ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠤᠳᠤᠬᠠᠨ᠎ᠤ ᠭᠡᠤᠭᠡᠳ᠎ᠤᠳ᠎ᠤᠨ ᠪᠠᠶ᠎ᠡ ᠳᠡᠭᠡᠷ᠎ᠡ ᠢᠯᠠᠷᠠᠵᠦ ᠪᠠᠢ᠍ᠢ᠍ᠭ᠎ᠠ ᠲᠤᠳᠠᠭᠳᠠᠯ᠎ᠲᠠᠢ ᠲᠠᠯ᠎ᠠ ᠪᠤᠯᠤᠨ ᠲᠡᠭᠦᠨ᠎ᠤ ᠦᠨᠳᠤᠰᠤ ᠰᠤᠷᠪᠤᠯᠵᠢ
ᠨᠡᠶ᠋ᠢᠲᠡᠯᠡᠭᠰᠡᠨ ᠴᠠᠭ᠄ 2020-05-12

                                    ᠨᠠᠮᠢᠳᠰᠠᠳᠠᠩ


      ᠠ᠋ᠳᠦᠭᠡ ᠮᠠᠨ᠎ᠤ ᠬᠡᠦᠬᠡᠳ᠎ᠤᠳ ᠢᠲᠡᠭᠡᠯ ᠪᠢᠰᠢᠷᠡᠯ ᠦᠭᠡᠢ ᠪᠤᠯᠵᠠᠢ᠃ ᠨᠠᠭ᠋ᠠᠲᠤ ᠵᠠᠬ᠎ᠠ᠎ᠳᠤ᠎ᠪᠠᠨ ᠪᠡᠶ᠎ᠡ᠎ᠪᠠᠨ ᠴᠦ᠍ ᠢᠳᠡᠭᠡᠭᠦ᠎ᠪᠠᠨ ᠪᠣᠯᠵᠠᠢ᠃ ᠢᠨᠭᠬᠢᠭᠰᠡᠨ᠎ᠠᠴᠠ ᠲᠠᠳᠡᠨ᠎ᠤ ᠪᠡᠶ᠎ᠠ ᠳᠡᠭᠡᠷ᠎ᠡ ᠤᠯᠠᠨ ᠵᠦᠢ᠍ᠯ᠎ᠤᠨ ᠲᠤᠳᠠᠭᠳᠠᠯ᠎ᠲᠠᠢ ᠲᠠᠯ᠎ᠠ ᠢᠯᠠᠷᠠᠵᠦ ᠪᠤᠢ᠂ ᠶᠠᠮᠠᠷ ᠰᠠᠢ᠍ᠢ᠍ᠨ᠎ᠳᠤ᠎ᠪᠠᠨ ᠪᠠᠭᠰᠢ ᠨᠠᠷ ᠴᠦ᠍᠄ 《ᠣᠳᠣ ᠵᠢᠨ ᠰᠤᠷᠤᠭᠴᠢᠳ ᠪᠦᠷ ᠪᠣᠯᠬᠤ᠎ᠪᠠᠨ ᠪᠠᠶ᠋ᠢᠵᠤ ᠪᠠᠶ᠋ᠢᠨ᠎ᠠ᠂ ᠶᠠᠪᠤᠬᠤ ᠲᠤᠰᠤᠮ ᠵᠶ᠋ᠠᠨ ᠪᠦᠷ ᠰᠤᠷᠬᠤ ᠦᠭᠡᠢ ᠠᠯᠵᠠᠭᠤ ᠪᠣᠯᠵᠠᠢ᠃ ᠲᠠᠨ᠎ᠤ ᠲᠡᠷᠡ ᠦᠶᠡᠰ᠎ᠲᠠᠢ ᠲᠠᠭ᠋ᠠᠷᠠᠭ᠍ᠤ᠎ᠪᠠᠨ ᠪᠣᠯᠢᠵᠠᠢ ᠁》 ᠭᠡᠬᠦ ᠮᠡᠲᠦᠴᠢᠯᠡᠨ ᠬᠡᠯᠡᠬᠦ ᠪᠤᠶᠤ ᠭᠡᠷ᠎ᠤᠨ ᠠᠬᠠᠮᠠᠳ᠄ 《ᠮᠠᠨ᠎ᠤ ᠡ᠊ᠨᠡ ᠬᠡᠦᠬᠡᠳ ᠴᠢᠨᠢ ᠶᠠᠭ᠋ᠠᠬᠢᠴᠢᠬᠠᠵᠤ ᠪᠤᠢ? ᠪᠦᠷ ᠰᠤᠷᠬᠤ᠎ᠪᠠᠨ ᠪᠣᠯᠢᠯ᠎ᠠ᠂ ᠠᠯᠵᠠᠭᠤ ᠭᠡᠳᠡᠭ᠎ᠨᠢ᠂ ᠦᠭᠡ ᠰᠣᠨᠣᠰᠬᠤ ᠦᠭᠡᠢ ᠭᠡᠳᠡᠭ᠎ᠨᠢ᠂ ᠬᠡᠷᠡᠭ ᠲᠠᠲᠠᠭ᠋ᠠᠳ ᠁》 ᠭᠡᠬᠦᠴᠢᠯᠡᠨ ᠶᠠᠷᠢᠵᠠᠭ᠋ᠠᠳᠠᠭ ᠪᠣᠯᠵᠠᠢ᠃ ᠲᠡᠭᠡᠪᠡᠯ ᠣᠳᠣ ᠵᠢᠨ ᠬᠡᠦᠬᠡᠳ ᠶᠠᠭ᠋ᠠᠬᠢᠴᠢᠬᠠᠪᠠ? ᠲᠠᠷᠢᠬᠢ ᠲᠣᠯᠣᠭ᠋ᠠᠢ᠎ᠨᠢ ᠬᠦᠷᠦᠯᠴᠡᠬᠦ ᠦᠭᠡᠢ ᠪᠠᠢ᠍ᠢ᠍ᠨ᠎ᠠ ᠭᠡᠵᠦ ᠦᠦ? ᠦᠨᠡᠭᠡᠷ ᠰᠤᠷᠬᠤ᠎ᠪᠠᠷ ᠠᠨᠠᠢ ᠭᠡᠵᠦ ᠦᠦ? ᠲᠡᠶ᠋ᠢᠮᠦ ᠪᠢᠰᠢ ᠪᠠᠶ᠋ᠢᠬᠤ ᠡ᠃ ᠺᠣᠮᠫᠢᠦ᠋ᠲ᠋ᠧᠷ᠂ ᠭᠠᠷ ᠤᠲᠠᠰᠤ᠂ ᠨᠸᠲ ᠲᠣᠭᠯᠠᠭ᠋ᠠᠮ ᠨᠠᠭ᠋ᠠᠳᠬᠤ᠎ᠳᠤ ᠲᠡᠳᠡ ᠬᠡᠨ ᠵᠶ᠋ᠠᠷ ᠴᠦ᠍ ᠵᠢᠭ᠋ᠠᠯᠭ᠋ᠠᠳᠠᠭ ᠦᠭᠡᠢ ᠪᠠᠶ᠋ᠢᠳᠠᠭ ᠪᠢᠰᠢᠤ?
