ᠴᠤᠯᠮᠤᠨ
ᠠᠩᠭᠢ ᠵᠢᠨ ᠠ᠋ᠷᠬᠢᠯᠡᠭᠴᠢ ᠵᠢᠨ ᠠᠵᠢᠯ ᠪᠤᠯ ᠣᠶᠣᠨᠯᠢᠭ ᠠᠵᠢᠯ ᠪᠤᠯᠬᠤ ᠶᠤᠮ᠃ ᠨᠢᠭᠡ ᠠᠩᠭᠢ ᠵᠢᠨ ᠥᠩᠭᠡ ᠲᠥᠷᠬᠦ ᠠᠮᠵᠢᠯᠲᠠ ᠪᠦᠲᠦᠭᠡᠯ ᠶᠠᠮᠠᠷ ᠪᠠᠶ᠋ᠢᠨ᠎ᠠ ᠭᠡᠳᠡᠭ᠎ᠨᠢ ᠠᠩᠭᠢ ᠵᠢᠨ ᠠ᠋ᠷᠬᠢᠯᠡᠭᠴᠢ ᠪᠠᠭᠰᠢ᠎ᠲᠠᠢ ᠰᠢᠭᠤᠳ ᠬᠤᠯᠪᠤᠭᠳᠠᠳᠠᠭ᠃ ᠠᠩᠭᠢ ᠵᠢᠨ ᠠ᠋ᠷᠬᠢᠯᠡᠭᠴᠢ ᠵᠢᠨ ᠠᠵᠢᠯ᠎ᠳᠤ ᠠᠩᠭᠢ ᠨᠢᠭᠡᠴᠢ ᠵᠢᠨ ᠰᠤᠷᠤᠭᠴᠢ᠎ᠪᠠᠨ ᠲᠠᠭ᠋ᠠᠭᠤᠯᠤᠨ ᠰᠤᠷᠤᠯᠭ᠎ᠠ ᠬᠢᠴᠢᠶᠡᠯ᠎ᠳᠤᠨᠢ ᠰᠢᠮᠳᠠᠭᠤᠯᠵᠤ᠂ ᠰᠢᠨᠵᠢᠯᠡᠬᠦ ᠤᠬᠠᠭ᠋ᠠᠨᠴᠢ᠎ᠪᠠᠷ ᠰᠤᠷᠤᠯᠴᠠᠵᠤ ᠠᠮᠢᠳᠤᠷᠠᠬᠤ ᠴᠠᠭ᠎ᠢ᠎ᠨᠢ ᠵᠤᠬᠢᠴᠠᠭᠤᠯᠵᠤ᠂ ᠰᠤᠷᠤᠭᠴᠢᠳ᠎ᠤᠨ ᠪᠡᠶ᠎ᠡ ᠰᠡᠳᠬᠢᠴᠡ ᠵᠢᠨ ᠠ᠋ᠷᠡᠭᠦᠯ ᠵᠶ᠋ᠠᠷ ᠦᠰᠦᠨ ᠪᠤᠶ᠋ᠢᠵᠢᠬᠤ ᠵᠢ ᠴᠢᠬᠤᠯᠠᠴᠢᠯᠠᠨ ᠦᠵᠡᠬᠦ ᠭᠡᠬᠦ ᠮᠡᠲᠦ ᠵᠢᠨ ᠣᠯᠠᠨ ᠣᠯᠠᠨ ᠨᠠᠷᠢᠨ ᠰᠢᠷᠢᠨ ᠠᠵᠢᠯ ᠪᠠᠶ᠋ᠢᠳᠠᠭ᠃ ᠠ᠋ᠨᠳᠡ ᠪᠢ ᠲᠡᠷᠡ ᠪᠦᠭᠦᠨ᠎ᠢ ᠨᠠᠷᠢᠯᠢᠬ ᠲᠤᠭ᠋ᠠᠴᠢᠬᠤ ᠦᠭᠡᠢ᠂ ᠬᠠᠷᠢᠨ ᠠᠩᠭᠢ ᠵᠢᠨ ᠠ᠋ᠷᠬᠢᠯᠡᠭᠴᠢ ᠵᠢᠨ ᠠᠵᠢᠯ᠎ᠳᠤ ᠤᠷᠮᠠᠰᠢᠭᠤᠯᠤᠯ᠎ᠤᠨ ᠬᠦᠮᠦᠵᠢᠯ᠎ᠤᠨ ᠴᠢᠬᠤᠯᠠ ᠴᠢᠨᠠᠷ᠎ᠤᠨ ᠲᠤᠬᠠᠢ ᠪᠣᠳᠣᠯ ᠵᠶ᠋ᠠᠨ ᠳᠡᠯᠭᠡᠶ᠎ᠡ᠃
ᠤᠷᠮᠠᠰᠢᠭᠤᠯᠬᠤ ᠪᠤᠯ ᠠᠮᠵᠢᠯᠲᠠ ᠣᠯᠬᠣ ᠵᠢᠨ ᠰᠢᠳᠢᠲᠦ ᠦᠷᠢᠯ ᠪᠣᠯᠬᠤ ᠶᠤᠮ᠃ ᠬᠦᠮᠦᠨ᠎ᠤ ᠠᠯᠢᠪᠠ ᠦᠢ᠍ᠯᠡ ᠠᠵᠢᠯᠯᠠᠭ᠎ᠠ ᠪᠦᠷ ᠤᠷᠮᠠᠰᠢᠭᠤᠯᠤᠯ᠎ᠠᠴᠠ ᠰᠠᠯᠵᠤ ᠴᠢᠳᠠᠬᠤ ᠦᠭᠡᠢ᠃ 《ᠲᠠᠰᠤᠷᠠᠯᠲᠠ ᠦᠭᠡᠢ ᠪᠡᠶ᠎ᠡ᠎ᠪᠠᠨ ᠤᠷᠮᠠᠰᠢᠭᠤᠯᠬᠤ᠎ᠪᠠᠷ ᠳᠠᠮᠵᠢᠵᠤ᠂ ᠪᠡᠶ᠎ᠡ᠎ᠳᠤ᠎ᠪᠠᠨ ᠨᠢᠭᠡ ᠵᠦᠢ᠍ᠯ᠎ᠤᠨ ᠲᠤᠳᠤᠭ᠋ᠠᠳᠤ ᠬᠦᠳᠡᠯᠬᠡᠬᠦ ᠬᠦᠴᠦᠨ ᠣᠯᠭᠣᠵᠣ᠂ ᠬᠦᠰᠡᠯ ᠠ᠋ᠷᠡᠮᠡᠯᠵᠡᠯ ᠬᠠᠷᠠᠯᠲᠠ ᠵᠦᠭ ᠵᠶ᠋ᠠᠨ ᠤᠷᠤᠭᠰᠢᠯᠠᠵᠤ᠂ ᠢᠯᠠᠯᠲᠠ ᠵᠢᠨ ᠨᠤᠶᠠᠨ ᠤᠷᠭᠢᠯ᠎ᠳᠤ ᠭᠠᠷᠤᠭ᠋ᠠᠷᠠᠢ》 ᠭᠡᠵᠦ ᠨᠠᠫᠤᠯᠢᠶᠦ᠋ᠨ ᠠ᠋ᠾᠢᠯ᠂ 1908 ᠣᠨ᠎ᠠᠴᠠ ᠠ᠋ᠬᠢᠯᠡᠨ 20 ᠵᠢᠯ᠎ᠤᠨ ᠴᠠᠭ᠎ᠢ ᠬᠡᠷᠡᠭᠯᠡᠵᠦ᠂ 500 ᠢᠯᠡᠭᠦᠤ ᠠᠯᠳᠠᠷᠳᠤ ᠬᠦᠮᠦᠰ᠎ᠢ ᠰᠣᠷᠪᠣᠯᠵᠢᠯᠠᠨ ᠲᠡᠳᠡᠨ᠎ᠤ ᠠᠷᠭ᠎ᠠ ᠤᠬᠠᠭ᠋ᠠᠨ ᠪᠠ ᠲᠤᠷᠰᠢᠯᠭ᠎ᠠ ᠰᠤᠷᠭ᠋ᠠᠮᠵᠢ ᠵᠢ ᠰᠤᠳᠤᠯᠤᠨ ᠳ᠋ᠦᠩᠨᠡᠭᠡᠳ ᠪᠢᠴᠢᠭᠰᠡᠨ ᠠᠪᠤᠷᠭᠤ ᠪᠦᠲᠦᠭᠡᠯ 《ᠨᠠᠫᠤᠯᠢᠶᠥᠨ ᠠ᠋ᠾᠢᠯᠤᠨ ᠠᠮᠵᠢᠯᠲᠠ ᠣᠯᠬᠣ ᠠ᠋ᠷᠳᠡᠮ》 ᠭᠡᠳᠡᠭ ᠨᠣᠮ᠎ᠳᠤ᠎ᠪᠠᠨ ᠲᠤᠳᠤᠷᠬᠠᠢ ᠪᠢᠴᠢᠵᠦ ᠪᠤᠢ᠃
ᠨᠢᠭᠡ᠂ ᠤᠷᠮᠠᠰᠢᠭᠤᠯᠤᠯ᠎ᠤᠨ ᠬᠡᠳᠦᠬᠡᠨ ᠦᠭᠡᠨ᠎ᠠᠴᠠ ᠪᠣᠯᠵᠤ ᠠᠮᠵᠢᠯᠲᠠ ᠤᠯᠤᠭᠰᠠᠨ ᠬᠦᠮᠦᠰ᠎ᠤᠨ ᠵᠢᠱ᠌ᠢᠶ᠎ᠡ
ᠤᠷᠮᠠᠰᠢᠭᠤᠯᠤᠯ᠎ᠤᠨ ᠨᠥᠯᠥᠭᠡᠨ ᠳᠣᠣᠷ᠎ᠠ ᠠᠮᠵᠢᠯᠲᠠ ᠤᠯᠤᠭᠰᠠᠨ ᠬᠦᠮᠦᠨ᠎ᠢ ᠶᠠᠷᠢᠬᠤ᠎ᠳᠤ ᠠᠯᠳᠠᠷᠳᠤ ᠰᠢᠨᠵᠢᠯᠡᠬᠦ ᠤᠬᠠᠭ᠋ᠠᠨᠳᠠᠨ ᠠᠶ᠋ᠢᠨᠰᠲ᠋ᠧᠨᠢ ᠲᠤᠷᠠᠳᠬᠤ ᠦᠭᠡᠢ ᠪᠠᠶ᠋ᠢᠬᠤ ᠵᠢᠨ ᠠᠷᠭ᠎ᠠ ᠦᠭᠡᠢ᠃ ᠤᠴᠢᠷ᠎ᠨᠢ ᠲᠡᠷᠡ ᠪᠤᠯ ᠳᠡᠯᠡᠬᠡᠢ᠎ᠳᠤ ᠠᠯᠳᠠᠷᠳᠠᠢ ᠹᠢᠽᠢᠺ᠎ᠤᠨ ᠤᠬᠠᠭ᠋ᠠᠨ᠎ᠤ ᠶᠡᠬᠡ ᠪᠠᠭᠰᠢ᠂ 《ᠬᠠᠷᠢᠴᠠᠩᠭᠤᠢ ᠣᠨᠣᠯ》᠎ᠢ ᠲᠤᠷᠠᠳᠤᠭᠴᠢ᠂ ᠬᠦᠮᠦᠨ ᠲᠦᠷᠦᠯᠬᠢᠲᠡᠨ᠎ᠤ ᠣᠭᠲᠠᠷᠭᠤᠢ ᠵᠢᠨ ᠲᠤᠬᠠᠢ ᠰᠡᠳᠬᠢᠬᠦᠢ ᠵᠢᠨ ᠬᠤᠪᠢᠷᠠᠯ ᠬᠦᠭᠵᠢᠯᠲᠡ᠎ᠳᠤ ᠭᠠᠷᠮᠠᠭ᠋ᠠᠢ ᠭᠠᠪᠢᠶ᠎ᠠ ᠪᠠᠶ᠋ᠢᠭᠤᠯᠤᠭᠰᠠᠨ ᠬᠦᠮᠦᠨ ᠶᠤᠮ᠃
ᠤᠷᠮᠠᠰᠢᠭᠤᠯᠤᠯ᠎ᠤᠨ ᠨᠢᠭᠡ ᠯᠠ ᠦᠭᠡ᠎ᠨᠢ ᠬᠦᠮᠦᠨ᠎ᠤ ᠨᠢᠭᠡ ᠨᠠᠰᠤ ᠵᠢ ᠨᠥᠯᠥᠭᠡᠯᠡᠳᠡᠭ᠃
