ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠠᠩᠭᠢ ᠵᠢᠨ ᠠ᠋ᠷᠬᠢᠯᠡᠭᠴᠢ ᠪᠤᠯᠤᠬᠰᠡᠳ᠎ᠤᠨ ᠪᠦᠷᠢᠯᠳᠤᠭᠦᠯᠪᠠᠰᠤ ᠵᠤᠬᠢᠬᠤ ᠳᠠᠳᠬᠠᠯ᠎ᠤᠨ ᠬᠥᠮᠦᠵᠢᠯ
ᠨᠡᠶ᠋ᠢᠲᠡᠯᠡᠭᠰᠡᠨ ᠴᠠᠭ᠄ 2021-08-19

                                    ᠣᠶᠤᠨᠳᠠᠯᠠᠢ


     《ᠨᠢᠭᠡᠨ ᠰᠢᠯᠢᠳᠡᠭ ᠠᠩᠭᠢ ᠵᠢᠨ ᠠ᠋ᠷᠬᠢᠯᠡᠭᠴᠢ ᠪᠣᠯ ᠳᠠᠷᠤᠢ ᠨᠢᠭᠡᠨ ᠰᠤᠷᠭ᠋ᠠᠨ ᠬᠥᠮᠦᠵᠢᠯ᠎ᠤᠨ ᠠ᠋ᠷᠳᠡᠮᠳᠡᠨ ᠮᠥᠨ》 ᠬᠡᠵᠦ ᠮᠠᠨ᠎ᠤ ᠤᠯᠤᠰ᠎ᠤᠨ ᠰᠤᠷᠭ᠋ᠠᠨ ᠬᠦᠮᠦᠵᠢᠯ᠎ᠤᠨ ᠶᠠᠮᠤᠨ᠎ᠤ ᠤᠤᠯ᠎ᠤᠨ ᠳᠠᠷᠤᠭ᠎ᠠ ᠾᠧ ᠳ᠋ᠦᠩ ᠴᠠᠩ ᠬᠡᠯᠡᠵᠤ ᠥᠩᠭᠡᠷᠡᠭᠰᠡᠨ ᠪᠢᠯᠡ᠃ ᠠᠩᠭᠢ ᠵᠢᠨ ᠠ᠋ᠷᠬᠢᠯᠡᠭᠴᠢ ᠪᠣᠯ ᠠᠩᠭᠢ ᠨᠡᠶ᠋ᠢᠲᠡ ᠵᠢᠨ ᠬᠥᠮᠦᠵᠢᠭᠦᠯᠦᠭᠴᠢ ᠬᠢᠭᠡᠳ ᠵᠣᠬᠢᠶᠠᠨ ᠪᠠᠶ᠋ᠢᠭᠤᠯᠤᠭᠴᠢ ᠪᠣᠯᠬᠤ ᠮᠦᠷᠳᠡᠭᠡᠨ ᠪᠠᠰᠠ ᠰᠤᠷᠭ᠋ᠠᠭᠤᠯᠢ ᠵᠢᠨ ᠤᠳᠤᠷᠢᠳᠤᠯᠭ᠎ᠠ ᠵᠢᠨ ᠠᠵᠢᠯ᠎ᠤᠨ ᠭᠠᠷᠮᠠᠭ᠋ᠠᠢ ᠬᠠᠪᠰᠤᠷᠤᠭᠴᠢ ᠮᠥᠨ᠃ ᠠᠩᠭᠢ ᠵᠢᠨ ᠠ᠋ᠷᠬᠢᠯᠡᠭᠴᠢ ᠨᠢᠭᠡ ᠠᠩᠭᠢ ᠵᠢᠨ ᠰᠤᠷᠤᠭᠴᠢᠳ᠎ᠢ ᠪᠦᠬᠦ ᠲᠠᠯ᠎ᠠ᠎ᠪᠠᠷ ᠬᠠᠷᠢᠭᠤᠴᠠᠵᠤ᠂ ᠰᠤᠷᠤᠭᠴᠢᠳ᠎ᠤᠨ ᠠᠵᠢᠯᠯᠠᠭ᠎ᠠ ᠵᠢ ᠵᠣᠬᠢᠶᠠᠨ ᠪᠠᠶ᠋ᠢᠭᠤᠯᠵᠤ᠂ ᠰᠤᠷᠭ᠋ᠠᠭᠤᠯᠢ ᠵᠢᠨ ᠡᠯ᠎ᠡ ᠰᠠᠯᠠᠭ᠋ᠠᠨ᠎ᠠᠴᠠ ᠰᠤᠷᠤᠭᠴᠢᠳ᠎ᠲᠤ ᠲᠠᠯᠪᠢᠭᠰᠠᠨ ᠱᠠᠭ᠋ᠠᠷᠳᠠᠯᠭ᠎ᠠ ᠵᠢ ᠵᠣᠬᠢᠴᠠᠭᠤᠯᠵᠤ᠂ ᠨᠢᠭᠡ ᠠᠩᠭᠢ ᠵᠢᠨ ᠰᠤᠷᠤᠭᠴᠢ ᠵᠢᠨ ᠬᠥᠭᠵᠢᠯᠲᠡ᠎ᠳᠤ ᠭᠤᠣᠯᠯᠠᠭ᠍ᠤ ᠦᠢ᠍ᠯᠡᠳᠦᠯ ᠦᠵᠡᠬᠦᠯᠵᠤ ᠪᠠᠶ᠋ᠢᠳᠠᠭ᠃ ᠮᠢᠨᠤ ᠪᠡᠶ᠎ᠡ ᠰᠤᠷᠭ᠋ᠠᠭᠤᠯᠢ᠎ᠳᠤ ᠪᠠᠭᠰᠢᠯᠠᠵᠦ ᠪᠠᠶ᠋ᠢᠬᠤ᠎ᠳᠤ᠎ᠪᠠᠨ ᠬᠤᠷᠢᠨ ᠭᠤᠷᠪᠠᠨ ᠵᠢᠯ ᠠᠩᠭᠢ ᠠ᠋ᠷᠬᠢᠯᠡᠭᠰᠡᠨ ᠲᠡᠤᠭᠡ᠎ᠲᠠᠢ᠂ ᠡ᠊ᠨᠳᠡ ᠪᠢ ᠠᠩᠬᠢ ᠠ᠋ᠷᠬᠢᠯᠡᠭᠰᠡᠨ ᠲᠤᠷᠰᠢᠯᠭ᠎ᠠ᠎ᠪᠠᠨ ᠳ᠋ᠦᠩᠨᠡᠵᠦ᠂ ᠠᠩᠭᠢ ᠵᠢᠨ ᠪᠠᠶ᠋ᠢᠩᠭᠤ ᠵᠢᠨ ᠠᠵᠢᠯ᠎ᠤᠨ ᠲᠠᠯ᠎ᠠ ᠵᠢᠨ ᠳᠠᠳᠬᠠᠯ ᠪᠣᠯᠤᠨ ᠠᠩᠭᠢ ᠵᠢᠨ ᠪᠠᠭᠰᠢ ᠪᠤᠯᠤᠭᠰᠠᠳ᠎ᠤᠨ ᠲᠤᠰ ᠪᠡᠶ᠎ᠡ ᠵᠢᠨ ᠳᠠᠳᠬᠠᠯ᠎ᠤᠨ ᠬᠦᠮᠦᠵᠢᠯ᠎ᠢ ᠳᠡᠭᠡᠭᠰᠢᠯᠡᠭᠦᠯᠬᠦ ᠲᠤᠬᠠᠢ ᠭᠡᠳᠦᠨ ᠲᠠᠯ᠎ᠠ ᠵᠢᠨ ᠠᠰᠠᠭᠤᠳᠠᠯ᠎ᠢ ᠲᠠ ᠪᠦᠬᠦᠨ᠎ᠲᠠᠢ᠎ᠪᠠᠨ ᠰᠠᠨᠠᠯ ᠰᠤᠯᠢᠯᠴᠠᠭ᠍ᠤ ᠵᠢ ᠬᠦᠰᠡᠵᠦ᠂ ᠠᠩᠬᠢ ᠵᠢᠨ ᠠ᠋ᠷᠬᠢᠯᠡᠭᠴᠢ ᠵᠢᠨ ᠠᠵᠢᠯ᠎ᠢ ᠠ᠋ᠬᠦᠷᠭᠡᠯᠡᠵᠦ ᠪᠠᠶ᠋ᠢᠭ᠎ᠠ ᠵᠠᠯᠠᠭᠤ ᠪᠠᠭᠰᠢ ᠨᠠᠷ᠎ᠲᠤ ᠲᠤᠰᠠ ᠪᠤᠯᠬᠤ ᠪᠤᠯᠪᠠᠤ ᠭᠡᠵᠦ ᠠ᠋ᠨᠡ ᠭᠦ᠌ ᠳ᠋ᠦᠩᠨᠡᠯᠳᠡ᠎ᠪᠠᠨ ᠠ᠋ᠮᠬᠢᠳᠬᠡᠨ ᠲᠡᠪᠰᠢᠬᠦᠯᠵᠦ ᠪᠠᠶ᠋ᠢᠨ᠎ᠠ᠃
      ᠨᠢᠭᠡ᠂ ᠠᠩᠭᠢ ᠵᠢᠨ ᠪᠠᠶ᠋ᠢᠩᠭᠤ ᠠᠵᠢᠯ᠎ᠤᠨ ᠲᠠᠯ᠎ᠠ᠎ᠪᠠᠷ᠎ᠬᠢ ᠳᠠᠳᠬᠠᠯ᠎ᠢ ᠪᠦᠷᠢᠯᠳᠦᠭᠦᠯᠬᠦ ᠲᠤᠬᠠᠢ
      ᠠᠩᠬᠢ ᠠ᠋ᠷᠬᠢᠯᠡᠭᠴᠢ ᠪᠠᠭᠰᠢ᠎ᠳᠤ ᠠᠪᠴᠦ ᠬᠡᠯᠡᠪᠡᠯ ᠠᠩᠬᠢ ᠨᠢᠭᠡᠴᠡ ᠵᠢᠨ ᠠᠵᠢᠯ ᠵᠶ᠋ᠠᠨ ᠤᠰᠤᠯᠳᠤᠯ ᠦᠭᠡᠢ ᠰᠢᠯᠤᠭᠤᠬᠠᠨ ᠠᠪᠴᠦ ᠶᠠᠪᠤᠬᠤ᠎ᠳᠤ ᠶᠡᠷᠦ᠎ᠨᠢ ᠠ᠋ᠳᠦᠷ ᠲᠤᠳᠤᠮ᠎ᠤᠨ ᠪᠠᠶ᠋ᠢᠩᠭᠤ ᠵᠢᠨ ᠠᠵᠢᠯ ᠵᠶ᠋ᠠᠨ ᠰᠢᠰᠲ᠋ᠧᠮ ᠳᠠᠷᠠᠭ᠋ᠠᠯᠠᠯ᠎ᠲᠠᠢ ᠪᠤᠯᠭ᠋ᠠᠬᠤ᠎ᠨᠢ ᠬᠠᠮᠤᠭ ᠴᠢᠬᠤᠯᠠ ᠪᠠᠶ᠋ᠢᠳᠠᠭ᠃ ᠳᠠᠷᠤᠢ ᠭᠤᠷᠪᠠᠨ ᠵᠢᠯ ᠪᠤᠶᠤ ᠵᠢᠷᠭᠤᠭ᠋ᠠᠨ ᠵᠢᠯ᠎ᠤᠨ ᠲᠤᠷᠰᠢᠬᠢ ᠠᠩᠬᠢ ᠨᠢᠭᠡᠴᠡ ᠵᠢᠨ ᠪᠠᠶ᠋ᠢᠩᠭᠤ ᠵᠢᠨ ᠠᠵᠢᠯ ᠵᠶ᠋ᠠᠨ ᠳᠠᠳᠬᠠᠯᠵᠢᠭᠤᠯᠬᠤ᠎ᠨᠢ ᠴᠢᠬᠤᠯᠠ ᠪᠤᠯᠤᠨ᠎ᠠ᠃ ᠳᠡᠭᠡᠪᠡᠯ ᠠᠩᠬᠢ ᠵᠢᠨ ᠪᠠᠶ᠋ᠢᠩᠭᠤ ᠵᠢᠨ ᠠᠵᠢᠯ᠎ᠢ ᠬᠡᠷᠬᠢᠨ ᠳᠠᠳᠬᠠᠯᠵᠢᠭᠤᠯᠬᠤ ᠪᠤᠢ?
     (ᠨᠢᠭᠡ) ᠠ᠋ᠬᠢᠯᠡᠵᠦ ᠰᠢᠨ᠎ᠡ ᠠᠩᠭᠢ ᠵᠢ ᠲᠤᠰᠴᠤ ᠠᠪᠬᠤ ᠦᠶᠡᠰ᠂ ᠶᠠᠭᠤᠨ᠎ᠤ ᠠ᠋ᠮᠦᠨ᠎ᠡ ᠪᠦᠬᠦ ᠰᠤᠷᠤᠭᠴᠢ ᠵᠢᠨ ᠦᠨᠳᠦᠰᠦᠨ ᠪᠠᠶ᠋ᠢᠳᠠᠯ᠎ᠢ ᠤᠶ᠋ᠢᠯᠠᠭ᠋ᠠᠬᠤ᠎ᠠᠴᠠ ᠭᠠᠷᠳᠠᠵᠦ᠂ ᠬᠠᠨᠳᠤᠯᠭ᠎ᠠ᠎ᠲᠠᠢ᠎ᠪᠠᠷ ᠬᠥᠮᠦᠵᠢᠭᠦᠯᠬᠦ᠎ᠳᠤ᠎ᠪᠠᠨ ᠰᠠᠭᠤᠷᠢ ᠲᠠᠯᠪᠢᠨ᠎ᠠ᠃ ᠰᠤᠷᠤᠭᠴᠢ ᠵᠢᠨ ᠦᠨᠳᠦᠰᠦᠨ ᠪᠠᠶ᠋ᠢᠳᠠᠯ᠎ᠢ ᠤᠶ᠋ᠢᠯᠠᠭ᠋ᠠᠬᠤ᠎ᠳᠤ᠂ ᠰᠤᠷᠤᠭᠴᠢ ᠵᠢᠨ ᠭᠡᠷ ᠪᠦᠯᠢ ᠵᠢᠨ ᠪᠠᠶ᠋ᠢᠳᠠᠯ᠂ ᠲᠠᠷᠤᠢ ᠣᠷᠤᠨ ᠨᠤᠳᠤᠭ (ᠬᠤᠲᠠ᠂ ᠬᠥᠳᠡᠭᠡ)᠂ ᠠᠪᠤ ᠡᠵᠢ ᠵᠢᠴᠢ ᠳᠡᠳᠡᠨ᠎ᠤ ᠠᠮᠢᠳᠤᠷᠠᠯ᠎ᠤᠨ ᠪᠠᠶ᠋ᠢᠳᠠᠯ᠂ ᠠᠪᠤ ᠡᠵᠢ ᠵᠢᠨ ᠬᠢᠨᠢ ᠰᠣᠶᠤᠯ᠎ᠤᠨ ᠬᠢᠷᠢ ᠬᠡᠮ᠂ ᠠᠬ᠎ᠠ ᠳᠡᠭᠦᠤ ᠨᠠᠷ ᠵᠢᠴᠢ ᠳᠡᠳᠡᠨ᠎ᠤ ᠰᠤᠷᠭ᠋ᠠᠭᠤᠯᠢ᠎ᠳᠤ ᠰᠠᠭᠤᠵᠤ ᠪᠠᠶ᠋ᠢᠬᠤ ᠠ᠋ᠰᠡᠬᠦ᠂ ᠰᠤᠷᠤᠭᠴᠢ ᠵᠢᠨ ᠲᠤᠰ ᠪᠡᠶ᠎ᠠ ᠵᠢᠨ ᠬᠢᠨᠢ ᠪᠠᠶ᠋ᠢᠳᠠᠯ᠂ ᠳᠠᠷᠤᠢ ᠲᠠᠮᠢᠷ᠂ ᠤᠷᠠᠯᠢᠭ᠂ ᠰᠤᠷᠤᠯᠭ᠎ᠠ᠂ ᠶᠣᠰᠤ ᠮᠤᠷᠠᠯ᠂ ᠠᠩᠭᠢ ᠵᠢᠨ ᠺᠠᠳ᠋ᠷ᠎ᠤᠨ ᠠᠵᠢᠯ᠎ᠢ ᠠ᠋ᠬᠦᠷᠭᠡᠯᠡᠵᠦ ᠪᠠᠶ᠋ᠢᠭᠰᠠᠨ ᠠ᠋ᠰᠡᠬᠦ ᠵᠢᠴᠢ ᠶᠠᠮᠠᠷ ᠱᠠᠩᠨ᠌ᠠᠯ ᠬᠥᠬᠢᠭᠦᠯᠦᠯ᠎ᠢ ᠬᠦᠷᠳᠡᠵᠤ ᠥᠩᠭᠡᠷᠡᠭᠰᠡᠨ ᠵᠡᠷᠭᠡ ᠪᠠᠶ᠋ᠢᠳᠠᠯ᠎ᠢ ᠤᠶ᠋ᠢᠯᠠᠭ᠋ᠠᠬᠤ ᠬᠡᠷᠡᠭᠲᠡᠢ᠃ ᠢᠩᠬᠢᠪᠡᠯ ᠬᠤᠶ᠋ᠢᠰᠢᠳᠠ ᠵᠢᠨ ᠠᠵᠢᠯ᠎ᠳᠤ᠎ᠪᠠᠨ ᠬᠠᠨᠳᠤᠯᠭ᠎ᠠ᠎ᠲᠠᠢ ᠪᠤᠯᠵᠦ᠂ ᠭᠡᠷ᠎ᠤᠨ ᠠᠬᠠᠮᠠᠳ᠎ᠲᠠᠢ ᠬᠠᠷᠢᠴᠠᠭ᠍ᠤ᠂ ᠰᠤᠷᠤᠭᠴᠢᠳ᠎ᠲᠤ᠎ᠪᠠᠨ ᠲᠤᠰᠬᠠᠢ ᠵᠢᠯᠤᠭᠤᠳᠤᠯᠭ᠎ᠠ ᠬᠢᠬᠦ᠂ ᠠᠩᠬᠢ ᠵᠢᠨ ᠺᠠᠳ᠋ᠷ ᠲᠤᠬᠢᠷᠠᠭᠤᠯᠬᠤ ᠵᠡᠷᠭᠡ ᠲᠠᠯ᠎ᠠ᠎ᠳᠤ ᠳᠤᠳᠤᠷ᠎ᠠ᠎ᠪᠠᠨ ᠲᠤᠭ᠋ᠠᠳᠠᠢ ᠪᠤᠯᠵᠦ ᠠᠵᠢᠯ ᠵᠶ᠋ᠠᠨ ᠠ᠋ᠷᠴᠢᠮ᠎ᠲᠠᠢ᠂ ᠲᠡᠰ ᠳᠠᠷᠠᠭ᠋ᠠᠯᠠᠯ᠎ᠲᠠᠢ ᠶᠠᠪᠤᠭᠳᠠᠭᠤᠯᠵᠦ ᠴᠢᠳᠠᠨ᠎ᠠ᠃
     (ᠬᠤᠶᠠᠷ) ᠭᠤᠶᠤ ᠰᠠᠶ᠋ᠢᠬᠠᠨ᠂ ᠲᠤᠬᠢᠯᠢᠬ ᠰᠤᠷᠤᠯᠭ᠎ᠠ ᠠᠮᠢᠳᠤᠷᠠᠯ᠎ᠤᠨ ᠤᠷᠴᠢᠨ᠎ᠢ ᠪᠦᠷᠢᠯᠳᠦᠭᠦᠯᠵᠦ ᠥᠭᠬᠦ ᠵᠢ ᠬᠢᠴᠢᠶᠡᠨ᠎ᠡ᠃ ᠰᠤᠷᠤᠭᠴᠢᠳ᠎ᠢ᠎ᠪᠠᠨ ᠬᠢᠴᠢᠶᠡᠯ᠎ᠤᠨ ᠲᠠᠩᠬᠢᠮ᠎ᠳᠤ ᠤᠷᠤᠬᠤ᠎ᠠᠴᠠ ᠠ᠋ᠮᠦᠨ᠎ᠡ ᠠᠩᠭᠢ ᠵᠢᠨ ᠭᠡᠷ᠂ ᠪᠠᠶ᠋ᠢᠷᠢ ᠵᠢᠨ ᠭᠡᠷ ᠵᠶ᠋ᠠᠨ ᠲᠣᠬᠢᠯᠢᠬ ᠰᠠᠶ᠋ᠢᠬᠠᠨ ᠪᠠᠶ᠋ᠢᠷᠢᠰᠢᠭᠤᠯᠵᠦ ᠴᠡᠪᠡᠷᠯᠡᠭᠰᠡᠨ ᠪᠠᠶ᠋ᠢᠪᠠᠯ ᠵᠣᠬᠢᠨ᠎ᠠ᠂ ᠢᠩᠬᠢᠬᠦ᠎ᠨᠢ ᠰᠤᠷᠤᠭᠴᠢᠳ᠎ᠲᠤ ᠬᠠᠯᠠᠭᠤᠨ ᠲᠤᠯᠠᠭ᠋ᠠᠨ᠂ ᠳᠠᠭ᠋ᠠᠯᠠᠮᠵᠢᠳᠠᠢ ᠰᠡᠳᠬᠢᠭᠳᠡᠯ᠎ᠲᠠᠢ ᠪᠤᠯᠵᠦ ᠠ᠋ᠨᠡ ᠠᠩᠬᠢ᠎ᠳᠤ ᠬᠤᠪᠢᠶᠠᠭᠳᠠᠨ᠂ ᠠ᠋ᠨᠡ ᠪᠠᠭᠰᠢ᠎ᠲᠠᠢ ᠤᠴᠠᠷᠠᠭᠰᠠᠨ᠎ᠳᠤ᠎ᠪᠠᠨ ᠠᠵᠠ᠎ᠲᠠᠢ ᠪᠤᠯᠤᠯ᠎ᠠ ᠭᠡᠰᠡᠨ ᠲᠥᠷᠦᠭᠳᠡᠯ᠎ᠢ ᠤᠯᠭᠤᠵᠦ ᠴᠢᠳᠠᠨ᠎ᠠ᠃ ᠰᠤᠷᠤᠭᠴᠢ ᠨᠡᠷ᠎ᠡ ᠮᠡᠳᠡᠭᠦᠯᠵᠤ ᠳᠠᠭᠤᠰᠤᠭᠰᠠᠨ ᠲᠠᠷᠤᠢ᠎ᠳᠤ ᠭᠡᠷ᠎ᠤᠨ ᠠᠬᠠᠮᠠᠳ᠎ᠤᠨ ᠬᠤᠷᠠᠯ᠎ᠢ ᠵᠣᠬᠢᠶᠠᠨ ᠪᠠᠶ᠋ᠢᠭᠤᠯᠵᠤ᠂ ᠰᠤᠷᠭ᠋ᠠᠭᠤᠯᠢ ᠵᠢᠨ ᠲᠤᠶ᠋ᠢᠮᠦ ᠪᠠᠶ᠋ᠢᠳᠠᠯ᠂ ᠥᠪᠡᠷ᠎ᠤᠨ ᠵᠶ᠋ᠠᠨ ᠲᠤᠬᠠᠢ᠂ ᠠᠩᠭᠢ ᠬᠤᠪᠢᠶᠠᠷᠢᠯᠠᠭᠰᠠᠨ ᠪᠠᠶ᠋ᠢᠳᠠᠯ᠂ ᠬᠢᠴᠢᠶᠡᠯᠯᠡᠭᠴᠢ ᠪᠠᠭᠰᠢ ᠵᠢᠨ ᠶᠡᠷᠦᠩᠭᠡᠢ ᠪᠠᠶ᠋ᠢᠳᠠᠯ ᠵᠢᠴᠢ ᠭᠡᠷ᠎ᠤᠨ ᠠᠬᠠᠮᠠᠳ᠎ᠲᠤ ᠲᠠᠯᠪᠢᠬᠤ ᠱᠠᠭ᠋ᠠᠷᠳᠠᠯᠭ᠎ᠠ ᠵᠡᠷᠭᠡ ᠵᠢ ᠨᠠᠷᠢᠯᠢᠬ ᠲᠤᠰᠢᠶᠠᠨ᠎ᠠ᠃ ᠢᠩᠬᠢᠵᠦ ᠬᠢᠬᠦ᠎ᠨᠢ ᠭᠡᠷ᠎ᠤᠨ ᠠᠬᠠᠮᠠᠳ᠎ᠲᠤ ᠬᠠᠨᠤᠮᠵᠢᠳᠠᠢ ᠲᠥᠷᠦᠭᠳᠡᠯ ᠣᠯᠭᠤᠬᠤ ᠵᠢᠨ ᠬᠠᠮᠳᠦ ᠲᠡᠳᠡᠨᠠᠷ᠎ᠤᠨ ᠰᠠᠨᠠᠭ᠎ᠠ ᠰᠡᠳᠬᠢᠯ᠎ᠢ ᠲᠠᠶ᠋ᠢᠪᠤᠰᠢᠷᠠᠭᠤᠯᠤᠨ ᠲᠠᠨ᠎ᠳᠤ ᠢᠳᠡᠭᠡᠨ ᠨᠠᠶ᠋ᠢᠳᠠᠵᠤ᠂ ᠪᠠᠭᠰᠢ ᠪᠣᠯᠤᠨ ᠭᠡᠷ᠎ᠤᠨ ᠠᠬᠠᠮᠠᠳ᠎ᠤᠨ ᠬᠤᠭᠤᠷᠤᠨᠳᠤᠬᠢ ᠰᠠᠶ᠋ᠢᠨ ᠰᠠᠶ᠋ᠢᠬᠠᠨ ᠠ᠋ᠶᠡᠯᠰᠡᠭ ᠬᠠᠷᠢᠯᠴᠠᠭ᠎ᠠ᠎ᠳᠤ ᠰᠠᠭᠤᠷᠢ ᠲᠠᠯᠪᠢᠬᠤ     ᠪᠣᠯᠤᠨ᠎ᠠ᠃