      ᠳᠣᠣᠷ᠎ᠠ ᠣᠳᠣᠬᠠᠨ᠎ᠤ ᠬᠡᠦᠬᠡᠳ᠎ᠤᠨ ᠢᠯᠡᠷᠡᠯ ᠣᠨᠴᠠᠯᠢᠭ᠎ᠢ ᠵᠠᠳᠠᠯᠵᠤ ᠦᠵᠠᠶ᠎ᠠ᠃
      ᠣᠳᠣᠬᠢ ᠬᠡᠦᠬᠡᠳ᠎ᠤᠨ ᠣᠯᠠᠩᠬᠢ᠎ᠨᠢ ᠠᠯᠵᠠᠭᠤ ᠵᠠᠯᠬᠠᠭᠤ᠂ ᠪᠣᠳᠣᠵᠤ ᠰᠡᠳᠬᠢᠬᠦ ᠳᠤᠷ᠎ᠠ ᠦᠭᠡᠢ᠂ ᠨᠡᠩ ᠴᠦ᠍ ᠴᠡᠭᠡᠵᠢᠯᠡᠵᠦ ᠲᠣᠭᠲᠠᠭ᠋ᠠᠬᠤ ᠳᠤᠷ᠎ᠠ ᠦᠭᠡᠢ ᠪᠣᠯᠵᠠᠢ; ᠲᠤᠩ ᠬᠤᠪᠢᠨᠴᠢᠷ᠂ 《ᠮᠢᠨᠤ》 ᠯᠡ ᠤᠴᠢᠷ᠂ 《ᠪᠢ》 ᠯᠡ ᠭᠡᠳ ᠪᠠᠶ᠋ᠢᠳᠠᠭ᠃ ᠲᠡᠳᠡᠨ᠎ᠤ ᠠᠯᠢᠪᠠ ᠤᠴᠢᠷ ᠪᠣᠯ ᠬᠠᠮᠤᠭ᠎ᠤᠨ ᠳᠡᠭᠡᠳᠦ᠂ ᠬᠠᠮᠤᠭ᠎ᠤᠨ ᠠ᠋ᠷᠬᠢᠮ᠃ ᠪᠤᠰᠤᠳ᠎ᠢ ᠪᠣᠳᠣᠳᠠᠬ ᠦᠭᠡᠢ᠃ ᠰᠤᠷᠭ᠋ᠠᠭᠤᠯᠢ ᠵᠢᠨ ᠶᠠᠮᠠᠷ ᠨᠢᠭᠡᠨ ᠬᠥᠳᠡᠯᠭᠡᠭᠡᠨ᠎ᠳᠤ ᠣᠷᠣᠯᠴᠠᠭᠰᠠᠨ ᠴᠦ᠍ ᠪᠤᠯᠤᠬ᠂ ᠠ᠋ᠰᠡᠭᠦᠯ᠎ᠡ ᠭᠡᠷ ᠪᠦᠯᠢ ᠪᠤᠯᠤᠨ ᠳᠡᠭᠦᠦ ᠨᠠᠷ᠎ᠲᠤ᠎ᠪᠠᠨ ᠴᠦ᠍ ᠪᠤᠯᠤᠬ ᠲᠡᠳᠡ ᠲᠤᠩ ᠬᠤᠪᠢᠨᠴᠢᠷ ᠠᠭ᠋ᠠᠰᠢᠯᠠᠵᠤ᠂ ᠭᠡᠷ᠎ᠠᠴᠠ᠎ᠪᠠᠨ ᠠᠪᠴᠢᠷᠠᠭᠰᠠᠨ ᠵᠶ᠋ᠠᠨ ᠥᠪᠡᠷ ᠥᠪᠡᠷ ᠵᠶ᠋ᠠᠨ ᠯᠡ ᠠ᠋ᠳ᠋ᠯᠡᠨ᠎ᠡ᠃ ᠳᠡᠯᠭᠡᠭᠦᠷ᠎ᠠᠴᠠ ᠶᠠᠭᠤᠮ᠎ᠠ ᠬᠤᠳᠠᠯᠳᠤᠨ ᠠᠪᠬᠤ᠎ᠳᠤ᠎ᠪᠠᠨ ᠲᠡᠭᠦᠦ᠎ᠲᠠᠢ ᠪᠠᠢ᠍ᠢ᠍ᠳᠠᠯ᠎ᠠ᠎ᠪᠠᠨ ᠪᠠᠶ᠎ᠠ᠎ᠳᠤ᠎ᠪᠠᠨ ᠯᠠ ᠠᠪᠳᠠᠬ᠃ ᠶᠠᠭ ᠠ᠋ᠶ᠋ᠢᠮᠦ ᠵᠢᠨ ᠤᠴᠢᠷ ᠠ᠋ᠳᠡᠭᠡᠷ ᠬᠡᠦᠬᠡᠳ᠎ᠤᠳ ᠨᠠᠶ᠋ᠢᠵᠢ ᠨᠥᠬᠦᠳ ᠴᠥᠭᠡᠨ᠂ ᠭᠡᠷ ᠪᠦᠯᠢ᠂ ᠰᠤᠷᠭ᠋ᠠᠭᠤᠯᠢ᠎ᠳᠤ᠎ᠪᠠᠨ ᠪᠦᠯᠬᠦᠮᠳᠡᠯ ᠵᠶ᠋ᠠᠷ ᠠᠨᠠᠢ ᠪᠠᠶ᠋ᠢᠳᠠᠭ; ᠵᠣᠷᠢᠭ ᠰᠤᠯᠠ᠃ ᠭᠦᠳᠠᠯᠮᠤᠷᠢ᠎ᠳᠤ ᠤᠷᠤᠯᠴᠠᠬᠤ᠎ᠳᠤ ᠭᠦᠮᠦᠨ᠎ᠤ ᠠᠷᠤ᠎ᠳᠤ ᠲᠠᠭ᠋ᠠᠭ᠋ᠠᠳ ᠪᠤᠰᠤᠳ᠎ᠤᠨ ᠬᠢᠭᠦ ᠵᠢ ᠬᠠᠷᠠᠨ᠎ᠠ; ᠶᠠᠮᠠᠷ ᠴᠦ᠍ ᠶᠠᠭᠤᠮᠠᠨ᠎ᠳᠤ ᠬᠠᠶ᠋ᠢᠷ᠎ᠠ ᠭᠠᠮ ᠦᠭᠡᠢ᠂ ᠶᠠᠭᠤ ᠵᠢ ᠴᠦ᠍ ᠶᠠᠭᠤᠮᠠᠨ᠎ᠤ ᠲᠣᠭ᠋ᠠᠨ᠎ᠳᠤ ᠪᠣᠳᠣᠳᠠᠭ ᠦᠭᠡᠢ; ᠰᠦᠯᠵᠢᠶ᠎ᠡ ᠵᠢᠴᠢ ᠭᠠᠷ ᠤᠲᠠᠰᠤᠨ᠎ᠤ 《ᠪᠣᠭᠤᠯ》 ᠪᠣᠯᠣᠭᠰᠠᠨ; ᠠᠶᠤᠮᠠᠲᠠᠭ᠋ᠠᠢ ᠮᠥᠷᠲᠡᠭᠡᠨ ᠬᠢᠮᠡᠲᠡᠭᠡᠢ᠂ ᠵᠣᠷᠢᠭ ᠰᠤᠯᠠ ᠤᠴᠢᠷ᠎ᠠᠴᠠ ᠲᠤᠩ ᠠᠶᠤᠮᠠᠲᠠᠭ᠋ᠠᠢ᠂ ᠴᠢᠩᠭ᠎ᠠ ᠳᠤᠤᠭ᠋ᠠᠷᠬᠤ᠂ ᠪᠠᠭ᠎ᠠ ᠵᠠᠩᠨᠠᠭ᠍ᠤ᠎ᠳᠤ ᠯᠡ ᠠᠶᠤᠭ᠋ᠠᠳ ᠪᠠᠶ᠋ᠢᠳᠠᠭ᠃ ᠭᠡᠬᠦ᠎ᠳᠤ ᠠᠷᠤ ᠬᠤᠶ᠋ᠢᠨ᠎ᠠ᠎ᠨᠢ ᠰᠠᠨᠠᠭ᠋ᠠᠨ ᠳᠤᠷ᠎ᠠ᠎ᠪᠠᠷ ᠵᠶ᠋ᠠᠨ ᠠᠭ᠋ᠠᠰᠢᠯᠠᠳᠠᠭ᠂ ᠶᠠᠭᠤᠨ᠎ᠳᠤ ᠴᠦ᠍ ᠭᠠᠷ ᠬᠦᠷᠴᠦ ᠦᠵᠡᠨ᠂ ᠶᠠᠭᠤ ᠵᠢ ᠴᠦ᠍ ᠤᠷᠤᠯᠳᠤᠵᠤ ᠦᠵᠡᠳᠡᠭ᠃
      ᠪᠢᠳᠠ ᠠ᠋ᠳᠡᠭᠡᠷ ᠢᠯᠡᠷᠡᠯ᠎ᠤᠨ ᠦᠨᠳᠦᠰᠦ ᠰᠤᠷᠪᠤᠯᠵᠢ ᠵᠢᠴᠢ ᠰᠢᠢ᠍ᠳᠪᠦᠷᠢᠯᠡᠬᠦ ᠠᠷᠭ᠎ᠠ ᠵᠢᠨ ᠲᠤᠬᠠᠢ ᠰᠦᠪᠡᠭᠴᠢᠯᠡᠶ᠎ᠡ᠃
      ᠨᠢᠭᠡ᠂ ᠭᠡᠷ᠎ᠤᠨ ᠨᠥᠬᠦᠴᠡᠯ᠂ ᠰᠤᠷᠭ᠋ᠠᠯ ᠳᠣᠳᠣᠮᠳᠠᠯᠭ᠎ᠠ
