ᠠ᠋ᠩᠬᠡᠳᠦ᠋ᠪᠰᠢᠨ
ᠬᠥᠮᠥᠨ ᠠᠩᠭ᠎ᠠ ᠪᠠᠭ᠎ᠠ ᠨᠠᠰᠤᠨ᠎ᠠᠴᠠ ᠡᠷ᠎ᠡ ᠵᠢᠨ ᠬᠣᠩᠭᠣᠨ᠎ᠳᠤ ᠲᠤᠯᠲᠠᠯ᠎ᠠ ᠪᠡᠶ᠎ᠡ ᠰᠡᠳᠬᠢᠴᠡ ᠵᠢᠨ ᠲᠠᠯ᠎ᠠ᠎ᠪᠠᠷ ᠮᠠᠰᠢ ᠶᠡᠬᠡ ᠬᠤᠪᠢᠷᠠᠯᠲᠠ ᠬᠥᠭᠵᠢᠯᠲᠡ᠎ᠲᠠᠢ ᠶᠠᠪᠤᠴᠠ ᠵᠢ ᠲᠤᠭᠤᠯᠳᠠᠬ ᠰᠠᠨ᠃ 《ᠡᠷ᠎ᠡ ᠥᠰᠴᠦ ᠢᠰᠡᠭᠡᠢ ᠰᠤᠨᠳᠠᠭ》᠎ᠤᠨ ᠶᠣᠰᠣᠭ᠋ᠠᠷ ᠭᠡᠤᠭᠡᠳ᠎ᠤᠨ ᠪᠡᠶ᠎ᠡ ᠥᠰᠴᠦ᠂ 《ᠠ᠋ᠯᠢᠭᠡᠨᠳᠤᠪᠠᠨ ᠠᠷᠭ᠋ᠠᠳᠠᠭᠤᠯᠳᠠᠭ ᠡᠵᠢ᠎ᠪᠠᠨ ᠥᠨᠳᠡᠢ᠍ᠢ᠍ᠯᠭᠡᠵᠦ ᠦᠨᠦᠰᠦᠭᠦᠯᠳᠡᠭ》 ᠪᠣᠯᠳᠠᠭ ᠮᠥᠷᠲᠡᠭᠡᠨ 《ᠬᠣᠷᠢ ᠬᠦᠷᠴᠦ ᠬᠣᠩᠭᠣᠨᠳᠤᠪᠠᠨ ᠲᠤᠯᠤᠭᠰᠠᠨ》᠎ᠤ ᠰᠢᠨᠵᠢ ᠮᠠᠰᠢ ᠢᠯᠡᠷᠬᠡᠢ ᠪᠣᠯᠵᠤ᠂ ᠰᠠᠷᠠᠯ ᠰᠡᠳᠬᠢᠭᠦᠢ᠂ ᠠ᠋ᠷᠬᠡᠲᠡᠨ ᠮᠠᠬᠠᠪᠤᠳ᠂ ᠵᠠᠩ ᠠᠷᠠᠨᠰᠢᠨ ᠬᠠᠷᠢᠴᠠᠯᠠᠰᠢᠭᠦᠢ ᠦᠭᠡᠢ ᠬᠤᠪᠢᠷᠠᠯᠳᠠ ᠭᠠᠷᠳᠠᠬ᠃
ᠠ᠋ᠨᠡ ᠬᠦ᠌ ᠬᠤᠭᠤᠴᠠᠭ᠎ᠠ᠎ᠨᠢ ᠰᠤᠷᠭ᠋ᠠᠨ ᠬᠥᠮᠥᠵᠢᠯ ᠬᠦᠷᠲᠡᠬᠦ ᠶᠠᠪᠤᠴᠠ᠎ᠳᠤ ᠪᠣᠯ ᠶᠡᠬᠡ ᠲᠥᠯᠥᠪ ᠭᠡᠤᠭᠡᠳ᠎ᠤᠨ ᠴᠡᠴᠡᠷᠯᠢᠭ᠎ᠠᠴᠠ ᠲᠡᠭᠡᠳᠤ ᠲᠤᠮᠳᠠᠳᠤ᠎ᠳᠤ ᠰᠤᠷᠤᠯᠴᠠᠬᠤ ᠱᠠᠳᠤᠨ᠎ᠳᠤ ᠲᠣᠬᠢᠶᠠᠯᠳᠤᠬᠤ᠂ ᠲᠠᠷᠤᠢ ᠮᠠᠨ᠎ᠤ ᠤᠯᠤᠰ᠎ᠤᠨ ᠰᠤᠷᠭ᠋ᠠᠨ ᠬᠥᠮᠥᠵᠢᠯ᠎ᠤᠨ ᠦᠶᠡᠯᠡᠯ ᠵᠶ᠋ᠠᠷ ᠴᠡᠴᠡᠷᠯᠢᠭ᠂ ᠪᠠᠭ᠎ᠠ ᠰᠤᠷᠭ᠋ᠠᠭᠤᠯᠢ᠂ ᠠᠩᠬ᠎ᠠ ᠳᠤᠮᠳᠠᠳᠤ᠂ ᠳᠡᠭᠡᠳᠤ ᠳᠤᠮᠳᠠᠳᠤ ᠭᠡᠬᠦ ᠲᠦᠷᠪᠡᠨ ᠱᠠᠲᠤ ᠵᠢ ᠥᠩᠭᠡᠷᠡᠭᠦᠯᠳᠡᠭ᠃ ᠲᠡᠭᠡᠪᠡᠯ ᠭᠡᠤᠭᠡᠳ᠎ᠤᠨ ᠦᠰᠤᠨ ᠪᠤᠢ᠍ᠢ᠍ᠵᠢᠯᠳᠠ ᠵᠢᠨ ᠠ᠋ᠨᠡ ᠭᠦ᠌ ᠳᠦᠷᠪᠡᠨ ᠱᠠᠳᠤᠨ᠎ᠳᠤ ᠪᠡᠶ᠎ᠡ ᠰᠡᠳᠬᠢᠴᠡ ᠵᠢᠨ ᠬᠤᠪᠢᠷᠠᠯᠳᠠ᠎ᠪᠠᠷ ᠬᠠᠮᠤᠭ᠎ᠤᠨ ᠣᠨᠴᠠᠭ᠋ᠠᠢ ᠪᠠᠢ᠍ᠢ᠍ᠳᠠᠬ᠎ᠨᠢ ᠠᠯᠢ ᠱᠠᠲᠤ ᠪᠤᠢ? ᠭᠡᠪᠡᠯ᠂ ᠮᠢᠨᠦ ᠠᠵᠢᠭᠯᠠᠭᠰᠠᠨ ᠪᠠ ᠰᠦᠪᠡᠭᠴᠢᠯᠡᠭᠰᠡᠨ ᠵᠶ᠋ᠠᠷ ᠠᠩᠬ᠎ᠠ ᠳᠤᠮᠳᠠᠳᠤ ᠵᠢᠨ ᠱᠠᠳᠤ ᠪᠤᠯᠤᠨ᠎ᠠ᠃ ᠠᠩᠬ᠎ᠠ ᠳᠤᠮᠳᠠᠳᠤ ᠵᠢᠨ ᠱᠠᠲᠤᠨ᠎ᠳᠤ ᠬᠡᠦᠬᠡᠳ᠎ᠤᠨ ᠪᠡᠶ᠎ᠡ ᠰᠡᠳᠬᠢᠴᠠ ᠵᠢᠨ ᠬᠤᠪᠢᠷᠠᠯᠳᠠ᠎ᠨᠢ ᠬᠠᠮᠤᠭ᠎ᠤᠨ ᠲᠥᠪᠯᠡᠷᠡᠩᠭᠦᠢ᠂ ᠬᠠᠮᠤᠭ᠎ᠤᠨ ᠢᠯᠠᠷᠭᠡᠢ ᠲᠤᠰᠬᠠᠯ ᠵᠶ᠋ᠠᠨ ᠤᠯᠳᠠᠬ᠃ ᠠᠨᠭ᠌ᠬ᠎ᠠ ᠲᠤᠮᠳᠠᠳᠤ ᠵᠢᠨ ᠭᠤᠷᠪᠠᠨ ᠵᠢᠯ᠎ᠤᠨ ᠰᠤᠷᠤᠯᠴᠠᠯᠭ᠎ᠠ ᠵᠢᠨ ᠬᠤᠭᠤᠴᠠᠭ᠋ᠠᠨ᠎ᠳᠤ ᠪᠡᠶ᠎ᠡ ᠭᠠᠳᠠᠷ᠎ᠤᠨ ᠥᠰᠦᠯᠲᠡ᠎ᠨᠢ ᠬᠠᠮᠤᠭ᠎ᠤᠨ ᠲᠦᠷᠭᠡᠨ᠂ ᠹᠢᠽᠢᠣᠯᠣᠭᠢ ᠵᠢᠨ ᠬᠤᠪᠢᠷᠠᠯᠳᠠ᠎ᠨᠢ ᠬᠠᠮᠤᠭ᠎ᠤᠨ ᠢᠯᠡᠷᠭᠡᠢ᠂ ᠰᠡᠳᠬᠢᠴᠡ ᠵᠢᠨ ᠬᠤᠪᠢᠷᠠᠯᠳᠠ᠎ᠨᠢ ᠴᠦ᠍ ᠬᠠᠮᠤᠭ᠎ᠤᠨ ᠣᠨᠴᠠᠭ᠋ᠠᠢ ᠪᠠᠢ᠍ᠢ᠍ᠳᠠᠭ᠃
ᠠᠩᠬ᠎ᠠ ᠲᠤᠮᠳᠠᠳᠤ ᠵᠢᠨ ᠨᠢᠭᠡᠳᠦᠭᠡᠷ ᠣᠨ᠎ᠤ ᠰᠤᠷᠤᠭᠴᠢᠳ ᠪᠤᠯ ᠪᠠᠭ᠎ᠠ ᠰᠤᠷᠭ᠋ᠠᠭᠤᠯᠢ ᠵᠢᠨ ᠨᠢᠯᠬᠠᠰᠠᠬ ᠵᠠᠩᠠᠴᠠᠪᠠᠨ ᠰᠠᠯᠤᠭ᠋ᠠᠳᠤᠢ ᠪᠠᠭ᠋ᠠᠴᠤᠤᠯ ᠪᠠᠢ᠍ᠢ᠍ᠵᠤ ᠭᠣᠳ ᠱᠣᠳ ᠭᠦᠶᠦᠯᠳᠦᠵᠦ᠂ ᠭᠣᠳᠣᠷ ᠱᠣᠳᠣᠷ ᠠᠯᠢᠶᠠᠷᠬᠠᠵᠤ ᠪᠠᠢ᠍ᠢ᠍ᠭᠰᠠᠭ᠋ᠠᠷ᠂ ᠠᠩᠬ᠎ᠠ ᠭᠤᠷᠪᠠ ᠪᠣᠯᠣᠭ᠋ᠠᠳ ᠢᠷᠡᠭᠦᠯᠡᠷ ᠰᠤᠷᠤᠭᠴᠢᠳ ᠮᠠᠨᠢ ᠠ᠋ᠮᠦᠰᠴᠦ ᠵᠡᠭᠦᠬᠦ᠎ᠪᠠᠨ ᠰᠢᠨᠵᠢᠵᠦ᠂ ᠦᠰᠦ ᠭᠡᠵᠢᠭᠡ᠎ᠪᠠᠨ ᠠᠩᠬᠠᠷᠴᠤ᠂ ᠵᠠᠰᠠᠵᠤ ᠭᠠᠩᠭ᠋ᠠᠯᠠᠬᠤ ᠵᠢ ᠬᠢᠴᠢᠶᠡᠵᠦ᠂ ᠦᠭᠡ ᠵᠤᠭᠤᠭ᠎ᠤᠨ ᠰᠡᠳᠦᠪ᠎ᠨᠢ ᠣᠨᠳᠣᠣ᠂ ᠤᠴᠢᠷ ᠶᠠᠪᠤᠳᠠᠯ᠎ᠤᠨ ᠬᠢᠨᠢ ᠬᠠᠷᠠᠭ᠋ᠠᠰᠤ᠎ᠨᠢ ᠠᠰᠲᠠᠭ᠋ᠠᠨ ᠪᠣᠯᠤᠭ᠋ᠠᠳ ᠢᠷᠡᠳᠡᠭ᠃