     (ᠭᠤᠷᠪᠠ) ᠰᠢᠨ᠎ᠡ ᠠᠩᠭᠢ᠎ᠪᠠᠨ ᠲᠤᠰᠤᠭᠰᠠᠨ᠎ᠤ ᠳᠠᠷᠠᠭ᠎ᠠ ᠠᠩᠬ᠎ᠠ ᠤᠳᠠᠭ᠋ᠠᠨ᠎ᠤ ᠠᠩᠭᠢ ᠵᠢᠨ ᠬᠤᠷᠠᠯ᠎ᠢ ᠠ᠋ᠷᠭᠡᠪᠰᠢ ᠰᠠᠶ᠋ᠢᠳᠤᠷ ᠵᠣᠬᠢᠶᠠᠨ ᠪᠠᠶ᠋ᠢᠭᠤᠯᠬᠤ ᠬᠡᠷᠡᠭᠲᠡᠢ᠃ ᠰᠤᠷᠤᠭᠴᠢ ᠪᠦᠬᠦᠨ ᠰᠢᠨ᠎ᠡ ᠤᠷᠴᠢᠨ᠎ᠳᠤ ᠢᠷᠡᠭᠰᠡᠨ᠎ᠤ ᠳᠠᠷᠠᠭ᠎ᠠ ᠶᠠᠭᠤᠨ᠎ᠤ ᠠ᠋ᠮᠦᠨ᠎ᠡ ᠠᠩᠭᠢ ᠵᠢᠨ ᠪᠠᠭᠰᠢ ᠵᠢᠨ ᠵᠶ᠋ᠠᠨ ᠪᠠᠶ᠋ᠢᠳᠠᠯ᠎ᠢ ᠤᠶ᠋ᠢᠯᠠᠭ᠋ᠠᠵᠦ᠂ ᠳᠠᠷᠠᠭ᠋ᠠᠴᠢ᠎ᠪᠠᠷ᠎ᠨᠢ ᠰᠤᠷᠤᠯᠭ᠎ᠠ ᠠᠮᠢᠳᠤᠷᠠᠯ᠎ᠤᠨ ᠵᠶ᠋ᠠᠨ ᠲᠤᠬᠠᠢ ᠪᠤᠳᠤᠯᠬᠢᠯᠠᠳᠠᠭ᠃ ᠠᠩᠭᠢ ᠵᠢᠨ ᠠ᠋ᠷᠬᠢᠯᠡᠭᠴᠢ ᠪᠠᠭᠰᠢ ᠪᠡᠯᠡᠳᠭᠡᠯ ᠠᠵᠢᠯ ᠵᠶ᠋ᠠᠨ ᠰᠠᠶ᠋ᠢᠳᠤᠷ ᠬᠢᠵᠦ᠂ ᠰᠤᠷᠤᠭᠴᠢᠳ᠎ᠲᠤ᠎ᠪᠠᠨ ᠰᠠᠶ᠋ᠢᠨ ᠰᠠᠶ᠋ᠢᠬᠠᠨ ᠠᠩᠬᠠᠨ᠎ᠤ ᠰᠠᠭᠤᠭᠳᠠᠯ ᠥᠭᠬᠦ᠎ᠨᠢ ᠲᠡᠳᠡᠨᠡᠷ᠎ᠲᠤ ᠨᠢᠭᠡᠨ ᠯᠠᠪᠳᠠᠭᠤᠨ ᠲᠣᠭᠲᠠᠭᠤᠨ ᠰᠤᠷᠤᠯᠴᠠᠭ᠍ᠤ ᠣᠷᠴᠢᠨ᠎ᠲᠠᠢ ᠪᠣᠯᠵᠦ᠂ ᠴᠢᠷᠮᠠᠶ᠋ᠢᠨ ᠰᠤᠷᠤᠯᠴᠠᠭ᠍ᠤ ᠬᠦᠰᠡᠯ ᠵᠤᠷᠢᠭ᠎ᠢ᠎ᠨᠢ ᠬᠦᠪᠴᠢᠯᠡᠵᠦ ᠴᠢᠳᠠᠭ᠍ᠤ ᠶᠤᠮ᠃
     (ᠳᠦᠷᠪᠠ) ᠨᠢᠭᠡᠨ ᠰᠢᠯᠢᠳᠡᠭ ᠠᠩᠭᠢ ᠵᠢᠨ ᠠ᠋ᠷᠬᠢᠯᠡᠭᠴᠢ ᠵᠢᠨ ᠤᠷ᠎ᠠ ᠳᠡᠮ᠎ᠨᠢ ᠠᠩᠭᠢ ᠵᠢᠨ ᠺᠠᠳ᠋ᠷ᠎ᠢ ᠰᠤᠩᠭᠤᠨ ᠬᠡᠷᠡᠭᠯᠡᠵᠤ ᠴᠢᠳᠠᠭ᠍ᠤ᠎ᠳᠤ ᠪᠠᠶ᠋ᠢᠳᠠᠭ᠃ ᠪᠦᠬᠦ ᠠᠩᠭᠢ ᠵᠢᠨ ᠰᠤᠷᠤᠭᠴᠢᠳ᠎ᠤᠨ ᠢᠲᠡᠭᠡᠯ᠎ᠢ ᠣᠯᠤᠭᠰᠠᠨ ᠠᠩᠭᠢ ᠵᠢᠨ ᠺᠠᠳ᠋ᠷ᠎ᠢ ᠬᠥᠮᠦᠵᠢᠭᠦᠯᠬᠦ᠎ᠨᠢ ᠲᠤᠶ᠋ᠢᠯ᠎ᠤᠨ ᠴᠢᠬᠤᠯᠠ ᠶᠤᠮ᠃ ᠠ᠋ᠶ᠋ᠢᠮᠦ᠎ᠠᠴᠠ ᠰᠢᠨ᠎ᠡ ᠠᠩᠭᠢ ᠵᠢ ᠲᠤᠰᠤᠭᠰᠠᠨ᠎ᠤ ᠳᠠᠷᠠᠭ᠎ᠠ᠂ ᠨᠢᠭᠡ᠎ᠠᠴᠠ ᠬᠤᠶᠠᠷ ᠭᠠᠷᠠᠭ᠎ᠤᠨ ᠬᠤᠭᠤᠴᠠᠭ᠎ᠠ ᠵᠢ ᠬᠡᠷᠡᠭᠯᠡᠵᠦ ᠪᠠᠶ᠋ᠢᠭ᠋ᠠᠳ ᠰᠤᠷᠤᠭᠴᠢ ᠵᠢᠨ ᠪᠠᠶ᠋ᠢᠳᠠᠯ᠎ᠢ ᠨᠡᠯᠢᠶᠡᠳ ᠤᠶ᠋ᠢᠯᠠᠭ᠋ᠠᠭᠰᠠᠨ᠎ᠤ ᠳᠠᠷᠠᠭ᠎ᠠ ᠠᠩᠭᠢ ᠵᠢᠨ ᠺᠠᠳ᠋ᠷ᠎ᠢ ᠰᠤᠩᠭᠤᠨ ᠲᠤᠭᠳᠠᠭ᠋ᠠᠵᠦ᠂ ᠠᠩᠭᠢ ᠵᠢᠨ ᠺᠠᠳ᠋ᠷ᠎ᠤᠨ ᠪᠣᠯᠪᠠᠰᠤᠷᠠᠯ᠎ᠢ ᠠ᠋ᠷᠬᠢᠯᠡᠨ᠂ ᠠᠵᠢᠯ᠎ᠤᠨ ᠬᠤᠪᠢᠶᠠᠷᠢᠯᠠᠯ᠎ᠢ ᠲᠣᠳᠤᠷᠬᠠᠢ ᠲᠤᠰᠢᠶᠠᠵᠤ᠂ ᠰᠤᠷᠭ᠋ᠠᠭᠤᠯᠢ ᠵᠢᠨ ᠳᠦᠷᠢᠮ ᠲᠤᠭᠳᠠᠭ᠋ᠠᠯ ᠵᠢᠴᠢ ᠠᠩᠭᠢ ᠵᠢᠨ ᠳᠦᠷᠢᠮ ᠵᠶ᠋ᠠᠨ ᠲᠤᠳᠤᠷᠬᠠᠢ ᠲᠤᠰᠢᠶᠠᠵᠤ᠂ ᠲᠥᠪ ᠴᠢᠩᠭ᠎ᠠ ᠱᠠᠭ᠋ᠠᠷᠳᠠᠯᠭ᠎ᠠ ᠲᠠᠯᠪᠢᠵᠦ᠂ ᠲᠡᠳᠡᠨᠠᠷ᠎ᠲᠤ ᠲᠤᠰ ᠠᠩᠭᠢ ᠵᠢᠨ ᠪᠦᠬᠦ᠋ᠢ᠍ᠯᠡ ᠰᠤᠷᠤᠯᠭ᠎ᠠ ᠠᠮᠢᠳᠤᠷᠠᠯ᠎ᠤᠨ ᠵᠠᠩᠬᠢᠯᠠᠭ᠎ᠠ᠎ᠨᠢ ᠴᠦᠮ ᠲᠡᠳᠡᠨᠠᠷ᠎ᠤᠨ ᠦᠢ᠍ᠯᠡ ᠠᠵᠢᠯᠯᠠᠭ᠎ᠠ᠎ᠠᠴᠠ ᠰᠢᠢ᠍ᠳᠪᠦᠷᠢᠯᠡᠭᠳᠡᠨ᠎ᠡ ᠭᠡᠰᠡᠨ ᠲᠦᠷᠦᠭᠳᠡᠯ᠎ᠲᠠᠢ ᠪᠤᠯᠭ᠋ᠠᠵᠦ ᠬᠠᠷᠢᠭᠤᠴᠠᠯᠭ᠋ᠠᠳᠦ ᠰᠡᠳᠬᠢᠯᠭᠡ ᠵᠢ᠎ᠨᠢ ᠪᠤᠢ ᠪᠤᠯᠭ᠋ᠠᠨ᠎ᠠ᠃ ᠠᠩᠭᠢ ᠵᠢᠨ ᠺᠠᠳ᠋ᠷ᠎ᠢ ᠰᠣᠩᠭᠤᠭᠰᠠᠨ᠎ᠤ ᠳᠠᠷᠠᠭ᠎ᠠ ᠠᠩᠭᠢ ᠵᠢᠨ ᠺᠠᠳ᠋ᠷ ᠵᠶ᠋ᠠᠨ ᠬᠡᠳᠦ ᠠᠷᠪᠢᠨ ᠰᠣᠯᠢᠬᠤ᠎ᠠᠴᠠ ᠵᠠᠶ᠋ᠢᠯᠠᠰᠬᠢᠬᠦ ᠬᠡᠷᠡᠭᠲᠡᠢ᠃ ᠠᠩᠭᠢ ᠵᠢᠨ ᠺᠠᠳ᠋ᠷ᠎ᠤᠨ ᠠ᠋ᠩᠨᠡᠭᠡ ᠵᠢᠨ ᠰᠠᠶ᠋ᠢᠨ ᠮᠠᠭᠤ᠎ᠨᠢ ᠰᠢᠭᠤᠳ ᠠᠩᠭᠢ ᠵᠢᠨ ᠬᠥᠭᠵᠢᠯ ᠪᠠᠳᠠᠷᠠᠯ᠎ᠲᠠᠢ ᠬᠤᠯᠪᠤᠭᠳᠠᠭ᠍ᠤ᠎ᠪᠠᠷ ᠪᠠᠷᠠᠭ᠍ᠤ ᠦᠭᠡᠢ ᠪᠦᠬᠦ ᠠᠩᠭᠢ ᠵᠢᠨ ᠰᠤᠷᠤᠯᠭ᠎ᠠ ᠵᠢᠨ ᠬᠢᠷᠢ ᠲᠦᠪᠰᠢᠨ᠎ᠢ ᠰᠢᠭᠤᠳ ᠨᠦᠯᠦᠭᠡᠯᠡᠳᠡᠭ᠃ ᠠ᠋ᠶ᠋ᠢᠮᠦ᠎ᠠᠴᠠ ᠠᠩᠭᠢ ᠵᠢᠨ ᠺᠠᠳ᠋ᠷ᠎ᠨᠢ ᠠᠩᠭᠢ ᠵᠢᠨ ᠪᠠᠭᠰᠢ ᠵᠢᠨ ᠭᠤᠣᠯ ᠬᠠᠪᠰᠤᠷᠤᠭᠴᠢ ᠪᠠᠶ᠋ᠢᠵᠦ᠂ ᠣᠨᠴᠠᠭ᠋ᠠᠢ ᠦᠶ᠎ᠡ᠎ᠳᠤ ᠠᠩᠭᠢ ᠵᠢᠨ ᠠ᠋ᠷᠬᠢᠯᠡᠭᠴᠢ ᠵᠢᠨ ᠣᠷᠤᠯᠠᠭᠴᠢ ᠵᠢᠨ ᠤᠶ᠋ᠢᠯᠡᠳᠦᠯ᠎ᠢ ᠦᠵᠡᠭᠦᠯᠵᠦ ᠪᠠᠶ᠋ᠢᠳᠠᠭ᠃ ᠵᠠᠷᠢᠮ ᠦᠶᠡᠰ ᠠᠩᠭᠢ ᠵᠢᠨ ᠪᠠᠭᠰᠢ ᠵᠢᠨ ᠰᠢᠢ᠍ᠳᠪᠦᠷᠢᠯᠡᠵᠦ ᠲᠡᠶ᠋ᠢᠯᠬᠦ ᠦᠭᠡᠢ ᠠᠰᠠᠭᠤᠳᠠᠯ᠎ᠢ ᠠᠩᠭᠢ ᠵᠢᠨ ᠺᠠᠳ᠋ᠷ ᠲᠤᠩ ᠬᠢᠯᠪᠠᠷᠬᠠᠨ ᠰᠢᠢ᠍ᠳᠪᠦᠷᠢᠯᠡᠴᠢᠬᠡᠳᠡᠭ ᠤᠳᠠᠭ᠎ᠠ ᠪᠠᠶ᠋ᠢᠳᠠᠭ᠃
     (ᠲᠠᠪᠤ) ᠠᠩᠭᠢ ᠵᠢᠨ ᠪᠠᠭᠰᠢ ᠵᠠᠪᠠᠯ ᠬᠡᠯᠡᠭᠰᠡᠨ ᠦᠭᠡᠨ᠎ᠳᠤ᠎ᠪᠠᠨ ᠡᠵᠡᠨ ᠰᠠᠭᠤᠵᠦ᠂ ᠬᠡᠯᠡᠭᠰᠡᠨ ᠠᠮᠠᠯᠠᠭᠰᠠᠨ ᠵᠤᠶ᠋ᠢᠯ ᠵᠶ᠋ᠠᠨ ᠪᠡᠶᠡᠯᠡᠭᠦᠯᠦᠭᠰᠡᠨ ᠪᠠᠶ᠋ᠢᠬᠤ ᠬᠡᠷᠡᠭᠲᠡᠢ᠂ ᠬᠢᠵᠦ ᠲᠡᠶ᠋ᠢᠯᠬᠦ ᠦᠭᠡᠢ ᠵᠤᠶ᠋ᠢᠯ᠎ᠢ ᠰᠤᠷᠤᠭᠴᠢ ᠵᠢᠨ ᠠ᠋ᠮᠦᠨ᠎ᠡ ᠬᠢᠯᠪᠠᠷ ᠲᠦᠭᠦᠮ ᠠᠮᠠᠯᠠᠵᠦ ᠪᠤᠯᠬᠤ ᠦᠭᠡᠢ᠃ ᠪᠠᠭᠰᠢ ᠬᠡᠷᠪᠡ ᠠ᠋ᠨᠡ ᠲᠡᠷᠡ ᠤᠴᠢᠷ ᠶᠠᠪᠤᠳᠠᠯ᠎ᠳᠤ ᠰᠢᠯᠲᠠᠭᠯᠠᠨ ᠬᠡᠯᠡᠭᠰᠡᠨ᠎ᠳᠤ᠎ᠪᠠᠨ ᠬᠦᠷᠬᠦ ᠦᠭᠡᠢ ᠪᠣᠯ ᠰᠤᠷᠤᠭᠴᠢ ᠵᠢᠨ ᠳᠤᠮᠲᠠ ᠢᠲᠡᠭᠡᠯ ᠬᠦᠨᠳᠦ᠎ᠪᠠᠨ ᠠᠯᠳᠠᠭ᠍ᠤ᠎ᠪᠠᠷ ᠪᠠᠷᠠᠭ᠍ᠤ ᠦᠭᠡᠢ ᠪᠦᠬᠦᠶ᠋ᠢᠯᠡ ᠠᠩᠬᠢ ᠨᠢᠭᠡᠴᠡ ᠵᠢᠨ ᠪᠤᠯᠪᠠᠰᠤᠨ ᠵᠠᠩ ᠮᠤᠷᠠᠯ ᠵᠢᠴᠢ ᠰᠤᠷᠤᠯᠭ᠎ᠠ ᠵᠢᠨ ᠬᠢᠷᠢ ᠪᠦᠳᠦᠮᠵᠢ᠎ᠳᠤ ᠨᠦᠯᠦᠭᠡ ᠪᠤᠯᠵᠤ ᠮᠠᠳᠠᠨ᠎ᠠ᠃ ᠠ᠋ᠨᠡ᠎ᠨᠢ ᠶᠠᠭ 《ᠮᠣᠳᠤ ᠵᠠᠶ᠋ᠢᠯᠠᠭ᠍ᠤ᠎ᠳᠤ ᠦᠨᠳᠤᠰᠤ ᠵᠢ᠎ᠨᠢ ᠵᠠᠶ᠋ᠢᠯᠠᠵᠦ᠂ ᠬᠥᠮᠦᠨ᠎ᠢ ᠬᠦᠮᠦᠵᠢᠬᠦᠯᠬᠦ᠎ᠳᠤ ᠰᠡᠳᠭᠢᠯ᠎ᠢ᠎ᠨᠢ ᠬᠥᠮᠦᠵᠢᠭᠦᠯᠬᠦ ᠬᠡᠷᠡᠭᠲᠠᠢ》 ᠭᠡᠰᠡᠨ ᠦᠭᠡ ᠶᠤᠮ᠃ ᠥᠪᠡᠷ᠎ᠤᠨ ᠰᠢᠯᠢᠳᠡᠭ ᠰᠠᠶ᠋ᠢᠨ ᠦᠢ᠍ᠯᠡ ᠠᠵᠢᠯᠯᠠᠭ᠎ᠠ᠎ᠪᠠᠷ ᠵᠶ᠋ᠠᠨ ᠰᠤᠷᠤᠭᠴᠢᠳ᠎ᠢ ᠨᠥᠯᠦᠭᠡᠯᠡᠨ᠂ ᠢᠲᠡᠭᠡᠯ᠎ᠢ᠎ᠨᠢ ᠣᠯᠴᠢᠬᠠᠬᠤ ᠶᠤᠮ ᠪᠣᠯ ᠬᠤᠶ᠋ᠢᠰᠢᠳᠡ ᠵᠢᠨ ᠠᠵᠢᠯ᠎ᠳᠤ ᠶᠠᠮᠠᠷ ᠴᠤ᠌ ᠰᠠᠭ᠋ᠠᠳ ᠪᠡᠷᠬᠡ ᠲᠤᠬᠢᠶᠠᠯᠳᠤᠭᠰᠠᠨ ᠴᠤ᠌ ᠰᠡᠳᠬᠢᠯ ᠨᠢᠭᠡᠲᠡᠢ ᠳᠠᠪᠠᠨ ᠲᠤᠭᠤᠯᠵᠤ ᠴᠢᠳᠠᠨ᠎ᠠ᠃ ᠮᠢᠨᠦ ᠨᠢᠭᠡ ᠤᠳᠠᠭ᠋ᠠᠨ᠎ᠤ ᠠ᠋ᠷᠬᠢᠯᠡᠭᠰᠡᠨ ᠠᠩᠬᠢ᠎ᠳᠤ ᠬᠤᠪᠢᠶᠠᠭᠳᠠᠭᠰᠠᠨ ᠰᠤᠷᠤᠭᠴᠢᠳ᠎ᠤᠨ ᠰᠤᠷᠤᠯᠭ᠎ᠠ ᠵᠢᠨ ᠶᠡᠷᠦᠩᠭᠡᠢ ᠬᠢᠷᠢ ᠲᠦᠪᠰᠢᠨ᠎ᠨᠢ ᠲᠡᠶ᠋ᠢᠮᠦ ᠰᠠᠶ᠋ᠢᠨ ᠪᠢᠰᠢ ᠪᠠᠢ᠍ᠢ᠍ᠭᠰᠠᠨ ᠪᠤᠯᠬᠤᠷ ᠠ᠋ᠬᠦᠨ᠎ᠤ ᠲᠦᠯᠦᠭᠡ ᠪᠢ ᠶᠡᠭᠡᠳᠡ ᠰᠡᠳᠬᠢᠯ ᠵᠦᠳᠡᠭᠡᠭᠰᠡᠨ ᠶᠤᠮ᠃ ᠳᠡᠭᠡᠭᠡᠳ ᠪᠤᠳᠤᠵᠦ ᠪᠤᠳᠤᠵᠦ ᠠ᠋ᠶ᠋ᠢᠮᠦ ᠨᠢᠭᠡᠨ ᠠᠷᠭ᠎ᠠ ᠵᠢ ᠲᠤᠷᠰᠢᠬᠤ᠎ᠪᠠᠷ ᠰᠢᠭᠤᠳᠴᠦ᠂ ᠬᠤᠭᠤᠴᠠᠭ᠋ᠠᠨ ᠲᠤᠮᠳᠠᠬᠢ ᠰᠢᠯᠭ᠋ᠠᠯᠲᠠ ᠵᠢᠨ ᠳᠠᠶ᠋ᠢᠴᠢᠯᠠᠯᠲᠠ ᠵᠢᠨ ᠬᠤᠷᠠᠯ ᠳᠡᠭᠡᠷ᠎ᠡ᠎ᠪᠠᠨ᠄ 《ᠠ᠋ᠨᠡ ᠤᠳᠠᠭ᠋ᠠᠨ᠎ᠤ ᠬᠤᠭᠤᠴᠠᠭ᠋ᠠᠨ ᠲᠤᠮᠲᠠᠬᠢ ᠰᠢᠯᠭ᠋ᠠᠯᠲᠠ᠎ᠳᠤ ᠠᠩᠭᠢ ᠵᠢᠨ ᠲᠡᠭᠰᠢᠳᠭᠡᠯ ᠬᠤᠪᠢ ᠬᠡᠷᠪᠡ ᠳᠡᠭᠡᠷ᠎ᠡ ᠬᠤᠭᠤᠴᠠᠭ᠋ᠠᠨ ᠡᠴᠦᠰ᠎ᠤᠨ ᠰᠢᠯᠭ᠋ᠠᠯᠲᠠ ᠵᠢᠨ ᠲᠡᠭᠰᠢᠳᠭᠡᠯ ᠬᠤᠪᠢ᠎ᠠᠴᠠ 3 ᠬᠤᠪᠢ᠎ᠠᠴᠠ ᠢᠯᠡᠭᠦᠤ ᠲᠡᠭᠰᠢᠳᠬᠡᠪᠡᠯ ᠠᠩᠭᠢ᠎ᠪᠠᠷ ᠵᠶ᠋ᠠᠨ ᠠᠭᠤᠯᠠᠨ᠎ᠳᠤ ᠵᠤᠭ᠋ᠠᠴᠠᠭ᠍ᠤ᠎ᠪᠠᠷ ᠶᠠᠪᠤᠨ᠎ᠠ》 ᠭᠡᠵᠦ ᠰᠦᠷ ᠰᠤᠷᠳᠤᠭᠤ᠎ᠲᠠᠢ ᠲᠤᠩᠬᠠᠭᠯᠠᠪᠠ᠃ ᠬᠤᠭᠤᠴᠠᠭ᠋ᠠᠨ ᠳᠤᠮᠳᠠᠬᠢ ᠰᠢᠯᠭ᠋ᠠᠯᠳᠠ ᠵᠢᠨ ᠳ᠋ᠦᠩ᠎ᠳᠤ ᠳᠡᠭᠡᠷ᠎ᠡ ᠬᠤᠭᠤᠴᠠᠭ᠋ᠠᠨ ᠡᠴᠦᠰ᠎ᠤᠨ ᠳᠡᠭᠰᠢᠳᠭᠡᠯ ᠬᠤᠪᠢ᠎ᠠᠴᠠ 3.3 ᠬᠤᠪᠢ ᠢᠯᠡᠬᠦᠤ᠎ᠪᠠᠷ ᠲᠡᠭᠰᠢᠳᠭᠡᠭᠰᠡᠨ ᠪᠠᠶ᠋ᠢᠯ᠎ᠠ᠃ ᠠ᠋ᠨᠡ ᠭᠦ᠌ ᠳ᠋ᠦᠩ᠎ᠢ ᠦᠵᠡᠭᠡᠳ ᠪᠢ ᠨᠢᠭᠡ ᠪᠠᠶᠠᠷᠯᠠᠵᠦ ᠨᠢᠭᠡ ᠵᠤᠪᠠᠵᠦ ᠰᠠᠭᠤᠯ᠎ᠠ᠃ ᠪᠠᠶᠠᠷᠯᠠᠭᠰᠠᠨ ᠤᠴᠢᠷ ᠭᠡᠪᠡᠯ ᠮᠢᠨᠦ ᠬᠦᠭᠡᠷᠦᠬᠦᠨ ᠰᠤᠷᠤᠭᠴᠢᠳ᠎ᠲᠤ ᠮᠢᠨᠢ ᠳᠠᠯᠳᠠ ᠨᠢᠭᠤᠴᠠ ᠬᠦᠴᠦᠨ ᠪᠤᠢ᠂ ᠮᠢᠨᠦ ᠠᠪᠤᠭᠰᠠᠨ ᠠᠷᠭ᠎ᠠ ᠤᠶ᠋ᠢᠯᠡᠳᠦᠯ ᠦᠵᠡᠬᠦᠯᠵᠠᠢ᠃ ᠵᠤᠪᠠᠵᠦ ᠪᠠᠶ᠋ᠢᠭ᠎ᠠ ᠤᠴᠢᠷ᠎ᠨᠢ ᠨᠠᠮᠠᠢ᠍ᠢ ᠰᠤᠷᠤᠭᠴᠢᠳ᠎ᠲᠤ᠎ᠪᠠᠨ ᠠᠮᠠᠯᠠᠭᠰᠠᠨ᠎ᠤ ᠳᠠᠷᠠᠭ᠋ᠠᠬᠠᠨ ᠳᠡᠭᠡᠷ᠎ᠡ ᠱᠠᠳᠤᠨ᠎ᠠᠴᠠ ᠵᠠᠷᠯᠢᠭ ᠢᠷᠡᠵᠦ᠂ ᠰᠤᠷᠭ᠋ᠠᠭᠤᠯᠢ᠎ᠨᠤᠭᠤᠳ ᠰᠤᠷᠤᠭᠴᠢᠳ᠎ᠢ ᠵᠤᠬᠢᠶᠠᠨ ᠪᠠᠶ᠋ᠢᠭᠤᠯᠵᠦ ᠲᠤᠭᠤᠷᠢᠨ ᠵᠤᠭ᠋ᠠᠴᠠᠭ᠍ᠤ ᠬᠦᠳᠡᠯᠭᠡᠭᠡᠨ ᠬᠢᠵᠦ ᠪᠤᠯᠬᠤ ᠦᠭᠡᠢ ᠭᠡᠰᠡᠨ ᠪᠠᠶ᠋ᠢᠯ᠎ᠠ᠃ ᠤᠳᠤ ᠰᠤᠷᠤᠭᠴᠢᠳ᠎ᠲᠤ᠎ᠪᠠᠨ ᠬᠡᠷᠬᠢᠨ ᠬᠠᠷᠢᠭᠤᠯᠳᠠᠭ ᠪᠢᠯᠡ ᠭᠡᠵᠦ ᠠᠷᠭ᠎ᠠ ᠪᠠᠷᠠᠭᠳᠠᠨ ᠰᠠᠨᠳᠤᠷᠴᠦ ᠪᠠᠶ᠋ᠢᠳᠠᠯ᠎ᠠ᠂ ᠰᠤᠷᠤᠭᠴᠢᠳ ᠮᠢᠨᠢ ᠨᠠᠳᠠ᠎ᠠᠴᠠ᠄ 《ᠪᠠᠭᠰᠢ ᠡ! ᠮᠠᠨ᠎ᠤ ᠠᠩᠭᠢ ᠬᠡᠵᠢᠶ᠎ᠡ ᠵᠤᠭ᠋ᠠᠴᠠᠭ᠍ᠤ᠎ᠪᠠᠷ ᠶᠠᠪᠤᠬᠤ ᠪᠤᠢ?》 ᠭᠡᠵᠦ ᠶᠡᠭᠡᠯ᠎ᠡ ᠪᠠᠶᠠᠷ᠎ᠲᠠᠢ ᠠᠰᠠᠭᠤᠯ᠎ᠠ᠂ ᠪᠢ ᠲᠡᠷᠡ ᠳᠠᠷᠤᠢ᠎ᠳᠤ᠎ᠨᠢ ᠬᠡᠷᠬᠢᠨ ᠬᠠᠷᠢᠭᠤᠯᠬᠤ᠎ᠪᠠᠨ ᠤᠯᠵᠦ ᠴᠢᠳᠠᠭᠰᠠᠨ ᠦᠭᠡᠢ᠃ ᠬᠤᠶᠠᠷ ᠠ᠋ᠳᠦᠷ ᠦᠩᠭᠡᠷᠡᠭᠰᠡᠨ᠎ᠤ ᠳᠠᠷᠠᠭ᠎ᠠ ᠬᠢᠴᠢᠶᠡᠯ ᠳᠡᠭᠡᠷ᠎ᠡ 《ᠰᠤᠷᠭ᠋ᠠᠭᠤᠯᠢ᠎ᠠᠴᠠ ᠪᠢᠳᠠᠨ᠎ᠤ ᠵᠤᠭ᠋ᠠᠴᠠᠭ᠍ᠤ ᠶᠠᠪᠤᠳᠠᠯ᠎ᠢ ᠵᠥᠪᠰᠢᠶᠡᠷᠡᠭᠦ ᠦᠭᠡᠢ ᠪᠠᠶ᠋ᠢᠨ᠎ᠠ᠂ ᠳᠠᠷᠠᠭ᠎ᠠ᠎ᠪᠠᠷ ᠪᠣᠯᠤᠶ᠎ᠠ》 ᠭᠡᠵᠦ ᠳᠦᠬᠦᠮᠭᠡᠨ ᠨᠢᠭᠡ ᠬᠠᠷᠢᠭᠤ ᠦᠭᠴᠦ ᠠ᠋ᠨᠡ ᠶᠠᠪᠤᠳᠠᠯ᠎ᠢ ᠳᠠᠭᠤᠰᠬᠠᠵᠠᠢ᠃ ᠠ᠋ᠬᠦᠨ᠎ᠠᠴᠠ ᠪᠤᠯᠵᠦ ᠰᠤᠷᠤᠭᠴᠢ ᠵᠢᠨ ᠳᠤᠮᠳᠠ ᠲᠤᠩ ᠦᠢ᠍ᠮᠡᠭᠡᠨ ᠳᠡᠭᠳᠡᠵᠦ᠂ ᠪᠠᠭᠰᠢ ᠬᠡᠯᠡᠭᠰᠡᠨ᠎ᠳᠤ᠎ᠪᠠᠨ ᠬᠦᠷᠦᠭᠰᠡᠨ ᠦᠭᠡᠢ ᠭᠡᠰᠡᠨ ᠶᠠᠷᠢᠶ᠎ᠠ ᠳᠠᠯᠳᠠ᠎ᠪᠠᠷ ᠲᠠᠮᠵᠢᠭᠳᠠᠵᠦ᠂ ᠪᠢ ᠴᠦ᠍ ᠰᠤᠷᠤᠭᠴᠢᠳ᠎ᠤᠨ ᠵᠶ᠋ᠠᠨ ᠢᠲᠡᠭᠡᠯ᠎ᠢ ᠨᠠᠯᠢᠶᠡᠳ ᠠᠯᠳᠠᠪᠠ᠃ ᠠ᠋ᠭᠦᠨ᠎ᠤ ᠦᠷ᠎ᠡ ᠳ᠋ᠦᠩ᠎ᠳᠤ ᠲᠤᠰ ᠬᠤᠭᠤᠴᠠᠭ᠋ᠠᠨ᠎ᠤ ᠬᠤᠭᠤᠴᠠᠭ᠋ᠠᠨ ᠡᠴᠦᠰ᠎ᠤᠨ ᠰᠢᠯᠭ᠋ᠠᠯᠲᠠ ᠵᠢᠨ ᠳᠡᠭᠰᠢᠳᠭᠡᠯ ᠬᠤᠪᠢ ᠳᠡᠭᠡᠷ᠎ᠡ ᠬᠤᠭᠤᠴᠠᠭ᠋ᠠᠨ ᠡᠴᠦᠰ᠎ᠤᠨ ᠰᠢᠯᠭ᠋ᠠᠯᠲᠠ᠎ᠪᠠᠨ ᠴᠦ᠍ ᠬᠦᠷᠦᠭᠰᠡᠨ ᠦᠭᠡᠢ ᠪᠠᠶ᠋ᠢᠯ᠎ᠠ᠃ ᠢᠩᠬᠢᠵᠦ ᠨᠢᠭᠡ ᠤᠳᠠᠭ᠎ᠠ ᠠᠯᠳᠠᠭ᠎ᠠ ᠭᠠᠷᠭ᠋ᠠᠵᠦ᠂ ᠠ᠋ᠬᠦᠨ᠎ᠤ᠎ᠪᠠᠨ ᠬᠤᠤᠷ᠎ᠨᠢ ᠢᠩᠬᠢᠵᠦ ᠬᠦᠭᠡᠷᠦᠭᠦᠨ ᠬᠡᠤᠭᠡᠳ᠎ᠤᠳ᠎ᠤᠨ ᠮᠢᠨᠢ ᠰᠤᠷᠤᠯᠭ᠎ᠠ ᠠᠮᠢᠳᠤᠷᠠᠯ᠎ᠳᠤ ᠬᠦᠷᠦᠭᠰᠡᠨ ᠶᠤᠮᠰᠠᠨ᠃
     (ᠵᠢᠷᠭᠤᠭ᠎ᠠ) 《ᠪᠦᠯᠬᠦᠮᠳᠡᠯ ᠪᠣᠯ ᠠᠯᠢᠪᠠ ᠠᠵᠢᠯ᠎ᠤᠨ ᠠᠮᠢᠨ ᠰᠤᠳᠠᠰᠤ ᠮᠥᠨ》᠃ ᠠᠩᠭᠢ ᠵᠢᠨ ᠪᠠᠭᠰᠢ ᠪᠤᠯᠤᠬᠰᠡᠳ ᠠᠩᠭᠢ ᠵᠢᠨ ᠨᠢᠭᠲᠠᠷᠠᠯ ᠪᠦᠯᠬᠦᠮᠳᠡᠯ᠎ᠢ ᠰᠠᠨᠠᠭ᠋ᠠᠴᠢᠯᠠᠭ᠎ᠠ᠎ᠲᠠᠢ᠎ᠪᠠᠷ ᠬᠥᠮᠦᠵᠢᠭᠦᠯᠬᠦ ᠴᠢᠬᠤᠯᠠ᠎ᠲᠠᠢ ᠮᠥᠷᠲᠡᠭᠡᠨ ᠬᠥᠮᠦᠵᠢᠭᠦᠯᠬᠦ ᠴᠠᠭ ᠲᠣᠬᠢᠶᠠᠯ᠎ᠢ ᠴᠦ᠍ ᠠᠯᠳᠠᠵᠦ ᠪᠣᠯᠬᠤ ᠦᠭᠡᠢ᠃ ᠵᠢᠱ᠌ᠢᠶᠡᠯᠡᠪᠡᠯ᠂ ᠰᠤᠷᠭ᠋ᠠᠭᠤᠯᠢ ᠵᠢᠨ ᠲᠠᠮᠢᠷ᠎ᠤᠨ ᠤᠷᠤᠯᠳᠤᠭ᠋ᠠᠨ ᠪᠣᠯ ᠠᠩᠭᠢ ᠵᠢᠨ ᠪᠦᠯᠬᠦᠮᠳᠡᠯ᠎ᠢ ᠵᠤᠵᠠᠭ᠋ᠠᠳᠬᠠᠬᠤ ᠨᠢᠭᠡ ᠰᠠᠶ᠋ᠢᠬᠠᠨ ᠵᠠᠪᠰᠢᠶᠠᠨ ᠮᠥᠨ᠃ ᠶᠠᠭᠤᠨ᠎ᠤ ᠠ᠋ᠮᠦᠨ᠎ᠡ᠂ ᠰᠢᠨ᠎ᠡ ᠠᠩᠭᠢ ᠨᠢᠭᠡᠴᠡ ᠪᠦᠷᠢᠯᠳᠦᠭᠰᠡᠨ᠎ᠤ ᠳᠠᠷᠠᠭ᠋ᠠᠬᠢ ᠠᠩᠬᠠᠳᠤᠭ᠋ᠠᠷ ᠤᠳᠠᠭ᠋ᠠᠨ᠎ᠤ ᠲᠠᠮᠢᠷ᠎ᠤᠨ ᠤᠷᠤᠯᠳᠤᠭ᠋ᠠᠨ᠎ᠤ ᠪᠡᠯᠡᠳᠭᠡᠯ ᠠᠵᠢᠯ᠎ᠢ ᠬᠢᠵᠦ᠂ ᠬᠦᠮᠦᠨ ᠪᠣᠯᠭ᠋ᠠᠨ᠎ᠳᠤ ᠠᠵᠢᠯ ᠠ᠋ᠬᠦᠷᠭᠡ ᠳᠠᠭ᠋ᠠᠭ᠋ᠠᠯᠭ᠋ᠠᠵᠦ᠂ ᠬᠥᠮᠦᠨ ᠪᠦᠬᠦᠨ ᠬᠦᠴᠦᠨ ᠴᠢᠳᠠᠯ ᠵᠶ᠋ᠠᠨ ᠦᠵᠡᠭᠦᠯᠬᠦ ᠵᠢ ᠤᠷᠢᠶᠠᠯᠠᠨ᠂ ᠪᠦᠬᠦᠨ᠎ᠤ ᠬᠦᠴᠦ ᠬᠥᠳᠡᠯᠮᠦᠷᠢ ᠵᠠᠷᠤᠴᠠᠭᠤᠯᠤᠭᠰᠠᠨ ᠦᠷ᠎ᠡ ᠪᠦᠳᠦᠬᠡᠯ᠎ᠢ ᠤᠯᠬᠤ᠎ᠪᠠᠷ ᠴᠢᠷᠮᠠᠢ᠍ᠢ᠍ᠨ᠎ᠠ᠃ ᠲᠠᠮᠢᠷ᠎ᠤᠨ ᠤᠷᠤᠯᠳᠤᠭ᠋ᠠᠨ᠎ᠤ ᠦᠷ᠎ᠡ ᠪᠦᠳᠦᠮᠵᠢ᠎ᠪᠠᠷ 《ᠬᠠᠮᠳᠤ ᠵᠢᠨ ᠬᠦᠴᠦᠨ ᠪᠣᠯ ᠴᠠᠭᠯᠠᠰᠢ ᠦᠭᠡᠢ》 ᠬᠡᠳᠡᠭ ᠶᠣᠰᠤ ᠤᠴᠢᠷ᠎ᠢ ᠭᠦᠨᠵᠡᠭᠡᠢ ᠤᠬᠠᠭ᠋ᠠᠷᠠᠭᠤᠯᠵᠦ᠂ ᠬᠤᠶ᠋ᠢᠰᠢᠳᠡ ᠵᠢᠨ ᠠᠩᠭᠢ ᠨᠢᠭᠡᠴᠡ ᠵᠢᠨ ᠶᠠᠮᠠᠷᠪᠠ ᠠᠵᠢᠯ᠎ᠳᠤ ᠠᠯᠢ ᠨᠢᠭᠡᠨ ᠬᠤᠪᠢ ᠬᠦᠮᠦᠨ᠎ᠤ ᠬᠦᠴᠦ ᠬᠦᠳᠡᠯᠮᠦᠷᠢ ᠴᠦ᠍ ᠭᠡᠰᠡᠨ ᠳᠤᠲᠠᠭᠳᠠᠵᠤ ᠪᠤᠯᠤᠰᠢ ᠦᠭᠡᠢ ᠭᠡᠳᠡᠭ ᠭᠦᠨᠵᠡᠭᠡᠢ ᠲᠠᠨᠢᠯᠳᠠ᠎ᠲᠠᠢ ᠪᠤᠯᠭ᠋ᠠᠨ᠎ᠠ᠃ ᠠ᠋ᠨᠡ ᠪᠤᠯ ᠳᠠᠷᠤᠢ 《ᠭᠡᠤᠭᠡᠳ᠎ᠲᠤ ᠠ᠋ᠬᠦᠷᠭᠡ ᠬᠠᠷᠢᠭᠤᠴᠠᠯᠭ᠎ᠠ ᠬᠦᠯᠢᠶᠡᠯᠭᠡᠬᠦ᠎ᠨᠢ ᠳᠡᠳᠡᠨ᠎ᠢ ᠦᠰᠭᠡᠬᠦ ᠨᠢᠭᠡᠨ ᠰᠠᠶ᠋ᠢᠨ ᠠᠷᠭ᠎ᠠ ᠪᠠᠷᠢᠯ ᠶᠤᠮ》 ᠭᠡᠰᠡᠨ ᠮᠤᠩᠭᠤᠯ᠎ᠤᠨ ᠰᠠᠶ᠋ᠢᠬᠠᠨ ᠵᠤᠶ᠋ᠢᠷ ᠦᠭᠡ ᠵᠢᠨ ᠪᠤᠳᠠᠳᠠᠶ᠋ᠢᠵᠢᠭᠤᠯᠤᠯᠳᠠ ᠪᠤᠯᠬᠤ ᠶᠤᠮ᠃