     (ᠨᠢᠭᠡ) ᠵᠦᠢ᠍ᠯ ᠵᠦᠢ᠍ᠯ᠎ᠤᠨ ᠰᠢᠯᠲᠠᠭ᠋ᠠᠨ᠎ᠠᠴᠠ ᠪᠣᠯᠵᠤ᠂ ᠭᠠᠭᠴᠠ ᠬᠡᠦᠬᠡᠳ᠎ᠲᠠᠢ ᠠᠶ᠋ᠢᠯ ᠲᠤᠩ ᠣᠯᠠᠨ ᠪᠣᠯᠵᠠᠢ᠃ ᠶᠠᠭ ᠠ᠋ᠶ᠋ᠢᠮᠦ᠎ᠠᠴᠠ ᠭᠡᠷ᠎ᠤᠨ ᠠᠬᠠᠮᠠᠳ ᠬᠡᠦᠬᠡᠳ ᠵᠶ᠋ᠠᠨ 《ᠠᠯᠠᠭ᠋ᠠᠨ᠎ᠳᠤ᠎ᠪᠠᠨ ᠲᠠᠯᠪᠢᠪᠠᠯ ᠪᠥᠮᠪᠥᠷᠢᠮᠡᠷ᠂ ᠠᠮᠠᠨ᠎ᠳᠤ᠎ᠪᠠᠨ ᠬᠢᠪᠡᠯ ᠬᠠᠶ᠋ᠢᠯᠤᠮᠠᠷ》 ᠬᠠᠶ᠋ᠢᠷᠠᠯᠠᠵᠤ᠂ ᠬᠡᠦᠬᠡᠳ᠎ᠤᠨ᠎ᠢᠶᠠᠨ ᠠ᠋ᠮᠦᠨ᠎ᠡ᠎ᠨᠢ ᠭᠦᠶᠦᠵᠦ᠂ ᠬᠤᠶ᠋ᠢᠨ᠎ᠠ᠎ᠨᠢ ᠠ᠋ᠷᠭᠦᠵᠦ ᠪᠠᠶ᠋ᠢᠭ᠋ᠠᠳ ᠬᠡᠦᠬᠡᠳ ᠵᠶ᠋ᠠᠨ ᠶᠠᠭᠤ ᠴᠦ᠍ ᠬᠢᠳᠡᠭ ᠦᠭᠡᠢ᠂ ᠬᠢᠵᠦ ᠴᠦ᠍ ᠴᠢᠳᠠᠳᠠᠭ ᠦᠭᠡᠢ᠂ ᠬᠢᠬᠦ᠎ᠠᠴᠠ᠎ᠪᠠᠨ ᠳᠤᠷ᠎ᠠ ᠦᠭᠡᠢ᠍ᠢ᠍ᠴᠡᠳᠡᠭ᠂ ᠪᠣᠳᠣᠵᠤ ᠰᠡᠳᠬᠢᠬᠦ ᠳᠤᠷ᠎ᠠ ᠦᠭᠡᠢ᠂ ᠨᠡᠩ ᠴᠠᠭ᠋ᠠᠰᠢᠯᠠᠭ᠋ᠠᠳ ᠴᠡᠭᠡᠵᠢᠯᠡᠵᠦ ᠲᠣᠭᠲᠠᠭ᠋ᠠᠬᠤ ᠳᠤᠷ᠎ᠠ ᠦᠭᠡᠢ ᠬᠡᠦᠬᠡᠳ ᠪᠣᠯᠭ᠋ᠠᠵᠠᠢ᠃ ᠮᠦᠨ ᠬᠡᠦᠬᠡᠳ᠎ᠤᠨ ᠵᠶ᠋ᠠᠨ ᠭᠠᠷ ᠬᠥᠳᠡᠯᠵᠦ ᠤᠬᠠᠭ᠋ᠠᠨ ᠰᠡᠶ᠋ᠢᠯᠬᠦ᠂ ᠠ᠋ᠷᠳᠡᠮ ᠴᠢᠳᠠᠪᠤᠷᠢ ᠣᠯᠵᠤ ᠰᠤᠷᠬᠤ ᠴᠠᠭ ᠵᠠᠪᠰᠢᠶᠠᠨ᠎ᠢ᠎ᠨᠢ ᠠᠯᠳᠠᠭᠳᠠᠭᠤᠯᠤᠨ ᠬᠡᠦᠬᠡᠳ ᠵᠶ᠋ᠠᠨ ᠶᠠᠭᠤᠨ᠎ᠳᠤ ᠴᠦ᠍ ᠠᠯᠵᠠᠭᠤ ᠬᠤᠶ᠋ᠢᠷᠭᠤ ᠪᠣᠯᠭ᠋ᠠᠨ ᠰᠤᠷᠭ᠋ᠠᠴᠢᠬᠠᠭᠰᠠᠨ ᠪᠠᠶ᠋ᠢᠳᠠᠭ᠃
      ᠪᠠᠰᠠ ᠠᠶ᠋ᠢᠯ᠎ᠤᠨ ᠭᠠᠭᠴᠠ ᠬᠡᠦᠬᠡᠳ᠎ᠤᠨ ᠣᠯᠠᠩᠬᠢ᠎ᠨᠢ ᠪᠦᠷ ᠲᠤᠩ ᠬᠤᠪᠢᠨᠴᠢᠷ᠂ ᠠᠮᠢᠨᠴᠢᠷ ᠦᠵᠡᠯ᠎ᠲᠠᠢ ᠪᠣᠯᠴᠢᠬᠠᠭᠰᠠᠨ ᠪᠠᠶ᠋ᠢᠳᠠᠭ᠃ ᠤᠴᠢᠷ᠎ᠨᠢ ᠲᠡᠳᠡ 《ᠭᠡᠷ᠎ᠲᠤ᠎ᠬᠢ ᠠᠯᠢᠪᠠ ᠶᠠᠭᠤᠮ᠎ᠠ ᠪᠦᠬᠦᠨ ᠵᠶ᠋ᠠᠷ ᠵᠶ᠋ᠠᠨ ᠮᠢᠨᠤᠬᠢ》 ᠬᠡᠮᠡᠨ ᠦᠵᠡᠳᠡᠭ᠃ ᠭᠡᠷ᠎ᠲᠤ᠎ᠪᠠᠨ ᠲᠤᠩ ᠠ᠋ᠷᠬᠡ ᠳᠤᠷ᠎ᠠ᠎ᠪᠠᠷ ᠵᠶ᠋ᠠᠨ ᠪᠠᠶ᠋ᠢᠳᠠᠭ᠃ ᠠᠮᠢᠳᠤᠷᠠᠯ ᠠᠨᠠᠢ ᠴᠦ᠍ ᠪᠤᠯᠤᠬ᠂ ᠠᠮᠢᠳᠤᠷᠠᠯ ᠪᠠᠶᠠᠨ ᠴᠦ᠍ ᠪᠤᠯᠤᠬ ᠬᠡᠦᠬᠡᠳ᠎ᠨᠢ ᠠ᠋ᠯᠪᠡᠭ ᠠᠮᠢᠳᠤᠷᠠᠭ᠋ᠠᠳ ᠰᠤᠷᠴᠢᠬᠠᠭᠰᠠᠨ ᠤᠴᠢᠷ᠎ᠠᠴᠠ ᠶᠠᠭᠤᠮ᠎ᠠ ᠪᠦᠬᠦᠨ᠎ᠳᠤ ᠬᠠᠶ᠋ᠢᠷ᠎ᠠ ᠭᠠᠮ ᠦᠭᠡᠢ ᠪᠣᠯᠣᠭ᠋ᠠᠳ᠂ ᠬᠡᠨ᠎ᠢ ᠴᠦ᠍᠂ ᠶᠠᠭᠤ ᠵᠢ ᠴᠦ᠍ ᠶᠠᠭᠤᠮᠠᠨ᠎ᠤ ᠲᠣᠭ᠋ᠠᠨ᠎ᠳᠤ ᠦᠵᠡᠬᠦ ᠦᠭᠡᠢ ᠥᠰᠴᠢᠬᠡᠭᠰᠡᠨ ᠪᠠᠶ᠋ᠢᠳᠠᠭ᠃ ᠶᠠᠭᠤ ᠴᠦ᠍ ᠭᠡᠰᠡᠨ ᠭᠠᠭᠴᠠ ᠬᠡᠦᠬᠡᠳ᠎ᠤᠨ ᠰᠢᠯᠲᠠᠭ᠋ᠠᠨ᠎ᠠᠴᠠ ᠪᠣᠯᠣᠭ᠋ᠠᠳ ᠭᠡᠷ᠎ᠤᠨ ᠠᠬᠠᠮᠠᠳ᠎ᠨᠢ ᠶᠠᠭᠤ ᠵᠢ ᠴᠦ᠍ 《ᠬᠡᠲᠦᠷᠡᠭᠦᠯᠦᠨ》 ᠥᠭᠳᠡᠭ᠎ᠠᠴᠠ ᠬᠡᠦᠬᠡᠳ᠎ᠤᠨ 《ᠰᠢᠩᠭᠡᠭᠡᠯᠲᠡ》 ᠮᠠᠭᠤᠳᠠᠵᠤ᠂ ᠠᠯᠢᠪᠠ ᠵᠦᠢ᠍ᠯ᠎ᠢ 《ᠰᠦᠢ᠍ᠳᠬᠡᠬᠦ》᠂ 《ᠪᠦᠷᠢᠯᠭᠡᠬᠦ》᠎ᠳᠤ ᠬᠦᠷᠳᠡᠭ᠃ ᠲᠡᠭᠡᠭᠡᠳ ᠠᠯᠢᠪᠠ᠎ᠨᠢ ᠪᠦᠷ 《ᠬᠠᠯᠠ》 ᠪᠣᠯᠵᠤ ᠬᠤᠴᠣᠷᠳᠠᠭ᠃ ᠬᠠᠶ᠋ᠢᠷ᠎ᠠ᠎ᠨᠢ ᠬᠡᠲᠦᠷᠡᠭᠡᠳ᠂ ᠮᠥᠩᠭᠦ᠎ᠨᠢ ᠬᠡᠲᠦᠷᠡᠭᠡᠳ᠂ ᠬᠡᠦᠬᠡᠳ᠎ᠤᠨ ᠵᠶ᠋ᠠᠨ ᠠ᠋ᠮᠦᠨ᠎ᠡ᠎ᠠᠴᠠ ᠬᠢᠭᠦ᠎ᠨᠢ ᠬᠡᠲᠦᠷᠡᠭᠡᠳ᠂ ᠬᠡᠦᠬᠡᠳ᠎ᠲᠤ᠎ᠪᠠᠨ ᠪᠣᠳᠣᠵᠤ ᠥᠭᠬᠦ᠎ᠨᠢ ᠬᠡᠲᠦᠷᠡᠭᠡᠳ ᠁ ᠬᠡᠦᠬᠡᠳ᠎ᠤᠨ ᠵᠶ᠋ᠠᠨ ᠭᠠᠷ᠎ᠠᠴᠠ᠂ ᠨᠢᠳᠦᠨ᠎ᠠᠴᠠ᠂ ᠪᠣᠳᠣᠯ᠎ᠠᠴᠠ ᠠᠯᠢᠪᠠ ᠵᠢ᠎ᠨᠢ ᠤᠷᠤᠯᠠᠨ ᠪᠤᠯᠢᠶᠠᠭᠰᠠᠨ᠎ᠠᠴᠠ ᠠ᠋ᠳᠦᠭᠡ ᠬᠡᠦᠬᠡᠳ᠎ᠨᠢ ᠬᠥᠳᠡᠯᠮᠦᠷᠢ᠎ᠳᠤ ᠳᠤᠷ᠎ᠠ ᠦᠭᠡᠢ᠂ ᠰᠤᠷᠬᠤ᠎ᠳᠤ ᠲᠡᠰᠪᠦᠷᠢ ᠦᠭᠡᠢ᠂ ᠵᠣᠷᠢᠭ ᠦᠭᠡᠢ᠂ ᠬᠡᠷᠡᠭ ᠦᠭᠡᠢ ᠵᠦᠢ᠍ᠯ᠎ᠳᠤ ᠳᠤᠷᠠᠲᠠᠢ᠂ ᠨᠠᠭ᠋ᠠᠳᠤᠮ᠎ᠳᠤ ᠰᠢᠨᠤᠬᠠᠢ᠂ ᠶᠠᠭᠤᠨ᠎ᠳᠤ ᠴᠦ᠍ 《ᠮᠡᠳᠡᠬᠦ ᠦᠭᠡᠢ᠂ ᠴᠢᠳᠠᠭ᠍ᠤ ᠦᠭᠡᠢ᠂ ᠬᠢᠭᠦ ᠦᠭᠡᠢ᠂ ᠪᠣᠳᠣᠬᠤ ᠦᠭᠡᠢ》 ᠁ ᠬᠤᠶ᠋ᠢᠷᠭᠤ ᠠᠯᠵᠠᠭᠤ᠂ ᠤᠨᠲᠠᠩᠬᠠᠢ ᠬᠡᠦᠬᠡᠳ ᠪᠤᠯᠵᠠᠭ᠋ᠠᠵᠠᠢ᠃ ᠭᠡᠷ᠎ᠤᠨ ᠠᠬᠠᠮᠠᠳ ᠭᠡᠤᠭᠡᠳ ᠵᠶ᠋ᠠᠨ ᠢᠨᠭᠬᠢᠵᠦ ᠭᠦᠮᠦᠵᠢᠭᠦᠯᠦᠭᠡᠳ ᠰᠤᠷᠭ᠋ᠠᠭᠤᠯᠢ᠎ᠳᠤ ᠬᠦᠷᠭᠡᠵᠦ᠂ ᠳᠠᠬᠢᠨ ᠪᠠᠭᠰᠢ᠎ᠠᠴᠠ᠄ 《ᠣᠳᠣ ᠶᠠᠭ᠋ᠠᠬᠢᠳᠠᠭ ᠪᠢᠯᠡ?》 ᠭᠡᠳ ᠯᠡ 《ᠬᠠᠢ᠍ᠢ᠍ᠷ᠎ᠠ᠎ᠨᠢ ᠬᠠᠯᠠ ᠪᠣᠯᠣᠭᠰᠠᠨ》 ᠵᠶ᠋ᠠᠨ ᠰᠤᠷᠭ᠋ᠠᠭᠤᠯᠢ ᠪᠤᠯᠤᠨ ᠪᠠᠭᠰᠢ᠎ᠳᠤ ᠲᠦᠯᠬᠢᠭᠡᠳ᠂ 《ᠲᠠ ᠨᠠᠷ᠎ᠲᠠᠢ ᠠᠷᠪᠠᠨ ᠰᠠᠷ᠎ᠠ᠂ ᠪᠢᠳᠠᠨ᠎ᠲᠠᠢ ᠬᠤᠶᠠᠷᠬᠠᠨ ᠰᠠᠷ᠎ᠠ ᠰᠠᠭᠤᠵᠤ ᠪᠠᠶ᠋ᠢᠬᠤ ᠶᠤᠮ ᠴᠢᠨᠢ ᠲᠠ ᠨᠠᠷ ᠢᠯᠡᠭᠦᠬᠡᠨ ᠴᠢᠷᠮᠠᠶ᠋ᠢᠭ᠋ᠠᠳ ᠥᠭ ᠳ᠋ᠠ》 ᠬᠡᠮᠡᠨ ᠶᠠᠷᠢᠭ᠋ᠠᠳ ᠯᠡ ᠪᠠᠶ᠋ᠢᠳᠠᠭ᠃ ᠶᠠᠭ ᠯᠡ ᠬᠡᠦᠬᠡᠳ ᠵᠶ᠋ᠠᠨ ᠲᠥᠷᠥᠮᠡᠭᠴᠡ᠎ᠨᠢ ᠠᠩᠭᠢ ᠵᠢᠨ ᠪᠠᠭᠰᠢ᠎ᠳᠤ ᠥᠭᠴᠢᠬᠡᠭᠰᠡᠨ ᠶᠤᠮ ᠰᠢᠭ ᠯᠡ ᠪᠠᠶ᠋ᠢᠳᠠᠭ᠃
      ᠭᠡᠷ᠎ᠤᠨ ᠠᠬᠠᠮᠠᠳ ᠥᠪᠡᠷ ᠵᠶ᠋ᠠᠨ ᠬᠠᠷᠢᠭᠤᠴᠠᠯᠭ᠎ᠠ ᠠᠯᠳᠠᠵᠤ᠂ ᠠ᠋ᠭᠦᠷᠭᠡ᠎ᠠᠴᠠ᠎ᠪᠠᠨ ᠵᠠᠶ᠋ᠢᠯᠠᠭᠰᠠᠨ ᠵᠶ᠋ᠠᠨ ᠥᠪᠡᠷ ᠵᠶ᠋ᠠᠨ ᠴᠦ᠍ ᠥᠯᠥ ᠮᠡᠳᠡᠨ ᠡᠴᠦᠰ᠎ᠲᠤ᠎ᠪᠠᠨ ᠬᠡᠦᠬᠡᠳ᠎ᠲᠤ᠎ᠪᠠᠨ ᠥᠭᠭᠦᠭᠰᠡᠨ ᠬᠠᠶ᠋ᠢᠷ᠎ᠠ᠎ᠨᠢ ᠬᠠᠯᠠ ᠪᠣᠯᠳᠠᠬ᠃
     (ᠬᠤᠶᠠᠷ) ᠡᠴᠢᠭᠡ ᠠ᠋ᠬᠡ ᠪᠣᠯᠣᠭᠰᠠᠳ᠎ᠤᠨ ᠰᠠᠯᠵᠤ ᠰᠠᠷᠨᠢᠬᠤ ᠤᠯᠠᠳᠠᠭᠰᠠᠨ᠎ᠠᠴᠠ ᠪᠣᠯᠵᠠᠢ᠃
      ᠮᠢᠨᠤ ᠠ᠋ᠷᠬᠢᠯᠡᠵᠦ ᠥᠩᠭᠡᠷᠡᠭᠰᠡᠨ ᠠᠩᠬᠠᠨ᠎ᠤ ᠠᠩᠭᠢ᠎ᠳᠤ ᠨᠡᠶ᠋ᠢᠲᠡ 42 ᠬᠡᠦᠬᠡᠳ᠎ᠲᠠᠢ ᠪᠠᠶ᠋ᠢᠭᠰᠠᠨ᠃ ᠠ᠋ᠭᠦᠨ᠎ᠳᠤ 1 ᠥᠨᠥᠴᠢᠨ ᠬᠡᠦᠬᠡᠳ᠂ 8 ᠰᠠᠯᠵᠤ ᠰᠠᠷᠨᠢᠭᠰᠠᠨ ᠠᠢ᠍ᠢ᠍ᠯ᠎ᠤᠨ ᠭᠡᠤᠭᠡᠳ᠂ 2 ᠶᠠᠭ ᠰᠠᠯᠤᠮᠠᠷ ᠪᠠᠢ᠍ᠢ᠍ᠭ᠎ᠠ ᠠᠢ᠍ᠢ᠍ᠯ᠎ᠤᠨ ᠭᠡᠤᠭᠡᠳ ᠪᠠᠢ᠍ᠢ᠍ᠳᠠᠬ᠃
      ᠣᠳᠣ ᠵᠢᠨ ᠠ᠋ᠷᠬᠢᠯᠡᠵᠦ ᠪᠠᠶ᠋ᠢᠭ᠎ᠠ ᠠᠩᠭᠢ᠎ᠳᠤ ᠨᠡᠶ᠋ᠢᠲᠡ 27 ᠰᠤᠷᠤᠭᠴᠢ᠎ᠲᠠᠢ᠃ ᠠ᠋ᠭᠦᠨ᠎ᠳᠤ 1 ᠲᠡᠵᠢᠭᠡᠪᠦᠷᠢ ᠬᠡᠦᠬᠡᠳ᠂ 2 ᠥᠨᠥᠴᠢᠨ ᠬᠡᠦᠬᠡᠳ᠂ 3 ᠰᠠᠯᠵᠤ ᠰᠠᠷᠨᠢᠭᠰᠠᠨ ᠠᠢ᠍ᠢ᠍ᠯ᠎ᠤᠨ ᠬᠡᠦᠬᠡᠳ᠂ 2 ᠰᠠᠯᠵᠤ ᠰᠠᠷᠨᠢᠨ᠎ᠠ ᠭᠡᠳ ᠪᠠᠶ᠋ᠢᠳᠠᠭ ᠠᠢ᠍ᠢ᠍ᠯ᠎ᠤᠨ ᠭᠡᠤᠭᠡᠳ᠃ ᠭᠡᠷ᠎ᠤᠨ ᠠᠬᠠᠮᠠᠳ᠎ᠨᠢ ᠭᠡᠷ ᠪᠦᠯᠢ᠎ᠪᠠᠨ ᠬᠦᠨᠳᠦᠳᠬᠡᠬᠦ ᠦᠭᠡᠢ᠂ ᠬᠡᠦᠬᠡᠳ ᠵᠶ᠋ᠠᠨ ᠪᠣᠳᠣᠬᠤ ᠦᠭᠡᠢ ᠬᠠᠷᠢᠭᠤᠴᠠᠯᠭ᠎ᠠ ᠠᠯᠳᠠᠭᠰᠠᠨ᠎ᠠᠴᠠ ᠪᠣᠯᠣᠭ᠋ᠠᠳ ᠬᠡᠦᠬᠡᠳ᠎ᠨᠢ ᠶᠠᠭᠤᠮ᠎ᠠ ᠪᠣᠯᠭ᠋ᠠᠨ᠎ᠳᠤ ᠰᠡᠳᠬᠢᠯ ᠠᠯᠭ᠋ᠠᠰᠠᠭ᠍ᠤ ᠪᠣᠯᠵᠤ᠂ ᠬᠠᠷᠢᠭᠤᠴᠠᠯᠭ᠎ᠠ ᠵᠢ ᠮᠡᠳᠡᠬᠦ ᠦᠭᠡᠢ᠂ ᠢᠲᠡᠭᠡᠯ ᠵᠢᠷᠤᠮ ᠦᠭᠡᠢ ᠰᠤᠷᠴᠢᠬᠠᠳᠠᠭ ᠪᠠᠶ᠋ᠢᠨ᠎ᠠ᠃
     (ᠭᠤᠷᠪᠠ) ᠡᠴᠢᠭᠡ ᠠ᠋ᠬᠡ ᠵᠢᠨ ᠬᠢᠨᠢ ᠰᠢᠭᠤᠳ ᠳᠣᠳᠣᠮᠳᠠᠯᠭ᠎ᠠ ᠰᠤᠷᠭ᠋ᠠᠯ ᠳᠤᠲᠠᠭᠤᠳᠠᠭᠰᠠᠨ᠎ᠠᠴᠠ     ᠪᠣᠯᠵᠠᠢ᠃
      ᠮᠠᠨ᠎ᠤ ᠣᠯᠠᠩᠬᠢ ᠬᠡᠦᠬᠡᠳ᠎ᠤᠳ ᠡᠪᠦᠭᠡ ᠠ᠋ᠮᠡᠭᠡ ᠵᠢᠨ ᠵᠶ᠋ᠠᠨ ᠭᠠᠷ ᠳᠡᠭᠡᠷ᠎ᠡ ᠥᠰᠦᠭᠰᠡᠨ᠎ᠢ ᠪᠢ ᠠᠰᠠᠭᠤᠵᠤ ᠮᠡᠳᠡᠯ᠎ᠡ᠃ ᠨᠡᠩ ᠢᠯᠠᠩᠭᠤᠶ᠎ᠠ ᠬᠤᠲᠠ᠎ᠳᠤ ᠣᠯᠠᠩᠬᠢ ᠵᠠᠯᠠᠭᠤᠴᠤᠳ ᠬᠡᠦᠬᠡᠳ ᠵᠶ᠋ᠠᠨ ᠠ᠋ᠬᠡ ᠡᠴᠢᠭᠡ᠎ᠳᠤ᠎ᠪᠠᠨ ᠣᠷᠬᠢᠭ᠋ᠠᠳ᠂ ᠥᠪᠡᠷ ᠵᠶ᠋ᠠᠨ ᠳᠣᠳᠣᠮᠳᠠᠵᠤ ᠰᠤᠷᠭ᠋ᠠᠭᠰᠠᠨ ᠵᠶ᠋ᠠᠷ ᠲᠤᠳᠠᠮᠠᠬ᠂ ᠡᠴᠢᠭᠡ ᠠ᠋ᠭᠡ ᠵᠢᠨ ᠬᠠᠶ᠋ᠢᠷ᠎ᠠ ᠵᠢ ᠮᠠᠳᠡᠷᠡᠭᠦᠯᠦᠭᠰᠡᠨ ᠵᠶ᠋ᠠᠷ ᠲᠤᠩ ᠳᠤᠲᠠᠮᠠᠭ᠂ ᠬᠡᠦᠬᠡᠳ ᠵᠶ᠋ᠠᠨ 《ᠠᠮᠠᠷᠬᠠᠨ》 ᠥᠰᠬᠡᠴᠢᠬᠡᠳᠡᠭ᠃ ᠡ᠊ᠨᠡ᠎ᠨᠢ ᠬᠡᠦᠬᠡᠳ᠎ᠢ ᠲᠤᠩ ᠠᠶᠤᠮᠠᠲᠠᠭ᠋ᠠᠢ ᠪᠥᠭᠡᠳ ᠵᠣᠷᠢᠭ ᠰᠤᠯᠠ᠂ ᠶᠡᠭᠡ ᠬᠥᠮᠥᠨ᠎ᠤ ᠠᠪᠤᠷᠢ᠎ᠲᠠᠢ ᠠᠲᠠᠯ᠎ᠠ᠎ᠪᠠᠨ ᠲᠤᠩ ᠨᠢᠯᠬᠠᠰᠠᠭ ᠬᠥᠩᠭᠡᠨ ᠠᠭ᠋ᠠᠰᠢ᠎ᠲᠠᠢ ᠪᠣᠯᠭ᠋ᠠᠴᠢᠬᠠᠳᠠᠭ᠃ ᠲᠡᠭᠡᠭᠡᠳ ᠪᠠᠰᠠ ᠨᠠᠰᠤᠳᠠᠢ᠍ᠢ᠍ᠴᠤᠤᠯ᠎ᠨᠢ ᠭᠡᠤᠭᠡᠳ᠎ᠢ ᠳᠤᠷ᠎ᠠ᠎ᠪᠠᠷ᠎ᠨᠢ ᠲᠠᠯᠪᠢᠵᠤ᠂ ᠡᠴᠢᠭᠡ ᠠ᠋ᠬᠡ᠎ᠨᠢ ᠰᠢᠭᠦᠮᠵᠢᠯᠡᠪᠡᠯ ᠥᠮᠥᠭᠯᠡᠭᠰᠡᠭᠡᠷ ᠪᠠᠶ᠋ᠢᠵᠤ ᠠ᠋ᠷᠬᠡ ᠳᠤᠷ᠎ᠠ᠎ᠪᠠᠷ᠂ ᠶᠣᠰᠣ ᠵᠢᠷᠤᠮ ᠦᠭᠡᠢ ᠰᠤᠷᠴᠢᠬᠠᠳᠠᠭ᠃
      ᠬᠤᠶᠠᠷ᠂ ᠨᠡᠶ᠋ᠢᠭᠡᠮ᠎ᠤᠨ ᠨᠥᠯᠥᠭᠡᠨ᠎ᠠᠴᠠ ᠪᠣᠯᠣᠭ᠋ᠠᠳ ᠬᠡᠦᠬᠡᠳ᠎ᠤᠳ ᠢᠲᠡᠭᠡᠯ ᠪᠢᠰᠢᠷᠡᠯ ᠵᠶ᠋ᠠᠨ ᠠᠯᠳᠠᠵᠤ     ᠪᠤᠢ᠃
     (ᠨᠢᠭᠡ) ᠨᠡᠶ᠋ᠢᠭᠡᠮ᠎ᠤᠨ ᠬᠥᠭᠵᠢᠯᠲᠡ ᠵᠢ ᠳᠠᠭ᠋ᠠᠯᠳᠤᠨ ᠰᠦᠯᠵᠢᠶ᠎ᠡ ᠲᠦᠭᠡᠮᠡᠯᠵᠢᠨ᠂ ᠰᠤᠷᠤᠭᠴᠢᠳ᠎ᠤᠨ ᠳᠤᠮᠳᠠ ᠭᠠᠷ ᠤᠲᠠᠰᠤᠨ᠎ᠤ ᠬᠢᠮᠤᠷᠠᠯ ᠪᠣᠯᠣᠭ᠋ᠠᠳ ᠪᠠᠶ᠋ᠢᠭ᠎ᠠ᠃ ᠲᠡᠭᠦᠨ᠎ᠠᠴᠠ ᠪᠣᠯᠣᠭ᠋ᠠᠳ ᠠᠯᠢᠪᠠ᠎ᠪᠠᠨ ᠮᠠᠷᠲᠠᠭ᠍ᠤ᠎ᠳᠤ ᠬᠦᠷᠴᠦ ᠪᠤᠢ᠃
     (ᠬᠤᠶᠠᠷ) ᠨᠡᠶ᠋ᠢᠭᠡᠮ ᠳᠠᠶᠠᠭ᠋ᠠᠷ ᠵᠶ᠋ᠠᠨ ᠠ᠋ᠳ᠋ ᠮᠥᠩᠭᠦ᠂ ᠨᠡᠷᠡᠲᠦ ᠲᠡᠮᠳᠡᠭᠲᠦ᠂ ᠠᠰᠢᠭ ᠬᠤᠨᠵᠢᠪᠤᠷᠢ ᠬᠥᠭᠡᠭᠡᠴᠡᠯᠳᠦᠭᠰᠡᠨ᠎ᠠᠴᠠ ᠲᠡᠳᠡᠨ᠎ᠤ ᠥᠷᠲᠡᠭ᠎ᠤᠨ ᠦᠵᠡᠯᠲᠡ ᠵᠢ ᠨᠥᠯᠥᠭᠡᠯᠡᠨ᠂ ᠵᠣᠭᠤᠰ ᠮᠥᠩᠭᠦ᠂ ᠭᠡᠷ ᠲᠡᠷᠭᠡ᠂ ᠠ᠋ᠮᠦᠰᠬᠡᠯ ᠵᠡᠭᠦᠭᠡᠯ᠎ᠤᠨ ᠲᠤᠬᠠᠢ ᠠᠳᠠᠯᠢᠳᠬᠠᠬᠤ᠎ᠨᠢ ᠴᠢᠩᠭ᠋ᠠᠷᠠᠵᠤ᠂ ᠠᠲᠠᠭ᠋ᠠᠴᠢ ᠰᠡᠳᠬᠢᠯ᠎ᠨᠢ ᠨᠡᠮᠡᠭᠳᠡᠨ᠂ ᠣᠶᠣᠨ ᠰᠠᠨᠠᠭ᠎ᠠ᠎ᠨᠢ ᠪᠣᠬᠢᠷᠲᠤᠵᠠᠢ᠃
      ᠭᠤᠷᠪᠠ᠂ ᠰᠤᠷᠭ᠋ᠠᠭᠤᠯᠢ ᠵᠢᠨ ᠬᠥᠮᠥᠵᠢᠯ᠎ᠤᠨ ᠲᠠᠯ᠎ᠠ᠎ᠪᠠᠷ᠎ᠬᠢ ᠮᠢᠨᠤ ᠪᠠᠷᠢᠮᠲᠠᠯᠠᠯ
      ᠰᠤᠷᠭ᠋ᠠᠭᠤᠯᠢ ᠬᠡᠮᠡᠭᠴᠢ ᠬᠥᠮᠥᠨ᠎ᠳᠤ ᠮᠡᠳᠡᠯᠭᠡ ᠴᠢᠳᠠᠪᠤᠷᠢ ᠵᠢ ᠰᠤᠷᠭ᠋ᠠᠵᠤ᠂ ᠬᠥᠮᠥᠨ ᠪᠣᠯᠬᠤ ᠶᠣᠰᠣ ᠵᠢ ᠤᠯᠠᠮᠵᠢᠯᠠᠳᠠᠭ ᠥᠯᠥᠭᠡᠢ ᠵᠢ ᠬᠡᠯᠡᠮᠦᠢ᠃
