ᠰᠠᠴᠤᠷᠠ

ᠠᠩᠬᠢ ᠵᠢᠨ ᠠ᠋ᠷᠬᠢᠯᠡᠭᠴᠢ ᠵᠢᠨ ᠠᠵᠢᠯ ᠭᠡᠵᠦ ᠨᠢᠭᠡᠨ ᠵᠣᠯ ᠵᠢᠷᠭ᠋ᠠᠯ᠂ ᠵᠤᠪᠠᠭᠤᠷᠢ ᠵᠦᠳᠡᠭᠦᠷᠢ ᠬᠤᠤᠰᠯᠠᠭᠰᠠᠨ ᠠᠵᠢᠯ ᠶᠤᠮ᠃ ᠶᠠᠭᠤᠨ᠎ᠳᠤ ᠭᠡᠪᠡᠯ ᠠᠩᠬᠢ ᠵᠢᠨ ᠠ᠋ᠷᠬᠢᠯᠡᠭᠴᠢ ᠬᠡᠦᠬᠡᠳ᠎ᠤᠳ ᠵᠶ᠋ᠠᠨ ᠬᠡᠷᠡᠭ ᠵᠠᠷᠭᠤ ᠳᠠᠲᠠᠭ᠍ᠤᠠᠴᠠ ᠠᠶᠤᠨ᠎ᠠ᠂ ᠲᠠᠭᠰᠢᠭᠤᠷ ᠬᠠᠨᠢᠶᠠᠳᠤ ᠲᠤᠰᠴᠢᠬᠠᠬᠤᠠᠴᠠ ᠠᠶᠤᠨ᠎ᠠ᠂ ᠳᠠᠰᠬᠠᠯ ᠳᠠᠭ᠋ᠠᠭ᠋ᠠᠯᠭ᠋ᠠᠪᠤᠷᠢ ᠵᠶ᠋ᠠᠨ ᠬᠢᠬᠦ ᠦᠭᠡᠢ᠎ᠠᠴᠠ ᠠᠶᠤᠨ᠎ᠠ᠂ ᠳᠠᠭ᠋ᠠᠷᠠᠭ᠍ᠤᠠᠴᠠ ᠠᠶᠤᠨ᠎ᠠ᠂ ᠦᠯᠦᠰᠬᠦ᠎ᠠᠴᠠ ᠠᠶᠤᠨ᠎ᠠ᠂ ᠰᠢᠷᠬᠠᠳᠤᠬᠤ᠎ᠠᠴᠠ ᠠᠶᠤᠨ᠎ᠠ᠂ ᠭᠡᠷ ᠵᠶ᠋ᠠᠨ ᠰᠠᠨᠠᠭ᠍ᠤᠠᠴᠠ ᠠᠶᠤᠨ᠎ᠠ᠂ ᠪᠤᠰᠤᠳ᠎ᠲᠤ ᠳᠠᠷᠤᠯᠠᠭᠳᠠᠭ᠍ᠤᠠᠴᠠ ᠠᠶᠤᠨ᠎ᠠ᠂ ᠨᠦᠬᠦᠳ᠎ᠲᠠᠢ᠎ᠪᠠᠨ ᠨᠡᠶ᠋ᠢᠯᠡᠬᠦ ᠦᠭᠡᠢ᠎ᠠᠴᠠ ᠠᠶᠤᠨ᠎ᠠ᠂ ᠵᠠᠩ᠎ᠨᠢ ᠠ᠋ᠲᠡᠭᠡᠳ ᠪᠣᠯᠬᠤ᠎ᠠᠴᠠ ᠠᠶᠤᠨ᠎ᠠ᠂ ᠬᠤᠭᠤᠯᠠ᠎ᠪᠠᠨ ᠠᠪᠴᠤ ᠢᠳᠡᠵᠦ ᠴᠢᠳᠠᠭ᠍ᠤ ᠦᠭᠡᠢ᠎ᠠᠴᠠ ᠠᠶᠤᠨ᠎ᠠ᠂ ᠬᠦᠨᠵᠢᠯᠡ ᠳᠡᠪᠢᠰᠭᠡᠷ ᠵᠶ᠋ᠠᠨ ᠬᠤᠷᠢᠶᠠᠵᠤ ᠴᠢᠳᠠᠭ᠍ᠤ ᠦᠭᠡᠢ᠎ᠠᠴᠠ ᠠᠶᠤᠨ᠎ᠠ᠂ ᠬᠥᠯ ᠲᠣᠯᠤᠭ᠋ᠠᠢ᠎ᠪᠠᠨ ᠤᠭᠢᠶᠠᠵᠤ ᠴᠢᠳᠠᠭ᠍ᠤ ᠦᠭᠡᠢ᠎ᠠᠴᠠ ᠠᠶᠤᠨ᠎ᠠ᠂ ᠠᠪᠤ ᠡᠵᠢ ᠵᠢᠨ᠎ᠬᠢᠨ᠎ᠢ ᠰᠠᠨᠠᠯ᠎ᠠᠴᠠ ᠠᠶᠤᠨ᠎ᠠ᠂ ᠠᠷᠢᠬᠢ ᠤᠤᠭᠤᠴᠢᠬᠠᠭᠰᠠᠨ ᠬᠡᠦᠬᠡᠳ ᠵᠶ᠋ᠠᠨ ᠲᠤᠰᠬᠤ᠎ᠠᠴᠠ ᠠᠶᠤᠨ᠎ᠠ ᠁ ᠦᠷᠭᠦᠯᠵᠢ ᠬᠡᠦᠭᠡᠳ ᠤᠳ ᠮᠢᠨᠢ ᠤᠴᠢᠷ ᠶᠠᠪᠤᠳᠠᠯ ᠦᠭᠡᠢ᠂ ᠠ᠋ᠩᠭᠡ ᠲᠠᠶ᠋ᠢᠪᠤᠡᠭ ᠪᠠᠶ᠋ᠢᠭ᠋ᠠᠰᠠᠢ ᠭᠡᠵᠦ ᠵᠠᠯᠪᠠᠷᠢᠵᠤ ᠶᠠᠪᠤᠳᠠᠭ᠎ᠠᠴᠠ ᠶᠠᠭ᠋ᠠᠬᠢᠬᠤ ᠵᠢᠨ ᠠᠷᠭ᠎ᠠ ᠦᠭᠡᠢ ᠵᠦᠳᠡᠭᠦᠷᠢ᠎ᠲᠠᠢ ᠳ᠋ᠠ᠃ ᠭᠡᠪᠡᠴᠦ ᠠᠩᠬᠢ ᠵᠢᠨ ᠠ᠋ᠷᠬᠢᠯᠡᠭᠴᠢ ᠬᠦᠮᠦᠨ ᠰᠤᠷᠤᠭᠴᠢ᠎ᠲᠠᠢ᠎ᠪᠠᠨ ᠬᠡᠵᠢᠶᠠᠳᠠ ᠬᠠᠮᠤᠭ᠎ᠤᠨ ᠣᠶ᠋ᠢᠷ᠎ᠠ ᠪᠠᠶ᠋ᠢᠳᠠᠭ ᠤᠴᠢᠷ᠎ᠠᠴᠠ᠂ ᠰᠤᠷᠤᠭᠴᠢ ᠵᠢᠨ ᠵᠶ᠋ᠠᠨ ᠦᠰᠦᠨ ᠪᠣᠶ᠋ᠢᠵᠢᠯᠲᠠ ᠵᠢᠨ ᠶᠠᠪᠤᠴᠠ᠎ᠳᠤ ᠪᠡᠶᠡᠳᠡᠨ ᠣᠷᠤᠯᠴᠠᠵᠤ ᠲᠡᠳᠡᠨ᠎ᠤ ᠲᠠᠪᠰᠢᠯᠲᠠ ᠵᠢ ᠨᠢᠳᠦ᠎ᠪᠠᠷ ᠵᠶ᠋ᠠᠨ ᠦᠵᠡᠵᠦ ᠰᠡᠳᠬᠢᠯ ᠵᠶ᠋ᠠᠷ ᠵᠶ᠋ᠠᠨ ᠮᠡᠳᠡᠷᠡᠭᠰᠡᠨ ᠤᠴᠢᠷ᠎ᠠᠴᠠ᠂ ᠲᠡᠷᠡ ᠬᠦ᠌ ᠦᠨᠡᠯᠡᠰᠢ ᠦᠭᠡᠢ ᠴᠡᠪᠡᠷ ᠴᠠᠶ᠋ᠢᠯᠭ᠋ᠠᠨ᠂ ᠭᠡᠨᠡᠨ ᠬᠤᠩᠭᠤᠷ 《ᠠ᠋ᠯᠢᠭᠡ ᠵᠢᠷᠦᠬᠡ》᠎ᠲᠠᠢ ᠣᠶ᠋ᠢᠷᠠᠲᠤᠯᠴᠠᠵᠤ ᠠᠭᠤᠰᠤᠯᠴᠠᠵᠤ ᠶᠠᠪᠤᠬᠤ ᠠᠵᠠ ᠵᠠᠪᠰᠢᠶᠠᠨ᠎ᠢ ᠦᠪᠯᠡᠵᠦ ᠶᠠᠪᠤᠭᠰᠠᠨ ᠤᠴᠢᠷ᠎ᠠᠴᠠ᠂ ᠨᠢᠰᠤ᠎ᠪᠠᠨ ᠭᠤᠭᠤᠵᠢᠭᠤᠯᠵᠤ ᠨᠢᠭᠤᠷ ᠵᠶ᠋ᠠᠨ ᠬᠠᠯᠳᠠᠷᠳᠤᠭᠤᠯᠤᠭᠰᠠᠨ 《ᠠᠯᠢᠶ᠎ᠠ ᠴᠢᠳᠬᠦᠷ》ᠤᠳ᠂ ᠰᠤᠭᠤᠶ᠋ᠢᠭᠰᠠᠨ ᠥᠨᠳᠦᠷ ᠪᠡᠶ᠎ᠡ᠎ᠲᠠᠢ ᠰᠤᠷᠲᠤᠭᠤᠯᠢᠭ ᠭᠤᠪᠠᠢ ᠤᠬᠠᠭ᠋ᠠᠨ ᠲᠤᠮᠤᠭ᠎ᠠ᠎ᠲᠠᠢ ᠵᠠᠯᠠᠭᠤᠴᠤᠳ ᠪᠤᠯᠤᠨ ᠬᠦᠮᠦᠵᠢᠭᠳᠡᠬᠦ ᠲᠡᠷᠡ ᠬᠦ᠌ ᠬᠠᠨᠤᠮᠵᠢᠲᠤ ᠰᠡᠳᠬᠢᠯᠬᠡ ᠵᠢ ᠣᠯᠵᠤ ᠬᠦᠷᠳᠡᠳᠡᠭ ᠤᠴᠢᠷ᠎ᠠᠴᠠ ᠪᠠᠰᠠ ᠴᠤ᠌ ᠬᠢᠵᠠᠭ᠋ᠠᠷ ᠦᠭᠡᠢ ᠶᠡᠭᠡ ᠵᠣᠯ ᠵᠢᠷᠭ᠋ᠠᠯ᠎ᠲᠠᠢ ᠪᠠᠶ᠋ᠢᠳᠠᠭ᠃
ᠶᠠᠭ ᠠ᠋ᠨᠡ ᠶᠡᠭᠡ ᠵᠣᠯ ᠵᠢᠷᠭ᠋ᠠᠯ᠎ᠢ ᠠ᠋ᠳ᠋ᠯᠡᠵᠦ ᠶᠠᠪᠤᠳᠠᠭ ᠤᠴᠢᠷ᠎ᠠᠴᠠ ᠪᠢ ᠴᠤ᠌ ᠠᠩᠬᠢ ᠵᠢᠨ ᠠ᠋ᠷᠬᠢᠯᠡᠭᠴᠢ ᠵᠢᠨ ᠠᠵᠢᠯ ᠵᠶ᠋ᠠᠨ ᠰᠠᠶ᠋ᠢᠨ ᠬᠢᠶ᠎ᠡ ᠭᠡᠵᠦ ᠦᠷᠭᠦᠯᠵᠢ ᠴᠢᠷᠮᠠᠶ᠋ᠢᠵᠤ ᠶᠠᠪᠤᠳᠠᠭ ᠶᠤᠮ᠃ ᠳᠤᠤᠷ᠎ᠠ ᠪᠢ ᠥᠪᠡᠷ᠎ᠤᠨ ᠠᠩᠬᠢ ᠵᠢᠨ ᠠ᠋ᠷᠬᠢᠯᠡᠭᠴᠢ ᠵᠢᠨ ᠠᠵᠢᠯ ᠵᠶ᠋ᠠᠨ ᠬᠢᠭᠰᠡᠨ ᠲᠤᠷᠰᠢᠯᠭ᠎ᠠ᠎ᠪᠠᠨ ᠳᠥᠭᠦᠮ ᠶᠠᠷᠢᠶ᠎ᠠ᠃