     (ᠳᠤᠯᠤᠭ᠎ᠠ) ᠬᠦᠮᠦᠰ᠎ᠤᠨ ᠬᠤᠭᠤᠷᠤᠨᠳᠤᠬᠢ ᠬᠠᠷᠢᠴᠠᠭ᠎ᠠ ᠵᠢ ᠵᠥᠪ ᠵᠶ᠋ᠠᠷ ᠰᠢᠢ᠍ᠳᠪᠦᠷᠢᠯᠡᠵᠦ ᠵᠤᠬᠢᠴᠠᠭᠤᠯᠬᠤ᠎ᠨᠢ ᠠᠩᠭᠢ ᠵᠢᠨ ᠪᠠᠭᠰᠢ ᠵᠢᠨ ᠤᠷ᠎ᠠ ᠮᠡᠷᠭᠡᠰᠢᠯ ᠮᠥᠨ᠃ ᠬᠢᠴᠢᠶᠡᠯ ᠲᠦᠷᠦᠯ᠎ᠤᠨ ᠪᠠᠭᠰᠢ ᠨᠠᠷ᠂ ᠪᠠᠭᠰᠢ ᠪᠤᠯᠤᠨ ᠭᠡᠷ᠎ᠤᠨ ᠠᠬᠠᠮᠠᠳ᠂ ᠬᠢᠴᠢᠶᠡᠯᠯᠡᠭᠴᠢ ᠪᠠᠭᠰᠢ ᠪᠣᠯᠤᠨ ᠰᠤᠷᠤᠭᠴᠢ ᠵᠢᠨ ᠬᠤᠭᠤᠷᠤᠨᠳᠤ ᠵᠥᠷᠢᠴᠡᠯ ᠵᠥᠩᠳᠡᠭᠡᠨ ᠲᠣᠬᠢᠶᠠᠯᠳᠤᠳᠠᠭ᠃ ᠲᠡᠭᠦᠨ᠎ᠢ ᠠᠩᠭᠢ ᠵᠢᠨ ᠠ᠋ᠷᠬᠢᠯᠡᠭᠴᠢ ᠪᠠᠭᠰᠢ ᠵᠠᠪᠠᠯ ᠡᠯ᠎ᠡ ᠵᠤᠶ᠋ᠢᠯ᠎ᠤᠨ ᠣᠶᠤᠨᠯᠢᠭ ᠠᠷᠭ᠎ᠠ᠎ᠪᠠᠷ ᠲᠣᠬᠢᠷᠠᠮᠵᠢᠲᠠᠢ ᠰᠠᠶ᠋ᠢᠬᠠᠨ ᠵᠤᠬᠢᠴᠠᠭᠤᠯᠤᠨ ᠰᠢᠢ᠍ᠳᠪᠦᠷᠢᠯᠡᠬᠦ ᠬᠡᠷᠡᠭᠲᠠᠢ᠃ ᠦᠨᠡᠨ᠎ᠢ ᠬᠡᠯᠡᠪᠡᠯ ᠬᠢᠴᠢᠶᠡᠯᠯᠡᠭᠴᠢ ᠪᠠᠭᠰᠢ ᠪᠠ ᠰᠤᠷᠤᠭᠴᠢ ᠵᠢᠨ ᠬᠠᠷᠢᠴᠠᠭ᠎ᠠ᠎ᠨᠢ ᠵᠢᠭ᠋ᠠᠨ ᠰᠤᠷᠭ᠋ᠠᠯᠲᠠ ᠵᠢᠨ ᠴᠢᠬᠤᠯᠠ ᠭᠤᠭᠴᠤᠭ᠎ᠠ ᠪᠤᠯᠬᠤ ᠶᠤᠮ᠃ ᠳᠡᠳᠡᠨᠠᠷ᠎ᠤᠨ ᠵᠦᠷᠢᠴᠡᠯ ᠮᠦᠷᠭᠦᠯᠳᠦᠭᠡᠨ᠎ᠢ ᠵᠤᠬᠢᠰᠳᠠᠢ ᠰᠢᠢ᠍ᠳᠪᠦᠷᠢᠯᠡᠵᠦ ᠳᠡᠳᠡᠨᠠᠷ᠎ᠤᠨ ᠬᠠᠷᠢᠴᠠᠭ᠎ᠠ ᠵᠢ ᠤᠬᠢ ᠰᠠᠶ᠋ᠢᠨ ᠪᠠᠶ᠋ᠢᠯᠭ᠋ᠠᠬᠤ᠎ᠨᠢ 《ᠬᠠᠳᠠᠮ ᠡᠵᠢ ᠪᠣᠯᠤᠨ ᠪᠡᠷᠢ ᠵᠢᠨ ᠬᠤᠭᠤᠷᠤᠨᠳᠤᠬᠢ ᠵᠦᠷᠢᠴᠡᠯ》᠎ᠢ ᠰᠢᠢ᠍ᠳᠪᠦᠷᠢᠯᠡᠬᠦ᠎ᠠᠴᠠ ᠴᠦ᠍ ᠬᠦᠴᠢᠷ ᠪᠠᠶ᠋ᠢᠳᠠᠭ᠃ ᠰᠢᠨ᠎ᠡ᠎ᠪᠠᠷ ᠠᠵᠢᠯ᠎ᠤᠨ ᠭᠠᠷᠤᠭ᠎ᠠ᠎ᠪᠠᠨ ᠠᠪᠴᠦ ᠪᠠᠶ᠋ᠢᠭ᠎ᠠ᠂ ᠠᠵᠢᠯ᠎ᠳᠤ ᠤᠷᠤᠭ᠋ᠠᠳ ᠤᠳᠠᠭ᠎ᠠ ᠦᠭᠡᠢ ᠵᠠᠯᠠᠭᠤ ᠪᠠᠭᠰᠢ ᠨᠠᠷ᠎ᠲᠤ ᠠᠪᠴᠦ ᠬᠡᠯᠡᠪᠡᠯ ᠠ᠋ᠨᠡ ᠲᠠᠯ᠎ᠠ ᠵᠢᠨ ᠠᠵᠢᠯ᠎ᠨᠢ ᠲᠤᠶ᠋ᠢᠯ᠎ᠤᠨ ᠬᠦᠴᠢᠷ ᠲᠦᠪᠡᠭ᠎ᠲᠠᠢ 《ᠲᠤᠯᠤᠭ᠋ᠠᠢ ᠡᠪᠡᠳᠬᠡᠬᠦ》 ᠰᠤᠳᠤᠯᠭ᠋ᠠᠨ᠎ᠤ ᠰᠡᠳᠦᠪ ᠪᠤᠯᠬᠤ ᠶᠤᠮ᠃
     (ᠨᠠᠢ᠍ᠮᠠ) ᠠᠩᠭᠢ ᠨᠢᠭᠡᠴᠡ ᠵᠢᠨ ᠰᠤᠶᠤᠯ᠎ᠤᠨ ᠤᠷᠴᠢᠨ᠎ᠤ ᠪᠦᠳᠦᠭᠡᠨ ᠪᠠᠶ᠋ᠢᠭᠤᠯᠤᠯᠳᠠ ᠵᠢ ᠲᠤᠶ᠋ᠢᠯ᠎ᠤᠨ ᠴᠢᠬᠤᠯᠠ ᠠᠵᠢᠯ ᠪᠤᠯᠭ᠋ᠠᠨ ᠠᠳᠬᠤᠬᠤ ᠬᠡᠷᠡᠭᠲᠡᠢ᠃ ᠠᠩᠭᠢ ᠵᠢᠨ ᠰᠤᠷᠤᠯᠴᠠᠭ᠍ᠤ ᠠᠭᠤᠷ ᠠᠮᠢᠰᠬᠤᠯ᠎ᠢ ᠬᠥᠭᠵᠢᠶᠡᠨ᠎ᠲᠠᠢ ᠪᠣᠯᠭ᠋ᠠᠬᠤ᠎ᠨᠢ ᠰᠤᠷᠭ᠋ᠠᠨ ᠬᠦᠮᠦᠵᠢᠯ ᠵᠢᠭ᠋ᠠᠨ ᠰᠤᠷᠭ᠋ᠠᠯᠳᠠ ᠵᠢᠨ ᠵᠠᠩᠬᠢᠯᠠᠭ᠎ᠠ ᠪᠣᠯᠤᠨ᠎ᠠ᠃ ᠠᠩᠭᠢ ᠨᠢᠭᠡᠴᠡ ᠵᠢᠨ ᠳᠤᠳᠤᠭ᠋ᠠᠳᠦ᠎ᠳᠤ᠎ᠪᠠᠨ ᠵᠣᠬᠢᠰᠲᠠᠢ ᠬᠥᠳᠡᠯᠭᠡᠭᠡᠨ᠎ᠢ ᠵᠣᠬᠢᠶᠠᠨ ᠪᠠᠶ᠋ᠢᠭᠤᠯᠵᠤ ᠰᠤᠷᠤᠭᠴᠢ ᠵᠢᠨ ᠰᠤᠷᠤᠯᠴᠠᠭ᠍ᠤ ᠤᠷᠮ᠎ᠠ ᠵᠣᠷᠢᠭ᠎ᠢ ᠬᠥᠪᠴᠢᠯᠡᠨ᠂ ᠮᠡᠳᠡᠯᠭᠡ᠂ ᠮᠡᠷᠭᠡᠵᠢᠯ᠂ ᠰᠢᠨᠵᠢᠯᠡᠬᠦ ᠤᠠᠭᠭ᠋ᠠᠨ᠎ᠤ ᠰᠤᠨᠢᠨ ᠭᠠᠶ᠋ᠢᠬᠠᠮᠰᠢᠭ᠎ᠢ ᠲᠠᠨᠢᠭᠤᠯᠤᠨ᠎ᠠ᠃ ᠵᠢᠱ᠌ᠢᠶᠡᠯᠡᠪᠡᠯ᠄ ᠠᠩᠭᠢ᠎ᠳᠤ᠎ᠪᠠᠨ ᠭᠠᠷᠠᠭ᠎ᠤᠨ ᠪᠢᠴᠢᠮᠡᠯ ᠰᠣᠨᠢᠨ᠎ᠢ ᠵᠣᠬᠢᠶᠠᠨ ᠪᠠᠶ᠋ᠢᠭᠤᠯᠬᠤ᠂ ᠬᠠᠨ᠎ᠠ ᠵᠢᠨ ᠰᠣᠨᠢᠨ᠎ᠢ ᠵᠣᠬᠢᠶᠠᠨ ᠪᠠᠶ᠋ᠢᠭᠤᠯᠬᠤ᠂ ᠲᠤᠰᠬᠠᠢ ᠰᠡᠳᠦᠪᠳᠤ ᠠᠩᠭᠢ ᠵᠢᠨ ᠬᠤᠷᠠᠯ᠎ᠢ ᠵᠣᠬᠢᠶᠠᠨ ᠪᠠᠶ᠋ᠢᠭᠤᠯᠬᠤ᠂ ᠣᠷᠤᠨ ᠨᠤᠳᠤᠭ᠎ᠤᠨ ᠨᠡᠷᠡᠳᠤ ᠬᠥᠮᠦᠰ᠎ᠢ ᠤᠷᠢᠵᠤ ᠢᠯᠡᠳᠭᠡᠯ ᠬᠢᠯᠭᠡᠬᠦ᠂ ᠨᠣᠮ ᠤᠩᠰᠢᠬᠤ ᠬᠥᠳᠡᠯᠭᠡᠭᠡᠨ᠂ ᠯᠧᠢ ᠹᠧᠩ᠎ᠠᠴᠠ ᠰᠤᠷᠤᠯᠴᠠᠭ᠍ᠤ ᠬᠥᠳᠡᠯᠭᠡᠭᠡᠨ᠂ ᠮᠣᠳᠤ ᠲᠠᠷᠢᠬᠤ ᠬᠥᠳᠡᠯᠭᠡᠭᠡᠨ ᠭᠡᠬᠦ ᠮᠡᠳᠤ ᠵᠢᠨ ᠤᠯᠠᠨ ᠶᠠᠩᠵᠤ ᠵᠢᠨ ᠲᠤᠷ᠎ᠠ ᠰᠤᠨᠢᠷᠬᠠᠯᠳᠤ ᠬᠥᠳᠡᠯᠭᠡᠭᠡᠨ᠎ᠢ ᠵᠣᠬᠢᠶᠠᠨ ᠪᠠᠶ᠋ᠢᠭᠤᠯᠵᠤ᠂ ᠰᠤᠷᠤᠭᠴᠢᠳ᠎ᠤᠨ ᠮᠡᠳᠡᠯᠭᠡ ᠪᠣᠯᠤᠨ ᠪᠦᠲᠦᠬᠡᠯᠴᠢ ᠴᠢᠨᠠᠷ᠎ᠢ ᠲᠡᠭᠡᠭᠰᠢᠯᠡᠭᠦᠯᠦᠨ ᠬᠠᠷᠠᠭ᠎ᠠ ᠵᠢ᠎ᠨᠢ ᠲᠡᠯᠡᠵᠦ ᠰᠡᠳᠬᠢᠴᠡ ᠵᠢᠨ ᠤᠷᠤᠨ ᠵᠠᠢ ᠵᠢ ᠥᠷᠭᠡᠳᠭᠡᠬᠦ ᠴᠢᠬᠤᠯᠠ᠎ᠲᠠᠢ᠃ ᠰᠤᠷᠤᠭᠴᠢᠳ ᠬᠡᠷᠪᠡ ᠥᠪᠡᠷ᠎ᠤᠨ ᠭᠡᠰᠡᠨ ᠬᠠᠷᠠᠯᠲᠠ᠎ᠲᠠᠢ ᠪᠣᠯᠴᠢᠬᠠᠪᠠᠯ ᠠᠩᠭᠢ ᠵᠢᠨ ᠰᠠᠬᠢᠯᠭ᠎ᠠ ᠪᠠᠳᠤ ᠠᠶᠠᠨᠳᠠᠭ᠋ᠠᠨ ᠰᠠᠶ᠋ᠢᠵᠢᠷᠠᠨ᠎ᠠ᠃
     (ᠶᠢᠰᠦ) ᠬᠤᠴᠤᠷᠤᠩᠭᠤᠢ ᠰᠤᠷᠤᠬ᠍ᠴᠢ ᠵᠢᠨ ᠬᠢᠯᠠᠰ ᠴᠡᠭ᠎ᠢ ᠢᠯᠡᠭᠦᠬᠡᠨ ᠣᠯᠵᠤ ᠬᠠᠷᠠᠨ᠂ ᠬᠠᠶ᠋ᠢᠷ᠎ᠠ ᠵᠢᠨ ᠬᠤᠷ᠎ᠠ᠎ᠪᠠᠷ ᠲᠡᠳᠡᠨ᠎ᠤ ᠰᠡᠳᠭᠢᠯ᠎ᠢ ᠤᠮᠳᠠᠯᠠᠭ᠍ᠤ᠎ᠪᠠᠷ ᠬᠥᠮᠦᠵᠢᠭᠦᠯᠬᠦ ᠭᠤᠣᠯ ᠰᠢᠵᠢᠮ ᠪᠤᠯᠭ᠋ᠠᠬᠤ ᠵᠢ ᠴᠢᠬᠤᠯᠠᠴᠢᠯᠠᠪᠠᠯ ᠵᠤᠬᠢᠨ᠎ᠠ᠃ ᠬᠠᠶᠠᠭ᠋ᠠᠨ᠎ᠳᠤ᠎ᠨᠢ ᠬᠠᠶᠠᠭ᠍ᠤ ᠪᠤᠶᠤ ᠭᠠᠳᠠᠭᠤᠷᠴᠢᠯᠠᠵᠤ ᠣᠭᠲᠤ ᠪᠣᠯᠬᠤ ᠦᠭᠡᠢ᠂ ᠲᠡᠶ᠋ᠢᠮᠦ ᠪᠢᠰᠢ ᠪᠤᠯ ᠠᠩᠭᠢ ᠵᠢᠨ ᠬᠤᠴᠤᠷᠤᠩᠭᠤᠢ ᠰᠤᠷᠤᠭᠴᠢ ᠵᠢᠨ ᠲᠤᠭ᠎ᠠ ᠤᠯᠠᠮ ᠠᠷᠪᠢᠨ ᠪᠣᠯᠤᠨ᠎ᠠ᠃ 《ᠰᠠᠶ᠋ᠢᠨᠲᠠᠢ ᠮᠠᠭᠤᠲᠠᠢ ᠬᠤᠷᠸ᠎ᠠ᠂ ᠰᠠᠭ᠋ᠠᠭ᠎ᠲᠠᠢ ᠪᠤᠳᠠᠭ᠎ᠠ᠎ᠲᠠᠢ ᠣᠨ᠎ᠤ ᠬᠦᠨᠡᠰᠤ》 ᠭᠡᠳᠡᠭ ᠵᠶ᠋ᠠᠷ ᠰᠠᠶ᠋ᠢᠨ ᠮᠠᠭᠤ ᠵᠢᠨ ᠵᠦᠷᠢᠶ᠎ᠠ ᠦᠭᠡᠢ ᠪᠣᠯ ᠨᠡᠶ᠋ᠢᠭᠡᠮ᠎ᠤᠨ ᠬᠦᠭᠵᠢᠯᠲᠠ ᠪᠠᠶ᠋ᠢᠵᠦ ᠴᠢᠳᠠᠭ᠍ᠤ ᠦᠭᠡᠢ᠃ ᠰᠠᠶ᠋ᠢᠨ ᠮᠠᠭᠤ ᠵᠢ ᠪᠠᠰᠠ ᠬᠠᠷᠢᠴᠠᠩᠭᠤᠢ᠎ᠪᠠᠷ ᠦᠵᠡᠬᠦ ᠬᠡᠷᠡᠭᠲᠡᠢ᠂ ᠶᠠᠮᠠᠷ ᠨᠢᠭᠡᠨ ᠠᠵᠢᠯ᠎ᠳᠤ ᠮᠠᠭᠤ ᠪᠣᠯᠪᠠᠴᠤ ᠪᠤᠰᠤᠳ ᠠᠵᠢᠯ᠎ᠳᠤ ᠰᠠᠶ᠋ᠢᠨ ᠪᠠᠶ᠋ᠢᠵᠦ ᠮᠡᠳᠡᠨ᠎ᠡ᠂ 《ᠮᠤᠰᠢᠭ᠋ᠠᠢ ᠵᠢ ᠵᠠᠰᠠᠵᠤ ᠠᠰᠬᠠᠨ ᠪᠣᠯᠭ᠋ᠠᠬᠤ᠂ ᠮᠤᠵᠢᠭᠤ ᠵᠢ ᠵᠠᠰᠠᠵᠤ ᠰᠠᠶ᠋ᠢᠨ ᠪᠣᠯᠭ᠋ᠠᠬᠤ》 ᠪᠤᠯ ᠪᠠᠭᠰᠢ ᠵᠢᠨ ᠤᠷ᠎ᠠ ᠳᠡᠮ ᠪᠣᠯᠤᠨ᠎ᠠ᠃ ᠦᠨᠡᠨ᠎ᠢ ᠠᠪᠴᠤ ᠬᠡᠯᠡᠪᠠᠯ ᠤᠷᠤᠨ ᠨᠤᠳᠤᠭ᠎ᠤᠨ ᠦᠨᠳᠦᠰᠦᠨ ᠪᠦᠲᠦᠭᠡᠨ ᠪᠠᠶ᠋ᠢᠭᠤᠯᠤᠯᠲᠠ ᠵᠢᠨ ᠭᠤᠤᠯ ᠬᠦᠴᠦᠨ᠎ᠨᠢ ᠲᠡᠳᠡᠭᠡᠷ 《ᠬᠤᠴᠤᠷᠤᠩᠭᠤᠢ》 ᠪᠤᠯᠬᠤ ᠶᠤᠮ᠃ ᠲᠡᠶ᠋ᠢᠮᠦ᠎ᠠᠴᠠ ᠲᠡᠳᠡᠭᠡᠷ 《ᠬᠤᠴᠤᠷᠤᠩᠭᠤᠢ》 ᠰᠤᠷᠤᠭᠴᠢᠳ᠎ᠤᠨ ᠬᠦᠮᠦᠵᠢᠯ᠎ᠢ ᠶᠠᠭ᠋ᠠᠬᠢᠭᠰᠠᠨ ᠴᠦ᠍ ᠤᠮᠳᠤᠭ᠋ᠠᠶ᠋ᠢᠯᠠᠵᠤ ᠪᠤᠯᠬᠤ ᠦᠭᠡᠢ᠃ ᠮᠢᠨᠦ ᠨᠢᠭᠡ ᠤᠳᠠᠭ᠋ᠠᠨ᠎ᠤ ᠠ᠋ᠷᠬᠢᠯᠡᠭᠰᠡᠨ ᠠᠩᠬᠢ᠎ᠳᠤ ᠰᠤᠷᠭ᠋ᠠᠭᠤᠯᠢ ᠳᠠᠶᠠᠭ᠋ᠠᠷ ᠠᠯᠳᠠᠷᠰᠢᠭᠰᠠᠨ 《ᠲᠤᠶ᠋ᠢᠳᠭᠡᠷ》 ᠴᠤᠯᠠ᠎ᠲᠠᠢ ᠨᠢᠭᠡᠨ ᠰᠤᠷᠤᠭᠴᠢ ᠪᠠᠶ᠋ᠢᠭᠰᠠᠨ ᠶᠤᠮ᠃ ᠨᠢᠭᠡᠨ ᠠ᠋ᠳᠦᠷ᠎ᠤᠨ ᠬᠥᠳᠡᠯᠭᠡᠭᠡᠨ᠎ᠤ ᠴᠠᠭ᠎ᠲᠤ ᠮᠠᠨ᠎ᠤ ᠠᠩᠭᠢ ᠵᠢᠨ 《ᠲᠦᠢ᠍ᠳᠭᠡᠷ》 ᠵᠣᠷᠯᠤᠩ ᠵᠦᠭ ᠰᠢᠷᠤᠢ ᠵᠥᠭᠡᠭᠡᠵᠦ ᠪᠠᠶ᠋ᠢᠬᠤ ᠵᠢ ᠣᠯᠵᠤ ᠬᠠᠷᠠᠪᠠ᠃ ᠪᠢ ᠲᠡᠭᠡᠭᠡᠳ ᠠ᠋ᠨᠡ ᠪᠠᠰᠠ ᠯᠠ ᠶᠠᠮᠠᠷ ᠮᠠᠭᠤ ᠬᠡᠷᠡᠭ ᠦᠢ᠍ᠯᠡᠳᠴᠤ ᠪᠠᠶ᠋ᠢᠬᠤ ᠪᠤᠯ ᠬᠡᠵᠦ ᠪᠣᠳᠤᠭ᠋ᠠᠳ ᠰᠡᠮᠡᠭᠡᠷᠬᠡᠨ ᠵᠤᠷᠯᠦᠩ᠎ᠳᠤ ᠬᠦᠷᠬᠦ᠎ᠳᠤ ᠲᠡᠷᠡ ᠵᠣᠷᠯᠤᠩ᠎ᠤᠨ ᠣᠩᠭᠤᠴᠠ ᠵᠢᠨ ᠬᠠᠵᠠᠭᠤ᠎ᠪᠠᠷ ᠰᠢᠷᠤᠢ ᠰᠠᠴᠤᠵᠤ ᠪᠠᠶ᠋ᠢᠬᠤ ᠵᠢ ᠣᠯᠵᠤ ᠬᠠᠷᠠᠪᠠ᠃ ᠲᠡᠷᠡ ᠨᠠᠮᠠᠶ᠋ᠢ ᠦᠵᠡᠭᠡᠳ ᠰᠣᠴᠢᠰᠬᠢᠵᠦ ᠠᠪᠤᠭ᠋ᠠᠳ ᠲᠤᠷᠤᠬᠰᠢ ᠬᠠᠷᠠᠨ᠄ 《ᠪᠠᠭᠰᠢ ᠡ! ᠰᠢᠷᠤᠢ ᠰᠠᠴᠤᠪᠠᠯ ᠬᠠᠮᠳᠤ ᠰᠤᠷᠤᠭᠴᠢᠳ ᠠ᠋ᠮᠦᠨᠡᠰᠢ ᠤᠶ᠋ᠢᠷᠠᠳᠤᠨ ᠵᠣᠭᠰᠤᠵᠤ ᠴᠢᠳᠠᠨ᠎ᠠ》 ᠭᠡᠵᠦ ᠨᠠᠮ ᠳᠠᠭᠤᠨ ᠵᠶ᠋ᠠᠷ ᠬᠡᠯᠡᠪᠡ᠃ ᠲᠡᠭᠦᠨ᠎ᠤ ᠦᠭᠡ ᠵᠢ ᠰᠣᠨᠤᠰᠤᠭ᠋ᠠᠳ ᠪᠢ ᠲᠤᠩ ᠡᠪᠬᠦᠶ᠋ᠢᠷᠭᠡᠵᠦ᠂ ᠪᠣᠳᠤᠭᠰᠠᠨ ᠮᠢᠨᠢ ᠪᠤᠷᠤᠭᠤ ᠪᠣᠯᠤᠯ᠎ᠠ ᠭᠡᠳᠡᠭ ᠵᠶ᠋ᠠᠨ ᠮᠡᠳᠡᠯ᠎ᠡ᠃ ᠲᠡᠭᠡᠭᠡᠳ ᠠᠩᠭᠢ ᠵᠢᠨ ᠬᠤᠷᠠᠯ᠎ᠤᠨ ᠴᠠᠭ᠎ᠲᠤ ᠲᠡᠭᠦᠨ᠎ᠤ ᠠ᠋ᠨᠡ ᠭᠦ᠌ ᠦᠮᠡᠬᠡᠢ ᠪᠤᠵᠠᠷ᠎ᠢ ᠬᠠᠶ᠋ᠢᠬᠤᠷᠬᠤ ᠦᠭᠡᠢ ᠤᠯᠠᠨ᠎ᠤ ᠲᠥᠯᠦᠭᠡ ᠦᠢ᠍ᠯᠡᠴᠢᠯᠡᠭᠰᠡᠨ ᠦᠢ᠍ᠯᠡ ᠠᠵᠢᠯᠯᠠᠭ᠎ᠠ᠎ᠪᠠᠷ ᠲᠤᠰᠬᠠᠢ ᠰᠡᠳᠦᠪ ᠪᠣᠯᠭ᠋ᠠᠨ ᠰᠠᠶ᠋ᠢᠰᠢᠶᠠᠭᠰᠠᠨ᠎ᠳᠤ 《ᠲᠦᠢ᠍ᠳᠭᠡᠷ》 ᠶᠡᠬᠡᠯ᠎ᠡ ᠰᠡᠳᠭᠢᠯ ᠬᠦᠳᠡᠯᠵᠤ᠂ ᠲᠡᠭᠦᠨ᠎ᠤ ᠨᠢᠭᠤᠷ᠎ᠲᠤ ᠢᠨᠢᠶᠡᠮᠰᠦᠭᠯᠡᠯ ᠢᠯᠡᠷᠡᠵᠦ᠂ ᠶᠠᠭ ᠯᠠ ᠳᠡᠯᠭᠡᠷᠡᠬᠦ ᠴᠡᠴᠡᠭ᠎ᠤᠨ ᠴᠣᠮᠣᠷᠯᠢᠭ ᠮᠡᠳᠤ ᠰᠠᠨᠠᠭᠳᠠᠯ᠎ᠠ᠃ ᠲᠡᠬᠦᠨ᠎ᠠᠴᠠ ᠬᠤᠶ᠋ᠢᠰᠢ ᠮᠢᠨᠦ 《ᠲᠤᠶ᠋ᠢᠳᠭᠡᠷ》 ᠮᠠᠨ᠎ᠤ ᠠᠩᠬᠢ ᠵᠢᠨ ᠭᠤᠤᠯᠯᠠᠭᠴᠢ ᠭᠡᠰᠢᠬᠦᠨ᠎ᠤ ᠨᠢᠭᠡ᠎ᠨᠢ ᠪᠤᠯᠤᠭᠰᠠᠨ ᠪᠢᠯᠡ᠃
      ᠬᠤᠶᠠᠷ᠂ ᠠᠩᠭᠢ ᠵᠢᠨ ᠪᠠᠭᠰᠢ ᠪᠤᠯᠤᠬᠰᠡᠳ ᠠ᠋ᠷᠬᠡᠪᠰᠢ ᠪᠦᠷᠢᠯᠳᠦᠭᠦᠯᠬᠦ ᠴᠢᠬᠤᠯᠠ᠎ᠲᠠᠢ ᠳᠠᠳᠬᠠᠯ᠎ᠤᠨ ᠲᠤᠬᠠᠢ
      ᠬᠡᠤᠭᠡᠳ ᠪᠣᠯ ᠨᠢᠭᠡᠨ ᠬᠠᠭᠤᠳᠠᠰᠤ ᠴᠠᠭ᠋ᠠᠨ ᠴᠠᠭ᠋ᠠᠰᠤ᠎ᠲᠠᠢ ᠠᠳᠠᠯᠢ ᠶᠤᠮ᠂ 《ᠬᠥᠬᠡ᠎ᠪᠠᠷ ᠪᠣᠳᠤᠪᠠᠯ ᠬᠥᠬᠡ ᠪᠣᠯᠴᠢᠬᠠᠨ᠎ᠠ》᠂ 《ᠰᠢᠷ᠎ᠠ᠎ᠪᠠᠷ ᠪᠣᠳᠤᠪᠠᠯ ᠰᠢᠷ᠎ᠠ ᠪᠣᠯᠴᠢᠬᠠᠨ᠎ᠠ》 ᠶᠠᠮᠠᠷ ᠨᠥᠯᠦᠭᠡ ᠵᠢ ᠦᠭᠪᠡᠯ ᠲᠡᠶ᠋ᠢᠮᠦ ᠦᠷ᠎ᠡ ᠪᠦᠲᠦᠭᠡᠯ᠎ᠲᠠᠢ ᠪᠣᠯᠳᠠᠭ᠃ ᠤᠯᠠᠩᠬᠢ ᠬᠦᠮᠦᠰ ᠰᠤᠷᠤᠭᠴᠢ ᠵᠢ ᠵᠠᠳᠠᠯᠬᠤ᠎ᠳᠤ᠎ᠪᠠᠨ 《ᠠ᠋ᠨᠡ ᠰᠤᠷᠤᠭᠴᠢ ᠬᠡᠨ᠎ᠤ ᠠᠩᠭᠢ ᠵᠢᠨ ᠰᠤᠷᠤᠭᠴᠢ ᠪᠤᠢ?》᠂ 《ᠪᠠᠰᠠ ᠯᠠ ᠠᠩᠭᠢ ᠵᠢᠨ ᠪᠠᠭᠰᠢ᠎ᠪᠠᠨ ᠳᠠᠭᠤᠷᠢᠶᠠᠴᠢᠬᠠᠭᠰᠠᠨ ᠪᠠᠢ᠍ᠢ᠍ᠯᠭᠦᠢ》 ᠬᠡᠵᠦ ᠬᠡᠯᠡᠳᠡᠭ᠃ ᠠᠩᠭᠢ ᠵᠢᠨ ᠪᠠᠭᠰᠢ ᠵᠢᠨ ᠦᠭᠡ ᠶᠠᠷᠢᠶ᠎ᠠ᠂ ᠦᠢ᠍ᠯᠡ ᠬᠦᠳᠡᠯᠤᠯ᠂ ᠵᠠᠩ ᠠᠭ᠋ᠠᠰᠢ᠂ ᠶᠠᠪᠤᠵᠦ ᠰᠠᠭᠤᠬᠤ᠎ᠨᠢ ᠰᠢᠭᠤᠳ ᠰᠤᠷᠤᠭᠴᠢ ᠵᠢ ᠨᠥᠯᠦᠭᠡᠯᠡᠵᠦ ᠪᠠᠶ᠋ᠢᠳᠠᠭ᠃ ᠲᠡᠶ᠋ᠢᠮᠦ᠎ᠪᠠᠷ ᠵᠶ᠋ᠠᠨ ᠰᠤᠷᠤᠭᠴᠢᠳ᠎ᠢ ᠰᠠᠶ᠋ᠢᠨ ᠰᠠᠶ᠋ᠢᠬᠠᠨ ᠳᠠᠳᠬᠠᠯ᠎ᠲᠠᠢ ᠪᠣᠯᠭ᠋ᠠᠶ᠎ᠠ ᠬᠡᠪᠡᠯ ᠠᠩᠭᠢ ᠵᠢᠨ ᠪᠠᠭᠰᠢ ᠵᠠᠪᠠᠯ ᠦᠪᠡᠷᠳᠡᠭᠡᠨ ᠰᠠᠶ᠋ᠢᠨ ᠰᠠᠶ᠋ᠢᠬᠠᠨ ᠳᠠᠳᠬᠠᠯ᠎ᠢ ᠪᠦᠷᠢᠯᠳᠦᠬᠦᠯᠦᠭᠰᠡᠨ ᠪᠠᠶ᠋ᠢᠬᠤ ᠶᠤᠰᠤᠳᠠᠢ᠃
     (ᠨᠢᠭᠡ) ᠠᠩᠭᠢ ᠵᠢᠨ ᠪᠠᠭᠰᠢ ᠪᠤᠯᠤᠬᠰᠡᠳ ᠠᠭᠤᠳᠠᠮ ᠪᠠᠭᠲᠠᠭ᠋ᠠᠮᠵᠢᠳᠤ ᠬᠡᠬᠦᠳᠡᠭ ᠴᠡᠭᠡᠵᠢ᠂ ᠭᠦᠨ ᠵᠤᠵᠠᠭ᠋ᠠᠨ ᠬᠠᠶ᠋ᠢᠷ᠎ᠠ ᠰᠡᠳᠬᠢᠯᠭᠡ ᠵᠢ ᠪᠤᠢ ᠪᠤᠯᠭ᠋ᠠᠬᠤ ᠬᠡᠷᠡᠭᠲᠡᠢ᠃ ᠰᠤᠷᠤᠭᠴᠢᠳ ᠪᠠᠭᠰᠢ ᠵᠢ 《ᠲᠦᠪᠡᠭ ᠪᠡᠷᠬᠡᠰᠢᠶᠡᠯ》 ᠵᠶ᠋ᠠᠷ 《ᠰᠢᠯᠭ᠋ᠠᠨ ᠳᠡᠩᠰᠡᠵᠤ》 ᠪᠠᠶ᠋ᠢᠳᠠᠭ᠃ ᠠ᠋ᠨᠡ ᠦᠶᠡᠰ ᠪᠠᠭᠰᠢ ᠳᠤᠷ᠎ᠠ ᠦᠭᠡᠶ᠋ᠢᠴᠡᠬᠦ ᠪᠣᠳᠤᠯ ᠠ᠋ᠭᠦᠰᠦᠭᠰᠡᠨ᠎ᠤ ᠬᠡᠷᠡᠭ ᠦᠭᠡᠢ᠃ ᠰᠤᠷᠤᠭᠴᠢ ᠵᠢᠨ ᠴᠢᠮ᠎ᠠ᠎ᠳᠤ ᠴᠢᠭᠯᠡᠭᠦᠯᠦᠭᠰᠡᠨ ᠲᠤᠰᠬᠠᠢ ᠲᠤᠭᠯᠠᠭ᠋ᠠᠮ᠎ᠳᠤ ᠠᠭᠤᠷᠯᠠᠨ ᠪᠠᠴᠢᠮᠳᠠᠭ᠍ᠤ ᠦᠭᠡᠢ᠂ ᠨᠡᠩ ᠴᠤ᠌ ᠥᠰᠢᠶ᠎ᠡ ᠪᠣᠳᠤᠵᠤ ᠶᠠᠭ᠋ᠠᠬᠢᠭᠰᠠᠨ ᠴᠦ᠍ ᠪᠣᠯᠬᠤ ᠦᠭᠡᠢ᠃ ᠬᠠᠷᠢᠨ ᠠᠰᠠᠭᠤᠳᠠᠯ᠎ᠢ ᠰᠢᠢ᠍ᠳᠪᠦᠷᠢᠯᠡᠬᠦ ᠴᠢᠳᠠᠮᠠᠭ᠋ᠠᠢ ᠠᠷᠭ᠎ᠠ ᠵᠢ ᠰᠦᠪᠡᠭᠴᠢᠯᠡᠬᠦ ᠴᠢᠬᠤᠯᠠ᠎ᠲᠠᠢ᠃ ᠨᠢᠭᠡᠨ ᠤᠳᠠᠭ᠎ᠠ ᠪᠢ ᠠᠩᠭᠢ ᠵᠢᠨ ᠬᠤᠷᠠᠯ ᠬᠢᠭᠦ ᠭᠡᠵᠦ ᠠᠩᠭᠢ᠎ᠳᠤ ᠣᠷᠤᠬᠤ᠎ᠳᠤ ᠰᠠᠮᠪᠠᠷ᠎ᠠ ᠳᠡᠭᠡᠷ᠎ᠡ ᠦᠩᠭᠡᠳᠤ ᠪᠢᠷ ᠵᠶ᠋ᠠᠷ ᠠᠭᠤᠷᠯᠠᠨ ᠵᠠᠩᠨᠠᠵᠦ ᠪᠠᠶ᠋ᠢᠭ᠎ᠠ ᠪᠠᠶ᠋ᠢᠳᠠᠯ᠎ᠲᠠᠢ ᠬᠥᠮᠦᠨ᠎ᠢ ᠶᠡᠭᠡ ᠲᠦᠷᠰᠦᠯᠢᠭ ᠵᠶ᠋ᠠᠷ ᠵᠢᠷᠤᠭᠰᠠᠨ ᠪᠠᠶ᠋ᠢᠪᠠ᠃ ᠦᠨᠡᠨ᠎ᠳᠤ᠎ᠪᠠᠨ ᠪᠢ ᠠ᠋ᠨᠡ ᠬᠤᠷᠠᠯ᠎ᠳᠤ ᠠᠭᠤᠷᠯᠠᠵᠦ ᠵᠠᠩᠨᠠᠭ᠍ᠤ ᠭᠡᠵᠦ ᠣᠷᠤᠵᠤ ᠢᠷᠡᠭᠰᠡᠨ ᠶᠤᠮ᠃ ᠠ᠋ᠭᠦᠨ᠎ᠢ ᠦᠵᠡᠭᠡᠳ ᠪᠢ ᠪᠣᠳᠤᠯ ᠵᠶ᠋ᠠᠨ ᠥᠭᠡᠷᠡᠴᠢᠯᠡᠵᠦ᠂ ᠢᠨᠢᠶᠡᠮᠰᠦᠭᠯᠡᠯ᠎ᠤᠨ ᠴᠢᠷᠠᠢ ᠭᠠᠷᠭ᠋ᠠᠨ 《ᠬᠠᠷᠢᠶᠠᠴᠢ ᠵᠢᠨ ᠦᠯᠢᠭᠡᠷ》 (ᠨᠠᠨᠭ᠌ᠭᠤᠸᠠ ᠵᠢᠨ ᠦᠷ᠎ᠡ ᠵᠠᠭᠤᠵᠤ ᠢᠷᠡᠨ ᠪᠤᠰᠤᠳ᠎ᠢ ᠲᠤᠰᠠᠯᠠᠭᠰᠠᠨ)᠎ᠢ ᠰᠤᠷᠤᠭᠴᠢᠳ᠎ᠲᠤ ᠶᠠᠷᠢᠵᠤ ᠥᠭᠴᠡᠢ᠃ ᠰᠤᠷᠤᠭᠴᠢᠳ ᠮᠢᠨᠦ ᠶᠠᠷᠢᠭᠰᠠᠨ ᠦᠯᠢᠭᠡᠷ᠎ᠢ ᠲᠤᠩ ᠠᠮᠳᠠᠷᠬᠠᠨ ᠰᠤᠨᠤᠰᠴᠤ᠂ ᠠᠭᠤᠷᠯᠠᠨ ᠵᠠᠩᠨᠠᠭᠰᠠᠨ ᠦᠭᠡᠢ᠎ᠳᠤ ᠳᠡᠳᠡᠨᠠᠷ ᠶᠡᠭᠡᠳᠡ ᠭᠠᠶ᠋ᠢᠬᠠᠰᠢ ᠲᠦᠷᠦᠭᠰᠡᠨ ᠪᠠᠶ᠋ᠢᠳᠠᠯ᠎ᠲᠠᠢ ᠪᠠᠶ᠋ᠢᠪᠠ᠃ ᠪᠢ ᠳᠡᠳᠡᠨᠠᠷ᠎ᠤᠨ ᠵᠢᠷᠤᠭ ᠵᠢᠷᠤᠭᠰᠠᠨ᠎ᠢ ᠤᠯᠵᠦ ᠬᠠᠷᠠᠭᠰᠠᠨ ᠦᠭᠡᠢ ᠮᠡᠳᠦ᠂ ᠠᠩᠬᠢ᠎ᠳᠤ ᠶᠠᠮᠠᠷᠴᠦ ᠰᠠᠬᠢᠯᠭ᠎ᠠ ᠪᠠᠳᠦ ᠵᠢᠨ ᠤᠴᠢᠷ ᠠ᠋ᠬᠦᠰᠦᠭᠰᠡᠨ ᠦᠭᠡᠢ ᠰᠢᠭ ᠯᠡ ᠪᠤᠯᠵᠦ ᠦᠩᠭᠡᠷᠡᠭᠡᠭᠡᠳ ᠰᠡᠮᠡᠭᠡᠷ ᠠᠵᠢᠭᠯᠠᠯᠳᠠ ᠬᠢᠵᠦ ᠦᠵᠡᠯ᠎ᠡ᠃ ᠠᠩᠭᠢ ᠵᠢᠨ ᠬᠤᠷᠠᠯ᠎ᠤᠨ ᠳᠠᠷᠠᠭ᠎ᠠ ᠮᠠᠨ᠎ᠤ ᠠᠩᠬᠢ᠎ᠳᠤ ᠠ᠋ᠬᠦᠰᠦᠭᠰᠡᠨ ᠰᠠᠬᠢᠯᠭ᠎ᠠ ᠪᠠᠳᠤ ᠵᠢᠨ ᠤᠴᠢᠷ᠎ᠤᠳ᠎ᠢ ᠠᠩᠭᠢ ᠵᠢᠨ ᠺᠠᠳ᠋ᠷ᠎ᠤᠳ ᠰᠢᠢ᠍ᠳᠪᠦᠷᠢᠯᠡᠴᠢᠭᠡᠭᠰᠡᠨ ᠪᠠᠶ᠋ᠢᠯ᠎ᠠ᠃
     (ᠬᠤᠶᠠᠷ) ᠴᠢᠳᠠᠮᠠᠭ᠋ᠠᠢ ᠠᠵᠢᠭᠯᠠᠭ᠍ᠤ᠂ ᠬᠤᠷᠴᠠ ᠰᠡᠷᠭᠡᠭ ᠵᠶ᠋ᠠᠷ ᠠᠰᠠᠭᠤᠳᠠᠯ᠎ᠢ ᠢᠯᠡᠷᠡᠭᠦᠯᠵᠦ᠂ 《ᠦᠶᠡᠷ ᠢᠷᠡᠬᠦ᠎ᠠᠴᠠ ᠠ᠋ᠮᠦᠨ᠎ᠡ ᠬᠠᠰᠢᠯᠭ᠎ᠠ ᠵᠢ ᠲᠠᠯᠪᠢᠬᠤ》 ᠳᠠᠳᠬᠠᠯ᠎ᠲᠠᠢ ᠪᠠᠶ᠋ᠢᠬᠤ ᠬᠡᠷᠡᠭᠲᠠᠢ᠃ ᠰᠤᠷᠭ᠋ᠠᠨ ᠬᠥᠮᠦᠵᠢᠭᠦᠯᠬᠦ ᠠᠰᠢᠭᠲᠠᠢ ᠲᠣᠬᠢᠶᠠᠯ᠎ᠢ ᠠᠯᠳᠠᠵᠤ᠂ ᠪᠤᠷᠤᠭᠤ ᠦᠵᠡᠯ ᠰᠠᠨᠠᠭ᠎ᠠ᠎ᠨᠢ ᠰᠤᠷᠤᠭᠴᠢᠳ᠎ᠤᠨ ᠣᠶᠤᠨ ᠰᠠᠨᠠᠭ᠎ᠠ ᠵᠢ ᠨᠢᠭᠡᠨᠲᠡ ᠡᠵᠡᠯᠡᠭᠰᠡᠨ ᠦᠶ᠎ᠡ᠎ᠳᠤ ᠬᠦᠷᠴᠢᠬᠡᠪᠡᠯ ᠬᠡᠴᠢᠨᠡᠨ ᠶᠡᠭᠡ ᠬᠦᠴᠦᠨ ᠵᠠᠷᠤᠴᠠᠭᠤᠯᠤᠭᠰᠠᠨ ᠴᠤ᠌ ᠨᠦᠬᠦᠪᠦᠷᠢᠯᠡᠬᠦᠶ᠎ᠡ ᠪᠡᠷᠬᠡ ᠪᠤᠯᠤᠨ᠎ᠠ᠃ ᠮᠢᠨᠦ ᠠᠩᠬᠢ ᠵᠢᠨ ᠨᠢᠭᠡᠨ ᠰᠤᠷᠤᠭᠴᠢ ᠲᠠᠪᠤᠨ ᠰᠠᠷ᠎ᠠ ᠵᠢᠨ ᠠᠮᠠᠷᠠᠯᠲᠠ ᠵᠢᠨ ᠴᠢᠯᠦᠭᠡ᠎ᠪᠠᠷ ᠭᠡᠷ᠎ᠤᠨ ᠵᠶ᠋ᠠᠨ ᠨᠢᠭᠡ ᠤᠭᠤᠲᠠ ᠨᠤᠤᠰᠤ ᠵᠢ ᠠᠪᠤ ᠡᠵᠢ᠎ᠠᠴᠠ᠎ᠪᠠᠨ ᠨᠢᠭᠤᠵᠤ ᠠᠪᠴᠢᠷᠠᠨ ᠬᠤᠳᠠᠯᠳᠤᠭᠰᠠᠨ ᠤᠴᠢᠷ᠎ᠢ ᠡᠵᠢ᠎ᠨᠢ ᠨᠠᠳᠠ᠎ᠳᠤ ᠮᠡᠳᠡᠭᠳᠡᠭᠰᠡᠨ ᠪᠠᠶ᠋ᠢᠨ᠎ᠠ᠃ ᠠ᠋ᠭᠦᠨ᠎ᠢ ᠪᠢ ᠲᠡᠶ᠋ᠢᠮᠦ ᠶᠡᠭᠡ ᠤᠴᠢᠷ ᠪᠣᠯᠭ᠋ᠠᠭᠰᠠᠨ ᠦᠭᠡᠢ᠃ ᠲᠡᠬᠦᠨ᠎ᠠᠴᠠ ᠬᠤᠶ᠋ᠢᠰᠢ ᠲᠤᠰ ᠰᠤᠷᠤᠭᠴᠢ ᠠᠩᠭᠢ ᠵᠢᠨ ᠨᠦᠬᠦᠳ᠎ᠤᠨ ᠵᠶ᠋ᠠᠨ ᠪᠢᠷ ᠴᠠᠭ᠋ᠠᠰᠤ ᠵᠢ ᠡᠵᠡᠨ᠎ᠳᠤ᠎ᠨᠢ ᠬᠡᠯᠡᠬᠦ ᠦᠭᠡᠢ᠎ᠪᠠᠷ ᠰᠢᠭᠤᠳ ᠠᠪᠴᠤ ᠬᠡᠷᠡᠭᠯᠡᠭᠰᠡᠨ ᠤᠴᠢᠷ᠎ᠢ ᠰᠤᠨᠤᠰᠤᠭᠰᠠᠨ ᠴᠦ᠍ ᠶᠡᠭᠡ ᠶᠠᠪᠤᠳᠠᠯ ᠪᠣᠯᠭ᠋ᠠᠭᠰᠠᠨ ᠦᠭᠡᠢ ᠦᠨᠭᠭᠡᠷᠡᠭᠦᠯᠪᠡ᠃ ᠵᠥᠪᠬᠡᠨ ᠨᠠᠭ᠋ᠠᠳᠤᠮ ᠱᠤᠭ ᠰᠢᠬ ᠪᠤᠯᠭ᠋ᠠᠭ᠋ᠠᠳ ᠤᠷᠬᠢᠪᠠ᠃ ᠨᠢᠭᠡᠨ ᠠ᠋ᠳᠦᠷ 《ᠲᠠᠨ᠎ᠤ ᠠᠩᠭᠢ ᠵᠢᠨ × × ᠭᠡᠰᠡᠨ ᠰᠤᠷᠤᠭᠴᠢ ᠪᠤᠰᠤᠳ᠎ᠤᠨ ᠮᠤᠲ᠋ᠤᠷ᠎ᠢ ᠬᠤᠯᠠᠭ᠋ᠠᠶ᠋ᠢᠯᠠᠭᠰᠠᠨ ᠪᠠᠶ᠋ᠢᠨ᠎ᠠ᠂ ᠲᠠᠨ᠎ᠠᠴᠠ ᠪᠠᠶ᠋ᠢᠳᠠᠯ᠎ᠢ ᠤᠶ᠋ᠢᠯᠠᠭ᠋ᠠᠬᠤ ᠰᠠᠨᠠᠭ᠎ᠠ᠎ᠲᠠᠢ᠃ ᠳᠤᠳᠤᠭ᠋ᠠᠳᠤ ᠵᠢ ᠬᠠᠮᠠᠭ᠋ᠠᠯᠠᠭ᠍ᠤ ᠲᠣᠮᠢᠯᠠᠭᠰᠠᠨ ᠰᠠᠯᠪᠤᠷᠢ᠎ᠳᠤ ᠢᠷᠡᠬᠦ ᠵᠢ ᠬᠦᠰᠡᠵᠦ ᠪᠠᠶ᠋ᠢᠨ᠎ᠠ》 ᠬᠡᠰᠡᠨ ᠤᠳᠠᠰᠤ ᠵᠢ ᠲᠤᠰᠤᠯ᠎ᠠ᠃ ᠤᠶ᠋ᠢᠯᠠᠭ᠋ᠠᠭᠰᠠᠨ ᠵᠶ᠋ᠠᠷ ᠲᠤᠰ ᠰᠤᠷᠤᠭᠴᠢ ᠨᠢᠭᠡ ᠬᠤᠭᠤᠴᠠᠭ᠎ᠠ ᠬᠤᠶᠠᠷ ᠮᠤᠲ᠋ᠤᠷ ᠬᠤᠯᠠᠭ᠋ᠠᠶ᠋ᠢᠯᠠᠵᠦ ᠬᠤᠳᠠᠯᠳᠤᠭᠰᠠᠨ ᠪᠠᠶ᠋ᠢᠵᠠᠢ᠃