      ᠮᠣᠩᠭᠤᠯᠴᠤᠳ ᠠᠯᠢ ᠬᠡᠵᠢᠶᠡᠨ᠎ᠠᠴᠠ ᠬᠥᠮᠥᠨ ᠵᠶ᠋ᠠᠷ ᠦᠨᠳᠦᠰᠦ ᠪᠣᠯᠭ᠋ᠠᠵᠤ᠂ ᠬᠥᠮᠥᠨ — ᠬᠥᠮᠥᠵᠢᠯ — ᠬᠥᠮᠥᠵᠢᠭᠦᠯᠬᠦ ᠶᠣᠰᠣᠭ᠋ᠠᠷ 《ᠬᠥᠮᠥᠨ ᠪᠣᠯᠬᠤ ᠪᠠᠭ᠎ᠠ᠎ᠠᠴᠠ᠎ᠪᠠᠨ \ ᠬᠦᠯᠦᠭ ᠪᠣᠯᠬᠤ ᠤᠨᠠᠭ᠋ᠠᠨ᠎ᠠᠴᠠ᠎ᠪᠠᠨ》 ᠬᠡᠮᠡᠨ ᠬᠡᠦᠬᠡᠳ᠎ᠤᠨ ᠨᠠᠰᠤ ᠵᠢᠯ᠎ᠤᠨ ᠣᠨᠴᠠᠯᠢᠭ᠂ ᠪᠡᠶ᠎ᠡ᠂ ᠣᠶᠣᠨ᠂ ᠰᠡᠳᠬᠢᠴᠡ᠎ᠳᠤ᠎ᠨᠢ ᠲᠣᠬᠢᠷᠠᠭᠰᠠᠨ ᠰᠤᠷᠭ᠋ᠠᠯ ᠬᠥᠮᠥᠵᠢᠯ᠎ᠢ ᠬᠢᠭᠰᠡᠭᠡᠷ ᠢᠷᠡᠭᠰᠡᠨ᠃ ᠪᠢ ᠰᠤᠷᠤᠭᠴᠢᠳ᠎ᠲᠤ᠎ᠪᠠᠨ ᠢᠲᠡᠭᠡᠯ ᠪᠢᠰᠢᠷᠡᠯ ᠣᠯᠭᠤᠬᠤ ᠵᠢᠨ ᠲᠥᠯᠥᠭᠡ ᠳᠣᠣᠷᠠᠬᠢ ᠮᠡᠲᠦ ᠵᠢᠨ ᠠᠷᠭ᠎ᠠ ᠬᠡᠮᠵᠢᠶ᠎ᠡ ᠵᠢ ᠠᠪᠳᠠᠭ᠃
     (ᠨᠢᠭᠡ) 《ᠭᠤᠷᠪᠠᠨ ᠠ᠋ᠬᠡ》 ᠵᠢᠨ ᠬᠥᠮᠥᠵᠢᠯ᠎ᠢ ᠰᠠᠶ᠋ᠢᠲᠤᠷ ᠬᠢᠳᠡᠭ᠃ ᠠ᠋ᠬᠡ ᠦᠨᠳᠦᠰᠦᠲᠡᠨ᠂ ᠠ᠋ᠬᠡ ᠨᠤᠲᠤᠭ᠂ ᠠ᠋ᠬᠡ ᠰᠣᠶᠣᠯ᠎ᠤᠨ ᠬᠥᠮᠥᠵᠢᠯ᠎ᠢ ᠰᠤᠷᠤᠭᠴᠢᠳ᠎ᠲᠤ ᠴᠠᠭ ᠦᠷᠭᠦᠯᠵᠢ ᠬᠢᠳᠡᠭ᠃ ᠥᠪᠡᠷ᠎ᠤᠨ ᠣᠷᠣᠰᠢᠨ ᠰᠠᠭᠤᠭ᠎ᠠ ᠥᠯᠥᠭᠡᠢ ᠨᠤᠲᠤᠭ᠂ ᠦᠨᠳᠦᠰᠦᠲᠡᠨ ᠤᠭᠰᠠᠭ᠋ᠠᠳᠠᠨ᠂ ᠥᠪᠡᠷ᠎ᠤᠨ ᠢᠵᠠᠭᠤᠷ ᠰᠣᠶᠣᠯ ᠵᠶ᠋ᠠᠨ ᠲᠠᠨᠢᠨ ᠮᠡᠳᠡᠷᠡᠴᠢᠬᠡᠪᠡᠯ ᠲᠡᠳᠡ ᠠᠶᠠᠨᠳᠠᠭ᠋ᠠᠨ ᠢᠲᠡᠭᠡᠯ ᠪᠢᠰᠢᠷᠡᠯ᠎ᠲᠠᠢ ᠪᠣᠯᠴᠢᠬᠠᠨ᠎ᠠ᠃ ᠪᠢ ᠮᠣᠩᠭᠤᠯ ᠬᠡᠯᠡᠨ᠎ᠤ ᠪᠠᠭᠰᠢ ᠪᠣᠯᠣᠭᠰᠠᠨ᠎ᠤ ᠬᠤᠪᠢ᠎ᠳᠤ᠂ ᠬᠡᠯᠡᠨ᠎ᠤ᠎ᠪᠠᠨ ᠢᠷᠠᠭᠤ ᠪᠠᠶᠠᠯᠢᠭ᠂ ᠭᠦᠨ ᠰᠢᠳᠢᠯᠢᠭ ᠰᠣᠶᠣᠯ ᠬᠦᠴᠦᠨ᠎ᠢ ᠭᠠᠶ᠋ᠢᠬᠠᠭᠤᠯᠤᠨ ᠲᠡᠳᠡᠨ᠎ᠳᠤ ᠬᠥᠮᠥᠵᠢᠯ ᠬᠢᠳᠡᠭ᠃ ᠵᠢᠱ᠌ᠢᠶᠡᠯᠡᠪᠡᠯ᠄ ᠪᠢ ᠰᠤᠷᠤᠭᠴᠢᠳ᠎ᠢ ᠶᠠᠭ ᠲᠠᠩᠭᠤᠳ᠎ᠤᠨ ᠭᠠᠯᠰᠠᠩ ᠭᠤᠸᠠᠢ ᠵᠢᠨ ᠪᠡᠯᠭᠡᠲᠦ ᠦᠭᠡᠰ᠎ᠤᠨ ᠰᠤᠳᠤᠯᠤᠯ᠎ᠳᠤ᠎ᠪᠠᠨ 《ᠬᠥᠮᠥᠨ ᠶᠡᠷᠦ᠎ᠨᠢ ᠪᠤᠷᠤᠭᠤ ᠠ᠋ᠷᠴᠢᠰ᠂ ᠬᠠᠷ᠎ᠠ ᠠ᠋ᠷᠴᠢᠰ᠂ ᠬᠦᠢ᠍ᠲᠡᠨ ᠠ᠋ᠷᠴᠢᠰ ᠪᠦᠬᠦᠢ ᠦᠭᠡᠰ᠎ᠢ ᠴᠡᠭᠡᠷᠯᠡᠬᠦ ᠬᠡᠷᠡᠭᠲᠡᠢ ᠶᠤᠮ᠂ ᠶᠠᠷᠢᠬᠤ ᠦᠭᠡᠢ ᠪᠣᠯ ᠰᠠᠶ᠋ᠢᠨ》 ᠬᠡᠮᠡᠨ ᠬᠡᠯᠡᠭᠰᠡᠨ᠎ᠢ ᠲᠤᠩᠭ᠋ᠠᠨ ᠪᠣᠳᠣᠭᠤᠯᠵᠤ᠂ ᠲᠡᠳᠡᠨ᠎ᠢ 《ᠦᠭᠡᠢ》 ᠭᠡᠰᠡᠨ ᠦᠭᠡ ᠵᠢ ᠳᠤᠲᠠᠭᠤ ᠬᠡᠯᠡᠭᠦᠯᠦᠨ᠂ ᠰᠠᠶ᠋ᠢᠨ ᠰᠠᠶ᠋ᠢᠬᠠᠨ ᠠ᠋ᠶᠡᠷᠭᠦ ᠠ᠋ᠨᠧᠷᠭᠢ ᠪᠦᠬᠦᠢ ᠦᠭᠡᠰ᠎ᠢ ᠢᠯᠡᠭᠦᠬᠡᠨ ᠶᠠᠷᠢᠵᠤ ᠰᠤᠷᠬᠤ ᠵᠢ ᠱᠠᠭ᠋ᠠᠷᠳᠠᠨ᠂ ᠠᠯᠢᠪᠠ ᠵᠦᠢ᠍ᠯ᠎ᠳᠤ ᠲᠠᠯᠠᠷᠬᠠᠵᠤ ᠪᠣᠳᠣᠵᠤ ᠶᠠᠪᠤᠬᠤ ᠲᠤᠬᠠᠢ ᠰᠠᠨᠠᠭᠤᠯᠤᠨ᠂ ᠦᠭᠡ ᠬᠡᠯᠡᠨ᠎ᠤ ᠬᠢᠨᠢ ᠮᠡᠳᠡᠷᠡᠮᠵᠢ ᠵᠢ ᠳᠡᠭᠡᠭᠰᠢᠯᠡᠭᠦᠯᠵᠦ᠂ ᠨᠣᠮ᠎ᠳᠤ ᠢᠲᠡᠭᠡᠨ᠂ ᠪᠠᠭᠰᠢ᠎ᠳᠤ ᠪᠢᠰᠢᠷᠡᠬᠦ ᠵᠦᠭ ᠬᠥᠲᠥᠯᠳᠡᠭ᠃
     (ᠬᠤᠶᠠᠷ) ᠠ᠋ᠭᠡ ᠪᠠᠢ᠍ᠢ᠍ᠭ᠋ᠠᠯᠢ᠎ᠪᠠᠨ ᠬᠠᠢ᠍ᠢ᠍ᠷᠠᠯᠠᠨ ᠬᠠᠮᠠᠭ᠋ᠠᠯᠠᠬᠤ ᠬᠥᠮᠥᠵᠢᠯ᠎ᠢ ᠰᠠᠶ᠋ᠢᠲᠤᠷ ᠬᠢᠳᠡᠭ᠃
      ᠠ᠋ᠭᠡ ᠪᠠᠢ᠍ᠢ᠍ᠭ᠋ᠠᠯᠢ ᠪᠤᠯ ᠪᠢᠳᠠᠨ᠎ᠤ ᠤᠷᠤᠰᠢᠨ ᠲᠤᠭᠳᠠᠨᠢᠬᠤ ᠲᠤᠯᠠᠭ᠋ᠠᠨ ᠦᠯᠦᠭᠡᠢ᠂ ᠭᠠᠭᠴᠠ ᠭᠦ᠌ ᠠ᠋ᠭᠡ ᠪᠠᠢ᠍ᠢ᠍ᠭ᠋ᠠᠯᠢ᠎ᠪᠠᠨ ᠰᠠᠢ᠍ᠢ᠍ᠳᠤᠷ ᠬᠠᠢ᠍ᠢ᠍ᠷᠠᠯᠠᠨ ᠬᠠᠮᠠᠭ᠋ᠠᠯᠠᠪᠠᠯ ᠰᠠᠶᠢ ᠦᠨᠢ ᠤᠳᠠᠭ᠋ᠠᠨ ᠤᠷᠤᠭᠰᠢᠯᠠᠵᠤ ᠲᠤᠭᠳᠠᠨᠢᠵᠤ ᠴᠢᠳᠠᠬᠤ ᠵᠢᠨ ᠶᠤᠰᠤ ᠤᠴᠢᠷ᠎ᠢ ᠶᠠᠷᠢᠵᠤ ᠦᠭᠳᠡᠭ᠃
