ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ ᠵᠢ ᠬᠡᠷᠬᠢᠨ ᠬᠦᠢ᠍ᠴᠡᠳᠬᠡᠬᠦ ᠲᠤᠬᠠᠢ ᠲᠦᠬᠦᠮ ᠦᠬᠦᠯᠡᠬᠦ᠎ᠨᠢ
ᠨᠡᠶ᠋ᠢᠲᠡᠯᠡᠭᠰᠡᠨ ᠴᠠᠭ᠄ 2021-08-10


                                  ᠠᠯᠳᠠᠨᠰᠣᠪᠣᠳ


      ᠤᠳᠤᠬᠠᠨ᠎ᠤ ᠰᠤᠷᠭ᠋ᠠᠨ ᠬᠦᠮᠤᠵᠢᠯ᠎ᠤᠨ ᠤᠨᠤᠯ᠎ᠤᠨ ᠦᠡᠳᠤᠰᠤᠯᠡᠯ᠎ᠳᠤ ᠬᠠᠷᠢᠭᠤᠴᠠᠯᠭ᠋ᠠᠳᠤ ᠬᠠᠮᠢᠶᠠᠷᠤᠯᠳᠠ ᠵᠢᠨ ᠠ᠋ᠬᠦᠷᠬᠡ ᠴᠢᠳᠠᠪᠬᠢ ᠵᠢᠨ ᠲᠤᠬᠠᠢ ᠲᠤᠳᠤᠷᠬᠠᠢ ᠵᠢᠭ᠋ᠠᠯᠳᠠ᠎ᠨᠤᠭᠤᠳ᠎ᠢ ᠲᠤᠭᠳᠠᠭ᠋ᠠᠭᠰᠡᠨ ᠪᠠᠶ᠋ᠢᠳᠠᠭ᠃ ᠨᠡᠩ ᠢᠯᠠᠩᠭᠤᠶ᠎ᠠ ᠰᠤᠷᠭ᠋ᠠᠭᠤᠯᠢ ᠵᠢᠨ ᠬᠦᠷᠢᠶᠡᠨ᠎ᠳᠤ᠎ᠬᠢ ᠬᠠᠮᠢᠶᠠᠷᠤᠯᠳᠠ ᠵᠢᠨ ᠲᠦᠷᠢᠮ᠎ᠢ ᠴᠢᠩᠳᠡᠯᠡᠨ ᠰᠠᠬᠢᠬᠤ ᠲᠠᠯ᠎ᠠ᠎ᠪᠠᠷ ᠤᠯᠤᠰ᠎ᠤᠨ ᠰᠤᠷᠭ᠋ᠠᠨ ᠬᠦᠮᠤᠵᠢᠯ᠎ᠤᠨ ᠶᠠᠮᠤᠨ᠎ᠠᠴᠠ ᠲᠠᠰᠣᠷᠠᠯᠳᠠ ᠦᠭᠡᠢ ᠦᠬᠡᠷᠡᠴᠢᠯᠡᠯᠳᠡ ᠰᠢᠨᠡᠴᠢᠯᠡᠯᠳᠡ ᠵᠢ ᠭᠠᠷᠭ᠋ᠠᠭᠰᠠᠭ᠋ᠠᠷ ᠪᠠᠶ᠋ᠢᠭ᠎ᠠ ᠶᠤᠮ᠃ ᠬᠠᠮᠢᠶᠠᠷᠤᠯᠳᠠ ᠵᠢᠨ ᠠᠷᠭ᠎ᠠ ᠬᠡᠯᠪᠡᠷᠢ᠎ᠳᠤ ᠶᠠᠷᠢᠶᠠᠨ ᠦᠭᠡᠢ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ ᠪᠤᠯ ᠴᠢᠬᠤᠯᠠ ᠪᠠᠶ᠋ᠢᠷᠢᠨ᠎ᠳᠤ ᠲᠠᠯᠪᠢᠭᠳᠠᠵᠤ ᠪᠠᠶ᠋ᠢᠳᠠᠭ᠃ ᠦᠬᠡᠷ᠎ᠡ᠎ᠪᠠᠷ ᠬᠡᠯᠡᠪᠡᠯ ᠠᠩᠬᠢ ᠵᠢᠨ ᠠ᠋ᠷᠬᠢᠯᠡᠭᠴᠢ ᠪᠤᠯᠤᠭᠰᠡᠳ᠎ᠤᠨ ᠠ᠋ᠬᠦᠷᠬᠡ ᠬᠠᠷᠢᠭᠤᠴᠠᠯᠭ᠎ᠠ᠎ᠨᠢ ᠲᠡᠬᠡᠳᠤ ᠬᠡᠮᠵᠢᠶᠡᠨ᠎ᠤ ᠱᠠᠭ᠋ᠠᠷᠳᠠᠯᠭ᠋ᠠᠳᠤ ᠴᠢᠨᠠᠷ᠎ᠲᠠᠢ ᠪᠦᠬᠡᠳ ᠬᠦᠡᠳᠤᠷᠤᠯ ᠶᠡᠬᠡᠳᠠᠢ ᠬᠡᠰᠡᠨ᠎ᠢ ᠬᠠᠷᠠᠭᠤᠯᠵᠤ ᠪᠠᠶ᠋ᠢᠭ᠎ᠠ ᠤᠴᠢᠷ ᠪᠤᠯᠤᠨ᠎ᠠ᠃
      ᠦᠨᠦᠳᠤᠷ ᠬᠦᠮᠤᠰ᠎ᠤᠨ ᠦᠵᠡᠯ ᠤᠬᠠᠮᠰᠠᠷ᠎ᠤᠨ ᠲᠠᠨᠢᠯᠳᠠ᠎ᠳᠤ ᠰᠢᠨ᠎ᠡ ᠬᠡᠷᠡᠭ ᠪᠤᠳᠠᠰ᠎ᠢ ᠬᠦᠯᠢᠶᠡᠨ ᠠᠪᠬᠤ ᠲᠠᠪᠳᠠᠮᠵᠢ ᠪᠤᠢ ᠪᠤᠯᠤᠭᠰᠡᠨ ᠲᠡᠳᠤᠢ ᠦᠭᠡᠢ ᠰᠤᠷᠭ᠋ᠠᠨ ᠬᠦᠮᠤᠵᠢᠯ᠎ᠤᠨ ᠹᠷᠤᠡᠲ᠎ᠲᠤ ᠴᠦ᠍ ᠰᠢᠡᠵᠢᠯᠡᠬᠦ ᠲᠸᠭᠨᠢᠭ᠎ᠤᠨ ᠪᠠᠭ᠋ᠠᠵᠢ ᠲᠦᠬᠦᠬᠡᠷᠤᠮᠵᠢ ᠢᠵᠢ ᠪᠦᠷᠢᠳᠤᠭ᠌ᠰᠡᠨ ᠲᠠᠪᠠᠭᠤᠯᠢᠭ ᠤᠷᠴᠢᠨ ᠠᠬᠤᠢ ᠪᠤᠢ ᠪᠤᠯᠤᠭᠰᠡᠨ ᠦᠨᠡᠨ᠎ᠲᠠᠢ᠂ ᠠ᠋ᠬᠦᠨ᠎ᠤ ᠵᠡᠷᠬᠡᠴᠡᠭᠡ᠎ᠪᠠᠷ ᠵᠠᠯᠠᠭᠤᠴᠤᠳ ᠪᠠᠭ᠋ᠠᠴᠤᠳ᠎ᠤᠨ ᠦᠰᠤᠨ ᠪᠤᠶ᠋ᠢᠵᠢᠬᠤ᠂ ᠦᠵᠡᠨ ᠰᠤᠨᠢᠷᠬᠠᠬᠤ᠂ ᠤᠢ ᠪᠢᠯᠢᠭ᠎ᠤᠨ ᠨᠡᠬᠡᠬᠡᠭᠳᠡᠯ᠂ ᠤᠷᠤᠰᠢᠨ ᠲᠤᠭᠳᠠᠨᠢᠯ᠎ᠤᠨ ᠦᠭᠭᠦᠭᠳᠡᠯ ᠬᠡᠬᠦ ᠮᠡᠳᠤ ᠵᠢᠨ ᠤᠯᠠᠨ ᠲᠠᠯ᠎ᠠ᠎ᠳᠤ ᠤᠷᠢᠳᠤ ᠠ᠋ᠮᠤᠨᠡᠬᠢ᠎ᠲᠠᠢ ᠬᠠᠷᠢᠴᠠᠭᠤᠯᠬᠤ ᠵᠢᠨ ᠠᠷᠭ᠎ᠠ ᠦᠭᠡᠢ ᠤᠬᠢ ᠰᠠᠶ᠋ᠢᠨ ᠪᠠᠶ᠋ᠢᠳᠠᠯ ᠠ᠋ᠬᠦᠰᠴᠤ ᠠ᠋ᠬᠢᠯᠡᠭᠰᠡᠨ ᠪᠠᠶ᠋ᠢᠭ᠎ᠠ ᠶᠤᠮ᠃ ᠢᠩᠬᠢᠭᠰᠡᠨ᠎ᠠᠴᠠ ᠪᠤᠯᠵᠤ ᠰᠤᠷᠭ᠋ᠠᠭᠤᠯᠢ ᠵᠢᠨ ᠬᠦᠷᠢᠶᠡᠨ᠎ᠤ ᠬᠠᠮᠢᠶᠠᠷᠤᠯᠳᠠ᠂ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠂ ᠰᠠᠭᠤᠷᠢ ᠪᠦᠳᠤᠬᠡᠨ ᠪᠠᠶ᠋ᠢᠭᠤᠯᠤᠯᠳᠠ ᠵᠢᠨ ᠨᠦᠬᠦᠴᠡᠯ ᠪᠤᠯᠤᠯᠴᠠᠭ᠎ᠠ ᠵᠢ ᠰᠢᠰᠲᠸᠮ᠎ᠲᠠᠢ᠂ ᠲᠦᠷᠢᠮᠵᠢᠭᠰᠡᠨ᠂ ᠮᠸᠬᠠᠨᠢᠬ᠍ᠵᠢᠬᠰᠡᠨ ᠬᠡᠪ ᠰᠢᠡᠵᠢ ᠤᠷᠤᠭᠤ ᠤᠷᠤᠭᠤᠯᠵᠤ᠂ ᠬᠦᠰᠡᠯ᠂ ᠠ᠋ᠷᠡᠮᠡᠯᠵᠡᠯᠡᠯ᠎ᠲᠠᠢ ᠬᠤᠶ᠋ᠢᠴᠢ ᠦᠶ᠎ᠡ ᠵᠢᠨ᠎ᠬᠢᠨ᠎ᠢ ᠬᠦᠮᠤᠵᠢᠬᠦᠯᠬᠦ᠎ᠳᠤ ᠲᠦᠷᠤ ᠵᠢᠨ ᠪᠤᠳᠤᠯᠭ᠎ᠠ ᠵᠢᠨ ᠴᠢᠨᠠᠷᠳᠠᠢ ᠠᠷᠭ᠎ᠠ ᠬᠡᠮᠵᠢᠭᠳᠡᠯ᠎ᠢ ᠠᠪᠤᠭᠰᠠᠭ᠋ᠠᠷ ᠪᠠᠶ᠋ᠢᠭ᠎ᠠ ᠶᠤᠮ᠃
      ᠬᠤᠷᠢᠨ ᠨᠢᠬᠡᠳᠤᠬᠡᠷ ᠵᠠᠭᠤᠨ᠎ᠤ ᠰᠤᠷᠭ᠋ᠠᠨ ᠬᠦᠮᠤᠵᠢᠯ᠎ᠤᠨ ᠤᠨᠤᠯ ᠪᠤᠯ ᠰᠢᠨ᠎ᠡ ᠠ᠋ᠷᠡᠨ᠎ᠤ ᠦᠩᠬᠡ ᠵᠢᠪᠬᠤᠭ᠎ᠠ ᠪᠤᠯᠬᠤ᠎ᠨᠢ ᠲᠠᠮᠵᠢᠭ ᠦᠭᠡᠢ᠃ ᠦᠪᠤᠷ ᠮᠤᠩᠭᠤᠯ ᠤᠷᠤᠨ ᠵᠶ᠋ᠠᠷ ᠠᠪᠴᠤ ᠬᠡᠯᠡᠬᠦ᠎ᠳᠤ ᠡᠯ᠎ᠡ ᠬᠤᠳᠠ ᠠᠶ᠋ᠢᠮᠠᠭ ᠬᠤᠰᠢᠭᠤᠨ᠎ᠤ ᠨᠠᠮ ᠵᠠᠰᠠᠭ᠎ᠠᠴᠠ ᠰᠤᠷᠭ᠋ᠠᠭᠤᠯᠢ ᠵᠢᠨ ᠰᠠᠭᠤᠷᠢ ᠪᠦᠳᠤᠬᠡᠨ ᠪᠠᠶ᠋ᠢᠭᠤᠯᠤᠯᠳᠠ ᠵᠢ ᠤᠯᠠᠮ ᠲᠡᠬᠦᠯᠳᠡᠷᠵᠢᠬᠦᠯᠬᠦ ᠵᠢ ᠴᠢᠬᠤᠯᠠ ᠪᠠᠶ᠋ᠢᠷᠢᠨ᠎ᠳᠤ ᠲᠠᠯᠪᠢᠬᠰᠡᠨ᠎ᠠᠴᠠ ᠲᠡᠬᠡᠳᠤ ᠱᠠᠳᠤᠨ᠎ᠤ ᠬᠠᠯᠠᠮᠵᠢ ᠲᠡᠮᠵᠢᠯᠬᠡ ᠪᠠ ᠭᠠᠵᠠᠷ ᠤᠷᠤᠨ᠎ᠤ ᠠ᠋ᠳ᠋᠎ᠤᠨ ᠵᠠᠰᠠᠭ᠎ᠤᠨ ᠲᠦᠯᠤᠪᠵᠢᠬᠦᠯᠬᠡ ᠵᠢᠨ ᠲᠠᠭ᠋ᠠᠤ᠎ᠳᠤ ᠦᠳᠳᠠᠷ ᠲᠦᠷᠬᠡᠨ ᠬᠦᠭᠵᠢᠯ ᠵᠶ᠋ᠠᠨ ᠤᠯᠤᠭᠰᠡᠨ ᠤᠯᠪᠠᠭ᠎ᠠ᠎ᠲᠠᠢ᠃ ᠤᠳᠤ ᠪᠤᠯᠬᠤ᠎ᠳᠤ ᠡᠯ᠎ᠡ ᠭᠠᠵᠠᠷ᠎ᠨᠢ ᠲᠤᠬᠢᠯᠢᠬ ᠲᠦᠪᠬᠢᠨᠡᠬᠦᠨ ᠤᠷᠤᠨ ᠰᠠᠭᠤᠴᠠ ᠵᠢᠨ ᠪᠦᠳᠤᠬᠡᠨ ᠪᠠᠶ᠋ᠢᠭᠤᠯᠤᠯᠳᠠ ᠵᠢ ᠢᠵᠢ ᠪᠦᠷᠢᠨ ᠲᠦᠪᠬᠢᠨᠡᠬᠦᠯᠵᠤ᠂ ᠰᠤᠷᠭ᠋ᠠᠭᠤᠯᠢ ᠵᠢᠨ ᠬᠦᠷᠢᠶᠡᠨ᠎ᠤ ᠴᠢᠮᠡᠭᠯᠡᠯ᠂ ᠣᠶ᠋ᠢᠵᠢᠭᠤᠯᠣᠯᠳᠠ ᠵᠢ ᠠ᠋ᠮᠬᠢ ᠴᠡᠭᠴᠡᠳᠠᠢ ᠬᠢᠭᠰᠡᠨ ᠲᠡᠳᠤᠢ ᠦᠭᠡᠢ ᠴᠢᠩᠭ᠎ᠠ ᠬᠠᠮᠢᠶᠠᠷᠤᠯᠳᠠ ᠵᠢᠨ ᠲᠦᠷᠢᠮ ᠲᠤᠭᠳᠠᠭ᠋ᠠᠯ ᠵᠶ᠋ᠠᠷ ᠰᠤᠷᠭ᠋ᠠᠨ ᠬᠦᠮᠤᠵᠢᠯ᠎ᠤᠨ ᠰᠢᠨ᠎ᠡ ᠠᠭᠤᠷ ᠠᠮᠢᠰᠬᠤᠯ᠎ᠢ ᠪᠤᠢ ᠪᠤᠯᠭ᠋ᠠᠭᠰᠡᠨ ᠶᠣᠮ᠃ ᠠ᠋ᠶ᠋ᠢᠮᠤᠷᠬᠦᠤ ᠨᠢᠳᠤᠨ᠎ᠳᠤ ᠦᠵᠡᠭᠳᠡᠮ᠎ᠡ ᠭᠠᠷ᠎ᠲᠤ ᠪᠠᠷᠢᠭᠳᠠᠮ᠎ᠠ ᠦᠬᠡᠷᠡᠴᠢᠯᠡᠯᠳᠡ ᠰᠢᠨᠡᠴᠢᠯᠡᠯᠳᠡ᠎ᠨᠢ ᠲᠠᠷᠤᠢ ᠨᠠᠮ᠎ᠤᠨ ᠲᠦᠪ ᠬᠤᠷᠢᠶ᠎ᠠ ᠪᠠ ᠰᠤᠷᠭ᠋ᠠᠨ ᠬᠦᠮᠤᠵᠢᠯ᠎ᠤᠨ ᠶᠠᠮᠤᠨ᠎ᠤ ᠠᠭᠤᠤ ᠮᠡᠷᠬᠡᠨ ᠠᠯᠤᠰᠴᠢ ᠪᠤᠳᠤᠯᠭ᠎ᠠ᠎ᠠᠴᠠ ᠢᠷᠡᠯᠳᠠᠢ ᠪᠦᠬᠡᠳ ᠲᠤᠮᠳᠠᠳᠤ ᠵᠢᠨ ᠬᠦᠰᠡᠯ᠎ᠢ ᠪᠡᠶᠡᠯᠡᠬᠦᠯᠬᠦ ᠬᠤᠯᠠᠴᠢ ᠤᠬᠠᠭ᠋ᠠᠨ᠎ᠤ ᠤᠳᠬ᠎ᠠ ᠰᠦᠪᠡᠭᠴᠢ᠎ᠯᠦᠭᠡ ᠤᠷᠭ᠋ᠠᠨᠢᠭ ᠤᠶᠠᠯᠳᠤᠭ᠎ᠠ ᠠ᠋ᠬᠦᠰᠬᠡᠵᠤ ᠴᠢᠳᠠᠭᠰᠡᠨ᠎ᠤ ᠬᠡᠷᠡᠴᠢ ᠬᠡᠵᠤ ᠦᠵᠡᠬᠦ ᠶᠤᠰᠤᠳᠠᠢ᠃
