠋ᠢᠭ᠋ᠠᠷᠠᠢ ᠬᠡᠵᠦ ᠵᠤᠷᠢᠬ᠍ᠵᠢᠭᠤᠯᠤᠭᠰᠠᠨ᠎ᠠᠴᠠ ᠲᠤᠰ ᠰᠤᠷᠤᠭᠴᠢ ᠬᠢᠴᠢᠶᠡᠯ᠎ᠤᠨ ᠨᠤᠮ ᠵᠶ᠋ᠠᠨ ᠤᠩᠰᠢᠬᠤ ᠲᠤᠷ᠎ᠠ ᠦᠬᠡᠢ ᠪᠠᠶ᠋ᠢᠭᠰᠠᠨ᠎ᠠᠴᠠ᠎ᠪᠠᠨ ᠬᠢᠴᠢᠶᠡᠯ᠎ᠤᠨ ᠭᠠᠳᠠᠭᠤᠷᠬᠢ ᠦᠯᠢᠭᠡᠷ᠎ᠤᠨ ᠨᠤᠮ ᠤᠩᠰᠢᠬᠤ ᠲᠠᠳᠬᠠᠯ᠎ᠲᠠᠢ ᠪᠤᠯᠤᠭᠰᠠᠨ ᠮᠦᠷᠳᠡᠭᠡᠨ ᠬᠢᠴᠢᠶᠡᠯ ᠰᠤᠷᠤᠯᠭ᠎ᠠ᠎ᠳᠤ᠎ᠪᠠᠨ ᠰᠢᠮᠳᠠᠵᠦ ᠬᠢᠴᠢᠶᠡᠯ᠎ᠤᠨ ᠭᠠᠳᠠᠭᠤᠷᠬᠢ ᠬᠦᠳᠡᠯᠭᠡᠭᠡᠨ᠂ ᠪᠦᠵᠢᠭ ᠲᠠᠮᠢᠷ᠎ᠲᠤ ᠴᠦ᠍ ᠲᠤᠩ ᠢᠳᠡᠪᠬᠢᠳᠠᠢ᠎ᠪᠠᠷ ᠤᠷᠤᠯᠴᠠᠭ᠍ᠤ ᠪᠤᠯᠵᠤ ᠪᠢᠯᠡ᠃

      ᠲᠡᠶ᠋ᠢᠮᠦ᠎ᠠᠴᠠ ᠰᠤᠷᠤᠯᠭ᠎ᠠ᠎ᠳᠤ᠎ᠪᠠᠨ ᠬᠦᠴᠢᠷᠳᠠᠳᠡᠭ ᠮᠤᠷᠠᠯ ᠠᠨᠠᠢ ᠰᠤᠷᠤᠭᠴᠢ ᠵᠢᠨ ᠪᠡᠶ᠎ᠡ ᠲᠡᠭᠡᠷᠡᠬᠢ ᠬᠢᠯᠠᠰ ᠴᠡᠭ᠎ᠢ ᠤᠯᠵᠦ ᠬᠠᠷᠠᠭ᠍ᠤ ᠪᠤᠯ ᠵᠠᠩᠬᠢᠯᠠᠭ᠎ᠠ ᠮᠦᠨ᠃ ᠰᠤᠷᠤᠯᠭ᠎ᠠ ᠮᠤᠷᠠᠯ ᠠᠨᠠᠢ ᠰᠤᠷᠤᠭᠴᠢ ᠵᠢᠨ ᠲᠠᠪᠠᠭᠤᠯᠢᠭ ᠲᠠᠯ᠎ᠠ᠎ᠨᠢ ᠶᠡᠷᠦ᠎ᠳᠤ᠎ᠪᠠᠨ ᠲᠡᠳᠡᠨ᠎ᠤ ᠬᠦᠷᠦᠯᠴᠡᠬᠦ ᠦᠭᠡᠢ ᠲᠠᠯ᠎ᠠ᠎ᠳᠤ᠎ᠨᠢ ᠬᠠᠯᠬᠠᠯᠠᠭᠳᠠᠵᠦ᠂ ᠪᠤᠰᠤᠳ ᠬᠦᠮᠦᠨ ᠰᠡᠷᠡᠵᠦ ᠮᠡᠳᠡᠬᠦ ᠦᠭᠡᠢ᠂ ᠴᠠᠭ᠋ᠠᠰᠢᠯᠠᠪᠠᠯ ᠲᠡᠷᠡ ᠦᠪᠡᠷ ᠵᠶ᠋ᠠᠨ ᠴᠦ᠍ ᠤᠯᠵᠦ ᠮᠡᠳᠡᠬᠦ ᠦᠭᠡᠢ ᠪᠠᠶ᠋ᠢᠳᠠᠭ᠃ ᠠ᠋ᠨᠡ ᠦᠶᠡᠰ ᠪᠠᠭᠰᠢ᠎ᠠᠴᠠ ᠲᠡᠭᠦᠨ᠎ᠢ ᠰᠡᠷᠡᠨ ᠮᠡᠳᠡᠵᠦ᠂ ᠲᠤᠳᠤᠭ᠋ᠠᠳᠤ ᠢᠳᠡᠪᠬᠢ ᠬᠦᠴᠦᠨ᠎ᠢ᠎ᠨᠢ ᠲᠠᠶ᠋ᠢᠴᠢᠯᠠᠨ᠂ ᠨᠠᠵᠠᠭ᠋ᠠᠢ ᠲᠠᠯ᠎ᠠ ᠵᠢ᠎ᠨᠢ ᠢᠯᠠᠨ ᠲᠠᠪᠠᠭᠤᠯᠬᠤ ᠭᠡᠷᠡᠭᠳᠠᠢ᠃

      ᠬᠤᠶᠠᠷ᠂ ᠰᠢᠯᠢᠳᠡᠭ ᠰᠤᠷᠤᠭᠴᠢ ᠵᠢᠨ ᠲᠠᠭᠤᠷᠢᠶᠠᠯ᠎ᠤᠨ ᠦᠢ᠍ᠯᠡᠳᠦᠯ᠎ᠢ ᠪᠠᠳᠠᠷᠠᠭᠤᠯᠬᠤ᠎ᠨᠢ ᠠᠩᠬᠢ ᠨᠢᠭᠡᠴᠢ ᠵᠢᠨ ᠬᠦᠴᠦᠨ ᠨᠢᠭᠡᠳᠠᠢ ᠤᠷᠤᠭᠰᠢᠯᠠᠨ ᠲᠠᠪᠰᠢᠬᠤ᠎ᠳᠤ ᠴᠢᠬᠤᠯᠠ ᠠᠴᠢ ᠬᠤᠯᠪᠤᠭᠳᠠᠯ᠎ᠲᠠᠢ ᠶᠤᠮ᠃ ᠨᠢᠭᠡᠳᠦᠭᠡᠷ ᠤᠨ ᠪᠠᠶ᠋ᠢᠬᠤ᠎ᠳᠤ ᠠᠩᠬᠢ ᠵᠢᠨ ᠵᠢᠵᠢᠭᠦᠷ᠎ᠢ ᠬᠠᠮᠢᠶᠠᠷᠬᠤ᠎ᠨᠢ ᠨᠠᠳᠠᠳᠤ ᠠᠪᠴᠦ ᠬᠡᠯᠡᠪᠡᠯ ᠬᠦᠴᠢᠷ ᠠᠰᠠᠭᠤᠳᠠᠯ ᠪᠠᠶ᠋ᠢᠭᠰᠠᠨ᠂ ᠭᠡᠪᠡᠴᠦ ᠪᠢ ᠰᠢᠯᠢᠳᠡᠭ ᠰᠤᠷᠤᠭᠴᠢ ᠵᠢᠨ ᠲᠠᠭ᠋ᠠᠭᠤᠯᠭ᠎ᠠ ᠵᠢᠨ ᠦᠢ᠍ᠯᠡᠳᠦᠯ ᠵᠶ᠋ᠠᠷ ᠲᠤᠰ ᠬᠦᠴᠢᠷᠳᠡᠯ᠎ᠢ ᠢᠯᠠᠵᠤ ᠲᠡᠶ᠋ᠢᠯᠦᠭᠰᠡᠨ ᠶᠤᠮ᠃ ᠨᠢᠭᠡᠳᠦᠭᠡᠷ ᠤᠨ᠎ᠤ ᠰᠤᠷᠤᠭᠴᠢᠳ ᠶᠡᠷᠦᠨᠢ ᠵᠢᠵᠢᠭᠦᠷ ᠵᠶ᠋ᠠᠨ ᠴᠠᠭ ᠲᠤᠬᠠᠢ᠎ᠳᠤ᠎ᠨᠢ ᠬᠢᠵᠦ ᠲᠡᠶ᠋ᠢᠯᠭᠦ ᠦᠭᠡᠢ᠂ ᠬᠢᠴᠢᠶᠡᠯ ᠤᠷᠤᠴᠢᠬᠠᠭᠰᠠᠨ ᠪᠠᠶ᠋ᠢᠳᠠᠯ᠎ᠠ ᠪᠠᠰᠠ ᠵᠢᠵᠢᠭᠦᠷ ᠬᠢᠵᠦ ᠪᠤᠳᠠᠷᠠᠭᠤᠯᠳᠠᠭ᠃ ᠲᠡᠭᠡᠭᠡᠳ ᠨᠡᠯᠢᠶᠡᠳ ᠪᠡᠶ᠎ᠡ᠎ᠪᠠᠨ ᠲᠠᠭ᠋ᠠᠭ᠋ᠠᠵᠦ ᠬᠠᠷᠢᠭᠤᠴᠠᠯᠭ᠎ᠠ᠎ᠲᠠᠢ ᠵᠢᠵᠢᠭᠦᠷ ᠬᠢᠳᠡᠭ ᠰᠤᠷᠤᠭᠴᠢ᠎ᠪᠠᠷ ᠵᠢᠵᠢᠭᠦᠷ᠎ᠤᠨ ᠲᠠᠷᠤᠭ᠎ᠠ ᠪᠤᠯᠭ᠋ᠠᠵᠤ᠂ ᠠᠩᠭᠢ ᠵᠢᠨ ᠺᠠᠳ᠋ᠷ ᠵᠢᠵᠢᠭᠦᠷ ᠪᠤᠯᠭ᠋ᠠᠨ᠎ᠳᠤ ᠬᠢᠨᠠᠯᠳᠠ ᠲᠠᠯᠪᠢᠵᠦ᠂ ᠠ᠋ᠷᠳᠡ ᠵᠢᠨ ᠬᠤᠷᠠᠯ ᠪᠤᠯᠭ᠋ᠠᠨ᠎ᠳᠤ ᠪᠠᠭᠰᠢ᠎ᠠᠴᠠ ᠦᠨᠡᠯᠡᠯᠲᠡ ᠵᠤᠷᠢᠬ᠍ᠵᠢᠭᠤᠯᠤᠯ ᠬᠢᠭᠰᠡᠨ᠎ᠠᠴᠠ ᠠ᠋ᠨᠡ ᠠᠰᠠᠭᠤᠳᠠᠯ᠎ᠢ ᠪᠦᠳᠦᠮᠵᠢᠲᠡᠢ ᠰᠢᠢ᠍ᠳᠪᠦᠷᠢᠯᠡᠵᠦ ᠴᠢᠳᠠᠭᠰᠠᠨ ᠪᠠᠢ᠍ᠢ᠍ᠨ᠎ᠠ᠃

      ᠭᠤᠷᠪᠠ᠂ ᠠᠩᠬᠢ ᠨᠢᠭᠡᠴᠢ ᠵᠢᠨ ᠬᠠᠮᠢᠶᠠᠷᠤᠯᠳᠠ᠎ᠳᠤ ᠲᠤᠮᠳᠠ ᠵᠡᠷᠭᠡ ᠵᠢᠨ ᠰᠤᠷᠤᠭᠴᠢ ᠵᠢ ᠴᠦ᠍ ᠤᠮᠳᠤᠭ᠋ᠠᠶ᠋ᠢᠯᠠᠵᠦ ᠪᠤᠯᠬᠤ ᠦᠭᠡᠢ᠃ ᠲᠤᠮᠳᠠ ᠵᠡᠷᠭᠡ ᠵᠢᠨ ᠰᠤᠷᠤᠭᠴᠢ ᠵᠢ ᠬᠦᠬᠢᠭᠦᠯᠦᠨ ᠵᠤᠷᠢᠬ᠍ᠵᠢᠭᠤᠯᠵᠦ᠂ ᠲᠡᠳᠡᠨ᠎ᠳᠤ ᠦᠪᠡᠷ᠎ᠢ᠎ᠪᠠᠨ ᠢᠯᠡᠷᠡᠬᠦᠯᠬᠦ ᠵᠠᠪᠰᠢᠶᠠᠨ ᠤᠯᠭᠤᠬᠤ ᠬᠡᠷᠡᠭᠳᠠᠢ᠃ ᠲᠤᠮᠳᠠ ᠵᠡᠷᠭᠡ ᠵᠢᠨ ᠰᠤᠷᠤᠭᠴᠢ᠎ᠨᠢ ᠰᠠᠶ᠋ᠢᠨ ᠴᠦ᠍ ᠪᠢᠰᠢ ᠮᠠᠭᠤ ᠴᠦ᠍ ᠪᠢᠰᠢ ᠪᠤᠯᠬᠤᠷ ᠶᠡᠷᠦᠨᠢ ᠤᠮᠳᠣᠭ᠋ᠠᠶ᠋ᠢᠯᠠᠭᠳᠠᠳᠠᠭ᠃ ᠪᠠᠭᠰᠢ᠎ᠠᠴᠠ ᠠ᠋ᠳᠡᠭᠡᠷ ᠰᠤᠷᠤᠭᠴᠢᠳ᠎ᠲᠤ ᠢᠯᠡᠭᠦᠭᠡᠨ ᠨᠢᠳᠦ ᠬᠠᠶᠠᠵᠦ ᠢᠳᠡᠭᠡᠯ ᠵᠤᠷᠢᠭ ᠤᠯᠭᠤᠬᠤ ᠬᠡᠷᠡᠭᠳᠠᠢ᠃ ᠮᠠᠨ᠎ᠤ ᠠᠩᠬᠢ᠎ᠳᠤ ᠦᠭᠡ ᠲᠠᠭᠤ ᠴᠦᠬᠡᠨ᠎ᠲᠠᠢ᠂ ᠬᠤᠶᠠᠷ ᠦᠭᠡ ᠬᠡᠯᠡᠬᠦ ᠦᠭᠡᠢ᠎ᠪᠠᠷ ᠬᠠᠴᠠᠷ᠎ᠨᠢ ᠤᠯᠠᠶ᠋ᠢᠴᠢᠬᠠᠳᠠᠭ᠂ ᠬᠤᠪᠢ᠎ᠪᠠᠨ ᠰᠠᠬᠢᠵᠦ ᠲᠤᠪᠤ᠎ᠪᠠᠨ ᠪᠤᠷᠤᠯᠠᠭᠤᠯᠵᠦ ᠶᠠᠪᠤᠳᠠᠭ ᠲᠦᠯᠦᠭᠡᠯᠡᠭᠦ ᠴᠢᠨᠠᠷᠳᠠᠢ ᠲᠤᠮᠳᠠ ᠵᠡᠷᠭᠡ ᠵᠢᠨ ᠰᠤᠷᠤᠭᠴᠢ ᠪᠠᠢ᠍ᠢ᠍ᠭᠰᠠᠨ ᠶᠤᠮ᠃ ᠠ᠋ᠨᠡ ᠬᠡᠦᠬᠡᠳ᠎ᠢ ᠵᠤᠷᠢᠭᠳᠠᠢ ᠶᠠᠷᠢᠵᠦ ᠢᠯᠡᠳᠭᠡᠭᠦ ᠵᠢ ᠵᠤᠷᠢᠬ᠍ᠵᠢᠭᠤᠯᠤᠨ᠂ ᠬᠠᠮᠳᠤ ᠰᠣᠷᠤᠭᠴᠢᠳ᠎ᠲᠠᠢ᠎ᠪᠠᠨ ᠲᠤᠭᠯᠠᠨ ᠨᠠᠭ᠋ᠠᠳᠴᠤ᠂ ᠬᠠᠮᠳᠤ ᠵᠢᠨ ᠬᠦᠳᠡᠯᠭᠡᠭᠡᠨ ᠪᠠ ᠰᠤᠷᠭ᠋ᠠᠭᠤᠯᠢ ᠵᠢᠨ ᠤᠷᠤᠯᠳᠤᠭ᠋ᠠᠨ ᠮᠦᠷᠦᠶ᠋ᠢᠴᠡᠭᠡᠨ᠎ᠳᠤ ᠵᠤᠷᠢᠯᠭ᠎ᠠ᠎ᠲᠠᠢ᠎ᠪᠠᠷ ᠤᠷᠤᠯᠴᠠᠭᠤᠯᠤᠭᠰᠠᠨ᠎ᠠᠴᠠ ᠲᠡᠷᠡ ᠰᠤᠷᠤᠭᠴᠢ ᠢᠨᠢᠶᠡᠳᠦ ᠬᠠᠨᠢᠶᠠᠳᠤ᠂ ᠣᠮᠤᠭ ᠵᠤᠷᠢᠭ᠎ᠲᠠᠢ ᠪᠤᠯᠵᠦ ᠬᠤᠪᠢᠷᠠᠨ᠂ ᠬᠢᠴᠢᠶᠡᠯ ᠰᠤᠷᠤᠯᠭ᠎ᠠ᠎ᠨᠢ ᠴᠦ᠍ ᠲᠠᠪᠰᠢᠭᠰᠠᠨ ᠪᠠᠢ᠍ᠢ᠍ᠨ᠎ᠠ᠃

