ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠠᠩᠭᠢ ᠵᠢᠨ ᠠ᠋ᠷᠬᠢᠯᠡᠭᠴᠢ ᠪᠠᠭᠰᠢ ᠬᠢᠭᠡᠳ ᠬᠢᠴᠢᠶᠡᠯ ᠲᠦᠷᠦᠯ᠎ᠤᠨ ᠪᠠᠭᠰᠢ ᠵᠢᠨ ᠬᠤᠭᠤᠷᠣᠨᠳᠤᠬᠢ ᠬᠠᠷᠢᠴᠠᠭ᠎ᠠ ᠵᠢ ᠬᠡᠷᠬᠢᠨ ᠰᠠᠶ᠋ᠢᠳᠣᠷ ᠰᠢᠢ᠍ᠳᠪᠦᠷᠢᠯᠡᠬᠦ ᠪᠣᠢ
ᠨᠡᠶ᠋ᠢᠲᠡᠯᠡᠭᠰᠡᠨ ᠴᠠᠭ᠄ 2021-01-20

                                    ᠰᠢᠷᠠᠨᠤᠳ ᠮ᠊ · ᠭᠦᠭᠡᠭᠦᠦ


      ᠠᠷᠠᠳ᠎ᠤᠨ ᠦᠭᠡᠨ᠎ᠳᠤ 《ᠲᠣᠣᠭ᠋ᠠᠷᠪᠠᠯ ᠲᠠᠭᠣ ᠨᠢᠭᠡ ᠲᠣᠭᠳᠣᠷᠪᠠᠯ ᠬᠦᠴᠦ ᠨᠢᠭᠡ》 ᠭᠡᠳᠡᠭ᠃ ᠨᠢᠭᠡᠨ ᠠᠨᠭ᠌ᠬᠢ ᠨᠢᠭᠡᠴᠢ᠎ᠳᠤ ᠠᠪᠴᠤ ᠭᠡᠯᠡᠪᠡᠯ ᠠᠨᠭ᠌ᠬᠢ ᠵᠢᠨ ᠠ᠋ᠷᠬᠢᠯᠡᠭᠴᠢ ᠪᠠᠭᠰᠢ ᠪᠤᠯᠤᠨ ᠪᠤᠰᠤᠳ ᠬᠢᠴᠢᠶᠡᠯ ᠲᠦᠷᠦᠯ᠎ᠤᠨ ᠪᠠᠭᠰᠢ ᠵᠢᠨ ᠬᠤᠭᠤᠷᠤᠨᠳᠤᠬᠢ ᠬᠠᠷᠢᠴᠠᠭ᠎ᠠ ᠵᠢ ᠵᠤᠬᠢᠰᠳᠠᠢ ᠰᠢᠢ᠍ᠳᠪᠤᠷᠢᠯᠠᠵᠤ᠂ ᠪᠦᠯᠭᠦᠮᠳᠠᠭᠦ ᠵᠢᠨ ᠠᠴᠢ ᠲᠤᠰᠠ ᠵᠢ ᠪᠠᠳᠠᠷᠠᠭᠤᠯᠬᠤ᠎ᠨᠢ ᠵᠢᠭ᠋ᠠᠨ ᠰᠤᠷᠭ᠋ᠠᠯᠳᠠ ᠵᠢᠨ ᠠᠮᠵᠢᠯᠳᠠ ᠤᠯᠬᠤ ᠵᠢᠨ ᠤᠮᠳᠤᠭ᠋ᠠᠢ᠍ᠢ᠍ᠯᠠᠵᠤ ᠪᠤᠯᠤᠰᠢ ᠦᠭᠡᠢ ᠨᠢᠭᠡᠨ ᠲᠠᠯ᠎ᠠ ᠮᠦᠨ᠃ ᠡ᠊ᠨᠳᠠ ᠠᠩᠭᠢ ᠵᠢᠨ ᠠ᠋ᠷᠬᠢᠯᠡᠭᠴᠢ ᠪᠣᠯᠣᠭᠰᠠᠳ ᠬᠡᠷᠬᠢᠨ ᠪᠠᠭᠰᠢ ᠪᠤᠯᠭ᠋ᠠᠨ᠎ᠤ ᠤᠪᠠᠳᠢᠰ᠎ᠢ ᠪᠠᠳᠠᠷᠠᠭᠤᠯᠣᠨ ᠡ᠊ᠨᠡ ᠭᠦ᠌ ᠣᠷᠭ᠋ᠠᠨᠢᠭ ᠵᠤᠬᠢᠴᠠᠯ᠎ᠢ ᠴᠢᠯᠦᠭᠡᠳᠡᠢ ᠤᠯᠠᠷᠢᠭᠤᠯᠵᠦ ᠪᠣᠯᠬᠤ ᠲᠣᠬᠠᠢ ᠦᠪᠡᠷ᠎ᠤᠨ ᠮᠦᠴᠢᠳ ᠣᠶ᠋ᠢᠯᠠᠭ᠋ᠠᠯᠳᠠ᠎ᠪᠠᠨ ᠰᠠᠢ᠍ᠢ᠍ᠷᠠᠭᠦᠯᠪᠡ᠃
      ᠨᠢᠭᠡ᠂ ᠭᠤᠣᠯ ᠬᠢᠴᠢᠶᠡᠯ ᠰᠣᠯᠠ ᠬᠢᠴᠢᠶᠡᠯ᠎ᠤᠨ ᠬᠠᠷᠢᠴᠠᠭ᠎ᠠ ᠵᠢ ᠠ᠋ᠷᠬᠡᠪᠰᠢ ᠵᠦᠪ ᠰᠢᠢ᠍ᠳᠪᠦᠷᠢᠯᠡᠭᠰᠡᠨ ᠪᠠᠶ᠋ᠢᠬᠤ ᠬᠡᠷᠡᠭᠳᠡᠢ᠃
      ᠣᠷᠳᠣ ᠬᠤᠭᠤᠴᠠᠭ᠋ᠠᠨ᠎ᠤ ᠲᠣᠷᠰᠢ ᠰᠢᠯᠭ᠋ᠠᠯᠳᠠ᠎ᠳᠤ ᠬᠠᠨᠳᠣᠭᠤᠯᠣᠭᠰᠠᠨ ᠰᠤᠷᠭ᠋ᠠᠨ ᠭᠦᠮᠦᠵᠢᠯ᠎ᠤᠨ ᠨᠦᠯᠦᠭᠡ᠎ᠠᠴᠠ ᠪᠣᠯᠵᠤ᠂ ᠭᠤᠣᠯ ᠬᠢᠴᠢᠶᠡᠯ᠎ᠢ ᠭᠡᠳᠤ ᠴᠢᠬᠤᠯᠠᠴᠢᠯᠠᠭ᠍ᠣ ᠦᠵᠡᠭᠳᠡᠯ ᠭᠠᠵᠠᠷ ᠠᠪᠴᠤ᠂ ᠰᠣᠯᠠ ᠬᠢᠴᠢᠶᠡᠯ᠎ᠨᠢ ᠣᠮᠳᠤᠭ᠋ᠠᠶ᠋ᠢᠯᠠᠭᠳᠠᠨ᠂ ᠠ᠋ᠬᠦᠨ᠎ᠠᠴᠠ ᠪᠣᠯᠵᠦ ᠰᠣᠷᠣᠭᠴᠢᠳ ᠰᠣᠯᠠ ᠬᠢᠴᠢᠶᠡᠯ᠎ᠳᠤ ᠲᠣᠷ᠎ᠠ ᠦᠭᠡᠶ᠋ᠢᠴᠡᠬᠦ᠂ ᠴᠠᠭ᠋ᠠᠰᠢᠯᠠᠭ᠋ᠠᠳ ᠬᠠᠶᠠᠭ᠋ᠠᠨ᠎ᠳᠤ᠎ᠨᠢ ᠬᠠᠶᠠᠭ᠍ᠣ ᠦᠵᠡᠭᠳᠡᠯ ᠢᠯᠠᠷᠠᠵᠤ᠂ ᠪᠠᠭᠰᠢ ᠨᠠᠷ᠎ᠤᠨ ᠵᠢᠭ᠋ᠠᠨ ᠰᠣᠷᠭ᠋ᠠᠬᠤ ᠣᠷᠮ᠎ᠠ ᠵᠢ ᠶᠡᠬᠡᠪᠡᠷ ᠨᠦᠯᠦᠭᠡᠯᠡᠵᠦ᠂ ᠠᠯᠪᠠ ᠬᠠᠭ᠋ᠠᠭ᠋ᠠᠳ ᠦᠩᠭᠡᠷᠡᠭᠡᠬᠦ ᠦᠬᠡᠢ ᠪᠠᠶ᠋ᠢᠬᠤ ᠵᠢᠨ ᠠᠷᠭ᠎ᠠ ᠦᠬᠡᠢ ᠬᠡᠮᠵᠢᠶᠡᠨ᠎ᠳᠤ ᠬᠦᠷᠭᠡᠵᠡᠢ᠂ ᠠ᠋ᠨᠡ᠎ᠨᠢ ᠬᠡᠪ ᠴᠢᠨᠠᠷ᠎ᠤᠨ ᠰᠣᠷᠭ᠋ᠠᠨ ᠬᠦᠮᠦᠵᠢᠯ᠎ᠤᠨ ᠱᠠᠭ᠋ᠠᠷᠳᠠᠯᠭ᠎ᠠ᠎ᠳᠤ ᠨᠡᠶ᠋ᠢᠴᠡᠬᠦ ᠦᠬᠡᠢ᠎ᠠᠴᠠ ᠣᠴᠢᠷ ᠰᠣᠷᠣᠭᠴᠢᠳ᠎ᠤᠨ ᠪᠦᠬᠦ ᠲᠠᠯ᠎ᠠ᠎ᠪᠠᠷ ᠬᠦᠭᠵᠢᠬᠦ ᠪᠣᠯᠣᠮᠵᠢ ᠵᠢ ᠴᠣ᠌ ᠨᠦᠯᠦᠭᠡᠯᠡᠭᠰᠡᠨ ᠪᠠᠶ᠋ᠢᠳᠠᠭ᠃ ᠠ᠋ᠳᠡᠭᠡᠷ ᠪᠠᠢ᠍ᠢ᠍ᠳᠠᠯ᠎ᠨᠢ ᠪᠤᠰᠤᠳ ᠬᠢᠴᠢᠶᠡᠯ ᠲᠦᠷᠦᠯ᠎ᠤᠨ ᠪᠠᠭᠰᠢ ᠨᠠᠷ᠎ᠤᠨ ᠲᠠᠯᠳᠠ ᠵᠦᠷᠢᠴᠡᠯ᠎ᠢ ᠪᠣᠢ ᠪᠣᠯᠭ᠋ᠠᠵᠤ᠂ ᠠ᠋ᠬᠦᠨ᠎ᠤ ᠣᠯᠠᠮ᠎ᠠᠴᠠ ᠪᠠᠭᠰᠢ ᠰᠣᠷᠣᠭᠴᠢ ᠵᠢᠨ ᠨᠢᠭᠳᠠᠷᠠᠯ᠎ᠤᠨ ᠭᠦᠴᠦᠨ᠎ᠢ ᠰᠣᠯᠠᠷᠠᠭᠤᠯᠳᠠᠭ᠃ ᠲᠡᠭᠡᠭᠦᠯᠡᠷ ᠵᠤᠬᠢᠰᠳᠠᠢ ᠠᠷᠭ᠎ᠠ ᠠᠪᠴᠠᠯ ᠠᠪᠴᠤ ᠠ᠋ᠨᠡ ᠭᠦ᠌ ᠪᠠᠢ᠍ᠢ᠍ᠳᠠᠯ᠎ᠢ ᠬᠤᠪᠢᠷᠠᠭᠤᠯᠪᠠᠯ ᠵᠤᠬᠢᠨ᠎ᠠ᠃