ᠪᠤᠰᠤᠳ᠎ᠠᠴᠠ ᠤᠨᠴᠠᠯᠠᠭᠰᠠᠨ ᠰᠡᠴᠡᠨ ᠰᠡᠷᠭᠦᠯᠡᠩ ᠲᠠᠷᠢᠬᠢ ᠲᠤᠯᠤᠭ᠋ᠠᠢ᠎ᠲᠠᠢ᠂ ᠰᠢᠨᠵᠢᠯᠡᠬᠦ ᠤᠬᠠᠭ᠋ᠠᠨᠳᠠᠳ᠎ᠤᠨ ᠲᠤᠳᠤᠷᠠᠬᠢ ᠰᠢᠨᠵᠢᠯᠡᠬᠦ ᠤᠬᠠᠭ᠋ᠠᠨᠳᠠᠨ ᠬᠡᠮᠡᠭᠳᠡᠭᠰᠡᠨ ᠠᠭᠤᠤ ᠬᠦᠮᠦᠨ᠎ᠤ ᠰᠤᠷᠤᠯᠭ᠎ᠠ ᠵᠢᠨ ᠵᠠᠮ᠎ᠢ ᠬᠦᠭᠡᠭᠡᠭᠰᠡᠨ ᠲᠡᠤᠬᠡ ᠲᠡᠶ᠋ᠢᠮᠤ ᠴᠤ᠌ ᠤᠨᠴᠠᠭ᠋ᠠᠶ᠋ᠢᠷᠠᠭᠰᠠᠨ ᠵᠦᠢ᠍ᠯ ᠦᠭᠡᠢ᠃ ᠨᠡᠩ ᠴᠢᠨᠠᠭᠰᠢᠯᠠᠪᠠᠯ 《ᠤᠬᠠᠭ᠎ᠠ ᠪᠢᠳᠠᠭᠤ》᠎ᠪᠠᠷ ᠦᠨᠡᠯᠡᠭᠳᠡᠵᠦ ᠪᠠᠶ᠋ᠢᠵᠠᠢ᠃ ᠠᠶ᠋ᠢᠨᠰᠲ᠋ᠧᠨ ᠲᠥᠷᠪᠡ ᠲᠠᠪᠤᠨ ᠨᠠᠰᠤᠲᠠᠢᠳᠤᠪᠠᠨ ᠳᠡᠮᠡᠢ ᠰᠠᠶ᠋ᠢᠨ ᠬᠡᠯᠡ᠎ᠳᠤ ᠣᠷᠣᠭ᠎ᠠ ᠦᠭᠡᠢ᠂ ᠨᠠᠮᠵᠢᠭᠤᠨ ᠰᠠᠭᠤᠬᠤ ᠳᠤᠷᠠᠲᠠᠢ᠂ ᠶᠡᠷᠦ᠎ᠨᠢ ᠮᠡᠯᠡᠷᠡᠵᠦ ᠯᠠ ᠪᠠᠶ᠋ᠢᠳᠠᠭ ᠤᠴᠢᠷ᠎ᠠᠴᠠ ᠡᠴᠢᠭᠡ ᠠ᠋ᠬᠡ᠎ᠨᠢ ᠲᠡᠭᠦᠨ᠎ᠢ ᠮᠡᠳᠡᠷᠡᠯ᠎ᠤᠨ ᠭᠠᠵᠢᠭ᠎ᠲᠠᠢ ᠭᠡᠵᠦ ᠦᠵᠡᠵᠦ ᠪᠠᠶ᠋ᠢᠯ᠎ᠠ᠃ ᠲᠡᠭᠦᠨ᠎ᠤ ᠪᠠᠭ᠎ᠠ ᠰᠤᠷᠭ᠋ᠠᠭᠤᠯᠢ ᠵᠢᠨ ᠬᠢᠷᠢ ᠪᠦᠲᠦᠮᠵᠢ᠎ᠨᠢ ᠦᠨᠡᠭᠡᠷ ᠲᠤᠶ᠋ᠢᠯ᠎ᠤᠨ ᠠᠨᠠᠢ ᠪᠠᠶ᠋ᠢᠵᠠᠢ᠃ ᠵᠦᠪᠬᠡᠨ ᠲᠣᠭ᠋ᠠᠨ᠎ᠤ ᠤᠬᠠᠭ᠋ᠠᠨ᠎ᠤ ᠬᠢᠴᠢᠶᠡᠯ᠎ᠨᠢ ᠨᠡᠯᠢᠶᠡᠳ ᠭᠠᠶ᠋ᠢᠭᠤᠢ᠎ᠠᠴᠠ ᠭᠠᠳᠠᠨ᠎ᠠ ᠪᠣᠰᠣᠳ ᠲᠦᠷᠦᠯ᠎ᠤᠨ ᠬᠢᠴᠢᠶᠡᠯ᠎ᠨᠢ ᠪᠦᠷ ᠬᠢᠷᠢ ᠪᠦᠳᠦᠮᠵᠢ ᠳᠣᠣᠷ᠎ᠠ ᠪᠠᠶ᠋ᠢᠵᠤ᠂ ᠬᠡᠵᠢᠶᠡᠳᠡ ᠠᠩᠭᠢ᠎ᠳᠤ᠎ᠪᠠᠨ ᠰᠡᠭᠦᠯ ᠬᠤᠷᠢᠶᠠᠳᠠᠭ ᠪᠠᠶ᠋ᠢᠵᠠᠢ᠃ ᠪᠠᠭᠰᠢ᠎ᠨᠢ ᠴᠤ᠌ ᠲᠡᠭᠦᠨ᠎ᠢ ᠭᠡᠷ᠎ᠤᠨ ᠠᠬᠠᠮᠠᠳ᠎ᠲᠤ᠎ᠨᠢ 《ᠲᠠᠨ᠎ᠤ ᠬᠦᠤ ᠶᠠᠭᠤ ᠴᠤ᠌ ᠪᠦᠳᠦᠭᠡᠵᠦ ᠴᠢᠳᠠᠬᠤ ᠦᠭᠡᠢ》 ᠭᠡᠵᠦ ᠰᠢᠭᠤᠳ ᠬᠡᠯᠡᠵᠦ ᠦᠩᠭᠡᠷᠡᠭᠰᠡᠨ ᠭᠡᠳᠡᠭ᠃ ᠲᠡᠮᠡᠢ ᠤᠳᠠᠯ ᠦᠭᠡᠢ ᠠᠶ᠋ᠢᠨᠰᠲ᠋ᠧᠨ ᠰᠤᠷᠤᠯᠭ᠎ᠠ ᠵᠤᠭᠰᠤᠵᠤ᠂ ᠪᠠᠭ᠎ᠠ ᠰᠤᠷᠭ᠋ᠠᠭᠤᠯᠢ ᠵᠢᠨ ᠦᠨᠡᠮᠯᠡᠯ ᠴᠤ᠌ ᠤᠯᠵᠤ ᠲᠡᠶ᠋ᠢᠯᠦᠭᠰᠡᠨ ᠦᠭᠡᠢ᠃ ᠵᠦᠪᠬᠡᠨ ᠨᠢᠭᠡ ᠯᠡ ᠪᠠᠭᠰᠢ ᠠᠶ᠋ᠢᠨᠰᠲ᠋ᠧᠨᠤ ᠬᠢᠴᠢᠶᠡᠯ ᠣᠷᠣᠬᠣ᠎ᠳᠤ ᠳᠤᠷ᠎ᠠ ᠦᠭᠡᠶ᠋ᠢᠴᠡᠵᠦ ᠪᠠᠶ᠋ᠢᠭᠰᠠᠨ ᠴᠤ᠌ ᠨᠣᠮ ᠤᠩᠰᠢᠬᠤ᠎ᠳᠤ ᠶᠡᠬᠡ ᠰᠤᠨᠢᠷᠬᠠᠯ᠎ᠲᠠᠢ ᠪᠠᠶ᠋ᠢᠭ᠎ᠠ ᠵᠢ ᠰᠡᠷᠡᠵᠦ ᠮᠡᠳᠡᠭᠡᠳ ᠲᠡᠭᠦᠨ᠎ᠳᠤ ᠤᠷᠮ᠎ᠠ ᠬᠠᠶ᠋ᠢᠷᠠᠯᠠᠵᠠᠢ᠃ ᠶᠠᠭ ᠠ᠋ᠨᠡ ᠭᠦ᠌ ᠤᠷᠮᠠᠰᠢᠭᠤᠯᠤᠯ ᠵᠤᠷᠢᠬ᠍ᠵᠢᠭᠤᠯᠤᠯ᠎ᠨᠢ ᠠᠶ᠋ᠢᠨᠰᠲ᠋ᠧᠨᠤ ᠨᠢᠭᠡ ᠨᠠᠰᠤᠨ᠎ᠤ ᠠ᠋ᠷᠭᠢᠯᠲᠡ ᠵᠢᠨ ᠴᠡᠭ ᠪᠤᠯᠵᠠᠢ᠃ ᠲᠡᠭᠡᠭᠡᠳ ᠪᠠᠭᠰᠢ᠎ᠳᠤ᠎ᠪᠠᠨ ᠤᠷᠮᠠᠰᠢᠭᠤᠯᠤᠭᠳᠠᠭᠰᠠᠨ ᠠᠶ᠋ᠢᠨᠰᠲ᠋ᠧᠨ ᠬᠤᠵᠢᠮ᠎ᠨᠢ ᠰᠣᠳᠣᠯᠭ᠋ᠠᠨᠳᠤᠪᠠᠨ ᠴᠢᠷᠮᠠᠶ᠋ᠢᠵᠤ᠂ ᠳᠡᠯᠡᠬᠡᠢ ᠵᠢᠨ ᠠᠪᠤᠷᠭᠤ ᠰᠢᠨᠵᠢᠯᠡᠬᠦ ᠤᠬᠠᠭ᠋ᠠᠨᠲᠠᠨ ᠪᠣᠯᠵᠤ ᠴᠢᠳᠠᠵᠠᠢ᠃
ᠤᠷᠮᠠᠰᠢᠭᠤᠯᠤᠯ᠎ᠤᠨ ᠨᠥᠯᠥᠭᠡᠨ ᠳᠣᠣᠷ᠎ᠠ ᠠᠮᠵᠢᠯᠲᠠ ᠤᠯᠤᠭᠰᠠᠨ ᠪᠠᠰᠠ ᠨᠢᠭᠡᠨ ᠨᠡᠷᠡᠲᠦ ᠬᠦᠮᠦᠨ ᠪᠤᠯ ᠬᠠᠶ᠋ᠢᠷ᠎ᠤᠨ ᠪᠤᠯᠤᠨ᠎ᠠ᠃ ᠬᠠᠶ᠋ᠢᠷ᠎ᠤᠨ ᠪᠤᠯ ᠠᠮᠧᠷᠢᠺᠠ ᠵᠢᠨ ᠠᠯᠳᠠᠷᠳᠠᠢ ᠠ᠋ᠮᠡᠭᠳᠡᠢ ᠵᠤᠬᠢᠶᠠᠯᠴᠢ᠂ ᠰᠤᠷᠭ᠋ᠠᠨ ᠬᠦᠮᠦᠵᠢᠯᠲᠡᠨ᠂ ᠦᠭᠯᠢᠭᠡᠴᠢ᠂ ᠨᠡᠶ᠋ᠢᠭᠡᠮ᠎ᠤᠨ ᠠᠵᠢᠯᠯᠠᠭ᠋ᠠᠨ᠎ᠢ ᠦᠷᠨᠢᠭᠦᠯᠦᠭᠴᠢ ᠪᠣᠯᠣᠨ᠎ᠠ᠃ ᠲᠡᠭᠦᠨ᠎ᠤ ᠨᠢᠭᠡ ᠨᠠᠰᠤ ᠪᠤᠯ ᠨᠢᠭᠡᠨ ᠵᠡᠮᠳᠡᠭ ᠬᠦᠮᠦᠨ᠎ᠤ ᠨᠢᠭᠡ ᠨᠠᠰᠤ ᠪᠤᠯᠤᠨ᠎ᠠ᠂ ᠠᠷᠪᠠ ᠶᠢᠰᠦᠨ ᠰᠠᠷᠠᠲᠠᠢᠳᠤᠪᠠᠨ ᠨᠢᠭᠡᠨ ᠤᠳᠠᠭ᠋ᠠᠨ᠎ᠤ ᠬᠦᠨᠳᠦ ᠡᠪᠡᠳᠴᠢᠨ᠎ᠳᠤ ᠨᠡᠷᠪᠡᠭᠳᠡᠭᠰᠡᠨ᠎ᠠᠴᠠ ᠪᠣᠯᠵᠤ ᠬᠠᠷᠠᠭ᠋ᠠᠨ ᠰᠡᠷᠡᠯ ᠪᠠ ᠰᠣᠨᠣᠷ᠎ᠤᠨ ᠰᠡᠷᠡᠯ ᠵᠶ᠋ᠠᠨ ᠠᠯᠳᠠᠵᠠᠢ᠃ ᠪᠠᠰᠠ ᠦᠭᠡ ᠶᠠᠷᠢᠵᠤ ᠲᠡᠶ᠋ᠢᠯᠬᠦ ᠦᠭᠡᠢ᠂ ᠠ᠋ᠭᠦᠨ᠎ᠳᠤ ᠲᠡᠭᠦᠨ᠎ᠤ ᠪᠠᠭᠰᠢ ᠪᠣᠯᠬᠣ ᠠᠮᠧᠷᠢᠺᠠ ᠵᠢᠨ ᠵᠡᠮᠳᠡᠭᠴᠦᠳ᠎ᠢ ᠰᠤᠷᠭ᠋ᠠᠨ ᠬᠦᠮᠦᠵᠢᠬᠦᠯᠦᠭᠴᠢ ᠱᠠᠷᠢᠧᠧᠨᠠᠴᠠ ᠲᠡᠭᠦᠨ᠎ᠤ ᠰᠤᠷᠤᠯᠴᠠᠯᠭ᠎ᠠ ᠵᠢ ᠲᠠᠰᠤᠷᠠᠯᠲᠠ ᠦᠭᠡᠢ ᠵᠤᠷᠢᠬ᠍ᠵᠢᠭᠤᠯᠤᠨ᠂ ᠲᠡᠭᠦᠨ᠎ᠤ ᠤᠯᠤᠭᠰᠠᠨ ᠬᠢᠷᠢ ᠪᠦᠲᠦᠮᠵᠢ ᠵᠢ᠎ᠨᠢ ᠨᠤᠲᠠᠯᠠᠵᠤ ᠤᠷᠮᠠᠰᠢᠭᠤᠯᠤᠭᠰᠠᠨ᠎ᠠᠴᠠ ᠬᠤᠵᠢᠮ᠎ᠨᠢ ᠳᠡᠯᠡᠬᠡᠢ᠎ᠳᠤ ᠠᠯᠳᠠᠷᠲᠠᠢ ᠭᠠᠷᠮᠠᠭ᠋ᠠᠢ ᠤᠷᠠᠨ ᠵᠤᠬᠢᠶᠠᠯᠴᠢ ᠪᠣᠯᠵᠠᠢ᠃
