ᠠᠯᠳᠠᠨᠭ᠌ᠬᠤᠸᠠᠷ
ᠠᠩᠭᠢ ᠵᠢᠨ ᠠ᠋ᠷᠬᠢᠯᠡᠭᠴᠢ ᠵᠢᠨ ᠠᠵᠢᠯ ᠪᠣᠯ ᠶᠡᠷᠦᠩᠭᠡᠢ᠎ᠳᠤ᠎ᠪᠠᠨ ᠣᠴᠢᠷ ᠶᠠᠪᠣᠳᠠᠯ ᠣᠯᠠᠨ᠂ ᠠ᠋ᠬᠦᠷᠭᠡ ᠬᠠᠷᠢᠭᠤᠴᠠᠯᠭ᠎ᠠ ᠬᠦᠨᠳᠦ ᠪᠠᠢ᠍ᠢ᠍ᠵᠤ᠂ ᠨᠠᠷᠢᠯᠢᠬ᠂ ᠣᠬᠠᠭ᠋ᠠᠯᠢᠭ᠂ ᠬᠦᠯᠢᠴᠡᠩᠬᠦᠢ ᠬᠠᠮᠢᠶᠠᠷᠣᠯᠳᠠ ᠱᠠᠭ᠋ᠠᠷᠳᠠᠳᠠᠭ᠃ ᠲᠡᠷᠡ᠎ᠨᠢ ᠪᠠᠭᠰᠢ ᠬᠦᠮᠦᠨ᠎ᠤ ᠠᠪᠢᠶᠠᠰ ᠴᠢᠳᠠᠪᠣᠷᠢ᠎ᠪᠠᠨ ᠬᠦᠢ᠍ᠴᠡᠳ ᠢᠯᠡᠷᠡᠬᠦᠯᠵᠦ ᠪᠣᠯᠬᠤᠶ᠋ᠢᠴᠡ ᠣᠳᠬ᠎ᠠ ᠠᠭᠤᠯᠭ᠎ᠠ᠎ᠲᠠᠢ ᠠᠵᠢᠯ᠎ᠤᠨ ᠪᠠᠶ᠋ᠢᠷᠢ ᠪᠣᠯᠣᠨ᠎ᠠ᠃ ᠠᠩᠭᠢ ᠵᠢᠨ ᠠ᠋ᠷᠬᠢᠯᠡᠭᠴᠢ ᠪᠣᠯ ᠠᠩᠭᠢ ᠨᠢᠭᠡᠴᠢ ᠵᠢᠨ ᠵᠣᠬᠢᠶᠠᠨ ᠪᠠᠶ᠋ᠢᠭᠤᠯᠣᠬ᠍ᠴᠢ ᠮᠦᠷᠳᠡᠭᠡᠨ ᠵᠢᠯᠣᠭᠤᠳᠣᠬ᠍ᠴᠢ᠂ ᠰᠣᠷᠣᠬ᠍ᠴᠢᠳ᠎ᠤᠨ ᠪᠦᠬᠦ ᠲᠠᠯ᠎ᠠ ᠵᠢᠨ ᠬᠦᠭᠵᠢᠯᠳᠡ ᠵᠢᠨ ᠠᠬᠢᠭᠤᠯᠣᠬ᠍ᠴᠢ᠂ ᠰᠣᠷᠭ᠋ᠠᠭᠤᠯᠢ᠂ ᠭᠡᠷ ᠪᠦᠯᠢ᠂ ᠨᠡᠶ᠋ᠢᠭᠡᠮ᠎ᠤᠨ ᠬᠤᠯᠪᠣᠭ᠋ᠠᠰᠣ ᠬᠦᠴᠦᠨ ᠮᠦᠨ᠃ ᠠᠩᠭᠢ ᠵᠢᠨ ᠠ᠋ᠷᠬᠢᠯᠡᠭᠴᠢ ᠶᠠᠭ᠋ᠠᠭᠢᠪᠠᠯ ᠰᠠᠶᠢ ᠦᠪᠡᠷ᠎ᠤᠨ ᠠ᠋ᠷᠬᠢᠯᠡᠵᠦ ᠪᠠᠶ᠋ᠢᠭ᠎ᠠ ᠠᠩᠭᠢ ᠨᠢᠭᠡᠴᠢ᠎ᠪᠠᠨ ᠡᠯ᠎ᠡ ᠲᠠᠯ᠎ᠠ᠎ᠪᠠᠷ ᠰᠠᠶ᠋ᠢᠨ ᠪᠣᠯᠭ᠋ᠠᠬᠤ ᠪᠣᠢ ᠭᠡᠳᠡᠭ ᠠᠰᠠᠭᠤᠳᠠᠯ ᠪᠣᠯ ᠶᠡᠭᠡ ᠠ᠋ᠷᠳᠡ᠎ᠠᠴᠠ ᠰᠣᠳᠣᠯᠣᠬᠳᠠᠭᠰᠠᠭ᠋ᠠᠷ ᠢᠷᠡᠭᠰᠡᠨ ᠬᠠᠭᠤᠴᠢᠨ ᠠᠰᠠᠭᠤᠳᠠᠯ ᠪᠣᠯᠪᠠᠴᠣ ᠴᠠᠭ ᠦᠶ᠎ᠡ ᠵᠢᠨ ᠰᠣᠯᠢᠬᠳᠠᠯ᠂ ᠬᠦᠮᠦᠨ᠎ᠤ ᠵᠦᠷᠢᠶ᠎ᠡ᠎ᠠᠴᠠ ᠪᠣᠯᠣᠭ᠋ᠠᠳ ᠠᠳᠠᠯᠢ ᠪᠣᠰᠣ ᠵᠢᠨ ᠰᠢᠨ᠎ᠡ ᠰᠡᠳᠦᠪ᠎ᠤᠳ ᠭᠠᠷᠴᠣ ᠢᠷᠡᠭᠡᠳ ᠪᠠᠶ᠋ᠢᠳᠠᠭ᠃ ᠠᠩᠭᠢ ᠵᠢᠨ ᠪᠠᠭᠰᠢ ᠪᠣᠯᠣᠬᠰᠠᠳ ᠠ᠋ᠬᠦᠨ᠎ᠢ ᠠ᠋ᠷᠭᠡᠪᠰᠢ ᠬᠤᠷᠴᠠ ᠰᠡᠷᠭᠡᠭ ᠵᠶ᠋ᠠᠷ ᠲᠠᠨᠢᠵᠣ ᠮᠡᠳᠡᠬᠦ ᠭᠡᠷᠡᠭᠳᠡᠢ᠃ ᠨᠢᠬᠡ ᠰᠠᠶ᠋ᠢᠨ ᠠᠩᠭᠢ ᠵᠢᠨ ᠪᠠᠭᠰᠢ ᠪᠣᠯᠬᠤ᠎ᠳᠤ ᠶᠠᠭᠤᠨ᠎ᠤ ᠠ᠋ᠮᠦᠨ᠎ᠡ ᠰᠣᠷᠣᠬ᠍ᠴᠢ᠎ᠪᠠᠨ ᠪᠦᠬᠦ ᠲᠠᠯ᠎ᠠ᠎ᠪᠠᠷ ᠣᠶ᠋ᠢᠯᠠᠭ᠋ᠠᠵᠣ ᠰᠣᠳᠣᠯᠣᠬᠰᠠᠨ ᠪᠠᠶ᠋ᠢᠬᠤ ᠭᠡᠷᠡᠭᠳᠡᠢ᠃ ᠲᠠᠷᠣᠢ ᠰᠣᠷᠣᠬ᠍ᠴᠢ ᠨᠢᠬᠡᠪᠦᠷᠢ ᠵᠢ ᠣᠶ᠋ᠢᠯᠠᠭ᠋ᠠᠵᠣ᠂ ᠲᠡᠳᠡᠨ᠎ᠢ ᠰᠣᠷᠣᠯᠴᠠᠯᠭ᠎ᠠ ᠪᠠ ᠣᠷᠴᠢᠨ ᠲᠣᠭᠤᠷᠢᠨ᠎ᠳᠤ ᠵᠤᠬᠢᠴᠠᠭᠤᠯᠤᠨ ᠬᠦᠯᠢᠴᠡᠩᠭᠦᠢ ᠣᠪᠣᠷ ᠵᠶ᠋ᠠᠷ ᠰᠣᠷᠭ᠋ᠠᠨ ᠬᠦᠮᠦᠵᠢᠬᠦᠯᠬᠦ ᠭᠡᠷᠡᠭᠳᠡᠢ ᠪᠠᠶ᠋ᠢᠳᠠᠭ᠃ ᠲᠣᠣᠷ᠎ᠠ ᠪᠢ ᠬᠤᠷᠢᠨ ᠵᠢᠯ᠎ᠤᠨ ᠲᠣᠷᠰᠢᠬᠢ ᠠᠩᠭᠢ ᠵᠢᠨ ᠠ᠋ᠷᠬᠢᠯᠡᠭᠴᠢ ᠵᠢᠨ ᠠᠵᠢᠯ ᠬᠢᠭᠰᠡᠨ ᠲᠣᠷᠰᠢᠯᠭ᠎ᠠ ᠰᠣᠷᠭ᠋ᠠᠮᠵᠢ᠎ᠪᠠᠨ ᠲᠦᠬᠦᠮ ᠶᠠᠷᠢᠶ᠎ᠠ᠃
ᠨᠢᠭᠡ᠂ ᠦᠪᠡᠷ᠎ᠤᠨ ᠪᠡᠶ᠎ᠡ ᠵᠢᠨ ᠭᠡᠪ ᠲᠦᠷᠢᠮᠴᠢ ᠦᠢ᠍ᠯᠡᠳᠦᠯ ᠵᠶ᠋ᠠᠨ ᠬᠦᠢ᠍ᠴᠡᠳ ᠪᠠᠳᠠᠷᠠᠭᠤᠯᠬᠤ ᠭᠡᠷᠡᠭᠳᠡᠢ᠃
ᠪᠠᠭᠰᠢ ᠵᠢᠨ ᠰᠤᠷᠤᠭᠴᠢᠳ᠎ᠲᠤ ᠦᠭᠬᠦ ᠨᠦᠯᠦᠭᠡ ᠪᠣᠯ ᠲᠣᠩ ᠶᠡᠭᠡ ᠪᠠᠶ᠋ᠢᠳᠠᠭ᠂ ᠴᠠᠭ᠋ᠠᠰᠢᠯᠠᠪᠠᠯ ᠨᠢᠭᠡ ᠨᠠᠰᠣ ᠵᠢ᠎ᠨᠢ ᠨᠦᠯᠦᠭᠡᠯᠡᠵᠦ ᠮᠠᠳᠡᠨ᠎ᠡ᠃ ᠲᠠᠢ᠍ᠢ᠍ᠮᠦ ᠪᠤᠯᠬᠤᠷ ᠠᠩᠭᠢ ᠵᠢᠨ ᠠ᠋ᠷᠬᠢᠯᠡᠭᠴᠢ ᠪᠣᠯᠣᠬᠰᠠᠳ ᠦᠭᠡ ᠶᠠᠷᠢᠶ᠎ᠠ᠂ ᠦᠢ᠍ᠯᠡ ᠠᠵᠢᠯᠯᠠᠭ᠎ᠠ᠂ ᠠ᠋ᠮᠦᠰᠴᠦ ᠵᠡᠬᠦᠬᠦ᠂ ᠬᠦᠳᠡᠯᠣᠯ ᠪᠠᠷᠢᠯ ᠵᠶ᠋ᠠᠨ ᠦᠷᠭᠦᠯᠵᠢ ᠠᠨᠭ᠌ᠬᠠᠷᠴᠤ ᠪᠠᠢ᠍ᠢ᠍ᠪᠠᠯ ᠵᠤᠬᠢᠨ᠎ᠠ᠃ ᠪᠠᠭᠰᠢ ᠵᠢᠨ ᠰᠠᠮᠪᠠᠷ᠎ᠠ ᠵᠢᠨ ᠪᠢᠴᠢᠯᠭᠡ᠂ ᠢᠷᠠᠭᠤ ᠰᠠᠶ᠋ᠢᠬᠠᠨ ᠬᠡᠯᠡ ᠬᠡᠯᠡᠯᠭᠡ ᠪᠣᠯ ᠪᠦᠷ ᠰᠣᠷᠣᠬ᠍ᠴᠢ ᠵᠢᠨ ᠠᠩᠬᠠᠷᠣᠯ᠎ᠢ ᠲᠠᠳᠠᠳᠠᠭ ᠬᠦᠴᠦᠨ ᠵᠦᠢ᠍ᠯᠡᠰ ᠮᠦᠨ᠃ ᠠ᠋ᠶ᠋ᠢᠮᠦ᠎ᠠᠴᠠ ᠪᠠᠭᠰᠢ ᠪᠣᠯᠣᠬᠰᠠᠳ ᠤᠷᠢᠳ ᠵᠶ᠋ᠠᠷ ᠦᠪᠡᠷ᠎ᠤᠨ ᠪᠡᠶ᠎ᠡ᠎ᠪᠠᠨ ᠰᠢᠯᠢᠳᠡᠭᠵᠢᠭᠦᠯᠭᠦ ᠴᠢᠬᠤᠯᠠᠳᠠᠢ᠃