     1. ᠭᠤᠣᠯ ᠰᠣᠯᠠ ᠬᠢᠴᠢᠶᠡᠯ᠎ᠢ ᠠ᠋ᠷᠬᠡ ᠲᠡᠭᠰᠢ᠎ᠪᠠᠷ ᠦᠵᠡᠬᠦ ᠦᠵᠠᠯᠳᠠ ᠵᠢ ᠪᠤᠢ ᠪᠤᠯᠭ᠋ᠠᠬᠤ ᠭᠡᠷᠡᠭᠳᠠᠢ᠃ ᠠ᠋ᠬᠦᠨ᠎ᠳᠤ ᠠᠷᠭ᠎ᠠ ᠪᠦᠬᠦᠨ᠎ᠢ ᠰᠦᠪᠡᠭᠴᠢᠯᠡᠨ ᠪᠠᠭᠰᠢ ᠰᠣᠷᠣᠭᠴᠢᠳ᠎ᠤᠨ ᠰᠣᠯᠠ ᠬᠢᠴᠢᠶᠡᠯ᠎ᠢ ᠣᠮᠳᠤᠭ᠋ᠠᠶ᠋ᠢᠯᠠᠳᠠᠬ ᠲᠠᠳᠬᠠᠯ᠎ᠢ ᠲᠠᠶᠠᠭᠳᠠᠭᠤᠯᠬᠤ᠎ᠪᠠᠷ ᠴᠢᠷᠮᠠᠶ᠋ᠢᠬᠤ ᠬᠡᠷᠡᠭᠳᠡᠢ᠂ ᠣᠨᠴᠠᠭ᠋ᠠᠶ᠋ᠢᠯᠠᠨ ᠰᠣᠷᠣᠭᠴᠢᠳ᠎ᠤᠨ ᠨᠠᠵᠠᠭ᠋ᠠᠢ ᠣᠪᠣᠷ᠎ᠢ ᠠᠷᠢᠯᠭ᠋ᠠᠬᠤ ᠪᠣᠯ ᠵᠠᠩᠬᠢᠯᠠᠭ᠎ᠠ ᠪᠣᠯᠣᠨ᠎ᠠ᠃ ᠠ᠋ᠬᠦᠨ᠎ᠳᠤ ᠭᠡᠷ᠎ᠤᠨ ᠠᠬᠠᠮᠠᠳ᠂ ᠨᠡᠶ᠋ᠢᠬᠡᠮ᠂ ᠰᠣᠷᠭ᠋ᠠᠭᠤᠯᠢ᠂ ᠪᠠᠭᠰᠢ ᠰᠣᠷᠣᠭᠴᠢᠳ᠎ᠤᠨ ᠬᠠᠮᠳᠣ ᠵᠢᠨ ᠴᠢᠷᠮᠠᠶ᠋ᠢᠯᠭ᠎ᠠ᠎ᠳᠤ ᠲᠦᠰᠢᠭᠯᠡᠨ᠎ᠡ᠃
     2. ᠠᠩᠭᠢ ᠵᠢᠨ ᠠᠵᠢᠯ᠎ᠤᠨ ᠲᠤᠮᠳᠠ᠎ᠪᠠᠨ ᠬᠢᠴᠢᠶᠡᠯ ᠵᠢᠭ᠋ᠠᠬ᠍ᠴᠢ ᠪᠠᠭᠰᠢ ᠨᠠᠷ᠎ᠤᠨ ᠤᠷ᠎ᠠ ᠠᠪᠢᠶᠠᠰ᠎ᠢ ᠢᠯᠡᠭᠦᠭᠡᠨ ᠪᠠᠳᠠᠷᠠᠭᠤᠯᠵᠦ᠂ ᠠᠩᠭᠢ ᠵᠢᠨ ᠡᠯ᠎ᠡ ᠵᠦᠢ᠍ᠯ᠎ᠤᠨ ᠭᠦᠳᠠᠯᠭᠡᠭᠡᠨ᠎ᠳᠤ ᠰᠤᠯᠠ ᠬᠢᠴᠢᠶᠡᠯ᠎ᠳᠤ ᠰᠤᠷᠤᠭᠰᠠᠨ ᠮᠠᠳᠠᠯᠭᠡ ᠴᠢᠳᠠᠪᠤᠷᠢ ᠵᠢ ᠭᠡᠷᠡᠭᠯᠡᠭᠦ ᠵᠠᠪᠰᠢᠶᠠᠨ ᠲᠤᠬᠢᠶᠠᠯ ᠤᠯᠭᠤᠪᠠᠯ ᠵᠤᠬᠢᠨ᠎ᠠ᠃
      ᠬᠤᠶᠠᠷ᠂ ᠠᠨᠭ᠌ᠬᠢ ᠵᠢᠨ ᠠ᠋ᠷᠬᠢᠯᠡᠭᠴᠢ ᠪᠠᠭᠰᠢ ᠪᠤᠰᠤᠳ ᠬᠢᠴᠢᠶᠡᠯ ᠲᠦᠷᠦᠯ᠎ᠤᠨ ᠪᠠᠭᠰᠢ ᠨᠠᠷ᠎ᠲᠠᠢ ᠪᠦᠭᠦ ᠲᠠᠯ᠎ᠠ᠎ᠪᠠᠷ ᠬᠠᠮᠵᠢᠯᠴᠠᠬᠤ ᠭᠡᠷᠡᠭᠳᠠᠢ᠃
      ᠠᠨᠭ᠌ᠬᠢ ᠵᠢᠨ ᠠ᠋ᠷᠬᠢᠯᠡᠭᠴᠢ ᠪᠤᠯᠤᠨ ᠪᠤᠰᠤᠳ ᠬᠢᠴᠢᠶᠡᠯ ᠲᠦᠷᠦᠯ᠎ᠤᠨ ᠪᠠᠭᠰᠢ ᠵᠢᠨ ᠬᠠᠷᠢᠴᠠᠭ᠎ᠠ ᠵᠢ 《ᠬᠠ᠎ᠨᠢ ᠭᠤᠶ᠎ᠠ᠎ᠳᠤ᠎ᠪᠠᠨ ᠲᠦᠰᠢᠶ᠎ᠠ᠂ ᠬᠠᠮᠠᠷ᠎ᠨᠢ ᠠᠮᠠᠨ᠎ᠳᠤ᠎ᠪᠠᠨ ᠬᠤᠷᠰᠢᠶ᠎ᠠ》 ᠭᠡᠳᠡᠭ ᠦᠭᠡ᠎ᠪᠠᠷ ᠵᠤᠢ᠍ᠢ᠍ᠷᠯᠠᠵᠤ ᠪᠤᠯᠤᠨ᠎ᠠ᠃ ᠠᠨᠭ᠌ᠬᠢ ᠵᠢᠨ ᠠ᠋ᠷᠬᠢᠯᠡᠭᠴᠢ ᠪᠠᠭᠰᠢ ᠵᠢᠨ ᠠᠵᠢᠯ᠎ᠨᠢ ᠪᠤᠰᠤᠳ ᠬᠢᠴᠢᠶᠡᠯᠯᠡᠭᠴᠢ ᠪᠠᠭᠰᠢ ᠵᠢᠨ ᠬᠠᠮᠵᠢᠯᠴᠠᠭ᠎ᠠ᠎ᠠᠴᠠ ᠰᠠᠯᠵᠤ ᠴᠢᠳᠠᠬᠤ ᠦᠭᠡᠢ᠂ ᠬᠢᠴᠢᠶᠡᠯᠯᠡᠭᠴᠢ ᠪᠠᠭᠰᠢ᠎ᠯᠤᠭ᠎ᠠ ᠵᠢᠨ ᠬᠠᠷᠢᠴᠠᠭ᠎ᠠ᠎ᠪᠠᠨ ᠰᠠᠢ᠍ᠢ᠍ᠳᠤᠷ ᠵᠤᠬᠢᠴᠠᠭᠤᠯᠵᠤ᠂ ᠠ᠋ᠷᠴᠢᠮᠳᠠᠢ ᠰᠠᠢ᠍ᠢ᠍ᠨ ᠭᠦᠭᠵᠢᠭᠦᠯᠦᠨ᠂ ᠬᠢᠴᠢᠶᠡᠯᠯᠡᠭᠴᠢ ᠪᠠᠭᠰᠢ ᠨᠠᠷ᠎ᠤᠨ ᠠᠨᠭ᠌ᠬᠢ ᠨᠠᠢ᠍ᠢ᠍ᠳᠠ ᠵᠢᠨ ᠠᠵᠢᠯ᠎ᠳᠤ᠎ᠬᠢ ᠲᠦᠷᠭᠡᠳᠭᠡᠭᠦ ᠦᠢ᠍ᠯᠠᠳᠤᠯ᠎ᠢ ᠭᠦᠢ᠍ᠴᠡᠳ ᠪᠠᠳᠠᠷᠠᠭᠤᠯᠬᠤ ᠪᠤᠯ ᠠᠨᠭ᠌ᠬᠢ ᠵᠢᠨ ᠠ᠋ᠷᠬᠢᠯᠡᠭᠴᠢ ᠪᠤᠯᠤᠭᠰᠠᠳ᠎ᠤᠨ ᠠᠵᠢᠯ᠎ᠤᠨ ᠲᠤᠮᠳᠠ᠎ᠪᠠᠨ ᠠ᠋ᠷᠭᠡᠪᠰᠢ ᠨᠠᠷᠢᠯᠢᠬ ᠰᠤᠳᠤᠯᠤᠨ᠂ ᠲᠠᠰᠤᠷᠠᠯᠳᠠ ᠦᠭᠡᠢ ᠬᠠᠢ᠍ᠢ᠍ᠨ ᠰᠦᠪᠡᠭᠴᠢᠯᠡᠭᠦ ᠲᠤᠮᠤᠬᠠᠨ ᠠᠰᠠᠭᠤᠳᠠᠯ ᠮᠦᠨ᠃
     1. ᠠᠨᠭ᠌ᠬᠢ ᠵᠢᠨ ᠠ᠋ᠷᠬᠢᠯᠡᠭᠴᠢ ᠪᠠᠭᠰᠢ ᠬᠢᠴᠢᠶᠡᠯ ᠲᠦᠷᠦᠯ᠎ᠤᠨ ᠪᠠᠭᠰᠢ᠎ᠳᠤ ᠬᠠᠮᠵᠢᠵᠤ ᠵᠢᠭ᠋ᠠᠨ ᠰᠣᠷᠭ᠋ᠠᠬᠤ ᠶᠠᠪᠣᠴᠠ᠎ᠳᠤ ᠲᠣᠯᠭ᠋ᠠᠷᠠᠭᠰᠠᠨ ᠠᠰᠠᠭᠤᠳᠠᠯ᠎ᠢ᠎ᠨᠢ ᠰᠢᠢ᠍ᠳᠪᠦᠷᠢᠯᠡᠵᠦ ᠦᠭᠬᠦ ᠬᠡᠷᠡᠭᠳᠡᠢ᠃ ᠬᠢᠴᠢᠶᠡᠯ ᠲᠦᠷᠦᠯ᠎ᠤᠨ ᠪᠠᠭᠰᠢ ᠵᠢᠨ ᠵᠢᠭ᠋ᠠᠨ ᠰᠣᠷᠭ᠋ᠠᠯᠳᠠ ᠲᠤᠮᠳᠠ᠎ᠨᠢ ᠲᠣᠬᠢᠶᠠᠯᠳᠣᠭᠰᠠᠨ ᠪᠣᠶᠣ ᠠ᠋ᠭᠦᠰᠦᠭᠰᠡᠨ ᠠᠰᠠᠭᠤᠳᠠᠯ᠎ᠢ ᠲᠦᠭᠦᠮᠬᠡᠨ ᠪᠦᠭᠡᠳ ᠬᠡᠯᠪᠡᠶ᠋ᠢᠬᠦᠦ᠎ᠪᠠᠷ ᠲᠡᠷᠡ ᠴᠢᠨᠢ ᠲᠡᠬᠦᠨ᠎ᠤ ᠦᠪᠡᠷ᠎ᠤᠨ ᠬᠢᠨᠢ ᠣᠴᠢᠷ᠂ ᠲᠡᠳᠡ ᠦᠪᠡᠷ ᠵᠶ᠋ᠠᠨ ᠰᠢᠢ᠍ᠳᠪᠦᠷᠢᠯᠡᠬᠦ᠎ᠨᠢ ᠵᠦᠢ᠍ᠳᠡᠢ᠂ ᠨᠠᠳᠠᠳᠣ ᠬᠠᠮᠢᠶ᠎ᠠ ᠦᠭᠡᠢ ᠭᠡᠵᠦ ᠦᠵᠡᠬᠦ ᠪᠣᠶᠣ ᠬᠠᠨᠴᠣᠢ ᠲᠣᠭᠳᠣᠶ᠋ᠢᠯᠠᠨ ᠬᠠᠵᠠᠭᠤ᠎ᠠᠴᠠ᠎ᠨᠢ ᠬᠠᠷᠠᠭ᠍ᠣ᠂ ᠠ᠋ᠰᠡᠪᠡᠯ ᠵᠣᠷᠢᠭᠤᠳᠠ ᠵᠠᠶ᠋ᠢᠯᠠᠬᠤ᠎ᠨᠢ ᠵᠤᠬᠢᠰ ᠦᠭᠡᠢ᠃ ᠬᠠᠷᠢᠨ ᠣᠶ᠋ᠢᠯᠠᠭ᠋ᠠᠨ ᠬᠠᠯᠠᠮᠵᠢᠯᠠᠵᠤ᠂ ᠬᠢᠴᠢᠶᠡᠯ᠎ᠤᠨ ᠪᠠᠭᠰᠢ᠎ᠳᠤ ᠬᠠᠮᠵᠢᠯᠴᠠᠨ ᠵᠢᠭ᠋ᠠᠨ ᠰᠣᠷᠭ᠋ᠠᠯᠳᠠ ᠲᠤᠮᠳᠠ ᠤᠴᠠᠷᠠᠭᠰᠠᠨ ᠬᠦᠴᠢᠷᠳᠡᠯ᠎ᠢ᠎ᠨᠢ ᠰᠢᠢ᠍ᠳᠪᠦᠷᠢᠯᠡᠨ ᠦᠭᠬᠦ᠎ᠨᠢ ᠠᠩᠭᠢ ᠵᠢᠨ ᠠᠵᠢᠯ ᠲᠤᠮᠳᠠ ᠣᠷᠣᠰᠢᠬᠤ ᠠᠰᠠᠭᠤᠳᠠᠯ᠎ᠢ ᠰᠢᠢ᠍ᠳᠪᠦᠷᠢᠯᠡᠬᠦ᠎ᠲᠠᠢ ᠨᠢᠭᠳᠠ ᠬᠠᠷᠢᠴᠠᠭ᠎ᠠ᠎ᠲᠠᠢ ᠪᠠᠶ᠋ᠢᠳᠠᠭ᠃ ᠠ᠋ᠨᠡ᠎ᠨᠢ ᠠᠩᠭᠢ ᠵᠢᠨ ᠪᠠᠭᠰᠢ ᠵᠢᠨ ᠬᠢᠴᠢᠶᠡᠯᠯᠡᠭᠴᠢ ᠪᠠᠭᠰᠢ ᠵᠢᠨ ᠵᠢᠭ᠋ᠠᠨ ᠰᠣᠷᠭ᠋ᠠᠯᠳᠠ ᠵᠢᠨ ᠠᠰᠠᠭᠤᠳᠠᠯ᠎ᠢ ᠠᠩᠭᠢ ᠵᠢᠨ ᠠᠵᠢᠯ᠎ᠤᠨ ᠴᠢᠬᠤᠯᠠ ᠠᠭᠤᠯᠭ᠎ᠠ ᠪᠣᠯᠭ᠋ᠠᠨ ᠬᠦᠨᠳᠦᠳᠭᠡᠵᠦ ᠪᠠᠢ᠍ᠢ᠍ᠬᠤ ᠵᠢ ᠢᠯᠡᠳᠭᠡᠨ᠂ ᠰᠣᠷᠣᠭᠴᠢᠳ᠎ᠤᠨ ᠪᠤᠰᠤᠳ ᠬᠢᠴᠢᠶᠡᠯ᠎ᠤᠨ ᠪᠠᠭᠰᠢ᠎ᠳᠤ ᠬᠠᠨᠳᠣᠬᠤ ᠣᠪᠣᠷ᠎ᠢ ᠦᠭᠡᠢ᠍ᠢ᠍ᠰᠭᠡᠵᠦ ᠴᠢᠳᠠᠭ᠍ᠣ᠎ᠪᠠᠷ ᠪᠠᠷᠠᠭ᠍ᠣ ᠦᠬᠡᠢ ᠲᠠᠳᠠᠨ᠎ᠤ ᠵᠢᠭ᠋ᠠᠨ ᠰᠤᠷᠭ᠋ᠠᠬᠤ ᠤᠷᠮ᠎ᠠ ᠵᠢ ᠲᠠᠢ᠍ᠢ᠍ᠴᠢᠯᠠᠳᠠᠬ᠃ ᠠᠩᠭᠢ ᠵᠢᠨ ᠪᠠᠭᠰᠢ ᠰᠣᠷᠣᠭᠴᠢᠳ᠎ᠤᠨ ᠰᠣᠷᠣᠯᠴᠠᠯᠭ᠎ᠠ ᠲᠣᠮᠳᠠᠬᠢ ᠪᠣᠳᠠᠳᠠᠢ ᠢᠯᠡᠷᠡᠯ (ᠦᠵᠡᠯ ᠰᠠᠨᠠᠭ᠋ᠠᠨ᠎ᠤ ᠪᠠᠶ᠋ᠢᠳᠠᠯ᠂ ᠰᠣᠷᠣᠯᠴᠠᠭ᠍ᠣ ᠢᠳᠡᠪᠬᠢᠵᠢᠯ᠂ ᠰᠣᠷᠣᠯᠴᠠᠭ᠍ᠣ ᠴᠢᠳᠠᠪᠣᠷᠢ ᠵᠢᠴᠢ ᠬᠠᠮᠵᠢᠯᠴᠠᠭ᠍ᠣ ᠣᠪᠣᠷ) ᠬᠢᠭᠡᠳ ᠠᠩᠭᠢ ᠵᠢᠨ ᠰᠣᠷᠳᠠᠯ (ᠵᠣᠬᠢᠶᠠᠨ ᠪᠠᠶ᠋ᠢᠭᠤᠯᠣᠯᠳᠠ ᠰᠠᠬᠢᠯᠭ᠎ᠠ ᠪᠠᠳᠤ᠂ ᠰᠣᠷᠣᠯᠴᠠᠯᠭ᠎ᠠ ᠵᠢᠨ ᠠᠬᠤᠢ ᠲᠣᠭᠤᠷᠢᠨ᠂ ᠵᠢᠭ᠋ᠠᠨ ᠰᠣᠷᠭ᠋ᠠᠬᠤ ᠴᠢᠨᠠᠷ ᠴᠢᠨᠰᠠᠭ᠎ᠠ)᠎ᠢ ᠭᠤᠣᠯᠳᠠᠭᠤ ᠬᠢᠴᠢᠶᠡᠯᠯᠡᠭᠴᠢ ᠪᠠᠭᠰᠢ ᠨᠠᠷ᠎ᠤᠨ ᠲᠤᠰᠬᠠᠯᠳᠠ᠎ᠪᠠᠷ ᠲᠠᠮᠵᠢᠨ ᠤᠢ᠍ᠢ᠍ᠯᠠᠭ᠋ᠠᠵᠤ ᠰᠣᠷᠣᠭᠴᠢᠳ᠎ᠤᠨ ᠲᠤᠮᠳᠠ᠎ᠠᠴᠠ ᠨᠦᠬᠦᠪᠦᠷᠢᠯᠡᠳᠡᠭ᠃ ᠢᠩᠭᠢᠮᠡᠨᠵᠢᠨ ᠰᠠᠶᠢ ᠰᠣᠷᠣᠭᠴᠢᠳ᠎ᠤᠨ ᠪᠠᠢ᠍ᠢ᠍ᠳᠠᠯ ᠪᠣᠯᠣᠨ ᠪᠦᠬᠦ ᠠᠩᠭᠢ ᠵᠢᠨ ᠪᠠᠶ᠋ᠢᠳᠠᠯ᠎ᠢ ᠨᠡᠩ ᠪᠦᠬᠦ ᠲᠠᠯ᠎ᠠ᠎ᠪᠠᠷ᠂ ᠨᠡᠩ ᠪᠣᠳᠠᠳᠠᠢ᠎ᠪᠠᠷ ᠤᠢ᠍ᠢ᠍ᠯᠠᠭ᠋ᠠᠵᠤ᠂ ᠠᠵᠢᠯ ᠵᠶ᠋ᠠᠨ ᠨᠡᠩ ᠪᠦᠳᠦᠮᠵᠢᠳᠡᠢ ᠬᠢᠵᠤ ᠴᠢᠳᠠᠳᠠᠭ᠃ ᠭᠤᠣᠯ ᠰᠡᠳᠦᠪᠲᠦ ᠠᠩᠭᠢ ᠵᠢᠨ ᠬᠤᠷᠠᠯ᠂ ᠭᠤᠷᠪᠠᠨ ᠰᠠᠶ᠋ᠢᠨᠳᠠᠢ ᠰᠣᠷᠣᠭᠴᠢ ᠰᠢᠯᠢᠬᠦ᠂ ᠡᠪᠯᠡᠯ᠎ᠤᠨ ᠬᠡᠰᠢᠬᠦᠨ ᠠ᠋ᠯᠰᠡᠬᠦ᠂ ᠰᠣᠷᠭ᠋ᠠᠭᠤᠯᠢ ᠵᠢᠨ ᠴᠢᠬᠤᠯᠠ ᠶᠡᠭᠡ ᠬᠦᠳᠡᠯᠭᠡᠭᠡᠨ᠎ᠳᠤ ᠣᠷᠣᠯᠴᠠᠭ᠍ᠣ᠎ᠳᠤ᠎ᠪᠠᠨ ᠬᠢᠴᠢᠶᠡᠯᠯᠡᠭᠴᠢ ᠪᠠᠭᠰᠢ ᠵᠢᠨ ᠰᠠᠨᠠᠯ᠎ᠢ ᠯᠠᠪᠯᠠᠯᠳᠠ ᠪᠣᠯᠭ᠋ᠠᠬᠤ ᠵᠢ ᠴᠣ᠌ ᠠᠩᠬᠠᠷᠬᠤ ᠬᠡᠷᠡᠭᠳᠡᠢ᠃
     2. ᠬᠢᠴᠢᠶᠡᠯ ᠲᠦᠷᠦᠯ᠎ᠤᠨ ᠪᠠᠭᠰᠢ ᠵᠢᠨ ᠢᠳᠡᠪᠬᠢ ᠲᠣᠷ᠎ᠠ ᠪᠠᠬ᠎ᠠ᠂ ᠲᠠᠪᠠᠭᠤ ᠲᠠᠯ᠎ᠠ ᠪᠣᠯᠣᠨ ᠬᠦᠳᠡᠯᠮᠦᠷᠢ ᠵᠢᠨ ᠦᠷ᠎ᠡ ᠪᠦᠳᠦᠭᠡᠯ᠂ ᠠᠮᠵᠢᠯᠳᠠ ᠪᠦᠳᠦᠮᠵᠢ ᠵᠢ ᠰᠠᠶ᠋ᠢᠳᠣᠷ ᠰᠣᠷᠳᠠᠯᠴᠢᠯᠠᠨ᠂ ᠲᠡᠳᠡᠨ᠎ᠤ ᠰᠣᠷᠣᠭᠴᠢᠳ᠎ᠤᠨ ᠰᠡᠳᠬᠢᠯ᠎ᠳᠤ᠎ᠬᠢ ᠢᠳᠡᠭᠡᠯ ᠪᠠᠶ᠋ᠢᠷᠢ ᠵᠢ ᠵᠣᠷᠢᠯᠭ᠎ᠠ᠎ᠲᠠᠢ᠎ᠪᠠᠷ ᠴᠣᠭᠴᠠᠯᠠᠵᠦ ᠦᠭᠬᠦ ᠬᠡᠷᠡᠭᠳᠡᠢ᠃ ᠵᠠᠷᠢᠮ ᠰᠣᠷᠣᠭᠴᠢ ᠠᠩᠭᠢ ᠵᠢᠨ ᠠ᠋ᠷᠬᠢᠯᠡᠭᠴᠢ ᠪᠣᠯᠣᠨ ᠬᠢᠴᠢᠶᠡᠯ ᠲᠦᠷᠦᠯ᠎ᠤᠨ ᠪᠠᠭᠰᠢ᠎ᠪᠠᠨ ᠢᠯᠭ᠋ᠠᠨ ᠦᠵᠡᠳᠡᠭ᠃ ᠠᠩᠭᠢ ᠵᠢᠨ ᠪᠠᠭᠰᠢ ᠬᠢᠴᠢᠶᠡᠯ ᠲᠦᠷᠦᠯ᠎ᠤᠨ ᠪᠠᠭᠰᠢ ᠵᠢ ᠰᠠᠶ᠋ᠢᠳᠣᠷ ᠲᠠᠨᠢᠯᠴᠠᠭᠤᠯᠣᠨ ᠰᠣᠷᠳᠠᠯᠴᠢᠯᠠᠭ᠍ᠣ᠎ᠨᠢ ᠰᠣᠷᠣᠭᠴᠢᠳ᠎ᠤᠨ ᠲᠤᠮᠳᠠ ᠲᠡᠭᠦᠯᠳᠡᠷ ᠰᠠᠶ᠋ᠢᠬᠠᠨ ᠪᠠᠭᠰᠢ ᠵᠢᠨ ᠳᠦᠷᠢ ᠲᠦᠷᠬᠦ ᠵᠢ ᠴᠣᠭᠴᠠᠯᠠᠨ ᠦᠭᠴᠦ᠂ ᠢᠳᠡᠭᠡᠯ ᠬᠦᠨᠳᠦ ᠵᠢ᠎ᠨᠢ ᠲᠡᠭᠡᠭᠰᠢᠯᠡᠬᠦᠯᠵᠦ ᠴᠢᠳᠠᠳᠠᠭ᠂ ᠪᠢᠰᠢᠷᠡᠯ᠎ᠤᠨ ᠬᠦᠴᠦᠨ ᠪᠣᠯ ᠬᠢᠴᠢᠶᠡᠯ ᠰᠣᠷᠣᠯᠭ᠎ᠠ ᠵᠢᠨ ᠲᠣᠩ ᠴᠢᠬᠤᠯᠠ ᠬᠦᠳᠡᠯᠭᠡᠬᠦ ᠬᠦᠴᠦᠨ ᠪᠣᠯᠣᠨ᠎ᠠ᠃ ᠬᠠᠷᠢᠨ ᠬᠢᠴᠢᠶᠡᠯ᠎ᠤᠨ ᠪᠠᠭᠰᠢ ᠵᠢ ᠦᠭᠡᠯᠡᠵᠦ ᠰᠡᠪᠯᠡᠬᠦ ᠵᠢ ᠠ᠋ᠷᠡᠰ ᠲᠡᠪᠴᠢᠨ᠂ ᠲᠡᠭᠡᠬᠦ᠎ᠪᠠᠷ ᠪᠠᠷᠠᠭ᠍ᠣ ᠦᠬᠡᠢ ᠰᠣᠷᠣᠭᠴᠢᠳ᠎ᠤᠨ ᠪᠠᠭᠰᠢ ᠨᠠᠷ᠎ᠤᠨ ᠨᠡᠷ᠎ᠡ ᠬᠦᠨᠳᠦ ᠵᠢ ᠬᠤᠬᠢᠷᠠᠭᠤᠯᠬᠤ ᠴᠣᠣᠷᠬᠠᠯ ᠭᠥᠳᠭᠡᠯ᠎ᠢ ᠪᠠᠰᠠ ᠴᠠᠭ ᠲᠠᠷᠣᠢ᠎ᠳᠤ᠎ᠨᠢ ᠬᠤᠷᠢᠭᠯᠠᠨ ᠵᠣᠭᠰᠣᠭ᠋ᠠᠵᠦ᠂ ᠪᠠᠭᠰᠢ ᠵᠢᠨ ᠠ᠋ᠷᠬᠡ ᠬᠦᠨᠳᠦ ᠵᠢ ᠬᠠᠮᠠᠭ᠋ᠠᠯᠠᠨ᠂ ᠰᠣᠷᠣᠭᠴᠢᠳ᠎ᠲᠤ ᠲᠣᠳᠣᠷᠬᠠᠶ᠋ᠢᠯᠠᠵᠦ ᠦᠭᠬᠦ ᠬᠡᠷᠡᠭᠳᠡᠢ᠃
     3. ᠪᠠᠭᠰᠢ ᠰᠣᠷᠣᠭᠴᠢ ᠵᠢᠨ ᠪᠦᠯᠬᠦᠮᠳᠡᠯ᠎ᠳᠤ ᠠᠰᠢᠭᠳᠠᠢ ᠬᠢᠴᠢᠶᠡᠯ᠎ᠤᠨ ᠭᠠᠳᠠᠨᠠᠬᠢ ᠬᠦᠳᠡᠯᠭᠡᠭᠡᠨ᠎ᠢ ᠢᠯᠡᠬᠦᠦ ᠦᠷᠨᠢᠭᠦᠯᠦᠨ᠂ ᠪᠠᠭᠰᠢ ᠰᠣᠷᠣᠭᠴᠢ ᠲᠣᠰ ᠪᠦᠷᠢ ᠵᠢᠨ ᠭᠠᠷᠮᠠᠭ᠋ᠠᠢ ᠠᠪᠢᠶᠠᠰ ᠴᠢᠳᠠᠪᠣᠷᠢ᠎ᠪᠠᠨ ᠪᠠᠳᠠᠷᠠᠭᠤᠯᠣᠨ ᠣᠶ᠋ᠢᠯᠠᠭ᠋ᠠᠯᠴᠠᠭ᠍ᠣ ᠵᠠᠪᠰᠢᠶᠠᠨ ᠬᠠᠨᠭ᠌ᠭ᠋ᠠᠨ ᠦᠭᠴᠦ ᠰᠡᠳᠬᠢᠯ᠎ᠤᠨ ᠬᠤᠯᠪᠣᠭ᠋ᠠᠰᠣ ᠵᠢ᠎ᠨᠢ ᠴᠢᠩᠭ᠋ᠠᠯᠠᠵᠦ ᠦᠭᠬᠦ ᠬᠡᠷᠡᠭᠳᠡᠢ᠃ ᠵᠢᠱ᠌ᠢᠶᠡᠯᠡᠪᠡᠯ᠄ ᠠᠩᠭᠢ ᠵᠢᠨ ᠬᠤᠷᠠᠯ᠎ᠳᠤ ᠣᠷᠢᠵᠦ ᠣᠷᠣᠯᠴᠠᠭᠤᠯᠣᠨ ᠶᠠᠷᠢᠶ᠎ᠠ ᠬᠢᠯᠭᠡᠵᠦ ᠰᠠᠨᠠᠯ᠎ᠢ᠎ᠨᠢ ᠰᠣᠨᠣᠰᠬᠤ᠂ ᠬᠢᠴᠢᠶᠡᠯ᠎ᠤᠨ ᠭᠠᠳᠠᠭᠤᠷᠬᠢ ᠠᠩᠭᠢ ᠵᠢᠨ ᠡᠯ᠎ᠡ ᠵᠦᠢ᠍ᠯ᠎ᠤᠨ ᠬᠦᠳᠡᠯᠭᠡᠭᠡᠨ᠎ᠳᠤ ᠰᠣᠷᠣᠭᠴᠢᠳ᠎ᠢ ᠰᠠᠨᠠᠭ᠋ᠠᠴᠢᠯᠠᠭ᠎ᠠ᠎ᠲᠠᠢ᠎ᠪᠠᠷ ᠪᠣᠰᠣᠳ ᠪᠠᠭᠰᠢ ᠨᠠᠷ ᠵᠶ᠋ᠠᠨ ᠣᠷᠢᠵᠦ ᠣᠷᠣᠯᠴᠠᠭᠤᠯᠬᠤ ᠭᠡᠬᠦ ᠮᠡᠳᠦ᠃ ᠠ᠋ᠶ᠋ᠢᠮᠦᠷᠬᠦᠤ ᠠ᠋ᠷᠬᠡ ᠲᠡᠭᠰᠢ ᠪᠦᠯᠬᠦᠮᠳᠡᠯ ᠨᠢᠭᠳᠠᠷᠠᠯ᠎ᠤᠨ ᠬᠠᠷᠢᠴᠠᠭ᠎ᠠ ᠵᠢ ᠪᠠᠶ᠋ᠢᠭᠤᠯᠵᠦ ᠦᠭᠬᠦ᠎ᠨᠢ ᠪᠠᠭᠰᠢ ᠰᠣᠷᠣᠭᠴᠢ ᠵᠢᠨ ᠭᠠᠳᠠᠭᠤᠷᠴᠢᠯᠠᠬᠤ ᠰᠡᠳᠬᠢᠯᠭᠡ ᠵᠢ ᠦᠭᠡᠢ᠍ᠢ᠍ᠰᠭᠡᠵᠦ᠂ ᠲᠣᠰ ᠪᠦᠷᠢ ᠵᠢᠨ ᠬᠢᠨᠢ ᠲᠠᠪᠠᠭᠤ ᠲᠠᠯ᠎ᠠ ᠵᠢ ᠪᠠᠳᠠᠷᠠᠭᠤᠯᠣᠨ ᠲᠠᠪᠰᠢᠯᠲᠠ᠎ᠳᠤ ᠬᠦᠷᠭᠡᠵᠦ ᠴᠢᠳᠠᠳᠠᠭ᠃
      ᠠᠩᠭᠢ ᠵᠢᠨ ᠠ᠋ᠷᠬᠢᠯᠡᠭᠴᠢ ᠪᠣᠯᠣᠭᠰᠠᠳ ᠪᠠᠭᠰᠢ ᠨᠠᠷ ᠵᠶ᠋ᠠᠨ ᠠ᠋ᠷᠬᠡ ᠲᠡᠭᠰᠢ᠎ᠪᠠᠷ ᠬᠦᠨᠳᠦᠯᠡᠬᠦ ᠵᠢ ᠠᠩᠭᠢ ᠵᠢᠨ ᠰᠣᠷᠳᠠᠯ ᠪᠣᠯᠭ᠋ᠠᠨ ᠢᠮᠠᠭᠳᠠ ᠰᠣᠷᠳᠠᠯᠴᠢᠯᠠᠵᠦ᠂ ᠠᠴᠢ᠎ᠳᠤ ᠲᠠᠯᠠᠷᠬᠠᠬᠤ ᠨᠡᠶ᠋ᠢᠳᠡᠮ᠎ᠤᠨ ᠬᠡᠪ ᠰᠣᠷᠳᠠᠯ᠎ᠢ ᠠᠩᠭᠢ ᠨᠢᠭᠡᠴᠢ᠎ᠳᠤ᠎ᠪᠠᠨ ᠪᠣᠢ ᠪᠣᠯᠭ᠋ᠠᠨ᠂ ᠪᠠᠭᠰᠢ ᠨᠠᠷ᠎ᠤᠨ ᠪᠡᠶ᠎ᠡ ᠮᠠᠭ᠍ᠠᠪᠣᠳ ᠲᠠᠭ᠎ᠠ ᠦᠬᠡᠢ ᠪᠠᠢ᠍ᠢ᠍ᠬᠤ ᠪᠣᠶᠣ ᠶᠠᠭᠤ ᠴᠣ᠌ ᠪᠣᠯᠤᠭ᠂ ᠶᠠᠮᠠᠷ ᠨᠢᠭᠡᠨ ᠰᠢᠯᠳᠠᠭ᠋ᠠᠨ᠎ᠠᠴᠠ ᠪᠣᠯᠵᠦ ᠣᠨᠴᠠᠭ᠋ᠠᠢ ᠬᠤᠪᠢᠷᠠᠯᠳᠠ ᠭᠠᠷᠴᠦ ᠬᠢᠴᠢᠶᠡᠯ᠎ᠤᠨ ᠣᠷᠮ᠎ᠠ ᠵᠢ ᠨᠦᠯᠦᠭᠡᠯᠡᠬᠦ ᠪᠣᠶᠣ ᠬᠢᠴᠢᠶᠡᠯ ᠰᠠᠭ᠋ᠠᠳᠠᠬᠤ ᠮᠡᠲᠦᠰ᠎ᠤᠨ ᠪᠠᠢ᠍ᠢ᠍ᠳᠠᠯ᠎ᠢ ᠢᠯᠡᠬᠦᠦ ᠤᠢ᠍ᠢ᠍ᠯᠠᠭ᠋ᠠᠵᠤ ᠬᠠᠷᠠᠭ᠋ᠠᠯᠵᠠᠨ᠂ ᠲᠣᠬᠤᠨᠢᠭᠤᠯᠣᠨ ᠪᠣᠯᠭᠤᠭ᠋ᠠᠬᠤ ᠮᠡᠳᠦ᠎ᠪᠠᠷ ᠪᠠᠭᠰᠢ ᠰᠣᠷᠣᠭᠴᠢ ᠵᠢᠨ ᠬᠠᠷᠢᠴᠠᠭ᠎ᠠ ᠵᠢ ᠴᠢᠩ ᠦᠨᠡᠨᠴᠢ ᠬᠦᠨᠳᠦᠯᠡᠯ ᠬᠠᠶ᠋ᠢᠷᠠᠯᠠᠯ᠎ᠤᠨ ᠬᠤᠯᠪᠣᠭ᠋ᠠᠰᠣ ᠪᠣᠯᠭ᠋ᠠᠬᠤ᠎ᠪᠠᠷ ᠴᠢᠷᠮᠠᠶ᠋ᠢᠬᠤ ᠬᠡᠷᠡᠭᠳᠡᠢ᠃
      ᠠᠩᠭᠢ ᠵᠢᠨ ᠠ᠋ᠷᠬᠢᠯᠡᠭᠴᠢ ᠪᠠᠭᠰᠢ ᠪᠣᠯᠣᠭᠰᠠᠳ ᠬᠢᠴᠢᠶᠡᠯ ᠲᠦᠷᠦᠯ᠎ᠤᠨ ᠪᠠᠭᠰᠢ᠎ᠠᠴᠠ ᠠᠩᠭᠢ ᠵᠢᠨ ᠵᠶ᠋ᠠᠨ ᠪᠠᠶ᠋ᠢᠳᠠᠯ᠎ᠢ ᠨᠡᠩ ᠪᠦᠬᠦ ᠲᠠᠯ᠎ᠠ᠎ᠪᠠᠷ᠂ ᠨᠡᠩ ᠪᠣᠳᠠᠳᠠᠢ ᠣᠶ᠋ᠢᠯᠠᠭ᠋ᠠᠳᠠᠭ ᠣᠴᠢᠷ᠎ᠠᠴᠠ ᠪᠣᠰᠣᠳ ᠪᠠᠭᠰᠢ ᠨᠠᠷ᠎ᠲᠠᠢ ᠢᠯᠡᠬᠦᠬᠡᠨ ᠰᠠᠨᠠᠯ ᠵᠶ᠋ᠠᠨ ᠰᠣᠯᠢᠯᠴᠠᠭ᠍ᠤ ᠬᠡᠷᠡᠭᠳᠡᠢ᠃ ᠵᠢᠱ᠌ᠢᠶᠡᠯᠡᠪᠡᠯ᠄ ᠰᠣᠷᠣᠯᠭ᠎ᠠ ᠵᠢᠨ ᠬᠤᠭᠤᠴᠠᠭ᠎ᠠ ᠰᠠᠶᠢ ᠠ᠋ᠬᠢᠯᠡᠮᠡᠭᠴᠡ ᠰᠣᠷᠣᠭᠴᠢ ᠵᠢᠨ ᠨᠡᠷᠡᠰ᠂ ᠠᠩᠭᠢ ᠵᠢᠨ ᠺᠠᠳ᠋ᠷ᠎ᠤᠨ ᠪᠦᠷᠢᠯᠳᠦᠬᠦᠨ᠂ ᠰᠠᠭᠤᠳᠠᠯ ᠲᠣᠬᠢᠷᠠᠭᠤᠯᠣᠯᠳᠠ᠂ ᠬᠢᠷᠢ ᠪᠦᠳᠦᠮᠵᠢ ᠵᠢᠨ ᠪᠠᠶ᠋ᠢᠳᠠᠯ᠂ ᠶᠠᠳᠠᠭᠤ ᠬᠦᠴᠢᠷᠳᠡᠯᠳᠡᠢ ᠰᠣᠷᠣᠭᠴᠢ ᠁ ᠬᠡᠬᠦ ᠮᠡᠳᠦ᠎ᠪᠠᠷ ᠬᠢᠴᠢᠶᠡᠯ᠎ᠤᠨ ᠪᠠᠭᠰᠢ ᠨᠠᠷ᠎ᠲᠤ ᠬᠠᠩᠭ᠋ᠠᠨ ᠦᠭᠴᠦ ᠲᠣᠳᠣᠷ᠎ᠠ᠎ᠨᠢ ᠲᠣᠭ᠋ᠠᠳᠠᠢ ᠪᠠᠶ᠋ᠢᠯᠭ᠋ᠠᠬᠤ᠃ ᠠ᠋ᠩ᠎ᠤᠨ ᠴᠠᠭ᠎ᠤᠨ ᠠᠵᠢᠯ᠎ᠤᠨ ᠲᠤᠮᠳᠠ᠎ᠪᠠᠨ ᠴᠣ᠌ ᠠᠩᠭᠢ ᠲᠣᠳᠣᠷ᠎ᠠ ᠠ᠋ᠭᠦᠰᠦᠭᠰᠡᠨ ᠰᠢᠨ᠎ᠡ ᠠᠰᠠᠭᠤᠳᠠᠯ ᠰᠢᠨ᠎ᠡ ᠪᠠᠶ᠋ᠢᠳᠠᠯ ᠵᠶ᠋ᠠᠨ ᠴᠠᠭ ᠲᠣᠬᠠᠢ᠎ᠳᠤ᠎ᠨᠢ ᠪᠣᠰᠣᠳ ᠪᠠᠭᠰᠢ ᠨᠠᠷ᠎ᠲᠠᠢ ᠰᠠᠨᠠᠯ ᠰᠣᠯᠢᠯᠴᠠᠨ᠂ ᠰᠠᠨᠠᠮᠰᠠᠷ ᠪᠣᠰᠣ ᠠᠨᠳᠠᠭᠤᠷᠠᠯ ᠠ᠋ᠬᠦᠰᠬᠦ᠎ᠠᠴᠠ ᠵᠠᠶ᠋ᠢᠯᠠᠰᠬᠢᠬᠤ ᠬᠡᠷᠡᠭᠳᠡᠢ᠃ ᠠᠩᠭᠢ ᠵᠢᠨ ᠪᠠᠭᠰᠢ ᠬᠢᠭᠡᠳ ᠪᠣᠰᠣᠳ ᠪᠠᠭᠰᠢ ᠨᠠᠷ᠎ᠤᠨ ᠬᠤᠭᠤᠷᠤᠨᠳᠤ ᠵᠠᠷᠢᠮ ᠦᠶ᠎ᠡ᠎ᠳᠤ ᠰᠠᠨᠠᠭ᠎ᠠ᠎ᠪᠠᠨ ᠣᠯᠣᠯᠴᠠᠬᠤ ᠦᠬᠡᠢ ᠣᠴᠢᠷ ᠲᠣᠬᠢᠶᠠᠯᠳᠣᠳᠠᠭ᠂ ᠠᠩᠭᠢ ᠵᠢᠨ ᠪᠠᠭᠰᠢ ᠵᠠᠷᠢᠮ ᠪᠠᠭᠰᠢ ᠵᠢᠨ ᠵᠠᠷᠢᠮ ᠬᠢᠳᠡᠯ᠎ᠳᠤ ᠰᠡᠳᠬᠢᠯ ᠬᠠᠩᠭ᠋ᠠᠮᠵᠢ ᠦᠬᠡᠢ ᠦᠵᠡᠭᠳᠡᠯ ᠴᠣ᠌ ᠢᠮᠠᠭᠳᠠ ᠲᠣᠬᠢᠶᠠᠯᠳᠣᠵᠦ ᠪᠣᠯᠳᠠᠭ᠃ ᠠ᠋ᠶ᠋ᠢᠮᠦ ᠦᠶ᠎ᠡ᠎ᠳᠤ ᠠᠩᠭᠢ ᠵᠢᠨ ᠠ᠋ᠷᠬᠢᠯᠡᠭᠴᠢ ᠪᠣᠯᠣᠭᠰᠠᠳ ᠪᠣᠰᠣᠳ᠎ᠤᠨ ᠲᠠᠪᠠᠭᠤ ᠲᠠᠯ᠎ᠠ ᠵᠢ᠎ᠨᠢ ᠠᠩᠬᠠᠷᠴᠦ᠂ ᠵᠣᠬᠢᠰ᠎ᠲᠠᠢ ᠲᠣᠬᠢᠶᠠᠯ ᠬᠢᠭᠡᠳ ᠠᠷᠭ᠎ᠠ᠎ᠪᠠᠷ ᠴᠢᠩ ᠰᠡᠳᠬᠢᠯ᠎ᠠᠴᠠ᠎ᠪᠠᠨ ᠠᠰᠠᠭᠤᠳᠠᠯ᠎ᠢ ᠲᠡᠯᠭᠡᠨ ᠶᠠᠷᠢᠯᠴᠠᠨ ᠰᠢᠢ᠍ᠳᠪᠦᠷᠢᠯᠡᠵᠦ ᠲᠣᠬᠠᠢ ᠵᠢᠨ ᠪᠠᠭᠰᠢ ᠵᠢᠨ ᠢᠳᠡᠪᠬᠢᠵᠢᠯ᠎ᠢ ᠦᠨᠡᠨ ᠬᠦ᠌ ᠲᠠᠶ᠋ᠢᠴᠢᠯᠠᠭ᠍ᠣ ᠬᠡᠷᠡᠭᠳᠡᠢ᠃ ᠵᠦᠪᠬᠡᠨ ᠪᠣᠰᠣᠳ ᠪᠠᠭᠰᠢ ᠨᠠᠷ᠎ᠤᠨ ᠢᠳᠡᠪᠬᠢᠵᠢᠯ᠎ᠢ ᠦᠨᠡᠨ ᠬᠦ᠌ ᠲᠠᠶ᠋ᠢᠴᠢᠯᠠᠭ᠋ᠠᠳ ᠴᠢᠳᠠᠪᠠᠯ ᠲᠠᠷᠣᠢ ᠠᠩᠭᠢ ᠨᠢᠭᠡᠴᠢ᠎ᠪᠠᠨ ᠵᠢᠩᠬᠢᠨᠢ ᠰᠠᠶ᠋ᠢᠨ ᠬᠠᠮᠢᠶᠠᠷᠬᠤ ᠬᠦᠳᠡᠯᠭᠡᠬᠦ ᠬᠦᠴᠦ ᠵᠢ ᠣᠯᠵᠦ ᠴᠢᠳᠠᠨ᠎ᠠ᠃
      ᠬᠢᠴᠢᠶᠡᠯᠯᠡᠭᠴᠢ ᠪᠠᠭᠰᠢ ᠬᠢᠭᠡᠳ ᠰᠣᠷᠣᠭᠴᠢᠳ᠎ᠤᠨ ᠬᠤᠭᠤᠷᠣᠨᠳᠤᠬᠢ ᠵᠦᠷᠢᠴᠡᠯ᠎ᠢ ᠠᠮᠢᠳᠣᠯᠢᠭ ᠴᠢᠳᠠᠮᠠᠭ᠋ᠠᠢ ᠰᠢᠢ᠍ᠳᠪᠦᠷᠢᠯᠡᠵᠦ ᠪᠠᠭᠰᠢ ᠰᠣᠷᠣᠭᠴᠢ ᠵᠢᠨ ᠬᠢᠴᠢᠶᠡᠯ ᠲᠣᠮᠳᠠᠬᠢ ᠡᠯ᠎ᠡ ᠵᠦᠢ᠍ᠯ᠎ᠤᠨ ᠬᠠᠯᠭᠤᠣ ᠦᠵᠡᠭᠳᠡᠯ ᠣᠶ᠋ᠢᠯᠠᠭ᠋ᠠᠯᠳᠠ ᠵᠢ ᠴᠠᠭ ᠲᠠᠷᠣᠢ᠎ᠳᠤ᠎ᠨᠢ ᠵᠣᠬᠢᠴᠠᠭᠤᠯᠵᠦ ᠬᠢᠴᠢᠶᠡᠯᠯᠡᠭᠡ ᠵᠢᠨ ᠠ᠋ᠶ᠎ᠡ ᠵᠣᠬᠢᠴᠠᠯᠳᠣ ᠠᠭᠤᠷ ᠠᠮᠢᠰᠬᠤᠯ᠎ᠢ ᠴᠢᠷᠮᠠᠶ᠋ᠢᠨ ᠪᠠᠶ᠋ᠢᠭᠤᠯᠵᠦ ᠦᠭᠬᠦ ᠬᠡᠷᠡᠭᠳᠡᠢ᠃
      ᠬᠢᠴᠢᠶᠡᠯᠯᠡᠭᠴᠢ ᠪᠠᠭᠰᠢ ᠬᠢᠭᠡᠳ ᠰᠣᠷᠣᠭᠴᠢᠳ᠎ᠤᠨ ᠬᠤᠭᠤᠷᠣᠨᠳᠣ ᠪᠠᠰᠠ ᠮᠠᠰᠢ ᠣᠯᠠᠨ ᠠᠳᠠᠯᠢ ᠪᠣᠰᠣ ᠰᠢᠨᠵᠢ ᠴᠢᠨᠠᠷ᠎ᠲᠠᠢ ᠵᠦᠷᠢᠴᠡᠯ ᠠ᠋ᠬᠦᠰᠬᠦ ᠪᠣᠶᠣ ᠣᠷᠣᠰᠢᠳᠠᠭ᠂ ᠠ᠋ᠬᠦᠨ᠎ᠢ ᠴᠣ᠌ ᠰᠠᠶ᠋ᠢᠳᠣᠷ ᠰᠢᠢ᠍ᠳᠪᠦᠷᠢᠯᠡᠭᠰᠡᠨ ᠪᠠᠶ᠋ᠢᠬᠤ ᠬᠡᠷᠡᠭᠳᠡᠢ᠃ ᠡ᠊ᠨᠳᠡ ᠪᠢ ᠨᠦᠯᠦᠭᠡᠯᠡᠯ ᠵᠶ᠋ᠠᠷ ᠪᠠᠭ᠎ᠠ ᠠ᠋ᠩ᠎ᠤᠨ ᠵᠦᠷᠢᠴᠡᠯ᠎ᠢ ᠶᠠᠷᠢᠬᠤ ᠦᠬᠡᠢ᠂ ᠭᠤᠣᠯᠳᠠᠭᠤ ᠨᠦᠯᠦᠭᠡᠯᠡᠯ ᠶᠡᠭᠡ ᠪᠣᠯᠳᠠᠭ ᠵᠦᠷᠢᠴᠡᠯ᠎ᠤᠨ ᠲᠣᠬᠠᠢ ᠶᠠᠷᠢᠶ᠎ᠠ᠃ ᠠ᠋ᠬᠦᠨ᠎ᠳᠤ ᠵᠠᠩᠬᠢᠯᠠᠭ᠎ᠠ᠎ᠨᠢ ᠬᠠᠰᠢ ᠯᠡ ᠪᠠᠭᠰᠢ ᠵᠢᠨ ᠵᠢᠭ᠋ᠠᠨ ᠰᠣᠷᠭ᠋ᠠᠬᠤ ᠬᠢᠷᠢ ᠲᠦᠪᠰᠢᠨ᠂ ᠵᠢᠭ᠋ᠠᠨ ᠰᠣᠷᠭ᠋ᠠᠬᠤ ᠣᠪᠣᠷ ᠬᠢᠭᠡᠳ ᠠᠷᠭ᠎ᠠ ᠬᠡᠮᠵᠢᠶ᠎ᠡ᠎ᠨᠢ ᠰᠣᠷᠣᠭᠴᠢᠳ᠎ᠤᠨ ᠱᠠᠭ᠋ᠠᠷᠳᠠᠯᠭ᠎ᠠ ᠪᠣᠶᠣ ᠬᠦᠯᠢᠶᠡᠨ ᠠᠪᠬᠤ ᠬᠢᠷᠢ ᠬᠡᠮᠵᠢᠶ᠎ᠡ᠎ᠲᠠᠢ ᠬᠠᠷᠰᠢᠯ ᠪᠣᠯᠬᠤ᠎ᠠᠴᠠ ᠪᠣᠯᠵᠤ ᠵᠦᠷᠢᠴᠡᠯ ᠠ᠋ᠬᠦᠰᠳᠡᠭ᠃ ᠪᠠᠭᠰᠢ ᠵᠢᠨ ᠬᠢᠴᠢᠶᠡᠯᠯᠡᠭᠡ ᠵᠢᠨ ᠣᠪᠣᠷ ᠰᠣᠷᠳᠠᠯ᠎ᠤᠨ ᠠᠰᠠᠭᠤᠳᠠᠯ᠎ᠠᠴᠠ ᠪᠣᠯᠣᠭᠰᠠᠨ ᠬᠢᠴᠢᠶᠡᠯᠯᠡᠭᠡ ᠵᠢᠨ ᠲᠣᠮᠳᠠᠬᠢ ᠵᠦᠷᠢᠴᠡᠯ ᠬᠤᠷᠴᠠᠳᠬᠤ ᠦᠵᠡᠭᠳᠡᠯ ᠬᠠᠮᠤᠭ᠎ᠤᠨ ᠣᠯᠠᠨ ᠲᠣᠬᠢᠶᠠᠯᠳᠣᠳᠠᠭ᠃ ᠣᠴᠢᠷ᠎ᠨᠢ ᠪᠠᠭᠰᠢ ᠴᠣ᠌ ᠪᠣᠯᠤᠬ ᠰᠣᠷᠣᠭᠴᠢ ᠴᠣ᠌ ᠪᠣᠯᠤᠭ ᠪᠦᠷ ᠯᠡ ᠠᠭ᠋ᠠᠭ᠎ᠲᠠᠢ ᠠᠮᠤ ᠢᠳᠡᠵᠦ ᠪᠦᠬᠦᠢ ᠨᠡᠶ᠋ᠢᠬᠡᠮ᠎ᠤᠨ ᠬᠦᠮᠦᠨ ᠪᠣᠯᠬᠤᠷ ᠬᠡᠨ᠎ᠳᠤ᠎ᠨᠢ ᠴᠣ᠌ ᠠ᠋ᠶ᠋ᠢᠮᠦ ᠲᠡᠶ᠋ᠢᠮᠦ ᠲᠣᠳᠠᠭᠳᠠᠯ ᠬᠢᠭᠡᠳ ᠠᠯᠳᠠᠭ᠎ᠠ ᠪᠣᠷᠣᠭᠤ ᠣᠷᠣᠰᠢᠬᠤ ᠦᠬᠡᠢ ᠭᠡᠵᠦ ᠬᠡᠯᠡᠵᠦ ᠦᠯᠦ ᠴᠢᠳᠠᠨ᠎ᠠ᠃ ᠣᠨᠴᠠᠭ᠋ᠠᠶ᠋ᠢᠯᠠᠨ ᠰᠢᠭᠦᠮᠵᠢᠯᠡᠬᠦ ᠣᠪᠣᠷ ᠬᠢᠭᠡᠳ ᠬᠦᠯᠢᠶᠡᠨ ᠠᠪᠬᠤ ᠣᠪᠣᠷ᠎ᠤᠨ ᠬᠤᠭᠤᠷᠣᠨᠳᠤᠬᠢ ᠦᠯᠦ ᠲᠣᠬᠢᠷᠠᠯᠴᠠᠭ᠍ᠣ᠎ᠠᠴᠠ ᠪᠣᠯᠣᠭᠰᠠᠨ ᠵᠦᠷᠢᠴᠡᠯ ᠬᠤᠷᠴᠠᠳᠬᠤ ᠦᠵᠡᠭᠳᠡᠯ ᠢᠮᠠᠭᠳᠠ ᠲᠣᠬᠢᠶᠠᠯᠳᠣᠳᠠᠭ᠂ ᠠ᠋ᠬᠦᠨ᠎ᠢ ᠬᠡᠷᠪᠡ ᠰᠠᠶ᠋ᠢᠳᠣᠷ ᠵᠣᠬᠢᠴᠠᠭᠤᠯᠵᠦ ᠨᠠᠵᠠᠭ᠋ᠠᠢ ᠦᠢ᠍ᠯᠡᠳᠦᠯ᠎ᠢ᠎ᠨᠢ ᠴᠠᠭ ᠲᠠᠷᠣᠢ᠎ᠳᠤ᠎ᠨᠢ ᠰᠢᠢ᠍ᠳᠪᠦᠷᠢᠯᠡᠵᠦ ᠴᠢᠳᠠᠭ᠍ᠣ ᠦᠬᠡᠢ ᠪᠣᠯ ᠪᠠᠭᠰᠢ ᠰᠣᠷᠣᠭᠴᠢ ᠵᠢᠨ ᠬᠤᠭᠤᠷᠣᠨᠳᠤ ᠲᠠᠶ᠋ᠢᠰᠣᠩᠨᠠᠯ ᠪᠣᠢ ᠪᠣᠯᠵᠦ᠂ ᠪᠦᠬᠦ ᠠᠩᠭᠢ ᠵᠢᠨ ᠲᠣᠰ ᠬᠢᠴᠢᠶᠡᠯᠯᠡᠭᠡ ᠵᠢᠨ ᠠᠭᠤᠷ ᠠᠮᠢᠰᠬᠤᠯ᠎ᠢ ᠮᠠᠭᠤᠳᠠᠭᠤᠯᠣᠨ᠂ ᠬᠢᠷᠢ ᠬᠡᠮᠵᠢᠶ᠎ᠡ ᠵᠢ᠎ᠨᠢ ᠴᠣ᠌ ᠨᠦᠯᠦᠭᠡᠯᠡᠳᠡᠭ᠃ ᠠ᠋ᠶ᠋ᠢᠮᠦ ᠬᠤᠷᠴᠠᠳᠴᠦ ᠮᠡᠳᠡᠬᠦ ᠦᠵᠡᠭᠳᠡᠯ᠎ᠨᠢ ᠭᠤᠣᠯᠳᠠᠭᠤ ᠰᠢᠨ᠎ᠡ ᠲᠠᠶ᠋ᠢᠰᠠᠨ᠎ᠳᠤ ᠭᠠᠷᠴᠦ ᠪᠦᠬᠦᠢ ᠵᠠᠩᠨᠠᠭ᠍ᠣ ᠲᠣᠷᠠᠳᠠᠢ᠂ ᠴᠢᠩᠭ᠎ᠠ ᠲᠦᠪᠯᠡᠬᠦᠨ᠂ ᠲᠣᠷᠰᠢᠯᠭ᠎ᠠ ᠦᠬᠡᠢ ᠵᠠᠯᠠᠭᠤ ᠪᠠᠭᠰᠢ ᠬᠢᠭᠡᠳ ᠰᠢᠨ᠎ᠡ ᠬᠤᠭᠤᠴᠠᠭ᠎ᠠ᠎ᠠᠴᠠ ᠠ᠋ᠬᠢᠯᠡᠵᠦ ᠰᠢᠨ᠎ᠡ᠎ᠪᠠᠷ ᠬᠢᠴᠢᠶᠡᠯᠯᠡᠭᠰᠡᠨ ᠵᠢᠭ᠋ᠠᠬᠤ ᠠᠷᠭ᠎ᠠ᠎ᠨᠢ ᠬᠡᠳᠦ ᠬᠡᠪᠰᠢᠮᠡᠯ ᠬᠠᠭᠤᠴᠢᠨ ᠪᠠᠭᠰᠢ ᠨᠠᠷ᠎ᠤᠨ ᠲᠤᠮᠳᠠ ᠬᠢᠯᠪᠠᠷ ᠠ᠋ᠬᠦᠰᠳᠡᠭ᠂ ᠭᠡᠬᠦ᠎ᠳᠤ᠎ᠪᠠᠨ ᠠ᠋ᠨᠡ᠎ᠨᠢ ᠪᠠᠰᠠ ᠭᠤᠣᠯᠳᠠᠭ᠍ᠣ ᠭᠡᠷ᠎ᠤᠨ ᠬᠦᠮᠦᠵᠢᠯ ᠨᠡᠶ᠋ᠢᠬᠡᠮ᠎ᠤᠨ ᠬᠦᠮᠦᠵᠢᠯ ᠲᠣᠳᠠᠮᠠᠭ᠎ᠠᠴᠠ ᠪᠣᠯᠵᠦ ᠰᠡᠳᠬᠢᠯ᠎ᠳᠤ᠎ᠨᠢ ᠵᠣᠬᠢᠬᠤ ᠭᠠᠵᠢᠭ ᠲᠠᠷᠣᠭ᠋ᠠᠰᠣ᠎ᠲᠠᠢ᠂ ᠵᠠᠩ ᠠᠪᠣᠷᠢ ᠲᠣᠭᠳᠠᠪᠣᠷᠢ ᠦᠬᠡᠢ᠂ ᠠᠰᠪᠣᠷᠢ ᠴᠠᠭ᠋ᠠᠪᠣᠷ ᠠᠭ᠋ᠠᠰᠢ ᠲᠣᠭᠰᠢᠨ ᠪᠣᠶᠣ ᠣᠮᠣᠷᠬᠠᠭ ᠰᠣᠷᠣᠭᠴᠢᠳ᠎ᠤᠨ ᠳᠤᠮᠳᠠ ᠬᠢᠯᠪᠠᠷ ᠠ᠋ᠬᠦᠰᠳᠡᠭ ᠦᠵᠡᠭᠳᠡᠯ ᠮᠦᠨ᠃ ᠠ᠋ᠬᠦᠨ᠎ᠤ ᠰᠢᠯᠳᠠᠭ᠋ᠠᠨ᠎ᠢ᠎ᠨᠢ ᠮᠡᠳᠡᠴᠢᠬᠡᠪᠡᠯ ᠪᠣᠳᠠᠳᠠᠢ ᠣᠴᠢᠷ᠎ᠲᠤ᠎ᠨᠢ ᠪᠣᠳᠠᠳᠠᠢ᠎ᠪᠠᠷ ᠬᠠᠨᠳᠣᠵᠦ᠂ ᠡᠪᠡᠳᠴᠢᠨ᠎ᠳᠤ᠎ᠨᠢ ᠲᠣᠬᠢᠷᠠᠭᠤᠯᠣᠨ ᠡᠮ ᠲᠠᠯᠪᠢᠬᠤ ᠠᠷᠭ᠎ᠠ᠎ᠪᠠᠷ ᠠ᠋ᠶᠡᠷᠡᠬᠦᠯᠦᠨ ᠵᠠᠰᠠᠵᠦ ᠨᠦᠬᠦᠷᠰᠡᠭ ᠣᠶ᠋ᠢᠯᠠᠭ᠋ᠠᠯᠴᠠᠯ ᠦᠭᠡᠳᠡ ᠠ᠋ᠶᠡᠳᠦᠬᠦᠯᠦᠨ᠂ ᠰᠠᠨᠠᠭ᠋ᠠᠨ᠎ᠳᠤ᠎ᠨᠢ ᠲᠣᠬᠢᠷᠠᠭᠤᠯᠣᠨ ᠬᠠᠷᠢᠯᠴᠠᠨ ᠨᠡᠷ᠎ᠡ ᠬᠦᠨᠳᠦ ᠵᠢ ᠰᠡᠷᠬᠦᠭᠡᠵᠦ ᠦᠭᠬᠦ ᠠᠷᠭ᠎ᠠ᠎ᠪᠠᠷ ᠴᠠᠭ ᠲᠠᠷᠣᠢ᠎ᠳᠤ᠎ᠨᠢ ᠠᠮᠢᠳᠣᠯᠢᠭ ᠰᠢᠢ᠍ᠳᠪᠦᠷᠢᠯᠡᠵᠦ᠂ ᠠ᠋ᠬᠦᠰᠴᠦ ᠮᠡᠳᠡᠬᠦ ᠨᠦᠯᠦᠭᠡᠯᠡᠯ᠎ᠢ ᠲᠠᠷᠣᠢ ᠲᠦᠷᠭᠡᠨ ᠠᠷᠢᠯᠭ᠋ᠠᠬᠤ ᠬᠡᠷᠡᠭᠳᠡᠢ᠃
      ᠭᠤᠷᠪᠠ᠂ ᠬᠢᠴᠢᠶᠡᠯ ᠲᠦᠷᠦᠯ᠎ᠤᠨ ᠪᠠᠭᠰᠢ ᠨᠠᠷ ᠬᠢᠭᠡᠳ ᠭᠡᠷ᠎ᠤᠨ ᠠᠬᠠᠮᠠᠳ᠎ᠤᠨ ᠬᠤᠭᠤᠷᠣᠨᠳᠤᠬᠢ ᠬᠠᠷᠢᠯᠴᠠᠭ᠎ᠠ ᠣᠶᠠᠯᠳᠤᠭ᠎ᠠ ᠵᠢ ᠨᠢᠭᠳᠠᠷᠠᠭᠤᠯᠬᠤ ᠬᠡᠷᠡᠭᠳᠡᠢ᠃
      ᠦᠨᠡᠨ᠎ᠢ ᠬᠡᠯᠡᠬᠦ᠎ᠳᠤ ᠭᠡᠷ᠎ᠤᠨ ᠠᠬᠠᠮᠠᠳ ᠪᠣᠯ ᠠᠩᠭᠢ ᠵᠢᠨ ᠠᠵᠢᠯ᠎ᠳᠤ᠎ᠬᠢ ᠣᠮᠳᠤᠭ᠋ᠠᠶ᠋ᠢᠯᠠᠭᠳᠠᠵᠦ ᠪᠦᠬᠦᠢ ᠭᠤᠷᠪᠠᠳᠣᠭ᠋ᠠᠷ ᠠ᠋ᠯᠸᠮᠸᠨ᠋ᠲ ᠮᠦᠨ᠃ ᠰᠣᠷᠭ᠋ᠠᠭᠤᠯᠢ ᠵᠢᠨ ᠬᠢᠴᠢᠶᠡᠯ ᠰᠣᠷᠣᠯᠭ᠎ᠠ ᠵᠢᠨ ᠠᠵᠢᠯ᠎ᠨᠢ ᠭᠡᠷ᠎ᠤᠨ ᠠᠬᠠᠮᠠᠳ᠎ᠲᠠᠢ ᠰᠠᠯᠵᠦ ᠪᠣᠯᠣᠰᠢ ᠦᠭᠡᠢ ᠨᠢᠭᠳᠠ ᠬᠠᠷᠢᠴᠠᠭ᠎ᠠ᠎ᠲᠠᠢ ᠪᠠᠶ᠋ᠢᠳᠠᠬ ᠪᠤᠯᠬᠤᠷ ᠠᠩᠭᠢ ᠵᠢᠨ ᠠ᠋ᠷᠬᠢᠯᠡᠭᠴᠢ ᠪᠣᠯᠣᠭᠰᠠᠨ᠎ᠤ ᠬᠤᠪᠢ᠎ᠳᠤ ᠡᠯ᠎ᠡ ᠬᠢᠴᠢᠶᠡᠯ ᠲᠦᠷᠦᠯ᠎ᠤᠨ ᠪᠠᠭᠰᠢ ᠬᠢᠭᠡᠳ ᠭᠡᠷ᠎ᠤᠨ ᠠᠬᠠᠮᠠᠳ᠎ᠤᠨ ᠬᠠᠷᠢᠴᠠᠭ᠎ᠠ ᠵᠢ ᠵᠦᠢ ᠵᠣᠬᠢᠰᠳᠠᠢ ᠰᠢᠢ᠍ᠳᠪᠦᠷᠢᠯᠡᠬᠦ᠎ᠨᠢ ᠴᠣ᠌ ᠠᠩᠭᠢ ᠵᠢᠨ ᠠᠵᠢᠯ᠎ᠤᠨ ᠨᠢᠭᠡᠨ ᠴᠢᠬᠤᠯᠠ ᠲᠠᠯ᠎ᠠ ᠭᠡᠵᠦ ᠦᠵᠠᠵᠤ ᠪᠤᠯᠤᠨ᠎ᠠ᠃ ᠣᠴᠢᠷ᠎ᠨᠢ ᠭᠡᠷ᠎ᠤᠨ ᠠᠬᠠᠮᠠᠳ ᠪᠣᠯ ᠰᠣᠷᠣᠭᠴᠢᠳ᠎ᠤᠨ ᠬᠠᠮᠤᠭ᠎ᠤᠨ ᠠᠩᠬᠠᠨ᠎ᠤ ᠮᠦᠷᠳᠡᠭᠡᠨ ᠪᠦᠳᠦᠨ ᠨᠠᠰᠣᠨ᠎ᠤ ᠬᠢᠨᠢ ᠪᠡᠶᠡᠴᠢᠯᠡᠨ ᠲᠠᠭ᠋ᠠᠭᠤᠯᠵᠦ ᠲᠦᠷᠢᠮ ᠪᠣᠯᠣᠨ ᠬᠦᠮᠦᠵᠢᠭᠦᠯᠦᠭᠴᠢ ᠵᠢᠩᠬᠢᠨᠢ ᠪᠠᠭᠰᠢ᠎ᠨᠢ ᠪᠣᠯᠣᠨ᠎ᠠ᠃ ᠪᠠᠭᠰᠢ ᠪᠣᠯᠣᠭᠴᠢ᠎ᠨᠢ ᠰᠣᠷᠣᠭᠴᠢᠳ᠎ᠲᠤ ᠮᠡᠳᠡᠯᠭᠡ ᠮᠣᠷᠠᠯ᠂ ᠶᠢᠷᠳᠢᠨᠴᠦ ᠵᠢᠨ ᠦᠵᠡᠯᠳᠡ᠂ ᠠᠮᠢᠳᠣᠷᠠᠯ᠎ᠤᠨ ᠦᠵᠡᠯᠳᠡ ᠣᠯᠭᠤᠬᠤ᠎ᠳᠤ ᠵᠠᠮᠴᠢᠯᠠᠭ᠍ᠣ ᠮᠡᠳᠦ᠎ᠪᠠᠷ ᠲᠦᠷᠢᠮ ᠪᠣᠯᠣᠨ ᠬᠦᠮᠦᠵᠢᠭᠦᠯᠦᠭᠴᠢ ᠭᠠᠳᠠᠭ᠋ᠠᠳᠣ ᠨᠦᠬᠦᠴᠡᠯ ᠪᠠᠶ᠋ᠢᠬᠤ᠎ᠳᠤ᠂ ᠭᠡᠷ᠎ᠤᠨ ᠠᠬᠠᠮᠠᠳ ᠪᠣᠯ ᠣᠳᠤᠮ ᠴᠢᠨᠠᠷ ᠣᠣᠷ ᠬᠠᠶ᠋ᠢᠷ᠎ᠠ᠎ᠪᠠᠷ ᠪᠡᠶᠡᠴᠢᠯᠡᠨ ᠲᠦᠷᠢᠮᠯᠡᠨ ᠬᠦᠮᠦᠵᠢᠬᠦᠯᠵᠦ ᠨᠡᠶ᠋ᠢᠭᠡᠮ᠎ᠤᠨ ᠬᠡᠰᠢᠬᠦᠨ ᠪᠣᠯᠭ᠋ᠠᠳᠠᠭ ᠲᠣᠳᠣᠭ᠋ᠠᠳᠣ ᠨᠦᠬᠦᠴᠡᠯ᠎ᠨᠢ ᠪᠠᠶ᠋ᠢᠳᠠᠭ᠃ ᠠ᠋ᠶ᠋ᠢᠮᠦ᠎ᠠᠴᠠ ᠭᠡᠷ ᠪᠦᠯᠢ ᠵᠢᠨ ᠵᠦᠢ ᠵᠣᠬᠢᠰᠳᠠᠢ ᠵᠦᠪ ᠬᠦᠮᠦᠵᠢᠯ ᠪᠣᠯ ᠰᠠᠶᠢ ᠰᠣᠷᠣᠭᠴᠢ ᠵᠢᠨ ᠬᠦᠮᠦᠨ ᠪᠣᠯᠬᠤ ᠬᠦᠮᠦᠵᠢᠯ᠎ᠤᠨ ᠠᠮᠢᠨ ᠰᠦᠨᠡᠰᠦ᠎ᠨᠢ ᠪᠠᠶ᠋ᠢᠳᠠᠭ᠂ ᠪᠠᠭᠰᠢ ᠵᠢᠨ ᠬᠦᠮᠦᠵᠢᠯ᠎ᠨᠢ ᠨᠡᠶ᠋ᠢᠭᠡᠮ᠎ᠳᠤ ᠣᠷᠣᠰᠢᠨ ᠲᠣᠭᠳᠠᠨᠢᠬᠤ ᠴᠢᠳᠠᠪᠬᠢ ᠣᠯᠭᠤᠭᠴᠢ ᠬᠦᠮᠦᠵᠢᠯ ᠪᠠᠶ᠋ᠢᠵᠦ ᠠ᠋ᠨᠡ ᠬᠤᠶᠠᠷ᠎ᠨᠢ ᠴᠣ᠌ ᠰᠠᠯᠵᠦ ᠪᠣᠯᠣᠰᠢ ᠦᠬᠡᠢ ᠨᠢᠭᠳᠠ ᠬᠠᠷᠢᠴᠠᠭ᠎ᠠ᠎ᠲᠠᠢ ᠪᠠᠶ᠋ᠢᠳᠠᠭ᠂ ᠠ᠋ᠶ᠋ᠢᠮᠦ᠎ᠠᠴᠠ ᠲᠣᠭᠲᠠᠩᠭᠤᠢ ᠬᠦᠮᠦᠨ ᠴᠢᠨᠠᠷ ᠬᠦᠮᠦᠵᠢᠭᠦᠯᠦᠭᠴᠢ ᠬᠢᠭᠡᠳ ᠴᠢᠳᠠᠪᠣᠷᠢ ᠴᠢᠳᠠᠪᠬᠢ ᠬᠦᠮᠦᠵᠢᠬᠦᠯᠦᠭᠴᠢ ᠵᠢᠨ ᠬᠤᠭᠤᠷᠣᠨᠳᠤᠬᠢ ᠬᠠᠷᠢᠴᠠᠭ᠎ᠠ ᠵᠢ ᠰᠠᠶ᠋ᠢᠳᠣᠷ ᠵᠣᠬᠢᠴᠠᠭᠤᠯᠣᠨ᠂ ᠣᠶᠠᠯᠳᠣᠭᠤᠯᠣᠨ ᠨᠢᠭᠳᠠᠷᠠᠭᠤᠯᠬᠤ᠎ᠨᠢ ᠴᠣ᠌ ᠲᠣᠩ ᠴᠢᠬᠤᠯᠠ ᠠᠩᠭᠢ ᠵᠢᠨ ᠠᠵᠢᠯ ᠪᠠᠶ᠋ᠢᠭᠤᠰᠢᠳᠠᠢ᠃ ᠠ᠋ᠬᠦᠨ᠎ᠳᠤ ᠬᠠᠶᠠ ᠠᠩᠭᠢ ᠵᠢᠨ ᠬᠤᠷᠠᠯ ᠪᠣᠶᠣ ᠬᠢᠴᠢᠶᠡᠯ᠎ᠤᠨ ᠭᠠᠳᠠᠭᠤᠷᠬᠢ ᠵᠠᠷᠢᠮ ᠬᠦᠳᠡᠯᠭᠡᠭᠡᠨ᠎ᠳᠤ ᠬᠢᠴᠢᠶᠡᠯᠯᠡᠭᠴᠢ ᠪᠠᠭᠰᠢ ᠬᠢᠭᠡᠳ ᠭᠡᠷ ᠠᠬᠠᠮᠠᠳ᠎ᠢ ᠵᠣᠷᠢᠯᠭ᠎ᠠ᠎ᠲᠠᠢ᠎ᠪᠠᠷ ᠪᠦᠬᠦᠨ᠎ᠢ ᠪᠣᠶᠣ ᠬᠡᠰᠡᠭ᠎ᠢ᠂ ᠠ᠋ᠰᠡᠪᠡᠯ ᠣᠨᠴᠠᠭ᠋ᠠᠢ ᠵᠢ ᠬᠠᠮᠳᠣ ᠣᠷᠢᠨ ᠣᠷᠣᠯᠴᠠᠭᠤᠯᠵᠦ᠂ ᠬᠠᠷᠢᠯᠴᠠᠨ ᠣᠶ᠋ᠢᠯᠠᠭ᠋ᠠᠯᠴᠠᠭ᠍ᠣ ᠵᠠᠪᠰᠢᠶᠠᠨ ᠪᠦᠷᠢᠯᠳᠦᠭᠦᠯᠦᠨ ᠦᠭᠴᠤ᠂ ᠵᠣᠷᠢᠯᠭ᠎ᠠ᠎ᠲᠠᠢ᠎ᠪᠠᠷ ᠰᠣᠷᠭ᠋ᠠᠭᠤᠯᠢ ᠵᠢᠨ ᠭᠠᠳᠠᠨᠠᠬᠢ ᠨᠡᠶ᠋ᠢᠭᠡᠮ᠎ᠤᠨ ᠬᠦᠳᠡᠯᠭᠡᠭᠡᠨ᠎ᠢ ᠵᠣᠬᠢᠶᠠᠨ ᠪᠠᠶ᠋ᠢᠭᠤᠯᠣᠨ ᠬᠢᠴᠢᠶᠡᠯᠯᠡᠭᠴᠢ ᠪᠠᠭᠰᠢ ᠪᠣᠯᠣᠨ ᠭᠡᠷ᠎ᠤᠨ ᠠᠬᠠᠮᠠᠳ᠎ᠢ ᠣᠷᠢᠨ ᠣᠷᠣᠯᠴᠠᠭᠤᠯᠵᠦ ᠠᠪᠢᠶᠠᠰ ᠴᠢᠳᠠᠪᠣᠷᠢ ᠵᠢ᠎ᠨᠢ ᠪᠠᠳᠠᠷᠠᠭᠤᠯᠣᠨ ᠣᠶ᠋ᠢᠯᠠᠭ᠋ᠠᠯᠴᠠᠯ᠎ᠢ᠎ᠨᠢ ᠨᠡᠮᠡᠭᠳᠡᠬᠦᠯᠬᠦ ᠮᠡᠳᠦ᠎ᠪᠠᠷ ᠭᠡᠷ᠎ᠤᠨ ᠠᠬᠠᠮᠠᠳ ᠬᠢᠭᠡᠳ ᠪᠠᠭᠰᠢ ᠨᠠᠷ᠎ᠤᠨ ᠨᠠᠶ᠋ᠢᠵᠠᠷᠬᠠᠭ ᠬᠠᠷᠢᠴᠠᠭ᠎ᠠ ᠵᠢ ᠪᠠᠶ᠋ᠢᠭᠤᠯᠵᠦ ᠦᠭᠬᠦ ᠮᠡᠲᠦᠰ᠎ᠤᠨ ᠣᠯᠠᠨ ᠣᠯᠠᠨ ᠠᠷᠭ᠎ᠠ ᠵᠠᠮ ᠵᠶ᠋ᠠᠷ ᠠᠩᠭᠢ ᠵᠢᠨ ᠠ᠋ᠷᠬᠢᠯᠡᠭᠴᠢ᠂ ᠬᠢᠴᠢᠶᠡᠯᠯᠡᠭᠴᠢ ᠪᠠᠭᠰᠢ᠂ ᠭᠡᠷ᠎ᠤᠨ ᠠᠬᠠᠮᠠᠳ ᠵᠢᠴᠢ ᠰᠣᠷᠣᠭᠴᠢᠳ᠎ᠤᠨ ᠬᠠᠮᠳᠣ ᠵᠢᠨ ᠣᠶ᠋ᠢᠯᠠᠭ᠋ᠠᠯᠴᠠᠯ᠎ᠤᠨ ᠨᠦᠬᠦᠴᠡᠯ᠎ᠢ ᠢᠯᠡᠬᠦᠦ ᠴᠣᠭᠴᠠᠯᠠᠨ᠂ ᠬᠠᠮᠳᠣ᠎ᠪᠠᠷ ᠬᠦᠮᠦᠵᠢᠬᠦᠯᠬᠦ ᠣᠷᠭ᠋ᠠᠨᠢᠭ ᠴᠣᠭᠴᠠ ᠵᠢ ᠪᠣᠢ ᠪᠣᠯᠭ᠋ᠠᠬᠤ ᠬᠡᠷᠡᠭᠳᠡᠢ᠃ ᠠᠩᠭᠢ ᠵᠢᠨ ᠠᠵᠢᠯ ᠵᠶ᠋ᠠᠨ ᠢᠩᠭᠢᠬᠡᠳ ᠪᠦᠷ ᠢᠯᠡ ᠪᠣᠯᠭ᠋ᠠᠴᠢᠬᠠᠪᠠᠯ ᠬᠠᠷᠢᠯᠴᠠᠨ ᠣᠶ᠋ᠢᠯᠠᠭ᠋ᠠᠯᠴᠠᠭ᠍ᠣ ᠦᠭᠡᠢ᠎ᠠᠴᠠ ᠪᠣᠯᠣᠭᠰᠠᠨ ᠠᠩᠭᠢ ᠬᠢᠭᠡᠳ ᠰᠣᠷᠣᠭᠴᠢ ᠵᠢᠴᠢ ᠪᠠᠭᠰᠢ ᠴᠠᠭ᠋ᠠᠰᠢᠯᠠᠭ᠋ᠠᠳ ᠰᠣᠷᠭ᠋ᠠᠭᠤᠯᠢ ᠵᠢᠨ ᠬᠠᠷᠢᠯᠴᠠᠨ ᠣᠶ᠋ᠢᠯᠠᠭ᠋ᠠᠭᠳᠠᠰᠢ ᠦᠭᠡᠢ ᠨᠢᠭᠤᠴᠠ ᠵᠦᠢ᠍ᠯ ᠦᠬᠡᠢ ᠪᠣᠯᠵᠦ᠂ ᠠᠯᠢᠪᠠ ᠰᠡᠵᠢᠭ ᠲᠠᠭ᠋ᠠᠪᠣᠷᠢ ᠵᠢ ᠦᠬᠡᠢ ᠪᠣᠯᠭ᠋ᠠᠨ ᠬᠠᠮᠳᠣ᠎ᠪᠠᠷ ᠦᠭᠡᠳᠡᠯᠡᠨ ᠲᠠᠪᠰᠢᠵᠦ ᠴᠢᠳᠠᠨ᠎ᠠ᠃
