ᠪᠤᠶᠠᠨᠳᠦᠭᠦᠷᠡᠩ ᠨᠤᠭᠤᠭ᠋ᠠᠨᠳᠠᠨᠠ

ᠠᠩᠬᠢ ᠵᠢᠨ ᠠ᠋ᠷᠬᠢᠯᠡᠭᠴᠢ ᠵᠢᠨ ᠠᠵᠢᠯ ᠪᠤᠯ ᠰᠤᠷᠭ᠋ᠠᠭᠤᠯᠢ ᠵᠢᠨ ᠪᠦᠬᠦ ᠠᠵᠢᠯ᠎ᠤᠨ ᠲᠤᠮᠳᠠ ᠮᠠᠰᠢ ᠴᠢᠬᠤᠯᠠ ᠮᠦᠷᠳᠡᠭᠡᠨ ᠲᠤᠯᠭ᠋ᠠᠭᠤᠷᠢᠯᠠᠭ᠍ᠤ ᠦᠢ᠍ᠯᠡᠳᠦᠯ ᠦᠵᠡᠬᠦᠯᠵᠦ ᠪᠠᠶ᠋ᠢᠳᠠᠭ᠃ ᠮᠥᠨ ᠴᠦ᠍ ᠨᠢᠬᠡ ᠠᠩᠬᠢ ᠵᠢᠨ ᠵᠤᠬᠢᠶᠠᠨ ᠪᠠᠶ᠋ᠢᠭᠤᠯᠤᠭᠴᠢ ᠪᠡ ᠬᠡᠷ᠎ᠤᠨ ᠠᠬᠠᠮᠠᠳ ᠬᠢᠬᠡᠳ ᠰᠤᠷᠤᠭᠴᠢ᠂ ᠰᠤᠷᠤᠭᠴᠢ ᠬᠢᠬᠡᠳ ᠰᠤᠷᠭ᠋ᠠᠭᠤᠯᠢ ᠵᠢ ᠬᠤᠯᠪᠤᠭᠰᠠᠨ ᠬᠦᠬᠦᠷᠭᠡ ᠪᠤᠯᠬᠤ ᠶᠤᠮ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠪᠤᠯᠤᠭᠰᠠᠳ ᠠ᠋ᠷᠬᠡᠪᠰᠢ ᠦᠪᠡᠷ᠎ᠤᠨ ᠪᠠᠶ᠋ᠢᠷᠢ ᠰᠠᠭᠤᠷᠢ᠂ ᠦᠢ᠍ᠯᠡᠳᠦᠯ ᠬᠢᠭᠡᠳ ᠠ᠋ᠬᠦᠷᠭᠡ ᠬᠠᠷᠢᠭᠤᠴᠠᠯᠭ᠎ᠠ᠎ᠪᠠᠨ ᠵᠦᠪ ᠤᠨᠤᠪᠴᠢᠳᠠᠢ᠂ ᠬᠦᠨᠵᠡᠬᠡᠢ ᠮᠦᠷᠳᠡᠭᠡᠨ ᠪᠦᠬᠦ ᠲᠠᠯ᠎ᠠ᠎ᠪᠠᠷ ᠤᠶ᠋ᠢᠯᠠᠭ᠋ᠠᠨ ᠲᠠᠨᠢᠵᠦ᠂ ᠲᠤᠰ ᠪᠠᠶ᠎ᠡ ᠵᠢᠨ ᠵᠶ᠋ᠠᠨ ᠬᠡᠪ ᠪᠤᠯᠪᠠᠰᠤᠷᠠᠯ ᠪᠤᠯᠤᠨ ᠴᠢᠳᠠᠪᠤᠷᠢ᠎ᠪᠠᠨ ᠲᠠᠰᠤᠷᠠᠯᠳᠠ ᠦᠬᠡᠢ ᠴᠢᠷᠮᠠᠶ᠋ᠢᠨ ᠲᠡᠭᠡᠭᠰᠢᠯᠡᠬᠦᠯᠬᠦ ᠴᠢᠬᠤᠯᠠᠳᠠᠢ ᠶᠤᠮ᠃ ᠲᠤᠤᠷ᠎ᠠ ᠪᠢ ᠦᠪᠡᠷ᠎ᠤᠨ ᠬᠤᠷᠢᠨ ᠵᠢᠯ᠎ᠤᠨ ᠲᠤᠷᠰᠢᠬᠢ ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠲᠤᠷᠰᠢᠯᠭ᠎ᠠ᠎ᠲᠠᠢ᠎ᠪᠠᠨ ᠤᠶᠠᠯᠳᠣᠭᠤᠯᠤᠨ᠂ ᠬᠡᠷᠬᠢᠪᠡᠯ ᠰᠠᠶᠢ ᠨᠢᠬᠡᠨ ᠰᠢᠯᠢᠳᠡᠭ ᠠᠩᠬᠢ ᠵᠢᠨ ᠠ᠋ᠷᠬᠢᠯᠡᠭᠴᠢ ᠪᠤᠯᠬᠤ ᠲᠤᠬᠠᠢ ᠦᠪᠡᠷ᠎ᠤᠨ ᠣᠶ᠋ᠢᠯᠠᠭ᠋ᠠᠯᠳᠠᠪᠠᠨ ᠮᠦᠴᠢᠳ ᠦᠬᠦᠯᠡᠶ᠎ᠡ᠃
ᠨᠢᠭᠡ᠂ ᠰᠤᠷᠤᠭᠴᠢᠳ ᠵᠶ᠋ᠠᠨ ᠪᠦᠬᠦ ᠲᠠᠯ᠎ᠠ᠎ᠪᠠᠷ ᠤᠶ᠋ᠢᠯᠠᠭ᠋ᠠᠬᠤ
ᠠᠩᠬᠢ ᠵᠢᠨ ᠠ᠋ᠷᠬᠢᠯᠡᠭᠴᠢ ᠪᠤᠯᠤᠭᠰᠠᠳ ᠵᠡᠪᠡᠯ ᠰᠤᠷᠤᠭᠴᠢ ᠪᠦᠬᠦᠨ᠎ᠤ ᠦᠪᠡᠷᠮᠢᠴᠠ ᠤᠨᠴᠠᠯᠢᠭ᠂ ᠤᠨᠴᠠᠭ᠋ᠠᠢ ᠵᠦᠷᠢᠶ᠎ᠠ ᠵᠢ ᠠᠵᠢᠭᠯᠠᠨ ᠤᠶ᠋ᠢᠯᠠᠭ᠋ᠠᠵᠤ᠂ ᠲᠠᠲᠠᠨ᠎ᠤ ᠦᠪᠡᠷᠮᠢᠴᠠ ᠤᠨᠴᠠᠯᠢᠭ᠎ᠲᠤ᠎ᠨᠢ ᠲᠤᠬᠢᠷᠠᠭᠤᠯᠤᠨ ᠵᠢᠭ᠋ᠠᠨ ᠵᠢᠯᠤᠭᠤᠳᠴᠤ᠂ ᠲᠠᠲᠠᠨ᠎ᠳᠤ ᠬᠦᠮᠦᠨ ᠪᠤᠯᠬᠤ ᠶᠤᠰᠤ ᠤᠴᠢᠷ᠎ᠢ ᠲᠠᠨᠢᠭᠤᠯᠵᠤ᠂ ᠲᠡᠳᠡᠨ᠎ᠢ ᠶᠤᠰᠤ ᠰᠤᠷᠲᠠᠭ᠍ᠤᠨ᠂ ᠤᠶᠤᠨ ᠤᠬᠠᠭ᠋ᠠᠨ᠂ ᠮᠡᠲᠡᠯᠬᠡ ᠪᠤᠯᠪᠠᠰᠤᠷᠠᠯ ᠵᠡᠷᠭᠡ ᠤᠯᠠᠨ ᠲᠠᠯ᠎ᠠ᠎ᠪᠠᠷ ᠬᠦᠮᠦᠵᠢᠬᠦᠯᠬᠦ ᠬᠡᠷᠡᠭᠳᠡᠢ᠃ ᠵᠢᠱ᠌ᠢᠶᠡᠯᠠᠪᠡᠯ᠂ ᠡᠴᠢᠭᠡ ᠠ᠋ᠬᠡ᠎ᠨᠢ ᠤᠷᠤᠭ ᠰᠠᠯᠵᠦ ᠰᠠᠷᠨᠢᠭᠰᠠᠨ᠎ᠠᠴᠠ ᠪᠤᠯᠵᠦ ᠦᠨᠦᠴᠢᠷᠡᠭᠰᠡᠨ᠂ ᠬᠤᠳᠠᠯ ᠬᠡᠯᠡᠵᠦ ᠬᠤᠯᠠᠭ᠋ᠠᠢ ᠬᠢᠬᠦ ᠮᠠᠭᠤ ᠲᠠᠳᠬᠠᠯ᠎ᠲᠠᠢ᠂ ᠬᠡᠷᠡᠬᠦᠯ ᠵᠤᠳᠤᠭ᠋ᠠᠨ᠎ᠳᠤ ᠲᠤᠷᠠᠳᠠᠢ ᠪᠦᠳᠦᠬᠦᠯᠢᠭ ᠰᠣᠷᠳᠠᠯ᠎ᠲᠠᠢ᠂ ᠰᠤᠷᠤᠯᠭ᠎ᠠ᠎ᠠᠴᠠ᠎ᠪᠠᠨ ᠤᠶ᠋ᠢᠳᠤᠭᠰᠠᠨ ᠨᠠᠵᠠᠭ᠋ᠠᠢ ᠬᠤᠶ᠋ᠢᠷᠭᠤ ᠵᠠᠩ᠎ᠲᠠᠢ᠂ ᠨᠠᠭ᠋ᠠᠳᠤᠮ ᠰᠢᠨᠤᠯᠳᠤ᠎ᠪᠠᠨ ᠠ᠋ᠷᠭᠡᠰᠢᠶᠡᠭᠳᠡᠭᠰᠡᠨ ᠵᠠᠳᠠᠭ᠋ᠠᠢ ᠰᠤᠷᠳᠠᠯ᠎ᠲᠠᠢ᠂ ᠰᠦᠷᠬᠡᠦ ᠰᠡᠳᠬᠢᠴᠡ᠎ᠲᠠᠢ ᠵᠡᠷᠭᠡ ᠤᠨᠴᠠᠭ᠋ᠠᠢ ᠬᠡᠦᠬᠡᠳ᠎ᠢ ᠪᠦᠬᠦᠨ᠎ᠢ ᠨᠠᠷᠢᠯᠢᠬ ᠲᠠᠨᠢᠨ ᠤᠶ᠋ᠢᠯᠠᠭ᠋ᠠᠵᠦ᠂ ᠵᠢᠭ᠋ᠠᠨ ᠵᠢᠯᠤᠭᠤᠳᠪᠠᠯ ᠵᠤᠬᠢᠰᠳᠠᠢ᠃ ᠠ᠋ᠶ᠋ᠢᠮᠦ᠎ᠠᠴᠠ ᠰᠣᠷᠣᠭᠴᠢᠳ᠎ᠲᠤ᠎ᠪᠠᠨ ᠦᠷᠬᠦᠯᠵᠢ ᠵᠢᠨ ᠴᠢᠨᠠᠷᠳᠠᠢ ᠶᠠᠮᠠᠷ ᠠᠵᠢᠯᠯᠠᠭ᠎ᠠ᠎ᠨᠢ ᠵᠤᠬᠢᠰᠳᠠᠢ᠂ ᠶᠠᠮᠠᠷ ᠠᠵᠢᠯᠯᠠᠭ᠎ᠠ᠎ᠨᠢ ᠵᠤᠬᠢᠰ ᠦᠭᠡᠢ᠂ ᠦᠨᠳᠦᠷ ᠬᠡᠪ ᠰᠤᠷᠳᠠᠯ᠎ᠲᠠᠢ ᠬᠦᠮᠦᠨ ᠨᠡᠶ᠋ᠢᠭᠡᠮ ᠨᠡᠶ᠋ᠢᠳᠡ᠎ᠳᠤ ᠬᠡᠷᠬᠢᠨ ᠬᠦᠷᠢᠶᠡᠯᠡᠭᠳᠡᠵᠦ ᠪᠠᠶ᠋ᠢᠬᠤ᠂ ᠶᠤᠰᠤ ᠮᠤᠷᠠᠯ ᠦᠭᠡᠢ ᠬᠦᠮᠦᠨ ᠨᠡᠶ᠋ᠢᠭᠡᠮ ᠨᠡᠶ᠋ᠢᠳᠡ᠎ᠳᠤ ᠶᠠᠭ᠋ᠠᠬᠢᠨ ᠵᠢᠭᠰᠢᠭᠳᠡᠵᠦ ᠪᠠᠶ᠋ᠢᠬᠤ ᠵᠢ ᠰᠦᠯᠵᠢᠶ᠎ᠡ᠂ ᠺᠢᠨᠤ᠋ ᠵᠦᠴᠦᠭᠡ᠂ ᠲᠸᠯᠸᠢᠰ ᠵᠡᠷᠭᠡ᠎ᠪᠠᠷ ᠦᠵᠡᠬᠦᠯᠬᠦ᠎ᠨᠢ ᠬᠤᠭᠤᠰᠤᠨ ᠶᠠᠷᠢᠭᠰᠠᠨ᠎ᠠᠴᠠ ᠬᠤᠯᠠ ᠢᠯᠡᠬᠦᠦ ᠦᠷ᠎ᠡ ᠠᠰᠢᠭᠲᠠᠢ ᠪᠠᠶ᠋ᠢᠳᠠᠭ᠃ ᠪᠠᠰᠠ ᠰᠣᠷᠤᠭᠴᠢ ᠪᠤᠯᠭ᠋ᠠᠨ᠎ᠤ ᠠᠮᠵᠢᠯᠳᠠ᠎ᠲᠠᠢ ᠲᠠᠯ᠎ᠠ ᠵᠢ ᠤᠯᠵᠤ ᠬᠠᠷᠠᠨ᠂ ᠲᠡᠳᠡᠨ᠎ᠤ ᠤᠨᠴᠠᠭ᠋ᠠᠢ ᠠᠪᠢᠶᠠᠰ ᠴᠢᠲᠠᠪᠤᠷᠢ ᠵᠢ᠎ᠨᠢ ᠪᠠᠳᠠᠷᠠᠭᠤᠯᠬᠤ ᠬᠡᠷᠡᠭᠳᠡᠢ᠃ ᠤᠨᠴᠠᠭ᠋ᠠᠶ᠋ᠢᠯᠠᠨ ᠬᠤᠴᠤᠷᠤᠩᠭᠤᠢ ᠰᠤᠷᠤᠭᠴᠢ᠎ᠳᠤ ᠬᠦᠯᠢᠴᠡᠩᠬᠦᠢ ᠤᠪᠤᠷ ᠵᠶ᠋ᠠᠷ ᠬᠠᠨᠳᠤᠵᠦ᠂ ᠲᠡᠳᠡᠨ᠎ᠤ ᠲᠠᠪᠠᠭᠤᠯᠢᠭ ᠲᠠᠯ᠎ᠠ ᠵᠢ᠎ᠨᠢ ᠢᠯᠡᠬᠦᠬᠡᠨ ᠦᠪᠡᠷ᠎ᠲᠤ᠎ᠨᠢ ᠲᠠᠨᠢᠭᠤᠯᠵᠤ᠂ ᠦᠴᠦᠬᠡᠨ ᠠᠮᠵᠢᠯᠳᠠ ᠵᠢ᠎ᠨᠢ ᠤᠯᠵᠦ ᠦᠵᠡᠪᠡᠴᠤ ᠮᠠᠭᠳᠠᠨ ᠵᠤᠷᠢᠬ᠍ᠵᠢᠭᠤᠯᠪᠠᠯ ᠪᠡᠶ᠎ᠡ᠎ᠳᠤ᠎ᠪᠠᠨ ᠢᠳᠡᠭᠡᠯ᠎ᠲᠠᠢ ᠪᠤᠯᠵᠦ ᠴᠢᠷᠮᠠᠶ᠋ᠢᠨ ᠰᠤᠷᠤᠯᠴᠠᠭ᠍ᠤ ᠤᠷᠮ᠎ᠠ ᠵᠤᠷᠢᠭ᠎ᠨᠢ ᠬᠦᠪᠴᠢᠯᠡᠭᠳᠡᠬᠦ ᠶᠤᠮ᠃
ᠬᠤᠶᠠᠷ᠂ ᠰᠤᠷᠤᠭᠴᠢᠳ᠎ᠤᠨ ᠰᠡᠳᠬᠢᠯ᠎ᠤᠨ ᠬᠠᠨᠢ ᠪᠤᠯᠬᠤ
ᠠᠩᠬᠢ ᠵᠢᠨ ᠠ᠋ᠷᠬᠢᠯᠡᠭᠴᠢ ᠪᠤᠯᠤᠭᠰᠠᠳ ᠰᠤᠷᠤᠭᠴᠢᠳ᠎ᠲᠤ᠎ᠪᠠᠨ ᠬᠠᠨᠳᠤᠬᠤ᠎ᠳᠤ᠎ᠪᠠᠨ ᠠ᠋ᠶᠡᠯᠳᠡᠭ ᠨᠠᠶ᠋ᠢᠷᠠᠮᠳᠠᠭᠤ᠂ ᠲᠤᠳᠤᠨᠤ ᠪᠠᠶ᠋ᠢᠬᠤ ᠬᠡᠷᠡᠭᠳᠡᠢ᠃ ᠠ᠋ᠶᠡᠯᠳᠡᠭ ᠠᠭᠤᠳᠠᠮᠴᠢ᠂ ᠴᠢᠩ ᠦᠨᠡᠨᠴᠢ ᠵᠠᠩ ᠠᠭ᠋ᠠᠯᠢ᠎ᠲᠠᠢ ᠪᠤᠯᠪᠠᠯ ᠰᠣᠷᠣᠭᠴᠢᠳ᠎ᠤᠨ ᠢᠳᠡᠭᠡᠯ᠎ᠢ ᠤᠯᠵᠦ ᠪᠠᠭᠰᠢ ᠰᠤᠷᠤᠭᠴᠢᠳ᠎ᠤᠨ ᠬᠤᠭᠤᠷᠤᠨᠳᠦ᠎ᠪᠠᠨ ᠠ᠋ᠶ᠎ᠡ ᠨᠠᠶ᠋ᠢᠷᠲᠠᠢ᠂ ᠠ᠋ᠯᠢᠭᠡᠰᠡᠭ ᠲᠤᠳᠤᠨᠤ ᠪᠠᠶ᠋ᠢᠵᠦ ᠲᠡᠶ᠋ᠢᠯᠦᠨ᠎ᠡ᠃ ᠠᠩᠬᠢ ᠵᠢᠨ ᠠ᠋ᠷᠬᠢᠯᠡᠭᠴᠢ ᠪᠤᠯᠤᠭᠰᠠᠳ ᠬᠠᠯᠳᠤᠰᠬᠢᠪᠠᠯ ᠠᠭᠤᠷᠯᠠᠭ᠍ᠤ ᠦᠬᠡᠢ᠂ ᠬᠠᠷᠢᠨ ᠬᠦᠯᠢᠴᠡᠩᠬᠦᠢ᠎ᠪᠠᠷ ᠰᠤᠷᠭ᠋ᠠᠨ ᠬᠦᠮᠦᠵᠢᠬᠦᠯᠬᠦ ᠪᠤᠶᠤ ᠵᠢᠭ᠋ᠠᠨ ᠵᠢᠯᠤᠭᠤᠳᠬᠤ ᠬᠡᠷᠡᠭᠳᠡᠢ᠃ ᠬᠦᠯᠢᠴᠡᠩᠬᠦᠢ ᠨᠢᠮᠪᠠᠢ᠂ ᠯᠠᠪᠳᠠᠭᠤᠨ ᠬᠢᠨᠠᠮᠠᠭ᠋ᠠᠢ ᠪᠠᠶ᠋ᠢᠬᠤ ᠪᠤᠯ ᠪᠠᠭᠰᠢ ᠵᠢᠨ ᠪᠦᠷᠢᠯᠳᠦᠭᠦᠯᠪᠡᠰᠦ ᠵᠤᠬᠢᠬᠤ ᠵᠠᠩ ᠠᠭ᠋ᠠᠯᠢ ᠵᠢᠨ ᠭᠤᠤᠯ ᠤᠨᠴᠠᠯᠢᠭ᠎ᠤᠨ ᠨᠢᠭᠡ᠎ᠨᠢ ᠪᠠᠶ᠋ᠢᠵᠦ ᠲᠠᠭ᠋ᠠᠷᠠᠨ᠎ᠠ᠃ ᠬᠡᠳᠡᠷ ᠲᠤᠭᠰᠢᠨ ᠪᠤᠯ ᠰᠤᠷᠭ᠋ᠠᠨ ᠬᠦᠮᠦᠵᠢᠯ᠎ᠤᠨ ᠲᠠᠶ᠋ᠢᠰᠤᠨ᠂ ᠬᠦᠯᠢᠴᠡᠩᠬᠦᠢ ᠯᠠᠪᠳᠠᠭᠤᠨ ᠪᠤᠯ ᠴᠢᠳᠠᠪᠤᠷᠢᠳᠠᠨ ᠬᠦᠮᠦᠵᠢᠬᠦᠯᠬᠦ ᠵᠢᠨ ᠤᠷᠢᠳᠠᠯ ᠮᠥᠨ᠃ ᠶᠠᠮᠠᠷ ᠪᠠᠶ᠋ᠢᠳᠠᠯ ᠲᠤᠬᠢᠶᠠᠯᠳᠣᠭᠰᠠᠨ ᠴᠦ᠍ ᠠᠩᠬᠢ ᠵᠢᠨ ᠠ᠋ᠷᠬᠢᠯᠡᠭᠴᠢ ᠪᠤᠯᠤᠭᠰᠠᠨ᠎ᠤ ᠬᠤᠪᠢ᠎ᠳᠤ᠂ ᠯᠠᠪᠳᠠᠭᠤᠨ ᠲᠤᠭᠳᠠᠭᠤᠨ᠂ ᠠᠭᠤᠵᠢᠭᠤ ᠲᠠᠯᠪᠢᠭᠤ᠂ ᠬᠦᠯᠢᠴᠡᠩᠬᠦᠢ ᠤᠪᠤᠷ ᠵᠶ᠋ᠠᠷ ᠠᠵᠢᠯ ᠵᠶ᠋ᠠᠨ ᠰᠠᠶ᠋ᠢᠨ ᠬᠢᠬᠦ ᠬᠡᠷᠡᠭᠳᠡᠢ᠃ ᠲᠤᠬᠠᠶ᠋ᠢᠯᠠᠪᠠᠯ ᠠᠩᠬᠢ ᠨᠡᠶ᠋ᠢᠳᠡ ᠵᠢᠨ ᠲᠤᠮᠳᠠ ᠤᠨᠴᠠᠭ᠋ᠠᠢ ᠶᠠᠮᠠᠷ ᠨᠢᠭᠡᠨ ᠵᠦᠢ᠍ᠯ᠎ᠤᠨ ᠢᠯᠡᠷᠡᠯ ᠪᠤᠶᠤ ᠬᠦᠳᠡᠯᠬᠡᠬᠡᠨ ᠭᠠᠷᠬᠤ ᠦᠶᠡᠰ᠂ ᠬᠦᠨ ᠬᠦᠨᠵᠡᠬᠡᠢ ᠪᠠᠶ᠋ᠢᠴᠠᠭ᠋ᠠᠯᠳᠠ ᠬᠢᠵᠦ᠂ ᠴᠠᠭ ᠲᠤᠬᠠᠢᠳᠤᠨᠢ ᠰᠤᠷᠤᠭᠴᠢᠳ᠎ᠤᠨ ᠲᠤᠮᠳᠠ ᠬᠦᠨᠵᠡᠭᠡᠶ᠋ᠢᠷᠡᠨ᠂ ᠲᠡᠳᠡᠨ᠎ᠲᠠᠢ ᠰᠡᠳᠬᠢᠯ᠎ᠤᠨ ᠦᠬᠡ᠎ᠪᠠᠨ ᠬᠡᠯᠡᠯᠴᠡᠵᠦ᠂ ᠬᠦᠯᠢᠴᠡᠩᠬᠦᠢ᠎ᠪᠠᠷ ᠲᠡᠳᠡᠨ᠎ᠢ ᠬᠠᠪᠰᠤᠷᠤᠨ ᠠᠰᠠᠭᠤᠳᠠᠯ᠎ᠢ ᠰᠢᠢ᠍ᠳᠪᠦᠷᠢᠯᠡᠬᠦ ᠬᠡᠷᠡᠭᠳᠡᠢ᠃
ᠠᠩᠬᠢ ᠵᠢᠨ ᠠ᠋ᠷᠬᠢᠯᠡᠭᠴᠢ ᠪᠤᠯᠤᠭᠰᠠᠳ ᠰᠣᠷᠣᠭᠴᠢᠳ ᠵᠶ᠋ᠠᠨ ᠬᠠᠶ᠋ᠢᠷᠠᠯᠠᠨ ᠬᠠᠯᠠᠮᠵᠢᠯᠠᠵᠦ᠂ ᠤᠶ᠋ᠢᠯᠠᠭ᠋ᠠᠵᠦ᠂ ᠰᠡᠳᠬᠢᠯ᠎ᠤᠨ ᠬᠠᠨᠢ ᠪᠤᠯᠵᠤ ᠴᠢᠳᠠᠬᠤ ᠪᠤᠯ ᠠ᠋ᠨᠡ ᠬᠦ᠌ ᠠᠩᠬᠢ ᠵᠢᠨ ᠪᠦᠬᠦ ᠲᠠᠯ᠎ᠠ ᠵᠢᠨ ᠠᠵᠢᠯ᠎ᠢ ᠰᠠᠶ᠋ᠢᠳᠤᠷ ᠬᠢᠬᠦ ᠤᠷᠢᠳᠠᠯ ᠪᠦᠬᠡᠳ ᠰᠠᠭᠤᠷᠢ ᠪᠤᠯᠬᠤ ᠶᠤᠮ᠃ ᠠᠩᠬᠢ ᠵᠢᠨ ᠠ᠋ᠷᠬᠢᠯᠡᠭᠴᠢ ᠪᠤᠯᠤᠭᠰᠠᠳ ᠰᠤᠷᠤᠭᠴᠢᠳ᠎ᠲᠤ᠎ᠪᠠᠨ ᠦᠨᠡᠨᠴᠢ ᠰᠡᠳᠬᠢᠯ ᠵᠶ᠋ᠠᠷ ᠬᠠᠨᠳᠤᠵᠦ᠂ ᠰᠤᠷᠤᠭᠴᠢᠳ᠎ᠲᠤ᠎ᠪᠠᠨ ᠠ᠋ᠷᠭᠡ ᠲᠡᠭᠰᠢ ᠪᠠᠶ᠋ᠢᠬᠤ ᠭᠡᠷᠡᠭᠳᠡᠢ᠃ ᠰᠤᠷᠤᠭᠴᠢᠳ ᠪᠤᠯ ᠦᠨᠳᠦᠰᠦᠳᠡᠨ᠎ᠤ ᠢᠷᠡᠭᠡᠳᠦᠢ᠂ ᠠ᠋ᠬᠡ ᠤᠯᠤᠰ᠎ᠤᠨ ᠢᠷᠡᠭᠡᠳᠦᠢ ᠪᠤᠯᠬᠤᠷ ᠤᠯᠤᠰ ᠦᠨᠳᠦᠰᠦᠳᠡᠨ᠎ᠤ ᠠᠯᠦᠰ ᠢᠷᠡᠭᠡᠳᠦᠢ᠎ᠳᠤ ᠬᠠᠨᠳᠤᠬᠤ ᠤᠷᠬᠢᠯᠤᠮ᠎ᠠ ᠬᠠᠯᠠᠭᠤᠨ ᠰᠡᠳᠬᠢᠯᠭᠡ ᠪᠤᠯᠤᠨ ᠬᠠᠷᠢᠭᠤᠴᠠᠯᠭ᠋ᠠᠳᠦ ᠤᠪᠤᠷ ᠵᠶ᠋ᠠᠷ ᠰᠣᠷᠤᠭᠴᠢᠳᠲᠤᠪᠠᠨ ᠬᠠᠨᠳᠤᠵᠦ᠂ ᠣᠴᠢᠷ ᠶᠠᠪᠤᠳᠠᠯ ᠪᠤᠯᠭ᠋ᠠᠨ᠎ᠳᠤ ᠤᠷᠢᠳ ᠵᠶ᠋ᠠᠷ ᠰᠤᠷᠤᠭᠴᠢᠳ᠎ᠤᠨ ᠵᠶ᠋ᠠᠨ ᠲᠦᠯᠦᠭᠡ ᠪᠤᠳᠤᠯᠬᠢᠯᠠᠨ᠂ ᠦᠷᠬᠦᠯᠵᠢ ᠰᠤᠷᠤᠭᠴᠢᠳ᠎ᠤᠨ ᠲᠤᠮᠳᠠ ᠬᠦᠨᠵᠡᠭᠡᠶ᠋ᠢᠷᠡᠵᠦ᠂ ᠰᠤᠷᠤᠭᠴᠢ᠎ᠲᠠᠢ᠎ᠪᠠᠨ ᠦᠶ᠎ᠡ ᠬᠤᠷᠠᠭ᠎ᠤᠨ ᠨᠠᠶ᠋ᠢᠵᠠ ᠰᠢᠬ ᠦᠨᠡᠨᠴᠢ ᠰᠡᠳᠬᠢᠯ ᠵᠶ᠋ᠠᠷ ᠶᠠᠷᠢᠯᠴᠠᠵᠦ᠂ ᠰᠡᠳᠬᠢᠯ᠎ᠢ᠎ᠨᠢ ᠤᠶ᠋ᠢᠯᠠᠭ᠋ᠠᠭᠰᠠᠨ ᠪᠠᠶ᠋ᠢᠬᠤ ᠭᠡᠷᠡᠭᠳᠡᠢ᠃ ᠠᠩᠬᠢ ᠵᠢᠨ ᠠ᠋ᠷᠬᠢᠯᠡᠭᠴᠢ᠎ᠠᠴᠠ ᠬᠠᠷᠢᠨ 《ᠦᠨᠳᠦᠷ ᠲᠡᠭᠡᠷ᠎ᠡ᠎ᠠᠴᠠ ᠦᠩᠬᠡ᠎ᠶ᠋ᠢᠨ ᠦᠵᠡᠬᠦ》᠂ 《ᠰᠤᠷᠭ᠋ᠠᠨ ᠬᠦᠮᠦᠵᠢᠬᠦᠯᠦᠭᠴᠢ》 ᠵᠢᠨ 《ᠯᠠᠷᠵᠢᠶ᠎ᠠ ᠶᠠᠩᠪᠠ》 ᠭᠠᠷᠭ᠋ᠠᠵᠤ᠂ ᠦᠬᠡ ᠬᠡᠯᠡᠬᠦ᠎ᠳᠤ᠎ᠪᠠᠨ ᠦᠷᠬᠦᠯᠵᠢ 《ᠵᠢᠭ᠋ᠠᠪᠦᠷᠢ ᠪᠠᠭᠤᠯᠭ᠋ᠠᠨ ᠵᠠᠷᠯᠢᠭᠳᠠᠭ᠍ᠤ》᠂ 《ᠢᠩᠬᠢᠵᠦ ᠬᠢᠬᠦ ᠬᠡᠷᠡᠭᠳᠡᠢ᠂ ᠲᠡᠭᠡᠵᠦ ᠪᠡᠶᠡᠯᠡᠬᠦᠯᠬᠦ ᠬᠡᠷᠡᠭᠳᠡᠢ》 ᠬᠡᠬᠦ ᠵᠡᠷᠭᠡ᠎ᠪᠠᠷ ᠬᠠᠨᠳᠤᠵᠦ ᠶᠠᠭ᠋ᠠᠬᠢᠭᠰᠠᠨ ᠴᠦ᠍ ᠪᠤᠯᠬᠤ ᠦᠬᠡᠢ ᠶᠤᠮ᠃
ᠠᠩᠬᠢ ᠵᠢᠨ ᠠ᠋ᠷᠬᠢᠯᠡᠭᠴᠢ ᠪᠤᠯᠤᠨ ᠰᠤᠷᠤᠭᠴᠢᠳ ᠠ᠋ᠷᠬᠡ ᠲᠡᠭᠰᠢ ᠪᠠᠶ᠋ᠢᠬᠤ ᠵᠢ ᠠ᠋ᠷᠬᠢᠮᠯᠡᠵᠦ᠂ ᠦᠬᠡ ᠵᠤᠭᠤᠭ ᠲᠡᠯᠭᠡᠭᠦᠳᠤᠪᠠᠨ ᠠ᠋ᠶᠡᠯᠳᠡᠭ ᠵᠤᠭᠤᠭᠳᠠᠭ᠍ᠤᠠᠴᠠ ᠪᠢᠰᠢ᠂ ᠰᠤᠷᠤᠭᠴᠢᠳ᠎ᠢ ᠰᠡᠳᠬᠢᠯ᠎ᠤᠨ ᠦᠭᠡ᠎ᠪᠠᠨ ᠬᠡᠯᠡᠵᠦ ᠪᠠᠷᠠᠭ᠍ᠤᠠᠴᠠᠨᠢ ᠠ᠋ᠮᠦᠨ᠎ᠡ ᠲᠠᠰᠤᠯᠳᠠᠭᠤᠯᠬᠤ ᠪᠤᠶᠤ ᠰᠤᠷᠭ᠋ᠠᠨ ᠰᠢᠬᠦᠮᠵᠢᠯᠡᠵᠦ ᠪᠤᠯᠬᠤ ᠦᠭᠡᠢ ᠶᠤᠮ᠃ ᠰᠤᠷᠤᠭᠴᠢᠳ᠎ᠤᠨ ᠰᠡᠳᠬᠢᠯ᠎ᠢ ᠤᠶ᠋ᠢᠯᠠᠭ᠋ᠠᠬᠤ᠎ᠳᠤ ᠠ᠋ᠷᠬᠡᠪᠰᠢ ᠠᠩᠬᠢ ᠵᠢᠨ ᠠ᠋ᠷᠬᠢᠯᠡᠭᠴᠢ᠎ᠠᠴᠠ ᠤᠷᠢᠳ ᠵᠶ᠋ᠠᠷ ᠰᠡᠳᠬᠢᠯ ᠵᠶ᠋ᠠᠨ ᠦᠭᠴᠦ᠂ ᠠᠭᠤᠵᠢᠭᠤ ᠲᠠᠶ᠋ᠢᠪᠤᠭᠤ ᠠᠭᠤᠴᠢᠯᠠᠯ ᠪᠠᠭᠳᠠᠭ᠋ᠠᠮᠵᠢᠳᠠᠢ᠎ᠪᠠᠷ ᠰᠤᠷᠤᠭᠴᠢ ᠵᠢᠨ ᠪᠤᠷᠤᠭᠤ ᠦᠬᠡ ᠬᠡᠯᠡᠬᠦ ᠵᠢ ᠵᠦᠪᠰᠢᠶᠡᠷᠡᠵᠦ᠂ ᠬᠡᠷᠪᠡ ᠪᠤᠷᠤᠭᠤ ᠶᠠᠪᠤᠳᠠᠯ ᠬᠢᠪᠡᠯ ᠰᠤᠷᠤᠭᠴᠢᠳ᠎ᠲᠤ ᠠᠯᠳᠠᠭ᠎ᠠ ᠲᠤᠳᠠᠭᠳᠠᠯ᠎ᠢ᠎ᠨᠢ ᠲᠠᠨᠢᠭᠤᠯᠤᠨ᠂ ᠬᠤᠶ᠋ᠢᠰᠢᠳᠠ ᠵᠢᠨ ᠬᠡᠯᠡᠵᠦ ᠵᠠᠯᠠᠷᠠᠭᠤᠯᠬᠤ ᠢᠳᠡᠭᠡᠯ ᠵᠤᠷᠢᠭ᠎ᠢ᠎ᠨᠢ ᠨᠡᠮᠡᠭᠳᠡᠬᠦᠯᠬᠦ ᠬᠡᠷᠡᠭᠳᠡᠢ᠃ ᠢᠩᠬᠢᠪᠡᠯ ᠰᠠᠶᠢ ᠰᠤᠷᠤᠭᠴᠢᠳ᠎ᠤᠨ ᠰᠡᠳᠬᠢᠯ᠎ᠢ᠎ᠨᠢ ᠤᠯᠵᠤ᠂ ᠦᠪ ᠦᠨᠡᠨ ᠬᠦ᠌ ᠰᠡᠳᠬᠢᠯ᠎ᠤᠨ ᠬᠠᠨᠢ᠎ᠨᠢ ᠪᠤᠯᠵᠦ ᠲᠠᠶ᠋ᠢᠯᠦᠨᠡ᠃
ᠭᠤᠷᠪᠠ᠂ ᠰᠤᠷᠤᠭᠴᠢᠳ᠎ᠤᠨ ᠰᠤᠷᠤᠯᠭ᠎ᠠ ᠵᠢᠨ ᠵᠢᠯᠣᠭᠤᠳᠣᠭᠴᠢ ᠪᠤᠯᠬᠤ
ᠰᠣᠷᠣᠭᠴᠢᠳ ᠮᠡᠳᠡᠯᠭᠡ ᠴᠢᠳᠠᠪᠤᠷᠢ᠎ᠲᠠᠢ᠂ ᠲᠤᠰᠬᠠᠢ ᠮᠡᠷᠭᠡᠵᠢᠯ᠎ᠳᠤ᠎ᠪᠠᠨ ᠨᠡᠪᠳᠡᠷᠡᠭᠰᠡᠨ ᠪᠠᠭᠰᠢ ᠵᠢ ᠲᠤᠩ ᠬᠦᠨᠳᠦᠳᠬᠡᠨ ᠪᠢᠰᠢᠷᠡᠳᠡᠭ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠪᠤᠯᠤᠭᠰᠠᠳ ᠦᠷᠭᠡᠨ ᠲᠡᠯᠭᠡᠷ ᠮᠡᠳᠡᠯᠭᠡ᠂ ᠤᠯᠠᠨ ᠲᠠᠯ᠎ᠠ ᠵᠢᠨ ᠴᠢᠳᠠᠪᠤᠷᠢ᠎ᠲᠠᠢ ᠪᠠᠶ᠋ᠢᠵᠦ᠂ ᠰᠤᠷᠤᠭᠴᠢᠳ᠎ᠤᠨ ᠵᠶ᠋ᠠᠨ ᠬᠦᠨᠳᠦᠳᠬᠡᠯ ᠪᠢᠰᠢᠷᠡᠯ᠎ᠢ ᠣᠯᠬᠤ ᠬᠡᠷᠡᠭᠳᠡᠢ᠃ ᠠ᠋ᠬᠦᠨ᠎ᠳᠤ ᠭᠤᠤᠯᠳᠠᠭᠤ ᠰᠤᠷᠤᠭᠴᠢᠳ᠎ᠤᠨ ᠰᠤᠷᠤᠯᠴᠬᠤ ᠠᠷᠭ᠎ᠠ ᠬᠢᠭᠡᠳ ᠰᠢᠯᠢᠳᠡᠭ ᠰᠣᠷᠤᠯᠭ᠋ᠠᠳᠠᠨ ᠪᠤᠯᠬᠤ᠎ᠳᠤᠨᠢ ᠵᠢᠯᠤᠭᠤᠳᠣᠭᠴᠢ ᠪᠠ ᠵᠦᠪᠯᠡᠭᠴᠢ ᠪᠤᠯᠬᠤ᠎ᠨᠢ ᠴᠢᠬᠤᠯᠠ ᠪᠠᠶ᠋ᠢᠵᠦ᠂ ᠪᠡᠶ᠎ᠡ᠎ᠪᠠᠨ ᠲᠠᠭ᠋ᠠᠭ᠋ᠠᠨ ᠴᠢᠷᠮᠠᠶ᠋ᠢᠨ ᠰᠤᠷᠤᠯᠴᠠᠭ᠍ᠤ ᠲᠠᠳᠬᠠᠯ᠎ᠲᠠᠢ ᠪᠤᠯᠭ᠋ᠠᠨ ᠬᠦᠮᠦᠵᠢᠬᠦᠯᠦᠨ᠂ ᠰᠣᠷᠣᠭᠴᠢ᠎ᠳᠤ ᠠᠰᠠᠭᠤᠳᠠᠯ᠎ᠢ ᠢᠯᠡᠷᠡᠬᠦᠯᠦᠨ ᠠᠰᠠᠭᠤᠳᠠᠯ᠎ᠢ ᠵᠠᠳᠠᠯᠬᠤ ᠵᠢ ᠰᠣᠷᠭ᠋ᠠᠵᠤ᠂ ᠦᠪᠡᠷ᠎ᠤᠨ ᠰᠣᠷᠣᠯᠭ᠎ᠠ ᠵᠢᠨ ᠶᠠᠪᠤᠴᠠ᠎ᠪᠠᠨ ᠵᠦᠪ ᠵᠶ᠋ᠠᠷ ᠦᠨᠡᠯᠡᠨ᠂ ᠰᠢᠯᠢᠳᠡᠭ ᠬᠢᠷᠢ ᠪᠦᠳᠦᠮᠵᠢ ᠤᠯᠬᠤ᠎ᠪᠠᠷ ᠴᠢᠷᠮᠠᠶ᠋ᠢᠬᠤ ᠬᠠᠷᠠᠯᠳᠠ ᠵᠤᠷᠢᠯᠭ᠎ᠠ᠎ᠲᠠᠢ ᠪᠤᠯᠭ᠋ᠠᠨ ᠬᠦᠮᠦᠵᠢᠬᠦᠯᠬᠦ ᠬᠡᠷᠡᠭᠳᠡᠢ᠃ ᠠᠩᠬᠢ ᠨᠡᠶ᠋ᠢᠳᠡ ᠵᠢᠨ ᠲᠤᠮᠳᠠᠬᠢ 《ᠰᠤᠷᠤᠯᠭ᠎ᠠ ᠬᠤᠴᠣᠷᠤᠩᠭᠤᠢ ᠰᠤᠷᠤᠭᠴᠢ》 ᠪᠡᠶ᠎ᠡ᠎ᠳᠤ᠎ᠪᠠᠨ ᠢᠳᠡᠭᠡᠯ ᠵᠶ᠋ᠠᠷ ᠲᠤᠳᠠᠮᠠᠭ ᠪᠠᠶ᠋ᠢᠵᠦ᠂ ᠬᠢᠯᠪᠠᠷᠬᠠᠨ ᠵᠤᠷᠢᠭ ᠮᠤᠬᠤᠬᠤ᠂ ᠴᠢᠨᠠᠭᠰᠢᠯᠠᠪᠠᠯ ᠪᠠᠶ᠎ᠡ᠎ᠪᠠᠨ ᠭᠤᠯᠤᠬᠤ᠂ ᠭᠤᠳᠤᠷᠠᠬᠤ ᠪᠠᠶ᠋ᠢᠳᠠᠯ ᠭᠠᠷᠳᠠᠭ᠃ ᠠ᠋ᠨᠡ ᠦᠶᠡᠰ ᠠᠩᠬᠢ ᠵᠢᠨ ᠠ᠋ᠷᠬᠢᠯᠡᠭᠴᠢ ᠪᠤᠯᠤᠭᠰᠠᠳ ᠲᠠᠳᠡᠨ ᠢ ᠬᠠᠪᠰᠤᠷᠤᠨ ᠬᠠᠯᠠᠮᠵᠢᠯᠡᠵᠦ᠂ ᠰᠤᠷᠤᠯᠭ᠎ᠠ ᠵᠢᠨ ᠲᠠᠯ᠎ᠠ᠎ᠪᠠᠷ ᠬᠠᠪᠰᠣᠷᠣᠨ ᠵᠢᠯᠣᠭᠤᠳᠴᠦ᠂ ᠰᠡᠳᠬᠢᠴᠡ ᠵᠢᠨ ᠲᠠᠯ᠎ᠠ᠎ᠪᠠᠷ ᠪᠡᠶ᠎ᠡ᠎ᠳᠤ᠎ᠪᠠᠨ ᠢᠳᠡᠭᠡᠯ᠎ᠲᠠᠢ ᠪᠠᠶ᠋ᠢᠬᠤ ᠲᠤᠬᠠᠢ ᠬᠦᠮᠦᠵᠢᠯ ᠬᠢᠵᠦ᠂ ᠲᠡᠳᠡᠨ᠎ᠤ ᠦᠴᠦᠬᠡᠨ ᠲᠠᠪᠰᠢᠯᠳᠠ ᠵᠢ ᠤᠯᠵᠦ ᠦᠵᠡᠪᠡᠯ ᠮᠠᠭᠳᠠᠨ ᠵᠤᠷᠢᠬ᠍ᠵᠢᠭᠤᠯᠵᠦ 《ᠪᠢ ᠪᠤᠯᠵᠦ ᠪᠠᠶ᠋ᠢᠨ᠎ᠠ》 ᠬᠡᠰᠡᠨ ᠲᠦᠷᠦᠭᠳᠡᠯ ᠣᠯᠣᠭᠤᠯᠵᠦ᠂ ᠲᠡᠳᠡᠨ᠎ᠢ ᠬᠤᠪᠢᠷᠠᠨ ᠲᠠᠪᠰᠢᠬᠤ᠎ᠳᠤ ᠢᠳᠡᠭᠡᠯ ᠵᠣᠷᠢᠭ᠎ᠢ᠎ᠨᠢ ᠬᠦᠪᠴᠢᠯᠡᠬᠦ ᠬᠡᠷᠡᠭᠳᠡᠢ ᠶᠤᠮ᠃
ᠲᠦᠷᠪᠡ᠂ ᠠᠩᠬᠢ ᠨᠢᠭᠡᠴᠢ ᠵᠢᠨ ᠪᠦᠬᠦᠯᠢ ᠴᠤᠭᠴᠠ ᠵᠢᠨ ᠶᠤᠰᠤ ᠮᠣᠷᠠᠯ᠎ᠤᠨ ᠬᠦᠮᠦᠵᠢᠯ᠎ᠢ ᠴᠢᠩᠭ᠋ᠠᠳᠬᠠᠬᠤ
ᠠᠩᠬᠢ ᠵᠢᠨ ᠠ᠋ᠷᠬᠢᠯᠡᠭᠴᠢ᠎ᠨᠢ ᠰᠤᠷᠤᠭᠴᠢᠳ᠎ᠤᠨ ᠰᠠᠬᠢᠯᠭ᠎ᠠ ᠲᠦᠷᠢᠮ᠎ᠢ ᠵᠢᠷᠤᠮᠯᠠᠭ᠍ᠤ ᠪᠤᠯᠤᠨ ᠠ᠋ᠳᠦᠷ ᠲᠤᠳᠤᠮ᠎ᠤᠨ ᠠᠵᠢᠯᠯᠠᠭ᠋ᠠᠨ᠎ᠢ ᠲᠦᠷᠢᠮᠵᠢᠬᠦᠯᠬᠦ᠂ ᠶᠤᠰᠤ ᠰᠤᠷᠳᠠᠭ᠍ᠤᠨᠢ ᠵᠢᠷᠤᠮᠵᠢᠭᠤᠯᠬᠤ᠎ᠳᠤ ᠬᠢᠨᠠᠯᠳᠠ ᠲᠠᠯᠪᠢᠬᠤ᠂ ᠪᠠᠶ᠋ᠢᠴᠠᠭ᠋ᠠᠬᠤ᠂ ᠰᠤᠷᠭ᠋ᠠᠨ ᠬᠦᠮᠦᠵᠢᠬᠦᠯᠬᠦ ᠬᠠᠷᠢᠭᠤᠴᠠᠯᠭ᠎ᠠ ᠵᠢ ᠠ᠋ᠬᠦᠷᠭᠡᠯᠡᠵᠦ ᠪᠠᠶ᠋ᠢᠭ᠎ᠠ ᠪᠤᠯᠬᠤᠷ ᠰᠤᠷᠤᠭᠴᠢᠳ᠎ᠲᠤ᠎ᠪᠠᠨ ᠬᠦᠮᠦᠨ ᠪᠤᠯᠬᠤ ᠶᠤᠰᠤ ᠣᠴᠢᠷ ᠪᠤᠯᠤᠨ ᠰᠠᠬᠢᠯᠭ᠎ᠠ ᠪᠠᠳᠦ᠂ ᠶᠤᠰᠤ ᠮᠤᠷᠠᠯ᠎ᠤᠨ ᠬᠦᠮᠦᠵᠢᠯ᠎ᠢ ᠬᠦᠨ ᠬᠦᠨᠵᠡᠭᠡᠢ᠂ ᠨᠠᠷᠢᠯᠢᠬ ᠮᠦᠷᠳᠡᠭᠡᠨ ᠪᠦᠬᠦ ᠲᠠᠯ᠎ᠠ᠎ᠪᠠᠷ ᠦᠷᠬᠦᠯᠵᠢ ᠵᠢᠨ ᠴᠢᠨᠠᠷᠳᠠᠢ ᠬᠦᠷᠳᠡᠬᠡᠵᠦ᠂ ᠰᠤᠷᠤᠭᠴᠢᠳ᠎ᠤᠨ ᠰᠠᠬᠢᠯᠭ᠎ᠠ ᠪᠠᠳᠦ ᠵᠢ ᠰᠠᠬᠢᠬᠤ᠂ ᠶᠤᠰᠤ ᠮᠤᠷᠠᠯ᠎ᠢ ᠠ᠋ᠷᠬᠢᠮᠯᠡᠬᠦ ᠬᠢᠷᠢ ᠲᠦᠪᠰᠢᠨ᠎ᠢ ᠲᠠᠰᠤᠷᠠᠯᠳᠠ ᠦᠭᠡᠢ ᠲᠡᠭᠡᠭᠰᠢᠯᠡᠬᠦᠯᠬᠦ ᠬᠡᠷᠡᠭᠳᠡᠢ ᠶᠤᠮ᠃ ᠶᠤᠰᠤ ᠰᠤᠷᠳᠠᠭ᠍ᠤᠨ᠎ᠤ ᠰᠤᠷᠭ᠋ᠠᠨ ᠬᠦᠮᠦᠵᠢᠬᠦᠯᠬᠦ ᠠᠷᠭ᠎ᠠ ᠪᠠᠷᠢᠯ᠂ ᠠᠷᠠᠳᠴᠢᠯᠠᠯ᠎ᠤᠨ ᠠᠷᠭ᠎ᠠ ᠠᠪᠴᠠᠯ ᠵᠶ᠋ᠠᠷ ᠰᠠᠬᠢᠯᠭ᠎ᠠ ᠪᠠᠳᠦ᠂ ᠶᠤᠰᠤ ᠮᠤᠷᠠᠯ᠎ᠤᠨ ᠲᠦᠷᠢᠮᠵᠢᠯ᠎ᠢ ᠰᠠᠶ᠋ᠢᠳᠦᠷ ᠨᠠᠶ᠋ᠢᠳᠠᠪᠤᠷᠢᠵᠢᠭᠤᠯᠵᠦ᠂ ᠵᠢᠷᠦᠮᠵᠢᠭᠤᠯᠬᠤ ᠭᠡᠷᠡᠭᠳᠡᠢ᠃ ᠰᠤᠷᠤᠭᠴᠢᠳ᠎ᠢ ᠠᠭᠰᠤᠷᠴᠤ ᠵᠠᠩᠳᠤᠷᠬᠤ᠂ ᠠᠶᠤᠯᠭ᠋ᠠᠨ ᠰᠦᠷᠳᠡᠬᠦᠯᠬᠦ ᠵᠡᠷᠭᠡ ᠠᠷᠭ᠎ᠠ ᠮᠠᠶᠢᠭ᠎ᠢ ᠠ᠋ᠷᠡᠰ ᠲᠡᠪᠴᠢᠬᠦ ᠬᠡᠷᠡᠭᠳᠡᠢ᠃
1. ᠬᠠᠮᠳᠦ ᠨᠦᠬᠦᠳ᠎ᠤᠨ ᠬᠠᠶ᠋ᠢᠷ᠎ᠠ ᠬᠠᠯᠠᠮᠵᠢ᠂ ᠰᠠᠶ᠋ᠢᠨ ᠰᠠᠶ᠋ᠢᠬᠠᠨ ᠮᠣᠷᠠᠯ ᠰᠣᠷᠳᠠᠯ᠂ ᠣᠷᠴᠢᠨ ᠲᠤᠭᠤᠷᠢᠨ ᠵᠶ᠋ᠠᠷ ᠲᠡᠬᠦᠨ᠎ᠢ ᠨᠦᠯᠦᠭᠡᠯᠡᠭᠦ
ᠮᠣᠷᠠᠯ ᠰᠠᠬᠢᠯᠭ᠎ᠠ ᠠᠨᠠᠢ ᠰᠤᠷᠤᠭᠴᠢ᠎ᠳᠤ ᠠᠯᠢ ᠴᠦ᠍ ᠪᠠᠭᠰᠢ ᠮᠡᠳᠡᠯᠭᠡ ᠵᠢᠭ᠋ᠠᠬᠤ ᠵᠢ ᠶᠠᠷᠢᠬᠤ ᠵᠢᠨ ᠠᠷᠭ᠎ᠠ ᠦᠬᠡᠢ ᠪᠠᠶ᠋ᠢᠳᠠᠭ᠃ ᠠ᠋ᠨᠡ᠎ᠨᠢ ᠶᠠᠭ ᠠᠶ᠋ᠢᠨᠰᠲᠸᠨᠤ ᠬᠡᠯᠡᠭᠰᠡᠨ ᠰᠢᠭ ᠵᠶ᠋ᠠᠷ 《ᠰᠢᠯᠢᠳᠡᠭ ᠰᠠᠶ᠋ᠢᠨ ᠵᠠᠩ ᠠᠭ᠋ᠠᠰᠢ ᠪᠤᠯᠤᠨ ᠬᠠᠳᠠᠭᠤ ᠵᠤᠷᠢᠭ ᠪᠤᠯ ᠤᠶᠤᠨ ᠤᠬᠠᠭ᠋ᠠᠨ ᠪᠠ ᠦᠯᠡᠮᠵᠢ ᠠ᠋ᠷᠳᠡᠮ᠎ᠠᠴᠠ ᠨᠡᠩ ᠴᠢᠬᠤᠯᠠ ᠶᠤᠮ᠂ ᠴᠢᠳᠠᠪᠤᠷᠢ ᠵᠢᠨ ᠲᠠᠯ᠎ᠠ ᠵᠢᠨ ᠠᠮᠵᠢᠯᠳᠠ᠎ᠨᠢ ᠵᠠᠩ ᠠᠭ᠋ᠠᠰᠢ ᠵᠢᠨ ᠠᠭᠤᠤ ᠶᠡᠭᠡ ᠵᠢ ᠲᠦᠰᠢᠭᠯᠡᠳᠡᠭ》 ᠭᠡᠰᠡᠨ᠎ᠲᠠᠢ ᠠᠳᠠᠯᠢ ᠶᠤᠮ᠃ ᠠᠩᠬᠢ ᠵᠢᠨ ᠠ᠋ᠷᠬᠢᠯᠡᠭᠴᠢ ᠪᠠᠭᠰᠢ᠎ᠠᠴᠠ ᠶᠤᠰᠤ ᠮᠣᠷᠠᠯ᠎ᠤᠨ ᠬᠦᠮᠦᠵᠢᠯ᠎ᠢ ᠴᠢᠩᠭ᠋ᠠᠳᠬᠠᠬᠤ᠎ᠳᠤ᠎ᠪᠠᠨ ᠬᠢᠴᠢᠶᠡᠯ᠎ᠤᠨ ᠵᠠᠪᠰᠠᠷᠯᠠᠭ᠎ᠠ ᠵᠢᠨ ᠴᠠᠭ ᠵᠶ᠋ᠠᠨ ᠬᠦᠷ ᠬᠦᠭᠵᠢᠶᠡᠨ᠎ᠲᠠᠢ᠂ ᠤᠳᠬ᠎ᠠ ᠠᠭᠤᠯᠭ᠎ᠠ᠎ᠲᠠᠢ ᠪᠠᠶ᠋ᠢᠯᠭ᠋ᠠᠵᠦ᠂ ᠠᠩᠬᠢ ᠵᠢᠨ ᠬᠡᠷ᠎ᠤᠨ ᠴᠢᠮᠡᠭᠯᠡᠯ᠎ᠢ ᠲᠠᠳᠠᠭ᠍ᠤ ᠬᠦᠴᠦᠨ᠎ᠲᠠᠢ ᠪᠤᠯᠭ᠋ᠠᠨ᠂ ᠦᠪᠡᠷ᠎ᠤᠨ ᠭᠠᠷ ᠵᠶ᠋ᠠᠷ ᠵᠶ᠋ᠠᠨ ᠬᠢᠵᠦ ᠪᠦᠳᠦᠭᠡᠭᠰᠡᠨ ᠵᠦᠢ᠍ᠯᠠᠰ᠎ᠢ᠎ᠨᠢ ᠲᠠᠯᠭᠡᠵᠦ ᠲᠠᠯᠪᠢᠬᠤ᠂ ᠠ᠋ᠯᠬᠦᠬᠦ᠂ ᠴᠡᠴᠡᠭ ᠬᠤᠸᠠᠷ ᠲᠡᠵᠢᠬᠡᠬᠦ᠂ ᠲᠠᠭᠤᠤ ᠬᠦᠭᠵᠢᠮ ᠰᠤᠨᠤᠰᠬᠠᠬᠤ᠂ ᠦᠵᠡᠭᠰᠡᠨ ᠲᠸᠯᠸᠢᠰ ᠵᠶ᠋ᠠᠨ ᠶᠠᠷᠢᠯᠴᠠᠭ᠍ᠤ᠂ ᠠ᠋ᠰᠡᠬᠦᠯ᠎ᠡ ᠲᠡᠪᠡᠭ ᠢᠰᠬᠦᠯᠬᠦ᠂ ᠲᠡᠭᠡᠰᠦ ᠦᠰᠦᠷᠬᠦ᠂ ᠠᠯᠴᠢᠭᠤᠷ ᠬᠠᠶᠠᠭ᠍ᠤ ᠵᠡᠷᠭᠡ ᠲᠤᠭᠯᠠᠭ᠋ᠠᠮ᠎ᠢ ᠨᠠᠭ᠋ᠠᠳᠤᠭᠤᠯᠵᠦ᠂ ᠤᠤᠭᠤᠬᠤ᠎ᠠᠴᠠ ᠣᠰᠣ᠎ᠲᠠᠢ᠂ ᠦᠵᠡᠬᠦ᠎ᠠᠴᠠ ᠨᠤᠮ᠎ᠲᠠᠢ᠂ ᠰᠤᠷᠤᠭᠴᠢᠳ᠎ᠢ ᠰᠤᠨᠢᠷᠬᠠᠬᠤ ᠵᠦᠢ᠍ᠯᠡᠰ᠎ᠲᠠᠢ ᠪᠠᠶ᠋ᠢᠯᠭ᠋ᠠᠬᠤ᠎ᠨᠢ ᠰᠣᠯᠠ ᠴᠠᠭ᠎ᠲᠤ᠎ᠪᠠᠨ ᠣᠷᠣᠯᠳᠤᠬᠤ ᠵᠦᠢ᠍ᠯ᠎ᠲᠠᠢ ᠪᠤᠯᠭ᠋ᠠᠵᠦ᠂ ᠰᠣᠷᠣᠭᠴᠢᠳ᠎ᠤᠨ ᠵᠤᠷᠢᠭᠤᠳᠠ ᠲᠡᠪᠵᠢᠶᠡᠷᠡᠬᠦ᠂ ᠡᠪᠳᠡᠯᠡᠭᠡ ᠬᠢᠬᠦ᠎ᠠᠴᠠ ᠵᠠᠶ᠋ᠢᠯᠠᠰᠬᠢᠵᠦ᠂ ᠠᠶᠠᠨᠳᠠᠭ᠋ᠠᠨ᠎ᠤ ᠪᠦᠳᠦᠬᠡᠯᠴᠢ ᠤᠷᠤᠯᠳᠤᠭᠠ ᠲᠡᠢ᠍ᠢ᠍ᠰᠢ ᠬᠦᠮᠦᠵᠢᠬᠦᠯᠬᠦ ᠵᠢ ᠵᠤᠷᠢᠨ᠎ᠠ᠃ 《ᠣᠷᠣᠯᠳᠣᠯᠭ᠎ᠠ ᠰᠠᠶ᠋ᠢ᠎ᠳᠦ ᠣᠷᠦᠢ᠎ᠳᠤᠨᠢ ᠭᠠᠷᠤᠨ᠎ᠠ》 ᠭᠡᠳᠡᠭᠴᠢᠯᠡᠨ ᠰᠣᠷᠣᠭᠴᠢᠳ᠎ᠢ ᠰᠠᠶ᠋ᠢᠨ᠎ᠢ ᠰᠡᠳᠦᠬᠦ ᠣᠷᠣᠯᠳᠤᠯᠭ᠎ᠠ᠎ᠲᠠᠢ ᠪᠤᠯᠭ᠋ᠠᠨ ᠬᠦᠮᠦᠵᠢᠬᠦᠯᠵᠦ ᠴᠢᠳᠠᠭ᠍ᠤ᠎ᠨᠢ ᠠᠩᠬᠢ ᠵᠢᠨ ᠠ᠋ᠷᠬᠢᠯᠡᠭᠴᠢ ᠪᠠᠭᠰᠢ ᠵᠢᠨ ᠨᠢᠭᠡ ᠲᠠᠯ᠎ᠠ ᠵᠢᠨ ᠤᠷ᠎ᠠ ᠠᠪᠢᠶᠠᠰ ᠪᠤᠯᠤᠨ᠎ᠠ᠃
2. ᠠᠩᠬᠢ ᠵᠢᠨ ᠠ᠋ᠷᠬᠢᠯᠡᠭᠴᠢ ᠪᠠᠭᠰᠢ᠎ᠠᠴᠠ ᠰᠣᠷᠤᠭᠴᠢᠳ᠎ᠲᠤ ᠠᠵᠢᠯᠴᠢ ᠬᠦᠳᠡᠯᠮᠦᠷᠢᠴᠢ ᠰᠢᠯᠢᠳᠡᠭ ᠰᠠᠶ᠋ᠢᠬᠠᠨ ᠵᠠᠩ ᠰᠤᠷᠳᠠᠯ᠎ᠲᠠᠢ ᠪᠤᠯᠬᠤ ᠬᠦᠮᠦᠵᠢᠯ᠎ᠢ ᠪᠠᠶ᠋ᠢᠩᠭᠤ ᠬᠢᠭᠦ
ᠪᠤᠰᠤᠳ᠎ᠢ ᠬᠠᠪᠰᠣᠷᠬᠤ ᠲᠤᠷᠠᠳᠠᠢ ᠰᠤᠷᠤᠭᠴᠢ᠎ᠳᠤ ᠬᠡᠵᠢᠶᠡᠳᠡ ᠴᠢᠯᠦᠭᠡ ᠵᠠᠪ ᠪᠠᠶ᠋ᠢᠳᠠᠭ ᠦᠬᠡᠢ᠃ ᠨᠢᠭᠡ ᠠᠩᠬᠢ ᠵᠢᠨ ᠭᠤᠴᠢ ᠲᠦᠴᠢᠨ ᠰᠤᠷᠤᠭᠴᠢ᠎ᠳᠤ ᠦᠷᠬᠦᠯᠵᠢ ᠠᠷᠰᠠᠷ ᠤᠴᠢᠷ ᠲᠤᠬᠢᠶᠠᠯᠳᠣᠨᠠ᠃ ᠤᠨᠴᠠᠭ᠋ᠠᠶ᠋ᠢᠯᠠᠨ ᠲᠤᠤᠷ᠎ᠠ ᠤᠨ᠎ᠤ ᠰᠤᠷᠤᠭᠴᠢ ᠪᠡᠶ᠎ᠡ᠎ᠪᠠᠨ ᠲᠠᠭ᠋ᠠᠭ᠋ᠠᠬᠤ ᠲᠠᠯ᠎ᠠ᠎ᠪᠠᠷ ᠬᠦᠷᠦᠯᠴᠡᠬᠦ ᠦᠬᠡᠢ ᠲᠤᠯᠠ ᠲᠡᠳᠡᠨ᠎ᠢ ᠬᠠᠪᠰᠤᠷᠤᠨ ᠶᠠᠭᠤ ᠬᠢᠵᠦ ᠪᠤᠯᠬᠤ ᠦᠬᠡᠢ ᠪᠤᠢ? ᠠᠩᠬᠢ ᠵᠢᠨ ᠭᠡᠷ ᠵᠶ᠋ᠠᠨ ᠴᠡᠪᠡᠷᠯᠡᠬᠦ ᠪᠤᠯ ᠰᠤᠷᠤᠭᠴᠢ ᠵᠢᠨ ᠰᠤᠷᠭ᠋ᠠᠭᠤᠯᠢ᠎ᠳᠤ ᠤᠷᠤᠭᠰᠠᠨ᠎ᠤ ᠲᠠᠷᠠᠭ᠋ᠠᠬᠢ ᠬᠠᠮᠤᠭ᠎ᠤᠨ ᠠᠩᠬᠠᠨ᠎ᠤ ᠠᠵᠢᠯ᠂ ᠰᠤᠷᠤᠭᠴᠢ ᠶᠡᠷᠦ᠎ᠨᠢ ᠠᠵᠢᠯ ᠬᠢᠬᠦ ᠵᠢ ᠵᠢᠵᠢᠬᠦᠷ ᠬᠢᠬᠦ᠎ᠠᠴᠠ ᠠ᠋ᠬᠢᠯᠡᠵᠦ ᠰᠣᠷᠳᠠᠭ᠃ ᠠ᠋ᠶ᠋ᠢᠮᠦ᠎ᠠᠴᠠ ᠶᠤᠰᠤ ᠮᠤᠷᠠᠯ ᠠᠨᠠᠢ ᠰᠤᠷᠤᠭᠴᠢᠳ᠎ᠢ ᠵᠣᠷᠢᠭᠤᠳᠡ ᠵᠢᠯᠤᠭᠤᠳᠤᠨ ᠪᠤᠰᠤᠳ᠎ᠲᠤ ᠦᠢ᠍ᠯᠡᠴᠢᠯᠡᠬᠦᠯᠵᠦ᠂ ᠵᠢᠵᠢᠬᠦᠷᠯᠡᠭᠰᠡᠳᠲᠤ ᠲᠤᠰᠠᠯᠠᠭ᠍ᠤ᠂ ᠪᠠᠭᠰᠢ᠎ᠳᠤ ᠬᠠᠪᠰᠤᠷᠴᠦ ᠲᠠᠰᠬᠠᠯ ᠬᠤᠷᠢᠶᠠᠭ᠍ᠤ᠂ ᠭᠤᠳᠤᠮᠵᠢ ᠴᠡᠪᠡᠷᠯᠡᠬᠦ ᠵᠡᠷᠭᠡ ᠠᠵᠢᠯ᠎ᠢ ᠬᠢᠯᠬᠡᠵᠦ᠂ ᠠᠵᠢᠯ ᠬᠦᠳᠡᠯᠮᠦᠷᠢ ᠵᠢᠨ ᠲᠤᠮᠳᠠ᠎ᠠᠴᠠ ᠶᠤᠰᠤ ᠵᠠᠩᠰᠢᠯ᠎ᠢ ᠰᠣᠷᠭ᠋ᠠᠵᠦ᠂ ᠪᠠᠶᠠᠷ ᠪᠠᠶᠠᠰᠬᠤᠯᠠᠩ᠎ᠢ ᠤᠯᠭᠤᠨ᠎ᠠ᠃
ᠬᠢᠴᠢᠶᠡᠯ᠎ᠤᠨ ᠴᠠᠭ᠎ᠤᠨ ᠵᠢᠭ᠋ᠠᠨ ᠰᠤᠷᠭ᠋ᠠᠯᠳᠠ ᠪᠤᠯ ᠨᠡᠯᠢᠶᠡᠳ ᠬᠡᠶ᠋ᠢᠰᠪᠦᠷᠢ ᠮᠡᠳᠡᠯᠬᠡ ᠵᠢ ᠤᠯᠠᠮᠵᠢᠯᠠᠵᠦ ᠪᠠᠶ᠋ᠢᠳᠠᠭ᠃ ᠠ᠋ᠨᠡ ᠬᠦ᠌ ᠰᠤᠷᠤᠭᠰᠠᠨ ᠬᠡᠶ᠋ᠢᠰᠪᠦᠷᠢ ᠮᠡᠳᠡᠯᠬᠡ᠎ᠪᠠᠨ ᠪᠤᠳᠠᠳᠦ ᠠᠮᠢᠳᠤᠷᠠᠯ᠎ᠳᠤ ᠦᠢ᠍ᠯᠡᠳᠦᠯᠭᠡᠵᠢᠬᠦᠯᠵᠦ ᠰᠤᠷᠭ᠋ᠠᠪᠠᠯ ᠵᠤᠬᠢᠮᠵᠢᠳᠠᠢ᠃ ᠠᠩᠬᠢ ᠵᠢᠨ ᠠ᠋ᠷᠬᠢᠯᠡᠭᠴᠢ ᠪᠠᠭᠰᠢ᠎ᠠᠴᠠ ᠵᠤᠷᠢᠯᠭ᠎ᠠ᠎ᠲᠠᠢ᠎ᠪᠠᠷ ᠰᠤᠷᠤᠭᠴᠢᠳ᠎ᠲᠤ ᠦᠢ᠍ᠯᠡᠳᠦᠯᠭᠡ ᠵᠢᠨ ᠴᠢᠨᠠᠷᠳᠠᠢ ᠠᠵᠢᠯᠯᠠᠭ᠎ᠠ ᠵᠢ ᠲᠤᠬᠢᠷᠠᠭᠤᠯᠬᠤ᠂ ᠲᠠᠷᠤᠢ ᠣᠷᠣ ᠲᠡᠪᠢᠰᠭᠡᠷ ᠵᠶ᠋ᠠᠨ ᠬᠤᠷᠢᠶᠠᠭ᠍ᠤ᠂ ᠨᠤᠮ ᠲᠡᠪᠳᠡᠷ ᠵᠶ᠋ᠠᠨ ᠲᠢᠭᠯᠡᠬᠦ᠂ ᠬᠤᠪᠴᠠᠰᠦ᠎ᠪᠠᠨ ᠤᠬᠢᠶᠠᠭ᠍ᠤ᠂ ᠭᠡᠷ ᠱᠦᠬᠦᠷᠳᠡᠬᠦ᠂ ᠠᠶᠠᠭ᠎ᠠ ᠰᠢᠨᠠᠭ᠎ᠠ ᠤᠬᠢᠶᠠᠭ᠍ᠤ᠂ ᠡᠵᠢ ᠵᠢᠨ ᠵᠶ᠋ᠠᠨ ᠬᠤᠭᠤᠯᠠ ᠬᠢᠬᠦ ᠪᠦᠭᠦᠢ ᠯᠡ ᠶᠠᠪᠤᠴᠠ ᠵᠢ ᠠᠩᠬᠠᠷᠴᠤ᠂ ᠠ᠋ᠬᠦᠨ᠎ᠤ ᠲᠣᠮᠳᠠ᠎ᠠᠴᠠ ᠬᠢᠵᠦ ᠴᠢᠳᠠᠭ᠍ᠤ ᠵᠦᠢ᠍ᠯᠡᠰ ᠵᠶ᠋ᠠᠨ ᠬᠠᠮᠵᠢᠨ ᠬᠢᠬᠦ ᠵᠡᠷᠭᠡ ᠵᠢ ᠦᠷᠬᠦᠯᠵᠢ ᠵᠢᠨ ᠴᠢᠨᠠᠷᠳᠠᠢ ᠰᠠᠨᠠᠭᠤᠯᠤᠨ᠎ᠠ᠃ ᠶᠡᠷᠦ᠎ᠨᠢ ᠠ᠋ᠷᠳᠡᠮ ᠪᠤᠯᠪᠠᠰᠣᠷᠠᠯ᠎ᠢ ᠵᠦᠪᠬᠡᠨ ᠪᠠᠭᠰᠢ᠎ᠪᠠᠷ ᠵᠢᠭ᠋ᠠᠯᠭ᠋ᠠᠵᠦ᠂ ᠬᠢᠴᠢᠶᠡᠯ᠎ᠤᠨ ᠲᠠᠩᠬᠢᠮ᠎ᠳᠤ ᠡᠵᠡᠮᠰᠢᠨ᠎ᠡ ᠬᠡᠪᠡᠯ ᠲᠤᠶ᠋ᠢᠯ᠎ᠤᠨ ᠦᠷᠦᠭᠡᠰᠦᠭᠡᠯ᠂ ᠲᠤᠳᠠᠭᠤ ᠤᠶ᠋ᠢᠯᠠᠭ᠋ᠠᠯᠳᠠ ᠪᠠᠶ᠋ᠢᠵᠦ ᠲᠠᠭ᠋ᠠᠷᠠᠨ᠎ᠠ᠂ ᠬᠠᠮᠤᠭ᠎ᠤᠨ ᠲᠡᠭᠡᠳᠦ ᠪᠤᠯᠪᠠᠰᠣᠷᠠᠯ ᠠ᠋ᠳᠦᠷ ᠲᠤᠳᠤᠮ᠎ᠤᠨ ᠠᠮᠢᠳᠤᠷᠠᠯ ᠬᠢᠬᠡᠳ ᠠᠵᠢᠯ ᠬᠦᠳᠡᠯᠮᠦᠷᠢ ᠵᠢᠨ ᠲᠤᠳᠤᠷ᠎ᠠ ᠯᠠ ᠪᠠᠶ᠋ᠢᠳᠠᠭ᠃
