ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
《ᠬᠠᠷᠠᠮᠴᠢ》 ᠠᠩᠭᠢ ᠵᠢᠨ ᠠ᠋ᠷᠬᠢᠯᠡᠭᠴᠢ ᠪᠤᠯᠬᠤ ᠵᠢᠨ ᠤᠴᠢᠷ ᠶᠤᠰᠣᠨ
ᠨᠡᠶ᠋ᠢᠲᠡᠯᠡᠭᠰᠡᠨ ᠴᠠᠭ᠄ 2020-05-15

                              ᠰᠡᠴᠡᠨᠳᠤᠶᠠᠭ᠎ᠠ


      《ᠦᠯᠦᠭᠡᠢ᠎ᠳᠤ ᠠᠷᠭ᠋ᠠᠳᠠᠭᠤᠯᠤᠭᠰᠠᠨ ᠬᠡᠦᠬᠡᠳ ᠦᠰᠴᠦ ᠪᠤᠶ᠋ᠢᠵᠢᠭ᠋ᠠᠳ ᠲᠡᠯᠡᠭᠡᠢ ᠵᠢ ᠠᠷᠭ᠋ᠠᠳᠠᠨ᠎ᠠ》 ᠭᠡᠳᠡᠭ᠃ ᠲᠡᠭᠡᠬᠦ᠎ᠳᠤ ᠬᠡᠦᠭᠡᠳ᠎ᠤᠨ ᠲᠡᠯᠡᠬᠡᠢ ᠵᠢ ᠠᠷᠭ᠋ᠠᠳᠠᠭ᠍ᠤ ᠬᠦᠴᠦᠨ ᠰᠤᠷᠭ᠋ᠠᠨ ᠬᠦᠮᠦᠵᠢᠯ᠎ᠠᠴᠠ ᠢᠷᠡᠳᠡᠭ᠃           《ᠪᠠᠶ᠋ᠢᠭ᠋ᠠᠯᠢ ᠵᠢᠨ ᠨᠠᠷᠠᠨ ᠬᠦᠮᠦᠨ᠎ᠢ ᠭᠠᠳᠠᠨ᠎ᠠ᠎ᠠᠴᠠ ᠲᠤᠯᠠᠭ᠋ᠠᠴᠠᠭᠤᠯᠳᠠᠭ ᠪᠠᠶ᠋ᠢᠬᠤ᠎ᠳᠤ ᠰᠤᠶᠤᠯ᠎ᠤᠨ ᠨᠠᠷᠠᠨ ᠬᠦᠮᠦᠨ᠎ᠢ ᠲᠤᠳᠤᠷ᠎ᠠ᠎ᠠᠴᠠ᠎ᠨᠢ ᠭᠡᠷᠡᠯᠳᠦᠭᠦᠯᠳᠡᠭ》 ᠭᠡᠳᠡᠭ᠎ᠤᠨ ᠶᠤᠰᠤᠨ ᠠ᠋ᠨᠡ ᠠᠵᠣᠭᠤ᠃ ᠰᠤᠷᠭ᠋ᠠᠨ ᠬᠦᠮᠦᠵᠢᠯ᠎ᠳᠤ ᠭᠡᠷ ᠪᠦᠯᠢ ᠵᠢᠨ ᠰᠤᠷᠭ᠋ᠠᠨ ᠬᠦᠮᠦᠵᠢᠯ᠂ ᠰᠤᠷᠭ᠋ᠠᠭᠤᠯᠢ ᠵᠢᠨ ᠰᠤᠷᠭ᠋ᠠᠨ ᠬᠦᠮᠦᠵᠢᠯ᠂ ᠨᠡᠶ᠋ᠢᠭᠡᠮ᠎ᠤᠨ ᠰᠤᠷᠭ᠋ᠠᠨ ᠬᠦᠮᠦᠵᠢᠯ᠂ ᠦᠪᠡᠷ᠎ᠤᠨ ᠰᠤᠷᠭ᠋ᠠᠨ ᠭᠦᠮᠦᠵᠢᠯ ᠭᠡᠵᠦ ᠲᠦᠷᠪᠡᠨ ᠲᠠᠯ᠎ᠠ ᠪᠠᠶ᠋ᠢᠳᠠᠭ᠃ ᠠ᠋ᠭᠦᠨ᠎ᠳᠤ ᠦᠪᠡᠷ᠎ᠤᠨ ᠰᠤᠷᠭ᠋ᠠᠨ ᠬᠦᠮᠦᠵᠢᠯ ᠪᠣᠯ ᠨᠠᠰᠤᠨ ᠲᠤᠷᠰᠢᠳᠠ ᠵᠢᠨ ᠰᠤᠷᠭ᠋ᠠᠨ ᠬᠦᠮᠦᠵᠢᠯ ᠪᠣᠯᠤᠨ᠎ᠠ᠃ ᠨᠢᠭᠡ ᠬᠦᠮᠦᠨ᠎ᠤ ᠦᠰᠦᠨ ᠪᠤᠶ᠋ᠢᠵᠢᠯᠳᠠ᠎ᠳᠤ ᠠᠪᠴᠤ ᠬᠡᠯᠡᠪᠡᠯ ᠭᠡᠷ ᠪᠦᠯᠢ ᠵᠢᠨ ᠰᠤᠷᠭ᠋ᠠᠨ ᠬᠦᠮᠦᠵᠢᠯ᠂ ᠰᠤᠷᠭ᠋ᠠᠭᠤᠯᠢ ᠵᠢᠨ ᠰᠤᠷᠭ᠋ᠠᠨ ᠬᠦᠮᠦᠵᠢᠯ᠂ ᠨᠡᠶ᠋ᠢᠭᠡᠮ᠎ᠤᠨ ᠰᠤᠷᠭ᠋ᠠᠨ ᠬᠦᠮᠦᠵᠢᠯ ᠪᠣᠯ ᠲᠡᠭᠦᠨ᠎ᠤ ᠬᠦᠭᠵᠢᠵᠦ ᠲᠦᠯᠵᠢᠬᠦ ᠵᠢᠨ ᠤᠴᠤᠭ᠎ᠤᠨ ᠭᠤᠷᠪᠠᠨ ᠴᠢᠯᠠᠭᠤ ᠮᠦᠨ᠃ ᠠ᠋ᠨᠡ ᠭᠤᠷᠪᠠ ᠵᠢᠨ ᠭᠠᠷ ᠨᠡᠶ᠋ᠢᠯᠡᠭᠰᠡᠨ ᠬᠦᠳᠡᠯᠮᠦᠷᠢ᠎ᠠᠴᠠ ᠰᠠᠶᠢ ᠨᠢᠭᠡᠨ ᠰᠢᠯᠢᠳᠡᠭ ᠬᠦᠮᠦᠨ ᠮᠡᠨᠳᠦᠯᠡᠨ᠎ᠡ᠃ ᠭᠡᠬᠦ᠎ᠳᠤ ᠦᠪᠡᠷ᠎ᠤᠨ ᠰᠤᠷᠭ᠋ᠠᠨ ᠬᠦᠮᠦᠵᠢᠯ ᠪᠣᠯ ᠠ᠋ᠨᠡ ᠬᠦ᠌ 《ᠤᠴᠤᠭ》᠎ᠠᠴᠠ ᠲᠦᠷᠡᠯᠵᠡᠨ ᠮᠠᠨᠳᠤᠭᠰᠠᠨ ᠭᠠᠯ ᠮᠦᠨ᠃ ᠠ᠋ᠨᠡ ᠭᠠᠯ ᠬᠦᠴᠦᠳᠡᠢ ᠪᠣᠯ ᠨᠠᠰᠤᠨ ᠲᠤᠷᠰᠢᠳᠠ ᠪᠠᠳᠠᠷᠠᠵᠤ᠂ ᠬᠦᠴᠦ ᠦᠭᠡᠢ ᠪᠣᠯ ᠲᠤᠳᠠᠭᠤ ᠲᠤᠷᠭᠤᠨ ᠤᠨᠳᠠᠷᠠᠴᠢᠬᠠᠳᠠᠭ᠃ ᠠ᠋ᠨᠡ ᠭᠠᠯ᠎ᠤᠨ ᠬᠦᠴᠦ ᠬᠦᠮᠦᠨ᠎ᠤ ᠬᠤᠪᠢ ᠪᠡᠶ᠎ᠡ ᠵᠢᠨ ᠬᠡᠪ ᠪᠣᠯᠪᠠᠰᠤᠷᠠᠯ᠂ ᠠ᠋ᠷᠳᠡᠮ ᠴᠢᠳᠠᠪᠤᠷᠢ᠂ ᠤᠢ ᠤᠬᠠᠭ᠋ᠠᠨ᠂ ᠦᠵᠡᠯ ᠰᠠᠨᠠᠭ᠎ᠠ᠎ᠳᠤ ᠪᠤᠢ᠃
      ᠠᠩᠭᠢ ᠵᠢᠨ ᠠ᠋ᠷᠭᠢᠯᠡᠭᠴᠢ ᠪᠣᠯ ᠨᠢᠭᠡᠨ ᠤᠨᠴᠠᠭ᠋ᠠᠢ ᠷᠤᠯᠢ ᠵᠢᠨ ᠬᠦᠮᠦᠰ ᠶᠤᠮ᠃ ᠲᠡᠳᠡ ᠰᠤᠷᠭ᠋ᠠᠭᠤᠯᠢ ᠵᠢᠨ ᠲᠦᠯᠦᠭᠡᠨ᠎ᠤ ᠠᠵᠢᠯᠯᠠᠭᠴᠢ ᠮᠦᠷᠳᠡᠭᠡᠨ ᠮᠦᠨ ᠴᠤ᠌ ᠰᠤᠷᠤᠭᠴᠢ (ᠭᠡᠷ᠎ᠤᠨ ᠠᠬᠠᠮᠠᠳ) ᠵᠢᠨ ᠲᠠᠯ᠎ᠠ ᠵᠢᠨ        《ᠦᠮᠦᠭᠯᠡᠭᠴᠢ》 ᠮᠦᠨ᠃ ᠲᠡᠳᠡ ᠰᠤᠷᠭ᠋ᠠᠨ ᠬᠦᠮᠦᠵᠢᠯ᠎ᠤᠨ ᠵᠣᠷᠢᠭ ᠰᠠᠨᠠᠭ᠎ᠠ᠂ ᠰᠤᠷᠭ᠋ᠠᠭᠤᠯᠢ ᠵᠢᠨ ᠲᠥᠷᠢᠮ ᠲᠤᠭᠳᠠᠭ᠋ᠠᠯ᠎ᠢ ᠵᠦᠪ ᠲᠥᠪ ᠵᠶ᠋ᠠᠷ ᠲᠤᠭᠤᠰᠢᠯᠠᠭᠤᠯᠬᠤ ᠬᠠᠷᠢᠭᠤᠴᠠᠯᠭ᠎ᠠ᠎ᠲᠠᠢ ᠪᠦᠭᠡᠳ ᠰᠤᠷᠤᠭᠴᠢ ᠵᠢᠨ ᠠ᠋ᠷᠬᠡ ᠠᠰᠢᠭ᠎ᠤᠨ ᠠ᠋ᠮᠦᠨ᠎ᠡ᠎ᠠᠴᠠ ᠲᠡᠳᠡᠨ᠎ᠤ ᠠᠰᠢᠭ ᠲᠤᠰᠠ ᠵᠢ ᠬᠠᠮᠠᠭ᠋ᠠᠯᠠᠭ᠍ᠤ ᠠ᠋ᠭᠦᠷᠬᠡ᠎ᠲᠠᠢ ᠪᠠᠶ᠋ᠢᠳᠠᠭ᠃ ᠠ᠋ᠶ᠋ᠢᠮᠦᠷᠬᠦᠤ ᠲᠠᠪᠬᠤᠷᠳᠠᠯ ᠬᠠᠷᠢᠴᠠᠭ᠋ᠠᠳᠤ ᠠᠵᠢᠯ᠎ᠤᠨ ᠪᠠᠶ᠋ᠢᠷᠢ᠎ᠨᠢ ᠠᠩᠭᠢ ᠵᠢᠨ ᠠ᠋ᠷᠭᠢᠯᠡᠭᠴᠢ᠎ᠳᠤ ᠨᠡᠩ ᠶᠡᠭᠡ ᠦᠪᠡᠷ᠎ᠢ᠎ᠨᠢ ᠡᠵᠡᠮᠳᠡᠬᠦ᠂ ᠤᠷᠤᠨ ᠵᠤᠭᠰᠣᠴᠠ᠎ᠪᠠᠨ ᠤᠶ᠋ᠢᠯᠠᠭ᠋ᠠᠬᠤ ᠱᠠᠭ᠋ᠠᠷᠳᠠᠯᠭ᠎ᠠ ᠦᠭᠭᠦᠭᠰᠡᠨ ᠪᠠᠶ᠋ᠢᠨ᠎ᠠ᠃ ᠠᠳᠡ ᠪᠢ 《ᠬᠠᠷᠠᠮᠴᠢ》 ᠠᠩᠭᠢ ᠵᠢᠨ ᠠ᠋ᠷᠬᠢᠯᠡᠭᠴᠢ ᠪᠤᠯᠬᠤ ᠲᠣᠬᠠᠢ ᠦᠵᠡᠯᠳᠠ ᠪᠤᠳᠤᠯ ᠵᠶ᠋ᠠᠨ ᠰᠠᠢ᠍ᠢ᠍ᠷᠡᠭᠦᠯᠪᠡ᠃
      ᠨᠢᠭᠡ᠂ ᠠᠩᠭᠢ ᠵᠢᠨ ᠠ᠋ᠷᠭᠢᠯᠡᠭᠴᠢ ᠦᠭᠡᠨ᠎ᠳᠤ᠎ᠪᠠᠨ ᠵᠠᠪᠠᠯ 《ᠬᠠᠷᠠᠮᠴᠢ》 ᠪᠠᠶ᠋ᠢᠬᠤ ᠬᠡᠷᠡᠭᠳᠡᠢ᠃
      ᠦᠭᠡ ᠪᠣᠯ ᠬᠦᠳᠡᠯᠮᠦᠷᠢ ᠪᠠ ᠬᠠᠷᠢᠯᠴᠠᠭ᠋ᠠᠨ᠎ᠤ ᠬᠡᠷᠡᠭᠯᠡᠭᠦᠷ᠂ ᠬᠦᠮᠦᠰ᠎ᠢ ᠵᠠᠯᠠᠵᠤ ᠵᠢᠯᠤᠭᠤᠳᠬᠤ   ᠤᠷᠠᠯᠢᠭ ᠶᠤᠮ᠃ ᠦᠭᠡ ᠪᠣᠯ ᠤᠶᠤᠨ ᠤᠬᠠᠭ᠋ᠠᠨ᠎ᠤ ᠪᠠᠶᠠᠯᠢᠭ᠂ ᠳᠤᠲᠤᠭ᠋ᠠᠳᠤ ᠰᠡᠳᠬᠢᠯ᠎ᠤᠨ ᠲᠤᠰᠬᠠᠯ᠂ ᠠ᠋ᠷᠳᠡᠮᠳᠦ ᠬᠦᠮᠦᠨ᠎ᠤ ᠦᠪᠡᠷ᠎ᠢ᠎ᠪᠠᠨ ᠲᠤᠳᠤᠷᠬᠠᠶ᠋ᠢᠯᠠᠭ᠍ᠤ ᠦᠵᠡᠬᠦᠯᠦᠯᠳᠡ ᠶᠤᠮ᠃ ᠰᠠᠶ᠋ᠢᠨ ᠦᠭᠡ ᠡᠮ ᠪᠤᠯᠵᠤ᠂ ᠮᠠᠭᠤ ᠦᠭᠡ ᠰᠤᠮᠤ ᠪᠤᠯᠳᠠᠭ᠃ ᠰᠠᠷᠠᠭᠤᠯ ᠤᠬᠠᠭ᠋ᠠᠨ᠎ᠲᠠᠢ ᠬᠦᠮᠦᠨ ᠰᠠᠶ᠋ᠢᠨ ᠦᠭᠡ ᠬᠡᠯᠡᠵᠦ᠂ ᠰᠠᠭ᠋ᠠᠷ ᠪᠤᠳᠤᠯᠭ᠎ᠠ᠎ᠲᠠᠢ ᠬᠦᠮᠦᠨ ᠮᠠᠭᠤ ᠦᠭᠡ ᠶᠠᠷᠢᠳᠠᠭ᠃ ᠮᠠᠭᠳᠠᠭ᠋ᠠᠯ᠎ᠤᠨ ᠨᠢᠭᠡ ᠦᠭᠡ ᠭᠤᠷᠪᠠᠨ ᠰᠠᠷ᠎ᠠ ᠵᠢᠨ ᠬᠦᠴᠦᠨ᠎ᠲᠠᠢ ᠪᠠᠶ᠋ᠢᠬᠤ᠎ᠳᠤ ᠵᠢᠮᠡᠯᠡᠯ᠎ᠤᠨ ᠨᠢᠭᠡ ᠦᠭᠡ ᠭᠤᠷᠪᠠᠨ ᠵᠢᠯ᠎ᠤᠨ ᠦᠰᠢᠯ᠎ᠲᠠᠢ ᠪᠠᠶ᠋ᠢᠳᠠᠭ᠃ ᠠ᠊ · ᠰ᠊ · ᠫᠦᠱᠺᠢᠨ 《ᠬᠦᠮᠦᠨ᠎ᠤ ᠵᠢᠷᠦᠭᠡ ᠵᠢ ᠦᠭᠡ᠎ᠪᠠᠷ ᠲᠤᠯᠠᠭ᠋ᠠᠴᠠᠭᠤᠯᠤᠨ᠎ᠠ》 ᠬᠡᠵᠦ ᠬᠡᠯᠡᠭᠰᠡᠨ ᠪᠢᠯᠡ᠃ ᠬᠡᠦᠬᠡᠳ᠎ᠢ ᠬᠡᠯᠡᠵᠦ ᠰᠤᠷᠭ᠋ᠠᠬᠤ ᠪᠣᠯ ᠠ᠋ᠩ᠎ᠤᠨ ᠶᠤᠰᠤᠨ᠃ ᠠ᠋ᠶ᠋ᠢᠮᠦ᠎ᠠᠴᠠ ᠠᠩᠭᠢ ᠵᠢᠨ ᠠ᠋ᠷᠬᠢᠯᠡᠭᠴᠢ ᠪᠤᠯᠤᠭᠰᠠᠳ ᠠ᠋ᠳᠦᠷ ᠪᠦᠷᠢ ᠴᠠᠭ ᠮᠦᠴᠡ ᠦᠭᠡᠢ ᠬᠡᠦᠬᠡᠳ᠎ᠢ ᠬᠡᠯᠡᠵᠦ ᠰᠤᠷᠭ᠋ᠠᠵᠤ ᠪᠠᠶ᠋ᠢᠳᠠᠭ᠃ ᠭᠡᠬᠦ᠎ᠳᠤ᠎ᠪᠠᠨ ᠡ᠊ᠨᠳᠡ ᠰᠠᠨᠠᠭᠤᠯᠬᠤ᠎ᠨᠢ ᠲᠠ ᠨᠠᠷ ᠦᠭᠡᠨ᠎ᠳᠤ᠎ᠪᠠᠨ 《ᠬᠠᠷᠠᠮᠴᠢ》 ᠪᠠᠢ᠃ ᠦᠭᠡ ᠪᠣᠯ ᠮᠦᠩᠭᠦ᠂ ᠬᠠᠷᠢᠨ ᠲᠣᠭᠤᠢ ᠪᠠᠶ᠋ᠢᠬᠤ ᠪᠣᠯ ᠠᠯᠳᠠ ᠭᠡᠳᠡᠭ ᠦᠭᠡ ᠪᠤᠢ᠃ ᠢᠯᠡᠬᠦᠦ ᠦᠭᠡ ᠬᠠᠷᠠᠮᠰᠠᠯ᠎ᠳᠤ ᠬᠦᠷᠭᠡᠳᠡᠭ᠃ ᠮᠠᠭᠤ ᠦᠭᠡ ᠬᠤᠤᠷ ᠲᠠᠷᠢᠳᠠᠭ᠃ ᠲᠠᠨ᠎ᠤ ᠬᠢᠯᠢᠩᠨᠡᠵᠦ ᠶᠠᠷᠢᠭᠰᠠᠨ᠂ ᠠᠭᠤᠷᠯᠠᠵᠦ ᠬᠡᠯᠡᠭᠰᠡᠨ᠂ ᠶᠦᠭᠡᠳᠡᠵᠦ ᠬᠡᠯᠡᠭᠰᠡᠨ᠂ ᠳᠤᠷ᠎ᠠ ᠦᠭᠡᠶ᠋ᠢᠴᠡᠵᠦ ᠬᠡᠯᠡᠭᠰᠡᠨ ᠦᠭᠡ ᠴᠢᠨᠢ ᠨᠢᠭᠡ ᠰᠤᠷᠤᠭᠴᠢ ᠵᠢ ᠪᠤᠷᠤᠭᠤ ᠵᠠᠮ ᠵᠶ᠋ᠠᠷ ᠶᠠᠪᠤᠭᠤᠯᠵᠤ ᠮᠡᠳᠡᠨ᠎ᠡ᠃ 《ᠰᠦᠭᠡᠨ᠎ᠳᠤ ᠦᠬᠦᠬᠦ ᠦᠭᠡᠢ᠂ ᠦᠭᠡᠨ᠎ᠳᠤ ᠦᠬᠦᠳᠡᠭ》 ᠭᠡᠳᠡᠭ ᠬᠡᠯᠡᠯᠭᠡ ᠪᠤᠢ᠃ ᠴᠠᠭ ᠵᠶ᠋ᠠᠨ ᠤᠯᠤᠭᠰᠠᠨ ᠦᠭᠡ ᠦᠨ᠎ᠡ᠎ᠲᠠᠢ ᠪᠠᠶ᠋ᠢᠳᠠᠭ᠃ ᠰᠠᠶ᠋ᠢᠬᠠᠨ ᠦᠭᠡ ᠰᠡᠳᠬᠢᠯ᠎ᠢ ᠲᠤᠯᠠᠭ᠋ᠠᠯᠠᠳᠠᠭ᠂ ᠰᠠᠶ᠋ᠢᠨ ᠦᠭᠡ ᠪᠤᠳᠣᠯ᠎ᠢ ᠭᠡᠭᠡᠷᠡᠭᠦᠯᠳᠡᠭ᠃ ᠠ᠋ᠶ᠋ᠢᠮᠦ᠎ᠳᠤ᠎ᠪᠠᠨ ᠠᠩᠭᠢ ᠵᠢᠨ ᠠ᠋ᠷᠭᠢᠯᠡᠭᠴᠢ ᠪᠠᠭᠰᠢ ᠨᠠᠷ ᠦᠭᠡᠨ᠎ᠳᠤ᠎ᠪᠠᠨ   ᠵᠠᠪᠠᠯ  《ᠬᠠᠷᠠᠮᠴᠢ》 ᠪᠠᠶ᠋ᠢᠵᠦ᠂ ᠬᠡᠦᠭᠡᠳ᠎ᠤᠨ ᠰᠡᠳᠬᠢᠯ᠎ᠢ ᠭᠡᠮᠳᠦᠭᠡᠬᠦ᠂ ᠰᠠᠨᠠᠭ᠎ᠠ ᠵᠢ ᠰᠢᠷᠬᠠᠳᠤᠭᠤᠯᠬᠤ ᠮᠠᠭᠤ ᠦᠭᠡ ᠶᠠᠭ᠋ᠠᠭᠢᠭᠰᠠᠨ ᠴᠤ᠌ ᠬᠡᠯᠡᠵᠦ ᠪᠤᠯᠬᠤ ᠦᠭᠡᠢ᠃
      ᠬᠤᠶᠠᠷ᠂ ᠠᠩᠭᠢ ᠵᠢᠨ ᠠ᠋ᠷᠭᠢᠯᠡᠭᠴᠢ ᠬᠠᠶ᠋ᠢᠷ᠎ᠠ᠎ᠳᠤ᠎ᠪᠠᠨ ᠵᠠᠪᠠᠯ 《ᠬᠠᠷᠠᠮᠴᠢ》 ᠪᠠᠶ᠋ᠢᠬᠤ ᠬᠡᠷᠡᠭᠳᠡᠢ᠃
      ᠬᠠᠶ᠋ᠢᠷ᠎ᠠ ᠭᠡᠭᠴᠢ ᠰᠡᠳᠬᠢᠯ᠎ᠤᠨ ᠠᠷᠢᠭᠤᠨ ᠰᠦᠨᠡᠰᠦ᠂ ᠠᠮᠢᠳᠣᠷᠠᠯ᠎ᠤᠨ ᠠᠮᠢᠨ ᠲᠡᠵᠢᠭᠡᠯ᠃ ᠬᠠᠶ᠋ᠢᠷ᠎ᠠ ᠪᠠᠶ᠋ᠢᠳᠠᠭ᠎ᠠᠴᠠ ᠰᠠᠶᠢ ᠬᠦᠢ ᠪᠦᠮᠪᠦᠷᠴᠡᠭ ᠤᠷᠤᠰᠢᠨ ᠲᠣᠭᠳᠠᠨᠢᠵᠣ᠂ ᠬᠦᠮᠦᠨ ᠲᠦᠷᠦᠯᠬᠢᠳᠡᠨ ᠤᠳᠣᠮ ᠵᠠᠯᠭ᠋ᠠᠭᠰᠠᠨ ᠶᠤᠮ᠃ ᠰᠤᠷᠭ᠋ᠠᠨ ᠬᠦᠮᠦᠵᠢᠯ᠎ᠤᠨ ᠠᠮᠵᠢᠯᠳᠠ ᠤᠯᠬᠤ ᠵᠢᠨ ᠨᠢᠭᠤᠴᠠ ᠵᠣᠷ ᠪᠣᠯ ᠬᠠᠶ᠋ᠢᠷ᠎ᠠ ᠪᠤᠯᠤᠨ᠎ᠠ᠃ ᠬᠠᠶ᠋ᠢᠷ᠎ᠠ ᠵᠢᠨ ᠬᠦᠴᠦᠨ᠎ᠳᠤ ᠰᠤᠷᠭ᠋ᠠᠨ ᠬᠦᠮᠦᠵᠢᠯ ᠰᠦᠮᠪᠦᠷᠯᠡᠵᠦ᠂ ᠬᠠᠶ᠋ᠢᠷ᠎ᠠ ᠵᠢᠨ ᠠᠯᠳᠠᠭᠳᠠᠯ᠎ᠳᠤ ᠰᠤᠷᠭ᠋ᠠᠨ ᠬᠦᠮᠦᠵᠢᠯ   ᠤᠰᠠᠳᠳᠠᠭ᠃ ᠨᠡᠩ ᠴᠤ᠌ ᠠᠩᠭᠢ ᠵᠢᠨ ᠠ᠋ᠷᠭᠢᠯᠡᠭᠴᠢ ᠵᠢᠨ ᠰᠤᠷᠤᠭᠴᠢ᠎ᠪᠠᠨ ᠬᠦᠮᠦᠵᠢᠭᠦᠯᠬᠦ ᠰᠢᠳᠢᠳᠦ ᠵᠡᠪᠰᠡᠭ ᠪᠣᠯ ᠬᠠᠶ᠋ᠢᠷ᠎ᠠ   ᠪᠢᠯᠡ᠃ ᠭᠡᠬᠦ᠎ᠳᠤ ᠠ᠋ᠨᠡ ᠬᠠᠶ᠋ᠢᠷ᠎ᠠ᠎ᠪᠠᠨ ᠬᠡᠮᠵᠢᠶ᠎ᠡ᠎ᠲᠠᠢ ᠪᠠᠶ᠋ᠢᠯᠭ᠋ᠠᠵᠤ᠂ ᠵᠠᠷᠢᠮ ᠦᠶ᠎ᠡ᠎ᠳᠤ᠎ᠪᠠᠨ 《ᠬᠠᠷᠠᠮᠴᠢ》 ᠵᠠᠩ ᠭᠠᠷᠭ᠋ᠠᠬᠤ ᠴᠢᠬᠤᠯᠠᠳᠠᠢ᠃ ᠮᠤᠩᠭᠤᠯᠴᠤᠳ ᠬᠡᠦᠬᠡᠳ᠎ᠢ ᠬᠦᠮᠦᠵᠢᠭᠦᠯᠬᠦ᠎ᠳᠤ᠎ᠪᠠᠨ 1~3 ᠨᠠᠰᠤᠨ᠎ᠳᠤ᠎ᠨᠢ ᠬᠠᠭ᠋ᠠᠨ ᠮᠡᠲᠦ ᠬᠦᠨᠳᠦᠯᠡᠵᠦ᠂ 3~6 ᠨᠠᠰᠤᠨ᠎ᠳᠤ᠎ᠨᠢ ᠬᠠᠳᠤᠨ ᠮᠡᠲᠦ ᠠᠰᠠᠷᠠᠵᠦ᠂ 6~9 ᠨᠠᠰᠤᠨ᠎ᠳᠤ᠎ᠨᠢ ᠱᠠᠪᠢ ᠮᠡᠲᠦ ᠰᠤᠷᠭ᠋ᠠᠵᠤ᠂ 9~12 ᠨᠠᠰᠤᠨ᠎ᠳᠤ᠎ᠨᠢ ᠠᠯᠪᠠᠳᠤ ᠮᠡᠲᠦ ᠵᠠᠷᠤᠳᠠᠭ᠃ ᠠ᠋ᠨᠡ ᠪᠣᠯ ᠳᠠᠷᠤᠢ ᠬᠠᠶ᠋ᠢᠷ᠎ᠠ᠎ᠳᠤ ᠎ᠪᠠᠨ  《ᠦᠭᠯᠢᠭᠡᠴᠢ》 ᠪᠠ 《ᠬᠠᠷᠠᠮᠴᠢ》 ᠪᠠᠶ᠋ᠢᠬᠤ ᠵᠢᠨ ᠪᠤᠳᠠᠳᠤ ᠵᠢᠱ᠌ᠢᠶ᠎ᠡ ᠮᠦᠨ᠃ ᠠᠩᠭᠢ ᠵᠢᠨ ᠠ᠋ᠷᠭᠢᠯᠡᠭᠴᠢ ᠪᠠᠭᠰᠢ ᠨᠠᠷ ᠴᠤ᠌ ᠰᠤᠷᠤᠭᠴᠢ᠎ᠳᠤ᠎ᠪᠠᠨ ᠠ᠋ᠶ᠋ᠢᠮᠦ ᠮᠠᠶᠢᠭ ᠵᠶ᠋ᠠᠷ ᠬᠠᠨᠳᠤᠵᠤ᠂ ᠬᠠᠶ᠋ᠢᠷᠠᠯᠠᠭ᠍ᠤ ᠴᠠᠭ᠎ᠲᠤ᠎ᠨᠢ ᠬᠠᠶ᠋ᠢᠷᠠᠯᠠᠵᠤ᠂ ᠰᠤᠷᠭ᠋ᠠᠬᠤ ᠴᠠᠭ᠎ᠲᠤ᠎ᠨᠢ ᠴᠢᠩᠭ᠎ᠠ ᠰᠤᠷᠭ᠋ᠠᠬᠤ ᠭᠡᠷᠡᠭᠳᠡᠢ᠃ ᠢᠯᠠᠩᠭᠤᠶ᠎ᠠ ᠬᠦᠳᠡᠯᠮᠦᠷᠢ᠎ᠳᠤ ᠢᠯᠡᠬᠦᠭᠡᠨ ᠤᠷᠤᠯᠴᠠᠭᠤᠯᠵᠤ᠂ ᠲᠡᠳᠡᠨ᠎ᠳᠤ ᠬᠠᠳᠠᠭᠤ ᠪᠡᠷᠭᠡ ᠵᠢ ᠮᠡᠳᠡᠭᠦᠯᠬᠦ ᠬᠡᠷᠡᠭᠳᠡᠢ᠃ 《ᠶᠤᠰᠤ ᠰᠤᠷᠳᠠᠭ᠍ᠤᠨ᠂ ᠤᠢ ᠤᠬᠠᠭ᠋ᠠᠨ᠂ ᠲᠠᠮᠢᠷ᠂ ᠭᠤᠸ᠎ᠠ ᠰᠠᠶ᠋ᠢᠬᠠᠨ᠂ ᠬᠦᠳᠡᠯᠮᠦᠷᠢ ᠵᠡᠷᠭᠡ ᠪᠦᠬᠦ ᠲᠠᠯ᠎ᠠ᠎ᠪᠠᠷ ᠬᠦᠭᠵᠢᠭᠰᠡᠨ ᠨᠡᠶ᠋ᠢᠭᠡᠮ ᠵᠢᠷᠦᠮᠳᠦ ᠦᠢ᠍ᠯᠡᠰ᠎ᠤᠨ ᠵᠠᠯᠭ᠋ᠠᠮᠵᠢᠯᠠᠭᠴᠢ ᠪᠠ ᠪᠦᠳᠦᠭᠡᠨ ᠪᠠᠶ᠋ᠢᠭᠤᠯᠤᠭᠴᠢ》 ᠵᠢ ᠬᠦᠮᠦᠵᠢᠬᠦᠯᠬᠦ ᠪᠣᠯ ᠨᠠᠮ᠎ᠤᠨ ᠰᠤᠷᠭ᠋ᠠᠨ ᠬᠦᠮᠦᠵᠢᠯ᠎ᠤᠨ ᠴᠢᠭᠯᠡᠯᠳᠡ ᠪᠤᠯᠬᠤ ᠶᠤᠮ᠃ ᠠᠩᠭᠢ ᠵᠢᠨ ᠠ᠋ᠷᠭᠢᠯᠡᠭᠴᠢ ᠪᠠᠭᠰᠢ ᠨᠠᠷ ᠠ᠋ᠨᠡ ᠴᠢᠭᠯᠡᠯᠳᠡ ᠵᠢ ᠵᠠᠪᠠᠯ ᠵᠦᠪ ᠰᠢᠭᠤᠷᠬᠠᠢ ᠲᠤᠭᠤᠰᠢᠯᠠᠭᠤᠯᠬᠤ ᠬᠡᠷᠡᠭᠳᠡᠢ᠃
      ᠭᠤᠷᠪᠠ᠂ ᠠᠩᠭᠢ ᠵᠢᠨ ᠠ᠋ᠷᠭᠢᠯᠡᠭᠴᠢ ᠦᠭᠶᠦᠭᠡᠳᠡᠯ᠎ᠳᠤ ᠵᠠᠪᠠᠯ 《ᠬᠠᠷᠠᠮᠴᠢ》 ᠪᠠᠶ᠋ᠢᠬᠤ ᠬᠡᠷᠡᠭᠳᠡᠢ᠃
      ᠰᠤᠷᠭ᠋ᠠᠨ ᠬᠦᠮᠦᠵᠢᠯ ᠪᠣᠯ ᠨᠢᠭᠡ ᠵᠦᠢ᠍ᠯ᠎ᠤᠨ ᠠᠵᠢᠯ ᠦᠢ᠍ᠯᠡᠰ ᠮᠦᠨ᠃ ᠳᠡᠬᠦᠨ᠎ᠤ ᠨᠢᠭᠤᠴᠠ᠎ᠨᠢ ᠭᠤᠶᠠᠴᠢ ᠦᠭᠡᠢ ᠵᠢᠳᠬᠦᠬᠦ᠎ᠳᠤ ᠪᠤᠢ᠃ ᠠᠪᠯᠢᠭ᠋ᠠᠴᠢ ᠬᠤᠪᠳᠤᠭ ᠬᠦᠮᠦᠨ ᠪᠣᠯ ᠠᠷᠠᠳ᠎ᠤᠨ ᠪᠠᠭᠰᠢ ᠪᠤᠯᠤᠭᠰᠠᠨ᠎ᠤ ᠬᠡᠷᠡᠭ ᠦᠭᠡᠢ ᠪᠢᠯᠡ᠃ ᠶᠠᠭ ᠠ᠋ᠶ᠋ᠢᠮᠦ᠎ᠳᠤ᠎ᠪᠠᠨ ᠠᠩᠭᠢ ᠵᠢᠨ ᠠ᠋ᠷᠭᠢᠯᠡᠭᠴᠢ ᠪᠠᠭᠰᠢ ᠪᠤᠯᠤᠭᠰᠠᠳ ᠦᠭᠶᠦᠭᠡᠳᠡᠯ᠎ᠳᠤ 《ᠬᠠᠷᠠᠮᠴᠢ》 ᠪᠠᠶ᠋ᠢᠬᠤ ᠬᠡᠷᠡᠭᠳᠡᠢ᠃ ᠳᠠᠷᠤᠢ ᠠᠪᠴᠤ ᠪᠤᠯᠬᠤ ᠦᠭᠡᠢ ᠶᠠᠭᠤᠮ᠎ᠠ᠎ᠳᠤ 《ᠳᠠᠬᠢᠷ》 ᠪᠠᠶ᠋ᠢᠬᠤ ᠭᠡᠷᠡᠭᠳᠡᠢ᠃ ᠬᠦᠷᠴᠦ ᠪᠤᠯᠬᠤ ᠦᠭᠡᠢ ᠭᠠᠵᠠᠷ᠎ᠲᠤ 《ᠲᠡᠮᠪᠡ》 ᠪᠠᠶ᠋ᠢᠬᠤ ᠭᠡᠷᠡᠭᠳᠡᠢ᠃ ᠶᠠᠷᠢᠵᠦ ᠪᠤᠯᠬᠤ ᠦᠭᠡᠢ ᠵᠦᠢ᠍ᠯ᠎ᠳᠤ 《ᠶᠡᠪᠡ》 ᠪᠠᠶ᠋ᠢᠬᠤ ᠭᠡᠷᠡᠭᠳᠡᠢ᠃ ᠰᠣᠨᠤᠰᠴᠤ ᠪᠤᠯᠬᠤ ᠦᠭᠡᠢ ᠵᠦᠢ᠍ᠯ᠎ᠳᠤ 《ᠲᠦᠯᠡᠢ》 ᠪᠠᠶ᠋ᠢᠬᠤ ᠭᠡᠷᠡᠭᠳᠡᠢ᠃ ᠢᠩᠭᠢᠪᠡᠯ ᠰᠠᠶᠢ ᠪᠢᠳᠠ ᠭᠡᠷ᠎ᠤᠨ ᠠᠬᠠᠮᠠᠳ᠎ᠤᠨ ᠭᠠᠷ᠎ᠤᠨ ᠪᠡᠯᠡᠭ᠎ᠢ ᠪᠠᠭᠳᠠᠭ᠋ᠠᠭᠰᠠᠨ ᠡᠯ᠎ᠡ ᠵᠦᠢ᠍ᠯ᠎ᠤᠨ 《ᠦᠭᠶᠦᠭᠡᠳᠡᠯ》᠎ᠠᠴᠠ ᠵᠠᠶ᠋ᠢᠯᠠᠵᠦ᠂ ᠰᠤᠷᠭ᠋ᠠᠨ ᠬᠦᠮᠦᠵᠢᠯ᠎ᠤᠨ ᠦᠢ᠍ᠯᠡᠰ ᠵᠶ᠋ᠠᠨ 《ᠪᠣᠯᠠᠩᠭᠢᠷ》 ᠦᠭᠡᠢ ᠴᠡᠪᠡᠷ ᠪᠠᠶ᠋ᠢᠯᠭ᠋ᠠᠵᠤ ᠴᠢᠳᠠᠨ᠎ᠠ᠃ ᠴᠡᠪᠡᠷ ᠤᠰᠤ᠎ᠲᠠᠢ ᠴᠤᠮᠤᠨ᠎ᠳᠤ ᠪᠣᠭᠢᠷ ᠤᠰᠤ ᠨᠢᠭᠡ ᠲᠤᠰᠤᠭ᠋ᠠᠪᠠᠯ ᠪᠤᠯᠠᠩᠭᠢᠷᠳᠤᠵᠤ᠂ ᠪᠤᠬᠢᠷ ᠤᠰᠤ᠎ᠲᠠᠢ ᠴᠤᠮᠤᠨ᠎ᠳᠤ ᠴᠡᠪᠡᠷ ᠤᠰᠤ ᠠᠷᠪᠠ ᠲᠤᠰᠤᠭ᠋ᠠᠭᠰᠠᠨ ᠴᠤ᠌ ᠴᠡᠩᠭᠡᠭ ᠦᠯᠦ ᠪᠣᠯᠤᠨ᠎ᠠ ᠭᠡᠳᠡᠭ ᠢᠪᠷᠡᠢ ᠦᠭᠡ ᠪᠤᠢ᠃ ᠰᠤᠷᠭ᠋ᠠᠨ ᠬᠦᠮᠦᠵᠢᠯ ᠴᠤ᠌ ᠠᠳᠠᠯᠢᠬᠠᠨ ᠪᠠᠶ᠋ᠢᠬᠤ ᠶᠤᠰᠤᠳᠠᠢ᠃ ᠬᠠᠷᠠᠮᠵᠢ ᠬᠦᠯᠢᠶᠡᠭᠰᠡᠨ ᠰᠤᠷᠭ᠋ᠠᠨ ᠬᠦᠮᠦᠵᠢᠯ᠎ᠨᠢ ᠬᠠᠷᠠᠭ᠎ᠠ᠎ᠪᠠᠨ ᠠᠯᠳᠠᠭᠰᠠᠨ ᠰᠤᠷᠭ᠋ᠠᠨ ᠬᠦᠮᠦᠵᠢᠯ᠎ᠯᠦᠭᠡ ᠶᠠᠭᠤᠨ ᠵᠦᠷᠢᠭᠦ ᠠᠵᠢ᠃
      ᠲᠥᠷᠪᠡ᠂ ᠠᠩᠭᠢ ᠵᠢᠨ ᠠ᠋ᠷᠭᠢᠯᠡᠭᠴᠢ ᠠ᠋ᠷᠬᠡ᠎ᠳᠤ᠎ᠪᠠᠨ ᠵᠠᠪᠠᠯ 《ᠬᠠᠷᠠᠮᠴᠢ》 ᠪᠠᠶ᠋ᠢᠬᠤ ᠬᠡᠷᠡᠭᠳᠡᠢ᠃
      ᠠᠩᠭᠢ ᠵᠢᠨ   ᠠ᠋ᠷᠬᠢᠯᠡᠭᠴᠢ   ᠪᠣᠯ   ᠨᠢᠭᠡ ᠠᠩᠭᠢ ᠵᠢᠨ ᠤᠳᠤᠷᠢᠳᠤᠭᠴᠢ᠂   ᠵᠤᠬᠢᠶᠠᠨ   ᠪᠠᠶ᠋ᠢᠭᠤᠯᠤᠭᠴᠢ᠂     《ᠡᠵᠡᠨᠳᠡᠨ》 ᠮᠦᠨ᠃ ᠳᠡᠬᠦᠨ᠎ᠤ ᠤᠳᠤᠷᠢᠳᠤᠯᠭ᠎ᠠ ᠲᠤᠤᠷ᠎ᠠ ᠨᠢᠭᠡ ᠠᠩᠭᠢ ᠵᠢᠨ ᠬᠡᠦᠬᠡᠳ᠎ᠤᠨ ᠰᠤᠷᠤᠯᠭ᠎ᠠ ᠠᠮᠢᠳᠤᠷᠠᠯ ᠠ᠋ᠶ᠎ᠡ ᠵᠤᠬᠢᠴᠠᠯ ᠵᠶ᠋ᠠᠨ ᠣᠯᠵᠤ ᠡᠪ ᠲᠦᠨᠵᠢᠨ ᠶᠠᠪᠤᠭᠳᠠᠵᠤ ᠪᠠᠶ᠋ᠢᠳᠠᠭ᠃ ᠠ᠋ᠶ᠋ᠢᠮᠦ᠎ᠳᠤ᠎ᠪᠠᠨ ᠠᠩᠭᠢ ᠵᠢᠨ ᠪᠠᠭᠰᠢ ᠵᠢᠨ ᠵᠠᠷᠯᠢᠭ ᠪᠣᠯ ᠳᠠᠷᠤᠢ ᠵᠦᠷᠢᠴᠡᠵᠦ ᠪᠤᠯᠬᠤ ᠦᠭᠡᠢ ᠶᠤᠰᠤ᠂ ᠠᠩᠭᠢ ᠵᠢᠨ ᠪᠠᠭᠰᠢ ᠵᠢᠨ ᠦᠭᠡ ᠪᠣᠯ ᠳᠠᠷᠤᠢ ᠳᠠᠷᠤᠮᠠᠯᠯᠠᠵᠤ ᠲᠠᠯᠪᠢᠭᠰᠠᠨ ᠪᠠᠳᠤᠶᠤᠰᠣ᠂ ᠠᠩᠭᠢ ᠵᠢᠨ ᠪᠠᠭᠰᠢ ᠵᠢᠨ ᠠ᠋ᠷᠬᠡ ᠪᠣᠯ ᠳᠠᠷᠤᠢ ᠬᠠᠯᠳᠠᠵᠤ ᠪᠤᠯᠤᠰᠢ ᠦᠭᠡᠢ ᠶᠤᠰᠤ ᠪᠠᠶ᠋ᠢᠵᠦ ᠲᠠᠭ᠋ᠠᠷᠠᠨ᠎ᠠ᠃ ᠭᠡᠲᠡᠯ᠎ᠡ ᠠᠩᠭᠢ ᠵᠢᠨ ᠪᠠᠭᠰᠢ ᠵᠢᠨ ᠠ᠋ᠷᠬᠡ ᠰᠦᠷ ᠵᠠᠷᠯᠢᠭ᠎ᠨᠢ ᠬᠠᠷᠢᠴᠠᠯᠠᠰᠢᠬᠦᠢ ᠶᠡᠭᠡ ᠪᠣᠯᠴᠢᠬᠠᠪᠠᠯ ᠭᠡᠳᠡᠷᠬᠦ᠎ᠪᠠᠨ ᠬᠡᠦᠬᠡᠳ᠎ᠤᠨ ᠠ᠋ᠷᠬᠡ ᠴᠢᠯᠦᠭᠡ ᠵᠢ ᠬᠢᠵᠠᠭ᠋ᠠᠷᠯᠠᠵᠦ ᠲᠡᠳᠡᠨ᠎ᠤ ᠰᠡᠳᠬᠢᠬᠦᠢ ᠦᠵᠡᠯ ᠰᠠᠨᠠᠭ᠎ᠠ ᠵᠢ ᠪᠤᠭᠤᠮᠢᠯᠠᠭ᠍ᠤ ᠠᠶᠤᠯ᠎ᠲᠠᠢ ᠪᠠᠶ᠋ᠢᠳᠠᠭ᠃ ᠤᠳᠤᠬᠠᠨ᠎ᠤ ᠬᠡᠪ ᠴᠢᠨᠠᠷ᠎ᠤᠨ ᠰᠤᠷᠭ᠋ᠠᠨ ᠬᠦᠮᠦᠵᠢᠯ ᠴᠤ᠌ ᠲᠡᠷᠡ᠂ ᠭᠤᠤᠯᠯᠠᠭᠴᠢ ᠬᠡᠪ ᠪᠤᠯᠪᠠᠰᠤᠷᠠᠯ᠎ᠤᠨ ᠬᠦᠮᠦᠵᠢᠯ ᠴᠤ᠌ ᠲᠡᠷᠡ ᠪᠦᠷ ᠬᠡᠦᠬᠡᠳ᠎ᠤᠨ ᠡᠵᠡᠨᠰᠡᠭ ᠰᠤᠷᠬᠤ᠂ ᠰᠤᠳᠤᠯᠤᠨ ᠰᠤᠷᠬᠤ᠂ ᠬᠠᠮᠵᠢᠯᠴᠠᠵᠦ ᠰᠤᠷᠬᠤ ᠵᠢ ᠱᠠᠭ᠋ᠠᠷᠳᠠᠵᠤ ᠪᠤᠢ᠃ ᠠ᠋ᠨᠡ ᠪᠣᠯ ᠳᠠᠷᠤᠢ ᠪᠠᠭᠰᠢ ᠨᠠᠷ ᠦᠪᠡᠷ᠎ᠤᠨ ᠮᠡᠳᠡᠨ᠎ᠡ ᠴᠢᠳᠠᠨ᠎ᠠ ᠭᠡᠰᠡᠨ 《ᠠ᠋ᠷᠬᠡ》᠎ᠪᠠᠨ ᠲᠠᠶᠠᠭᠳᠠᠵᠤ ᠰᠤᠷᠤᠭᠴᠢᠳ᠎ᠲᠠᠢ᠎ᠪᠠᠨ ᠠ᠋ᠷᠬᠡ ᠲᠡᠭᠰᠢ ᠪᠣᠯ ᠭᠡᠰᠡᠨ ᠦᠭᠡ ᠪᠤᠯᠬᠤ ᠶᠤᠮ᠃ ᠠ᠋ᠶ᠋ᠢᠮᠦ᠎ᠳᠤ᠎ᠪᠠᠨ ᠠᠩᠭᠢ ᠵᠢᠨ ᠬᠠᠮᠢᠶᠠᠷᠤᠯᠳᠠ ᠳᠤᠮᠳᠠ᠎ᠳᠤ ᠴᠤ᠌ ᠠᠩᠭᠢ ᠵᠢᠨ ᠪᠠᠭᠰᠢ ᠪᠤᠯᠤᠭᠰᠠᠳ 《ᠠ᠋ᠷᠬᠡ》᠎ᠳᠤ᠎ᠪᠠᠨ ᠬᠠᠷᠠᠮᠴᠢ ᠪᠠᠶ᠋ᠢᠵᠦ᠂ ᠰᠤᠷᠤᠭᠴᠢᠳ᠎ᠤᠨ ᠡᠵᠡᠨᠰᠡᠭ ᠬᠠᠮᠢᠶᠠᠷᠤᠯᠳᠠ ᠬᠢᠬᠦ ᠵᠢ ᠬᠦᠬᠢᠬᠦᠯᠬᠦ ᠬᠡᠷᠡᠭᠳᠡᠢ᠃ ᠬᠠᠷᠠᠭ᠎ᠠ ᠬᠦᠷᠬᠦ ᠦᠭᠡᠢ ᠠᠯᠤᠰ᠎ᠲᠤ ᠤᠬᠠᠭ᠋ᠠᠨ ᠬᠦᠷᠳᠡᠭ᠃ ᠲᠠ 《ᠠ᠋ᠷᠬᠡ》᠎ᠳᠤ᠎ᠪᠠᠨ ᠬᠡᠳᠦᠢ 《ᠬᠠᠷᠠᠮᠴᠢ》 ᠪᠠᠶ᠋ᠢᠪᠠᠯ ᠰᠤᠷᠤᠭᠴᠢ ᠴᠢᠨᠢ ᠲᠡᠳᠦᠢ ᠬᠦᠭᠵᠢᠯᠳᠡ᠎ᠲᠠᠢ ᠪᠤᠯᠬᠤ ᠶᠤᠮ᠃ ᠠ᠋ᠷᠳᠡᠮ᠎ᠤᠨ ᠬᠡᠲᠡ ᠵᠢ ᠴᠠᠬᠢᠪᠠᠰᠤ ᠬᠦᠭᠵᠢᠯᠳᠡ ᠵᠢᠨ ᠭᠠᠯ ᠪᠠᠳᠠᠷᠠᠳᠠᠭ ᠪᠢᠯᠡ᠃
