ᠪᠤᠤ ᠲᠤᠶᠠᠭ᠎ᠠ
ᠪᠢ ᠪᠤᠯ ᠨᠢᠭᠡᠨ ᠠ᠋ᠭᠡᠯ ᠵᠢᠷ᠎ᠤᠨ ᠮᠤᠩᠭᠤᠯ ᠪᠠᠭ᠎ᠠ ᠰᠤᠷᠭ᠋ᠠᠭᠤᠯᠢ ᠵᠢᠨ ᠬᠢᠳᠠᠳ ᠬᠡᠯᠡᠨ᠎ᠤ ᠪᠠᠭᠰᠢ ᠶᠤᠮ᠃ ᠠ᠋ᠨᠡ ᠬᠦ᠌ ᠬᠠᠳᠠᠭᠤᠵᠢᠯᠲᠠᠢ ᠪᠤᠯᠪᠠᠴᠦ ᠦᠩᠭᠡ ᠭᠡᠷᠡᠯ᠎ᠲᠠᠢ ᠠᠵᠢᠯ᠎ᠤᠨ ᠪᠠᠶ᠋ᠢᠷᠢᠨ ᠳᠡᠭᠡᠷ᠎ᠡ᠎ᠪᠠᠨ ᠠᠵᠢᠯᠯᠠᠭ᠋ᠠᠳ ᠨᠢᠭᠡᠨᠳᠡ ᠬᠤᠷᠢᠨ ᠭᠡᠳᠦᠨ ᠵᠢᠯ ᠪᠤᠯᠴᠢᠬᠠᠯ᠎ᠠ᠃ ᠶᠡᠷᠦ᠎ᠨᠢ ᠰᠠᠶᠢ ᠠᠵᠢᠯ᠎ᠳᠤ ᠭᠠᠷᠤᠭᠰᠠᠨ ᠲᠡᠷᠡ ᠬᠡᠳᠦᠨ ᠵᠢᠯ᠎ᠳᠤ ᠬᠢᠳᠠᠳ ᠬᠡᠯᠡᠨ᠎ᠤ ᠪᠠᠭᠰᠢ ᠳᠤᠲᠠᠳᠠᠭ ᠰᠢᠯᠳᠠᠭ᠋ᠠᠨ᠎ᠠᠴᠠ ᠶᠤᠮ ᠤᠤ᠂ ᠪᠢ ᠭᠤᠷᠪᠠᠨ ᠠᠩᠭᠢ ᠵᠢᠨ ᠵᠠᠭᠤ ᠭᠠᠷᠤᠢ ᠰᠤᠷᠤᠭᠴᠢᠳ᠎ᠲᠤ ᠬᠢᠳᠠᠳ ᠬᠡᠯᠡᠨ᠎ᠤ ᠬᠢᠴᠢᠶᠡᠯ ᠵᠢᠭ᠋ᠠᠳᠠᠬ ᠪᠠᠶ᠋ᠢᠯ᠎ᠠ᠃ ᠠᠵᠢᠯ᠎ᠤᠨ ᠠ᠋ᠬᠦᠷᠭᠡ ᠨᠡᠯᠢᠶᠡᠳ ᠬᠦᠨᠳᠦ ᠪᠠᠶ᠋ᠢᠭᠰᠠᠨ ᠲᠤᠯᠠ ᠰᠤᠷᠭ᠋ᠠᠭᠤᠯᠢ᠎ᠠᠴᠠ ᠨᠠᠳᠠ᠎ᠳᠤ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠶᠡᠷᠦ ᠲᠤᠬᠢᠷᠠᠭᠤᠯᠤᠭᠰᠠᠨ ᠦᠭᠡᠢ᠃ ᠭᠡᠪᠡᠴᠦ ᠰᠤᠷᠭ᠋ᠠᠭᠤᠯᠢ ᠵᠢᠨ ᠠᠵᠢᠯ᠎ᠤᠨ ᠴᠢᠬᠤᠯᠠᠴᠢᠯᠠᠭ᠎ᠠ᠎ᠠᠴᠠ ᠪᠤᠯᠵᠦ᠂ 2008 ᠤᠨ᠎ᠤ ᠨᠠᠮᠤᠷ᠎ᠠᠴᠠ ᠠ᠋ᠬᠢᠯᠡᠵᠦ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠠ᠋ᠬᠦᠷᠭᠡᠯᠡᠭᠡᠳ ᠨᠢᠭᠡᠨᠳᠡ 12 ᠵᠢᠯ᠎ᠤᠨ ᠨᠢᠭᠤᠷ᠎ᠢ ᠦᠵᠡᠴᠢᠬᠡᠯ᠎ᠡ᠃ ᠦᠨᠦ ᠨᠢᠭᠡᠨᠳᠡ ᠬᠤᠶᠠᠷ ᠠ᠋ᠭᠡᠯᠵᠢ ᠵᠢᠨ ᠠᠩᠭᠢ ᠵᠢ ᠲᠡᠭᠦᠰᠭᠡᠭᠡᠳ᠂ ᠠᠩᠭᠢ ᠵᠢᠨ ᠠ᠋ᠷᠬᠢᠯᠡᠭᠴᠢ ᠵᠢᠨ ᠠᠵᠢᠯ᠎ᠳᠤ ᠤᠷᠬᠢᠯᠤᠮ᠎ᠠ ᠬᠠᠯᠠᠭᠤᠨ ᠬᠠᠶ᠋ᠢᠷ᠎ᠠ ᠰᠡᠳᠬᠢᠯᠭᠡ᠎ᠲᠠᠢ ᠪᠤᠯᠪᠠ᠃ ᠬᠦᠮᠦᠰ ᠬᠡᠷᠪᠡ ᠠᠷᠠᠳ᠎ᠤᠨ ᠪᠠᠭᠰᠢ ᠵᠢᠨ ᠠᠵᠢᠯ ᠦᠢ᠍ᠯᠡᠰ᠎ᠢ ᠲᠦᠢ᠍ᠯ᠎ᠤᠨ ᠦᠩᠭᠡ ᠭᠡᠷᠡᠯᠲᠡᠢ ᠭᠡᠳᠡᠭ ᠶᠤᠮ ᠪᠤᠯ ᠮᠢᠨᠤ ᠦᠵᠡᠬᠦ᠎ᠪᠠᠷ᠂ ᠠᠩᠭᠢ ᠵᠢᠨ ᠠ᠋ᠷᠬᠢᠯᠡᠭᠴᠢ ᠪᠤᠯᠬᠤ᠎ᠨᠢ ᠨᠡᠩ ᠦᠩᠭᠡ ᠭᠡᠷᠡᠯᠲᠡᠢ ᠮᠦᠷᠳᠡᠭᠡᠨ ᠵᠤᠯ ᠵᠢᠷᠭ᠋ᠠᠯ᠎ᠲᠠᠢ ᠶᠠᠪᠤᠳᠠᠯ ᠶᠤᠮ᠃ ᠬᠦᠮᠦᠰ ᠨᠠᠳᠠ᠎ᠠᠴᠠ᠄ 《ᠠᠩᠭᠢ ᠵᠢᠨ ᠠ᠋ᠷᠬᠢᠯᠡᠭᠴᠢ ᠵᠢᠨ ᠠᠵᠢᠯ᠎ᠤᠨ ᠠᠮᠵᠢᠯᠲᠠ ᠤᠯᠬᠤ ᠵᠢᠨ ᠤᠷᠢᠳᠠᠯ᠎ᠨᠢ ᠶᠠᠭᠤ ᠪᠤᠢ?》 ᠭᠡᠵᠦ ᠠᠰᠠᠭᠤᠪᠠᠯ᠎ᠨᠢ ᠪᠢ ᠲᠡᠬᠦᠨ᠎ᠳᠤ᠄ 《ᠬᠠᠶ᠋ᠢᠷ᠎ᠠ》 ᠭᠡᠵᠦ ᠪᠠᠳᠤᠲᠠᠢ ᠬᠠᠷᠢᠭᠤᠯᠵᠦ ᠦᠭᠬᠦᠨ᠎ᠡ᠃ ᠬᠡᠷᠪᠡ ᠠᠩᠭᠢ ᠵᠢᠨ ᠠ᠋ᠷᠬᠢᠯᠡᠭᠴᠢ ᠪᠤᠯᠤᠭᠰᠠᠳ ᠬᠠᠷᠢᠭᠤᠴᠠᠯᠭ᠋ᠠᠲᠦ ᠰᠡᠳᠬᠢᠯᠭᠡ᠎ᠪᠠᠷ ᠠᠩᠭᠢ᠎ᠪᠠᠨ ᠳᠤᠳᠤᠮᠳᠠᠵᠦ᠂ ᠴᠢᠩ ᠦᠨᠡᠨ ᠰᠡᠳᠬᠢᠯ᠎ᠠᠴᠠ᠎ᠪᠠᠨ ᠬᠡᠤᠬᠡᠳ ᠪᠤᠯᠭ᠋ᠠᠨ᠎ᠳᠤ ᠠ᠋ᠷᠭᠡ ᠲᠡᠭᠰᠢ ᠬᠠᠨᠳᠦᠨ᠂ ᠬᠢᠴᠢᠶᠡᠯ ᠲᠦᠷᠦᠯ᠎ᠤᠨ ᠪᠠᠭᠰᠢ ᠨᠠᠷ᠎ᠲᠠᠢ ᠰᠡᠳᠬᠢᠯ ᠨᠢᠭᠡᠳᠦᠨ᠂ ᠬᠡᠷ᠎ᠤᠨ ᠠᠬᠠᠮᠠᠳ ᠪᠤᠯᠭ᠋ᠠᠨ᠎ᠲᠠᠢ ᠠ᠋ᠶ᠎ᠡ ᠵᠤᠬᠢᠴᠠᠩᠭᠤᠢ ᠬᠠᠷᠢᠴᠠᠵᠦ᠂ ᠳᠡᠳᠡᠨ᠎ᠤ ᠢᠳᠡᠭᠡᠯ ᠨᠠᠶ᠋ᠢᠳᠠᠪᠤᠷᠢ ᠵᠢ ᠬᠦᠯᠢᠶᠡᠵᠦ ᠴᠢᠳᠠᠳᠠᠭ᠎ᠲᠤ ᠯᠡ ᠬᠦᠷᠪᠡᠯ ᠯᠠᠪᠳᠠᠢ ᠰᠢᠯᠢᠳᠡᠭ ᠰᠠᠶ᠋ᠢᠨ ᠠᠩᠭᠢ ᠨᠡᠶ᠋ᠢᠳᠡ ᠵᠢ ᠪᠠᠶ᠋ᠢᠭᠤᠯᠵᠦ ᠴᠢᠳᠠᠨ᠎ᠠ᠃ ᠳᠤᠤᠷ᠎ᠠ ᠪᠢ ᠪᠠᠭ᠎ᠠ ᠰᠤᠷᠭ᠋ᠠᠭᠤᠯᠢ ᠵᠢᠨ ᠠᠩᠭᠢ ᠵᠢᠨ ᠠ᠋ᠷᠬᠢᠯᠡᠭᠴᠢ ᠵᠢᠨ ᠠᠵᠢᠯ᠎ᠤᠨ ᠭᠤᠤᠯ ᠪᠤᠯᠬᠤ ᠬᠡᠳᠦᠨ ᠬᠡᠯᠬᠢᠶ᠎ᠡ ᠵᠢ ᠳᠤᠷᠠᠳᠴᠦ᠂ ᠦᠪᠡᠷ᠎ᠤᠨ ᠪᠤᠲᠠᠲᠦ ᠦᠩᠭᠡᠷᠡᠯᠲᠡ᠎ᠪᠠᠨ ᠳᠡᠯᠭᠡᠶ᠎ᠡ᠃
ᠨᠢᠭᠡ᠂ ᠠᠩᠭᠢ ᠵᠢᠨ ᠬᠠᠮᠢᠶᠠᠷᠤᠯᠲᠠ᠎ᠪᠠᠨ ᠴᠢᠩᠭ᠎ᠠ ᠨᠢᠮᠪᠠᠢ ᠪᠠᠶ᠋ᠢᠯᠭ᠋ᠠᠬᠤ ᠬᠡᠷᠡᠭᠳᠡᠢ᠃
ᠠᠷᠪᠠᠨ ᠬᠡᠳᠦᠨ ᠵᠢᠯ᠎ᠤᠨ ᠲᠤᠷᠰᠢᠬᠢ ᠠᠩᠭᠢ ᠵᠢᠨ ᠬᠠᠮᠢᠶᠠᠷᠤᠯᠲᠠ ᠵᠢᠨ ᠠᠵᠢᠯ ᠵᠶ᠋ᠠᠨ ᠠ᠋ᠷᠬᠢᠴᠡᠭᠦᠯᠪᠡᠯ᠂ ᠠᠩᠭᠢ᠎ᠪᠠᠨ ᠰᠠᠶ᠋ᠢᠳᠤᠷ ᠬᠠᠮᠢᠶᠠᠷᠤᠶ᠎ᠠ ᠬᠡᠪᠡᠯ ᠶᠡᠭᠡ ᠤᠶᠤᠨ ᠤᠬᠠᠭ᠋ᠠᠨ ᠬᠡᠷᠡᠭᠰᠡᠬᠦ ᠦᠭᠡᠢ᠂ ᠵᠦᠪᠬᠡᠨ ᠨᠢᠭᠡ ᠯᠡ ᠵᠤᠷᠪᠤᠰ᠎ᠢ ᠴᠡᠭᠡᠵᠢᠯᠡᠪᠡᠯ ᠪᠤᠯᠴᠢᠬᠠᠨ᠎ᠠ᠂ ᠲᠡᠷᠡ᠎ᠨᠢ ᠳᠠᠷᠤᠢ 《ᠪᠠᠷᠢᠮᠳᠠᠯᠠᠭ᠍ᠤ》 ᠶᠠᠪᠤᠳᠠᠯ ᠪᠤᠯᠤᠨ᠎ᠠ᠃ ᠠᠩᠭᠢ ᠵᠢᠨ ᠠ᠋ᠷᠬᠢᠯᠡᠭᠴᠢ ᠪᠠᠶ᠋ᠢᠭᠰᠠᠨ ᠪᠠᠭᠰᠢ ᠨᠠᠷ ᠪᠤᠯ ᠠᠩᠭᠢ ᠵᠢᠨ ᠠᠵᠢᠯ᠎ᠢ ᠰᠢᠢ᠍ᠳᠪᠤᠷᠢᠯᠡᠭᠡᠳ ᠪᠠᠷᠠᠰᠢ ᠦᠭᠡᠢ ᠤᠯᠠᠨ ᠠᠰᠠᠭᠤᠳᠠᠯ ᠤᠷᠤᠰᠢᠳᠠᠭ ᠬᠡᠰᠡᠨ᠎ᠢ ᠪᠡᠶᠡᠴᠢᠯᠡᠨ ᠤᠶ᠋ᠢᠯᠠᠭ᠋ᠠᠨᠠ᠃ ᠤᠴᠢᠷ᠎ᠨᠢ ᠮᠠᠨ᠎ᠤ ᠠᠵᠢᠯ ᠪᠤᠯ ᠨᠢᠭᠡ ᠠᠩᠭᠢ ᠵᠢᠨ ᠬᠡᠤᠬᠡᠳ᠎ᠢ ᠰᠠᠶ᠋ᠢᠳᠤᠷ ᠳᠠᠭ᠋ᠠᠭᠤᠯᠵᠦ᠂ ᠰᠠᠶ᠋ᠢᠳᠤᠷ ᠬᠦᠮᠦᠵᠢᠬᠦᠯᠬᠦ ᠶᠠᠪᠤᠳᠠᠯ ᠪᠤᠯᠤᠨ᠎ᠠ᠃ ᠠ᠋ᠬᠦᠨ᠎ᠳᠤ ᠰᠤᠷᠤᠭᠴᠢ ᠵᠢᠨ ᠵᠦᠪ ᠰᠠᠶ᠋ᠢᠨ ᠳᠠᠳᠬᠠᠯ᠎ᠢ ᠬᠦᠮᠦᠵᠢᠬᠦᠯᠴᠢᠭᠡᠪᠡᠯ ᠠᠩᠭᠢ ᠵᠢᠨ ᠬᠠᠮᠢᠶᠠᠷᠤᠯᠲᠠ ᠠᠶᠠᠨᠳᠠᠭ᠋ᠠᠨ ᠰᠢᠯᠢᠳᠡᠭᠵᠢᠨ᠎ᠡ᠃
1. ᠰᠠᠶ᠋ᠢᠨ ᠰᠠᠶ᠋ᠢᠬᠠᠨ ᠳᠠᠳᠬᠠᠯ᠎ᠢ ᠬᠦᠮᠦᠵᠢᠬᠦᠯᠬᠦ
ᠨᠢᠭᠡᠳᠦᠭᠡᠷ ᠤᠨ᠎ᠠᠴᠠ᠎ᠨᠢ ᠠ᠋ᠬᠢᠯᠡᠨ ᠰᠤᠷᠤᠭᠴᠢᠳ᠎ᠤᠨ ᠵᠶ᠋ᠠᠨ ᠰᠠᠶ᠋ᠢᠨ ᠰᠠᠶ᠋ᠢᠬᠠᠨ ᠠᠮᠢᠳᠤᠷᠠᠵᠦ ᠰᠤᠷᠤᠯᠴᠠᠭ᠍ᠤ ᠳᠠᠳᠬᠠᠯ᠎ᠢ ᠬᠦᠮᠦᠵᠢᠬᠦᠯᠬᠦ ᠬᠡᠷᠡᠭᠳᠡᠢ᠃ ᠠ᠋ᠬᠦᠨ᠎ᠳᠤ ᠰᠠᠶ᠋ᠢᠨ ᠰᠠᠶ᠋ᠢᠬᠠᠨ ᠦᠢ᠍ᠯᠡ ᠠᠵᠢᠯᠯᠠᠭ᠋ᠠᠨ᠎ᠤ ᠳᠠᠳᠬᠠᠯ᠎ᠢ ᠬᠦᠮᠦᠵᠢᠬᠦᠯᠬᠦ᠎ᠨᠢ ᠨᠡᠩ ᠴᠢᠬᠤᠯᠠ ᠪᠠᠶ᠋ᠢᠳᠠᠭ᠃ ᠰᠤᠷᠤᠭᠴᠢᠳ᠎ᠤᠨ ᠵᠶ᠋ᠠᠨ ᠰᠠᠨᠳᠠᠯᠢ᠎ᠳᠤ ᠳᠡᠭᠰᠢ ᠰᠠᠭᠤᠬᠤ᠂ ᠪᠢᠷ ᠵᠶ᠋ᠠᠨ ᠵᠦᠪ ᠪᠠᠷᠢᠬᠤ᠂ ᠬᠢᠴᠢᠶᠡᠯ ᠵᠶ᠋ᠠᠨ ᠠᠩᠬᠠᠷᠤᠯ᠎ᠲᠠᠢ ᠰᠤᠨᠤᠰᠬᠤ᠂ ᠪᠠᠭᠰᠢ᠎ᠠᠴᠠ ᠦᠭᠡ ᠠᠰᠠᠭᠤᠬᠤ᠂ ᠨᠠᠶ᠋ᠢᠵᠢ ᠨᠠᠷ᠎ᠲᠠᠢ᠎ᠪᠠᠨ ᠡᠪᠳᠡᠢ ᠬᠠᠷᠢᠯᠴᠠᠭ᠍ᠤ᠂ ᠠᠩᠭᠢ ᠵᠢᠨ ᠵᠢᠵᠢᠬᠦᠷ ᠵᠶ᠋ᠠᠨ ᠰᠠᠶ᠋ᠢᠳᠦᠷ ᠬᠢᠬᠦ ᠁ ᠵᠡᠷᠭᠡ ᠦᠭᠡ ᠶᠠᠷᠢᠶ᠎ᠠ᠂ ᠬᠦᠳᠡᠯᠦᠯ ᠪᠠᠷᠢᠯ᠎ᠢ᠎ᠨᠢ ᠴᠦᠮ ᠬᠦᠯᠢᠴᠡᠨᠭᠬᠦᠢ ᠵᠢᠭ᠋ᠠᠵᠦ ᠪᠠᠶ᠋ᠢᠭ᠋ᠠᠳ ᠲᠦᠷᠢᠮᠵᠢᠬᠦᠯᠬᠦ ᠬᠡᠷᠡᠭᠳᠡᠢ᠃ ᠠ᠋ᠳᠦᠷ ᠪᠤᠯᠭ᠋ᠠᠨ ᠮᠦᠷᠳᠡᠨ ᠪᠠᠶ᠋ᠢᠴᠠᠭ᠋ᠠᠵᠦ᠂ ᠳᠠᠰᠬᠠᠬᠤ ᠵᠢ ᠪᠠᠷᠢᠮᠳᠠᠯᠠᠭ᠍ᠤ ᠬᠡᠷᠡᠭᠳᠡᠢ᠃ ᠬᠠᠷᠢᠨ ᠬᠠᠶᠠ ᠨᠢᠭᠡ ᠴᠢᠩᠭ᠋ᠠᠷᠠᠭ᠋ᠠᠳ᠂ ᠬᠠᠶᠠ ᠨᠢᠭᠡ ᠰᠤᠯᠠᠷᠠᠵᠦ ᠤᠭᠲᠦ ᠪᠤᠯᠬᠤ ᠦᠭᠡᠢ᠃ ᠬᠡᠷᠪᠡ ᠠᠩᠭᠢ᠎ᠳᠤ᠎ᠪᠠᠨ ᠶᠠᠮᠠᠷ ᠨᠢᠭᠡᠨ ᠲᠤᠭᠳᠠᠭ᠋ᠠᠯ ᠭᠠᠷᠭ᠋ᠠᠬᠤ ᠪᠤᠶᠤ ᠱᠠᠭ᠋ᠠᠷᠳᠠᠯᠭ᠎ᠠ ᠲᠤᠷᠠᠳᠤᠭᠰᠠᠨ ᠪᠤᠯ ᠵᠠᠪᠠᠯ ᠡᠴᠦᠰ᠎ᠲᠤᠨᠢ ᠲᠤᠯᠳᠠᠯ᠎ᠠ ᠪᠠᠷᠢᠮᠳᠠᠯᠠᠭ᠍ᠤ ᠬᠡᠷᠡᠭᠳᠡᠢ᠃ 《ᠨᠢᠭᠡ ᠰᠠᠶ᠋ᠢᠨ ᠳᠠᠳᠬᠠᠯ᠎ᠢ ᠪᠦᠷᠢᠳᠦᠬᠦᠯᠬᠦ᠎ᠳᠤ 21 ᠠ᠋ᠳᠦᠷ ᠪᠠᠷᠢᠮᠳᠠᠯᠠᠨ᠎ᠠ》 ᠭᠡᠳᠡᠭ ᠵᠶ᠋ᠠᠷ ᠢᠩᠬᠢᠵᠦ ᠤᠷᠳᠦ ᠬᠤᠭᠤᠴᠠᠭ᠎ᠠ᠎ᠪᠠᠷ ᠴᠦᠬᠦᠷᠡᠰᠢ ᠦᠭᠡᠢ ᠪᠠᠷᠢᠮᠳᠠᠯᠠᠪᠠᠯ ᠰᠠᠶᠢ ᠳᠡᠳᠡᠨ᠎ᠢ ᠬᠠᠪᠰᠤᠷᠴᠦ ᠰᠠᠶ᠋ᠢᠨ ᠰᠠᠶ᠋ᠢᠬᠠᠨ ᠵᠠᠩ ᠳᠠᠳᠬᠠᠯ᠎ᠲᠠᠢ ᠪᠤᠯᠭ᠋ᠠᠵᠦ ᠴᠢᠳᠠᠨ᠎ᠠ᠃ ᠠ᠋ᠶ᠋ᠢᠮᠦ᠎ᠠᠴᠠ ᠠᠩᠭᠢ ᠵᠢᠨ ᠠ᠋ᠷᠬᠢᠯᠡᠭᠴᠢ ᠵᠢᠨ ᠬᠠᠮᠢᠶᠠᠷᠤᠯᠲᠠ ᠵᠢ ᠨᠢᠭᠡ ᠯᠡ ᠦᠭᠡ᠎ᠪᠠᠷ ᠬᠤᠷᠢᠶᠠᠩᠭᠤᠶ᠋ᠢᠯᠠᠪᠠᠯ 《ᠪᠠᠷᠢᠮᠳᠠᠯᠠᠭ᠍ᠤ》᠃ ᠪᠤᠲᠠᠲᠠᠢ ᠳᠤᠷᠠᠳᠪᠠᠯ᠂ ᠪᠢ ᠠᠩᠭᠢ ᠵᠢᠨ ᠰᠤᠷᠤᠭᠴᠢ᠎ᠪᠠᠨ ᠭᠤᠳᠤᠮᠵᠢᠨ᠎ᠳᠤ ᠠᠯᠬᠤᠬᠤ᠎ᠳᠤ᠎ᠪᠠᠨ ᠪᠠᠷᠠᠭᠤᠨ ᠮᠦᠷ ᠵᠶ᠋ᠠᠨ ᠳᠠᠭ᠋ᠠᠵᠦ ᠠᠯᠬᠤᠨ᠎ᠠ᠂ ᠱᠠᠳᠤ᠎ᠪᠠᠷ ᠭᠠᠷᠴᠦ ᠪᠠᠭᠤᠬᠤ᠎ᠳᠤ᠎ᠪᠠᠨ ᠬᠦᠩᠭᠡᠨ ᠬᠦᠩᠭᠡᠨ ᠠᠯᠬᠤᠨ᠎ᠠ᠂ ᠠ᠋ᠳᠦᠷ ᠪᠤᠯᠭ᠋ᠠᠨ ᠤᠯᠠᠭ᠋ᠠᠨ ᠪᠦᠴᠡ᠎ᠪᠠᠨ ᠠ᠋ᠷᠬᠡᠪᠰᠢ ᠵᠡᠬᠦᠨ᠎ᠡ ᠭᠡᠵᠦ ᠬᠠᠯᠠᠰᠢᠷᠠᠯ ᠦᠭᠡᠢ᠎ᠪᠠᠷ ᠶᠠᠷᠢᠵᠦ ᠰᠤᠷᠭ᠋ᠠᠭᠰᠠᠭ᠋ᠠᠷ ᠪᠠᠶ᠋ᠢᠵᠦ ᠳᠠᠳᠬᠠᠯᠵᠢᠭᠤᠯᠪᠠ᠃ ᠶᠤᠰᠤᠲᠠᠢ ᠯᠡ 《ᠤᠷᠤᠯᠳᠤᠭᠰᠠᠭ᠋ᠠᠷ ᠤᠷᠤᠯᠳᠤᠭᠰᠠᠭ᠋ᠠᠷ ᠳᠠᠷᠬᠠᠨ ᠪᠤᠯᠤᠨ᠎ᠠ᠂ ᠤᠶᠤᠭᠰᠠᠭ᠋ᠠᠷ ᠤᠶᠤᠭᠰᠠᠭ᠋ᠠᠷ ᠤᠷᠠᠨ ᠪᠤᠯᠤᠨ᠎ᠠ》 ᠬᠡᠬᠦᠴᠢᠯᠡᠨ 《ᠪᠠᠷᠢᠮᠳᠠᠯᠠᠭᠰᠠᠭ᠋ᠠᠷ ᠪᠠᠷᠢᠮᠳᠠᠯᠠᠭᠰᠠᠭ᠋ᠠᠷ ᠳᠠᠳᠬᠠᠯ᠎ᠲᠠᠢ ᠪᠤᠯᠭ᠋ᠠᠨ᠎ᠠ》 ᠭᠡᠳᠡᠭ᠎ᠢ ᠠᠵᠢᠯ᠎ᠤᠨ ᠳᠤᠮᠳᠠ᠎ᠪᠠᠨ᠎ᠠᠴᠠ ᠤᠶ᠋ᠢᠯᠠᠭ᠋ᠠᠵᠠᠢ᠃