ᠠ᠋ᠳᠡᠭᠡᠷ ᠬᠤᠪᠢᠷᠠᠯᠳᠠ ᠵᠢᠨ ᠳᠤᠲᠤᠷ᠎ᠠ᠎ᠠᠴᠠ ᠬᠠᠮᠤᠭ᠎ᠤᠨ ᠴᠢᠬᠤᠯᠠ᠎ᠨᠢ ᠪᠠᠶ᠎ᠠ ᠮᠠᠬᠠᠪᠤᠳ᠎ᠤᠨ ᠦᠰᠦᠯᠳᠠ ᠲᠠᠭ᠋ᠠᠤ᠎ᠳᠤ᠎ᠬᠢ ᠰᠡᠳᠬᠢᠴᠡ ᠵᠢᠨ ᠬᠤᠪᠢᠷᠠᠯᠳᠠ ᠪᠣᠯᠬᠤ ᠶᠤᠮ᠃ ᠠᠵᠢᠭᠯᠠᠪᠠᠯ᠂ ᠠᠩᠬ᠎ᠠ ᠳᠤᠮᠳᠠᠳᠤ ᠵᠢᠨ ᠰᠡᠭᠦᠯᠴᠢ ᠵᠢᠨ ᠱᠠᠲᠤᠨ᠎ᠳᠤ ᠬᠡᠦᠬᠡᠳ ᠨᠠᠰᠤᠨ᠎ᠠᠴᠠ ᠤᠷᠢ ᠵᠠᠯᠠᠭᠤ ᠨᠠᠰᠤᠨ᠎ᠳᠤ ᠰᠢᠯᠵᠢᠨ ᠣᠷᠤᠬᠤ ᠮᠠᠰᠢ ᠵᠠᠩᠭᠢᠯᠠᠭ᠎ᠠ ᠵᠢᠨ ᠰᠢᠯᠵᠢᠯᠲᠡ ᠲᠣᠬᠢᠶᠠᠯᠳᠤᠵᠤ᠂ ᠶᠡᠭᠡ ᠲᠤᠯᠬᠢᠰᠤᠯ᠎ᠤᠨ ᠱᠠᠳᠤᠳᠤ ᠤᠷᠤᠳᠠᠬ᠃ ᠠ᠋ᠢ᠍ᠢ᠍ᠨ ᠭᠦ᠌ ᠹᠢᠽᠢᠤᠯᠤᠬᠢ ᠪᠠ ᠰᠡᠳᠬᠢᠴᠡ ᠵᠢᠨ ᠠ᠋ᠨᠡ ᠬᠦ᠌ ᠰᠢᠯᠵᠢᠯᠲᠡ ᠵᠢᠨ ᠬᠤᠭᠤᠴᠠᠭ᠋ᠠᠨ᠎ᠳᠤ ᠠᠨᠭ᠌ᠬᠠᠷᠤᠭᠤᠰᠢᠳᠠᠢᠨᠢ ᠳᠠᠷᠤᠢ ᠰᠤᠷᠤᠭᠴᠢᠳ᠎ᠤᠨ ᠰᠥᠷᠬᠦ ᠰᠡᠳᠬᠢᠴᠡ ᠵᠢᠨ ᠢᠯᠡᠷᠡᠯ ᠪᠤᠯᠤᠨ᠎ᠠ᠃ ᠰᠥᠷᠬᠦ ᠰᠡᠳᠬᠢᠴᠡ ᠵᠢ ᠰᠡᠳᠬᠢᠴᠠ ᠵᠢᠨ ᠵᠤᠢ᠍ᠢ᠍ᠴᠢᠳᠪᠠᠷ 《ᠬᠦᠮᠦᠨ ᠪᠣᠯᠭ᠋ᠠᠨ᠎ᠳᠤ ᠵᠠᠪᠠᠯ ᠲᠣᠬᠢᠶᠠᠯᠳᠤᠬᠤ ᠰᠡᠳᠬᠢᠴᠡ ᠵᠢᠨ ᠢᠯᠡᠷᠡᠯ》 ᠭᠡᠵᠦ ᠵᠢᠭ᠋ᠠᠭᠰᠠᠨ ᠪᠠᠢ᠍ᠢ᠍ᠳᠠᠬ᠃ ᠰᠡᠳᠬᠢᠴᠠ ᠵᠢᠨ ᠵᠦᠢ ᠵᠢᠨ ᠰᠤᠳᠤᠯᠭ᠋ᠠᠨ᠎ᠢ ᠦᠨᠳᠤᠰᠤᠯᠡᠪᠡᠯ᠂ ᠰᠥᠷᠬᠦ ᠰᠡᠳᠬᠢᠴᠡ᠎ᠨᠢ ᠭᠦᠮᠦᠨ᠎ᠤ ᠨᠢᠭᠡ ᠨᠠᠰᠤᠨ᠎ᠤ ᠭᠤᠷᠪᠠᠨ ᠱᠠᠳᠤ᠂ ᠲᠤᠬᠠᠢ᠍ᠢ᠍ᠯᠠᠪᠠᠯ 3~5 ᠨᠠᠰᠤ᠂ 7~8 ᠨᠠᠰᠤ᠂ 13~18 ᠨᠠᠰᠤᠨ᠎ᠳᠤ ᠢᠯᠡᠷᠡᠳᠡᠭ ᠪᠦᠭᠡᠳ 13~18 ᠨᠠᠰᠤᠨ᠎ᠳᠤ ᠲᠣᠬᠢᠶᠠᠯᠳᠤᠬᠤ ᠰᠥᠷᠬᠦ ᠰᠡᠳᠬᠢᠴᠡ᠎ᠨᠢ ᠬᠠᠮᠤᠭ᠎ᠤᠨ ᠴᠢᠬᠤᠯᠠ᠂ ᠬᠠᠮᠤᠭ᠎ᠤᠨ ᠢᠯᠡᠷᠬᠡᠢ᠂ ᠬᠠᠮᠤᠭ᠎ᠤᠨ ᠣᠨᠴᠠᠭ᠋ᠠᠢ ᠪᠠᠢ᠍ᠢ᠍ᠳᠠᠬ᠃ 13~18 ᠨᠠᠰᠤᠨ᠎ᠤ ᠦᠶ᠎ᠡ ᠪᠣᠯ ᠶᠠᠭ ᠰᠠᠢ᠍ᠢ᠍ᠬᠠᠨ ᠮᠠᠨ᠎ᠤ ᠤᠯᠤᠰ᠎ᠤᠨ ᠰᠤᠷᠭ᠋ᠠᠨ ᠬᠥᠮᠥᠵᠢᠯ᠎ᠤᠨ ᠳᠦᠷᠢᠮ᠎ᠳᠤ᠎ᠬᠢ ᠠᠩᠬ᠎ᠠ ᠳᠤᠮᠳᠠᠳᠤ ᠵᠢᠨ ᠱᠠᠲᠤᠨ᠎ᠳᠤ ᠲᠤᠬᠢᠶᠠᠯᠳᠤᠬᠤ ᠶᠤᠮ᠃
13~18 ᠨᠠᠰᠤᠨ᠎ᠤ ᠰᠤᠷᠤᠭᠴᠢᠳ᠎ᠤᠨ ᠰᠥᠷᠬᠦ ᠰᠡᠳᠬᠢᠴᠡ᠎ᠨᠢ ᠤᠯᠠᠨ ᠶᠠᠩᠵᠦ ᠵᠢᠨ ᠢᠯᠡᠷᠡᠯ᠎ᠲᠠᠢ ᠪᠠᠢ᠍ᠢ᠍ᠳᠠᠭ ᠪᠣᠯᠪᠠᠴᠤ ᠬᠠᠮᠤᠭ᠎ᠠᠴᠠ ᠲᠦᠭᠡᠮᠡᠯ ᠲᠤᠬᠢᠶᠠᠯᠳᠤᠳᠠᠭ ᠢᠯᠡᠷᠡᠯ᠎ᠨᠢ ᠠᠪᠤ ᠡᠵᠢ᠂ ᠪᠠᠭᠰᠢ᠂ ᠠᠬᠠᠮᠠᠳ᠎ᠲᠠᠢ᠎ᠪᠠᠨ ᠦᠭᠡ ᠶᠠᠷᠢᠶ᠎ᠠ᠂ ᠦᠢ᠍ᠯᠡ ᠠᠵᠢᠯᠯᠠᠭ᠎ᠠ᠎ᠪᠠᠷ ᠵᠶ᠋ᠠᠨ ᠠ᠋ᠰᠡᠷᠭᠦᠴᠡᠯᠳᠤᠨ ᠰᠥᠷᠬᠦ ᠢᠯᠡᠷᠡᠯ ᠪᠣᠯᠤᠨ᠎ᠠ᠃ ᠳᠠᠷᠤᠢ ᠲᠡᠳᠡ ᠠᠪᠤ ᠡᠵᠢ᠂ ᠪᠠᠭᠰᠢ᠂ ᠠᠬᠠᠮᠠᠳ᠎ᠤᠨ ᠵᠶ᠋ᠠᠨ ᠰᠠᠨᠠᠯ ᠰᠠᠨᠠᠭᠤᠯᠭ᠎ᠠ᠂ ᠱᠠᠭ᠋ᠠᠷᠳᠠᠯᠭ᠎ᠠ᠎ᠲᠠᠢ ᠦᠵᠡᠯᠳᠡ ᠨᠢᠭᠡᠳᠬᠦ ᠦᠭᠡᠢ ᠪᠠᠢ᠍ᠢ᠍ᠳᠠᠯ᠎ᠨᠢ ᠣᠯᠠᠰᠢᠷᠠᠵᠤ᠂ ᠥᠪᠡᠷ᠎ᠤᠨ ᠦᠵᠡᠯᠳᠡ᠎ᠪᠠᠨ ᠴᠢᠩᠭ᠎ᠠ ᠪᠠᠷᠢᠮᠲᠠᠯᠠᠬᠤ ᠮᠥᠷᠳᠡᠭᠡᠨ ᠠ᠋ᠷᠡᠰ ᠢᠯᠡᠷᠬᠡᠢ᠍ᠢ᠍ᠯᠡᠬᠦ ᠦᠵᠡᠭᠳᠡᠯ ᠪᠤᠯᠤᠨ᠎ᠠ᠃ ᠪᠠᠭ᠎ᠠ ᠰᠤᠷᠭ᠋ᠠᠭᠤᠯᠢ᠎ᠳᠤ ᠪᠠᠢ᠍ᠢ᠍ᠬᠤ᠎ᠳᠤ ᠯᠡ ᠠᠪᠤ ᠡᠵᠢ᠂ ᠠᠢ᠍ᠢ᠍ᠯ ᠭᠦᠷᠰᠢ᠂ ᠪᠠᠭᠰᠢ ᠨᠠᠷ᠎ᠤᠨ ᠨᠢᠳᠦᠨ᠎ᠳᠤ᠎ᠬᠢ ᠤᠬᠠᠭ᠋ᠠᠨ᠎ᠲᠠᠢ ᠬᠡᠦᠬᠡᠳ᠎ᠨᠢ ᠨᠢᠳᠦ ᠢᠷᠮᠡᠬᠦ ᠵᠢᠨ ᠵᠠᠭᠤᠷ᠎ᠠ ᠬᠡᠳᠡᠷ ᠶᠠᠳᠠᠷ᠎ᠨᠢ ᠬᠡᠴᠡᠭᠦᠦ᠂ ᠠᠭᠤᠷ ᠠᠭ᠋ᠠᠰᠢ᠎ᠨᠢ ᠲᠤᠢ᠍ᠢ᠍ᠮᠤ ᠦᠭᠡᠢ ᠪᠣᠯᠵᠤ᠂ ᠤᠬᠢᠯᠠᠵᠤ ᠤᠨᠵᠢᠨ᠂ ᠠᠭᠤᠷᠯᠠᠵᠤ ᠬᠢᠯᠢᠩᠨᠡᠨ᠂ ᠪᠤᠰᠤᠳ᠎ᠤᠨ ᠪᠠᠭ᠎ᠠ ᠯᠡ ᠵᠢᠮᠡᠯᠡᠭᠦ ᠵᠢ ᠲᠠᠭ᠋ᠠᠭ᠋ᠠᠬᠤ ᠦᠭᠡᠢ᠂ ᠪᠠᠷᠢᠨ ᠭᠡᠳᠡᠷᠯᠡᠨ ᠲᠤᠯᠬᠤ᠂ ᠠ᠋ᠭᠦᠳᠡ ᠬᠠᠭ᠋ᠠᠯᠭ᠎ᠠ ᠰᠠᠪᠠᠬᠤ ᠮᠠᠳᠤᠴᠢᠯᠠᠨ ᠠᠭ᠋ᠠᠰᠢ ᠠᠷᠠᠨᠰᠢᠨ᠎ᠨᠢ ᠭᠠᠢ᠍ᠢ᠍ᠬᠠᠰᠢ ᠠᠯᠳᠠᠮ᠎ᠠ ᠬᠤᠪᠢᠷᠠᠵᠤ᠂ ᠴᠠᠭ᠋ᠠᠰᠢᠯᠠᠨ ᠲᠠᠨᠢᠭᠳᠠᠰᠢ ᠦᠭᠡᠢ ᠪᠣᠯᠵᠤ᠂ ᠭᠡᠷ᠎ᠤᠨ ᠠᠬᠠᠮᠠᠳ᠂ ᠰᠤᠷᠭ᠋ᠠᠭᠤᠯᠢ ᠵᠢᠨ ᠪᠠᠭᠰᠢ ᠨᠠᠷ ᠵᠶ᠋ᠠᠨ ᠭᠠᠷ ᠨᠤᠬᠤᠯᠠᠵᠤ ᠭᠠᠴᠢᠭᠳᠠᠭᠤᠯᠳᠠᠭᠨᠢ ᠵᠥᠩᠳᠡᠭᠡᠨ᠃ ᠵᠠᠷᠢᠮ ᠰᠤᠷᠤᠭᠴᠢ᠎ᠨᠢ ᠵᠣᠵᠢᠭ ᠵᠦᠷᠢᠭᠦᠳ᠂ ᠭᠠᠭᠴᠠᠭ᠋ᠠᠷᠳᠠᠨᠭ᠌ᠭᠤᠢ᠂ ᠤᠢ᠍ᠢ᠍ᠳᠤᠨᠭ᠌ᠭᠤᠢ ᠪᠤᠯᠵᠦ᠂ ᠦᠭᠡ ᠳᠠᠭᠤᠨ᠎ᠢ ᠴᠥᠭᠡᠷᠡᠵᠦ᠂ ᠥᠷᠥᠭᠡᠯ ᠪᠤᠰᠤᠳ᠎ᠠᠴᠠ ᠵᠠᠢ᠍ᠢ᠍ᠯᠠᠬᠤ᠂ ᠴᠠᠭ᠋ᠠᠰᠢᠯᠠᠨ ᠠᠪᠤ ᠡᠵᠢ᠂ ᠲᠥᠷᠥᠯ ᠰᠠᠳᠤᠨ᠎ᠲᠠᠢ᠎ᠪᠠᠨ ᠴᠦ᠍ ᠦᠭᠡ ᠶᠠᠷᠢᠬᠤ ᠳᠤᠷ᠎ᠠ ᠦᠭᠡᠢ᠂ ᠪᠠᠷᠤᠭ ᠬᠦᠮᠦᠨ ᠦᠵᠡᠪᠡᠯ ᠵᠠᠢ᠍ᠢ᠍ᠯᠠᠵᠤ ᠳᠤᠲᠠᠭ᠋ᠠᠵᠤ ᠯᠡ ᠪᠠᠢ᠍ᠢ᠍ᠳᠠᠭ᠃ ᠠ᠋ᠳᠡᠭᠡᠷ ᠪᠣᠯ ᠪᠦᠷ ᠰᠡᠳᠬᠢᠴᠡ ᠵᠢᠨ ᠬᠤᠪᠢᠷᠠᠯᠳᠠ᠎ᠲᠠᠢ ᠬᠣᠯᠪᠣᠭᠳᠠᠬᠤ ᠶᠤᠮ᠃ ᠠ᠋ᠳᠡᠭᠡᠷ ᠬᠤᠪᠢᠷᠠᠯᠳᠠ᠎ᠨᠢ ᠶᠠᠭ᠋ᠠᠬᠢᠵᠤ ᠪᠤᠢ ᠪᠣᠯᠣᠭᠰᠠᠨ ᠪᠤᠢ? ᠭᠡᠪᠡᠯ᠄
1. ᠠᠨᠭ᠌ᠬ᠎ᠠ ᠲᠤᠮᠳᠠᠳᠤ ᠵᠢᠨ ᠱᠠᠳᠤᠨ᠎ᠳᠤ ᠭᠠᠳᠠᠭ᠋ᠠᠳᠤ ᠣᠷᠴᠢᠨ᠎ᠤ ᠲᠤᠬᠠᠢ ᠰᠤᠷᠤᠭᠴᠢᠳ᠎ᠤᠨ ᠤᠢ᠍ᠢ᠍ᠯᠠᠭ᠋ᠠᠯᠳᠠ ᠵᠢᠨ ᠦᠷᠭᠡᠵᠢᠯᠳᠠ᠂ ᠭᠦᠨᠵᠡᠭᠡᠢ᠍ᠢ᠍ᠷᠡᠯᠳᠠᠲᠠᠢ ᠬᠤᠯᠪᠤᠭᠳᠠᠳᠠᠬ᠃ ᠦᠵᠡᠵᠦ ᠰᠣᠨᠣᠰᠤᠭᠰᠠᠨ᠎ᠨᠢ ᠨᠡᠮᠡᠭᠳᠡᠬᠦ᠂ ᠠᠮᠢᠳᠤᠷᠠᠯ᠎ᠤᠨ ᠥᠩᠭᠡᠷᠡᠭᠡᠯᠲᠡ᠎ᠨᠢ ᠪᠠᠶᠠᠯᠢᠬ᠍ᠵᠢᠬᠤ ᠵᠢ ᠲᠠᠭ᠋ᠠᠯᠳᠤᠨ᠂ ᠲᠠᠳᠠᠨ᠎ᠤ ᠪᠤᠳᠤᠵᠤ ᠰᠡᠳᠬᠢᠭᠦ᠂ ᠭᠦᠰᠠᠵᠤ ᠰᠠᠨᠠᠬᠤ ᠭᠦᠭᠡᠭᠡᠴᠡᠯᠳᠤᠯ᠎ᠨᠢ ᠦᠪᠠᠷᠮᠢᠴᠠ ᠰᠢᠨᠵᠢ᠎ᠪᠠᠷ ᠬᠤᠷᠴᠠ ᠲᠤᠳᠤᠷᠬᠠᠢ ᠪᠤᠯᠵᠤ ᠢᠷᠡᠳᠡᠭ᠃ ᠢᠯᠠᠩᠭᠤᠶ᠎ᠠ ᠮᠡᠳᠡᠭᠡ ᠵᠠᠩᠭᠢ ᠨᠢᠰᠬᠦ ᠮᠡᠲᠦ ᠬᠥᠭᠵᠢᠵᠤ ᠪᠠᠢ᠍ᠢ᠍ᠭ᠎ᠠ ᠥᠨᠥᠳᠥᠷ ᠲᠡᠳᠡ ᠭᠠᠷ ᠤᠲᠠᠰᠤ᠂ ᠰᠦᠯᠵᠢᠶ᠎ᠠ᠂ ᠤᠯᠠᠨ ᠨᠠᠢ᠍ᠢ᠍ᠳᠠ ᠵᠢᠨ ᠵᠠᠭᠤᠴᠢᠯᠠᠭᠤᠷ ᠵᠶ᠋ᠠᠷ ᠳᠠᠮᠵᠢᠨ ᠮᠠᠰᠢ ᠤᠯᠠᠨ ᠮᠡᠳᠡᠭᠡ ᠵᠠᠩᠭᠢ ᠵᠢ ᠣᠯᠵᠤ ᠬᠦᠷᠲᠡᠨ᠂ ᠵᠠᠷᠢᠮ ᠲᠠᠯ᠎ᠠ᠎ᠪᠠᠷ ᠲᠣᠮᠣᠴᠤᠳ᠎ᠠᠴᠠ ᠴᠦ᠍ ᠬᠤᠯᠠ ᠠᠬᠠᠳᠠᠵᠤ ᠪᠠᠢ᠍ᠢ᠍ᠭ᠎ᠠ ᠦᠵᠡᠭᠳᠡᠯ ᠮᠤᠩ ᠦᠭᠡᠢ ᠪᠠᠢ᠍ᠢ᠍ᠨ᠎ᠠ᠃