      ᠠᠩᠭᠢ ᠪᠣᠯ ᠰᠣᠷᠭ᠋ᠠᠭᠤᠯᠢ ᠵᠢ ᠪᠦᠷᠢᠯᠳᠦᠭᠦᠯᠵᠦ ᠪᠦᠬᠦᠢ ᠦᠨᠳᠦᠰᠦᠨ ᠠ᠋ᠰ᠂ ᠠᠩᠭᠢ ᠵᠢᠨ ᠠᠵᠢᠯ ᠪᠣᠯ ᠰᠣᠷᠭ᠋ᠠᠭᠤᠯᠢ ᠵᠢᠨ ᠠᠵᠢᠯ᠎ᠤᠨ ᠨᠢᠭᠡ ᠬᠡᠰᠡᠭ ᠪᠣᠯᠣᠨ᠎ᠠ᠂ ᠰᠤᠷᠭ᠋ᠠᠭᠤᠯᠢ ᠪᠤᠯᠤᠨ ᠠᠨᠭ᠌ᠬᠢ ᠵᠢᠨ ᠬᠤᠭᠤᠷᠤᠨᠳᠤᠬᠢ ᠬᠠᠷᠢᠴᠠᠭ᠎ᠠ ᠵᠢ ᠰᠠᠶ᠋ᠢᠳᠣᠷ ᠰᠢᠢ᠍ᠳᠪᠦᠷᠢᠯᠡᠬᠦ᠎ᠨᠢ ᠰᠣᠷᠭ᠋ᠠᠭᠤᠯᠢ ᠵᠢᠨ ᠶᠡᠷᠦᠩᠬᠡᠢ ᠬᠠᠮᠢᠶᠠᠷᠣᠯᠳᠠ ᠵᠢᠨ ᠣᠷᠣᠭᠰᠢᠳᠠᠢ ᠶᠠᠪᠣᠭᠳᠠᠭ᠍ᠣ ᠬᠢᠭᠡᠳ ᠠᠩᠭᠢ ᠵᠢᠨ ᠠᠵᠢᠯ᠎ᠤᠨ ᠣᠷᠣᠭᠰᠢᠳᠠᠢ ᠶᠠᠪᠣᠭᠳᠠᠭ᠍ᠣ᠎ᠳᠤ ᠪᠦᠷ ᠰᠢᠭᠤᠳ ᠨᠦᠯᠦᠭᠡ᠎ᠲᠠᠢ ᠪᠠᠶ᠋ᠢᠳᠠᠭ᠃ ᠠ᠋ᠬᠦᠨ᠎ᠳᠤ ᠰᠣᠷᠭ᠋ᠠᠭᠤᠯᠢ᠎ᠪᠠᠨ ᠬᠠᠶ᠋ᠢᠷᠠᠯᠠᠭ᠍ᠤ ᠦᠵᠡᠯ᠎ᠤᠨ ᠬᠦᠮᠦᠵᠢᠯ᠎ᠢ ᠰᠠᠶ᠋ᠢᠳᠣᠷ ᠬᠢᠵᠦ᠂ ᠡᠵᠡᠨ ᠬᠦᠮᠦᠨ᠎ᠤ ᠣᠪᠣᠷ ᠵᠶ᠋ᠠᠷ ᠰᠣᠷᠭ᠋ᠠᠭᠤᠯᠢ ᠵᠢᠨ ᠠᠵᠢᠯ᠎ᠤᠨ ᠡᠯ᠎ᠡ ᠲᠠᠯ᠎ᠠ᠎ᠳᠤ ᠬᠦᠨᠵᠡᠭᠡᠶ᠋ᠢᠷᠡᠬᠦ ᠪᠠ ᠢᠮᠠᠭᠳᠠ ᠰᠣᠷᠭ᠋ᠠᠭᠤᠯᠢ᠎ᠲᠠᠢ᠎ᠪᠠᠨ ᠠᠮᠢᠰᠬᠤᠭ᠎ᠠ ᠨᠢᠬᠡᠳᠡᠢ ᠬᠠᠷᠢᠭᠤᠴᠠᠯᠭ᠋ᠠᠳᠣ ᠣᠬᠠᠮᠰᠠᠷ᠎ᠢ ᠦᠨᠡᠨ ᠬᠦ᠌ ᠪᠣᠢ ᠪᠣᠯᠭ᠋ᠠᠬᠤ ᠬᠡᠷᠡᠭᠳᠡᠢ᠃
     《ᠬᠤᠶᠠᠷ ᠠᠯᠠᠭ᠎ᠠ ᠬᠠᠪᠰᠣᠷᠬᠤ ᠦᠬᠡᠢ ᠪᠣᠯ ᠲᠠᠭᠤᠨ ᠭᠠᠷᠬᠤ ᠦᠬᠡᠢ》 ᠭᠡᠳᠡᠭ᠃ ᠠᠩᠭᠢ ᠵᠢᠨ ᠠ᠋ᠷᠬᠢᠯᠡᠭᠴᠢ ᠬᠢᠭᠡᠳ ᠬᠢᠴᠢᠶᠡᠯᠯᠡᠭᠴᠢ ᠪᠠᠭᠰᠢ ᠵᠢ ᠭᠠᠷ᠎ᠤᠨ ᠬᠤᠶᠠᠷ ᠠᠯᠠᠭ᠎ᠠ ᠭᠡᠵᠦ ᠦᠵᠡᠳᠡᠭ᠎ᠲᠤ ᠭᠦᠷᠪᠡᠯ ᠠ᠋ᠨᠡ ᠭᠦ᠌ ᠬᠤᠶᠠᠷ ᠠᠯᠠᠭ᠎ᠠ ᠬᠠᠪᠰᠤᠷᠤᠮᠠᠨᠵᠢᠨ ᠰᠠᠶᠢ ᠠᠳᠠᠯᠢ ᠪᠤᠰᠤ ᠵᠢᠨ ᠦᠷ᠎ᠡ ᠨᠦᠯᠦᠭᠡ ᠵᠢ ᠪᠣᠢ ᠪᠣᠯᠭ᠋ᠠᠳᠠᠭ᠃ ᠠᠩᠭᠢ ᠵᠢᠨ ᠠᠵᠢᠯ᠎ᠨᠢ ᠵᠦᠪᠬᠡᠨ ᠠᠩᠭᠢ ᠵᠢᠨ ᠠ᠋ᠷᠬᠢᠯᠡᠭᠴᠢ ᠭᠠᠭᠴᠠ ᠬᠦᠮᠦᠨ᠎ᠤ ᠠ᠋ᠬᠦᠷᠭᠡ ᠬᠠᠷᠢᠭᠤᠴᠠᠯᠭ᠎ᠠ ᠲᠡᠳᠦᠢ ᠪᠢᠰᠢ᠂ ᠪᠠᠰᠠ ᠬᠢᠴᠢᠶᠡᠯ ᠲᠦᠷᠦᠯ᠎ᠤᠨ ᠪᠠᠭᠰᠢ ᠵᠢᠨ ᠠ᠋ᠭᠦᠷᠭᠡ ᠬᠠᠷᠢᠭᠤᠴᠠᠯᠭ᠎ᠠ ᠪᠠᠶ᠋ᠢᠭᠤᠰᠢᠳᠠᠢ᠃ ᠲᠡᠶ᠋ᠢᠮᠦ᠎ᠠᠴᠠ ᠡ᠊ᠨᠡ ᠭᠦ᠌ ᠬᠤᠶᠠᠷ ᠠᠯᠠᠭ᠋ᠠᠨ᠎ᠤ ᠢᠳᠡᠪᠬᠢ ᠠᠯᠠᠭ᠎ᠠ ᠲᠠᠰᠢᠯᠲᠠ ᠵᠢᠨ ᠲᠠᠭᠤᠨ᠎ᠢ ᠨᠢᠵᠢᠭᠢᠨᠡᠮ᠎ᠡ ᠲᠠᠭᠤᠷᠢᠰᠬᠠᠬᠤ᠎ᠳᠤ ᠵᠦᠪᠬᠡᠨ ᠠᠩᠭᠢ ᠵᠢᠨ ᠪᠠᠭᠰᠢ ᠵᠢᠨ ᠢᠳᠡᠪᠬᠢ ᠬᠦᠳᠡᠯᠦᠩᠭᠦᠢ ᠬᠠᠷᠢᠯᠴᠠᠭ᠍ᠣ ᠣᠪᠣᠷ᠎ᠢ ᠦᠷᠦᠭᠡᠰᠦᠯ ᠵᠶ᠋ᠠᠷ ᠴᠢᠬᠤᠯᠠᠴᠢᠯᠠᠭ᠋ᠠᠳ ᠪᠣᠯᠬᠤ ᠦᠭᠡᠢ ᠪᠠᠰᠠ ᠬᠢᠴᠢᠶᠡᠯ ᠲᠦᠷᠦᠯ᠎ᠤᠨ ᠪᠠᠭᠰᠢ ᠨᠠᠷ᠎ᠤᠨ ᠬᠦᠳᠡᠯᠦᠩᠭᠦᠢ ᠢᠳᠡᠪᠬᠢᠳᠡᠢ᠎ᠪᠠᠷ ᠠᠩᠭᠢ ᠵᠢᠨ ᠪᠠᠭᠰᠢ᠎ᠲᠠᠢ ᠬᠠᠷᠢᠯᠴᠠᠵᠤ ᠠᠩᠭᠢ ᠵᠢᠨ ᠪᠠᠶ᠋ᠢᠳᠠᠯ᠎ᠤᠨ ᠬᠠᠷᠢᠭᠤ ᠲᠣᠰᠬᠠᠯᠳᠠ ᠬᠢᠭᠦ ᠬᠢᠭᠡᠳ ᠣᠷᠣᠯᠴᠠᠭ᠎ᠠ ᠵᠦᠪᠯᠡᠯᠴᠡᠭᠡᠨ᠎ᠤ ᠬᠠᠷᠢᠭᠤᠴᠠᠯᠭ᠋ᠠᠳᠣ ᠣᠪᠣᠷ᠎ᠲᠠᠢ ᠪᠠᠢ᠍ᠢ᠍ᠬᠤ ᠵᠢ ᠴᠣ᠌ ᠰᠠᠶ᠋ᠢᠳᠣᠷ ᠴᠢᠬᠤᠯᠠᠴᠢᠯᠠᠭ᠍ᠣ ᠬᠡᠷᠡᠭᠳᠡᠢ᠃
   

                ᠬᠠᠶᠢᠬ᠄ ᠭᠦᠭᠡᠬᠤᠳᠠ ᠵᠢᠨ ᠰᠠᠢ᠍ᠢ᠍ᠬᠠᠨ ᠲᠤᠭᠤᠷᠢᠭ
                           (ᠮᠦᠨᠭᠭᠦᠨᠴᠢᠮᠡᠭ ᠨᠠᠢ᠍ᠢ᠍ᠷᠠᠭᠤᠯᠪᠠ)
                           2020.4 ᠳ᠋ᠦ᠍ᠭᠡᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠳᠡᠭᠡᠳᠤ ᠳᠤᠮᠳᠠᠳᠤ ᠵᠢᠨ ᠠᠩᠭᠢ ᠵᠢᠨ ᠬᠠᠮᠢᠶᠠᠷᠤᠯᠲᠠ ᠵᠢᠨ ᠲᠤᠬᠠᠢ
ᠠᠩᠬ᠎ᠠ ᠳᠤᠮᠳᠠᠳᠤ ᠵᠢᠨ ᠰᠤᠷᠤᠭᠴᠢ ᠵᠢᠨ ᠰᠥᠷᠬᠦ ᠰᠡᠳᠬᠢᠴᠡ᠎ᠳᠤ ᠬᠡᠷᠬᠢᠨ ᠬᠠᠨᠳᠤᠬᠤ ᠪᠤᠢ
ᠠᠯᠢᠪᠠ ᠴᠢᠷᠮᠠᠶ᠋ᠢᠯᠭ᠎ᠠ ᠴᠦᠮ ᠬᠠᠶ᠋ᠢᠷ᠎ᠠ ᠪᠠ ᠬᠠᠷᠢᠭᠤᠴᠠᠯᠭ᠎ᠠ ᠮᠦᠨ
ᠬᠤᠴᠣᠷᠣᠩᠭᠤᠢ ᠰᠣᠷᠣᠭᠴᠢ ᠵᠢ ᠬᠡᠷᠬᠢᠨ ᠲᠠᠪᠰᠢᠭᠤᠯᠬᠤ ᠳᠣᠬᠠᠢ ᠮᠦᠴᠢᠳ ᠦᠭᠦᠯᠡᠬᠦ᠎ᠨᠢ
ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ ᠵᠢ ᠬᠡᠷᠬᠢᠨ ᠬᠦᠢ᠍ᠴᠡᠳᠬᠡᠬᠦ ᠲᠤᠬᠠᠢ ᠲᠦᠬᠦᠮ ᠦᠬᠦᠯᠡᠬᠦ᠎ᠨᠢ
 
             蒙ICP备05000248号