ᠤᠷᠠᠨᠰᠤᠪᠤᠳ
《ᠳᠡᠯᠡᠬᠡᠢ ᠳ᠋ᠡᠬᠢᠨ᠎ᠳᠤ ᠠᠳᠠᠯᠢᠬᠠᠨ ᠬᠤᠶᠠᠷ ᠨᠠᠪᠴᠢ ᠪᠠᠢ᠍ᠢ᠍ᠳᠠᠬ ᠦᠭᠡᠢ》 ᠭᠡᠳᠡᠭ ᠵᠶ᠋ᠠᠷ ᠶᠠᠮᠠᠷᠪᠠ ᠬᠡᠷᠡᠭ ᠪᠤᠳᠠᠰ᠎ᠲᠤ ᠪᠦᠷ ᠲᠥᠭᠡᠮᠡᠯ ᠲᠠᠯ᠎ᠠ ᠪᠠ ᠥᠪᠡᠷᠮᠢᠴᠡ ᠲᠠᠯ᠎ᠠ᠎ᠲᠠᠢ᠃ ᠠᠳᠠᠯᠢᠬᠠᠨ ᠵᠶ᠋ᠠᠷ ᠠᠩᠬᠢ ᠵᠢᠨ ᠠᠵᠢᠯ᠎ᠤᠨ ᠬᠠᠮᠢᠶᠠᠷᠤᠯᠳᠠ᠎ᠳᠤ ᠴᠤ᠌ ᠲᠥᠭᠡᠮᠡᠯ ᠣᠨᠴᠠᠯᠢᠭ ᠪᠠ ᠥᠪᠡᠷᠮᠢᠴᠡ ᠣᠨᠴᠠᠯᠢᠭ᠎ᠲᠠᠢ ᠪᠠᠶ᠋ᠢᠬᠤ᠎ᠨᠢ ᠶᠠᠷᠢᠶᠠᠨ ᠦᠭᠡᠢ᠃
ᠡ᠊ᠨᠳᠡ ᠪᠢ ᠠᠩᠬᠢ ᠵᠢᠨ ᠬᠠᠮᠢᠶᠠᠷᠤᠯᠳᠠ ᠵᠢᠨ ᠠᠵᠢᠯ᠎ᠤᠨ ᠳᠤᠬᠠᠢ ᠳᠤᠪᠴᠢᠬᠠᠨ ᠶᠠᠷᠢᠶ᠎ᠠ᠃
ᠨᠢᠭᠡ᠂ ᠠ᠋ᠩ ᠲᠡᠷᠢᠭᠦᠨ᠎ᠳᠤ ᠠᠩᠬᠢ ᠵᠢᠨ ᠠ᠋ᠷᠬᠢᠯᠡᠭᠴᠢ ᠪᠠᠭᠰᠢ ᠵᠢᠨ ᠠᠵᠢᠯ᠎ᠢ ᠭᠠᠷᠳᠠᠨ ᠠᠪᠬᠤ᠎ᠳᠤ ᠦᠵᠡᠯ ᠰᠠᠨᠠᠭ᠋ᠠᠨ᠎ᠤ ᠲᠠᠯ᠎ᠠ᠎ᠪᠠᠷ ᠪᠦᠷᠢᠨ ᠪᠡᠯᠡᠳᠬᠡᠯ᠎ᠲᠠᠢ ᠪᠠᠶ᠋ᠢᠬᠤ ᠬᠡᠷᠡᠭᠲᠠᠢ
ᠤᠳᠤᠬᠠᠨ᠎ᠤ ᠪᠠᠶ᠋ᠢᠳᠠᠯ᠎ᠠᠴᠠ ᠦᠵᠡᠬᠦ᠎ᠳᠤ᠂ ᠬᠤᠪᠢ ᠬᠦᠮᠦᠨ ᠠᠩᠬᠢ ᠵᠢᠨ ᠠ᠋ᠷᠬᠢᠯᠡᠭᠴᠢ ᠪᠠᠭᠰᠢ ᠪᠤᠯᠬᠤ᠎ᠪᠠᠷ ᠠ᠋ᠷᠭᠦᠳᠡᠯ ᠲᠡᠪᠰᠢᠭᠦᠯᠭᠦ ᠪᠤᠶᠤ ᠰᠤᠷᠭ᠋ᠠᠭᠤᠯᠢ᠎ᠠᠴᠠ ᠰᠢᠭᠤᠳ ᠠ᠋ᠭᠦᠷᠭᠡ ᠲᠠᠭ᠋ᠠᠭ᠋ᠠᠯᠭ᠋ᠠᠬᠤ ᠬᠡᠯᠪᠡᠷᠢ᠎ᠪᠠᠷ ᠠᠩᠬᠢ ᠵᠢᠨ ᠠ᠋ᠷᠬᠢᠯᠡᠭᠴᠢ ᠪᠠᠭᠰᠢ ᠵᠢ ᠳᠤᠭᠳᠠᠭ᠋ᠠᠵᠤ ᠪᠠᠶ᠋ᠢᠨ᠎ᠠ᠃ 《ᠠᠵᠢᠯ ᠬᠢᠪᠡᠯ ᠳᠠᠭᠤᠰᠳᠠᠯ᠎ᠠ᠂ ᠳᠠᠪᠤᠰᠤ ᠬᠢᠪᠡᠯ ᠠᠭᠤᠰᠳᠠᠯ᠎ᠠ》 ᠭᠡᠳᠡᠭ ᠵᠶ᠋ᠠᠷ ᠬᠢᠪᠡᠯ ᠵᠠᠪᠠᠯ ᠰᠠᠶ᠋ᠢᠨ ᠬᠢᠬᠦ ᠬᠡᠷᠡᠭᠳᠠᠢ᠃ ᠨᠢᠭᠡ ᠠᠵᠢᠯ᠎ᠢ ᠬᠢᠬᠦ᠎ᠳᠤ ᠰᠡᠳᠬᠢᠯ ᠰᠢᠭᠤᠳᠬᠤ ᠦᠭᠡᠢ᠂ ᠠ᠋ᠷᠡᠬᠡᠯᠵᠡᠭᠡᠲᠠᠢ᠂ ᠬᠡᠷᠪᠡ ᠳᠤᠷ᠎ᠠ ᠦᠭᠡᠢ ᠪᠣᠯ ᠠ᠋ᠷᠡᠮᠡᠯᠵᠡᠭᠰᠡᠨᠤ ᠬᠡᠷᠡᠭ ᠦᠭᠡᠢ᠂ ᠬᠦᠯᠢᠶᠡᠨ ᠠᠪᠤᠭᠰᠠᠨ᠎ᠤ ᠴᠦ᠍ ᠴᠢᠬᠤᠯᠠ ᠦᠭᠡᠢ᠃ ᠢᠨᠭᠬᠢᠭᠦᠨᠢ ᠬᠡᠦᠬᠡᠳ᠎ᠢ ᠦᠭᠡᠶ ᠬᠢᠵᠦ ᠮᠡᠳᠡᠭᠦ ᠮᠦᠷᠳᠡᠭᠡᠨ ᠴᠠᠭ᠋ᠠᠰᠢᠯᠠᠪᠠᠯ ᠰᠤᠷᠭ᠋ᠠᠭᠤᠯᠢ ᠵᠢᠨ ᠠᠵᠢᠯ᠎ᠳᠤ ᠴᠦ᠍ ᠬᠠᠷᠰᠢ ᠪᠤᠯᠤᠨ᠎ᠠ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠪᠠᠭᠰᠢ ᠪᠤᠯᠤᠨ᠎ᠠ ᠭᠡᠪᠡᠯ ᠠ᠋ᠷᠬᠡᠪᠰᠢ ᠦᠵᠡᠯ ᠰᠠᠨᠠᠭ᠋ᠠᠨ᠎ᠤ ᠲᠠᠯ᠎ᠠ᠎ᠪᠠᠷ ᠭᠦᠢ᠍ᠴᠡᠳ ᠪᠡᠯᠡᠳᠬᠡᠯ ᠬᠢᠵᠦ 《ᠠᠩᠬᠢ᠎ᠪᠠᠨ ᠵᠠᠪᠠᠯ ᠰᠠᠶ᠋ᠢᠨ ᠠ᠋ᠷᠬᠢᠯᠡᠶᠡ》 ᠭᠡᠰᠡᠨ ᠠ᠋ᠷᠡᠰ ᠰᠢᠭᠤᠷᠬᠠᠢ ᠵᠤᠷᠢᠭ᠂ ᠣᠷᠭᠢᠯᠤᠮ᠎ᠠ ᠬᠠᠯᠠᠭᠤᠨ ᠰᠡᠳᠬᠢᠯᠭᠡ᠎ᠲᠠᠢ ᠪᠠᠶ᠋ᠢᠬᠤ ᠬᠡᠷᠡᠭᠳᠠᠢ᠃ ᠡ᠊ᠨᠡ ᠪᠣᠯ ᠬᠠᠮᠤᠭ ᠴᠢᠬᠤᠯᠠ᠃ ᠮᠦᠨ ᠴᠦ᠍ ᠪᠠᠭᠰᠢ ᠬᠦᠮᠦᠨ᠎ᠤ ᠬᠠᠮᠤᠭ᠎ᠤᠨ ᠳᠡᠭᠡᠳᠦ ᠬᠠᠷᠢᠭᠤᠴᠠᠯᠭ᠎ᠠ ᠪᠤᠯᠬᠤ ᠶᠤᠮ᠃
ᠬᠤᠶᠠᠷ᠂ ᠰᠤᠷᠤᠭᠴᠢ᠎ᠪᠠᠨ ᠰᠠᠶ᠋ᠢᠳᠤᠷ ᠰᠤᠳᠤᠯᠵᠤ᠂ ᠣᠶ᠋ᠢᠯᠠᠭ᠋ᠠᠬᠤ ᠵᠢ ᠣᠨᠴᠠ ᠠᠩᠬᠠᠷᠬᠤ ᠬᠡᠷᠡᠭᠳᠡᠢ
ᠰᠤᠷᠤᠭᠴᠢ ᠵᠢᠨ ᠭᠡᠷ ᠪᠦᠯᠢ᠂ ᠵᠠᠩ ᠠᠷᠠᠨᠰᠢᠨ᠂ ᠰᠡᠳᠬᠢᠴᠡ᠂ ᠠᠮᠢᠳᠤᠷᠠᠯ᠎ᠤᠨ ᠪᠠᠶ᠋ᠢᠳᠠᠯ ᠵᠡᠷᠭᠡ ᠵᠢ᠎ᠨᠢ ᠠᠯᠠᠭ᠋ᠠᠨ ᠵᠢᠷᠤᠭ᠋ᠠᠰᠤ᠎ᠪᠠᠨ ᠰᠢᠬ ᠳᠤᠳᠤᠷᠬᠠᠢ ᠮᠡᠳᠡᠵᠦ ᠠᠪᠬᠤ ᠪᠣᠯ ᠠᠩᠬᠢ ᠵᠢᠨ ᠠ᠋ᠷᠬᠢᠯᠡᠭᠴᠢ ᠪᠠᠭᠰᠢ ᠵᠢᠨ ᠠᠵᠢᠯ᠎ᠤᠨ ᠬᠠᠮᠤᠭ᠎ᠤᠨ ᠴᠢᠬᠤᠯᠠ ᠵᠦᠢ᠍ᠯ ᠶᠤᠮ᠃ ᠪᠢ ᠰᠤᠷᠤᠭᠴᠢ᠎ᠪᠠᠨ ᠬᠦᠯᠢᠶᠡᠨ ᠠᠪᠤᠮᠠᠭᠴᠠ᠎ᠪᠠᠨ ᠨᠠᠷᠢᠨ ᠨᠢᠮᠪᠠᠢ ᠠᠰᠠᠭᠤᠨ ᠯᠠᠪᠯᠠᠵᠤ᠂ ᠣᠶ᠋ᠢᠯᠠᠭ᠋ᠠᠵᠤ ᠠᠪᠬᠤ ᠵᠢ ᠠ᠋ᠷᠬᠢᠮᠯᠡᠳᠡᠭ᠃ ᠠ᠋ᠭᠦᠨ᠎ᠳᠤ ᠰᠤᠷᠤᠭᠴᠢ ᠵᠢᠨ ᠲᠤᠰ ᠪᠡᠶ᠎ᠡ᠎ᠲᠠᠢ᠎ᠨᠢ ᠶᠠᠷᠢᠯᠴᠠᠭ᠍ᠤ᠂ ᠭᠡᠷ᠎ᠤᠨ ᠠᠬᠠᠮᠠᠳ᠎ᠠᠴᠠ᠎ᠨᠢ ᠯᠠᠪᠯᠠᠭ᠍ᠤ᠂ ᠬᠠᠮᠳᠤ ᠨᠦᠬᠦᠳᠠᠴᠠᠨᠢ ᠠᠰᠠᠭᠤᠬᠤ ᠵᠡᠷᠭᠡ ᠠᠷᠭ᠎ᠠ᠎ᠪᠠᠷ ᠰᠤᠷᠤᠭᠴᠢ ᠵᠢᠨ ᠳᠤᠬᠠᠢ ᠭᠦᠨᠵᠡᠭᠡᠢ ᠤᠶ᠋ᠢᠯᠠᠭ᠋ᠠᠯᠲᠠ᠎ᠲᠠᠢ ᠪᠤᠯᠳᠠᠭ᠃ ᠠᠩᠬᠢ ᠵᠢᠨ ᠠ᠋ᠷᠬᠢᠯᠡᠭᠴᠢ ᠪᠠᠭᠰᠢ ᠪᠠᠰᠠ ᠥᠪᠡᠷ᠎ᠢ᠎ᠪᠠᠨ ᠰᠤᠷᠤᠭᠴᠢᠳ᠎ᠲᠤ ᠤᠶ᠋ᠢᠯᠠᠭ᠋ᠠᠭᠤᠯᠬᠤ ᠬᠡᠷᠡᠭᠳᠠᠢ᠃ ᠢᠩᠬᠢᠵᠦ ᠬᠠᠷᠢᠯᠴᠠᠨ ᠰᠠᠶ᠋ᠢᠨ ᠤᠶ᠋ᠢᠯᠠᠭ᠋ᠠᠴᠢᠬᠠᠪᠠᠯ ᠪᠠᠭᠰᠢ ᠰᠤᠷᠤᠭᠴᠢ ᠵᠢᠨ ᠰᠡᠳᠬᠢᠯ᠎ᠤᠨ ᠵᠠᠢ ᠣᠯᠠᠮ ᠣᠶ᠋ᠢᠷ᠎ᠠ ᠪᠤᠯᠵᠤ᠂ ᠰᠤᠷᠤᠭᠴᠢ ᠴᠦ᠍ ᠰᠡᠳᠭᠢᠯ᠎ᠤᠨ ᠦᠭᠡ᠎ᠪᠠᠨ ᠪᠠᠭᠰᠢ᠎ᠳᠤ᠎ᠪᠠᠨ ᠨᠢᠭᠤᠯ ᠦᠭᠡᠢ ᠶᠠᠷᠢᠬᠤ ᠪᠤᠯᠤᠨ᠎ᠠ᠃ ᠨᠡᠩ ᠴᠦ᠍ ᠤᠳᠤ ᠵᠢᠨ ᠬᠡᠦᠬᠡᠳ᠎ᠤᠳ ᠬᠦᠴᠢᠷ᠎ᠢ ᠳᠡᠰᠪᠤᠷᠢᠯᠡᠵᠦ ᠳᠡᠶ᠋ᠢᠯᠬᠦ ᠦᠭᠡᠢ᠂ ᠠᠯᠵᠠᠭᠤ ᠵᠠᠯᠬᠠᠭᠤ᠂ ᠵᠤᠵᠢᠭ ᠵᠦᠷᠢᠭᠦᠳ᠂ ᠪᠤᠰᠤᠳ᠎ᠲᠤ ᠬᠡᠯᠡᠭᠳᠡᠬᠦ ᠳᠤᠷ᠎ᠠ ᠦᠭᠡᠢ᠂ ᠰᠡᠳᠬᠢᠴᠡ᠎ᠨᠢ ᠬᠡᠪᠡᠷᠡᠭ ᠪᠤᠯᠵᠤ ᠪᠠᠶ᠋ᠢᠨ᠎ᠠ᠃ ᠶᠠᠭ ᠠ᠋ᠶ᠋ᠢᠮᠦᠷᠬᠦᠤ ᠪᠠᠶ᠋ᠢᠳᠠᠯ᠎ᠳᠤ ᠰᠤᠷᠤᠭᠴᠢ᠎ᠪᠠᠨ ᠰᠤᠳᠤᠯᠵᠤ᠂ ᠰᠤᠷᠤᠭᠴᠢ᠎ᠪᠠᠨ ᠤᠶ᠋ᠢᠯᠠᠭ᠋ᠠᠵᠦ᠂ ᠰᠤᠷᠭ᠋ᠠᠨ ᠬᠦᠮᠦᠵᠢᠭᠦᠯᠬᠦ ᠠᠷᠭ᠎ᠠ ᠠᠪᠴᠠᠯ ᠵᠶ᠋ᠠᠨ ᠵᠥᠪ ᠪᠠᠶ᠋ᠢᠯᠭ᠋ᠠᠬᠤ ᠪᠣᠯ ᠲᠤᠶ᠋ᠢᠯ᠎ᠤᠨ ᠴᠢᠬᠤᠯᠠ ᠶᠤᠮ᠃
《ᠡᠪᠡᠳᠴᠢᠨ᠎ᠳᠤ᠎ᠨᠢ ᠳᠤᠬᠢᠷᠠᠭᠤᠯᠵᠤ ᠡᠮ ᠬᠡᠷᠡᠭᠯᠡᠨ᠎ᠡ》 ᠭᠡᠳᠡᠭ ᠵᠶ᠋ᠠᠷ ᠰᠤᠷᠤᠭᠴᠢ᠎ᠪᠠᠨ ᠰᠠᠶ᠋ᠢᠨ ᠣᠶ᠋ᠢᠯᠠᠭ᠋ᠠᠵᠤ ᠠᠪᠤᠪᠠᠯ ᠬᠦᠮᠦᠵᠢᠭᠦᠯᠵᠦ ᠰᠤᠷᠭ᠋ᠠᠬᠤ᠎ᠳᠤ ᠬᠠᠷᠠᠯᠳᠠ᠎ᠲᠠᠢ ᠪᠤᠯᠵᠤ᠂ ᠣᠨᠴᠠᠯᠢᠭ᠎ᠲᠤ᠎ᠨᠢ ᠲᠤᠬᠢᠷᠠᠭᠤᠯᠵᠤ ᠰᠤᠷᠭ᠋ᠠᠨ ᠬᠦᠮᠦᠵᠢᠭᠦᠯᠵᠦ ᠴᠢᠳᠠᠨ᠎ᠠ᠃ ᠰᠤᠷᠤᠭᠴᠢ ᠵᠢᠨ ᠪᠤᠳᠠᠳᠠᠢ ᠪᠠᠶ᠋ᠢᠳᠠᠯ᠎ᠢ ᠠ᠋ᠳᠦᠷ ᠪᠤᠯᠭ᠋ᠠᠨ᠂ ᠴᠠᠭ ᠮᠦᠴᠡ ᠦᠭᠡᠢ ᠠᠵᠢᠭᠯᠠᠨ ᠰᠤᠳᠤᠯᠵᠤ᠂ ᠲᠡᠳᠡᠨ᠎ᠤ ᠥᠰᠥᠨ ᠪᠣᠶ᠋ᠢᠵᠢᠯᠳᠠ ᠵᠢᠨ ᠶᠠᠪᠤᠴᠠ ᠵᠢ ᠲᠡᠮᠳᠡᠭᠯᠡᠵᠦ᠂ ᠰᠤᠷᠤᠭᠴᠢ ᠵᠢᠨ ᠪᠤᠳᠠᠳᠠᠢ᠎ᠠᠴᠠ ᠠ᠋ᠭᠦᠰᠴᠦ ᠵᠢᠭ᠋ᠠᠬᠤ ᠠᠷᠭ᠎ᠠ᠂ ᠬᠦᠮᠦᠵᠢᠭᠦᠯᠬᠦ ᠠᠷᠭ᠎ᠠ᠎ᠪᠠᠨ ᠠᠮᠢᠳᠤᠯᠢᠭ ᠪᠠᠶ᠋ᠢᠯᠭ᠋ᠠᠬᠤ ᠬᠡᠷᠡᠭᠳᠠᠢ᠃
ᠭᠤᠷᠪᠠ᠂ ᠠᠩᠬᠢ ᠵᠢᠨ ᠠ᠋ᠷᠬᠢᠯᠡᠭᠴᠢ ᠪᠠᠭᠰᠢ ᠰᠤᠷᠤᠭᠴᠢ᠎ᠪᠠᠨ ᠬᠠᠶ᠋ᠢᠷᠠᠯᠠᠵᠤ᠂ ᠰᠤᠷᠤᠭᠴᠢ ᠵᠢᠨ ᠵᠶ᠋ᠠᠨ ᠬᠦᠨᠳᠦᠳᠬᠡᠯ᠎ᠢ ᠣᠯᠬᠤ ᠵᠢ ᠴᠢᠬᠤᠯᠠᠴᠢᠯᠠᠭ᠍ᠤ ᠬᠡᠷᠡᠭᠳᠡᠢ
《ᠰᠤᠷᠭ᠋ᠠᠨ ᠬᠦᠮᠦᠵᠢᠭᠦᠯᠬᠦ ᠵᠢᠨ ᠠᠯᠢᠪᠠ ᠨᠢᠭᠤᠴᠠ᠎ᠨᠢ ᠬᠡᠦᠬᠡᠳ᠎ᠢ ᠬᠠᠶ᠋ᠢᠷᠠᠯᠠᠭ᠍ᠤ᠎ᠳᠤ ᠪᠠᠶ᠋ᠢᠨ᠎ᠠ》 ᠭᠡᠬᠦ ᠠᠯᠳᠠᠷᠳᠤ ᠦᠭᠡ ᠵᠢ ᠪᠠᠭᠰᠢ ᠪᠤᠯᠭ᠋ᠠᠨ ᠮᠡᠳᠡᠳᠡᠭ᠂ ᠰᠤᠷᠤᠭᠴᠢ᠎ᠪᠠᠨ ᠬᠠᠶ᠋ᠢᠷᠠᠯᠠᠭ᠍ᠤ ᠪᠣᠯ ᠪᠠᠭᠰᠢ ᠬᠦᠮᠦᠨ᠎ᠤ ᠪᠡᠶᠡᠯᠡᠭᠦᠯᠬᠦ ᠠᠵᠢᠯ᠂ ᠬᠦᠮᠦᠨ᠎ᠢ ᠬᠦᠮᠦᠵᠢᠭᠦᠯᠬᠦ ᠬᠠᠮᠤᠭ᠎ᠤᠨ ᠳᠤᠬᠢᠷᠠᠮᠵᠢᠳᠠᠢ ᠠᠷᠭ᠎ᠠ ᠪᠠᠷᠢᠯ ᠪᠤᠯᠬᠤ ᠶᠤᠮ᠃
《ᠪᠠᠭᠰᠢ ᠵᠢᠨ ᠠᠵᠢᠯ ᠪᠣᠯ ᠨᠠᠷᠠᠨ᠎ᠤ ᠭᠡᠷᠡᠯ ᠳᠤᠤᠷᠠᠬᠢ ᠬᠠᠮᠤᠭ᠎ᠤᠨ ᠢᠷᠠᠭᠤ ᠠᠯᠳᠠᠷᠳᠠᠢ ᠪᠥᠭᠡᠳ ᠬᠠᠮᠤᠭ᠎ᠤᠨ ᠬᠦᠴᠢᠷ ᠠᠵᠢᠯ ᠮᠦᠨ》 ᠭᠡᠵᠦ ᠠ᠋ᠷᠳᠡᠮᠳᠠᠳ ᠶᠠᠷᠢᠭᠰᠠᠨ ᠪᠠᠶ᠋ᠢᠳᠠᠭ᠃ ᠡᠴᠢᠬᠡ ᠠ᠋ᠬᠡᠴᠤᠤᠯ ᠥᠪᠡᠷ᠎ᠤᠨ ᠦᠷ᠎ᠡ ᠬᠡᠦᠬᠡᠳ᠎ᠤᠨ ᠵᠶ᠋ᠠᠨ ᠲᠥᠯᠥᠭᠡ ᠵᠢᠳᠬᠦᠳᠡᠭ᠂ ᠮᠠᠨ᠎ᠤ ᠪᠠᠭᠰᠢ ᠬᠦᠮᠦᠨ ᠣᠯᠠᠨ ᠬᠡᠦᠬᠡᠳ᠎ᠤᠨ ᠲᠥᠯᠥᠭᠡ ᠵᠢᠳᠬᠦᠳᠡᠭ ᠵᠶ᠋ᠠᠷ ᠵᠶ᠋ᠠᠨ ᠠᠭᠤᠤ ᠶᠡᠭᠡ ᠪᠠᠶ᠋ᠢᠳᠠᠭ ᠶᠤᠮ᠃ ᠠ᠋ᠶ᠋ᠢᠮᠦ᠎ᠠᠴᠠ ᠪᠢᠳᠡ ᠠ᠋ᠶ᠋ᠢᠮᠦ ᠠᠭᠤᠤ ᠶᠡᠭᠡ ᠬᠦᠮᠦᠨ ᠪᠤᠯᠤᠭᠰᠠᠨᠳᠤᠪᠠᠨ ᠣᠮᠣᠭᠰᠢᠬᠤ ᠶᠤᠰᠤᠳᠠᠢ᠃ ᠰᠤᠷᠤᠭᠴᠢᠳ᠎ᠤᠨ ᠬᠠᠯᠭᠤᠤ ᠪᠤᠷᠤᠭᠤ ᠵᠦᠢ᠍ᠯ᠂ ᠬᠠᠵᠠᠭ᠋ᠠᠢ ᠮᠤᠰᠢᠭ᠋ᠠᠢ ᠠᠯᠬᠤᠳᠠᠯ᠎ᠳᠤ ᠵᠥᠪᠬᠡᠨ ᠠᠭᠤᠷᠯᠠᠭ᠋ᠠᠳ ᠯᠡ ᠪᠠᠶ᠋ᠢᠵᠤ ᠪᠤᠯᠬᠤ ᠦᠭᠡᠢ᠃ ᠬᠠᠷᠢᠨ ᠲᠡᠳᠡᠭᠡᠷ ᠠᠯᠢᠶ᠎ᠠ ᠳᠦᠢ᠍ᠳᠬᠡᠷ ᠰᠤᠷᠤᠭᠴᠢᠳ᠎ᠢ ᠬᠠᠶ᠋ᠢᠷᠠᠯᠠᠵᠤ ᠦᠨᠡᠨ ᠰᠡᠳᠬᠢᠯ᠎ᠠᠴᠠ᠎ᠪᠠᠨ ᠬᠠᠨᠳᠤᠪᠠᠯ ᠲᠡᠳᠡ ᠴᠦ᠍ ᠪᠠᠭᠰᠢ᠎ᠪᠠᠨ ᠤᠶ᠋ᠢᠯᠠᠭ᠋ᠠᠵᠦ᠂ ᠪᠠᠭᠰᠢ᠎ᠪᠠᠨ ᠬᠦᠨᠳᠦᠳᠬᠡᠵᠤ᠂ ᠪᠠᠭᠰᠢ᠎ᠪᠠᠨ ᠬᠠᠶ᠋ᠢᠷᠠᠯᠠᠵᠤ᠂ ᠠ᠋ᠰᠡᠷᠭᠦᠴᠡᠭᠴᠢ ᠳᠡᠷᠰᠡᠯᠡᠭᠴᠢ ᠪᠠᠶ᠋ᠢᠭᠰᠠᠨ᠎ᠠᠴᠠ᠎ᠪᠠᠨ ᠴᠢᠨᠦ ᠥᠮᠥᠭᠯᠡᠭᠴᠢ᠂ ᠬᠠᠮᠠᠭ᠋ᠠᠯᠠᠭᠴᠢ᠂ ᠰᠢᠳᠦᠨ ᠪᠢᠰᠢᠷᠡᠭᠴᠢ ᠪᠤᠯᠵᠤ ᠮᠡᠳᠡᠨ᠎ᠡ᠃ ᠪᠢᠳᠡ ᠰᠤᠷᠤᠭᠴᠢ ᠵᠢᠨ ᠬᠦᠯᠳᠡᠭᠰᠡᠨ ᠰᠡᠳᠬᠢᠯ᠎ᠢ ᠬᠠᠶ᠋ᠢᠷ᠎ᠠ ᠵᠢᠨ ᠬᠠᠯᠠᠭᠤᠨ ᠢᠯᠴᠢ᠎ᠪᠠᠷ ᠵᠶ᠋ᠠᠨ ᠤᠶᠠᠷᠠᠭ᠋ᠠᠨ ᠬᠡᠰᠬᠡᠵᠦ᠂ ᠮᠠᠭᠤ ᠮᠠᠭᠤᠬᠠᠢ ᠵᠠᠩ ᠰᠤᠷᠳᠠᠯ᠎ᠢ᠎ᠨᠢ ᠰᠠᠶ᠋ᠢᠨ ᠰᠠᠶ᠋ᠢᠬᠠᠨ ᠰᠡᠳᠬᠢᠯ ᠵᠶ᠋ᠠᠷ ᠵᠶ᠋ᠠᠨ ᠬᠤᠪᠢᠷᠠᠭᠤᠯᠵᠤ ᠠᠪᠬᠤ ᠬᠡᠷᠡᠭᠳᠠᠢ᠃ 《ᠥᠪᠡᠷ᠎ᠤᠨ ᠬᠡᠦᠬᠡᠳ ᠵᠶ᠋ᠠᠨ ᠬᠠᠶ᠋ᠢᠷᠠᠯᠠᠵᠤ ᠴᠢᠳᠠᠳᠠᠭ ᠪᠣᠯ ᠬᠦᠮᠦᠨ᠂ ᠥᠷᠥᠭᠡᠯ᠎ᠤᠨ ᠬᠡᠦᠬᠡᠳ᠎ᠢ ᠬᠠᠶ᠋ᠢᠷᠠᠯᠠᠵᠤ ᠴᠢᠳᠠᠳᠠᠭ ᠪᠣᠯ ᠪᠤᠷᠬᠠᠨ》 ᠭᠡᠳᠡᠭ᠃
ᠲᠦᠷᠪᠡ᠂ ᠰᠤᠷᠤᠭᠴᠢᠳ᠎ᠲᠤ ᠵᠥᠪ ᠬᠦᠮᠦᠵᠢᠯ ᠬᠢᠬᠦ ᠵᠢ ᠴᠢᠬᠤᠯᠠᠴᠢᠯᠠᠨ ᠬᠦᠢ᠍ᠴᠡᠳᠭᠡᠬᠦ ᠬᠡᠷᠡᠭᠲᠡᠢ
ᠪᠢ ᠰᠤᠷᠤᠭᠴᠢ ᠵᠢ ᠰᠠᠶ᠋ᠢᠨ ᠰᠤᠷᠤᠭᠴᠢ ᠪᠤᠯᠬᠤ᠎ᠠᠴᠠ᠎ᠨᠢ ᠠ᠋ᠮᠦᠨ᠎ᠡ ᠰᠠᠶ᠋ᠢᠨ ᠬᠦᠮᠦᠨ ᠪᠤᠯᠭ᠋ᠠᠬᠤ ᠵᠢ ᠵᠤᠷᠢᠳᠠᠭ᠃ ᠳᠠᠷᠤᠢ ᠬᠦᠮᠦᠨ ᠮᠥᠰᠥ ᠵᠢᠨ ᠬᠦᠮᠦᠵᠢᠯ ᠬᠢᠬᠦ ᠵᠢ ᠣᠨᠴᠠ ᠠᠩᠬᠠᠷᠳᠠᠭ᠃ 《ᠬᠦᠮᠦᠨ᠎ᠤ ᠰᠠᠶ᠋ᠢᠬᠠᠨ ᠰᠡᠳᠬᠢᠯ᠎ᠨᠢ ᠬᠤᠷᠸ᠎ᠠ ᠵᠢᠨ ᠳᠤᠳᠠᠭᠤ ᠵᠢ ᠨᠦᠬᠦᠳᠡᠭ》 ᠭᠡᠳᠡᠭ ᠵᠶ᠋ᠠᠷ 《ᠶᠠᠮᠠᠷ ᠴᠦ᠍ ᠶᠠᠭᠤᠮ᠎ᠠ ᠵᠢ ᠰᠠᠶ᠋ᠢᠨ ᠵᠦᠭ᠎ᠲᠤ᠎ᠨᠢ ᠪᠤᠳᠤᠭ᠋ᠠᠷᠠᠢ᠂ ᠶᠢᠷᠲᠢᠨᠴᠦ ᠭᠡᠵᠦ ᠰᠠᠶ᠋ᠢᠨ ᠬᠦᠮᠦᠨ᠎ᠤ ᠥᠯᠥᠭᠡᠢ ᠪᠤᠯᠬᠤᠷ ᠨᠠᠷᠠᠨ ᠪᠤᠷᠬᠠᠨ ᠭᠡᠷᠡᠯ ᠢᠯᠴᠢ᠎ᠪᠠᠨ ᠬᠠᠶ᠋ᠢᠷᠠᠯᠠᠭᠰᠠᠨ ᠶᠤᠮ ᠰᠢᠤ》 ᠭᠡᠬᠦ ᠬᠡᠯᠡᠯᠭᠡ᠎ᠪᠠᠷ ᠬᠡᠦᠬᠡᠳ᠎ᠤᠳ᠎ᠲᠤ᠎ᠪᠠᠨ ᠴᠠᠭ ᠦᠷᠭᠦᠯᠵᠢ ᠵᠢᠭ᠋ᠠᠵᠤ ᠪᠠᠶ᠋ᠢᠭ᠎ᠠ ᠬᠢᠴᠢᠶᠡᠯ ᠲᠥᠷᠥᠯ᠎ᠲᠠᠢ᠎ᠪᠠᠨ ᠤᠶᠠᠯᠳᠤᠭᠤᠯᠤᠨ᠂ ᠪᠤᠯᠪᠠᠰᠤᠨ ᠰᠠᠶ᠋ᠢᠬᠠᠨ ᠵᠠᠩ ᠰᠤᠷᠳᠠᠯ᠎ᠲᠠᠢ᠂ ᠪᠤᠯᠪᠠᠰᠤᠨ ᠰᠠᠶ᠋ᠢᠬᠠᠨ ᠦᠭᠡ ᠶᠠᠷᠢᠶ᠎ᠠ᠎ᠲᠠᠢ᠂ ᠪᠤᠯᠪᠠᠰᠤᠨ ᠰᠠᠶ᠋ᠢᠬᠠᠨ ᠦᠢ᠍ᠯᠡ ᠠᠵᠢᠯᠯᠠᠭ᠎ᠠ᠎ᠲᠠᠢ᠂ ᠠᠴᠢᠯᠠᠯ ᠵᠢᠷᠤᠮ᠎ᠢ ᠪᠤᠳᠤᠳᠠᠭ᠂ ᠬᠠᠶ᠋ᠢᠷ᠎ᠠ ᠠ᠋ᠨᠡᠷᠢᠯ᠎ᠢ ᠮᠡᠳᠡᠷᠡᠳᠡᠭ᠂ ᠠᠪᠤ ᠡᠵᠢ᠎ᠪᠠᠨ ᠬᠠᠶ᠋ᠢᠷᠠᠯᠠᠨ ᠠᠬᠠᠮᠠᠳ ᠨᠠᠰᠤᠳᠠᠨ ᠵᠶ᠋ᠠᠨ ᠬᠦᠨᠳᠦᠳᠬᠡᠳᠡᠭ᠂ ᠠᠩᠬᠢ ᠵᠢᠨ ᠨᠦᠬᠦᠳ᠎ᠲᠠᠢ᠎ᠪᠠᠨ ᠪᠦᠯᠬᠦᠮᠳᠡᠳᠡᠭ᠂ ᠪᠤᠰᠤᠳ᠎ᠤᠨ ᠬᠠᠶ᠋ᠢᠷ᠎ᠠ ᠬᠦᠨᠳᠦᠳᠬᠡᠯ᠎ᠢ ᠣᠯᠵᠣ ᠴᠢᠳᠠᠳᠠᠭ ᠥᠭᠡᠳᠡᠷᠬᠡᠭ ᠪᠤᠳᠤᠯ᠎ᠲᠠᠢ ᠬᠦᠮᠦᠨ ᠪᠤᠯᠭ᠋ᠠᠨ ᠬᠦᠮᠦᠵᠢᠭᠦᠯᠬᠦ ᠵᠢ ᠵᠤᠷᠢᠳᠠᠭ᠃
ᠲᠠᠪᠤ᠂ ᠳᠠᠳᠬᠠᠯ᠎ᠤᠨ ᠬᠦᠮᠦᠵᠢᠯ᠎ᠢ ᠰᠠᠶ᠋ᠢᠨ ᠬᠢᠵᠦ᠂ ᠪᠤᠯᠪᠠᠰᠤᠨ ᠶᠤᠰᠤᠷᠬᠠᠭ᠂ ᠪᠦᠯᠬᠦᠮᠳᠡᠯ ᠨᠢᠭᠳᠠᠷᠠᠯ᠎ᠲᠠᠢ ᠠᠩᠬᠢ ᠵᠢᠨ ᠬᠡᠪ ᠰᠤᠷᠳᠠᠯ᠎ᠢ ᠪᠦᠷᠢᠯᠳᠦᠭᠦᠯᠬᠦ ᠵᠢ ᠠᠩᠬᠠᠷᠳᠠᠭ