2. ᠪᠡᠶ᠎ᠡ᠎ᠪᠠᠨ ᠪᠠᠷᠢᠬᠤ ᠴᠢᠳᠠᠪᠤᠷᠢ ᠵᠢ ᠬᠦᠮᠦᠵᠢᠬᠦᠯᠬᠦ
ᠭᠠᠷᠠᠭ ᠪᠦᠷᠢ ᠵᠢᠨ ᠠᠩᠭᠢ ᠵᠢᠨ ᠬᠤᠷᠠᠯ᠎ᠢ ᠰᠠᠶ᠋ᠢᠳᠤᠷ ᠠᠰᠢᠭᠯᠠᠵᠦ᠂ ᠰᠤᠷᠤᠭᠴᠢᠳ᠎ᠢ ᠦᠪᠡᠷ ᠵᠶ᠋ᠠᠷ᠎ᠨᠢ ᠠᠰᠠᠭᠤᠳᠠᠯ᠎ᠢ᠎ᠨᠢ ᠢᠯᠡᠷᠡᠬᠦᠯᠦᠨ᠂ ᠦᠪᠡᠷ ᠵᠶ᠋ᠠᠷ᠎ᠨᠢ ᠠᠰᠠᠭᠤᠳᠠᠯ᠎ᠢ᠎ᠨᠢ ᠰᠢᠢ᠍ᠳᠪᠤᠷᠢᠯᠡᠬᠦ ᠠᠷᠭ᠎ᠠ ᠵᠢ ᠠ᠋ᠷᠢᠬᠦᠯᠳᠡᠭ᠃ ᠨᠢᠭᠡ ᠬᠤᠭᠤᠴᠠᠭ᠎ᠠ ᠪᠢ ᠭᠠᠷᠠᠭ ᠪᠦᠷᠢ ᠠᠩᠭᠢ ᠵᠢᠨ ᠳᠠᠷᠤᠭ᠎ᠠ᠎ᠪᠠᠨ ᠰᠤᠯᠢᠵᠦ᠂ ᠰᠤᠷᠤᠭᠴᠢ ᠪᠤᠯᠭ᠋ᠠᠨ᠎ᠳᠤ ᠠᠩᠭᠢ ᠵᠢᠨ ᠳᠠᠷᠤᠭ᠎ᠠ ᠪᠤᠯᠵᠦ ᠠᠩᠭᠢ᠎ᠪᠠᠨ ᠬᠠᠮᠢᠶᠠᠷᠬᠤ ᠵᠠᠪᠰᠢᠶᠠᠨ᠎ᠢ ᠤᠯᠭᠤᠬᠤ᠎ᠪᠠᠷ ᠳᠠᠮᠵᠢᠨ᠂ ᠳᠡᠳᠡᠨ᠎ᠳᠤ ᠠᠩᠭᠢ ᠵᠢᠨ ᠠᠵᠢᠯ᠎ᠤᠨ ᠬᠦᠴᠢᠷᠳᠡᠯ᠎ᠢ ᠮᠡᠳᠡᠷᠡᠬᠦᠯᠵᠦ᠂ ᠠᠩᠭᠢ ᠵᠢᠨ ᠠᠵᠢᠯ᠎ᠢ ᠳᠡᠮᠵᠢᠬᠦ ᠪᠠ ᠤᠶ᠋ᠢᠯᠠᠭ᠋ᠠᠳᠠᠭ ᠵᠦᠪ ᠰᠠᠶ᠋ᠢᠬᠠᠨ ᠪᠡᠶ᠎ᠡ᠎ᠪᠠᠨ ᠪᠠᠷᠢᠬᠤ ᠴᠢᠳᠠᠪᠤᠷᠢ᠎ᠲᠠᠢ ᠪᠤᠯᠭ᠋ᠠᠭᠰᠠᠨ ᠶᠤᠮ᠃ ᠪᠠᠰᠠ ᠳᠤᠷᠠᠳᠪᠠᠯ᠂ ᠪᠢ ᠰᠤᠷᠤᠯᠭ᠎ᠠ ᠵᠢᠨ ᠬᠤᠭᠤᠴᠠᠭ᠎ᠠ ᠠ᠋ᠬᠢᠯᠡᠬᠦ ᠪᠦᠷᠢ ᠰᠤᠷᠤᠭᠴᠢᠳ᠎ᠲᠠᠢ᠎ᠪᠠᠨ ᠶᠠᠷᠢᠯᠴᠠᠵᠦ ᠪᠠᠶ᠋ᠢᠭ᠋ᠠᠳ ᠲᠤᠰ ᠬᠤᠭᠤᠴᠠᠭ᠋ᠠᠨ᠎ᠤ ᠠᠩᠭᠢ ᠨᠢᠭᠡᠴᠢ ᠵᠢᠨ ᠵᠶ᠋ᠠᠨ ᠬᠠᠮᠳᠦ ᠵᠢᠨ ᠬᠠᠷᠠᠯᠲᠠ᠎ᠪᠠᠨ ᠲᠤᠭᠳᠠᠭ᠋ᠠᠳᠠᠭ᠃ ᠨᠢᠭᠡ ᠤᠳᠠᠭ᠎ᠠ ᠮᠠᠨ᠎ᠤ ᠠᠩᠭᠢ ᠵᠢᠨ ᠬᠠᠮᠳᠦ ᠵᠢᠨ ᠬᠠᠷᠠᠯᠲᠠ᠎ᠪᠠᠨ ᠲᠤᠰ ᠬᠤᠭᠤᠴᠠᠭ᠋ᠠᠨ᠎ᠤ 《ᠰᠤᠷᠭ᠋ᠠᠭᠤᠯᠢ ᠵᠢᠨ ᠳᠠᠷᠤᠭ᠎ᠠ ᠬᠤᠨᠳᠠᠭ᠋ᠠᠲᠦ ᠬᠦᠯ ᠪᠦᠮᠪᠦᠭᠡ ᠵᠢᠨ ᠤᠷᠤᠯᠳᠤᠭ᠋ᠠᠨ》᠎ᠳᠤ ᠨᠢᠭᠡᠳᠦᠭᠡᠷ ᠲᠠᠰ᠎ᠲᠤ ᠤᠷᠤᠬᠤ᠎ᠪᠠᠷ ᠴᠢᠷᠮᠠᠶ᠋ᠢᠨ᠎ᠠ ᠬᠡᠵᠦ ᠲᠤᠭᠳᠠᠪᠠ᠃ ᠲᠤᠰ ᠬᠠᠷᠠᠯᠲᠠ᠎ᠪᠠᠨ ᠪᠡᠶᠡᠯᠡᠬᠦᠯᠬᠦ ᠵᠢᠨ ᠲᠦᠯᠦᠭᠡ ᠬᠠᠮᠳᠦ᠎ᠪᠠᠷ ᠴᠢᠷᠮᠠᠶ᠋ᠢᠭᠰᠠᠨᠤ ᠳ᠋ᠦᠩ᠎ᠳᠤ᠂ ᠦᠨᠡᠬᠡᠷ 2018 ᠤᠨ᠎ᠳᠤ ᠰᠤᠷᠭ᠋ᠠᠭᠤᠯᠢ ᠵᠢᠨ ᠵᠶ᠋ᠠᠨ 《ᠬᠦᠯ ᠪᠦᠮᠪᠦᠭᠡ ᠵᠢᠨ ᠤᠷᠤᠯᠳᠤᠭ᠋ᠠᠨ》᠎ᠳᠤ ᠠ᠋ᠷᠡᠭᠳᠡᠢ ᠠ᠋ᠮᠡᠭᠳᠡᠢ ᠵᠢᠨ ᠳᠤᠭᠤᠶ᠋ᠢᠯᠠᠩ ᠴᠦᠮ ᠲᠦᠷᠦᠭᠦᠯᠡᠵᠦ᠂ 《ᠬᠤᠤᠰ ᠲᠦᠷᠦᠬᠦᠦ》 ᠵᠢᠨ ᠬᠤᠨᠳᠠᠭ᠎ᠠ ᠵᠢ ᠭᠠᠷᠳᠠᠵᠦ᠂ ᠬᠦᠯ ᠭᠠᠵᠠᠷ ᠲᠤᠯᠬᠤ ᠦᠭᠡᠢ ᠪᠤᠯᠳᠠᠯ᠎ᠠ ᠪᠠᠶᠠᠷᠯᠠᠨ ᠵᠤᠷᠢᠬ᠍ᠵᠢᠭᠰᠠᠨ ᠪᠢᠯᠡ᠃ ᠪᠠᠰᠠ ᠨᠢᠭᠡ ᠬᠤᠭᠤᠴᠠᠭ᠎ᠠ ᠠ᠋ᠬᠢᠯᠡᠬᠦ᠎ᠳᠤ ᠪᠢᠳᠡ ᠪᠦᠬᠦᠳᠡᠭᠡᠷ ᠵᠶ᠋ᠠᠨ ᠳᠠᠭᠤᠨ ᠬᠤᠭᠤᠯᠠᠢ ᠨᠢᠭᠡᠳᠡᠢ᠎ᠪᠠᠷ 《ᠲᠤᠰ ᠬᠤᠭᠤᠴᠠᠭ᠋ᠠᠨ᠎ᠳᠤ ᠭᠠᠷᠠᠭ ᠪᠦᠷᠢ 〈ᠰᠢᠯᠵᠢᠮᠡᠯ ᠤᠯᠠᠭ᠋ᠠᠨ ᠲᠤᠭ〉᠎ᠢ ᠠᠯᠳᠠᠯ ᠦᠭᠡᠢ ᠤᠯᠬᠤ᠎ᠪᠠᠷ ᠴᠢᠷᠮᠠᠶ᠋ᠢᠨ᠎ᠠ》 ᠭᠡᠵᠦ ᠶᠠᠷᠢᠯᠴᠠᠨ ᠲᠤᠭᠳᠠᠪᠠ᠃ ᠶᠠᠷᠢᠯᠴᠠᠭ᠋ᠠᠨ᠎ᠤ ᠳᠤᠮᠳᠠ ᠬᠦᠮᠦᠨ ᠪᠦᠬᠦᠨ ᠶᠠᠭ᠋ᠠᠬᠢᠵᠦ ᠴᠢᠷᠮᠠᠶ᠋ᠢᠬᠤ ᠲᠤᠬᠠᠢ ᠵᠤᠷᠢᠭ ᠵᠶ᠋ᠠᠨ ᠢᠯᠡᠳᠬᠡᠵᠡᠭᠡᠪᠡ᠃ ᠢᠩᠬᠢᠭᠰᠡᠨ᠎ᠠᠴᠠ ᠠᠩᠭᠢ᠎ᠳᠤ᠎ᠪᠠᠨ ᠦᠢ᠍ᠮᠡᠯᠳᠦᠬᠦ ᠦᠵᠡᠭᠳᠡᠯ ᠴᠦᠬᠡᠷᠡᠵᠦ᠂ ᠠᠩᠭᠢ ᠵᠢᠨ ᠠᠷᠢᠭᠤᠨ ᠴᠡᠪᠡᠷ ᠴᠦ᠍ ᠮᠡᠳᠡᠭᠳᠡᠮ᠎ᠡ ᠰᠠᠶ᠋ᠢᠵᠢᠷᠠᠭᠰᠠᠨ ᠪᠢᠯᠡ᠃ ᠰᠤᠷᠤᠭᠴᠢ ᠪᠦᠷᠢ ᠵᠢᠨ ᠤᠬᠠᠮᠰᠠᠷ᠎ᠠᠴᠠ᠎ᠪᠠᠨ ᠪᠡᠶ᠎ᠡ᠎ᠪᠠᠨ ᠪᠠᠷᠢᠬᠤ ᠳᠠᠳᠬᠠᠯ᠎ᠢ ᠢᠩᠬᠢᠵᠦ ᠬᠦᠮᠦᠵᠢᠬᠦᠯᠵᠠᠢ᠃ ᠠ᠋ᠬᠦᠨ᠎ᠤ ᠤᠯᠠᠮ᠎ᠳᠤ ᠮᠠᠨ᠎ᠤ ᠠᠩᠭᠢ ᠵᠢᠨ ᠬᠠᠮᠳᠦ ᠨᠡᠶ᠋ᠢᠳᠡᠴᠢ ᠢᠷᠠᠭᠤ ᠠᠯᠳᠠᠷᠲᠦ ᠰᠡᠳᠬᠢᠯᠭᠡ ᠮᠠᠰᠢ ᠴᠢᠩᠭ᠎ᠠ ᠪᠤᠯᠤᠭᠰᠠᠨ ᠮᠦᠷᠳᠡᠭᠡᠨ ᠰᠤᠷᠤᠭᠴᠢ ᠨᠢᠭᠡᠪᠦᠷᠢ ᠴᠦᠮ ᠠᠩᠭᠢ ᠵᠢᠨ ᠵᠶ᠋ᠠᠨ ᠲᠦᠯᠦᠭᠡ ᠪᠤᠳᠤᠵᠦ᠂ ᠠ᠋ᠳᠦᠷ ᠪᠤᠯᠭ᠋ᠠᠨ᠎ᠤ ᠠᠵᠢᠯᠯᠠᠭ᠋ᠠᠨ᠎ᠳᠤ ᠬᠠᠮᠤᠭ᠎ᠤᠨ ᠰᠠᠶ᠋ᠢᠨ ᠪᠡᠶᠡᠯᠡᠬᠦᠯᠬᠦ᠎ᠪᠠᠷ ᠴᠢᠷᠮᠠᠶ᠋ᠢᠳᠠᠭ ᠪᠤᠯᠵᠠᠭ᠋ᠠᠭᠰᠠᠨ ᠶᠤᠮ᠃ ᠤᠯᠠᠨ᠎ᠤ ᠴᠢᠷᠮᠠᠶ᠋ᠢᠯᠭ᠎ᠠ᠎ᠪᠠᠷ ᠵᠢᠷᠭᠤᠭ᠋ᠠᠨ ᠵᠢᠯ᠎ᠤᠨ ᠲᠤᠷᠰᠢ᠂ ᠰᠤᠷᠤᠯᠭ᠎ᠠ ᠵᠢᠨ ᠬᠤᠭᠤᠴᠠᠭ᠎ᠠ ᠪᠦᠷᠢ᠎ᠳᠤ ᠴᠦᠮ ᠰᠤᠷᠭ᠋ᠠᠭᠤᠯᠢ ᠵᠢᠨ ᠤᠯᠠᠭ᠋ᠠᠨ ᠲᠤᠭᠴᠢ ᠲᠡᠷᠢᠬᠦᠨ᠎ᠤ ᠠᠩᠭᠢ ᠨᠢᠭᠡᠴᠡ ᠪᠤᠯᠵᠦ᠂ ᠵᠢᠯ ᠪᠦᠷᠢ ᠰᠢᠯᠢᠳᠡᠭ ᠠᠩᠭᠢ ᠨᠡᠶ᠋ᠢᠳᠡ᠎ᠪᠠᠷ ᠦᠨᠡᠯᠡᠭᠳᠡᠭᠰᠡᠭᠡᠷ ᠢᠷᠡᠵᠡᠢ᠃ 《ᠤᠯᠠᠨ᠎ᠤ ᠬᠦᠴᠦᠨ᠎ᠳᠤ ᠤᠪᠤᠭ᠎ᠠ ᠪᠤᠰᠤᠨ᠎ᠠ》 ᠭᠡᠳᠡᠭ ᠵᠶ᠋ᠠᠷ ᠠᠩᠭᠢ ᠮᠠᠨᠢ ᠰᠢᠯᠢᠳᠡᠭ ᠰᠠᠶ᠋ᠢᠨ ᠠᠮᠵᠢᠯᠲᠠ ᠤᠯᠵᠦ ᠶᠠᠪᠤᠭ᠎ᠠ ᠵᠢᠨ ᠦᠨᠳᠦᠰᠦ᠎ᠨᠢ ᠮᠢᠨᠤ ᠬᠡᠤᠬᠡᠳ᠎ᠤᠳ ᠮᠢᠨᠤ ᠠᠵᠢᠯ᠎ᠢ 《ᠤᠷᠤᠯᠠᠭᠰᠠᠨ》ᠤᠬᠢ ᠶᠤᠮ᠃
ᠬᠤᠶᠠᠷ᠂ ᠰᠤᠷᠤᠭᠴᠢ ᠵᠢᠨ 《ᠰᠡᠳᠬᠢᠯ᠎ᠢ ᠮᠡᠳᠡᠭᠴᠢ》 ᠪᠤᠯᠬᠤ ᠬᠡᠷᠡᠭᠳᠡᠢ᠃
2008 ᠤᠨ᠎ᠤ 9 ᠰᠠᠷ᠎ᠠ᠎ᠳᠤ ᠲᠤᠰᠤᠭᠰᠠᠨ ᠠᠩᠭᠢ ᠪᠤᠯ ᠮᠢᠨᠤ ᠠᠩᠬᠠᠨ᠎ᠤ ᠠᠩᠭᠢ ᠪᠠᠢ᠍ᠢ᠍ᠭᠰᠠᠨ ᠶᠤᠮ᠃ ᠠ᠋ᠨᠡ ᠠᠩᠭᠢ᠎ᠳᠤ 35 ᠰᠤᠷᠤᠭᠴᠢ᠎ᠲᠠᠢ᠂ 21 ᠠ᠋ᠷᠡᠭᠳᠡᠢ ᠰᠤᠷᠤᠭᠴᠢ᠂ 14 ᠠ᠋ᠮᠡᠭᠳᠡᠢ ᠰᠤᠷᠤᠭᠴᠢ᠎ᠲᠠᠢ ᠪᠠᠶ᠋ᠢᠪᠠ᠃ ᠠ᠋ᠷᠡᠭᠳᠡᠢ ᠰᠤᠷᠤᠭᠴᠢ ᠵᠢᠨ ᠲᠤᠭ᠎ᠠ ᠤᠯᠠᠨ ᠪᠠᠶ᠋ᠢᠭᠰᠠᠨ ᠪᠤᠯᠬᠤᠷ ᠲᠦᠢ᠍ᠳᠭᠡᠷ᠎ᠨᠢ ᠴᠦ᠍ ᠤᠯᠠᠨ ᠪᠠᠶ᠋ᠢᠵᠠᠢ᠃ ᠳᠡᠯᠡᠬᠡᠢ ᠳᠡᠭᠡᠷᠡᠬᠢ ᠳᠤᠷ᠎ᠠ ᠵᠢᠨ ᠨᠢᠭᠡ ᠠ᠋ᠬᠡ ᠬᠦᠮᠦᠨ ᠦᠪᠡᠷ᠎ᠤᠨ ᠬᠡᠤᠬᠡᠳ ᠵᠶ᠋ᠠᠨ ᠪᠦᠷ ᠬᠠᠮᠤᠭ᠎ᠤᠨ ᠰᠠᠶ᠋ᠢᠬᠠᠨ ᠬᠡᠵᠦ ᠪᠤᠳᠤᠳᠠᠭ᠎ᠲᠠᠢ ᠠ᠋ᠬᠡᠬᠡ ᠠᠳᠠᠯᠢ᠎ᠪᠠᠷ ᠮᠢᠨᠤ ᠨᠢᠳᠦᠨ᠎ᠳᠤ ᠠᠩᠬᠢ ᠵᠢᠨ ᠮᠢᠨᠢ ᠬᠡᠤᠬᠡᠳ ᠨᠢᠭᠡᠪᠦᠷᠢ ᠴᠦᠮ ᠲᠡᠶ᠋ᠢᠮᠦ ᠴᠦ᠍ ᠬᠦᠭᠡᠷᠦᠬᠦᠨ᠂ ᠲᠡᠶ᠋ᠢᠮᠦ ᠴᠦ᠍ ᠰᠡᠷᠬᠦᠯᠡᠩ᠂ ᠲᠡᠶ᠋ᠢᠮᠦ ᠴᠦ᠍ ᠪᠠᠭ᠍ᠠᠷᠬᠠᠯ᠎ᠢ ᠳᠠᠳᠠᠮᠠᠷ ᠬᠠᠷᠠᠭᠳᠠᠨ᠎ᠠ᠃ ᠮᠢᠨᠤ ᠰᠤᠷᠤᠭᠴᠢᠳ᠎ᠢ ᠮᠠᠭᠤᠰᠢᠶᠠᠭ᠍ᠤ ᠬᠦᠮᠦᠨ ᠭᠠᠷᠬᠤ ᠦᠶ᠎ᠡ᠎ᠳᠤ ᠪᠢ ᠲᠤᠩ ᠴᠦ᠍ ᠲᠠᠭ᠎ᠠ ᠦᠭᠡᠢ ᠪᠤᠯᠳᠠᠭ᠃ ᠤᠴᠢᠷ᠎ᠨᠢ ᠪᠢ ᠨᠢᠭᠡᠨᠳᠡ ᠳᠡᠳᠡᠨ᠎ᠢ ᠦᠪᠡᠷ᠎ᠤᠨ ᠬᠡᠤᠬᠡᠳ᠎ᠲᠠᠢ᠎ᠪᠠᠨ ᠠᠳᠠᠯᠢᠬᠠᠨ ᠪᠤᠳᠤᠴᠢᠬᠠᠭᠰᠠᠨᠠᠴᠠ ᠪᠤᠯᠤᠭᠰᠠᠨ ᠪᠠᠶ᠋ᠢᠬ᠎ᠠ᠃ 《ᠠᠪᠤ ᠵᠢᠨ ᠬᠡᠤᠬᠡᠳ ᠠᠳᠠᠯᠢ ᠦᠭᠡᠢ᠂ ᠠᠷᠪᠠᠨ ᠬᠤᠷᠤᠭᠤ ᠳᠡᠭᠰᠢ ᠦᠭᠡᠢ》 ᠭᠡᠳᠡᠭ ᠵᠶ᠋ᠠᠷ ᠬᠡᠤᠬᠡᠳ ᠪᠤᠯᠭ᠋ᠠᠨ ᠰᠡᠴᠡᠨ ᠰᠡᠷᠭᠦᠯᠡᠩ ᠪᠠᠶ᠋ᠢᠬᠤ ᠪᠢᠰᠢ᠂ ᠮᠦᠨ ᠴᠦ᠍ ᠬᠡᠤᠬᠡᠳ ᠪᠤᠯᠭ᠋ᠠᠨ ᠨᠤᠮᠤᠬᠠᠨ ᠰᠢᠳᠤᠷᠭᠤ ᠪᠠᠶ᠋ᠢᠵᠦ ᠴᠢᠳᠠᠭ᠍ᠤ ᠦᠭᠡᠢ᠃ ᠠᠩᠭᠢ ᠵᠢᠨ ᠠ᠋ᠷᠬᠢᠯᠡᠭᠴᠢ ᠪᠤᠯᠤᠭᠰᠠᠳ ᠬᠡᠤᠬᠡᠳ᠎ᠤᠳ᠎ᠤᠨ ᠳᠠᠪᠠᠭᠤᠯᠢᠭ ᠲᠠᠯ᠎ᠠ ᠵᠢ ᠢᠳᠡᠪᠬᠢᠳᠡᠢ ᠢᠯᠡᠷᠡᠬᠦᠯᠦᠨ᠂ ᠬᠡᠤᠬᠡᠳ ᠪᠤᠯᠭ᠋ᠠᠨ᠎ᠤ ᠪᠤᠰᠤᠳ᠎ᠠᠴᠠ ᠤᠨᠴᠠᠯᠢᠭᠳᠠᠭ᠍ᠤ ᠲᠠᠯ᠎ᠠ ᠵᠢ ᠤᠶ᠋ᠢᠯᠠᠭ᠋ᠠᠵᠦ ᠠᠪᠤᠪᠠᠯ ᠳᠡᠳᠡᠨ᠎ᠢ ᠬᠠᠮᠢᠶᠠᠷᠬᠤ᠎ᠳᠤ ᠲᠦᠬᠦᠮ ᠪᠤᠯᠴᠢᠬᠠᠨ᠎ᠠ᠃ ᠠ᠋ᠶ᠋ᠢᠮᠦ᠎ᠠᠴᠠ ᠬᠡᠤᠬᠡᠳ ᠪᠤᠯᠭ᠋ᠠᠨ᠎ᠤ 《ᠰᠡᠳᠬᠢᠯ᠎ᠢ ᠮᠡᠳᠡᠭᠴᠢ》 ᠪᠤᠯᠤᠶ᠎ᠠ ᠭᠡᠪᠡᠯ ᠳᠤᠤᠷᠠᠬᠢ ᠬᠡᠳᠦᠨ ᠲᠠᠯ᠎ᠠ ᠵᠢ ᠠᠩᠬᠠᠷᠪᠠᠯ ᠵᠦᠢ᠍ᠳᠡᠢ᠃
1. ᠬᠡᠤᠬᠡᠳ ᠨᠢᠭᠡᠪᠦᠷᠢ ᠵᠢ ᠤᠶ᠋ᠢᠯᠠᠭ᠋ᠠᠬᠤ
ᠠ᠋ᠩ᠎ᠤᠨ ᠦᠶ᠎ᠡ᠎ᠳᠤ ᠪᠢ ᠳᠠᠩᠳᠠ ᠬᠡᠤᠬᠡᠳᠤᠳᠲᠠᠢᠪᠠᠨ ᠴᠤᠭ ᠲᠤᠭᠯᠠᠳᠠᠭ᠃ ᠦᠷᠯᠦᠭᠡ ᠪᠤᠯᠭ᠋ᠠᠨ ᠬᠡᠤᠬᠡᠳ᠎ᠤᠳ ᠵᠶ᠋ᠠᠨ ᠲᠤᠰᠴᠦ ᠠᠪᠤᠮᠠᠭᠴᠠ ᠪᠢ ᠳᠡᠳᠡᠨ᠎ᠲᠠᠢ ᠬᠠᠮᠳᠦ ᠰᠤᠷᠭ᠋ᠠᠭᠤᠯᠢ ᠵᠢᠨ ᠬᠦᠷᠢᠶ᠎ᠡ᠂ ᠲᠠᠮᠢᠷ᠎ᠤᠨ ᠲᠠᠯᠠᠪᠠᠢ᠂ ᠠᠩᠭᠢ ᠵᠢᠨ ᠬᠡᠷ᠂ ᠬᠢᠴᠢᠶᠡᠯ᠎ᠤᠨ ᠵᠠᠪᠰᠠᠷ᠎ᠤᠨ ᠲᠠᠮᠢᠷ᠎ᠤᠨ ᠬᠦᠳᠡᠯᠭᠡᠭᠡᠨ ᠁ ᠵᠡᠷᠭᠡ᠎ᠳᠤ ᠬᠡᠤᠬᠡᠳ ᠬᠠᠮᠢᠭ᠎ᠠ ᠪᠠᠶ᠋ᠢᠪᠠᠯ ᠪᠢ ᠳᠡᠨᠳᠡ ᠳᠠᠭ᠋ᠠᠵᠦ ᠶᠠᠪᠤᠳᠠᠭ᠃ ᠳᠡᠳᠡᠨ᠎ᠲᠠᠢ ᠴᠤᠭ ᠪᠠᠶ᠋ᠢᠵᠦ ᠯᠠ ᠪᠠᠶ᠋ᠢᠪᠠᠯ ᠠᠯᠢ ᠨᠢᠭᠡᠲᠠᠢ᠎ᠨᠢ ᠵᠤᠭᠤᠭᠳᠠᠭ᠍ᠤ ᠪᠤᠶᠤ ᠬᠠᠮᠳᠦ ᠲᠤᠭᠯᠠᠭ᠋ᠠᠮ ᠬᠢᠳᠡᠭ᠃ ᠢᠩᠬᠢᠵᠦ ᠲᠤᠭᠯᠠᠭ᠋ᠠᠮ᠎ᠤᠨ ᠳᠤᠮᠳᠠ᠂ ᠰᠤᠷᠤᠯᠴᠠᠯᠭ᠎ᠠ ᠵᠢᠨ ᠳᠤᠮᠳᠠ᠂ ᠪᠠᠶᠠᠷ ᠢᠨᠢᠶᠡᠳᠦ ᠵᠢᠨ ᠳᠤᠮᠳᠠ ᠬᠡᠤᠬᠡᠳ ᠨᠢᠭᠡᠪᠦᠷᠢ ᠵᠢ ᠤᠶ᠋ᠢᠯᠠᠭ᠋ᠠᠵᠦ᠂ ᠠᠯᠢ᠎ᠨᠢ ᠰᠡᠳᠬᠢᠯ᠎ᠳᠤ᠎ᠪᠠᠨ ᠪᠤᠳᠤᠯᠭ᠎ᠠ᠎ᠲᠠᠢ ᠪᠠᠶ᠋ᠢᠬᠤ᠂ ᠠᠯᠢ᠎ᠨᠢ ᠠᠶᠤᠮᠠᠳᠠᠭ᠋ᠠᠢ ᠪᠠᠶ᠋ᠢᠬᠤ᠂ ᠠᠯᠢ᠎ᠨᠢ ᠬᠡᠷᠡᠭ ᠦᠳᠦᠭᠡᠭᠴᠢ ᠪᠠᠶ᠋ᠢᠭ᠎ᠠ᠂ ᠠᠯᠢ᠎ᠨᠢ ᠵᠤᠷᠢᠮᠠᠭ᠂ ᠠᠯᠢ᠎ᠨᠢ ᠱᠠᠯᠠᠮᠠᠭ᠂ ᠠᠯᠢ᠎ᠨᠢ ᠵᠤᠬᠢᠶᠠᠨ ᠪᠠᠶ᠋ᠢᠭᠤᠯᠬᠤ᠎ᠳᠤ᠎ᠪᠠᠨ ᠰᠦᠷᠡᠭᠡᠢ ᠁ ᠵᠡᠷᠭᠡ ᠵᠢ ᠤᠶ᠋ᠢᠯᠠᠭ᠋ᠠᠭ᠋ᠠᠳ ᠠᠪᠴᠢᠬᠠᠳᠠᠭ᠃ ᠨᠢᠭᠡᠳᠦᠭᠡᠷ ᠤᠨ᠎ᠤ ᠬᠡᠤᠬᠡᠳ ᠴᠤᠪᠤᠭᠤ ᠳᠡᠭᠵᠢᠨ᠂ ᠬᠡᠨᠡᠨ ᠴᠠᠶ᠋ᠢᠯᠭ᠋ᠠᠨ ᠪᠠᠶ᠋ᠢᠳᠠᠭ ᠪᠦᠭᠡᠳ ᠠ᠋ᠷᠬᠡᠯᠡᠵᠦ ᠠᠯᠢᠶᠠᠯᠠᠭ᠍ᠤ ᠳᠤᠷᠠᠳᠠᠢ ᠪᠠᠶ᠋ᠢᠳᠠᠭ᠃ ᠳᠡᠭᠡᠭᠡᠳ ᠯᠡ ᠪᠢ ᠠ᠋ᠳᠡᠭᠡᠷ ᠬᠦᠭᠡᠷᠦᠬᠦᠨ 《ᠠᠮᠢᠳᠠᠳ》᠎ᠲᠤ᠎ᠪᠠᠨ ᠠ᠋ᠷᠬᠡᠯᠡᠬᠦ ᠵᠠᠪᠰᠢᠶᠠᠨ ᠦᠭᠳᠡᠭ ᠪᠤᠯᠵᠠᠢ᠃
ᠮᠢᠨᠤ ᠠᠩᠭᠢ᠎ᠳᠤ × × ᠭᠡᠳᠡᠭ ᠨᠡᠷᠡᠳᠤ ᠭᠠᠷᠤᠭᠰᠠᠨ ᠠᠯᠢᠶ᠎ᠡ ᠲᠦᠢ᠍ᠳᠬᠡᠷ ᠬᠦᠦ ᠪᠠᠶ᠋ᠢᠭᠰᠠᠨ᠃ ᠲᠡᠷᠡ ᠮᠦᠷᠳᠡᠭᠡᠨ ᠡᠵᠢ᠎ᠨᠢ ᠭᠡᠳᠦᠷᠬᠡᠢ ᠠ᠋ᠩᠬᠦᠷᠡᠶ᠋ᠢᠯᠡᠨ ᠠ᠋ᠷᠬᠡᠯᠡᠬᠦᠯᠦᠭᠰᠡᠨᠠᠴᠠ ᠪᠤᠯᠵᠦ ᠶᠠᠭᠤᠨ᠎ᠠᠴᠠ ᠴᠦ᠍ ᠠᠶᠤᠬᠤ ᠦᠭᠡᠢ᠂ ᠬᠡᠨ᠎ᠤ ᠬᠡᠯᠡᠭᠰᠡᠨ ᠦᠭᠡ ᠵᠢ ᠴᠦ᠍ ᠰᠤᠨᠤᠰᠬᠤ ᠦᠭᠡᠢ᠃ ᠠ᠋ᠶ᠋ᠢᠮᠦ ᠬᠡᠤᠬᠡᠳ᠎ᠲᠠᠢ ᠶᠤᠰᠤ ᠶᠠᠷᠢᠬᠤ᠎ᠨᠢ 《ᠠ᠋ᠯᠵᠢᠬᠡᠨ ᠴᠢᠬᠢᠨ᠎ᠳᠤ ᠠᠯᠳᠠᠨ ᠬᠢᠪᠡᠴᠦ ᠰᠠᠵᠢᠨ᠎ᠠ᠂ ᠠᠷᠭ᠋ᠠᠯ ᠬᠢᠪᠡᠴᠦ ᠰᠠᠵᠢᠨ᠎ᠠ》 ᠭᠡᠳᠡᠭ᠎ᠲᠠᠢ ᠠᠳᠠᠯᠢ ᠪᠢᠯᠡ᠃ ᠠ᠋ᠨᠡ ᠪᠠᠶ᠋ᠢᠳᠠᠯ᠎ᠳᠤ ᠪᠢ ᠲᠤᠰ ᠰᠤᠷᠤᠭᠴᠢ ᠵᠢ 《ᠨᠤᠮᠬᠠᠳᠬᠠᠬᠤ》 ᠵᠢᠨ ᠲᠦᠯᠦᠭᠡ ᠲᠡᠬᠦᠨ᠎ᠲᠠᠢ ᠰᠠᠨᠠᠭ᠎ᠠ᠎ᠪᠠᠨ ᠤᠯᠤᠯᠴᠠᠭ᠍ᠤ ᠠᠷᠭ᠎ᠠ ᠵᠢ ᠰᠤᠩᠭᠤᠪᠠ᠃ ᠲᠤᠰ ᠰᠤᠷᠤᠭᠴᠢ ᠵᠢᠨ ᠠᠪᠤ᠎ᠨᠢ ᠠ᠋ᠷᠳᠡ ᠨᠠᠰᠦ ᠪᠠᠷᠠᠵᠦ᠂ ᠡᠵᠢ᠎ᠨᠢ ᠪᠤᠰᠤᠳ᠎ᠲᠤ ᠴᠤᠩᠬᠤ ᠵᠦᠯᠬᠦᠵᠦ ᠬᠠᠷᠠᠮᠵᠢ ᠤᠯᠤᠨ ᠠᠮᠢᠳᠤᠷᠠᠵᠦ ᠪᠠᠶ᠋ᠢᠬᠤ ᠵᠢ ᠤᠶ᠋ᠢᠯᠠᠭ᠋ᠠᠵᠦ ᠮᠡᠳᠡᠭᠡᠳ᠂ ᠪᠢ ᠲᠡᠬᠦᠨ᠎ᠤ ᠳᠡᠷᠭᠡᠳᠡᠬᠢ ᠪᠤᠰᠤᠳ ᠦᠯᠢᠭᠡᠷ ᠵᠢᠱ᠌ᠢᠶ᠎ᠡ᠎ᠪᠠᠷ ᠲᠡᠬᠦᠨ᠎ᠤ ᠡᠵᠢ ᠲᠤᠶ᠋ᠢᠯ᠎ᠤᠨ ᠬᠢᠯᠪᠠᠷ ᠦᠭᠡᠢ ᠭᠡᠳᠡᠭ᠎ᠢ ᠮᠡᠳᠡᠬᠦᠯᠪᠡ᠃ ᠲᠡᠬᠦᠨ᠎ᠳᠤ ᠶᠠᠭ᠋ᠠᠬᠢᠵᠦ ᠬᠢᠬᠦ᠎ᠨᠢ ᠰᠠᠶᠢ ᠡᠵᠢ᠎ᠪᠠᠨ ᠠᠴᠢᠯᠠᠵᠦ ᠪᠠᠶ᠋ᠢᠬᠤ᠎ᠳᠤ ᠲᠤᠭ᠋ᠠᠴᠢᠭᠳᠠᠨᠠ ᠭᠡᠳᠡᠭ᠎ᠢ ᠵᠢᠩᠬᠢᠨᠢ ᠮᠡᠳᠡᠬᠦᠯᠵᠡᠢ᠃ ᠲᠡᠷᠡ ᠬᠡᠤᠬᠡᠳ ᠡᠵᠢ᠎ᠳᠤ᠎ᠪᠠᠨ ᠲᠤᠩ ᠬᠠᠶ᠋ᠢᠷᠠᠲᠠᠢ ᠪᠤᠯᠬᠤᠷ ᠮᠢᠨᠤ ᠠ᠋ᠨᠡᠬᠦ ᠵᠢᠯᠤᠭᠤᠳᠤᠯᠭ᠎ᠠ᠎ᠳᠤ ᠤᠶᠠᠷᠠᠨ ᠤᠬᠠᠭ᠋ᠠᠷᠠᠵᠦ᠂ ᠲᠡᠬᠦᠨ᠎ᠠᠴᠠ ᠬᠤᠶ᠋ᠢᠰᠢ ᠡᠵᠢ ᠵᠢᠨ ᠵᠶ᠋ᠠᠨ ᠦᠭᠡ ᠵᠢ ᠨᠡᠯᠢᠶᠡᠳ ᠰᠤᠨᠤᠰᠳᠠᠭ ᠪᠤᠯᠵᠠᠢ᠃
ᠢᠩᠬᠢᠵᠦ ᠬᠡᠤᠬᠡᠳ ᠪᠤᠯᠭ᠋ᠠᠨ᠎ᠤ ᠵᠠᠩ ᠠᠪᠤᠷᠢ ᠵᠢ ᠤᠶ᠋ᠢᠯᠠᠭ᠋ᠠᠵᠦ ᠠᠪᠬᠤ᠎ᠨᠢ ᠳᠠᠷᠠᠭ᠎ᠠ᠎ᠪᠠᠷ ᠬᠡᠤᠬᠡᠳ ᠵᠶ᠋ᠠᠨ ᠬᠠᠨᠳᠤᠯᠭ᠎ᠠ᠎ᠲᠠᠢ ᠰᠤᠷᠭ᠋ᠠᠵᠦ ᠬᠦᠮᠦᠵᠢᠬᠦᠯᠬᠦ᠎ᠳᠤ ᠠ᠋ᠯᠪᠡᠭ ᠪᠠᠶᠠᠯᠢᠭ 《ᠠ᠋ᠬᠢ ᠰᠤᠷᠪᠤᠯᠵᠢ》 ᠪᠤᠯᠳᠠᠭ ᠮᠦᠷᠳᠡᠭᠡᠨ ᠬᠡᠤᠬᠡᠳ ᠪᠤᠯᠭ᠋ᠠᠨ᠎ᠤ ᠤᠨᠴᠠᠯᠢᠭ᠎ᠲᠤ᠎ᠨᠢ ᠵᠤᠬᠢᠴᠠᠭᠤᠯᠤᠨ ᠠᠵᠢᠯ ᠲᠤᠬᠢᠷᠠᠭᠤᠯᠬᠤ᠎ᠳᠤ ᠴᠦ᠍ ᠠᠰᠢᠬᠲᠡᠢ ᠪᠠᠶ᠋ᠢᠳᠠᠭ᠃
2. ᠬᠡᠤᠬᠡᠳ ᠪᠤᠯᠭ᠋ᠠᠨ᠎ᠳᠤ ᠢᠳᠡᠭᠡᠯ ᠤᠯᠭᠤᠬᠤ
2012 ᠤᠨ᠎ᠤ ᠦᠶ᠎ᠡ᠎ᠳᠤ ᠮᠢᠨᠤ ᠠᠩᠭᠢ ᠲᠦᠷᠪᠡᠳᠦᠭᠡᠷ ᠤᠨ ᠪᠠᠶ᠋ᠢᠭᠰᠠᠨ᠃ ᠮᠠᠨ᠎ᠤ ᠠᠩᠭᠢ᠎ᠳᠤ ᠲᠦᠩᠯᠢᠶᠤᠤ ᠬᠤᠲᠠ ᠵᠢᠨ ᠬᠦᠳᠡᠭᠡ ᠲᠤᠰᠬᠤᠨ᠎ᠠᠴᠠ × × ᠭᠡᠳᠡᠭ ᠬᠦᠦ ᠰᠤᠷᠤᠭᠴᠢ ᠰᠢᠯᠵᠢᠨ ᠢᠷᠡᠵᠡᠢ᠃ ᠠ᠋ᠨᠡ ᠬᠦᠦ ᠵᠢᠨ ᠡᠴᠢᠬᠡ ᠠ᠋ᠬᠡ᠎ᠨᠢ ᠤᠷᠳᠤ ᠬᠤᠭᠤᠴᠠᠭ᠎ᠠ᠎ᠪᠠᠷ ᠭᠠᠳᠠᠭᠰᠢ᠎ᠪᠠᠨ ᠬᠦᠴᠦᠨ᠎ᠤ ᠠᠵᠢᠯ ᠬᠢᠵᠦ᠂ ᠲᠠᠷᠡ ᠡᠪᠦᠭᠡ ᠠ᠋ᠮᠡᠭᠡᠲᠠᠢᠪᠠᠨ ᠬᠡᠷ᠎ᠲᠤ᠎ᠪᠠᠨ ᠠᠮᠢᠳᠤᠷᠠᠳᠠᠭ ᠪᠠᠢ᠍ᠢ᠍ᠪᠠ᠂ ᠭᠡᠪᠡᠴᠦ ᠲᠤᠰ ᠰᠤᠷᠤᠭᠴᠢ ᠡᠪᠦᠭᠡ ᠠ᠋ᠮᠡᠭᠡ ᠵᠢᠨ ᠵᠶ᠋ᠠᠨ ᠦᠭᠡᠨ᠎ᠳᠤ ᠳᠡᠮᠡᠢ ᠤᠷᠤᠳᠠᠭ ᠦᠭᠡᠢ ᠪᠠᠶ᠋ᠢᠭᠰᠠᠨ ᠪᠤᠯᠬᠤᠷ ᠰᠤᠷᠤᠯᠭ᠎ᠠ᠎ᠪᠠᠨ ᠵᠤᠭᠰᠤᠭ᠋ᠠᠳ ᠬᠤᠶᠠᠷ ᠵᠢᠯ ᠪᠤᠯᠵᠠᠢ᠃ ᠰᠢᠯᠵᠢᠵᠦ ᠢᠷᠡᠬᠦ᠎ᠳᠤ᠎ᠪᠠᠨ ᠮᠠᠨ᠎ᠤ ᠲᠦᠷᠪᠡᠳᠦᠭᠡᠷ ᠤᠨ᠎ᠳᠤ ᠳᠠᠭ᠋ᠠᠷᠠᠴᠢᠬᠠᠪᠠ᠂ ᠦᠨᠡᠨ᠎ᠳᠤ᠎ᠪᠠᠨ 14 ᠨᠠᠰᠤᠯᠠᠭᠰᠠᠨ ᠠ᠋ᠨᠡ ᠬᠦᠦ ᠵᠢᠷᠭᠤᠳᠤᠭ᠋ᠠᠷ ᠤᠨ᠎ᠳᠤ ᠤᠷᠤᠪᠠᠯ ᠵᠤᠬᠢᠬᠤ ᠪᠠᠶ᠋ᠢᠭᠰᠠᠨ᠃ ᠨᠠᠰᠦ᠎ᠨᠢ ᠬᠡᠳᠦᠷᠡᠭᠰᠡᠨ ᠵᠶ᠋ᠠᠷ ᠪᠠᠷᠠᠭ᠍ᠤ ᠦᠭᠡᠢ ᠰᠢᠨ᠎ᠡ ᠨᠢᠭᠡᠨ ᠤᠷᠴᠢᠨ᠎ᠳᠤ ᠢᠷᠡᠭᠰᠡᠨ᠎ᠳᠤ᠎ᠪᠠᠨ ᠲᠡᠷᠡ ᠶᠠᠭ ᠳᠠᠰᠬᠤ ᠦᠭᠡᠢ ᠪᠠᠶ᠋ᠢᠯ᠎ᠠ᠃ ᠰᠠᠶᠢ ᠠ᠋ᠬᠢᠯᠡᠬᠦᠳᠤᠪᠠᠨ ᠮᠠᠨ᠎ᠤ ᠠᠩᠭᠢ ᠵᠢᠨ ᠰᠤᠷᠤᠯᠭ᠎ᠠ ᠠᠮᠢᠳᠤᠷᠠᠯ᠎ᠤᠨ ᠠᠶ᠋ᠢᠵᠠᠮ ᠴᠤᠬᠢᠯᠭ᠎ᠠ ᠵᠢ ᠶᠠᠭ ᠳᠠᠭ᠋ᠠᠵᠦ ᠲᠡᠶ᠋ᠢᠯᠬᠦ ᠦᠭᠡᠢ ᠮᠦᠷᠳᠡᠭᠡᠨ ᠪᠤᠰᠤᠳ ᠨᠦᠬᠦᠳ᠎ᠲᠠᠢ᠎ᠪᠠᠨ ᠴᠤᠭ ᠲᠤᠭᠯᠠᠭ᠍ᠤ ᠦᠭᠡᠢ᠂ ᠦᠭᠡ ᠴᠦ᠍ ᠬᠡᠯᠡᠬᠦ ᠳᠤᠷ᠎ᠠ ᠦᠭᠡᠢ ᠳᠤᠲᠤᠭ᠋ᠠᠲᠦ ᠰᠡᠳᠬᠢᠯ᠎ᠨᠢ ᠲᠤᠩ ᠬᠡᠪᠡᠷᠡᠭ ᠭᠡᠤᠭᠡᠳ ᠪᠠᠢ᠍ᠢ᠍ᠪᠠ᠃ ᠲᠤᠰ ᠬᠡᠤᠬᠡᠳ᠎ᠢ ᠠ᠋ᠷᠳᠡ ᠨᠢᠭᠡᠨ ᠠ᠋ᠳᠦᠷ ᠬᠠᠮᠳᠤ ᠵᠢᠨ ᠠᠮᠢᠳᠤᠷᠠᠯ᠎ᠳᠤ ᠲᠠᠰᠬᠠᠬᠤ ᠵᠢᠨ ᠲᠦᠯᠦᠭᠡ ᠶᠠᠭᠤᠨ᠎ᠤ ᠲᠦᠷᠦᠬᠦᠨ᠎ᠳᠤ ᠠᠩᠭᠢ ᠵᠢᠨ ᠬᠤᠷᠠᠯ᠎ᠤᠨ ᠴᠠᠭ᠎ᠢ ᠠᠰᠢᠭᠯᠠᠨ ᠨᠢᠭᠡ ᠤᠳᠠᠭ᠋ᠠᠨ᠎ᠤ ᠰᠡᠳᠬᠢᠯᠭᠡ ᠵᠢᠨ ᠰᠤᠯᠢᠯᠴᠠᠭ᠋ᠠᠨ᠎ᠤ ᠠᠵᠢᠯᠯᠠᠭ᠎ᠠ ᠦᠷᠨᠢᠬᠦᠯᠵᠡᠢ᠃ ᠠᠩᠭᠢ ᠵᠢᠨ ᠬᠤᠷᠠᠯ ᠠ᠋ᠬᠢᠯᠡᠮᠡᠭᠴᠡ ᠪᠢ ᠬᠡᠤᠬᠡᠳ᠎ᠤᠳ᠎ᠲᠤ᠎ᠪᠠᠨ᠄ 《ᠪᠠᠭᠰᠢ᠎ᠨᠢ ᠲᠤᠰ ᠬᠤᠭᠤᠴᠠᠭ᠎ᠠ ᠠ᠋ᠬᠢᠯᠡᠭᠰᠡᠨ᠎ᠠᠴᠠ ᠲᠤᠩ ᠪᠠᠶᠠᠷᠳᠠᠢ ᠪᠠᠶ᠋ᠢᠭ᠎ᠠ ᠵᠢ ᠲᠠ ᠨᠠᠷ ᠠᠵᠢᠵᠦ ᠮᠡᠳᠡᠭᠰᠡᠨ ᠤᠤ᠂ ᠶᠠᠮᠠᠷ ᠨᠢᠭᠡᠨ ᠤᠴᠢᠷ ᠪᠠᠭᠰᠢ ᠵᠢ᠎ᠨᠢ ᠢᠩᠬᠢᠵᠦ ᠪᠠᠶᠠᠷᠯᠠᠭᠤᠯᠵᠦ ᠪᠠᠶ᠋ᠢᠭ᠎ᠠ ᠵᠢ ᠲᠠ ᠨᠠᠷ ᠳᠠᠭ᠋ᠠᠵᠦ ᠦᠵᠡ》 ᠬᠡᠬᠦ᠎ᠲᠠᠢ ᠵᠡᠷᠭᠡ ᠬᠡᠤᠭᠡᠳ᠎ᠤᠳ ᠪᠦᠷ ᠶᠠᠩᠵᠦ ᠪᠦᠷᠢ᠎ᠪᠠᠷ ᠳᠠᠭ᠋ᠠᠮᠠᠭᠯᠠᠵᠦ ᠠ᠋ᠬᠢᠯᠡᠯ᠎ᠡ᠃ ᠠ᠋ᠨᠡ ᠦᠶ᠎ᠡ᠎ᠳᠤ ᠪᠢ ᠰᠤᠷᠤᠭᠴᠢᠳ ᠵᠶ᠋ᠠᠨ ᠨᠠᠮ ᠪᠤᠯᠭ᠋ᠠᠵᠦ᠄ 《ᠲᠤᠰ ᠰᠤᠷᠤᠯᠭ᠎ᠠ ᠵᠢᠨ ᠬᠤᠭᠤᠴᠠᠭ᠎ᠠ ᠠ᠋ᠬᠢᠯᠡᠮᠡᠭᠴᠡ ᠮᠠᠨ᠎ᠤ ᠠᠩᠭᠢ᠎ᠳᠤ ᠤᠬᠠᠭ᠋ᠠᠨ ᠲᠤᠮᠤᠭ᠎ᠠ᠎ᠲᠠᠢ ᠨᠢᠭᠡ ᠰᠤᠷᠤᠭᠴᠢ ᠨᠡᠮᠡᠭᠳᠡᠯ᠎ᠡ ᠭᠡᠵᠦ ᠪᠠᠭᠰᠢ᠎ᠨᠢ ᠲᠤᠶ᠋ᠢᠯ ᠵᠶ᠋ᠠᠷ ᠪᠠᠶᠠᠷᠯᠠᠵᠦ ᠪᠠᠶ᠋ᠢᠨ᠎ᠠ ᠰᠢᠤ᠂ ᠲᠠ ᠨᠠᠷ ᠬᠡᠯᠡᠪᠡᠯ ᠪᠠᠭᠰᠢ᠎ᠨᠢ ᠪᠠᠶᠠᠷᠯᠠᠭ᠍ᠤ ᠶᠤᠰᠤᠲᠡᠢ ᠤᠤ᠂ ᠦᠭᠡᠢ ᠤᠤ?》 ᠬᠡᠵᠦ ᠬᠡᠤᠬᠡᠳ᠎ᠤᠳ᠎ᠤᠨ ᠪᠤᠳᠤᠵᠦ ᠤᠯᠤᠭ᠎ᠠ ᠦᠭᠡᠢ ᠵᠦᠢ᠍ᠯ᠎ᠢ᠎ᠨᠢ ᠶᠠᠷᠢᠴᠢᠬᠠᠯ᠎ᠠ᠃ ᠠ᠋ᠳᠡᠭᠡᠷ ᠦᠭᠡᠨ᠎ᠳᠤ ᠰᠢᠨ᠎ᠠ ᠰᠢᠯᠵᠢᠵᠤ ᠢᠷᠡᠭᠰᠡᠨ ᠰᠤᠷᠤᠭᠴᠢ ᠵᠢᠨ ᠰᠡᠳᠬᠢᠯ ᠰᠠᠷᠭᠦᠵᠤ ᠨᠢᠳᠦ᠎ᠨᠢ ᠬᠡᠷᠡᠯᠳᠦᠵᠦ ᠪᠠᠢ᠍ᠢ᠍ᠯ᠎ᠠ᠃ ᠲᠡᠷᠡ ᠴᠠᠭ᠎ᠠᠴᠠ ᠬᠤᠶ᠋ᠢᠰᠢ ᠠᠩᠭᠢ ᠵᠢᠨ ᠬᠡᠤᠬᠡᠳ᠎ᠤᠳ ᠰᠢᠨ᠎ᠡ᠎ᠪᠠᠷ ᠰᠢᠯᠵᠢᠵᠦ ᠢᠷᠡᠭᠰᠡᠨ ᠬᠠᠮᠳᠦ ᠰᠤᠷᠤᠯᠭ᠋ᠠᠳᠠᠨ ᠵᠶ᠋ᠠᠨ ᠠᠩᠬᠠᠷᠴᠦ ᠠ᠋ᠬᠢᠯᠡᠪᠡ᠃ ᠮᠦᠨ ᠴᠦ᠍ ᠲᠡᠬᠦᠨ᠎ᠲᠠᠢ ᠢᠯᠡᠬᠦᠦ ᠵᠤᠭᠤᠭᠳᠠᠵᠦ᠂ ᠬᠠᠮᠳᠦ ᠲᠤᠭᠯᠠᠳᠠᠭ ᠪᠤᠯᠵᠠᠭ᠋ᠠᠪᠠ᠃ ᠪᠢ ᠴᠦ᠍ ᠵᠠᠪᠰᠢᠶᠠᠨ᠎ᠢ ᠠᠯᠳᠠᠯ ᠦᠭᠡᠢ ᠲᠠᠬᠦᠨ᠎ᠤ ᠪᠡᠶ᠎ᠡ ᠳᠡᠭᠡᠷᠡᠬᠢ ᠳᠠᠪᠠᠭᠤᠯᠢᠭ ᠲᠠᠯ᠎ᠠ ᠵᠢ ᠵᠤᠷᠢᠯᠭ᠎ᠠ᠎ᠲᠠᠢ ᠬᠠᠶ᠋ᠢᠵᠦ ᠠ᠋ᠬᠢᠯᠡᠪᠡ᠃ ᠨᠢᠭᠡ ᠤᠳᠠᠭ᠋ᠠᠨ᠎ᠤ ᠰᠤᠷᠭ᠋ᠠᠭᠤᠯᠢ᠎ᠠᠴᠠ ᠲᠤᠬᠢᠷᠠᠭᠤᠯᠤᠭᠰᠠᠨ ᠬᠤᠷᠠᠯ᠎ᠤᠨ ᠭᠡᠷ᠎ᠤᠨ ᠰᠢᠷᠡᠭᠡ ᠰᠠᠨᠳᠠᠯᠢ ᠵᠢ ᠵᠦᠭᠡᠭᠡᠬᠦ ᠠᠵᠢᠯ᠎ᠢ ᠬᠦᠢ᠍ᠴᠡᠳᠬᠡᠬᠦ ᠶᠠᠪᠤᠴᠠ᠎ᠳᠤ ᠠ᠋ᠨᠡ ᠬᠡᠤᠬᠡᠳ ᠪᠤᠰᠤᠳ᠎ᠠᠴᠠ ᠬᠤᠯᠠ ᠬᠦᠨᠳᠦ ᠠ᠋ᠬᠦᠷᠭᠡ ᠵᠢ ᠭᠠᠷᠮᠠᠭ᠋ᠠᠶ᠋ᠢᠯᠠᠨ ᠬᠦᠢ᠍ᠴᠡᠳᠬᠡᠭᠰᠡᠨ ᠪᠤᠯᠬᠤᠷ᠎ᠨᠢ ᠤᠯᠠᠨ ᠵᠶ᠋ᠠᠷ ᠵᠶ᠋ᠠᠨ ᠲᠡᠬᠦᠨ᠎ᠢ 《ᠠᠪᠤᠷᠭᠤ ᠬᠦᠴᠦᠳᠡᠨ × ×》 ᠭᠡᠵᠦ ᠨᠡᠷᠡᠯᠡᠵᠡᠢ᠃ ᠪᠠᠭᠰᠢ ᠪᠤᠯᠤᠨ ᠨᠦᠬᠦᠳ᠎ᠤᠨ ᠵᠶ᠋ᠠᠨ ᠮᠠᠭᠳᠠᠭ᠍ᠤ ᠵᠢ ᠰᠤᠨᠤᠰᠤᠭ᠋ᠠᠳ ᠲᠡᠬᠦᠨ᠎ᠤ ᠴᠢᠷᠡᠢ᠎ᠨᠢ ᠤᠯᠠᠶ᠋ᠢᠵᠦ᠂ ᠡᠪ ᠦᠭᠡᠶ᠋ᠢᠷᠡᠭᠰᠡᠨ ᠪᠤᠯᠪᠠᠴᠦ ᠪᠡᠶ᠎ᠡ᠎ᠳᠤ᠎ᠪᠠᠨ ᠢᠳᠡᠭᠡᠯ᠎ᠲᠠᠢ ᠪᠤᠯᠤᠭᠰᠠᠨ᠎ᠨᠢ ᠢᠯᠡᠷᠬᠡᠢ ᠪᠠᠶ᠋ᠢᠯ᠎ᠠ᠃ ᠳᠠᠷᠠᠭ᠎ᠠ ᠬᠤᠭᠤᠴᠠᠭ᠎ᠠ᠎ᠨᠢ ᠪᠢ ᠲᠡᠬᠦᠨ᠎ᠤ ᠪᠡᠶ᠎ᠡ ᠪᠢᠯᠳᠠᠷ ᠴᠢᠬᠢᠷᠠᠭ ᠪᠠᠶ᠋ᠢᠬᠤ ᠳᠠᠪᠠᠭᠤᠯᠢᠭ ᠲᠠᠯ᠎ᠠ ᠵᠢ ᠦᠨᠳᠦᠰᠦᠯᠡᠨ᠂ ᠪᠡᠶ᠎ᠡ ᠲᠠᠮᠢᠷ᠎ᠤᠨ ᠬᠡᠰᠢᠬᠦᠨ ᠪᠤᠯᠭ᠋ᠠᠵᠦ᠂ ᠪᠠᠭᠰᠢ᠎ᠪᠠᠨ ᠬᠠᠪᠰᠤᠷᠤᠨ ᠠᠩᠭᠢ᠎ᠪᠠᠨ ᠰᠠᠶ᠋ᠢᠳᠤᠷ ᠬᠠᠮᠢᠶᠠᠷᠬᠤ 《ᠠ᠋ᠬᠦᠷᠭᠡ》 ᠵᠢ ᠲᠡᠬᠦᠨ᠎ᠳᠤ ᠲᠤᠰᠢᠶᠠᠪᠠ᠃ ᠢᠩᠬᠢᠵᠦ ᠢᠳᠡᠭᠡᠯ᠎ᠤᠨ ᠠ᠋ᠷᠴᠢ᠎ᠨᠢ ᠴᠢᠩᠭ᠋ᠠᠷᠠᠭᠰᠠᠨ × × ᠬᠦᠦ᠂ ᠠᠯᠭᠤᠷ ᠠᠭ᠋ᠠᠵᠢᠮᠳᠤᠪᠠᠨ ᠴᠤᠪᠤᠭᠤ ᠳᠡᠭᠵᠢᠨ ᠪᠤᠯᠤᠭᠰᠠᠨ ᠮᠦᠷᠳᠡᠭᠡᠨ ᠰᠤᠷᠤᠯᠭ᠎ᠠ᠎ᠳᠤ᠎ᠪᠠᠨ ᠴᠦ᠍ ᠴᠢᠷᠮᠠᠶ᠋ᠢᠳᠠᠭ ᠪᠤᠯᠵᠠᠢ᠃ ᠨᠡᠩ ᠮᠠᠭᠳᠠᠭᠤᠰᠢᠲᠡᠢᠨᠢ ᠮᠢᠨᠤ ᠰᠠᠶ᠋ᠢᠨ ᠬᠠᠪᠰᠤᠷᠤᠭᠴᠢ ᠪᠤᠯᠵᠦ ᠠᠩᠭᠢ᠎ᠪᠠᠨ ᠰᠠᠶ᠋ᠢᠨ ᠬᠠᠮᠢᠶᠠᠷᠳᠠᠭ ᠪᠤᠯᠪᠠ᠃ ᠠ᠋ᠳᠡᠭᠡᠷ ᠵᠢᠵᠢᠭ ᠰᠠᠵᠢᠭ ᠵᠦᠢ᠍ᠯ᠎ᠤᠳ᠎ᠨᠢ ᠭᠡᠳᠦᠶ᠋ᠢᠪᠡᠷ ᠶᠠᠯᠢᠮ ᠦᠭᠡᠢ ᠶᠠᠪᠤᠳᠠᠯ᠎ᠤᠳ ᠪᠤᠯᠪᠠᠴᠦ᠂ ᠨᠢᠭᠡ ᠨᠢᠭᠡ᠎ᠪᠠᠷ ᠵᠶ᠋ᠠᠨ ᠬᠡᠤᠬᠡᠳ᠎ᠤᠨ ᠰᠡᠳᠬᠢᠯ᠎ᠳᠤ ᠬᠠᠶ᠋ᠢᠷ᠎ᠠ ᠵᠢᠨ ᠬᠦᠮᠦᠵᠢᠯ ᠪᠤᠯᠤᠭᠰᠠᠨ ᠪᠠᠶ᠋ᠢᠬ᠎ᠠ ᠭᠡᠵᠦ ᠪᠢ ᠰᠡᠮ ᠪᠤᠳᠤᠨ᠂ 《ᠢᠳᠡᠭᠡᠯ᠎ᠤᠨ ᠲᠦᠷᠦᠭᠡᠨ᠎ᠳᠤ ᠢᠷᠡᠭᠡᠳᠦᠢ ᠪᠤᠰᠤᠨ᠎ᠠ》 ᠭᠡᠳᠡᠭ ᠦᠭᠡ ᠵᠢ ᠬᠦᠨᠵᠡᠭᠡᠢ ᠤᠶ᠋ᠢᠯᠠᠭ᠋ᠠᠵᠠᠢ᠃
3. ᠦᠨᠦᠴᠢᠨ ᠦᠷᠦᠭᠡᠰᠦᠨ ᠬᠡᠤᠬᠡᠳ᠎ᠲᠤ ᠤᠨᠴᠠᠭ᠋ᠠᠢ ᠬᠠᠯᠠᠮᠵᠢ ᠦᠭᠬᠦ
ᠬᠡᠤᠬᠡᠳ ᠪᠤᠯᠭ᠋ᠠᠨ᠎ᠤ ᠳᠤᠳᠠᠵᠦ ᠪᠠᠶ᠋ᠢᠭ᠎ᠠ ᠬᠠᠶ᠋ᠢᠷ᠎ᠠ ᠪᠦᠷ ᠠᠳᠠᠯᠢ ᠦᠭᠡᠢ᠃ ᠵᠠᠷᠢᠮ ᠬᠡᠤᠭᠡᠳ᠎ᠤᠨ ᠠᠪᠤ ᠡᠵᠢ᠎ᠨᠢ ᠤᠷᠤᠭ ᠰᠠᠯᠤᠭᠰᠠᠨ᠎ᠠᠴᠠ ᠬᠡᠤᠬᠡᠳ᠎ᠨᠢ ᠰᠡᠳᠬᠢᠯ᠎ᠤᠨ ᠵᠤᠪᠠᠭᠤᠷᠢ᠎ᠳᠤ ᠤᠷᠤᠭᠰᠠᠨ ᠪᠠᠶ᠋ᠢᠳᠠᠭ᠂ ᠵᠠᠷᠢᠮ ᠬᠡᠤᠭᠡᠳ᠎ᠢ ᠬᠡᠳᠦᠷᠬᠡᠢ ᠴᠢᠩᠭ᠎ᠠ ᠪᠠᠷᠢᠵᠦ᠂ ᠵᠤᠳᠤᠵᠦ ᠵᠠᠨᠴᠢᠵᠤ ᠰᠤᠷᠭ᠋ᠠᠳᠠᠭ᠎ᠠᠴᠠ ᠵᠤᠷᠢᠭ ᠵᠢᠷᠦᠭᠡ ᠦᠭᠡᠢ ᠠᠶᠤᠮᠠᠳᠠᠭ᠋ᠠᠢ ᠪᠤᠯᠤᠭᠰᠠᠨ ᠪᠠᠶ᠋ᠢᠳᠠᠭ ᠁ ᠠ᠋ᠨᠡ ᠮᠡᠳᠦ ᠵᠢᠨ ᠠᠰᠠᠭᠤᠳᠠᠯ᠎ᠢ ᠠᠩᠭᠢ ᠵᠢᠨ ᠠ᠋ᠷᠬᠢᠯᠡᠭᠴᠢ ᠪᠠᠭᠰᠢ᠎ᠠᠴᠠ ᠬᠡᠷ᠎ᠤᠨ ᠠᠬᠠᠮᠠᠳ᠎ᠲᠠᠢ ᠬᠠᠮᠵᠢᠵᠦ ᠪᠠᠶ᠋ᠢᠭ᠋ᠠᠳ᠂ ᠵᠦᠪ ᠵᠢᠯᠤᠭᠤᠳᠤᠯᠭ᠎ᠠ ᠪᠤᠶᠤ ᠰᠠᠨᠠᠭᠤᠯᠭ᠎ᠠ ᠦᠭᠴᠦ᠂ ᠬᠡᠤᠬᠡᠳ᠎ᠤᠨ ᠤᠶᠤᠨ ᠰᠠᠨᠠᠭ᠋ᠠᠨ᠎ᠤ ᠲᠠᠯ᠎ᠠ᠎ᠶᠢᠨ ᠬᠤᠭᠤᠰᠤᠷᠠᠯ ᠪᠤᠶᠤ ᠳᠤᠳᠠᠭᠰᠠᠨ ᠬᠠᠶ᠋ᠢᠷ᠎ᠠ ᠵᠢ᠎ᠨᠢ ᠨᠦᠬᠦᠪᠦᠷᠢᠯᠡᠵᠦ ᠪᠤᠯᠤᠨ᠎ᠠ᠃ ᠬᠡᠪᠡᠴᠦ ᠠᠮᠢᠳᠤᠷᠠᠯ᠎ᠨᠢ ᠲᠤᠶ᠋ᠢᠯ᠎ᠤᠨ ᠬᠦᠴᠢᠷᠳᠡᠢ ᠮᠦᠷᠳᠡᠭᠡᠨ ᠠᠪᠤ ᠡᠵᠢ ᠦᠭᠡᠢ ᠦᠨᠦᠴᠢᠷᠡᠭᠰᠡᠨ ᠬᠡᠤᠬᠡᠳ᠎ᠲᠤ ᠬᠠᠶ᠋ᠢᠷ᠎ᠠ ᠨᠦᠬᠦᠪᠦᠷᠢᠯᠡᠬᠦ᠎ᠳᠤ ᠲᠤᠩ ᠬᠦᠴᠢᠷᠳᠡᠢ ᠪᠠᠶ᠋ᠢᠳᠠᠭ᠃ ᠠ᠋ᠶ᠋ᠢᠮᠦ᠎ᠠᠴᠠ ᠪᠢ ᠠᠩᠭᠢ ᠵᠢᠨ ᠬᠡᠤᠬᠡᠳ᠎ᠤᠨ ᠲᠤᠳᠤᠷ᠎ᠠ ᠬᠡᠷᠪᠡ ᠦᠨᠦᠴᠢᠨ ᠦᠷᠦᠭᠡᠰᠦᠨ ᠬᠡᠤᠬᠡᠳ ᠪᠠᠶ᠋ᠢᠪᠠᠯ ᠳᠡᠳᠡᠨ᠎ᠳᠤ ᠠᠯᠢ ᠴᠢᠳᠠᠭ᠍ᠤ᠎ᠪᠠᠷ ᠪᠤᠯᠤᠮᠵᠢ ᠤᠯᠭᠤᠨ᠂ ᠢᠯᠡᠬᠦᠬᠡᠨ ᠬᠠᠶ᠋ᠢᠷ᠎ᠠ ᠬᠠᠯᠠᠮᠵᠢ ᠦᠭᠬᠦ ᠵᠢ ᠴᠢᠬᠤᠯᠠᠴᠢᠯᠠᠨ ᠦᠵᠡᠳᠡᠭ᠃
ᠮᠢᠨᠤ ᠳᠡᠭᠡᠷ᠎ᠡ ᠠ᠋ᠭᠡᠯᠵᠢ ᠵᠢᠨ ᠠᠩᠭᠢ᠎ᠳᠤ ᠰᠤᠷᠤᠯᠴᠠᠳᠠᠭ ᠨᠢᠭᠡᠨ ᠬᠡᠤᠬᠡᠨ ᠰᠤᠷᠤᠭᠴᠢ ᠵᠢ × × ᠭᠡᠳᠡᠭ᠃ ᠲᠤᠰ ᠰᠤᠷᠤᠭᠴᠢ ᠤᠢ ᠪᠢᠯᠢᠭ᠎ᠤᠨ ᠨᠡᠭᠡᠭᠡᠭᠳᠡᠯ ᠲᠤᠳᠠᠮᠠᠭ᠎ᠠᠴᠠ ᠰᠤᠷᠤᠯᠭ᠎ᠠ᠎ᠳᠤ᠎ᠪᠠᠨ ᠲᠤᠩ ᠬᠦᠴᠢᠷᠳᠡᠳᠡᠭ᠂ ᠬᠡᠷ ᠪᠦᠯᠢ ᠵᠢᠨ ᠠᠮᠢᠳᠤᠷᠠᠯ᠎ᠨᠢ ᠴᠦ᠍ ᠮᠠᠰᠢ ᠬᠦᠴᠢᠷᠳᠡᠢ ᠪᠠᠶ᠋ᠢᠪᠠ᠃ ᠤᠴᠢᠷ᠎ᠨᠢ ᠠ᠋ᠨᠡ ᠬᠡᠤᠬᠡᠳ᠎ᠤᠨ ᠠᠪᠤ ᠡᠵᠢ᠎ᠨᠢ ᠠ᠋ᠷᠳᠡ ᠨᠠᠰᠤ ᠪᠠᠷᠠᠵᠦ ᠦᠨᠦᠴᠢᠨ ᠬᠡᠤᠬᠡᠳ ᠪᠤᠯᠴᠢᠬᠠᠪᠠ᠃ ᠡᠪᠦᠭᠡ ᠠ᠋ᠮᠡᠭᠡ᠎ᠨᠢ ᠬᠤᠭ ᠨᠤᠪᠰᠢ ᠲᠡᠬᠦᠵᠦ ᠠᠮᠢᠳᠤᠷᠠᠯ ᠵᠶ᠋ᠠᠨ ᠠᠷᠭ᠋ᠠᠴᠠᠭ᠋ᠠᠳᠠᠭ ᠪᠠᠶ᠋ᠢᠯ᠎ᠠ᠃ ᠠᠩᠭᠢ ᠵᠢᠨ ᠬᠡᠤᠬᠡᠳ᠎ᠤᠳ ᠴᠦ᠍ ᠲᠡᠬᠦᠨ᠎ᠢ ᠲᠤᠤᠷ᠎ᠠ ᠦᠵᠡᠬᠦ ᠪᠤᠶᠤ ᠲᠤᠷᠤᠮᠵᠢᠯᠠᠭ᠍ᠤ ᠮᠡᠳᠦ ᠵᠢᠨ ᠦᠵᠡᠭᠳᠡᠯ᠎ᠲᠠᠢ ᠪᠠᠶ᠋ᠢᠪᠠ᠃ ᠠᠩᠭᠢ ᠵᠢᠨ ᠠ᠋ᠷᠬᠢᠯᠡᠭᠴᠢ ᠪᠤᠯᠤᠭᠰᠠᠨ ᠪᠢ ᠠ᠋ᠳᠡᠭᠡᠷ ᠪᠠᠶ᠋ᠢᠳᠠᠯ᠎ᠢ ᠤᠶ᠋ᠢᠯᠠᠭ᠋ᠠᠭᠰᠠᠨ ᠰᠠᠭᠤᠷᠢᠨ᠎ᠳᠤ ᠨᠢᠭᠡ ᠤᠳᠠᠭ᠋ᠠᠨ᠎ᠤ 《ᠬᠦᠮᠦᠨ ᠪᠦᠬᠦᠨ ᠨᠢᠭᠡᠨ ᠭᠡᠷᠡᠯᠲᠦ ᠤᠳᠤᠨ ᠮᠦᠨ》 ᠬᠡᠬᠦ ᠭᠤᠤᠯ ᠰᠡᠳᠦᠪᠲᠦ ᠠᠩᠭᠢ ᠵᠢᠨ ᠬᠤᠷᠠᠯ ᠬᠢᠪᠡ᠃ ᠠ᠋ᠨᠡ ᠬᠤᠷᠠᠯ᠎ᠨᠢ ᠬᠡᠤᠬᠡᠳ ᠪᠤᠯᠭ᠋ᠠᠨ᠎ᠤ ᠴᠢᠳᠠᠮᠠᠭ᠋ᠠᠢ ᠲᠠᠯ᠎ᠠ᠎ᠪᠠᠨ ᠭᠠᠶ᠋ᠢᠬᠠᠭᠤᠯᠵᠦ᠂ ᠵᠢᠩᠬᠢᠨᠢ 《ᠬᠡᠷᠡᠯᠲᠦ ᠤᠳᠤᠨ》 ᠪᠤᠯᠬᠤ ᠵᠢ ᠵᠤᠷᠢᠬ᠍ᠵᠢᠭᠤᠯᠤᠭᠰᠠᠨ ᠦᠢ᠍ᠯᠡ ᠠᠵᠢᠯᠯᠠᠭ᠎ᠠ ᠪᠤᠯᠤᠭᠰᠠᠨ ᠶᠤᠮ᠃ ᠬᠦᠳᠡᠯᠭᠡᠭᠡᠨ ᠳᠡᠭᠡᠷ᠎ᠡ ᠬᠦᠮᠦᠨ ᠪᠦᠬᠦᠨ ᠦᠪᠡᠷ᠎ᠤᠨ ᠴᠢᠳᠠᠮᠠᠭ᠋ᠠᠢ ᠲᠠᠯ᠎ᠠ᠎ᠪᠠᠨ ᠠᠳᠠᠯᠢ ᠪᠤᠰᠤ ᠠᠷᠭ᠎ᠠ᠎ᠪᠠᠷ ᠤᠯᠠᠨ᠎ᠤ ᠠ᠋ᠮᠦᠨ᠎ᠡ ᠢᠯᠡᠷᠡᠬᠦᠯᠵᠡᠢ᠃ ᠭᠡᠪᠡᠴᠦ ᠦᠨᠦ ᠬᠦᠭᠡᠷᠦᠬᠦᠢ × × ᠮᠢᠨᠢ ᠶᠠᠭᠤ ᠴᠦ᠍ ᠲᠤᠤᠭ᠋ᠠᠷᠬᠤ ᠦᠭᠡᠢ ᠰᠠᠭᠤᠵᠦ ᠪᠠᠶ᠋ᠢᠯ᠎ᠠ᠃ ᠲᠡᠭᠡᠭᠡᠳ ᠪᠢ ᠲᠡᠬᠦᠨ᠎ᠤ ᠳᠠᠪᠠᠭᠤᠯᠢᠭ ᠲᠠᠯ᠎ᠠ ᠵᠢ᠎ᠨᠢ ᠢᠯᠠᠷᠠᠭᠦᠯᠵᠦ ᠤᠯᠠᠨ᠎ᠳᠤ ᠦᠵᠡᠭᠦᠯᠪᠡ᠃
《ᠶᠠᠳᠠᠭᠤ ᠠᠶ᠋ᠢᠯ᠎ᠤᠨ ᠬᠡᠤᠬᠡᠳ ᠠ᠋ᠷᠳᠡ ᠤᠠᠭᠭ᠋ᠠᠵᠢᠳᠠᠭ》 ᠬᠡᠰᠡᠨ ᠦᠭᠡ ᠨᠢᠭᠡ ᠴᠦ᠍ ᠪᠤᠷᠤᠭᠤ ᠦᠭᠡᠢ᠂ ᠲᠤᠰ ᠰᠤᠷᠤᠭᠴᠢ ᠬᠡᠳᠦᠶ᠋ᠢᠪᠡᠷ ᠰᠤᠷᠤᠯᠭ᠎ᠠ ᠠᠨᠠᠢ ᠪᠤᠯᠪᠠᠴᠦ ᠠᠵᠢᠯᠯᠠᠵᠦ ᠬᠦᠳᠡᠯᠮᠦᠷᠢᠯᠡᠬᠦ ᠴᠢᠳᠠᠪᠤᠷᠢ᠎ᠨᠢ ᠤᠨᠴᠠᠭ᠋ᠠᠢ ᠰᠠᠶ᠋ᠢᠨ ᠪᠠᠶ᠋ᠢᠵᠦ᠂ ᠬᠠᠷᠠᠭ᠍ᠠᠨ ᠪᠠᠭ᠎ᠠ᠎ᠠᠴᠠ᠎ᠪᠠᠨ ᠬᠡᠷ᠎ᠤᠨ ᠠᠵᠢᠯ᠎ᠳᠤ ᠭᠠᠷᠰᠢᠭᠰᠠᠨ ᠪᠠᠶ᠋ᠢᠪᠠ᠃ ᠲᠡᠬᠦᠨ᠎ᠤ ᠭᠠᠵᠠᠷ ᠱᠦᠬᠦᠷᠳᠡᠬᠦ᠂ ᠰᠢᠷᠡᠭᠡ ᠰᠠᠨᠳᠠᠯᠢ ᠳᠡᠭᠰᠢᠯᠡᠬᠦ᠂ ᠱᠠᠯᠠ ᠵᠦᠯᠬᠦᠬᠦ ᠵᠡᠷᠭᠡ ᠴᠢᠳᠠᠪᠤᠷᠢ᠎ᠨᠢ ᠪᠤᠰᠤᠳ ᠬᠡᠤᠬᠡᠳ᠎ᠤᠳ᠎ᠠᠴᠠ ᠪᠦᠷ ᠳᠠᠪᠠᠭᠰᠠᠨ ᠪᠠᠶ᠋ᠢᠳᠠᠭ᠃ ᠪᠢ ᠠ᠋ᠬᠦᠨ᠎ᠢ᠎ᠨᠢ ᠠᠳᠬᠤᠵᠦ ᠠᠩᠭᠢ ᠵᠢᠨ ᠰᠤᠷᠤᠭᠴᠢᠳ᠎ᠲᠤ ᠬᠠᠨᠳᠦᠨ᠄
— ᠮᠠᠨ᠎ᠤ ᠠᠩᠭᠢ ᠵᠢᠨ ᠬᠡᠤᠬᠡᠳ ᠪᠤᠯᠭ᠋ᠠᠨ ᠴᠦᠮ 《ᠬᠡᠷᠡᠯᠲᠦ ᠤᠳᠤᠨ》 ᠮᠦᠨ ᠪᠠᠶ᠋ᠢᠭ᠎ᠠ᠎ᠳᠤ ᠪᠠᠭᠰᠢ᠎ᠨᠢ ᠲᠤᠩ ᠪᠠᠶᠠᠷᠯᠠᠨ ᠤᠮᠤᠭᠰᠢᠵᠦ ᠪᠠᠶ᠋ᠢᠨ᠎ᠠ᠃ ᠮᠠᠨ᠎ᠤ × × ᠴᠦ᠍ ᠲᠠ ᠨᠠᠷ᠎ᠲᠠᠢ ᠠᠳᠠᠯᠢᠬᠠᠨ ᠠᠩᠭᠢ ᠵᠢᠨ ᠵᠶ᠋ᠠᠨ ᠨᠢᠭᠡᠨ 《ᠬᠡᠷᠡᠯᠲᠦ ᠤᠳᠤᠨ》 ᠰᠢᠤ᠃ ᠬᠦᠮᠦᠨ ᠪᠦᠬᠦᠨ ᠦᠪᠡᠷ᠎ᠤᠨ ᠬᠡᠰᠡᠨ ᠳᠠᠪᠠᠭᠤᠯᠢᠭ ᠲᠠᠯ᠎ᠠ᠎ᠪᠠᠷ ᠵᠶ᠋ᠠᠨ ᠠ᠋ᠨᠡ ᠠᠩᠭᠢ᠎ᠪᠠᠨ ᠬᠡᠷᠡᠯᠳᠦᠬᠦᠯᠵᠦ ᠪᠠᠶ᠋ᠢᠨ᠎ᠠ᠃ ᠬᠤᠵᠢᠮ ᠬᠡᠤᠬᠡᠳ᠎ᠤᠳ ᠮᠢᠨᠢ ᠪᠤᠰᠤᠳ᠎ᠢ ᠦᠨᠡᠯᠡᠬᠦ᠎ᠳᠤ᠎ᠪᠠᠨ ᠪᠤᠰᠤᠳ᠎ᠤᠨ ᠳᠠᠪᠠᠭᠤᠯᠢᠭ ᠲᠠᠯ᠎ᠠ ᠵᠢ ᠵᠤᠷᠢᠭᠳᠠᠢ ᠢᠯᠡᠷᠡᠬᠦᠯᠵᠦ᠂ ᠳᠤᠳᠠᠭᠳᠠᠯᠢᠨᠢ ᠪᠠᠭ᠋ᠠᠰᠬᠠᠨ ᠦᠵᠡᠬᠦ ᠶᠤᠰᠤ ᠵᠢ ᠵᠠᠪᠠᠯ ᠤᠶ᠋ᠢᠯᠠᠭ᠋ᠠᠬᠤ ᠬᠡᠷᠡᠭᠳᠡᠢ ᠰᠢᠤ ᠬᠡᠵᠦ ᠰᠤᠷᠭ᠋ᠠᠵᠦ ᠬᠦᠮᠦᠵᠢᠬᠦᠯᠦᠭᠰᠡᠨ᠎ᠠᠴᠠ ᠬᠤᠶ᠋ᠢᠰᠢ ᠬᠡᠤᠭᠡᠳ᠎ᠤᠳ ᠵᠦᠪ ᠬᠦᠮᠦᠨ ᠪᠤᠯᠬᠤ᠎ᠪᠠᠷ ᠴᠢᠷᠮᠠᠶ᠋ᠢᠵᠦ ᠠ᠋ᠬᠢᠯᠡᠵᠡᠭᠡᠭᠰᠡᠨ ᠪᠢᠯᠡ᠃
ᠦᠨᠦᠴᠢᠨ ᠬᠡᠤᠬᠡᠳ᠎ᠤᠳ᠎ᠢ ᠶᠠᠷᠢᠭᠰᠠᠭ᠋ᠠᠷ ᠪᠤᠳᠤᠯ ᠨᠢᠭᠡ ᠯᠡ ᠬᠦᠨᠳᠦᠷᠡᠬᠦ ᠶᠤᠮ᠃ ᠮᠢᠨᠤ ᠦᠨᠦ ᠵᠢᠨ ᠠ᠋ᠷᠬᠢᠯᠡᠵᠦ ᠪᠠᠶ᠋ᠢᠭ᠎ᠠ ᠠᠩᠭᠢ᠎ᠳᠤ ᠬᠡᠯᠡ ᠶᠡᠷᠢᠶᠠᠨᠤ ᠵᠡᠷᠡᠮᠳᠡᠭ᠎ᠲᠠᠢ ᠬᠦᠦ ᠰᠤᠷᠤᠭᠴᠢ ᠪᠠᠶ᠋ᠢᠳᠠᠭ᠂ ᠬᠦᠭᠡᠷᠦᠬᠦᠢ ᠠ᠋ᠨᠡ ᠬᠦᠦ ᠮᠦᠨ ᠨᠢᠭᠡᠨ ᠦᠨᠦᠴᠢᠨ ᠬᠡᠤᠬᠡᠳ ᠪᠢᠯᠡ᠃ ᠠ᠋ᠨᠡ ᠬᠦᠦ ᠵᠢᠨ ᠪᠠᠶ᠎ᠠ ᠮᠠᠭ᠍ᠠᠪᠤᠳ᠎ᠨᠢ ᠳᠠᠩᠴᠦ ᠡᠴᠡᠩᠬᠡᠢ ᠲᠤᠷᠠᠩᠬᠠᠢ ᠪᠤᠯᠬᠤᠷ ᠪᠤᠭᠴᠦ᠎ᠪᠠᠨ ᠴᠦ᠍ ᠠ᠋ᠷᠬᠦᠵᠦ ᠳᠠᠭ᠋ᠠᠭ᠋ᠠᠬᠤ ᠦᠭᠡᠢ᠃ ᠠ᠋ᠬᠡ ᠵᠢᠨ ᠵᠶ᠋ᠠᠨ ᠬᠡᠪᠡᠯᠢ᠎ᠳᠤ ᠶᠡᠭᠡ ᠬᠡᠮᠵᠢᠶᠡᠨ᠎ᠤ ᠰᠢᠮ᠎ᠡ ᠳᠡᠵᠢᠭᠡᠯ ᠳᠤᠳᠠᠭᠰᠠᠨ᠎ᠠᠴᠠ ᠪᠤᠯᠪᠠᠤ ᠬᠡᠤᠬᠡᠨ ᠬᠡᠯᠡ᠎ᠨᠢ ᠬᠦᠭᠵᠢᠬᠡ ᠦᠭᠡᠢ᠂ ᠦᠭᠡ ᠶᠠᠷᠢᠬᠤ᠎ᠳᠤ᠎ᠪᠠᠨ ᠴᠦ᠍ ᠲᠤᠳᠤ ᠦᠭᠡᠢ ᠪᠠᠶ᠋ᠢᠳᠠᠭ ᠶᠤᠮ᠃ ᠬᠡᠳᠦᠶ᠋ᠢᠪᠡᠷ ᠪᠡᠶ᠎ᠡ ᠮᠠᠭ᠍ᠠᠪᠤᠳ᠎ᠨᠢ ᠲᠤᠷᠤᠢ ᠪᠠᠭᠤᠷᠠᠢ᠂ ᠬᠦᠴᠦ ᠲᠡᠩᠬᠡᠭᠡ ᠮᠠᠭᠤᠳᠠᠢ᠂ ᠦᠰᠦᠯᠲᠡ᠎ᠨᠢ ᠤᠳᠠᠭ᠋ᠠᠨ ᠪᠤᠯᠪᠠᠴᠦ ᠤᠶᠤᠨ ᠤᠬᠠᠭ᠋ᠠᠨ᠎ᠨᠢ ᠪᠦᠳᠦᠨ᠂ ᠰᠤᠷᠤᠯᠭ᠎ᠠ ᠬᠢᠴᠢᠶᠡᠯ᠎ᠳᠤ᠎ᠪᠠᠨ ᠲᠤᠶ᠋ᠢᠯ᠎ᠤᠨ ᠴᠢᠷᠮᠠᠢ᠍ᠢ᠍ᠯᠳᠠᠲᠠᠢ ᠶᠤᠮ᠃ ᠡᠪᠦᠭᠡ ᠠ᠋ᠮᠡᠭᠡᠲᠠᠢᠪᠠᠨ ᠭᠤᠷᠪᠠᠭᠤᠯᠠ ᠠᠮᠢᠳᠤᠷᠠᠵᠦ ᠪᠠᠶ᠋ᠢᠭ᠎ᠠ ᠳᠡᠳᠡᠨᠤᠬᠢᠨᠳᠤ ᠨᠡᠶ᠋ᠢᠭᠡᠮ᠎ᠤᠨ ᠡᠯ᠎ᠡ ᠠ᠋ᠳᠡᠭᠡᠳ᠎ᠠᠴᠠ ᠬᠠᠪᠰᠤᠷᠤᠯᠭ᠎ᠠ ᠦᠵᠡᠬᠦᠯᠦᠭᠰᠡᠭᠡᠷ ᠢᠷᠡᠵᠡᠢ᠃ ᠪᠢ ᠲᠡᠬᠦᠨ᠎ᠤ ᠠᠩᠭᠢ ᠵᠢᠨ ᠠ᠋ᠷᠬᠢᠯᠡᠭᠴᠢ ᠪᠤᠯᠤᠭᠰᠠᠨ᠎ᠤ ᠬᠤᠪᠢ᠎ᠳᠤ ᠬᠡᠷ᠎ᠤᠨ ᠠᠬᠠᠮᠠᠳ ᠵᠶ᠋ᠠᠨ ᠵᠤᠬᠢᠶᠠᠨ ᠪᠠᠶ᠋ᠢᠭᠤᠯᠵᠦ᠂ ᠵᠢᠯ ᠪᠤᠯᠭ᠋ᠠᠨ ᠠᠮᠢᠳᠤᠷᠠᠯᠳᠤᠨᠢ ᠲᠤᠰᠠᠯᠠᠮᠵᠢ ᠦᠵᠡᠬᠦᠯᠳᠡᠭ᠃ ᠠ᠋ᠬᠦᠨ᠎ᠠᠴᠠ ᠭᠠᠳᠠᠨ᠎ᠠ ᠪᠢ ᠠᠩᠭᠢ ᠵᠢᠨ ᠰᠤᠷᠤᠭᠴᠢ᠎ᠪᠠᠨ ᠳᠠᠶ᠋ᠢᠴᠢᠯᠠᠨ᠂ ᠲᠤᠰ ᠰᠤᠷᠤᠭᠴᠢ ᠵᠢ ᠬᠠᠪᠰᠤᠷᠴᠦ ᠬᠠᠯᠠᠮᠵᠢᠯᠠᠭ᠍ᠤ ᠠᠵᠢᠯᠯᠠᠭ᠎ᠠ ᠵᠢ ᠪᠠᠶ᠋ᠢᠩᠭᠤ ᠵᠢᠨ ᠴᠢᠨᠠᠷᠲᠡᠢ ᠪᠠᠷᠢᠮᠳᠠᠯᠠᠭᠰᠠᠭ᠋ᠠᠷ ᠢᠷᠡᠵᠡᠢ᠃ ᠬᠡᠤᠬᠡᠳ᠎ᠤᠳ ᠮᠠᠨᠢ ᠠ᠋ᠳᠦᠷ ᠪᠤᠯᠭ᠋ᠠᠨ ᠠ᠋ᠭᠡᠯᠵᠢᠯᠡᠨ ᠲᠡᠭᠦᠨ᠎ᠤ ᠪᠢᠷ ᠨᠤᠮ᠎ᠢ᠎ᠨᠢ ᠪᠤᠭᠴᠤᠨᠠᠴᠠᠨᠢ ᠭᠠᠷᠭ᠋ᠠᠬᠤ᠂ ᠭᠠᠳᠠᠷ ᠬᠦᠷᠮ᠎ᠡ ᠵᠢ᠎ᠨᠢ ᠠ᠋ᠮᠦᠰᠬᠡᠬᠦ᠂ ᠪᠤᠭᠴᠦ ᠵᠢ᠎ᠨᠢ ᠠ᠋ᠬᠦᠷᠴᠦ ᠪᠠᠭᠤᠬᠤ᠂ ᠠᠰᠠᠷ᠎ᠤᠨ ᠱᠠᠳᠤ᠎ᠪᠠᠷ ᠬᠦᠳᠦᠯᠦᠨ ᠠᠯᠬᠤᠬᠤ ᠁ ᠵᠡᠷᠭᠡ ᠬᠠᠯᠠᠮᠵᠢᠯᠠᠭ᠍ᠤ ᠠᠵᠢᠯᠯᠠᠭ᠎ᠠ ᠵᠢ ᠬᠡᠪ᠎ᠤᠨ ᠵᠤᠷᠰᠢᠯ ᠪᠤᠯᠭ᠋ᠠᠨ ᠬᠢᠭᠰᠡᠭᠡᠷ ᠢᠷᠡᠵᠡᠢ᠃ ᠠ᠋ᠶ᠋ᠢᠨᠬᠦ ᠠ᠋ᠨᠡ ᠬᠦᠦ ᠡᠪᠦᠭᠡ ᠠ᠋ᠮᠡᠭᠡ ᠵᠢᠨ ᠳᠤᠲᠤᠮᠳᠠᠯᠭᠠ ᠪᠡ ᠠᠩᠭᠢ ᠵᠢᠨ ᠨᠠᠶ᠋ᠢᠵᠠ ᠨᠦᠬᠦᠳ᠎ᠤᠨ ᠵᠶ᠋ᠠᠨ ᠬᠠᠯᠠᠮᠵᠢᠯᠠᠯ ᠲᠤᠤᠷ᠎ᠠ ᠲᠠᠪᠤᠨ ᠵᠢᠯ᠎ᠤᠨ ᠬᠢᠴᠢᠶᠡᠯ ᠰᠤᠷᠤᠯᠭ᠎ᠠ᠎ᠪᠠᠨ ᠠᠮᠵᠢᠯᠲᠠ᠎ᠲᠠᠢ ᠦᠩᠭᠡᠷᠡᠭᠦᠯᠵᠡᠢ᠃ ᠬᠡᠳᠡᠯ᠎ᠡ 《ᠭᠠᠢ ᠭᠠᠵᠠᠷ ᠲᠤᠤᠷ᠎ᠠ᠎ᠠᠴᠠ》 ᠭᠡᠳᠡᠭ ᠵᠶ᠋ᠠᠷ 2019 ᠤᠨ᠎ᠤ 5 ᠰᠠᠷ᠎ᠠ᠎ᠳᠤ ᠲᠡᠷᠡ ᠠ᠋ᠩ᠎ᠤᠨ ᠬᠠᠨᠢᠶᠠᠳᠦ ᠲᠠᠭᠰᠢᠭᠤᠷ ᠭᠦᠷᠴᠦ ᠰᠠᠭᠦᠯᠠᠷ᠎ᠨᠢ ᠭᠦᠨᠳᠤᠷᠡᠭᠡᠳ᠂ ᠠᠮᠢᠰᠬᠤᠯ᠎ᠤᠨ ᠰᠠᠭ᠋ᠠᠳ᠎ᠲᠤ ᠤᠴᠠᠷᠠᠪᠠ᠃ ᠬᠦᠨᠳᠦ ᠡᠪᠡᠳᠴᠢᠳᠡᠨ᠎ᠤ ᠦᠷᠦᠭᠡᠨ᠎ᠳᠤ ᠠ᠋ᠮᠴᠢᠯᠡᠬᠦᠯᠵᠦ ᠪᠠᠶ᠋ᠢᠬᠤ ᠬᠤᠭᠤᠴᠠᠭ᠋ᠠᠨ᠎ᠳᠤ᠎ᠨᠢ ᠪᠢ ᠠ᠋ᠳᠦᠷ ᠪᠤᠯᠭ᠋ᠠᠨ ᠠ᠋ᠮᠨᠡᠯᠭᠡ ᠵᠢᠨ ᠬᠤᠷᠢᠶ᠎ᠠ᠎ᠳᠤ ᠤᠴᠢᠳᠠᠭ᠃ ᠤᠴᠢᠷ᠎ᠨᠢ ᠲᠡᠬᠦᠨ᠎ᠤ ᠡᠪᠦᠭᠡ ᠠ᠋ᠮᠡᠭᠡ᠎ᠨᠢ ᠨᠠᠰᠤ ᠠᠬᠢᠬᠰᠡᠨ ᠵᠶ᠋ᠠᠷ ᠪᠠᠷᠠᠭ᠍ᠤ ᠦᠭᠡᠢ ᠦᠰᠦᠭ ᠪᠢᠴᠢᠭ ᠲᠠᠨᠢᠬᠤ ᠦᠭᠡᠢ ᠪᠤᠯᠬᠤᠷ ᠠ᠋ᠮᠴᠢ᠎ᠲᠠᠢ ᠬᠠᠷᠢᠯᠴᠠᠵᠦ᠂ ᠶᠠᠭ᠋ᠠᠬᠢᠵᠦ ᠠ᠋ᠮᠨᠡᠬᠦᠯᠬᠦ ᠲᠤᠬᠠᠢ᠎ᠪᠠᠨ ᠶᠠᠷᠢᠯᠴᠠᠨ ᠵᠦᠪᠯᠠᠵᠦ ᠴᠢᠳᠠᠭ᠍ᠤ ᠦᠭᠡᠢ ᠪᠤᠯᠬᠤᠷ ᠪᠢ ᠠ᠋ᠷᠬᠡᠪᠰᠢ ᠲᠤᠬᠠᠢ ᠵᠢᠨ ᠲᠠᠯᠠᠪᠤᠷᠲᠤᠨᠢ ᠬᠦᠷᠬᠦ ᠴᠢᠬᠤᠯᠠᠲᠠᠢ ᠪᠠᠶ᠋ᠢᠯ᠎ᠠ᠃ ᠲᠤᠬᠠᠢ ᠵᠢᠨ ᠦᠶ᠎ᠡ᠎ᠳᠤ ᠠᠮᠢᠰᠬᠤᠯ᠎ᠤᠨ ᠠ᠋ᠷᠭᠡᠳᠡᠨᠨᠢ ᠤᠯᠠᠮ ᠵᠶ᠋ᠠᠷ ᠮᠠᠭᠤᠳᠠᠵᠦ᠂ ᠪᠠᠴᠢᠮ ᠠᠪᠤᠷᠠᠯᠳᠠ᠎ᠳᠤ ᠤᠷᠤᠭ᠋ᠠᠳ᠂ ᠯᠤᠳᠤ ᠶᠡᠭᠡ ᠠ᠋ᠮᠨᠡᠯᠭᠡ ᠵᠢᠨ ᠰᠦᠢ᠍ᠳᠭᠡᠯ ᠲᠤᠰᠢᠶᠠᠭ᠍ᠤ ᠬᠡᠷᠡᠭᠳᠡᠢ ᠪᠤᠯᠤᠭᠰᠠᠨ ᠦᠶ᠎ᠡ᠎ᠳᠤ᠎ᠨᠢ ᠪᠢ ᠶᠠᠭ ᠯᠡ ᠲᠡᠬᠦᠨ᠎ᠤ ᠬᠡᠷ᠎ᠤᠨ ᠬᠦᠮᠦᠨ᠎ᠨᠢ ᠰᠢᠭ ᠰᠠᠨᠳᠤᠷᠤᠨ ᠳᠡᠪᠡᠳᠠᠬᠦ ᠵᠢᠨ ᠵᠡᠷᠭᠡ᠎ᠪᠠᠷ ᠲᠤᠰᠠᠯᠠᠮᠵᠢ ᠦᠭᠴᠦ ᠲᠡᠶ᠋ᠢᠯᠬᠦ ᠪᠠᠶ᠋ᠢᠭᠤᠯᠤᠮᠵᠢ᠎ᠲᠠᠢ ᠴᠦᠮ ᠬᠤᠯᠪᠤᠭ᠎ᠠ ᠠᠪᠴᠦ ᠪᠠᠶ᠋ᠢᠭ᠋ᠠᠳ ᠬᠡᠤᠬᠡᠳ᠎ᠤᠨ ᠠᠮᠢ ᠵᠢ ᠠᠪᠤᠷᠠᠭ᠍ᠤᠪᠠᠷ ᠬᠦᠴᠦᠯᠡᠭᠰᠡᠨ ᠪᠢᠯᠡ᠃ 《ᠲᠤᠰᠤᠯᠢ ᠬᠤᠷᠢᠶᠠᠪᠠᠯ ᠳᠠᠯᠠᠢ ᠪᠤᠯᠤᠨ᠎ᠠ》 ᠭᠡᠳᠡᠭ ᠳᠠᠪᠴᠠᠩ ᠵᠶ᠋ᠠᠷ ᠳᠠᠮᠵᠢᠨ᠂ ᠬᠠᠯᠠᠭᠤᠨ ᠰᠡᠳᠬᠢᠯᠲᠦ ᠬᠦᠮᠦᠰ᠎ᠤᠨ ᠳᠡᠮᠵᠢᠯᠭᠡ ᠲᠤᠤᠷ᠎ᠠ ᠪᠢᠰᠢᠬᠦᠢ ᠤᠯᠠᠨ ᠠ᠋ᠮᠨᠡᠬᠦᠯᠬᠦ ᠵᠤᠭᠤᠰ ᠴᠤᠭᠯᠠᠭᠤᠯᠤᠭ᠋ᠠᠳ᠂ ᠳᠠᠷᠤᠢ ᠲᠤᠤᠷ᠎ᠠ᠎ᠨᠢ ᠠ᠋ᠮᠴᠢᠯᠡᠬᠦᠯᠦᠭᠰᠡᠨᠠᠴᠠ ᠬᠠᠭ᠋ᠠᠰ ᠵᠢᠯ ᠭᠠᠷᠤᠢ ᠵᠢᠨ ᠵᠠᠰᠠᠯᠭ᠎ᠠ᠎ᠪᠠᠷ ᠦᠨᠦ ᠨᠡᠯᠢᠶᠡᠳ ᠢᠯᠡᠷᠢ ᠪᠤᠯᠤᠭᠰᠠᠨ ᠪᠠᠢ᠍ᠢ᠍ᠨ᠎ᠠ᠃ ᠲᠤᠰ ᠰᠤᠷᠤᠭᠴᠢ ᠵᠢᠨ ᠠ᠋ᠮᠨᠡᠯᠭᠡ᠎ᠳᠤ ᠰᠠᠭᠤᠵᠦ ᠪᠠᠶ᠋ᠢᠭ᠎ᠠ ᠬᠤᠭᠤᠴᠠᠭ᠋ᠠᠨ᠎ᠳᠤ᠎ᠨᠢ ᠪᠢ ᠲᠤᠭ᠎ᠠ ᠦᠭᠡᠢ ᠤᠯᠠᠨ ᠤᠳᠠᠭ᠎ᠠ ᠬᠡᠷ᠎ᠤᠨ ᠬᠤᠭᠤᠯᠠ᠎ᠪᠠᠨ ᠬᠦᠷᠭᠡᠵᠦ ᠬᠠᠷᠠᠭ᠋ᠠᠯᠵᠠᠭᠰᠠᠨ᠎ᠠᠴᠠ ᠲᠡᠬᠦᠨ᠎ᠤ ᠨᠠᠳᠠ᠎ᠳᠤ ᠨᠠᠶ᠋ᠢᠳᠠᠮᠠᠳᠠᠭ᠋ᠠᠢ ᠰᠡᠳᠬᠢᠯ᠎ᠨᠢ ᠡᠪᠦᠭᠡ ᠠ᠋ᠮᠡᠭᠡᠠᠴᠠᠪᠠᠨ ᠳᠠᠪᠠᠴᠢᠬᠠᠭᠰᠠᠨ ᠪᠠᠶ᠋ᠢᠯ᠎ᠠ᠃
ᠠᠯᠢ ᠨᠢᠭᠡᠨ ᠠᠩᠭᠢ ᠵᠢᠨ ᠠ᠋ᠷᠬᠢᠯᠡᠭᠴᠢ ᠪᠠᠭᠰᠢ᠎ᠳᠤ ᠴᠦ᠍ ᠦᠨᠦᠴᠢᠨ ᠦᠷᠦᠭᠡᠰᠦᠨ ᠬᠡᠤᠬᠡᠳ ᠳᠠᠭ᠋ᠠᠷᠠᠯᠳᠤᠬᠤᠨᠢ ᠠ᠋ᠩ᠎ᠤᠨ ᠶᠠᠪᠤᠳᠠᠯ ᠡ᠃ ᠠ᠋ᠳᠡᠭᠡᠷ ᠬᠡᠤᠬᠡᠳ᠎ᠲᠤ ᠪᠢᠳᠡ ᠢᠯᠡᠬᠦᠬᠡᠨ ᠬᠠᠶ᠋ᠢᠷ᠎ᠠ ᠬᠠᠯᠠᠮᠵᠢ᠎ᠪᠠᠨ ᠬᠦᠷᠳᠡᠭᠡᠵᠦ᠂ ᠵᠦᠪ ᠵᠠᠮ ᠵᠶ᠋ᠠᠷ ᠰᠠᠶ᠋ᠢᠬᠠᠨ ᠬᠦᠳᠦᠯᠬᠦ᠎ᠳᠤ ᠬᠦᠷᠪᠡᠯ ᠬᠤᠵᠢᠮ ᠢᠷᠡᠭᠡᠳᠦᠢ᠎ᠳᠤ ᠨᠡᠶ᠋ᠢᠭᠡᠮ ᠨᠡᠶ᠋ᠢᠳᠡ᠎ᠳᠤ᠎ᠪᠠᠨ ᠲᠤᠰᠠᠲᠠᠢ ᠬᠦᠮᠦᠨ ᠪᠤᠯᠬᠤ᠎ᠨᠢ ᠳᠠᠮᠵᠢᠭ ᠦᠭᠡᠢ᠃ ᠠ᠋ᠶ᠋ᠢᠮᠦ᠎ᠠᠴᠠ ᠪᠢᠳᠡ ᠨᠡᠶ᠋ᠢᠭᠡᠮ ᠨᠡᠶ᠋ᠢᠳᠡ ᠵᠢᠨ ᠠ᠋ᠶ᠎ᠡ ᠵᠤᠬᠢᠴᠠᠩᠭᠤᠢ ᠬᠦᠭᠵᠢᠯ᠎ᠤᠨ ᠲᠦᠯᠦᠭᠡ ᠬᠠᠶ᠋ᠢᠷ᠎ᠠ ᠲᠤᠳᠠᠭᠰᠠᠨ ᠬᠡᠤᠬᠡᠳ᠎ᠲᠤ ᠶᠡᠬᠡᠬᠡᠨ ᠬᠠᠯᠠᠮᠵᠢ᠎ᠪᠠᠨ ᠬᠦᠷᠳᠡᠭᠡᠵᠦ ᠪᠠᠶ᠋ᠢᠶ᠎ᠠ᠃
ᠭᠤᠷᠪᠠ᠂ ᠬᠢᠴᠢᠶᠡᠯ ᠲᠦᠷᠦᠯ᠎ᠤᠨ ᠪᠠᠭᠰᠢ ᠨᠠᠷ᠎ᠲᠠᠢ ᠰᠠᠶ᠋ᠢᠳᠤᠷ ᠬᠠᠮᠵᠢᠯᠴᠠᠭ᠍ᠤ ᠬᠡᠷᠡᠭᠳᠡᠢ᠃