      ᠰᠢᠨ᠎ᠡ ᠠ᠋ᠷᠡᠨ᠎ᠳᠤ᠂ ᠰᠢᠨ᠎ᠡ ᠭᠦᠭᠵᠢᠯ᠎ᠤᠨ ᠱᠠᠳᠤᠨ᠎ᠳᠤ ᠰᠤᠷᠭ᠋ᠠᠭᠤᠯᠢ ᠵᠢ ᠬᠡᠷᠬᠢᠨ ᠠ᠋ᠷᠬᠢᠯᠡᠬᠦ᠎ᠨᠢ ᠨᠢᠬᠡ ᠵᠠᠩᠬᠢᠯᠠᠭ᠎ᠠ ᠪᠤᠯᠬᠤ᠎ᠳᠤ ᠰᠢᠨ᠎ᠡ ᠠ᠋ᠷᠡᠨ᠎ᠳᠤ᠂ ᠰᠢᠨ᠎ᠡ ᠰᠤᠷᠭ᠋ᠠᠨ ᠬᠦᠮᠤᠵᠢᠯ᠎ᠤᠨ ᠠ᠋ᠬᠦᠷᠬᠡ ᠬᠠᠷᠢᠭᠤᠴᠠᠯᠭ᠎ᠠ ᠵᠢ ᠬᠦᠢ᠍ᠴᠡᠳᠬᠡᠬᠦ᠎ᠳᠤ ᠠᠩᠬᠢ ᠵᠢᠨ ᠠ᠋ᠷᠬᠢᠯᠡᠭᠴᠢ᠎ᠨᠢ ᠬᠡᠷᠬᠢᠨ ᠠᠵᠢᠯᠯᠠᠪᠠᠯ ᠵᠤᠬᠢᠬᠤ ᠬᠡᠳᠡᠭ᠎ᠨᠢ ᠪᠠᠰᠠ ᠨᠢᠬᠡ ᠵᠠᠩᠬᠢᠯᠠᠭ᠎ᠠ ᠪᠤᠯᠬᠤ ᠤᠴᠢᠷᠳᠠᠢ᠃ ᠰᠤᠷᠭ᠋ᠠᠨ ᠬᠦᠮᠤᠵᠢᠯ᠎ᠤᠨ ᠤᠨᠤᠯ᠎ᠤᠨ ᠦᠡᠳᠤᠰᠤᠯᠡᠯ᠎ᠨᠢ ᠶᠡᠷᠤᠩᠬᠡᠢ ᠴᠢᠭᠯᠡᠯ ᠪᠤᠯᠳᠠᠭ ᠪᠤᠯᠪᠠᠴᠤ ᠰᠤᠷᠭ᠋ᠠᠨ ᠬᠦᠮᠤᠵᠢᠬᠦᠯᠬᠦ ᠶᠠᠪᠤᠴᠠ ᠵᠢᠨ ᠲᠤᠮᠳᠠ ᠠᠩᠬᠢ ᠵᠢᠨ ᠠ᠋ᠷᠬᠢᠯᠡᠭᠴᠢ ᠨᠡᠩ ᠨᠠᠷᠢᠯᠢᠬ᠂ ᠨᠡᠩ ᠤᠯᠠᠨ ᠲᠠᠯᠠᠵᠢᠬᠰᠡᠨ ᠠᠷᠭ᠎ᠠ ᠬᠡᠯᠪᠡᠷᠢ ᠪᠤᠶᠤ ᠲᠤᠷᠰᠢᠯᠭ᠎ᠠ ᠰᠤᠷᠭ᠋ᠠᠮᠵᠢ ᠵᠢ ᠠ᠋ᠬᠦᠳᠤᠨ ᠪᠦᠳᠤᠬᠡᠬᠦ ᠴᠢᠬᠤᠯᠠᠳᠠᠢ ᠪᠠᠶ᠋ᠢᠳᠠᠭ᠃ ᠮᠡᠳᠡᠬᠡᠵᠢ ᠰᠢᠨ᠎ᠡ ᠠ᠋ᠷᠡᠨ ᠬᠡᠳᠡᠭ ᠤᠳᠬ᠎ᠠ᠎ᠪᠠᠷ ᠵᠶ᠋ᠠᠨ ᠨᠡᠶ᠋ᠢᠬᠡᠮ᠂ ᠬᠡᠷ ᠪᠦᠯᠢ᠂ ᠰᠤᠷᠭ᠋ᠠᠭᠤᠯᠢ ᠠᠯᠢ ᠠᠯᠢᠨ᠎ᠳᠤ᠎ᠨᠢ ᠬᠤᠯᠪᠤᠭᠳᠠᠭ᠍ᠤ ᠠᠷᠪᠢᠨ ᠠᠰᠠᠭᠤᠳᠠᠯ ᠤᠷᠢᠶᠠᠴᠠᠯᠳᠤᠵᠤ ᠪᠠᠶ᠋ᠢᠭ᠎ᠠ᠎ᠨᠢ ᠬᠤᠳᠠᠯ ᠦᠭᠡᠢ᠃ ᠵᠦᠬᠡᠷ ᠨᠢᠬᠡ ᠵᠢᠱ᠌ᠢᠶᠡᠯᠡᠬᠦ᠎ᠳᠤ ᠤᠳᠤᠬᠢ ᠰᠤᠷᠭ᠋ᠠᠨ ᠬᠦᠮᠤᠵᠢᠯ᠎ᠤᠨ ᠲᠤᠭᠳᠠᠯᠴᠠᠭ᠎ᠠ᠎ᠨᠢ ᠲᠦᠪᠯᠡᠷᠡᠬᠦᠯᠤᠨ ᠨᠢᠬᠡᠳᠬᠡᠬᠦ ᠲᠦᠷᠤ ᠵᠢᠨ ᠪᠤᠳᠤᠯᠭ᠎ᠠ᠎ᠳᠤ ᠬᠠᠮᠤᠷᠤᠭᠳᠠᠳᠠᠭ᠎ᠠᠴᠠ ᠤᠯᠠᠩᠬᠢ ᠰᠤᠷᠭ᠋ᠠᠭᠤᠯᠢ᠎ᠨᠢ ᠪᠦᠷ ᠬᠤᠳᠠ ᠪᠠᠯᠭ᠋ᠠᠰᠤᠨ᠎ᠳᠤ ᠲᠦᠪᠯᠡᠷᠡᠵᠣ ᠪᠠᠶ᠋ᠢᠳᠠᠭ᠃ ᠶᠠᠭ ᠠ᠋ᠶ᠋ᠢᠮᠤ᠎ᠠᠴᠠ ᠬᠦᠮᠤᠨ ᠠᠷᠠᠳ᠎ᠤᠨ ᠠᠮᠢᠳᠤᠷᠠᠯ ᠤᠶ᠋ᠢᠯᠡᠳᠪᠤᠷᠢᠯᠡᠯ᠎ᠤᠨ ᠰᠠᠭᠤᠷᠢ᠎ᠨᠢ ᠲᠡᠬᠡᠭᠰᠢᠯᠡᠯᠳᠡ᠎ᠲᠠᠢ ᠪᠤᠯᠵᠤ ᠬᠤᠳᠠ ᠪᠠᠯᠭ᠋ᠠᠰᠤᠨ᠎ᠤ ᠲᠡᠷᠬᠡ ᠮᠠᠰᠢᠨ᠎ᠤ ᠲᠤᠭ᠎ᠠ ᠤᠯᠠᠰᠢᠷᠠᠭᠰᠡᠨ ᠵᠡᠷᠬᠡ ᠰᠢᠯᠳᠠᠭ᠋ᠠᠨ ᠵᠶ᠋ᠠᠷ ᠰᠤᠷᠭ᠋ᠠᠭᠤᠯᠢ᠎ᠳᠤ ᠶᠠᠪᠤᠬᠤ᠂ ᠬᠡᠷ᠎ᠲᠤ᠎ᠪᠠᠨ ᠬᠠᠷᠢᠬᠤ ᠵᠠᠮ᠎ᠤᠨ ᠠᠮᠤᠷ ᠲᠦᠪᠰᠢᠨ᠎ᠤ ᠠᠰᠠᠭᠤᠳᠠᠯ ᠪᠤᠯ ᠲᠤᠶ᠋ᠢᠯ᠎ᠤᠨ ᠴᠢᠬᠤᠯᠠ ᠵᠤᠶ᠋ᠢᠯ᠎ᠳᠤ ᠬᠠᠷᠢᠶᠠᠯᠠᠭᠳᠠᠵᠤ ᠠ᠋ᠬᠢᠯᠡᠭᠰᠡᠨ ᠶᠤᠮ᠃ ᠠᠰᠠᠭᠤᠳᠠᠯ ᠭᠠᠷᠬᠤ ᠦᠭᠡᠢ ᠪᠤᠯ ᠰᠤᠷᠭ᠋ᠠᠭᠤᠯᠢ᠂ ᠬᠡᠷ ᠪᠦᠯᠢ ᠠᠯᠢ ᠴᠦ᠍ ᠲᠠᠯ᠎ᠠ᠎ᠳᠤ ᠦᠵᠡᠯ ᠰᠠᠨᠠᠭ᠋ᠠᠨ᠎ᠤ ᠲᠠᠷᠤᠭ᠋ᠠᠰᠤ ᠦᠭᠡᠢ᠃ ᠬᠡᠷᠪᠡ ᠠᠰᠠᠭᠤᠳᠠᠯ ᠭᠠᠷᠬᠤ᠎ᠳᠤ ᠬᠦᠷᠪᠡᠯ ᠬᠤᠶᠠᠷ ᠲᠠᠯ᠎ᠠ ᠵᠢᠨ ᠨᠦᠬᠦᠷᠰᠡᠭ ᠬᠠᠷᠢᠴᠠᠭ᠋ᠠᠨ᠎ᠳᠤ ᠠᠰᠢᠭ ᠦᠭᠡᠢ ᠮᠦᠷᠳᠡᠭᠡᠨ ᠰᠤᠷᠭ᠋ᠠᠭᠤᠯᠢ ᠵᠢᠨ ᠬᠠᠮᠢᠶᠠᠷᠤᠯᠳᠠ᠂ ᠰᠤᠷᠭ᠋ᠠᠭᠤᠯᠢ ᠵᠢᠨ ᠵᠤᠬᠢᠶᠠᠨ ᠪᠠᠶ᠋ᠢᠭᠤᠯᠬᠤ ᠤᠳᠤᠷᠢᠳᠤᠯᠭ᠎ᠠ᠂ ᠠᠩᠬᠢ ᠵᠢᠨ ᠠ᠋ᠷᠬᠢᠯᠡᠭᠴᠢ᠎ᠳᠤ ᠬᠦᠷᠳᠡᠯ᠎ᠡ ᠵᠤᠬᠢᠬᠤ ᠬᠡᠮᠵᠢᠶᠡᠨ᠎ᠤ ᠬᠠᠷᠢᠭᠤᠴᠠᠯᠭ᠎ᠠ ᠨᠡᠬᠡᠮᠵᠢᠯᠡᠬᠦ ᠬᠠᠤᠯᠢ ᠲᠤᠭᠳᠠᠭ᠋ᠠᠯ ᠴᠦ᠍ ᠪᠦᠷᠢᠯᠳᠤᠨ ᠲᠦᠯᠤᠪᠰᠢᠭ᠌ᠰᠡᠨ ᠪᠠᠶ᠋ᠢᠳᠠᠭ᠃ ᠢᠩᠬᠢᠭᠰᠡᠨ ᠵᠶ᠋ᠠᠷ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠨᠢ ᠰᠢᠨ᠎ᠡ ᠠ᠋ᠷᠡᠨ ᠴᠠᠭ᠎ᠲᠤ ᠤᠷᠤᠵᠤ ᠢᠷᠡᠬᠡᠳ ᠮᠠᠰᠢ ᠦᠡᠳᠤᠷ ᠱᠠᠭ᠋ᠠᠷᠳᠠᠯᠭ᠎ᠠ᠎ᠲᠠᠢ ᠪᠤᠯᠤᠭᠰᠡᠨ ᠶᠤᠮ᠃
      ᠠᠩᠬᠢ ᠵᠢᠨ ᠠ᠋ᠷᠬᠢᠯᠡᠭᠴᠢ ᠵᠢᠨ ᠠᠵᠢᠯ ᠪᠤᠯ ᠬᠢᠴᠢᠶᠡᠯ᠎ᠤᠨ ᠪᠠᠭᠰᠢ ᠵᠢᠨ ᠠᠵᠢᠯ᠎ᠠᠴᠠ ᠬᠡᠳᠤ ᠲᠠᠬᠢᠨ ᠬᠦᠡᠳᠤ ᠪᠠᠶ᠋ᠢᠳᠠᠭ᠎ᠢ ᠪᠠᠭᠰᠢ ᠪᠤᠯᠤᠭᠰᠡᠳ ᠪᠦᠬᠦᠳᠡᠬᠡᠷ ᠮᠡᠳᠡᠷᠡᠳᠡᠭ᠃ ᠬᠡᠪᠡᠴᠤ ᠲᠡᠳᠡ ᠠ᠋ᠨᠡᠬᠦ ᠬᠦᠡᠳᠤ ᠴᠢᠬᠢᠮᠠᠢ ᠠᠵᠢᠯ᠎ᠤᠨ ᠠ᠋ᠮᠤᠨ᠎ᠡ ᠮᠠᠰᠢ ᠪᠠᠶᠠᠷ ᠪᠠᠶᠠᠰᠤᠯ᠎ᠲᠠᠢ᠎ᠪᠠᠷ ᠨᠢᠷᠤᠭᠤ ᠲᠠᠨᠢᠢ᠍ᠮ᠎ᠠ ᠠᠯᠬᠤᠳᠠᠭ ᠬᠡᠰᠡᠭ ᠪᠦᠯᠦᠭ ᠰᠢᠳᠤᠷᠭᠤ ᠬᠦᠮᠤᠵᠢᠬᠦᠯᠤᠭ᠌ᠴᠢ ᠵᠢᠨ ᠲᠤᠭ᠋ᠠᠨ᠎ᠳᠤ ᠪᠠᠭᠳᠠᠭ᠍ᠤ ᠲᠤᠷᠠᠳᠠᠢ᠃ ᠤᠴᠢᠷ᠎ᠨᠢ ᠪᠤᠰᠤᠳ᠎ᠤᠨ ᠦᠷ᠎ᠡ ᠰᠡᠳᠤ ᠵᠢᠨ ᠤᠶᠤᠨ ᠪᠢᠯᠢᠭ᠎ᠢ᠎ᠨᠢ ᠨᠡᠭᠡᠭᠡᠵᠣ᠂ ᠤᠬᠠᠭ᠋ᠠᠨ ᠰᠠᠨᠠᠭ᠎ᠠ ᠵᠢ᠎ᠨᠢ ᠲᠡᠭᠰᠢᠯᠡᠨ᠂ ᠶᠤᠰᠤ ᠰᠤᠷᠳᠠᠭ᠍ᠤᠨ᠎ᠤ ᠦᠡᠳᠤᠷ ᠪᠤᠯᠪᠠᠰᠤᠷᠠᠯ᠎ᠲᠠᠢ᠂ ᠠ᠋ᠷᠳᠡᠮ ᠮᠡᠳᠡᠯᠬᠡ ᠵᠢᠨ ᠨᠦᠬᠡᠴᠡ ᠬᠦᠴᠤᠨ᠎ᠲᠠᠢ ᠪᠤᠯᠭ᠋ᠠᠬᠤ ᠪᠤᠯ ᠲᠡᠳᠡᠨ᠎ᠤ ᠪᠠᠭ᠍ᠠᠳᠤᠯ ᠮᠦᠷᠳᠡᠬᠡᠨ ᠵᠢᠷᠭ᠋ᠠᠯ᠎ᠨᠢ ᠬᠡᠵᠤ ᠦᠵᠡᠳᠡᠭ᠃ ᠰᠢᠨ᠎ᠡ ᠠ᠋ᠷᠡᠨ᠎ᠳᠤ ᠲᠠᠪᠰᠢᠨ ᠤᠷᠤᠭᠰᠡᠨ᠎ᠠᠴᠠ ᠰᠢᠨ᠎ᠡ ᠵᠢᠭ᠋ᠠᠨ ᠰᠤᠷᠭ᠋ᠠᠯᠳᠠ ᠵᠢᠨ ᠬᠡᠪ ᠵᠠᠭᠪᠤᠷ ᠪᠤᠢ ᠪᠤᠯᠵᠤ᠂ ᠰᠢᠨ᠎ᠡ ᠰᠡᠳᠬᠢᠴᠡ ᠵᠢᠨ ᠤᠭ ᠴᠢᠨᠠᠷ ᠪᠤᠢ ᠪᠤᠯᠵᠤ᠂ ᠰᠢᠨ᠎ᠡ ᠬᠠᠮᠢᠶᠠᠷᠤᠯᠳᠠ ᠵᠢᠨ ᠲᠦᠷᠢᠮ ᠲᠤᠭᠳᠠᠭ᠋ᠠᠯ ᠴᠦ᠍ ᠪᠤᠢ ᠪᠤᠯᠤᠭᠰᠡᠨ ᠪᠠᠶ᠋ᠢᠳᠠᠭ᠃ ᠠ᠋ᠨᠡ ᠠᠷᠪᠢᠨ ᠰᠢᠨ᠎ᠡ ᠵᠤᠶ᠋ᠢᠯᠡᠰ᠎ᠢ ᠬᠠᠪᠤᠯᠢᠭ ᠵᠤᠬᠢᠴᠠᠭᠤᠯᠵᠤ᠂ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠪᠠᠨ ᠬᠡᠷᠬᠢᠨ ᠬᠦᠢ᠍ᠴᠡᠳᠬᠡᠬᠦ ᠪᠤᠢ ᠬᠡᠳᠡᠭ ᠪᠤᠯ ᠵᠦᠪᠬᠡᠨ ᠪᠠᠭᠰᠢ ᠬᠦᠮᠤᠨ᠎ᠳᠤ ᠯᠡ ᠪᠠᠶ᠋ᠢᠳᠠᠭ ᠭᠤᠶᠠᠴᠢ ᠦᠭᠡᠢ ᠤᠪᠤᠷ ᠰᠤᠷᠳᠠᠯ ᠲᠡᠳᠤᠢ ᠪᠢᠰᠢ᠂ ᠬᠠᠷᠢᠨ ᠰᠤᠷᠭ᠋ᠠᠨ ᠬᠦᠮᠤᠵᠢᠯ᠎ᠳᠤ ᠬᠠᠷᠢᠭᠤᠴᠠᠭᠰᠡᠨ᠂ ᠨᠡᠶ᠋ᠢᠬᠡᠮ᠎ᠳᠤ ᠬᠠᠷᠢᠭᠤᠴᠠᠭᠰᠡᠨ᠂ ᠬᠡᠷ ᠪᠦᠯᠢ᠎ᠳᠤ ᠬᠠᠷᠢᠭᠤᠴᠠᠭᠰᠡᠨ᠂ ᠰᠤᠷᠭ᠋ᠠᠭᠤᠯᠢ᠎ᠳᠤ ᠬᠠᠷᠢᠭᠤᠴᠠᠭᠰᠡᠨ᠂ ᠬᠤᠶ᠋ᠢᠴᠢ ᠦᠶ᠎ᠡ ᠵᠢᠨ᠎ᠬᠢᠨ᠎ᠳᠤ ᠬᠠᠷᠢᠭᠤᠴᠠᠭᠰᠡᠨ᠂ ᠬᠤᠪᠢ ᠪᠡᠶ᠎ᠡ᠎ᠳᠤ᠎ᠪᠠᠨ ᠬᠠᠷᠢᠭᠤᠴᠠᠭᠰᠡᠨ ᠲᠡᠬᠡᠳᠤ ᠤᠬᠠᠮᠰᠠᠷᠳᠤ ᠤᠶ᠋ᠢᠯᠡ ᠠᠵᠢᠯᠯᠠᠭ᠋ᠠᠨ᠎ᠤ ᠬᠤᠷᠢᠶᠠᠩᠭᠤᠢ ᠴᠢᠨᠠᠷ ᠪᠤᠯᠬᠤ ᠶᠤᠮ᠃ ᠢᠩᠬᠢᠵᠤ ᠪᠠᠶ᠋ᠢᠵᠣ ᠮᠠᠨ᠎ᠤ ᠰᠣᠷᠭ᠋ᠠᠨ ᠬᠦᠮᠤᠵᠢᠯ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ ᠤᠯᠠᠮ ᠲᠡᠬᠡᠭᠰᠢᠯᠡᠵᠤ᠂ ᠤᠯᠠᠮ ᠰᠢᠯᠢᠳᠡᠭᠵᠢᠵᠤ ᠬᠤᠢ᠍ᠢ᠍ᠴᠢ ᠦᠶ᠎ᠠ ᠵᠢ᠎ᠪᠠᠨ ᠤᠯᠤᠰ ᠦᠡᠳᠤᠰᠤᠳᠡᠨ᠎ᠳᠤ᠎ᠪᠠᠨ ᠬᠡᠷᠡᠭᠴᠡᠬᠡᠳᠠᠢ ᠭᠦᠮᠦᠨ ᠪᠤᠯᠭ᠋ᠠᠨ ᠬᠦᠮᠤᠵᠢᠬᠦᠯᠵᠤ ᠲᠡᠶ᠋ᠢᠯᠬᠦ ᠶᠤᠮ᠃ ᠲᠤᠭᠳᠠᠭᠰᠡᠨ ᠴᠠᠭ᠎ᠲᠠᠢ ᠠᠵᠢᠯᠯᠠᠵᠤ᠂ ᠲᠤᠭᠳᠠᠭᠰᠡᠨ ᠴᠠᠯᠢᠩ᠎ᠲᠠᠢ ᠠᠮᠢ ᠵᠢᠭᠤᠬᠤ ᠵᠢᠨ ᠲᠦᠯᠤᠬᠡ ᠪᠠᠭᠰᠢ ᠪᠤᠯᠤᠭᠰᠡᠨ ᠬᠦᠮᠤᠨ ᠨᠢᠬᠡ ᠴᠦ᠍ ᠪᠠᠶ᠋ᠢᠬᠤ ᠦᠭᠡᠢ᠂ ᠬᠠᠷᠢᠨ ᠲᠡᠳᠡ ᠲᠤᠷᠠᠳᠠᠢ ᠰᠤᠩᠭᠤᠭᠰᠡᠨ ᠠᠵᠢᠯ ᠤᠶ᠋ᠢᠯᠡᠰ᠎ᠲᠤ᠎ᠪᠠᠨ ᠲᠤᠭᠤᠰᠢᠳᠠᠢ ᠰᠠᠶ᠋ᠢᠨ ᠠᠮᠵᠢᠯᠳᠠ ᠭᠠᠷᠭ᠋ᠠᠨ᠎ᠠ ᠬᠡᠵᠤ ᠵᠢᠳᠬᠦᠭᠰᠡᠭᠡᠷ᠃ ᠠ᠋ᠨᠳᠠ ᠰᠢᠨ᠎ᠡ ᠠ᠋ᠷᠡᠨ᠎ᠳᠤ᠎ᠬᠢ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠪᠠᠨ ᠬᠡᠷᠬᠢᠨ ᠬᠦᠢ᠍ᠴᠡᠳᠬᠡᠬᠦ ᠲᠤᠬᠠᠢ ᠦᠪᠡᠷ᠎ᠤᠨ ᠪᠤᠳᠤᠵᠤ ᠰᠡᠳᠬᠢᠭᠰᠡᠨ᠎ᠤ ᠬᠢᠷᠢ᠎ᠳᠤ᠎ᠪᠠᠨ ᠲᠦᠬᠦᠮ ᠦᠬᠦᠯᠡᠰᠤᠬᠡᠢ!
      ᠨᠢᠭᠡ᠂ ᠬᠠᠮᠢᠶᠠᠷᠤᠯᠳᠠ ᠵᠢ ᠲᠡᠷᠢᠬᠦᠨ ᠪᠠᠶ᠋ᠢᠷᠢᠨ᠎ᠳᠤ ᠲᠠᠯᠪᠢᠵᠤ ᠶᠤᠰᠤ ᠰᠤᠷᠳᠠᠭ᠍ᠤᠨ᠎ᠤ ᠬᠦᠮᠤᠵᠢᠯ᠎ᠢ ᠤᠯᠠᠮ ᠴᠢᠩᠭ᠋ᠠᠳᠬᠠᠬᠤ ᠬᠡᠷᠡᠭᠳᠠᠢ
     1. ᠠᠩᠬᠢ ᠵᠢᠨ ᠠ᠋ᠷᠬᠢᠯᠡᠭᠴᠢ ᠵᠢᠨ ᠬᠠᠮᠢᠶᠠᠷᠤᠯᠳᠠ ᠵᠢ ᠲᠡᠷᠢᠬᠦᠨ ᠪᠠᠶ᠋ᠢᠷᠢᠨ᠎ᠳᠤ ᠱᠠᠭ᠋ᠠᠷᠳᠠᠭ᠍ᠤ ᠬᠡᠷᠡᠭᠳᠠᠢ
      ᠪᠠᠭ᠎ᠠ ᠰᠤᠷᠭ᠋ᠠᠭᠤᠯᠢ᠂ ᠲᠤᠮᠳᠠᠳᠤ ᠰᠤᠷᠭ᠋ᠠᠭᠤᠯᠢ ᠬᠡᠰᠡᠨ ᠦᠭᠡᠢ ᠠᠩᠬᠢ ᠵᠢᠨ ᠠ᠋ᠷᠬᠢᠯᠡᠭᠴᠢ ᠵᠢᠨ ᠬᠠᠮᠢᠶᠠᠷᠤᠯᠳᠠ ᠪᠤᠯ ᠮᠠᠰᠢ ᠴᠢᠬᠤᠯᠠ ᠵᠤᠶ᠋ᠢᠯ᠎ᠳᠤ ᠪᠠᠭᠳᠠᠵᠤ ᠪᠠᠶ᠋ᠢᠳᠠᠭ᠃ ᠭᠤᠷᠪᠠᠨ ᠱᠠᠳᠤ ᠦᠶ᠎ᠡ ᠵᠢᠨ ᠰᠤᠷᠭ᠋ᠠᠨ ᠬᠦᠮᠤᠵᠢᠯ᠎ᠤᠨ ᠶᠠᠪᠤᠴᠠ᠎ᠳᠤ ᠭᠤᠷᠪᠠᠨ ᠠᠩᠬᠢ ᠵᠢᠨ ᠠ᠋ᠷᠬᠢᠯᠡᠭᠴᠢ ᠢᠯᠡᠷᠡᠳᠡᠭ᠃ ᠪᠤᠳᠠᠳᠠᠢ᠎ᠪᠠᠷ ᠬᠡᠯᠡᠪᠡᠯ ᠪᠠᠭ᠎ᠠ ᠰᠤᠷᠭ᠋ᠠᠭᠤᠯᠢ ᠵᠢᠨ ᠵᠢᠷᠭᠤᠭ᠋ᠠᠨ ᠵᠢᠯ᠎ᠤᠨ ᠬᠤᠭᠤᠴᠠᠭ᠋ᠠᠨ᠎ᠳᠤ ᠨᠢᠬᠡ ᠠᠩᠬᠢ ᠵᠢᠨ ᠠ᠋ᠷᠬᠢᠯᠡᠭᠴᠢ᠂ ᠠᠩᠬ᠎ᠠ ᠲᠤᠮᠳᠠᠳᠤ ᠵᠢᠨ ᠭᠤᠷᠪᠠᠨ ᠵᠢᠯ᠎ᠳᠤ ᠪᠠᠰᠠ ᠨᠢᠬᠡ ᠠᠩᠬᠢ ᠵᠢᠨ ᠠ᠋ᠷᠬᠢᠯᠡᠭᠴᠢ ᠰᠤᠯᠢᠭᠳᠠᠨ᠎ᠠ᠃ ᠦᠡᠳᠤᠷ ᠲᠤᠮᠳᠠᠳᠤ ᠵᠢᠨ ᠭᠤᠷᠪᠠᠨ ᠵᠢᠯ᠎ᠳᠤ ᠪᠠᠰᠠ ᠨᠢᠬᠡ ᠠᠩᠬᠢ ᠵᠢᠨ ᠠ᠋ᠷᠬᠢᠯᠡᠭᠴᠢ ᠰᠤᠯᠢᠭᠳᠠᠵᠤ ᠪᠠᠶ᠋ᠢᠳᠠᠭ᠃ ᠠᠷᠪᠠᠨ ᠬᠤᠶᠠᠷ ᠵᠢᠯ᠎ᠤᠨ ᠬᠤᠭᠤᠴᠠᠭ᠋ᠠᠨ᠎ᠳᠤ ᠭᠤᠷᠪᠠᠨ ᠠᠩᠬᠢ ᠵᠢᠨ ᠠ᠋ᠷᠬᠢᠯᠡᠭᠴᠢ ᠰᠤᠯᠢᠭᠳᠠᠳᠠᠭ ᠮᠦᠷᠳᠡᠭᠡᠨ ᠠ᠋ᠨᠡ ᠭᠤᠷᠪᠠᠨ ᠠᠩᠬᠢ ᠵᠢᠨ ᠠ᠋ᠷᠬᠢᠯᠡᠭᠴᠢ ᠵᠢᠨ ᠪᠤᠳᠤᠵᠤ ᠰᠡᠳᠬᠢᠬᠦ᠂ ᠬᠠᠮᠢᠶᠠᠷᠴᠤ ᠱᠠᠭ᠋ᠠᠷᠳᠠᠭ᠍ᠤ ᠠᠷᠭ᠎ᠠ ᠬᠡᠯᠪᠡᠷᠢ᠎ᠨᠢ ᠪᠦᠷ ᠤᠡᠳᠤᠤ ᠪᠠᠶ᠋ᠢᠳᠠᠭ᠃ ᠠ᠋ᠬᠦᠨ᠎ᠤ ᠲᠠᠭ᠋ᠠᠤ᠎ᠳᠤ ᠦᠰᠪᠤᠷᠢ ᠨᠠᠰᠤᠨ᠎ᠠᠴᠠ᠎ᠪᠠᠨ ᠰᠢᠯᠵᠢᠯᠳᠡ ᠵᠢᠨ ᠨᠠᠰᠤ (ᠪᠠᠰᠠ ᠬᠠᠪᠤᠷᠵᠢᠯ᠎ᠤᠨ ᠨᠠᠰᠤ ᠬᠡᠳᠡᠭ)᠂ ᠰᠢᠯᠵᠢᠯᠳᠠ ᠵᠢᠨ ᠨᠠᠰᠤᠨ᠎ᠠᠴᠠ᠎ᠪᠠᠨ ᠵᠠᠯᠠᠭᠤᠴᠤᠳ ᠪᠠᠭ᠋ᠠᠴᠤᠳ᠎ᠤᠨ ᠠ᠋ᠩᠨᠡᠬᠡᠨ᠎ᠳᠤ ᠲᠠᠪᠰᠢᠨ ᠤᠷᠤᠳᠠᠭ ᠪᠤᠯᠬᠤᠷ ᠡᠯ᠎ᠡ ᠱᠠᠳᠤᠨ᠎ᠤ ᠦᠰᠤᠯᠳᠠ ᠵᠢᠨ ᠶᠠᠪᠤᠴᠠ ᠵᠢ ᠲᠠᠭ᠋ᠠᠵᠤ ᠪᠠᠭ᠋ᠠᠴᠤᠳ ᠵᠠᠯᠠᠭᠤᠴᠤᠳ᠎ᠤᠨ ᠦᠵᠡᠯ ᠤᠬᠠᠮᠰᠠᠷ᠎ᠤᠨ ᠲᠠᠯᠡᠴᠡ᠎ᠨᠢ ᠴᠦ᠍ ᠠᠳᠠᠯᠢ ᠪᠤᠰᠤ ᠬᠡᠮᠵᠢᠭᠳᠡᠯ ᠵᠶ᠋ᠠᠷ ᠤᠡᠳᠤᠤᠰᠢᠵᠤ ᠠ᠋ᠬᠢᠯᠡᠳᠡᠭ᠃ ᠲᠡᠶ᠋ᠢᠮᠤ᠎ᠠᠴᠠ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ ᠪᠤᠯ ᠮᠠᠰᠢ ᠪᠤᠳᠤᠯᠢᠶᠠᠡᠳᠠᠢ ᠤᠷᠴᠢᠨ ᠠᠬᠤᠢ᠎ᠳᠤ ᠤᠶ᠋ᠢᠯᠡᠳᠤᠯ ᠵᠶ᠋ᠠᠨ ᠪᠠᠳᠠᠷᠠᠭᠤᠯᠬᠤ ᠬᠡᠪ ᠰᠢᠡᠵᠢ᠎ᠲᠠᠢ ᠪᠤᠯᠳᠠᠭ᠃
      ᠰᠢᠨ᠎ᠡ ᠠ᠋ᠷᠡᠨ᠎ᠤ ᠠᠩᠬᠢ ᠵᠢᠨ ᠠ᠋ᠷᠬᠢᠯᠡᠭᠴᠢ ᠪᠤᠯᠬᠤ᠎ᠨᠢ ᠰᠢᠯᠢᠳᠡᠭ ᠤᠯᠠᠮᠵᠢᠯᠠᠯ ᠵᠶ᠋ᠠᠷ ᠰᠠᠭᠤᠷᠢ ᠬᠦᠴᠤᠨ ᠵᠶ᠋ᠠᠨ ᠪᠤᠯᠭ᠋ᠠᠵᠤ᠂ ᠰᠢᠨ᠎ᠡ ᠬᠠᠮᠢᠶᠠᠷᠤᠯᠳᠠ ᠵᠢᠨ ᠠᠷᠭ᠎ᠠ ᠲᠦᠰᠤᠯ ᠵᠶ᠋ᠠᠷ ᠵᠢᠯᠤᠭᠤᠳᠤᠮᠵᠢ ᠪᠤᠯᠭ᠋ᠠᠬᠤ ᠵᠢ ᠪᠠᠷᠢᠮᠳᠠᠯᠠᠭ᠍ᠤ᠎ᠨᠢ ᠵᠤᠶ᠋ᠢᠳᠠᠢ᠃ ᠮᠦᠨ ᠠ᠋ᠬᠦᠨ᠎ᠤ ᠢᠯᠳᠠᠮ᠎ᠳᠤ ᠬᠠᠮᠢᠶᠠᠷᠤᠯᠳᠠ ᠵᠢ ᠲᠡᠷᠢᠬᠦᠨ ᠪᠠᠶ᠋ᠢᠷᠢᠨ᠎ᠳᠤ ᠱᠠᠭ᠋ᠠᠷᠳᠠᠵᠤ ᠪᠠᠶ᠋ᠢᠪᠠᠯ ᠵᠤᠬᠢᠨ᠎ᠠ᠃ ᠤᠴᠢᠷ᠎ᠨᠢ ᠤᠳᠤᠬᠢ ᠴᠠᠭ ᠦᠶ᠎ᠡ ᠪᠤᠯ ᠬᠤᠷᠢᠨ ᠨᠢᠬᠡᠳᠤᠬᠡᠷ ᠵᠠᠭᠤᠨ᠎ᠤ ᠰᠢᠨ᠎ᠡ ᠲᠸᠭᠨᠢᠭ᠎ᠤᠨ ᠲᠡᠬᠡᠳᠤ ᠭᠦᠭᠵᠢᠯ᠎ᠤᠨ ᠴᠠᠭ ᠦᠶ᠎ᠡ ᠪᠤᠯᠤᠨ᠎ᠠ᠃ ᠬᠦᠮᠤᠰ᠎ᠤᠨ ᠠ᠋ᠳᠤᠷ ᠲᠤᠳᠤᠮ᠎ᠤᠨ ᠠᠮᠢᠳᠤᠷᠠᠯ᠎ᠳᠤ ᠤᠯᠠᠨ ᠵᠤᠶ᠋ᠢᠯ᠎ᠤᠨ ᠰᠢᠨ᠎ᠡ ᠬᠡᠷᠡᠭᠯᠡᠯᠳᠡ ᠪᠠᠶ᠋ᠢᠩᠭᠤ ᠵᠢᠨ ᠴᠢᠨᠠᠷᠳᠠᠢ ᠠᠰᠢᠭᠯᠠᠯᠳᠠ᠎ᠳᠤ ᠤᠷᠤᠳᠠᠭ ᠪᠦᠬᠡᠳ ᠴᠠᠬᠢᠮ ᠮᠡᠳᠡᠬᠡᠯᠡᠯ᠎ᠤᠨ ᠨᠦᠯᠤᠬᠡᠯᠡᠬᠦ ᠬᠦᠴᠤ᠎ᠨᠢ ᠬᠦᠮᠤᠨ᠎ᠢ ᠭᠠᠶ᠋ᠢᠬᠠᠰᠢ ᠲᠦᠷᠤᠬᠦᠯᠵᠤ ᠪᠠᠶ᠋ᠢᠭ᠎ᠠ ᠦᠨᠡᠨ᠎ᠲᠠᠢ ᠶᠤᠮ᠃ ᠬᠡᠳᠤᠶ᠋ᠢᠪᠡᠷ ᠰᠠᠶ᠋ᠢᠨ ᠰᠠᠶ᠋ᠢᠬᠠᠨ ᠪᠡᠯᠬᠡ ᠲᠡᠮᠳᠡᠭ᠎ᠤᠨ ᠲᠦᠰᠤᠬᠡᠯᠡᠯ᠎ᠲᠠᠢ ᠬᠡᠳᠡᠭ ᠴᠦ᠍ ᠲᠡᠷᠡ᠎ᠨᠢ ᠤᠯᠠᠨ ᠲᠠᠯ᠎ᠠ᠎ᠳᠤ ᠦᠰᠪᠤᠷᠢ ᠵᠢᠨ ᠬᠡᠤᠬᠡᠳ ᠪᠠ ᠪᠠᠭ᠋ᠠᠴᠤᠳ ᠵᠠᠯᠠᠭᠤᠴᠤᠳ᠎ᠤᠨ ᠤᠶᠤᠨ ᠤᠬᠠᠭ᠋ᠠᠨ᠎ᠤ ᠬᠦᠯᠢᠶᠡᠨ ᠠᠪᠤᠯᠳᠠ᠎ᠳᠤ ᠨᠠᠵᠠᠭ᠋ᠠᠢ ᠦᠷ᠎ᠡ ᠨᠦᠯᠤᠬᠡᠨ᠎ᠤ ᠭᠠᠵᠢᠭ᠎ᠲᠠᠢ ᠬᠡᠵᠤ ᠦᠵᠡᠨ᠎ᠡ᠃ ᠵᠢᠱ᠌ᠢᠶᠡᠯᠡᠪᠡᠯ᠂ ᠭᠠᠷ ᠤᠳᠠᠰᠤ᠎ᠨᠢ ᠦᠨᠡᠡᠳᠡᠬᠡᠨ ᠬᠠᠷᠢᠯᠴᠠᠭ᠋ᠠᠨ᠎ᠤ ᠪᠠᠭ᠋ᠠᠵᠢ ᠬᠡᠷᠡᠭᠯᠡᠬᠦᠷ ᠬᠡᠳᠡᠭ ᠴᠦ᠍ ᠰᠢᠡᠵᠢᠯᠡᠬᠦ ᠲᠸᠭᠨᠢᠭ᠎ᠤᠨ ᠭᠦᠭᠵᠢᠯ ᠵᠶ᠋ᠠᠷ ᠲᠠᠮᠵᠢᠭᠤᠯᠵᠤ ᠲᠡᠷᠡ᠎ᠨᠢ ᠮᠠᠰᠢ ᠤᠯᠠᠨ ᠴᠢᠳᠠᠪᠬᠢᠳᠤ ᠲᠠᠯ᠎ᠠ᠎ᠲᠠᠢ ᠪᠤᠯᠤᠭᠰᠡᠨ᠎ᠨᠢ ᠬᠡᠤᠬᠡᠳ ᠪᠠᠭ᠋ᠠᠴᠤᠳ᠎ᠢ ᠪᠢᠰᠢ᠂ ᠪᠦᠬᠦᠶ᠋ᠢᠯᠡ ᠬᠦᠮᠤᠰ᠎ᠢ ᠲᠡᠩᠳᠡᠬᠦᠤ ᠶᠡᠭᠡ᠎ᠪᠠᠷ ᠪᠠᠷᠢᠴᠠᠭ᠋ᠠᠯᠠᠭᠰᠡᠨ ᠠ᠋ᠬᠡᠵᠢᠭ᠎ᠲᠠᠢ ᠪᠠᠶ᠋ᠢᠭ᠎ᠠ ᠶᠤᠮ᠃ ᠤᠳᠤᠬᠠᠨ᠎ᠤ ᠪᠠᠶ᠋ᠢᠳᠠᠯ᠎ᠠᠴᠠ ᠦᠵᠡᠬᠦ᠎ᠳᠤ ᠤᠯᠠᠩᠬᠢ ᠭᠠᠵᠠᠷ᠎ᠤᠨ ᠤᠯᠠᠩᠬᠢ ᠰᠤᠷᠭ᠋ᠠᠭᠤᠯᠢ᠎ᠨᠢ ᠭᠠᠷᠠᠭ᠎ᠤᠨ ᠠ᠋ᠳᠤᠷ᠎ᠠᠴᠠ ᠪᠤᠰᠤ ᠴᠠᠭ ᠬᠡᠤᠬᠡᠳ ᠪᠠᠭ᠋ᠠᠴᠤᠳ᠎ᠤᠨ ᠭᠠᠷ ᠤᠳᠠᠰᠤ ᠬᠡᠷᠡᠭᠯᠡᠬᠦ ᠵᠢ ᠴᠢᠩᠭ᠎ᠠ ᠬᠠᠮᠢᠶᠠᠷᠴᠤ ᠪᠠᠶ᠋ᠢᠭ᠎ᠠ ᠶᠤᠮ᠃ ᠬᠡᠪᠡᠴᠤ ᠬᠡᠷ᠎ᠲᠤ ᠰᠠᠭᠤᠵᠤ ᠪᠠᠢ᠍ᠢ᠍ᠭ᠎ᠠ ᠰᠤᠷᠤᠭᠴᠢᠳ᠎ᠨᠢ ᠪᠦᠷ ᠭᠠᠷ ᠤᠳᠠᠰᠤ᠎ᠪᠠᠨ ᠬᠡᠷᠡᠭᠯᠡᠵᠤ ᠪᠠᠶ᠋ᠢᠭ᠎ᠠ ᠪᠦᠬᠡᠳ ᠵᠠᠷᠢᠮ ᠰᠢᠨᠤᠯ ᠶᠡᠬᠡᠳᠠᠢ ᠬᠡᠤᠬᠡᠳ ᠪᠠᠭ᠋ᠠᠴᠤᠳ᠎ᠨᠢ ᠠ᠋ᠯᠸᠺᠲᠷᠤᠨ ᠲᠤᠭᠯᠠᠭ᠋ᠠᠮ ᠵᠡᠷᠬᠡ ᠠ᠋ᠯᠳᠡᠪ ᠰᠤᠨᠢᠨ ᠵᠤᠶ᠋ᠢᠯ᠎ᠳᠤ ᠲᠤᠷ᠎ᠠ ᠮᠠᠳᠠᠨ ᠬᠦᠳᠤᠯᠤᠭ᠌ᠳᠡᠭᠰᠡᠬᠡᠷ ᠰᠤᠷᠤᠯᠭ᠎ᠠ ᠬᠢᠴᠢᠶᠡᠯ ᠵᠶ᠋ᠠᠨ ᠨᠦᠯᠤᠬᠡᠯᠡᠵᠤ ᠪᠠᠶ᠋ᠢᠭ᠎ᠠ ᠪᠠᠢ᠍ᠢ᠍ᠳᠠᠯ ᠴᠦ᠍ ᠦᠨᠡᠨ ᠪᠤᠳᠠᠳᠠᠢ᠎ᠪᠠᠷ ᠤᠷᠤᠰᠢᠵᠤ ᠪᠠᠶ᠋ᠢᠭ᠎ᠠ ᠶᠤᠮ᠃ ᠠ᠋ᠶ᠋ᠢᠮᠤ᠎ᠠᠴᠠ ᠠᠩᠬᠢ ᠵᠢᠨ ᠠ᠋ᠷᠬᠢᠯᠡᠭᠴᠢ ᠪᠠᠭᠰᠢ ᠪᠤᠯᠤᠭᠰᠡᠳ᠎ᠨᠢ ᠰᠤᠷᠭ᠋ᠠᠭᠤᠯᠢ ᠵᠢᠨ ᠬᠦᠷᠢᠶᠡᠨ᠎ᠤ ᠬᠠᠮᠢᠶᠠᠷᠤᠯᠳᠠ᠎ᠪᠠᠨ ᠰᠠᠶ᠋ᠢᠳᠤᠷ ᠪᠡᠬᠢᠵᠢᠬᠦᠯᠬᠦ᠎ᠠᠴᠠ ᠭᠠᠳᠠᠨ᠎ᠠ ᠬᠡᠷ᠎ᠤᠨ ᠠᠬᠠᠮᠠᠳ᠎ᠯᠤᠭ᠎ᠠ ᠵᠢᠨ ᠨᠦᠬᠦᠷᠰᠡᠭ ᠬᠠᠷᠢᠴᠠᠭ᠎ᠠ ᠵᠢ ᠴᠦ᠍ ᠰᠠᠶ᠋ᠢᠳᠤᠷ ᠪᠠᠶ᠋ᠢᠭᠤᠯᠵᠤ᠂ ᠰᠢᠬᠦᠮᠵᠢᠯᠡᠯ᠎ᠲᠠᠢ ᠬᠠᠨᠳᠤᠯᠭ᠎ᠠ ᠲᠠᠯᠪᠢᠬᠤ ᠬᠡᠷᠡᠭᠳᠠᠢ ᠬᠡᠵᠤ ᠦᠵᠡᠨ᠎ᠡ᠃
     《ᠨᠢᠬᠡ ᠠᠩᠬᠢ ᠵᠢᠨ ᠰᠤᠷᠤᠭᠴᠢᠳ᠎ᠤᠨ ᠴᠤᠭ ᠵᠢᠪᠬᠤᠭ᠎ᠠ᠂ ᠮᠤᠷᠠᠯ ᠰᠤᠷᠳᠠᠯ᠂ ᠬᠢᠴᠢᠶᠡᠯ ᠰᠤᠷᠤᠯᠭ᠎ᠠ᠂ ᠠ᠋ᠮᠬᠢ ᠲᠢᠭᠯᠢᠮ᠂ ᠤᠷᠤᠯᠳᠤᠯᠭ᠎ᠠ᠂ ᠴᠢᠷᠮᠠᠶ᠋ᠢᠯᠭ᠎ᠠ ᠵᠡᠷᠬᠡ ᠵᠢ ᠦᠵᠡᠪᠡᠯ ᠲᠡᠷᠡ ᠠᠩᠬᠢ ᠵᠢᠨ ᠠ᠋ᠷᠬᠢᠯᠡᠭᠴᠢ᠎ᠨᠢ ᠶᠠᠮᠠᠷ ᠵᠡᠷᠬᠡ ᠵᠢᠨ ᠮᠡᠳᠡᠯᠬᠡ᠎ᠲᠠᠢ᠂ ᠠᠯᠢ ᠵᠡᠷᠬᠡ ᠵᠢᠨ ᠰᠤᠷᠭ᠋ᠠᠨ ᠬᠦᠮᠤᠵᠢᠯ᠎ᠤᠨ ᠴᠢᠳᠠᠪᠤᠷᠢ᠎ᠲᠠᠢ ᠬᠦᠮᠤᠨ ᠬᠡᠳᠡᠭ᠎ᠢ ᠭᠠᠳᠠᠷᠯᠠᠵᠤ ᠪᠤᠯᠳᠠᠭ》[1] ᠬᠡᠵᠤ ᠡ᠊ · ᠬᠡᠷᠡᠯᠳᠤ ᠪᠠᠭᠰᠢ ᠨᠤᠮ᠎ᠳᠤ᠎ᠪᠠᠨ ᠲᠡᠮᠳᠡᠭᠯᠡᠭᠰᠡᠨ ᠪᠠᠶ᠋ᠢᠳᠠᠭ᠃ ᠠ᠋ᠬᠦᠨ᠎ᠠᠴᠠ ᠦᠵᠡᠬᠦ᠎ᠳᠤ ᠰᠠᠶ᠋ᠢᠨ ᠠᠩᠬᠢ ᠵᠢᠨ ᠠ᠋ᠷᠬᠢᠯᠡᠭᠴᠢ ᠪᠤᠯᠬᠤ᠎ᠨᠢ ᠨᠢᠬᠡ ᠠᠩᠬᠢ ᠰᠤᠷᠤᠭᠴᠢ ᠵᠢᠨ ᠭᠠᠳᠠᠭ᠋ᠠᠳᠤ ᠬᠡᠪ ᠰᠢᠡᠵᠢ᠎ᠠᠴᠠ᠎ᠨᠢ ᠬᠦᠷᠳᠡᠯ᠎ᠡ ᠰᠢᠭᠤᠳ ᠲᠠᠨᠢᠨ ᠮᠡᠳᠡᠷᠡᠭᠳᠡᠬᠦ ᠪᠤᠯᠤᠮᠵᠢ᠎ᠲᠠᠢ ᠬᠡᠳᠡᠭ᠎ᠢ ᠤᠶ᠋ᠢᠯᠠᠭ᠋ᠠᠵᠤ ᠪᠤᠯᠬᠤ ᠶᠤᠮ ᠪᠠᠶ᠋ᠢᠨ᠎ᠠ᠃ ᠦᠬᠡᠷ᠎ᠡ᠎ᠪᠠᠷ ᠬᠡᠯᠡᠪᠡᠯ ᠠᠩᠬᠢ ᠵᠢᠨ ᠠ᠋ᠷᠬᠢᠯᠡᠭᠴᠢ ᠪᠠᠭᠰᠢ᠎ᠨᠢ ᠬᠠᠮᠢᠶᠠᠷᠤᠯᠳᠠ ᠵᠢᠨ ᠠᠷᠭ᠎ᠠ ᠬᠡᠯᠪᠡᠷᠢ᠎ᠪᠠᠨ ᠪᠠᠶ᠋ᠢᠩᠭᠤ ᠵᠢᠨ ᠴᠢᠨᠠᠷᠳᠠᠢ ᠦᠬᠡᠷᠡᠴᠢᠯᠡᠨ ᠰᠠᠶ᠋ᠢᠵᠢᠷᠠᠭᠤᠯᠵᠤ᠂ ᠰᠤᠷᠤᠭᠴᠢᠳ᠎ᠲᠠᠢ᠎ᠪᠠᠨ ᠤᠷᠭ᠋ᠠᠨᠢᠭ ᠬᠠᠷᠢᠴᠠᠭ᠎ᠠ ᠠ᠋ᠬᠦᠰᠬᠡᠨ ᠲᠡᠳᠡᠨ᠎ᠤ ᠪᠤᠳᠤᠯ᠎ᠤᠨ ᠶᠢᠷᠳᠢᠡᠴᠤ ᠵᠢ ᠲᠠᠮ ᠵᠶ᠋ᠠᠷ ᠡᠵᠡᠮᠳᠡᠵᠤ᠂ ᠰᠡᠳᠬᠢᠴᠡ᠎ᠪᠠᠷ᠎ᠨᠢ ᠤᠴᠢᠵᠤ ᠬᠦᠮᠤᠵᠢᠬᠦᠯᠬᠦ᠎ᠨᠢ ᠨᠡᠩ ᠶᠡᠭᠡ ᠦᠷ᠎ᠡ ᠪᠦᠳᠤᠮᠵᠢ ᠠ᠋ᠬᠦᠳᠬᠦ ᠪᠤᠯᠤᠯᠴᠠᠭ᠎ᠠ᠎ᠲᠠᠢ ᠬᠡᠵᠤ ᠦᠵᠡᠵᠤ ᠪᠤᠯᠤᠨ᠎ᠠ᠃