ᠨᠠᠫᠤᠯᠢᠶᠦ᠋ᠨ· ᠠ᠋ᠾᠢᠯᠤᠨ ᠦᠯᠢᠭᠡᠷ ᠪᠢᠳᠡᠨ᠎ᠳᠤ ᠤᠯᠠᠨ ᠶᠠᠭᠤᠮ᠎ᠠ ᠵᠢ ᠶᠠᠷᠢᠵᠤ ᠦᠭᠭᠦᠭᠰᠡᠨ ᠪᠢᠯᠡ᠃ ᠲᠡᠷᠡ 《ᠪᠢ ᠪᠠᠭ᠎ᠠ᠎ᠳᠤ᠎ᠪᠠᠨ ᠠᠳᠠ ᠦᠵᠡᠭᠳᠡᠵᠦ ᠪᠠᠶ᠋ᠢᠪᠠ》 ᠭᠡᠵᠡᠢ᠃ ᠠᠪᠤ᠎ᠨᠢ ᠲᠡᠭᠦᠨ᠎ᠢ ᠬᠤᠶ᠋ᠢᠳᠤ ᠠ᠋ᠬᠡ᠎ᠳᠤᠨᠢ 《ᠠ᠋ᠨᠡ ᠪᠤᠯ ᠨᠠᠫᠤᠯᠢᠶᠦ᠋ᠨ· ᠠ᠋ᠾᠢᠯ᠃ ᠠᠬ᠎ᠠ ᠲᠡᠭᠦᠤ ᠵᠢᠨ ᠵᠶ᠋ᠠᠨ ᠳᠤᠮᠳᠠᠬᠢ ᠬᠠᠮᠤᠭ᠎ᠤᠨ ᠪᠦᠳᠦᠯ ᠦᠭᠡᠢ ᠨᠢᠭᠡ᠎ᠨᠢ》 ᠭᠡᠰᠡᠨ᠎ᠳᠤ᠂ ᠬᠤᠶ᠋ᠢᠳᠤ ᠠ᠋ᠬᠡ᠎ᠨᠢ 《ᠠ᠋ᠨᠡ ᠬᠡᠤᠬᠡᠳ ᠪᠦᠳᠦᠯ ᠦᠭᠡᠢ ᠭᠡᠵᠤ ᠤᠤ? ᠶᠠᠭ᠋ᠠᠬᠢᠭᠰᠠᠨ ᠴᠤ᠌ ᠲᠡᠶ᠋ᠢᠮᠤ ᠪᠢᠰᠢ᠂ ᠲᠡᠷᠡ ᠪᠤᠯ ᠶᠠᠭ ᠰᠠᠶ᠋ᠢᠬᠠᠨ ᠠ᠋ᠳᠡᠭᠡᠷ ᠬᠡᠤᠬᠡᠳ᠎ᠤᠨ ᠳᠤᠮᠳᠠᠬᠢ ᠬᠠᠮᠤᠭ᠎ᠤᠨ ᠰᠡᠴᠡᠨ ᠰᠡᠷᠭᠦᠯᠡᠩ᠎ᠨᠢ ᠪᠤᠯᠤᠨ᠎ᠠ᠃ ᠮᠠᠨ᠎ᠤ ᠬᠢᠪᠡᠰᠤ ᠵᠤᠬᠢᠬᠤ ᠵᠦᠢ᠍ᠯᠡᠰ ᠪᠤᠯ ᠲᠡᠭᠦᠨ᠎ᠤ ᠰᠡᠴᠡᠨ ᠰᠡᠷᠭᠦᠯᠡᠩ ᠵᠠᠩ ᠴᠢᠨᠠᠷ᠎ᠢ ᠤᠯᠠᠮ ᠪᠠᠳᠠᠷᠠᠭᠤᠯᠬᠤ᠎ᠳᠤ ᠪᠠᠶ᠋ᠢᠨ᠎ᠠ》 ᠭᠡᠪᠡ᠃ ᠬᠤᠶ᠋ᠢᠳᠤ ᠠ᠋ᠬᠡ᠎ᠨᠢ ᠲᠡᠭᠦᠨ᠎ᠢ ᠦᠪᠡᠷ᠎ᠤᠨ ᠬᠦᠴᠦᠨ᠎ᠳᠤ᠎ᠪᠠᠨ ᠲᠦᠰᠢᠭᠯᠡᠵᠤ᠂ ᠵᠣᠷᠢᠭᠳᠠᠢ᠎ᠪᠠᠷ ᠲᠦᠯᠦᠪᠯᠡᠭᠡ ᠲᠤᠭᠳᠠᠭ᠋ᠠᠵᠤ᠂ ᠭᠤᠶ᠋ᠢᠪᠢᠰᠢ ᠦᠭᠡᠢ ᠤᠷᠤᠭᠰᠢᠯᠠᠬᠤ ᠵᠢ᠎ᠨᠢ ᠵᠤᠷᠢᠬ᠍ᠵᠢᠭᠤᠯᠳᠠᠭ᠂ ᠠ᠋ᠨᠡ ᠲᠦᠯᠦᠪᠯᠡᠭᠡ᠎ᠨᠢ ᠲᠡᠭᠦᠨ᠎ᠤ ᠬᠤᠵᠢᠮ᠎ᠤᠨ ᠦᠢ᠍ᠯᠡᠰ᠎ᠤᠨ ᠲᠤᠯᠭ᠋ᠠᠭᠤᠷᠢ᠎ᠨᠢ ᠪᠤᠯᠵᠠᠢ ᠭᠡᠳᠡᠭ᠎ᠢ ᠦᠢ᠍ᠯᠡᠳᠦᠯᠭᠡ ᠭᠡᠷᠡᠴᠢᠯᠡᠵᠡᠢ ᠭᠡᠵᠦ ᠲᠡᠷᠡ ᠲᠡᠮᠳᠡᠭᠯᠡᠵᠡᠢ᠃ ᠠ᠋ᠨᠡ ᠮᠡᠲᠦ ᠵᠢᠨ ᠤᠷᠮᠠᠰᠢᠭᠤᠯᠤᠯ᠎ᠤᠨ ᠨᠥᠯᠥᠭᠡᠨ ᠳᠣᠣᠷ᠎ᠠ ᠠᠮᠵᠢᠯᠲᠠ᠎ᠳᠤ ᠬᠦᠷᠦᠭᠰᠡᠨ ᠵᠢᠱ᠌ᠢᠶ᠎ᠡ ᠮᠣᠩ ᠦᠭᠡᠢ ᠤᠯᠠᠨ ᠪᠤᠢ᠃
ᠬᠤᠶᠠᠷ᠂ ᠮᠣᠩᠭᠤᠯᠴᠤᠳ ᠬᠡᠤᠬᠡᠳ ᠵᠶ᠋ᠠᠨ ᠬᠡᠷᠬᠢᠨ ᠤᠷᠮᠠᠰᠢᠭᠤᠯᠤᠨ ᠵᠤᠷᠢᠬ᠍ᠵᠢᠭᠤᠯᠳᠠᠭ ᠪᠠᠶ᠋ᠢᠭᠰᠠᠨ ᠪᠤᠢ
ᠮᠣᠩᠭᠤᠯᠴᠤᠳ᠎ᠤᠨ ᠭᠡᠷ᠎ᠤᠨ ᠰᠤᠷᠭ᠋ᠠᠯ᠎ᠳᠤ ᠤᠷᠮᠠᠰᠢᠭᠤᠯᠤᠯ ᠵᠤᠷᠢᠬ᠍ᠵᠢᠭᠤᠯᠤᠯᠢ ᠲᠤᠶ᠋ᠢᠯ ᠵᠶ᠋ᠠᠷ ᠴᠢᠬᠤᠯᠠᠴᠢᠯᠠᠨ ᠦᠵᠡᠳᠡᠭ᠃ ᠲᠡᠭᠡᠬᠦ᠎ᠪᠠᠷ ᠵᠶ᠋ᠠᠨ ᠶᠡᠷᠦ᠎ᠨᠢ 《ᠤᠷᠮ᠎ᠠ ᠵᠢ᠎ᠨᠢ ᠬᠤᠭᠤᠯᠬᠤ᠎ᠪᠠᠷ ᠤᠭᠤᠴᠠ ᠵᠢ᠎ᠨᠢ ᠬᠤᠭᠤᠯ》 ᠭᠡᠵᠦ ᠬᠡᠤᠬᠡᠳ ᠪᠠᠭ᠋ᠠᠴᠤᠳ᠎ᠤᠨ ᠤᠷᠮ᠎ᠠ ᠵᠢ ᠬᠤᠭᠤᠯᠬᠤ ᠵᠢ ᠶᠡᠬᠡ ᠴᠡᠭᠡᠷᠯᠡᠳᠡᠭ ᠶᠤᠮ᠃ ᠬᠠᠷᠢᠨ ᠠ᠋ᠰᠡᠷᠭᠦ᠎ᠪᠠᠷ ᠦᠷ᠎ᠡ ᠬᠡᠤᠬᠡᠳ ᠵᠶ᠋ᠠᠨ ᠪᠤᠶᠤ ᠠᠶ᠋ᠢᠯ ᠠᠶ᠋ᠢᠮᠠᠭ᠎ᠤᠨ ᠪᠠᠭ᠋ᠠᠴᠤᠳ ᠵᠠᠯᠠᠭᠤᠴᠤᠳ᠎ᠢ ᠨᠢᠯᠬ᠎ᠠ ᠪᠠᠭ᠎ᠠ᠎ᠠᠴᠠ᠎ᠨᠢ᠂ ᠬᠥᠯ᠎ᠳᠤ ᠣᠷᠣᠵᠣ ᠲᠡᠨᠳᠡᠷ ᠮᠡᠨᠳᠡᠷ ᠠᠯᠬᠤᠵᠤ ᠠ᠋ᠬᠢᠯᠡᠬᠦ᠎ᠠᠴᠠ᠎ᠨᠢ ᠠᠪᠤᠭ᠋ᠠᠳ ᠠᠪᠤ ᠵᠢᠨ ᠬᠦᠤ ᠡᠷ᠎ᠡ ᠪᠤᠯᠵᠠᠢ ᠭᠡᠵᠦ ᠵᠤᠷᠢᠬ᠍ᠵᠢᠭᠤᠯᠤᠨ ᠤᠷᠮᠠᠰᠢᠭᠤᠯᠳᠠᠭ᠃ ᠵᠢᠷᠭᠤᠭ᠎ᠠ ᠳᠣᠯᠣᠭ᠋ᠠᠨ ᠨᠠᠰᠤ ᠬᠦᠷᠦᠭᠡᠳ ᠠᠪᠤ᠎ᠪᠠᠨ ᠲᠠᠭ᠋ᠠᠵᠤ ᠠᠭᠲᠠ ᠬᠦᠯᠦᠭ᠎ᠤᠨ ᠨᠢᠷᠤᠭᠤᠨ᠎ᠳᠤ ᠮᠤᠷᠳᠠᠬᠤ ᠦᠶ᠎ᠡ᠎ᠳᠤ ᠮᠤᠷᠢᠨ᠎ᠠᠴᠠ᠎ᠪᠠᠨ ᠬᠠᠶᠠᠭᠳᠠᠬᠤ ᠦᠭᠡᠢ ᠤᠴᠢᠷ ᠭᠡᠵᠦ ᠬᠠᠮᠢᠭ᠎ᠠ ᠪᠠᠶ᠋ᠢᠬᠤᠪ᠂ ᠮᠤᠷᠢᠨ᠎ᠳᠤ᠎ᠪᠠᠨ ᠬᠠᠶᠠᠭᠳᠠᠭ᠋ᠠᠳ ᠤᠷᠮ᠎ᠠ ᠬᠤᠭᠤᠷᠠᠵᠤ ᠵᠣᠷᠢᠭ ᠬᠠᠷᠢᠵᠤ ᠢᠷᠡᠬᠦ᠎ᠳᠤᠨᠢ 《ᠮᠣᠩᠭᠤᠯ ᠬᠦᠮᠦᠨ ᠮᠣᠷᠢᠨ ᠨᠢᠷᠤᠭᠤᠨ ᠳᠡᠭᠡᠷ᠎ᠡ ᠶᠡᠬᠡ ᠦᠢ᠍ᠯᠡᠰ ᠪᠦᠲᠦᠭᠡᠭᠰᠡᠨ ᠶᠤᠮ᠂ ᠠᠪᠤ ᠵᠢᠨ ᠬᠦᠤ ᠴᠤ᠌ ᠬᠤᠵᠢᠮ ᠶᠡᠬᠡ ᠵᠢ ᠪᠦᠳᠦᠭᠡᠬᠦ ᠬᠦᠮᠦᠨ ᠪᠣᠯᠣᠨ᠎ᠠ》 ᠭᠡᠵᠦ ᠤᠷᠮᠠᠰᠢᠭᠤᠯᠤᠨ ᠮᠤᠷᠢᠨ ᠨᠢᠷᠤᠭᠤᠨ ᠳᠡᠭᠡᠷ᠎ᠡ᠎ᠨᠢ ᠲᠠᠬᠢᠨ ᠮᠣᠷᠳᠠᠭᠤᠯᠳᠠᠭ᠃ ᠠᠷᠪᠠᠨ ᠭᠤᠷᠪᠠ ᠳᠥᠷᠪᠡ ᠬᠦᠷᠦᠭᠡᠳ ᠠᠶ᠋ᠢᠯ᠎ᠤᠨ ᠠᠪᠠᠭ᠎ᠠ ᠵᠢᠨ ᠨᠠᠶ᠋ᠢᠷ ᠲᠠᠮᠵᠢᠨ ᠵᠤᠳᠤᠭᠯᠠᠵᠤ ᠬᠠᠯᠠᠭᠤᠨ ᠬᠤᠰᠢᠭᠤᠳᠤ᠎ᠪᠠᠷ ᠱᠠᠩᠨᠠᠭᠤᠯᠵᠤ᠂ ᠠᠮᠵᠢᠯᠲᠠ ᠳᠦᠭᠦᠷᠡᠩ ᠬᠠᠷᠢᠵᠤ ᠢᠷᠡᠬᠦ ᠵᠢ ᠪᠠᠬᠠᠷᠬᠠᠨ ᠠᠭ᠋ᠠᠵᠢᠮ ᠵᠶ᠋ᠠᠷ ᠲᠣᠮᠣᠴᠣᠣᠯ᠎ᠤᠨ ᠪᠥᠬᠡᠨᠳᠤ ᠵᠤᠳᠤᠭᠯᠠᠵᠤ᠂ ᠨᠠᠶ᠋ᠢᠷ᠎ᠤᠨ ᠱᠠᠩ᠎ᠤᠨ ᠲᠤᠭᠤᠰᠤ ᠵᠢ᠎ᠨᠢ ᠴᠤ᠌ ᠦᠨᠦᠷᠯᠡᠵᠤ ᠲᠡᠶ᠋ᠢᠯᠦᠭᠰᠡᠨ ᠦᠭᠡᠢ ᠳᠠᠩ᠎ᠤᠨ ᠨᠤᠭᠤᠯᠠᠭ᠎ᠠ ᠲᠡᠭᠡᠷ᠎ᠡ᠎ᠪᠠᠨ ᠰᠢᠷᠦᠶ᠋ᠢᠳᠠᠭ᠋ᠠᠳ᠂ ᠲᠤᠯᠤᠭ᠋ᠠᠢ ᠭᠠᠨᠵᠤᠭᠯᠠᠵᠤ ᠢᠷᠡᠬᠦ᠎ᠳᠤ ᠠᠪᠤ ᠡᠵᠢ᠎ᠨᠢ ᠴᠠᠭ᠋ᠠᠨ ᠢᠳᠡᠭᠡᠨ ᠵᠶ᠋ᠠᠷ ᠠ᠋ᠩᠭᠡᠷᠢᠨᠢ ᠮᠢᠯᠢᠶᠠᠵᠤ᠂ ᠬᠤᠲᠠᠨᠤ ᠬᠣᠨᠢᠠᠴᠠᠪᠠᠨ ᠵᠢᠭ᠋ᠠᠵᠤ ᠬᠦᠤ᠎ᠪᠠᠨ ᠱᠠᠩᠨᠠᠨ ᠤᠷᠮᠠᠰᠢᠭᠤᠯᠵᠤ᠂ 《ᠣᠶ᠋ᠢᠴᠢᠵᠤ ᠪᠠᠶ᠋ᠢᠵᠤ ᠪᠥᠬᠡ ᠪᠣᠯᠳᠠᠭ᠂ ᠰᠠᠶ᠋ᠢᠨ ᠪᠥᠬᠡ ᠪᠣᠯᠣᠶ᠎ᠠ ᠭᠡᠪᠡᠯ ᠮᠢᠩᠭ᠎ᠠ ᠤᠳᠠᠭ᠎ᠠ ᠣᠶ᠋ᠢᠴᠢᠬᠤ ᠬᠡᠷᠡᠭᠳᠡᠢ ᠶᠤᠮ》 ᠭᠡᠵᠤ ᠰᠤᠷᠭ᠋ᠠᠳᠠᠭ᠃ ᠤᠨᠠᠵᠤ ᠪᠤᠰᠳᠠᠭ᠂ ᠴᠢᠷᠮᠠᠶ᠋ᠢᠵᠤ ᠪᠠᠶ᠋ᠢᠵᠤ᠂ ᠢᠯᠠᠭᠳᠠᠵᠤ ᠪᠠᠶ᠋ᠢᠵᠤ ᠠᠮᠵᠢᠯᠲᠠ᠎ᠳᠤ ᠬᠦᠷᠳᠡᠭ ᠠᠮᠢᠳᠤᠷᠠᠯ᠎ᠤᠨ ᠠᠯᠢᠪᠠ ᠭᠦᠨ ᠤᠬᠠᠭ᠋ᠠᠨ᠎ᠢ ᠪᠡᠶᠡᠨ᠎ᠳᠤ᠎ᠪᠠᠨ ᠰᠢᠩᠭᠡᠭᠡᠭᠰᠡᠨ ᠮᠣᠩᠭᠣᠯ ᠪᠥᠬᠡ ᠵᠢᠨ ᠤᠬᠠᠭ᠋ᠠᠨ ᠭᠡᠭᠴᠢ ᠠ᠋ᠶ᠋ᠢᠮᠤ ᠯᠠ ᠠᠭᠤᠤ ᠶᠡᠬᠡ ᠰᠣᠶᠣᠯ ᠪᠠᠶ᠋ᠢᠵᠠᠢ᠃ ᠰᠤᠤᠳᠤ ᠶᠡᠬᠡ ᠡᠪᠦᠭᠡ ᠲᠡᠭᠡᠳᠦᠰ᠎ᠤᠨ ᠮᠠᠨᠢ ᠠᠮᠢᠳᠤᠷᠠᠬᠤᠢ ᠵᠢᠨ ᠭᠦᠨ ᠤᠬᠠᠭ᠋ᠠᠨ ᠭᠡᠵᠦ ᠠ᠋ᠨᠡ ᠳ᠋ᠠ᠃ ᠲᠡᠭᠡᠷᠡᠬᠢ ᠮᠡᠲᠤ ᠵᠢᠨ ᠵᠤᠷᠢᠬ᠍ᠵᠢᠭᠤᠯᠤᠯ᠎ᠤᠨ ᠵᠢᠱ᠌ᠢᠶ᠎ᠡ ᠪᠢᠳᠠᠨ᠎ᠤ ᠳᠤᠮᠳᠠ ᠮᠠᠰᠢ ᠤᠯᠠᠨ ᠪᠤᠢ᠃
ᠮᠣᠩᠭᠣᠯᠴᠤᠳ᠎ᠤᠨ ᠴᠠᠳᠢᠭ ᠲᠡᠤᠬᠡᠨ᠎ᠳᠤ ᠪᠠᠰᠠ ᠬᠡᠤᠬᠡᠳ ᠪᠠᠭ᠋ᠠᠴᠤᠳ ᠵᠶ᠋ᠠᠨ ᠤᠷᠮᠠᠰᠢᠭᠤᠯᠤᠨ ᠰᠤᠷᠭ᠋ᠠᠵᠤ ᠶᠡᠬᠡ ᠠᠮᠵᠢᠯᠲᠠ᠎ᠳᠤ ᠬᠦᠷᠬᠦ᠎ᠳᠤᠨᠢ ᠯᠤᠲᠤ ᠶᠡᠬᠡ ᠦᠢ᠍ᠯᠡᠳᠦᠯ ᠦᠵᠡᠭᠦᠯᠦᠭᠰᠡᠨ ᠲᠡᠤᠬᠡᠨ ᠪᠤᠳᠠᠳᠤ ᠵᠢᠱ᠌ᠢᠶ᠎ᠡ ᠴᠤ᠌ ᠮᠣᠩ ᠦᠭᠡᠢ ᠤᠯᠠᠨ ᠪᠠᠶ᠋ᠢᠳᠠᠭ᠃ ᠲᠡᠭᠦᠨ᠎ᠤ ᠲᠤᠲᠤᠷᠠᠬᠢ ᠨᠢᠭᠡ ᠪᠤᠳᠠᠳᠤ ᠵᠢᠱ᠌ᠢᠶ᠎ᠡ ᠪᠤᠯ ᠦᠭᠡᠯᠦᠨ ᠠ᠋ᠬᠡ᠎ᠪᠠᠷ ᠲᠡᠮᠦᠵᠢᠨ᠎ᠢ ᠤᠷᠮᠠᠰᠢᠭᠤᠯᠤᠭᠰᠠᠨ ᠨᠢᠭᠡᠨ ᠦᠢ᠍ᠯᠡ ᠶᠠᠪᠤᠳᠠᠯ ᠪᠤᠯᠬᠤ ᠶᠤᠮ᠃ ᠶᠢᠰᠦᠬᠡᠢ ᠪᠠᠭ᠋ᠠᠳᠤᠷ ᠲᠠᠲ᠋ᠠᠷ᠎ᠲᠤ ᠬᠣᠣᠷᠯᠠᠭᠳᠠᠨ ᠨᠠᠰᠤ ᠪᠠᠷᠠᠭᠰᠠᠨ᠎ᠤ ᠳᠠᠷᠠᠭ᠎ᠠ ᠲᠠᠷᠭᠤᠳᠠᠢ ᠬᠢᠷᠢᠯᠳᠤᠭ ᠲᠡᠮᠦᠵᠢᠨᠤ ᠨᠢᠭᠡ ᠭᠡᠷ᠎ᠤᠨ ᠬᠥᠭᠰᠢᠨ ᠵᠠᠯᠠᠭᠤ ᠶᠢᠰᠦᠨ ᠬᠦᠮᠦᠨ᠎ᠢ ᠪᠠᠭᠤᠴᠠᠨ᠎ᠳᠤᠨᠢ ᠤᠷᠬᠢᠵᠤ᠂ ᠠᠶ᠋ᠢᠮᠠᠭ ᠤᠭᠰᠠᠭ᠋ᠠᠨ᠎ᠤ ᠬᠦᠮᠦᠰ᠎ᠢ ᠲᠠᠭ᠋ᠠᠭᠤᠯᠵᠤ ᠶᠠᠪᠤᠭᠰᠠᠨ᠎ᠤ ᠳᠠᠷᠠᠭ᠎ᠠ᠂ ᠮᠠᠯ ᠤᠨᠤᠭ᠎ᠠ ᠠ᠋ᠳ᠋ ᠬᠤᠭᠰᠢᠯ ᠵᠶ᠋ᠠᠨ ᠠᠯᠳᠠᠭᠰᠠᠨ ᠲᠡᠮᠦᠵᠢᠨᠤ ᠨᠢᠭᠡ ᠭᠡᠷ᠎ᠤᠨ ᠬᠦᠮᠦᠰ᠎ᠤᠨ ᠠᠮᠢᠳᠤᠷᠠᠯ ᠲᠤᠶ᠋ᠢᠯ᠎ᠤᠨ ᠬᠦᠴᠢᠷ ᠪᠡᠷᠬᠡᠰᠢᠶᠡᠯ᠎ᠲᠠᠢ ᠪᠤᠯᠤᠭᠰᠠᠨ ᠪᠠᠶ᠋ᠢᠯ᠎ᠠ᠃ ᠠ᠋ᠨᠡ ᠦᠶ᠎ᠡ᠎ᠳᠤ ᠦᠭᠡᠯᠦᠨ ᠠ᠋ᠬᠡ ᠲᠡᠮᠦᠵᠢᠨ᠎ᠳᠤ 《ᠲᠡᠮᠦᠵᠢᠨ᠂ ᠴᠢ ᠪᠤᠯ ᠠ᠋ᠨᠡ ᠭᠡᠷ᠎ᠤᠨ ᠬᠠᠮᠤᠭ᠎ᠤᠨ ᠶᠡᠬᠡ ᠠ᠋ᠷᠡᠭᠳᠡᠢ ᠬᠦᠮᠦᠨ᠂ ᠠ᠋ᠭᠦᠨ᠎ᠠᠴᠠ ᠬᠤᠵᠢᠮ ᠠ᠋ᠨᠡ ᠭᠡᠷ᠎ᠢ ᠴᠢ ᠤᠳᠤᠷᠢᠳᠬᠤ ᠬᠡᠷᠡᠭᠳᠡᠢ》᠂ 《ᠦᠪᠡᠷ᠎ᠤᠨ ᠪᠤᠳᠤᠭᠰᠠᠨ ᠵᠶ᠋ᠠᠷ ᠵᠶ᠋ᠠᠨ ᠵᠣᠷᠢᠭᠲᠠᠢ ᠶᠠᠪᠤ》 ᠭᠡᠵᠦ ᠶᠢᠰᠦᠨ ᠨᠠᠰᠤᠲᠠᠢ ᠲᠡᠮᠦᠵᠢᠨ᠎ᠳᠤ ᠠ᠋ᠨᠡ ᠭᠦ᠌ ᠭᠡᠷ ᠪᠦᠯᠢ ᠵᠢ ᠬᠠᠮᠢᠶᠠᠷᠬᠤ᠂ ᠵᠤᠬᠢᠶᠠᠨ ᠪᠠᠶ᠋ᠢᠭᠤᠯᠬᠤ ᠠ᠋ᠷᠬᠡ ᠠ᠋ᠭᠦᠷᠭᠡ ᠬᠠᠷᠢᠭᠤᠴᠠᠯᠭ᠎ᠠ ᠵᠢ ᠲᠤᠰᠢᠶᠠᠵᠤ᠂ ᠠᠪᠤ ᠵᠢᠨ ᠬᠦᠤ ᠡᠷ᠎ᠡ ᠪᠤᠯᠵᠠᠢ ᠭᠡᠳᠡᠭ᠎ᠢ ᠲᠠᠨᠢᠭᠤᠯᠵᠤ ᠮᠡᠳᠡᠭᠦᠯᠵᠠᠢ᠃ ᠶᠠᠭ ᠠ᠋ᠨᠡ ᠭᠦ᠌ ᠤᠴᠢᠷ᠎ᠨᠢ ᠨᠢᠯᠬ᠎ᠠ ᠪᠠᠭ᠎ᠠ ᠲᠡᠮᠦᠵᠢᠨ᠎ᠳᠤ ᠮᠠᠰᠢ ᠶᠡᠬᠡ ᠤᠷᠮᠠᠰᠢᠭᠤᠯᠤᠯ ᠵᠤᠷᠢᠬ᠍ᠵᠢᠭᠤᠯᠤᠯ ᠪᠤᠯᠵᠤ᠂ ᠲᠡᠭᠦᠨ᠎ᠢ ᠠᠯᠤᠰ ᠢᠷᠡᠭᠡᠳᠦᠢ᠎ᠳᠤ ᠪᠦᠮᠪᠦᠷᠴᠡᠭ᠎ᠤᠨ ᠬᠠᠭ᠋ᠠᠰ᠎ᠢ ᠲᠦᠪᠰᠢᠳᠬᠡᠨ ᠤᠳᠤᠷᠢᠳᠬᠤ ᠠᠭᠤᠤ ᠶᠡᠬᠡ ᠤᠳᠤᠷᠢᠳᠤᠭᠴᠢ ᠪᠤᠯᠬᠤ ᠠᠩᠬᠠᠨ᠎ᠤ ᠠᠯᠬᠤᠮ᠎ᠨᠢ ᠪᠤᠯᠤᠭᠰᠠᠨ ᠪᠠᠶ᠋ᠢᠨ᠎ᠠ᠃
ᠭᠤᠷᠪᠠ᠂ ᠠᠩᠭᠢ ᠵᠢᠨ ᠠ᠋ᠷᠬᠢᠯᠡᠭᠴᠢ ᠵᠢᠨ ᠠᠵᠢᠯ᠎ᠳᠤ ᠤᠷᠮᠠᠰᠢᠭᠤᠯᠤᠯ᠎ᠤᠨ ᠰᠤᠷᠭ᠋ᠠᠨ ᠬᠦᠮᠦᠵᠢᠯ᠎ᠢ ᠬᠡᠷᠬᠢᠨ ᠠᠮᠢᠳᠤᠯᠢᠭ ᠬᠡᠷᠡᠭᠯᠡᠬᠦ ᠪᠤᠢ