ᠠᠩᠭᠢ ᠵᠢᠨ ᠠ᠋ᠷᠬᠢᠯᠡᠭᠴᠢ ᠪᠤᠯᠤᠭᠰᠠᠨ ᠪᠠᠭᠰᠢ ᠦᠪᠡᠷ᠎ᠤᠨ ᠵᠢᠭ᠋ᠠᠵᠦ ᠪᠠᠶ᠋ᠢᠭ᠎ᠠ ᠬᠢᠴᠢᠶᠡᠯ ᠲᠦᠷᠦᠯ ᠵᠶ᠋ᠠᠨ ᠰᠠᠶ᠋ᠢᠨ ᠵᠢᠭ᠋ᠠᠭ᠋ᠠᠳ ᠯᠡ ᠪᠤᠯᠬᠤ ᠦᠭᠡᠢ᠂ ᠦᠪᠡᠷ᠎ᠤᠨ ᠴᠢᠨᠢ ᠠᠩᠭᠢ ᠠ᠋ᠷᠭᠡᠪᠰᠢ ᠡᠯ᠎ᠡ ᠬᠢᠴᠢᠶᠡᠯ ᠲᠦᠷᠦᠯ᠎ᠳᠤ᠎ᠪᠠᠨ ᠪᠦᠷ ᠰᠢᠯᠢᠳᠡᠭ ᠰᠠᠶ᠋ᠢᠨ ᠪᠠᠶ᠋ᠢᠪᠠᠯ ᠵᠤᠬᠢᠨ᠎ᠠ ᠭᠡᠵᠦ ᠪᠢ ᠪᠤᠳᠤᠳᠠᠭ᠃ ᠠ᠋ᠶ᠋ᠢᠮᠦ᠎ᠠᠴᠠ ᠰᠢᠯᠢᠳᠡᠭ ᠠᠩᠭᠢ ᠨᠢᠭᠡᠴᠢ ᠵᠢ ᠪᠠᠶ᠋ᠢᠭᠤᠯᠬᠤ᠎ᠨᠢ ᠠᠩᠭᠢ ᠵᠢᠨ ᠠ᠋ᠷᠬᠢᠯᠡᠭᠴᠢ ᠪᠠᠭᠰᠢ ᠵᠢᠨ ᠭᠠᠭᠴᠠ ᠬᠦᠮᠦᠨ᠎ᠤ ᠤᠴᠢᠷ ᠪᠢᠰᠢ᠂ ᠠᠩᠭᠢ ᠵᠢᠨ ᠠ᠋ᠷᠬᠢᠯᠡᠭᠴᠢ ᠪᠠᠭᠰᠢ ᠠ᠋ᠷᠬᠡᠪᠰᠢ ᠦᠪᠡᠷ᠎ᠤᠨ ᠠᠩᠭᠢ᠎ᠳᠤ᠎ᠪᠠᠨ ᠬᠢᠴᠢᠶᠡᠯ ᠤᠷᠤᠵᠦ ᠪᠠᠶ᠋ᠢᠭ᠎ᠠ ᠡᠯ᠎ᠡ ᠬᠢᠴᠢᠶᠡᠯ ᠲᠦᠷᠦᠯ᠎ᠤᠨ ᠪᠠᠭᠰᠢ ᠨᠠᠷ᠎ᠲᠠᠢ ᠰᠠᠶ᠋ᠢᠳᠦᠷ ᠬᠠᠮᠵᠢᠯᠴᠠᠵᠦ᠂ ᠬᠦᠴᠦᠨ ᠵᠶ᠋ᠠᠨ ᠨᠢᠭᠡᠳᠬᠡᠪᠡᠯ ᠠᠩᠭᠢ᠎ᠪᠠᠨ ᠨᠡᠩ ᠰᠢᠯᠢᠳᠡᠭ ᠪᠤᠯᠭ᠋ᠠᠵᠦ ᠴᠢᠳᠠᠨ᠎ᠠ᠃ 2014 ᠤᠨ᠎ᠤ ᠨᠠᠮᠤᠷ᠎ᠠᠴᠠ ᠪᠢ ᠬᠤᠶᠠᠳᠤᠭ᠋ᠠᠷ ᠠ᠋ᠭᠡᠯᠵᠢ ᠵᠢᠨ ᠠᠩᠭᠢ᠎ᠪᠠᠨ ᠲᠤᠰᠪᠠ᠃ ᠮᠡᠳᠡᠭᠡᠵᠢ᠎ᠪᠠᠷ᠂ ᠨᠡᠶ᠋ᠢᠭᠡᠮ᠎ᠤᠨ ᠬᠡᠯᠡ ᠤᠷᠴᠢᠨ᠎ᠤ ᠨᠦᠯᠦᠭᠡ᠎ᠠᠴᠠ ᠪᠤᠯᠵᠦ ᠮᠠᠨ᠎ᠤ ᠮᠤᠩᠭᠤᠯ ᠰᠤᠷᠭ᠋ᠠᠭᠤᠯᠢ᠎ᠳᠤ ᠤᠷᠤᠵᠦ ᠢᠷᠡᠭᠰᠡᠨ ᠬᠡᠤᠬᠡᠳ᠎ᠤᠳ᠎ᠤᠨ ᠲᠤᠳᠤᠷ᠎ᠠ ᠮᠤᠩᠭᠤᠯ ᠦᠭᠡ᠎ᠪᠠᠨ ᠪᠦᠷᠢᠨ ᠪᠦᠳᠦᠨ ᠶᠠᠷᠢᠵᠦ ᠴᠢᠳᠠᠳᠠᠭ᠎ᠨᠢ ᠳᠡᠮᠡᠢ ᠬᠡᠳᠦ ᠦᠭᠡᠢ ᠪᠠᠶ᠋ᠢᠯ᠎ᠠ᠃ ᠤᠨᠴᠠᠭ᠋ᠠᠶ᠋ᠢᠯᠠᠨ᠂ ᠮᠠᠨ᠎ᠤ ᠠ᠋ᠨᠡᠬᠦ ᠠ᠋ᠸᠡᠩᠬᠢ᠂ ᠳᠠᠭᠤᠷ᠂ ᠬᠤᠷᠴᠢᠨ ᠮᠤᠩᠭᠤᠯ᠂ ᠪᠤᠷᠢᠶᠠᠳ ᠮᠤᠩᠭᠤᠯ᠂ ᠦᠭᠡᠯᠡᠳ ᠮᠤᠩᠭᠤᠯ ᠁ ᠵᠡᠷᠭᠡ ᠠᠳᠠᠯᠢ ᠪᠤᠰᠤ ᠦᠨᠳᠦᠰᠦᠲᠡᠨ ᠶᠠᠰᠤᠳᠠᠨ ᠲᠦᠪᠯᠡᠷᠡᠨ ᠰᠠᠭᠤᠭᠰᠠᠨ ᠬᠤᠰᠢᠭᠤᠨ᠎ᠳᠤ ᠠᠪᠴᠦ ᠬᠡᠯᠡᠪᠡᠯ ᠮᠤᠩᠭᠤᠯ ᠬᠡᠯᠡ ᠪᠢᠴᠢᠭ᠎ᠤᠨ ᠬᠢᠴᠢᠶᠡᠯ᠎ᠢ ᠵᠢᠭ᠋ᠠᠨ ᠰᠤᠷᠭ᠋ᠠᠬᠤ᠎ᠨᠢ ᠮᠠᠰᠢ ᠬᠦᠴᠢᠷᠳᠡᠢ ᠬᠢᠴᠢᠶᠡᠯ ᠲᠦᠷᠦᠯ ᠪᠤᠯᠤᠭ᠋ᠠᠳ ᠪᠠᠶ᠋ᠢᠪᠠ᠃ ᠠ᠋ᠨᠡ ᠪᠠᠶ᠋ᠢᠳᠠᠯ᠎ᠳᠤ ᠴᠢᠭᠯᠡᠬᠦᠯᠦᠨ ᠪᠢ ᠮᠤᠩᠭᠤᠯ ᠬᠡᠯᠡ ᠪᠢᠴᠢᠭ᠎ᠤᠨ ᠬᠢᠴᠢᠶᠡᠯ ᠤᠷᠤᠳᠠᠭ ᠪᠠᠭᠰᠢ ᠵᠢ ᠬᠠᠪᠰᠤᠷᠤᠨ ᠳᠡᠮᠵᠢᠵᠦ ᠠ᠋ᠬᠢᠯᠡᠪᠡ᠃
ᠶᠠᠭᠤᠨ᠎ᠤ ᠲᠦᠷᠦᠬᠦᠨ᠎ᠳᠤ ᠪᠢ ᠰᠤᠷᠤᠭᠴᠢ ᠬᠤᠭᠤᠷᠤᠨᠳᠦ᠎ᠪᠠᠨ ᠮᠤᠩᠭᠤᠯ ᠵᠶ᠋ᠠᠷ ᠶᠠᠷᠢᠬᠤ ᠵᠢ᠎ᠨᠢ ᠴᠢᠨᠭᠭ᠎ᠠ ᠱᠠᠭ᠋ᠠᠷᠳᠠᠵᠦ᠂ ᠦᠪᠡᠷ ᠵᠶ᠋ᠠᠨ ᠬᠡᠳᠦᠶ᠋ᠢᠪᠡᠷ ᠬᠢᠳᠠᠳ ᠬᠡᠯᠡᠨ᠎ᠤ ᠪᠠᠭᠰᠢ ᠪᠤᠯᠪᠠᠴᠦ ᠰᠤᠷᠤᠭᠴᠢᠳ᠎ᠲᠤ᠎ᠪᠠᠨ ᠳᠠᠭᠤᠷᠢᠶᠠᠯ ᠪᠤᠯᠬᠤ ᠵᠢᠨ ᠲᠦᠯᠦᠭᠡ ᠳᠡᠳᠡᠨ᠎ᠲᠠᠢ ᠮᠤᠩᠭᠤᠯ ᠵᠶ᠋ᠠᠷ ᠶᠠᠷᠢᠬᠤ ᠵᠢ ᠪᠠᠷᠢᠮᠳᠠᠯᠠᠵᠦ ᠠ᠋ᠬᠢᠯᠡᠪᠡ᠃ ᠠ᠋ᠬᠦᠨ᠎ᠤ ᠬᠠᠮᠳᠦ ᠦᠷᠯᠦᠭᠡ ᠵᠢᠨ ᠤᠩᠰᠢᠯᠭ᠎ᠠ ᠪᠦᠷᠢ᠎ᠳᠤ ᠠ᠋ᠷᠳᠡᠯᠡᠨ ᠢᠷᠡᠵᠦ᠂ ᠰᠢᠨ᠎ᠡ ᠰᠤᠷᠤᠭᠰᠠᠨ ᠦᠭᠡᠰ᠎ᠢ᠎ᠨᠢ ᠰᠤᠨᠤᠰᠴᠦ ᠪᠢᠴᠢᠨ᠂ ᠠᠯᠳᠠᠵᠦ ᠲᠠᠰᠢᠶᠠᠷᠠᠭᠰᠠᠨᠢ ᠳᠠᠷᠤᠢ ᠳᠤᠤᠷ᠎ᠠ᠎ᠨᠢ ᠵᠠᠰᠠᠭᠤᠯᠤᠭ᠋ᠠᠳ᠂ ᠮᠤᠩᠭᠤᠯ ᠬᠡᠯᠡ ᠪᠢᠴᠢᠭ᠎ᠤᠨ ᠤᠩᠰᠢᠯᠭ᠎ᠠ ᠵᠢ᠎ᠨᠢ ᠬᠢᠯᠭᠡᠳᠡᠭ᠃ ᠢᠩᠬᠢᠵᠦ ᠪᠠᠷᠢᠮᠳᠠᠯᠠᠭᠰᠠᠨᠤ ᠳ᠋ᠦᠩ᠎ᠳᠤ ᠮᠠᠨ᠎ᠤ ᠰᠤᠷᠤᠭᠴᠢᠳ ᠠ᠋ᠳᠦᠷ᠎ᠤᠨ ᠰᠤᠷᠤᠭᠰᠠᠨ ᠵᠶ᠋ᠠᠨ ᠠ᠋ᠳᠦᠷ᠎ᠲᠤ᠎ᠨᠢ ᠪᠠᠳᠤᠳᠬᠠᠨ᠂ ᠳᠠᠷᠠᠭ᠎ᠠ ᠦᠷᠯᠦᠭᠡᠨᠤ ᠠᠩᠭᠢ ᠵᠢᠨ ᠠ᠋ᠷᠬᠢᠯᠡᠭᠴᠢ ᠪᠠᠭᠰᠢ ᠵᠢᠨ ᠰᠤᠨᠤᠰᠴᠦ ᠪᠢᠴᠢᠬᠦ ᠳᠠᠪᠠᠭ᠎ᠠ ᠵᠢ ᠰᠢᠯᠤᠭᠤᠬᠠᠨ ᠳᠠᠪᠠᠶ᠎ᠠ ᠭᠡᠵᠦ ᠴᠢᠷᠮᠠᠶ᠋ᠢᠵᠠᠭ᠋ᠠᠳᠠᠭ ᠪᠤᠯᠤᠭᠰᠠᠨ ᠪᠠᠶ᠋ᠢᠨ᠎ᠠ᠃ ᠮᠠᠨ᠎ᠤ ᠠᠩᠭᠢ ᠬᠡᠯᠡ ᠪᠢᠴᠢᠭ᠎ᠤᠨ ᠬᠢᠴᠢᠶᠡᠯ ᠵᠶ᠋ᠠᠨ ᠰᠠᠶ᠋ᠢᠨ ᠰᠤᠷᠤᠭᠰᠠᠨ᠎ᠠᠴᠠ ᠲᠤᠭ᠋ᠠᠨ᠎ᠤ ᠬᠢᠴᠢᠶᠡᠯ᠎ᠤᠨ ᠤᠩᠰᠢᠨ ᠤᠶ᠋ᠢᠯᠠᠭ᠋ᠠᠬᠤ ᠴᠢᠳᠠᠪᠤᠷᠢ᠎ᠨᠢ ᠴᠦ᠍ ᠰᠠᠶ᠋ᠢᠨ ᠪᠤᠯᠵᠠᠢ᠃ ᠬᠡᠪᠡᠴᠦ ᠴᠡᠭᠡᠵᠢ ᠪᠤᠳᠤᠯᠭ᠎ᠠ ᠵᠢᠨ ᠲᠠᠯ᠎ᠠ᠎ᠪᠠᠷ ᠬᠠᠶᠠ ᠵᠠᠷᠢᠮ ᠰᠤᠷᠤᠭᠴᠢ ᠮᠦᠨ ᠴᠦ᠍ ᠠᠨᠠᠶ᠋ᠢᠬᠠᠨ ᠲᠤᠯᠠ ᠪᠢ ᠬᠡᠷ᠎ᠤᠨ ᠠᠬᠠᠮᠠᠳ᠎ᠲᠠᠢ᠎ᠪᠠᠨ ᠬᠠᠮᠵᠢᠯᠴᠠᠨ᠂ ᠠ᠋ᠳᠡᠭᠡᠷ ᠰᠤᠷᠤᠭᠴᠢᠳ᠎ᠲᠤ ᠠ᠋ᠳᠦᠷ ᠪᠤᠯᠭ᠋ᠠᠨ ᠴᠡᠭᠡᠵᠢ᠎ᠪᠠᠷ ᠪᠤᠳᠤᠬᠤ ᠪᠤᠯᠪᠠᠰᠤᠷᠠᠯ ᠬᠢᠯᠭᠡᠬᠦ ᠵᠢ ᠪᠠᠷᠢᠮᠳᠠᠯᠠᠪᠠ᠃ ᠠ᠋ᠨᠡ ᠮᠡᠳᠦᠴᠢᠯᠡᠨ ᠪᠢ ᠡᠯ᠎ᠡ ᠲᠦᠷᠦᠯ᠎ᠤᠨ ᠪᠠᠭᠰᠢ᠎ᠲᠠᠢ ᠪᠠᠶ᠋ᠢᠩᠭᠤ ᠨᠡᠪᠳᠡᠷᠡᠯᠴᠠᠬᠦ᠎ᠪᠠᠷ ᠳᠠᠮᠵᠢᠨ ᠰᠤᠷᠤᠭᠴᠢᠳ᠎ᠤᠨ ᠪᠤᠰᠤᠳ ᠬᠢᠴᠢᠶᠡᠯ ᠳᠡᠭᠡᠷᠡᠬᠢ ᠢᠯᠡᠷᠡᠯ᠎ᠢ᠎ᠨᠢ ᠳᠠᠷᠤᠢ ᠳᠤᠤᠷ᠎ᠠ᠎ᠨᠢ ᠤᠶ᠋ᠢᠯᠠᠭ᠋ᠠᠵᠦ᠂ ᠬᠦᠯᠢᠴᠡᠩᠭᠦᠢ ᠳᠠᠭ᠋ᠠᠭ᠋ᠠᠮᠠᠭ᠋ᠠᠢ ᠬᠦᠮᠦᠵᠢᠬᠦᠯᠵᠦ ᠤᠷᠤᠯᠳᠤᠭᠰᠠᠨ᠎ᠠᠴᠠ ᠮᠠᠨ᠎ᠤ ᠠᠩᠭᠢ ᠬᠤᠭᠤᠴᠠᠭ᠎ᠠ ᠪᠤᠯᠭ᠋ᠠᠨ᠎ᠤ ᠬᠤᠭᠤᠴᠠᠭ᠋ᠠᠨ ᠡᠴᠦᠰ᠎ᠤᠨ ᠪᠠᠶ᠋ᠢᠴᠠᠭ᠋ᠠᠯᠲᠠ᠎ᠳᠤ ᠡᠯ᠎ᠡ ᠬᠢᠴᠢᠶᠡᠯ ᠲᠦᠷᠦᠯ᠎ᠳᠤ᠎ᠪᠠᠨ ᠴᠦᠮ ᠤᠨ ᠳᠤᠲᠤᠷ᠎ᠠ᠎ᠪᠠᠨ ᠤᠷᠤᠶ᠋ᠢᠯᠠᠳᠠᠭ ᠪᠤᠯᠪᠠ᠃ ᠬᠢᠷᠢ ᠲᠡᠩᠴᠡᠯᠲᠡ ᠵᠢᠨ ᠨᠤᠷᠮ᠎ᠠ᠎ᠨᠢ ᠴᠦ᠍ ᠪᠤᠰᠤᠳ ᠠᠩᠭᠢ᠎ᠠᠴᠠ ᠦᠨᠳᠦᠷᠬᠡᠨ ᠪᠠᠶ᠋ᠢᠯ᠎ᠠ᠃ ᠢᠩᠬᠢᠭᠰᠡᠨ᠎ᠠᠴᠠ ᠠᠩᠭᠢ ᠵᠢᠨ ᠰᠤᠷᠤᠯᠴᠠᠭ᠍ᠤ ᠠᠭᠤᠷ ᠠᠮᠢᠰᠬᠤᠯ ᠤᠯᠠᠮ᠎ᠠᠴᠠ ᠰᠠᠶ᠋ᠢᠵᠢᠷᠠᠭᠰᠠᠨ ᠪᠠᠶ᠋ᠢᠨ᠎ᠠ᠃ 《ᠨᠢᠭᠡ ᠰᠤᠷᠤᠭᠴᠢ᠎ᠳᠤ ᠠᠪᠴᠦ ᠬᠡᠯᠡᠪᠡᠯ ᠵᠦᠪᠬᠡᠨ ᠰᠠᠶ᠋ᠢᠨ ᠵᠢᠭ᠋ᠠᠳᠠᠭ ᠪᠠᠭᠰᠢ ᠲᠤᠬᠢᠶᠠᠯᠳᠤᠪᠠᠯ ᠠ᠋ᠨᠡ ᠬᠡᠤᠬᠡᠳ ᠰᠠᠶ᠋ᠢᠨ ᠰᠤᠷᠤᠭ᠋ᠠᠳ ᠲᠡᠶ᠋ᠢᠯᠦᠨ᠎ᠡ ᠭᠡᠵᠦ ᠬᠡᠯᠡᠬᠦ ᠵᠢᠨ ᠠᠷᠭ᠎ᠠ ᠦᠭᠡᠢ᠂ ᠬᠠᠷᠢᠨ ᠲᠡᠬᠦᠨ᠎ᠳᠤ ᠨᠢᠭᠡᠨ ᠰᠠᠶ᠋ᠢᠨ ᠬᠠᠮᠳᠤᠯᠢᠭ ᠲᠤᠬᠢᠶᠠᠯᠳᠤᠬᠤ᠎ᠨᠢ ᠲᠡᠬᠦᠨ᠎ᠤ ᠦᠰᠦᠨ ᠪᠤᠶ᠋ᠢᠵᠢᠯᠲᠠ ᠬᠢᠭᠡᠳ ᠠᠯᠬᠤᠮ ᠳᠠᠪᠰᠢᠯᠲᠠ᠎ᠳᠤ ᠠ᠋ᠶᠡᠷᠬᠦ ᠨᠦᠯᠦᠭᠡ ᠪᠤᠯᠵᠦ᠂ ᠰᠠᠶ᠋ᠢᠨ ᠰᠤᠷᠬᠤ᠎ᠳᠤᠨᠢ ᠠ᠋ᠷᠴᠢ ᠬᠦᠴᠦ ᠦᠭᠳᠡᠭ》 ᠬᠡᠵᠦ ᠨᠢᠭᠡᠨ ᠠ᠋ᠷᠳᠡᠮᠳᠡᠨ ᠶᠠᠷᠢᠵᠦ ᠦᠩᠭᠡᠷᠡᠭᠰᠡᠨ᠃ ᠠ᠋ᠶ᠋ᠢᠮᠦ᠎ᠠᠴᠠ ᠪᠢ ᠲᠡᠷᠡ᠎ᠬᠦ ᠦᠭᠡᠳᠡ ᠳᠠᠪᠰᠢᠯᠲᠠ᠎ᠲᠠᠢ 《ᠬᠠᠮᠳᠤᠯᠢᠭ》᠎ᠢ ᠪᠠᠶ᠋ᠢᠭᠤᠯᠬᠤ᠎ᠪᠠᠷ ᠨᠡᠩ ᠴᠢᠷᠮᠠᠶ᠋ᠢᠨ᠎ᠠ᠃
ᠲᠦᠷᠪᠡ᠂ ᠬᠡᠷ᠎ᠤᠨ ᠠᠬᠠᠮᠠᠳ ᠨᠢᠭᠡᠪᠦᠷᠢ ᠵᠢ ᠬᠦᠨᠳᠦᠳᠬᠡᠨ ᠤᠶ᠋ᠢᠯᠠᠭ᠋ᠠᠬᠤ ᠬᠡᠷᠡᠭᠳᠡᠢ᠃
ᠪᠠᠭᠰᠢ ᠨᠠᠷ᠎ᠤᠨ ᠶᠠᠷᠢᠶ᠎ᠠ ᠵᠤᠭᠤᠭ᠎ᠠᠴᠠ ᠠᠯᠢ ᠨᠢᠭᠡ ᠬᠡᠷ᠎ᠤᠨ ᠠᠬᠠᠮᠠᠳ᠎ᠨᠢ ᠬᠡᠤᠬᠡᠳ ᠵᠶ᠋ᠠᠨ ᠬᠠᠮᠢᠶᠠᠷᠬᠤ ᠦᠭᠡᠢ ᠪᠠᠶ᠋ᠢᠨ᠎ᠠ᠂ ᠠᠯᠢ ᠨᠢᠭᠡ ᠬᠡᠷ᠎ᠤᠨ ᠠᠬᠠᠮᠠᠳ᠎ᠨᠢ ᠪᠠᠭᠰᠢ᠎ᠲᠠᠢ ᠬᠠᠮᠵᠢᠯᠴᠠᠭ᠍ᠤ ᠦᠭᠡᠢ ᠪᠠᠶ᠋ᠢᠨ᠎ᠠ ᠭᠡᠵᠦ ᠠ᠋ᠯᠳᠡᠪ 《ᠵᠤᠪᠠᠯᠠᠩ》 ᠲᠤᠭ᠋ᠠᠴᠢᠬᠤ ᠵᠢ᠎ᠨᠢ ᠳᠠᠩᠳᠠ ᠰᠤᠨᠤᠰᠳᠠᠬ᠃ ᠠ᠋ᠨᠡ ᠪᠤᠯ ᠠ᠋ᠩ᠎ᠤᠨ ᠦᠵᠡᠭᠳᠡᠯ᠂ ᠪᠢ ᠴᠦ᠍ ᠬᠡᠰᠡᠨ ᠰᠠᠶᠢ ᠠ᠋ᠬᠢᠯᠡᠬᠦᠳᠤᠪᠠᠨ ᠢᠩᠬᠢᠵᠦ ᠶᠠᠷᠢᠳᠠᠭ ᠯᠡ ᠪᠠᠶ᠋ᠢᠭᠰᠠᠨ᠂ ᠬᠤᠵᠢᠮ᠎ᠨᠢ ᠢᠩᠬᠢᠵᠦ ᠶᠠᠷᠢᠬᠤ᠎ᠨᠢ ᠪᠤᠷᠤᠭᠤ ᠭᠡᠳᠡᠭ ᠵᠶ᠋ᠠᠨ ᠮᠠᠳᠠᠵᠠᠢ᠃ ᠠ᠋ᠨᠡ᠎ᠨᠢ ᠮᠢᠨᠤ ᠬᠡᠤᠬᠡᠨ᠎ᠤ ᠰᠤᠷᠭ᠋ᠠᠭᠤᠯᠢ᠎ᠳᠤ ᠤᠷᠤᠭᠰᠠᠨ᠎ᠲᠠᠢ ᠬᠤᠯᠪᠤᠭ᠎ᠠ᠎ᠲᠠᠢ ᠶᠤᠮ᠃ ᠬᠡᠤᠬᠡᠨ ᠮᠢᠨᠢ ᠰᠤᠷᠭ᠋ᠠᠭᠤᠯᠢ᠎ᠳᠤ ᠤᠷᠤᠭᠰᠠᠨ᠎ᠠᠴᠠ ᠬᠤᠶ᠋ᠢᠰᠢ ᠪᠢ ᠴᠦ᠍ ᠬᠡᠰᠡᠨ ᠬᠡᠷ᠎ᠤᠨ ᠠᠬᠠᠮᠠᠳ ᠪᠤᠯᠪᠠ᠃ ᠦᠪᠡᠷ ᠵᠶ᠋ᠠᠨ ᠬᠡᠷ᠎ᠤᠨ ᠠᠬᠠᠮᠠᠳ ᠪᠤᠯᠤᠭᠰᠠᠨ᠎ᠤ ᠳᠠᠷᠠᠭ᠎ᠠ᠂ ᠬᠡᠷ᠎ᠤᠨ ᠠᠬᠠᠮᠠᠳ ᠪᠤᠯᠬᠤ᠎ᠨᠢ ᠲᠡᠶ᠋ᠢᠮᠦ ᠴᠦ᠍ ᠬᠢᠯᠪᠠᠷ ᠪᠢᠰᠢ ᠭᠡᠳᠡᠭ᠎ᠢ ᠤᠶ᠋ᠢᠯᠠᠭ᠋ᠠᠭᠰᠠᠨ᠎ᠠᠴᠠ ᠦᠪᠡᠷ᠎ᠤᠨ ᠠᠩᠭᠢ ᠵᠢᠨ ᠬᠡᠷ᠎ᠤᠨ ᠠᠬᠠᠮᠠᠳ ᠵᠶ᠋ᠠᠨ ᠨᠡᠩ ᠤᠶ᠋ᠢᠯᠠᠭ᠋ᠠᠵᠦ ᠠ᠋ᠬᠢᠯᠡᠭᠰᠡᠨ ᠪᠢᠯᠡ᠃ ᠨᠢᠭᠡ ᠰᠢᠯᠢᠳᠡᠭ ᠰᠠᠶ᠋ᠢᠨ ᠠᠩᠭᠢ ᠵᠢᠨ ᠠ᠋ᠷᠬᠢᠯᠡᠭᠴᠢ ᠪᠤᠯᠤᠶ᠎ᠠ ᠭᠡᠪᠡᠯ ᠬᠡᠷ᠎ᠤᠨ ᠠᠬᠠᠮᠠᠳ ᠨᠢᠭᠡᠪᠦᠷᠢ ᠵᠢ ᠬᠦᠨᠳᠦᠳᠬᠡᠨ ᠤᠶ᠋ᠢᠯᠠᠭ᠋ᠠᠵᠦ ᠰᠤᠷᠬᠤ ᠬᠡᠷᠡᠭᠳᠡᠢ᠃ ᠬᠠᠮᠤᠭ ᠭᠤᠤᠯ᠎ᠨᠢ ᠬᠡᠷ᠎ᠤᠨ ᠠᠬᠠᠮᠠᠳ᠎ᠤᠨ ᠪᠠᠶ᠋ᠢᠷᠢᠨ᠎ᠳᠤ ᠵᠤᠭᠰᠤᠨ ᠠᠰᠠᠭᠤᠳᠠᠯ᠎ᠢ ᠪᠤᠳᠤᠯᠬᠢᠯᠠᠵᠦ ᠰᠤᠷᠬᠤ ᠶᠠᠪᠤᠳᠠᠯ ᠪᠤᠯᠤᠨ᠎ᠠ᠃