      ᠠ᠋ᠨᠡ ᠮᠡᠳᠤ ᠵᠢᠨ ᠬᠡᠤᠬᠡᠳ᠎ᠤᠨ ᠮᠠᠭᠤ ᠦᠢ᠍ᠯᠡ ᠠᠵᠢᠯᠯᠠᠭ᠎ᠠ ᠵᠢ ᠵᠠᠯᠠᠷᠠᠭᠤᠯᠬᠤ᠎ᠳᠤ ᠠ᠋ᠷᠭᠡᠪᠰᠢ ᠤᠨᠤᠪᠴᠢᠳᠠᠢ ᠮᠠᠭ᠋ᠠᠳᠯᠠᠵᠦ᠂ ᠬᠢᠴᠢᠶᠡᠮᠵᠢᠳᠠᠢ ᠪᠠᠶ᠋ᠢᠵᠦ᠂ ᠴᠠᠭ᠎ᠢ ᠠᠮᠵᠢᠬᠤ ᠮᠦᠷᠳᠡᠭᠡᠨ ᠠᠷᠭ᠎ᠠ᠎ᠨᠢ ᠠ᠋ᠷᠬᠡᠪᠰᠢ ᠲᠣᠬᠢᠷᠠᠮᠵᠢᠳᠠᠢ ᠪᠠᠶ᠋ᠢᠬᠤ ᠬᠡᠷᠡᠭᠲᠠᠢ᠃ ᠤᠯᠠᠨ᠎ᠤ ᠠ᠋ᠮᠦᠨ᠎ᠡ ᠨᠢᠭᠤᠷ᠎ᠢ᠎ᠨᠢ ᠪᠠᠷᠠᠳᠠᠯ᠎ᠠ ᠵᠢᠮᠡᠯᠡᠵᠦ᠂ ᠬᠡᠤᠭᠡᠳ᠎ᠤᠨ ᠥᠪᠡᠷ᠎ᠢ᠎ᠪᠠᠨ ᠬᠦᠨᠳᠦᠳᠭᠡᠬᠦ ᠰᠡᠳᠭᠢᠯᠭᠡ ᠵᠢ᠎ᠨᠢ ᠬᠦᠨᠳᠡᠬᠦ ᠦᠭᠡᠢ ᠪᠠᠶ᠋ᠢᠬᠤ ᠵᠢ ᠠᠩᠬᠠᠷᠤᠨ᠎ᠠ᠃ 《ᠢᠴᠢᠭᠰᠡᠨ ᠬᠥᠮᠦᠨ ᠬᠦᠮᠦᠨ ᠠᠯᠠᠳᠠᠭ》 ᠬᠡᠳᠡᠭ ᠰᠡᠴᠡᠨ ᠦᠭᠡ ᠪᠠᠶ᠋ᠢᠳᠠᠭ᠎ᠢ ᠰᠠᠨᠠᠵᠦ᠂ ᠬᠡᠤᠬᠡᠳ᠎ᠢ ᠬᠠᠯᠠᠮᠵᠢᠯᠠᠵᠤ ᠬᠠᠮᠠᠭ᠋ᠠᠯᠠᠭ᠍ᠤ ᠰᠡᠳᠬᠢᠯᠭᠡ᠎ᠪᠠᠷ ᠲᠡᠳᠡᠨ᠎ᠳᠤ ᠤᠴᠢᠷ ᠶᠣᠰᠤ ᠵᠢ ᠲᠣᠳᠤᠷᠬᠠᠢ ᠬᠡᠯᠡᠵᠤ ᠦᠭᠴᠤ᠂ ᠵᠥᠪ ᠪᠤᠷᠤᠭᠤ ᠵᠢ ᠢᠯᠭ᠋ᠠᠨ ᠲᠠᠨᠢᠬᠤ ᠴᠢᠳᠠᠪᠦᠷᠢ ᠵᠢ᠎ᠨᠢ ᠭᠦᠮᠦᠵᠢᠭᠦᠯᠭᠦ ᠬᠡᠷᠡᠭᠲᠠᠢ᠃ ᠤᠤᠯ᠎ᠤᠨ ᠵᠥᠪᠯᠡᠯᠲᠦ ᠬᠤᠯᠪᠤᠭ᠋ᠠᠳᠦ ᠤᠯᠤᠰ᠎ᠤᠨ ᠰᠤᠷᠭ᠋ᠠᠨ ᠬᠦᠮᠦᠵᠢᠯ᠎ᠤᠨ ᠤᠬᠠᠭ᠋ᠠᠨᠳᠠᠨ ᠰᠦᠬᠤᠮᠯᠢᠨ᠋ᠰᠺᠢ᠄ 《ᠬᠡᠤᠬᠡᠳ᠎ᠤᠨ ᠬᠠᠮᠳᠤ ᠰᠤᠷᠤᠭᠴᠢ ᠵᠢᠨ ᠵᠶ᠋ᠠᠨ ᠭᠤᠶᠤ ᠰᠠᠶ᠋ᠢᠬᠠᠨ ᠪᠢᠷ᠎ᠤᠨ ᠬᠠᠶ᠋ᠢᠷᠴᠠᠭ᠎ᠠᠴᠠ ᠦᠩᠭᠡᠳᠤ ᠬᠠᠷᠠᠨᠳᠠ ᠵᠢ᠎ᠨᠢ ᠠᠪᠴᠤ ᠭᠠᠷᠭ᠋ᠠᠭ᠋ᠠᠳ᠂ ᠨᠢᠭᠡ ᠵᠡᠷᠭᠡ ᠤᠷᠤᠯᠳᠤᠵᠤ ᠦᠵᠡᠭᠰᠡᠨ᠎ᠤ ᠳᠠᠷᠠᠭ᠎ᠠ ᠰᠡᠪ ᠰᠡᠮᠡᠭᠡᠷ ᠥᠪᠡᠷ᠎ᠤᠨ ᠬᠠᠷᠮᠠᠨ᠎ᠳᠤ᠎ᠪᠠᠨ ᠴᠢᠬᠢᠭᠰᠡᠨ᠎ᠢ ᠣᠯᠵᠤ ᠦᠵᠡᠭᠰᠡᠨ ᠴᠤ᠌ ᠭᠠᠶ᠋ᠢᠬᠠᠭᠰᠠᠨ᠎ᠤ ᠬᠡᠷᠡᠭ ᠠᠯᠠᠭ᠎ᠠ — ᠠ᠋ᠨᠡ ᠪᠣᠯ ᠬᠤᠯᠠᠭ᠋ᠠᠶ᠋ᠢᠯᠠᠭᠰᠠᠨ ᠬᠡᠷᠡᠭ ᠪᠢᠰᠢ ᠁》 ᠭᠡᠵᠦ ᠬᠡᠯᠡᠭᠰᠡᠨ ᠪᠠᠶ᠋ᠢᠳᠠᠭ᠃
     (ᠭᠤᠷᠪᠠ) ᠠᠭᠤᠷ ᠬᠢᠯᠢᠩ ᠵᠶ᠋ᠠᠨ ᠲᠡᠪᠴᠢᠵᠦ ᠴᠢᠳᠠᠭ᠍ᠤ ᠳᠠᠳᠬᠠᠯ᠎ᠲᠠᠢ ᠪᠠᠶ᠋ᠢᠬᠤ ᠬᠡᠷᠡᠭᠲᠠᠢ᠃ ᠰᠡᠳᠬᠢᠯ ᠰᠠᠨᠠᠭ᠋ᠠᠨ᠎ᠤ ᠬᠦᠭᠰᠡᠯᠳᠡ᠂ ᠳᠥᠭᠦᠮ ᠪᠦᠳᠦᠭᠦᠯᠢᠭ ᠰᠢᠢ᠍ᠳᠪᠦᠷᠢᠯᠡᠯᠲᠡ᠂ ᠰᠤᠷᠤᠭᠴᠢ ᠵᠢᠨ ᠰᠡᠳᠬᠢᠯ᠎ᠢ ᠬᠦᠨᠳᠡᠭᠰᠡᠨ ᠦᠭᠡ ᠶᠠᠷᠢᠶ᠎ᠠ᠂ ᠦᠢ᠍ᠯᠡ ᠬᠦᠳᠡᠯᠤᠯ᠎ᠨᠢ ᠶᠡᠷᠤ᠎ᠨᠢ ᠰᠤᠷᠭ᠋ᠠᠨ ᠬᠥᠮᠦᠵᠢᠯ᠎ᠤᠨ ᠠᠵᠢᠯ᠎ᠳᠤ ᠨᠦᠬᠦᠪᠦᠷᠢᠯᠡᠬᠦᠶ᠎ᠡ ᠪᠡᠷᠬᠡ ᠠᠯᠳᠠᠭᠳᠠᠯ᠎ᠢ ᠠᠪᠴᠢᠷᠠᠭ᠍ᠤ ᠮᠥᠷᠲᠡᠭᠡᠨ ᠰᠤᠷᠤᠭᠴᠢ ᠵᠢᠨ ᠨᠢᠭᠡ ᠨᠠᠰᠤᠨ᠎ᠤ ᠬᠥᠭᠵᠢᠯᠲᠡ ᠵᠢ ᠨᠥᠯᠦᠭᠡᠯᠡᠳᠡᠭ᠃ ᠤᠴᠢᠷ ᠶᠠᠪᠤᠳᠠᠯ ᠲᠣᠬᠢᠶᠠᠯᠳᠤᠬᠤ ᠦᠶᠡᠰ ᠶᠠᠭᠤᠨ᠎ᠤ ᠠ᠋ᠮᠦᠨ᠎ᠡ ᠰᠡᠳᠭᠢᠯ ᠵᠶ᠋ᠠᠨ ᠨᠠᠮᠵᠢᠭᠤᠨ ᠪᠣᠯᠭ᠋ᠠᠨ᠎ᠠ᠂ ᠳᠠᠷᠠᠭ᠎ᠠ᠎ᠨᠢ᠂ ᠠᠩᠭᠢ ᠵᠢᠨ ᠶᠡᠷᠦᠨᠭᠭᠡᠢ ᠪᠠᠶ᠋ᠢᠳᠠᠯ᠂ ᠰᠤᠷᠤᠭᠴᠢᠳ᠎ᠤᠨ ᠪᠠᠶ᠋ᠢᠳᠠᠯ ᠵᠢᠴᠢ ᠠ᠋ᠭᠦᠰᠦᠭᠰᠡᠨ ᠬᠡᠷᠡᠭ ᠶᠠᠪᠤᠳᠠᠯ᠎ᠳᠤ ᠵᠠᠳᠠᠯᠤᠯᠲᠠ ᠬᠢᠨ᠎ᠡ᠂ ᠲᠠᠬᠢᠭ᠋ᠠᠳ ᠰᠢᠢ᠍ᠳᠪᠦᠷᠢᠯᠡᠬᠦ ᠠᠷᠭ᠎ᠠ ᠪᠠᠷᠢᠯ ᠵᠶ᠋ᠠᠨ ᠲᠣᠭᠲᠠᠭ᠋ᠠᠨ᠎ᠠ᠃ ᠣᠯᠠᠩᠬᠢ ᠪᠠᠭᠰᠢ ᠰᠡᠩᠬᠡᠷᠡᠭᠦᠯᠬᠦ ᠠᠷᠭ᠎ᠠ ᠵᠢ ᠠᠪᠬᠤ ᠲᠤᠷᠠᠲᠠᠢ ᠪᠠᠶ᠋ᠢᠳᠠᠭ᠃ ᠰᠤᠷᠤᠭᠴᠢ ᠵᠢ ᠰᠡᠩᠬᠡᠷᠡᠬᠦᠯᠬᠦ ᠰᠤᠷᠭ᠋ᠠᠨ ᠬᠥᠮᠦᠵᠢᠯ᠎ᠤᠨ ᠠᠷᠭ᠎ᠠ ᠮᠠᠶᠢᠬ᠎ᠢ ᠠᠮᠵᠢᠯᠲᠠ᠎ᠲᠠᠢ ᠪᠣᠯᠭ᠋ᠠᠶ᠎ᠠ ᠭᠡᠪᠡᠯ᠂ ᠵᠠᠩᠬᠢᠯᠠᠭ᠎ᠠ᠎ᠨᠢ ᠪᠠᠭᠰᠢ᠎ᠠᠴᠠ ᠰᠤᠷᠤᠭᠴᠢ᠎ᠳᠤ ᠬᠠᠮᠤᠭ᠎ᠤᠨ ᠭᠦᠢ᠍ᠴᠠᠳ ᠢᠲᠡᠭᠡᠯ ᠬᠦᠨᠳᠤᠳᠬᠡᠯ᠎ᠢ ᠣᠯᠭᠤᠬᠤ ᠬᠡᠷᠡᠭᠲᠠᠢ᠃ ᠠ᠋ᠨᠡ ᠪᠣᠯ ᠰᠤᠷᠤᠭᠴᠢᠳ᠎ᠤᠨ ᠥᠪᠡᠷ᠎ᠢ᠎ᠪᠠᠨ ᠬᠦᠨᠳᠤᠳᠬᠡᠬᠦ ᠪᠠ ᠢᠲᠡᠪᠬᠢᠲᠠᠢ᠎ᠪᠠᠷ ᠥᠭᠡᠳᠡᠯᠡᠨ ᠳᠠᠪᠰᠢᠬᠤ ᠵᠢᠨ ᠦᠨᠳᠦᠰᠦᠨ ᠪᠠᠳᠤᠯᠠᠭ᠎ᠠ ᠪᠣᠯᠬᠤ ᠶᠤᠮ᠃ ᠭᠠᠭᠴᠠ ᠬᠦ᠌ ᠢᠩᠭᠢᠪᠡᠯ ᠰᠠᠶᠢ ᠰᠤᠷᠤᠭᠴᠢᠳ᠎ᠲᠤ ᠠᠯᠳᠠᠭ᠎ᠠ ᠲᠤᠳᠠᠭᠳᠠᠯ ᠵᠶ᠋ᠠᠨ ᠬᠠᠯᠠᠨ ᠵᠠᠰᠠᠬᠤ ᠬᠦᠴᠦᠨ ᠵᠣᠷᠢᠭ᠎ᠢ ᠤᠯᠭᠤᠵᠦ ᠴᠢᠳᠠᠨ᠎ᠠ᠃ ᠪᠠᠭᠰᠢ ᠰᠤᠷᠤᠭᠴᠢᠳ᠎ᠢ ᠵᠤᠳᠤᠵᠦ ᠬᠠᠷᠢᠶᠠᠵᠤ ᠪᠣᠯᠬᠤ ᠦᠭᠡᠢ᠂ ᠰᠤᠷᠤᠭᠴᠢᠳ᠎ᠲᠤ ᠭᠠᠷ ᠬᠥᠳᠡᠯᠬᠦ ᠪᠣᠯ ᠪᠠᠭᠰᠢ ᠵᠢᠨ ᠴᠢᠳᠠᠪᠦᠷᠢ ᠦᠭᠡᠢ ᠵᠢᠨ ᠨᠢᠭᠡ ᠵᠦᠢ᠍ᠯ᠎ᠤᠨ ᠢᠯᠡᠷᠡᠯ ᠮᠥᠨ᠃ ᠰᠤᠷᠤᠭᠴᠢ ᠵᠢ ᠰᠢᠭᠦᠮᠵᠢᠯᠡᠬᠦ᠎ᠳᠤ᠎ᠪᠠᠨ ᠲᠥᠪ ᠴᠢᠩᠭ᠎ᠠ ᠪᠥᠭᠡᠳ ᠵᠣᠷᠢᠬ᠍ᠵᠢᠭᠤᠯᠤᠯ᠎ᠲᠠᠢ ᠤᠶᠠᠯᠳᠤᠭᠤᠯᠪᠠᠯ ᠵᠤᠬᠢᠨ᠎ᠡ᠃ ᠬᠠᠷᠢᠨ ᠨᠠᠭ᠋ᠠᠳᠤᠮ ᠱᠤᠭ ᠭᠠᠷᠭ᠋ᠠᠵᠤ᠂ ᠶᠥᠭᠡᠳᠡᠵᠦ ᠬᠡᠯᠡᠬᠦ᠎ᠠᠴᠠ ᠵᠠᠶ᠋ᠢᠯᠠᠰᠬᠢᠬᠤ ᠴᠢᠬᠤᠯᠠ᠎ᠲᠠᠢ᠃ ᠰᠤᠷᠭ᠋ᠠᠨ ᠬᠥᠮᠦᠵᠢᠯ᠎ᠤᠨ ᠠ᠋ᠷᠳᠡᠮᠲᠡᠨ ᠰᠦᠬᠤᠮᠯᠢᠨ᠋ᠰᠺᠢ᠄ 《ᠵᠠᠷᠢᠮ ᠦᠶ᠎ᠡ᠎ᠳᠤ ᠠᠭᠤᠴᠢᠯᠠᠯ᠎ᠠᠴᠠ ᠪᠤᠯᠤᠬᠰᠡᠨ ᠶᠣᠰᠤ ᠮᠤᠷᠠᠯ᠎ᠤᠨ ᠳᠤᠩᠰᠤᠯᠳᠡ᠎ᠨᠢ ᠶᠠᠯᠠᠯᠠᠨ ᠰᠢᠢ᠍ᠳᠭᠡᠬᠦ᠎ᠠᠴᠠ ᠨᠡᠩ ᠴᠢᠩᠭ᠎ᠠ ᠰᠢᠷᠦᠭᠦᠨ ᠶᠤᠮ》 ᠭᠡᠵᠠᠢ᠃
     (ᠳᠥᠷᠪᠡ) ᠠᠩᠬᠢ ᠵᠢᠨ ᠪᠠᠭᠰᠢ ᠪᠤᠯᠤᠭᠰᠠᠳ ᠰᠤᠷᠤᠭᠴᠢ᠎ᠲᠠᠢ᠎ᠪᠠᠨ ᠶᠠᠷᠢᠯᠴᠠᠨ ᠤᠶ᠋ᠢᠯᠠᠭ᠋ᠠᠯᠴᠠᠭ᠍ᠤ ᠳᠠᠳᠬᠠᠯ᠎ᠲᠠᠢ ᠪᠠᠶ᠋ᠢᠬᠤ ᠬᠡᠷᠡᠭᠳᠠᠢ᠃ ᠤᠯᠠᠩᠬᠢ ᠪᠠᠭᠰᠢ ᠨᠠᠷ ᠰᠤᠷᠤᠬ᠍ᠴᠢ᠎ᠳᠤ ᠦᠵᠡᠯ ᠰᠠᠨᠠᠭ᠋ᠠᠨ᠎ᠤ ᠬᠦᠮᠦᠵᠢᠯ ᠬᠢᠬᠦ᠎ᠳᠤ᠎ᠪᠠᠨ ᠶᠠᠷᠦᠨᠢ ᠰᠢᠬᠦᠮᠵᠢᠯᠡᠬᠦ ᠪᠠ ᠶᠠᠷᠢᠯᠴᠠᠭ᠍ᠤ ᠵᠢ ᠤᠶᠠᠯᠳᠤᠭᠤᠯᠬᠤ ᠠᠷᠭ᠎ᠠ ᠵᠢ ᠠᠪᠳᠠᠭ᠃ ᠰᠢᠭᠦᠮᠵᠢᠯᠡᠬᠦ ᠪᠠ ᠰᠤᠷᠤᠭᠴᠢ᠎ᠲᠠᠢ ᠶᠠᠷᠢᠯᠴᠠᠭ᠍ᠤ ᠦᠶ᠎ᠡ᠎ᠳᠤ ᠴᠠᠭ ᠲᠤᠬᠢᠶᠠᠯ᠂ ᠤᠷᠤᠨ ᠵᠠᠢ᠂ ᠤᠴᠢᠷ ᠶᠠᠪᠤᠳᠠᠯ ᠵᠢᠴᠢ ᠵᠠᠩ ᠠᠭ᠋ᠠᠯᠢ ᠵᠡᠷᠭᠡ ᠲᠠᠯ᠎ᠠ᠎ᠪᠠᠷ ᠨᠠᠷᠢᠯᠢᠬ ᠡᠵᠡᠮᠰᠢᠭᠰᠡᠨ ᠪᠠᠶ᠋ᠢᠬᠤ ᠴᠢᠬᠤᠯᠠ᠎ᠲᠠᠢ᠃ ᠰᠢᠭᠦᠮᠵᠢᠯᠡᠯ ᠪᠣᠯ ᠰᠤᠷᠭ᠋ᠠᠵᠤ ᠬᠥᠮᠦᠵᠢᠭᠦᠯᠬᠦ ᠵᠢᠨ ᠴᠢᠬᠤᠯᠠ ᠨᠢᠭᠡ ᠵᠤᠶ᠋ᠢᠯ᠎ᠤᠨ ᠠᠷᠭ᠎ᠠ ᠮᠥᠨ᠃ ᠵᠠᠩ ᠠᠭ᠋ᠠᠯᠢ᠎ᠳᠤ᠎ᠨᠢ ᠲᠤᠬᠢᠷᠠᠭᠤᠯᠤᠨ ᠴᠠᠭ ᠪᠠ ᠤᠷᠤᠨ ᠪᠠᠶ᠋ᠢᠷᠢ ᠵᠢ ᠵᠦᠪ ᠰᠤᠩᠭᠤᠵᠦ᠂ ᠤᠴᠢᠷ ᠶᠠᠪᠤᠳᠠᠯ᠎ᠤᠨ ᠬᠦᠨᠳᠦ ᠬᠦᠩᠭᠡᠨ᠎ᠳᠤ᠎ᠨᠢ ᠵᠤᠬᠢᠴᠠᠭᠤᠯᠤᠭᠰᠠᠨ ᠵᠥᠪ ᠰᠢᠭᠦᠮᠵᠢᠯᠡᠯ ᠪᠣᠯ ᠰᠤᠷᠤᠭᠴᠢ ᠵᠢ ᠬᠠᠪᠰᠤᠷᠴᠤ ᠳᠤᠲᠠᠭᠳᠠᠯ᠎ᠢ᠎ᠨᠢ ᠵᠠᠯᠠᠷᠠᠭᠤᠯᠵᠦ ᠴᠢᠳᠠᠨ᠎ᠠ᠃ ᠬᠡᠷᠪᠡ ᠴᠠᠭ ᠲᠤᠬᠢᠶᠠᠯ᠎ᠨᠢ ᠵᠤᠬᠢᠴᠠᠭ᠍ᠤ ᠦᠭᠡᠢ᠂ ᠤᠷᠴᠢᠨ ᠲᠤᠭᠤᠷᠢᠨ᠎ᠢ ᠠᠩᠬᠠᠷᠤᠭᠰᠠᠨ ᠦᠭᠡᠢ᠂ ᠬᠡᠮᠵᠢᠶ᠎ᠡ ᠬᠢᠵᠠᠭ᠋ᠠᠷ᠎ᠢ᠎ᠨᠢ ᠬᠡᠲᠦᠷᠡᠭᠦᠯᠦᠭᠰᠡᠨ ᠰᠢᠭᠦᠮᠵᠢᠯᠡᠯ᠎ᠨᠢ ᠰᠤᠷᠤᠬ᠍ᠴᠢ ᠵᠢᠨ ᠦᠪᠡᠷ᠎ᠢ᠎ᠪᠠᠨ ᠬᠦᠨᠳᠦᠳᠬᠡᠬᠦ ᠰᠡᠳᠬᠢᠯᠭᠡ ᠵᠢ ᠶᠡᠭᠡ᠎ᠪᠠᠷ ᠬᠦᠨᠳᠡᠭᠰᠡᠨ ᠪᠤᠯ ᠦᠷ᠎ᠡ ᠳ᠋ᠦᠩ᠎ᠨᠢ ᠬᠠᠷᠢᠨ ᠦᠰᠦᠳ ᠥᠭᠡᠷ᠎ᠡ ᠪᠣᠯᠳᠠᠭ ᠶᠤᠮ᠃ ᠪᠠᠭᠰᠢ ᠵᠢᠨ ᠰᠢᠬᠦᠮᠵᠢᠯᠡᠯ ᠬᠦᠮᠦᠵᠢᠯ᠎ᠤᠨ ᠵᠤᠷᠢᠯᠭ᠎ᠠ᠎ᠨᠢ ᠰᠤᠷᠤᠭᠴᠢ ᠵᠢᠨ ᠢᠳᠡᠪᠬᠢ ᠴᠢᠨᠠᠷ᠂ ᠳᠠᠯᠳᠠ ᠬᠦᠴᠦᠨ᠎ᠢ᠎ᠨᠢ ᠲᠠᠶ᠋ᠢᠴᠢᠯᠠᠨ ᠤᠷᠤᠭᠰᠢ ᠳᠠᠪᠰᠢᠬᠤ᠎ᠳᠤ᠎ᠨᠢ ᠲᠤᠰᠠᠯᠠᠭ᠍ᠤ ᠶᠠᠪᠤᠳᠠᠯ ᠪᠤᠯᠬᠤ᠎ᠠᠴᠠ ᠪᠢᠰᠢ᠂ ᠬᠠᠷᠢᠨ ᠵᠠᠯᠬᠠᠭ᠋ᠠᠯᠳᠠ ᠪᠢᠰᠢ᠃ ᠪᠠᠭᠰᠢ ᠬᠡᠷᠪᠡ ᠵᠦᠢ ᠵᠣᠬᠢᠰᠲᠠᠢ ᠰᠢᠭᠦᠮᠵᠢᠯᠡᠵᠦ᠂ ᠰᠢᠭᠦᠮᠵᠢᠯᠡᠯ᠎ᠤᠨ ᠲᠤᠮᠳᠠ ᠵᠣᠷᠢᠬ᠍ᠵᠢᠭᠤᠯᠤᠯ ᠪᠠ ᠬᠦᠰᠡᠯ ᠱᠠᠭ᠋ᠠᠷᠳᠠᠯᠭ᠎ᠠ ᠵᠢ ᠬᠠᠪᠰᠤᠷᠭ᠋ᠠᠵᠤ᠂ ᠰᠢᠭᠦᠮᠵᠢᠯᠡᠯ᠎ᠤᠨ ᠲᠤᠮᠳᠠ ᠴᠢᠩ ᠦᠨᠡᠨᠴᠢ ᠪᠥᠭᠡᠳ ᠬᠠᠯᠠᠭᠤᠨ ᠰᠡᠳᠬᠢᠯ ᠠᠬᠤᠭᠤᠯᠵᠤ ᠪᠠᠶ᠋ᠢᠪᠠᠯ ᠰᠤᠷᠤᠭᠴᠢ᠎ᠳᠤ ᠵᠥᠪ ᠪᠤᠷᠤᠭᠤ ᠵᠢ ᠲᠣᠳᠤᠷᠬᠠᠢ ᠲᠠᠨᠢᠭᠤᠯᠵᠦ᠂ ᠲᠡᠭᠦᠨ᠎ᠤ ᠵᠥᠪ ᠵᠠᠮ᠎ᠳᠤ ᠦᠳᠳᠡᠷ ᠲᠦᠷᠭᠡᠨ ᠳᠠᠪᠰᠢᠨ ᠣᠷᠤᠬᠤ ᠵᠢ ᠠᠬᠢᠭᠤᠯᠵᠦ ᠪᠣᠯᠤᠨ᠎ᠠ᠃ ᠳᠠᠭᠤᠳᠠᠨ ᠶᠠᠷᠢᠯᠴᠠᠭ᠍ᠤ ᠪᠣᠯ ᠦᠵᠡᠯ ᠰᠬᠠᠭ᠋ᠠᠨ᠎ᠤ ᠠᠵᠢᠯ᠎ᠤᠨ ᠲᠤᠮᠳᠠ ᠦᠷᠭᠦᠯᠵᠢ ᠬᠡᠷᠡᠭᠯᠡᠵᠦ ᠪᠠᠶ᠋ᠢᠳᠠᠭ ᠪᠠᠰᠠ ᠨᠢᠭᠡ ᠵᠦᠢ᠍ᠯ᠎ᠤᠨ ᠠᠷᠭ᠎ᠠ ᠪᠠᠷᠢᠯ ᠶᠤᠮ᠃ ᠪᠦᠳᠦᠮᠵᠢᠳᠡᠢ ᠶᠠᠷᠢᠯᠴᠠᠭ᠎ᠠ᠎ᠨᠢ ᠤᠴᠢᠷ ᠶᠠᠪᠤᠳᠠᠯ᠎ᠤᠨ ᠦᠨᠡᠨ ᠪᠤᠳᠠᠳᠠᠢ᠎ᠲᠠᠢ ᠨᠡᠶ᠋ᠢᠴᠡᠵᠦ᠂ ᠰᠡᠳᠭᠢᠯᠭᠡ ᠵᠢᠨ ᠤᠨᠢᠰᠤ ᠵᠢ᠎ᠨᠢ ᠨᠡᠭᠡᠭᠡᠵᠦ ᠴᠢᠳᠠᠳᠠᠭ᠎ᠠᠴᠠ ᠲᠠᠨ᠎ᠤ ᠬᠦᠮᠦᠵᠢᠯ᠎ᠢ ᠪᠠᠶᠠᠷᠲᠠᠢ ᠬᠦᠯᠢᠶᠡᠨ ᠠᠪᠬᠤ᠎ᠪᠠᠷ ᠪᠠᠷᠠᠭ᠍ᠤ ᠦᠭᠡᠢ ᠳᠣᠲᠤᠭ᠋ᠠᠳᠤ ᠰᠡᠳᠭᠢᠯ᠎ᠠᠴᠠ᠎ᠪᠠᠨ ᠪᠢᠰᠢᠷᠡᠵᠦ᠂ ᠬᠤᠶᠠᠷ ᠠ᠋ᠲᠡᠭᠡᠳ᠎ᠤᠨ ᠪᠣᠳᠤᠯ ᠰᠠᠨᠠᠯ ᠵᠢᠴᠢ ᠰᠡᠳᠭᠢᠯᠭᠡ᠎ᠪᠠᠨ ᠰᠣᠯᠢᠯᠴᠠᠭ᠍ᠤ ᠵᠢ ᠠᠬᠢᠭᠤᠯᠵᠦ ᠴᠢᠳᠠᠨ᠎ᠠ᠃ ᠠ᠋ᠶᠡᠯᠳᠡᠭ ᠳᠠᠭ᠋ᠠᠯᠠᠮᠵᠢᠳᠠᠢ ᠶᠠᠷᠢᠯᠴᠠᠭ᠋ᠠᠨ᠎ᠤ ᠳᠤᠮᠳᠠ ᠰᠤᠷᠤᠭᠴᠢ ᠪᠠᠭᠰᠢ᠎ᠠᠴᠠ ᠬᠢᠴᠢᠶᠡᠨ ᠰᠡᠷᠡᠮᠵᠢᠯᠡᠬᠦ᠂ ᠠᠶᠤᠵᠤ ᠠ᠋ᠮᠢᠶᠡᠬᠦ᠂ ᠵᠤᠪᠠᠭ᠍ᠤ ᠵᠡᠷᠭᠡ ᠰᠡᠳᠭᠢᠯᠭᠡ ᠵᠢᠨ ᠬᠥᠳᠡᠯᠭᠡᠭᠡᠨ ᠠ᠋ᠭᠦᠰᠬᠦ ᠦᠭᠡᠢ᠎ᠠᠴᠠ ᠪᠤᠯᠵᠦ᠂ ᠳᠤᠳᠤᠭ᠋ᠠᠳᠦ ᠰᠡᠳᠬᠢᠯ᠎ᠤᠨ ᠨᠢᠭᠤᠴᠠ᠎ᠪᠠᠨ ᠠᠭᠤᠳᠠᠯᠠᠨ ᠪᠤᠳᠤᠭᠰᠠᠨ ᠰᠠᠨᠠᠭᠰᠠᠨ ᠵᠤᠶ᠋ᠢᠯ ᠵᠶ᠋ᠠᠨ ᠲᠠᠨ᠎ᠳᠤ ᠳᠡᠯᠭᠡᠬᠦ ᠪᠤᠯᠤᠨ᠎ᠠ᠃ ᠠ᠋ᠬᠦᠨ᠎ᠤ ᠲᠤᠬᠠᠢ ᠨᠢᠭᠡᠨ ᠲᠦᠬᠦᠮ ᠵᠢᠱ᠌ᠢᠶ᠎ᠡ ᠳᠤᠷᠠᠳᠪᠠᠯ᠄ ᠮᠢᠨᠦ ᠭᠤᠷᠪᠠᠳᠠᠬᠢ ᠤᠳᠠᠭ᠋ᠠᠨ᠎ᠤ ᠠ᠋ᠷᠬᠢᠯᠡᠭᠰᠡᠨ ᠠᠩᠬᠢ᠎ᠳᠤ ᠰᠤᠯᠠ ᠨᠤᠮ ᠦᠵᠡᠬᠦ ᠳᠤᠷᠠᠳᠠᠢ ᠨᠢᠭᠡᠨ ᠬᠡᠤᠭᠡᠨ ᠰᠤᠷᠤᠭᠴᠢ ᠪᠠᠶ᠋ᠢᠭᠰᠠᠨ ᠶᠤᠮ᠃ ᠲᠡᠬᠦᠨ᠎ᠤ ᠲᠤᠬᠠᠢ ᠬᠢᠴᠢᠶᠡᠯ᠎ᠤᠨ ᠪᠠᠭᠰᠢ ᠨᠠᠷ ᠴᠦ᠍ ᠨᠠᠳᠠ᠎ᠳᠤ ᠬᠠᠶᠠ ᠬᠡᠯᠡᠳᠡᠭ ᠪᠠᠶ᠋ᠢᠭᠰᠠᠨ᠎ᠢ᠎ᠨᠢ ᠪᠢ ᠳᠡᠮᠡᠢ ᠠᠩᠬᠠᠷᠤᠯ᠎ᠳᠤ᠎ᠪᠠᠨ ᠠᠪᠤᠭᠰᠠᠨ ᠦᠭᠡᠢ᠃ ᠨᠢᠭᠡ ᠤᠳᠠᠭ᠎ᠠ ᠮᠢᠨᠦ ᠬᠢᠴᠢᠶᠡᠯ ᠳᠡᠭᠡᠷ᠎ᠡ ᠲᠡᠷᠡ ᠭᠦ᠌ ᠠ᠋ᠮᠡᠭᠲᠡᠢ ᠰᠤᠷᠤᠭᠴᠢ ᠬᠢᠴᠢᠶᠡᠯ ᠰᠠᠢ᠍ᠢ᠍ᠬᠠᠨ ᠰᠤᠨᠤᠰᠬᠤ ᠦᠭᠡᠢ ᠰᠡᠳᠭᠦᠯ ᠬᠤᠯᠭᠤᠨ ᠦᠵᠡᠵᠦ ᠪᠠᠶ᠋ᠢᠪᠠ᠃ ᠪᠢ ᠬᠢᠴᠢᠶᠡᠯ ᠵᠶ᠋ᠠᠨ ᠲᠠᠶ᠋ᠢᠯᠪᠦᠷᠢᠯᠠᠭ᠍ᠤ ᠵᠢᠨ ᠳᠠᠭ᠋ᠠᠤ ᠲᠡᠭᠦᠨ᠎ᠳᠤ ᠨᠢᠭᠡ ᠳᠣᠬᠢᠶ᠎ᠠ ᠥᠭᠭᠦᠭᠰᠡᠨ᠎ᠳᠤ ᠲᠡᠷᠡ ᠰᠡᠩᠳᠡ ᠮᠡᠩᠳᠡ ᠰᠡᠳᠭᠦᠯ ᠵᠶ᠋ᠠᠨ ᠰᠢᠷᠭᠤᠤᠯ᠎ᠳᠤ᠎ᠪᠠᠨ ᠴᠢᠬᠢᠵᠠᠢ᠃ ᠬᠢᠴᠢᠶᠡᠯ᠎ᠤᠨ ᠳᠠᠩᠬᠢᠮ᠎ᠠᠴᠠ ᠭᠠᠷᠬᠤ᠎ᠳᠤ᠎ᠪᠠᠨ ᠪᠢ ᠲᠡᠭᠦᠨ᠎ᠳᠤ᠄ 《ᠮᠢᠨᠦ ᠠᠯᠪᠠᠨ ᠭᠡᠷ᠎ᠲᠤ ᠣᠴᠢᠭ᠋ᠠᠷᠠᠢ!》 ᠭᠡᠵᠦ ᠵᠠᠬᠢᠪᠠ᠃ ᠠᠯᠪᠠᠨ ᠭᠡᠷ᠎ᠲᠤ᠎ᠪᠠᠨ ᠬᠦᠷᠴᠦ ᠨᠡᠯᠢᠶᠡᠳ ᠬᠦᠯᠢᠶᠡᠭᠡᠳ ᠢᠷᠡᠬᠦ ᠦᠭᠡᠢ ᠲᠤᠯᠠ ᠳᠠᠬᠢᠭ᠋ᠠᠳ ᠲᠡᠭᠦᠨ᠎ᠢ ᠠ᠋ᠷᠢᠬᠦ᠎ᠪᠠᠷ ᠭᠠᠷᠬᠤ᠎ᠳᠤ ᠲᠡᠷᠡ ᠲᠦᠲᠡᠬᠡᠯᠵᠡᠭᠰᠡᠨ ᠪᠣᠯᠤᠯᠲᠠᠢ ᠱᠠᠳᠤᠨ ᠳᠡᠭᠡᠷ᠎ᠡ ᠵᠣᠭᠰᠤᠵᠤ ᠪᠠᠶ᠋ᠢᠪᠠ᠂ 《ᠶᠠᠭ᠋ᠠᠬᠢᠭ᠋ᠠᠳ ᠠᠯᠪᠠᠨ ᠭᠡᠷ᠎ᠲᠤ ᠣᠷᠤᠬᠤ ᠦᠭᠡᠢ ᠪᠤᠢ?》 ᠭᠡᠬᠦ᠎ᠳᠤ᠄ 《ᠤᠯᠠᠨ ᠪᠠᠭᠰᠢ ᠵᠢᠨ ᠠ᠋ᠮᠦᠨ᠎ᠡ ᠰᠢᠭᠦᠮᠵᠢᠯᠡᠬᠦ᠎ᠠᠴᠠ ᠠᠶᠤᠯ᠎ᠠ》 ᠭᠡᠵᠦ ᠴᠢᠷᠠᠢ᠎ᠪᠠᠨ ᠤᠯᠠᠶ᠋ᠢᠯᠬᠠᠨ ᠳᠤᠷᠤᠢ ᠳᠠᠭᠤᠨ ᠵᠶ᠋ᠠᠷ ᠦᠴᠢᠪᠡ᠂ ᠠ᠋ᠬᠦᠨ᠎ᠢ᠎ᠨᠢ ᠬᠠᠷᠠᠭ᠋ᠠᠳ ᠪᠢ ᠪᠣᠳᠤᠯ ᠵᠶ᠋ᠠᠨ ᠥᠭᠡᠷᠡᠴᠢᠯᠡᠵᠦ᠂ ᠲᠡᠭᠦᠨ᠎ᠤ ᠠᠯᠪᠠᠨ ᠭᠡᠷ᠎ᠲᠤ ᠣᠴᠢᠬᠤ ᠵᠢ ᠱᠠᠭ᠋ᠠᠷᠳᠠᠭᠰᠠᠨ ᠦᠭᠡᠢ᠂ ᠭᠠᠳᠠᠭᠰᠢ ᠲᠠᠭ᠋ᠠᠭᠤᠯᠤᠨ ᠭᠠᠷᠴᠤ ᠶᠠᠷᠢᠯᠴᠠᠭᠰᠠᠨ ᠪᠠᠢ᠍ᠢ᠍ᠨ᠎ᠠ᠃ 《ᠬᠢᠴᠢᠶᠡᠯ ᠳᠡᠭᠡᠷ᠎ᠡ ᠶᠠᠮᠠᠷ ᠨᠣᠮ ᠦᠵᠡᠭᠰᠡᠨ ᠪᠤᠢ?》᠂ 《ᠳᠡᠯᠡᠬᠡᠢ ᠵᠢᠨ ᠤᠳᠬ᠎ᠠ ᠵᠣᠬᠢᠶᠠᠯ》᠂ 《ᠳᠡᠯᠡᠭᠡᠢ ᠵᠢᠨ ᠤᠳᠬ᠎ᠠ ᠵᠤᠬᠢᠶᠠᠯ ᠳᠡᠭᠡᠷᠡᠬᠢ ᠵᠤᠬᠢᠶᠠᠯ᠎ᠨᠤᠭᠤᠳ ᠶᠠᠮᠠᠷ ᠵᠡᠷᠭᠡ ᠪᠤᠢ?》᠂ ᠠ᠋ᠨᠡ ᠭᠦ᠌ ᠠᠰᠠᠭᠤᠯᠳᠠ᠎ᠨᠢ ᠲᠡᠬᠦᠨ᠎ᠤ ᠦᠭᠡᠨ᠎ᠤ ᠤᠭᠤᠳᠠ ᠵᠢ ᠨᠡᠭᠡᠭᠡᠵᠦ ᠤᠷᠮ᠎ᠠ ᠵᠢ᠎ᠨᠢ ᠰᠡᠷᠬᠦᠭᠡᠪᠡ᠃ 《ᠪᠠᠭᠰᠢ ᠡ᠂ ᠳᠡᠯᠡᠭᠡᠢ ᠵᠢᠨ ᠤᠳᠬ᠎ᠠ ᠵᠤᠬᠢᠶᠠᠯ ᠳᠡᠭᠡᠷᠡᠬᠢ ᠵᠤᠬᠢᠶᠠᠯ᠎ᠨᠤᠭᠤᠳ ᠶᠡᠭᠡ ᠰᠤᠨᠢᠷᠬᠠᠯᠳᠠᠢ ᠰᠢᠤ᠂ ᠲᠠ ᠪᠠᠰᠠ ᠦᠷᠬᠦᠯᠵᠢ ᠨᠤᠮ ᠵᠤᠬᠢᠶᠠᠯ ᠦᠵᠡᠳᠡᠭ ᠪᠠ?》᠂ 《ᠦ᠂ ᠲᠡᠶ᠋ᠢᠮᠦ ᠡ᠂ ᠪᠢ ᠴᠢᠯᠦᠭᠡ᠎ᠲᠠᠢ ᠪᠤᠯ ᠪᠠᠭ᠎ᠠ ᠰᠠᠭ᠎ᠠ ᠤᠩᠰᠢᠳᠠᠭ ᠶᠤᠮ᠃ ᠨᠤᠮ ᠤᠩᠰᠢᠬᠤ᠎ᠨᠢ ᠰᠠᠶ᠋ᠢᠨ ᠤᠴᠢᠷ᠂ ᠬᠡᠪᠡᠴᠦ ᠬᠢᠴᠢᠶᠡᠯ᠎ᠤᠨ ᠴᠠᠭ᠎ᠲᠤ ᠪᠤᠰᠤᠳ ᠵᠤᠶ᠋ᠢᠯ᠎ᠤᠨ ᠨᠤᠮ ᠤᠩᠰᠢᠬᠤ᠎ᠨᠢ ᠬᠠᠷᠢᠨ ᠴᠢᠨᠦ ᠰᠤᠷᠤᠯᠭ᠎ᠠ ᠵᠢᠨ ᠬᠢᠷᠢ ᠪᠦᠳᠤᠮᠵᠢ ᠵᠢ ᠨᠦᠯᠦᠭᠡᠯᠡᠨ᠎ᠡ ᠰᠢᠦ》 ᠬᠡᠬᠦ ᠵᠡᠷᠭᠡ᠎ᠪᠠᠷ ᠦᠭᠡ ᠵᠢᠨ ᠠᠶᠠᠰ ᠵᠶ᠋ᠠᠨ ᠵᠦᠭᠡᠯᠡᠷᠡᠬᠦᠯᠵᠦ ᠲᠡᠭᠦᠨ᠎ᠤ ᠰᠠᠬᠢᠯᠭ᠎ᠠ ᠪᠠᠳᠤ ᠵᠢ ᠵᠦᠷᠢᠴᠡᠭᠰᠡᠨ ᠦᠵᠡᠭᠳᠡᠯ᠎ᠳᠤ ᠬᠦᠩᠭᠡᠨ ᠰᠢᠭᠦᠮᠵᠢ ᠦᠭᠴᠠᠢ᠃ ᠬᠡᠳᠦᠨ ᠠ᠋ᠳᠦᠷ᠎ᠤᠨ ᠳᠠᠷᠠᠭ᠎ᠠ ᠪᠡᠶᠡᠯᠡᠭᠦᠯᠦᠭᠰᠡᠨ ᠳᠠᠰᠬᠠᠯ᠎ᠳᠤ᠎ᠪᠠᠨ ᠬᠠᠪᠴᠢᠭᠤᠯᠤᠭᠰᠠᠨ ᠵᠠᠬᠢᠶ᠎ᠠ ᠵᠢ᠎ᠨᠢ ᠣᠯᠵᠤ ᠠᠪᠤᠪᠠ᠃ 《ᠪᠠᠭᠰᠢ ᠡ! ᠲᠡᠷᠡ ᠠ᠋ᠳᠦᠷ ᠠᠰᠠᠷ᠎ᠤᠨ ᠱᠠᠳᠤᠨ ᠳᠡᠭᠡᠷ᠎ᠡ ᠶᠠᠷᠢᠯᠴᠠᠭᠰᠠᠨ᠎ᠠᠴᠠ ᠬᠤᠢ᠍ᠢ᠍ᠰᠢ ᠬᠢᠴᠢᠶᠡᠯ ᠳᠡᠭᠡᠷ᠎ᠡ ᠰᠤᠯᠠ ᠨᠣᠮ ᠦᠵᠡᠬᠦ ᠦᠭᠡᠢ ᠭᠡᠵᠦ ᠵᠣᠷᠢᠭ ᠰᠢᠭᠤᠳᠤᠯ᠎ᠠ᠃ ᠠᠯᠪᠠᠨ ᠭᠡᠷ᠎ᠲᠤ ᠠᠪᠠᠴᠢᠭ᠋ᠠᠳ ᠳᠣᠩᠭᠤᠳᠬᠤ᠎ᠠᠴᠠ ᠠᠶᠤᠯ᠎ᠠ — ᠲᠡᠶ᠋ᠢᠮᠦ ᠤᠯᠠᠨ ᠪᠠᠭᠰᠢ ᠵᠢᠨ ᠨᠢᠳᠤ ᠮᠢᠨᠦ ᠵᠦᠭ ᠰᠢᠷᠳᠡᠬᠦ᠎ᠳᠤ ᠶᠣᠰᠣᠲᠠᠢ ᠵᠣᠪᠠᠵᠤ ᠦᠬᠦᠳᠡᠭ ᠬᠡᠷᠡᠭ᠃ ᠬᠡᠷᠪᠡ ᠲᠡᠷᠡ ᠠ᠋ᠳᠦᠷ ᠲᠠ ᠨᠠᠮᠠᠶ᠋ᠢ ᠦᠨᠡᠬᠡᠷ ᠠᠯᠪᠠᠳᠠᠨ ᠤᠷᠤᠭᠤᠯᠤᠭᠰᠠᠨ ᠪᠣᠯ ᠪᠢ ᠲᠠᠨ᠎ᠢ ᠵᠠᠨᠤᠬᠤ ᠪᠠᠶ᠋ᠢᠭᠰᠠᠨ᠃ ᠰᠠᠨᠠᠭ᠋ᠠᠨ᠎ᠠᠴᠠ ᠭᠠᠳᠠᠭᠤᠷ ᠲᠠ ᠬᠠᠷᠢᠨ ᠁》᠃ ᠠ᠋ᠨᠡ ᠶᠠᠪᠤᠳᠠᠯ᠎ᠠᠴᠠ ᠬᠤᠶ᠋ᠢᠰᠢ ᠬᠢᠴᠢᠶᠡᠯ᠎ᠤᠨ ᠪᠠᠭᠰᠢ ᠨᠠᠷ᠎ᠤᠨ ᠵᠠᠭ᠋ᠠᠯᠳᠤᠯᠭ᠎ᠠ ᠵᠤᠬᠰᠤᠬᠰᠠᠨ ᠪᠢᠯᠡ᠃