ᠮᠢᠨᠤ ᠦᠵᠡᠬᠦ᠎ᠪᠠᠷ ᠤᠷᠮᠠᠰᠢᠭᠤᠯᠤᠨ ᠵᠤᠷᠢᠬ᠍ᠵᠢᠭᠤᠯᠬᠤ ᠪᠤᠯ ᠰᠤᠷᠭ᠋ᠠᠨ ᠬᠦᠮᠦᠵᠢᠯ ᠠᠮᠵᠢᠯᠲᠠ ᠣᠯᠬᠣ ᠠ᠋ᠰᠡᠬᠦ ᠵᠢᠨ ᠴᠢᠬᠤᠯᠠ ᠨᠢᠭᠡᠨ ᠭᠤᠭᠴᠤᠭ᠎ᠠ ᠪᠤᠯᠬᠤ ᠶᠤᠮ᠂ ᠰᠤᠷᠤᠭᠴᠢᠳ 《ᠴᠢ ᠪᠦᠳᠦᠬᠦ ᠦᠭᠡᠢ ᠪᠠᠶ᠋ᠢᠨ᠎ᠠ᠂ ᠪᠣᠯᠬᠣ ᠦᠭᠡᠢ ᠪᠠᠶ᠋ᠢᠨ᠎ᠠ》 ᠭᠡᠵᠤ ᠪᠠᠶ᠋ᠢᠩᠭᠤ ᠵᠠᠩᠨᠠᠵᠤ ᠠᠭᠤᠷᠯᠠᠬᠤ ᠵᠢᠨ ᠣᠷᠣᠨ᠎ᠳᠤ 《ᠴᠢ ᠪᠦᠳᠦᠵᠦ ᠪᠠᠶ᠋ᠢᠨ᠎ᠠ᠂ ᠪᠤᠯᠵᠤ ᠪᠠᠶ᠋ᠢᠨ᠎ᠠ》 ᠭᠡᠵᠦ ᠤᠷᠮᠠᠰᠢᠭᠤᠯᠤᠨ ᠵᠤᠷᠢᠬ᠍ᠵᠢᠭᠤᠯᠵᠤ᠂ ᠰᠤᠷᠤᠭᠴᠢᠳ᠎ᠤᠨ ᠳᠠᠯᠳᠠ ᠤᠬᠠᠮᠰᠠᠷ᠎ᠢ ᠰᠡᠷᠢᠭᠡᠵᠤ᠂ ᠦᠪᠡᠰᠤᠪᠠᠨ ᠰᠤᠷᠤᠯᠴᠠᠬᠤ ᠢᠳᠡᠪᠬᠢᠵᠢᠯ᠎ᠢ᠎ᠨᠢ ᠳᠠᠶ᠋ᠢᠴᠢᠯᠠᠬᠤ᠎ᠨᠢ ᠬᠠᠷᠢᠨ ᠴᠢᠬᠤᠯᠠ᠎ᠠᠴᠠ ᠴᠢᠬᠤᠯᠠ ᠭᠡᠵᠦ ᠪᠤᠳᠤᠭᠳᠠᠵᠤ ᠪᠠᠶ᠋ᠢᠨ᠎ᠠ᠃ ᠪᠢᠳᠡ ᠠ᠋ᠷᠬᠡᠪᠰᠢ ᠰᠤᠷᠭ᠋ᠠᠨ ᠬᠦᠮᠦᠵᠢᠯ᠎ᠤᠨ ᠳᠤᠮᠳᠠ ᠬᠡᠤᠬᠡᠳ ᠰᠤᠷᠤᠭᠴᠢᠳ᠎ᠲᠤ᠎ᠪᠠᠨ ᠤᠷᠮᠠᠰᠢᠭᠤᠯᠤᠯ᠎ᠤᠨ ᠠᠷᠭ᠎ᠠ ᠵᠢ ᠪᠠᠶ᠋ᠢᠩᠭᠤ ᠬᠡᠷᠡᠭᠯᠡᠵᠤ᠂ ᠤᠷᠮ᠎ᠠ ᠵᠣᠷᠢᠭ᠎ᠢ᠎ᠨᠢ ᠲᠠᠰᠤᠷᠠᠯᠲᠠ ᠦᠭᠡᠢ ᠬᠦᠪᠴᠢᠯᠡᠨ ᠦᠭᠴᠦ᠂ ᠰᠤᠷᠤᠭᠴᠢᠳ᠎ᠤᠨ ᠳᠠᠯᠳᠠ ᠬᠦᠴᠦᠨ᠎ᠢ ᠨᠡᠭᠡᠭᠡᠬᠦ ᠵᠢ ᠲᠡᠷᠢᠭᠦᠨ ᠪᠠᠶ᠋ᠢᠷᠢᠨ᠎ᠳᠤ ᠲᠠᠯᠪᠢᠬᠤ ᠬᠡᠷᠡᠭᠳᠡᠢ ᠪᠤᠯᠤᠭ᠋ᠠᠳ ᠪᠠᠶ᠋ᠢᠨ᠎ᠠ᠃ ᠰᠤᠷᠤᠯᠴᠠᠯᠭ᠎ᠠ᠎ᠳᠤ ᠰᠤᠷᠤᠭᠴᠢᠳ᠎ᠤᠨ ᠳᠠᠯᠳᠠ ᠬᠦᠴᠦᠨ ᠴᠢᠳᠠᠯ᠎ᠢ ᠨᠡᠭᠡᠭᠡᠬᠦ ᠪᠤᠯ ᠲᠤᠶ᠋ᠢᠯ᠎ᠤᠨ ᠴᠢᠬᠤᠯᠠ ᠠᠰᠠᠭᠤᠳᠠᠯ ᠮᠦᠨ᠂ ᠰᠤᠷᠤᠭᠴᠢᠳ᠎ᠤᠨ ᠳᠠᠯᠳᠠ ᠬᠦᠴᠦᠨ᠎ᠢ ᠨᠡᠭᠡᠭᠡᠬᠦ᠎ᠳᠤ ᠤᠷᠮᠠᠰᠢᠭᠤᠯᠤᠯ᠎ᠤᠨ ᠠᠷᠭ᠎ᠠ ᠪᠤᠯ ᠠ᠋ᠷᠳᠡᠨᠢ ᠵᠢᠨ ᠲᠦᠯᠬᠢᠭᠦᠷ᠎ᠨᠢ ᠪᠠᠶ᠋ᠢᠬᠤ ᠶᠤᠰᠤᠳᠠᠢ᠃ ᠲᠡᠭᠡᠪᠡᠯ ᠠᠩᠭᠢ ᠵᠢᠨ ᠠ᠋ᠷᠬᠢᠯᠡᠭᠴᠢ ᠪᠤᠯᠤᠭᠰᠠᠳ ᠤᠷᠮᠠᠰᠢᠭᠤᠯᠤᠯ᠎ᠤᠨ ᠠᠷᠭ᠎ᠠ ᠵᠢ ᠬᠡᠷᠬᠢᠨ ᠵᠦᠪ ᠵᠶ᠋ᠠᠷ᠂ ᠨᠡᠩ ᠢᠯᠡᠭᠦᠤ ᠦᠷ᠎ᠡ ᠪᠦᠲᠦᠮᠵᠢᠲᠠᠢ᠎ᠪᠠᠷ ᠬᠡᠷᠡᠭᠯᠡᠬᠦ ᠪᠤᠢ?
1. ᠵᠦᠢ᠍ᠷ ᠦᠭᠡ᠎ᠪᠠᠷ ᠤᠷᠮᠠᠰᠢᠭᠤᠯᠤᠨ ᠵᠤᠷᠢᠬ᠍ᠵᠢᠭᠤᠯᠬᠤ
ᠪᠢᠳᠠ 《ᠠᠮᠠᠨ᠎ᠤ ᠪᠡᠯᠭᠡ᠎ᠠᠴᠠ ᠠᠰᠢᠳᠠ ᠵᠢᠨ ᠪᠡᠯᠭᠡ》 ᠭᠡᠵᠦ ᠦᠷ᠎ᠡ ᠬᠡᠤᠬᠡᠳ᠎ᠲᠤ᠎ᠪᠠᠨ ᠪᠤᠶᠤ ᠪᠤᠰᠤᠳ ᠶᠠᠮᠠᠷ ᠴᠤ᠌ ᠬᠦᠮᠦᠨ᠎ᠳᠤ ᠰᠠᠶ᠋ᠢᠨ ᠰᠠᠶ᠋ᠢᠬᠠᠨ ᠪᠡᠯᠭᠡ ᠳᠡᠮᠪᠡᠷᠡᠯ᠎ᠲᠠᠢ ᠦᠭᠡ ᠬᠡᠯᠡᠵᠤ ᠰᠠᠶ᠋ᠢᠨᠤ ᠢᠷᠦᠭᠡᠯ ᠲᠠᠯᠪᠢᠬᠤ ᠵᠢ ᠢᠯᠡᠭᠦᠤ ᠬᠢᠴᠢᠶᠡᠳᠡᠭ᠃ ᠰᠢᠯᠭ᠋ᠠᠯᠲᠠ ᠵᠢᠨ ᠬᠢᠷᠢ ᠪᠦᠳᠦᠮᠵᠢ᠎ᠨᠢ ᠰᠠᠨᠠᠭ᠋ᠠᠨ᠎ᠳᠤ᠎ᠨᠢ ᠬᠦᠷᠦᠭᠰᠡᠨ ᠦᠭᠡᠢ ᠪᠤᠶᠤ ᠠᠨᠠᠢ ᠰᠢᠯᠭ᠋ᠠᠭᠤᠯᠤᠭᠰᠠᠨ ᠪᠠᠶ᠋ᠢᠪᠠᠯ 《ᠡᠷ᠎ᠡ ᠬᠦᠮᠦᠨ ᠳᠣᠯᠣᠭ᠎ᠠ ᠪᠦᠳᠦᠷᠢᠵᠦ ᠨᠠᠢ᠍ᠮᠠ ᠰᠡᠬᠡᠳᠡᠭ》 ᠭᠡᠵᠦ ᠢᠳᠬᠠᠨ 《ᠰᠠᠨᠠᠵᠤ ᠯᠠ ᠪᠠᠶ᠋ᠢᠪᠠᠯ ᠪᠦᠳᠦᠨ᠎ᠡ᠂ ᠰᠠᠵᠢᠯᠠᠵᠤ ᠯᠠ ᠪᠠᠶ᠋ᠢᠪᠠᠯ ᠬᠦᠷᠦᠨ᠎ᠡ》᠂ 《ᠵᠢᠷᠭ᠋ᠠᠬᠤ ᠴᠠᠭ᠎ᠲᠤ ᠰᠡᠷᠡᠮᠵᠢ ᠬᠡᠷᠡᠭᠳᠡᠢ᠂ ᠵᠣᠪᠠᠬᠤ ᠴᠠᠭ᠎ᠲᠤ ᠬᠠᠳᠠᠭᠤᠵᠢᠯ ᠬᠡᠷᠡᠭᠳᠡᠢ》᠂ 《ᠣᠷᠬᠢᠯᠳᠤᠷ ᠭᠠᠷᠬᠤ ᠤᠮᠤᠭ ᠵᠣᠷᠢᠭ ᠪᠠᠶ᠋ᠢᠪᠠᠰᠤ ᠣᠷᠴᠢᠯᠠᠩ ᠳᠡᠯᠡᠬᠡᠢᠳᠤᠷ ᠪᠡᠷᠬᠡ ᠶᠠᠪᠤᠳᠠᠯ ᠠᠯᠠᠭ᠎ᠠ᠂ ᠦᠷᠭᠦᠯᠵᠢᠯᠡᠨ ᠴᠢᠷᠮᠠᠢ》 ᠬᠡᠮᠡᠨ ᠤᠷᠮᠠᠰᠢᠭᠤᠯᠤᠨ ᠵᠤᠷᠢᠬ᠍ᠵᠢᠭᠤᠯᠵᠤ᠂ ᠢᠯᠠᠭᠳᠠᠯ᠎ᠳᠤ ᠨᠤᠭᠤᠷᠠᠵᠤ ᠪᠤᠯᠬᠤ ᠦᠭᠡᠢ᠂ ᠶᠠᠮᠠᠷᠪᠠ ᠠᠵᠢᠯ ᠦᠢ᠍ᠯᠡᠰ᠎ᠤᠨ ᠵᠠᠮ᠎ᠳᠤ ᠪᠦᠷ ᠨᠤᠭᠤᠷᠠᠯ ᠪᠦᠳᠦᠷᠢᠯ ᠤᠷᠤᠰᠢᠵᠤ ᠪᠠᠶ᠋ᠢᠳᠠᠭ᠂ ᠠ᠋ᠷᠬᠡᠪᠰᠢ ᠴᠢᠩᠭ᠎ᠠ ᠬᠠᠲᠠᠭᠤ ᠵᠣᠷᠢᠭ ᠵᠶ᠋ᠠᠷ ᠰᠢᠨᠳᠠᠷᠠᠰᠢ ᠦᠭᠡᠢ ᠬᠦᠴᠦᠯᠡᠨ ᠴᠢᠷᠮᠠᠶ᠋ᠢᠵᠤ ᠯᠠ ᠪᠠᠶ᠋ᠢᠪᠠᠯ ᠡᠴᠦᠰ᠎ᠲᠤ᠎ᠪᠠᠨ ᠠᠮᠵᠢᠯᠲᠠ᠎ᠳᠤ ᠬᠦᠷᠴᠦ ᠪᠤᠯᠤᠨ᠎ᠠ ᠭᠡᠰᠡᠨ ᠶᠤᠰᠤ ᠤᠴᠢᠷ᠎ᠢ ᠲᠠᠨᠢᠭᠤᠯᠵᠤ ᠪᠠᠶ᠋ᠢᠬᠤ ᠴᠢᠬᠤᠯᠠᠲᠠᠢ᠃
2. ᠲᠠᠪᠠᠭᠤᠯᠢᠭ ᠲᠠᠯ᠎ᠠ᠎ᠪᠠᠷ᠎ᠨᠢ ᠤᠷᠮᠠᠰᠢᠭᠤᠯᠬᠤ