1. ᠬᠡᠷ᠎ᠤᠨ ᠠᠬᠠᠮᠠᠳ ᠪᠠ ᠪᠠᠭᠰᠢ ᠵᠢᠨ ᠬᠠᠷᠢᠴᠠᠭ᠎ᠠ
ᠠ᠋ᠳᠦᠷ ᠳᠤᠲᠤᠮ᠎ᠤᠨ ᠠᠮᠢᠳᠤᠷᠠᠯ ᠰᠤᠷᠤᠯᠴᠠᠯᠭ᠎ᠠ ᠵᠢᠨ ᠳᠤᠮᠳᠠ ᠰᠤᠷᠤᠭᠴᠢ ᠪᠠ ᠰᠤᠷᠤᠭᠴᠢ ᠵᠢᠨ ᠬᠤᠭᠤᠷᠤᠨᠳᠦ᠂ ᠪᠠᠭᠰᠢ ᠪᠠ ᠰᠤᠷᠤᠭᠴᠢ ᠵᠢᠨ ᠬᠤᠭᠤᠷᠤᠨᠳᠦ᠂ ᠬᠡᠷ᠎ᠤᠨ ᠠᠬᠠᠮᠠᠳ ᠪᠠ ᠪᠠᠭᠰᠢ ᠵᠢᠨ ᠳᠤᠮᠳᠠ᠂ ᠬᠡᠷ᠎ᠤᠨ ᠠᠬᠠᠮᠠᠳ ᠪᠠ ᠬᠡᠷ᠎ᠤᠨ ᠠᠬᠠᠮᠠᠳ᠎ᠤᠨ ᠳᠤᠮᠳᠠ ᠵᠦᠢ᠍ᠯ ᠪᠤᠯᠭ᠋ᠠᠨ᠎ᠤ ᠵᠦᠷᠢᠴᠡᠯ ᠪᠤᠶᠤ ᠰᠢᠢ᠍ᠳᠪᠤᠷᠢᠯᠡᠬᠦ ᠴᠢᠬᠤᠯᠠᠲᠠᠢ ᠤᠴᠢᠷ᠎ᠤᠳ ᠠ᠋ᠬᠦᠰᠳᠡᠭ᠃ 《ᠲᠤᠭᠤᠯᠵᠦ ᠭᠠᠷᠬᠤ᠎ᠠᠴᠠ ᠪᠢᠰᠢ᠂ ᠲᠤᠭᠤᠷᠢᠵᠦ ᠭᠠᠷᠳᠠᠭ ᠦᠭᠡᠢ》 ᠭᠡᠳᠡᠭ ᠵᠶ᠋ᠠᠷ ᠠ᠋ᠳᠡᠭᠡᠷ ᠤᠴᠢᠷ᠎ᠤᠳ᠎ᠢ ᠡᠪᠯᠡᠬᠦᠯᠬᠦ᠎ᠳᠤ ᠪᠢᠳᠡ ᠬᠡᠷ᠎ᠤᠨ ᠠᠬᠠᠮᠠᠳ᠎ᠲᠠᠢ ᠯᠡ ᠬᠠᠮᠵᠢᠵᠦ ᠪᠠᠶ᠋ᠢᠭ᠋ᠠᠳ ᠰᠢᠢ᠍ᠳᠪᠤᠷᠢᠯᠡᠳᠡᠭ᠃ ᠠ᠋ᠶ᠋ᠢᠮᠦ᠎ᠠᠴᠠ ᠭᠡᠷ᠎ᠤᠨ ᠠᠬᠠᠮᠠᠳ ᠬᠢᠭᠡᠳ ᠠᠩᠭᠢ ᠵᠢᠨ ᠠ᠋ᠷᠬᠢᠯᠡᠭᠴᠢ ᠵᠢᠨ ᠬᠠᠷᠢᠴᠠᠭ᠎ᠠ ᠵᠢ ᠵᠢᠭ᠋ᠠᠰᠤ ᠤᠰᠤᠨ᠎ᠤ ᠬᠠᠷᠢᠴᠠᠭ᠎ᠠ ᠬᠡᠵᠦ ᠬᠡᠯᠡᠵᠦ ᠪᠤᠯᠤᠨ᠎ᠠ᠃ ᠭᠡᠷᠪᠡ ᠪᠢᠳᠡ ᠤᠷᠤᠨ ᠪᠠᠶ᠋ᠢᠷᠢ᠎ᠪᠠᠨ ᠰᠤᠯᠢᠵᠦ ᠰᠡᠳᠬᠢᠵᠦ ᠴᠢᠳᠠᠳᠠᠭ ᠯᠡ ᠶᠤᠮ ᠪᠤᠯ ᠬᠡᠷ᠎ᠤᠨ ᠠᠬᠠᠮᠠᠳ᠎ᠲᠠᠢ ᠠ᠋ᠶ᠎ᠡ ᠵᠤᠬᠢᠴᠠᠯ᠎ᠲᠠᠢ ᠬᠠᠷᠢᠯᠴᠠᠵᠦ ᠲᠡᠶ᠋ᠢᠯᠦᠨ᠎ᠡ᠃ ᠳᠡᠭᠡᠬᠦ᠎ᠳᠤ ᠬᠦᠷᠪᠡᠯ ᠬᠦᠴᠢᠷ ᠠᠰᠠᠭᠤᠳᠠᠯ᠎ᠨᠢ ᠴᠦ᠍ ᠠᠶᠠᠨᠳᠠᠭ᠋ᠠᠨ ᠬᠢᠯᠪᠠᠷᠬᠠᠨ ᠠᠰᠠᠭᠤᠳᠠᠯ ᠪᠤᠯᠴᠢᠬᠠᠨ᠎ᠠ᠃
2. ᠬᠡᠷ᠎ᠤᠨ ᠠᠬᠠᠮᠠᠳ ᠵᠶ᠋ᠠᠨ ᠤᠶ᠋ᠢᠯᠠᠭ᠋ᠠᠬᠤ
ᠪᠢᠳᠡ ᠬᠡᠷ᠎ᠤᠨ ᠠᠬᠠᠮᠠᠳ᠎ᠲᠠᠢ ᠠᠭᠤᠯᠵᠠᠮᠠᠭᠴᠠ ᠲᠠᠨ᠎ᠤ ᠬᠡᠤᠬᠡᠳ᠎ᠤᠨ ᠠ᠋ᠨᠡ᠎ᠨᠢ ᠪᠤᠯᠬᠤ ᠦᠭᠡᠢ᠂ ᠲᠡᠷᠡ᠎ᠨᠢ ᠪᠤᠯᠬᠤ ᠦᠭᠡᠢ᠂ ᠬᠡᠤᠬᠡᠳ ᠵᠶ᠋ᠠᠨ ᠶᠠᠭᠤᠨ᠎ᠳᠤ ᠬᠠᠮᠢᠶᠠᠷᠬᠤ ᠦᠭᠡᠢ ᠪᠠᠶ᠋ᠢᠳᠠᠭ ᠶᠤᠮ ᠬᠡᠵᠦ ᠰᠤᠷᠤᠭᠴᠢ᠎ᠪᠠᠨ ᠵᠠᠩᠨᠠᠵᠦ ᠪᠠᠶ᠋ᠢᠬᠤ ᠰᠢᠬ ᠦᠴᠦᠬᠡᠨ ᠴᠦ᠍ ᠨᠠᠶ᠋ᠢᠷ ᠢᠯᠳᠠᠷ ᠬᠠᠶᠠᠭ᠍ᠤ ᠦᠭᠡᠢ ᠰᠢᠬᠦᠮᠵᠢᠯᠡᠵᠦ ᠭᠠᠷᠬᠤ᠎ᠨᠢ ᠢᠯᠡᠬᠦᠦᠳᠤᠪᠠᠨ ᠠ᠋ᠰᠡᠷᠬᠦ ᠦᠢ᠍ᠯᠡᠳᠦᠯ ᠦᠵᠡᠭᠦᠯᠦᠨ᠎ᠡ᠃ ᠪᠠᠭᠰᠢ᠎ᠳᠤ ᠰᠢᠬᠦᠮᠵᠢᠯᠡᠭᠳᠡᠭᠰᠡᠨ ᠬᠡᠷ᠎ᠤᠨ ᠠᠬᠠᠮᠠᠳ ᠯᠠᠪ ᠪᠠᠭᠰᠢ᠎ᠲᠠᠢ ᠳᠠᠬᠢᠨ ᠠᠭᠤᠯᠵᠠᠭ᠍ᠤ ᠵᠢ ᠬᠦᠰᠡᠬᠦ ᠦᠭᠡᠢ᠃ ᠪᠠᠭᠰᠢ᠎ᠳᠤ ᠰᠢᠬᠦᠮᠵᠢᠯᠡᠭᠳᠡᠭᠰᠡᠨ ᠭᠡᠷ᠎ᠤᠨ ᠠᠬᠠᠮᠠᠳ ᠬᠡᠷ᠎ᠲᠤ᠎ᠪᠠᠨ ᠤᠴᠢᠭ᠋ᠠᠳ ᠬᠡᠤᠬᠡᠳ᠎ᠲᠤ᠎ᠪᠠᠨ ᠠᠭᠤᠷ ᠵᠶ᠋ᠠᠨ ᠭᠠᠷᠭ᠋ᠠᠬᠤ᠎ᠨᠢ ᠯᠠᠪᠳᠠᠢ! ᠢᠩᠬᠢᠭᠡᠳ ᠬᠡᠤᠬᠡᠳ ᠬᠢᠭᠡᠳ ᠬᠡᠷ᠎ᠤᠨ ᠠᠬᠠᠮᠠᠳ ᠬᠠᠮᠳᠦᠳᠤᠪᠠᠨ ᠠᠩᠭᠢ ᠵᠢᠨ ᠠ᠋ᠷᠬᠢᠯᠡᠭᠴᠢ᠎ᠠᠴᠠ ᠵᠢᠷᠦᠭᠡᠰᠢᠶᠡᠵᠦ ᠠ᠋ᠬᠢᠯᠡᠨᠡ᠂ ᠴᠠᠭ᠋ᠠᠰᠢᠯᠠᠪᠠᠯ ᠳᠤᠷ᠎ᠠ ᠦᠭᠡᠶ᠋ᠢᠴᠡᠨᠡ᠃ ᠠ᠋ᠶ᠋ᠢᠮᠦ᠎ᠠᠴᠠ ᠪᠢᠳᠡ ᠶᠠᠭ᠋ᠠᠬᠢᠬᠰᠡᠨ ᠴᠦ᠍ ᠭᠡᠷ᠎ᠤᠨ ᠠᠬᠠᠮᠠᠳ᠎ᠤᠨ ᠪᠡᠶ᠎ᠡ᠎ᠪᠠᠨ ᠬᠦᠨᠳᠦᠳᠬᠡᠬᠦ ᠰᠡᠳᠬᠢᠯᠭᠡ ᠵᠢ ᠪᠠᠯᠠᠯᠵᠦ ᠪᠤᠯᠬᠤ ᠦᠭᠡᠢ᠂ ᠨᠢᠭᠤᠷ ᠨᠢᠳᠦ ᠦᠭᠡᠢ ᠰᠢᠬᠦᠮᠵᠢ ᠲᠠᠯᠪᠢᠵᠦ ᠶᠠᠭ᠋ᠠᠬᠢᠭᠰᠠᠨ ᠴᠦ᠍ ᠪᠤᠯᠳᠠᠭ ᠦᠭᠡᠢ ᠶᠤᠮ᠃ ᠬᠡᠷᠪᠡ ᠢᠩᠬᠢᠬᠦ᠎ᠳᠤ ᠬᠦᠷᠪᠡᠯ ᠪᠢᠳᠡ ᠬᠡᠷ᠎ᠤᠨ ᠠᠬᠠᠮᠠᠳ᠎ᠤᠨ ᠵᠶ᠋ᠠᠨ ᠢᠳᠡᠭᠡᠯ ᠳᠡᠮᠵᠢᠯᠭᠡ ᠵᠢ ᠪᠦᠷᠢᠮᠦᠰᠦᠨ ᠠᠯᠳᠠᠵᠦ᠂ ᠪᠠᠭᠰᠢ ᠬᠢᠭᠡᠳ ᠭᠡᠷ᠎ᠤᠨ ᠠᠬᠠᠮᠠᠳ᠎ᠤᠨ ᠬᠤᠭᠤᠷᠤᠨᠳᠤᠬᠢ ᠬᠠᠷᠢᠯᠴᠠᠭ᠋ᠠᠨ᠎ᠤ ᠬᠠᠭ᠋ᠠᠯᠭ᠎ᠠ ᠮᠠᠨᠢ ᠠᠶᠠᠨᠳᠠᠭ᠋ᠠᠨ ᠪᠢᠳᠡᠬᠦᠮᠵᠢᠯᠡᠭᠳᠡᠵᠦ᠂ ᠬᠡᠤᠬᠡᠳ᠎ᠢ ᠰᠤᠷᠭ᠋ᠠᠵᠦ ᠬᠦᠮᠦᠵᠢᠬᠦᠯᠬᠦ᠎ᠳᠤ ᠨᠡᠩ ᠴᠦ᠍ ᠶᠡᠭᠡ ᠬᠦᠴᠢᠷᠳᠡᠯᠭᠡ ᠲᠤᠯᠭ᠋ᠠᠷᠠᠭ᠍ᠤ ᠪᠤᠯᠤᠨ᠎ᠠ᠃ ᠬᠡᠷ᠎ᠤᠨ ᠠᠬᠠᠮᠠᠳ ᠠᠩᠭᠢ ᠵᠢᠨ ᠠ᠋ᠷᠬᠢᠯᠡᠭᠴᠢ ᠪᠠᠭᠰᠢ᠎ᠲᠠᠢ ᠠᠭᠤᠯᠵᠠᠭ᠍ᠤ ᠪᠤᠯᠭ᠋ᠠᠨ᠎ᠳᠤ ᠬᠡᠤᠬᠡᠳ᠎ᠤᠨ ᠵᠶ᠋ᠠᠨ ᠰᠠᠶ᠋ᠢᠨ ᠴᠢᠮᠡᠭᠡ ᠵᠢ ᠤᠯᠵᠦ ᠰᠤᠨᠤᠰᠤᠶ᠎ᠠ ᠭᠡᠵᠦ ᠭᠤᠷᠢᠯᠠᠭ᠍ᠤᠨᠢ ᠯᠠᠪᠳᠠᠢ᠃ ᠭᠡᠳᠡᠯ᠎ᠡ ᠪᠢᠳᠡ ᠠᠭᠤᠯᠵᠠᠮᠠᠭᠴᠠ ᠬᠡᠤᠬᠡᠳ᠎ᠤᠨ ᠬᠢᠨᠢ ᠬᠦᠷᠦᠯᠴᠡᠬᠦ ᠦᠭᠡᠢ ᠵᠦᠢ᠍ᠯ᠎ᠢ ᠶᠠᠷᠢᠵᠦ ᠯᠡ ᠪᠠᠶ᠋ᠢᠪᠠᠯ ᠬᠡᠷ᠎ᠤᠨ ᠠᠬᠠᠮᠠᠳ᠎ᠤᠨ ᠰᠡᠳᠬᠢᠯᠭᠡ ᠶᠡᠭᠡ ᠬᠦᠨᠳᠦ ᠪᠠᠶ᠋ᠢᠳᠠᠯ᠎ᠳᠤ ᠤᠷᠤᠴᠢᠬᠠᠨ᠎ᠠ᠃ ᠬᠡᠷᠪᠡ ᠪᠢᠳᠡ ᠦᠪᠡᠷ᠎ᠢ᠎ᠪᠠᠨ ᠬᠡᠷ᠎ᠤᠨ ᠠᠬᠠᠮᠠᠳ᠎ᠤᠨ ᠪᠠᠶ᠋ᠢᠷᠢᠨ᠎ᠳᠤ ᠲᠠᠯᠪᠢᠭ᠋ᠠᠳ᠂ ᠤᠷᠮ᠎ᠠ ᠰᠡᠳᠬᠢᠯᠭᠡ ᠮᠠᠨᠢ ᠶᠠᠮᠠᠷᠬᠠᠨ ᠪᠤᠯᠬᠤ ᠲᠤᠬᠠᠢ ᠪᠠᠶ᠋ᠢᠷᠢ᠎ᠪᠠᠨ ᠰᠤᠯᠢᠨ ᠪᠤᠳᠤᠯᠬᠢᠯᠠᠵᠦ ᠦᠵᠡᠪᠡᠯ᠂ ᠦᠨᠡᠨ ᠬᠦ᠌ ᠬᠡᠷ᠎ᠤᠨ ᠠᠬᠠᠮᠠᠳ᠎ᠢ᠎ᠪᠠᠨ ᠤᠶ᠋ᠢᠯᠠᠭ᠋ᠠᠵᠦ ᠲᠡᠶ᠋ᠢᠯᠬᠦ ᠪᠤᠯᠤᠨ᠎ᠠ᠃
ᠲᠡᠶ᠋ᠢᠮᠦ᠎ᠠᠴᠠ ᠪᠢ ᠬᠡᠷ᠎ᠤᠨ ᠠᠬᠠᠮᠠᠳ᠎ᠲᠠᠢ ᠬᠠᠷᠢᠯᠴᠠᠭ᠍ᠤᠳᠤᠪᠠᠨ ᠳᠡᠳᠡᠨ᠎ᠤ ᠨᠡᠷ᠎ᠡ ᠬᠦᠨᠳᠦ ᠵᠢ ᠬᠦᠨᠳᠦᠳᠬᠡᠬᠦ ᠵᠢ ᠠᠩᠬᠠᠷᠳᠠᠭ᠎ᠠᠴᠠ ᠭᠠᠳᠠᠨ᠎ᠠ᠂ ᠳᠡᠳᠡᠨ᠎ᠲᠠᠢ ᠶᠠᠷᠢᠯᠴᠠᠭ᠍ᠤ ᠠᠷᠭ᠎ᠠ ᠬᠡᠯᠪᠡᠷᠢ᠎ᠪᠠᠨ ᠴᠦ᠍ ᠮᠠᠰᠢ ᠠᠩᠬᠠᠷᠳᠠᠭ ᠶᠤᠮ᠃
3. ᠬᠡᠷ᠎ᠤᠨ ᠠᠬᠠᠮᠠᠳ᠎ᠲᠠᠢ ᠬᠠᠷᠢᠯᠴᠠᠭ᠍ᠤ ᠠᠷᠭ᠎ᠠ
ᠬᠡᠷ᠎ᠤᠨ ᠠᠬᠠᠮᠠᠳ᠎ᠲᠠᠢ ᠶᠠᠷᠢᠯᠴᠠᠭ᠍ᠤ ᠪᠤᠯᠭ᠋ᠠᠨ᠎ᠳᠤ᠎ᠪᠠᠨ ᠬᠡᠤᠬᠡᠳ᠎ᠤᠨ ᠬᠢᠨᠢ ᠳᠠᠪᠰᠢᠯᠲᠠ᠎ᠲᠠᠢ ᠲᠠᠯ᠎ᠠ ᠵᠢ ᠨᠤᠳᠠᠯᠠᠭᠰᠠᠨ ᠰᠠᠭᠤᠷᠢᠨ ᠳᠡᠭᠡᠷ᠎ᠡ ᠭᠡᠷ᠎ᠤᠨ ᠠᠬᠠᠮᠠᠳ᠎ᠤᠨ ᠠᠵᠢᠯ ᠠᠮᠢᠳᠤᠷᠠᠯ᠎ᠢ᠎ᠨᠢ ᠬᠠᠯᠠᠮᠵᠢᠯᠠᠨ ᠠᠰᠠᠭᠤᠵᠦ᠂ ᠳᠡᠳᠡᠨ᠎ᠢ ᠶᠡᠬᠡᠬᠡᠨ ᠤᠶ᠋ᠢᠯᠠᠭ᠋ᠠᠵᠦ ᠪᠠᠶ᠋ᠢᠭ᠎ᠠ ᠠ᠋ᠬᠦᠳᠡᠨ᠎ᠠᠴᠠ ᠬᠠᠷᠢᠯᠴᠠᠪᠠᠯ᠂ ᠳᠡᠳᠡᠨ᠎ᠤ ᠰᠡᠳᠬᠢᠯ᠎ᠳᠤ ᠯᠠᠪ ᠳᠤᠯᠠᠭ᠋ᠠᠬᠠᠨ ᠰᠠᠨᠠᠭᠳᠠᠨ᠎ᠠ᠃ ᠠ᠋ᠨᠡ ᠰᠠᠭᠤᠷᠢᠨ᠎ᠳᠤ ᠪᠠᠭᠰᠢ ᠨᠠᠷ᠎ᠲᠤ ᠳᠡᠮᠵᠢᠯᠭᠡ ᠦᠭᠬᠦ ᠪᠤᠶᠤ ᠬᠠᠮᠵᠢᠯᠴᠠᠭ᠎ᠠ ᠦᠵᠡᠬᠦᠯᠬᠦ ᠵᠢ ᠭᠡᠷ᠎ᠤᠨ ᠠᠬᠠᠮᠠᠳ᠎ᠲᠤ᠎ᠪᠠᠨ ᠨᠠᠶ᠋ᠢᠳᠠᠨᠠ᠃ ᠳᠡᠭᠡᠬᠦ᠎ᠳᠤ ᠬᠡᠷ᠎ᠤᠨ ᠠᠬᠠᠮᠠᠳ ᠨᠠᠷ ᠴᠦ᠍ ᠠᠮᠠᠷᠬᠠᠨ ᠨᠠᠶ᠋ᠢᠳᠠᠯᠭ᠎ᠠ ᠵᠢ ᠬᠦᠯᠢᠶᠡᠨ ᠠᠪᠬᠤ ᠮᠦᠷᠳᠡᠭᠡᠨ ᠳᠤᠷᠠᠲᠠᠢ᠍ᠢ᠍ᠶᠠ ᠠᠩᠭᠢ ᠵᠢᠨ ᠠᠵᠢᠯ᠎ᠤᠨ ᠲᠦᠯᠦᠭᠡ ᠦᠢ᠍ᠯᠡᠴᠢᠯᠡᠬᠦ ᠪᠤᠯᠤᠨ᠎ᠠ᠃