      ᠠᠩᠬᠢ ᠵᠢᠨ ᠠ᠋ᠷᠬᠢᠯᠡᠭᠴᠢ ᠵᠢᠨ ᠬᠠᠮᠢᠶᠠᠷᠤᠯᠳᠠ ᠬᠡᠳᠡᠭ᠎ᠨᠢ ᠠᠭᠰᠤᠷᠴᠤ ᠵᠠᠩᠳᠤᠷᠠᠭ᠍ᠤ᠂ ᠬᠠᠷᠢᠶᠠᠵᠤ ᠵᠠᠩᠨᠠᠭ᠍ᠤ᠎ᠳᠤ ᠪᠡᠶᠡᠯᠡᠯ ᠵᠶ᠋ᠠᠨ ᠤᠯᠬᠤ ᠪᠢᠰᠢ᠂ ᠬᠠᠷᠢᠨ ᠦᠪᠡᠷ ᠵᠶ᠋ᠠᠷ᠎ᠨᠢ ᠦᠪᠡᠷ᠎ᠤᠨ ᠰᠢᠬᠦᠮᠵᠢᠯᠡᠯ ᠬᠢᠯᠬᠡᠵᠤ ᠰᠤᠷᠭ᠋ᠠᠬᠤ᠎ᠨᠢ ᠪᠠᠰᠤᠰᠢ ᠦᠭᠡᠢ ᠰᠠᠶ᠋ᠢᠨ ᠬᠢᠷᠢ ᠪᠦᠳᠤᠮᠵᠢ ᠵᠢ ᠪᠤᠢ ᠪᠤᠯᠭ᠋ᠠᠬᠤ ᠲᠠᠯ᠎ᠠ᠎ᠲᠠᠢ᠂ ᠶᠠᠷᠢᠶᠠᠨ ᠦᠭᠡᠢ ᠠ᠋ᠨᠡ ᠲᠤᠮᠳᠠ ᠠᠩᠬᠢ ᠵᠢᠨ ᠠ᠋ᠷᠬᠢᠯᠡᠭᠴᠢ ᠪᠠᠭᠰᠢ ᠴᠦ᠍ ᠦᠪᠡᠷ᠎ᠢ᠎ᠪᠠᠨ ᠲᠡᠬᠦᠯᠳᠡᠷᠵᠢᠬᠦᠯᠵᠤ᠂ ᠮᠡᠳᠡᠯᠬᠡ ᠵᠢᠨ ᠬᠤᠷᠠᠮᠳᠤᠭᠤᠯᠤᠯ ᠵᠶ᠋ᠠᠨ ᠨᠡᠮᠡᠭᠳᠡᠭᠦᠯᠵᠦ᠂ ᠠᠰᠠᠭᠤᠳᠠᠯ᠎ᠳᠤ ᠬᠠᠨᠳᠤᠬᠤ ᠤᠪᠤᠷ ᠪᠠ ᠠᠰᠠᠭᠤᠳᠠᠯ᠎ᠢ ᠰᠢᠢ᠍ᠳᠪᠤᠷᠢᠯᠡᠬᠦ ᠲᠠᠯ᠎ᠠ᠎ᠳᠤ ᠭᠤᠤᠯᠴᠢ ᠪᠠᠶ᠋ᠢᠵᠤ ᠰᠢᠯᠤᠭᠤᠨ ᠰᠢᠢ᠍ᠳᠮᠡᠭ᠂ ᠵᠤᠷᠢᠭ ᠰᠦᠰᠤᠳᠠᠢ ᠤᠪᠤᠷ᠎ᠢ ᠲᠡᠬᠡᠳᠤᠯᠡᠵᠤ ᠪᠠᠶ᠋ᠢᠪᠠᠯ ᠰᠠᠶ᠋ᠢᠨ ᠬᠡᠵᠤ ᠦᠵᠡᠨ᠎ᠡ᠃ ᠰᠤᠷᠤᠭᠴᠢᠳ᠎ᠲᠠᠢ᠎ᠪᠠᠨ ᠬᠢᠴᠢᠶᠡᠯ᠎ᠠᠴᠠ ᠪᠤᠰᠤ ᠴᠠᠭ ᠢᠯᠡᠨ ᠲᠠᠯᠠᠨ ᠦᠭᠡᠢ ᠢᠨᠢᠶᠡᠵᠤ ᠭᠦᠭᠡᠷᠴᠦ᠂ ᠠᠵᠢᠯ᠎ᠳᠤ᠎ᠪᠠᠨ ᠤᠷᠬᠢᠯᠤᠮ᠎ᠠ ᠬᠠᠯᠠᠭᠤᠨ ᠰᠡᠳᠬᠢᠯ᠎ᠲᠠᠢ ᠪᠠᠶ᠋ᠢᠬᠤ᠎ᠪᠠᠨ ᠲᠡᠳᠡᠨ᠎ᠳᠤ ᠤᠶ᠋ᠢᠯᠠᠭ᠋ᠠᠭᠤᠯᠵᠤ᠂ ᠲᠡᠳᠡᠨ᠎ᠢ ᠵᠦᠪ ᠰᠠᠨᠠᠭ᠎ᠠ᠎ᠲᠠᠢ᠂ ᠬᠦᠰᠡᠯᠡᠩ᠎ᠲᠠᠢ᠂ ᠮᠦᠷᠤᠬᠡᠳᠤᠯ᠎ᠲᠠᠢ᠂ ᠢᠳᠡᠬᠡᠯ᠎ᠲᠠᠢ ᠪᠤᠯᠭ᠋ᠠᠨ ᠬᠦᠮᠤᠵᠢᠬᠦᠯᠬᠦ᠎ᠳᠤ ᠤᠷᠢᠳᠠᠯ ᠨᠦᠬᠦᠴᠡᠯ ᠪᠤᠯᠬᠤ ᠬᠡᠷᠡᠭᠳᠠᠢ᠂ ᠠ᠋ᠳᠡᠬᠡᠷ ᠪᠦᠬᠦᠨ᠎ᠨᠢ ᠪᠦᠷ ᠶᠠᠪᠤᠭ᠋ᠠᠨ᠎ᠳᠤ᠎ᠪᠠᠨ ᠬᠠᠮᠢᠶᠠᠷᠤᠯᠳᠠ ᠵᠢᠨ ᠠᠷᠭ᠎ᠠ ᠬᠡᠯᠪᠡᠷᠢ ᠵᠢᠨ ᠲᠤᠭᠳᠠᠯᠴᠠᠭ᠎ᠠ ᠪᠤᠯᠬᠤ ᠮᠦᠷᠳᠡᠬᠡᠨ ᠬᠠᠮᠢᠶᠠᠷᠤᠯᠳᠠ ᠵᠢ ᠲᠡᠷᠢᠬᠦᠨ ᠪᠠᠶ᠋ᠢᠷᠢᠨ᠎ᠳᠤ ᠲᠠᠯᠪᠢᠬᠤ᠎ᠪᠠᠷ ᠱᠠᠭ᠋ᠠᠷᠳᠠᠯᠭ᠎ᠠ ᠪᠤᠯᠭ᠋ᠠᠭᠰᠡᠨ᠎ᠤ ᠲᠤᠬᠢᠷᠠᠭ᠎ᠠ ᠪᠤᠯᠬᠤ ᠶᠤᠮ᠃
     2. ᠠᠩᠬᠢ ᠵᠢᠨ ᠠ᠋ᠷᠬᠢᠯᠡᠭᠴᠢ᠎ᠨᠢ ᠶᠤᠰᠤ ᠰᠤᠷᠳᠠᠭ᠍ᠤᠨ᠎ᠤ ᠬᠦᠮᠤᠵᠢᠯ᠎ᠢ ᠤᠯᠠᠮ ᠴᠢᠩᠭ᠋ᠠᠳᠬᠠᠬᠤ ᠬᠡᠷᠡᠭᠳᠠᠢ
      ᠮᠤᠩᠭᠤᠯᠴᠤᠳ᠎ᠤᠨ ᠬᠡᠷ᠎ᠤᠨ ᠬᠦᠮᠤᠵᠢᠯ᠎ᠳᠤ 《ᠬᠦᠮᠤᠨ ᠪᠤᠯᠬᠤ ᠪᠠᠭ᠎ᠠ᠎ᠠᠴᠠ᠎ᠪᠠᠨ \ ᠬᠦᠯᠦᠭ ᠪᠤᠯᠬᠤ ᠤᠨᠠᠭ᠋ᠠᠨ᠎ᠠᠴᠠ᠎ᠪᠠᠨ》 ᠭᠡᠳᠡᠭ᠃ ᠲᠡᠷᠡ᠎ᠨᠢ ᠦᠨᠤᠳᠤᠷ᠎ᠤᠨ ᠰᠢᠨ᠎ᠡ ᠠ᠋ᠷᠡᠨ᠎ᠳᠤ ᠤᠷᠤᠵᠤ ᠢᠷᠡᠬᠡᠳ ᠶᠤᠰᠤ ᠰᠤᠷᠳᠠᠭ᠍ᠤᠨ ᠬᠡᠬᠦ ᠤᠬᠠᠭᠳᠠᠭ᠍ᠤᠨ᠎ᠲᠠᠢ ᠢᠵᠢᠯ ᠲᠦᠰᠤᠬᠡ᠎ᠲᠠᠢ ᠬᠡᠮᠨᠡᠯ᠎ᠢ ᠪᠤᠢ ᠪᠤᠯᠭ᠋ᠠᠭᠰᠡᠨ ᠪᠠᠶ᠋ᠢᠨ᠎ᠠ᠃ ᠶᠤᠰᠤ ᠰᠤᠷᠳᠠᠭ᠍ᠤᠨ᠎ᠤ ᠬᠦᠮᠤᠵᠢᠯ᠎ᠢ ᠴᠢᠩᠭ᠋ᠠᠳᠬᠠᠬᠤ᠎ᠨᠢ ᠠᠩᠬᠢ ᠵᠢᠨ ᠠ᠋ᠷᠬᠢᠯᠡᠭᠴᠢ ᠪᠠᠭᠰᠢ ᠪᠤᠯᠤᠭᠰᠡᠳ᠎ᠤᠨ ᠵᠠᠢ᠍ᠢ᠍ᠯᠠᠵᠤ ᠪᠤᠯᠤᠰᠢ ᠦᠭᠡᠢ ᠠ᠋ᠬᠦᠷᠬᠡ ᠬᠠᠷᠢᠭᠤᠴᠠᠯᠭ᠎ᠠ ᠪᠤᠯᠬᠤ ᠶᠤᠮ᠃ ᠨᠡᠩ ᠤᠳᠤᠬᠢ ᠴᠠᠭ᠎ᠲᠤ ᠠ᠋ᠬᠦᠨ᠎ᠢ ᠴᠢᠬᠤᠯᠠᠴᠢᠯᠠᠨ ᠠᠳᠬᠤᠬᠤ ᠬᠡᠷᠡᠭᠳᠠᠢ ᠪᠤᠯᠤᠭ᠋ᠠᠳ ᠪᠤᠢ᠃ ᠤᠴᠢᠷ᠎ᠨᠢ ᠤᠳᠤ ᠴᠠᠭ᠎ᠲᠤ ᠤᠯᠠᠩᠬᠢ ᠠᠶ᠋ᠢᠯ᠎ᠨᠢ ᠭᠠᠭᠴᠠ ᠬᠤᠶᠠᠷ ᠬᠡᠤᠬᠡᠳ᠎ᠲᠠᠢ ᠪᠠᠶ᠋ᠢᠵᠤ ᠲᠡᠳᠡᠨ᠎ᠤ ᠦᠰᠤᠨ ᠪᠤᠶ᠋ᠢᠵᠢᠯᠳᠠ ᠵᠢᠨ ᠶᠠᠪᠤᠴᠠ᠎ᠳᠤ ᠮᠠᠰᠢ ᠶᠡᠭᠡ ᠠ᠋ᠷᠬᠡ ᠲᠡᠩᠬᠢ ᠨᠠᠵᠠᠭ᠋ᠠᠢ ᠬᠡᠪ ᠰᠢᠡᠵᠢ ᠤᠷᠤᠰᠢᠵᠤ ᠠ᠋ᠬᠢᠯᠡᠭᠰᠡᠨ ᠪᠠᠶ᠋ᠢᠨ᠎ᠠ᠃ ᠢᠩᠬᠢᠭᠰᠡᠨ᠎ᠠᠴᠠ ᠪᠤᠯᠵᠤ ᠬᠡᠷ᠎ᠤᠨ ᠰᠤᠷᠭ᠋ᠠᠨ ᠬᠦᠮᠤᠵᠢᠯ᠎ᠤᠨ ᠠᠯᠳᠠᠭᠳᠠᠯ ᠶᠡᠬᠡᠪᠡᠷ ᠠ᠋ᠬᠦᠰᠴᠤ ᠬᠡᠤᠬᠡᠳ ᠪᠤᠯᠭ᠋ᠠᠨ ᠵᠤᠷᠢᠭᠳᠠᠭᠤ᠂ ᠵᠦᠷᠢᠬᠦᠳ᠂ ᠰᠠᠨᠠᠭᠰᠡᠨ᠎ᠳᠤ᠎ᠪᠠᠨ ᠬᠦᠷᠬᠦ ᠬᠡᠬᠦ ᠮᠡᠳᠤ ᠰᠤᠯᠤᠭ᠋ᠠᠢ ᠰᠤᠡᠳᠤᠭᠤᠢ ᠠᠭ᠋ᠠᠰᠢ ᠠᠪᠤᠷᠢ᠎ᠳᠤ᠎ᠪᠠᠨ ᠲᠡᠶ᠋ᠢᠯᠤᠭ᠌ᠳᠡᠵᠤ ᠪᠠᠶ᠋ᠢᠭ᠎ᠠ᠎ᠨᠢ ᠤᠯᠠᠰᠢᠷᠠᠭᠰᠡᠨ ᠲᠦᠯᠤᠪᠳᠠᠢ᠃ ᠲᠡᠬᠡᠬᠦᠯᠡᠷ ᠶᠤᠰᠤ ᠰᠤᠷᠳᠠᠭ᠍ᠤᠨ᠎ᠤ ᠬᠦᠮᠤᠵᠢᠯ᠎ᠢ ᠠᠩᠬᠢ ᠵᠢᠨ ᠠ᠋ᠷᠬᠢᠯᠡᠭᠴᠢ᠎ᠨᠢ ᠴᠢᠬᠤᠯᠠ ᠴᠢᠨᠠᠷ ᠵᠶ᠋ᠠᠷ ᠦᠵᠡᠬᠦ ᠬᠡᠷᠡᠭᠳᠠᠢ ᠪᠦᠬᠡᠳ ᠬᠦᠮᠤᠨ ᠪᠤᠯᠬᠤ ᠵᠢᠨ ᠶᠤᠰᠤ ᠤᠴᠢᠷ᠎ᠢ ᠲᠡᠬᠡᠳᠤ ᠬᠡᠮᠵᠢᠶ᠎ᠡ᠎ᠪᠠᠷ ᠠᠩᠬᠠᠷᠤᠨ ᠬᠠᠯᠠᠮᠵᠢᠯᠠᠵᠤ᠂ ᠲᠡᠬᠡᠳᠤ ᠬᠠᠷᠢᠭᠤᠴᠠᠯᠭ᠎ᠠ᠎ᠪᠠᠷ ᠠᠯᠪᠠᠳᠠᠨ ᠬᠦᠮᠤᠵᠢᠬᠦᠯᠬᠦ᠎ᠳᠤ ᠬᠦᠷᠤᠭ᠌ᠰᠡᠨ ᠪᠠᠶ᠋ᠢᠨ᠎ᠠ᠃ ᠠ᠋ᠨᠡ ᠪᠤᠯ ᠨᠡᠶ᠋ᠢᠳᠡᠮ᠎ᠤᠨ ᠴᠢᠨᠠᠷᠳᠠᠢ ᠠᠰᠠᠭᠤᠳᠠᠯ ᠪᠤᠯᠵᠠᠢ᠃ ᠦᠰᠪᠤᠷᠢ ᠵᠢᠨ ᠨᠠᠰᠤᠨ᠎ᠤ ᠬᠡᠤᠬᠡᠳ ᠪᠤᠶᠤ ᠪᠠᠭ᠋ᠠᠴᠤᠳ ᠵᠠᠯᠠᠭᠤᠴᠤᠳ᠎ᠲᠤ ᠶᠤᠰᠤ ᠰᠤᠷᠳᠠᠭ᠍ᠤᠨ᠎ᠤ ᠬᠦᠮᠤᠵᠢᠯ ᠬᠡᠬᠦ ᠵᠤᠶ᠋ᠢᠯ ᠤᠭᠳᠤ ᠪᠠᠶ᠋ᠢᠬᠤ ᠦᠭᠡᠢ᠎ᠳᠤ ᠬᠦᠷᠪᠡᠯ ᠬᠤᠵᠢᠮ ᠲᠡᠳᠡ ᠨᠡᠶ᠋ᠢᠬᠡᠮ ᠲᠡᠬᠡᠷ᠎ᠡ ᠭᠠᠷᠴᠤ ᠤᠯᠠᠨ ᠬᠦᠮᠤᠨ᠎ᠤ ᠬᠠᠷᠢᠴᠠᠭ᠋ᠠᠨ᠎ᠤ ᠲᠤᠮᠳᠠ ᠬᠠᠷᠢᠴᠠᠭ᠋ᠠᠨ᠎ᠤ ᠰᠤᠶᠤᠯ ᠦᠭᠡᠢ ᠪᠤᠯᠵᠤ ᠪᠤᠰᠤᠳ᠎ᠲᠤ ᠬᠡᠯᠡᠭᠳᠡᠬᠦ᠂ ᠪᠤᠰᠤᠳ᠎ᠲᠤ ᠭᠠᠳᠠᠭᠤᠷᠴᠢᠯᠠᠭᠳᠠᠭ᠍ᠤ᠂ ᠪᠤᠰᠤᠳ᠎ᠤᠨ ᠦᠵᠡᠨ ᠶᠠᠳᠠᠯᠳᠠ᠎ᠳᠤ ᠪᠠᠶ᠋ᠢᠩᠭᠤ ᠤᠴᠠᠷᠠᠭ᠍ᠤ ᠪᠤᠯᠤᠨ᠎ᠠ᠃ ᠬᠡᠷᠪᠡ ᠠ᠋ᠶ᠋ᠢᠮᠤ ᠪᠠᠶ᠋ᠢᠳᠠᠯ ᠠ᠋ᠬᠦᠰᠪᠡᠯ ᠲᠡᠳᠡᠨ᠎ᠳᠤ ᠪᠠᠰᠠ ᠦᠪᠡᠷ᠎ᠢ᠎ᠪᠠᠨ ᠤᠯᠵᠤ ᠠᠪᠬᠤ ᠪᠤᠶᠤ ᠦᠪᠡᠷ᠎ᠲᠤ᠎ᠪᠠᠨ ᠰᠢᠬᠦᠮᠵᠢᠯᠡᠯ᠎ᠲᠠᠢ ᠬᠠᠨᠳᠤᠬᠤ ᠤᠪᠤᠷ ᠦᠭᠡᠢ ᠪᠠᠶ᠋ᠢᠵᠤ᠂ ᠪᠤᠴᠠᠭ᠋ᠠᠳ ᠰᠡᠳᠬᠢᠯ᠎ᠤᠨ ᠰᠢᠨᠠᠯᠤᠯ᠂ ᠪᠤᠬᠢᠨᠢᠳᠤᠯ᠂ ᠲᠡᠰᠪᠤᠷᠢ ᠲᠡᠪᠴᠢᠶᠡᠷᠢ ᠵᠢᠨ ᠬᠢᠮᠤᠷᠠᠯ᠂ ᠬᠠᠮᠳᠤᠷᠠᠯᠴᠠᠭ᠍ᠤ ᠤᠬᠠᠮᠰᠠᠷ᠎ᠤᠨ ᠲᠤᠷᠤᠶ᠋ᠢᠳᠠᠯ᠂ ᠪᠡᠶ᠎ᠡ᠎ᠳᠤ᠎ᠪᠠᠨ ᠢᠳᠡᠬᠡᠯ ᠠᠯᠳᠠᠭ᠍ᠤ᠂ ᠬᠦᠰᠡᠯᠡᠩ ᠦᠭᠡᠢ ᠪᠤᠯᠬᠤ᠂ ᠠᠮᠢᠳᠤᠷᠠᠯ᠎ᠨᠢ ᠤᠳᠬ᠎ᠠ᠎ᠪᠠᠨ ᠠᠯᠳᠠᠭ᠍ᠤ ᠮᠡᠳᠤ ᠵᠢᠨ ᠤᠢ ᠭᠠᠰᠢᠭᠤ᠎ᠳᠤ ᠦᠷᠳᠤᠬᠦ᠎ᠨᠢ ᠵᠠᠶ᠋ᠢᠯᠠᠰᠢ ᠦᠭᠡᠢ᠃ ᠠ᠋ᠶ᠋ᠢᠮᠤ᠎ᠠᠴᠠ ᠠᠩᠬᠢ ᠵᠢᠨ ᠠ᠋ᠷᠬᠢᠯᠡᠭᠴᠢ ᠪᠠᠭᠰᠢ ᠨᠠᠷ᠎ᠨᠢ ᠰᠢᠨ᠎ᠡ ᠠ᠋ᠷᠡᠨ᠎ᠳᠤ᠎ᠬᠢ ᠠ᠋ᠬᠦᠷᠬᠡ ᠬᠠᠷᠢᠭᠤᠴᠠᠯᠭ᠎ᠠ ᠵᠢᠨ ᠲᠤᠳᠤᠷ᠎ᠠ᠎ᠪᠠᠨ ᠶᠤᠰᠤ ᠰᠤᠷᠳᠠᠭ᠍ᠤᠨ᠎ᠤ ᠬᠦᠮᠤᠵᠢᠯ᠎ᠢ ᠴᠢᠩᠭ᠋ᠠᠳᠬᠠᠬᠤ ᠲᠠᠯ᠎ᠠ᠎ᠪᠠᠷ ᠨᠦᠷᠢ ᠶᠡᠭᠡ ᠬᠦᠴᠤᠨ ᠵᠢᠳᠬᠦᠯ ᠭᠠᠷᠭ᠋ᠠᠬᠤ ᠶᠤᠰᠤᠳᠠᠢ ᠬᠡᠵᠤ ᠦᠵᠡᠨ᠎ᠡ᠃
     《ᠲᠤᠮᠳᠠᠳᠤ ᠪᠠᠭ᠎ᠠ ᠰᠤᠷᠭ᠋ᠠᠭᠤᠯᠢ ᠵᠢᠨ ᠰᠤᠷᠤᠭᠴᠢ ᠵᠢᠨ ᠰᠠᠬᠢᠬᠤ ᠲᠦᠷᠢᠮ》᠎ᠳᠤ᠎ᠬᠢ 《ᠤᠶᠤᠨ》᠎ᠤ ᠲᠠᠯ᠎ᠠ ᠵᠢᠨ ᠱᠠᠭ᠋ᠠᠷᠳᠠᠯᠭ᠎ᠠ᠎ᠳᠤ 《ᠰᠢᠡᠵᠢᠯᠡᠬᠦ ᠤᠬᠠᠭ᠋ᠠᠨ᠎ᠢ ᠠ᠋ᠷᠬᠢᠮᠯᠡᠵᠤ᠂ ᠰᠢᠮᠳᠠᠨ ᠰᠤᠷᠤᠯᠴᠠᠭ᠍ᠤ ᠪᠤᠯ ᠰᠤᠷᠤᠯᠴᠠᠭ᠍ᠤ ᠤᠪᠤᠷ᠎ᠢ ᠢᠯᠡᠳᠬᠡᠳᠡᠭ᠃ ᠴᠢᠷᠮᠠᠶ᠋ᠢᠨ ᠰᠤᠷᠤᠯᠴᠠᠵᠤ ᠰᠠᠶ᠋ᠢᠳᠤᠷ ᠪᠤᠳᠤᠯᠬᠢᠯᠡᠨ᠂ ᠰᠤᠳᠤᠯᠤᠨ ᠰᠢᠡᠵᠢᠯᠡᠬᠦ ᠲᠤᠷᠠᠳᠠᠢ ᠪᠦᠬᠡᠳ ᠨᠡᠶ᠋ᠢᠬᠡᠮ᠎ᠤᠨ ᠤᠶ᠋ᠢᠯᠡᠳᠤᠯᠬᠡ ᠪᠤᠯᠤᠨ ᠨᠡᠶ᠋ᠢᠳᠡ᠎ᠳᠤ ᠠᠰᠢᠭᠳᠠᠢ ᠠᠵᠢᠯᠯᠠᠭ᠎ᠠ᠎ᠳᠤ ᠢᠳᠡᠪᠬᠢᠯᠡᠨ ᠤᠷᠤᠯᠴᠠᠭ᠍ᠤ ᠪᠤᠯ ᠰᠤᠷᠤᠯᠴᠠᠭ᠍ᠤ ᠵᠤᠷᠢᠭ ᠰᠠᠨᠠᠭ᠎ᠠ ᠪᠠ ᠠᠷᠭ᠎ᠠ ᠵᠢ ᠢᠯᠡᠳᠬᠡᠳᠡᠭ ᠪᠠᠶ᠋ᠢᠨ᠎ᠠ》[2] ᠬᠡᠵᠤ ᠲᠤᠳᠤᠷᠬᠠᠢ ᠲᠡᠮᠳᠡᠭᠯᠡᠭᠰᠡᠨ ᠪᠠᠶ᠋ᠢᠨ᠎ᠠ᠃ ᠠ᠋ᠨᠡᠬᠦ 《ᠤᠶᠤᠨ》᠎ᠤ ᠲᠠᠯ᠎ᠠ ᠵᠢᠨ ᠱᠠᠭ᠋ᠠᠷᠳᠠᠯᠭ᠎ᠠ ᠵᠢ ᠰᠤᠷᠤᠭᠴᠢ᠎ᠳᠤ ᠪᠦᠷᠢᠨ ᠬᠦᠢ᠍ᠴᠡᠳ ᠬᠡᠮᠵᠢᠶ᠎ᠡ᠎ᠪᠠᠷ ᠤᠯᠠᠮᠵᠢᠯᠠᠨ ᠲᠦᠬᠡᠮᠡᠯᠵᠢᠬᠦᠯᠬᠦ᠎ᠨᠢ ᠲᠠᠷᠤᠢ ᠪᠠᠭᠰᠢ ᠬᠦᠮᠤᠨ᠎ᠤ ᠠ᠋ᠬᠦᠷᠬᠡ ᠴᠢᠳᠠᠪᠬᠢ᠎ᠲᠠᠢ ᠬᠤᠯᠪᠤᠭᠳᠠᠭ᠍ᠤ ᠪᠦᠬᠡᠳ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠲᠠᠢ ᠰᠢᠭᠤᠳ ᠬᠤᠯᠪᠤᠭᠳᠠᠯ ᠠ᠋ᠬᠦᠰᠬᠡᠬᠦ ᠲᠠᠯ᠎ᠠ᠎ᠲᠠᠢ ᠶᠤᠮ᠃ 《ᠲᠤᠮᠳᠠᠳᠤ ᠰᠤᠷᠭ᠋ᠠᠭᠤᠯᠢ ᠵᠢᠨ ᠰᠤᠷᠤᠭᠴᠢ ᠵᠢᠨ ᠠ᠋ᠳᠤᠷ ᠲᠤᠳᠤᠮ᠎ᠤᠨ ᠤᠶ᠋ᠢᠯᠡ ᠠᠵᠢᠯᠯᠠᠭ᠋ᠠᠨ᠎ᠤ ᠲᠦᠷᠢᠮᠵᠢᠯ》᠎ᠳᠤ᠎ᠬᠢ ᠰᠤᠷᠤᠭᠴᠢᠳ᠎ᠤᠨ ᠤᠶ᠋ᠢᠯᠡ ᠠᠵᠢᠯᠯᠠᠭ᠋ᠠᠨ᠎ᠤ ᠲᠠᠪᠤᠨ ᠵᠤᠶ᠋ᠢᠯ᠎ᠤᠨ ᠪᠤᠳᠠᠳᠤ ᠱᠠᠭ᠋ᠠᠷᠳᠠᠯᠭ᠎ᠠ᠎ᠳᠤ 《ᠨᠢᠬᠡ᠎ᠳᠤ᠂ ᠦᠪᠡᠷ᠎ᠢ᠎ᠪᠠᠨ ᠬᠦᠡᠳᠤᠳᠬᠡᠨ ᠬᠠᠶ᠋ᠢᠷᠠᠯᠠᠵᠤ᠂ ᠲᠦᠷᠢ ᠲᠦᠷᠬᠦ ᠵᠢ ᠴᠢᠬᠤᠯᠠᠴᠢᠯᠠᠨ᠂ ᠦᠨᠡᠡᠴᠢ ᠰᠢᠳᠤᠷᠭᠤ ᠢᠳᠡᠬᠡᠯ ᠬᠦᠡᠳᠤ ᠵᠢ ᠠ᠋ᠷᠬᠢᠮᠯᠡᠬᠦ᠂ ᠬᠤᠶᠠᠷ᠎ᠲᠤ᠂ ᠪᠤᠰᠤᠳ᠎ᠲᠤ ᠶᠤᠰᠤᠷᠬᠠᠭ ᠬᠠᠨᠳᠤᠵᠤ ᠰᠠᠬᠢᠯᠭ᠎ᠠ ᠲᠦᠷᠢᠮ᠎ᠢ ᠵᠢᠷᠤᠮᠯᠠᠭ᠍ᠤ᠂ ᠭᠤᠷᠪᠠ᠎ᠳᠤ᠂ ᠴᠢᠷᠮᠠᠶ᠋ᠢᠨ ᠰᠤᠷᠤᠯᠴᠠᠵᠤ᠂ ᠠᠵᠢᠯᠴᠢ ᠪᠤᠷᠤᠭᠵᠢᠭᠤᠨ ᠪᠠᠶ᠋ᠢᠬᠤ ᠵᠢ ᠠ᠋ᠷᠬᠢᠮᠯᠡᠬᠦ᠂ ᠲᠦᠷᠪᠡ᠎ᠳᠤ᠂ ᠠᠪᠤ ᠡᠵᠢ᠎ᠪᠠᠨ ᠠᠴᠢᠯᠠᠵᠤ ᠪᠡᠶ᠎ᠡ᠎ᠪᠠᠨ ᠴᠢᠩᠭ᠎ᠠ ᠱᠠᠭ᠋ᠠᠷᠳᠠᠭ᠍ᠤ᠂ ᠲᠠᠪᠤ᠎ᠳᠤ᠂ ᠨᠡᠶ᠋ᠢᠬᠡᠮ ᠨᠡᠶ᠋ᠢᠳᠡ ᠵᠢᠨ ᠶᠤᠰᠤ ᠰᠤᠷᠳᠠᠭ᠍ᠤᠨ᠎ᠢ ᠵᠢᠷᠤᠮᠯᠠᠭ᠍ᠤ》[3] ᠬᠡᠵᠤ ᠲᠤᠭᠳᠠᠭ᠋ᠠᠭᠰᠡᠨ ᠪᠠᠶ᠋ᠢᠨ᠎ᠠ᠃ ᠠᠳᠠᠯᠢ ᠪᠤᠰᠤ ᠲᠠᠪᠤᠨ ᠲᠦᠷᠤᠯ ᠵᠶ᠋ᠠᠷ ᠰᠤᠷᠤᠭᠴᠢᠳ᠎ᠤᠨ ᠤᠶ᠋ᠢᠯᠡ ᠠᠵᠢᠯᠯᠠᠭ᠋ᠠᠨ᠎ᠤ ᠪᠤᠳᠠᠳᠤ ᠱᠠᠭ᠋ᠠᠷᠳᠠᠯᠭ᠎ᠠ ᠵᠢ ᠲᠤᠷᠠᠳᠤᠨ ᠲᠤᠭᠳᠠᠭ᠋ᠠᠭᠰᠡᠨ ᠪᠤᠯᠪᠠᠴᠤ ᠲᠡᠷᠡ᠎ᠨᠢ ᠪᠦᠷ ᠶᠤᠰᠤ ᠰᠤᠷᠳᠠᠭ᠍ᠤᠨ᠎ᠤ ᠬᠦᠮᠤᠵᠢᠯ᠎ᠠᠴᠠ ᠦᠡᠳᠤᠰᠤᠨ ᠴᠢᠨᠠᠷ ᠲᠡᠬᠡᠷ᠎ᠡ᠎ᠪᠠᠨ ᠰᠠᠯᠤᠩᠬᠢᠳᠠ ᠪᠤᠯᠤᠭᠰᠡᠨ ᠦᠭᠡᠢ ᠬᠡᠳᠡᠭ᠎ᠢ ᠪᠢᠳᠡ ᠤᠶ᠋ᠢᠯᠠᠭ᠋ᠠᠵᠤ ᠪᠤᠯᠬᠤ ᠶᠤᠮ᠃
      ᠰᠢᠨ᠎ᠡ ᠠ᠋ᠷᠡᠨ᠎ᠳᠤ ᠠᠩᠬᠢ ᠵᠢᠨ ᠠ᠋ᠷᠬᠢᠯᠡᠭᠴᠢ᠎ᠨᠢ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠪᠠᠨ ᠬᠦᠢ᠍ᠴᠡᠳᠬᠡᠬᠦ᠎ᠳᠤ ᠶᠤᠰᠤ ᠰᠤᠷᠳᠠᠭ᠍ᠤᠨ᠎ᠤ ᠬᠦᠮᠤᠵᠢᠯ᠎ᠢ ᠴᠢᠩᠭ᠋ᠠᠳᠬᠠᠬᠤ᠎ᠨᠢ ᠵᠦᠢ ᠶᠤᠰᠤᠨ᠎ᠳᠤ ᠨᠡᠶ᠋ᠢᠴᠡᠭᠰᠡᠨ ᠶᠠᠪᠤᠳᠠᠯ ᠪᠤᠯᠤᠨ᠎ᠠ᠃ ᠠ᠋ᠨᠡ᠎ᠨᠢ ᠮᠦᠨ ᠠᠩᠬᠢ ᠵᠢᠨ ᠠ᠋ᠷᠬᠢᠯᠡᠭᠴᠢ ᠵᠢᠨ ᠬᠠᠮᠢᠶᠠᠷᠤᠯᠳᠠ᠎ᠪᠠᠨ ᠲᠡᠷᠢᠬᠦᠨ ᠪᠠᠶ᠋ᠢᠷᠢᠨ᠎ᠳᠤ ᠲᠠᠯᠪᠢᠬᠰᠡᠨ᠎ᠤ ᠲᠠᠷᠠᠭ᠋ᠠᠬᠢ ᠬᠠᠮᠤᠭ ᠴᠢᠬᠤᠯᠠ ᠭᠤᠭᠴᠤᠭ᠎ᠠ ᠪᠤᠯᠬᠤ᠎ᠨᠢ ᠲᠠᠮᠵᠢᠭ ᠦᠭᠡᠢ᠃ ᠶᠤᠰᠤ ᠰᠤᠷᠳᠠᠭ᠍ᠤᠨ᠎ᠤ ᠬᠦᠮᠤᠵᠢᠯ᠎ᠢ ᠪᠠᠭ᠎ᠠ ᠨᠠᠰᠤᠨ᠎ᠠᠴᠠ᠎ᠨᠢ ᠠ᠋ᠬᠢᠯᠡᠵᠤ ᠲᠦᠯᠤᠪᠯᠡᠭᠡ᠎ᠲᠠᠢ᠎ᠪᠠᠷ ᠬᠢᠪᠠᠯ ᠬᠤᠵᠢᠮ ᠵᠦᠪ ᠵᠤᠶ᠋ᠢᠳᠠᠢ ᠤᠶ᠋ᠢᠯᠡ ᠠᠵᠢᠯᠯᠠᠭ᠋ᠠᠨ᠎ᠳᠤ ᠤᠷᠤᠯᠴᠠᠭ᠍ᠤ᠎ᠳᠤ᠎ᠨᠢ ᠤᠶᠤᠨ ᠰᠠᠨᠠᠭ᠋ᠠᠨ᠎ᠤ ᠲᠦᠰᠢᠭ ᠲᠤᠯᠭ᠋ᠠᠭᠤᠷᠢ ᠵᠢᠨ ᠤᠶ᠋ᠢᠯᠡᠳᠤᠯ᠎ᠢ ᠭᠠᠷᠭ᠋ᠠᠵᠤ ᠴᠢᠳᠠᠭ᠍ᠤ ᠶᠤᠮ᠃ ᠪᠢᠳᠡ ᠦᠪᠡᠷᠰᠡᠳ᠎ᠢ᠎ᠪᠠᠨ ᠠ᠋ᠨᠡᠬᠦ ᠲᠠᠶᠠᠭ᠋ᠠᠷᠴᠢᠯᠠᠯ᠎ᠤᠨ ᠠᠭᠤᠷ ᠠᠮᠢᠰᠬᠤᠯ᠎ᠳᠤ ᠡᠪᠯᠢᠭ ᠵᠤᠬᠢᠴᠠᠭᠤᠯᠬᠤ᠎ᠠᠴᠠ ᠭᠠᠳᠠᠨ᠎ᠠ ᠤᠷᠭᠤᠨ ᠲᠦᠯᠵᠢᠵᠤ ᠪᠠᠶ᠋ᠢᠭ᠎ᠠ ᠬᠤᠶ᠋ᠢᠴᠢ ᠦᠶ᠎ᠡ ᠵᠢᠨ᠎ᠬᠢᠨ᠎ᠳᠤ᠎ᠪᠠᠨ ᠴᠢᠬᠤᠯᠠ ᠪᠦᠬᠦᠢ ᠤᠷᠤᠨ ᠵᠠᠢ ᠵᠢ ᠬᠠᠩᠭ᠋ᠠᠮᠵᠢᠳᠠᠢ ᠪᠦᠷᠢᠳᠤᠬᠦᠯᠵᠤ ᠦᠭᠭᠦ ᠴᠢᠬᠤᠯᠠ᠎ᠲᠠᠢ ᠬᠡᠵᠤ ᠦᠵᠡᠵᠤ ᠪᠠᠶ᠋ᠢᠨ᠎ᠠ᠃ ᠠ᠋ᠬᠦᠨ᠎ᠳᠤ ᠠᠩᠬᠢ ᠵᠢᠨ ᠠ᠋ᠷᠬᠢᠯᠡᠭᠴᠢ ᠪᠤᠯᠤᠭᠰᠡᠳ᠎ᠨᠢ ᠨᠡᠩ ᠶᠡᠭᠡ ᠰᠡᠳᠤᠪ ᠰᠦᠪᠡᠭᠴᠢ ᠵᠢ ᠠᠮᠢᠳᠤᠯᠢᠭ ᠠᠳᠬᠤᠵᠤ᠂ ᠨᠡᠩ ᠶᠡᠭᠡ ᠴᠢᠷᠮᠠᠶ᠋ᠢᠯᠭ᠎ᠠ ᠤᠷᠤᠯᠳᠤᠯᠭ᠎ᠠ ᠵᠢ ᠭᠠᠷᠭ᠋ᠠᠬᠤ ᠶᠤᠰᠤᠳᠠᠢ᠃ ᠢᠩᠬᠢᠵᠤ ᠵᠢᠷᠤᠮᠯᠠᠨ ᠰᠠᠬᠢᠵᠤ ᠴᠢᠳᠠᠪᠠᠯ ᠲᠠᠷᠤᠢ ᠰᠢᠨ᠎ᠡ ᠠ᠋ᠷᠡᠨ ᠴᠠᠭ᠎ᠲᠤ᠎ᠬᠢ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠪᠠᠨ ᠠᠮᠵᠢᠯᠳᠠ᠎ᠲᠠᠢ ᠬᠦᠢ᠍ᠴᠡᠳᠬᠡᠵᠤ ᠴᠢᠳᠠᠭᠰᠡᠨ᠎ᠳᠤ ᠲᠤᠭ᠋ᠠᠴᠢᠭᠳᠠᠨ᠎ᠠ᠃
      ᠬᠤᠶᠠᠷ᠂ ᠠᠩᠬᠢ ᠵᠢᠨ ᠠ᠋ᠷᠬᠢᠯᠡᠭᠴᠢ ᠪᠠᠭᠰᠢ᠎ᠨᠢ ᠠᠮᠤᠷ ᠲᠦᠪᠰᠢᠨ᠎ᠤ ᠰᠤᠷᠭ᠋ᠠᠨ ᠬᠦᠮᠤᠵᠢᠯ᠎ᠢ ᠲᠡᠬᠡᠳᠤ ᠬᠡᠮᠵᠢᠶ᠎ᠡ᠎ᠪᠠᠷ ᠠᠩᠬᠠᠷᠴᠤ᠂ ᠬᠡᠷ ᠪᠦᠯᠢ ᠵᠢᠨ ᠬᠤᠯᠪᠤᠭ᠎ᠠ ᠵᠢ ᠬᠦᠴᠤᠨ ᠲᠡᠬᠦᠯᠳᠡᠷ ᠪᠤᠯᠭ᠋ᠠᠬᠤ ᠬᠡᠷᠡᠭᠳᠠᠢ
     1. ᠠᠩᠬᠢ ᠵᠢᠨ ᠠ᠋ᠷᠬᠢᠯᠡᠭᠴᠢ ᠪᠠᠭᠰᠢ᠎ᠨᠢ ᠠᠮᠤᠷ ᠲᠦᠪᠰᠢᠨ᠎ᠤ ᠰᠤᠷᠭ᠋ᠠᠨ ᠬᠦᠮᠤᠵᠢᠯ᠎ᠢ ᠲᠡᠬᠡᠳᠤ ᠬᠡᠮᠵᠢᠶ᠎ᠡ᠎ᠪᠠᠷ ᠠᠩᠬᠠᠷᠬᠤ ᠬᠡᠷᠡᠭᠳᠠᠢ
      ᠪᠠᠶ᠋ᠢᠴᠠᠭ᠋ᠠᠯᠳᠠ ᠵᠢ ᠦᠡᠳᠤᠰᠤᠯᠡᠪᠡᠯ ᠡᠯ᠎ᠡ ᠭᠠᠵᠠᠷ᠎ᠤᠨ ᠡᠯ᠎ᠡ ᠰᠤᠷᠭ᠋ᠠᠭᠤᠯᠢ᠎ᠨᠢ ᠰᠠᠭᠤᠷᠢ ᠪᠦᠳᠤᠬᠡᠨ ᠪᠠᠶ᠋ᠢᠭᠤᠯᠤᠯᠳᠠ ᠵᠢᠨ ᠠᠵᠢᠯ᠎ᠢ ᠦᠨᠡᠨ ᠭᠦ᠌ ᠠ᠋ᠷᠴᠢᠮᠵᠢᠬᠦᠯᠵᠡᠢ᠃ ᠠᠯᠢ ᠰᠤᠷᠭ᠋ᠠᠭᠤᠯᠢ᠎ᠨᠢ ᠴᠦ᠍ ᠬᠡᠳ ᠬᠢᠴᠢᠶᠡᠯᠯᠡᠬᠦ ᠠᠰᠠᠷ᠂ ᠪᠠᠶ᠋ᠢᠷᠢ ᠵᠢᠨ ᠠᠰᠠᠷ᠂ ᠲᠤᠷᠰᠢᠯᠳᠠ ᠵᠢᠨ ᠠᠰᠠᠷ᠂ ᠬᠦᠳᠡᠯᠪᠤᠷᠢ ᠠᠵᠢᠯᠯᠠᠭ᠋ᠠᠨ᠎ᠤ ᠠᠰᠠᠷ᠂ ᠬᠤᠭᠤᠯᠠᠨ ᠬᠡᠷ ᠵᠡᠷᠬᠡ ᠵᠢ ᠢᠵᠢ ᠪᠦᠷᠢᠳᠤᠬᠦᠯᠤᠭ᠌ᠰᠡᠨ ᠲᠡᠳᠤᠢ ᠦᠭᠡᠢ ᠪᠠᠷᠢᠮᠵᠢᠶᠠᠵᠢᠬᠰᠡᠨ ᠬᠦᠯ ᠪᠦᠮᠪᠤᠬᠡᠨ ᠲᠠᠯᠠᠪᠤᠷ᠂ ᠰᠠᠭᠰᠤᠨ ᠪᠦᠮᠪᠤᠬᠡᠨ ᠲᠠᠯᠠᠪᠤᠷ᠂ ᠠᠯᠠᠭ᠋ᠠᠳᠠᠭ᠍ᠤ ᠪᠦᠮᠪᠤᠬᠡᠨ ᠲᠠᠯᠠᠪᠤᠷ᠂ ᠲᠠᠮᠢᠷ᠎ᠤᠨ ᠲᠠᠯᠠᠪᠤᠷ᠎ᠲᠠᠢ ᠪᠤᠯᠤᠭᠰᠡᠨ ᠪᠠᠶ᠋ᠢᠨ᠎ᠠ᠃ ᠠ᠋ᠨᠡ᠎ᠨᠢ ᠰᠢᠨ᠎ᠡ ᠠ᠋ᠷᠡᠨ᠎ᠤ ᠦᠩᠬᠡ ᠲᠦᠷᠰᠤ ᠪᠤᠯᠬᠤ ᠪᠦᠬᠡᠳ ᠰᠢᠨ᠎ᠡ ᠠ᠋ᠷᠡᠨ᠎ᠤ ᠰᠤᠷᠭ᠋ᠠᠨ ᠬᠦᠮᠤᠵᠢᠯ᠎ᠤᠨ ᠰᠢᠯᠢᠳᠡᠭ ᠴᠢᠨᠠᠷ ᠪᠤᠯᠬᠤ ᠶᠤᠮ᠃ ᠤᠯᠤᠰ᠎ᠤᠨ ᠰᠤᠷᠭ᠋ᠠᠨ ᠬᠦᠮᠤᠵᠢᠯ᠎ᠤᠨ ᠶᠠᠮᠤᠨ᠂ ᠤᠷᠤᠨ᠎ᠤ ᠰᠤᠷᠭ᠋ᠠᠨ ᠬᠦᠮᠤᠵᠢᠯ᠎ᠤᠨ ᠲᠢᠩᠬᠢᠮ᠂ ᠭᠠᠵᠠᠷ ᠤᠷᠤᠨ᠎ᠤ ᠨᠠᠮ ᠵᠠᠰᠠᠭ᠎ᠤᠨ ᠬᠦᠴᠤᠳᠠᠢ ᠲᠡᠮᠵᠢᠯᠬᠡ᠎ᠪᠠᠷ ᠠ᠋ᠶ᠋ᠢᠮᠤᠷᠬᠦᠤ ᠰᠢᠨᠡᠳᠤᠯ ᠬᠤᠪᠢᠰᠤᠯ ᠪᠤᠢ ᠪᠤᠯᠤᠭᠰᠡᠨ᠎ᠨᠢ ᠭᠠᠷᠴᠠᠭ᠎ᠠ ᠦᠭᠡᠢ᠃
      ᠤᠯᠤᠰ᠎ᠤᠨ ᠰᠤᠷᠭ᠋ᠠᠨ ᠬᠦᠮᠤᠵᠢᠯ᠎ᠤᠨ ᠶᠠᠮᠤᠨ᠎ᠠᠴᠠ ᠠᠮᠤᠷ ᠲᠦᠪᠰᠢᠨ᠎ᠤ ᠰᠤᠷᠭ᠋ᠠᠨ ᠬᠦᠮᠤᠵᠢᠯ᠎ᠢ ᠲᠡᠬᠡᠳᠤ ᠬᠡᠮᠵᠢᠶ᠎ᠡ᠎ᠪᠠᠷ ᠴᠢᠬᠤᠯᠠᠴᠢᠯᠠᠨ ᠦᠵᠡᠭᠰᠡᠬᠡᠷ ᠢᠷᠡᠪᠡ᠃ ᠠ᠋ᠬᠦᠨ᠎ᠳᠤ ᠠᠩᠬᠢ   ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ ᠨᠡᠩ ᠲᠤᠳᠤᠷᠬᠠᠢ᠂ ᠨᠡᠩ ᠬᠦᠡᠳᠤᠷᠤᠯ᠎ᠲᠠᠢ ᠪᠤᠯᠤᠭᠰᠡᠨ᠎ᠨᠢ ᠴᠦ᠍ ᠮᠠᠳᠠᠭ ᠦᠭᠡᠢ ᠦᠨᠡᠨ᠃ ᠬᠡᠳᠤᠶ᠋ᠢᠪᠡᠷ ᠰᠤᠷᠭ᠋ᠠᠭᠤᠯᠢ ᠵᠢᠨ ᠰᠠᠭᠤᠷᠢ ᠪᠦᠳᠤᠬᠡᠨ ᠪᠠᠶ᠋ᠢᠭᠤᠯᠤᠯᠳᠠ᠎ᠳᠤ ᠯᠤᠳᠤ ᠶᠡᠭᠡ ᠬᠤᠪᠢᠷᠠᠯᠳᠠ ᠪᠤᠢ ᠪᠤᠯᠤᠭᠰᠡᠨ ᠪᠤᠯᠪᠠᠴᠤ ᠰᠠᠶ᠋ᠢᠨ ᠵᠤᠶ᠋ᠢᠯᠡᠰ᠎ᠢ ᠲᠠᠭ᠋ᠠᠯᠳᠤᠵᠤ ᠰᠠᠭ᠋ᠠᠷ ᠵᠤᠶ᠋ᠢᠯ ᠴᠦ᠍ ᠮᠠᠷ ᠰᠡᠷ ᠠ᠋ᠬᠦᠰᠴᠤ ᠪᠠᠢ᠍ᠢ᠍ᠭ᠎ᠠ ᠵᠢ ᠨᠢᠭᠤᠬᠤ ᠴᠢᠬᠤᠯᠠ ᠦᠭᠡᠢ᠃ ᠶᠠᠭ ᠠ᠋ᠶ᠋ᠢᠮᠤ᠎ᠠᠴᠠ ᠠᠩᠬᠢ ᠵᠢᠨ ᠠ᠋ᠷᠬᠢᠯᠡᠭᠴᠢ ᠪᠠᠭᠰᠢ᠎ᠨᠢ ᠲᠠᠷᠢᠬᠢ ᠲᠤᠯᠤᠭ᠋ᠠᠢ᠎ᠪᠠᠨ ᠰᠡᠷᠬᠡᠭ ᠪᠠᠶ᠋ᠢᠯᠭ᠋ᠠᠵᠤ᠂ ᠬᠠᠮᠢᠶᠠᠷᠤᠯᠳᠠ᠎ᠪᠠᠨ ᠴᠢᠩᠭ᠋ᠠᠳᠬᠠᠵᠤ᠂ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠳᠤ᠎ᠪᠠᠨ ᠤᠰᠤᠯᠳᠠᠯ ᠦᠭᠡᠢ ᠵᠢᠳᠬᠦᠬᠦ ᠬᠡᠷᠡᠭᠳᠠᠢ᠃ ᠪᠤᠳᠠᠳᠠᠢ ᠰᠢᠬ ᠲᠤᠷᠠᠳᠤᠪᠠᠯ ᠠ᠋ᠩ᠎ᠤᠨ ᠬᠢᠴᠢᠶᠡᠯ᠎ᠤᠨ ᠪᠠᠭᠰᠢ᠎ᠠᠴᠠ ᠦᠰᠤᠳ ᠤᠡᠳᠤᠤ ᠠᠵᠢᠯᠯᠠᠭ᠍ᠤ ᠴᠠᠭ᠎ᠤᠨ ᠬᠤᠪᠢᠶᠠᠷᠢ᠎ᠲᠠᠢ ᠪᠤᠯᠵᠤ᠂ ᠪᠤᠰᠤᠳ᠎ᠠᠴᠠ ᠠ᠋ᠷᠳᠡᠯᠡᠵᠤ ᠠᠩᠬᠢ᠎ᠳᠤ᠎ᠪᠠᠨ ᠤᠴᠢᠬᠤ᠂ ᠪᠤᠰᠤᠳ᠎ᠠᠴᠠ ᠤᠷᠤᠶ᠋ᠢᠳᠠᠵᠤ ᠬᠡᠷ᠎ᠲᠤ᠎ᠪᠠᠨ ᠬᠠᠷᠢᠬᠤ᠂ ᠴᠠᠭ ᠦᠷᠬᠦᠯᠵᠢ ᠠᠩᠬᠢ ᠵᠢᠨ ᠬᠡᠤᠬᠡᠳ᠎ᠤᠳ ᠵᠶ᠋ᠠᠨ ᠵᠢᠰᠤᠯᠠᠨ ᠪᠦᠷᠢᠳᠬᠡᠵᠤ᠂ ᠭᠠᠷᠴᠤ ᠮᠡᠳᠡᠬᠦ ᠪᠤᠯᠤᠮᠵᠢ ᠪᠦᠬᠦᠢ ᠤᠴᠢᠷ ᠶᠠᠪᠤᠳᠠᠯ᠎ᠠᠴᠠ ᠤᠷᠢᠳᠴᠢᠯᠡᠨ ᠰᠡᠷᠬᠡᠶ᠋ᠢᠯᠡᠬᠦ ᠠᠷᠭ᠎ᠠ ᠲᠦᠰᠤᠯ᠎ᠢ ᠵᠤᠬᠢᠶᠠᠮᠵᠢᠯᠠᠭ᠍ᠤ ᠱᠠᠭ᠋ᠠᠷᠳᠠᠯᠭ᠎ᠠ᠎ᠲᠠᠢ ᠪᠤᠯᠤᠭᠰᠡᠨ ᠪᠠᠶ᠋ᠢᠨ᠎ᠠ᠃ ᠬᠠᠮᠤᠭ᠎ᠤᠨ ᠭᠤᠤᠯ᠎ᠨᠢ ᠪᠠᠭ᠎ᠠ ᠰᠤᠷᠭ᠋ᠠᠭᠤᠯᠢ ᠵᠢᠨ ᠲᠦᠷᠪᠡ ᠲᠠᠪᠤ ᠵᠢᠷᠭᠤᠳᠤᠭ᠋ᠠᠷ ᠤᠨ᠎ᠤ ᠰᠤᠷᠤᠭᠴᠢ᠎ᠨᠢ ᠠᠮᠤᠷ ᠲᠦᠪᠰᠢᠨ᠎ᠤ ᠭᠡᠷᠡᠭ ᠤᠴᠢᠷ᠎ᠲᠠᠢ ᠰᠢᠭᠤᠳ ᠨᠢᠭᠤᠷᠯᠠᠭ᠍ᠤ ᠠ᠋ᠳᠡᠬᠡᠳ ᠪᠤᠯᠳᠠᠭ᠃ ᠤᠴᠢᠷ᠎ᠨᠢ ᠪᠠᠶ᠋ᠢᠷᠢ ᠵᠢᠨ ᠰᠤᠷᠤᠭᠴᠢ ᠪᠤᠰᠤ᠂ ᠠ᠋ᠳᠤᠷᠴᠢᠯᠠᠵᠤ ᠪᠠᠶ᠋ᠢᠭ᠎ᠠ ᠰᠤᠷᠤᠭᠴᠢᠳ᠎ᠨᠢ ᠦᠳᠡ ᠵᠢᠨ ᠠᠮᠠᠷᠠᠯᠳᠠ᠂ ᠤᠷᠤᠢ ᠵᠢᠨ ᠴᠢᠯᠤᠬᠡᠨ᠎ᠳᠤ ᠬᠡᠷ᠎ᠲᠤ᠎ᠪᠠᠨ ᠬᠠᠷᠢᠬᠤ ᠵᠠᠮ᠎ᠳᠤ᠎ᠪᠠᠨ ᠤᠰᠤᠯ ᠡ᠊ᠨᠳᠡᠯ ᠭᠠᠷᠬᠤ ᠨᠤᠷᠮ᠎ᠠ ᠦᠡᠳᠤᠷ ᠬᠡᠵᠤ ᠦᠵᠡᠨ᠎ᠡ᠃ ᠠ᠋ᠨᠡᠬᠦ ᠪᠠᠶ᠋ᠢᠳᠠᠯ᠎ᠢ ᠠᠩᠬᠢ ᠵᠢᠨ ᠠ᠋ᠷᠬᠢᠯᠡᠭᠴᠢ ᠪᠠᠭᠰᠢ᠎ᠨᠢ ᠰᠡᠷᠬᠡᠭ ᠵᠶ᠋ᠠᠷ ᠲᠠᠨᠢᠨ ᠮᠡᠳᠡᠷᠡᠵᠤ ᠬᠡᠯᠡᠵᠤ ᠵᠠᠬᠢᠬᠤ᠂ ᠬᠡᠷ ᠪᠦᠯᠢ᠎ᠲᠠᠢ᠎ᠨᠢ ᠬᠠᠷᠢᠴᠠᠭ᠍ᠤ᠂ ᠰᠤᠷᠭ᠋ᠠᠭᠤᠯᠢ ᠲᠠᠷᠬᠠᠬᠤ ᠤᠷᠬᠢᠯ ᠴᠠᠭ᠎ᠲᠤ ᠵᠠᠮ ᠬᠠᠷᠢᠯᠴᠠᠭ᠋ᠠᠨ᠎ᠤ ᠴᠠᠭᠳᠠᠭ᠎ᠠ ᠨᠠᠷ᠎ᠲᠠᠢ ᠬᠠᠮᠵᠢᠨ ᠠᠵᠢᠯᠯᠠᠭ᠍ᠤ ᠬᠡᠬᠦ ᠮᠡᠳᠤ ᠵᠢᠨ ᠤᠶ᠋ᠢᠯᠡ ᠠᠵᠢᠯᠯᠠᠭ᠎ᠠ ᠵᠢ ᠰᠠᠨᠠᠭ᠋ᠠᠴᠢᠯᠭ᠎ᠠ᠎ᠲᠠᠢ᠎ᠪᠠᠷ ᠵᠤᠬᠢᠶᠠᠨ ᠪᠠᠶ᠋ᠢᠭᠤᠯᠪᠠᠯ ᠵᠤᠬᠢᠨ᠎ᠠ᠃ 《ᠵᠠᠯᠠᠭᠤᠴᠤᠳ ᠪᠠᠭ᠋ᠠᠴᠤᠳ᠎ᠤᠨ ᠠᠮᠤᠷ ᠲᠦᠪᠰᠢᠨ᠎ᠤ ᠶᠡᠷᠤ ᠵᠢᠨ ᠮᠡᠳᠡᠯᠬᠡ》᠎ᠳᠤ 《ᠵᠠᠰᠠᠮᠠᠯ ᠵᠠᠮ᠎ᠢ ᠬᠦᠡᠳᠡᠯᠡᠨ ᠬᠡᠳᠤᠯᠬᠦ᠂ ᠲᠤᠭᠤᠢ ᠲᠡᠷᠬᠡ ᠤᠨᠤᠬᠤ᠎ᠳᠤ ᠠᠮᠤᠷ ᠲᠦᠪᠰᠢᠨ ᠵᠶ᠋ᠠᠨ ᠬᠡᠷᠬᠢᠨ ᠠᠩᠬᠠᠷᠬᠤ᠂ ᠮᠠᠰᠢᠨ ᠲᠡᠷᠬᠡᠨ᠎ᠳᠤ ᠰᠠᠭᠤᠬᠤ᠎ᠳᠤ ᠶᠠᠭᠤ ᠵᠢ ᠴᠢᠬᠤᠯᠠᠴᠢᠯᠠᠭ᠍ᠤ᠂ ᠲᠡᠮᠤᠷ ᠵᠠᠮ᠎ᠤᠨ ᠵᠠᠮ ᠬᠠᠷᠢᠯᠴᠠᠭ᠋ᠠᠨ᠎ᠤ ᠬᠡᠮᠳᠤᠯ ᠬᠤᠬᠢᠷᠠᠯ᠎ᠢ ᠬᠡᠷᠬᠢᠨ ᠤᠷᠢᠳᠴᠢᠯᠠᠨ ᠰᠡᠷᠬᠡᠶ᠋ᠢᠯᠡᠬᠦ᠂ ᠪᠠᠭ᠎ᠠ ᠰᠤᠷᠭ᠋ᠠᠭᠤᠯᠢ ᠵᠢᠨ ᠠᠮᠤᠷ ᠲᠦᠪᠰᠢᠨ᠎ᠤ ᠮᠡᠳᠡᠯᠬᠡ ᠵᠢᠨ ᠵᠢᠷᠤᠮᠵᠢᠯ᠎ᠳᠤ ᠶᠠᠮᠠᠷ ᠦᠡᠳᠤᠰᠤᠨ ᠠᠭᠤᠯᠭ᠎ᠠ ᠪᠠᠭᠳᠠᠵᠤ ᠪᠠᠶ᠋ᠢᠬᠤ᠂ ᠨᠠᠭ᠋ᠠᠳᠴᠤ ᠲᠤᠭᠯᠠᠭ᠍ᠤ ᠦᠶ᠎ᠡ ᠵᠢᠨ ᠬᠢᠴᠢᠶᠡᠪᠡᠰᠤ ᠵᠤᠬᠢᠬᠤ ᠠᠮᠤᠷ ᠲᠦᠪᠰᠢᠨ᠎ᠤ ᠪᠠᠳᠤᠯᠠᠭ᠎ᠠ᠂ ᠬᠠᠤᠯᠢ ᠪᠤᠰᠤ ᠠ᠋ᠳᠡᠬᠡᠳ᠎ᠤᠨ ᠲᠠᠭ᠋ᠠᠷᠢᠯᠳᠠ᠎ᠳᠤ ᠤᠴᠠᠷᠠᠪᠠᠯ ᠬᠡᠷᠬᠢᠨ ᠦᠪᠡᠷ᠎ᠢ᠎ᠪᠠᠨ ᠬᠠᠮᠠᠭ᠋ᠠᠯᠠᠭ᠍ᠤ ᠪᠠ ᠴᠠᠭᠳᠠᠭ᠎ᠠ᠎ᠳᠤ ᠮᠡᠳᠡᠬᠦᠯᠬᠦ ᠲᠤᠬᠠᠢ᠂ ᠬᠡᠷ᠎ᠲᠤ᠎ᠪᠠᠨ ᠭᠠᠭᠴᠠᠭ᠋ᠠᠷ ᠪᠠᠶ᠋ᠢᠬᠤ ᠦᠶ᠎ᠡ ᠦᠯᠤ ᠲᠠᠨᠢᠬᠤ ᠠ᠋ᠳᠡᠬᠡᠳ ᠤᠷᠤᠪᠠᠯ ᠬᠡᠷᠬᠢᠨ ᠠᠷᠭ᠋ᠠᠴᠠᠭ᠋ᠠᠨ ᠰᠢᠢ᠍ᠳᠪᠤᠷᠢᠯᠡᠬᠦ᠂ ᠭᠠᠯ᠎ᠤᠨ ᠠᠶᠤᠯ᠎ᠢ ᠬᠡᠷᠬᠢᠨ ᠰᠡᠷᠬᠡᠶ᠋ᠢᠯᠡᠬᠦ᠂ ᠤᠰᠤ ᠴᠦᠭᠦᠷᠤᠮ᠎ᠳᠤ ᠤᠨᠠᠵᠤ ᠬᠤᠬᠢᠷᠠᠭ᠍ᠤ ᠠᠶᠤᠯ᠎ᠢ ᠬᠡᠷᠬᠢᠨ ᠤᠷᠢᠳᠴᠢᠯᠡᠨ ᠰᠠᠷᠭᠡᠢ᠍ᠢ᠍ᠯᠡᠭᠦ᠂ ᠢᠳᠡᠬᠡᠨ ᠤᠮᠳᠠᠭ᠋ᠠᠨ᠎ᠤ ᠬᠤᠤᠷᠳᠠᠯ᠂ ᠬᠠᠯᠳᠠᠪᠤᠷᠢᠳᠤ ᠡᠪᠡᠳᠴᠢᠨ᠎ᠤ ᠪᠠᠶ᠋ᠢᠳᠠᠯ᠎ᠢ ᠰᠡᠷᠬᠡᠶ᠋ᠢᠯᠡᠬᠦ᠂ ᠵᠠᠯᠠᠭᠤ ᠪᠠᠭ᠋ᠠᠴᠤᠳ᠎ᠤᠨ ᠰᠦᠯᠵᠢᠶᠡᠨ᠎ᠤ ᠠᠮᠤᠷ ᠲᠦᠪᠰᠢᠨ᠎ᠤ ᠲᠤᠬᠠᠢ ᠶᠡᠷᠤ ᠵᠢᠨ ᠮᠡᠳᠡᠯᠬᠡ ᠵᠢ ᠲᠦᠬᠡᠮᠡᠯᠵᠢᠬᠦᠯᠬᠦ》[4] ᠬᠡᠬᠦ ᠵᠡᠷᠬᠡ ᠨᠠᠷᠢᠯᠢᠬ ᠵᠤᠶ᠋ᠢᠯᠡᠰ᠎ᠲᠤ ᠵᠢᠭ᠋ᠠᠯᠳᠠ ᠭᠠᠷᠭ᠋ᠠᠭᠰᠡᠨ ᠪᠠᠶ᠋ᠢᠨ᠎ᠠ᠃ ᠠ᠋ᠳᠡᠬᠡᠷ ᠤᠯᠠᠨ ᠲᠦᠷᠤᠯᠳᠤ ᠠᠮᠤᠷ ᠲᠦᠪᠰᠢᠨ᠎ᠤ ᠲᠤᠭᠳᠠᠯᠴᠠᠭ᠎ᠠ ᠵᠢ ᠰᠠᠬᠢᠨ ᠬᠠᠮᠠᠭ᠋ᠠᠯᠠᠵᠤ᠂ ᠤᠷᠢᠳᠴᠢᠯᠡᠨ ᠰᠡᠷᠬᠡᠶ᠋ᠢᠯᠡᠬᠦ ᠲᠤᠬᠠᠢ᠎ᠳᠤ ᠠᠩᠬᠢ ᠵᠢᠨ ᠠ᠋ᠷᠬᠢᠯᠡᠭᠴᠢ ᠪᠠᠭᠰᠢ᠎ᠨᠢ ᠠ᠋ᠷᠬᠡᠪᠰᠢ ᠲᠡᠬᠡᠳᠤ ᠬᠡᠮᠵᠢᠶ᠎ᠡ᠎ᠪᠠᠷ ᠴᠢᠬᠤᠯᠠᠴᠢᠯᠠᠨ ᠠᠩᠬᠠᠷᠬᠤ ᠬᠡᠷᠡᠭᠳᠠᠢ᠃ ᠰᠢᠨ᠎ᠡ ᠴᠠᠭ ᠠ᠋ᠷᠡᠨ᠎ᠳᠤ᠎ᠬᠢ ᠠᠮᠤᠷ ᠲᠦᠪᠰᠢᠨ᠎ᠤ ᠰᠤᠷᠭ᠋ᠠᠨ ᠬᠦᠮᠤᠵᠢᠯ ᠪᠤᠯ ᠤᠯᠤᠰ᠎ᠤᠨ ᠰᠤᠷᠭ᠋ᠠᠨ ᠬᠦᠮᠤᠵᠢᠯ᠎ᠤᠨ ᠶᠠᠮᠤᠨ᠎ᠠᠴᠠ ᠭᠤᠤᠯᠳᠠᠯᠭ᠎ᠠ᠎ᠲᠠᠢ ᠠᠳᠬᠤᠵᠤ ᠪᠠᠶ᠋ᠢᠭ᠎ᠠ ᠴᠢᠬᠤᠯᠠ ᠲᠦᠷᠤᠯ᠎ᠳᠤ ᠪᠠᠭᠳᠠᠵᠤ ᠪᠠᠶ᠋ᠢᠭ᠎ᠠ ᠶᠤᠮ᠃ ᠪᠠᠶ᠋ᠢᠳᠠᠯ᠎ᠢ ᠡᠵᠡᠮᠳᠡᠬᠦ᠂ ᠤᠷᠢᠳᠴᠢᠯᠠᠨ ᠰᠡᠷᠬᠡᠶ᠋ᠢᠯᠡᠬᠦ᠂ ᠴᠢᠩᠭ᠎ᠠ ᠠᠳᠬᠤᠬᠤ᠎ᠨᠢ ᠠᠩᠬᠢ ᠵᠢᠨ ᠠ᠋ᠷᠬᠢᠯᠡᠭᠴᠢ ᠪᠠᠭᠰᠢ ᠵᠢᠨ ᠠ᠋ᠬᠦᠷᠬᠡ ᠬᠠᠷᠢᠭᠤᠴᠠᠯᠭ᠎ᠠ ᠪᠤᠯᠬᠤ ᠮᠦᠷᠳᠡᠬᠡᠨ ᠰᠤᠷᠭ᠋ᠠᠭᠤᠯᠢ ᠵᠢᠨ ᠵᠤᠬᠢᠶᠠᠨ ᠪᠠᠶ᠋ᠢᠭᠤᠯᠤᠯᠳᠠ᠎ᠳᠤ ᠴᠦ᠍ ᠬᠤᠯᠪᠤᠭᠳᠠᠭ᠍ᠤ ᠮᠠᠰᠢ ᠴᠢᠬᠤᠯᠠ ᠵᠤᠶ᠋ᠢᠯ ᠪᠠᠶ᠋ᠢᠭ᠎ᠠ ᠶᠤᠮ᠃ ᠠᠮᠤᠷ ᠲᠦᠪᠰᠢᠨ᠎ᠤ ᠰᠤᠷᠭ᠋ᠠᠨ ᠬᠦᠮᠤᠵᠢᠯ᠎ᠢ ᠠᠩᠬᠢ ᠵᠢᠨ ᠠ᠋ᠷᠬᠢᠯᠡᠭᠴᠢ᠎ᠨᠢ ᠤᠷᠢᠳᠠᠯ ᠨᠦᠬᠦᠴᠡᠯ᠎ᠳᠤ ᠲᠠᠯᠪᠢᠵᠤ ᠲᠡᠬᠡᠳᠤ ᠬᠡᠮᠵᠢᠶ᠎ᠡ᠎ᠪᠠᠷ ᠠᠩᠬᠠᠷᠴᠤ ᠪᠠᠶ᠋ᠢᠭ᠎ᠠ ᠵᠢᠨ ᠰᠢᠭᠤᠳ ᠢᠯᠡᠷᠬᠡᠶ᠋ᠢᠯᠡᠯ ᠪᠤᠯᠤᠨ᠎ᠠ᠃ ᠠᠰᠠᠭᠤᠳᠠᠯ ᠭᠠᠷᠬᠤ᠎ᠠᠴᠠ ᠰᠡᠷᠬᠡᠶ᠋ᠢᠯᠡᠬᠦ᠂ ᠠᠰᠠᠭᠤᠳᠠᠯ ᠭᠠᠷᠤᠭᠰᠡᠨ᠎ᠤ ᠪᠠᠶ᠋ᠢᠳᠠᠯ ᠲᠤᠤᠷ᠎ᠠ ᠡᠪᠳᠠᠢ ᠵᠤᠶ᠋ᠢᠳᠠᠢ ᠰᠢᠢ᠍ᠳᠪᠤᠷᠢᠯᠡᠬᠦ᠂ ᠪᠤᠰᠤᠳ᠎ᠤᠨ ᠦᠷ᠎ᠡ ᠬᠡᠤᠬᠡᠳ᠎ᠤᠨ ᠠᠮᠤᠷ ᠲᠦᠪᠰᠢᠨ᠎ᠢ ᠪᠠᠳᠤᠯᠠᠨ ᠰᠠᠬᠢᠬᠤ᠎ᠪᠠᠷ ᠠᠵᠢᠯ᠎ᠤᠨ ᠬᠠᠷᠢᠭᠤᠴᠠᠯᠭ᠎ᠠ᠎ᠪᠠᠨ ᠪᠤᠯᠭ᠋ᠠᠬᠤ᠎ᠨᠢ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ ᠵᠢᠨ ᠬᠦᠢ᠍ᠴᠡᠳᠬᠡᠯ ᠪᠤᠯᠬᠤ ᠶᠤᠮ᠃
     2. ᠠᠩᠬᠢ ᠵᠢᠨ ᠠ᠋ᠷᠬᠢᠯᠡᠭᠴᠢ᠎ᠨᠢ ᠬᠡᠷ ᠪᠦᠯᠢ ᠵᠢᠨ ᠬᠤᠯᠪᠤᠭ᠎ᠠ ᠵᠢ ᠬᠦᠴᠤᠨ ᠲᠡᠬᠦᠯᠳᠡᠷ ᠪᠤᠯᠭ᠋ᠠᠬᠤ ᠬᠡᠷᠡᠭᠳᠠᠢ
      ᠠᠩᠬᠢ ᠵᠢᠨ ᠠ᠋ᠷᠬᠢᠯᠡᠭᠴᠢ ᠪᠠᠭᠰᠢ ᠨᠠᠷ ᠰᠤᠷᠤᠭᠴᠢ ᠵᠢᠨ ᠬᠡᠷ᠎ᠤᠨ ᠠᠬᠠᠮᠠᠳ᠎ᠲᠠᠢ ᠦᠷᠭᠦᠯᠵᠢ ᠬᠤᠯᠪᠤᠭ᠎ᠠ ᠪᠠᠷᠢᠬᠤ ᠭᠡᠷᠡᠭᠳᠠᠢ᠃ ᠦᠬᠡᠷ᠎ᠡ᠎ᠪᠠᠷ ᠬᠡᠯᠡᠪᠡᠯ ᠠᠩᠬᠢ ᠵᠢᠨ ᠠ᠋ᠷᠬᠢᠯᠡᠭᠴᠢ ᠪᠠᠭᠰᠢ᠎ᠨᠢ ᠰᠤᠷᠤᠭᠴᠢ ᠨᠢᠬᠡᠪᠤᠷᠢ ᠵᠢᠨ ᠬᠡᠷ ᠪᠦᠯᠢ ᠵᠢᠨ ᠪᠦᠷᠢᠯᠳᠤᠬᠦᠨ᠎ᠲᠠᠢ ᠰᠠᠢ᠍ᠢ᠍ᠳᠤᠷ ᠬᠠᠷᠢᠯᠴᠠᠵᠤ᠂ ᠲᠡᠳᠡᠨ᠎ᠤ ᠬᠡᠷ ᠪᠦᠯᠢ ᠵᠢᠨ ᠬᠦᠮᠤᠵᠢᠯ ᠪᠠ ᠬᠡᠤᠬᠡᠳ᠎ᠤᠨ ᠬᠢᠨᠢ ᠵᠠᠩ ᠴᠢᠨᠠᠷ᠎ᠤᠨ ᠲᠠᠯ᠎ᠠ᠎ᠪᠠᠷ ᠤᠶ᠋ᠢᠯᠠᠭ᠋ᠠᠬᠤ ᠴᠢᠬᠤᠯᠠ᠎ᠲᠠᠢ ᠪᠠᠶ᠋ᠢᠳᠠᠭ᠃ ᠠᠩᠬᠢ ᠵᠢᠨ ᠠ᠋ᠷᠬᠢᠯᠡᠭᠴᠢ ᠪᠠᠭᠰᠢ ᠨᠠᠷ ᠰᠤᠷᠤᠭᠴᠢᠳ᠎ᠤᠨ ᠵᠶ᠋ᠠᠨ ᠭᠡᠷ᠎ᠤᠨ ᠠᠬᠠᠮᠠᠳ᠎ᠲᠠᠢ ᠰᠠᠢ᠍ᠢ᠍ᠳᠤᠷ ᠬᠠᠷᠢᠯᠴᠠᠬᠤ ᠦᠭᠡᠢ ᠪᠤᠯ ᠠ᠋ᠬᠦᠷᠬᠡ ᠬᠠᠷᠢᠭᠤᠴᠠᠯᠭ᠎ᠠ᠎ᠳᠤ᠎ᠪᠠᠨ ᠤᠰᠤᠯᠳᠠᠭᠰᠡᠨ ᠪᠠᠭᠰᠢ ᠪᠤᠯᠬᠤ᠎ᠨᠢ ᠲᠠᠮᠵᠢᠭ ᠦᠭᠡᠢ᠃ ᠤᠳᠤᠬᠠᠨ᠎ᠳᠤ ᠸᠢᠴᠠᠲ᠂ ᠭᠠᠷ ᠤᠳᠠᠰᠤ ᠵᠢ ᠠᠰᠢᠭᠯᠠᠨ ᠰᠤᠷᠤᠭᠴᠢᠳ᠎ᠤᠨ ᠰᠤᠷᠤᠯᠭ᠎ᠠ ᠬᠢᠴᠢᠶᠡᠯ᠂ ᠲᠠᠰᠬᠠᠯ ᠲᠠᠭ᠋ᠠᠭ᠋ᠠᠯᠭ᠋ᠠᠪᠤᠷᠢ᠂ ᠠ᠋ᠳᠤᠷ ᠲᠤᠳᠤᠮ᠎ᠤᠨ ᠶᠤᠰᠤ ᠰᠤᠷᠳᠠᠭ᠍ᠤᠨ᠂ ᠤᠷᠤᠯᠳᠤᠯᠭ᠎ᠠ ᠴᠢᠷᠮᠠᠶ᠋ᠢᠯᠭ᠎ᠠ ᠬᠡᠬᠦ ᠵᠡᠷᠬᠡ ᠵᠢᠨ ᠪᠦᠬᠦ ᠲᠠᠯ᠎ᠠ᠎ᠪᠠᠷ ᠠᠰᠠᠭᠤᠵᠤ ᠰᠤᠷᠪᠤᠯᠵᠢᠯᠠᠬᠤ᠎ᠳᠤ ᠮᠠᠰᠢ ᠰᠠᠶ᠋ᠢᠨ ᠵᠤᠬᠢᠴᠠᠮᠵᠢᠳᠤ ᠠᠬᠤᠢ ᠵᠢ ᠠ᠋ᠬᠦᠳᠤᠨ ᠪᠠᠶ᠋ᠢᠭᠤᠯᠵᠤ ᠲᠡᠶ᠋ᠢᠯᠬᠦ ᠶᠤᠮ᠃ 