2. ᠠᠨᠭ᠌ᠬ᠎ᠠ ᠲᠤᠮᠳᠠᠳᠤ ᠵᠢᠨ ᠰᠤᠷᠤᠭᠴᠢᠳ᠎ᠤᠨ ᠪᠡᠶ᠎ᠡ᠎ᠪᠠᠨ ᠳᠠᠭ᠋ᠠᠭ᠋ᠠᠬᠤ ᠴᠢᠳᠠᠪᠤᠷᠢ᠎ᠨᠢ ᠲᠦᠷᠭᠡᠨ ᠨᠡᠮᠡᠭᠳᠡᠳᠡᠭ᠃ ᠠᠪᠤ ᠡᠵᠢ᠎ᠠᠴᠠ᠎ᠪᠠᠨ ᠠᠯᠬᠤᠮ ᠴᠦ᠍ ᠬᠣᠯᠠᠳᠴᠤ ᠴᠢᠳᠠᠬᠤ ᠦᠭᠡᠢ ᠪᠠᠢ᠍ᠢ᠍ᠳᠠᠭ ᠵᠢᠭ᠋ᠠᠯᠴᠤᠳ ᠭᠡᠷ ᠵᠶ᠋ᠠᠨ ᠰᠠᠬᠢᠵᠤ ᠭᠠᠭᠴᠠᠭ᠋ᠠᠷ ᠰᠠᠭᠤᠬᠤ᠂ ᠠᠷᠰᠠᠷ ᠠᠵᠢᠯ᠎ᠳᠤ ᠶᠠᠪᠤᠬᠤ᠂ ᠭᠠᠭᠴᠠ ᠬᠣᠶᠠᠷ ᠵᠶ᠋ᠠᠷ ᠵᠤᠭ᠋ᠠᠴᠠᠬᠤ ᠠᠢ᠍ᠢ᠍ᠯᠴᠢᠯᠠᠵᠤ ᠶᠠᠪᠤᠬᠤ ᠵᠡᠷᠭᠡ᠎ᠳᠤ ᠠᠵᠢᠭ ᠦᠭᠡᠢ ᠪᠠᠢ᠍ᠢ᠍ᠳᠠᠭ ᠪᠣᠯᠣᠭᠰᠠᠨ ᠮᠥᠷᠳᠡᠭᠡᠨ ᠤᠷᠮ᠎ᠠ᠎ᠲᠠᠢ ᠪᠠᠬᠠᠲᠠᠢ ᠪᠣᠯᠳᠠᠭ᠃ ᠦᠶ᠎ᠡ ᠵᠢᠨ ᠨᠦᠬᠦᠳ᠎ᠲᠠᠢ᠎ᠪᠠᠨ ᠬᠡᠳᠦᠭᠦᠯᠡ ᠨᠡᠢ᠍ᠢ᠍ᠯᠡᠵᠦ ᠬᠤᠳᠠ ᠬᠥᠳᠡᠭᠡ ᠭᠡᠰᠡᠨ ᠦᠭᠡᠢ ᠤᠷᠮ᠎ᠠ ᠲᠡᠭᠦᠯᠳᠡᠷ ᠨᠠᠭ᠋ᠠᠳᠴᠤ ᠲᠣᠭᠣᠷᠢᠵᠤ ᠪᠠᠢ᠍ᠢ᠍ᠬᠤ᠎ᠳᠤ᠎ᠪᠠᠨ ᠮᠠᠰᠢ ᠬᠠᠩᠬᠠᠯᠤᠭᠤᠨ ᠪᠠᠢ᠍ᠢ᠍ᠳᠠᠭ᠃
3. ᠠᠨᠭ᠌ᠬ᠎ᠠ ᠲᠤᠮᠳᠠᠳᠤ ᠵᠢᠨ ᠰᠤᠷᠤᠭᠴᠢᠳ᠎ᠤᠨ ᠪᠡᠶ᠎ᠡ ᠮᠠᠬᠠᠪᠤᠳ᠎ᠤᠨ ᠦᠰᠤᠯᠳᠠ ᠬᠤᠪᠢᠷᠠᠯᠳᠠ ᠴᠦ᠍ ᠶᠡᠬᠡ ᠪᠠᠢ᠍ᠢ᠍ᠳᠠᠭ᠃
ᠠ᠋ᠳᠡᠭᠡᠷ ᠪᠠᠢ᠍ᠢ᠍ᠳᠠᠯ᠎ᠠᠴᠠ ᠪᠣᠯᠵᠤ ᠲᠡᠳᠡ ᠥᠪᠡᠷ᠎ᠢ᠎ᠪᠠᠨ ᠨᠢᠭᠡᠨᠲᠡ ᠥᠰᠴᠦ ᠲᠣᠮᠣ ᠪᠣᠯᠣᠯ᠎ᠠ᠂ ᠲᠣᠮᠣᠴᠤᠤᠯ᠎ᠤᠨ ᠠ᠋ᠩᠨᠡᠭᠡᠨ᠎ᠳᠤ ᠣᠷᠣᠯ᠎ᠠ ᠭᠡᠵᠦ ᠦᠵᠡᠨ᠂ ᠣᠮᠣᠭᠰᠢᠯᠲᠤ ᠰᠡᠳᠬᠢᠯᠭᠡ ᠲᠥᠷᠥᠭᠳᠡᠵᠦ ᠪᠠᠢ᠍ᠢ᠍ᠳᠠᠭ᠎ᠤᠨ ᠤᠯᠠᠮ᠎ᠠᠴᠠ ᠳᠠᠷᠤᠢ ᠲᠦᠷᠭᠡᠨ ᠠᠪᠤ ᠡᠵᠢ᠂ ᠪᠠᠭᠰᠢ᠂ ᠠᠬᠠᠮᠠᠳ᠎ᠤᠨ ᠬᠢᠨᠠᠯᠲᠠ᠎ᠠᠴᠠ ᠰᠠᠯᠬᠤ᠂ ᠳᠠᠷᠤᠢ ᠭᠡᠷ ᠪᠦᠯᠢ᠂ ᠰᠤᠷᠭ᠋ᠠᠭᠤᠯᠢ ᠵᠢᠨ 《ᠬᠦᠯᠢᠶᠡᠰᠦᠯᠡᠯ》᠎ᠠᠴᠠ ᠮᠣᠯᠲᠣᠷᠠᠨ᠂ ᠦᠪᠡᠷ᠎ᠤᠨ ᠪᠡᠶ᠎ᠠ᠎ᠳᠤ᠎ᠪᠠᠨ ᠡᠵᠡᠨ ᠪᠤᠯᠵᠤ᠂ ᠰᠣᠨᠢᠷᠬᠠᠯ᠎ᠢ ᠲᠠᠲᠠᠮ᠎ᠠ ᠭᠠᠳᠠᠭ᠋ᠠᠳᠤ ᠶᠢᠷᠲᠢᠨᠴᠦ᠎ᠳᠤ ᠰᠠᠨᠠᠭ᠋ᠠᠨ ᠵᠣᠷᠢᠭ ᠵᠶ᠋ᠠᠷ ᠨᠢᠰᠦᠨ ᠳᠡᠭᠦᠯᠢᠵᠦ ᠪᠠᠢ᠍ᠢ᠍ᠬᠤ ᠵᠢ ᠲᠡᠰᠬᠡᠯ ᠦᠭᠡᠢ ᠬᠦᠰᠡᠨ ᠮᠦᠷᠦᠭᠡᠳᠭᠦ ᠵᠢᠨ ᠤᠯᠠᠮ ᠵᠶ᠋ᠠᠷ ᠦᠪᠠᠷ᠎ᠢ᠎ᠪᠠᠨ ᠨᠡᠢ᠍ᠢ᠍ᠭᠡᠮ᠎ᠤᠨ ᠭᠦᠮᠦᠨ ᠪᠤᠶᠤ ᠨᠠᠢ᠍ᠢ᠍ᠭᠡᠮ᠎ᠤᠨ ᠷᠤᠯᠢ ᠭᠦᠢ᠍ᠴᠡᠳᠭᠡᠭᠦ ᠵᠢ ᠵᠠᠢ᠍ᠢ᠍ᠯᠠᠰᠢ ᠦᠭᠡᠢ ᠪᠤᠳᠤᠯᠬᠢᠯᠠᠳᠠᠬ᠃
ᠠ᠋ᠨᠡ ᠬᠦ᠌ ᠦᠵᠡᠯᠳᠡ ᠪᠠ ᠮᠥᠷᠥᠭᠡᠳᠦᠯ᠎ᠨᠢ ᠲᠡᠳᠡᠨ᠎ᠢ ᠲᠡᠰᠦᠰᠢ ᠦᠭᠡᠢ ᠰᠠᠨᠳᠤᠷᠭ᠋ᠠᠵᠤ ᠪᠠᠢ᠍ᠢ᠍ᠳᠠᠭ᠎ᠤᠨ ᠤᠯᠠᠮ᠎ᠠᠴᠠ ᠲᠡᠳᠡᠨ᠎ᠤ ᠦᠢ᠍ᠯᠡ ᠬᠥᠳᠡᠯᠦᠯ᠂ ᠤᠴᠢᠷ ᠶᠠᠪᠤᠳᠠᠯ ᠪᠣᠯᠭ᠋ᠠᠨ᠎ᠢ᠎ᠨᠢ ᠬᠢᠨᠠᠨ ᠠᠩᠬᠠᠷᠴᠤ᠂ ᠬᠡᠯᠡᠵᠦ ᠰᠠᠨᠠᠭᠤᠯᠵᠤ ᠪᠠᠢ᠍ᠢ᠍ᠭ᠎ᠠ ᠠᠪᠤ ᠡᠵᠢ᠂ ᠪᠠᠭᠰᠢ ᠨᠠᠷ᠎ᠲᠤ᠎ᠪᠠᠨ ᠳᠤᠷ᠎ᠠ ᠦᠭᠡᠢ᠍ᠢ᠍ᠴᠡᠳᠡᠭ᠃ ᠬᠡᠦᠬᠡᠳ᠎ᠤᠨ ᠵᠶ᠋ᠠᠨ ᠠ᠋ᠳᠡᠭᠡᠷ ᠬᠤᠪᠢᠷᠠᠯᠲᠠ ᠵᠢ ᠠᠩᠬᠠᠷᠬᠤ ᠦᠭᠡᠢ ᠪᠤᠶᠤ ᠠ᠋ᠨᠡ ᠲᠠᠯ᠎ᠠ ᠵᠢᠨ ᠠᠵᠢᠭᠯᠠᠯᠲᠠ ᠤᠢ᠍ᠢ᠍ᠯᠠᠭ᠋ᠠᠯᠲᠠ ᠦᠭᠡᠢ ᠭᠡᠷ᠎ᠤᠨ ᠠᠬᠠᠮᠠᠳ ᠪᠤᠯ ᠬᠡᠦᠬᠡᠳ᠎ᠤᠨ ᠵᠶ᠋ᠠᠨ ᠪᠠᠢ᠍ᠢ᠍ᠳᠠᠯ᠎ᠳᠤ ᠭᠠᠢ᠍ᠢ᠍ᠬᠠᠰᠢ ᠲᠠᠰᠤᠷᠠᠨ ᠠᠯᠮᠠᠢ᠍ᠢ᠍ᠷᠠᠳᠠᠬ᠃ 《ᠡᠵᠢ ᠵᠢᠨ ᠰᠡᠳᠬᠢᠯ᠎ᠳᠤ ᠦᠷ᠎ᠡ᠎ᠨᠢ ᠬᠡᠵᠢᠶᠡᠳᠡ ᠨᠢᠯᠬ᠎ᠠ᠎ᠪᠠᠷ ᠵᠶ᠋ᠠᠨ》 ᠭᠡᠳᠡᠭᠴᠢᠯᠡᠨ ᠠᠪᠤ ᠡᠵᠢ᠎ᠨᠢ ᠬᠡᠵᠢᠶᠡᠳᠡ ᠯᠡ ᠦᠷ᠎ᠡ ᠬᠡᠦᠬᠡᠳ᠎ᠤᠨ ᠵᠶ᠋ᠠᠨ ᠲᠦᠯᠦᠭᠡ ᠰᠠᠨᠠᠭ᠋ᠠᠰᠢᠷᠠᠵᠤ ᠵᠣᠪᠠᠳᠠᠭ ᠬᠣᠢ᠍ᠢ᠍ᠨ᠎ᠠ᠂ ᠳᠡᠷᠭᠡᠳᠡᠠᠴᠠᠪᠠᠨ ᠰᠠᠯᠭ᠋ᠠᠯ ᠦᠭᠡᠢ ᠰᠢᠬᠠᠮ ᠥᠰᠬᠡᠵᠦ ᠠ᠋ᠳᠦᠢ ᠬᠦᠷᠭᠡᠭᠰᠡᠨ ᠬᠡᠦᠬᠡᠳ᠎ᠨᠢ ᠪᠡᠶ᠎ᠡ᠎ᠪᠠᠨ ᠳᠠᠭ᠋ᠠᠭ᠋ᠠᠵᠤ ᠢᠩᠭᠢᠨ᠎ᠡ ᠴᠢᠩᠭᠢᠨᠡ ᠭᠡᠬᠦ᠎ᠳᠤ ᠢᠲᠡᠭᠡᠵᠦ ᠶᠠᠳᠠᠬᠤᠳᠤᠪᠠᠨ ᠴᠤ᠌᠂ ᠪᠣᠯᠭᠣᠮᠵᠢᠯᠠᠬᠤᠳᠤᠪᠠᠨ ᠴᠦ᠍ ᠳᠠᠬᠢᠨ ᠳᠠᠪᠲᠠᠨ ᠵᠠᠬᠢᠵᠤ ᠰᠠᠨᠠᠭᠤᠯᠬᠤ᠎ᠨᠢ ᠯᠠᠪᠲᠠᠢ᠃ ᠭᠡᠪᠡᠴᠦ ᠠ᠋ᠳᠡᠭᠡᠷ ᠰᠠᠨᠠᠭᠤᠯᠭ᠎ᠠ᠎ᠨᠢ ᠲᠡᠳᠡᠨ᠎ᠤ ᠴᠢᠬᠢᠨ᠎ᠳᠤ ᠶᠠᠩᠰᠢᠶ᠎ᠠ ᠪᠣᠯᠣᠨ ᠰᠣᠨᠣᠰᠳᠠᠵᠤ᠂ 《ᠪᠢ ᠮᠡᠳᠡᠨ᠎ᠡ᠂ ᠪᠢ ᠴᠢᠳᠠᠨ᠎ᠠ》 ᠭᠡᠬᠦ ᠰᠡᠳᠬᠢᠴᠡ᠎ᠲᠠᠢ᠎ᠨᠢ ᠵᠥᠷᠢᠴᠡᠯᠳᠦᠨ᠂ ᠤᠭ ᠵᠦᠷᠢᠴᠡᠯᠳᠤᠭᠡᠨᠨᠢ ᠬᠠᠶᠠᠳᠤᠪᠠᠨ ᠭᠡᠤᠭᠡᠳ᠎ᠤᠨ ᠠ᠋ᠭ᠌ᠳᠡᠭᠦᠦ ᠵᠢ ᠬᠦᠷᠭᠡᠳᠡᠭ᠃
4. ᠠᠨᠭ᠌ᠬ᠎ᠠ ᠲᠤᠮᠳᠠᠳᠤ ᠵᠢᠨ ᠰᠤᠷᠤᠭᠴᠢᠳ᠎ᠤᠨ ᠠᠮᠢᠳᠤᠷᠠᠯ᠎ᠤᠨ ᠲᠤᠷᠰᠢᠯᠭ᠎ᠠ ᠮᠠᠰᠢ ᠬᠣᠮᠰᠠ ᠪᠠᠢ᠍ᠢ᠍ᠳᠠᠭ᠎ᠨᠢ ᠮᠠᠳᠠᠭ ᠦᠭᠡᠢ᠃ ᠶᠠᠭ ᠠ᠋ᠢ᠍ᠢ᠍ᠮᠦ᠎ᠠᠴᠠ ᠮᠠᠰᠢ ᠤᠯᠠᠨ ᠤᠴᠢᠷ ᠶᠠᠪᠤᠳᠠᠯ᠎ᠢ ᠠ᠋ᠷᠭᠢᠭᠦᠯᠵᠦ ᠬᠥᠷᠪᠡᠭᠦᠯᠦᠨ ᠰᠡᠳᠬᠢᠬᠦ ᠦᠭᠡᠢ᠂ ᠠ᠋ᠮᠦᠨ᠎ᠠ ᠬᠤᠢ᠍ᠢ᠍ᠨᠠᠬᠢ ᠵᠢ ᠪᠤᠳᠤᠯᠬᠢᠯᠠᠬᠤ ᠦᠭᠡᠢ᠂ ᠨᠠᠭ᠋ᠠᠨ᠎ᠠ ᠴᠠᠭ᠋ᠠᠨ᠎ᠠ ᠵᠢ ᠪᠣᠳᠣᠬᠤ ᠦᠭᠡᠢ᠂ ᠵᠥᠪᠬᠡᠨ ᠥᠪᠡᠷ᠎ᠤᠨ ᠰᠢᠭᠤᠳ ᠰᠡᠷᠡᠯ᠂ ᠬᠡᠰᠡᠭ ᠲᠠᠯ᠎ᠠ ᠵᠢᠨ ᠦᠵᠡᠯᠳᠡ᠎ᠪᠠᠷ ᠵᠶ᠋ᠠᠨ ᠠᠮᠢᠳᠤᠷᠠᠯ᠂ ᠰᠤᠷᠤᠯᠴᠠᠯᠭ᠎ᠠ᠎ᠳᠤ᠎ᠪᠠᠨ ᠲᠤᠬᠢᠶᠠᠯᠳᠤᠳᠠᠬ ᠠᠰᠠᠭᠤᠳᠠᠯ᠎ᠳᠤ ᠬᠠᠭᠤᠳᠠᠮ ᠰᠢᠢ᠍ᠳᠪᠦᠷᠢ ᠭᠠᠷᠭ᠋ᠠᠬᠤ᠎ᠨᠢ ᠤᠯᠠᠨ ᠪᠠᠢ᠍ᠢ᠍ᠳᠠᠭ᠃ ᠠ᠋ᠭᠦᠨ᠎ᠠᠴᠠ ᠪᠣᠯᠵᠤ ᠲᠡᠳᠡ ᠬᠠᠷᠠᠵᠤ ᠬᠠᠯᠠᠮᠵᠢᠯᠠᠵᠤ᠂ ᠬᠡᠯᠡᠵᠦ ᠰᠠᠨᠠᠭᠤᠯᠵᠤ ᠪᠠᠢ᠍ᠢ᠍ᠭ᠎ᠠ ᠬᠥᠮᠥᠰ᠎ᠤᠨ ᠠ᠋ᠰᠡᠷᠭᠦ ᠮᠠᠰᠢ ᠬᠢᠯᠪᠠᠷᠬᠠᠨ ᠠ᠋ᠰᠡᠷᠭᠦᠴᠡᠨ ᠲᠤᠯᠵᠤ᠂ ᠰᠢᠭᠤᠳ ᠵᠥᠷᠢᠴᠡᠯᠳᠦᠬᠦ ᠪᠠᠢ᠍ᠢ᠍ᠳᠠᠯ ᠵᠶ᠋ᠠᠷ ᠬᠠᠨᠳᠤᠵᠤ ᠪᠠᠢ᠍ᠢ᠍ᠳᠠᠭ᠃
ᠲᠡᠭᠡᠪᠡᠯ ᠭᠡᠷ᠎ᠤᠨ ᠠᠬᠠᠮᠠᠳ᠂ ᠪᠠᠭᠰᠢ ᠨᠠᠷ᠎ᠠᠴᠠ ᠠ᠋ᠨᠡ ᠬᠦ᠌ ᠰᠦᠷᠭᠦ ᠰᠡᠳᠬᠢᠴᠠ ᠵᠢᠨ ᠠᠰᠠᠭᠤᠳᠠᠯ᠎ᠳᠤ ᠬᠡᠷᠬᠢᠨ ᠬᠠᠨᠳᠤᠬᠤ ᠪᠣᠢ? ᠠ᠋ᠨᠡ ᠲᠤᠬᠠᠢ᠎ᠳᠤ ᠭᠣᠣᠯᠳᠠᠭᠤ ᠳᠠᠷᠠᠭ᠋ᠠᠬᠢ ᠬᠡᠳᠦᠨ ᠲᠠᠯ᠎ᠠ ᠵᠢᠨ ᠰᠠᠨᠠᠭᠤᠯᠭ᠎ᠠ ᠵᠢ ᠦᠭᠭᠦᠶ᠎ᠡ᠃
1. ᠬᠡᠦᠬᠡᠳ᠎ᠤᠨ ᠦᠰᠦᠨ ᠪᠣᠢ᠍ᠵᠢᠯᠲᠠ ᠵᠢ ᠮᠡᠳᠡᠷᠡᠨ᠂ ᠬᠦᠨᠳᠦᠳᠬᠡᠬᠦ ᠬᠡᠷᠡᠭᠳᠡᠢ᠃ ᠲᠡᠳᠡᠨ᠎ᠤ ᠥᠰᠴᠦ ᠲᠣᠮᠣᠭ᠋ᠠᠵᠢᠵᠤ ᠪᠠᠢ᠍ᠢ᠍ᠭ᠎ᠠ ᠵᠢ ᠮᠡᠳᠡᠷᠡᠬᠦ ᠬᠡᠷᠡᠭᠲᠡᠢ᠃ 《ᠮᠢᠨᠤ ᠬᠡᠦᠬᠡᠳ ᠥᠭᠡᠯᠡᠢ ᠪᠣᠯᠴᠢᠬᠠᠯ᠎ᠠ᠂ ᠥᠰᠴᠦ ᠲᠣᠮᠣᠭ᠋ᠠᠵᠢᠵᠤ ᠪᠠᠢ᠍ᠢ᠍ᠨ᠎ᠠ》 ᠭᠡᠳᠡᠭ᠎ᠢ ᠲᠠ ᠦᠷᠭᠦᠯᠵᠢ ᠥᠪᠡᠷ᠎ᠤᠨ ᠪᠡᠶ᠎ᠡ᠎ᠳᠤ᠎ᠪᠠᠨ ᠪᠠ ᠬᠡᠦᠬᠡᠳ᠎ᠲᠤ᠎ᠪᠠᠨ ᠬᠡᠯᠡᠵᠦ ᠪᠠᠢ᠍ᠢ᠍ᠭ᠋ᠠᠷᠠᠢ᠃ ᠳᠠᠷᠤᠢ ᠬᠡᠦᠬᠡᠳ ᠵᠶ᠋ᠠᠨ ᠦᠰᠦᠨ ᠪᠣᠢ᠍ᠵᠢᠵᠤ ᠪᠠᠢ᠍ᠢ᠍ᠨ᠎ᠠ᠂ ᠥᠭᠡᠯᠡᠢ ᠪᠣᠯᠵᠤ ᠪᠠᠢ᠍ᠢ᠍ᠨ᠎ᠠ ᠭᠡᠳᠡᠭ᠎ᠢ ᠮᠡᠳᠡᠷᠡᠬᠦ ᠵᠢᠨ ᠵᠡᠷᠭᠡ᠎ᠪᠠᠷ ᠬᠡᠦᠬᠡᠳ᠎ᠲᠤ᠎ᠪᠠᠨ ᠨᠤᠲᠠᠯᠠᠵᠤ ᠥᠭᠭᠦᠭᠡᠷᠡᠢ ᠭᠡᠰᠡᠨ ᠦᠭᠡ ᠶᠤᠮ᠃
ᠬᠡᠦᠬᠡᠳ᠎ᠤᠨ ᠵᠶ᠋ᠠᠨ ᠥᠰᠴᠦ ᠪᠣᠢ᠍ᠵᠢᠵᠤ ᠪᠠᠢ᠍ᠢ᠍ᠭ᠎ᠠ ᠵᠢ ᠮᠡᠳᠡᠷᠡᠳᠡᠭ ᠭᠡᠷ᠎ᠤᠨ ᠠᠬᠠᠮᠠᠳ ᠲᠡᠳᠡᠨ᠎ᠤ ᠪᠠᠢ᠍ᠢ᠍ᠳᠠᠯ᠎ᠳᠤ᠎ᠨᠢ ᠵᠣᠬᠢᠴᠠᠭᠰᠠᠨ ᠠᠵᠢᠯ ᠠ᠋ᠭᠦᠷᠭᠡ ᠥᠭᠴᠦ᠂ ᠠᠷᠰᠠᠷ ᠶᠠᠪᠤᠳᠠᠯ ᠤᠴᠢᠷ᠎ᠲᠤ ᠵᠠᠷᠤᠵᠤ ᠪᠠᠢ᠍ᠢ᠍ᠳᠠᠭ᠂ ᠠᠶᠠᠭ᠎ᠠ ᠰᠢᠨᠠᠭ᠎ᠠ ᠤᠬᠢᠶᠠᠬᠤ᠂ ᠭᠡᠷ ᠲᠡᠷᠭᠡ ᠴᠡᠪᠡᠷᠯᠡᠬᠦ᠂ ᠮᠠᠯ ᠤᠨᠤᠭ᠋ᠠᠨᠳᠤ ᠶᠠᠪᠤᠬᠤ᠂ ᠠ᠋ᠨᠳᠡ ᠲᠡᠨᠳᠡ ᠵᠠᠷᠤᠭ᠋ᠠᠳ ᠁ ᠢᠩᠭᠢᠬᠦᠳᠤᠪᠠᠨ 《ᠮᠢᠨᠤ ᠬᠡᠦᠬᠡᠳ ᠥᠭᠡᠯᠡᠢ ᠪᠣᠯᠴᠢᠬᠠᠯ᠎ᠠ᠂ ᠥᠰᠴᠦ ᠲᠣᠮᠣᠭ᠋ᠠᠵᠢᠵᠤ ᠪᠠᠢ᠍ᠢ᠍ᠨ᠎ᠠ》᠂ 《ᠠᠪᠤ ᠡᠵᠢ᠎ᠪᠠᠨ ᠬᠠᠪᠰᠤᠷᠬᠤ ᠪᠣᠯᠴᠢᠬᠠᠯ᠎ᠠ᠂ ᠪᠢ ᠶᠣᠰᠣᠲᠠᠢ ᠪᠠᠶᠠᠷᠯᠠᠵᠤ ᠪᠠᠢ᠍ᠢ᠍ᠨ᠎ᠠ ᠁》 ᠭᠡᠬᠦ ᠵᠡᠷᠭᠡ᠎ᠪᠠᠷ ᠮᠠᠭᠲᠠᠨ ᠤᠷᠮᠠᠰᠢᠭᠤᠯᠵᠤ ᠪᠠᠢ᠍ᠢ᠍ᠳᠠᠭ᠂ ᠠ᠋ᠨᠡ᠎ᠨᠢ ᠶᠠᠭ ᠰᠠᠢ᠍ᠢ᠍ᠬᠠᠨ ᠬᠡᠦᠬᠡᠳ᠎ᠤᠨ 《ᠪᠢ ᠲᠣᠮᠣ ᠪᠣᠯᠣᠭᠰᠠᠨ》 ᠭᠡᠬᠦ ᠰᠡᠳᠬᠢᠴᠡ᠎ᠲᠠᠢ᠎ᠨᠢ ᠠᠮᠠ ᠰᠡᠭᠡᠷ ᠵᠣᠯᠭ᠋ᠠᠵᠤ ᠪᠠᠢ᠍ᠢ᠍ᠳᠠᠭ᠃
ᠬᠡᠦᠬᠡᠳ᠎ᠤᠨ ᠥᠰᠴᠦ ᠲᠣᠮᠣᠭ᠋ᠠᠵᠢᠵᠤ ᠪᠠᠢ᠍ᠢ᠍ᠭ᠎ᠠ ᠵᠢ ᠮᠡᠳᠡᠷᠡᠬᠦ᠎ᠳᠤ ᠪᠠᠰᠠ ᠨᠢᠭᠡ ᠮᠠᠰᠢ ᠰᠠᠢ᠍ᠢ᠍ᠨ ᠠᠵᠢᠯᠯᠠᠭ᠎ᠠ ᠪᠣᠯ ᠲᠡᠳᠡᠨ᠎ᠢ ᠠᠢ᠍ᠢ᠍ᠯ ᠭᠡᠷ᠎ᠤᠨ ᠵᠶ᠋ᠠᠨ ᠤᠴᠢᠷ ᠶᠠᠪᠤᠳᠠᠯ᠎ᠢ ᠰᠢᠢ᠍ᠳᠪᠦᠷᠢᠯᠡᠬᠦ ᠵᠥᠪᠳᠡᠯᠴᠡᠭᠡᠨ᠎ᠤ 《ᠬᠤᠷᠠᠯ》᠎ᠳᠤ ᠣᠷᠣᠯᠴᠠᠭᠤᠯᠬᠤ ᠶᠠᠪᠤᠳᠠᠯ ᠪᠣᠯᠣᠨ᠎ᠠ᠃ ᠵᠢᠱ᠌ᠢᠶᠡᠯᠡᠬᠦ᠎ᠳᠤ ᠨᠢᠭᠡᠨ ᠭᠡᠷ᠎ᠤᠨ ᠬᠡᠷᠡᠭᠰᠡᠯ ᠬᠤᠳᠠᠯᠳᠤᠨ ᠠᠪᠬᠤ ᠤᠴᠢᠷ᠎ᠲᠤ ᠬᠡᠦᠬᠡᠳ᠎ᠤᠨ ᠰᠠᠨᠠᠯ᠎ᠢ ᠠᠰᠠᠭᠤᠵᠤ ᠪᠣᠯᠣᠨ᠎ᠠ᠂ ᠭᠡᠬᠦ᠎ᠳᠤ᠎ᠪᠠᠨ ᠬᠠᠰᠢ ᠶᠠᠰᠢ ᠠᠰᠠᠭᠤᠵᠤ᠂ ᠬᠠᠢ᠍ᠢ᠍ᠨ᠎ᠳᠤᠨᠢ ᠬᠠᠶᠠᠬᠤ ᠪᠢᠰᠢ᠂ ᠪᠠᠰᠠ ᠶᠠᠭᠤ ᠭᠡᠪᠡᠯ ᠶᠠᠭᠤ ᠵᠢ᠎ᠨᠢ ᠵᠥᠪᠰᠢᠶᠡᠷᠡᠬᠦ ᠪᠢᠰᠢ᠂ ᠬᠠᠷᠢᠨ ᠵᠣᠭᠣᠰ ᠮᠥᠩᠭᠥᠨ᠎ᠤ ᠬᠡᠪᠴᠢᠶ᠎ᠡ᠂ ᠬᠡᠷᠡᠭᠴᠡᠭᠡ ᠴᠢᠬᠤᠯᠠᠴᠢᠯᠠᠭ᠎ᠠ ᠵᠡᠷᠭᠡ ᠵᠢ ᠨᠠᠷᠢᠨ ᠲᠣᠳᠣᠷᠬᠠᠢ᠍ᠢ᠍ᠯᠠᠵᠤ᠂ ᠬᠢᠨᠠᠮᠠᠭ᠋ᠠᠢ ᠲᠠᠢ᠍ᠢ᠍ᠯᠪᠤᠷᠢᠯᠠᠵᠤ᠂ ᠲᠡᠳᠡᠨ ᠵᠶ᠋ᠠᠷ ᠵᠥᠪ ᠰᠣᠩᠭᠣᠯᠲᠠ ᠭᠠᠷᠭ᠋ᠠᠯᠭ᠋ᠠᠬᠤ᠎ᠪᠠᠷ ᠴᠢᠷᠮᠠᠢ᠍ᠢ᠍ᠵᠤ ᠪᠠᠢ᠍ᠢ᠍ᠬᠤ ᠴᠢᠬᠤᠯᠠᠲᠠᠢ᠂ ᠰᠠᠨᠠᠯ ᠠᠳᠠᠯᠢ ᠪᠤᠰᠤ ᠪᠣᠯᠴᠢᠬᠠᠭᠰᠠᠨ ᠪᠣᠯ ᠭᠡᠷ᠎ᠤᠨ ᠠᠬᠠᠮᠠᠳ᠎ᠨᠢ ᠶᠠᠭ᠋ᠠᠬᠢᠭ᠋ᠠᠳ ᠢᠩᠭᠢᠵᠦ ᠰᠣᠩᠭᠣᠵᠤ ᠪᠠᠢ᠍ᠢ᠍ᠭ᠎ᠠ ᠵᠢ᠎ᠨᠢ ᠬᠢᠨᠠᠮᠠᠭ᠋ᠠᠢ ᠲᠠᠢ᠍ᠢ᠍ᠯᠪᠤᠷᠢᠯᠠᠭᠤᠯᠵᠤ ᠪᠤᠯᠤᠨ᠎ᠠ᠃