ᠨᠢᠭᠡ ᠬᠢᠷᠢ ᠲᠡᠩᠴᠡᠭᠰᠡᠨ ᠠᠩᠬᠢ ᠵᠢᠨ ᠠ᠋ᠷᠬᠢᠯᠡᠭᠴᠢ ᠪᠣᠯᠬᠤ᠎ᠳᠤ ᠰᠤᠷᠤᠭᠴᠢ᠎ᠪᠠᠨ ᠪᠦᠬᠦ ᠲᠠᠯ᠎ᠠ᠎ᠪᠠᠷ ᠤᠶ᠋ᠢᠯᠠᠭ᠋ᠠᠵᠤ᠂ ᠭᠡᠷ᠎ᠤᠨ ᠠᠬᠠᠮᠠᠳ᠎ᠲᠠᠢ ᠦᠷᠭᠦᠯᠵᠢ ᠬᠠᠷᠢᠯᠴᠠᠨ᠂ ᠬᠢᠴᠢᠶᠡᠯᠯᠡᠭᠴᠢ ᠪᠠᠭᠰᠢ᠎ᠲᠠᠢ ᠢᠳᠡᠪᠬᠢᠲᠠᠢ᠎ᠪᠠᠷ ᠬᠠᠷᠢᠴᠠᠵᠤ ᠬᠠᠮᠲᠤᠷᠠᠯᠴᠠᠭ᠍ᠤ ᠪᠣᠯ ᠬᠠᠮᠤᠭ᠎ᠤᠨ ᠦᠨᠳᠦᠰᠦᠨ ᠴᠢᠬᠤᠯᠠ ᠵᠦᠢ᠍ᠯ ᠮᠦᠨ᠃ ᠠ᠋ᠳᠡᠭᠡᠷ ᠵᠦᠢ᠍ᠯ᠎ᠢ ᠰᠠᠶ᠋ᠢᠨ ᠬᠢᠮᠡᠨᠵᠢᠨ ᠳᠠᠷᠠᠭ᠋ᠠᠴᠢ ᠵᠢᠨ ᠠᠵᠢᠯ ᠵᠶ᠋ᠠᠨ ᠤᠷᠤᠭᠰᠢᠲᠠᠢ ᠰᠠᠶ᠋ᠢᠨ ᠬᠦᠢ᠍ᠴᠡᠳᠬᠡᠵᠦ ᠴᠢᠳᠠᠨ᠎ᠠ᠃ ᠠ᠋ᠨᠡ᠎ᠨᠢ ᠦᠨᠡᠨ᠎ᠳᠤ᠎ᠪᠠᠨ ᠠᠩᠬᠢ ᠵᠢᠨ ᠠ᠋ᠷᠬᠢᠯᠡᠭᠴᠢ ᠵᠢᠨ ᠪᠤᠲᠠᠲᠠᠢ ᠠᠵᠢᠯ᠎ᠤᠨ ᠳᠤᠮᠳᠠ ᠠᠶᠠᠨᠳᠠᠭ᠋ᠠᠨ ᠪᠡᠶᠡᠯᠡᠭᠳᠡᠳᠡᠭ᠃ ᠠ᠋ᠶ᠋ᠢᠮᠦ᠎ᠠᠴᠠ ᠪᠢ ᠠ᠋ᠨᠡ ᠲᠠᠯ᠎ᠠ᠎ᠪᠠᠷ ᠨᠠᠷᠢᠯᠢᠬ ᠶᠠᠷᠢᠬᠤ ᠦᠭᠡᠢ᠂ ᠬᠠᠷᠢᠨ ᠠ᠋ᠳᠡᠭᠡᠷ ᠦᠨᠳᠦᠰᠦᠨ ᠵᠦᠢ᠍ᠯ᠎ᠠᠴᠠ ᠪᠣᠰᠤᠳ ᠪᠠᠰᠠ ᠠᠩᠬᠠᠷᠬᠤ ᠴᠢᠬᠤᠯᠠᠲᠠᠢ ᠵᠦᠢ᠍ᠯ᠎ᠤᠨ ᠲᠤᠬᠠᠢ ᠤᠶ᠋ᠢᠯᠠᠭ᠋ᠠᠯᠲᠠ᠎ᠪᠠᠨ ᠶᠠᠷᠢᠶ᠎ᠠ᠃
ᠨᠢᠭᠡ᠂ ᠠᠩᠬᠢ ᠵᠢᠨ ᠠ᠋ᠷᠬᠢᠯᠡᠭᠴᠢ ᠵᠠᠪᠠᠯ ᠦᠪᠡᠷ᠎ᠤᠨ ᠪᠡᠶ᠎ᠡ᠎ᠪᠠᠷ ᠵᠶ᠋ᠠᠨ ᠬᠡᠪ ᠳᠠᠭᠤᠷᠢᠶᠠᠯ ᠪᠣᠯᠵᠤ ᠶᠠᠪᠤᠬᠤ
ᠰᠤᠷᠭ᠋ᠠᠭᠤᠯᠢ᠎ᠳᠤ ᠠᠪᠴᠤ ᠭᠡᠯᠡᠪᠡᠯ᠂ ᠠᠩᠬᠢ ᠵᠢᠨ ᠠ᠋ᠷᠬᠢᠯᠡᠭᠴᠢ ᠪᠣᠯ ᠰᠤᠷᠤᠭᠴᠢ ᠵᠢᠨ ᠠᠪᠤ ᠡᠵᠢ᠎ᠲᠠᠢ᠎ᠨᠢ ᠠᠳᠠᠯᠢ ᠪᠠᠶ᠋ᠢᠳᠠᠭ᠃ ᠬᠡᠦᠭᠡᠳ᠎ᠤᠳ᠎ᠤᠨ ᠬᠠᠮᠤᠭ᠎ᠠᠴᠠ ᠢᠲᠡᠭᠡᠳᠡᠭ᠂ ᠬᠠᠮᠤᠭ᠎ᠠᠴᠠ ᠬᠦᠨᠳᠦᠳᠬᠡᠳᠡᠭ᠂ ᠮᠦᠨ ᠴᠤ᠌ ᠬᠠᠮᠤᠭ᠎ᠠᠴᠠ ᠠᠶᠤᠵᠤ ᠵᠢᠷᠦᠭᠡᠰᠢᠶᠡᠳᠡᠭ ᠬᠦᠮᠦᠨ᠎ᠨᠢ ᠮᠦᠨ᠃ ᠠᠩᠬᠢ ᠵᠢᠨ ᠠ᠋ᠷᠬᠢᠯᠡᠭᠴᠢ ᠵᠢᠨ ᠦᠭᠡ ᠶᠠᠷᠢᠶ᠎ᠠ᠂ ᠦᠢ᠍ᠯᠡ ᠠᠵᠢᠯᠯᠠᠭ᠎ᠠ᠎ᠨᠢ ᠰᠤᠷᠤᠭᠴᠢᠳ᠎ᠢ ᠰᠢᠭᠤᠳ ᠨᠥᠯᠦᠭᠡᠯᠡᠵᠦ ᠪᠠᠶ᠋ᠢᠳᠠᠭ᠃ ᠠᠩᠬᠢ ᠵᠢᠨ ᠠ᠋ᠷᠬᠢᠯᠡᠭᠴᠢ ᠵᠢᠨ ᠮᠠᠭᠳᠠᠭ᠋ᠠᠯ᠎ᠳᠤ ᠲᠡᠳᠡ ᠬᠠᠮᠤᠭ᠎ᠠᠴᠠ ᠵᠣᠷᠢᠬ᠍ᠵᠢᠳᠠᠭ᠂ ᠠᠩᠬᠢ ᠵᠢᠨ ᠠ᠋ᠷᠬᠢᠯᠡᠭᠴᠢ ᠵᠢᠨ ᠰᠢᠬᠦᠮᠵᠢᠯᠡᠯ᠎ᠠᠴᠠ ᠲᠡᠳᠡ ᠬᠠᠮᠤᠭ᠎ᠠᠴᠠ ᠵᠢᠷᠦᠭᠡᠰᠢᠶᠡᠳᠡᠭ᠂ ᠠᠩᠬᠢ ᠵᠢᠨ ᠠ᠋ᠷᠬᠢᠯᠡᠭᠴᠢ ᠢᠨᠢᠶᠡᠳᠦ ᠵᠢᠨ ᠴᠢᠷᠠᠢ᠎ᠲᠠᠢ ᠪᠣᠯ ᠲᠡᠳᠡ ᠪᠠᠶᠠᠷᠯᠠᠵᠤ᠂ ᠮᠠᠭᠤ ᠴᠢᠷᠠᠢ᠎ᠲᠠᠢ ᠪᠣᠯ ᠲᠡᠳᠡ ᠪᠠᠰᠠ ᠤᠷᠮ᠎ᠠ ᠦᠭᠡᠢ ᠪᠣᠯᠳᠠᠭ᠃ ᠠᠩᠬᠢ ᠵᠢᠨ ᠠ᠋ᠷᠬᠢᠯᠡᠭᠴᠢ ᠴᠡᠪᠡᠷ ᠲᠡᠭᠰᠢ ᠠ᠋ᠮᠦᠰᠴᠦ ᠵᠡᠭᠦᠨ ᠪᠣᠯᠪᠠᠰᠤᠨ ᠰᠠᠶ᠋ᠢᠬᠠᠨ ᠶᠠᠷᠢᠪᠠᠯ ᠰᠤᠷᠤᠭᠴᠢ ᠴᠤ᠌ ᠴᠡᠪᠡᠷ ᠲᠡᠭᠰᠢ ᠠ᠋ᠮᠦᠰᠴᠦ ᠵᠡᠭᠦᠨ ᠪᠣᠯᠪᠠᠰᠤᠨ ᠰᠠᠶ᠋ᠢᠬᠠᠨ ᠶᠠᠷᠢᠬᠤ ᠵᠢ ᠬᠢᠴᠢᠶᠡᠳᠡᠭ᠃ ᠠ᠋ᠶ᠋ᠢᠮᠦ᠎ᠠᠴᠠ ᠦᠪᠡᠷ᠎ᠤᠨ ᠦᠭᠡ ᠶᠠᠷᠢᠶ᠎ᠠ᠎ᠠᠴᠠ᠎ᠪᠠᠨ ᠠ᠋ᠬᠢᠯᠡᠨ ᠦᠢ᠍ᠯᠡ ᠠᠵᠢᠯᠯᠠᠭ᠎ᠠ᠎ᠳᠤ᠎ᠪᠠᠨ ᠬᠦᠷᠲᠡᠯ᠎ᠡ ᠰᠠᠶ᠋ᠢᠲᠤᠷ ᠠᠩᠬᠠᠷᠴᠤ ᠨᠢᠭᠡᠨ ᠰᠠᠶ᠋ᠢᠨ ᠬᠡᠪ ᠳᠠᠭᠤᠷᠢᠶᠠᠯ ᠪᠣᠯᠬᠤ ᠵᠢ ᠵᠣᠷᠢᠬᠤ ᠬᠡᠷᠡᠭᠲᠡᠢ᠃
ᠬᠤᠶᠠᠷ᠂ ᠰᠤᠷᠤᠭᠴᠢᠳ᠎ᠤᠨ ᠤᠨᠴᠠᠯᠢᠭ᠎ᠲᠤ᠎ᠨᠢ ᠲᠤᠬᠢᠷᠠᠭᠤᠯᠤᠨ ᠬᠦᠮᠦᠵᠢᠭᠦᠯᠬᠦ
ᠬᠦᠮᠦᠰ ᠶᠡᠷᠦ᠎ᠨᠢ ᠠᠪᠤ ᠬᠦᠮᠦᠨ᠎ᠢ 《ᠬᠠᠯᠠ᠎ᠨᠢ ᠭᠠᠳᠠᠨ᠎ᠠ᠎ᠪᠠᠨ᠂ ᠬᠠᠶ᠋ᠢᠷ᠎ᠠ᠎ᠨᠢ ᠳᠤᠲᠤᠨ᠎ᠠ ᠪᠠᠨ》 ᠭᠡᠳᠡᠭ᠃ ᠪᠠᠭᠰᠢ ᠬᠦᠮᠦᠨ ᠴᠦ᠍ ᠠ᠋ᠭᠡᠭᠡ ᠠᠳᠠᠯᠢᠬᠠᠨ ᠪᠠᠶ᠋ᠢᠳᠠᠭ ᠶᠤᠮ᠃ ᠪᠢᠳᠡ ᠡᠵᠢ ᠬᠦᠮᠦᠨ᠎ᠤ ᠠ᠋ᠨᠡᠷᠢᠩᠭᠦᠢ ᠰᠡᠳᠬᠢᠯ ᠵᠶ᠋ᠠᠷ ᠬᠡᠦᠬᠡᠳ᠎ᠤᠳ᠎ᠲᠠᠢ᠎ᠪᠠᠨ ᠰᠡᠳᠬᠢᠯ ᠵᠶ᠋ᠠᠨ ᠮᠡᠳᠡᠯᠴᠡᠵᠦ ᠲᠡᠳᠡᠨ᠎ᠳᠤ ᠤᠴᠠᠷᠠᠵᠤ ᠪᠠᠶ᠋ᠢᠭ᠎ᠠ ᠬᠦᠴᠢᠷᠳᠡᠯ ᠲᠦᠪᠡᠭ᠎ᠢ᠎ᠨᠢ ᠤᠶ᠋ᠢᠯᠠᠭ᠋ᠠᠨ ᠰᠢᠢ᠍ᠳᠪᠦᠷᠢᠯᠡᠵᠦ ᠦᠭᠬᠦ ᠬᠡᠷᠡᠭᠲᠡᠢ ᠪᠠᠶ᠋ᠢᠳᠠᠭ᠃ ᠤᠨᠴᠠᠭ᠋ᠠᠶ᠋ᠢᠯᠠᠨ ᠲᠤᠤᠷ᠎ᠠ ᠤᠨ᠎ᠤ ᠪᠠᠶ᠋ᠢᠷᠢ᠎ᠳᠤ ᠰᠠᠭᠤᠭ᠎ᠠ ᠬᠡᠦᠬᠡᠳ᠂ ᠦᠨᠦᠴᠢᠨ ᠦᠷᠦᠭᠡᠰᠦᠨ ᠬᠡᠦᠬᠡᠳ ᠪᠤᠶᠤ ᠠᠰᠠᠭᠤᠳᠠᠯ᠎ᠲᠠᠢ ᠰᠤᠷᠤᠭᠴᠢ᠎ᠳᠤ ᠠ᠋ᠨᠡ ᠬᠠᠶ᠋ᠢᠷ᠎ᠠ ᠳᠤᠲᠠᠭᠳᠠᠵᠤ ᠪᠣᠯᠤᠰᠢ ᠦᠭᠡᠢ ᠶᠤᠮ᠃ ᠠᠩᠬᠢ ᠵᠢᠨ ᠠ᠋ᠷᠬᠢᠯᠡᠭᠴᠢ ᠦᠪᠡᠷ᠎ᠤᠨ ᠦᠨᠡᠨ ᠰᠡᠳᠬᠢᠯ᠎ᠠᠴᠠ᠎ᠪᠠᠨ᠂ ᠦᠭᠭᠢᠶᠡᠮᠦᠷ ᠬᠠᠶ᠋ᠢᠷ᠎ᠠ᠎ᠪᠠᠷ ᠵᠶ᠋ᠠᠨ ᠤᠴᠢᠵᠤ ᠬᠡᠦᠬᠡᠳ᠎ᠲᠠᠢ᠎ᠪᠠᠨ ᠬᠠᠷᠢᠯᠴᠠᠮᠠᠨᠵᠢᠨ ᠰᠠᠶᠢ ᠰᠤᠷᠤᠭᠴᠢ ᠵᠢᠨ ᠵᠶ᠋ᠠᠨ ᠢᠲᠡᠭᠡᠯ ᠬᠠᠶ᠋ᠢᠷ᠎ᠠ ᠵᠢ ᠤᠯᠵᠤ ᠴᠢᠳᠠᠨ᠎ᠠ᠃ ᠬᠡᠦᠬᠡᠳ ᠰᠠᠶᠢ ᠴᠢᠮ᠎ᠠ᠎ᠳᠤ ᠰᠡᠳᠬᠢᠯ ᠵᠶ᠋ᠠᠨ ᠳᠡᠯᠬᠡᠵᠦ ᠴᠢᠳᠠᠨ᠎ᠠ᠃ ᠪᠢᠳᠡᠨ᠎ᠤ ᠬᠤᠭᠤᠷᠤᠨᠳᠤᠬᠢ ᠵᠠᠢ᠎ᠪᠠᠨ ᠪᠠᠭ᠋ᠠᠰᠬᠠᠵᠤ ᠴᠢᠳᠠᠨ᠎ᠠ᠃ ᠬᠡᠪᠡᠴᠦ ᠠᠯᠢᠪᠡ ᠤᠴᠢᠷ ᠴᠦᠮ ᠬᠤᠶᠠᠷ ᠲᠠᠯ᠎ᠠ᠎ᠲᠠᠢ ᠪᠠᠶ᠋ᠢᠳᠠᠭ᠃ ᠵᠠᠷᠢᠮ ᠰᠤᠷᠤᠭᠴᠢ ᠭᠡᠳᠦᠷᠭᠡᠢ ᠬᠠᠶ᠋ᠢᠷ᠎ᠠ ᠵᠢᠨ ᠬᠠᠷᠢᠭᠤ᠎ᠳᠤ 《ᠳᠠᠪᠠᠭᠤᠷᠠᠭ᠍ᠤ》 ᠭᠡᠳ ᠪᠠᠶ᠋ᠢᠳᠠᠭ ᠶᠤᠮ᠃ ᠳᠡᠭᠡᠷᠡᠯᠬᠡᠬᠦ᠂ ᠦᠰᠢᠶᠡᠷᠭᠡᠭᠦ᠂ ᠠ᠋ᠰᠡᠷᠭᠦᠴᠡᠬᠦ ᠵᠡᠷᠭᠡ ᠦᠵᠡᠭᠳᠡᠯ ᠴᠦᠮ ᠢᠯᠡᠷᠡᠬᠦ ᠪᠤᠯᠤᠯᠴᠠᠭ᠎ᠠ᠎ᠲᠠᠢ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠶᠠᠭᠤᠨ᠎ᠤ ᠠ᠋ᠮᠦᠨ᠎ᠡ ᠦᠪᠡᠷ᠎ᠤᠨ ᠠ᠋ᠷᠬᠡ ᠰᠦᠷ ᠵᠶ᠋ᠠᠨ ᠪᠤᠢ ᠪᠤᠯᠭ᠋ᠠᠬᠤ ᠬᠡᠷᠡᠭᠲᠡᠢ ᠪᠠᠶ᠋ᠢᠳᠠᠭ᠃ ᠠ᠋ᠷᠬᠡ ᠰᠦᠷ ᠵᠶ᠋ᠠᠨ ᠪᠠᠶ᠋ᠢᠭᠤᠯᠤᠭᠰᠠᠨ ᠰᠠᠭᠤᠷᠢᠨ ᠳᠡᠭᠡᠷ᠎ᠡ ᠰᠤᠷᠤᠭᠴᠢ ᠵᠢᠨ ᠵᠶ᠋ᠠᠨ ᠤᠨᠴᠠᠯᠢᠭ᠎ᠢ ᠦᠨᠳᠦᠰᠦᠯᠡᠵᠦ ᠬᠠᠯᠠ ᠪᠠ ᠬᠠᠶ᠋ᠢᠷ᠎ᠠ ᠵᠢ ᠤᠶᠠᠯᠳᠤᠭᠤᠯᠬᠤ᠎ᠨᠢ ᠲᠤᠩ ᠴᠢᠬᠤᠯᠠ ᠪᠠᠶ᠋ᠢᠳᠠᠭ᠃
ᠡᠯ᠎ᠡ ᠲᠠᠯ᠎ᠠ᠎ᠪᠠᠷ ᠰᠢᠯᠢᠳᠡᠭ᠂ ᠤᠮᠤᠭᠯᠠᠩ ᠰᠢᠬ ᠵᠠᠩ᠎ᠲᠠᠢ ᠪᠡᠶ᠎ᠡ᠎ᠪᠠᠨ ᠲᠤᠭᠤᠳᠠᠭ ᠭᠡᠦᠭᠡᠳ᠎ᠢ ᠪᠤᠯ ᠬᠡᠲᠦᠷᠬᠡᠢ ᠠᠭᠤᠷᠯᠠᠵᠤ ᠲᠠᠷᠤᠩᠭᠤᠶ᠋ᠢᠯᠠᠪᠠᠯ ᠭᠡᠳᠡᠷᠭᠦ᠎ᠪᠠᠨ ᠲᠡᠳᠡᠨ᠎ᠤ ᠰᠦᠷᠭᠡᠦ ᠰᠡᠳᠬᠢᠯ᠎ᠢ ᠪᠤᠢ ᠪᠤᠯᠭ᠋ᠠᠨ᠎ᠠ᠃ ᠬᠡᠳᠦᠷᠬᠡᠢ ᠠᠶᠠᠳᠠᠵᠤ ᠬᠦᠬᠡᠷᠦᠬᠦᠯᠪᠡᠯ ᠨᠡᠩ ᠤᠮᠤᠭᠯᠠᠩ ᠪᠠᠷᠳᠠᠮ ᠪᠤᠯᠳᠠᠭ᠃ ᠠ᠋ᠶ᠋ᠢᠮᠦ᠎ᠠᠴᠠ ᠲᠡᠳᠡᠨ᠎ᠤ ᠳᠠᠪᠠᠭᠤᠯᠢᠭ ᠲᠠᠯ᠎ᠠ ᠵᠢ ᠬᠦᠢ᠍ᠴᠡᠳ ᠦᠨᠡᠯᠡᠭᠰᠡᠨ ᠪᠠᠶ᠋ᠢᠳᠠᠯ᠎ᠤᠨ ᠲᠤᠤᠷ᠎ᠠ ᠳᠡᠳᠡᠨ᠎ᠤ ᠪᠡᠶ᠎ᠡ ᠳᠡᠭᠡᠷ᠎ᠡ ᠤᠷᠤᠰᠢᠵᠤ ᠪᠠᠶ᠋ᠢᠭ᠎ᠠ ᠠᠰᠠᠭᠤᠳᠠᠯ ᠵᠢᠴᠢ ᠬᠤᠤᠷ ᠬᠦᠨᠦᠭᠡᠯ᠎ᠢ᠎ᠨᠢ ᠰᠢᠭᠤᠳ ᠲᠤᠳᠤᠷᠬᠠᠢ ᠶᠠᠷᠢᠵᠦ ᠦᠭᠬᠦ ᠭᠡᠷᠡᠭᠲᠡᠢ ᠪᠦᠬᠡᠳ ᠦᠷᠭᠦᠯᠵᠢ ᠵᠢᠨ ᠴᠢᠨᠠᠷᠲᠠᠢ ᠶᠠᠷᠢᠵᠤ ᠰᠠᠨᠠᠭᠤᠯᠵᠤ ᠪᠠᠶ᠋ᠢᠬᠤ ᠬᠡᠷᠡᠭᠲᠡᠢ᠃ ᠠ᠋ᠬᠦᠨ᠎ᠤ ᠬᠠᠮᠲᠦ ᠪᠠᠰᠠ ᠴᠢᠩᠭ᠎ᠠ ᠱᠠᠭ᠋ᠠᠷᠳᠠᠯᠭ᠎ᠠ ᠵᠢ ᠲᠠᠯᠪᠢᠬᠤ ᠵᠢᠨ ᠳᠠᠭ᠋ᠠᠤ ᠲᠠᠪᠰᠢᠯᠲᠠ ᠠᠮᠵᠢᠯᠲᠠ ᠵᠢ᠎ᠨᠢ ᠴᠠᠭ ᠲᠤᠬᠠᠢᠳᠤᠨᠢ ᠦᠨᠡᠯᠡᠵᠦ ᠵᠤᠷᠢᠬ᠍ᠵᠢᠭᠤᠯᠵᠤ ᠪᠠᠶ᠋ᠢᠬᠤ ᠴᠢᠬᠤᠯᠠᠲᠠᠢ᠃
ᠦᠪᠡᠷ᠎ᠢ᠎ᠪᠠᠨ ᠢᠳᠡᠭᠡᠬᠦ ᠰᠡᠳᠬᠢᠯᠭᠡ᠎ᠪᠠᠷ ᠠᠨᠠᠢ᠂ ᠪᠡᠶ᠎ᠡ᠎ᠪᠠᠨ ᠭᠤᠯᠤᠳᠠᠭ᠂ ᠵᠤᠷᠢᠭ ᠪᠠᠭ᠎ᠠ ᠬᠡᠦᠬᠡᠳ᠎ᠲᠤ ᠪᠤᠯ ᠮᠠᠭᠳᠠᠭ᠋ᠠᠯ ᠰᠠᠶ᠋ᠢᠰᠢᠶᠠᠯ ᠲᠤᠶ᠋ᠢᠯ᠎ᠤᠨ ᠴᠢᠬᠤᠯᠠ᠃ ᠤᠴᠢᠷ᠎ᠨᠢ ᠲᠡᠳᠡᠨ᠎ᠳᠤ ᠪᠤᠰᠤᠳ᠎ᠤᠨ ᠢᠳᠡᠭᠡᠯ ᠪᠠ ᠵᠤᠷᠢᠬ᠍ᠵᠢᠭᠤᠯᠤᠯ ᠴᠢᠬᠤᠯᠠᠲᠠᠢ᠃ ᠳᠡᠳᠡ ᠪᠠᠭᠰᠢ ᠵᠢᠨ ᠬᠠᠷᠠᠴᠠ᠎ᠠᠴᠠ ᠴᠦ᠍ ᠢᠲᠡᠭᠡᠯ᠂ ᠵᠤᠷᠢᠬ᠍ᠵᠢᠭᠤᠯᠤᠯ᠂ ᠮᠠᠭᠲᠠᠭ᠋ᠠᠯ᠎ᠢ ᠤᠯᠵᠤ ᠬᠦᠷᠲᠡᠳᠡᠭ ᠶᠤᠮ᠃ ᠶᠠᠭ᠋ᠠᠬᠢᠭᠰᠠᠨ ᠴᠦ᠍ ᠭᠠᠳᠠᠭᠤᠷᠴᠢᠯᠠᠭ᠍ᠤ᠂ ᠠ᠋ᠭ᠌ᠳᠡᠭᠦᠴᠡᠬᠦ ᠤᠪᠤᠷ᠎ᠢ ᠠᠪᠴᠤ ᠪᠤᠯᠬᠤ ᠦᠭᠡᠢ᠂ ᠦᠭᠡᠢ ᠪᠣᠯ ᠬᠡᠦᠬᠡᠳ᠎ᠲᠤ ᠨᠠᠰᠤᠨ᠎ᠤ ᠭᠤᠮᠤᠳᠠᠯᠢ ᠠᠪᠴᠢᠷᠠᠨ᠎ᠠ᠃ ᠬᠡᠦᠬᠡᠳ᠎ᠤᠨ ᠬᠦᠭᠵᠢᠯᠲᠡ ᠵᠢᠨ ᠤᠷᠤᠨ ᠵᠠᠢ ᠬᠡᠵᠢᠶᠡᠳᠡ ᠪᠢᠳᠡᠨ᠎ᠤ ᠰᠠᠨᠠᠭᠰᠠᠨ᠎ᠠᠴᠠ ᠬᠤᠯᠠ ᠠᠭᠤᠵᠢᠮ ᠪᠠᠶ᠋ᠢᠳᠠᠭ ᠶᠤᠮ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠶᠠᠭ᠋ᠠᠬᠢᠭᠰᠠᠨ ᠴᠦ᠍ ᠬᠡᠦᠬᠡᠳ᠎ᠲᠤ᠎ᠪᠠᠨ ᠢᠳᠡᠭᠡᠯ ᠠᠯᠳᠠᠵᠤ ᠪᠤᠯᠬᠤ ᠦᠭᠡᠢ᠂ ᠳᠡᠳᠡᠨ᠎ᠤ ᠦᠴᠦᠬᠡᠨ ᠪᠠᠭ᠎ᠠ ᠳᠠᠪᠰᠢᠯᠲᠠ ᠵᠢ ᠴᠦ᠍ ᠭᠡᠰᠡᠨ᠂ ᠳᠡᠳᠡᠨ᠎ᠤ ᠪᠡᠶ᠎ᠡ ᠳᠡᠭᠡᠷ᠎ᠡ ᠢᠯᠡᠷᠡᠵᠦ ᠪᠠᠶ᠋ᠢᠭ᠎ᠠ ᠶᠠᠯᠢᠮ ᠦᠭᠡᠢ ᠪᠠᠭ᠎ᠠ ᠬᠢᠯᠠᠰ ᠴᠡᠭ᠎ᠢ ᠴᠦ᠍ ᠭᠡᠰᠡᠨ ᠠᠳᠬᠤᠵᠤ ᠪᠠᠶ᠋ᠢᠭ᠋ᠠᠳ ᠮᠠᠭᠳᠠᠵᠤ ᠵᠤᠷᠢᠬ᠍ᠵᠢᠭᠤᠯᠵᠤ ᠪᠠᠶ᠋ᠢᠬᠤ ᠭᠡᠷᠡᠭᠲᠡᠢ᠃ ᠵᠠᠷᠢᠮ ᠦᠶ᠎ᠡ᠎ᠳᠤ ᠪᠠᠰᠠ ᠪᠡᠶ᠎ᠡ᠎ᠳᠤ᠎ᠪᠠᠨ ᠢᠲᠡᠭᠡᠯ ᠦᠭᠡᠢ ᠬᠡᠦᠬᠡᠳ᠎ᠨᠢ ᠵᠤᠬᠢᠬᠤ ᠬᠡᠮᠵᠢᠶᠠᠨ᠎ᠤ ᠠᠯᠪᠠᠳᠠᠯᠭ᠎ᠠ ᠵᠢ ᠱᠠᠭ᠋ᠠᠷᠳᠠᠳᠠᠭ᠃ ᠵᠢᠱ᠌ᠢᠶᠡᠯᠡᠪᠡᠯ᠂ ᠲᠠᠶ᠋ᠢᠰᠠᠨ᠎ᠳᠤ ᠭᠠᠷᠬᠤ᠎ᠠᠴᠠ ᠠᠶᠤᠳᠠᠭ ᠪᠤᠶᠤ ᠤᠯᠠᠨ᠎ᠤ ᠠ᠋ᠮᠦᠨ᠎ᠡ ᠦᠭᠡ ᠲᠤᠤᠭ᠋ᠠᠷᠬᠤᠠᠴᠠ ᠠᠶᠤᠳᠠᠭ ᠬᠡᠦᠬᠡᠳ᠎ᠢ ᠠᠯᠪᠠᠳᠠᠭ᠋ᠠᠳ ᠠ᠋ᠰᠡᠭᠦᠯ᠎ᠡ ᠠᠭᠤᠷᠯᠠᠭ᠋ᠠᠳ ᠨᠢᠭᠡ ᠯᠠ ᠤᠳᠠᠭ᠎ᠠ ᠴᠦ᠍ ᠭᠡᠰᠡᠨ ᠲᠠᠶ᠋ᠢᠰᠠᠨ᠎ᠳᠤ ᠭᠠᠷᠭ᠋ᠠᠭ᠋ᠠᠳ ᠴᠢᠳᠠᠴᠢᠬᠠᠪᠠᠯ ᠠ᠋ᠰᠠᠭᠦᠯ᠎ᠠ ᠭᠠᠶ᠋ᠢᠭᠤᠢ ᠰᠠᠶ᠋ᠢᠬᠠᠨ ᠮᠠᠭᠲᠠᠭ᠋ᠠᠳ ᠦᠭᠴᠢᠭᠡᠪᠡᠯ ᠰᠤᠷᠤᠭᠴᠢ᠎ᠳᠤ ᠵᠦᠢ᠍ᠷᠯᠡᠰᠢ ᠦᠭᠡᠢ ᠶᠡᠭᠡ ᠵᠤᠷᠢᠬ᠍ᠵᠢᠭᠤᠯᠤᠯ ᠪᠤᠯᠬᠤ᠎ᠨᠢ ᠲᠡᠷᠡ᠂ ᠲᠡᠭᠡᠬᠦ ᠮᠦᠷᠲᠡᠭᠡᠨ ᠲᠠᠬᠢᠭ᠋ᠠᠳ ᠲᠠᠶ᠋ᠢᠰᠠᠨ᠎ᠳᠤ ᠭᠠᠷᠤᠶ᠎ᠠ ᠭᠡᠰᠡᠨ ᠠ᠋ᠷᠡᠮᠡᠯᠵᠡᠯ᠎ᠲᠠᠢ ᠪᠣᠯᠬᠤ ᠶᠤᠮ᠃
