ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠬᠤᠴᠣᠷᠣᠩᠭᠤᠢ ᠰᠣᠷᠣᠭᠴᠢ ᠵᠢ ᠬᠡᠷᠬᠢᠨ ᠲᠠᠪᠰᠢᠭᠤᠯᠬᠤ ᠳᠣᠬᠠᠢ ᠮᠦᠴᠢᠳ ᠦᠭᠦᠯᠡᠬᠦ᠎ᠨᠢ
ᠨᠡᠶ᠋ᠢᠲᠡᠯᠡᠭᠰᠡᠨ ᠴᠠᠭ᠄ 2021-04-28

                                      ᠮᠦᠩᠭᠦᠨᠳᠠᠯᠠᠢ


      ᠠᠩᠭᠢ ᠪᠤᠯᠭ᠋ᠠᠨ᠎ᠳᠤ ᠪᠦᠷ ᠬᠤᠴᠣᠷᠣᠩᠭᠤᠢ ᠰᠣᠷᠣᠭᠴᠢ ᠪᠠᠶ᠋ᠢᠳᠠᠭ ᠪᠦᠭᠡᠳ ᠣᠳᠣᠬᠠᠨ᠎ᠳᠤ ᠬᠤᠴᠣᠷᠣᠩᠭᠤᠢ ᠰᠣᠷᠣᠭᠴᠢ ᠵᠢᠨ ᠠᠰᠠᠭᠤᠳᠠᠯ᠎ᠨᠢ ᠪᠠᠭᠰᠢ ᠪᠣᠯᠭ᠋ᠠᠨ᠎ᠢ ᠵᠤᠪᠠᠭ᠋ᠠᠵᠦ ᠪᠠᠶ᠋ᠢᠭ᠎ᠠ ᠠ᠋ᠷᠬᠡᠪᠰᠢ ᠨᠢᠭᠤᠷᠳᠠᠭ᠍ᠣ ᠴᠢᠬᠤᠯᠠᠳᠠᠢ ᠬᠦᠴᠢᠷ ᠠᠰᠠᠭᠤᠳᠠᠯ ᠪᠣᠯᠣᠭ᠋ᠠᠳ ᠪᠠᠶ᠋ᠢᠨ᠎ᠠ᠃ ᠮᠠᠨ᠎ᠤ ᠬᠡᠯᠡᠳᠡᠭ ᠬᠤᠴᠣᠷᠣᠩᠭᠤᠢ ᠰᠣᠷᠣᠭᠴᠢ ᠬᠡᠳᠡᠭ ᠪᠣᠯ ᠮᠣᠷᠠᠯ ᠰᠣᠷᠣᠯᠭ᠎ᠠ ᠵᠢᠨ ᠳᠠᠯ᠎ᠠ᠎ᠪᠠᠷ ᠠᠨᠠᠢ᠂ ᠦᠵᠡᠯ ᠣᠬᠠᠮᠰᠠᠷ ᠦᠢ᠍ᠯᠡ ᠠᠵᠢᠯᠯᠠᠭ᠎ᠠ᠎ᠪᠠᠷ ᠪᠤᠰᠤᠳ ᠰᠤᠷᠤᠭᠴᠢᠳ᠎ᠲᠠᠢ᠎ᠪᠠᠨ ᠪᠠᠭ᠍ᠠᠨ ᠵᠦᠷᠢᠶ᠎ᠡ᠎ᠲᠠᠢ ᠰᠣᠷᠣᠭᠴᠢ ᠵᠢ ᠬᠡᠯᠡᠵᠦ ᠪᠣᠢ᠃ ᠦᠨᠦ ᠠ᠋ᠶ᠋ᠢᠮᠦ ᠰᠣᠷᠣᠭᠴᠢ ᠵᠢ 《ᠰᠣᠷᠬᠤ᠎ᠳᠤ ᠬᠦᠴᠢᠷᠳᠡᠯ᠎ᠲᠠᠢ ᠰᠣᠷᠣᠭᠴᠢ》 ᠭᠡᠳᠡᠭ᠃ ᠣᠳᠣᠮᠰᠢᠯᠳᠦ ᠣᠬᠠᠭᠳᠠᠭ᠍ᠣᠨ᠎ᠳᠤ ᠬᠤᠴᠣᠷᠣᠩᠭᠤᠢ ᠰᠣᠷᠣᠭᠴᠢ ᠵᠢ 《ᠮᠠᠭᠤ ᠰᠣᠷᠣᠭᠴᠢ》᠎ᠪᠠᠷ ᠦᠵᠡᠳᠡᠭ ᠳᠣᠯᠨ ᠳᠡᠳᠡᠨ᠎ᠤ ᠰᠡᠳᠭᠢᠯ ᠰᠠᠨᠠᠭ᠋ᠠᠨ ᠲᠡᠭᠡᠷ᠎ᠡ ᠴᠣᠭᠢᠯᠳᠠ ᠦᠭᠴᠦ᠂ ᠦᠪᠡᠷ᠎ᠢ᠎ᠪᠠᠨ ᠬᠦᠨᠳᠦᠳᠭᠡᠬᠦ ᠰᠡᠳᠬᠢᠯᠭᠡ ᠵᠢ᠎ᠨᠢ ᠭᠦᠨᠳᠡᠭᠡᠳᠡᠭ᠃ ᠦᠨᠡᠨ᠎ᠳᠤ᠎ᠪᠠᠨ ᠣᠨᠴᠠᠭ᠋ᠠᠢ ᠪᠠᠢ᠍ᠢ᠍ᠳᠠᠯ᠎ᠲᠠᠢ ᠰᠤᠷᠤᠭᠴᠢ ᠵᠢ ᠭᠠᠷᠭ᠋ᠠᠪᠠᠯ ᠪᠣᠰᠣᠳ ᠰᠤᠷᠤᠭᠴᠢᠳ᠎ᠲᠤ᠎ᠨᠢ ᠳᠣᠬᠢᠷᠠᠮᠵᠢᠳᠠᠢ ᠣᠷᠴᠢᠨ᠎ᠢ ᠬᠠᠨᠭ᠌ᠭ᠋ᠠᠨ᠂ ᠦᠵᠡᠯ ᠰᠠᠨᠠᠭ᠋ᠠᠨ᠎ᠤ ᠬᠦᠮᠦᠵᠢᠯ᠎ᠢ ᠰᠠᠶ᠋ᠢᠳᠤᠷ ᠬᠢᠵᠦ᠂ ᠬᠠᠶ᠋ᠢᠷ᠎ᠠ ᠬᠠᠯᠠᠮᠵᠢ ᠢᠯᠡᠬᠦᠬᠡᠨ ᠬᠦᠷᠳᠡᠭᠡᠨ᠂ ᠬᠦᠯᠢᠴᠡᠩᠭᠦᠢ᠎ᠪᠠᠷ ᠰᠣᠷᠭ᠋ᠠᠨ ᠬᠦᠮᠦᠵᠢᠭᠦᠯᠪᠡᠯ ᠳᠡᠳᠡ ᠴᠤ᠌ ᠳᠠᠪᠰᠢᠩᠭᠤᠢ ᠰᠣᠷᠣᠭᠴᠢ ᠪᠣᠯᠣᠨ ᠬᠤᠪᠢᠷᠠᠵᠦ ᠪᠣᠯᠬᠤ ᠶᠣᠮ᠃ ᠭᠡᠪᠡᠴᠦ ᠣᠷᠢᠳᠠᠪᠡᠷ ᠳᠡᠳᠡᠨ᠎ᠤ 《ᠬᠤᠴᠣᠷᠣᠩᠭᠤᠢ》 ᠪᠣᠯᠣᠭᠰᠠᠨ ᠰᠢᠯᠳᠠᠭ᠋ᠠᠨ᠎ᠢ᠎ᠨᠢ ᠠ᠋ᠷᠢᠵᠦ᠂ 