     (ᠲᠠᠪᠤ) ᠦᠪᠡᠷ᠎ᠤᠨ ᠪᠡᠶ᠎ᠡ᠎ᠪᠠᠷ ᠵᠶ᠋ᠠᠨ ᠵᠢᠱ᠌ᠢᠶ᠎ᠡ ᠦᠵᠡᠬᠦᠯᠬᠦ ᠳᠠᠳᠬᠠᠯ᠎ᠢ ᠪᠦᠷᠢᠯᠳᠦᠬᠦᠯᠬᠦ ᠴᠢᠬᠤᠯᠠ᠎ᠲᠠᠢ᠃ 《ᠰᠤᠷᠭ᠋ᠠᠯ ᠬᠡᠯᠡᠬᠦ᠎ᠳᠤ ᠬᠡᠤᠭᠡᠳ ᠴᠢᠬᠢ᠎ᠪᠠᠨ ᠲᠠᠭᠯᠠᠳᠠᠭ᠂ ᠦᠯᠢᠭᠡᠷ ᠵᠢᠱ᠌ᠢᠶᠡᠴᠢ ᠪᠠᠶ᠋ᠢᠪᠠᠯ ᠨᠢᠳᠦ᠎ᠪᠠᠨ ᠨᠡᠭᠡᠭᠡᠳᠡᠭ》 ᠭᠡᠰᠡᠨ ᠰᠡᠴᠡᠨ ᠦᠭᠡ ᠪᠠᠶ᠋ᠢᠳᠠᠭ᠃ ᠪᠠᠭᠰᠢ ᠵᠢᠨ ᠵᠢᠱ᠌ᠢᠶᠡᠴᠢ ᠠᠵᠢᠯᠯᠠᠭ᠎ᠠ᠎ᠨᠢ 《ᠬᠤᠷᠮᠤᠰᠳᠠ》 ᠵᠢᠨ ᠰᠡᠳᠬᠢᠯ᠎ᠢ ᠴᠦ᠍ ᠬᠥᠳᠡᠯᠭᠡᠳᠡᠭ ᠭᠡᠵᠤ ᠬᠥᠮᠦᠰ ᠬᠡᠯᠡᠳᠡᠭ᠃ ᠠ᠋ᠨᠡ᠎ᠨᠢ 《ᠶᠣᠰᠤ ᠮᠤᠷᠠᠯ᠎ᠤᠨ ᠬᠦᠮᠦᠵᠢᠯ᠎ᠳᠤ ᠮᠢᠩᠭ᠎ᠠ ᠲᠦᠮᠡᠨ ᠦᠭᠡ ᠬᠡᠯᠡᠬᠦ ᠵᠢᠨ ᠣᠷᠤᠨ᠎ᠳᠤ ᠨᠢᠭᠡᠨ ᠰᠠᠶ᠋ᠢᠨ ᠬᠡᠪ ᠳᠦᠷᠢᠮ ᠦᠵᠡᠭᠦᠯᠬᠦ ᠵᠢ ᠬᠦᠷᠬᠦ ᠦᠭᠡᠢ ᠶᠤᠮ》᠂ 《ᠬᠢᠵᠦ ᠰᠤᠷᠭ᠋ᠠᠬᠤ》᠎ᠨᠢ 《ᠬᠡᠯᠡᠵᠦ ᠰᠤᠷᠭ᠋ᠠᠬᠤ》᠎ᠠᠴᠠ ᠪᠠᠰᠠ ᠴᠢᠬᠤᠯᠠ ᠪᠠᠶ᠋ᠢᠳᠠᠭ ᠭᠡᠰᠡᠨ ᠤᠴᠢᠷ ᠶᠤᠰᠤ ᠵᠢ ᠪᠢᠳᠠᠨ᠎ᠳᠤ ᠮᠡᠳᠡᠬᠦᠯᠵᠦ ᠪᠠᠶ᠋ᠢᠳᠠᠭ᠃ ᠪᠡᠶ᠎ᠡ᠎ᠪᠠᠷ ᠵᠶ᠋ᠠᠨ ᠬᠢᠵᠦ ᠰᠤᠷᠭ᠋ᠠᠬᠤ᠎ᠨᠢ ᠪᠠᠭ᠎ᠠ ᠨᠠᠰᠤᠨ᠎ᠤ ᠬᠡᠤᠬᠡᠳ᠎ᠤᠨ ᠳᠠᠭᠤᠷᠢᠶᠠᠵᠤ ᠰᠤᠷᠬᠤ᠎ᠳᠤ᠎ᠪᠠᠨ ᠴᠢᠳᠠᠮᠠᠭ᠋ᠠᠢ ᠪᠠᠶ᠋ᠢᠳᠠᠭ ᠣᠨᠴᠠᠯᠢᠭ᠎ᠲᠠᠢ ᠨᠡᠶ᠋ᠢᠴᠡᠬᠦ ᠪᠥᠭᠡᠳ ᠠ᠋ᠭᠦᠨ᠎ᠢ ᠲᠡᠳᠡᠨ ᠠᠮᠠᠷᠬᠠᠨ ᠬᠦᠯᠢᠶᠠᠨ ᠠᠪᠳᠠᠭ᠃ ᠶᠠᠮᠠᠷᠴᠤ ᠠᠯᠪᠠᠳᠠᠯᠭ᠎ᠠ ᠵᠢᠨ ᠴᠢᠨᠠᠷ ᠦᠭᠡᠢ ᠰᠤᠷᠭ᠋ᠠᠨ ᠬᠥᠮᠦᠵᠢᠭᠦᠯᠦᠭᠴᠢ ᠵᠢᠨ ᠳᠠᠭᠤᠨ ᠦᠭᠡᠢ ᠠᠵᠢᠯᠯᠠᠭ᠎ᠠ᠂ ᠵᠢᠱ᠌ᠢᠶ᠎ᠡ ᠠᠵᠢᠯᠯᠠᠭ᠎ᠠ᠎ᠨᠢ ᠰᠤᠷᠤᠭᠴᠢᠳ᠎ᠢ ᠨᠥᠯᠦᠭᠡᠯᠡᠨ ᠳᠠᠶ᠋ᠢᠴᠢᠯᠠᠵᠤ᠂ ᠠᠩᠬᠠᠷᠤᠯ᠎ᠢ ᠲᠠᠲᠠᠳᠠᠭ᠎ᠠᠴᠠ ᠲᠤᠶ᠋ᠢᠯ᠎ᠤᠨ ᠶᠡᠭᠡ ᠬᠠᠶ᠋ᠢᠷ᠎ᠠ ᠬᠠᠯᠠᠮᠵᠢ ᠵᠢᠨ ᠬᠦᠴᠤ ᠪᠠ ᠲᠠᠲᠠᠭ᠍ᠤ ᠬᠦᠴᠦᠨ᠎ᠲᠠᠢ ᠪᠠᠶ᠋ᠢᠳᠠᠭ᠃ ᠰᠤᠷᠭ᠋ᠠᠨ ᠬᠥᠮᠦᠵᠢᠯ᠎ᠤᠨ ᠠ᠋ᠷᠳᠡᠮᠳᠡᠨ ᠦᠱᠳᠡᠰᠺᠢ᠎ᠠᠴᠠ 《ᠪᠠᠭᠰᠢ ᠵᠢᠨ ᠲᠤᠰ ᠪᠡᠶ᠎ᠡ ᠵᠢᠨ ᠦᠯᠢᠭᠡᠷ ᠳᠠᠭᠤᠷᠢᠶᠠᠯ ᠪᠣᠯ ᠵᠠᠯᠠᠭᠤ ᠬᠥᠮᠦᠨ᠎ᠤ ᠰᠡᠳᠭᠢᠯ ᠰᠠᠨᠠᠭ᠋ᠠᠨ᠎ᠳᠤ᠎ᠬᠢ ᠶᠠᠮᠠᠷᠪᠠ ᠶᠠᠭᠤᠮ᠎ᠠ᠎ᠪᠠᠷ ᠴᠤ᠌ ᠤᠷᠤᠯᠠᠭᠤᠯᠵᠦ ᠦᠯᠦ ᠴᠢᠳᠠᠭ᠍ᠤ ᠬᠠᠮᠤᠭ᠎ᠤᠨ ᠬᠡᠷᠡᠭᠴᠡᠭᠡ᠎ᠲᠠᠢ ᠨᠠᠷᠠᠨ᠎ᠤ ᠭᠡᠷᠡᠯ ᠮᠥᠨ》 ᠭᠡᠵᠠᠢ᠃
      ᠠᠩᠭᠢ ᠵᠢᠨ ᠠ᠋ᠷᠬᠢᠯᠡᠭᠴᠢ ᠵᠢᠨ ᠠᠵᠢᠯ ᠪᠣᠯ ᠬᠠᠲᠠᠭᠤᠵᠢᠯᠲᠠᠢ ᠪᠥᠭᠡᠳ ᠪᠦᠲᠦᠭᠡᠯᠴᠢ ᠴᠢᠨᠠᠷ᠎ᠲᠠᠢ ᠬᠥᠳᠡᠯᠮᠦᠷᠢ ᠪᠤᠯᠬᠤ ᠶᠤᠮ᠃ ᠠᠩᠬᠢ ᠵᠢᠨ ᠪᠠᠭᠰᠢ ᠪᠤᠯᠤᠬᠰᠡᠳ 《ᠠᠩᠬᠢ ᠵᠢᠨ ᠠ᠋ᠷᠬᠢᠯᠡᠭᠴᠢ ᠵᠢᠨ ᠪᠠᠶ᠋ᠢᠩᠭᠤ ᠵᠢᠨ ᠠᠵᠢᠯ᠎ᠤᠨ ᠳᠠᠳᠬᠠᠯ》 ᠪᠠ 《ᠠᠩᠭᠢ ᠵᠢᠨ ᠪᠠᠭᠰᠢ ᠪᠤᠯᠤᠬᠰᠡᠳ ᠠ᠋ᠷᠬᠡᠪᠰᠢ ᠪᠦᠷᠢᠯᠳᠦᠭᠦᠯᠬᠦ ᠴᠢᠬᠤᠯᠠ᠎ᠲᠠᠢ ᠳᠠᠳᠬᠠᠯ》᠎ᠢ ᠠᠩᠬᠠᠷᠤᠯ᠎ᠳᠤ᠎ᠪᠠᠨ ᠠᠪᠴᠤ᠂ ᠬᠤᠶ᠋ᠢᠴᠢ ᠦᠶ᠎ᠡ᠎ᠪᠠᠨ ᠬᠠᠶ᠋ᠢᠷᠠᠯᠠᠵᠤ ᠭᠦᠮᠦᠵᠢᠭᠦᠯᠪᠡᠯ ᠵᠤᠬᠢᠨ᠎ᠠ᠃ ᠶᠡᠷᠦᠳᠡ ᠵᠢᠨ ᠦᠭᠡᠨ᠎ᠳᠤ᠄ 《ᠪᠠᠭᠰᠢ ᠵᠢᠨ ᠠᠵᠢᠯ᠎ᠢ ᠵᠢᠷᠦᠭᠡ ᠰᠡᠳᠬᠢᠯ᠎ᠤᠨ ᠬᠦᠨ᠎ᠠᠴᠠ᠎ᠪᠠᠨ ᠬᠠᠶ᠋ᠢᠷᠠᠯᠠᠭᠰᠠᠨ ᠬᠦᠮᠦᠨ ᠰᠠᠶᠢ ᠵᠢᠩᠬᠢᠨᠢ ᠪᠠᠭᠰᠢ ᠪᠤᠯᠵᠦ ᠴᠢᠳᠠᠨ᠎ᠠ》 ᠭᠡᠵᠦ ᠬᠡᠯᠡᠳᠡᠭ᠃ 《ᠬᠠᠶ᠋ᠢᠷᠠᠯᠠᠭ᠍ᠤ ᠰᠡᠳᠬᠢᠯ ᠦᠭᠡᠢ ᠪᠤᠯᠪᠠᠰᠤ ᠬᠠᠮᠤᠭ᠎ᠲᠤᠷ ᠬᠦᠨᠳᠦᠯᠡᠭᠳᠡᠬᠦ ᠦᠭᠡᠢ ᠬᠦᠩᠭᠡᠨ ᠪᠤᠯᠤᠮᠤᠢ》 ᠭᠡᠰᠡᠨᠴᠢᠯᠡᠨ ᠠᠩᠭᠢ ᠵᠢᠨ ᠪᠠᠭᠰᠢ ᠪᠤᠯᠤᠬᠰᠡᠳ ᠰᠤᠷᠤᠭᠴᠢ ᠵᠢᠨ ᠢᠳᠡᠭᠡᠯ ᠨᠠᠶ᠋ᠢᠳᠠᠯᠭ᠎ᠠ᠂ ᠬᠠᠶ᠋ᠢᠷ᠎ᠠ ᠬᠦᠨᠳᠦᠳᠭᠡᠯ᠎ᠢ ᠤᠯᠵᠦ᠂ ᠬᠠᠷᠢᠯᠴᠠᠨ ᠤᠶ᠋ᠢᠯᠠᠭ᠋ᠠᠯᠴᠠᠭ᠍ᠤ ᠳᠤᠮᠳᠠ᠎ᠠᠴᠠ ᠬᠡᠤᠬᠡᠳ᠎ᠤᠨ ᠣᠶᠤᠨ ᠰᠠᠨᠠᠭ᠋ᠠᠨ᠎ᠳᠤ ᠨᠡᠪᠲᠡᠷᠡᠬᠦ ᠠᠷᠭ᠎ᠠ ᠵᠠᠮ᠎ᠢ ᠬᠠᠶ᠋ᠢᠵᠦ᠂ ᠠᠤᠭ᠎ᠠ ᠪᠠᠭᠲᠠᠭ᠋ᠠᠮᠵᠢᠳᠤ ᠬᠡᠬᠦᠳᠡᠭ ᠴᠡᠭᠡᠵᠢ᠂ ᠭᠦᠨ ᠵᠤᠵᠠᠭ᠋ᠠᠨ ᠬᠠᠶ᠋ᠢᠷ᠎ᠠ ᠰᠡᠳᠭᠢᠯᠭᠡ᠂ ᠤᠳᠤᠷᠢᠳᠤᠨ ᠳᠠᠭ᠋ᠠᠭᠤᠯᠬᠤ ᠠᠷᠭ᠎ᠠ᠎ᠪᠠᠷ ᠵᠶ᠋ᠠᠨ ᠰᠤᠷᠤᠭᠴᠢ ᠵᠢᠨ ᠠᠯᠳᠠᠭ᠎ᠠ ᠲᠤᠲᠠᠭᠳᠠᠯ᠎ᠢ ᠠᠭᠤᠴᠢᠯᠠᠨ ᠪᠠᠭᠳᠠᠭ᠋ᠠᠵᠦ᠂ ᠤᠷ᠎ᠠ ᠳᠡᠮ᠎ᠲᠠᠢ᠎ᠪᠠᠷ ᠵᠠᠯᠠᠷᠠᠭᠤᠯᠵᠦ᠂ ᠰᠤᠷᠤᠭᠴᠢ ᠵᠢᠨ ᠬᠤᠭᠤᠷᠤᠨᠳᠦᠬᠢ ᠵᠥᠷᠢᠴᠡᠯ᠎ᠢ ᠴᠢᠳᠠᠮᠠᠭ᠋ᠠᠢ᠎ᠪᠠᠷ ᠰᠢᠢ᠍ᠳᠪᠦᠷᠢᠯᠡᠬᠦ ᠦᠨᠳᠦᠰᠤᠨ ᠴᠢᠳᠠᠪᠦᠷᠢ ᠵᠢᠴᠢ ᠰᠠᠶ᠋ᠢᠨ ᠰᠠᠶ᠋ᠢᠬᠠᠨ ᠳᠠᠳᠬᠠᠯ᠎ᠢ ᠪᠦᠷᠢᠯᠳᠦᠭᠦᠯᠪᠡᠯ ᠰᠠᠶᠢ ᠵᠢᠩᠬᠢᠨᠢ ᠨᠡᠷ᠎ᠡ ᠨᠢᠳᠡᠷ᠎ᠲᠤ᠎ᠪᠠᠨ ᠨᠡᠶ᠋ᠢᠴᠡᠭᠰᠡᠨ ᠰᠢᠯᠢᠳᠡᠭ ᠠᠩᠬᠢ ᠵᠢᠨ ᠠ᠋ᠷᠬᠢᠯᠡᠭᠴᠢ ᠪᠠᠭᠰᠢ ᠪᠤᠯᠵᠦ ᠴᠢᠳᠠᠨ᠎ᠠ᠃


        ᠠᠵᠢᠯᠯᠠᠵᠤ ᠪᠠᠶ᠋ᠢᠭ᠎ᠠ ᠪᠠᠢ᠍ᠢ᠍ᠭᠤᠯᠭ᠎ᠠ᠄ ᠠᠯᠠᠱ᠌ᠠ ᠠᠢ᠍ᠢ᠍ᠮᠠᠭ᠎ᠤᠨ ᠵᠢᠭ᠋ᠠᠬᠤ ᠵᠢ ᠰᠤᠳᠤᠯᠬᠤ ᠲᠠᠰᠤᠭ
                                         (ᠮᠦᠨᠭᠭᠦᠨᠴᠢᠮᠡᠭ ᠨᠠᠢ᠍ᠢ᠍ᠷᠠᠭᠤᠯᠪᠠ)
                                          2021 ᠣᠨ᠎ᠤ 3 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠠᠩᠭᠢ ᠵᠢᠨ ᠠ᠋ᠷᠬᠢᠯᠡᠭᠴᠢ ᠵᠢᠨ ᠠᠵᠢᠯ᠎ᠳᠤ ᠤᠷᠮᠠᠰᠢᠭᠤᠯᠤᠯ᠎ᠤᠨ ᠬᠦᠮᠦᠵᠢᠯ᠎ᠢ ᠬᠢᠬᠦ ᠵᠢᠨ ᠴᠢᠬᠤᠯᠠ ᠴᠢᠨᠠᠷ
ᠠᠩᠭᠢ ᠵᠢᠨ ᠠ᠋ᠷᠬᠢᠯᠡᠭᠴᠢ ᠬᠤᠴᠤᠷᠤᠩᠭᠤᠢ ᠰᠤᠷᠤᠭᠴᠢ ᠵᠢ ᠬᠡᠷᠬᠢᠨ ᠬᠦᠮᠦᠵᠢᠭᠦᠯᠬᠦ ᠲᠣᠬᠠᠢ ᠮᠦᠴᠢᠳ ᠦᠭᠦᠯᠡᠬᠦ᠎ᠨᠢ
ᠠᠩᠭᠢ ᠵᠢᠨ ᠠ᠋ᠷᠬᠢᠯᠡᠭᠴᠢ ᠵᠢᠨ ᠠᠵᠢᠯ᠎ᠢ ᠠ᠋ᠭᠦᠷᠭᠡᠯᠡᠨ ᠪᠡᠶᠡᠯᠡᠭᠦᠯᠦᠭᠰᠡᠨ ᠠᠵᠢᠯ᠎ᠤᠨ ᠲᠤᠷᠰᠢᠯᠭ᠎ᠠ
ᠠᠩᠭᠢ ᠵᠢᠨ ᠠ᠋ᠷᠬᠢᠯᠡᠭᠴᠢ ᠪᠠ ᠳᠡᠭᠡᠳᠤ ᠲᠤᠮᠳᠠᠳᠤ ᠵᠢᠨ ᠰᠤᠷᠤᠭᠴᠢᠳ᠎ᠤᠨ ᠰᠡᠳᠭᠢᠴᠡ ᠵᠢᠨ ᠠ᠋ᠷᠡᠭᠦᠯ ᠮᠡᠨᠳᠦ ᠵᠢᠨ ᠭᠦᠮᠦᠵᠢᠯ
ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠳᠤᠮᠳᠠ ᠠᠩᠬᠠᠷᠪᠠᠰᠤ ᠵᠤᠬᠢᠬᠤ ᠬᠡᠳᠦᠨ ᠠᠰᠠᠭᠤᠳᠠᠯ᠎ᠢ ᠲᠦᠭᠦᠮ ᠦᠭᠦᠯᠡᠬᠦ᠎ᠨᠢ
 
             蒙ICP备05000248号