     《ᠬᠠᠷᠠᠮᠴᠢ》 ᠠᠩᠭᠢ ᠵᠢᠨ ᠠ᠋ᠷᠭᠢᠯᠡᠭᠴᠢ ᠪᠤᠯᠬᠤ ᠵᠢᠨ ᠰᠠᠶ᠋ᠢᠨ ᠲᠠᠯ᠎ᠠ ᠤᠯᠠᠨ ᠪᠤᠢ᠃ ᠠ᠋ᠬᠢᠯᠡᠯᠳᠡ᠎ᠲᠠᠢ ᠪᠣᠯ ᠬᠡᠵᠢᠶᠡᠳᠡ ᠤᠷᠤᠶ᠋ᠢᠳᠠᠳᠠᠭ ᠦᠭᠡᠢ ᠶᠤᠮ᠃ ᠨᠢᠭᠡ ᠬᠦᠮᠦᠨ ᠬᠤᠷᠳᠤᠨ ᠶᠠᠪᠤᠳᠠᠭ᠂ ᠤᠯᠠᠨ ᠬᠦᠮᠦᠨ ᠬᠤᠯᠠ   ᠶᠠᠪᠤᠳᠠᠭ᠃ ᠰᠠᠷᠠᠭᠤᠯ ᠤᠬᠠᠭ᠋ᠠᠨᠳᠠᠨ ᠦᠪᠡᠷ᠎ᠤᠨ ᠪᠤᠷᠤᠭᠤ᠎ᠪᠠᠨ ᠰᠤᠳᠤᠯᠳᠠᠭ᠃ ᠮᠤᠩᠬᠠᠭ ᠬᠦᠮᠦᠨ ᠪᠤᠰᠤᠳ᠎ᠤᠨ ᠠᠯᠳᠠᠭ᠎ᠠ ᠵᠢ ᠰᠤᠳᠤᠯᠳᠠᠭ᠃ ᠠ᠋ᠶ᠋ᠢᠮᠦ᠎ᠳᠤ᠎ᠪᠠᠨ ᠠᠩᠭᠢ ᠵᠢᠨ ᠠ᠋ᠬᠢᠯᠡᠭᠴᠢ ᠪᠤᠯᠤᠭᠰᠠᠳ ᠪᠤᠷᠤᠭᠤ ᠵᠢ ᠬᠡᠦᠬᠡᠳ᠎ᠤᠨ ᠪᠡᠶ᠎ᠡ᠎ᠠᠴᠠ ᠪᠢᠰᠢ ᠤᠷᠢᠳᠠᠪᠠᠷ ᠦᠪᠠᠷ᠎ᠤᠨ ᠪᠡᠶ᠎ᠡ ᠲᠡᠭᠡᠷ᠎ᠡ᠎ᠠᠴᠠ ᠠ᠋ᠷᠢᠵᠤ ᠰᠤᠷᠪᠠᠯ ᠵᠤᠬᠢᠨ᠎ᠠ!


        ᠬᠠᠶᠢᠬ᠄ ᠤᠯᠠᠭ᠋ᠠᠨᠬᠠᠳᠠ ᠬᠤᠳᠠ ᠵᠢᠨ ᠰᠢᠨ᠎ᠠ ᠬᠤᠳᠠ᠎ᠳᠤ᠎ᠬᠢ ᠮᠤᠨᠭ᠌ᠭᠤᠯ

                ᠦᠨᠳᠤᠰᠤᠳᠠᠨ᠎ᠤ ᠲᠤᠷᠰᠢᠯᠳᠠ ᠵᠢᠨ ᠪᠠᠭ᠎ᠠ ᠰᠤᠷᠭ᠋ᠠᠭᠤᠯᠢ
                              (ᠰᠦᠶ᠎ᠠ ᠨᠠᠢ᠍ᠢ᠍ᠷᠠᠭᠤᠯᠪᠠ)
                               2020 ᠤᠨ᠎ᠤ 1 ᠳ᠋ᠦ᠍ᠭᠡᠷ ᠬᠤᠭᠤᠴᠠᠭ᠎ᠠ


ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠳᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠤᠨ ᠰᠤᠷᠭ᠋ᠠᠭᠤᠯᠢ᠎ᠳᠤ ᠭᠠᠷ ᠤᠲᠠᠰᠤ ᠬᠡᠷᠡᠭᠯᠡᠬᠦ ᠵᠢᠨ ᠠᠰᠢᠭ ᠬᠤᠤᠷ᠎ᠤᠨ ᠲᠤᠬᠠᠢ ᠭᠦᠶᠦᠭᠡᠨ ᠦᠭᠦᠯᠡᠭᠦ᠎ᠨᠢ
ᠠᠩᠭᠢ ᠵᠢᠨ ᠠ᠋ᠷᠬᠢᠯᠡᠭᠴᠢ ᠵᠢᠨ ᠠᠵᠢᠯ᠎ᠤᠨ ᠠᠮᠵᠢᠯᠲᠠ ᠤᠯᠬᠤ ᠵᠢᠨ ᠤᠷᠢᠳᠠᠯ᠎ᠨᠢ ᠬᠠᠶ᠋ᠢᠷ᠎ᠠ ᠮᠦᠨ
ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠳᠤᠬᠠᠢ ᠤᠯᠤᠯᠳᠠ ᠤᠶ᠋ᠢᠯᠠᠭ᠋ᠠᠯᠳᠠ
ᠪᠠᠭ᠎ᠠ ᠰᠤᠷᠭ᠋ᠠᠭᠤᠯᠢ ᠵᠢᠨ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠰᠠᠶ᠋ᠢᠨ ᠬᠢᠬᠦ᠎ᠳᠤ
ᠠᠩᠭᠢ ᠵᠢᠨ ᠠ᠋ᠷᠬᠢᠯᠡᠭᠴᠢ ᠪᠠᠭᠰᠢ ᠵᠢᠨ ᠠᠵᠢᠯᠯᠠᠭ᠋ᠠᠨ᠎ᠢ ᠭᠡᠷᠬᠢᠨ ᠦᠷᠨᠢᠭᠦᠯᠬᠦ ᠲᠤᠬᠠᠢ
 
             蒙ICP备05000248号