ᠬᠦᠮᠦᠨ ᠪᠦᠬᠦᠨ᠎ᠳᠤ ᠦᠪᠡᠷ ᠦᠪᠡᠷ᠎ᠤᠨ ᠬᠢᠨᠢ ᠲᠠᠪᠠᠭᠤᠯᠢᠭ ᠲᠠᠯ᠎ᠠ ᠪᠠ ᠲᠤᠳᠠᠭᠳᠠᠯ᠎ᠲᠠᠢ ᠲᠠᠯ᠎ᠠ ᠭᠡᠵᠦ ᠪᠠᠶ᠋ᠢᠳᠠᠭ᠃ ᠮᠢᠨᠤ ᠦᠵᠡᠬᠦ᠎ᠪᠠᠷ ᠬᠢᠴᠢᠶᠡᠯ ᠰᠤᠷᠤᠯᠭ᠎ᠠ᠎ᠳᠤ᠎ᠪᠠᠨ ᠰᠢᠮᠳᠠᠳᠠᠭ ᠦᠭᠡᠢ ᠰᠤᠷᠤᠭᠴᠢᠳ᠎ᠲᠤ 《ᠴᠢᠨᠤ ᠠ᠋ᠨᠡ ᠴᠢᠨᠢ ᠪᠤᠯᠬᠤ ᠦᠭᠡᠢ ᠪᠠᠶ᠋ᠢᠨ᠎ᠠ᠂ ᠲᠡᠷᠡ ᠴᠢᠨᠢ ᠪᠤᠯᠬᠤ ᠦᠭᠡᠢ ᠪᠠᠶ᠋ᠢᠨ᠎ᠠ》 ᠭᠡᠵᠦ ᠵᠠᠩᠨᠠᠬᠤ ᠵᠢᠨ ᠣᠷᠣᠨ᠎ᠳᠤ ᠤᠷᠢᠳ ᠵᠶ᠋ᠠᠷ ᠲᠡᠳᠡᠭᠡᠷ᠎ᠤᠨ ᠲᠠᠪᠠᠭᠤᠯᠢᠭ ᠲᠠᠯ᠎ᠠ ᠵᠢ᠎ᠨᠢ ᠤᠯᠵᠤ ᠵᠤᠷᠢᠬ᠍ᠵᠢᠭᠤᠯᠤᠨ ᠤᠷᠮᠠᠰᠢᠭᠤᠯᠤᠭᠰᠠᠨ ᠰᠠᠭᠤᠷᠢᠨ ᠳᠡᠭᠡᠷ᠎ᠡ ᠬᠦᠷᠦᠯᠴᠡᠬᠦ ᠦᠭᠡᠢ ᠲᠠᠯ᠎ᠠ ᠵᠢ᠎ᠨᠢ ᠬᠡᠯᠡᠵᠦ ᠰᠠᠨᠠᠭᠤᠯᠪᠠᠯ᠂ ᠲᠡᠳᠡᠭᠡᠷ ᠰᠤᠷᠤᠭᠴᠢ ᠪᠡᠶ᠎ᠡ᠎ᠳᠤ᠎ᠪᠠᠨ ᠢᠲᠡᠭᠡᠯ᠎ᠲᠠᠢ ᠪᠤᠯᠵᠤ᠂ ᠰᠤᠷᠭ᠋ᠠᠭᠤᠯᠢ ᠵᠢᠨ ᠬᠦᠷᠢᠶᠡᠨ᠎ᠤ ᠠᠮᠢᠳᠤᠷᠠᠯ᠎ᠳᠤ ᠤᠯᠠᠮ ᠵᠶ᠋ᠠᠷ ᠰᠤᠨᠢᠷᠬᠠᠯ᠎ᠲᠠᠢ ᠪᠤᠯᠵᠤ ᠢᠷᠡᠬᠦ ᠮᠦᠷᠲᠡᠭᠡᠨ ᠠᠭ᠋ᠠᠵᠢᠮ ᠵᠶ᠋ᠠᠷ ᠬᠢᠴᠢᠶᠡᠯ ᠰᠤᠷᠤᠯᠭ᠎ᠠ᠎ᠳᠤ᠎ᠪᠠᠨ ᠴᠤ᠌ ᠰᠢᠮᠳᠡᠵᠤ ᠠ᠋ᠬᠢᠯᠡᠬᠦ ᠪᠤᠯᠤᠨ᠎ᠠ᠃
3. ᠰᠤᠷᠤᠭᠴᠢᠳ᠎ᠲᠠᠢ ᠬᠠᠷᠢᠴᠠᠭ᠎ᠠ᠎ᠪᠠᠨ ᠰᠠᠶ᠋ᠢᠵᠢᠷᠠᠭᠤᠯᠵᠤ᠂ ᠰᠤᠷᠤᠭᠴᠢᠳ᠎ᠤᠨ ᠰᠡᠳᠬᠢᠯ᠎ᠤᠨ ᠨᠠᠶ᠋ᠢᠵᠠ᠎ᠨᠢ ᠪᠣᠯᠵᠤ ᠲᠠᠬᠢᠨ ᠤᠷᠮᠠᠰᠢᠭᠤᠯᠬᠤ
ᠰᠤᠷᠤᠭᠴᠢᠳ ᠪᠤᠯ ᠪᠦᠷ ᠠᠪᠤ ᠡᠵᠢ᠎ᠠᠴᠠ᠎ᠪᠠᠨ ᠰᠠᠯᠵᠦ ᠬᠤᠯᠠ ᠭᠠᠷᠴᠤ᠂ ᠤᠯᠠᠨ ᠰᠤᠷᠤᠭᠴᠢ ᠵᠢᠨ ᠳᠤᠮᠳᠠ ᠪᠡᠶ᠎ᠡ᠎ᠪᠠᠨ ᠳᠠᠭ᠋ᠠᠭ᠋ᠠᠭᠰᠠᠨ ᠨᠢᠭᠡᠨ ᠬᠡᠰᠢᠭᠦᠨ ᠪᠤᠯᠵᠤ ᠶᠠᠪᠤᠵᠤ ᠪᠠᠶ᠋ᠢᠭ᠎ᠠ ᠬᠦᠮᠦᠰ ᠤᠴᠢᠷ᠎ᠠᠴᠠ ᠲᠡᠳᠡ ᠨᠡᠷ᠎ᠲᠤ ᠰᠡᠳᠬᠢᠯ ᠵᠶ᠋ᠠᠨ ᠳᠡᠯᠭᠡᠬᠦ ᠬᠦᠮᠦᠨ ᠶᠡᠬᠡ ᠱᠠᠭ᠋ᠠᠷᠳᠠᠳᠠᠭ᠂ ᠨᠡᠩ ᠢᠯᠠᠩᠭᠤᠶ᠎ᠠ ᠬᠦᠨᠳᠦᠳᠬᠡᠵᠦ ᠪᠢᠰᠢᠷᠡᠳᠡᠭ ᠪᠠᠭᠰᠢ ᠨᠠᠷ᠎ᠨᠢ ᠲᠡᠭᠦᠨ᠎ᠲᠠᠢ ᠤᠶ᠋ᠢᠷᠠᠳᠤᠯᠴᠠᠨ ᠰᠡᠳᠬᠢᠯ᠎ᠤᠨ ᠦᠭᠡ᠎ᠪᠠᠨ ᠰᠤᠯᠢᠯᠴᠠᠨ ᠨᠠᠶ᠋ᠢᠵᠠᠯᠠᠬᠤᠨᠢ ᠰᠤᠷᠤᠭᠴᠢᠳ᠎ᠲᠤ ᠠᠪᠴᠤ ᠬᠡᠯᠡᠪᠡᠯ ᠮᠠᠰᠢ ᠶᠡᠬᠡ ᠪᠠᠶᠠᠷ ᠬᠦᠷ᠎ᠲᠠᠢ ᠤᠴᠢᠷ ᠪᠤᠯᠬᠤ ᠶᠤᠮ᠃ ᠶᠠᠭ ᠠ᠋ᠨᠡ ᠭᠦ᠌ ᠨᠠᠶ᠋ᠢᠵᠠ ᠵᠢᠨ ᠬᠠᠷᠢᠴᠠᠭ᠋ᠠᠨ᠎ᠤ ᠰᠠᠭᠤᠷᠢᠨ ᠳᠡᠭᠡᠷ᠎ᠡ ᠪᠠᠭᠰᠢ᠎ᠠᠴᠠ ᠰᠤᠷᠤᠭᠴᠢᠳ᠎ᠲᠤ ᠠ᠋ᠶᠡᠯᠳᠡᠭ ᠵᠶ᠋ᠠᠷ ᠦᠪᠡᠷ᠎ᠤᠨ ᠪᠤᠳᠤᠯ ᠰᠠᠨᠠᠯ ᠵᠶ᠋ᠠᠨ ᠬᠡᠯᠡᠵᠦ᠂ ᠤᠷᠮᠠᠰᠢᠭᠤᠯᠤᠨ ᠵᠤᠷᠢᠬ᠍ᠵᠢᠭᠤᠯᠪᠠᠯ ᠰᠤᠷᠤᠭᠴᠢᠳ ᠨᠡᠩ ᠠᠮᠠᠷᠬᠠᠨ ᠬᠦᠯᠢᠶᠡᠨ ᠠᠪᠴᠤ᠂ ᠦᠷ᠎ᠡ ᠠᠰᠢᠭ᠎ᠨᠢ ᠨᠡᠩ ᠦᠨᠳᠦᠷ ᠪᠠᠶ᠋ᠢᠳᠠᠭ᠃
4. ᠰᠤᠷᠤᠭᠴᠢᠳ᠎ᠤᠨ ᠬᠢᠴᠢᠶᠡᠯ᠎ᠤᠨ ᠲᠠᠩᠬᠢᠮ᠎ᠤᠨ ᠠᠰᠠᠭᠤᠯᠲᠠ ᠬᠠᠷᠢᠭᠤᠯᠬᠤ ᠪᠤᠶᠤ ᠰᠤᠷᠤᠯᠭ᠎ᠠ ᠠᠮᠢᠳᠤᠷᠠᠯ᠎ᠤᠨ ᠵᠢᠵᠢᠭ ᠰᠠᠵᠢᠭ ᠵᠦᠢ᠍ᠯ᠎ᠳᠤ ᠮᠠᠭᠳᠠᠭ᠋ᠠᠯ ᠦᠭᠴᠦ ᠤᠷᠮᠠᠰᠢᠭᠤᠯᠬᠤ
ᠬᠢᠴᠢᠶᠡᠯ᠎ᠤᠨ ᠴᠠᠭ ᠪᠠᠭᠰᠢ ᠵᠢᠨ ᠠᠰᠠᠭᠤᠯᠲᠠ ᠵᠢ ᠭᠠᠷ ᠠ᠋ᠷᠭᠦᠨ ᠬᠠᠷᠢᠭᠤᠯᠵᠤ ᠪᠠᠶ᠋ᠢᠭ᠎ᠠ ᠰᠤᠷᠤᠭᠴᠢᠳ ᠪᠤᠯ ᠪᠡᠶ᠎ᠡ᠎ᠳᠤ᠎ᠪᠠᠨ ᠢᠲᠡᠭᠡᠯ᠎ᠲᠠᠢ ᠬᠦᠮᠦᠰ ᠪᠤᠯᠬᠤ ᠶᠤᠮ᠃ ᠪᠡᠶ᠎ᠡ᠎ᠳᠤ᠎ᠪᠠᠨ ᠢᠳᠡᠭᠡᠵᠦ ᠭᠠᠷ ᠠ᠋ᠷᠭᠦᠨ ᠪᠤᠰᠴᠤ ᠬᠠᠷᠢᠭᠤᠯᠬᠤ᠎ᠳᠤᠨᠢ ᠬᠠᠷᠢᠭᠤᠯᠲᠠ᠎ᠨᠢ ᠣᠨᠣᠪᠴᠢᠳᠠᠢ ᠴᠤ᠌ ᠪᠤᠯᠤᠭ ᠤᠨᠤᠪᠴᠢ ᠦᠭᠡᠢ ᠴᠤ᠌ ᠪᠤᠯᠤᠭ᠂ ᠰᠡᠳᠦᠪ᠎ᠲᠤ᠎ᠪᠠᠨ ᠲᠠᠶ᠋ᠢᠯᠪᠤᠷᠢ ᠬᠢᠬᠦ ᠵᠢᠨ ᠳᠠᠭ᠋ᠠᠤ ᠵᠤᠬᠢᠰᠳᠠᠢ ᠤᠷᠮᠠᠰᠢᠭᠤᠯᠤᠯ ᠰᠠᠶ᠋ᠢᠰᠢᠶᠠᠯ᠎ᠤᠨ ᠦᠭᠡ ᠵᠢ ᠪᠠᠶ᠋ᠢᠩᠭᠤ ᠱᠠᠩᠨᠠᠵᠤ ᠪᠠᠶ᠋ᠢᠬᠤ ᠬᠡᠷᠡᠭᠳᠡᠢ᠃ ᠢᠩᠭᠢᠵᠤ ᠬᠢᠪᠡᠯ ᠰᠤᠷᠤᠭᠴᠢᠳ ᠬᠡᠷᠪᠡ ᠵᠦᠪ ᠬᠠᠷᠢᠭᠤᠯᠤᠭᠰᠠᠨ ᠪᠤᠯ ᠪᠡᠶ᠎ᠡ᠎ᠳᠤ᠎ᠪᠠᠨ ᠨᠡᠩ ᠢᠯᠡᠭᠦᠤ ᠢᠲᠡᠭᠡᠯ᠎ᠲᠠᠢ ᠪᠤᠯᠵᠤ᠂ ᠬᠡᠷᠪᠡ ᠤᠨᠤᠪᠴᠢ ᠦᠭᠡᠢ ᠬᠠᠷᠢᠭᠤᠯᠤᠭᠰᠠᠨ ᠪᠤᠯ ᠪᠠᠭᠰᠢ ᠵᠢᠨ ᠵᠶ᠋ᠠᠨ ᠲᠡᠭᠦᠨ᠎ᠳᠤ ᠦᠭᠬᠦᠭᠰᠡᠨ ᠢᠲᠡᠭᠡᠯ ᠨᠠᠶ᠋ᠢᠳᠠᠯᠭ᠎ᠠ᠎ᠳᠤ ᠤᠷᠮᠠᠰᠢᠵᠤ᠂ ᠨᠡᠩ ᠢᠯᠡᠭᠦᠤ ᠪᠡᠶ᠎ᠡ᠎ᠪᠠᠨ ᠴᠢᠩᠭ᠎ᠠ ᠱᠠᠭ᠋ᠠᠷᠳᠠᠵᠤ ᠴᠢᠷᠮᠠᠶ᠋ᠢᠨ ᠰᠤᠷᠤᠯᠴᠠᠬᠤ ᠪᠤᠯᠤᠨ᠎ᠠ᠃
5. ᠰᠤᠷᠤᠭᠴᠢ ᠵᠢ ᠲᠤᠭᠳᠠᠮᠠᠯ ᠪᠤᠰᠤ ᠬᠤᠭᠤᠴᠠᠭ᠎ᠠ᠎ᠲᠠᠢ᠎ᠪᠠᠷ ᠳᠠᠭᠤᠳᠠᠨ ᠶᠠᠷᠢᠯᠴᠠᠵᠤ᠂ ᠰᠤᠷᠤᠯᠭ᠎ᠠ ᠠᠮᠢᠳᠤᠷᠠᠯ᠎ᠤᠨ ᠬᠢᠨᠢ ᠲᠠᠯ᠎ᠠ᠎ᠪᠠᠷ ᠬᠠᠷᠠᠭ᠋ᠠᠯᠵᠠᠨ ᠤᠷᠮᠠᠰᠢᠭᠤᠯᠤᠨ ᠵᠤᠷᠢᠬ᠍ᠵᠢᠭᠤᠯᠬᠤ