      ᠮᠠᠨ᠎ᠤ ᠵᠢᠷᠭᠤᠳᠤᠭ᠋ᠠᠷ ᠤᠨ᠎ᠳᠤ 22 ᠨᠡᠷ᠎ᠡ ᠰᠤᠷᠤᠭᠴᠢ᠎ᠲᠠᠢ᠂ ᠠ᠋ᠳᠡᠭᠡᠷ ᠰᠤᠷᠤᠭᠴᠢ ᠪᠦᠷ ᠦᠪᠡᠷ ᠦᠪᠡᠷ᠎ᠤᠨ ᠵᠶ᠋ᠠᠨ ᠲᠠᠪᠠᠭᠤᠯᠢᠭ ᠲᠠᠯ᠎ᠠ᠂ ᠤᠨᠴᠠᠯᠢᠭ᠎ᠲᠠᠢ ᠪᠠᠶ᠋ᠢᠳᠠᠭ᠃ ᠲᠤᠬᠠᠶ᠋ᠢᠯᠠᠪᠠᠯ᠄ ᠵᠠᠷᠢᠮ᠎ᠨᠢ ᠤᠩᠰᠢᠵᠦ ᠤᠶᠠᠩᠭ᠋ᠠᠯᠠᠭ᠍ᠤ᠎ᠳᠤ ᠭᠠᠷᠮᠠᠭ᠋ᠠᠢ ᠵᠠᠷᠢᠮ᠎ᠨᠢ ᠦᠰᠦᠨ ᠪᠢᠷ᠎ᠤᠨ ᠪᠢᠴᠢᠯᠭᠡ᠎ᠳᠤ᠎ᠪᠠᠨ ᠴᠢᠳᠠᠮᠠᠭ᠋ᠠᠢ᠂ ᠵᠠᠷᠢᠮ᠎ᠨᠢ ᠤᠶ᠋ᠢᠯᠠᠭ᠋ᠠᠵᠦ ᠴᠡᠭᠡᠵᠢᠯᠡᠭᠦ᠎ᠳᠤ᠎ᠪᠠᠨ ᠲᠦᠷᠭᠡᠨ ᠭᠡᠬᠦ᠎ᠳᠤ ᠪᠠᠰᠠ ᠵᠠᠷᠢᠮ᠎ᠨᠢ ᠦᠯᠢᠭᠡᠷ ᠶᠠᠷᠢᠬᠤ᠎ᠳᠤ᠎ᠪᠠᠨ ᠵᠦᠭᠡᠷ ᠭᠡᠬᠦ ᠮᠡᠳᠦ᠎ᠪᠠᠷ ᠦᠪᠡᠷ ᠦᠪᠡᠷ᠎ᠤᠨ ᠠᠪᠢᠶᠠᠰᠤᠯᠢᠭ ᠳᠠᠪᠠᠭᠤᠯᠢᠬ᠎ᠲᠠᠢ᠃ ᠬᠡᠳᠦᠢ ᠦᠨ᠎ᠡ ᠪᠡᠨ᠎ᠡ᠎ᠲᠠᠢ ᠬᠠᠰ ᠴᠢᠯᠠᠭᠤ ᠪᠠᠶ᠋ᠢᠭᠰᠠᠨ ᠴᠦ᠍ ᠬᠡᠷᠪᠡ ᠱᠤᠭᠤᠮᠠᠯᠴᠢᠨ᠎ᠤ ᠤᠷᠠᠨ ᠭᠠᠷ᠎ᠢ ᠲᠠᠮᠵᠢᠬᠤ ᠦᠭᠡᠢ ᠪᠤᠯ ᠭᠠᠶ᠋ᠢᠬᠠᠮᠰᠢᠭᠳᠤ ᠰᠠᠢ᠍ᠢ᠍ᠬᠠᠨ ᠤᠷᠠᠯᠢᠭ᠎ᠤᠨ ᠪᠦᠳᠦᠭᠡᠯ ᠪᠤᠯᠵᠦ ᠴᠢᠳᠠᠳᠠᠭ ᠦᠭᠡᠢ᠎ᠲᠠᠢ ᠠᠳᠠᠯᠢ᠎ᠪᠠᠷ ᠭᠡᠦᠭᠡᠳ ᠨᠢᠭᠡᠪᠦᠷᠢ ᠵᠢᠨ ᠭᠠᠶ᠋ᠢᠬᠠᠮᠰᠢᠭ᠎ᠢ ᠨᠡᠭᠡᠭᠡᠨ ᠢᠯᠡᠷᠡᠬᠦᠯᠬᠦ᠎ᠳᠤ ᠬᠠᠶ᠋ᠢᠷ᠎ᠠ ᠬᠠᠯᠠᠮᠵᠢ ᠵᠤᠷᠢᠬ᠍ᠵᠢᠭᠤᠯᠤᠯ ᠶᠠᠭ᠋ᠠᠬᠢᠭᠰᠠᠨ ᠴᠦ᠍ ᠲᠤᠳᠠᠭᠳᠠᠵᠤ ᠪᠤᠯᠬᠤ ᠦᠭᠡᠢ᠃ ᠮᠠᠨ᠎ᠤ ᠠᠩᠬᠢ᠎ᠳᠤ ᠠᠯᠢᠶ᠎ᠠ ᠮᠦᠷᠳᠡᠭᠡᠨ ᠠᠭ᠋ᠠᠰᠢ ᠵᠠᠩ᠎ᠨᠢ ᠲᠤᠭᠰᠢᠨ᠂ ᠰᠤᠷᠤᠯᠭ᠎ᠠ᠎ᠳᠤ᠎ᠪᠠᠨ ᠠᠨᠠᠢ᠂ ᠪᠤᠰᠤᠳ᠎ᠲᠤ ᠨᠠᠶ᠋ᠢᠷ ᠲᠠᠯᠪᠢᠬᠤ ᠵᠢ ᠮᠡᠳᠡᠭᠦ ᠦᠭᠡᠢ᠂ ᠦᠷᠭᠦᠯᠵᠢ ᠬᠠᠮᠳᠤ ᠨᠦᠭᠦᠳ᠎ᠲᠠᠢ᠎ᠪᠠᠨ ᠬᠡᠷᠡᠭᠦᠯ ᠬᠢᠵᠦ᠂ ᠭᠡᠷ᠎ᠲᠤ᠎ᠪᠠᠨ ᠬᠠᠷᠢᠭᠰᠠᠨ ᠴᠦ᠍ ᠠᠪᠤ ᠡᠵᠢ᠎ᠲᠠᠢ᠎ᠪᠠᠨ ᠮᠠᠷᠭᠤᠯᠳᠤᠳᠠᠬ᠂ ᠲᠤᠯᠤᠭ᠋ᠠᠢ ᠵᠢ ᠡᠪᠡᠳᠬᠡᠳᠡᠭ ᠬᠡᠦᠬᠡᠳ ᠪᠠᠶ᠋ᠢᠬᠰᠠᠨ ᠶᠤᠮ᠃ ᠭᠡᠪᠡᠴᠤ ᠲᠡᠷᠡ ᠲᠠᠭᠤᠤ ᠲᠠᠭᠤᠯᠠᠵᠤ ᠰᠢᠯᠦᠭ ᠰᠢᠯᠦᠭᠯᠡᠭᠦ᠎ᠳᠤ᠎ᠪᠠᠨ ᠠᠪᠢᠶᠠᠰᠤᠯᠢᠭ ᠲᠤᠯᠠ ᠬᠢᠴᠢᠶᠡᠯ ᠪᠤᠯᠭ᠋ᠠᠨ᠎ᠳᠤ ᠠᠯᠢ ᠴᠢᠳᠠᠬᠤ᠎ᠪᠠᠷ ᠲᠡᠭᠦᠨ᠎ᠳᠤ ᠣᠩᠰᠢᠬᠤ ᠠ᠋ᠭᠡᠯᠵᠢ ᠲᠤᠬᠢᠷᠠᠭᠤᠯᠵᠦ᠂ ᠲᠠᠭᠤᠨ᠎ᠤ ᠦᠩᠭᠡ ᠢᠷᠠᠭᠤ ᠴᠡᠭᠡᠯᠭᠡᠨ᠂ ᠤᠩᠰᠢᠯᠭ᠎ᠠ ᠶᠡᠭᠡ ᠲᠠᠪᠰᠢᠯᠳᠠ᠎ᠲᠠᠢ ᠬᠡᠭᠦ ᠮᠡᠳᠦ᠎ᠪᠠᠷ ᠮᠠᠭᠳᠠᠳᠠᠭ ᠮᠦᠷᠳᠡᠭᠡᠨ ᠬᠤᠭᠤᠴᠠᠭ᠎ᠠ ᠡᠴᠦᠰ ᠪᠦᠷᠢ ᠵᠢᠨ ᠰᠤᠷᠤᠭᠴᠢ ᠵᠢᠨ ᠶᠡᠷᠦᠩᠬᠡᠶ᠋ᠢᠯᠡᠭᠰᠡᠨ ᠦᠨᠡᠯᠡᠯᠳᠡ᠎ᠳᠤ ᠲᠠᠪᠰᠢᠯᠳᠠ᠎ᠲᠠᠢ ᠪᠠᠶ᠋ᠢᠨ᠎ᠠ᠂ ᠨᠦᠭᠦᠳ ᠵᠠᠭᠤᠷ᠎ᠠ᠎ᠪᠠᠨ ᠲᠤᠩ ᠪᠦᠯᠬᠦᠮᠳᠡᠯ᠎ᠲᠠᠢ ᠪᠠᠶ᠋ᠢᠨ᠎ᠠ ᠬᠡᠮᠡᠨ ᠪᠢᠴᠢᠵᠦ ᠢᠯᠡᠭᠡᠳᠡᠭ ᠪᠠᠢ᠍ᠢ᠍ᠭᠰᠠᠨ ᠶᠤᠮ᠃ ᠲᠡᠭᠦᠨ᠎ᠠᠴᠠ ᠬᠤᠶ᠋ᠢᠰᠢ ᠠ᠋ᠨᠡ ᠰᠤᠷᠤᠭᠴᠢ ᠴᠦ᠍ ᠦᠪᠡᠷ᠎ᠤᠨ ᠲᠠᠪᠠᠭᠤᠯᠢᠭ ᠲᠠᠯ᠎ᠠ᠎ᠪᠠᠨ ᠲᠠᠨᠢᠵᠦ᠂ ᠦᠪᠡᠷ᠎ᠤᠨ ᠪᠠᠶ᠎ᠠ᠎ᠳᠤ᠎ᠪᠠᠨ ᠢᠳᠡᠭᠡᠯ᠎ᠲᠠᠢ ᠪᠤᠯᠤᠭ᠋ᠠᠳ ᠡᠯ᠎ᠡ ᠲᠠᠯ᠎ᠠ᠎ᠪᠠᠷ ᠲᠠᠪᠰᠢᠭᠰᠠᠨ ᠪᠠᠢ᠍ᠢ᠍ᠨ᠎ᠠ᠃
      ᠠᠩᠭᠢ ᠵᠢᠨ ᠠ᠋ᠷᠭᠢᠯᠡᠭᠴᠢ ᠪᠤᠯᠤᠭᠰᠠᠨ᠎ᠤ ᠬᠤᠪᠢ᠎ᠳᠤ ᠰᠡᠷᠭᠡᠭ ᠠᠵᠢᠬ᠍ᠴᠢ ᠨᠢᠳᠤ᠂ ᠬᠠᠶ᠋ᠢᠨ ᠢᠯᠡᠷᠡᠭᠦᠯᠭᠦ ᠢᠳᠡᠭᠡᠯ᠂ ᠦᠷᠦᠪᠴᠢ ᠬᠠᠯᠠᠭᠤᠨ ᠬᠠᠶ᠋ᠢᠷ᠎ᠠ ᠵᠢᠨ ᠰᠡᠳᠬᠢᠯ ᠵᠶ᠋ᠠᠷ ᠬᠡᠦᠬᠡᠳ ᠨᠢᠭᠡᠪᠦᠷᠢ᠎ᠳᠤ ᠠ᠋ᠷᠭᠡ ᠲᠡᠭᠰᠢ ᠬᠠᠨᠳᠤᠵᠦ᠂ ᠰᠤᠷᠤᠭᠴᠢ ᠨᠢᠭᠡᠪᠦᠷᠢ ᠵᠢ ᠬᠦᠨᠳᠦᠳᠬᠡᠨ᠂ ᠢᠳᠡᠭᠡᠯ ᠪᠢᠰᠢᠷᠠᠯ᠎ᠢ᠎ᠨᠢ ᠤᠯᠵᠦ᠂ ᠲᠡᠳᠡᠨ᠎ᠤ ᠪᠡᠶ᠎ᠡ᠎ᠳᠤ ᠨᠢᠭᠤᠭᠳᠠᠵᠦ ᠪᠠᠶ᠋ᠢᠭ᠎ᠠ ᠭᠡᠷᠡᠯᠳᠦ ᠴᠡᠭ᠎ᠢ ᠠᠰᠠᠭ᠋ᠠᠨ ᠨᠤᠴᠤᠭ᠋ᠠᠵᠦ ᠴᠢᠳᠠᠭᠰᠠᠨ ᠪᠠᠶ᠋ᠢᠬᠤ ᠭᠡᠷᠡᠭᠳᠠᠢ᠃