ᠬᠤᠶᠠᠷ᠂ ᠰᠣᠷᠣᠬ᠍ᠴᠢ᠎ᠪᠠᠨ ᠬᠦᠨᠳᠦᠳᠭᠡᠵᠦ᠂ ᠰᠣᠷᠣᠬ᠍ᠴᠢ᠎ᠪᠠᠨ ᠣᠶ᠋ᠢᠯᠠᠭ᠋ᠠᠵᠣ ᠬᠠᠶ᠋ᠢᠷᠠᠯᠠᠭ᠍ᠣ ᠭᠡᠷᠡᠭᠳᠡᠢ᠃
ᠰᠣᠷᠭ᠋ᠠᠨ ᠬᠦᠮᠦᠵᠢᠬᠦᠯᠬᠦ ᠣᠬᠠᠭ᠋ᠠᠨ᠂ ᠰᠡᠳᠬᠢᠴᠡ ᠵᠦᠢ᠎ᠳᠤ ᠰᠣᠷᠣᠬ᠍ᠴᠢ᠎ᠪᠠᠨ ᠣᠶ᠋ᠢᠯᠠᠭ᠋ᠠᠬᠤ᠂ ᠬᠠᠶ᠋ᠢᠷᠠᠯᠠᠬᠤ᠂ ᠬᠦᠨᠳᠦᠳᠭᠡᠬᠦ ᠵᠢ ᠴᠢᠬᠤᠯᠠᠴᠢᠯᠠᠨ ᠲᠣᠷᠠᠳᠴᠠᠢ᠃ ᠪᠠᠭᠰᠢ᠎ᠨᠢ ᠰᠣᠷᠣᠬ᠍ᠴᠢ᠎ᠪᠠᠨ ᠣᠶ᠋ᠢᠯᠠᠭ᠋ᠠᠵᠣ ᠬᠠᠶ᠋ᠢᠷᠠᠯᠠᠭ᠍ᠣ᠎ᠳᠤ ᠪᠠᠰᠠ ᠣᠯᠠᠨ ᠲᠠᠯ᠎ᠠ᠎ᠲᠠᠢ ᠪᠠᠶ᠋ᠢᠳᠠᠭ᠃ ᠵᠢᠱ᠌ᠢᠶᠡᠯᠡᠪᠡᠯ᠄ ᠰᠣᠷᠣᠬ᠍ᠴᠢ ᠵᠢᠨ ᠬᠦᠳᠡᠯᠮᠦᠷᠢ ᠵᠢᠨ ᠪᠦᠳᠦᠭᠡᠯ᠎ᠢ ᠬᠠᠶ᠋ᠢᠷᠠᠯᠠᠭ᠍ᠣ᠂ ᠰᠣᠷᠣᠬ᠍ᠴᠢ ᠵᠢᠨ ᠣᠷᠮ᠎ᠠ ᠵᠣᠷᠢᠭ᠎ᠢ ᠬᠦᠭᠵᠢᠭᠡᠬᠦ᠂ ᠰᠣᠷᠣᠬ᠍ᠴᠢ ᠵᠢᠨ ᠵᠶ᠋ᠠᠨ ᠠᠪᠢᠶᠠᠰ ᠴᠢᠳᠠᠪᠣᠷᠢ᠂ ᠣᠷ᠎ᠠ ᠮᠠᠷᠭᠡᠵᠢᠯᠢᠨᠢ ᠮᠠᠭᠳᠠᠨ ᠦᠨᠡᠯᠡᠬᠦ᠂ ᠰᠣᠷᠣᠬ᠍ᠴᠢ ᠵᠢᠨ ᠵᠶ᠋ᠠᠨ ᠠ᠋ᠷᠳᠡᠮ ᠰᠣᠷᠣᠶ᠎ᠠ ᠭᠡᠰᠡᠨ ᠬᠦᠰᠡᠯ ᠵᠣᠷᠢᠯᠭ᠎ᠠ ᠵᠢ ᠦᠨᠡᠨ ᠰᠡᠳᠬᠢᠯᠭᠡᠠᠴᠠᠪᠠᠨ ᠬᠦᠯᠢᠶᠡᠨ ᠠᠪᠴᠣ ᠲᠡᠮᠵᠢᠬᠦ ᠠᠵᠢᠯᠯᠠᠭ᠎ᠠ ᠪᠣᠯ ᠪᠦᠷ ᠴᠣ᠌ ᠠ᠋ᠨᠡᠬᠦ ᠬᠡᠪᠴᠢᠶᠡᠨ᠎ᠳᠤ ᠪᠠᠭᠳᠠᠨ᠎ᠠ᠃ ᠪᠠᠭᠰᠢ ᠰᠣᠷᠣᠬ᠍ᠴᠢ ᠵᠢᠨ ᠬᠠᠶ᠋ᠢᠷ᠎ᠠ ᠰᠡᠳᠬᠢᠯᠬᠡ ᠭᠦᠨ ᠵᠤᠵᠠᠭ᠋ᠠᠨ ᠪᠣᠯ ᠠᠩᠭᠢ ᠨᠢᠭᠡᠴᠢ ᠨᠢᠭᠳᠠᠷᠠᠨ ᠴᠢᠨᠭ᠌ᠭ᠋ᠠᠷᠠᠵᠤ᠂ ᠰᠠᠢ᠍ᠢ᠍ᠨ ᠰᠠᠢ᠍ᠢ᠍ᠬᠠᠨ ᠠᠭᠤᠷ ᠠᠮᠢᠰᠬᠤᠯ ᠪᠦᠷᠢᠯᠳᠦᠨ᠎ᠡ᠃ ᠡ᠊ᠨᠳᠡ ᠪᠢ ᠭᠡᠳᠤᠨ ᠰᠣᠷᠣᠬ᠍ᠴᠢ ᠵᠢ ᠬᠦᠮᠦᠵᠢᠬᠦᠯᠦᠭᠰᠡᠨ ᠶᠠᠪᠣᠴᠠ᠎ᠪᠠᠨ ᠲᠦᠬᠦᠮ ᠲᠠᠨᠢᠯᠴᠠᠭᠤᠯᠵᠣ ᠦᠢ᠍ᠯᠠᠰ ᠨᠢᠭᠡᠳᠡᠳᠲᠠᠢᠪᠠᠨ ᠲᠤᠷᠰᠢᠯᠭ᠎ᠠ ᠰᠤᠷᠭ᠋ᠠᠮᠵᠢ᠎ᠪᠠᠨ ᠬᠤᠪᠢᠶᠠᠯᠴᠠᠶ᠎ᠠ᠃
ᠰᠣᠷᠣᠬ᠍ᠴᠢ × ×᠂ ᠠ᠋ᠷᠡᠭᠳᠡᠢ᠃ ᠲᠣᠰ ᠰᠣᠷᠣᠬ᠍ᠴᠢ ᠮᠠᠨ᠎ᠤ ᠠᠩᠭᠢ ᠵᠢ ᠭᠤᠷᠪᠠᠳᠤᠭ᠋ᠠᠷ ᠣᠨ ᠪᠣᠯᠬᠤ᠎ᠳᠤ ᠭᠠᠳᠠᠨ᠎ᠠ᠎ᠠᠴᠠ ᠰᠢᠯᠵᠢᠵᠦ ᠢᠷᠡᠵᠡᠢ᠃ ᠲᠣᠰ ᠰᠣᠷᠣᠬ᠍ᠴᠢ ᠵᠢᠨ ᠰᠠᠶ᠋ᠢᠨᠲᠠᠢ ᠲᠠᠯ᠎ᠠ ᠭᠡᠪᠡᠯ ᠰᠣᠨᠢᠭᠤᠴᠢ ᠵᠠᠩ᠎ᠲᠠᠢ᠃ ᠶᠠᠮᠠᠷ ᠨᠢᠭᠡᠨ ᠶᠠᠭᠤᠮ᠎ᠠ ᠵᠢ ᠴᠠᠭ᠋ᠠᠰᠢᠳᠠ ᠰᠡᠳᠬᠢᠵᠦ ᠪᠣᠳᠣᠬᠤ᠂ ᠠᠰᠠᠭᠤᠵᠣ ᠨᠢᠬᠳᠠᠯᠠᠭ᠍ᠣ ᠲᠣᠷᠠᠳᠠᠢ᠃ ᠭᠡᠪᠡᠴᠦ ᠨᠦᠬᠦᠳ᠎ᠲᠠᠢ᠎ᠪᠠᠨ ᠬᠠᠷᠢᠯᠴᠠᠭ᠍ᠣ ᠲᠠᠯ᠎ᠠ᠎ᠪᠠᠷ ᠪᠠᠷᠣᠬᠳᠠᠢ᠂ ᠠᠭᠤᠷ ᠣᠴᠠᠭ᠋ᠠᠷ ᠶᠡᠭᠡ᠂ ᠤᠴᠢᠷ ᠶᠠᠪᠤᠳᠠᠯ ᠲᠤᠯᠭ᠋ᠠᠷᠠᠪᠠᠯ ᠪᠠᠴᠢᠮᠳᠠᠵᠣ ᠰᠠᠨᠳᠣᠷᠳᠠᠭ᠃ ᠵᠠᠷᠢᠮ ᠦᠶᠡᠰ ᠬᠠᠮᠳᠣ ᠰᠣᠷᠣᠬ᠍ᠴᠢ᠎ᠨᠢ ᠰᠢᠷᠡᠭᠡᠨ ᠲᠡᠭᠡᠷᠡᠬᠢ ᠶᠠᠭᠤᠮ᠎ᠠ ᠵᠢ᠎ᠨᠢ ᠰᠠᠨᠠᠮᠰᠠᠷ ᠦᠭᠡᠢ ᠣᠶ᠋ᠢᠴᠢᠭᠤᠯᠣᠬᠰᠠᠨᠢ ᠴᠦ᠍ ᠬᠦᠯᠢᠶᠡᠵᠦ ᠴᠢᠳᠠᠯ ᠦᠭᠡᠢ ᠬᠠᠮᠳᠣ ᠰᠣᠷᠣᠬ᠍ᠴᠢᠳᠤᠪᠠᠨ ᠶᠡᠭᠡ᠎ᠪᠠᠷ ᠠᠭᠤᠷᠯᠠᠵᠣ᠂ ᠪᠠᠷᠭᠢᠷᠠᠨ ᠪᠠᠴᠢᠮᠳᠠᠳᠠᠭ᠂ ᠨᠦᠬᠦᠳ᠎ᠤᠨ ᠬᠤᠭᠤᠷᠣᠨᠳᠣᠬᠢ ᠪᠠᠭ᠎ᠠ ᠰᠠᠭ᠎ᠠ ᠣᠴᠢᠷ ᠶᠠᠪᠣᠳᠠᠯ ᠵᠶ᠋ᠠᠨ ᠴᠣ᠌ ᠰᠢᠢ᠍ᠳᠪᠦᠷᠢᠯᠡᠵᠦ ᠴᠢᠳᠠᠭ᠍ᠣ ᠦᠭᠡᠢ᠂ ᠵᠠᠪᠠᠯ ᠦᠪᠡᠷ᠎ᠤᠨ ᠵᠣᠷᠢᠭ ᠵᠶ᠋ᠠᠷ ᠵᠶ᠋ᠠᠨ ᠠᠭ᠋ᠠᠰᠢᠯᠠᠵᠣ᠂ ᠰᠠᠨᠠᠭ᠋ᠠᠨ᠎ᠳᠤ᠎ᠨᠢ ᠲᠠᠭ᠋ᠠᠷᠠᠭ᠍ᠣ ᠦᠭᠡᠢ ᠪᠣᠯ ᠶᠡᠭᠡ᠎ᠪᠠᠷ ᠠᠭᠤᠷᠯᠠᠵᠣ᠂ ᠣᠬᠢᠯᠠᠵᠣ ᠪᠡᠷᠭᠢᠷᠠᠨ ᠠᠭ᠋ᠠᠰᠢᠯᠠᠳᠠᠭ᠃ ᠠ᠋ᠶ᠋ᠢᠮᠦ ᠰᠣᠷᠣᠬ᠍ᠴᠢ ᠵᠢ ᠭᠡᠷᠬᠢᠨ ᠭᠦᠮᠦᠵᠢᠭᠦᠯᠭᠦ ᠪᠣᠢ? ᠪᠤᠳᠤᠭᠰᠠᠭ᠋ᠠᠷ ᠪᠠᠢ᠍ᠢ᠍ᠵᠤ ᠣᠷᠢᠳᠠᠪᠠᠷ ᠲᠡᠭᠦᠨ᠎ᠤ ᠲᠣᠭᠤᠵᠤ ᠪᠢᠰᠢᠷᠡᠳᠡᠭ ᠬᠤᠶᠠᠷ ᠭᠡᠣᠭᠡᠳ᠎ᠢ ᠣᠯᠵᠣ ᠲᠣᠰ ᠰᠣᠷᠣᠬ᠍ᠴᠢ᠎ᠳᠤ ᠦᠵᠡᠯ ᠰᠠᠨᠠᠭ᠋ᠠᠨ᠎ᠤ ᠬᠦᠮᠦᠵᠢᠯ ᠬᠢᠯᠬᠡᠵᠡᠢ᠃ ᠲᠡᠳᠡᠨ᠎ᠢ ᠬᠢᠴᠢᠶᠡᠯ᠎ᠤᠨ ᠭᠠᠳᠠᠨ᠎ᠠ ᠢᠯᠡᠬᠦᠭᠡᠨ ᠴᠤᠭ ᠪᠠᠶ᠋ᠢᠯᠭ᠋ᠠᠵᠣ᠂ ᠰᠡᠳᠬᠢᠯ᠎ᠤᠨ ᠦᠭᠡ᠎ᠪᠠᠨ ᠰᠣᠯᠢᠯᠴᠠᠭ᠍ᠣ ᠵᠢ ᠵᠣᠷᠢᠬ᠍ᠵᠢᠭᠤᠯᠪᠠ᠃ ᠪᠠᠰᠠ ᠠᠩᠭᠢ ᠵᠢᠨ ᠪᠣᠰᠣᠳ ᠰᠣᠷᠣᠬ᠍ᠴᠢ ᠵᠢ ᠴᠣ᠌ ᠲᠣᠰ ᠰᠣᠷᠣᠬ᠍ᠴᠢ᠎ᠲᠠᠢ ᠪᠦᠯᠬᠦᠮᠳᠡᠨ᠂ ᠲᠡᠭᠦᠨ᠎ᠢ ᠠᠭᠤᠴᠢᠯᠠᠵᠣ ᠪᠠᠭᠳᠠᠭ᠋ᠠᠨ᠂ ᠰᠠᠶ᠋ᠢᠨ ᠰᠠᠶ᠋ᠢᠬᠠᠨ ᠵᠠᠩ᠎ᠲᠠᠢ ᠬᠡᠣᠭᠡᠳ ᠪᠣᠯᠭ᠋ᠠᠬᠤ ᠲᠡᠶ᠋ᠢᠰᠢ ᠣᠬᠠᠭ᠋ᠠᠷᠠᠭᠤᠯᠬᠤ ᠵᠢ ᠣᠷᠢᠶᠠᠯᠠᠪᠠ᠃ ᠬᠢᠴᠢᠶᠡᠯ᠎ᠤᠨ ᠪᠠᠭᠰᠢ ᠨᠠᠷ᠎ᠢ ᠴᠣ᠌ ᠠᠯᠢ ᠪᠣᠯᠬᠤ᠎ᠪᠠᠷ ᠲᠣᠰ ᠰᠣᠷᠣᠬ᠍ᠴᠢ᠎ᠳᠤ ᠣᠷᠮ᠎ᠠ ᠬᠠᠶ᠋ᠢᠷᠠᠯᠠᠨ ᠵᠣᠷᠢᠬ᠍ᠵᠢᠭᠤᠯᠬᠤ ᠵᠢ ᠰᠠᠨᠠᠭᠤᠯᠪᠠ᠃ ᠢᠨᠭᠬᠢᠭᠰᠡᠨ᠎ᠠᠴᠠ ᠤᠳᠠᠭ᠋ᠠᠨ᠎ᠳᠤ᠎ᠪᠠᠨ ᠲᠣᠰ ᠰᠣᠷᠣᠬ᠍ᠴᠢ ᠲᠣᠩ ᠤᠯᠠᠨ ᠬᠤᠪᠢᠷᠠᠯᠳᠠ ᠭᠠᠷᠴᠠᠢ᠃
ᠰᠣᠷᠣᠬ᠍ᠴᠢ ᠨᠦᠬᠦᠳ᠎ᠲᠠᠢ᠎ᠪᠠᠨ ᠰᠠᠶ᠋ᠢᠬᠠᠨ ᠬᠠᠷᠢᠴᠠᠭ᠍ᠣ ᠪᠣᠯᠣᠬᠰᠠᠨ ᠪᠦᠭᠡᠳ ᠪᠠᠭ᠎ᠠ ᠰᠠᠭ᠎ᠠ ᠣᠴᠢᠷ᠎ᠢ ᠪᠠᠭᠳᠠᠭ᠋ᠠᠵᠣ ᠴᠢᠳᠠᠭ᠍ᠣ ᠪᠣᠯᠣᠬᠰᠠᠨ ᠪᠠᠶ᠋ᠢᠨ᠎ᠠ᠃ ᠨᠡᠩ ᠴᠢᠬᠤᠯᠠ᠎ᠨᠢ ᠮᠠᠰᠢ ᠪᠠᠶᠠᠷ ᠪᠠᠶᠠᠰᠬᠤᠯᠠᠩ᠎ᠲᠠᠢ᠎ᠪᠠᠷ ᠬᠢᠴᠢᠶᠡᠯ ᠰᠣᠷᠣᠯᠭ᠎ᠠ᠎ᠳᠤ᠎ᠪᠠᠨ ᠴᠢᠷᠮᠠᠶ᠋ᠢᠬᠤ ᠪᠣᠯᠣᠬᠰᠠᠨ ᠪᠠᠶ᠋ᠢᠨ᠎ᠠ᠃
ᠰᠣᠷᠣᠬ᠍ᠴᠢ × ×᠂ ᠠ᠋ᠷᠡᠭᠳᠡᠢ᠃ ᠲᠣᠰ ᠰᠣᠷᠣᠬ᠍ᠴᠢ ᠪᠣᠯ ᠠ᠋ᠷᠭᠡ ᠲᠣᠷ᠎ᠠ᠎ᠪᠠᠷ ᠵᠶ᠋ᠠᠨ ᠦᠰᠦᠭᠰᠡᠨ ᠬᠡᠣᠭᠡᠳ ᠪᠣᠯᠣᠨ᠎ᠠ᠃ ᠨᠢᠭᠡᠳᠦᠭᠡᠷ ᠣᠨ᠎ᠳᠤ ᠢᠷᠡᠬᠦ᠎ᠳᠤ ᠡᠪᠦᠭᠡ ᠠ᠋ᠮᠡᠭᠡ᠎ᠨᠢ ᠬᠠᠷᠠᠵᠤ ᠬᠠᠷᠠᠭ᠋ᠠᠯᠵᠠᠳᠠᠬ ᠪᠠᠢ᠍ᠢ᠍ᠪᠠ᠃ ᠡᠪᠦᠭᠡ ᠠ᠋ᠮᠡᠭᠡ ᠵᠢᠨ ᠵᠶ᠋ᠠᠨ ᠦᠭᠡᠨ᠎ᠳᠤ ᠣᠷᠣᠬᠤ ᠦᠭᠡᠢ᠂ ᠲᠠᠰᠬᠠᠯ ᠪᠣᠯᠪᠠᠰᠣᠷᠠᠯ ᠵᠶ᠋ᠠᠨ ᠴᠦ᠍ ᠬᠢᠬᠦ ᠦᠭᠡᠢ ᠪᠠᠶ᠋ᠢᠯ᠎ᠠ᠃ ᠲᠡᠭᠡᠭᠡᠳ ᠵᠦᠭᠡᠯᠡᠨ ᠬᠠᠳᠠᠭᠤ ᠠᠷᠭ᠎ᠠ ᠵᠢ ᠣᠶᠠᠯᠳᠣᠭᠤᠯᠣᠨ ᠭᠡᠷᠡᠭᠯᠡᠵᠦ᠂ ᠣᠷᠣᠢ᠎ᠨᠢ ᠦᠯᠡᠳᠡᠭᠡᠵᠦ ᠪᠠᠶ᠋ᠢᠭ᠋ᠠᠳ ᠲᠠᠰᠬᠠᠯ᠎ᠢ᠎ᠨᠢ ᠬᠢᠯᠬᠡᠬᠦ ᠭᠡᠬᠦ᠎ᠳᠤ ᠠ᠋ᠬᠢᠨ᠎ᠳᠤ᠎ᠪᠠᠨ ᠮᠢᠨᠦ ᠦᠭᠡᠳᠡ᠎ᠠᠴᠠ ᠢᠰᠬᠦᠯᠵᠦ᠂ ᠶᠠᠭᠤᠮ᠎ᠠ᠎ᠪᠠᠨ ᠰᠢᠳᠡᠵᠦ ᠨᠠᠮ᠎ᠠ ᠵᠢ ᠰᠦᠷᠳᠡᠭᠦᠯᠬᠦ᠎ᠪᠠᠷ ᠣᠷᠣᠯᠳᠣᠳᠠᠭ ᠪᠠᠶ᠋ᠢᠪᠠ᠃ ᠪᠣᠰᠣᠳ ᠰᠣᠷᠣᠬ᠍ᠴᠢᠳ ᠬᠡᠯᠡ ᠪᠢᠴᠢᠭ᠎ᠤᠨ ᠴᠡᠭᠡᠵᠢᠯᠡᠭᠦ ᠠᠭᠤᠯᠭ᠎ᠠ ᠵᠢ ᠴᠡᠭᠡᠵᠢᠯᠡᠭᠰᠡᠨ ᠪᠠᠶ᠋ᠢᠬᠤ᠎ᠳᠤ ᠲᠡᠷᠡ ᠴᠡᠭᠡᠵᠢᠯᠡᠳᠡᠭ ᠦᠭᠡᠢ᠃ ᠲᠡᠭᠡᠭᠡᠳ ᠬᠡᠯᠡ ᠪᠢᠴᠢᠭ᠎ᠤᠨ ᠪᠠᠭᠰᠢ᠎ᠲᠠᠢ ᠬᠤᠶᠠᠭᠤᠯᠠ ᠨᠢᠭᠡ ᠦᠳᠡ᠎ᠳᠤ ᠲᠡᠭᠦᠨ᠎ᠢ ᠦᠯᠡᠳᠡᠭᠡᠵᠦ ᠴᠡᠭᠡᠵᠢᠯᠡᠬᠦᠯᠬᠦ ᠭᠡᠰᠡᠨ᠎ᠳᠤ ᠲᠡᠷᠡ ᠲᠣᠮᠳᠠ᠎ᠨᠢ ᠵᠣᠷᠯᠣᠩ᠎ᠳᠤ ᠶᠠᠪᠣᠬᠤ᠎ᠪᠠᠷ ᠭᠤᠶᠣᠴᠢᠯᠠᠯᠠ᠃ ᠪᠢᠳᠡ ᠬᠤᠶᠠᠭᠤᠯᠠ ᠬᠦᠯᠢᠶᠡᠭᠡᠳ ᠬᠦᠯᠢᠶᠡᠭᠡᠳ ᠢᠷᠡᠭᠰᠡᠨ ᠦᠭᠡᠢ᠃ ᠭᠡᠷ᠎ᠲᠤ᠎ᠨᠢ ᠤᠴᠢᠬᠤ᠎ᠳᠤ ᠬᠦᠨᠵᠢᠯᠡ᠎ᠪᠠᠨ ᠨᠦᠮᠦᠷᠤᠭᠡᠳ ᠭᠡᠪᠳᠡᠵᠤ ᠪᠠᠢ᠍ᠢ᠍ᠪᠠ᠃ ᠠ᠋ᠮᠡᠭᠡ᠎ᠨᠢ ᠦᠷᠬᠦᠯᠵᠢ ᠨᠠᠳᠠᠳᠣ᠄ 《ᠠ᠊ ᠪᠠᠭᠰᠢ ᠲᠠ ᠭᠡᠷ᠎ᠤᠨ ᠣᠶ᠋ᠢᠷᠠᠭ᠍ᠠᠨ ᠶᠠᠪᠣᠳᠠᠭ ᠪᠣᠯ ᠮᠢᠨᠦ ᠬᠦᠦ ᠵᠢ ᠭᠠᠳᠠᠨ᠎ᠠ᠎ᠠᠴᠠ ᠭᠡᠷ᠎ᠲᠤ ᠲᠠᠭᠤᠵᠣ ᠣᠷᠣᠭᠤᠯᠣᠭ᠋ᠠᠳ ᠠᠯᠢ᠃ ᠮᠢᠨᠦ ᠦᠭᠡ ᠵᠢ ᠰᠣᠨᠣᠰᠬᠤ ᠦᠭᠡᠢ᠃ ᠪᠢ ᠬᠦᠯ ᠮᠠᠭᠤ ᠪᠣᠯᠬᠤᠷ ᠲᠠᠭᠤᠭ᠋ᠠᠳ ᠴᠣ᠌ ᠲᠡᠶ᠋ᠢᠯᠬᠦ ᠦᠭᠡᠢ ᠪᠠᠶ᠋ᠢᠨ᠎ᠠ》 ᠭᠡᠵᠦ ᠭᠡᠯᠡᠳᠡᠭ ᠪᠠᠶ᠋ᠢᠪᠠ᠃ ᠠ᠋ᠨᠡ ᠰᠣᠷᠣᠬ᠍ᠴᠢ ᠵᠢ ᠴᠤᠬᠤᠮ ᠶᠠᠮᠠᠷ ᠠᠷᠭ᠎ᠠ᠎ᠪᠠᠷ ᠬᠦᠮᠦᠵᠢᠬᠦᠯᠳᠡᠭᠢ ᠪᠢ ᠪᠠᠭ᠍ᠠᠨ ᠪᠣᠳᠣᠯ᠎ᠠ᠃ ᠨᠢᠭᠡᠨ ᠭᠠᠷᠠᠭ᠎ᠤᠨ ᠠ᠋ᠳᠦᠷ ᠠᠪᠤ ᠡᠵᠢ ᠵᠢ᠎ᠨᠢ ᠲᠠᠭᠤᠳᠠᠭ᠋ᠠᠳ ᠶᠠᠷᠢᠯᠴᠠᠭᠰᠠᠨ᠎ᠤ ᠳ᠋ᠦᠩ᠎ᠳᠤ ᠲᠣᠰ ᠬᠡᠣᠭᠡᠳ ᠡᠵᠢ᠎ᠠᠴᠠ᠎ᠪᠠᠨ ᠠᠶᠣᠳᠠᠭ ᠭᠡᠳᠡᠭ᠎ᠢ ᠮᠠᠳᠡᠵᠦ ᠡᠵᠢ᠎ᠳᠤᠨᠢ ᠲᠠᠭ᠋ᠠᠭ᠋ᠠᠯᠭ᠋ᠠᠨ ᠦᠭᠴᠦ᠂ ᠡᠪᠦᠭᠡ ᠠ᠋ᠮᠡᠭᠡ᠎ᠨᠢ ᠬᠦᠳᠡᠭᠡᠨ ᠵᠶ᠋ᠠᠨ ᠬᠠᠷᠢᠵᠣ ᠪᠢᠯᠡ᠃ ᠢᠩᠭᠢᠭᠡᠳ ᠡᠵᠢ᠎ᠲᠠᠢ᠎ᠨᠢ ᠬᠠᠮᠳᠣ ᠬᠠᠯᠠᠮᠵᠢᠯᠠᠨ ᠬᠦᠮᠦᠵᠢᠬᠦᠯᠬᠦ᠎ᠪᠠᠷ ᠪᠣᠯᠣᠯ᠎ᠠ᠃ ᠣᠷᠣᠢ᠎ᠳᠤ᠎ᠪᠠᠨ ᠭᠡᠳᠦᠨ ᠲᠦᠷᠦᠯ᠎ᠤᠨ ᠬᠢᠴᠢᠶᠡᠯ᠎ᠤᠨ ᠲᠠᠰᠬᠠᠯ᠎ᠢ᠎ᠨᠢ ᠪᠠᠭᠰᠢ᠎ᠠᠴᠠ᠎ᠨᠢ ᠲᠡᠮᠳᠡᠭᠯᠡᠨ ᠠᠪᠴᠣ᠂ ᠲᠣᠰ ᠰᠣᠷᠣᠬ᠍ᠴᠢ ᠵᠢᠨ ᠲᠣᠰ ᠠ᠋ᠳᠦᠷ᠎ᠤᠨ ᠪᠠᠶ᠋ᠢᠳᠠᠯ᠎ᠢ᠎ᠨᠢ ᠡᠵᠢ᠎ᠳᠤᠨᠢ ᠪᠢᠴᠢᠵᠦ ᠶᠠᠪᠣᠭᠤᠯᠳᠠᠭ ᠪᠣᠯᠪᠠ᠃ ᠲᠣᠰ ᠬᠡᠣᠭᠡᠳ᠎ᠤᠨ ᠭᠡᠷ᠎ᠲᠤ᠎ᠪᠠᠨ ᠪᠠᠶ᠋ᠢᠬᠤ ᠦᠶ᠎ᠡ ᠵᠢᠨ ᠪᠠᠶ᠋ᠢᠳᠠᠯ᠎ᠢ ᠡᠵᠢ᠎ᠨᠢ ᠨᠠᠳᠠᠳᠣ ᠪᠢᠴᠢᠵᠦ ᠶᠠᠪᠣᠭᠤᠯᠳᠠᠭ᠃ ᠠ᠋ᠨᠡ ᠮᠡᠳᠦ᠎ᠪᠠᠷ ᠨᠢᠭᠡ ᠵᠢᠯ ᠲᠡᠰᠪᠦᠷᠢᠳᠡᠢ ᠬᠦᠮᠦᠵᠢᠬᠦᠯᠦᠭᠰᠡᠨ᠎ᠠᠴᠠ ᠭᠤᠷᠪᠡᠳᠤᠭ᠋ᠠᠷ ᠣᠨ ᠪᠣᠯᠬᠤ᠎ᠳᠤ ᠰᠣᠷᠣᠯᠭ᠎ᠠ ᠬᠢᠴᠢᠶᠡᠯ᠎ᠳᠤ᠎ᠪᠠᠨ ᠰᠢᠮᠳᠡᠨ ᠴᠢᠷᠮᠠᠶ᠋ᠢᠵᠣ ᠰᠣᠷᠣᠯᠴᠠᠭ᠍ᠣ ᠪᠣᠯᠣᠬᠰᠠᠨ ᠪᠦᠬᠡᠳ ᠵᠠᠩ ᠮᠣᠷᠠᠯ᠎ᠨᠢ ᠶᠡᠭᠡᠳᠡ ᠰᠠᠶ᠋ᠢᠵᠢᠷᠠᠵᠣ᠂ ᠪᠠᠭ᠎ᠠ ᠰᠣᠷᠭ᠋ᠠᠭᠤᠯᠢ᠎ᠪᠠᠨ ᠠᠮᠵᠢᠯᠳᠠ᠎ᠲᠠᠢ ᠰᠠᠶ᠋ᠢᠬᠠᠨ ᠲᠡᠭᠦᠰᠭᠡᠭᠰᠡᠨ ᠪᠠᠶ᠋ᠢᠨ᠎ᠠ᠃
ᠭᠤᠷᠪᠠ᠂ ᠰᠣᠷᠣᠬ᠍ᠴᠢ᠎ᠪᠠᠨ ᠬᠠᠶ᠋ᠢᠷᠠᠯᠠᠵᠣ᠂ ᠢᠯᠡᠬᠦᠭᠡᠨ ᠣᠷᠮᠠᠰᠢᠭᠤᠯᠣᠨ ᠵᠣᠷᠢᠬ᠍ᠵᠢᠭᠤᠯᠬᠤ ᠭᠡᠷᠡᠭᠳᠡᠢ᠃
ᠬᠠᠶ᠋ᠢᠷ᠎ᠠ ᠵᠢᠨ ᠬᠦᠮᠦᠵᠢᠯ ᠪᠣᠯ ᠰᠣᠷᠭ᠋ᠠᠨ ᠬᠦᠮᠦᠵᠢᠯ᠎ᠤᠨ ᠦᠨᠳᠤᠰᠤ ᠮᠦᠨ᠃ ᠪᠠᠭᠰᠢ ᠪᠣᠯ ᠬᠡᠣᠭᠡᠳ᠎ᠤᠨ ᠲᠡᠮᠵᠢᠭᠴᠢ᠂ ᠵᠢᠯᠣᠭᠤᠳᠣᠬ᠍ᠴᠢ᠂ ᠬᠦᠳᠦᠯᠦᠭᠴᠢ᠎ᠨᠢ ᠪᠣᠯᠣᠨ᠎ᠠ᠃ ᠬᠢᠴᠢᠶᠡᠯ᠎ᠤᠨ ᠭᠠᠳᠠᠭᠤᠷ ᠰᠣᠷᠣᠬ᠍ᠴᠢᠲᠠᠢᠪᠠᠨ ᠰᠠᠨᠠᠭ᠋ᠠᠴᠢᠯᠠᠭ᠎ᠠ᠎ᠲᠠᠢ᠎ᠪᠠᠷ ᠣᠶ᠋ᠢᠷᠠᠳᠣᠨ᠂ ᠴᠢᠯᠦᠭᠡᠳᠡᠢ ᠶᠠᠷᠢᠯᠴᠠᠵᠤ᠂ ᠲᠡᠳᠡᠨ᠎ᠤ ᠰᠡᠳᠬᠢᠯ᠎ᠤᠨ ᠨᠠᠶ᠋ᠢᠵᠢ᠎ᠨᠢ ᠪᠣᠯᠵᠣ᠂ ᠬᠦᠨ ᠵᠣᠵᠠᠭ᠋ᠠᠨ ᠬᠠᠶ᠋ᠢᠷ᠎ᠠ ᠰᠡᠳᠬᠢᠯᠭᠡ᠎ᠪᠠᠷ ᠰᠣᠷᠣᠬ᠍ᠴᠢᠳᠤᠪᠠᠨ ᠬᠠᠨᠳᠣᠵᠣ᠂ ᠰᠣᠷᠣᠬ᠍ᠴᠢ᠎ᠪᠠᠨ ᠦᠪᠡᠷ᠎ᠤᠨ ᠬᠡᠣᠭᠡᠳ ᠵᠶ᠋ᠠᠨ ᠰᠢᠭ ᠬᠠᠶ᠋ᠢᠷᠠᠯᠠᠵᠣ᠂ ᠲᠡᠳᠡᠨ᠎ᠤ ᠪᠡᠶ᠎ᠡ ᠲᠡᠭᠡᠷ᠎ᠡ ᠪᠠᠶ᠋ᠢᠬᠤ ᠦᠴᠦᠭᠡᠨ ᠬᠢᠯᠠᠰ ᠴᠡᠭ᠎ᠢ ᠴᠤ᠌ ᠣᠯᠵᠣ ᠬᠠᠷᠠᠨ ᠮᠠᠭᠳᠠᠨ ᠰᠠᠶ᠋ᠢᠰᠢᠶᠠᠵᠣ᠂ ᠦᠪᠡᠷ᠎ᠢ᠎ᠨᠢ ᠦᠪᠡᠷᠲᠠᠢᠨᠢ ᠬᠠᠷᠢᠴᠠᠭᠤᠯᠣᠨ᠂ ᠴᠠᠭ ᠦᠷᠭᠦᠯᠵᠢ ᠣᠷᠮᠠᠰᠢᠭᠤᠯᠣᠨ ᠵᠣᠷᠢᠬ᠍ᠵᠢᠭᠤᠯᠬᠤ ᠭᠡᠷᠡᠭᠳᠡᠢ᠃
ᠰᠣᠷᠣᠬ᠍ᠴᠢᠳ᠎ᠤᠨ ᠵᠶ᠋ᠠᠨ ᠰᠣᠷᠣᠯᠴᠠᠭ᠍ᠣ ᠣᠷᠮ᠎ᠠ ᠵᠣᠷᠢᠭ᠎ᠢ ᠲᠠᠶ᠋ᠢᠴᠢᠯᠠᠭ᠍ᠣ ᠭᠡᠷᠡᠭᠳᠠᠢ᠃ ᠰᠡᠳᠬᠢᠴᠡ ᠵᠦᠢ᠎ᠳᠤ 《ᠵᠣᠷᠢᠭ ᠭᠡᠭᠴᠢ ᠬᠦᠮᠦᠰ ᠶᠠᠮᠠᠷ ᠨᠢᠭᠡᠨ ᠵᠦᠢ᠍ᠯ᠎ᠤᠨ ᠵᠣᠷᠢᠯᠭ᠎ᠠ᠎ᠪᠠᠨ ᠪᠡᠶᠡᠯᠡᠬᠦᠯᠬᠦ᠎ᠶ᠋ᠢᠨ ᠲᠦᠯᠦᠭᠡ᠂ ᠦᠢ᠍ᠯᠡ ᠠᠵᠢᠯᠯᠠᠭ᠎ᠠ ᠵᠢᠨ ᠲᠣᠮᠳᠡ ᠣᠬᠠᠮᠰᠠᠷ᠎ᠠᠴᠠ᠎ᠪᠠᠨ ᠬᠦᠴᠢᠷ ᠪᠡᠷᠭᠡᠰᠢᠶᠡᠯ᠎ᠢ ᠢᠯᠡᠨ ᠲᠠᠪᠠᠭ᠍ᠣ ᠦᠶᠡᠰ ᠢᠯᠡᠷᠡᠬᠦᠯᠦᠭᠰᠡᠨ ᠰᠡᠳᠬᠢᠴᠡ ᠵᠢᠨ ᠶᠠᠪᠣᠴᠠ ᠪᠣᠯᠣᠨ᠎ᠠ》 ᠭᠡᠵᠡᠢ᠃ ᠰᠣᠷᠣᠬ᠍ᠴᠢᠳ ᠵᠣᠷᠢᠭ ᠪᠠᠶ᠋ᠢᠮᠠᠨᠵᠢᠨ ᠰᠠᠶᠢ ᠰᠢᠨᠵᠢᠯᠡᠬᠦ ᠣᠬᠠᠭ᠋ᠠᠨ᠎ᠤ ᠬᠦᠴᠢᠷ ᠪᠠᠷᠳᠠᠭ᠎ᠠ ᠵᠢ ᠲᠠᠪᠠᠵᠣ᠂ ᠦᠪᠡᠷ᠎ᠤᠨ ᠬᠤᠴᠣᠷᠣᠩᠭᠤᠢ ᠪᠠᠶ᠋ᠢᠳᠠᠯ ᠵᠶ᠋ᠠᠨ ᠦᠭᠡᠷᠡᠴᠢᠯᠡᠵᠦ ᠪᠡᠶ᠎ᠡ᠎ᠪᠠᠨ ᠨᠡᠶ᠋ᠢᠭᠡᠮ᠎ᠤᠨ ᠰᠢᠨ᠎ᠡ ᠪᠠᠶ᠋ᠢᠳᠠᠯ᠎ᠳᠤ ᠵᠣᠬᠢᠴᠠᠭᠤᠯᠵᠣ ᠴᠢᠳᠠᠨ᠎ᠠ᠃ ᠵᠣᠷᠢᠭ᠎ᠤᠨ ᠬᠦᠮᠦᠵᠢᠯ ᠵᠶ᠋ᠠᠷ ᠲᠠᠮᠵᠢᠭᠤᠯᠣᠨ ᠰᠣᠷᠣᠬ᠍ᠴᠢᠳ᠎ᠤᠨ ᠪᠡᠶ᠎ᠡ ᠰᠡᠳᠬᠢᠴᠡ᠎ᠳᠤ ᠲᠣᠬᠢᠶᠠᠯᠳᠣᠵᠣ ᠪᠣᠯᠬᠤ ᠠᠯᠢ ᠣᠯᠠᠨ ᠬᠦᠴᠢᠷ ᠪᠡᠷᠭᠡᠰᠢᠶᠡᠯ᠂ ᠲᠡᠭᠡᠭᠡᠷ᠎ᠡ ᠲᠠᠷᠣᠭ᠋ᠠᠰᠣ ᠵᠢ᠎ᠨᠢ ᠠᠷᠢᠯᠭ᠋ᠠᠵᠣ ᠪᠣᠯᠣᠨ᠎ᠠ᠃ ᠲᠡᠳᠡᠨ᠎ᠤ ᠨᠡᠶ᠋ᠢᠭᠡᠮ᠎ᠤᠨ ᠬᠠᠷᠢᠭᠤᠴᠠᠯᠭ᠋ᠠᠳᠣ ᠰᠡᠳᠬᠢᠯᠬᠡ᠂ ᠬᠦᠳᠡᠯᠮᠣᠷᠢ ᠵᠢ ᠬᠠᠶ᠋ᠢᠷᠠᠯᠠᠭ᠍ᠣ᠂ ᠠᠮᠢᠳᠣᠷᠠᠯ᠎ᠳᠤ ᠢᠳᠡᠭᠡᠯ᠎ᠲᠠᠢ᠂ ᠣᠯᠣᠰ ᠦᠨᠳᠦᠰᠦᠳᠡᠨ ᠵᠶ᠋ᠠᠨ ᠬᠠᠶ᠋ᠢᠷᠠᠯᠠᠭ᠍ᠣ ᠣᠪᠣᠷ ᠰᠡᠳᠬᠢᠯᠭᠡ ᠵᠢ ᠪᠣᠢ ᠪᠣᠯᠭ᠋ᠠᠵᠣ ᠪᠣᠯᠣᠨ᠎ᠠ᠃ ᠠ᠋ᠬᠦᠨ᠎ᠳᠤ ᠲᠣᠣᠷᠠᠬᠢ ᠭᠡᠳᠦᠨ ᠵᠦᠢ᠍ᠯ ᠪᠠᠭᠳᠠᠨ᠎ᠠ᠃
1. ᠬᠢᠴᠢᠶᠡᠯ ᠪᠠ ᠠᠩᠭᠢ ᠵᠢᠨ ᠬᠤᠷᠠᠯ᠎ᠢ ᠨᠢᠬᠳᠠ ᠣᠶᠠᠯᠳᠣᠭᠤᠯᠵᠣ᠂ ᠣᠯᠣᠰ᠎ᠤᠨ ᠲᠣᠳᠣᠭ᠋ᠠᠳᠣ ᠭᠠᠳᠠᠭ᠋ᠠᠳᠣ ᠵᠢᠨ ᠠᠯᠢ ᠣᠯᠠᠨ ᠠᠯᠳᠠᠷᠳᠣ ᠬᠦᠮᠦᠰ᠎ᠢ ᠵᠣᠷᠢᠯᠭ᠎ᠠ᠎ᠲᠠᠢ᠎ᠪᠠᠷ ᠲᠠᠨᠢᠯᠴᠠᠭᠤᠯᠵᠣ᠂ ᠲᠡᠳᠡᠨ᠎ᠤ ᠶᠠᠪᠣᠬᠰᠠᠨ ᠮᠣᠷᠣᠢ ᠰᠡᠷᠣᠢ ᠵᠠᠮ ᠦᠩᠭᠡᠷᠡᠯᠳᠡ ᠵᠢ ᠲᠣᠪᠣᠶ᠋ᠢᠯᠭ᠋ᠠᠨ ᠶᠠᠷᠢᠵᠣ ᠪᠣᠯᠣᠨ᠎ᠠ᠃
2. ᠰᠣᠷᠭ᠋ᠠᠭᠤᠯᠢ᠂ ᠠᠩᠭᠢ ᠵᠢᠨ ᠲᠣᠳᠣᠷᠠᠬᠢ ᠨᠡᠶ᠋ᠢᠳᠡᠯᠢᠭ ᠵᠢᠱ᠌ᠢᠶ᠎ᠡ ᠵᠢ ᠴᠠᠭ ᠲᠣᠬᠢᠶᠠᠯ᠎ᠢ ᠠᠯᠳᠠᠯ ᠦᠭᠡᠢ ᠣᠬᠠᠭᠤᠯᠵᠤ ᠪᠤᠯᠤᠨ᠎ᠠ᠃
3. ᠰᠣᠷᠣᠬ᠍ᠴᠢ ᠵᠢᠨ ᠪᠡᠶ᠎ᠡ ᠰᠡᠳᠬᠢᠯ᠎ᠤᠨ ᠬᠤᠪᠢᠷᠠᠯᠳᠠ ᠵᠢ ᠨᠠᠷᠢᠨ ᠰᠣᠳᠣᠯᠵᠣ᠂ ᠲᠡᠳᠡᠨ᠎ᠤ ᠲᠣᠳᠣᠭ᠋ᠠᠳᠣ ᠰᠡᠳᠬᠢᠯ᠎ᠤᠨ ᠪᠠᠶ᠋ᠢᠳᠠᠯ᠎ᠳᠤᠨᠢ ᠲᠣᠬᠢᠷᠠᠭᠤᠯᠵᠣ ᠬᠦᠮᠦᠵᠢᠬᠦᠯᠬᠦ ᠭᠡᠷᠡᠭᠳᠡᠢ᠃ ᠣᠳᠣᠬᠠᠨ᠎ᠳᠤ ᠠᠮᠢᠳᠣᠷᠠᠯ᠎ᠤᠨ ᠨᠦᠬᠦᠴᠡᠯ ᠰᠠᠶ᠋ᠢᠵᠢᠷᠠᠭ᠍ᠣ ᠵᠢ ᠲᠠᠭ᠋ᠠᠯᠳᠣᠨ ᠠᠵᠢᠯᠴᠢ ᠪᠣᠷᠣᠬ᠍ᠵᠢᠭᠤᠨ ᠰᠣᠷᠳᠠᠯ ᠲᠣᠳᠠᠮᠠᠭ ᠪᠣᠯᠵᠣ ᠪᠠᠭ᠎ᠠ ᠯᠠ ᠬᠦᠴᠢᠷ ᠪᠡᠷᠭᠡᠰᠢᠶᠡᠯ ᠲᠣᠬᠢᠶᠠᠯᠳᠣᠪᠠᠯ ᠬᠤᠶ᠋ᠢᠰᠢ ᠣᠬᠤᠷᠢᠬᠤ ᠦᠵᠡᠭᠳᠡᠯ ᠨᠡᠶ᠋ᠢᠳᠡᠮ ᠣᠷᠣᠰᠢᠳᠠᠭ᠃ ᠢᠩᠭᠢᠬᠦᠳᠤᠪᠠᠨ ᠬᠦᠮᠦᠨ ᠪᠣᠯᠭ᠋ᠠᠨ᠎ᠤ ᠪᠠᠶ᠋ᠢᠳᠠᠯ ᠣᠨᠳᠣᠣ ᠪᠠᠶ᠋ᠢᠳᠠᠭ᠃ ᠰᠣᠷᠣᠯᠭ᠎ᠠ ᠵᠢᠨ ᠬᠢᠨᠢ ᠰᠠᠶ᠋ᠢᠨ ᠮᠠᠭᠤ᠂ ᠵᠠᠩ ᠮᠣᠷᠠᠯ᠎ᠤᠨ ᠬᠢᠨᠢ ᠪᠣᠯᠪᠠᠰᠣᠨ ᠠ᠋ᠰᠡᠬᠦ᠎ᠨᠢ ᠪᠦᠷ ᠰᠢᠭᠤᠳ ᠰᠢᠯᠳᠠᠭ᠋ᠠᠨ ᠪᠣᠯᠳᠠᠭ᠃
4. ᠠᠩᠭᠢ᠎ᠳᠤ᠎ᠪᠠᠨ ᠠᠭᠤᠯᠭ᠎ᠠ᠎ᠪᠠᠷ ᠬᠦᠨ᠂ ᠰᠣᠷᠣᠬ᠍ᠴᠢ ᠵᠢᠨ ᠲᠣᠷ᠎ᠠ ᠪᠠᠬ᠎ᠠ ᠵᠢ ᠲᠠᠳᠠᠵᠣ ᠴᠢᠳᠠᠭ᠍ᠣ ᠬᠦᠳᠡᠯᠪᠣᠷᠢ ᠠᠵᠢᠯᠯᠠᠭ᠎ᠠ ᠵᠢ ᠶᠠᠪᠣᠬᠳᠠᠭᠤᠯᠵᠣ ᠪᠣᠯᠣᠨ᠎ᠠ᠃ ᠠ᠋ᠨᠡ ᠲᠠᠯ᠎ᠠ᠎ᠪᠠᠷ ᠨᠢᠭᠡ ᠪᠣᠳᠠᠳᠠᠢ ᠵᠢᠱ᠌ᠢᠶ᠎ᠡ ᠲᠠᠳᠠᠪᠠᠯ ᠲᠣᠣᠷᠠᠬᠢ ᠮᠡᠳᠦ ᠪᠠᠶ᠋ᠢᠨ᠎ᠠ᠃
ᠰᠣᠷᠣᠬ᠍ᠴᠢ × ×᠂ ᠠ᠋ᠷᠡᠭᠳᠡᠢ᠃ ᠲᠣᠰ ᠰᠣᠷᠣᠬ᠍ᠴᠢ ᠨᠢᠭᠡᠳᠦᠭᠡᠷ ᠣᠨ ᠪᠠᠶ᠋ᠢᠬᠤ ᠦᠶᠡᠰ ᠠᠪᠤ ᠡᠵᠢ᠎ᠨᠢ ᠣᠷᠤᠭ ᠰᠠᠯᠤᠭᠰᠠᠨ᠎ᠠᠴᠠ ᠪᠣᠯᠵᠤ ᠠᠪᠤ᠎ᠪᠠᠨ ᠲᠠᠭ᠋ᠠᠵᠤ ᠠᠮᠢᠳᠤᠷᠠᠵᠠᠢ᠃ ᠲᠣᠰ ᠰᠣᠷᠣᠬ᠍ᠴᠢ ᠶᠡᠷᠦ ᠵᠢᠨ ᠴᠠᠭ᠎ᠲᠤ᠎ᠪᠠᠨ ᠣᠷᠮ᠎ᠠ ᠵᠣᠷᠢᠭ ᠵᠶ᠋ᠠᠷ ᠠᠨᠠᠢ᠂ ᠰᠡᠳᠬᠢᠯ᠎ᠨᠢ ᠭᠡᠪᠡᠷᠡᠭ᠂ ᠪᠠᠭ᠎ᠠ ᠯᠡ ᠰᠢᠷᠦᠬᠦᠨ ᠣᠷᠣᠪᠠᠯ ᠣᠬᠢᠯᠠᠴᠢᠬᠠᠨᠠ᠃ ᠶᠠᠮᠠᠷ ᠶᠠᠭᠤᠮᠠᠨ᠎ᠳᠤ ᠴᠣ᠌ ᠲᠡᠮᠡᠢ ᠲᠣᠷ᠎ᠠ ᠰᠣᠨᠢᠷᠬᠠᠯ ᠦᠭᠡᠢ᠃ ᠦᠨᠦᠴᠢᠨ ᠭᠠᠭᠴᠠᠭ᠋ᠠᠷᠳᠠᠮᠠᠯ ᠪᠠᠶ᠋ᠢᠳᠠᠯ᠎ᠲᠠᠢ ᠪᠠᠶ᠋ᠢᠳᠠᠭ᠃ ᠠᠪᠤ᠎ᠨᠢ ᠦᠨᠡᠨ᠎ᠳᠤ᠎ᠪᠠᠨ ᠶᠡᠭᠡ ᠰᠠᠶ᠋ᠢᠨ ᠬᠠᠮᠢᠶᠠᠷᠳᠠᠭ ᠪᠣᠯᠪᠠᠴᠣ ᠠ᠋ᠭᠡ ᠵᠢᠨ ᠬᠠᠶ᠋ᠢᠷ᠎ᠠ ᠲᠣᠳᠠᠭᠳᠠᠭᠰᠠᠨ᠎ᠠᠴᠠ ᠪᠣᠯᠵᠣ ᠪᠡᠶ᠎ᠡ᠎ᠪᠠᠨ ᠬᠠᠶᠠᠵᠣ ᠰᠣᠷᠣᠯᠭ᠎ᠠ ᠬᠢᠴᠢᠶᠡᠯ᠎ᠳᠤ᠎ᠪᠠᠨ ᠰᠢᠮᠳᠠᠭ᠍ᠣ ᠦᠭᠡᠢ᠂ ᠦᠪᠡᠷ᠎ᠤᠨ ᠪᠡᠶᠡᠨ᠎ᠳᠤ᠎ᠪᠠᠨ ᠱᠠᠭ᠋ᠠᠷᠳᠠᠯᠭ᠎ᠠ ᠦᠭᠡᠢ᠂ ᠵᠠᠪᠠᠯ ᠪᠠᠭᠰᠢ᠎ᠪᠠᠷ ᠵᠶ᠋ᠠᠨ ᠴᠠᠭ ᠢᠮᠠᠭᠳᠠ ᠬᠡᠯᠡᠬᠦᠯᠵᠦ ᠪᠠᠶ᠋ᠢᠮᠠᠨᠵᠢᠨ ᠬᠢᠴᠢᠶᠡᠯ ᠰᠤᠷᠤᠯᠭ᠎ᠠ᠎ᠪᠠᠨ ᠭᠦᠢ᠍ᠴᠡᠳᠭᠡᠳᠡᠭ ᠪᠠᠶ᠋ᠢᠨ᠎ᠠ᠃
ᠲᠣᠰ ᠰᠣᠷᠣᠬ᠍ᠴᠢ ᠵᠢ ᠬᠦᠮᠦᠵᠢᠬᠦᠯᠬᠦ᠎ᠳᠤ᠎ᠪᠠᠨ ᠪᠠᠭᠰᠢ᠎ᠠᠴᠠ ᠶᠠᠭᠤᠨ᠎ᠤ ᠤᠷᠢᠳ ᠬᠠᠶ᠋ᠢᠷ᠎ᠠ ᠰᠡᠳᠬᠢᠯᠭᠡ ᠵᠢᠨ ᠬᠦᠮᠦᠵᠢᠯ ᠬᠢᠭᠰᠡᠨ ᠪᠠᠢ᠍ᠢ᠍ᠨ᠎ᠠ᠃ ᠰᠣᠯᠠ ᠴᠠᠭ ᠭᠠᠷᠪᠠᠯ ᠠᠰ ᠵᠶ᠋ᠠᠷ᠎ᠨᠢ ᠬᠢᠴᠢᠶᠡᠯ ᠰᠣᠷᠣᠯᠭ᠎ᠠ ᠵᠢ᠎ᠨᠢ ᠵᠢᠯᠣᠭᠤᠳᠴᠣ᠂ ᠦᠵᠡᠯ ᠰᠠᠨᠠᠭ᠋ᠠᠨ᠎ᠤ ᠬᠦᠮᠦᠵᠢᠯ᠎ᠬᠢᠨ᠂ ᠢᠯᠡᠬᠦᠭᠡᠨ ᠵᠣᠷᠢᠬ᠍ᠵᠢᠭᠤᠯᠵᠤ᠂ ᠪᠠᠶᠠᠷ ᠲᠣᠷᠠᠰᠬᠠᠯ᠎ᠤᠨ ᠠ᠋ᠳᠦᠷ ᠵᠢᠵᠢᠭ ᠪᠡᠯᠡᠭ ᠭᠦᠷᠭᠡᠨ᠂ ᠴᠢᠯᠣᠭᠡᠨᠤ ᠬᠤᠭᠤᠴᠠᠭ᠋ᠠᠨ᠎ᠳᠤ ᠭᠡᠷ᠎ᠲᠤ᠎ᠪᠠᠨ ᠠᠪᠴᠢᠷᠠᠵᠣ ᠲᠠᠰᠬᠠᠯ ᠲᠠᠭ᠋ᠠᠭ᠋ᠠᠯᠭ᠋ᠠᠪᠣᠷᠢ ᠵᠢ᠎ᠨᠢ ᠬᠢᠯᠬᠡᠪᠡ᠃ ᠢᠨᠭᠬᠢᠵᠦ ᠵᠦᠭᠡᠯᠡᠨ᠎ᠢᠶᠠᠷ ᠰᠣᠷᠭ᠋ᠠᠨ᠂ ᠲᠡᠭᠦᠨ᠎ᠤ ᠰᠡᠳᠬᠢᠯ᠎ᠤᠨ ᠦᠭᠡ ᠵᠢ᠎ᠨᠢ ᠰᠣᠨᠣᠰᠴᠣ᠂ ᠵᠣᠪᠠᠯᠠᠩ ᠲᠠᠷᠣᠭ᠋ᠠᠰᠣ ᠵᠢ᠎ᠨᠢ ᠬᠤᠪᠢᠶᠠᠯᠴᠠᠭᠰᠠᠨ᠎ᠠᠴᠠ ᠲᠣᠰ ᠰᠣᠷᠣᠬ᠍ᠴᠢ ᠣᠳᠣ ᠨᠢᠭᠡᠨᠳᠡ ᠪᠡᠶ᠎ᠡ᠎ᠳᠤ᠎ᠪᠠᠨ ᠨᠡᠯᠢᠶᠡᠳ ᠢᠳᠡᠭᠡᠯ᠎ᠲᠠᠢ ᠪᠣᠯᠵᠣ᠂ ᠣᠣᠯᠠᠴᠠᠪᠠᠨ ᠬᠤᠯᠡ ᠶᠡᠭᠡ ᠬᠤᠪᠢᠷᠠᠯᠳᠠ᠎ᠲᠠᠢ ᠪᠣᠯᠤᠭᠰᠠᠨ ᠪᠠᠶ᠋ᠢᠨ᠎ᠠ᠃
ᠮᠠᠨ᠎ᠤ ᠠᠩᠭᠢ᠎ᠳᠤ ᠠ᠋ᠶ᠋ᠢᠮᠦᠷᠬᠦᠤ ᠬᠡᠣᠭᠡᠳ ᠨᠡᠯᠢᠶᠡᠳ ᠭᠡᠳᠤ ᠪᠤᠢ᠃ ᠲᠡᠳᠡ ᠰᠡᠳᠬᠢᠯ᠎ᠨᠢ ᠭᠡᠪᠡᠷᠡᠭ᠂ ᠬᠠᠶ᠋ᠢᠷ᠎ᠠ᠎ᠪᠠᠷ ᠲᠣᠳᠠᠭᠤ᠂ ᠰᠡᠳᠬᠢᠴᠡ ᠵᠢᠨ ᠰᠠᠭ᠋ᠠᠳ᠎ᠲᠠᠢ ᠪᠠᠶ᠋ᠢᠳᠠᠭ᠎ᠠᠴᠠ ᠪᠡᠶ᠎ᠡ᠎ᠪᠠᠨ ᠭᠤᠯᠣᠬᠤ᠂ ᠲᠣᠷ᠎ᠠ ᠪᠠᠬ᠎ᠠ᠎ᠪᠠᠷ ᠪᠠᠷᠣᠬᠳᠠᠢ᠂ ᠵᠣᠷᠢᠭ ᠵᠶ᠋ᠠᠷ ᠲᠣᠳᠠᠮᠠᠭ ᠪᠠᠶ᠋ᠢᠳᠠᠭ᠃ ᠠ᠋ᠶ᠋ᠢᠮᠦᠷᠬᠦᠤ ᠬᠡᠣᠭᠡᠳ᠎ᠢ ᠬᠦᠮᠦᠵᠢᠬᠦᠯᠬᠦ᠎ᠳᠤ᠎ᠪᠠᠨ ᠲᠡᠳᠡᠨ᠎ᠲᠠᠢ ᠢᠯᠡᠬᠦᠬᠡᠨ ᠶᠠᠷᠢᠯᠴᠠᠵᠣ᠂ ᠢᠯᠡᠬᠦᠭᠡᠨ ᠲᠤᠰ ᠲᠡᠮᠵᠢᠯᠭᠡ ᠦᠵᠡᠭᠦᠯᠦᠨ ᠢᠯᠡᠭᠦᠭᠡᠨ ᠵᠣᠷᠢᠬ᠍ᠵᠢᠭᠤᠯᠬᠤ ᠭᠡᠷᠡᠭᠳᠠᠢ᠃
ᠲᠦᠷᠪᠡ᠂ ᠬᠡᠣᠭᠡᠳᠲᠤᠪᠠᠨ ᠬᠦᠮᠦᠨ ᠮᠦᠰᠦ ᠵᠢᠨ ᠬᠦᠮᠦᠵᠢᠯ ᠰᠠᠶ᠋ᠢᠳᠣᠷ ᠬᠢᠬᠦ ᠭᠡᠷᠡᠭᠳᠡᠢ᠃
《ᠬᠦᠮᠦᠨ ᠪᠣᠯᠬᠤ ᠪᠠᠭ᠎ᠠ᠎ᠠᠴᠠ᠎ᠪᠠᠨ᠂ ᠬᠦᠯᠦᠭ ᠪᠣᠯᠬᠤ ᠣᠨᠠᠭ᠋ᠠᠨᠠᠴᠠᠪᠠᠨ》 ᠭᠡᠳᠡᠭᠴᠢᠯᠡᠨ ᠭᠡᠣᠭᠡᠳ᠎ᠲᠤ᠎ᠪᠠᠨ ᠬᠠᠷᠠᠭ᠍ᠠᠨ ᠪᠠᠭ᠎ᠠ᠎ᠠᠴᠠ᠎ᠨᠢ ᠬᠦᠮᠦᠨ ᠪᠣᠯᠬᠤ ᠶᠣᠰᠣ ᠵᠢ ᠰᠠᠶ᠋ᠢᠳᠣᠷ ᠲᠠᠨᠢᠭᠤᠯᠵᠣ᠂ ᠲᠡᠳᠡᠨ᠎ᠳᠤ ᠰᠣᠷᠣᠯᠭ᠎ᠠ ᠬᠢᠴᠢᠶᠡᠯ᠎ᠤᠨ ᠬᠢᠨᠢ ᠵᠣᠷᠢᠯᠭ᠎ᠠ ᠣᠳᠬ᠎ᠠ ᠵᠢ ᠣᠶ᠋ᠢᠯᠠᠭ᠋ᠠᠭᠤᠯᠬᠤ ᠭᠡᠷᠡᠭᠳᠡᠢ ᠪᠠᠶ᠋ᠢᠳᠠᠭ᠃ ᠰᠣᠷᠣᠯᠭ᠎ᠠ ᠵᠢᠨ ᠵᠢᠩᠭᠢᠨᠢ ᠵᠣᠷᠢᠯᠭ᠎ᠠ ᠪᠣᠯ ᠬᠦᠮᠦᠰ᠎ᠤᠨ ᠭᠡᠪ ᠪᠣᠯᠪᠠᠰᠣᠷᠠᠯ᠎ᠢ ᠲᠡᠭᠡᠭᠰᠢᠯᠡᠭᠦᠯᠵᠦ᠂ ᠣᠶᠣᠨ ᠣᠬᠠᠭ᠋ᠠᠨ᠎ᠢ᠎ᠨᠢ ᠨᠡᠮᠡᠭᠳᠡᠬᠦᠯᠵᠦ ᠠ᠋ᠷᠳᠡᠮ ᠴᠢᠳᠠᠪᠣᠷᠢᠳᠠᠢ ᠬᠦᠮᠦᠨ ᠪᠣᠯᠬᠤ ᠵᠢᠨ ᠲᠦᠯᠦᠭᠡ ᠭᠡᠰᠡᠨ᠎ᠢ ᠣᠶ᠋ᠢᠯᠠᠭ᠋ᠠᠵᠣ ᠮᠡᠳᠡᠬᠦᠯᠭᠦ ᠴᠢᠬᠤᠯᠠᠳᠠᠢ ᠪᠠᠶ᠋ᠢᠳᠠᠭ᠃ ᠠ᠋ᠨᠡ ᠲᠠᠯ᠎ᠠ᠎ᠪᠠᠷ ᠪᠠᠰᠠ ᠨᠢᠭᠡ ᠪᠣᠳᠠᠳᠠᠢ ᠵᠢᠱ᠌ᠢᠶ᠎ᠡ ᠲᠠᠳᠠᠶ᠎ᠠ᠃
ᠰᠣᠷᠣᠬ᠍ᠴᠢ × ×᠂ ᠠ᠋ᠷᠡᠭᠳᠡᠢ᠃ ᠠᠪᠤ ᠡᠵᠢ᠎ᠨᠢ ᠬᠤᠭᠤᠷᠣᠨᠳᠦ᠎ᠪᠠᠨ ᠰᠠᠶ᠋ᠢᠨ ᠲᠠᠭ᠋ᠠᠷᠠᠯᠴᠠᠭ᠍ᠣ ᠦᠭᠡᠢ᠎ᠠᠴᠠ ᠪᠣᠯᠵᠣ᠂ ᠰᠣᠷᠣᠯᠭ᠎ᠠ᠎ᠪᠠᠷ ᠠᠨᠠᠢ᠂ ᠶᠣᠰᠣ ᠮᠣᠷᠠᠯ ᠦᠭᠡᠢ᠂ ᠦᠷᠬᠦᠯᠵᠢ ᠪᠣᠰᠣᠳ᠎ᠢ ᠦᠢ᠍ᠮᠡᠭᠦᠯᠵᠦ᠂ ᠪᠠᠭᠰᠢ ᠵᠢᠨ ᠬᠢᠴᠢᠶᠡᠯ᠎ᠢ ᠰᠠᠮᠠᠭᠤᠷᠠᠭᠤᠯᠳᠠᠬ᠃