《ᠨᠢᠭᠡ ᠰᠠᠶ᠋ᠢᠬᠠᠨ ᠳᠠᠳᠬᠠᠯ᠎ᠨᠢ ᠬᠦᠮᠦᠨ᠎ᠢ ᠨᠠᠰᠤᠨ ᠲᠤᠷᠰᠢ᠎ᠳᠤᠨᠢ ᠳᠠᠭ᠋ᠠᠳᠠᠭ》᠃ ᠪᠢ ᠠᠩᠬᠢ ᠵᠢᠨ ᠵᠶ᠋ᠠᠨ ᠬᠡᠦᠬᠡᠳ᠎ᠢ ᠳᠤᠰᠤᠨ ᠠᠪᠤᠮᠠᠭᠴᠠ ᠵᠥᠪ ᠰᠠᠶ᠋ᠢᠬᠠᠨ ᠠᠮᠢᠳᠤᠷᠠᠭ᠍ᠤᠢ ᠵᠢᠨ ᠦᠵᠡᠯᠳᠡ᠎ᠲᠠᠢ᠂ ᠠᠮᠢᠳᠤᠷᠠᠯ ᠰᠤᠷᠤᠯᠴᠠᠯᠭ᠎ᠠ᠎ᠳᠤ᠎ᠪᠠᠨ ᠵᠥᠪ ᠣᠪᠣᠷ ᠵᠶ᠋ᠠᠷ ᠬᠠᠨᠳᠤᠳᠠᠭ᠂ ᠠᠷᠢᠭᠤᠨ ᠴᠡᠪᠡᠷᠴᠢ ᠰᠤᠷᠳᠠᠯ᠎ᠲᠠᠢ᠂ ᠠᠵᠢᠯᠴᠢ ᠬᠦᠳᠡᠯᠮᠤᠷᠢᠴᠢ ᠠᠷᠠᠨᠰᠢᠨ᠎ᠲᠠᠢ ᠬᠦᠮᠦᠨ ᠪᠤᠯᠭ᠋ᠠᠬᠤ ᠵᠦᠭ ᠬᠦᠳᠦᠯᠳᠡᠭ᠃
ᠵᠢᠷᠭᠤᠭ᠎ᠠ᠂ ᠤᠷᠮᠠᠰᠢᠭᠤᠯᠤᠯ ᠵᠤᠷᠢᠬ᠍ᠵᠢᠭᠤᠯᠤᠯ᠎ᠤᠨ ᠬᠦᠴᠦᠨ ᠵᠶ᠋ᠠᠷ ᠬᠡᠦᠬᠡᠳ᠎ᠤᠨ ᠢᠲᠡᠬᠡᠯ ᠬᠦᠰᠡᠯ᠎ᠢ᠎ᠨᠢ ᠬᠥᠪᠴᠢᠯᠡᠳᠡᠭ
《ᠮᠤᠩᠭᠤᠯᠴᠤᠳ ᠬᠡᠦᠬᠡᠳ᠎ᠢ ᠳᠤᠯᠤᠪᠤᠷ ᠬᠤᠷᠤᠭᠤ᠎ᠪᠠᠷ ᠵᠢᠭ᠋ᠠᠬᠤ ᠵᠢᠨ ᠣᠷᠤᠨ᠎ᠳᠤ ᠠ᠋ᠷᠡᠬᠡᠢ ᠭᠠᠷᠭ᠋ᠠᠨ ᠮᠠᠭᠳᠠ》 ᠭᠡᠵᠦ ᠳᠤᠯᠤᠪᠤᠷ ᠬᠤᠷᠤᠭᠤ᠎ᠪᠠᠷ ᠵᠶ᠋ᠠᠨ ᠵᠢᠭ᠋ᠠᠵᠤ ᠵᠢᠮᠡᠯᠡᠬᠦ ᠵᠢ ᠶᠡᠭᠡ᠎ᠪᠠᠷ ᠴᠡᠭᠡᠷᠯᠡᠳᠡᠭ᠃ ᠭᠠᠳᠠᠭ᠋ᠠᠳᠤ ᠵᠢᠨ ᠰᠤᠷᠭ᠋ᠠᠨ ᠬᠦᠮᠦᠵᠢᠯ᠎ᠳᠤ ᠮᠠᠭᠳᠠᠭ᠋ᠠᠯ ᠰᠠᠶ᠋ᠢᠰᠢᠶᠠᠯ᠎ᠢ ᠲᠤᠩ ᠠ᠋ᠷᠬᠢᠮᠯᠡᠳᠡᠭ ᠭᠡᠨ᠎ᠠ᠃ ᠠ᠋ᠶ᠋ᠢᠮᠦ ᠨᠢᠭᠡᠨ ᠦᠯᠢᠭᠡᠷ ᠪᠠᠶ᠋ᠢᠳᠠᠭ᠄ ᠠᠮᠸᠷᠢᠺᠠ ᠵᠢᠨ ᠨᠢᠭᠡ ᠭᠡᠷ ᠪᠦᠯᠢ᠎ᠳᠤ ᠭᠡᠷ᠎ᠤᠨ ᠡᠵᠡᠭᠳᠠᠢ᠎ᠨᠢ ᠣᠷᠤᠰ ᠬᠦᠮᠦᠨ᠂ ᠠᠩᠭ᠍ᠯᠢ ᠬᠡᠯᠡ ᠤᠭᠳᠤ ᠮᠡᠳᠡᠬᠦ ᠦᠭᠡᠢ᠃ ᠬᠡᠦᠬᠡᠳ᠎ᠨᠢ ᠣᠷᠤᠢ ᠰᠤᠷᠭ᠋ᠠᠭᠤᠯᠢ᠎ᠠᠴᠠ᠎ᠪᠠᠨ ᠢᠷᠡᠮᠡᠭᠴᠡ ᠡᠵᠢ᠎ᠳᠤ᠎ᠪᠠᠨ ᠲᠠᠰᠬᠠᠯ ᠵᠶ᠋ᠠᠨ ᠦᠵᠡᠭᠦᠯᠳᠡᠭ ᠭᠡᠨ᠎ᠡ᠃ ᠡᠵᠢ᠎ᠨᠢ ᠬᠦᠦ ᠵᠢᠨ ᠵᠶ᠋ᠠᠨ ᠲᠠᠰᠬᠠᠯ᠎ᠢ ᠦᠵᠡᠭᠡᠳ᠄ 《ᠮᠢᠨᠦ ᠬᠦᠦ ᠵᠢᠨ ᠬᠢᠭᠰᠡᠨ ᠲᠠᠰᠬᠠᠯ ᠲᠤᠩ ᠭᠤᠶᠤ ᠪᠠᠶ᠋ᠢᠨ᠎ᠠ᠂ ᠵᠥᠪ ᠭᠦᠢ᠍ᠴᠡᠳᠬᠡᠯᠡ》 ᠭᠡᠵᠦ ᠮᠠᠭᠳᠠᠳᠠᠭ᠃ ᠦᠨᠡᠨ᠎ᠳᠤ᠎ᠪᠠᠨ ᠬᠦᠦ ᠵᠢᠨ ᠬᠢᠨᠢ ᠲᠠᠰᠬᠠᠯ ᠲᠡᠶ᠋ᠢᠮᠦ ᠭᠤᠶᠤ ᠪᠢᠰᠢ᠃ ᠰᠡᠭᠦᠯᠡᠷ᠎ᠨᠢ ᠬᠠᠨᠠᠨ᠎ᠳᠤ᠎ᠪᠠᠨ ᠨᠠᠭ᠋ᠠᠵᠤ ᠵᠤᠴᠢᠨ ᠵᠠᠯᠠᠵᠤ ᠦᠵᠡᠭᠦᠯᠳᠡᠭ ᠪᠤᠯᠪᠠ᠃ ᠦᠵᠡᠭᠰᠡᠨ ᠵᠤᠴᠢᠳ᠎ᠨᠢ ᠠ᠋ᠷᠡᠬᠡᠢ ᠭᠠᠷᠭ᠋ᠠᠨ ᠮᠠᠭᠳᠠᠳᠠᠬ᠃ ᠬᠤᠵᠢᠮ᠎ᠨᠢ ᠡ᠊ᠨᠡ ᠬᠦᠦ ᠵᠢᠨ ᠭᠠᠷᠤᠨ ᠲᠢᠭ ᠢᠳᠡᠭ ᠢᠳᠡᠭ ᠵᠶ᠋ᠠᠷ ᠳᠡᠭᠡᠭᠰᠢᠯᠡᠯᠳᠡ᠎ᠲᠠᠢ ᠪᠤᠯᠵᠤ᠂ ᠰᠤᠷᠤᠯᠭ᠎ᠠ᠎ᠨᠢ ᠴᠦ᠍ ᠳᠠᠪᠰᠢᠵᠤ᠂ ᠬᠤᠵᠢᠮ᠎ᠨᠢ ᠲᠤᠰ ᠬᠦᠦ ᠨᠢᠭᠡᠨ ᠰᠢᠯᠭ᠋ᠠᠷᠠᠭᠰᠠᠨ ᠠ᠋ᠷᠳᠡᠮᠲᠡᠨ ᠪᠤᠯᠤᠭᠰᠠᠨ ᠭᠡᠨ᠎ᠡ᠃ ᠲᠤᠰ ᠦᠯᠢᠭᠡᠷ᠎ᠠᠴᠠ ᠦᠵᠡᠬᠦ᠎ᠳᠤ ᠤᠷᠮᠠᠰᠢᠭᠤᠯᠤᠯ ᠵᠤᠷᠢᠬ᠍ᠵᠢᠭᠤᠯᠤᠯ ᠪᠣᠯ ᠲᠤᠩ ᠶᠡᠭᠡ ᠠ᠋ᠷᠴᠢ ᠬᠦᠴᠦᠨ᠎ᠲᠠᠢ ᠶᠤᠮ ᠪᠠᠶ᠋ᠢᠨ᠎ᠠ ᠭᠡᠳᠡᠭ᠎ᠢ ᠣᠶ᠋ᠢᠯᠠᠭ᠋ᠠᠵᠤ ᠪᠤᠯᠤᠨ᠎ᠠ᠃
ᠲᠡᠭᠡᠪᠡᠯ ᠰᠤᠷᠤᠭᠴᠢ᠎ᠪᠠᠨ 《ᠤᠷᠮᠠᠰᠢᠭᠤᠯᠤᠨ᠎ᠠ᠂ ᠵᠤᠷᠢᠬ᠍ᠵᠢᠭᠤᠯᠤᠨ᠎ᠠ᠂ ᠮᠠᠭᠳᠠᠨ᠎ᠠ᠂ ᠰᠠᠶ᠋ᠢᠰᠢᠶᠠᠨ᠎ᠠ᠂ ᠬᠠᠶ᠋ᠢᠷᠠᠯᠠᠨ᠎ᠠ᠂ ᠬᠠᠮᠠᠭ᠋ᠠᠯᠠᠨ᠎ᠠ》 ᠭᠡᠳᠡᠭ᠎ᠨᠢ ᠬᠡᠵᠢᠶᠡᠳᠡ ᠵᠢᠮᠡᠯᠡᠬᠦ ᠦᠭᠡᠢ᠂ ᠰᠢᠭᠦᠮᠵᠢᠯᠡᠬᠦ ᠦᠭᠡᠢ ᠭᠡᠰᠡᠨ ᠰᠠᠨᠠᠭ᠎ᠠ ᠤᠭᠳᠤ ᠪᠢᠰᠢ᠃ ᠦᠨᠡᠨ ᠰᠡᠳᠬᠢᠯ᠎ᠠᠴᠠ᠎ᠪᠠᠨ ᠰᠤᠷᠤᠭᠴᠢ᠎ᠳᠤ᠎ᠪᠠᠨ ᠬᠠᠨᠳᠤᠵᠤ᠂ ᠦᠨᠡᠨ ᠬᠦ᠌ ᠵᠥᠪ ᠬᠦᠮᠦᠵᠢᠭᠦᠯᠬᠦ ᠵᠢᠨ ᠲᠥᠯᠥᠭᠡ ᠴᠢᠷᠮᠠᠶ᠋ᠢᠳᠠᠭ ᠯᠡ ᠶᠤᠮ ᠪᠣᠯ ᠰᠤᠷᠤᠭᠴᠢ ᠴᠢᠨᠢ ᠠᠭᠤᠷᠯᠠᠵᠤ ᠵᠠᠩᠨᠠᠭᠰᠠᠨ ᠴᠦ᠍ ᠬᠤᠷᠤᠰᠬᠤ ᠦᠭᠡᠢ᠂ ᠬᠠᠷᠢᠨ ᠲᠠᠯᠠᠷᠬᠠᠬᠤ ᠰᠡᠳᠬᠢᠯ᠎ᠢ ᠡᠪᠤᠷᠯᠡᠨᠡ᠃ ᠮᠦᠨ ᠴᠦ᠍ ᠪᠤᠰᠤᠳ᠎ᠢ ᠬᠦᠨᠳᠦᠳᠬᠡᠨ ᠬᠠᠶ᠋ᠢᠷᠠᠯᠠᠭ᠍ᠤ ᠰᠡᠳᠬᠢᠯ ᠠᠶᠠᠨᠳᠠᠭ᠋ᠠᠨ ᠠ᠋ᠭᠦᠰᠳᠡᠭ᠃ ᠤᠳᠤ ᠵᠢᠨ ᠬᠡᠦᠬᠡᠳ ᠬᠦᠮᠦᠨ ᠵᠶ᠋ᠠᠷ ᠬᠠᠶ᠋ᠢᠷᠠᠯᠠᠭᠤᠯᠬᠤ ᠵᠢ ᠮᠡᠳᠡᠬᠦ᠎ᠠᠴᠠ ᠪᠢᠰᠢ ᠬᠦᠮᠦᠨ᠎ᠢ ᠬᠠᠶ᠋ᠢᠷᠠᠯᠠᠵᠤ ᠬᠠᠯᠠᠮᠵᠢᠯᠠᠭ᠍ᠤ ᠵᠢ ᠤᠭᠳᠤᠬᠠᠨ ᠴᠦ᠍ ᠮᠡᠳᠡᠬᠦ ᠦᠭᠡᠢ ᠪᠠᠶ᠋ᠢᠨ᠎ᠠ᠃ ᠠ᠋ᠶ᠋ᠢᠮᠦ᠎ᠠᠴᠠ ᠲᠡᠳᠡᠨ᠎ᠳᠤ ᠪᠠᠭᠰᠢ ᠵᠢᠨ ᠠᠤᠭ᠎ᠠ ᠬᠠᠶ᠋ᠢᠷ᠎ᠠ᠂ ᠬᠦᠯᠢᠴᠡᠩᠭᠦᠢ ᠵᠢᠯᠤᠭᠤᠳᠤᠯᠭ᠎ᠠ ᠲᠤᠩ ᠴᠢᠬᠤᠯᠠ ᠶᠤᠮ᠃
ᠳᠤᠯᠤᠭ᠎ᠠ᠂ ᠦᠯᠢᠭᠡᠷ ᠳᠠᠭᠤᠷᠢᠶᠠᠯ᠎ᠤᠨ ᠦᠢ᠍ᠯᠡᠳᠦᠯ ᠵᠶ᠋ᠠᠷ ᠰᠤᠷᠤᠭᠴᠢ᠎ᠪᠠᠨ ᠳᠠᠶ᠋ᠢᠯᠠᠨ ᠳᠠᠭ᠋ᠠᠭᠤᠯᠬᠤ ᠵᠢ ᠠᠩᠬᠠᠷᠳᠠᠭ
ᠴᠸᠷᠨᠢᠰᠸᠸᠰᠺᠢ᠄ 《ᠪᠠᠭᠰᠢ ᠬᠦᠮᠦᠨ ᠰᠤᠷᠤᠭᠴᠢ᠎ᠪᠠᠨ ᠶᠠᠮᠠᠷ ᠮᠠᠶᠢᠭ᠎ᠤᠨ ᠬᠦᠮᠦᠨ ᠪᠤᠯᠭ᠋ᠠᠶ᠎ᠠ ᠭᠡᠪᠡᠯ ᠥᠪᠡᠷ ᠵᠶ᠋ᠠᠨ ᠳᠠᠷᠤᠢ ᠲᠡᠶ᠋ᠢᠮᠦ ᠮᠠᠶᠢᠭ᠎ᠤᠨ ᠬᠦᠮᠦᠨ ᠪᠠᠶ᠋ᠢᠬᠤ ᠶᠤᠰᠤᠳᠠᠢ》 ᠭᠡᠵᠦ ᠦᠭᠦᠯᠡᠭᠰᠡᠨ ᠪᠠᠶ᠋ᠢᠳᠠᠭ᠃ ᠪᠠᠭᠰᠢ ᠠ᠋ᠷᠬᠡᠪᠰᠢ ᠪᠡᠶ᠎ᠡ᠎ᠪᠠᠷ ᠵᠶ᠋ᠠᠨ ᠬᠡᠪ ᠳᠠᠭᠤᠷᠢᠶᠠᠯ ᠦᠵᠡᠭᠦᠯᠦᠨ ᠰᠤᠷᠤᠭᠴᠢᠳ᠎ᠢ ᠵᠥᠪ ᠳᠠᠭ᠋ᠠᠭᠤᠯᠵᠤ᠂ ᠲᠡᠳᠡᠨ᠎ᠤ ᠥᠰᠥᠨ ᠪᠣᠶ᠋ᠢᠵᠢᠯᠳᠠ ᠵᠢ ᠨᠥᠯᠥᠭᠡᠯᠡᠬᠦ ᠬᠡᠷᠡᠭᠳᠠᠢ᠃ ᠠᠩᠬᠢ ᠵᠢᠨ ᠠ᠋ᠷᠬᠢᠯᠡᠭᠴᠢ ᠪᠠᠭᠰᠢ ᠪᠣᠯ ᠰᠤᠷᠤᠭᠴᠢ᠎ᠲᠠᠢ ᠬᠠᠮᠤᠭ᠎ᠠᠴᠠ ᠢᠯᠡᠭᠦᠦ ᠣᠶ᠋ᠢᠷᠠᠳᠤᠵᠤ᠂ ᠲᠡᠳᠡᠨ᠎ᠢ ᠬᠠᠮᠤᠭ᠎ᠠᠴᠠ ᠢᠯᠡᠭᠦᠦ ᠤᠶ᠋ᠢᠯᠠᠭ᠋ᠠᠳᠠᠭ ᠳᠤᠳᠤᠨᠤ ᠬᠦᠮᠦᠨ᠎ᠤ ᠬᠢᠨᠢ ᠨᠢᠭᠡ ᠪᠤᠯᠬᠤ ᠶᠤᠮ᠃ ᠰᠤᠷᠤᠭᠴᠢᠳ ᠮᠦᠨ ᠠᠩᠬᠢ ᠵᠢᠨ ᠠ᠋ᠷᠬᠢᠯᠡᠭᠴᠢ ᠪᠠᠭᠰᠢ᠎ᠪᠠᠨ ᠤᠶ᠋ᠢᠯᠠᠭ᠋ᠠᠵᠦ᠂ ᠳᠠᠭᠤᠷᠢᠶᠠᠵᠤ᠂ ᠠᠩᠬᠢ ᠵᠢᠨ ᠠ᠋ᠷᠬᠢᠯᠡᠭᠴᠢ ᠪᠠᠭᠰᠢ᠎ᠲᠠᠢ᠎ᠪᠠᠨ ᠠᠳᠠᠯᠢ ᠬᠦᠮᠦᠨ ᠪᠤᠯᠬᠤ ᠵᠢ ᠪᠤᠳᠤᠳᠠᠭ᠃ ᠪᠢᠴᠢᠬᠠᠨ ᠬᠡᠦᠬᠡᠳ᠎ᠤᠨ ᠪᠤᠳᠤᠯ᠎ᠳᠤ ᠪᠠᠭᠰᠢ ᠵᠢᠨ ᠳᠦᠷᠢ ᠪᠣᠯ ᠠᠯᠢᠪᠠ ᠪᠦᠬᠦᠨ᠎ᠢ ᠴᠢᠳᠠᠳᠠᠭ 《ᠲᠡᠭᠦᠰ ᠴᠢᠳᠠᠪᠤᠷᠢᠳᠠᠨ》᠂ ᠶᠠᠮᠠᠷ ᠤᠴᠢᠷ᠎ᠲᠤ ᠴᠦ᠍ ᠪᠤᠷᠤᠭᠤ ᠭᠠᠷᠭ᠋ᠠᠳᠠᠭ ᠦᠭᠡᠢ 《ᠪᠤᠭᠳᠠ ᠬᠦᠮᠦᠨ》 ᠰᠢᠭ ᠪᠤᠳᠤᠭᠳᠠᠳᠠᠬ᠃ ᠠ᠋ᠶ᠋ᠢᠮᠦ᠎ᠠᠴᠠ ᠰᠤᠷᠤᠭᠴᠢᠳ ᠪᠠᠭᠰᠢ ᠵᠢᠨ ᠰᠤᠷᠭ᠋ᠠᠯ᠎ᠢ ᠰᠤᠨᠤᠰᠴᠤ᠂ ᠪᠠᠭᠰᠢ ᠵᠢᠨ ᠵᠢᠯᠤᠭᠤᠳᠤᠯᠭ᠎ᠠ ᠵᠢ ᠬᠦᠯᠢᠶᠡᠵᠦ᠂ ᠪᠠᠭᠰᠢ᠎ᠪᠠᠨ ᠪᠢᠰᠢᠷᠡᠨ ᠬᠦᠨᠳᠦᠳᠬᠡᠳᠡᠭ᠃ ᠪᠢᠳᠡ ᠶᠡᠷᠦ᠎ᠳᠤ᠎ᠪᠠᠨ ᠬᠡᠦᠬᠡᠳ᠎ᠤᠨ ᠵᠶ᠋ᠠᠨ 《ᠪᠠᠭᠰᠢ ᠬᠡᠯᠡᠭᠰᠡᠨ》᠂ 《ᠪᠠᠭᠰᠢ ᠲᠡᠭᠡᠭᠰᠡᠨ》᠂ 《ᠪᠠᠭᠰᠢ᠎ᠠᠴᠠ ᠠᠰᠠᠭᠤᠶ᠎ᠠ》᠂ 《ᠪᠠᠭᠰᠢ᠎ᠳᠤ ᠬᠡᠯᠡᠶ᠎ᠡ》 ᠭᠡᠬᠦ ᠮᠡᠲᠦ ᠵᠢᠨ ᠦᠭᠡ ᠵᠢ ᠣᠯᠵᠣ ᠰᠤᠨᠤᠰᠳᠠᠭ᠂ ᠡ᠊ᠨᠡ᠎ᠨᠢ ᠪᠠᠭᠰᠢ᠎ᠪᠠᠨ ᠢᠲᠡᠬᠡᠨ ᠳᠠᠭᠤᠷᠢᠶᠠᠵᠤ ᠪᠠᠶ᠋ᠢᠬᠤ ᠵᠢ ᠬᠠᠷᠠᠭᠤᠯᠵᠤ ᠪᠤᠢ᠃ 《ᠬᠡᠦᠬᠡᠳ ᠴᠢᠨᠠᠷ᠂ ᠮᠦᠷ᠎ᠢ ᠬᠠᠷᠠᠵᠦ ᠬᠦᠮᠦᠨ ᠪᠤᠯᠳᠠᠭ》 ᠭᠡᠳᠡᠭ ᠦᠭᠡ ᠪᠤᠢ᠃ ᠪᠠᠭᠰᠢ ᠥᠪᠡᠷ ᠵᠶ᠋ᠠᠨ ᠨᠠᠷᠢᠨ ᠨᠢᠮᠪᠠᠢ᠂ ᠲᠦᠪ ᠴᠢᠩᠭ᠎ᠠ᠂ ᠦᠨᠡᠨᠴᠢ ᠯᠠᠪᠳᠠᠭᠤᠨ᠂ ᠪᠠᠶᠠᠷ ᠵᠢᠪᠬᠤᠯᠠᠩᠲᠠᠢ ᠪᠠᠶ᠋ᠢᠵᠤ᠂ ᠬᠡᠯᠡᠵᠤ ᠬᠢᠬᠦ᠎ᠪᠠᠨ ᠨᠢᠭᠡᠳᠦᠯᠳᠠᠢ ᠪᠤᠯᠭ᠋ᠠᠨ ᠰᠤᠷᠤᠭᠴᠢᠳ᠎ᠲᠤ ᠦᠯᠢᠭᠡᠷ ᠳᠠᠭᠤᠷᠢᠶᠠᠯ ᠪᠤᠯᠬᠤ ᠬᠡᠷᠡᠭᠳᠠᠢ᠃ ᠬᠠᠷᠢᠨ ᠠᠯᠠᠩ ᠰᠠᠯᠠᠩ᠂ ᠰᠤᠯᠠ ᠵᠠᠳᠠᠭ᠋ᠠᠢ᠂ ᠬᠤᠳᠠᠯ ᠬᠠᠭᠤᠷᠮᠠᠴᠢ ᠪᠠᠶ᠋ᠢᠵᠤ ᠪᠤᠯᠬᠤ ᠦᠭᠡᠢ᠂ ᠢᠨᠭᠬᠢᠪᠡᠯ ᠰᠤᠷᠤᠭᠴᠢᠳ᠎ᠤᠨ ᠳᠤᠮᠳᠠ ᠢᠲᠡᠬᠡᠯ ᠵᠶ᠋ᠠᠨ ᠠᠯᠳᠠᠭ᠍ᠤ ᠮᠥᠷᠳᠡᠭᠡᠨ ᠰᠤᠷᠤᠭᠴᠢ ᠴᠦ᠍ ᠪᠠᠭᠰᠢ᠎ᠳᠤ᠎ᠪᠠᠨ ᠨᠦᠯᠦᠭᠡᠯᠡᠭᠳᠡᠨ ᠰᠢᠯᠢᠳᠡᠭ ᠰᠠᠶ᠋ᠢᠨ ᠳᠠᠳᠬᠠᠯ᠎ᠲᠠᠢ ᠪᠤᠯᠤᠨ ᠬᠦᠮᠦᠵᠢᠭᠳᠡᠬᠦ ᠦᠭᠡᠢ ᠶᠤᠮ᠃ ᠪᠢ 《ᠦᠭᠦᠯᠡᠵᠦ ᠰᠤᠷᠭ᠋ᠠᠬᠤ᠎ᠪᠠᠷ ᠦᠯᠢᠭᠡᠷᠯᠡᠵᠦ ᠰᠤᠷᠭ᠎ᠠ》 ᠭᠡᠳᠡᠭ ᠦᠭᠡ ᠵᠢ ᠣᠨᠴᠠ ᠴᠢᠬᠤᠯᠠᠴᠢᠯᠠᠵᠤ᠂ ᠥᠪᠡᠷ᠎ᠤᠨ ᠪᠡᠶ᠎ᠡ᠎ᠪᠠᠷ ᠵᠶ᠋ᠠᠨ ᠳᠠᠭᠤᠷᠢᠶᠠᠯ ᠪᠤᠯᠬᠤ ᠵᠢ ᠣᠨᠴᠠ ᠠᠩᠬᠠᠷᠳᠠᠭ᠃ ᠵᠢᠱ᠌ᠢᠶᠡᠯᠡᠪᠡᠯ᠄ ① ᠠᠰᠠᠷ᠎ᠤᠨ ᠭᠤᠳᠤᠮ ᠪᠤᠶᠤ ᠵᠠᠮ᠎ᠳᠤ ᠬᠤᠭ ᠪᠠᠢ᠍ᠢ᠍ᠪᠠᠯ ᠬᠤᠭ᠎ᠤᠨ ᠬᠠᠢ᠍ᠢ᠍ᠷᠴᠠᠬᠲᠤ ᠬᠢᠨ᠎ᠡ᠃ ᠬᠠᠷᠢᠨ ᠥᠯᠥ ᠣᠶ᠋ᠢᠰᠢᠶᠠᠭ᠍ᠤ ᠪᠤᠶᠤ ᠬᠡᠦᠬᠡᠳ᠎ᠢ ᠠᠯᠪᠠᠳᠠᠨ ᠵᠠᠩᠨᠠᠵᠤ ᠭᠦᠢ᠍ᠴᠡᠳᠬᠡᠯᠭᠡᠬᠦ ᠦᠭᠡᠢ᠃ ② ᠠᠩᠬᠢ ᠵᠢᠨ ᠭᠡᠷ᠎ᠤᠨ ᠠ᠋ᠭᠦᠳᠡᠨ᠎ᠳᠤ᠂ ᠭᠠᠵᠠᠷ᠎ᠤᠨ ᠱᠦᠭᠦᠷ ᠤᠨᠠᠭᠰᠠᠨ ᠪᠠᠶ᠋ᠢᠪᠠᠯ ᠳᠡᠭᠡᠭᠦᠷ᠎ᠨᠢ ᠠᠯᠬᠤᠵᠤ ᠭᠠᠷᠬᠤ ᠪᠢᠰᠢ᠂ ᠬᠠᠷᠢᠨ ᠲᠡᠭᠦᠨ᠎ᠢ ᠠᠪᠴᠤ ᠤᠭ ᠣᠷᠤᠨ᠎ᠳᠤᠨᠢ ᠲᠠᠯᠪᠢᠨ᠎ᠠ᠃ ③ ᠲᠠᠰᠬᠠᠯ ᠳᠠᠭ᠋ᠠᠭ᠋ᠠᠯᠭ᠋ᠠᠪᠤᠷᠢ᠎ᠪᠠᠨ ᠨᠠᠷᠢᠨ ᠨᠢᠮᠪᠠᠢ᠂ ᠴᠡᠪᠡᠷ ᠴᠡᠮᠴᠡᠭᠡᠷ ᠬᠢᠬᠦ ᠵᠢ ᠠᠩᠬᠠᠷᠴᠤ᠂ ᠦᠭᠡ ᠦᠰᠦᠭ᠎ᠤᠨ ᠠᠴᠤᠭ ᠰᠢᠯᠪᠢ᠂ ᠴᠡᠭ ᠳᠤᠰᠤᠯ᠎ᠳᠤᠨᠢ ᠬᠦᠷᠳᠡᠯ᠎ᠡ ᠵᠥᠪ ᠨᠢᠮᠪᠠᠢ ᠪᠢᠴᠢᠬᠦ ᠵᠢ ᠱᠠᠭ᠋ᠠᠷᠳᠠᠵᠤ᠂ ᠥᠪᠡᠷ᠎ᠤᠨ ᠪᠡᠶ᠎ᠡ᠎ᠪᠠᠷ ᠵᠶ᠋ᠠᠨ ᠳᠠᠭᠤᠷᠢᠶᠠᠯ ᠪᠤᠯᠤᠨ᠎ᠠ᠃ ᠠ᠋ᠶ᠋ᠢᠷᠮᠦᠬᠦᠤ ᠬᠦᠮᠦᠨ᠎ᠳᠤ ᠥᠯᠥ ᠣᠶ᠋ᠢᠰᠢᠶᠠᠭᠳᠠᠮᠠ ᠵᠢᠵᠢᠭ ᠰᠠᠵᠢᠭ ᠦᠢ᠍ᠯᠡ ᠬᠦᠳᠡᠯᠦᠯ᠂ ᠠᠵᠢᠯᠯᠠᠭ᠎ᠠ᠎ᠨᠤᠭᠤᠳ᠎ᠨᠢ ᠰᠤᠷᠤᠭᠴᠢ ᠵᠢ ᠵᠤᠬᠢᠬᠤ ᠬᠡᠮᠵᠢᠶ᠎ᠡ᠎ᠪᠠᠷ ᠨᠥᠯᠥᠭᠡᠯᠡᠳᠡᠭ᠃ ᠲᠡᠳᠡ ᠪᠠᠭᠰᠢ ᠵᠢᠨ ᠦᠢ᠍ᠯᠡ ᠠᠵᠢᠯᠯᠠᠭ᠎ᠠ ᠵᠢ ᠳᠠᠭᠤᠷᠢᠶᠠᠵᠤ᠂ ᠵᠢᠵᠢᠭ ᠰᠠᠵᠢᠭ ᠤᠴᠢᠷ᠎ᠠᠴᠠ ᠠ᠋ᠬᠢᠯᠡᠵᠦ᠂ ᠥᠪᠡᠷ᠎ᠢ᠎ᠪᠠᠨ ᠥᠭᠡᠷᠡᠴᠢᠯᠡᠵᠦ᠂ ᠥᠪᠡᠷ᠎ᠢ᠎ᠪᠠᠨ ᠳᠡᠭᠡᠭᠰᠢᠯᠡᠭᠦᠯᠵᠦ᠂ ᠠ᠋ᠷᠡᠭᠦᠯ ᠰᠠᠶ᠋ᠢᠬᠠᠨ ᠥᠰᠥᠨ ᠪᠣᠶ᠋ᠢᠵᠢᠳᠠᠭ᠃
ᠨᠠᠢ᠍ᠮᠨ᠂ ᠭᠡᠷ᠎ᠤᠨ ᠠᠬᠠᠮᠠᠳ᠎ᠲᠠᠢ ᠨᠢᠭᠳᠠ ᠬᠠᠮᠵᠢᠯᠴᠠᠵᠤ ᠰᠤᠷᠤᠭᠴᠢᠳ᠎ᠤᠨ ᠰᠤᠷᠤᠯᠭ᠎ᠠ᠂ ᠠᠮᠢᠳᠤᠷᠠᠯ᠎ᠳᠤ ᠳᠦᠯᠬᠢᠴᠡ ᠬᠦᠴᠦᠨ ᠪᠤᠯᠭ᠋ᠠᠬᠤ ᠵᠢ ᠠᠩᠬᠠᠷᠳᠠᠭ
ᠠᠩᠬᠢ ᠵᠢᠨ ᠠ᠋ᠷᠬᠢᠯᠡᠭᠴᠢ ᠪᠠᠭᠰᠢ ᠪᠣᠯ 《ᠰᠤᠷᠭ᠋ᠠᠭᠤᠯᠢ᠂ ᠨᠡᠶ᠋ᠢᠭᠡᠮ᠂ ᠭᠡᠷ ᠪᠦᠯᠢ》 ᠵᠢᠨ ᠬᠠᠷᠢᠴᠠᠭ᠋ᠠᠨ᠎ᠳᠤ ᠬᠥᠭᠦᠷᠭᠡ ᠵᠢᠨ ᠦᠢ᠍ᠯᠡᠳᠦᠯ ᠦᠵᠡᠭᠦᠯᠵᠦ ᠪᠠᠶ᠋ᠢᠳᠠᠭ᠃ ᠠ᠋ᠶ᠋ᠢᠮᠦ᠎ᠠᠴᠠ ᠪᠢ ᠬᠤᠭᠤᠴᠠᠭ᠎ᠠ ᠪᠦᠷᠢ 2~3 ᠤᠳᠠᠭ᠋ᠠᠨ᠎ᠤ ᠭᠡᠷ᠎ᠤᠨ ᠠᠬᠠᠮᠠᠳ᠎ᠤᠨ ᠬᠤᠷᠠᠯ᠎ᠢ ᠵᠤᠬᠢᠶᠠᠨ ᠪᠠᠶ᠋ᠢᠭᠤᠯᠵᠤ᠂ ᠰᠤᠷᠤᠭᠴᠢᠳ᠎ᠤᠨ ᠵᠶ᠋ᠠᠨ ᠰᠤᠷᠤᠯᠭ᠎ᠠ ᠠᠮᠢᠳᠤᠷᠠᠯ᠎ᠤᠨ ᠲᠠᠯ᠎ᠠ᠎ᠪᠠᠷ ᠬᠠᠷᠢᠭᠤ ᠮᠡᠳᠡᠭᠦᠯᠦᠨ᠂ ᠭᠡᠷ᠎ᠤᠨ ᠠᠬᠠᠮᠠᠳ᠎ᠠᠴᠠ ᠰᠠᠨᠠᠯ ᠰᠢᠭᠦᠮᠵᠢ ᠬᠤᠷᠢᠶᠠᠨ᠂ ᠬᠡᠦᠬᠡᠳ᠎ᠤᠨ ᠬᠦᠭᠵᠢᠯᠳᠡ᠂ ᠥᠰᠥᠨ ᠪᠣᠶ᠋ᠢᠵᠢᠯᠳᠠ ᠵᠢᠨ ᠲᠥᠯᠥᠭᠡ ᠨᠢᠭᠳᠠ ᠬᠠᠮᠵᠢᠯᠴᠠᠳᠠᠭ᠎ᠠᠴᠠ ᠮᠠᠨ᠎ᠤ ᠠᠩᠬᠢ ᠵᠢᠨ ᠬᠡᠦᠬᠡᠳ᠎ᠤᠳ᠎ᠨᠢ ᠬᠦᠮᠦᠨ ᠮᠥᠰᠥ᠎ᠪᠠᠷ ᠴᠢᠩᠭ᠎ᠠ᠂ ᠬᠢᠷᠢ᠎ᠳᠤ᠎ᠪᠠᠨ ᠳᠤᠬᠢᠷᠠᠭᠰᠠᠨ ᠬᠡᠪ ᠪᠣᠯᠪᠠᠰᠤᠷᠠᠯ᠎ᠲᠠᠢ᠂ ᠰᠠᠶ᠋ᠢᠨ ᠰᠠᠶ᠋ᠢᠬᠠᠨ ᠥᠭᠡᠳᠡᠷᠬᠡᠭ ᠪᠤᠳᠤᠯ᠎ᠲᠠᠢ᠂ ᠬᠦᠰᠡᠯ ᠬᠥᠭᠡᠭᠡᠴᠡᠯᠳᠦᠯ᠎ᠲᠠᠢ ᠬᠡᠦᠬᠡᠳ ᠪᠤᠯᠤᠨ ᠬᠦᠮᠦᠵᠢᠭᠳᠡᠳᠡᠭ᠃
ᠬᠠᠶᠢᠬ᠄ ᠤᠩᠨᠢᠭᠤᠳ ᠬᠤᠰᠢᠭᠤᠨ᠎ᠤ ᠪᠤᠷᠤᠬᠤᠳᠠ ᠮᠣᠩᠭᠤᠯ ᠦᠨᠳᠦᠰᠦᠳᠡᠨ᠎ᠤ ᠪᠠᠭ᠎ᠠ ᠰᠤᠷᠭ᠋ᠠᠭᠤᠯᠢ
(ᠴ᠊ · ᠲᠤᠭᠳᠠᠭᠤᠨ ᠨᠠᠢ᠍ᠢ᠍ᠷᠠᠭᠤᠯᠪᠠ)
2019 ᠣᠨ᠎ᠤ 11 ᠳ᠋ᠦ᠍ᠭᠡᠷ ᠬᠤᠭᠤᠴᠠᠭ᠎ᠠ