     (ᠭᠤᠷᠪᠠ) 《ᠭᠡᠷ᠎ᠤᠨ ᠠᠬᠠᠮᠠᠳ᠎ᠤᠨ ᠰᠤᠷᠭ᠋ᠠᠭᠤᠯᠢ》 ᠵᠢ ᠠ᠋ᠷᠬᠢᠯᠡᠬᠦ ᠪᠤᠶᠤ ᠲᠡᠳᠡᠨ᠎ᠤ ᠪᠣᠯᠪᠠᠰᠤᠷᠠᠯ᠎ᠢ ᠴᠢᠩᠭ᠋ᠠᠳᠬᠠᠪᠠᠯ ᠵᠣᠬᠢᠨ᠎ᠠ᠃
     1. ᠬᠠᠷᠢᠭᠤᠴᠠᠯᠭ᠎ᠠ ᠵᠢᠨ ᠬᠥᠮᠥᠵᠢᠯ᠎ᠢ ᠰᠠᠶ᠋ᠢᠲᠤᠷ ᠬᠢᠨ᠎ᠡ᠃
     2. ᠬᠡᠦᠬᠡᠳ᠎ᠢ ᠬᠡᠷᠬᠢᠨ ᠬᠥᠮᠥᠵᠢᠭᠦᠯᠬᠦ (ᠬᠡᠦᠬᠡᠳ᠎ᠢ ᠣᠶ᠋ᠢᠯᠠᠭ᠋ᠠᠬᠤ᠂ ᠬᠡᠦᠬᠡᠳ᠎ᠲᠠᠢ ᠨᠠᠶ᠋ᠢᠵᠢᠯᠠᠭ᠍ᠤ᠂ ᠬᠡᠦᠬᠡᠳ᠎ᠢ ᠰᠤᠷᠭ᠋ᠠᠬᠤ ᠁) ᠲᠤᠬᠠᠢ ᠵᠢᠯᠣᠭᠤᠳᠤᠮᠵᠢ ᠥᠭᠭᠦᠨ᠎ᠡ᠃
     3. ᠰᠢᠯᠢᠳᠡᠭ ᠰᠠᠶ᠋ᠢᠨ ᠨᠣᠮ ᠵᠣᠬᠢᠶᠠᠯ᠎ᠠᠴᠠ ᠲᠠᠨᠢᠯᠴᠠᠭᠤᠯᠵᠤ ᠥᠭᠭᠦᠨ᠎ᠡ᠃
      ᠠ᠋ᠳᠡᠭᠡᠷ ᠠᠷᠭ᠎ᠠ᠎ᠪᠠᠷ ᠪᠢᠳᠠ ᠰᠤᠷᠭ᠋ᠠᠭᠤᠯᠢ᠂ ᠨᠡᠶ᠋ᠢᠭᠡᠮ᠂ ᠭᠡᠷ ᠪᠦᠯᠢ ᠬᠠᠮᠲᠤᠷᠠᠵᠤ ᠬᠠᠮᠵᠢᠯᠴᠠᠳᠠᠭ ᠯᠡ ᠪᠣᠯ ᠬᠡᠦᠬᠡᠳ᠎ᠲᠤ ᠠ᠋ᠶᠡᠷᠭᠦ ᠠ᠋ᠨᠧᠷᠭᠢ ᠳᠠᠮᠵᠢᠭᠤᠯᠤᠨ ᠲᠡᠳᠡᠨ᠎ᠢ ᠦᠨᠡᠨ ᠬᠦ᠌ ᠠᠮᠢᠳᠤᠷᠠᠯ᠎ᠳᠤ ᠢᠲᠡᠭᠡᠵᠤ ᠪᠢᠰᠢᠷᠡᠳᠡᠭ ᠪᠤᠯᠭ᠋ᠠᠵᠤ ᠴᠢᠳᠠᠨ᠎ᠠ᠃
      ᠲᠡᠭᠡᠪᠡᠯ ᠪᠢ ᠠᠩᠭᠢ᠎ᠳᠤ᠎ᠪᠠᠨ ᠠ᠋ᠶ᠋ᠢᠮᠦᠷᠬᠦᠦ ᠠᠷᠭ᠎ᠠ᠎ᠪᠠᠷ ᠬᠠᠮᠲᠤ ᠵᠢᠨ ᠢᠲᠡᠭᠡᠯ ᠪᠢᠰᠢᠷᠡᠯ᠎ᠤᠨ ᠲᠤᠬᠠᠢ ᠬᠥᠮᠥᠵᠢᠯ᠎ᠢ ᠬᠢᠳᠡᠭ᠃
     1. ᠰᠤᠷᠤᠭᠴᠢᠳ᠎ᠲᠤ᠎ᠪᠠᠨ ᠬᠢᠴᠢᠶᠡᠯᠯᠡᠭᠴᠢ ᠪᠠᠭᠰᠢ ᠨᠠᠷ᠎ᠢ ᠦᠷᠭᠦᠯᠵᠢ ᠠ᠋ᠷᠭᠦᠨ ᠮᠠᠭᠲᠠᠳᠠᠭ᠃ ᠬᠡᠷᠪᠡ ᠰᠤᠷᠤᠭᠴᠢᠳ ᠦᠨᠡᠨ ᠬᠦ᠌ ᠲᠣᠭᠤᠵᠤ ᠶᠠᠳᠠᠭᠰᠠᠨ ᠪᠠᠶ᠋ᠢᠪᠠᠯ ᠪᠢ ᠲᠡᠷᠡ ᠪᠠᠭᠰᠢ ᠵᠢᠨ ᠠᠯᠢ ᠨᠢᠭᠡᠨ ᠭᠡᠷᠡᠯ ᠭᠢᠯᠪᠠᠭ᠎ᠠ ᠪᠦᠬᠦᠢ ᠲᠠᠯ᠎ᠠ ᠵᠢ᠎ᠨᠢ ᠠᠳᠬᠤᠵᠤ ᠲᠡᠳᠡᠨ᠎ᠳᠤ ᠳᠠᠭᠤᠷᠢᠶᠠᠯ ᠪᠣᠯᠭ᠋ᠠᠳᠠᠭ᠃ ᠡ᠊ᠨᠡ ᠪᠣᠯ ᠬᠠᠮᠤᠭ ᠠᠩᠬᠠᠨ᠎ᠤ ᠠᠵᠢᠯ᠂ ᠬᠠᠮᠤᠭ ᠴᠢᠬᠤᠯᠠ ᠠᠵᠢᠯ᠃
     2. ᠰᠤᠷᠤᠭᠴᠢᠳ ᠵᠶ᠋ᠠᠨ ᠣᠶ᠋ᠢᠯᠠᠭ᠋ᠠᠨ᠂ ᠺᠠᠳ᠋ᠷ᠎ᠢ ᠵᠥᠪ ᠰᠣᠩᠭᠤᠨ᠎ᠠ᠃ ᠠᠯᠢ ᠨᠢᠭᠡ ᠲᠠᠯ᠎ᠠ᠎ᠪᠠᠷ ᠵᠶ᠋ᠠᠨ ᠲᠣᠯᠣᠭ᠋ᠠᠶ᠋ᠢᠯᠠᠭ᠍ᠤ ᠴᠢᠳᠠᠪᠤᠷᠢ ᠪᠦᠬᠦᠢ ᠬᠡᠦᠬᠡᠳ᠎ᠢ ᠣᠯᠵᠤ ᠺᠠᠳ᠋ᠷ ᠪᠣᠯᠭ᠋ᠠᠨ᠎ᠠ᠃
     3. ᠰᠤᠷᠤᠭᠴᠢᠳ᠎ᠲᠠᠢ᠎ᠪᠠᠨ ᠦᠨᠡᠨ ᠬᠦ᠌ ᠨᠠᠶ᠋ᠢᠵᠢᠯᠠᠨ᠎ᠠ᠃
     4. ᠰᠢᠯᠢᠳᠡᠭ ᠰᠠᠶ᠋ᠢᠨ ᠠᠩᠭᠢ ᠵᠢᠨ ᠰᠣᠶᠣᠯ᠎ᠤᠨ ᠣᠷᠴᠢᠨ᠎ᠢ ᠪᠦᠷᠢᠯᠳᠤᠭᠦᠯᠵᠦ ᠥᠭᠭᠦᠨ᠎ᠡ᠃
     (1) ᠮᠣᠩᠭᠤᠯ ᠰᠣᠶᠣᠯ᠎ᠤᠨ ᠠᠭᠤᠯᠭ᠎ᠠ᠎ᠲᠠᠢ ᠪᠤᠶᠤ ᠮᠣᠩᠭᠤᠯ ᠰᠤᠷᠭ᠋ᠠᠯ ᠵᠶ᠋ᠠᠷ ᠬᠢᠴᠢᠶᠡᠯ᠎ᠤᠨ ᠲᠠᠩᠬᠢᠮ᠎ᠤᠨ ᠬᠠᠨ᠎ᠠ ᠵᠢᠨ ᠰᠣᠶᠣᠯ᠎ᠢ ᠪᠦᠲᠦᠭᠡᠨ᠎ᠡ᠃
     (2) ᠠᠩᠭᠢ ᠵᠢᠨ ᠳᠦᠷᠢᠮ᠄ 《ᠪᠡᠶ᠎ᠡ᠎ᠪᠠᠨ ᠮᠡᠳᠡᠪᠡᠯ ᠬᠥᠮᠥᠨ \ ᠪᠡᠯᠴᠢᠭᠡᠷ ᠵᠶ᠋ᠠᠨ ᠮᠡᠳᠡᠪᠡᠯ ᠮᠠᠯ》᠃
      ᠶᠠᠮᠠᠷ ᠨᠢᠭᠡᠨ ᠪᠣᠳᠠᠲᠠᠢ ᠳᠦᠷᠢᠮ᠎ᠢ ᠲᠣᠭᠲᠠᠭ᠋ᠠᠭ᠋ᠠᠳ ᠰᠤᠷᠤᠭᠴᠢᠳ᠎ᠢ ᠰᠢᠬᠠᠵᠤ ᠠᠯᠪᠠᠳᠠᠭ᠍ᠤ ᠪᠤᠶᠤ ᠶᠠᠯᠠᠲᠠᠨ ᠮᠡᠲᠦ ᠦᠵᠡᠬᠦ᠎ᠠᠴᠠ ᠴᠡᠭᠡᠷᠯᠡᠳᠡᠭ᠃
     (3) ᠠᠩᠭᠢ ᠵᠢᠨ ᠤᠷᠢᠶ᠎ᠠ᠄ ᠣᠶ᠋ᠢᠯᠠᠭ᠋ᠠᠯᠴᠠᠶ᠎ᠠ᠂ ᠪᠦᠯᠬᠦᠮᠳᠡᠶ᠎ᠡ᠂ ᠬᠠᠪᠰᠤᠷᠤᠯᠴᠠᠶ᠎ᠠ