ᠦᠩᠭᠡᠷᠡᠭᠰᠡᠨ᠎ᠳᠤ ᠮᠢᠨᠦ ᠠᠩᠬᠢ᠎ᠳᠤ ᠨᠢᠭᠡ ᠰᠠᠶ᠋ᠢᠬᠠᠨ ᠬᠡᠦᠬᠡᠨ ᠰᠤᠷᠤᠭᠴᠢ ᠪᠠᠶ᠋ᠢᠭᠰᠠᠨ᠂ ᠲᠡᠷᠡ ᠪᠠᠭ᠎ᠠ᠎ᠳᠤ᠎ᠪᠠᠨ ᠨᠢᠭᠡ ᠤᠳᠠᠭ᠋ᠠᠨ᠎ᠤ ᠡ᠊ᠨᠳᠡᠯ᠎ᠠᠴᠠ ᠪᠤᠯᠵᠤ ᠬᠦᠯᠤᠨ ᠰᠢᠷᠪᠤᠰᠤ᠎ᠪᠠᠨ ᠬᠡᠮᠲᠦᠭᠡᠭᠰᠡᠨ ᠤᠴᠢᠷ᠎ᠠᠴᠠ ᠪᠤᠰᠤᠳ ᠬᠡᠦᠬᠡᠨ ᠰᠢᠭ ᠪᠦᠵᠢᠭᠯᠡᠵᠦ ᠴᠢᠳᠠᠭ᠍ᠤ ᠦᠭᠡᠢ ᠬᠡᠵᠢᠶᠡᠳᠡ ᠤᠷᠮ᠎ᠠ ᠠᠯᠳᠠᠷᠠᠵᠤ ᠪᠠᠶ᠋ᠢᠳᠠᠭ᠃ ᠬᠠᠮᠲᠦ ᠨᠦᠬᠦᠳ᠎ᠤᠨ ᠵᠶ᠋ᠠᠨ ᠪᠦᠵᠢᠭᠯᠡᠬᠦ ᠵᠢ ᠬᠠᠷᠠᠭ᠋ᠠᠳ ᠲᠡᠭᠡᠵᠦ ᠪᠠᠭ᠍ᠠᠷᠬᠠᠳᠠᠭ ᠪᠠᠶ᠋ᠢᠭᠰᠠᠨ᠎ᠢ᠎ᠨᠢ ᠬᠠᠷᠠᠭ᠋ᠠᠳ ᠪᠢ ᠴᠦ᠍ ᠵᠤᠪᠠᠵᠤ ᠪᠠᠶ᠋ᠢᠭᠰᠠᠨ᠃ ᠲᠡᠭᠡᠭᠡᠳ ᠨᠢᠭᠡ ᠠ᠋ᠳᠦᠷ ᠲᠡᠬᠦᠨ᠎ᠲᠠᠢ ᠲᠤᠰᠬᠠᠶ᠋ᠢᠯᠠᠨ ᠶᠠᠷᠢᠯᠴᠠᠵᠤ᠄ 《ᠲᠠ ᠪᠣᠰᠣᠳ ᠬᠡᠦᠭᠡᠳ᠎ᠲᠠᠢ ᠠᠳᠠᠯᠢ ᠪᠦᠵᠢᠭᠯᠡᠵᠦ ᠴᠢᠳᠠᠭ᠍ᠤ ᠦᠭᠡᠢ ᠭᠡᠵᠦ ᠪᠢᠳᠡᠬᠡᠢ ᠵᠤᠪᠠ᠂ ᠤᠴᠢᠷ᠎ᠨᠢ ᠴᠢᠮ᠎ᠠ᠎ᠳᠤ ᠪᠠᠰᠠ ᠦᠪᠡᠷ᠎ᠤᠨ ᠴᠢᠨᠢ ᠳᠠᠪᠠᠭᠤᠯᠢᠭ ᠲᠠᠯ᠎ᠠ ᠪᠠᠶ᠋ᠢᠨ᠎ᠠ ᠰᠢᠦ᠂ ᠴᠢᠨᠦ ᠵᠤᠬᠢᠶᠠᠯ ᠪᠢᠴᠢᠬᠦ ᠴᠢᠨᠢ ᠲᠤᠩ ᠰᠠᠶ᠋ᠢᠨ᠂ ᠠ᠋ᠶ᠋ᠢᠮᠦ᠎ᠠᠴᠠ ᠢᠯᠡᠬᠦᠦ ᠨᠤᠮ ᠤᠩᠰᠢ᠂ ᠢᠯᠡᠬᠦᠦ ᠵᠤᠬᠢᠶᠠᠯ ᠪᠢᠴᠢ᠂ ᠪᠠᠭᠰᠢ᠎ᠨᠢ ᠵᠠᠰᠠᠵᠤ ᠦᠭᠬᠦᠶ᠎ᠡ》 ᠭᠡᠵᠦ ᠵᠤᠷᠢᠬ᠍ᠵᠢᠭᠤᠯᠤᠭᠰᠠᠨ ᠶᠤᠮ᠃ ᠶᠠᠭ ᠲᠡᠷᠡ ᠠ᠋ᠳᠦᠷ᠎ᠠᠴᠠ ᠠ᠋ᠬᠢᠯᠡᠨ ᠮᠢᠨᠦ ᠠ᠋ᠨᠡ ᠰᠤᠷᠤᠭᠴᠢ ᠵᠤᠬᠢᠶᠠᠯ ᠪᠢᠴᠢᠬᠦ ᠶᠡᠭᠡ ᠲᠤᠷᠠᠲᠠᠢ ᠪᠤᠯᠤᠭᠰᠠᠨ᠂ ᠤᠯᠠᠨ ᠣᠯᠠᠨ ᠵᠤᠬᠢᠶᠠᠯ ᠪᠢᠴᠢᠵᠦ ᠨᠠᠳᠠ᠎ᠪᠠᠷ ᠵᠠᠰᠠᠭᠤᠯᠳᠠᠭ ᠪᠠᠶ᠋ᠢᠭᠰᠠᠨ᠃ ᠪᠢ ᠴᠦ᠍ ᠭᠡᠰᠡᠨ ᠪᠢᠴᠢᠭᠰᠡᠨ ᠵᠤᠬᠢᠶᠠᠯ ᠪᠤᠯᠭ᠋ᠠᠨ᠎ᠢ᠎ᠨᠢ ᠬᠢᠨᠠᠵᠤ ᠵᠠᠰᠠᠨ᠂ ᠮᠠᠭᠳᠠᠵᠤ ᠵᠤᠷᠢᠬ᠍ᠵᠢᠭᠤᠯᠤᠭᠰᠠᠨ ᠶᠤᠮ᠃ ᠰᠡᠭᠦᠯ᠎ᠳᠤ᠎ᠨᠢ ᠦᠪᠡᠷ᠎ᠤᠨ ᠪᠦᠲᠦᠭᠡᠯ ᠵᠶ᠋ᠠᠨ 《ᠴᠤᠮᠤᠷᠯᠢᠭ》 ᠰᠡᠳᠬᠦᠯ ᠳᠡᠬᠡᠷ᠎ᠡ ᠨᠡᠶ᠋ᠢᠲᠡᠯᠡᠭᠦᠯᠵᠦ ᠶᠡᠭᠡ ᠤᠮᠤᠭᠰᠢᠵᠤ ᠪᠠᠶ᠋ᠢᠭᠰᠠᠨ ᠶᠤᠮ᠃
ᠪᠠᠰᠠ ᠨᠢᠭᠡ ᠠ᠋ᠷᠡᠭᠳᠠᠢ ᠰᠤᠷᠤᠭᠴᠢ ᠪᠠᠶ᠋ᠢᠭᠰᠠᠨ᠂ ᠲᠡᠷᠡ ᠲᠦᠷᠦᠯᠬᠢ ᠲᠠᠷᠢᠬᠢᠨ ᠪᠤᠶ᠋ᠢᠵᠢᠯᠲᠠ ᠠᠨᠠᠢ᠃ ᠦᠰᠦᠭ ᠪᠢᠴᠢᠭ᠎ᠢ ᠶᠠᠭ ᠲᠤᠭᠳᠠᠭ᠋ᠠᠵᠤ ᠴᠡᠭᠡᠵᠢᠯᠡᠵᠦ ᠴᠢᠳᠠᠭ᠍ᠤ ᠦᠭᠡᠢ ᠪᠠᠶ᠋ᠢᠳᠠᠭ᠃ ᠨᠢᠭᠡ ᠠ᠋ᠳᠦᠷ᠎ᠤᠨ ᠴᠠᠭ᠎ᠢ ᠵᠠᠷᠤᠴᠠᠭᠤᠯᠤᠨ 《ᠪᠤᠳᠠᠭ᠎ᠠ》 ᠭᠡᠰᠡᠨ ᠦᠰᠦᠭ᠎ᠢ ᠤᠩᠰᠢᠭᠤᠯᠵᠤ ᠪᠢᠴᠢᠭᠦᠯᠵᠦ ᠰᠤᠷᠭ᠋ᠠᠨ᠂ ᠳᠠᠷᠠᠭ᠎ᠠ ᠠ᠋ᠳᠦᠷ᠎ᠨᠢ ᠰᠠᠮᠪᠠᠷ᠎ᠠ ᠳᠡᠭᠡᠷ᠎ᠡ ᠮᠦᠨ ᠠ᠋ᠨᠡ ᠦᠰᠦᠭ ᠵᠶ᠋ᠠᠨ ᠪᠢᠴᠢᠬᠡᠳ ᠤᠩᠰᠢᠭᠤᠯᠤᠭᠰᠠᠨ᠎ᠳᠤ ᠲᠡᠷᠡ ᠪᠤᠳᠤᠵᠤ ᠪᠤᠳᠤᠭ᠋ᠠᠳ 《ᠳ᠋ᠠ ᠮᠢ》 ᠬᠡᠵᠦ ᠤᠩᠰᠢᠳᠠᠭ ᠪᠠᠶ᠋ᠢᠭᠰᠠᠨ᠃ ᠳᠡᠭᠡᠭᠡᠳ ᠶᠠᠭ᠋ᠠᠬᠢᠳᠠᠭ ᠪᠢᠯᠡ? ᠢᠩᠬᠢᠵᠦ ᠵᠦᠭᠡᠷ ᠰᠠᠭᠤᠯᠭ᠋ᠠᠵᠤ ᠴᠠᠭ᠎ᠢ᠎ᠨᠢ ᠪᠠᠷᠠᠭ᠋ᠠᠳ ᠶᠠᠭᠤ ᠴᠦ᠍ ᠰᠤᠷᠭ᠋ᠠᠵᠤ ᠴᠢᠳᠠᠭ᠍ᠤ ᠦᠭᠡᠢ ᠠᠮᠠᠷ ᠦᠭᠡᠢ ᠳ᠋ᠠ ᠭᠡᠵᠦ ᠪᠤᠳᠤᠵᠤ ᠪᠠᠶ᠋ᠢᠭᠰᠠᠨ ᠶᠤᠮ᠃ ᠲᠡᠭᠡᠭᠡᠳ ᠨᠢᠬᠡ ᠠ᠋ᠳᠦᠷ ᠲᠡᠬᠦᠨ᠎ᠤ ᠵᠢᠷᠤᠭ ᠵᠢᠷᠤᠬᠤ ᠲᠤᠩ ᠲᠤᠷᠠᠲᠠᠢ ᠪᠠᠶ᠋ᠢᠳᠠᠭ ᠪᠦᠭᠡᠳ ᠳᠠᠪᠠᠭᠤ ᠰᠠᠶ᠋ᠢᠬᠠᠨ ᠵᠢᠷᠤᠳᠠᠭᠢ ᠪᠤᠳᠤᠵᠤ ᠤᠯᠤᠭ᠋ᠠᠳ ᠨᠢᠬᠡ ᠤᠬᠠᠭ᠋ᠠᠨ ᠤᠷᠤᠭᠰᠠᠨ ᠶᠤᠮ᠃ ᠪᠢ ᠲᠡᠭᠦᠨ᠎ᠤ ᠵᠢᠷᠤᠭ ᠵᠢᠷᠤᠬᠤ ᠵᠢ᠎ᠨᠢ ᠶᠡᠭᠡ᠎ᠪᠠᠷ ᠵᠤᠷᠢᠬ᠍ᠵᠢᠭᠤᠯᠤᠨ ᠡ᠊ᠨᠳᠡ ᠲᠡᠨᠳᠡ᠎ᠨᠢ ᠪᠠᠭ᠎ᠠ ᠰᠠᠭ᠎ᠠ ᠵᠢᠭ᠋ᠠᠵᠤ ᠲᠤᠬᠢᠨ ᠵᠠᠰᠠᠭᠤᠯᠵᠤ ᠬᠤᠷᠢᠭ᠋ᠠᠳ ᠬᠤᠪᠢ ᠰᠠᠶ᠋ᠢᠬᠠᠨ ᠵᠢᠷᠤᠭ᠎ᠤᠨ ᠪᠦᠲᠦᠭᠡᠯ᠎ᠢ᠎ᠨᠢ ᠴᠤᠭᠯᠠᠭᠤᠯᠵᠤ ᠠᠩᠬᠢ ᠵᠢᠨ ᠭᠡᠷ᠎ᠤᠨ ᠠ᠋ᠭᠦᠳᠡ ᠬᠠᠪᠢ ᠵᠢᠨ ᠭᠤᠳᠤᠮᠵᠢᠨ ᠭᠡᠷᠡᠮ ᠳᠡᠭᠡᠷ᠎ᠡ ᠪᠠᠭ᠋ᠠᠬᠠᠨ ᠬᠡᠪᠴᠢᠶᠡᠨ᠎ᠤ ᠬᠤᠪᠢ ᠬᠦᠮᠦᠨ᠎ᠤ ᠤᠷᠠᠨ ᠵᠢᠷᠤᠭ᠎ᠤᠨ ᠦᠵᠡᠰᠬᠦᠯᠡᠩ ᠠ᠋ᠷᠬᠢᠯᠡᠵᠦ ᠦᠭᠬᠦᠭᠰᠡᠨ ᠶᠤᠮ᠃ ᠪᠦᠲᠦᠭᠡᠯᠤᠨᠬᠢᠨᠢ ᠬᠠᠮᠤᠭ᠎ᠤᠨ ᠠ᠋ᠬᠢᠨ᠎ᠳᠤ ᠲᠤᠰ ᠰᠤᠷᠤᠭᠴᠢ ᠵᠢᠨ ᠰᠡᠭᠦᠳᠡᠷ᠎ᠢ ᠬᠠᠳᠠᠭᠰᠠᠨ ᠲᠦᠭᠦᠮ ᠲᠠᠨᠢᠯᠴᠠᠭᠤᠯᠭ᠎ᠠ ᠵᠢ ᠨᠠᠭ᠋ᠠᠭᠰᠠᠨ ᠶᠤᠮ᠃ ᠤᠨᠳᠤᠤ ᠠᠩᠬᠢ ᠵᠢᠨ ᠤᠯᠠᠨ ᠰᠤᠷᠤᠭᠴᠢ ᠢᠷᠡᠵᠦ ᠰᠤᠨᠢᠷᠬᠠᠭᠰᠠᠨ᠂ ᠳᠡᠭᠡᠬᠦ ᠮᠦᠷᠲᠡᠭᠡᠨ ᠰᠤᠨᠢᠷᠬᠠᠭᠰᠠᠨ ᠬᠦᠮᠦᠨ ᠪᠦᠬᠦᠨ ᠭᠠᠷᠤᠨ ᠦᠰᠦᠭ ᠵᠢᠷᠤᠬᠤ ᠠᠪᠴᠠᠯ᠎ᠢ ᠠᠪᠤᠭᠰᠠᠨ ᠪᠠᠶ᠋ᠢᠳᠠᠭ᠃ ᠮᠠᠨ᠎ᠤ ᠲᠡᠷᠡ ᠰᠤᠷᠤᠭᠴᠢ ᠵᠢᠨ ᠪᠠᠶᠠᠷᠯᠠᠭᠰᠠᠨ᠎ᠢ ᠶᠠᠭᠤ ᠬᠡᠯᠡᠬᠦ ᠪᠤᠢ᠃ ᠵᠢᠷᠤᠭ᠎ᠢ ᠤᠯᠠᠮ ᠴᠦ᠍ ᠵᠢᠷᠤᠬᠤ ᠲᠤᠷᠠᠲᠠᠢ ᠪᠤᠯᠤᠭᠰᠠᠨ᠂ ᠶᠠᠭᠤ ᠴᠦ᠍ ᠭᠡᠰᠡᠨ ᠲᠡᠬᠦᠨ᠎ᠢ ᠬᠠᠪᠰᠤᠷᠴᠤ ᠪᠠᠭ᠎ᠠ ᠰᠤᠷᠭ᠋ᠠᠭᠤᠯᠢ ᠵᠢᠨ ᠠᠮᠢᠳᠤᠷᠠᠯᠳᠤᠨᠢ ᠪᠠᠶᠠᠷᠲᠠᠢ ᠴᠠᠭ ᠮᠦᠴᠡ ᠵᠢ ᠨᠡᠮᠡᠯ᠎ᠠ ᠳ᠋ᠠ ᠭᠡᠵᠦ ᠪᠢ ᠪᠠᠰᠠ ᠳᠠᠪᠠᠭᠤ ᠰᠡᠳᠬᠢᠯ ᠴᠠᠳᠬᠤᠯᠠᠩ ᠪᠤᠯᠤᠭᠰᠠᠨ ᠶᠤᠮ᠃
ᠠ᠋ᠳᠡᠭᠡᠷ ᠪᠤᠯ ᠴᠦᠮ ᠰᠤᠷᠤᠭᠴᠢ ᠵᠢᠨ ᠤᠨᠴᠠᠯᠢᠭ᠎ᠲᠤ᠎ᠨᠢ ᠲᠤᠬᠢᠷᠠᠭᠤᠯᠤᠨ ᠬᠦᠮᠦᠵᠢᠭᠦᠯᠵᠦ ᠪᠠᠶ᠋ᠢᠭ᠎ᠠ ᠶᠠᠪᠤᠳᠠᠯ ᠮᠦᠨ ᠭᠡᠵᠦ ᠪᠢ ᠦᠵᠡᠳᠡᠭ᠃ ᠰᠤᠷᠤᠭᠴᠢ ᠵᠢᠨ ᠤᠨᠴᠠᠯᠢᠭ᠎ᠲᠤ᠎ᠨᠢ ᠲᠤᠬᠢᠷᠠᠭᠤᠯᠤᠨ ᠬᠦᠮᠦᠵᠢᠯ ᠬᠢᠬᠦ᠎ᠨᠢ ᠬᠡᠦᠬᠡᠳ᠎ᠤᠨ ᠵᠤᠷᠢᠭ᠎ᠢ ᠬᠦᠪᠴᠢᠯᠡᠵᠦ ᠢᠳᠡᠭᠡᠯ᠎ᠢ ᠪᠤᠢ ᠪᠤᠯᠭ᠋ᠠᠳᠠᠭ᠃ ᠨᠡᠩ ᠴᠢᠨᠠᠭᠰᠢᠯᠠᠪᠠᠯ ᠬᠡᠦᠬᠡᠳ᠎ᠤᠨ ᠬᠤᠵᠢᠮ᠎ᠤᠨ ᠵᠠᠮ᠎ᠳᠤ᠎ᠨᠢ ᠨᠢᠬᠡᠨ ᠬᠡᠷᠡᠯᠲᠦ ᠴᠠᠮᠬᠠᠭ ᠠᠰᠠᠭ᠋ᠠᠵᠤ ᠦᠭᠴᠦ ᠪᠠᠶ᠋ᠢᠭ᠎ᠠ ᠶᠠᠪᠤᠳᠠᠯ ᠪᠤᠯᠤᠨ᠎ᠠ ᠭᠡᠵᠦ ᠦᠵᠡᠵᠦ ᠪᠤᠯᠤᠨ᠎ᠠ᠃
ᠭᠤᠷᠪᠠ᠂ ᠠᠩᠬᠢ ᠵᠢᠨ ᠠ᠋ᠷᠬᠢᠯᠡᠭᠴᠢ ᠵᠠᠪᠠᠯ ᠳᠡᠳᠬᠠᠯ᠎ᠤᠨ ᠬᠦᠮᠦᠵᠢᠯ᠎ᠢ ᠰᠠᠶ᠋ᠢᠨ ᠬᠢᠬᠦ ᠬᠡᠷᠡᠭᠲᠡᠢ᠃
ᠨᠢᠬᠡ ᠰᠤᠷᠤᠭᠴᠢ ᠵᠢ ᠰᠢᠯᠢᠳᠡᠭ ᠰᠤᠷᠤᠭᠴᠢ ᠪᠤᠯᠭ᠋ᠠᠨ ᠬᠦᠮᠦᠵᠢᠬᠦᠯᠬᠦ᠎ᠳᠤ ᠪᠤᠯᠪᠠᠰᠤᠨ ᠰᠠᠶ᠋ᠢᠬᠠᠨ ᠳᠠᠳᠬᠠᠯ᠎ᠢ ᠬᠦᠮᠦᠵᠢᠭᠦᠯᠵᠦ ᠦᠭᠬᠦ᠎ᠨᠢ ᠲᠤᠩ ᠴᠢᠬᠤᠯᠠ ᠪᠠᠶ᠋ᠢᠳᠠᠭ᠃ ᠲᠠᠷᠤᠢ ᠦᠪᠡᠷ᠎ᠤᠨ ᠤᠬᠠᠮᠰᠠᠷ᠎ᠠᠴᠠ᠎ᠪᠠᠨ ᠤᠴᠢᠵᠤ ᠠᠶᠠᠨᠳᠠᠭ᠋ᠠᠨ ᠬᠦᠢ᠍ᠴᠡᠳᠭᠡᠳᠡᠭ ᠳᠠᠳᠬᠠᠯ᠎ᠢ ᠪᠤᠢ ᠪᠤᠯᠭ᠋ᠠᠬᠤ ᠶᠠᠪᠤᠳᠠᠯ ᠮᠦᠨ᠃ ᠵᠢᠱ᠌ᠢᠶᠡᠯᠡᠪᠡᠯ᠂ ᠬᠡᠵᠢᠶᠡᠳᠡ ᠴᠠᠭ᠎ᠲᠤ᠎ᠪᠠᠨ ᠰᠤᠷᠭ᠋ᠠᠭᠤᠯᠢ᠎ᠳᠤ᠎ᠪᠠᠨ ᠢᠷᠡᠬᠦ ᠳᠠᠳᠬᠠᠯ᠂ ᠵᠢᠵᠢᠬᠦᠷ ᠵᠶ᠋ᠠᠨ ᠬᠠᠷᠢᠭᠤᠴᠠᠯᠭ᠎ᠠ᠎ᠲᠠᠢ ᠰᠠᠶ᠋ᠢᠨ ᠬᠢᠬᠦ ᠳᠠᠳᠬᠠᠯ᠂ ᠰᠢᠷᠡᠭᠡ ᠰᠠᠨᠳᠠᠯᠢ᠎ᠪᠠᠨ ᠬᠡᠵᠢᠶᠡᠳᠡ ᠲᠡᠷᠢ ᠳᠡᠭᠰᠢ ᠪᠠᠶ᠋ᠢᠯᠭ᠋ᠠᠬᠤ ᠳᠠᠳᠬᠠᠯ᠂ ᠪᠢᠴᠢᠭ᠎ᠤᠨ ᠪᠤᠭᠴᠤ ᠰᠢᠷᠡᠭᠡᠨ ᠰᠢᠷᠭᠤᠭᠤᠯ ᠵᠶ᠋ᠠᠨ ᠬᠡᠵᠢᠶᠡᠳᠡ ᠴᠡᠪᠡᠷ ᠰᠠᠶ᠋ᠢᠬᠠᠨ ᠪᠠᠶ᠋ᠢᠯᠭ᠋ᠠᠬᠤ ᠳᠡᠳᠬᠠᠯ᠂ ᠬᠢᠴᠢᠶᠡᠯ ᠪᠠᠭᠤᠭᠰᠠᠭ᠋ᠠᠷ ᠳᠡᠪᠳᠡᠷ ᠨᠤᠮ ᠵᠶ᠋ᠠᠨ ᠲᠢᠭᠯᠡᠵᠦ ᠬᠤᠷᠢᠶᠠᠭ᠍ᠤ ᠳᠠᠳᠬᠠᠯ᠂ ᠠᠰᠠᠷ᠎ᠤᠨ ᠭᠤᠳᠤᠮᠵᠢ᠎ᠳᠤ ᠦᠢ᠍ᠮᠡᠯᠳᠦᠵᠦ ᠱᠤᠤᠭᠢᠯᠳᠤᠬᠤ ᠦᠭᠡᠢ ᠨᠠᠮ ᠵᠢᠮ᠎ᠢ ᠪᠠᠲᠤᠯᠠᠭ᠍ᠤ ᠳᠠᠳᠬᠠᠯ᠂ ᠬᠦᠯ ᠲᠤᠯᠤᠭ᠋ᠠᠢ᠎ᠪᠠᠨ ᠦᠷᠭᠦᠯᠵᠢ ᠤᠬᠢᠶᠠᠵᠤ ᠴᠡᠪᠡᠷᠯᠡᠨ ᠴᠡᠪᠡᠷ ᠲᠡᠭᠰᠢ ᠠ᠋ᠮᠦᠰᠴᠦ ᠵᠡᠬᠦᠬᠦ ᠳᠠᠳᠬᠠᠯ᠂ ᠦᠷᠬᠦᠯᠵᠢ ᠨᠤᠮ ᠤᠩᠰᠢᠬᠤ ᠳᠠᠳᠬᠠᠯ᠂ ᠠᠬᠠᠮᠠᠳ ᠵᠶ᠋ᠠᠨ ᠬᠦᠨᠳᠦᠯᠡᠬᠦ᠂ ᠳᠡᠭᠦᠦ ᠨᠠᠷ ᠵᠶ᠋ᠠᠨ ᠬᠠᠶ᠋ᠢᠷᠠᠯᠠᠭ᠍ᠤ᠂ ᠠ᠋ᠨᠡᠷᠢᠩᠭᠦᠢ ᠰᠡᠳᠬᠢᠯ᠎ᠲᠠᠢ ᠪᠠᠶ᠋ᠢᠬᠤ᠂ ᠠᠴᠢᠯᠠᠯ᠎ᠤᠨ ᠰᠡᠳᠬᠢᠯ᠎ᠲᠠᠢ ᠪᠠᠶ᠋ᠢᠬᠤ᠂ ᠨᠦᠬᠦᠳ᠎ᠲᠠᠢ᠎ᠪᠠᠨ ᠠ᠋ᠶ᠎ᠡ ᠨᠠᠶ᠋ᠢᠷᠲᠠᠢ ᠪᠠᠶ᠋ᠢᠬᠤ᠂ ᠳᠡᠭᠰᠢᠬᠡᠨ ᠰᠠᠭᠤᠵᠤ ᠤᠩᠰᠢᠵᠦ ᠪᠢᠴᠢᠬᠦ ᠳᠠᠳᠬᠠᠯ ᠬᠡᠬᠦ ᠮᠡᠲᠦ ᠵᠢᠨ ᠰᠠᠶ᠋ᠢᠬᠠᠨ ᠳᠠᠳᠬᠠᠯ᠎ᠢ ᠠᠯᠪᠠᠳᠠᠭ᠍ᠤ ᠪᠤᠶᠤ ᠠᠷᠭ᠋ᠠᠳᠠᠭ᠍ᠤ ᠵᠡᠷᠭᠡ ᠤᠯᠠᠨ ᠵᠦᠢ᠍ᠯ᠎ᠤᠨ ᠠᠷᠭ᠎ᠠ ᠠᠪᠴᠠᠯ᠎ᠢ ᠠᠪᠴᠤ ᠳᠠᠳᠬᠠᠯᠰᠢᠭᠤᠯᠬᠤ ᠶᠠᠪᠤᠳᠠᠯ ᠪᠤᠯᠤᠨ᠎ᠠ᠃ ᠠ᠋ᠳᠡᠭᠡᠷ ᠰᠠᠶ᠋ᠢᠬᠠᠨ ᠳᠠᠳᠬᠠᠯ᠎ᠢ ᠪᠦᠷᠢᠯᠳᠦᠬᠦᠯᠵᠦ ᠴᠢᠳᠠᠪᠠᠯ ᠰᠤᠷᠤᠭᠴᠢᠳ᠎ᠤᠨ ᠬᠤᠵᠢᠮ ᠢᠷᠡᠭᠡᠳᠦᠢ ᠴᠢᠨᠠᠭᠰᠢᠯᠠᠪᠠᠯ ᠨᠢᠭᠡ ᠨᠠᠰᠤᠨ᠎ᠤ᠎ᠬᠢ᠎ᠨᠢ ᠠᠵᠢᠯ ᠠᠮᠢᠳᠤᠷᠠᠯ᠎ᠢ ᠨᠦᠯᠦᠭᠡᠯᠡᠵᠦ ᠴᠢᠳᠠᠨ᠎ᠠ᠃