ᠲᠣᠰ ᠰᠣᠷᠣᠬ᠍ᠴᠢ ᠵᠢ ᠬᠦᠮᠦᠵᠢᠬᠦᠯᠬᠦ᠎ᠳᠤ ᠶᠠᠭᠤᠨ᠎ᠤ ᠠ᠋ᠮᠦᠨ᠎ᠡ ᠲᠡᠬᠦᠨ᠎ᠤ ᠲᠠᠪᠠᠭᠤᠯᠢᠭ ᠲᠠᠯ᠎ᠠ᠎ᠶᠢ᠎ᠨᠢ ᠣᠯᠵᠣ ᠦᠵᠡᠬᠦ ᠭᠡᠷᠡᠭᠳᠡᠢ᠃ ᠠᠵᠢᠭᠯᠠᠭᠰᠠᠨ ᠵᠶ᠋ᠠᠷ᠂ ᠲᠣᠰ ᠰᠣᠷᠣᠬ᠍ᠴᠢ ᠲᠠᠮᠢᠷ᠎ᠲᠤ᠎ᠪᠠᠨ ᠶᠡᠭᠡ ᠰᠠᠶ᠋ᠢᠨ ᠪᠠᠶ᠋ᠢᠳᠠᠭ ᠶᠣᠮ ᠪᠠᠶ᠋ᠢᠨ᠎ᠠ᠃ ᠵᠢᠷᠭᠤᠭ᠋ᠠᠨ ᠰᠠᠷ᠎ᠠ ᠵᠢᠨ ᠨᠢᠭᠡᠨ ᠪᠣᠯᠪᠠᠯ ᠲᠠᠮᠢᠷ᠎ᠤᠨ ᠣᠷᠣᠯᠳᠣᠭ᠋ᠠᠨ᠎ᠳᠤ ᠣᠷᠣᠯᠴᠠᠵᠣ᠂ ᠠᠩᠭᠢ ᠨᠢᠭᠡᠴᠢ᠎ᠳᠤ᠎ᠪᠠᠨ ᠢᠷᠠᠭᠤ ᠠᠯᠳᠠᠷ᠎ᠢ ᠠᠪᠴᠢᠷᠠᠳᠠᠭ᠃ ᠪᠢ ᠲᠡᠭᠦᠨ᠎ᠤ ᠠ᠋ᠨᠡᠬᠦ ᠲᠠᠪᠠᠭᠤᠯᠢᠭ ᠲᠠᠯ᠎ᠠ ᠵᠢ᠎ᠨᠢ ᠠᠰᠢᠬᠯᠠᠨ ᠣᠯᠠᠨ᠎ᠤ ᠠ᠋ᠮᠦᠨ᠎ᠡ ᠮᠠᠭᠳᠠᠨ ᠵᠣᠷᠢᠬ᠍ᠵᠢᠭᠤᠯᠵᠣ ᠠᠩᠭᠢ ᠵᠢᠨ ᠪᠣᠰᠣᠳ ᠨᠦᠬᠦᠳᠢ ᠴᠣ᠌ ᠠ᠋ᠨᠡ ᠲᠠᠯ᠎ᠠ᠎ᠪᠠᠷ ᠲᠡᠭᠦᠨ᠎ᠠᠴᠠ᠎ᠲᠠᠭᠠᠨ ᠰᠣᠷᠣᠯᠴᠠᠭ᠍ᠣ ᠵᠢ ᠣᠷᠢᠶᠠᠯᠠᠵᠠᠢ᠃ ᠢᠩᠭᠢᠭᠡᠳ ᠲᠠᠪᠠᠭᠤᠯᠢᠭ ᠲᠠᠯ᠎ᠠ ᠵᠢ᠎ᠨᠢ ᠰᠠᠶ᠋ᠢᠰᠢᠶᠠᠨ ᠵᠣᠷᠢᠬ᠍ᠵᠢᠭᠤᠯᠵᠣ᠂ ᠲᠣᠳᠠᠭᠳᠠᠯ᠎ᠲᠠᠢ ᠲᠠᠯ᠎ᠠ ᠵᠢ᠎ᠨᠢ ᠠᠯᠭᠤᠷ ᠵᠶ᠋ᠠᠷ ᠬᠠᠯᠠᠨ ᠵᠠᠰᠠᠭᠰᠠᠨ ᠪᠠᠶ᠋ᠢᠨ᠎ᠠ᠃
ᠲᠠᠪᠣᠳᠣᠭ᠋ᠠᠷ ᠣᠨ ᠪᠣᠯᠬᠤ᠎ᠳᠤ ᠲᠣᠰ ᠰᠣᠷᠣᠬ᠍ᠴᠢ ᠬᠠᠵᠠᠭᠤ ᠰᠢᠷᠡᠭᠡᠨ᠎ᠤ ᠰᠣᠷᠣᠬ᠍ᠴᠢ ᠵᠢ ᠦᠢ᠍ᠮᠡᠭᠦᠯᠭᠦ ᠦᠭᠡᠢ ᠪᠣᠯᠵᠣ᠂ ᠨᠦᠬᠦᠳ ᠬᠤᠭᠤᠷᠤᠨᠳᠤ ᠵᠢᠨ ᠪᠦᠯᠬᠦᠮᠳᠡᠯ ᠴᠣ᠌ ᠲᠣᠩ ᠰᠠᠶ᠋ᠢᠨ ᠪᠣᠯᠣᠬᠰᠠᠨ ᠪᠠᠶ᠋ᠢᠨ᠎ᠠ᠃ ᠪᠠᠭᠰᠢ᠎ᠳᠤ᠎ᠪᠠᠨ ᠴᠦ᠍ ᠶᠡᠭᠡ ᠠ᠋ᠶᠡᠯᠳᠡᠭ ᠵᠶ᠋ᠠᠷ ᠬᠠᠨᠳᠣᠵᠣ᠂ ᠪᠠᠭᠰᠢ ᠵᠢᠨ ᠦᠭᠡᠨ᠎ᠳᠤ ᠴᠣ᠌ ᠶᠡᠭᠡ ᠣᠷᠣᠳᠠᠭ ᠪᠤᠯᠵᠠᠢ᠃ ᠵᠢᠷᠭᠤᠳᠣᠭ᠋ᠠᠷ ᠣᠨ ᠲᠡᠭᠦᠰᠭᠦ᠎ᠳᠤ ᠡᠯ᠎ᠡ ᠲᠦᠷᠦᠯ᠎ᠤᠨ ᠬᠢᠴᠢᠶᠡᠯ᠎ᠳᠤ ᠴᠦᠮ ᠬᠢᠷᠢ ᠲᠡᠩᠴᠡᠵᠡᠢ᠂ ᠲᠣᠰ ᠰᠣᠷᠣᠬ᠍ᠴᠢ ᠣᠳᠣ ᠠᠶ᠋ᠢᠮᠠᠭ᠎ᠤᠨ ᠮᠣᠩᠭᠤᠯ ᠲᠣᠮᠳᠠᠳᠣ ᠰᠣᠷᠭ᠋ᠠᠭᠤᠯᠢ ᠵᠢᠨ ᠲᠡᠭᠡᠳᠦ ᠨᠢᠭᠡᠳᠦᠭᠡᠷ ᠣᠨ᠎ᠳᠤ ᠰᠣᠷᠣᠯᠴᠠᠵᠣ ᠪᠠᠶ᠋ᠢᠨ᠎ᠠ᠃
ᠲᠠᠪᠤ᠂ ᠰᠢᠯᠢᠳᠡᠭ ᠰᠠᠶ᠋ᠢᠨ ᠠᠩᠭᠢ ᠵᠢᠨ ᠺᠠᠳ᠋ᠷ᠎ᠢ ᠰᠣᠩᠭᠤᠵᠣ ᠬᠦᠮᠦᠵᠢᠬᠦᠯᠬᠦ ᠭᠡᠷᠡᠭᠳᠡᠢ᠃
ᠠᠩᠭᠢ ᠵᠢᠨ ᠠ᠋ᠷᠬᠢᠯᠡᠭᠴᠢ ᠪᠣᠯᠣᠬᠰᠠᠳ ᠠᠩᠭᠢ ᠵᠢᠨ ᠺᠠᠳ᠋ᠷ᠎ᠤᠨ ᠬᠤᠰᠢᠭᠤᠴᠢ ᠵᠢᠱ᠌ᠢᠶᠡᠴᠢ ᠦᠢ᠍ᠯᠡᠳᠦᠯ᠎ᠢ ᠪᠠᠳᠠᠷᠠᠭᠤᠯᠬᠤ ᠵᠢᠨ ᠲᠠᠭ᠋ᠠᠣ ᠠᠯᠢ ᠴᠢᠳᠠᠭ᠍ᠣ᠎ᠪᠠᠷ ᠰᠣᠷᠣᠬ᠍ᠴᠢ ᠪᠣᠯᠭ᠋ᠠᠨ᠎ᠢ ᠠᠩᠭᠢ ᠵᠢᠨ ᠺᠠᠳ᠋ᠷ᠎ᠤᠨ ᠰᠣᠩᠭᠤᠯᠳᠠ᠎ᠳᠤ ᠣᠷᠣᠯᠴᠠᠭᠤᠯᠵᠣ᠂ ᠲᠡᠳᠡᠨ᠎ᠤ ᠲᠣᠮᠳᠠ᠎ᠠᠴᠠ ᠰᠢᠯᠢᠳᠡᠭ ᠰᠠᠶ᠋ᠢᠨ ᠠᠩᠭᠢ ᠵᠢᠨ ᠺᠠᠳ᠋ᠷ᠎ᠢ ᠬᠦᠮᠦᠵᠢᠬᠦᠯᠦᠨ᠂ ᠠᠩᠭᠢ ᠵᠢᠨ ᠪᠦᠯᠬᠦᠮᠳᠡᠯ᠎ᠢ ᠴᠢᠩᠭ᠋ᠠᠳᠬᠠᠨ᠂ ᠬᠠᠮᠳᠣ᠎ᠪᠠᠷ ᠲᠠᠪᠰᠢᠬᠤ ᠠᠭᠤᠷ ᠠᠮᠢᠰᠬᠤᠯ᠎ᠢ ᠪᠣᠢ ᠪᠣᠯᠭ᠋ᠠᠬᠤ ᠭᠡᠷᠡᠭᠳᠡᠢ᠃
ᠵᠢᠷᠭᠤᠭ᠎ᠠ᠂ ᠡᠯ᠎ᠡ ᠬᠢᠴᠢᠶᠡᠯ ᠲᠦᠷᠦᠯ᠎ᠤᠨ ᠪᠠᠭᠰᠢ᠎ᠲᠠᠢ ᠰᠠᠢ᠍ᠢ᠍ᠳᠤᠷ ᠬᠠᠮᠵᠢᠯᠴᠠᠬᠤ ᠭᠡᠷᠡᠭᠳᠡᠢ᠃
ᠠᠩᠭᠢ ᠵᠢᠨ ᠠ᠋ᠷᠬᠢᠯᠡᠭᠴᠢ ᠪᠠᠭᠰᠢ ᠵᠠᠪᠠᠯ ᠡᠯ᠎ᠡ ᠬᠢᠴᠢᠶᠡᠯ ᠲᠦᠷᠦᠯ᠎ᠤᠨ ᠪᠠᠭᠰᠢ ᠨᠠᠷ᠎ᠲᠠᠢ ᠰᠠᠶ᠋ᠢᠳᠤᠷ ᠬᠠᠮᠵᠢᠯᠴᠠᠵᠤ᠂ ᠲᠡᠳᠡᠨ᠎ᠠᠴᠠ ᠠᠩᠭᠢ ᠵᠢᠨ ᠰᠣᠷᠣᠬ᠍ᠴᠢ ᠵᠢᠨ ᠵᠶ᠋ᠠᠨ ᠪᠠᠶ᠋ᠢᠳᠠᠯ᠎ᠢ ᠨᠠᠷᠢᠨ ᠣᠶ᠋ᠢᠯᠠᠭ᠋ᠠᠵᠣ ᠰᠣᠷᠣᠬ᠍ᠴᠢ ᠵᠢᠨ ᠬᠤᠪᠢᠷᠠᠯᠳᠠ ᠵᠢᠨ ᠲᠣᠬᠠᠢ ᠦᠷᠬᠦᠯᠵᠢ ᠠᠩᠬᠠᠷᠣᠨ ᠵᠦᠪᠳᠡᠯᠴᠡᠵᠦ᠂ ᠲᠦᠪ ᠭᠤᠣᠯᠴᠢ᠎ᠪᠠᠷ ᠰᠣᠷᠣᠬ᠍ᠴᠢ᠎ᠪᠠᠨ ᠬᠦᠮᠦᠵᠢᠬᠦᠯᠬᠦ ᠭᠡᠷᠡᠭᠳᠡᠢ᠃