《ᠲᠤᠮᠳᠠᠳᠤ ᠪᠠᠭ᠎ᠠ ᠰᠤᠷᠭ᠋ᠠᠭᠤᠯᠢ ᠪᠠ ᠬᠡᠤᠬᠡᠳ᠎ᠤᠨ ᠴᠡᠴᠡᠷᠯᠢᠭ᠎ᠤᠨ ᠪᠠᠭᠰᠢ ᠵᠢᠨ ᠬᠢᠷᠢ ᠬᠡᠮ᠎ᠤᠨ ᠰᠢᠯᠭ᠋ᠠᠯᠳᠠ ᠵᠢᠨ ᠪᠠᠷᠢᠮᠵᠢᠶ᠎ᠠ (ᠲᠤᠷᠰᠢᠨ ᠬᠡᠷᠡᠭᠯᠡᠬᠦ)》 ᠵᠢ ᠰᠤᠷᠭ᠋ᠠᠨ ᠬᠦᠮᠤᠵᠢᠯ᠎ᠤᠨ ᠶᠠᠮᠤᠨ᠎ᠤ ᠪᠠᠭᠰᠢ ᠵᠢᠨ ᠬᠦᠮᠤᠵᠢᠯ᠎ᠤᠨ ᠵᠤᠷᠭ᠋ᠠᠨ᠂ ᠰᠤᠷᠭ᠋ᠠᠨ ᠬᠦᠮᠤᠵᠢᠯ᠎ᠤᠨ ᠶᠠᠮᠤᠨ᠎ᠤ ᠰᠢᠯᠭ᠋ᠠᠯᠳᠠ ᠵᠢᠨ ᠲᠦᠪ᠎ᠠᠴᠠ 2011 ᠣᠨ᠎ᠤ 11 ᠰᠠᠷ᠎ᠠ᠎ᠳᠤ ᠲᠠᠷᠤᠮᠯᠠᠨ ᠲᠠᠷᠬᠠᠭ᠋ᠠᠭᠰᠡᠨ ᠪᠠᠶ᠋ᠢᠳᠠᠭ᠃ ᠠ᠋ᠨᠡ᠎ᠨᠢ ᠭᠤᠤᠯᠳᠠᠭᠤ 《ᠪᠦᠬᠦᠳᠡ ᠨᠠᠶ᠋ᠢᠷᠠᠮᠳᠠᠭ᠍ᠤ ᠲᠤᠮᠳᠠᠳᠤ ᠠᠷᠠᠳ ᠤᠯᠤᠰ᠎ᠤᠨ ᠪᠠᠭᠰᠢ ᠵᠢᠨ ᠬᠠᠤᠯᠢ》᠂ 《ᠪᠠᠭᠰᠢ ᠵᠢᠨ ᠬᠢᠷᠢ ᠬᠡᠮ᠎ᠤᠨ ᠲᠤᠭᠳᠠᠭ᠋ᠠᠯ》 ᠪᠠ 《〈ᠪᠠᠭᠰᠢ ᠵᠢᠨ ᠬᠢᠷᠢ ᠬᠡᠮ᠎ᠤᠨ ᠲᠦᠷᠢᠮ ᠲᠤᠭᠳᠠᠭ᠋ᠠᠯ〉᠎ᠢ ᠬᠡᠷᠡᠭᠵᠢᠬᠦᠯᠬᠦ ᠠᠷᠭ᠎ᠠ ᠰᠢᠢ᠍ᠳᠪᠤᠷᠢ》᠎ᠳᠤ ᠦᠡᠳᠤᠰᠤᠯᠡᠭᠰᠡᠨ ᠪᠠᠶ᠋ᠢᠳᠠᠭ᠃ ᠪᠠᠭᠰᠢ ᠵᠢᠨ ᠬᠢᠷᠢ ᠬᠡᠮ᠎ᠤᠨ ᠰᠢᠯᠭ᠋ᠠᠯᠳᠠ ᠵᠢᠨ ᠪᠠᠷᠢᠮᠵᠢᠶ᠎ᠠ ᠵᠢ ᠵᠤᠷᠪᠤᠰᠯᠠᠨ ᠲᠤᠭᠳᠠᠭ᠋ᠠᠬᠤ᠎ᠨᠢ ᠪᠠᠭᠰᠢ ᠪᠤᠯᠤᠭᠰᠡᠳ᠎ᠤᠨ ᠠ᠋ᠬᠦᠷᠬᠡ ᠬᠠᠷᠢᠭᠤᠴᠠᠯᠭ᠎ᠠ ᠵᠢ ᠤᠯᠠᠮ ᠨᠢᠬᠡ ᠠᠯᠬᠤᠮ ᠬᠦᠴᠤᠨ ᠲᠡᠬᠦᠯᠳᠡᠷ ᠪᠤᠯᠭ᠋ᠠᠬᠤ ᠲᠡᠳᠤᠢ ᠦᠭᠡᠢ ᠲᠡᠳᠡᠨ᠎ᠤ ᠤᠬᠠᠮᠰᠠᠷᠳᠤ ᠰᠠᠨᠠᠭ᠋ᠠᠴᠢᠯᠠᠭ᠎ᠠ ᠵᠢ ᠪᠦᠬᠦ ᠲᠠᠯ᠎ᠠ᠎ᠪᠠᠷ ᠲᠦᠯᠬᠢᠨ ᠠᠬᠢᠭᠤᠯᠬᠤ᠎ᠳᠤ ᠴᠢᠬᠤᠯᠠ ᠤᠶ᠋ᠢᠯᠡᠳᠤᠯ ᠦᠵᠡᠭᠦᠯᠳᠡᠭ᠃ 《ᠰᠤᠷᠭ᠋ᠠᠨ ᠬᠦᠮᠤᠵᠢᠬᠦᠯᠵᠤ ᠵᠢᠭ᠋ᠠᠨ ᠰᠤᠷᠭ᠋ᠠᠬᠤ᠂ ᠰᠤᠷᠤᠭᠴᠢ ᠵᠢ ᠵᠢᠯᠤᠭᠤᠳᠬᠤ (ᠪᠠᠯᠴᠢᠷ ᠬᠡᠤᠬᠡᠳ᠎ᠢ ᠠᠰᠠᠷᠠᠨ ᠬᠦᠮᠤᠵᠢᠬᠦᠯᠬᠦ)᠂ ᠠᠩᠬᠢ ᠵᠢᠨ ᠬᠠᠮᠢᠶᠠᠷᠤᠯᠳᠠ ᠵᠢᠨ ᠦᠡᠳᠤᠰᠤᠨ ᠤᠭ ᠶᠤᠰᠤ ᠬᠢᠬᠡᠳ ᠦᠡᠳᠤᠰᠤᠨ ᠮᠡᠳᠡᠯᠬᠡ ᠵᠢ ᠡᠵᠡᠮᠰᠢᠬᠦ ᠮᠦᠷᠳᠡᠬᠡᠨ ᠰᠤᠷᠭ᠋ᠠᠨ ᠬᠦᠮᠤᠵᠢᠯ ᠵᠢᠭ᠋ᠠᠨ ᠰᠤᠷᠭ᠋ᠠᠯᠳᠠ᠎ᠳᠤ᠎ᠬᠢ ᠪᠤᠳᠠᠳᠠᠢ ᠠᠰᠠᠭᠤᠳᠠᠯ᠎ᠢ ᠵᠦᠪ ᠵᠶ᠋ᠠᠷ ᠰᠢᠢ᠍ᠳᠪᠤᠷᠢᠯᠡᠵᠤ᠂ ᠬᠡᠷ ᠪᠦᠯᠢ ᠵᠢᠨ ᠬᠠᠷᠢᠴᠠᠭ᠎ᠠ ᠬᠤᠯᠪᠤᠭ᠎ᠠ ᠵᠢ ᠨᠢᠭᠳᠠ ᠪᠠᠶ᠋ᠢᠯᠭ᠋ᠠᠵᠤ ᠴᠢᠳᠠᠭ᠍ᠤ ᠬᠡᠷᠡᠭᠳᠠᠢ》[5]᠃ ᠠ᠋ᠬᠦᠨ᠎ᠠᠴᠠ ᠦᠵᠡᠬᠦ᠎ᠳᠤ ᠠᠩᠬᠢ ᠵᠢᠨ ᠠ᠋ᠷᠬᠢᠯᠡᠭᠴᠢ ᠪᠠᠭᠰᠢ᠎ᠨᠢ ᠠ᠋ᠩ᠎ᠤᠨ ᠬᠢᠴᠢᠶᠡᠯ᠎ᠤᠨ ᠪᠠᠭᠰᠢ᠎ᠠᠴᠠ ᠬᠤᠯᠠ ᠢᠯᠡᠬᠦᠤ ᠠ᠋ᠬᠦᠷᠬᠡ ᠬᠠᠷᠢᠭᠤᠴᠠᠯᠭ᠎ᠠ᠎ᠲᠠᠢ ᠬᠡᠳᠡᠭ᠎ᠨᠢ ᠢᠯᠡᠷᠬᠡᠢ ᠪᠠᠶ᠋ᠢᠭ᠎ᠠ ᠶᠤᠮ᠃
      ᠬᠡᠷ ᠪᠦᠯᠢ ᠵᠢᠨ ᠬᠤᠯᠪᠤᠭ᠎ᠠ ᠵᠢ ᠬᠦᠴᠤᠨ ᠲᠡᠬᠦᠯᠳᠡᠷ ᠪᠤᠯᠭ᠋ᠠᠬᠤ᠎ᠨᠢ ᠬᠡᠷ ᠪᠦᠯᠢ᠂ ᠨᠡᠶ᠋ᠢᠬᠡᠮ᠂ ᠰᠤᠷᠭ᠋ᠠᠭᠤᠯᠢ ᠭᠤᠷᠪᠠ ᠤᠶᠠᠯᠳᠤᠭᠰᠡᠨ ᠰᠤᠷᠭ᠋ᠠᠨ ᠬᠦᠮᠤᠵᠢᠯ᠎ᠤᠨ ᠲᠤᠭᠳᠠᠯᠴᠠᠭ᠎ᠠ ᠵᠢ ᠪᠦᠷᠢᠡᠰᠢᠬᠦᠯᠬᠦ ᠵᠢᠨ ᠲᠡᠪᠢᠰᠬᠡᠷ ᠬᠡᠵᠤ ᠦᠵᠡᠵᠤ ᠪᠤᠯᠤᠨ᠎ᠠ᠃ ᠭᠤᠷᠪᠠ ᠤᠶᠠᠯᠳᠤᠬᠤ ᠵᠢᠨ ᠴᠢᠬᠤᠯᠠ ᠴᠢᠨᠠᠷ᠎ᠢ ᠪᠤᠢ ᠪᠤᠯᠭ᠋ᠠᠬᠤ᠎ᠳᠤ ᠠᠩᠬᠢ ᠵᠢᠨ ᠠ᠋ᠷᠬᠢᠯᠡᠭᠴᠢ ᠪᠠᠭᠰᠢ ᠵᠢᠨ ᠠᠪᠬᠠᠯᠵᠢ ᠰᠠᠮᠪᠠᠭ᠎ᠠ᠎ᠨᠢ ᠲᠤᠳᠤᠷᠬᠠᠢ ᠬᠡᠮᠵᠢᠶᠡᠨ᠎ᠳᠤ ᠤᠶ᠋ᠢᠯᠡᠳᠤᠯ ᠭᠠᠷᠭ᠋ᠠᠬᠤ᠎ᠨᠢ ᠴᠦ᠍ ᠯᠠᠪᠳᠠᠢ᠃ ᠤᠴᠢᠷ᠎ᠨᠢ ᠰᠤᠷᠤᠭᠴᠢ ᠨᠢᠬᠡᠪᠤᠷᠢ ᠵᠢᠨ ᠬᠡᠷ᠎ᠤᠨ ᠠᠬᠠᠮᠠᠳ᠎ᠲᠠᠢ ᠰᠢᠭᠤᠳ ᠨᠢᠭᠤᠷᠳᠠᠨ ᠬᠠᠷᠢᠯᠴᠠᠳᠠᠬ᠎ᠨᠢ ᠤᠯᠠᠨᠭ᠌ᠬᠢ ᠪᠠᠢ᠍ᠢ᠍ᠳᠠᠯ᠎ᠳᠤ ᠠᠩᠬᠢ ᠵᠢᠨ ᠠ᠋ᠷᠬᠢᠯᠡᠭᠴᠢ ᠯᠡ ᠪᠠᠶ᠋ᠢᠳᠠᠭ᠃ ᠠ᠋ᠶ᠋ᠢᠮᠤ᠎ᠠᠴᠠ ᠠᠩᠬᠢ ᠵᠢᠨ ᠠ᠋ᠷᠬᠢᠯᠡᠭᠴᠢ ᠪᠠᠭᠰᠢ᠎ᠨᠢ ᠬᠡᠷ ᠪᠦᠯᠢ ᠵᠢᠨ ᠬᠠᠷᠢᠴᠠᠭ᠎ᠠ ᠬᠤᠯᠪᠤᠭ᠎ᠠ ᠵᠢ ᠰᠠᠶ᠋ᠢᠵᠢᠷᠠᠭᠤᠯᠬᠤ᠎ᠳᠤ ᠠᠷᠭ᠎ᠠ ᠪᠦᠭᠦᠨ᠎ᠢ ᠰᠠᠨᠠᠭ᠋ᠠᠴᠢᠯᠠᠵᠤ ᠪᠤᠯᠪᠠᠰᠤᠨ ᠶᠤᠰᠤᠷᠬᠠᠭ ᠬᠠᠨᠳᠤᠯᠭ᠎ᠠ ᠠᠪᠬᠤ᠎ᠨᠢ ᠵᠤᠶ᠋ᠢᠳᠠᠢ ᠪᠠᠶ᠋ᠢᠭ᠎ᠠ ᠶᠤᠮ᠃ ᠬᠦᠮᠤᠰ᠎ᠤᠨ ᠨᠡᠶ᠋ᠢᠬᠡᠮ᠎ᠤᠨ ᠬᠠᠷᠢᠯᠴᠠᠭ᠋ᠠᠨ᠎ᠤ ᠬᠡᠯᠪᠡᠷᠢ ᠪᠡ ᠦᠵᠡᠯ ᠰᠡᠳᠬᠢᠯᠬᠡᠨ᠎ᠤ ᠲᠦᠯᠤᠪᠰᠢᠷᠡᠯ᠎ᠨᠢ ᠠᠳᠠᠯᠢ ᠪᠤᠰᠤ ᠪᠠᠶ᠋ᠢᠳᠠᠭ᠎ᠠᠴᠠ ᠵᠠᠷᠢᠮ ᠬᠡᠷ᠎ᠤᠨ ᠠᠬᠠᠮᠠᠳ᠎ᠨᠢ ᠠᠩᠬᠢ ᠵᠢᠨ ᠠ᠋ᠷᠬᠢᠯᠡᠭᠴᠢ ᠪᠠᠭᠰᠢ᠎ᠲᠠᠢ ᠠᠮᠠᠷᠬᠠᠨ ᠨᠠᠪᠳᠠᠷᠠᠯᠴᠠᠵᠤ ᠲᠠᠢ᠍ᠢ᠍ᠯᠭᠦ ᠦᠭᠡᠢ ᠪᠠᠢ᠍ᠢ᠍ᠳᠠᠯ ᠤᠷᠤᠰᠢᠳᠠᠭ᠃ ᠠ᠋ᠬᠦᠨ᠎ᠳᠤ ᠠᠩᠬᠢ ᠵᠢᠨ ᠠ᠋ᠷᠬᠢᠯᠡᠭᠴᠢ ᠪᠠᠭᠰᠢ᠎ᠨᠢ ᠤᠴᠢᠷ ᠲᠤᠬᠠᠢ᠎ᠪᠠᠨ ᠡᠪᠳᠡᠶ᠋ᠢᠬᠡᠨ ᠵᠤᠬᠢᠴᠠᠭᠤᠯᠵᠤ ᠴᠢᠳᠠᠪᠠᠯ ᠪᠠᠰᠠ ᠠᠰᠢᠭ᠎ᠲᠠᠢ ᠪᠠᠶ᠋ᠢᠳᠠᠯ᠎ᠳᠤ ᠰᠢᠭᠤᠳ ᠬᠦᠷᠬᠦ ᠪᠤᠯᠤᠮᠵᠢ᠎ᠲᠠᠢ ᠶᠤᠮ᠃
      ᠭᠤᠷᠪᠠ᠂ ᠬᠡᠪ ᠴᠢᠨᠠᠷ᠎ᠤᠨ ᠰᠤᠷᠭ᠋ᠠᠨ ᠬᠦᠮᠤᠵᠢᠯ᠎ᠢ ᠭᠤᠤᠯᠳᠠᠯᠭ᠎ᠠ᠎ᠲᠠᠢ ᠠᠳᠬᠤᠵᠤ᠂ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠎ᠢ ᠤᠯᠠᠮ ᠵᠶ᠋ᠠᠷ ᠲᠡᠬᠡᠭᠰᠢᠯᠡᠬᠦᠯᠬᠦ ᠬᠡᠷᠡᠭᠳᠠᠢ
     1. ᠬᠡᠪ ᠴᠢᠨᠠᠷ᠎ᠤᠨ ᠰᠤᠷᠭ᠋ᠠᠨ ᠬᠦᠮᠤᠵᠢᠯ᠎ᠢ ᠭᠤᠤᠯᠳᠠᠯᠭ᠎ᠠ᠎ᠲᠠᠢ ᠠᠳᠬᠤᠬᠤ ᠬᠡᠷᠡᠭᠳᠠᠢ
      ᠤᠶ᠋ᠢᠷ᠎ᠠ ᠵᠢᠨ ᠵᠢᠯ᠎ᠤᠳ᠎ᠠᠴᠠ ᠮᠠᠨ᠎ᠤ ᠤᠯᠤᠰ᠎ᠨᠢ ᠬᠡᠪ ᠴᠢᠨᠠᠷ᠎ᠤᠨ ᠰᠤᠷᠭ᠋ᠠᠨ ᠬᠦᠮᠤᠵᠢᠯ᠎ᠢ ᠨᠡᠩ ᠴᠢᠬᠤᠯᠠᠴᠢᠯᠠᠨ ᠦᠵᠡᠬᠦ ᠪᠤᠯᠵᠠᠢ᠃ ᠠᠩᠬᠢ ᠵᠢᠨ ᠠ᠋ᠷᠬᠢᠯᠡᠭᠴᠢ ᠪᠠᠭᠰᠢ ᠪᠤᠯᠤᠭᠰᠡᠳ᠎ᠨᠢ ᠠᠩᠬᠢ ᠵᠢᠨ ᠰᠤᠷᠤᠭᠴᠢ ᠵᠢᠨ ᠵᠶ᠋ᠠᠨ ᠲᠦᠷᠤᠯᠬᠢ ᠠᠪᠢᠶᠠᠰ ᠪᠢᠯᠢᠭ᠂ ᠲᠤᠷ᠎ᠠ ᠰᠤᠨᠢᠷᠬᠠᠯ᠂ ᠠᠭ᠋ᠠᠰᠢ ᠠᠪᠤᠷᠢ ᠬᠡᠬᠦ ᠮᠡᠳᠤ ᠵᠢᠨ ᠪᠠᠶ᠋ᠢᠳᠠᠯ᠎ᠢ ᠨᠡᠯᠢᠶᠡᠳ ᠰᠠᠢ᠍ᠢ᠍ᠨ ᠤᠢ᠍ᠢ᠍ᠯᠠᠭ᠋ᠠᠳᠠᠬ ᠵᠶ᠋ᠠᠷ ᠪᠤᠰᠤᠳ ᠬᠢᠴᠢᠶᠡᠯ ᠲᠦᠷᠦᠯ ᠲᠤᠨ ᠪᠠᠭᠰᠢ ᠨᠠᠷ᠎ᠠᠴᠠ ᠬᠤᠯᠠ ᠲᠠᠪᠠᠭᠤ ᠪᠠᠶ᠋ᠢᠳᠠᠭ᠃ ᠠ᠋ᠨᠡᠬᠦ ᠲᠠᠪᠠᠭᠤᠯᠢᠭ ᠲᠠᠯ᠎ᠠ᠎ᠳᠤ᠎ᠪᠠᠨ ᠲᠦᠰᠢᠭᠯᠡᠵᠤ ᠬᠡᠪ ᠴᠢᠨᠠᠷ᠎ᠤᠨ ᠰᠤᠷᠭ᠋ᠠᠨ ᠬᠦᠮᠤᠵᠢᠯ᠎ᠢ ᠭᠤᠤᠯᠳᠠᠯᠭ᠎ᠠ ᠪᠤᠯᠭ᠋ᠠᠨ ᠠᠳᠬᠤᠬᠤ᠎ᠨᠢ ᠰᠤᠷᠤᠭᠴᠢᠳ᠎ᠤᠨ ᠤᠷᠮ᠎ᠠ ᠰᠤᠨᠢᠷᠬᠠᠯ᠎ᠢ ᠰᠡᠷᠬᠦᠬᠡᠬᠦ ᠲᠡᠳᠤᠢ ᠦᠭᠡᠢ ᠲᠡᠳᠡᠨ᠎ᠳᠤ ᠪᠠᠰᠠ ᠰᠤᠷᠴᠤ ᠰᠤᠳᠤᠯᠭ᠍ᠤ᠂ ᠮᠡᠳᠡᠵᠤ ᠡᠵᠡᠮᠰᠢᠬᠦ ᠬᠡᠰᠡᠨ ᠤᠶ᠋ᠢᠯᠠᠭ᠋ᠠᠯᠳᠠ ᠲᠦᠷᠤᠭ᠌ᠳᠡᠯ᠎ᠢ ᠤᠯᠭᠤᠵᠤ ᠲᠡᠶ᠋ᠢᠯᠤᠨ᠎ᠡ᠃ ᠠᠩᠬᠢ ᠵᠢᠨ ᠠ᠋ᠷᠬᠢᠯᠡᠭᠴᠢ ᠪᠠᠭᠰᠢ᠎ᠨᠢ ᠬᠡᠪ ᠴᠢᠨᠠᠷ᠎ᠤᠨ ᠰᠤᠷᠭ᠋ᠠᠨ ᠬᠦᠮᠤᠵᠢᠯ᠎ᠢ ᠭᠤᠤᠯᠳᠠᠯᠭ᠎ᠠ ᠪᠤᠯᠭ᠋ᠠᠨ ᠠᠳᠬᠤᠬᠤ᠎ᠨᠢ ᠰᠢᠡᠵᠢᠯᠡᠬᠦ ᠤᠬᠠᠭ᠋ᠠᠡᠴᠢ ᠵᠢᠭ᠋ᠠᠨ ᠰᠤᠷᠭ᠋ᠠᠯᠳᠠ ᠵᠢᠨ ᠠᠷᠭ᠎ᠠ ᠪᠠᠷᠢᠯ᠎ᠲᠠᠢ ᠠᠮᠠ ᠰᠡᠬᠡᠷ ᠵᠤᠯᠭ᠋ᠠᠬᠤ ᠲᠠᠯ᠎ᠠ᠎ᠲᠠᠢ ᠶᠤᠮ᠃ ᠲᠠᠩ ᠭᠠᠭᠴᠠ ᠦᠬᠦᠮᠡᠯ ᠴᠢᠳᠬᠤᠮᠠᠯ ᠰᠤᠷᠭ᠋ᠠᠨ ᠬᠦᠮᠤᠵᠢᠬᠦᠯᠬᠦ ᠠᠷᠭ᠎ᠠ ᠪᠠᠷᠢᠯ᠎ᠢ ᠭᠦᠭᠡᠭᠡᠴᠡᠯᠳᠤᠭᠦ ᠵᠢᠨ ᠤᠷᠤᠨ᠎ᠳᠤ᠂ ᠦᠷ᠎ᠠ ᠪᠦᠳᠤᠮᠵᠢ ᠵᠢ ᠲᠡᠭᠡᠭᠰᠢᠯᠡᠭᠦᠯᠭᠦ ᠪᠤᠯ ᠬᠡᠪ ᠴᠢᠨᠠᠷ᠎ᠤᠨ ᠰᠤᠷᠭ᠋ᠠᠨ ᠬᠦᠮᠤᠵᠢᠯ᠎ᠢ ᠭᠤᠤᠯᠳᠠᠯᠭ᠎ᠠ ᠪᠤᠯᠭ᠋ᠠᠬᠤ᠎ᠲᠠᠢ ᠰᠢᠭᠤᠳ ᠬᠠᠷᠢᠴᠠᠭ᠎ᠠ᠎ᠲᠠᠢ ᠬᠡᠵᠤ ᠦᠵᠡᠬᠦ᠎ᠨᠢ ᠢᠯᠡᠬᠦᠤ ᠤᠨᠤᠪᠴᠢ᠎ᠲᠠᠢ ᠪᠠᠢ᠍ᠢ᠍ᠳᠠᠬ᠃
     2. ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠎ᠢ ᠤᠯᠠᠮ ᠵᠶ᠋ᠠᠷ ᠲᠡᠬᠡᠭᠰᠢᠯᠡᠬᠦᠯᠬᠦ ᠬᠡᠷᠡᠭᠳᠠᠢ