3. ᠠᠪᠤ ᠡᠵᠢ᠂ ᠪᠠᠭᠰᠢ ᠠᠬᠠᠮᠠᠳ ᠵᠶ᠋ᠠᠨ ᠬᠦᠨᠳᠦᠳᠬᠡᠬᠦ ᠵᠢ ᠬᠢᠴᠢᠶᠡᠩᠬᠦᠶ᠋ᠢᠯᠡᠨ ᠰᠤᠷᠭ᠋ᠠᠬᠤ
ᠰᠤᠷᠤᠭᠴᠢᠳ᠎ᠢ ᠠᠪᠤ ᠡᠵᠢ᠎ᠪᠠᠨ ᠬᠦᠨᠳᠦᠳᠬᠡᠬᠦ᠂ ᠪᠠᠭᠰᠢ ᠠᠬᠠᠮᠠᠳ ᠵᠶ᠋ᠠᠨ ᠬᠦᠨᠳᠦᠳᠬᠡᠬᠦ᠂ ᠪᠤᠰᠤᠳ᠎ᠢ ᠦᠷᠦ ᠡᠪᠡᠳᠬᠦ ᠰᠡᠳᠬᠢᠯᠭᠡ᠎ᠲᠠᠢ ᠪᠤᠯᠭ᠋ᠠᠨ ᠬᠦᠮᠦᠵᠢᠬᠦᠯᠬᠦ᠎ᠨᠢ ᠠᠩᠬᠢ ᠵᠢᠨ ᠠ᠋ᠷᠬᠢᠯᠡᠭᠴᠢ ᠪᠠᠭᠰᠢ ᠪᠤᠯᠤᠨ ᠬᠡᠷ᠎ᠤᠨ ᠠᠬᠠᠮᠠᠳ᠎ᠲᠤ ᠲᠤᠶ᠋ᠢᠯ᠎ᠤᠨ ᠪᠠᠴᠢᠮ ᠱᠠᠭ᠋ᠠᠷᠳᠠᠭᠳᠠᠵᠦ ᠪᠠᠶ᠋ᠢᠨ᠎ᠠ᠃ ᠪᠤᠰᠤᠳ᠎ᠢ ᠬᠦᠨᠳᠦᠳᠬᠡᠬᠦ ᠵᠢ ᠰᠤᠷᠬᠤ᠎ᠳᠤ ᠶᠠᠭᠤᠨ᠎ᠤ ᠠ᠋ᠮᠦᠨ᠎ᠡ ᠠᠪᠤ ᠡᠵᠢ᠎ᠪᠠᠨ ᠬᠦᠨᠳᠦᠳᠬᠡᠬᠦ᠎ᠠᠴᠠ ᠠ᠋ᠬᠢᠯᠡᠬᠦ ᠬᠡᠷᠡᠭᠳᠡᠢ᠃ ᠠᠪᠤ ᠡᠵᠢ᠎ᠪᠠᠨ ᠴᠦ᠍ ᠬᠦᠨᠳᠦᠳᠬᠡᠬᠦ ᠵᠢ ᠮᠡᠳᠡᠬᠦ ᠦᠬᠡᠢ ᠬᠦᠮᠦᠨ ᠪᠤᠰᠤᠳ᠎ᠢ ᠬᠡᠷᠬᠢᠨ ᠬᠦᠨᠳᠦᠳᠬᠡᠬᠦ ᠪᠢᠯᠡ? ᠠ᠋ᠶ᠋ᠢᠮᠦ᠎ᠠᠴᠠ ᠠᠬᠠᠮᠠᠳ᠎ᠲᠠᠢ ᠠᠭᠤᠯᠵᠠᠪᠠᠯ ᠲᠤᠬᠢᠷᠠᠮᠵᠢᠳᠠᠢ ᠲᠠᠭᠤᠳᠠᠯᠭ᠎ᠠ ᠪᠠᠶ᠋ᠢᠬᠤ᠂ ᠬᠡᠷ᠎ᠤᠨ ᠠᠬᠠᠮᠠᠳ᠎ᠲᠠᠢ᠎ᠪᠠᠨ ᠶᠤᠰᠤᠷᠬᠠᠭ ᠪᠠᠶ᠋ᠢᠵᠦ ᠬᠠᠮᠤᠭ᠎ᠤᠨ ᠨᠠᠭ᠋ᠠᠳᠦ ᠵᠠᠬ᠎ᠠ ᠵᠢᠨ ᠪᠤᠰᠤᠳ᠎ᠢ ᠬᠦᠨᠳᠦᠳᠬᠡᠬᠦ ᠦᠬᠡ ᠶᠠᠷᠢᠶ᠎ᠠ᠂ ᠦᠢ᠍ᠯᠡ ᠠᠵᠢᠯᠯᠠᠭ᠎ᠠ᠎ᠲᠠᠢ ᠪᠠᠶ᠋ᠢᠬᠤ ᠵᠢ ᠴᠠᠭ ᠢᠮᠠᠭᠳᠠ ᠱᠠᠭ᠋ᠠᠷᠳᠠᠵᠦ᠂ ᠲᠠᠳᠬᠠᠯ ᠪᠤᠯᠭ᠋ᠠᠬᠤ᠎ᠪᠠᠷ ᠴᠢᠷᠮᠠᠶ᠋ᠢᠬᠤ ᠬᠡᠷᠡᠭᠳᠡᠢ᠃
ᠲᠠᠪᠤ᠂ ᠬᠡᠷ᠎ᠤᠨ ᠠᠬᠠᠮᠠᠳ ᠬᠢᠬᠡᠳ ᠰᠤᠷᠤᠭᠴᠢ᠂ ᠰᠤᠷᠤᠭᠴᠢ ᠬᠢᠬᠡᠳ ᠰᠤᠷᠭ᠋ᠠᠭᠤᠯᠢ ᠵᠢ ᠬᠤᠯᠪᠤᠭᠰᠠᠨ ᠬᠦᠬᠦᠷᠭᠡ ᠪᠤᠯᠬᠤ
ᠰᠡᠳᠬᠢᠴᠡ ᠵᠢᠨ ᠵᠦᠢ᠂ ᠰᠤᠷᠭ᠋ᠠᠨ ᠬᠦᠮᠦᠵᠢᠬᠦᠯᠬᠦ ᠤᠬᠠᠭ᠋ᠠᠨ᠎ᠤ ᠰᠣᠳᠣᠯᠣᠯ ᠭᠡᠷᠡᠴᠢᠯᠡᠭᠰᠡᠨ᠎ᠨᠢ᠂ ᠬᠦᠮᠦᠨ᠎ᠤ ᠪᠡᠶ᠎ᠡ ᠰᠡᠳᠬᠢᠴᠡ ᠵᠢᠨ ᠬᠦᠭᠵᠢᠯᠳᠡ᠎ᠨᠢ ᠭᠤᠤᠯᠳᠠᠭᠤ ᠣᠳᠣᠮᠰᠢᠯ᠂ ᠣᠷᠴᠢᠨ ᠲᠤᠭᠤᠷᠢᠨ᠂ ᠰᠣᠷᠭ᠋ᠠᠨ ᠬᠦᠮᠦᠵᠢᠯ ᠵᠡᠷᠭᠡ ᠭᠤᠷᠪᠠᠨ ᠶᠡᠭᠡ ᠬᠦᠴᠦᠨ᠎ᠳᠤ ᠰᠢᠢ᠍ᠳᠪᠦᠷᠢᠯᠡᠭᠳᠡᠳᠡᠭ᠃ ᠨᠢᠭᠡᠨ ᠰᠤᠷᠤᠭᠴᠢ ᠵᠢᠨ ᠰᠠᠶ᠋ᠢᠨ ᠰᠠᠶ᠋ᠢᠬᠠᠨ ᠬᠦᠮᠦᠵᠢᠭᠳᠡᠬᠦ᠎ᠳᠤ ᠠ᠋ᠳᠡᠭᠡᠷ ᠭᠤᠷᠪᠠᠨ ᠭᠤᠭᠴᠤᠭ᠎ᠠ ᠵᠢᠨ ᠠᠯᠢ᠎ᠨᠢ ᠴᠦ᠍ ᠲᠤᠳᠠᠭᠳᠠᠵᠦ ᠪᠤᠯᠬᠤ ᠦᠬᠡᠢ᠃ ᠬᠡᠦᠬᠡᠳ ᠬᠡᠷ ᠪᠦᠯᠢ ᠵᠢᠨ ᠵᠤᠬᠢᠬᠤ ᠰᠤᠷᠭ᠋ᠠᠯ᠎ᠢ ᠬᠦᠷᠳᠡᠭᠰᠡᠨ ᠰᠠᠭᠤᠷᠢ ᠲᠡᠭᠡᠷ᠎ᠡ ᠰᠤᠷᠭ᠋ᠠᠭᠤᠯᠢ᠎ᠳᠤ ᠤᠷᠤᠵᠦ᠂ ᠪᠠᠭᠰᠢ ᠨᠠᠷ᠎ᠤᠨ ᠵᠶ᠋ᠠᠨ ᠬᠦᠮᠦᠵᠢᠯ ᠵᠶ᠋ᠠᠷ ᠶᠤᠰᠣ ᠮᠤᠷᠠᠯ᠂ ᠮᠡᠳᠡᠯᠭᠡ ᠴᠢᠳᠠᠪᠤᠷᠢ ᠬᠤᠤᠰᠯᠠᠭᠰᠠᠨ ᠰᠤᠷᠤᠭᠴᠢ ᠪᠤᠯᠤᠮᠠᠨᠵᠢᠨ ᠰᠠᠶᠢ ᠨᠡᠶ᠋ᠢᠬᠡᠮ ᠲᠡᠭᠡᠷ᠎ᠡ ᠭᠠᠷᠴᠦ ᠠᠵᠢᠯ ᠦᠢ᠍ᠯᠡᠰ ᠪᠤᠰᠬᠠᠨ ᠬᠦᠯ ᠲᠤᠭᠳᠠᠵᠦ ᠠᠮᠢᠳᠤᠷᠠᠨ ᠤᠷᠤᠰᠢᠬᠤ ᠪᠤᠯᠤᠨ᠎ᠠ᠃ ᠠ᠋ᠶ᠋ᠢᠨ ᠬᠦ᠌ ᠪᠠᠭᠰᠢ ᠪᠤᠯ ᠬᠡᠷ ᠪᠦᠯᠢ᠂ ᠰᠣᠷᠭ᠋ᠠᠭᠤᠯᠢ᠂ ᠨᠡᠶ᠋ᠢᠭᠡᠮ᠎ᠤᠨ ᠴᠢᠬᠤᠯᠠ ᠬᠡᠯᠬᠢᠶᠡᠰᠦ ᠪᠤᠯᠵᠦ᠂ ᠤᠨᠴᠠᠭ᠋ᠠᠶ᠋ᠢᠯᠠᠨ ᠠᠩᠬᠢ ᠵᠢᠨ ᠠ᠋ᠷᠬᠢᠯᠡᠭᠴᠢ ᠪᠠᠭᠰᠢ᠎ᠨᠢ ᠰᠤᠷᠭ᠋ᠠᠭᠤᠯᠢ ᠵᠢᠨ ᠰᠣᠷᠭ᠋ᠠᠨ ᠬᠦᠮᠦᠵᠢᠬᠦᠯᠬᠦ ᠠᠵᠢᠯ᠎ᠤᠨ ᠭᠤᠤᠯᠯᠠᠭ᠍ᠤ ᠬᠦᠴᠦᠨ᠂ ᠠᠩᠬᠢ ᠨᠢᠭᠡᠴᠢ ᠵᠢ ᠲᠠᠭ᠋ᠠᠭᠤᠯᠤᠨ ᠬᠠᠮᠢᠶᠠᠷᠤᠭᠴᠢ ᠮᠦᠷᠳᠡᠬᠡᠨ ᠰᠤᠷᠤᠭᠴᠢ ᠵᠢ ᠪᠡᠶᠡᠴᠢᠯᠡᠨ ᠲᠤᠳᠤᠮᠳᠠᠵᠦ᠂ ᠰᠤᠷᠭ᠋ᠠᠭᠤᠯᠢ ᠵᠢᠨ ᠵᠤᠷᠢᠭ ᠰᠠᠨᠠᠭ᠎ᠠ ᠵᠢ ᠰᠤᠷᠤᠭᠴᠢ ᠵᠢᠨ ᠪᠡᠶ᠎ᠡ ᠲᠡᠭᠡᠷ᠎ᠡ ᠲᠤᠭᠤᠰᠢᠯᠠᠭᠤᠯᠤᠨ ᠪᠡᠶᠡᠯᠡᠬᠦᠯᠦᠭᠴᠢ ᠪᠤᠯᠤᠭᠰᠠᠭ᠋ᠠᠷ ᠢᠷᠡᠵᠡᠢ᠃