ᠪᠢ ᠶᠡᠷᠦ᠎ᠳᠤ᠎ᠪᠠᠨ ᠲᠤᠭᠳᠠᠭᠰᠠᠨ ᠬᠤᠭᠤᠴᠠᠭ᠎ᠠ᠎ᠲᠠᠢ᠎ᠪᠠᠷ ᠬᠡᠷ᠎ᠤᠨ ᠠᠬᠠᠮᠠᠳ᠎ᠤᠨ ᠬᠤᠷᠠᠯ ᠬᠢᠵᠦ᠂ ᠬᠡᠷ᠎ᠤᠨ ᠠᠬᠠᠮᠠᠳ᠎ᠲᠤ᠎ᠪᠠᠨ ᠬᠡᠤᠬᠡᠳ᠎ᠤᠨ ᠬᠢᠨᠢ ᠪᠠᠶ᠋ᠢᠳᠠᠯ᠎ᠢ ᠬᠠᠷᠢᠭᠤ ᠲᠤᠰᠬᠠᠳᠠᠭ᠂ ᠨᠡᠩ ᠴᠢᠬᠤᠯᠠ᠎ᠨᠢ ᠬᠡᠷ᠎ᠤᠨ ᠠᠬᠠᠮᠠᠳ᠎ᠲᠠᠢ᠎ᠪᠠᠨ ᠬᠠᠮᠳᠦ ᠠᠩᠭᠢ ᠵᠢᠨ ᠵᠶ᠋ᠠᠨ ᠶᠡᠭᠡ ᠪᠠᠭ᠎ᠠ ᠶᠠᠪᠤᠳᠠᠯ᠎ᠤᠳ ᠵᠶ᠋ᠠᠨ ᠶᠠᠷᠢᠯᠴᠠᠨ ᠵᠦᠪᠯᠡᠳᠡᠭ᠃ ᠬᠡᠷ᠎ᠤᠨ ᠠᠬᠠᠮᠠᠳ ᠳᠤᠷᠠᠳᠠᠢ ᠯᠡ ᠶᠤᠮ ᠪᠤᠯ ᠪᠢ ᠴᠢᠳᠠᠭ᠍ᠤ ᠵᠢᠨ ᠬᠢᠷᠢ᠎ᠪᠠᠷ ᠳᠡᠳᠡᠨ᠎ᠢ ᠠᠩᠭᠢ ᠵᠢᠨ ᠵᠶ᠋ᠠᠨ ᠡᠯ᠎ᠡ ᠵᠦᠢ᠍ᠯ᠎ᠤᠨ ᠬᠦᠳᠡᠯᠭᠡᠭᠡᠨ᠎ᠳᠤ᠎ᠪᠠᠨ ᠤᠷᠢᠳᠠᠭ ᠶᠤᠮ᠃ ᠬᠦᠳᠡᠯᠭᠡᠭᠡᠨ ᠵᠶ᠋ᠠᠨ ᠲᠦᠰᠦᠪᠯᠡᠬᠦᠳᠤᠪᠠᠨ ᠳᠡᠳᠡᠨ ᠵᠶ᠋ᠠᠷ ᠬᠦᠳᠡᠯᠭᠡᠭᠡᠨ᠎ᠢ ᠦᠷ᠎ᠡ ᠪᠦᠳᠦᠮᠵᠢᠲᠡᠢ ᠶᠠᠪᠤᠭᠳᠠᠭᠤᠯᠬᠤ ᠠᠷᠭ᠎ᠠ ᠤᠬᠠᠭ᠋ᠠᠨ ᠳᠤᠷᠠᠳᠤᠭᠤᠯᠵᠦ᠂ ᠢᠳᠡᠪᠬᠢᠵᠢᠯ᠎ᠢ᠎ᠨᠢ ᠳᠠᠶ᠋ᠢᠴᠢᠯᠠᠳᠠᠭ᠃ ᠢᠩᠬᠢᠵᠦ ᠳᠠᠰᠬᠠᠭᠰᠠᠨ᠎ᠠᠴᠠ ᠪᠤᠯᠵᠦ ᠬᠡᠷ᠎ᠤᠨ ᠠᠬᠠᠮᠠᠳ᠎ᠤᠳ ᠮᠠᠨᠢ ᠠᠩᠭᠢ ᠵᠢᠨ ᠬᠦᠳᠡᠯᠭᠡᠭᠡᠨ ᠶᠠᠪᠤᠭᠳᠠᠭ᠍ᠤ ᠪᠦᠷᠢ ᠰᠠᠨᠠᠭ᠋ᠠᠴᠢᠯᠠᠭ᠎ᠠ᠎ᠠᠴᠠ᠎ᠪᠠᠨ ᠰᠤᠷᠭ᠋ᠠᠭᠤᠯᠢ᠎ᠳᠤ ᠬᠦᠷᠦᠯᠴᠡᠨ ᠢᠷᠡᠭᠡᠳ᠂ ᠠᠩᠭᠢ ᠵᠢᠨ ᠬᠡᠷ᠎ᠢ ᠴᠢᠮᠡᠭᠯᠡᠵᠦ ᠦᠭᠬᠦ᠂ ᠬᠡᠤᠬᠡᠳ᠎ᠤᠳ᠎ᠢ ᠬᠠᠮᠢᠶᠠᠷᠴᠦ ᠦᠭᠬᠦ᠂ ᠬᠤᠪᠴᠠᠰᠦ ᠵᠠᠰᠠᠯ᠎ᠢ᠎ᠨᠢ ᠴᠢᠮᠡᠵᠦ ᠦᠭᠬᠦ ᠁ ᠮᠡᠳᠦ᠎ᠪᠠᠷ ᠬᠠᠪᠰᠤᠷᠤᠯᠭ᠎ᠠ ᠦᠵᠡᠬᠦᠯᠳᠡᠭ ᠪᠤᠯᠪᠠ᠃ ᠪᠢ ᠴᠦ᠍ ᠬᠡᠰᠡᠨ ᠬᠡᠷ᠎ᠤᠨ ᠠᠬᠠᠮᠠᠳ᠎ᠲᠤ᠎ᠪᠠᠨ ᠤᠷᠮ᠎ᠠ ᠬᠠᠶ᠋ᠢᠷᠠᠯᠠᠭ᠍ᠤ ᠵᠤᠷᠢᠯᠲᠠ᠎ᠠᠴᠠ ᠬᠦᠳᠡᠯᠭᠡᠭᠡᠨ ᠵᠶ᠋ᠠᠨ ᠳ᠋ᠦᠩᠨᠡᠬᠦ᠎ᠳᠤ᠎ᠪᠠᠨ ᠰᠤᠷᠤᠭᠴᠢᠳ ᠵᠶ᠋ᠠᠨ ᠱᠠᠩᠨᠠᠨ ᠵᠤᠷᠢᠬ᠍ᠵᠢᠭᠤᠯᠬᠤ ᠵᠢᠨ ᠬᠠᠮᠳᠦ ᠬᠡᠷ᠎ᠤᠨ ᠠᠬᠠᠮᠠᠳ ᠵᠶ᠋ᠠᠨ ᠴᠦ᠍ ᠱᠠᠩᠨᠠᠳᠠᠭ ᠪᠠᠶ᠋ᠢᠪᠠ᠃ ᠠ᠋ᠨᠡ ᠮᠡᠳᠦ᠎ᠪᠠᠷ ᠬᠡᠷ᠎ᠤᠨ ᠠᠬᠠᠮᠠᠳ ᠨᠠᠷ᠎ᠲᠠᠢ ᠬᠠᠮᠳᠦᠳᠤᠪᠠᠨ ᠪᠠᠶᠠᠷ ᠪᠠᠭ᠍ᠠᠳᠤᠯ ᠬᠢᠭᠡᠳ ᠠᠮᠵᠢᠯᠲᠠ ᠤᠯᠤᠯᠲᠠ᠎ᠪᠠᠨ ᠬᠤᠪᠢᠶᠠᠯᠴᠠᠭ᠍ᠤᠨᠢ ᠬᠡᠤᠬᠡᠳ᠎ᠤᠨ ᠦᠰᠦᠨ ᠪᠤᠶ᠋ᠢᠵᠢᠯᠲᠠ᠎ᠳᠤ 《ᠪᠤᠰᠤᠳ᠎ᠢ ᠬᠦᠨᠳᠦᠳᠬᠡᠵᠦ ᠪᠠᠶ᠋ᠢᠭ᠎ᠠ᠎ᠨᠢ ᠦᠪᠡᠷ᠎ᠢ᠎ᠪᠠᠨ ᠬᠦᠨᠳᠦᠳᠭᠡᠵᠦ ᠪᠠᠶ᠋ᠢᠭ᠎ᠠ ᠤᠴᠢᠷ》 ᠭᠡᠳᠡᠭ ᠶᠤᠰᠤᠨᠢ ᠳᠠᠮ ᠵᠶ᠋ᠠᠷ ᠤᠯᠠᠮᠵᠢᠯᠠᠭᠰᠠᠨ ᠪᠢᠯᠡ᠃
ᠠ᠋ᠳᠡᠭᠡᠷ ᠵᠢᠯ᠎ᠤᠳ᠎ᠲᠤ ᠪᠢ ᠬᠡᠷ᠎ᠤᠨ ᠠᠬᠠᠮᠠᠳ ᠵᠶ᠋ᠠᠨ ᠤᠶ᠋ᠢᠯᠠᠭ᠋ᠠᠨ ᠬᠦᠨᠳᠦᠳᠬᠡᠵᠦ᠂ ᠳᠡᠳᠡᠨ᠎ᠲᠠᠢ ᠲᠤᠳᠤᠨᠤ ᠨᠠᠶ᠋ᠢᠵᠠ ᠮᠡᠳᠦ ᠨᠦᠬᠦᠷᠰᠡᠭ ᠬᠠᠷᠢᠴᠠᠭ᠎ᠠ ᠪᠠᠶ᠋ᠢᠭᠤᠯᠤᠭᠰᠠᠨ᠎ᠠᠴᠠ ᠳᠡᠳᠡ ᠮᠢᠨᠤ ᠠᠵᠢᠯ᠎ᠢ ᠨᠡᠩ ᠳᠡᠮᠵᠢᠳᠡᠭ ᠪᠤᠯᠤᠭᠰᠠᠨ ᠪᠦᠭᠡᠳ ᠬᠡᠷ ᠪᠦᠯᠢ ᠵᠢᠨ ᠤᠴᠢᠷ ᠵᠶ᠋ᠠᠨ ᠴᠦ᠍ ᠵᠠᠷᠢᠮ᠎ᠳᠤ᠎ᠪᠠᠨ ᠨᠠᠳᠠ᠎ᠲᠠᠢ ᠵᠦᠪᠳᠡᠯᠴᠡᠳᠡᠭ ᠪᠤᠯᠤᠭᠰᠠᠨ ᠪᠠᠶ᠋ᠢᠨ᠎ᠠ᠃
ᠲᠠᠪᠤ᠂ ᠰᠤᠷᠭ᠋ᠠᠭᠤᠯᠢ ᠵᠢᠨ ᠠᠵᠢᠯ ᠨᠢᠭᠡᠪᠦᠷᠢ ᠵᠢ ᠰᠡᠳᠬᠢᠯ ᠲᠠᠯᠪᠢᠨ ᠰᠠᠶ᠋ᠢᠳᠤᠷ ᠬᠦᠢ᠍ᠴᠡᠳᠬᠡᠬᠦ ᠬᠡᠷᠡᠭᠳᠡᠢ᠃
ᠪᠢ ᠪᠤᠯ ᠨᠢᠭᠡᠨ ᠠ᠋ᠭᠡᠯ ᠶᠡᠷᠦᠮᠳᠡᠭ᠂ ᠴᠢᠳᠠᠪᠤᠷᠢ ᠮᠡᠬᠦᠰᠬᠡᠨ ᠪᠠᠭᠰᠢ ᠶᠤᠮ ᠡ᠃ ᠲᠤᠬᠠᠶ᠋ᠢᠯᠠᠪᠠᠯ ᠪᠢ ᠳᠠᠭᠤᠯᠠᠵᠦ ᠪᠦᠵᠢᠭᠯᠡᠬᠦ᠂ ᠵᠢᠷᠤᠵᠦ ᠴᠢᠮᠡᠭᠯᠡᠬᠦ ᠵᠡᠷᠭᠡ ᠴᠢᠳᠠᠪᠤᠷᠢ᠎ᠪᠠᠷ ᠪᠦᠷ ᠠᠨᠠᠶ᠋ᠢᠬᠠᠨ᠃ ᠲᠡᠶ᠋ᠢᠮᠦ᠎ᠠᠴᠠ ᠪᠢ ᠰᠤᠷᠭ᠋ᠠᠭᠤᠯᠢ ᠵᠢᠨ ᠵᠶ᠋ᠠᠨ ᠲᠤᠬᠢᠷᠠᠭᠤᠯᠤᠭᠰᠠᠨ ᠶᠠᠮᠠᠷ ᠨᠢᠭᠡᠨ ᠠᠵᠢᠯ᠎ᠢ ᠴᠦ᠍ ᠬᠡᠰᠡᠨ ᠤᠰᠤᠯᠳᠤᠬᠤ᠎ᠠᠴᠠ ᠬᠢᠴᠢᠶᠡᠨ᠂ ᠪᠤᠰᠤᠳ᠎ᠠᠴᠠ ᠤᠷᠢᠳᠴᠢᠯᠠᠨ ᠪᠡᠯᠡᠳᠬᠡᠯ ᠬᠢᠵᠦ ᠪᠦᠳᠦᠮᠵᠢᠲᠡᠢ ᠬᠢᠶ᠎ᠡ ᠬᠡᠵᠦ ᠠᠷᠭ᠎ᠠ ᠪᠦᠬᠦᠨ᠎ᠢ ᠰᠦᠪᠡᠭᠴᠢᠯᠡᠳᠡᠭ ᠶᠤᠮ᠃ ᠮᠡᠳᠡᠭᠡᠵᠢ᠎ᠪᠠᠷ᠂ ᠮᠠᠨ᠎ᠤ ᠰᠤᠷᠭ᠋ᠠᠭᠤᠯᠢ ᠪᠤᠯ ᠬᠤᠰᠢᠭᠤᠨ ᠲᠦᠪ᠎ᠲᠤ᠎ᠪᠠᠨ ᠪᠠᠶ᠋ᠢᠭ᠎ᠠ ᠴᠤᠷᠢ ᠵᠢᠨ ᠭᠠᠭᠴᠠ ᠮᠤᠩᠭᠤᠯ ᠵᠶ᠋ᠠᠷ ᠬᠢᠴᠢᠶᠡᠯᠯᠡᠳᠡᠭ ᠰᠤᠷᠭ᠋ᠠᠭᠤᠯᠢ ᠪᠤᠯᠬᠤᠷ ᠤᠷᠠᠯᠢᠭ᠎ᠤᠨ ᠲᠠᠯ᠎ᠠ᠎ᠪᠠᠷ ᠤᠨᠴᠠᠯᠢᠬᠲᠦ ᠰᠤᠷᠭ᠋ᠠᠭᠤᠯᠢ ᠪᠤᠯᠵᠠᠢ᠃ ᠲᠡᠶ᠋ᠢᠮᠦ᠎ᠠᠴᠠ ᠮᠠᠨ᠎ᠤ ᠰᠤᠷᠭ᠋ᠠᠭᠤᠯᠢ ᠬᠤᠭᠤᠴᠠᠭ᠎ᠠ ᠪᠦᠷᠢ ᠤᠷᠠᠯᠢᠭ ᠰᠤᠶᠤᠯ᠎ᠤᠨ ᠬᠦᠳᠡᠯᠭᠡᠭᠡᠨ᠎ᠢ ᠤᠯᠠᠨᠳᠠ ᠦᠷᠨᠢᠬᠦᠯᠳᠡᠭ᠃ ᠲᠤᠬᠠᠶ᠋ᠢᠯᠠᠪᠠᠯ᠂ ᠳᠤᠮᠳᠠ ᠠᠩᠭᠢ ᠵᠢᠨ ᠬᠦᠳᠡᠯᠭᠡᠭᠡᠨ᠂ ᠭᠤᠤᠯ ᠰᠡᠳᠦᠪᠲᠦ ᠠᠩᠭᠢ ᠵᠢᠨ ᠬᠤᠷᠠᠯ᠂ ᠰᠢᠯᠦᠭ᠎ᠤᠨ ᠤᠷᠤᠯᠳᠤᠭ᠋ᠠᠨ᠂ ᠨᠠᠶ᠋ᠢᠷᠠᠯ ᠳᠠᠭᠤᠨ᠎ᠤ ᠮᠦᠷᠦᠶ᠋ᠢᠴᠡᠭᠡᠨ᠂ ᠤᠷᠠᠯᠢᠭ᠎ᠤᠨ ᠨᠠᠶ᠋ᠢᠷ ᠁ ᠵᠡᠷᠭᠡ ᠬᠦᠳᠡᠯᠭᠡᠭᠡᠨᠨᠦᠭᠦᠳ ᠴᠠᠰᠤᠨ ᠯᠠᠪᠰᠠ ᠮᠡᠳᠦ ᠳᠠᠷᠠᠭ᠎ᠠ ᠳᠠᠷᠠᠭ᠋ᠠᠯᠠᠨ ᠴᠦᠷᠬᠦᠯᠡᠳᠡᠭ᠃ ᠪᠢ ᠠᠯᠢ ᠴᠦ᠍ ᠤᠷᠤᠯᠳᠤᠭ᠋ᠠᠨ ᠮᠦᠷᠦᠶ᠋ᠢᠴᠡᠭᠡᠨ᠎ᠳᠤᠨᠢ ᠠᠩᠭᠢ ᠵᠢᠨ ᠬᠡᠤᠬᠡᠳ ᠵᠶ᠋ᠠᠨ ᠢᠳᠡᠭᠡᠯ ᠲᠡᠬᠦᠯᠳᠡᠷ ᠤᠷᠤᠯᠴᠠᠭᠤᠯᠬᠤ᠎ᠪᠠᠷ ᠨᠠᠷᠢᠨ ᠬᠢᠨᠠᠮᠠᠭ᠋ᠠᠢ ᠰᠡᠳᠬᠢᠯ ᠲᠠᠯᠪᠢᠨ ᠪᠡᠯᠡᠳᠬᠡᠳᠡᠭ᠃
ᠬᠡᠳᠦᠶ᠋ᠢᠪᠡᠷ ᠪᠢ ᠲᠤᠪᠤᠶ᠋ᠢᠮ᠎ᠠ ᠴᠢᠳᠠᠪᠤᠷᠢ ᠦᠭᠡᠢ ᠭᠡᠳᠡᠭ ᠪᠤᠯᠪᠠᠴᠦ ᠠᠪᠢᠶᠠᠰᠯᠢᠭ ᠪᠠᠭᠰᠢ ᠮᠠᠨ᠎ᠤ ᠰᠤᠷᠭ᠋ᠠᠭᠤᠯᠢ᠎ᠳᠤ ᠮᠤᠩ ᠦᠭᠡᠢ ᠤᠯᠠᠨ ᠪᠤᠯᠬᠤᠷ ᠳᠡᠳᠡᠨ᠎ᠤ ᠠᠪᠢᠶᠠᠰᠲᠤ ᠲᠦᠰᠢᠨ᠂ ᠳᠡᠳᠡᠨ ᠵᠶ᠋ᠠᠷ ᠵᠢᠯᠤᠭᠤᠳᠤᠭᠤᠯᠤᠨ ᠰᠤᠷᠤᠭᠴᠢᠳ᠎ᠲᠤ᠎ᠪᠠᠨ ᠳᠠᠭᠤᠤ ᠪᠦᠵᠢᠭ᠎ᠢ᠎ᠨᠢ ᠡᠵᠡᠮᠰᠢᠬᠦᠯᠳᠡᠭ᠃ ᠠ᠋ᠨᠡ ᠰᠠᠭᠤᠷᠢᠨ ᠳᠡᠭᠡᠷ᠎ᠡ ᠪᠢ ᠦᠪᠡᠷ ᠵᠶ᠋ᠠᠨ ᠢᠯᠡᠬᠦᠬᠡᠨ ᠬᠦᠴᠦ ᠭᠠᠷᠭ᠋ᠠᠨ ᠰᠤᠷᠤᠭᠴᠢ᠎ᠪᠠᠨ ᠪᠤᠯᠪᠠᠰᠤᠷᠠᠩᠭᠤᠢ ᠪᠤᠯᠳᠠᠯ᠎ᠡ᠎ᠨᠢ ᠪᠤᠯᠪᠠᠰᠤᠷᠠᠭᠤᠯᠳᠠᠭ᠃ ᠠᠮᠠᠷᠠᠭ᠍ᠤ ᠴᠠᠭ ᠵᠶ᠋ᠠᠨ ᠴᠦ᠍ ᠦᠷᠡᠭᠳᠡᠬᠦᠯᠵᠦ ᠪᠠᠶ᠋ᠢᠭ᠋ᠠᠳ᠂ ᠬᠦᠳᠡᠯᠭᠡᠭᠡᠨ᠎ᠤ᠎ᠪᠠᠨ ᠴᠢᠨᠠᠷ ᠴᠢᠨᠰᠠᠭ᠎ᠠ᠎ᠪᠠᠨ ᠪᠠᠳᠤᠯᠠᠭ᠍ᠤ ᠵᠢ ᠯᠡ ᠪᠤᠳᠤᠳᠠᠭ᠃ ᠠ᠋ᠬᠦᠨ᠎ᠤ ᠵᠡᠷᠭᠡ᠎ᠪᠠᠷ ᠪᠤᠰᠤᠳ᠎ᠠᠴᠠ ᠤᠨᠴᠠᠯᠢᠭᠳᠠᠭ᠍ᠤ ᠵᠦᠢ᠍ᠯ᠎ᠲᠠᠢ ᠪᠤᠯᠭ᠋ᠠᠬᠤ᠎ᠪᠠᠷ ᠰᠢᠨ᠎ᠡ ᠠ᠋ᠬᠦᠳᠦᠯᠲᠡᠲᠠᠢ ᠵᠦᠢ᠍ᠯ᠎ᠢ ᠬᠦᠳᠡᠯᠭᠡᠭᠡᠨ᠎ᠳᠤ᠎ᠪᠠᠨ ᠤᠷᠤᠭᠤᠯᠬᠤ ᠵᠢ ᠠᠩᠬᠠᠷᠳᠠᠭ᠃ ᠶᠠᠭ ᠢᠩᠬᠢᠵᠦ ᠮᠠᠨ᠎ᠤ ᠠᠩᠭᠢ᠎ᠨᠢ ᠪᠤᠰᠤᠳ᠎ᠠᠴᠠ ᠤᠷᠢᠳᠴᠢᠯᠠᠵᠦ ᠪᠡᠯᠡᠳᠬᠡᠳᠡᠭ ᠪᠦᠭᠡᠳ ᠪᠤᠰᠤᠳ᠎ᠠᠴᠠ ᠢᠯᠡᠬᠦᠦ ᠴᠠᠭ ᠵᠠᠷᠤᠴᠠᠭᠤᠯᠤᠨ ᠪᠤᠯᠪᠠᠰᠤᠷᠠᠳᠠᠭ᠎ᠠᠴᠠ ᠡᠯ᠎ᠡ ᠵᠦᠢ᠍ᠯ᠎ᠤᠨ ᠤᠷᠤᠯᠳᠤᠭ᠋ᠠᠨ ᠬᠦᠳᠡᠯᠭᠡᠭᠡᠨ᠎ᠳᠤ ᠶᠡᠷᠦ᠎ᠠᠴᠠ ᠬᠠᠨᠤᠮᠵᠢᠲᠠᠢ ᠰᠠᠶ᠋ᠢᠨ ᠦᠷ᠎ᠡ ᠳ᠋ᠦᠩ᠎ᠢ ᠬᠦᠷᠳᠡᠭᠰᠡᠭᠡᠷ ᠢᠷᠡᠵᠡᠢ᠃ ᠮᠦᠨ ᠴᠦ᠍ ᠰᠤᠷᠭ᠋ᠠᠭᠤᠯᠢ ᠨᠡᠶ᠋ᠢᠳᠡ᠎ᠳᠤ ᠮᠡᠳᠡᠷᠡᠭᠳᠡᠭᠰᠡᠨ ᠰᠢᠯᠢᠳᠡᠭ ᠠᠩᠭᠢ ᠨᠢᠭᠡᠴᠢ ᠵᠢᠨ ᠨᠢᠭᠡ᠎ᠨᠢ ᠪᠤᠯᠤᠭᠰᠠᠨ ᠶᠤᠮ᠃ ᠠ᠋ᠨᠡ᠎ᠨᠢ ᠮᠢᠨᠤ ᠠᠩᠭᠢ ᠵᠢᠨ ᠠ᠋ᠷᠬᠢᠯᠡᠭᠴᠢ ᠵᠢᠨ ᠠᠵᠢᠯ᠎ᠤᠨ ᠳᠤᠮᠳᠠᠬᠢ ᠤᠮᠤᠭᠰᠢᠯ ᠪᠤᠯᠵᠦ ᠨᠠᠮ᠎ᠠ ᠵᠢ ᠵᠤᠷᠢᠬ᠍ᠵᠢᠭᠤᠯᠤᠭᠰᠠᠭ᠋ᠠᠷ ᠡ᠃
ᠠ᠋ᠬᠦᠨ᠎ᠳᠤ ᠵᠠᠷᠢᠮ ᠬᠦᠮᠦᠨ᠄ 《ᠲᠠᠨ᠎ᠤ ᠠᠩᠭᠢ᠎ᠳᠤ ᠲᠤᠬᠢᠶᠠᠭᠰᠠᠨ ᠰᠤᠷᠤᠭᠴᠢ ᠴᠦᠮ ᠰᠠᠶ᠋ᠢᠨ ᠰᠤᠷᠤᠭᠴᠢ》 ᠭᠡᠵᠦ ᠬᠡᠯᠡᠳᠡᠭ᠃ ᠵᠠᠷᠢᠮ᠎ᠨᠢ ᠪᠠᠰᠠ᠄ 《ᠲᠠᠨ᠎ᠤ ᠠᠩᠭᠢ ᠵᠢᠨ ᠭᠡᠷ᠎ᠤᠨ ᠠᠬᠠᠮᠠᠳ ᠴᠢᠨᠢ ᠴᠦᠮ ᠬᠠᠷᠢᠭᠤᠴᠠᠯᠭ᠎ᠠ᠎ᠲᠠᠢ》 ᠭᠡᠵᠦ ᠶᠠᠷᠢᠳᠠᠭ᠃ ᠭᠡᠳᠡᠯ᠎ᠡ ᠮᠢᠨᠤ ᠦᠵᠡᠬᠦ᠎ᠪᠠᠷ ᠰᠠᠶ᠋ᠢᠨ ᠰᠤᠷᠤᠭᠴᠢ᠂ ᠰᠠᠶ᠋ᠢᠨ ᠬᠡᠷ᠎ᠤᠨ ᠠᠬᠠᠮᠠᠳ᠎ᠲᠠᠢ ᠪᠠᠶ᠋ᠢᠨ᠎ᠠ ᠭᠡᠳᠡᠭ᠎ᠨᠢ ᠠᠩᠭᠢ ᠵᠢᠨ ᠠ᠋ᠷᠬᠢᠯᠡᠭᠴᠢ ᠪᠠᠭᠰᠢ ᠵᠢᠨ ᠤᠶ᠋ᠢᠭᠠ ᠦᠭᠡᠢ ᠬᠦᠴᠦᠨ ᠴᠢᠷᠮᠠᠶ᠋ᠢᠯᠭ᠎ᠠ ᠬᠢᠭᠡᠳ ᠠᠷᠭ᠎ᠠ ᠤᠬᠠᠭ᠋ᠠᠨ᠎ᠠᠴᠠ ᠰᠠᠯᠤᠰᠢ ᠦᠭᠡᠢ ᠶᠤᠮ ᠡ᠃
ᠰᠤᠷᠭ᠋ᠠᠭᠤᠯᠢ ᠵᠢᠨ ᠡᠯ᠎ᠡ ᠵᠦᠢ᠍ᠯ᠎ᠤᠨ ᠠᠵᠢᠯ᠎ᠤᠨ ᠳᠤᠮᠳᠠ ᠬᠠᠮᠤᠭ ᠵᠦᠳᠡᠷᠡᠯᠲᠡᠢ ᠪᠤᠯᠪᠠᠴᠦ ᠬᠠᠮᠤᠭ ᠠᠵᠠ ᠵᠢᠷᠭ᠋ᠠᠯ᠎ᠲᠠᠢ ᠠᠵᠢᠯ ᠪᠤᠯ ᠬᠠᠰᠢᠯᠠ ᠠᠩᠭᠢ ᠵᠢᠨ ᠠ᠋ᠷᠬᠢᠯᠡᠭᠴᠢ ᠵᠢᠨ ᠠᠵᠢᠯ ᠮᠦᠨ᠃ 《ᠠᠵᠢᠯ᠎ᠳᠤ᠎ᠪᠠᠨ ᠬᠠᠨᠳᠤᠬᠤ ᠦᠨᠡᠨᠴᠢ ᠤᠪᠤᠷ ᠬᠢᠭᠡᠳ ᠴᠢᠷᠮᠠᠶ᠋ᠢᠯᠭ᠎ᠠ᠂ ᠬᠠᠷᠢᠯᠴᠠᠨ ᠤᠶ᠋ᠢᠯᠠᠭ᠋ᠠᠯᠴᠠᠭ᠍ᠤ ᠪᠠ ᠬᠠᠷᠢᠯᠴᠠᠨ ᠢᠳᠡᠭᠡᠬᠦ᠂ ᠬᠠᠷᠢᠭᠤᠴᠠᠯᠭ᠎ᠠ ᠪᠠ ᠬᠠᠶ᠋ᠢᠷ᠎ᠠ ᠬᠠᠯᠠᠮᠵᠢ》᠎ᠨᠢ ᠮᠢᠨᠤ ᠬᠡᠵᠢᠶᠡᠳᠡ ᠰᠠᠬᠢᠬᠤ ᠪᠠᠷᠢᠮᠳᠠᠯᠠᠯ ᠮᠦᠨ᠃
ᠬᠠᠶᠢᠬ᠄ ᠠ᠋ᠸᠡᠩᠬᠢ ᠬᠤᠰᠢᠭᠤᠨ᠎ᠤ ᠨᠢᠭᠡᠳᠦᠭᠡᠷ
ᠲᠤᠷᠰᠢᠯᠲᠠ ᠵᠢᠨ ᠪᠠᠭ᠎ᠠ ᠰᠤᠷᠭ᠋ᠠᠭᠤᠯᠢ
(ᠰᠦᠶ᠎ᠠ ᠨᠠᠢ᠍ᠢ᠍ᠷᠠᠭᠤᠯᠪᠠ)
2020 ᠤᠨ᠎ᠤ 2 ᠳ᠋ᠤᠭ᠋ᠠᠷ ᠬᠤᠭᠤᠴᠠᠭ᠎ᠠ