2. ᠭᠡᠤᠭᠡᠳ᠎ᠤᠨ ᠦᠰᠦᠨ ᠪᠤᠢ᠍ᠢ᠍ᠵᠢᠯᠳᠠ᠎ᠳᠤ ᠣᠷᠣᠨ ᠵᠠᠢ ᠵᠢ ᠣᠯᠭᠣᠬᠤ ᠬᠡᠷᠡᠭᠳᠡᠢ᠃ ᠠᠨᠭ᠌ᠬ᠎ᠠ ᠲᠤᠮᠳᠠᠳᠤ ᠵᠢᠨ ᠰᠤᠷᠤᠭᠴᠢ ᠨᠢᠭᠡ ᠪᠦᠷᠢ᠎ᠨᠢ ᠪᠦᠷ ᠥᠪᠡᠷ᠎ᠤᠨ ᠭᠡᠰᠡᠨ ᠴᠢᠯᠦᠭᠡᠳᠤ ᠣᠷᠣᠨ ᠵᠠᠢ᠍ᠢ᠍ᠳᠠᠢ ᠪᠠᠢ᠍ᠢ᠍ᠬᠤ ᠵᠢ ᠱᠠᠭ᠋ᠠᠷᠳᠠᠳᠠᠭ᠂ ᠵᠠᠷᠢᠮ ᠭᠡᠷ᠎ᠤᠨ ᠠᠬᠠᠮᠠᠳ ᠠ᠋ᠭᠦᠨ᠎ᠢ ᠣᠮᠳᠤᠭ᠋ᠠᠢ᠍ᠢ᠍ᠯᠠᠵᠤ᠂ ᠬᠦᠦ ᠬᠥᠮᠥᠨ ᠬᠠᠮᠢᠶ᠎ᠠ ᠦᠭᠡᠢ ᠭᠡᠬᠦ ᠪᠤᠶᠤ ᠡᠵᠢ᠎ᠨᠢ ᠥᠬᠢᠨᠲᠠᠢᠪᠠᠨ᠂ ᠠᠪᠤ᠎ᠨᠢ ᠬᠦᠦ᠎ᠲᠠᠢ᠎ᠪᠠᠨ ᠪᠣᠯ ᠨᠢᠭᠤᠵᠤ ᠬᠠᠪᠴᠢᠬᠤ ᠵᠦᠢ᠍ᠯ ᠦᠭᠡᠢ ᠭᠡᠵᠦ ᠦᠵᠡᠨ ᠶᠠᠭᠤ ᠪᠦᠬᠦᠨ᠎ᠢ᠎ᠨᠢ ᠬᠠᠮᠢᠶᠠᠷᠴᠤ᠂ ᠨᠢᠭᠤᠴᠠ ᠪᠦᠬᠦᠨ᠎ᠢ᠎ᠨᠢ ᠤᠬᠤᠴᠢᠯᠠᠵᠤ ᠪᠠᠢ᠍ᠢ᠍ᠳᠠᠭ᠂ ᠠ᠋ᠨᠡ ᠪᠣᠯ ᠮᠠᠰᠢ ᠪᠤᠷᠤᠭᠤ ᠠᠵᠢᠯᠯᠠᠭ᠎ᠠ ᠮᠥᠨ᠃ ᠭᠡᠪᠡᠴᠦ ᠶᠠᠭ ᠬᠠᠮᠢᠶᠠᠷᠬᠤ ᠦᠭᠡᠢ ᠭᠡᠰᠡᠨ ᠪᠢᠰᠢ᠂ ᠬᠠᠷᠢᠨ ᠲᠡᠳᠡᠨ᠎ᠳᠤ ᠵᠥᠪᠯᠡᠮᠵᠢ ᠥᠭᠬᠦ ᠵᠣᠭᠰᠣᠴᠠ᠎ᠠᠴᠠ ᠬᠠᠷᠢᠯᠴᠠᠪᠠᠯ ᠵᠣᠬᠢᠨ᠎ᠠ᠃ ᠠ᠋ᠭᠦᠨ᠎ᠠᠴᠠ ᠭᠠᠳᠠᠨ᠎ᠠ ᠲᠡᠳᠡᠨ᠎ᠤ ᠵᠠᠬᠢᠳᠠᠯ ᠴᠢᠮᠡᠭᠡ᠂ ᠤᠲᠠᠰᠤ ᠨᠡᠪᠲᠡᠷᠡᠯᠴᠡᠭᠡ᠂ ᠣᠬᠣᠷ ᠵᠠᠬᠢᠶ᠎ᠠ᠂ ᠸᠢᠴᠠᠲ ᠴᠢᠮᠡᠭᠡ ᠵᠡᠷᠭᠡ ᠬᠤᠪᠢ ᠵᠢᠨ ᠨᠢᠭᠤᠴᠠ᠎ᠳᠤ ᠶᠠᠭ᠋ᠠᠬᠢᠭᠰᠠᠨ ᠴᠦ᠍ ᠬᠠᠯᠳᠠᠵᠤ ᠪᠣᠯᠬᠤ ᠦᠭᠡᠢ ᠪᠠᠢ᠍ᠢ᠍ᠳᠠᠭ᠃ ᠠ᠋ᠨᠡ᠎ᠨᠢ ᠬᠠᠤᠯᠢ᠎ᠠᠴᠠ ᠵᠥᠷᠢᠴᠡᠭᠰᠡᠨ ᠠᠵᠢᠯᠯᠠᠭ᠎ᠠ ᠪᠣᠯᠬᠤ᠎ᠪᠠᠷ ᠪᠠᠷᠠᠬᠤ ᠦᠭᠡᠢ ᠬᠡᠦᠬᠡᠳ᠎ᠤᠨ ᠠ᠋ᠷᠡᠰ ᠠ᠋ᠰᠡᠷᠭᠦᠴᠡᠯᠢ ᠣᠯᠵᠤ ᠬᠡᠦᠬᠡᠳ ᠪᠠ ᠭᠡᠷ᠎ᠤᠨ ᠠᠬᠠᠮᠠᠳ᠎ᠤᠨ ᠬᠣᠭᠣᠷᠣᠨᠳᠤᠬᠢ ᠬᠠᠷᠢᠴᠠᠭ᠎ᠠ ᠵᠢ ᠰᠢᠭᠤᠳ ᠳᠠᠢ᠍ᠢ᠍ᠰᠤᠩᠨᠠᠬᠤ ᠬᠡᠮᠵᠢᠶᠡᠨ᠎ᠳᠤ ᠴᠦ᠍ ᠬᠦᠷᠭᠡᠵᠤ ᠮᠠᠳᠠᠨ᠎ᠠ᠃
ᠠ᠋ᠢ᠍ᠢ᠍ᠮᠦ᠎ᠠᠴᠠ ᠲᠡᠳᠡᠨ᠎ᠳᠤ ᠨᠠᠢ᠍ᠢ᠍ᠵᠠᠯᠠᠬᠤ ᠪᠠ ᠦᠶ᠎ᠡ ᠵᠢᠨ ᠨᠠᠢ᠍ᠢ᠍ᠵᠠ ᠨᠠᠷ᠎ᠲᠠᠢ᠎ᠪᠠᠨ ᠶᠠᠪᠤᠯᠴᠠᠬᠤ᠂ ᠤᠴᠢᠷ ᠶᠠᠪᠤᠳᠠᠯ᠎ᠳᠤ ᠰᠣᠩᠭᠣᠯᠲᠠ ᠬᠢᠬᠦ ᠵᠡᠷᠭᠡ ᠨᠠᠢ᠍ᠢ᠍ᠭᠡᠮ ᠪᠠ ᠭᠡᠷ ᠪᠦᠯᠢ ᠵᠢᠨ ᠵᠣᠬᠢᠬᠤ ᠴᠢᠯᠦᠭᠡᠳᠤ ᠣᠷᠣᠨ ᠵᠠᠢ ᠣᠯᠭᠣᠬᠤ ᠬᠡᠷᠡᠭᠳᠡᠢ᠃ ᠭᠡᠯᠡᠯᠭᠡᠨ ᠦᠭᠡᠢ᠂ ᠲᠡᠳᠡᠨ᠎ᠤ ᠰᠣᠩᠭᠣᠯᠲᠠ ᠪᠤᠷᠤᠭᠤ ᠪᠠᠢ᠍ᠢ᠍ᠪᠠᠯ ᠡᠴᠢᠭᠡ ᠠ᠋ᠭᠡ᠎ᠨᠢ ᠠ᠋ᠷᠬᠡᠪᠰᠢ ᠶᠠᠭ᠋ᠠᠬᠢᠭ᠋ᠠᠳ ᠠ᠋ᠢ᠍ᠢ᠍ᠮᠦ ᠭᠡᠳᠡᠭ᠎ᠢ ᠬᠡᠯᠡᠵᠦ ᠥᠭᠭᠦᠭᠡᠳ ᠰᠠᠶᠢ ᠥᠪᠡᠷ᠎ᠤᠨ ᠰᠢᠢ᠍ᠳᠪᠦᠷᠢ᠎ᠪᠠᠨ ᠬᠡᠷᠡᠭᠵᠢᠭᠦᠯᠵᠦ ᠪᠠᠢ᠍ᠢ᠍ᠪᠠᠯ ᠵᠦᠢ᠍ᠲᠠᠢ᠃
ᠤᠨᠴᠠᠭ᠋ᠠᠢ᠍ᠢ᠍ᠯᠠᠨ ᠠ᠋ᠨᠡ ᠬᠦ᠌ ᠨᠠᠰᠤᠨ᠎ᠤ ᠬᠡᠦᠬᠡᠳ ᠢᠵᠢᠯ ᠪᠤᠰᠤ ᠬᠦᠢ᠍ᠰᠦᠲᠡᠨᠢ ᠠ᠋ᠬᠢᠯᠡᠨ ᠠᠩᠬᠠᠷᠴᠤ᠂ ᠨᠠᠢ᠍ᠢ᠍ᠵᠠᠯᠠᠳᠠᠭ᠃ ᠠ᠋ᠨᠡ ᠦᠶ᠎ᠡ᠎ᠳᠤ ᠭᠡᠷ᠎ᠤᠨ ᠠᠬᠠᠮᠠᠳ ᠪᠠ ᠪᠠᠭᠰᠢ ᠨᠠᠷ ᠬᠡᠲᠦᠷᠬᠡᠢ ᠰᠣᠷᠭᠣᠭ ᠪᠠᠢ᠍ᠢ᠍ᠵᠤ ᠤᠬᠤᠴᠢᠯᠠᠵᠤ ᠠᠰᠠᠭᠤᠬᠤ᠎ᠨᠢ ᠲᠡᠳᠡᠨ᠎ᠤ ᠳᠤᠷ᠎ᠠ ᠦᠭᠡᠢ᠍ᠢ᠍ᠴᠡᠯᠢ ᠬᠦᠷᠭᠡᠳᠡᠭ᠂ ᠨᠡᠩ ᠢᠯᠠᠩᠭᠤᠶ᠎ᠠ ᠠ᠋ᠷᠲᠡ ᠢᠨᠠᠭᠯᠠᠯᠠ ᠶᠠᠭ᠋ᠠᠬᠢᠯ᠎ᠠ ᠭᠡᠵᠦ ᠶᠠᠷᠢᠵᠤ ᠵᠢᠮᠡᠯᠡᠭᠦ᠎ᠨᠢ ᠰᠢᠭᠤᠳ ᠠ᠋ᠭ᠌ᠳᠡᠭᠦᠴᠡᠯ ᠵᠢᠭᠰᠢᠯᠢᠨᠢ ᠲᠦᠷᠦᠭᠦᠯᠬᠦ ᠬᠡᠮᠵᠢᠶᠡᠨ᠎ᠳᠤ ᠬᠦᠷᠭᠡᠳᠡᠭ ᠪᠠᠢ᠍ᠢ᠍ᠨ᠎ᠠ᠃