ᠰᠤᠷᠤᠭᠴᠢᠳ᠎ᠢ ᠲᠤᠭᠳᠠᠮᠠᠯ ᠪᠤᠰᠤ ᠬᠤᠭᠤᠴᠠᠭ᠎ᠠ᠎ᠪᠠᠷ ᠳᠠᠭᠤᠳᠠᠨ ᠶᠠᠷᠢᠯᠴᠠᠬᠤ᠎ᠨᠢ ᠰᠤᠷᠤᠭᠴᠢᠳ᠎ᠲᠤ ᠠᠪᠴᠤ ᠬᠡᠯᠡᠪᠡᠯ ᠨᠢᠭᠡ ᠵᠦᠢ᠍ᠯ᠎ᠤᠨ ᠤᠷᠮᠠᠰᠢᠭᠤᠯᠤᠯ ᠵᠤᠷᠢᠬ᠍ᠵᠢᠭᠤᠯᠤᠯ ᠪᠤᠯᠬᠤ ᠶᠤᠮ᠂ ᠲᠡᠷᠡ᠎ᠨᠢ ᠰᠤᠷᠤᠭᠴᠢᠳ᠎ᠲᠤ ᠪᠠᠭᠰᠢ᠎ᠠᠴᠠ ᠲᠡᠭᠦᠨ᠎ᠢ ᠴᠢᠬᠤᠯᠠᠴᠢᠯᠠᠨ ᠦᠵᠡᠵᠦ ᠪᠠᠶ᠋ᠢᠬᠤ᠎ᠪᠠᠷ ᠰᠠᠨᠠᠭᠳᠠᠵᠤ᠂ ᠤᠷᠮ᠎ᠠ ᠵᠣᠷᠢᠭ᠎ᠨᠢ ᠬᠦᠪᠴᠢᠯᠡᠭᠳᠡᠵᠦ᠂ ᠰᠤᠷᠤᠯᠭ᠎ᠠ ᠬᠢᠴᠢᠶᠡᠯ᠎ᠳᠤ᠎ᠪᠠᠨ ᠨᠡᠩ ᠢᠯᠡᠭᠦᠤ ᠬᠦᠴᠦᠯᠡᠨ ᠴᠢᠷᠮᠠᠶ᠋ᠢᠬᠤ ᠪᠤᠯᠤᠨ᠎ᠠ᠃
6. ᠠ᠋ᠷᠲᠡᠨ᠎ᠤ ᠮᠡᠷᠭᠡᠳ᠎ᠤᠨ ᠭᠦᠨ ᠤᠬᠠᠭ᠋ᠠᠯᠢᠭ ᠰᠢᠯᠦᠭ ᠲᠠᠭᠤᠯᠠᠯ ᠵᠶ᠋ᠠᠷ ᠵᠤᠷᠢᠬ᠍ᠵᠢᠭᠤᠯᠬᠤ
ᠰᠤᠤᠲᠤ ᠮᠡᠷᠭᠡᠨ ᠢᠰᠢᠳᠠᠨᠽᠠᠨᠸᠠᠩᠵᠢᠯ 《ᠠ᠋ᠷᠬᠢᠮ ᠮᠠᠩᠯᠠᠢ ᠪᠤᠯᠤᠨ ᠬᠦᠮᠦᠵᠢᠬᠦᠯᠬᠦ ᠶᠤᠰᠤᠨ》 ᠭᠡᠳᠡᠭ ᠰᠢᠯᠦᠭ᠎ᠲᠤ᠎ᠪᠠᠨ 《ᠷᠬᠢᠮ ᠮᠠᠩᠯᠠᠢ ᠬᠦᠮᠦᠨ ᠪᠤᠯᠤᠨ ᠬᠦᠮᠦᠵᠢᠬᠦ ᠶᠤᠰᠤᠨ᠎ᠠ᠂ ᠠ᠋ᠷᠳᠡᠮ ᠴᠢᠳᠠᠯ ᠪᠦᠷᠢᠳᠬᠦ ᠮᠠᠰᠢ ᠴᠢᠬᠤᠯᠠ ᠬᠡᠮᠡᠨᠡᠮ᠂ ᠠ᠋ᠳᠦᠷ ᠴᠠᠭ᠎ᠢ ᠬᠤᠭᠤᠰᠤᠭ᠋ᠠᠷ ᠦᠯᠪᠡᠬᠦ ᠪᠣᠯᠪᠠᠰᠤ᠂ ᠠ᠋ᠨᠡ ᠨᠠᠰᠤᠨ᠎ᠤ ᠶᠠᠪᠤᠳᠠᠯ ᠶᠠᠭ᠋ᠠᠬᠢᠵᠤ ᠭᠦᠢ᠍ᠴᠡᠬᠦ᠂ ᠠ᠋ᠷᠳᠡᠨᠢ᠎ᠳᠤ ᠬᠠᠰ ᠨᠣᠮᠢᠨ ᠦᠵᠡᠰᠬᠦᠯᠡᠩ ᠪᠤᠯᠪᠠᠴᠤ᠂ ᠠ᠋ᠳ᠋ ᠠ᠋ᠰᠡ ᠬᠢᠪᠡᠰᠤ ᠬᠡᠷᠡᠭ ᠦᠭᠡᠢ ᠴᠢᠯᠠᠭᠤᠨ᠂ ᠠ᠋ᠷᠬᠢᠮ ᠰᠠᠶ᠋ᠢᠨ ᠬᠦᠮᠦᠨ ᠪᠡᠶ᠎ᠡ ᠯᠠᠭᠰᠢᠨ ᠪᠤᠯᠪᠠᠴᠤ᠂ ᠠ᠋ᠷᠳᠡᠮ ᠠ᠋ᠰᠡ ᠰᠤᠷᠪᠠᠰᠤ ᠴᠢᠨᠠᠷ ᠦᠭᠡᠢ ᠮᠠᠬᠠᠪᠤᠳ᠂ ᠪᠢᠷ ᠪᠡᠬᠡ ᠠ᠋ᠷᠢᠶᠡᠯᠡᠨ ᠤᠳᠬ᠎ᠠ ᠤᠶᠠᠩᠭᠠᠳᠤᠷ ᠰᠢᠮᠳᠠᠪᠠᠰᠤ᠂ ᠪᠢᠯᠢᠭ ᠠ᠋ᠷᠳᠡᠮ ᠲᠡᠭᠦᠰᠬᠦ ᠶᠤᠰᠤ ᠨᠣᠮᠯᠠᠯ ᠢᠯᠡᠷᠬᠡᠢ᠂ ᠪᠡᠶ᠎ᠡ ᠭᠡᠷ᠎ᠤᠨ ᠬᠡᠷᠡᠭ ᠪᠠ ᠤᠯᠤᠰ ᠲᠦᠷᠦ ᠵᠢᠨ ᠶᠠᠪᠤᠳᠠᠯᠳᠤᠷ᠂ ᠪᠢᠴᠢᠭ ᠨᠣᠮ᠎ᠤᠨ ᠠᠰᠢᠭ ᠳᠤᠰᠠ ᠲᠦᠮᠡᠨ ᠦᠶ᠎ᠡ ᠲᠤᠳᠤᠷᠬᠠᠢ᠂ ᠴᠢᠬᠢᠨ᠎ᠳᠤ᠎ᠪᠠᠨ ᠰᠢᠩᠭᠡᠭᠡᠵᠤ ᠨᠢᠳᠦᠨ᠎ᠳᠤ᠎ᠪᠠᠨ ᠰᠢᠷᠲᠡᠭᠡᠳ᠂ ᠴᠡᠭᠡᠵᠢᠨᠳᠤᠷ ᠵᠶ᠋ᠠᠨ ᠠᠭᠤᠯᠵᠤ ᠰᠡᠳᠬᠢᠯ᠎ᠳᠡᠭᠡᠨ ᠲᠡᠮᠳᠡᠭᠯᠡᠭᠡᠳ᠂ ᠴᠢᠩᠭ᠎ᠠ ᠵᠣᠷᠢᠭ ᠠ᠋ᠭᠦᠰᠬᠡᠵᠤ ᠪᠢᠰᠢᠯᠭ᠋ᠠᠬᠤ ᠪᠤᠯᠪᠠᠰᠤ᠂ ᠴᠢᠩ ᠦᠨᠡᠨ ᠰᠤᠷᠤᠯᠭ᠎ᠠ ᠵᠢ ᠲᠡᠭᠦᠰᠬᠡᠵᠤ ᠪᠣᠯᠣᠮᠣᠢ》 ᠬᠡᠮᠡᠨ ᠠ᠋ᠷᠬᠢᠮ ᠬᠦᠮᠦᠨ ᠪᠤᠯᠬᠤ᠂ ᠠᠮᠵᠢᠯᠲᠠ᠎ᠳᠤ ᠬᠦᠷᠬᠦ᠎ᠳᠤ ᠠ᠋ᠷᠬᠡᠪᠰᠢ ᠴᠢᠷᠮᠠᠶ᠋ᠢᠨ ᠰᠤᠷᠤᠯᠴᠠᠵᠤ ᠠᠵᠢᠯᠯᠠᠬᠤ ᠬᠡᠷᠡᠭᠳᠡᠢ᠂ ᠲᠡᠶ᠋ᠢᠮᠤ ᠪᠢᠰᠢ ᠪᠤᠯ ᠪᠡᠶ᠎ᠡ ᠮᠠᠬᠠᠪᠤᠳ ᠬᠡᠴᠢᠨᠡᠭᠡᠨ ᠰᠠᠶ᠋ᠢᠨ᠂ ᠲᠠᠷᠢᠬᠢ ᠬᠡᠴᠢᠨᠡᠭᠡᠨ ᠰᠡᠷᠭᠦᠯᠡᠩ ᠪᠤᠯᠤᠯ᠎ᠠ ᠭᠡᠳ ᠬᠡᠷᠡᠭ ᠦᠭᠡᠢ ᠭᠡᠵᠦ ᠬᠡᠤᠬᠡᠳ ᠪᠠᠭ᠋ᠠᠴᠤᠳ᠎ᠢ ᠠ᠋ᠷᠳᠡᠮ ᠨᠣᠮ᠎ᠳᠤ᠎ᠪᠠᠨ ᠴᠢᠷᠮᠠᠶ᠋ᠢᠬᠤ ᠬᠡᠷᠡᠭᠳᠡᠢ᠂ ᠬᠡᠷᠪᠡ ᠰᠡᠳᠬᠢᠯ ᠲᠥᠪᠯᠡᠷᠡᠭᠦᠯᠦᠨ ᠲᠡᠰᠪᠦᠷᠢ ᠬᠠᠳᠠᠭᠤᠵᠢᠯᠲᠠᠢ᠎ᠪᠠᠷ ᠰᠤᠷᠤᠯᠴᠠᠪᠠᠯ ᠯᠠᠪ ᠠᠮᠵᠢᠯᠲᠠ᠎ᠳᠤ ᠬᠦᠷᠴᠦ ᠳᠡᠶ᠋ᠢᠯᠦᠨ᠎ᠡ ᠭᠡᠳᠡᠭ ᠰᠠᠨᠠᠭ᠎ᠠ᠎ᠪᠠᠨ ᠭᠦᠨ ᠤᠬᠠᠭ᠋ᠠᠯᠢᠭ ᠦᠭᠡ ᠦᠭᠦᠯᠡᠪᠦᠷᠢᠳᠤᠪᠠᠨ ᠰᠢᠩᠭᠡᠭᠡᠨ ᠰᠤᠷᠭ᠋ᠠᠭᠰᠠᠨ ᠪᠠᠶ᠋ᠢᠨ᠎ᠠ᠃ ᠠ᠋ᠨᠡ᠎ᠨᠢ ᠰᠤᠷᠤᠭᠴᠢᠳ᠎ᠲᠤ ᠰᠢᠯᠦᠭ ᠰᠤᠨᠢᠷᠬᠠᠭᠤᠯᠬᠤ ᠵᠢᠨ ᠲᠠᠭ᠋ᠠᠤ ᠰᠤᠷᠤᠯᠴᠠᠯᠭ᠎ᠠ ᠵᠢᠨ ᠤᠷᠮ᠎ᠠ ᠵᠣᠷᠢᠭ᠎ᠢ᠎ᠨᠢ ᠬᠥᠪᠴᠢᠯᠡᠵᠤ ᠪᠤᠯᠬᠤ ᠠᠷᠭ᠎ᠠ ᠪᠠᠷᠢᠯ ᠪᠤᠯᠬᠤ ᠶᠤᠮ᠃
7. ᠠᠮᠵᠢᠯᠲᠠ ᠤᠯᠤᠭᠰᠠᠨ ᠲᠡᠤᠬᠡᠳᠤ ᠬᠦᠮᠦᠨ᠎ᠤ ᠦᠯᠢᠭᠡᠷ ᠲᠡᠤᠬᠡ᠎ᠪᠠᠷ ᠤᠷᠮᠠᠰᠢᠭᠤᠯᠤᠨ ᠵᠤᠷᠢᠬ᠍ᠵᠢᠭᠤᠯᠬᠤ
ᠬᠦᠮᠦᠨ ᠶᠡᠷᠦ᠎ᠨᠢ ᠰᠠᠶ᠋ᠢᠨ ᠰᠠᠶ᠋ᠢᠬᠠᠨ ᠵᠦᠭ ᠲᠡᠮᠡᠴᠡᠵᠦ ᠲᠡᠮᠡᠤᠯᠡᠬᠦ ᠳᠤᠷᠠᠲᠠᠢ ᠪᠠᠶ᠋ᠢᠳᠠᠭ᠃ ᠲᠡᠭᠡᠬᠦ᠎ᠪᠠᠷ ᠵᠶ᠋ᠠᠨ 《ᠬᠦᠮᠦᠨ ᠥᠭᠡᠳᠡ᠎ᠪᠠᠨ ᠤᠰᠤ ᠤᠷᠤᠭᠤ᠎ᠪᠠᠨ》 ᠭᠡᠳᠡᠭ ᠬᠠᠪᠤᠲᠦ ᠦᠭᠡ ᠲᠦᠷᠦᠭᠳᠡᠭᠰᠡᠨ ᠪᠠᠶ᠋ᠢᠬ᠎ᠠ ᠳ᠋ᠠ᠃ ᠰᠤᠷᠤᠭᠴᠢᠳ᠎ᠤᠨ ᠰᠤᠷᠤᠯᠴᠠᠯᠭ᠎ᠠ ᠵᠢᠨ ᠤᠷᠮ᠎ᠠ ᠵᠣᠷᠢᠭ᠎ᠢ ᠬᠦᠪᠴᠢᠯᠡᠬᠦ᠎ᠳᠤ ᠲᠤᠬᠠᠢ ᠵᠢᠨ ᠭᠠᠵᠠᠷ ᠣᠷᠣᠨ᠎ᠤ᠎ᠬᠢᠨ᠂ ᠠᠯᠢ ᠴᠢᠳᠠᠬᠤ᠎ᠪᠠᠷ ᠨᠡᠯᠢᠶᠡᠳ ᠨᠡᠷ᠎ᠡ ᠠᠯᠳᠠᠷ᠎ᠢ᠎ᠨᠢ ᠰᠤᠨᠤᠰᠴᠤ ᠪᠠᠶ᠋ᠢᠭᠰᠠᠨ ᠠᠭᠤᠤ ᠬᠦᠮᠦᠰ᠎ᠤᠨ ᠠᠮᠵᠢᠯᠳᠠ᠎ᠳᠤ ᠬᠦᠷᠦᠭᠰᠡᠨ ᠦᠯᠢᠭᠡᠷ ᠵᠢᠱ᠌ᠢᠶ᠎ᠡ ᠪᠠ ᠲᠡᠭᠦᠨ᠎ᠤ ᠠ᠋ᠳᠦᠷ ᠳᠣᠲᠤᠮ᠎ᠤᠨ ᠠᠮᠢᠳᠤᠷᠠᠯ᠎ᠤᠨ ᠵᠢᠵᠢᠭ ᠰᠠᠵᠢᠭ ᠦᠯᠢᠭᠡᠷ᠎ᠢ ᠶᠠᠷᠢᠬᠤ᠎ᠨᠢ ᠰᠤᠷᠤᠭᠴᠢ ᠵᠢᠨ ᠲᠡᠷᠡ ᠬᠦᠮᠦᠨ᠎ᠤ ᠲᠤᠬᠠᠢ ᠰᠤᠨᠢᠷᠬᠠᠯ᠎ᠢ ᠤᠯᠠᠮ ᠲᠦᠷᠦᠭᠳᠡᠭᠦᠯᠵᠦ᠂ ᠠᠭ᠋ᠠᠵᠢᠮ ᠵᠶ᠋ᠠᠷ ᠲᠡᠭᠦᠨ ᠵᠶ᠋ᠠᠷ ᠲᠠᠭᠤᠷᠢᠶᠠᠯ ᠪᠣᠯᠭ᠋ᠠᠨ᠂ ᠦᠪᠡᠷ᠎ᠢ᠎ᠪᠠᠨ ᠲᠡᠷᠡ ᠬᠦᠮᠦᠨ ᠰᠢᠭ ᠵᠶ᠋ᠠᠨ ᠪᠠᠶ᠋ᠢᠯᠭ᠋ᠠᠬᠤ ᠵᠢ ᠪᠣᠳᠣᠵᠣ᠂ ᠪᠡᠶ᠎ᠡ᠎ᠪᠠᠨ ᠴᠠᠭ ᠢᠮᠠᠭᠳᠠ ᠠᠩᠬᠠᠷᠴᠤ ᠵᠠᠰᠠᠵᠤ ᠶᠠᠪᠤᠬᠤ ᠪᠤᠯᠭ᠋ᠠᠳᠠᠭ᠂ ᠠ᠋ᠨᠡ᠎ᠨᠢ ᠠᠭ᠋ᠠᠵᠢᠮ ᠵᠶ᠋ᠠᠷ ᠲᠡᠷᠡ ᠬᠦ᠌ ᠨᠦᠯᠦᠭᠡ ᠬᠦᠷᠲᠡᠭᠰᠡᠨ ᠰᠤᠷᠤᠭᠴᠢ ᠵᠢᠨ ᠰᠤᠷᠤᠯᠭ᠎ᠠ ᠠᠮᠢᠳᠤᠷᠠᠯ᠎ᠤᠨ ᠪᠠᠶ᠋ᠢᠳᠠᠯ᠎ᠢ ᠨᠥᠯᠥᠭᠡᠯᠡᠵᠤ᠂ ᠦᠭᠡᠳᠡᠯᠡᠭᠦᠯᠳᠡᠭ ᠶᠤᠮ᠃
8. ᠳᠤᠷ᠎ᠠ ᠪᠠᠬᠠᠪᠠᠷᠨᠢ ᠤᠷᠮᠠᠰᠢᠭᠤᠯᠬᠤ
ᠳᠤᠷ᠎ᠠ ᠪᠠᠬ᠎ᠠ ᠪᠤᠯ ᠨᠢᠭᠡᠳᠦᠭᠡᠷ ᠪᠠᠭᠰᠢ ᠭᠡᠳᠡᠭ ᠵᠶ᠋ᠠᠷ ᠠᠩᠭᠢ ᠠ᠋ᠷᠬᠢᠯᠡᠬᠦ ᠶᠠᠪᠤᠴᠠ ᠳᠤᠮᠳᠠ ᠰᠤᠷᠤᠭᠴᠢᠳ᠎ᠤᠨ ᠤᠨᠴᠠᠯᠢᠭ ᠪᠠᠶ᠋ᠢᠳᠠᠯ᠎ᠢ᠎ᠨᠢ ᠰᠢᠨᠵᠢᠵᠦ ᠰᠤᠳᠤᠯᠤᠨ᠂ ᠤᠨᠴᠠᠯᠢᠭ᠎ᠲᠤ᠎ᠨᠢ ᠲᠤᠬᠢᠷᠠᠭᠤᠯᠤᠨ᠂ ᠳᠤᠷ᠎ᠠ ᠪᠠᠬ᠎ᠠ᠎ᠳᠤᠨᠢ ᠲᠠᠭ᠋ᠠᠷᠠᠭᠤᠯᠵᠤ ᠵᠤᠬᠢᠰᠳᠠᠢ ᠤᠷᠮᠠᠰᠢᠭᠤᠯᠤᠯ ᠦᠭᠬᠦ ᠬᠡᠷᠡᠭᠳᠡᠢ᠃ ᠠ᠋ᠨᠡ᠎ᠨᠢ ᠶᠠᠭ ᠬᠢᠴᠢᠶᠡᠯ᠎ᠤᠨ ᠨᠣᠮ᠎ᠢ ᠦᠵᠡᠬᠦ ᠳᠤᠷ᠎ᠠ ᠦᠭᠡᠢ᠂ ᠬᠠᠷ᠎ᠠ ᠪᠠᠭ᠎ᠠ᠎ᠠᠴᠠ᠎ᠪᠠᠨ ᠬᠥᠯ ᠪᠦᠮᠪᠦᠭᠡ᠎ᠳᠤ ᠬᠤᠷᠤᠬᠠᠢ᠎ᠲᠠᠢ ᠬᠡᠤᠬᠡᠳ᠎ᠲᠤ ᠬᠥᠯ ᠪᠥᠮᠪᠥᠭᠡ ᠦᠭᠴᠦ ᠬᠤᠵᠢᠮ ᠲᠣᠮᠣ ᠲᠠᠮᠢᠷᠴᠢᠨ ᠪᠤᠯᠤᠭ᠋ᠠᠷᠠᠢ ᠭᠡᠵᠦ ᠤᠷᠮᠠᠰᠢᠭᠤᠯᠬᠤ ᠪᠠ ᠲᠡᠪᠡᠷᠢ ᠨᠣᠮ ᠦᠭᠴᠦ ᠠ᠋ᠷᠳᠡᠮᠳᠡᠨ ᠪᠤᠯᠤᠭ᠋ᠠᠷᠠᠢ ᠭᠡᠵᠦ ᠢᠷᠦᠭᠡᠵᠦ ᠤᠷᠮᠠᠰᠢᠭᠤᠯᠬᠤ ᠵᠢᠨ ᠠᠯᠢ᠎ᠨᠢ ᠢᠯᠡᠭᠦᠤ ᠦᠷ᠎ᠡ ᠠᠰᠢᠭᠲᠠᠢ ᠪᠠᠶ᠋ᠢᠬᠤ ᠵᠢ ᠬᠡᠨ ᠴᠤ᠌ ᠭᠡᠰᠡᠨ ᠲᠤᠳᠤᠷᠬᠠᠢ ᠮᠡᠳᠡᠵᠦ ᠪᠠᠶ᠋ᠢᠬᠤ᠎ᠲᠠᠢ ᠠᠳᠠᠯᠢᠬᠠᠨ ᠤᠴᠢᠷ ᠶᠤᠮ᠃ ᠠ᠋ᠶ᠋ᠢᠮᠤ᠎ᠠᠴᠠ ᠰᠤᠷᠤᠭᠴᠢᠳ᠎ᠤᠨ ᠳᠤᠷ᠎ᠠ ᠪᠠᠬ᠎ᠠ ᠵᠢ᠎ᠨᠢ ᠦᠨᠳᠦᠰᠦᠯᠡᠨ ᠵᠤᠬᠢᠰᠳᠠᠢ ᠤᠷᠮᠠᠰᠢᠭᠤᠯᠤᠯ ᠦᠭᠬᠦ᠎ᠨᠢ ᠮᠠᠰᠢ ᠴᠢᠬᠤᠯᠠ ᠶᠤᠮ᠃
ᠰᠤᠷᠤᠭᠴᠢ ᠵᠢᠨ ᠰᠤᠷᠤᠯᠴᠠᠬᠤ ᠤᠷᠮ᠎ᠠ ᠪᠠᠬ᠎ᠠ ᠪᠤᠯ ᠰᠤᠷᠤᠭᠴᠢ ᠵᠢᠨ ᠰᠤᠷᠤᠯᠴᠠᠬᠤ ᠤᠭ ᠰᠠᠨᠠᠭ᠎ᠠ ᠪᠣᠶᠣ ᠲᠦᠷᠦᠯᠬᠢ ᠬᠥᠳᠡᠯᠭᠡᠭᠦ ᠬᠦᠴᠦᠨ ᠪᠤᠯᠤᠨ᠎ᠠ᠂ ᠮᠦᠨ ᠴᠦ᠍ ᠰᠤᠷᠤᠭᠴᠢ ᠵᠢᠨ ᠲᠠᠰᠤᠷᠠᠯᠲᠠ ᠦᠭᠡᠢ ᠬᠠᠶ᠋ᠢᠨ ᠰᠦᠪᠡᠭᠴᠢᠯᠡᠬᠦ ᠪᠠᠲᠦ ᠴᠢᠩᠭ᠎ᠠ ᠲᠤᠷᠠᠰᠢᠯ᠎ᠢ ᠲᠦᠯᠬᠢᠨ ᠠᠬᠢᠭᠤᠯᠬᠤ ᠠ᠋ᠯᠧᠮᠧᠨ᠋ᠲ ᠪᠤᠯᠬᠤ ᠶᠤᠮ᠃ ᠤᠷᠮ᠎ᠠ ᠪᠠᠬ᠎ᠠ᠎ᠨᠢ ᠰᠤᠷᠤᠭᠴᠢ ᠵᠢᠨ ᠬᠢᠵᠠᠭ᠋ᠠᠷᠯᠠᠰᠢ ᠦᠭᠡᠢ ᠳᠠᠯᠳᠠ ᠬᠦᠴᠦᠨ ᠴᠢᠳᠠᠯ᠎ᠢ ᠪᠠᠳᠠᠷᠠᠭᠤᠯᠵᠤ᠂ ᠬᠢᠵᠠᠭ᠋ᠠᠷᠯᠠᠰᠢ ᠦᠭᠡᠢ ᠶᠡᠬᠡ ᠠᠮᠵᠢᠯᠲᠠ᠎ᠳᠤ ᠬᠦᠷᠭᠡᠬᠦ ᠵᠢᠭᠦᠷ᠎ᠨᠢ ᠪᠤᠯᠬᠤ ᠶᠤᠮ᠃ ᠠ᠋ᠶ᠋ᠢᠮᠤ᠎ᠠᠴᠠ ᠪᠢᠳᠡ ᠤᠷᠮᠠᠰᠢᠭᠤᠯᠤᠯ᠎ᠢ ᠵᠤᠬᠢᠰᠲᠠᠢ ᠬᠡᠷᠡᠭᠯᠡᠵᠦ᠂ ᠰᠤᠷᠤᠭᠴᠢᠳ᠎ᠤᠨ ᠳᠠᠯᠳᠠ ᠬᠦᠴᠦᠨ ᠴᠢᠳᠠᠯ᠎ᠢ᠎ᠨᠢ ᠨᠡᠭᠡᠭᠡᠵᠦ᠂ ᠰᠤᠷᠤᠯᠭ᠎ᠠ ᠵᠢᠨ ᠨᠡᠩ ᠦᠨᠳᠦᠷ ᠠᠮᠵᠢᠯᠲᠠ᠎ᠳᠤ ᠬᠦᠷᠬᠦ ᠵᠢ ᠤᠷᠮᠠᠰᠢᠭᠤᠯᠤᠨ ᠵᠤᠷᠢᠬ᠍ᠵᠢᠭᠤᠯᠬᠤ ᠵᠢ ᠠᠨᠭ᠌ᠬᠢ ᠵᠢᠨ ᠠ᠋ᠷᠬᠢᠯᠡᠭᠴᠢ ᠨᠢᠭᠡ ᠪᠦᠷᠢ ᠪᠠᠳᠤ ᠴᠡᠭᠡᠵᠢᠯᠡᠪᠡᠯ ᠵᠤᠬᠢᠨ᠎ᠠ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠣᠷᠳᠣᠰ ᠬᠤᠲᠠ ᠵᠢᠨ ᠮᠣᠩᠭᠤᠯ
ᠦᠨᠳᠦᠰᠦᠲᠡᠨ᠎ᠤ ᠳᠤᠮᠳᠠᠳᠤ ᠰᠤᠷᠭ᠋ᠠᠭᠤᠯᠢ
(ᠠ᠋ᠾᠤᠢ᠍ᠩ ᠮᠸᠢ ᠨᠠᠢ᠍ᠢ᠍ᠷᠠᠭᠤᠯᠪᠠ)
2021 ᠣᠨ᠎ᠤ 5 ᠬᠤᠭᠤᠴᠠᠭ᠎ᠠ