     (4) ᠳᠤᠭᠤᠶ᠋ᠢᠯᠠᠩ᠎ᠤᠨ ᠰᠣᠶᠣᠯ᠎ᠢ ᠪᠦᠲᠦᠭᠡᠨ ᠪᠠᠶ᠋ᠢᠭᠤᠯᠤᠨ᠎ᠠ᠃
     5. ᠡᠵᠡᠨ ᠪᠣᠯᠬᠤ ᠵᠢᠨ ᠬᠥᠮᠥᠵᠢᠯ᠎ᠢ ᠬᠢᠳᠡᠭ᠃
     (1) ᠪᠡᠶ᠎ᠡ᠎ᠳᠤ᠎ᠪᠠᠨ ᠡᠵᠡᠨ ᠪᠣᠯᠬᠤ᠃
     (2) ᠠᠵᠢᠬ᠍ᠴᠢ ᠭᠢᠷᠠᠭ᠍ᠠᠢ ᠵᠢᠨ ᠬᠥᠮᠥᠵᠢᠯ᠃ 《ᠨᠢᠳᠦ ᠬᠤᠷᠴᠠ ᠪᠣᠯ ᠪᠢᠯᠢᠭ ᠬᠤᠷᠴᠠ》 ᠭᠡᠳᠡᠭ᠃
     (3) ᠠᠵᠢᠯᠴᠢ ᠠᠷᠪᠢᠴᠢ ᠵᠢᠨ ᠬᠥᠮᠥᠵᠢᠯ᠃
     (4) ᠴᠡᠭᠡᠵᠢᠯᠡᠬᠦᠢ ᠲᠣᠭᠲᠠᠭ᠋ᠠᠬᠤᠢ ᠵᠢᠨ ᠬᠥᠮᠥᠵᠢᠯ᠃
     (5) ᠬᠠᠶ᠋ᠢᠷᠠᠯᠠᠵᠤ ᠲᠠᠯᠠᠷᠬᠠᠬᠤ ᠵᠢᠨ ᠬᠥᠮᠥᠵᠢᠯ᠃
     (6) ᠬᠦᠨᠳᠦᠳᠬᠡᠵᠦ ᠪᠢᠰᠢᠷᠡᠬᠦᠢ ᠵᠢᠨ ᠬᠥᠮᠥᠵᠢᠯ᠃
     (7) ᠬᠡᠮ ᠬᠡᠮᠵᠢᠶᠡᠨ᠎ᠤ ᠬᠥᠮᠥᠵᠢᠯ᠃
      ᠠ᠋ᠶ᠋ᠢᠮᠦ᠎ᠠᠴᠠ ᠪᠠᠭᠰᠢ ᠪᠣᠯᠤᠭᠰᠠᠳ ᠢᠲᠡᠭᠡᠯ ᠪᠢᠰᠢᠷᠡᠯ᠎ᠤᠨ ᠬᠥᠮᠦᠵᠢᠯ᠎ᠢ ᠰᠠᠢ᠍ᠢ᠍ᠳᠤᠷ ᠬᠢᠵᠦ᠂ ᠲᠡᠳᠡᠨ᠎ᠤ ᠪᠠᠶ᠎ᠠ ᠳᠡᠭᠡᠷ᠎ᠡ ᠢᠯᠠᠷᠠᠵᠦ ᠪᠠᠢ᠍ᠢ᠍ᠭ᠎ᠠ ᠵᠦᠢ᠍ᠯ ᠵᠦᠢ᠍ᠯ᠎ᠤᠨ ᠦᠵᠡᠭᠳᠡᠯ᠎ᠤᠨ ᠠᠷᠤ᠎ᠳᠤ᠎ᠬᠢ ᠦᠨᠠᠨ ᠶᠤᠰᠤ ᠵᠢ ᠰᠠᠢ᠍ᠢ᠍ᠳᠤᠷ ᠪᠤᠳᠤᠵᠤ ᠲᠤᠨᠭ᠌ᠭ᠋ᠠᠨ᠂ ᠵᠠᠰᠠᠵᠤ ᠵᠠᠯᠠᠷᠠᠭᠤᠯᠳᠠᠬ᠎ᠲᠤ ᠭᠦᠷᠪᠡᠯ ᠰᠤᠷᠤᠭᠴᠢᠳ᠎ᠤᠨ ᠵᠶ᠋ᠠᠨ ᠬᠦᠨᠳᠦᠳᠬᠡᠯ ᠪᠢᠰᠢᠷᠡᠯ᠎ᠢ ᠣᠯᠬᠤ᠎ᠪᠠᠷ ᠪᠠᠷᠠᠭ᠍ᠤ ᠦᠭᠡᠢ ᠰᠤᠷᠤᠭᠴᠢ ᠵᠢ᠎ᠪᠠᠨ ᠦᠨᠡᠡ ᠭᠦ᠌ ᠰᠤᠷᠤᠯᠴᠠᠯᠭ᠎ᠠ ᠵᠢᠨ ᠡᠵᠡᠨ᠎ᠨᠢ ᠪᠣᠯᠭ᠋ᠠᠵᠤ ᠴᠢᠳᠠᠨ᠎ᠠ᠃


      ᠬᠠᠶᠢᠬ᠄ ᠡᠵᠡᠨ ᠬᠤᠷᠤᠭ᠎ᠠ ᠬᠤᠰᠢᠭᠤᠨ᠎ᠤ ᠮᠣᠩᠭᠤᠯ ᠦᠨᠳᠦᠰᠦᠲᠡᠨ᠎ᠤ ᠳᠤᠮᠳᠠᠳᠤ ᠰᠤᠷᠭ᠋ᠠᠭᠤᠯᠢ
                               (ᠴ᠊ · ᠲᠤᠭᠳᠠᠭᠤᠨ ᠨᠠᠢ᠍ᠢ᠍ᠷᠠᠭᠤᠯᠪᠠ)
                              2019 ᠣᠨ᠎ᠤ 11 ᠳ᠋ᠦ᠍ᠭᠡᠷ ᠬᠤᠭᠤᠴᠠᠭ᠎ᠠ


ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
《ᠬᠠᠷᠠᠮᠴᠢ》 ᠠᠩᠭᠢ ᠵᠢᠨ ᠠ᠋ᠷᠬᠢᠯᠡᠭᠴᠢ ᠪᠤᠯᠬᠤ ᠵᠢᠨ ᠤᠴᠢᠷ ᠶᠤᠰᠣᠨ
ᠳᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠤᠨ ᠰᠤᠷᠭ᠋ᠠᠭᠤᠯᠢ᠎ᠳᠤ ᠭᠠᠷ ᠤᠲᠠᠰᠤ ᠬᠡᠷᠡᠭᠯᠡᠬᠦ ᠵᠢᠨ ᠠᠰᠢᠭ ᠬᠤᠤᠷ᠎ᠤᠨ ᠲᠤᠬᠠᠢ ᠭᠦᠶᠦᠭᠡᠨ ᠦᠭᠦᠯᠡᠭᠦ᠎ᠨᠢ
ᠠᠩᠭᠢ ᠵᠢᠨ ᠠ᠋ᠷᠬᠢᠯᠡᠭᠴᠢ ᠵᠢᠨ ᠠᠵᠢᠯ᠎ᠤᠨ ᠠᠮᠵᠢᠯᠲᠠ ᠤᠯᠬᠤ ᠵᠢᠨ ᠤᠷᠢᠳᠠᠯ᠎ᠨᠢ ᠬᠠᠶ᠋ᠢᠷ᠎ᠠ ᠮᠦᠨ
ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠳᠤᠬᠠᠢ ᠤᠯᠤᠯᠳᠠ ᠤᠶ᠋ᠢᠯᠠᠭ᠋ᠠᠯᠳᠠ
ᠪᠠᠭ᠎ᠠ ᠰᠤᠷᠭ᠋ᠠᠭᠤᠯᠢ ᠵᠢᠨ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠰᠠᠶ᠋ᠢᠨ ᠬᠢᠬᠦ᠎ᠳᠤ
 
             蒙ICP备05000248号