3. ᠭᠡᠤᠭᠡᠳ᠎ᠲᠤ ᠵᠤᠬᠢᠬᠤ ᠪᠠᠢ᠍ᠢ᠍ᠷᠢ ᠰᠠᠭᠤᠷᠢ ᠣᠯᠭᠣᠬᠤ ᠬᠡᠷᠡᠭᠳᠡᠢ᠃ ᠲᠡᠳᠡᠨ᠎ᠢ ᠭᠡᠷ ᠪᠦᠯᠢ ᠵᠢᠨ ᠨᠢᠭᠡᠨ ᠭᠡᠰᠢᠭᠦᠨ ᠪᠣᠯᠣᠯ᠎ᠠ ᠭᠡᠳᠡᠭ᠎ᠢ ᠮᠡᠳᠡᠷᠡᠵᠦ᠂ ᠭᠡᠷ ᠪᠦᠯᠢ ᠵᠢᠨ ᠤᠴᠢᠷ ᠶᠠᠪᠤᠳᠠᠯ ᠵᠶ᠋ᠠᠨ ᠵᠥᠪᠯᠡᠬᠦ᠎ᠳᠤ ᠰᠠᠨᠠᠯ᠎ᠢ᠎ᠨᠢ ᠰᠣᠨᠣᠰᠬᠤ ᠬᠡᠷᠡᠭᠳᠡᠢ᠃ ᠨᠠᠢ᠍ᠢ᠍ᠵᠠ ᠨᠦᠬᠦᠳ᠎ᠤᠨ᠎ᠬᠢᠨ ᠳᠡᠷᠭᠡᠳᠡ ᠲᠡᠳᠡᠨ᠎ᠤ ᠰᠠᠨᠠᠯ᠎ᠢ ᠠᠰᠠᠭᠤᠵᠤ᠂ ᠱᠠᠭ᠋ᠠᠷᠳᠠᠯᠭ᠎ᠠ ᠰᠠᠨᠠᠭᠤᠯᠭ᠎ᠠ᠎ᠲᠠᠢ ᠪᠣᠯ ᠵᠥᠪᠯᠡᠮᠵᠢ ᠵᠢᠨ ᠮᠠᠶᠢᠭ ᠵᠶ᠋ᠠᠷ ᠶᠠᠷᠢᠬᠤ ᠵᠢ ᠠᠨᠭ᠌ᠬᠠᠷᠤᠨ᠎ᠠ᠃ ᠰᠠᠨᠠᠯ ᠵᠥᠷᠢᠯᠳᠦᠪᠡᠯ ᠶᠠᠷᠢᠯᠴᠠᠨ ᠵᠦᠪᠳᠠᠯᠴᠠᠵᠤ ᠲᠠᠢ᠍ᠢ᠍ᠯᠪᠤᠷᠢᠯᠠᠵᠤ ᠤᠬᠠᠭᠤᠯᠤᠨ᠂ ᠰᠢᠭᠦᠮᠵᠢᠯᠡᠨ ᠰᠤᠷᠭ᠋ᠠᠵᠤ ᠪᠣᠯᠣᠨ᠎ᠠ᠂ ᠶᠠᠭ᠋ᠠᠬᠢᠭᠰᠠᠨ ᠴᠦ᠍ ᠨᠠᠢ᠍ᠢ᠍ᠵᠠ ᠨᠦᠬᠦᠳ᠎ᠤᠨ᠎ᠬᠢᠨ ᠳᠡᠷᠭᠡᠳᠡ ᠤᠯᠠᠢ᠍ᠢ᠍ᠵᠤ ᠴᠠᠢ᠍ᠢ᠍ᠲᠠᠯᠠ ᠲᠣᠩᠭᠣᠳᠴᠦ ᠪᠣᠯᠬᠤ ᠦᠭᠡᠢ᠃
ᠰᠤᠷᠤᠯᠴᠠᠯᠭ᠎ᠠ ᠪᠣᠯ ᠬᠡᠦᠬᠡᠳ᠎ᠤᠨ ᠥᠪᠡᠷ᠎ᠤᠨ ᠬᠢᠨᠢ ᠤᠴᠢᠷ ᠮᠥᠨ᠂ ᠰᠤᠷᠤᠯᠴᠠᠯᠭ᠎ᠠ ᠳᠡᠭᠡᠷ᠎ᠡ᠂ ᠢᠯᠠᠩᠭᠤᠶ᠎ᠠ ᠬᠢᠴᠢᠶᠡᠯ᠎ᠤᠨ ᠭᠠᠳᠠᠭᠤᠷᠬᠢ ᠳᠤᠷ᠎ᠠ ᠪᠠᠬ᠎ᠠ ᠵᠢᠨ ᠰᠣᠩᠭᠣᠯᠲᠠ ᠵᠢᠨ ᠠᠰᠠᠭᠤᠳᠠᠯ ᠳᠡᠭᠡᠷ᠎ᠡ ᠭᠡᠷ᠎ᠤᠨ ᠠᠬᠠᠮᠠᠳ ᠶᠠᠭ᠋ᠠᠬᠢᠭᠰᠠᠨ ᠴᠦ᠍ ᠬᠡᠦᠬᠡᠳ ᠵᠶ᠋ᠠᠨ ᠣᠷᠣᠯᠠᠨ ᠰᠣᠩᠭᠣᠯᠲᠠ ᠬᠢᠵᠦ ᠪᠣᠯᠬᠤ ᠦᠭᠡᠢ᠂ ᠲᠡᠳᠡᠨ᠎ᠤ ᠰᠣᠩᠭᠣᠯᠲᠠ ᠢᠯᠡᠷᠬᠡᠢ ᠪᠣᠷᠣᠭᠤᠳᠠᠭᠰᠠᠨ ᠪᠠᠢ᠍ᠢ᠍ᠪᠠᠯ ᠮᠥᠨ ᠯᠡ ᠬᠠᠮᠲᠤ᠎ᠪᠠᠷ ᠤᠴᠢᠷ ᠶᠠᠪᠤᠳᠠᠯ᠎ᠢ ᠵᠠᠳᠠᠯᠤᠨ ᠶᠠᠷᠢᠯᠴᠠᠵᠤ᠂ ᠵᠥᠪ ᠪᠤᠷᠤᠭᠤ ᠵᠢ ᠬᠠᠮᠲᠤ᠎ᠪᠠᠷ ᠲᠤᠩᠭ᠋ᠠᠬᠤ ᠬᠡᠷᠡᠭᠳᠡᠢ᠃
4. ᠬᠡᠦᠬᠡᠳ᠎ᠲᠠᠢ᠎ᠪᠠᠨ ᠢᠯᠡᠭᠦᠬᠡᠨ ᠬᠠᠮᠲᠤ ᠪᠠᠢ᠍ᠢ᠍ᠯᠴᠠᠬᠤ ᠬᠡᠷᠡᠭᠳᠡᠢ᠃ ᠠ᠋ᠨᠡ ᠬᠦ᠌ ᠨᠠᠰᠤᠨ᠎ᠤ ᠬᠡᠦᠬᠡᠳ᠎ᠤᠨ ᠭᠡᠷ ᠪᠦᠯᠢ ᠵᠢᠨ ᠲᠤᠬᠠᠢ ᠦᠵᠡᠯᠳᠡ᠎ᠨᠢ ᠬᠤᠪᠢᠷᠠᠯᠲᠠ ᠭᠠᠷᠤᠭᠰᠠᠨ ᠪᠠᠢ᠍ᠢ᠍ᠳᠠᠭ᠂ ᠲᠡᠳᠡ ᠨᠢᠭᠡ ᠭᠡᠷ ᠵᠶ᠋ᠠᠷ ᠵᠶ᠋ᠠᠨ ᠬᠠᠮᠲᠤ ᠵᠤᠭ᠋ᠠᠴᠠᠨ ᠲᠣᠭᠣᠷᠢᠬᠤ᠂ ᠠᠢ᠍ᠢ᠍ᠯᠴᠢᠯᠠᠬᠤ ᠵᠡᠷᠭᠡ ᠭᠡᠷ ᠪᠦᠯᠢ ᠵᠢᠨ ᠠᠵᠢᠯᠯᠠᠭ᠋ᠠᠨ᠎ᠳᠤ ᠤᠷᠮ᠎ᠠ ᠰᠣᠨᠢᠷᠬᠠᠯᠲᠠᠢ ᠪᠣᠯᠳᠠᠭ᠃ ᠭᠡᠬᠦ᠎ᠳᠤ᠎ᠪᠠᠨ ᠪᠦᠬᠦᠯᠢ ᠪᠦᠲᠦᠨ ᠭᠡᠷ ᠪᠦᠯᠢ᠎ᠪᠠᠷ ᠵᠶ᠋ᠠᠨ ᠪᠠᠢ᠍ᠢ᠍ᠬᠤ᠎ᠨᠢ ᠲᠡᠳᠡᠨ᠎ᠢ ᠮᠠᠰᠢ ᠶᠡᠬᠡ ᠪᠠᠶᠠᠷ ᠬᠦᠷ᠎ᠲᠠᠢ ᠪᠠᠢ᠍ᠢ᠍ᠯᠭ᠋ᠠᠳᠠᠭ᠂ ᠢᠯᠠᠩᠭᠤᠶ᠎ᠠ ᠠ᠋ᠶ᠎ᠡ ᠡᠪᠲᠡᠢ ᠭᠡᠷ ᠪᠦᠯᠢ ᠵᠢᠨ ᠣᠷᠴᠢᠨ᠎ᠨᠢ ᠲᠡᠳᠡᠨ᠎ᠳᠤ ᠬᠠᠯᠠᠭᠤᠨ ᠳᠤᠯᠠᠭ᠋ᠠᠨ ᠪᠠᠶᠠᠷ ᠵᠢᠷᠭ᠋ᠠᠯᠲᠤ ᠰᠡᠳᠬᠢᠭᠳᠡᠯ ᠣᠯᠭᠣᠳᠠᠭ᠎ᠠᠴᠠ ᠰᠥᠷᠬᠦ ᠰᠡᠳᠬᠢᠴᠡ ᠵᠢ᠎ᠨᠢ ᠠ᠋ᠶᠡᠷᠡᠭᠦᠯᠵᠦ ᠪᠠᠢ᠍ᠢ᠍ᠳᠠᠭ᠃
ᠬᠠᠶᠢᠬ᠄ ᠠᠷᠤ ᠬᠣᠷᠴᠢᠨ ᠬᠣᠰᠢᠭᠤᠨ᠎ᠤ ᠴᠢᠪᠠᠭ᠎ᠠ ᠲᠠᠪᠤᠳᠤᠭ᠋ᠠᠷ ᠳᠤᠮᠳᠠᠳᠤ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)
2020 ᠣᠨ᠎ᠤ 5 ᠳ᠋ᠤᠭ᠋ᠠᠷ ᠬᠤᠭᠤᠴᠠᠭ᠎ᠠ