      ᠰᠤᠷᠭ᠋ᠠᠨ ᠬᠦᠮᠤᠵᠢᠯ᠎ᠤᠨ ᠡᠯ᠎ᠡ ᠰᠲ᠋ᠢᠯᠢ ᠵᠢᠨ ᠵᠤᠬᠢᠴᠠᠮᠵᠢᠳᠤ ᠴᠢᠨᠠᠷ᠎ᠢ ᠠ᠋ᠷᠬᠢᠯᠡᠨ ᠬᠦᠢ᠍ᠴᠡᠳᠬᠡᠬᠦ᠎ᠳᠤ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠎ᠢ ᠲᠡᠬᠡᠭᠰᠢᠯᠡᠬᠦᠯᠬᠦ ᠪᠤᠯ ᠪᠠᠭ᠎ᠠ ᠴᠦ᠍ ᠬᠡᠰᠡᠨ ᠤᠡᠴᠠᠯᠢᠭᠳᠤ ᠨᠢᠬᠡ ᠲᠦᠷᠤᠯ᠎ᠨᠢ ᠪᠤᠯᠬᠤ ᠶᠤᠮ᠃ ᠠ᠋ᠨᠡ᠎ᠨᠢ ᠮᠦᠨ ᠶᠠᠪᠤᠴᠠ ᠵᠢᠨ ᠲᠤᠮᠳᠠ᠎ᠪᠠᠨ ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠲᠠᠢ ᠰᠢᠭᠤᠳ ᠵᠶ᠋ᠠᠷ ᠬᠤᠯᠪᠤᠭᠳᠠᠯ ᠠ᠋ᠬᠦᠰᠬᠡᠳᠡᠭ ᠴᠢᠬᠤᠯᠠ ᠠᠰᠠᠭᠤᠳᠠᠯ᠎ᠤᠨ ᠭᠤᠭᠴᠤᠭ᠎ᠠ ᠪᠤᠯᠬᠤ ᠵᠢᠮ᠎ᠡ ᠶᠤᠰᠤᠳᠤ ᠴᠢᠨᠠᠷᠳᠠᠢ ᠶᠤᠮ᠃
      ᠬᠦᠮᠤᠨ᠎ᠢ ᠬᠦᠮᠤᠵᠢᠬᠦᠯᠬᠦ᠂ ᠬᠦᠮᠤᠨ᠎ᠢ ᠶᠤᠰᠤ ᠰᠤᠷᠳᠠᠭ᠍ᠤᠨ ᠵᠶ᠋ᠠᠷ ᠬᠦᠮᠤᠵᠢᠬᠦᠯᠬᠦ᠂ ᠬᠦᠮᠤᠨ᠎ᠢ ᠴᠢᠳᠠᠪᠤᠷᠢ᠎ᠲᠠᠢ ᠪᠤᠯᠭ᠋ᠠᠨ ᠬᠦᠮᠤᠵᠢᠬᠦᠯᠬᠦ ᠬᠡᠬᠦ ᠮᠡᠳᠤ ᠵᠢᠨ ᠬᠦᠮᠤᠵᠢᠯ᠎ᠤᠨ ᠠᠷᠭ᠎ᠠ ᠤᠬᠠᠭ᠋ᠠᠨ᠎ᠨᠢ ᠵᠢᠭ᠋ᠠᠨ ᠰᠤᠷᠭ᠋ᠠᠯᠳᠠ ᠵᠢᠨ ᠭᠠᠷᠤᠭ᠋ᠠᠨ ᠲᠡᠬᠡᠷ᠎ᠡ᠎ᠠᠴᠠ ᠰᠠᠶᠢ ᠵᠤᠬᠢᠬᠤ ᠦᠨᠡᠯᠡᠯᠳᠡ ᠰᠠᠶ᠋ᠢᠰᠢᠶᠠᠯ᠎ᠢ ᠬᠦᠯᠢᠶᠡᠳᠡᠭ᠎ᠨᠢ ᠵᠦᠪ! ᠬᠡᠬᠦ᠎ᠳᠤ᠎ᠪᠠᠨ ᠠ᠋ᠬᠦᠨ᠎ᠤ ᠤᠭ ᠶᠤᠰᠤᠨ᠎ᠳᠤ᠎ᠨᠢ ᠲᠠᠷᠤᠢ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠎ᠢ ᠪᠠᠳᠤᠯᠠᠭ᠍ᠤ ᠬᠡᠬᠦ ᠮᠡᠳᠤ ᠵᠢᠨ ᠨᠠᠷᠢᠯᠢᠬ ᠠᠭᠤᠯᠪᠤᠷᠢ ᠨᠢᠭᠤᠭᠳᠠᠵᠤ ᠪᠠᠶ᠋ᠢᠳᠠᠭ᠃ ᠠ᠋ᠬᠦᠨ᠎ᠢ ᠦᠬᠡᠶ᠋ᠢᠰᠬᠡᠬᠦ ᠵᠢᠨ ᠠᠷᠭ᠎ᠠ ᠦᠭᠡᠢ᠃ ᠬᠡᠳᠤᠶ᠋ᠢᠪᠡᠷ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠎ᠢ ᠲᠡᠬᠡᠭᠰᠢᠯᠡᠬᠦᠯᠬᠦ᠎ᠨᠢ ᠡᠯ᠎ᠡ ᠲᠦᠷᠤᠯ᠎ᠤᠨ ᠬᠢᠴᠢᠶᠡᠯ᠎ᠤᠨ ᠪᠠᠭᠰᠢ᠎ᠲᠠᠢ ᠬᠤᠯᠪᠤᠭ᠎ᠠ᠎ᠲᠠᠢ ᠪᠤᠯᠪᠠᠴᠤ ᠬᠠᠮᠤᠭ ᠦᠡᠳᠤᠰᠤᠨ ᠴᠢᠨᠠᠷ ᠲᠡᠬᠡᠷ᠎ᠡ᠎ᠪᠠᠨ ᠬᠠᠰᠢ ᠯᠡ ᠠᠩᠬᠢ ᠵᠢᠨ ᠠ᠋ᠷᠬᠢᠯᠡᠭᠴᠢ᠎ᠲᠠᠢ ᠢᠯᠡᠭᠦᠦ ᠬᠠᠷᠢᠴᠠᠭ᠎ᠠ ᠬᠤᠯᠪᠤᠭ᠎ᠠ᠎ᠲᠠᠢ ᠶᠤᠮ᠃ ᠦᠬᠡᠷ᠎ᠡ᠎ᠪᠠᠷ ᠬᠡᠯᠡᠪᠡᠯ᠂ ᠬᠢᠷᠢ ᠲᠡᠩᠴᠡᠭᠰᠡᠨ ᠠᠩᠬᠢ ᠵᠢᠨ ᠠ᠋ᠷᠬᠢᠯᠡᠭᠴᠢ ᠪᠠᠭᠰᠢ ᠪᠤᠯ ᠬᠡᠷ᠎ᠤᠨ ᠠᠬᠠᠮᠠᠳ᠎ᠤᠨ ᠬᠤᠷᠠᠯ᠎ᠢ ᠵᠤᠬᠢᠶᠠᠨ ᠪᠠᠶ᠋ᠢᠭᠤᠯᠬᠤ᠂ ᠬᠢᠴᠢᠶᠡᠯ᠎ᠤᠨ ᠪᠠᠭᠰᠢ ᠵᠢᠨ ᠬᠤᠷᠠᠯ᠎ᠢ ᠵᠤᠬᠢᠶᠠᠨ ᠪᠠᠶ᠋ᠢᠭᠤᠯᠬᠤ᠂ ᠰᠤᠷᠭ᠋ᠠᠨ ᠬᠦᠮᠤᠵᠢᠯ᠎ᠤᠨ ᠲᠤᠪᠴᠢᠶᠠᠨ᠎ᠤ ᠵᠢᠭ᠋ᠠᠬᠤ ᠵᠢ ᠰᠤᠳᠤᠯᠬᠤ ᠲᠠᠰᠤᠭ᠎ᠲᠠᠢ ᠬᠤᠯᠪᠤᠭ᠎ᠠ ᠪᠠᠶ᠋ᠢᠭᠤᠯᠵᠤ ᠬᠢᠴᠢᠶᠡᠯ ᠰᠤᠨᠤᠰᠬᠤ ᠵᠢ ᠵᠤᠬᠢᠶᠠᠨ ᠪᠠᠶ᠋ᠢᠭᠤᠯᠬᠤ ᠵᠡᠷᠬᠡ ᠵᠢᠨ ᠦᠷ᠎ᠡ ᠨᠦᠯᠤᠬᠡ᠎ᠲᠠᠢ ᠠᠵᠢᠯ᠎ᠢ ᠠᠯᠬᠤᠮ ᠲᠠᠷᠠᠭ᠎ᠠ᠎ᠲᠠᠢ᠎ᠪᠠᠷ ᠬᠢᠵᠤ ᠬᠦᠢ᠍ᠴᠡᠳᠬᠡᠳᠡᠭ᠃ ᠠ᠋ᠨᠡ᠎ᠨᠢ ᠪᠠᠭᠰᠢ ᠨᠠᠷ᠎ᠤᠨ ᠠᠵᠢᠯᠯᠠᠭ᠍ᠤ ᠢᠳᠡᠪᠬᠢᠵᠢᠯ᠎ᠢ ᠲᠠᠶ᠋ᠢᠴᠢᠯᠠᠭ᠍ᠤ ᠲᠡᠳᠤᠢ ᠦᠭᠡᠢ ᠲᠡᠳᠡᠨ᠎ᠤ ᠬᠠᠷᠢᠭᠤᠴᠠᠯᠭ᠋ᠠᠳᠤ ᠤᠪᠤᠷ ᠰᠡᠳᠬᠢᠯᠬᠡ ᠵᠢ ᠴᠢᠨᠭ᠌ᠭ᠋ᠠᠳᠬᠠᠵᠤ ᠲᠠᠢ᠍ᠢ᠍ᠯᠭᠦ ᠶᠤᠮ᠃ ᠶᠠᠪᠤᠭ᠋ᠠᠨ᠎ᠳᠤ᠎ᠪᠠᠨ ᠲᠤᠰ ᠠᠩᠬᠢ ᠵᠢᠨ ᠵᠢᠭ᠋ᠠᠨ ᠰᠤᠷᠭ᠋ᠠᠯᠳᠠ ᠵᠢᠨ ᠶᠠᠰᠤ ᠴᠢᠨᠠᠷ᠎ᠲᠤ ᠠ᠋ᠷᠬᠢᠯᠳᠠ ᠵᠢᠨ ᠴᠢᠨᠠᠷᠳᠠᠢ ᠬᠤᠪᠢᠷᠠᠯᠳᠠ ᠭᠠᠷᠴᠤ᠂ ᠨᠡᠩ ᠶᠡᠭᠡ ᠦᠷ᠎ᠠ ᠪᠦᠳᠤᠮᠵᠢ ᠤᠯᠬᠤ ᠪᠤᠯᠤᠮᠵᠢ᠎ᠲᠠᠢ ᠶᠤᠮ᠃
      ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ᠎ᠳᠤ ᠵᠢᠭ᠋ᠠᠨ ᠰᠤᠷᠭ᠋ᠠᠯᠳᠠ ᠵᠢᠨ ᠤᠯᠤᠯᠳᠠ ᠠᠮᠵᠢᠯᠳᠠ᠂ ᠠᠯᠳᠠᠭ᠎ᠠ ᠲᠠᠰᠢᠶ᠎ᠠ ᠬᠡᠬᠦ ᠬᠤᠶᠠᠷ ᠲᠠᠯ᠎ᠠ ᠵᠢᠨ ᠬᠠᠷᠢᠴᠠᠭᠤᠯᠤᠯ ᠪᠤᠢ ᠪᠤᠯᠳᠠᠭ᠃ ᠢᠩᠬᠢᠵᠤ ᠬᠠᠷᠢᠴᠠᠭᠤᠯᠤᠯ᠎ᠤᠨ ᠠᠷᠭ᠎ᠠ᠎ᠪᠠᠷ ᠦᠪᠡᠷ᠎ᠤᠨ ᠠᠵᠢᠯ᠎ᠳᠤ᠎ᠪᠠᠨ ᠪᠠᠶ᠋ᠢᠩᠭᠤ ᠵᠢᠨ ᠬᠢᠨᠠᠯᠳᠠ ᠲᠠᠯᠪᠢᠵᠤ ᠴᠢᠳᠠᠪᠠᠯ ᠰᠢᠯᠢᠳᠡᠭ ᠰᠠᠶ᠋ᠢᠨ ᠠᠩᠬᠢ ᠵᠢᠨ ᠠ᠋ᠷᠬᠢᠯᠡᠭᠴᠢ ᠪᠤᠯᠵᠤ ᠪᠠᠶ᠋ᠢᠭ᠎ᠠ ᠵᠢᠨ ᠪᠡᠯᠬᠡ ᠲᠡᠮᠳᠡᠭ ᠪᠤᠯᠤᠨ᠎ᠠ᠃ ᠮᠦᠨ ᠬᠡᠤᠬᠡᠳ᠎ᠢ ᠠ᠋ᠷᠳᠡᠮ ᠪᠤᠯᠪᠠᠰᠤᠷᠠᠯ᠎ᠲᠠᠢ᠂ ᠶᠤᠰᠤ ᠰᠤᠷᠳᠠᠭ᠍ᠤᠨ᠎ᠲᠠᠢ᠂ ᠬᠦᠰᠡᠯ ᠠ᠋ᠷᠡᠮᠡᠯᠵᠡᠯᠡᠯ᠎ᠲᠠᠢ ᠪᠤᠯᠭ᠋ᠠᠨ ᠬᠦᠮᠤᠵᠢᠬᠦᠯᠵᠤ ᠴᠢᠳᠠᠭ᠍ᠤ ᠶᠤᠮ᠃ ᠠ᠋ᠬᠦᠷᠬᠡ ᠬᠠᠷᠢᠭᠤᠴᠠᠯᠭ᠎ᠠ᠎ᠪᠠᠨ ᠰᠠᠶ᠋ᠢᠳᠤᠷ ᠬᠦᠢ᠍ᠴᠡᠳᠬᠡᠬᠦ ᠬᠡᠪᠡᠯ ᠠ᠋ᠷᠬᠡᠪᠰᠢ ᠤᠯᠠᠨ ᠲᠠᠯ᠎ᠠ᠎ᠪᠠᠷ ᠰᠡᠳᠬᠢᠨ ᠪᠤᠳᠤᠵᠤ᠂ ᠤᠯᠠᠨ ᠲᠠᠯ᠎ᠠ᠎ᠪᠠᠷ ᠠ᠋ᠬᠦᠳᠤᠨ ᠪᠦᠳᠤᠬᠡᠵᠤ᠂ ᠤᠯᠠᠨ ᠲᠠᠯ᠎ᠠ᠎ᠪᠠᠷ ᠶᠡᠷᠤᠩᠬᠡᠶ᠋ᠢᠯᠡᠨ ᠤᠶ᠋ᠢᠯᠡᠳᠤᠯᠬᠡᠵᠢᠬᠦᠯᠬᠦ ᠬᠡᠷᠡᠭᠳᠠᠢ᠃
   

      ᠵᠡᠬᠦᠯᠳᠡ
    [1] ᠡ᠊ · ᠬᠡᠷᠡᠯᠳᠤ᠄ 《ᠮᠢᠨᠤ ᠰᠤᠷᠭ᠋ᠠᠨ ᠬᠦᠮᠤᠵᠢᠯ᠎ᠤᠨ ᠠᠶᠠᠨ》᠂ ᠦᠪᠤᠷ ᠮᠤᠩᠭᠤᠯ᠎ᠤᠨ ᠰᠤᠷᠭ᠋ᠠᠨ ᠬᠦᠮᠤᠵᠢᠯ᠎ᠤᠨ ᠬᠡᠪᠯᠡᠯ᠎ᠤᠨ ᠬᠤᠷᠢᠶ᠎ᠠ᠂ 2018 ᠤᠨ᠎ᠤ 11 ᠰᠠᠷ᠎ᠠ᠂ 211 ᠳ᠋ᠤᠬᠡᠷ ᠨᠢᠭᠤᠷ᠃
    [2][3][4]《ᠵᠠᠯᠠᠭᠤᠴᠤᠳ ᠪᠠᠭ᠋ᠠᠴᠤᠳ᠎ᠤᠨ ᠬᠠᠤᠯᠢ ᠴᠠᠭ᠋ᠠᠵᠠ ᠵᠢᠨ ᠮᠡᠳᠡᠯᠬᠡ ᠵᠢᠨ ᠭᠠᠷ ᠲᠡᠪᠳᠡᠷ》᠂ ᠰᠢᠯᠤᠭᠤᠨ ᠬᠦᠬᠡ ᠬᠤᠰᠢᠭᠤᠨ᠎ᠤ ᠬᠠᠤᠯᠢ ᠴᠠᠭ᠋ᠠᠵᠠ ᠵᠢᠨ ᠲᠤᠪᠴᠢᠶ᠎ᠠ᠂ ᠰᠢᠯᠤᠭᠤᠨ ᠬᠦᠬᠡ ᠬᠤᠰᠢᠭᠤᠨ᠎ᠤ ᠬᠠᠤᠯᠢ ᠲᠦᠬᠡᠮᠡᠯᠵᠢᠬᠦᠯᠬᠦ ᠠᠯᠪᠠᠨ ᠬᠡᠷ᠎ᠠᠴᠠ ᠤᠷᠴᠢᠭᠤᠯᠤᠨ ᠨᠠᠶ᠋ᠢᠷᠠᠭᠤᠯᠪᠠ (ᠲᠤᠳᠤᠭ᠋ᠠᠳᠤ ᠬᠡᠪᠯᠡᠯ) 2016 ᠤᠨ᠂ 55᠂ 59 ᠳ᠋ᠤᠭᠡᠷ ᠨᠢᠭᠤᠷ᠃
    [5] ᠵᠢᠨ ᠰᠦᠸᠸ᠂ ᠤᠳᠤᠡᠬᠡᠷᠡᠯ᠎ᠤᠨ ᠤᠷᠴᠢᠭᠤᠯᠤᠭᠰᠡᠨ᠄ 《ᠪᠠᠯᠴᠢᠷ ᠬᠡᠤᠬᠡᠳ᠎ᠤᠨ ᠰᠤᠷᠭ᠋ᠠᠨ ᠬᠦᠮᠤᠵᠢᠯ᠎ᠤᠨ ᠬᠠᠤᠯᠢ ᠲᠤᠭᠳᠠᠭ᠋ᠠᠯ》᠂ ᠦᠪᠤᠷ ᠮᠤᠩᠭᠤᠯ᠎ᠤᠨ ᠪᠠᠭ᠋ᠠᠴᠤᠳ ᠬᠡᠤᠬᠡᠳ᠎ᠤᠨ ᠬᠡᠪᠯᠡᠯ᠎ᠤᠨ ᠬᠤᠷᠢᠶ᠎ᠠ᠂ 2017 ᠤᠨ᠎ᠤ 9 ᠰᠠᠷ᠎ᠠ᠂ 29 ᠳ᠋ᠤᠬᠡᠷ ᠨᠢᠭᠤᠷ᠃
    [6] ᠸ᠊ · ᠠᠭᠤᠯᠠ᠄ 《ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠨᠠᠢ᠍ᠮᠠᠨ ᠵᠠᠷᠴᠢᠮ》᠂ ᠬᠤᠯᠪᠤᠭ᠎ᠠ ᠰᠦᠯᠵᠢᠶ᠎ᠡ᠂ 2019 ᠤᠨ᠎ᠤ 9 ᠰᠠᠷ᠎ᠠ ᠵᠢᠨ 2᠎ᠤ ᠠ᠋ᠳᠤᠷ᠃
    [7] ᠪᠤᠷᠵᠢᠬᠢᠨ ᠨᠠᠷᠠᠨᠠᠰᠢ᠄ 《ᠰᠢᠨ᠎ᠡ ᠴᠠᠭ ᠦᠶ᠎ᠡ᠎ᠳᠤ ᠠ᠋ᠩ᠎ᠤᠨ ᠦᠡᠳᠤᠷ ᠵᠡᠷᠬᠡ ᠵᠢᠨ ᠲᠤᠮᠳᠠᠳᠤ ᠰᠤᠷᠭ᠋ᠠᠭᠤᠯᠢ ᠵᠢᠨ ᠬᠦᠮᠤᠨ ᠬᠦᠮᠤᠵᠢᠬᠦᠯᠬᠦ ᠠᠷᠭ᠎ᠠ ᠮᠠᠶᠢᠭ᠎ᠤᠨ ᠦᠬᠡᠷᠡᠴᠢᠯᠡᠯᠳᠡ》᠂ ᠬᠤᠯᠪᠤᠭ᠎ᠠ ᠰᠦᠯᠵᠢᠶ᠎ᠡ᠂ 2019 ᠤᠨ᠎ᠤ 8 ᠰᠠᠷ᠎ᠠ ᠵᠢᠨ 29᠎ᠤ ᠠ᠋ᠳᠤᠷ᠃

          ᠬᠠᠶᠢᠬ᠄ ᠣᠯᠠᠭ᠋ᠠᠨᠴᠠᠪ ᠬᠤᠳᠠ ᠵᠢᠨ ᠮᠣᠩᠭᠤᠯ ᠦᠨᠳᠦᠰᠦᠳᠡᠨ᠎ᠤ ᠳᠣᠮᠳᠠᠳᠣ ᠰᠣᠷᠭ᠋ᠠᠭᠤᠯᠢ
                            (ᠠᠯᠳᠠᠨᠰᠦᠢ᠍ᠭᠡ ᠨᠠᠢ᠍ᠢ᠍ᠷᠠᠭᠤᠯᠪᠠ)
                            2020 ᠣᠨ᠎ᠤ12 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠠᠩᠬ᠎ᠠ ᠲᠤᠮᠳᠠᠳᠤ ᠵᠢᠨ ᠠᠩᠬᠢ ᠵᠢᠨ ᠠ᠋ᠷᠬᠢᠯᠡᠭᠴᠢ᠎ᠳᠤ ᠲᠠᠯᠪᠢᠬᠤ ᠮᠦᠴᠢᠳᠬᠡᠨ ᠰᠠᠨᠠᠭᠤᠯᠤᠮᠵᠢ
ᠠᠩᠭᠢ ᠵᠢᠨ ᠠ᠋ᠷᠬᠢᠯᠡᠭᠴᠢ ᠪᠤᠯᠤᠬᠰᠡᠳ᠎ᠤᠨ ᠪᠦᠷᠢᠯᠳᠤᠭᠦᠯᠪᠠᠰᠤ ᠵᠤᠬᠢᠬᠤ ᠳᠠᠳᠬᠠᠯ᠎ᠤᠨ ᠬᠥᠮᠦᠵᠢᠯ
ᠠᠩᠭᠢ ᠵᠢᠨ ᠠ᠋ᠷᠬᠢᠯᠡᠭᠴᠢ ᠵᠢᠨ ᠠᠵᠢᠯ᠎ᠳᠤ ᠤᠷᠮᠠᠰᠢᠭᠤᠯᠤᠯ᠎ᠤᠨ ᠬᠦᠮᠦᠵᠢᠯ᠎ᠢ ᠬᠢᠬᠦ ᠵᠢᠨ ᠴᠢᠬᠤᠯᠠ ᠴᠢᠨᠠᠷ
ᠠᠩᠭᠢ ᠵᠢᠨ ᠠ᠋ᠷᠬᠢᠯᠡᠭᠴᠢ ᠬᠤᠴᠤᠷᠤᠩᠭᠤᠢ ᠰᠤᠷᠤᠭᠴᠢ ᠵᠢ ᠬᠡᠷᠬᠢᠨ ᠬᠦᠮᠦᠵᠢᠭᠦᠯᠬᠦ ᠲᠣᠬᠠᠢ ᠮᠦᠴᠢᠳ ᠦᠭᠦᠯᠡᠬᠦ᠎ᠨᠢ
ᠠᠩᠭᠢ ᠵᠢᠨ ᠠ᠋ᠷᠬᠢᠯᠡᠭᠴᠢ ᠵᠢᠨ ᠠᠵᠢᠯ᠎ᠢ ᠠ᠋ᠭᠦᠷᠭᠡᠯᠡᠨ ᠪᠡᠶᠡᠯᠡᠭᠦᠯᠦᠭᠰᠡᠨ ᠠᠵᠢᠯ᠎ᠤᠨ ᠲᠤᠷᠰᠢᠯᠭ᠎ᠠ
 
             蒙ICP备05000248号