ᠠᠩᠬᠢ ᠵᠢᠨ ᠠ᠋ᠷᠬᠢᠯᠡᠭᠴᠢ᠎ᠠᠴᠠ ᠰᠤᠷᠤᠭᠴᠢᠳ᠎ᠤᠨ ᠬᠡᠷ᠎ᠤᠨ ᠠᠬᠠᠮᠠᠳ᠎ᠲᠠᠢ ᠦᠷᠭᠦᠯᠵᠢ ᠵᠢᠨ ᠴᠢᠨᠠᠷᠲᠠᠢ ᠬᠠᠷᠢᠯᠴᠠᠵᠤ᠂ ᠰᠤᠷᠤᠭᠴᠢᠳ᠎ᠤᠨ ᠠ᠋ᠳᠦᠷ ᠲᠤᠳᠤᠮ᠎ᠤᠨ ᠰᠤᠷᠤᠯᠭ᠎ᠠ ᠠᠮᠢᠳᠤᠷᠠᠯ᠂ ᠦᠰᠦᠨ ᠪᠤᠶ᠋ᠢᠵᠢᠯᠳᠠ᠂ ᠰᠢᠮ᠎ᠡ ᠲᠡᠵᠢᠭᠡᠯ᠂ ᠠ᠋ᠷᠡᠬᠦᠯ ᠬᠠᠮᠠᠭ᠋ᠠᠯᠠᠯ ᠠ᠋ᠷᠡᠬᠦᠯ ᠴᠢᠬᠢᠷᠠᠭ᠎ᠢ ᠰᠡᠳᠬᠢᠯ ᠲᠠᠯᠪᠢᠨ ᠬᠠᠯᠠᠮᠵᠢᠯᠠᠭ᠍ᠤ ᠭᠡᠷᠡᠭᠳᠡᠢ᠃ ᠠ᠋ᠬᠦᠨ᠎ᠳᠤ ᠳᠤᠭᠲᠠᠭᠰᠠᠨ ᠬᠤᠭᠤᠴᠠᠭ᠎ᠠ᠎ᠲᠠᠢ᠎ᠪᠠᠷ ᠭᠡᠷ᠎ᠤᠨ ᠠᠬᠠᠮᠡᠳ᠎ᠤᠨ ᠬᠤᠷᠠᠯ ᠬᠢᠬᠦ᠂ ᠠ᠋ᠰᠡᠭᠦᠯ᠎ᠡ ᠰᠤᠷᠪᠤᠯᠵᠢᠯᠠᠭ᠍ᠤ ᠪᠤᠶᠤ ᠤᠳᠠᠰᠤ᠎ᠪᠠᠷ ᠶᠠᠷᠢᠯᠴᠠᠭ᠍ᠤ ᠵᠡᠷᠭᠡ ᠬᠡᠯᠪᠡᠷᠢ᠎ᠪᠠᠷ ᠰᠤᠷᠤᠭᠴᠢᠳ᠎ᠤᠨ ᠭᠡᠷᠲᠠᠬᠢ ᠪᠠᠶ᠋ᠢᠳᠠᠯ᠎ᠢ ᠭᠡᠷ᠎ᠤᠨ ᠠᠬᠠᠮᠠᠳ᠎ᠠᠴᠠ ᠤᠶ᠋ᠢᠯᠠᠭ᠋ᠠᠬᠤ ᠵᠢᠨ ᠬᠠᠮᠳᠤ ᠰᠤᠷᠭ᠋ᠠᠭᠤᠯᠢ᠎ᠳᠤ᠎ᠪᠠᠨ ᠪᠠᠶ᠋ᠢᠬᠤ ᠦᠶᠡᠰ᠎ᠤᠨ ᠪᠠᠶ᠋ᠢᠳᠠᠯ᠎ᠢ ᠭᠡᠷ᠎ᠤᠨ ᠠᠬᠠᠮᠡᠳ᠎ᠲᠤ ᠮᠡᠳᠡᠭᠳᠡᠵᠤ᠂ ᠰᠤᠷᠤᠭᠴᠢ ᠵᠢᠨ ᠳᠠᠪᠰᠢᠯᠳᠠ᠎ᠲᠠᠢ ᠳᠠᠯ᠎ᠠ ᠵᠢ ᠴᠠᠭ ᠳᠤᠬᠠᠢ᠎ᠳᠤᠨᠢ ᠳᠤᠰᠬᠠᠨ᠂ ᠬᠦᠷᠦᠯᠴᠡᠬᠦ ᠦᠭᠡᠢ ᠳᠠᠯ᠎ᠠ ᠵᠢ᠎ᠨᠢ ᠭᠡᠷ᠎ᠤᠨ ᠠᠬᠠᠮᠠᠳ᠎ᠲᠠᠢ ᠵᠦᠪᠳᠡᠨ ᠴᠠᠭ ᠲᠤᠬᠠᠢᠳᠤᠨᠢ ᠵᠦᠢ ᠵᠤᠬᠢᠰᠲᠠᠢ ᠠᠷᠭ᠎ᠠ ᠬᠡᠮᠵᠢᠶ᠎ᠡ ᠠᠪᠴᠦ ᠰᠢᠢ᠍ᠳᠪᠤᠷᠢᠯᠡᠬᠦ ᠭᠡᠷᠡᠭᠳᠡᠢ᠃
ᠵᠢᠷᠭᠤᠭ᠎ᠠ᠂ ᠰᠤᠷᠤᠭᠴᠢᠳ᠎ᠤᠨ ᠰᠢᠯᠢᠳᠡᠭ ᠬᠡᠪ ᠲᠠᠭᠤᠷᠢᠶᠠᠯ ᠪᠤᠯᠬᠤ
ᠪᠠᠭᠰᠢ ᠪᠤᠯ ᠬᠦᠮᠦᠨ ᠲᠦᠷᠦᠯᠬᠢᠳᠡᠨ᠎ᠤ ᠤᠶᠤᠨ᠎ᠤ ᠢᠨᠵᠸᠨ᠋ᠸᠷ ᠪᠠᠶ᠋ᠢᠵᠦ᠂ ᠨᠡᠶ᠋ᠢᠭᠡᠮ ᠨᠡᠶ᠋ᠢᠳᠡ ᠵᠢᠨ ᠲᠤᠮᠳᠠ ᠠ᠋ᠷᠬᠢᠮ ᠲᠡᠭᠡᠳᠦ ᠨᠦᠯᠦᠭᠡ ᠲᠤᠰᠬᠠᠯ᠂ ᠪᠠᠶ᠋ᠢᠷᠢ ᠰᠠᠭᠤᠷᠢ᠎ᠲᠠᠢ ᠶᠤᠮ᠃ ᠰᠤᠷᠤᠭᠴᠢᠳ ᠠ᠋ᠳᠦᠷ ᠲᠤᠳᠤᠮ᠎ᠤᠨ ᠰᠤᠷᠤᠯᠴᠠᠯᠭ᠎ᠠ ᠠᠮᠢᠳᠤᠷᠠᠯ᠎ᠤᠨ ᠲᠤᠮᠳᠠ ᠪᠠᠭᠰᠢ᠎ᠪᠠᠷ ᠵᠶ᠋ᠠᠨ ᠦᠯᠢᠭᠡᠷ ᠲᠠᠭᠤᠷᠢᠶᠠᠯ ᠪᠤᠯᠭ᠋ᠠᠳᠠᠭ᠃ ᠨᠡᠩ ᠤᠨᠴᠠᠭ᠋ᠠᠶ᠋ᠢᠯᠠᠨ ᠪᠠᠭ᠎ᠠ ᠰᠤᠷᠭ᠋ᠠᠭᠤᠯᠢ ᠵᠢᠨ ᠠᠩᠬᠢ ᠵᠢᠨ ᠠ᠋ᠷᠬᠢᠯᠡᠭᠴᠢ᠎ᠨᠢ ᠰᠤᠷᠤᠭᠴᠢᠳ᠎ᠲᠠᠢ᠎ᠪᠠᠨ ᠦᠷᠬᠦᠯᠵᠢ ᠬᠠᠮᠳᠦ ᠪᠠᠶ᠋ᠢᠳᠠᠭ ᠪᠤᠯᠬᠤᠷ ᠵᠠᠩ ᠴᠢᠨᠠᠷ᠂ ᠦᠭᠡ ᠶᠠᠷᠢᠶ᠎ᠠ ᠦᠢ᠍ᠯᠡ ᠠᠵᠢᠯᠯᠠᠭ᠎ᠠ᠂ ᠠ᠋ᠮᠦᠰᠴᠦ ᠵᠡᠬᠦᠬᠦ᠂ ᠶᠠᠪᠤᠵᠦ ᠰᠠᠭᠤᠬᠤ᠎ᠨᠢ ᠰᠤᠷᠤᠭᠴᠢᠳ᠎ᠤᠨ ᠪᠠᠶ᠎ᠠ ᠰᠠᠳᠬᠢᠴᠠ ᠵᠢᠨ ᠠ᠋ᠷᠡᠬᠦᠯ ᠵᠶ᠋ᠠᠷ ᠦᠰᠦᠨ ᠪᠤᠶ᠋ᠢᠵᠢᠬᠤ᠎ᠳᠤ ᠴᠢᠬᠤᠯᠠ ᠶᠡᠭᠡ ᠨᠦᠯᠦᠬᠡ ᠦᠵᠡᠬᠦᠯᠲᠡᠭ᠃ ᠰᠤᠷᠤᠭᠴᠢ ᠰᠠᠶ᠋ᠢᠨ ᠰᠠᠶ᠋ᠢᠬᠠᠨ ᠶᠢᠷᠳᠢᠨᠴᠦ ᠵᠢᠨ ᠦᠵᠡᠯᠳᠡ᠂ ᠦᠵᠡᠯ ᠰᠠᠨᠠᠭ᠎ᠠ ᠵᠠᠩ ᠴᠢᠨᠠᠷ᠎ᠨᠢ ᠪᠦᠷᠢᠯᠳᠦᠬᠦ ᠱᠠᠳᠣᠨ᠎ᠳᠤ᠎ᠪᠠᠨ ᠪᠠᠶ᠋ᠢᠵᠦ᠂ ᠬᠤᠪᠢᠷᠠᠭ᠍ᠤ ᠴᠢᠨᠠᠷ ᠵᠶ᠋ᠠᠷ ᠶᠡᠭᠡ᠂ ᠲᠠᠭᠤᠷᠢᠶᠠᠭ᠍ᠤ ᠴᠢᠨᠠᠷ ᠵᠶ᠋ᠠᠷ ᠴᠢᠩᠭ᠎ᠠ ᠪᠠᠶ᠋ᠢᠳᠠᠭ ᠪᠤᠯᠬᠤᠷ ᠪᠠᠭᠰᠢ ᠵᠢᠨ ᠦᠭᠡ ᠶᠠᠷᠢᠶ᠎ᠠ ᠦᠢ᠍ᠯᠡ ᠠᠵᠢᠯᠯᠠᠭ᠎ᠠ᠂ ᠬᠦᠮᠦᠨ᠎ᠳᠤ ᠬᠠᠨᠳᠤᠬᠤ ᠤᠪᠤᠷ᠎ᠨᠢ ᠲᠤᠶ᠋ᠢᠯ᠎ᠤᠨ ᠶᠡᠭᠡ ᠨᠦᠯᠦᠭᠡ ᠦᠵᠡᠬᠦᠯᠳᠡᠭ᠂ ᠲᠡᠬᠦᠨ᠎ᠢ ᠶᠠᠮᠠᠷ ᠴᠦ᠍ ᠪᠢᠴᠢᠭ ᠰᠤᠷᠬᠤ ᠪᠠ ᠶᠤᠰᠤ ᠰᠤᠷᠳᠠᠭ᠍ᠤᠨ᠎ᠤ ᠵᠢᠭ᠋ᠠᠨ ᠰᠤᠷᠭ᠋ᠠᠯᠳᠠ ᠤᠷᠤᠯᠠᠵᠦ ᠴᠢᠳᠠᠭ᠍ᠤ ᠦᠬᠡᠢ ᠶᠤᠮ᠃ ᠠ᠋ᠶ᠋ᠢᠮᠦ᠎ᠠᠴᠠ ᠰᠤᠷᠤᠭᠴᠢ ᠵᠢ ᠪᠡᠶᠡᠯᠡᠬᠦᠯᠬᠦ ᠵᠢ ᠱᠠᠭ᠋ᠠᠷᠳᠠᠭᠰᠠᠨ ᠵᠦᠢ᠍ᠯ᠎ᠢ ᠪᠠᠭᠰᠢ ᠠ᠋ᠷᠬᠡᠪᠰᠢ ᠤᠷᠢᠳ ᠵᠶ᠋ᠠᠷ ᠪᠡᠶᠡᠯᠡᠬᠦᠯᠦᠭᠰᠡᠨ ᠪᠠᠶ᠋ᠢᠬᠤ ᠬᠡᠷᠡᠭᠳᠡᠢ᠃ ᠵᠢᠱ᠌ᠢᠶᠡᠯᠡᠪᠡᠯ᠂ ᠰᠤᠷᠤᠭᠴᠢ ᠵᠢ ᠰᠢᠷᠭ᠋ᠠᠭᠤ ᠬᠠᠳᠠᠭᠤᠵᠢᠯᠳᠠᠢ ᠰᠤᠷᠤᠯᠴᠠᠭ᠍ᠤ ᠵᠢ ᠱᠠᠭ᠋ᠠᠷᠳᠠᠪᠠᠯ᠂ ᠪᠠᠭᠰᠢ ᠶᠠᠭᠤᠨ᠎ᠤ ᠠ᠋ᠮᠦᠨ᠎ᠡ ᠦᠪᠡᠷ ᠵᠶ᠋ᠠᠨ ᠰᠢᠷᠭ᠋ᠠᠭᠤ ᠬᠠᠳᠠᠭᠤᠵᠢᠯᠳᠠᠢ ᠰᠤᠷᠤᠯᠴᠠᠭ᠍ᠤ ᠵᠤᠷᠢᠭ ᠰᠠᠨᠠᠭ᠎ᠠ᠎ᠲᠠᠢ ᠪᠠᠶ᠋ᠢᠵᠦ᠂ ᠨᠠᠷᠢᠨ ᠬᠢᠨᠠᠮᠠᠭ᠋ᠠᠢ᠂ ᠦᠢ᠍ᠯᠠᠰᠲᠤᠪᠠᠨ ᠦᠨᠠᠨᠴᠢ᠎ᠪᠠᠷ ᠬᠠᠷᠢᠭᠤᠴᠠᠭ᠍ᠤ ᠤᠪᠤᠷ᠎ᠲᠠᠢ ᠪᠠᠶ᠋ᠢᠬᠤ ᠬᠡᠷᠡᠭᠳᠡᠢ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠠ᠋ᠷᠬᠡᠪᠰᠢ ᠪᠠᠭᠰᠢ ᠬᠦᠮᠦᠨ᠎ᠤ ᠤᠯᠠᠨ ᠲᠠᠯ᠎ᠠ ᠵᠢᠨ ᠰᠢᠯᠢᠳᠡᠭ ᠬᠡᠪ ᠪᠤᠯᠪᠠᠰᠣᠷᠠᠯ᠎ᠢ ᠪᠦᠷᠢᠯᠳᠦᠬᠦᠯᠵᠦ᠂ ᠰᠣᠷᠣᠭᠴᠢᠳ᠎ᠲᠤ ᠰᠤᠷᠤᠯᠴᠠᠭ᠍ᠤ ᠵᠢᠨ ᠳᠠᠭᠤᠷᠢᠶᠠᠯ᠂ ᠰᠠᠬᠢᠯᠭ᠎ᠠ ᠪᠠᠳᠤ ᠵᠢ ᠵᠢᠷᠦᠮᠯᠠᠨ ᠬᠠᠦᠯᠢ ᠵᠢ ᠰᠠᠬᠢᠬᠤ ᠲᠠᠭᠤᠷᠢᠶᠠᠯ᠂ ᠶᠤᠰᠤ ᠮᠤᠷᠠᠯ᠎ᠤᠨ ᠪᠤᠯᠪᠠᠰᠤᠨ᠎ᠤ ᠲᠠᠭᠤᠷᠢᠶᠠᠯ᠂ ᠤᠷᠤᠭᠰᠢᠯᠠᠨ ᠲᠠᠪᠰᠢᠬᠤ ᠵᠢᠨ ᠵᠢᠱ᠌ᠢᠶᠡᠴᠢ ᠪᠤᠯᠬᠤ ᠬᠡᠷᠡᠭᠳᠡᠢ ᠶᠤᠮ᠃
ᠮᠠᠨ᠎ᠤ ᠣᠯᠣᠰ᠎ᠤᠨ ᠠᠯᠳᠠᠷᠳᠦ ᠰᠣᠷᠭ᠋ᠠᠨ ᠬᠦᠮᠦᠵᠢᠯᠳᠡᠨ ᠰᠢᠦᠢ ᠲᠸ ᠯᠢ ᠪᠤᠯ ᠨᠢᠭᠡ ᠨᠠᠰᠦ᠎ᠪᠠᠷ ᠵᠶ᠋ᠠᠨ ᠰᠤᠷᠭ᠋ᠠᠨ ᠬᠦᠮᠦᠵᠢᠯ᠎ᠤᠨ ᠦᠢ᠍ᠯᠡᠰ ᠬᠢᠭᠰᠡᠨ ᠬᠦᠮᠦᠨ ᠶᠤᠮ᠃ ᠲᠡᠷᠡ ᠪᠠᠭᠰᠢ ᠵᠢᠨ ᠠ᠋ᠬᠦᠷᠭᠡ ᠵᠢ 《ᠬᠦᠮᠦᠨ᠎ᠤ ᠪᠠᠭᠰᠢ》 ᠪᠠ 《ᠪᠢᠴᠢᠭ᠎ᠤᠨ ᠪᠠᠭᠰᠢ》 ᠵᠢᠨ ᠨᠢᠭᠡᠳᠦᠯ ᠬᠡᠵᠦ ᠦᠵᠡᠭᠰᠡᠨ ᠪᠠᠶ᠋ᠢᠨ᠎ᠠ᠃ ᠲᠡᠷᠡ ᠬᠡᠯᠡᠬᠦ᠎ᠳᠤ᠎ᠪᠠᠨ 《ᠪᠠᠭᠰᠢ ᠵᠢ ᠬᠤᠶᠠᠷ ᠵᠦᠢ᠍ᠯ᠎ᠳᠤ ᠬᠤᠪᠢᠶᠠᠵᠦ ᠪᠤᠯᠤᠨ᠎ᠠ᠃ ᠨᠢᠬᠡ ᠵᠦᠢ᠍ᠯ᠎ᠨᠢ ᠬᠦᠮᠦᠨ᠎ᠤ ᠪᠠᠭᠰᠢ ᠪᠤᠯᠤᠨ᠎ᠠ᠃ ᠬᠦᠮᠦᠨ᠎ᠤ ᠪᠠᠭᠰᠢ ᠭᠡᠳᠡᠭ᠎ᠨᠢ ᠦᠢ᠍ᠯᠡ ᠠᠵᠢᠯᠯᠠᠭ᠎ᠠ ᠵᠢ ᠵᠢᠭ᠋ᠠᠬᠤ ᠪᠠᠭᠰᠢ ᠪᠤᠯᠤᠨ᠎ᠠ᠃ ᠦᠬᠡᠷ᠎ᠡ᠎ᠪᠠᠷ ᠬᠡᠯᠡᠪᠡᠯ ᠶᠠᠭ᠋ᠠᠬᠢᠵᠦ ᠬᠦᠮᠦᠨ ᠪᠤᠯᠬᠤ ᠠᠰᠠᠭᠤᠳᠠᠯ᠎ᠢ ᠵᠢᠭ᠋ᠠᠨ᠎ᠠ᠃ ᠪᠢᠴᠢᠭ ᠤᠨ ᠪᠠᠭᠰᠢ᠎ᠨᠢ ᠪᠢᠴᠢᠭ ᠵᠢᠭ᠋ᠠᠬᠤ᠎ᠠᠴᠠ ᠭᠠᠳᠠᠨ᠎ᠠ ᠪᠤᠰᠤᠳ ᠵᠦᠢ᠍ᠯ᠎ᠢ ᠬᠠᠮᠢᠶᠠᠷᠬᠤ ᠦᠬᠡᠢ ᠪᠠᠶ᠋ᠢᠳᠠᠭ᠃ ᠬᠡᠷᠪᠡ ᠪᠠᠭᠰᠢ ᠬᠦᠮᠦᠨ ᠵᠦᠪᠬᠡᠨ ᠰᠤᠶᠤᠯ ᠮᠡᠳᠡᠯᠭᠡ ᠵᠢ ᠵᠢᠭ᠋ᠠᠭ᠋ᠠᠳ ᠬᠦᠮᠦᠨ᠎ᠢ ᠬᠦᠮᠦᠵᠢᠬᠦᠯᠬᠦ ᠴᠢᠭᠯᠡᠯ᠎ᠢ ᠤᠮᠳᠣᠭ᠋ᠠᠶ᠋ᠢᠯᠠᠭ᠍ᠣᠳᠤ ᠬᠦᠷᠪᠡᠯ ᠠ᠋ᠨᠡ ᠬᠦ᠌ ᠰᠤᠷᠭ᠋ᠠᠨ ᠬᠦᠮᠦᠵᠢᠯ᠎ᠨᠢ ᠲᠠᠷᠦᠢ ᠢᠯᠠᠭᠳᠠᠭᠰᠠᠨ ᠰᠤᠷᠭ᠋ᠠᠨ ᠬᠦᠮᠦᠵᠢᠯ ᠪᠤᠯᠤᠨ᠎ᠠ》 ᠬᠡᠵᠡᠢ᠃
ᠶᠡᠷᠦᠩᠬᠡᠶ᠋ᠢᠯᠡᠪᠡᠯ᠂ ᠠᠩᠬᠢ ᠵᠢᠨ ᠠ᠋ᠷᠬᠢᠯᠡᠭᠴᠢ ᠪᠠᠭᠰᠢ ᠵᠢᠨ ᠠᠵᠢᠯ ᠪᠤᠯ ᠲᠤᠶ᠋ᠢᠯ᠎ᠤᠨ ᠪᠤᠳᠤᠯᠢᠶᠠᠨᠳᠠᠢ᠂ ᠲᠤᠶ᠋ᠢᠯ᠎ᠤᠨ ᠦᠷᠭᠡᠨ ᠬᠡᠪᠴᠢᠶᠡᠳᠡᠢ ᠪᠠᠶ᠋ᠢᠳᠠᠭ᠃ ᠠᠩᠬᠢ ᠵᠢᠨ ᠠ᠋ᠷᠬᠢᠯᠡᠭᠴᠢ ᠪᠠᠭᠰᠢ ᠨᠢᠭᠡ ᠬᠢᠴᠢᠶᠡᠯ ᠲᠦᠷᠦᠯ᠎ᠢ ᠠ᠋ᠬᠦᠷᠭᠡᠯᠠᠨ ᠬᠠᠷᠢᠭᠤᠴᠠᠵᠦ ᠪᠠᠶ᠋ᠢᠬᠤ᠎ᠪᠠᠷ ᠪᠠᠷᠠᠭ᠍ᠤ ᠦᠬᠡᠢ ᠠᠩᠬᠢ ᠵᠢᠨ ᠠᠵᠢᠯ ᠵᠶ᠋ᠠᠨ ᠵᠤᠬᠢᠶᠠᠨ ᠪᠠᠶ᠋ᠢᠭᠤᠯᠵᠦ᠂ ᠰᠤᠷᠤᠭᠴᠢᠳ᠎ᠤᠨ ᠪᠡᠶ᠎ᠡ ᠰᠡᠳᠬᠢᠴᠡ ᠵᠢᠨ ᠠ᠋ᠷᠡᠬᠦᠯ ᠮᠡᠨᠳᠦ ᠵᠢ ᠬᠠᠮᠠᠭ᠋ᠠᠯᠠᠵᠦ᠂ ᠰᠤᠷᠤᠭᠴᠢ ᠨᠢᠭᠡ ᠪᠦᠷᠢ ᠵᠢᠨ ᠪᠦᠬᠦ ᠲᠠᠯ᠎ᠠ ᠵᠢᠨ ᠬᠦᠭᠵᠢᠯᠳᠡ ᠵᠢ ᠠᠩᠬᠠᠷᠤᠨ ᠬᠠᠯᠠᠮᠵᠢᠯᠠᠭ᠍ᠤ ᠠᠵᠢᠯ᠎ᠢ ᠬᠦᠢ᠍ᠴᠡᠳᠬᠡᠵᠦ ᠪᠤᠢ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠪᠠᠭᠰᠢ ᠪᠤᠯᠤᠭᠰᠠᠳ ᠤᠷᠬᠢᠯᠤᠮ᠎ᠠ ᠬᠠᠯᠠᠭᠤᠨ ᠦᠢ᠍ᠯᠡᠰᠴᠢ ᠰᠡᠳᠬᠢᠯᠭᠡ᠂ ᠲᠡᠭᠡᠳᠦ ᠬᠡᠮᠵᠢᠶᠡᠨ᠎ᠤ ᠬᠠᠷᠢᠭᠤᠴᠠᠯᠭ᠋ᠠᠳᠦ ᠤᠪᠤᠷ᠂ ᠣᠷᠤᠭᠰᠢᠯᠠᠨ ᠲᠠᠪᠰᠢᠬᠤ ᠵᠤᠷᠢᠭ ᠰᠠᠨᠠᠭ᠎ᠠ᠂ ᠪᠡᠶᠡᠴᠢ ᠣᠷᠣᠯᠳᠣᠯᠭ᠎ᠠ ᠪᠦᠳᠦᠭᠡᠯᠴᠢ ᠠᠵᠢᠯᠯᠠᠭ᠎ᠠ᠎ᠲᠠᠢ ᠪᠠᠶ᠋ᠢᠪᠠᠯ ᠮᠠᠨ᠎ᠤ ᠠᠵᠢᠯ ᠣᠷᠣᠭᠰᠢᠳᠠᠢ᠂ ᠪᠢᠳᠡᠨ᠎ᠤ ᠰᠤᠷᠤᠭᠴᠢ ᠦᠭᠡᠳᠡᠷᠬᠡᠭ ᠪᠤᠯᠵᠦ᠂ ᠶᠤᠰᠤ ᠰᠣᠷᠳᠠᠭ᠍ᠤᠨ᠂ ᠤᠶᠤᠨ ᠤᠬᠠᠭ᠋ᠠᠨ᠂ ᠪᠠᠶ᠎ᠡ ᠮᠠᠭ᠍ᠠᠪᠤᠳ ᠪᠦᠬᠦ ᠲᠠᠯ᠎ᠠ᠎ᠪᠠᠷ ᠬᠦᠭᠵᠢᠭᠰᠡᠨ ᠴᠢᠳᠠᠪᠤᠷᠢᠳᠠᠨ᠎ᠢ ᠬᠦᠮᠦᠵᠢᠬᠦᠯᠬᠦ ᠵᠤᠷᠢᠯᠭ᠎ᠠ᠎ᠳᠤ᠎ᠪᠠᠨ ᠬᠦᠷᠴᠦ ᠴᠢᠳᠠᠨ᠎ᠠ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠠᠷᠦ ᠬᠤᠷᠴᠢᠨ ᠬᠤᠰᠢᠭᠤᠨ᠎ᠤ ᠵᠢᠭ᠋ᠠᠰᠣᠳᠠᠢ
ᠨᠢᠭᠡᠳᠦᠭᠡᠷ ᠪᠠᠭ᠎ᠠ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)
2023.3 ᠳ᠋ᠤᠭ᠋ᠠᠷ ᠬᠤᠭᠤᠴᠠᠭ᠎ᠠ