      ᠬᠠᠶᠢᠬ᠄ ᠤᠨᠭ᠌ᠨᠢᠭᠤᠳ ᠬᠤᠰᠢᠭᠤᠨ᠎ᠤ ᠭᠡᠷᠰᠡᠩ ᠭᠤᠤᠯ ᠪᠠᠭ᠎ᠠ ᠰᠤᠷᠭ᠋ᠠᠭᠤᠯᠢ

                               (ᠠ᠋ᠾᠤᠢ᠍ᠩ ᠮᠸᠢ ᠨᠠᠢ᠍ᠢ᠍ᠷᠠᠭᠤᠯᠪᠠ)

                                2019 ᠣᠨ᠎ᠤ 2 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠠᠩᠭᠢ ᠵᠢᠨ ᠠ᠋ᠷᠬᠢᠯᠡᠭᠴᠢ ᠵᠢᠨ ᠠᠵᠢᠯ᠎ᠢ ᠭᠡᠷᠬᠢᠨ ᠬᠢᠪᠡᠯ ᠵᠤᠬᠢᠬᠤ ᠪᠤᠢ
ᠠᠩᠬᠢ ᠵᠢᠨ ᠬᠠᠮᠢᠶᠠᠷᠤᠯᠲᠠ ᠪᠤᠯᠤᠨ ᠬᠦᠮᠦᠨ᠎ᠢ ᠬᠦᠮᠦᠵᠢᠭᠦᠯᠬᠦ
ᠬᠠᠶ᠋ᠢᠷ᠎ᠠ ᠪᠣᠯ ᠠᠩᠭᠢ ᠨᠢᠭᠡᠴᠢ ᠵᠢᠨ ᠠᠮᠢᠵᠢᠷᠠᠯ ᠬᠠᠷᠢᠭᠤᠴᠠᠯᠭ᠎ᠠ ᠪᠣᠯ ᠪᠠᠭᠰᠢ ᠬᠥᠮᠦᠨ᠎ᠤ ᠪᠠᠷᠢᠮᠳᠠᠯᠠᠯ
ᠠᠨᠭ᠌ᠬᠢ ᠵᠢᠨ ᠠ᠋ᠷᠬᠢᠯᠡᠭᠴᠢ ᠵᠢᠨ ᠠᠵᠢᠯ᠎ᠤᠨ ᠲᠤᠬᠠᠢ ᠮᠦᠴᠢᠳ ᠦᠭᠦᠯᠡᠭᠦ᠎ᠨᠢ
ᠠᠩᠭᠢ ᠵᠢᠨ ᠠ᠋ᠷᠬᠢᠯᠡᠭᠴᠢ ᠵᠢᠨ ᠠᠵᠢᠯ᠎ᠳᠤ᠎ᠬᠢ ᠰᠤᠷᠤᠭᠴᠢ ᠵᠢᠨ ᠬᠠᠮᠢᠶᠠᠷᠤᠯᠳᠠ ᠵᠢᠨ ᠠᠷᠭ᠎ᠠ ᠪᠠᠷᠢᠯ
 
             蒙ICP备05000248号