ᠲᠦᠷᠪᠡ᠂ ᠠᠩᠬᠢ ᠵᠢᠨ ᠠ᠋ᠷᠬᠢᠯᠡᠭᠴᠢ ᠪᠤᠯᠤᠭᠰᠠᠳ ᠰᠤᠷᠤᠭᠴᠢᠳ᠎ᠤᠨ ᠴᠢᠳᠠᠪᠤᠷᠢ ᠵᠢᠨ ᠬᠦᠮᠦᠵᠢᠯ᠎ᠢ ᠠᠩᠬᠠᠷᠬᠤ
ᠠᠩᠬᠢ ᠵᠢᠨ ᠠ᠋ᠷᠬᠢᠯᠡᠭᠴᠢ ᠠᠩᠬᠢ ᠵᠢᠨ ᠠᠵᠢᠯ ᠵᠶ᠋ᠠᠨ ᠬᠢᠬᠦ ᠶᠠᠪᠤᠴᠠ ᠲᠤᠮᠳᠠ᠎ᠪᠠᠨ ᠰᠤᠷᠤᠭᠴᠢᠳ᠎ᠤᠨ ᠴᠢᠳᠠᠪᠤᠷᠢ ᠵᠢᠨ ᠬᠦᠮᠦᠵᠢᠯ ᠬᠢᠬᠦ ᠵᠢ ᠪᠠᠰᠠ ᠠᠩᠬᠠᠷᠪᠠᠯ ᠵᠤᠬᠢᠨ᠎ᠠ᠃ ᠤᠨᠴᠠᠭ᠋ᠠᠶ᠋ᠢᠯᠠᠨ ᠰᠤᠷᠤᠭᠴᠢᠳ᠎ᠤᠨ ᠪᠡᠶ᠎ᠡ᠎ᠪᠠᠨ ᠳᠠᠭ᠋ᠠᠭ᠋ᠠᠬᠤ ᠴᠢᠳᠠᠪᠤᠷᠢ᠂ ᠦᠪᠡᠷ᠎ᠢ᠎ᠪᠠᠨ ᠢᠳᠡᠭᠡᠬᠦ ᠪᠠ ᠢᠯᠡᠷᠡᠬᠦᠯᠬᠦ ᠴᠢᠳᠠᠪᠤᠷᠢ᠂ ᠢᠳᠡᠪᠬᠢᠲᠡᠢ ᠰᠡᠳᠬᠢᠵᠦ ᠵᠤᠷᠢᠭᠲᠠᠢ ᠤᠷᠤᠯᠳᠤᠬᠤ ᠴᠢᠳᠠᠪᠤᠷᠢ ᠵᠢ ᠪᠤᠯᠪᠠᠰᠤᠷᠠᠭᠤᠯᠵᠤ ᠭᠠᠷᠭ᠋ᠠᠬᠤ ᠪᠤᠯᠤᠯᠴᠠᠭ᠎ᠠ ᠲᠤᠩ ᠦᠨᠳᠦᠷ᠃ ᠤᠴᠢᠷ ᠶᠠᠪᠤᠳᠠᠯ ᠪᠤᠯᠭ᠋ᠠᠨ᠎ᠳᠤ ᠠᠩᠬᠢ ᠵᠢᠨ ᠠ᠋ᠷᠬᠢᠯᠡᠭᠴᠢ ᠦᠪᠡᠷ ᠵᠶ᠋ᠠᠨ ᠬᠦᠵᠦᠬᠦᠦ ᠰᠤᠩᠭ᠋ᠠᠨ ᠰᠤᠷᠤᠭᠴᠢ ᠵᠢᠨ ᠵᠶ᠋ᠠᠨ ᠠ᠋ᠮᠦᠨ᠎ᠡ᠎ᠠᠴᠠ ᠬᠦᠶᠦᠵᠦ ᠲᠡᠳᠡᠨ᠎ᠳᠤ ᠠᠯᠢᠪᠡ ᠵᠢ ᠪᠡᠯᠡᠬᠡᠨ ᠪᠤᠯᠭ᠋ᠠᠬᠤ᠎ᠨᠢ ᠰᠤᠷᠤᠭᠴᠢᠳ᠎ᠲᠤ ᠠᠪᠴᠤ ᠬᠡᠯᠡᠪᠡᠯ ᠲᠠᠭ᠋ᠠᠯᠠᠮᠵᠢᠲᠠᠢ ᠬᠡᠳᠡᠭ ᠪᠤᠯᠪᠠᠴᠤ ᠳᠡᠳᠡᠨ᠎ᠤ ᠬᠤᠪᠢ ᠪᠡᠶ᠎ᠡ ᠵᠢᠨ ᠬᠦᠭᠵᠢᠯᠲᠡ᠎ᠳᠤ ᠳᠡᠮᠡᠢ ᠠᠰᠢᠭ ᠦᠭᠡᠢ ᠪᠠᠶ᠋ᠢᠳᠠᠭ᠃ ᠠ᠋ᠶ᠋ᠢᠮᠦ᠎ᠠᠴᠠ ᠰᠤᠷᠤᠭᠴᠢᠳ᠎ᠤᠨ ᠪᠡᠶᠡᠴᠢ ᠴᠢᠳᠠᠮᠠᠭ᠋ᠠᠢ ᠴᠢᠨᠠᠷ᠎ᠢ ᠪᠠᠳᠠᠷᠠᠭᠤᠯᠵᠤ᠂ ᠬᠢᠵᠦ ᠴᠢᠳᠠᠭ᠍ᠤ ᠬᠡᠪᠴᠢᠶᠡᠨ ᠳᠤᠲᠤᠷᠠᠬᠢ ᠠᠵᠢᠯ᠎ᠢ ᠦᠪᠡᠷ᠎ᠤᠨ ᠪᠡᠶ᠎ᠡ᠎ᠪᠠᠷ᠎ᠨᠢ ᠬᠦᠢ᠍ᠴᠡᠳᠭᠡᠭᠦᠯᠵᠦ ᠪᠠᠶ᠋ᠢᠪᠠᠯ ᠵᠤᠬᠢᠨ᠎ᠠ᠃ ᠵᠢᠱ᠌ᠢᠶᠡᠯᠡᠪᠡᠯ᠂ ᠠᠩᠬᠢ ᠵᠢᠨ ᠳᠠᠷᠤᠭ᠎ᠠ ᠠᠩᠬᠢ᠎ᠪᠠᠨ ᠵᠤᠬᠢᠶᠠᠨ ᠪᠠᠶ᠋ᠢᠭᠤᠯᠵᠤ ᠡᠯ᠎ᠡ ᠵᠦᠢ᠍ᠯ᠎ᠤᠨ ᠬᠦᠳᠡᠯᠭᠡᠭᠡᠨ᠎ᠳᠤ ᠤᠷᠤᠯᠴᠠᠭ᠍ᠤ᠂ ᠵᠢᠵᠢᠬᠦᠷ ᠴᠡᠪᠡᠷᠯᠡᠭᠡ ᠵᠢᠨ ᠠᠵᠢᠯ᠎ᠢ ᠪᠠᠭᠰᠢ᠎ᠪᠠᠷ ᠶᠠᠷᠢᠭᠤᠯᠬᠤ ᠦᠭᠡᠢ᠎ᠪᠠᠷ ᠤᠬᠠᠮᠰᠠᠷ᠎ᠠᠴᠠ᠎ᠪᠠᠨ ᠬᠢᠯᠠᠯᠵᠠᠲᠠᠯᠠ ᠪᠡᠶᠡᠯᠡᠬᠦᠯᠬᠦ᠂ ᠨᠦᠬᠦᠳ ᠵᠠᠭᠤᠷ᠎ᠠ ᠵᠢᠨ ᠵᠦᠷᠢᠴᠡᠯ ᠵᠶ᠋ᠠᠨ ᠦᠪᠡᠷᠰᠡᠳ ᠵᠶ᠋ᠠᠨ ᠡᠪᠯᠢᠭ ᠰᠠᠶ᠋ᠢᠬᠠᠨ ᠰᠢᠢ᠍ᠳᠪᠦᠷᠢᠯᠡᠵᠦ ᠴᠢᠳᠠᠭ᠍ᠤ᠂ ᠮᠡᠳᠡᠬᠦ ᠦᠭᠡᠢ ᠴᠢᠳᠠᠭ᠍ᠤ ᠦᠭᠡᠢ ᠵᠦᠢ᠍ᠯ ᠵᠶ᠋ᠠᠨ ᠪᠡᠶ᠎ᠡ᠎ᠪᠠᠨ ᠳᠠᠭ᠋ᠠᠭ᠋ᠠᠨ ᠠᠰᠠᠭᠤᠨ ᠰᠤᠷᠠᠵᠤ ᠠᠪᠬᠤ᠂ ᠠᠩᠬᠢ ᠵᠢᠨ ᠬᠦᠳᠡᠯᠬᠡᠬᠡᠨ᠎ᠢ ᠲᠦᠯᠦᠪᠯᠡᠬᠦ ᠪᠠ ᠵᠤᠬᠢᠶᠠᠨ ᠪᠠᠶ᠋ᠢᠭᠤᠯᠬᠤ ᠬᠡᠬᠦ ᠮᠡᠲᠦ᠃ ᠵᠠᠷᠢᠮ ᠰᠤᠷᠤᠭᠴᠢ ᠲᠠᠷᠢᠬᠢ ᠬᠤᠷᠴᠠ ᠪᠦᠭᠡᠳ ᠠᠪᠢᠶᠠᠰᠯᠢᠭ ᠪᠠᠶ᠋ᠢᠳᠠᠭ᠂ ᠭᠡᠪᠡᠴᠦ ᠠ᠋ᠭᠦᠨ᠎ᠢ᠎ᠪᠠᠨ ᠢᠯᠡᠷᠡᠭᠦᠯᠬᠦ ᠢᠳᠡᠭᠡᠯ ᠵᠤᠷᠢᠭ ᠭᠡᠵᠦ ᠦᠭᠡᠢ ᠪᠠᠶ᠋ᠢᠳᠠᠭ᠃ ᠠ᠋ᠨᠡ ᠦᠶ᠎ᠡ᠎ᠳᠤ ᠠᠩᠬᠢ ᠵᠢᠨ ᠠ᠋ᠷᠬᠢᠯᠡᠭᠴᠢ ᠵᠢᠨ ᠦᠢ᠍ᠯᠡᠳᠦᠯ ᠪᠠᠰᠠ ᠲᠤᠩ ᠴᠢᠬᠤᠯᠠ᠃ ᠠ᠋ᠶ᠋ᠢᠮᠦ ᠰᠤᠷᠤᠭᠴᠢᠳ᠎ᠲᠤ ᠪᠢᠳᠡ ᠵᠠᠪᠰᠢᠶᠠᠨ ᠤᠯᠭᠤᠬᠤ ᠬᠡᠷᠡᠭᠲᠡᠢ᠂ ᠵᠤᠷᠢᠬ᠍ᠵᠢᠭᠤᠯᠤᠯ ᠬᠠᠶ᠋ᠢᠷᠠᠯᠠᠭ᠍ᠤ ᠬᠡᠷᠡᠭᠲᠡᠢ᠂ ᠦᠪᠡᠷ᠎ᠤᠨ ᠪᠡᠶ᠎ᠡ ᠵᠢᠨ ᠦᠨ᠎ᠡ ᠦᠷᠳᠡᠭ᠎ᠢ᠎ᠨᠢ ᠲᠠᠨᠢᠭᠤᠯᠬᠤ ᠬᠡᠷᠡᠭᠲᠡᠢ᠃ ᠲᠡᠳᠡᠨ᠎ᠢ ᠢᠳᠡᠭ ᠢᠳᠡᠭ ᠵᠶ᠋ᠠᠷ ᠢᠳᠡᠪᠬᠢᠲᠠᠢ ᠰᠡᠳᠬᠢᠵᠦ ᠵᠤᠷᠢᠭᠲᠠᠢ ᠤᠷᠤᠯᠳᠤᠬᠤ ᠵᠦᠭ ᠬᠦᠲᠦᠯᠦᠨ ᠰᠢᠨ᠎ᠡ ᠵᠢ ᠠ᠋ᠭᠦᠳᠬᠦ ᠴᠢᠳᠠᠪᠤᠷᠢ ᠵᠢ᠎ᠨᠢ ᠬᠦᠮᠦᠵᠢᠬᠦᠯᠵᠦ ᠪᠤᠯᠤᠨ᠎ᠠ᠃
ᠲᠠᠪᠤ᠂ ᠠᠩᠬᠢ ᠵᠢᠨ ᠠ᠋ᠷᠬᠢᠯᠡᠭᠴᠢ 《ᠨᠢᠭᠡ ᠵᠢ ᠴᠦ᠍ ᠤᠷᠭᠢᠭᠳᠠᠭᠤᠯᠬᠤ ᠦᠭᠡᠢ》 ᠪᠠᠶ᠋ᠢᠬᠤ ᠵᠢ ᠤᠮᠳᠤᠭ᠋ᠠᠶ᠋ᠢᠯᠠᠵᠤ ᠪᠤᠯᠬᠤ ᠦᠭᠡᠢ