ᠲᠣᠯᠤᠭ᠎ᠠ᠂ ᠭᠡᠷ᠎ᠤᠨ ᠠᠬᠠᠮᠠᠳ᠎ᠲᠠᠢ ᠢᠯᠡᠬᠦᠭᠡᠨ ᠬᠠᠷᠢᠯᠴᠠᠵᠣ᠂ ᠭᠡᠷ ᠪᠦᠯᠢ ᠵᠢᠨ ᠬᠦᠮᠦᠵᠢᠯ ᠪᠠ ᠰᠣᠷᠭ᠋ᠠᠭᠤᠯᠢ ᠵᠢᠨ ᠬᠦᠮᠦᠵᠢᠯ᠎ᠢ ᠣᠷᠭ᠋ᠠᠨᠢᠭ ᠵᠶ᠋ᠠᠷ ᠣᠶᠠᠯᠳᠣᠭᠤᠯᠬᠤ ᠭᠡᠷᠡᠭᠳᠡᠢ᠃
ᠬᠡᠣᠭᠡᠳ᠎ᠢ ᠬᠦᠮᠦᠵᠢᠬᠦᠯᠬᠦ᠎ᠳᠤ ᠭᠡᠷ ᠪᠦᠯᠢ᠂ ᠰᠣᠷᠭ᠋ᠠᠭᠤᠯᠢ᠂ ᠨᠡᠶ᠋ᠢᠭᠡᠮ᠎ᠤᠨ ᠬᠦᠮᠦᠵᠢᠯ᠎ᠢ ᠣᠶᠠᠯᠳᠣᠭᠤᠯᠬᠤ ᠭᠡᠷᠡᠭᠳᠡᠢ᠃ ᠰᠤᠷᠭ᠋ᠠᠭᠤᠯᠢ ᠵᠢᠨ ᠭᠦᠮᠦᠵᠢᠯ ᠪᠤᠯᠤᠨ ᠭᠡᠷ᠎ᠤᠨ ᠬᠦᠮᠦᠵᠢᠯ ᠨᠢᠭᠡᠳᠬᠦ ᠦᠭᠡᠢ ᠪᠣᠯ ᠬᠡᠣᠭᠡᠳ ᠵᠦᠭ ᠴᠢᠭ ᠵᠶ᠋ᠠᠨ ᠣᠯᠬᠤ ᠦᠭᠡᠢ ᠪᠠᠢ᠍ᠢ᠍ᠳᠠᠬ᠃ ᠬᠡᠣᠭᠡᠳ᠎ᠢ ᠪᠦᠬᠦ ᠲᠠᠯ᠎ᠠ᠎ᠪᠠᠷ ᠬᠦᠮᠦᠵᠢᠬᠦᠯᠦᠶ᠎ᠡ ᠭᠡᠪᠡᠯ ᠭᠡᠷ᠎ᠤᠨ ᠠᠬᠠᠮᠠᠳ᠎ᠢ ᠲᠠᠶ᠋ᠢᠴᠢᠯᠠᠨ ᠬᠡᠣᠭᠡᠳ᠎ᠢ ᠬᠦᠮᠦᠵᠢᠬᠦᠯᠬᠦ ᠠᠵᠢᠯ᠎ᠳᠤ ᠤᠷᠤᠯᠴᠠᠭᠤᠯᠬᠤ ᠭᠡᠷᠡᠭᠳᠡᠢ᠃ ᠰᠣᠷᠭ᠋ᠠᠭᠤᠯᠢ᠂ ᠭᠡᠷ ᠪᠦᠯᠢ᠂ ᠨᠡᠶ᠋ᠢᠭᠡᠮ ᠭᠤᠷᠪᠠᠨ ᠴᠣᠬ᠍ᠴᠠ ᠵᠢᠨ ᠦᠢ᠍ᠯᠡᠳᠦᠯ᠎ᠢ ᠣᠶᠠᠯᠳᠣᠭᠤᠯᠤᠨᠠ᠃ ᠠ᠋ᠬᠦᠨ᠎ᠳᠤ ᠰᠣᠷᠣᠬ᠍ᠴᠢᠳ ᠵᠶ᠋ᠠᠷ ᠵᠶ᠋ᠠᠨ ᠨᠡᠶ᠋ᠢᠭᠡᠮ᠎ᠤᠨ ᠪᠠᠶ᠋ᠢᠴᠠᠭ᠋ᠠᠯᠳᠠ ᠬᠢᠯᠬᠡᠬᠦ᠂ ᠦᠪᠡᠷ ᠵᠶ᠋ᠠᠨ ᠲᠣᠬᠳᠠᠭᠰᠠᠨ ᠬᠤᠭᠤᠴᠠᠭ᠎ᠠ᠎ᠲᠠᠢ᠎ᠪᠠᠷ ᠭᠡᠷ᠎ᠤᠨ ᠠᠬᠠᠮᠠᠳ᠎ᠢ ᠰᠣᠷᠪᠣᠯᠵᠢᠯᠠᠭ᠍ᠣ ᠵᠡᠷᠭᠡ᠎ᠨᠢ ᠨᠡᠯᠢᠶᠡᠳ ᠪᠦᠳᠦᠮᠵᠢᠳᠡᠢ ᠠᠷᠭ᠎ᠠ ᠮᠠᠶᠢᠭ ᠪᠣᠯᠬᠤ ᠶᠣᠮ᠃
ᠠᠩᠭᠢ ᠵᠢᠨ ᠠ᠋ᠷᠭᠢᠯᠡᠭᠴᠢ ᠵᠢᠨ ᠬᠤᠪᠢ᠎ᠳᠤ ᠰᠣᠷᠣᠬ᠍ᠴᠢᠳ ᠵᠶ᠋ᠠᠨ ᠠᠳᠠᠯᠢ ᠲᠡᠭᠰᠢ᠎ᠪᠠᠷ ᠬᠠᠶ᠋ᠢᠷᠠᠯᠠᠨ ᠬᠠᠯᠠᠮᠵᠢᠯᠠᠵᠣ᠂ ᠬᠢᠴᠢᠶᠡᠯ ᠰᠣᠷᠣᠯᠭᠠᠠᠴᠠᠨᠢ ᠠ᠋ᠬᠢᠯᠡᠭᠦᠯᠦᠨ ᠢᠳᠡᠵᠦ ᠣᠣᠭᠤᠬᠤ᠂ ᠣᠨᠳᠠᠵᠣ ᠠᠮᠠᠷᠠᠭ᠍ᠣ᠎ᠳᠤᠨᠢ ᠬᠦᠷᠳᠡᠯ᠎ᠡ ᠲᠡᠳᠡᠨ᠎ᠤ ᠲᠦᠯᠦᠭᠡ ᠪᠣᠳᠣᠯᠬᠢᠯᠡᠨ᠂ ᠬᠠᠷᠠᠭ᠋ᠠᠯᠵᠠᠨ ᠬᠠᠪᠰᠣᠷᠬᠤ ᠴᠢᠬᠤᠯᠠᠳᠠᠢ ᠪᠠᠶ᠋ᠢᠳᠠᠭ᠃ ᠰᠣᠷᠣᠬ᠍ᠴᠢᠳ᠎ᠤᠨ ᠦᠪᠠᠷᠮᠢᠴᠡ ᠣᠨᠴᠠᠯᠢᠭ ᠴᠢᠳᠠᠪᠣᠷᠢ᠂ ᠲᠣᠷ᠎ᠠ ᠪᠠᠬ᠎ᠠ ᠵᠢ᠎ᠨᠢ ᠦᠨᠳᠦᠰᠦᠯᠡᠨ ᠣᠯᠠᠨ ᠭᠡᠯᠪᠡᠷᠢ ᠵᠢᠨ ᠬᠦᠳᠡᠯᠪᠣᠷᠢ ᠠᠵᠢᠯᠯᠠᠭ᠎ᠠ ᠵᠢ ᠶᠠᠪᠣᠬᠳᠠᠭᠤᠯᠵᠣ ᠪᠣᠯᠣᠨ᠎ᠠ᠃ ᠵᠢᠱ᠌ᠢᠶᠡᠯᠡᠪᠡᠯ᠄ ᠣᠷᠠᠨ ᠲᠣᠳᠣ ᠣᠩᠰᠢᠯᠭ᠎ᠠ ᠵᠢᠨ ᠣᠷᠣᠯᠳᠣᠭ᠋ᠠᠨ᠂ ᠨᠠᠬᠢᠶ᠎ᠠ᠂ ᠴᠣᠮᠣᠷᠯᠢᠭ ᠰᠡᠳᠬᠦᠯ᠎ᠢ ᠣᠩᠰᠢᠭᠤᠯᠬᠤ᠂ ᠲᠠᠮᠢᠷ ᠣᠷᠠᠯᠢᠭ᠎ᠤᠨ ᠬᠦᠳᠡᠯᠪᠣᠷᠢ ᠠᠵᠢᠯᠯᠠᠭ᠎ᠠ ᠬᠢᠯᠭᠡᠬᠦ ᠵᠡᠷᠭᠡ᠎ᠨᠢ ᠪᠦᠷ ᠰᠠᠶ᠋ᠢᠨ ᠠᠷᠭ᠎ᠠ ᠪᠣᠯᠬᠤ ᠶᠣᠮ᠃
ᠠᠩᠭᠢ ᠵᠢᠨ ᠠ᠋ᠷᠬᠢᠯᠡᠭᠴᠢ ᠪᠣᠯᠣᠬᠰᠠᠳ ᠵᠢᠭ᠋ᠠᠨ ᠰᠣᠷᠭ᠋ᠠᠬᠤ ᠲᠣᠮᠳᠠ᠎ᠪᠠᠨ ᠰᠣᠷᠣᠬ᠍ᠴᠢᠳᠲᠠᠢᠪᠠᠨ ᠢᠯᠡᠬᠦᠭᠡᠨ ᠣᠶ᠋ᠢᠯᠠᠭ᠋ᠠᠯᠴᠠᠨ ᠬᠠᠷᠢᠯᠴᠠᠨ ᠬᠠᠶ᠋ᠢᠷᠠᠯᠠᠵᠣ ᠬᠠᠯᠠᠮᠵᠢᠯᠠᠨ᠂ ᠲᠡᠳᠡᠨ᠎ᠤ ᠲᠣᠷ᠎ᠠ ᠪᠠᠬ᠎ᠠ᠂ ᠰᠡᠳᠬᠢᠯ ᠰᠠᠨᠠᠭ᠎ᠠ ᠵᠢ ᠪᠦᠷᠢᠮᠦᠰᠣᠨ ᠣᠶ᠋ᠢᠯᠠᠭ᠋ᠠᠵᠣ ᠮᠡᠳᠡᠬᠦ ᠵᠢᠨ ᠵᠡᠷᠭᠡ᠎ᠪᠠᠷ ᠠᠮᠢᠳᠣᠯᠢᠭ ᠪᠦᠭᠡᠳ ᠦᠷ᠎ᠡ ᠠᠰᠢᠭ ᠵᠶ᠋ᠠᠷ ᠰᠠᠶ᠋ᠢᠨ ᠵᠢᠭ᠋ᠠᠨ ᠰᠣᠷᠭ᠋ᠠᠬᠤ ᠠᠷᠭ᠎ᠠ ᠪᠠᠷᠢᠯ᠎ᠢ ᠢᠳᠡᠪᠬᠢᠳᠡᠢ ᠰᠡᠳᠬᠢᠨ ᠰᠣᠳᠣᠯᠵᠣ᠂ ᠰᠣᠷᠣᠬ᠍ᠴᠢᠳ ᠵᠶ᠋ᠠᠨ ᠶᠣᠰᠣ ᠰᠣᠷᠳᠠᠭ᠍ᠣᠨ᠂ ᠣᠶᠣᠨ ᠣᠬᠠᠭ᠋ᠠᠨ᠂ ᠪᠡᠶ᠎ᠡ ᠮᠠᠭ᠍ᠠᠪᠤᠳ᠂ ᠭᠤᠸ᠎ᠠ ᠰᠠᠶ᠋ᠢᠬᠠᠨ᠂ ᠬᠦᠳᠡᠯᠮᠣᠷᠢ ᠵᠡᠷᠭᠡ ᠪᠦᠬᠦ ᠲᠠᠯ᠎ᠠ᠎ᠪᠠᠷ ᠵᠢᠭ᠋ᠠᠨ ᠵᠢᠯᠣᠭᠤᠳᠬᠤ ᠭᠡᠷᠡᠭᠳᠠᠢ ᠪᠠᠶ᠋ᠢᠳᠠᠭ᠃
ᠬᠠᠶᠢᠬ᠄ ᠰᠢᠯᠣᠭᠤᠨ ᠬᠦᠭᠡ ᠬᠤᠰᠢᠭᠤᠨ᠎ᠤ ᠮᠣᠩᠭᠤᠯ ᠦᠨᠳᠦᠰᠦᠳᠡᠨ᠎ᠤ ᠪᠠᠭ᠎ᠠ ᠰᠣᠷᠭ᠋ᠠᠭᠤᠯᠢ
(ᠰᠦᠶ᠎ᠡ ᠨᠠᠢ᠍ᠢ᠍ᠷᠠᠭᠤᠯᠪᠠ)
7 ᠳ᠋ᠤᠭ᠋ᠠᠷ ᠬᠤᠭᠤᠴᠠᠭ᠎ᠠ