《ᠠᠪᠤ ᠵᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ》 ᠭᠡᠳᠡᠭᠴᠢᠯᠡᠨ ᠠᠪᠤ ᠠᠪᠤ ᠵᠢᠨ ᠬᠡᠦᠬᠡᠳ᠎ᠲᠤ ᠶᠡᠭᠡ ᠴᠦ᠍ ᠭᠡᠰᠡᠨ ᠪᠠᠭ᠎ᠠ ᠴᠦ᠍ ᠭᠡᠰᠡᠨ ᠠᠳᠠᠯᠢ ᠪᠤᠰᠤ ᠵᠢᠨ ᠬᠦᠴᠢᠷᠳᠡᠯ ᠴᠦᠮ ᠪᠠᠶ᠋ᠢᠬᠤ᠎ᠨᠢ ᠳᠠᠮᠵᠢᠭ ᠦᠭᠡᠢ᠃ ᠬᠡᠪᠡᠴᠦ ᠪᠢᠳᠡ ᠬᠡᠦᠬᠡᠳ ᠵᠶ᠋ᠠᠨ ᠬᠠᠶᠠᠭ᠍ᠤ ᠦᠭᠡᠢ᠂ ᠭᠤᠯᠤᠬᠤ ᠦᠭᠡᠢ᠂ ᠢᠯᠭ᠋ᠠᠬᠤ ᠦᠭᠡᠢ᠂ ᠤᠮᠳᠤᠭ᠋ᠠᠶ᠋ᠢᠯᠠᠭ᠍ᠤ ᠦᠭᠡᠢ ᠪᠠᠶ᠋ᠢᠵᠤ ᠠ᠋ᠷᠬᠡ ᠲᠡᠭᠰᠢ᠂ ᠠ᠋ᠶ᠎ᠡ ᠨᠠᠶ᠋ᠢᠷᠠᠮᠳᠠᠭᠤ᠂ ᠨᠦᠬᠦᠷᠰᠡᠭ ᠲᠤᠳᠤᠨᠤ᠂ ᠪᠠᠶᠠᠷ ᠪᠠᠭ᠍ᠠᠲᠤᠯᠲᠠᠢ᠂ ᠬᠠᠶ᠋ᠢᠷ᠎ᠠ ᠪᠢᠯᠬᠠᠭᠰᠠᠨ ᠬᠦᠮᠦᠨ᠎ᠢ ᠬᠦᠮᠦᠵᠢᠭᠦᠯᠬᠦ ᠤᠷᠴᠢᠨ᠎ᠢ ᠪᠦᠲᠦᠭᠡᠵᠦ 《ᠨᠢᠭᠡ ᠵᠢ ᠴᠦ᠍ ᠣᠷᠭᠢᠭᠳᠠᠭᠤᠯᠬᠤ ᠦᠭᠡᠢ》 ᠪᠠᠶ᠋ᠢᠬᠤ ᠵᠢ ᠪᠠᠲᠤᠯᠠᠨ᠎ᠠ᠃ ᠠ᠋ᠨᠡ ᠭᠦ᠌ ᠠ᠋ᠬᠦᠷᠭᠡ ᠵᠢ ᠪᠡᠶᠡᠯᠡᠬᠦᠯᠬᠦ᠎ᠳᠤ ᠪᠢᠳᠡ ᠬᠠᠮᠤᠭ᠎ᠤᠨ ᠲᠦᠷᠦᠬᠦᠦ ᠰᠤᠷᠤᠭᠴᠢ᠎ᠪᠠᠨ ᠪᠦᠬᠦ ᠲᠠᠯ᠎ᠠ᠎ᠪᠠᠷ ᠤᠶ᠋ᠢᠯᠠᠭ᠋ᠠᠨᠠ᠃ ᠬᠡᠦᠬᠡᠳ᠎ᠲᠠᠢ ᠰᠡᠳᠬᠢᠯ ᠵᠶ᠋ᠠᠨ ᠶᠠᠷᠢᠯᠴᠠᠨ᠎ᠠ᠂ ᠭᠡᠷ᠎ᠤᠨ ᠠᠬᠠᠮᠠᠳ᠎ᠲᠠᠢ ᠬᠠᠷᠢᠴᠠᠨ᠎ᠠ᠂ ᠠ᠋ᠭᠦᠨ᠎ᠤ ᠤᠯᠠᠮ᠎ᠠᠴᠠ ᠳᠡᠳᠡᠨ᠎ᠤ ᠪᠡᠶ᠎ᠡ ᠳᠡᠭᠡᠷ᠎ᠡ ᠤᠷᠤᠰᠢᠵᠤ ᠪᠠᠶ᠋ᠢᠭ᠎ᠠ ᠬᠦᠴᠢᠷᠳᠡᠯ ᠪᠠ ᠳᠡᠳᠡᠨ᠎ᠤ ᠰᠡᠳᠬᠢᠯ᠎ᠤᠨ ᠠ᠋ᠭᠡᠳᠡᠷᠡᠭᠡᠨᠢ ᠭᠦᠢ᠍ᠴᠡᠳ ᠤᠶ᠋ᠢᠯᠠᠭ᠋ᠠᠵᠤ ᠬᠠᠮᠤᠭ᠎ᠤᠨ ᠲᠤᠬᠢᠷᠠᠮᠵᠢᠲᠠᠢ ᠠᠷᠭ᠎ᠠ ᠬᠡᠮᠵᠢᠶ᠎ᠠ ᠵᠢ ᠪᠤᠳᠤᠨ ᠭᠡᠦᠭᠡᠳ᠎ᠤᠨ ᠰᠡᠳᠬᠢᠯ᠎ᠤᠨ ᠳᠠᠷᠤᠭ᠋ᠠᠰᠤ ᠵᠢ ᠬᠦᠩᠭᠡᠯᠡᠵᠦ ᠦᠭᠭᠦᠨ᠎ᠡ᠃ ᠲᠤᠰᠬᠠᠢ ᠰᠡᠳᠦᠪᠲᠦ ᠠᠩᠬᠢ ᠵᠢᠨ ᠬᠤᠷᠠᠯ ᠬᠢᠭᠦ ᠪᠤᠶᠤ ᠶᠡᠷᠦ ᠵᠢᠨ ᠴᠠᠭ᠎ᠤᠨ ᠪᠤᠲᠠᠲᠤ ᠠᠵᠢᠯᠯᠠᠭ᠎ᠠ᠎ᠪᠠᠷ ᠵᠶ᠋ᠠᠨ ᠪᠠᠭᠰᠢ ᠨᠠᠷ ᠪᠠ ᠬᠠᠮᠲᠦ ᠨᠦᠬᠦᠳ᠎ᠤᠨ ᠬᠠᠶ᠋ᠢᠷ᠎ᠠ ᠬᠠᠯᠠᠮᠵᠢ ᠵᠢ ᠤᠶ᠋ᠢᠯᠠᠭ᠋ᠠᠭᠤᠯᠵᠦ ᠮᠡᠳᠡᠭᠦᠯᠦᠨ ᠬᠠᠯᠠᠭᠤᠨ ᠲᠤᠯᠠᠭ᠋ᠠᠨ᠎ᠢ ᠤᠯᠭᠤᠵᠤ ᠲᠡᠳᠡ ᠨᠠᠷ᠎ᠲᠤ 《ᠪᠢ ᠬᠦᠴᠢᠷ᠎ᠠᠴᠠ ᠠᠶᠤᠬᠤ ᠦᠭᠡᠢ᠂ ᠨᠠᠳᠠ᠎ᠳᠤ ᠴᠢᠩᠭ᠎ᠠ ᠬᠦᠴᠦᠲᠡᠢ ᠲᠦᠰᠢᠭ ᠪᠠᠶ᠋ᠢᠨ᠎ᠠ》 ᠭᠡᠰᠡᠨ ᠰᠡᠳᠬᠢᠭᠳᠡᠯ᠎ᠢ ᠪᠤᠢ ᠪᠤᠯᠭ᠋ᠠᠵᠤ ᠦᠭᠭᠦᠨ᠎ᠡ᠃
ᠮᠢᠨᠦ ᠤᠳᠤ ᠵᠢᠨ ᠠ᠋ᠷᠭᠢᠯᠡᠵᠦ ᠪᠠᠶ᠋ᠢᠭ᠎ᠠ ᠠᠩᠬᠢ᠎ᠳᠤ ᠨᠢᠬᠡ ᠪᠢᠴᠢᠬᠠᠨ ᠬᠦᠦ ᠪᠠᠶ᠋ᠢᠨ᠎ᠠ᠂ ᠲᠡᠷᠡ ᠲᠤᠩ ᠤᠬᠠᠭ᠋ᠠᠨ ᠲᠤᠮᠤᠭ᠎ᠠ᠎ᠲᠠᠢ ᠪᠦᠭᠡᠳ ᠴᠢᠷᠮᠠᠶ᠋ᠢᠯᠭ᠎ᠠ ᠰᠠᠶ᠋ᠢᠲᠠᠢ᠂ ᠭᠡᠵᠢᠶᠡᠲᠡ ᠬᠠᠮᠠᠷ ᠳᠡᠭᠡᠷ᠎ᠡ᠎ᠪᠠᠨ ᠬᠦᠯᠦᠰᠦ ᠪᠤᠷᠴᠠᠭᠯᠠᠭᠤᠯᠴᠢᠬᠠᠭᠰᠠᠨ ᠴᠢᠷᠮᠠᠶ᠋ᠢᠳᠠᠭ᠃ ᠭᠡᠪᠡᠴᠦ ᠪᠠᠭ᠎ᠠ ᠤᠳᠠᠭ᠋ᠠᠯᠢᠭ᠂ ᠰᠤᠷᠤᠯᠭ᠎ᠠ᠎ᠳᠤ᠎ᠪᠠᠨ ᠬᠠᠷᠢᠴᠠᠩᠭᠤᠢ᠎ᠪᠠᠷ ᠬᠦᠴᠢᠷᠳᠡᠵᠦ ᠪᠠᠶ᠋ᠢᠳᠠᠭ᠂ ᠠᠮᠢᠳᠤᠷᠠᠯ᠎ᠨᠢ ᠬᠦᠴᠢᠷᠲᠡᠢ᠂ ᠠᠪᠤ ᠡᠵᠢ᠎ᠨᠢ ᠪᠠᠰᠠ ᠤᠷᠤᠭ ᠰᠠᠯᠤᠭᠰᠠᠨ ᠤᠴᠢᠷ᠎ᠠᠴᠠ ᠰᠡᠳᠬᠢᠯ᠎ᠳᠤ᠎ᠪᠠᠨ ᠳᠠᠷᠤᠭ᠋ᠠᠰᠤ᠎ᠲᠠᠢ ᠪᠠᠶ᠋ᠢᠯ᠎ᠠ᠃ ᠪᠢ ᠲᠡᠬᠦᠨ᠎ᠲᠠᠢ ᠦᠷᠬᠦᠯᠵᠢ ᠰᠡᠳᠬᠢᠯ ᠵᠶ᠋ᠠᠨ ᠶᠠᠷᠢᠯᠴᠠᠳᠠᠭ᠂ ᠵᠤᠷᠢᠬ᠍ᠵᠢᠭᠤᠯᠤᠯ ᠬᠠᠶ᠋ᠢᠷᠠᠯᠠᠳᠠᠭ᠂ ᠪᠠᠰᠠ ᠮᠠᠭᠳᠠᠳᠠᠭ᠃ ᠪᠠᠭ᠎ᠠ ᠰᠠᠭ᠎ᠠ ᠠᠮᠲᠠᠲᠠᠢ ᠢᠲᠡᠭᠡᠨ᠂ ᠬᠠᠴᠢᠨ ᠰᠤᠨᠢᠨ ᠪᠢᠴᠢᠭ᠎ᠤᠨ ᠬᠡᠷᠡᠭᠰᠡᠯ ᠵᠡᠷᠭᠡ ᠵᠢ ᠰᠡᠮᠡᠭᠡᠷ ᠦᠭᠳᠡᠭ ᠪᠠᠶ᠋ᠢᠭᠰᠠᠨ᠃ ᠲᠡᠷᠡ ᠪᠦᠷ ᠴᠦ᠍ ᠪᠠᠶᠠᠷ ᠭᠦᠷ᠎ᠲᠠᠢ᠎ᠪᠠᠷ ᠦᠷᠯᠦᠬᠡ ᠪᠤᠯᠭ᠋ᠠᠨ ᠨᠠᠮ᠎ᠠ ᠵᠢ ᠲᠤᠰᠤᠭ᠋ᠠᠳ ᠢᠷᠡᠳᠡᠭ ᠶᠤᠮ᠃ ᠨᠦᠬᠦᠭᠡ ᠲᠠᠯ᠎ᠠ᠎ᠪᠠᠷ ᠪᠢ ᠪᠠᠰᠠ ᠲᠡᠭᠦᠨ᠎ᠤ ᠡᠵᠢ ᠠᠪᠤ᠎ᠲᠠᠢ᠎ᠨᠢ ᠦᠷᠬᠦᠯᠵᠢ ᠬᠠᠷᠢᠯᠴᠠᠳᠠᠭ ᠶᠤᠮ᠃ ᠲᠠ ᠬᠤᠶᠠᠷ ᠤᠷᠤᠬ ᠰᠠᠯᠤᠭᠰᠠᠨ ᠴᠦ᠍ ᠮᠢᠨᠦ ᠰᠤᠷᠤᠭᠴᠢ ᠵᠢ ᠬᠠᠶ᠋ᠢᠷ᠎ᠠ᠎ᠪᠠᠷ ᠳᠤᠲᠠᠭᠤᠯᠵᠤ ᠪᠤᠯᠬᠤ ᠦᠭᠡᠢ ᠬᠡᠵᠦ ᠱᠠᠭ᠋ᠠᠷᠳᠠᠵᠤ ᠶᠠᠷᠢᠳᠠᠭ ᠪᠠᠶ᠋ᠢᠭᠰᠠᠨ᠂ ᠮᠦᠨ ᠴᠦ᠍ ᠠ᠋ᠨᠡ ᠤᠴᠢᠷ᠎ᠤᠨ ᠲᠡᠭᠦᠨ᠎ᠳᠤ ᠠᠪᠴᠢᠷᠠᠭ᠍ᠤ ᠠᠰᠢᠭ ᠬᠤᠤᠷ᠎ᠢ ᠦᠷᠭᠦᠯᠵᠢ ᠶᠠᠷᠢᠳᠠᠭ ᠪᠠᠶ᠋ᠢᠭᠰᠠᠨ ᠶᠤᠮ᠃ ᠲᠡᠷᠡ ᠬᠦᠦ ᠠᠪᠤ᠎ᠪᠠᠨ ᠳᠠᠭ᠋ᠠᠭᠰᠠᠨ ᠪᠣᠯᠬᠤᠷ ᠡᠵᠢ ᠵᠢ᠎ᠨᠢ ᠦᠷᠭᠦᠯᠵᠢ ᠢᠷᠡᠵᠦ ᠬᠦᠦ᠎ᠪᠠᠨ ᠦᠵᠡᠵᠦ ᠪᠠᠶ᠋ᠢᠭ᠋ᠠᠷᠠᠢ ᠭᠡᠵᠦ ᠰᠠᠨᠠᠭᠤᠯᠤᠭᠰᠠᠨ ᠶᠤᠮ᠃ ᠢᠩᠭᠢᠭᠡᠳ ᠲᠡᠭᠦᠨ᠎ᠤ ᠡᠵᠢ᠎ᠨᠢ ᠬᠤᠶᠠᠷ ᠭᠠᠷᠠᠭ ᠪᠤᠯᠤᠭᠰᠠᠭ᠋ᠠᠷ ᠢᠷᠡᠵᠦ ᠬᠦᠦ᠎ᠪᠠᠨ ᠲᠤᠰᠴᠤ ᠠᠪᠠᠴᠢᠳᠠᠭ ᠶᠤᠮ᠃ ᠠ᠋ᠨᠡ ᠰᠤᠷᠤᠭᠴᠢ ᠵᠢᠨ ᠤᠴᠢᠷ᠎ᠠᠴᠠ ᠪᠢ᠂ ᠨᠢᠬᠡ ᠠᠩᠬᠢ ᠵᠢᠨ ᠠ᠋ᠷᠬᠢᠯᠡᠭᠴᠢ ᠬᠦᠮᠦᠨ ᠰᠤᠷᠤᠭᠴᠢ ᠵᠢᠨ ᠵᠶ᠋ᠠᠨ ᠲᠦᠯᠦᠭᠡ ᠲᠡᠬᠦᠨ᠎ᠤ ᠠᠪᠤ ᠡᠵᠢ ᠵᠢᠨ᠎ᠬᠢᠨ᠎ᠢ ᠲᠤᠮᠳᠠ ᠵᠤᠬᠢᠬᠤ ᠬᠤᠯᠪᠤᠭ᠋ᠠᠰᠤ ᠬᠦᠬᠦᠷᠭᠡ ᠵᠢᠨ ᠤᠶ᠋ᠢᠯᠡᠳᠦᠯ ᠭᠠᠷᠭ᠋ᠠᠵᠤ ᠪᠤᠯᠤᠨ᠎ᠠ ᠭᠡᠳᠡᠭ᠎ᠢ ᠨᠡᠩ ᠬᠦᠨᠵᠡᠬᠡᠢ ᠤᠶ᠋ᠢᠯᠠᠭ᠋ᠠᠭᠰᠠᠨ ᠶᠤᠮ᠃
ᠵᠢᠷᠭᠤᠭ᠎ᠠ᠂ ᠠᠩᠬᠢ ᠵᠢᠨ ᠠ᠋ᠷᠬᠢᠯᠡᠭᠴᠢ ᠤᠨᠴᠠᠭ᠋ᠠᠢ ᠴᠠᠭ ᠦᠶ᠎ᠡ᠎ᠳᠤ ᠤᠨᠴᠠᠭ᠋ᠠᠢ ᠤᠴᠢᠷ ᠶᠠᠪᠤᠳᠠᠯ᠎ᠢ ᠦᠷ᠎ᠡ ᠠᠰᠢᠭᠲᠠᠢ ᠠᠮᠢᠳᠤᠯᠢᠭ ᠰᠠᠶ᠋ᠢᠬᠠᠨ ᠰᠢᠢ᠍ᠳᠪᠦᠷᠢᠯᠡᠵᠦ ᠦᠭᠬᠦ ᠴᠢᠬᠤᠯᠠᠲᠠᠢ
ᠠ᠋ᠨᠡ ᠤᠳᠠᠭ᠋ᠠᠨ᠎ᠤ ᠬᠢᠵᠢᠭ᠎ᠤᠨ ᠬᠤᠭᠤᠴᠠᠭ᠎ᠠ ᠪᠤᠯ ᠨᠢᠬᠡ ᠤᠨᠴᠠᠭ᠋ᠠᠢ ᠴᠠᠭ ᠦᠶ᠎ᠡ ᠮᠦᠨ᠃ ᠪᠢᠳᠡ ᠰᠦᠯᠵᠢᠶ᠎ᠡ᠎ᠪᠠᠷ ᠳᠠᠮᠵᠢᠨ ᠰᠤᠷᠲᠠᠯ ᠤᠬᠠᠭᠤᠯᠭ᠎ᠠ ᠵᠢᠨ ᠠᠵᠢᠯ᠎ᠢ ᠤᠯᠠᠨ ᠬᠢᠭᠰᠡᠨ ᠮᠦᠷᠲᠡᠭᠡᠨ ᠰᠦᠯᠵᠢᠶ᠎ᠡ᠎ᠪᠠᠷ ᠳᠠᠮᠵᠢᠨ ᠬᠢᠴᠢᠶᠡᠯ ᠤᠷᠤᠭᠰᠠᠨ ᠶᠤᠮ᠃ ᠠ᠋ᠨᠡ ᠶᠠᠪᠤᠴᠠ᠎ᠳᠤ ᠪᠠᠰᠠ ᠤᠯᠠᠨ ᠬᠦᠴᠢᠷᠳᠡᠯ ᠭᠠᠷᠤᠭᠰᠠᠨ ᠶᠤᠮ᠃ ᠵᠢᠱ᠌ᠢᠶᠡᠯᠡᠪᠡᠯ᠂ ᠰᠦᠯᠵᠢᠶᠡᠨ ᠲᠤᠬᠢᠶ᠎ᠠ ᠠᠨᠠᠢ᠎ᠠᠴᠠ ᠪᠤᠯᠵᠤ ᠬᠢᠴᠢᠶᠡᠯ᠎ᠢ ᠦᠷ᠎ᠡ ᠠᠰᠢᠭᠲᠠᠢ ᠰᠤᠨᠤᠰᠴᠤ ᠴᠢᠳᠠᠭ᠍ᠤ ᠦᠭᠡᠢ ᠬᠡᠦᠬᠡᠳ᠎ᠤᠳ᠎ᠢ ᠭᠠᠴᠢᠭᠳᠠᠭᠤᠯᠵᠤ ᠵᠤᠪᠠᠭ᠋ᠠᠭᠰᠠᠨ᠂ ᠰᠤᠷᠤᠭᠴᠢᠳ ᠰᠦᠯᠵᠢᠶᠡᠨ ᠬᠢᠴᠢᠶᠡᠯ᠎ᠢ ᠤᠮᠳᠤᠭ᠋ᠠᠶ᠋ᠢᠯᠠᠵᠤ ᠠᠮᠠ ᠬᠠᠭ᠋ᠠᠵᠤ ᠠᠯᠪᠠ ᠬᠠᠰᠢᠬᠤ ᠵᠡᠷᠭᠡ ᠪᠠᠶ᠋ᠢᠳᠠᠯ ᠪᠦᠷ ᠢᠯᠡᠷᠡᠵᠦ ᠪᠠᠶ᠋ᠢᠯ᠎ᠠ᠃ ᠠ᠋ᠨᠡ ᠦᠶ᠎ᠡ᠎ᠳᠤ ᠠᠩᠬᠢ ᠵᠢᠨ ᠠ᠋ᠷᠬᠢᠯᠡᠭᠴᠢ ᠪᠠᠰᠠ ᠵᠤᠬᠢᠬᠤ ᠦᠢ᠍ᠯᠡᠳᠦᠯ᠎ᠢ ᠭᠠᠷᠭ᠋ᠠᠵᠤ ᠪᠤᠯᠤᠨ᠎ᠠ᠃ ᠨᠢᠭᠡ ᠲᠠᠯ᠎ᠠ᠎ᠪᠠᠷ ᠰᠡᠳᠬᠢᠴᠡ ᠵᠢᠨ ᠲᠠᠶ᠋ᠢᠳᠬᠤᠷᠤᠭᠤᠯᠤᠯ ᠬᠢᠵᠦ ᠰᠡᠳᠬᠢᠯ᠎ᠤᠨ ᠠ᠋ᠭᠡᠳᠡᠷᠡᠭᠡ ᠠ᠋ᠷᠡᠭᠡᠯᠵᠡᠯᠢᠨᠢ ᠠᠷᠢᠯᠭ᠋ᠠᠵᠤ ᠦᠭᠴᠦ ᠪᠤᠯᠤᠨ᠎ᠠ᠂ ᠨᠦᠬᠦᠬᠡ ᠲᠠᠯ᠎ᠠ᠎ᠪᠠᠷ ᠪᠠᠰᠠ ᠵᠤᠬᠢᠬᠤ ᠱᠠᠭ᠋ᠠᠷᠳᠠᠯᠭ᠎ᠠ ᠵᠢ ᠲᠠᠯᠪᠢᠬᠤ ᠪᠤᠶᠤ ᠬᠦᠮᠦᠵᠢᠯ᠎ᠢ ᠬᠢᠵᠦ ᠬᠢᠴᠢᠶᠡᠯ᠎ᠤᠨ ᠦᠷ᠎ᠡ ᠠᠰᠢᠭ᠎ᠢ ᠪᠠᠲᠤᠯᠠᠵᠤ ᠪᠤᠯᠤᠨ᠎ᠠ᠃
ᠶᠠᠭᠤ ᠬᠡᠯᠡᠭᠰᠡᠨ ᠴᠦ᠍ ᠠᠩᠬᠢ ᠵᠢᠨ ᠠ᠋ᠷᠬᠢᠯᠡᠭᠴᠢ ᠪᠤᠯ ᠨᠢᠬᠡ ᠠᠩᠬᠢ ᠨᠢᠭᠡᠴᠢ ᠵᠢᠨ ᠵᠤᠬᠢᠶᠠᠨ ᠪᠠᠶ᠋ᠢᠭᠤᠯᠤᠭᠴᠢ᠂ ᠤᠳᠤᠷᠢᠳᠤᠭᠴᠢ᠂ ᠬᠠᠮᠢᠶᠠᠷᠤᠭᠴᠢ᠂ ᠳᠠᠭ᠋ᠠᠭᠤᠯᠤᠭᠴᠢ᠃ ᠨᠢᠭᠡ ᠠᠩᠬᠢ ᠨᠢᠭᠡᠴᠢ ᠵᠢᠨ ᠳᠠᠪᠰᠢᠯᠲᠠ ᠬᠦᠭᠵᠢᠯᠲᠠ ᠪᠠ ᠰᠤᠷᠤᠭᠴᠢ ᠨᠢᠬᠡ ᠪᠦᠷᠢ ᠵᠢᠨ ᠳᠠᠪᠰᠢᠯᠲᠠ ᠬᠦᠭᠵᠢᠯᠲᠠ᠎ᠳᠤ ᠠᠩᠬᠢ ᠵᠢᠨ ᠠ᠋ᠷᠬᠢᠯᠡᠭᠴᠢ ᠵᠢᠨ ᠦᠢ᠍ᠯᠡᠳᠦᠯ ᠨᠦᠯᠦᠭᠡ ᠲᠤᠩ ᠴᠢᠬᠤᠯᠠ ᠶᠤᠮ᠃ ᠠ᠋ᠶ᠋ᠢᠮᠦ᠎ᠠᠴᠠ ᠪᠢᠳᠡ ᠦᠪᠡᠷ᠎ᠤᠨ ᠠ᠋ᠬᠦᠷᠭᠡ ᠬᠠᠷᠢᠭᠤᠴᠠᠯᠭ᠎ᠠ᠎ᠪᠠᠨ ᠭᠦᠢ᠍ᠴᠡᠳ ᠲᠠᠨᠢᠵᠤ 《ᠠᠵᠢᠯ᠎ᠠᠴᠠ᠎ᠪᠠᠨ ᠲᠤᠷᠰᠢᠯᠭ᠎ᠠ ᠤᠯᠵᠤ᠂ ᠠᠯᠳᠠᠭᠠᠠᠴᠠᠪᠠᠨ ᠰᠤᠷᠭ᠋ᠠᠮᠵᠢ ᠤᠯᠤᠨ》 ᠦᠪᠡᠷ᠎ᠤᠨ ᠪᠡᠶ᠎ᠡ᠎ᠳᠤ᠎ᠪᠠᠨ ᠲᠠᠰᠤᠷᠠᠯᠲᠠ ᠦᠭᠡᠢ ᠰᠢᠬᠦᠮᠵᠢᠯᠡᠯ ᠪᠠ ᠬᠢᠨᠠᠯᠲᠠ ᠵᠢ ᠲᠠᠯᠪᠢᠵᠦ ᠠ᠋ᠳᠦᠷ᠎ᠠᠴᠠ ᠠ᠋ᠳᠦᠷ ᠦᠭᠡᠳᠡᠯᠡᠨ ᠳᠠᠪᠰᠢᠬᠤ ᠴᠢᠬᠤᠯᠠᠲᠠᠢ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠡᠰᠢᠭᠲᠡᠨ ᠬᠤᠰᠢᠭᠤᠨ᠎ᠤ ᠪᠠᠶᠠᠨᠴᠠᠭ᠋ᠠᠨ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)
2023.2 ᠳ᠋ᠤᠭ᠋ᠠᠷ ᠬᠤᠭᠤᠴᠠᠭ᠎ᠠ