《ᠡᠪᠡᠳᠴᠢᠨ᠎ᠳᠤ᠎ᠨᠢ ᠲᠣᠬᠢᠷᠠᠭᠤᠯᠵᠦ ᠡᠮ ᠳᠠᠯᠪᠢᠬᠤ》 ᠬᠡᠷᠡᠭᠳᠠᠢ᠃ ᠬᠡᠳᠦᠶ᠋ᠢᠪᠡᠷ ᠣᠯᠠᠨ ᠳᠠᠯ᠎ᠠ ᠵᠢᠨ ᠰᠢᠯᠳᠠᠭ᠋ᠠᠨ ᠪᠠᠶ᠋ᠢᠳᠠᠭ ᠪᠣᠯᠪᠠᠴᠦ ᠭᠤᠤᠯᠳᠠᠭᠤ ᠭᠡᠷ ᠪᠦᠯᠢ᠂ ᠨᠡᠶ᠋ᠢᠭᠡᠮ᠂ ᠰᠣᠷᠭ᠋ᠠᠭᠤᠯᠢ ᠪᠠ ᠦᠪᠡᠷ᠎ᠤᠨ ᠪᠡᠶ᠎ᠡ᠎ᠠᠴᠠ᠎ᠨᠢ ᠰᠠᠯᠵᠦ ᠴᠢᠳᠠᠭ᠍ᠤ ᠦᠬᠡᠢ ᠪᠠᠶ᠋ᠢᠳᠠᠭ᠃
      ᠭᠡᠷ ᠪᠦᠯᠢ ᠵᠢᠨ ᠲᠠᠯ᠎ᠠ᠎ᠠᠴᠠ ᠠᠪᠴᠦ ᠬᠡᠯᠡᠪᠡᠯ᠂ ᠵᠠᠷᠢᠮ ᠭᠡᠷ᠎ᠤᠨ ᠠᠬᠠᠮᠡᠳ᠎ᠤᠨ ᠬᠡᠪ ᠴᠢᠨᠠᠷ ᠳᠣᠣᠷ᠎ᠠ᠎ᠠᠴᠠ ᠪᠣᠯᠵᠦ᠂ ᠬᠡᠥᠬᠡᠳ ᠵᠶ᠋ᠠᠨ ᠵᠦᠪ ᠵᠢᠭ᠋ᠠᠨ ᠵᠢᠯᠣᠭᠤᠳᠴᠦ᠂ ᠰᠠᠶ᠋ᠢᠨ ᠬᠦᠮᠦᠵᠢᠭᠦᠯᠵᠦ ᠴᠢᠳᠠᠭ᠍ᠣ ᠦᠭᠡᠢ ᠪᠠᠶ᠋ᠢᠳᠠᠭ᠃ ᠮᠠᠨ᠎ᠤ ᠮᠡᠳᠡᠬᠦ᠎ᠪᠠᠷ ᠭᠡᠷ᠎ᠤᠨ ᠠᠬᠠᠮᠡᠳ ᠪᠣᠯ ᠬᠡᠥᠬᠡᠳ᠎ᠤᠨ ᠣᠣᠭ᠋ᠠᠨ ᠪᠠᠭᠰᠢ ᠮᠦᠷᠳᠡᠭᠡᠨ ᠠ᠋ᠭᠦᠷᠢᠳᠡ ᠵᠢᠨ ᠠᠩᠭᠢ ᠵᠢᠨ ᠠ᠋ᠷᠬᠢᠯᠡᠭᠴᠢ ᠮᠦᠨ᠃ ᠭᠡᠳᠡᠯ᠎ᠡ ᠵᠠᠷᠢᠮ ᠭᠡᠷ᠎ᠤᠨ ᠠᠬᠠᠮᠡᠳ ᠠᠷᠢᠬᠢ ᠣᠣᠭᠤᠵᠦ᠂ ᠮᠦᠷᠤᠢ᠎ᠲᠠᠢ ᠨᠠᠭ᠋ᠠᠳᠤᠮ ᠲᠤᠭᠯᠠᠬᠤ᠂ ᠭᠠᠷ ᠤᠲᠠᠰᠦ ᠲᠤᠷ᠎ᠠ᠎ᠪᠠᠷ ᠨᠠᠭ᠋ᠠᠳᠬᠤ ᠵᠡᠷᠬᠡ ᠬᠤᠪᠢ ᠬᠦᠮᠦᠨ᠎ᠤ ᠵᠢᠷᠭ᠋ᠠᠯ ᠴᠡᠩᠬᠡᠯ᠎ᠢ ᠬᠦᠬᠡᠬᠡᠴᠡᠯᠳᠦᠨ 《ᠲᠤᠮᠤᠭ᠋ᠠᠵᠢᠭ᠎ᠠ ᠦᠬᠡᠢ ᠶᠡᠭᠡ ᠬᠡᠥᠬᠡᠳ》 ᠪᠤᠯᠵᠤ᠂ ᠦᠷ᠎ᠡ ᠬᠡᠥᠬᠡᠳ ᠵᠶ᠋ᠠᠨ ᠰᠣᠷᠭ᠋ᠠᠬᠤ ᠠᠷᠭ᠎ᠠ ᠣᠬᠠᠭ᠋ᠠᠨ ᠲᠤᠳᠠᠭᠤ ᠪᠠᠢ᠍ᠢ᠍ᠨ᠎ᠠ᠃ ᠣᠨᠴᠠ ᠵᠠᠷᠢᠮ᠎ᠨᠢ ᠬᠡᠤᠬᠡᠳ ᠵᠶ᠋ᠠᠨ ᠬᠠᠷᠢᠶᠠᠨ ᠵᠣᠳᠣᠵᠦ᠂ ᠠ᠋ᠰᠠᠭᠦᠯ᠎ᠠ ᠭᠡᠳᠤ ᠪᠦᠪᠡᠢ᠍ᠢ᠍ᠯᠡᠨ ᠬᠠᠢ᠍ᠢ᠍ᠷᠠᠯᠠᠬᠤ᠂ ᠵᠠᠷᠢᠮ᠎ᠨᠢ ᠬᠡᠥᠬᠡᠳ᠎ᠲᠤ᠎ᠪᠠᠨ ᠪᠢᠴᠢᠭ ᠰᠣᠷᠬᠤ ᠨᠡᠩ ᠰᠠᠶ᠋ᠢᠨ ᠤᠷᠴᠢᠨ᠎ᠢ ᠪᠤᠢ ᠪᠤᠯᠭ᠋ᠠᠵᠦ ᠦᠭᠬᠦ ᠵᠢᠨ ᠲᠦᠯᠦᠬᠡ ᠬᠠᠷᠠᠬᠠᠨ ᠪᠠᠭ᠎ᠠ᠎ᠠᠴᠠ᠎ᠨᠢ ᠬᠤᠳᠠ᠎ᠳᠤ ᠰᠠᠭᠤᠯᠭ᠋ᠠᠨ ᠪᠢᠴᠢᠭ ᠦᠵᠡᠭᠦᠯᠵᠦ᠂ ᠪᠡᠶ᠎ᠡ᠎ᠠᠴᠠ᠎ᠪᠠᠨ ᠬᠡᠳᠦ ᠠ᠋ᠷᠳᠡ ᠰᠠᠯᠭ᠋ᠠᠭᠰᠠᠨ᠎ᠠᠴᠠ ᠬᠡᠥᠬᠡᠳ ᠪᠠ ᠬᠡᠷ᠎ᠤᠨ ᠠᠬᠠᠮᠡᠳ᠎ᠤᠨ ᠬᠤᠭᠤᠷᠣᠨᠳᠣ ᠰᠡᠳᠭᠢᠯ ᠵᠶ᠋ᠠᠨ ᠰᠣᠯᠢᠯᠴᠠᠭ᠍ᠣ ᠳᠣᠬᠢᠶᠠᠯ ᠪᠠᠭ᠋ᠠᠰᠴᠤ᠂ ᠠ᠋ᠬᠡ ᠦᠷ᠎ᠡ ᠵᠢᠨ ᠬᠤᠭᠤᠷᠣᠨᠳᠣᠬᠢ ᠬᠠᠶ᠋ᠢᠷ᠎ᠠ ᠰᠡᠳᠭᠢᠯᠭᠡ ᠨᠢᠮᠭᠡᠷᠡᠵᠦ ᠴᠢᠨᠠᠭᠰᠢᠯᠠᠭ᠋ᠠᠳ ᠵᠠᠷᠢᠮ᠎ᠨᠢ ᠡᠴᠢᠭᠡ ᠠ᠋ᠬᠡ᠎ᠪᠠᠨ ᠵᠦᠪᠬᠡᠨ ᠵᠣᠭᠤᠰ ᠬᠠᠩᠭ᠋ᠠᠬᠤ ᠮᠠᠰᠢᠨ ᠳᠡᠳᠦᠢ ᠦᠵᠡᠬᠦ ᠪᠣᠯᠪᠠ᠃ ᠨᠡᠩ ᠵᠠᠷᠢᠮ ᠭᠡᠷ᠎ᠤᠨ ᠠᠬᠠᠮᠡᠳ ᠢ ᠤᠷᠤᠬ ᠰᠠᠯᠤᠭᠰᠠᠨ᠎ᠠᠴᠠ ᠪᠣᠯᠵᠦ ᠬᠡᠤᠬᠡᠳ᠎ᠲᠤ᠎ᠪᠠᠨ ᠨᠢᠭᠡ ᠨᠠᠰᠤᠨ᠎ᠤ ᠰᠡᠳᠭᠢᠯ ᠰᠠᠨᠠᠭ᠋ᠠᠨ᠎ᠤ ᠲᠠᠷᠤᠭ᠋ᠠᠰᠤ ᠠᠪᠴᠢᠷᠠᠵᠦ ᠥᠭᠳᠡᠭ᠃ ᠠ᠋ᠳᠡᠭᠡᠷ ᠦᠵᠡᠭᠳᠡᠯ᠎ᠨᠢ ᠪᠦᠷ ᠬᠡᠥᠬᠡᠳ᠎ᠤᠨ ᠠ᠋ᠷᠡᠭᠦᠯ ᠰᠠᠷᠠᠭᠤᠯ ᠵᠶ᠋ᠠᠷ ᠦᠰᠦᠨ ᠪᠣᠶ᠋ᠢᠵᠢᠵᠦ᠂ ᠠ᠋ᠷᠳᠡᠮ ᠮᠡᠳᠡᠯᠭᠡ ᠡᠵᠡᠮᠰᠢᠬᠦ᠎ᠳᠤ᠎ᠨᠢ ᠰᠠᠭ᠋ᠠᠳ ᠪᠣᠯᠣᠭᠰᠠᠨ ᠪᠠᠶ᠋ᠢᠨ᠎ᠠ᠃
      ᠨᠡᠶ᠋ᠢᠭᠡᠮ᠎ᠤᠨ ᠪᠠᠢ᠍ᠢ᠍ᠳᠠᠯ᠎ᠠᠴᠠ ᠠᠪᠴᠦ ᠬᠡᠯᠡᠪᠡᠯ᠂ ᠨᠡᠶ᠋ᠢᠭᠡᠮ ᠠ᠋ᠳᠦᠷ᠎ᠠᠴᠠ ᠠ᠋ᠳᠦᠷ ᠬᠦᠭᠵᠢᠵᠦ ᠣᠨᠴᠠᠭ᠋ᠠᠶ᠋ᠢᠯᠠᠨ ᠵᠠᠬ᠎ᠠ ᠳᠡᠯᠭᠡᠭᠦᠷ᠎ᠤᠨ ᠠᠵᠦ ᠠᠬᠤᠢ ᠲᠦᠷᠭᠡᠨ ᠬᠦᠭᠵᠢᠵᠦ ᠪᠠᠶ᠋ᠢᠭ᠎ᠠ ᠦᠨᠦᠳᠦᠷ᠂ ᠬᠡᠳᠦᠶ᠋ᠢᠪᠡᠷ ᠬᠦᠮᠦᠰ᠎ᠤᠨ ᠠᠮᠢᠳᠣᠷᠠᠯ᠎ᠤᠨ ᠲᠦᠪᠰᠢᠨ ᠲᠥᠷᠭᠡᠨ ᠳᠡᠭᠡᠭᠰᠢᠯᠡᠵᠦ᠂ ᠨᠠᠮ ᠲᠦᠷᠤ᠎ᠠᠴᠠ ᠬᠥᠮᠦᠰ᠎ᠤᠨ ᠣᠯᠣᠰ ᠲᠥᠷᠦ ᠦᠵᠡᠯ ᠰᠠᠨᠠᠭ᠋ᠠᠨ᠎ᠤ ᠬᠦᠮᠦᠵᠢᠯ᠎ᠢ ᠶᠡᠭᠡ᠎ᠪᠠᠷ ᠴᠢᠬᠤᠯᠠᠴᠢᠯᠠᠵᠦ ᠪᠠᠶ᠋ᠢᠭ᠎ᠠ ᠪᠣᠯᠪᠠᠴᠦ ᠵᠠᠷᠢᠮ ᠭᠡᠷ᠎ᠤᠨ ᠠᠬᠠᠮᠡᠳ ᠪᠠ ᠰᠣᠷᠣᠭᠴᠢᠳ ᠴᠠᠭ᠎ᠤᠨ ᠪᠠᠶ᠋ᠢᠳᠠᠯ᠎ᠢ ᠠᠩᠬᠠᠷᠬᠤ ᠦᠭᠡᠢ᠂ ᠨᠣᠮ ᠳᠡᠪᠲᠡᠷ ᠠᠳᠬᠤᠬᠤ ᠳᠤᠷ᠎ᠠ ᠦᠭᠡᠢ᠂ ᠦᠵᠡᠯ ᠣᠬᠠᠮᠰᠠᠷ᠎ᠨᠢ ᠮᠦᠨ ᠳᠣᠣᠷ᠎ᠠ ᠪᠠᠶ᠋ᠢᠵᠦ ᠶᠢᠷᠲᠢᠨᠴᠦ ᠵᠢᠨ ᠦᠵᠡᠯᠲᠡ ᠪᠠ ᠦᠷᠲᠡᠭ᠎ᠤᠨ ᠦᠵᠡᠯᠲᠡ᠎ᠨᠢ ᠮᠦᠨ ᠦᠭᠡᠷᠡᠴᠢᠯᠡᠭᠳᠡᠭᠡᠳᠦᠢ ᠪᠠᠶ᠋ᠢᠭᠰᠠᠭ᠋ᠠᠷ ᠪᠤᠯᠪᠠᠴᠤ ᠬᠡᠷᠡᠭᠯᠡᠭᠡᠨ᠎ᠤ ᠦᠵᠡᠯᠳᠡ᠎ᠨᠢ ᠬᠤᠪᠢᠷᠠᠵᠦ᠂ ᠬᠦᠳᠡᠯᠮᠦᠷᠢ ᠰᠣᠶᠣᠯ᠎ᠢ ᠬᠦᠨᠳᠦᠳᠭᠡᠬᠦ ᠦᠭᠡᠢ᠂ ᠵᠢᠷᠭ᠋ᠠᠵᠦ ᠴᠡᠩᠭᠡᠬᠦ ᠵᠢ ᠬᠦᠭᠡᠭᠡᠴᠡᠯᠳᠦᠭᠰᠡᠨ᠎ᠠᠴᠠ ᠬᠡᠥᠬᠡᠳ᠎ᠤᠨ ᠰᠡᠳᠭᠢᠯ ᠰᠠᠨᠠᠭ᠎ᠠ ᠴᠤ᠌ ᠬᠤᠪᠢᠷᠠᠵᠦ᠂ ᠰᠣᠷᠣᠯᠭ᠎ᠠ ᠳᠡᠭᠡᠷ᠎ᠡ᠎ᠪᠠᠨ ᠬᠦᠴᠦ ᠳᠠᠯᠪᠢᠬᠤ ᠦᠭᠡᠢ ᠪᠣᠯᠣᠭᠰᠠᠨ ᠪᠠᠶ᠋ᠢᠨ᠎ᠠ᠃
      ᠰᠣᠷᠭ᠋ᠠᠭᠤᠯᠢ ᠵᠢᠨ ᠳᠠᠯ᠎ᠠ᠎ᠠᠴᠠ ᠠᠪᠴᠦ ᠬᠡᠯᠡᠪᠡᠯ᠂ ᠰᠤᠷᠤᠭᠴᠢ ᠵᠢᠨ ᠰᠣᠷᠣᠯᠭ᠎ᠠ ᠵᠢᠨ ᠬᠢᠷᠢ ᠪᠦᠲᠦᠮᠵᠢ ᠮᠠᠭᠤ ᠪᠣᠯᠵᠦ᠂ ᠰᠣᠷᠬᠤ᠎ᠳᠤ ᠢᠳᠡᠭᠡᠯ ᠠᠯᠳᠠᠨ ᠪᠡᠶ᠎ᠡ᠎ᠪᠠᠨ ᠭᠤᠯᠤᠵᠦ᠂ ᠰᠡᠳᠭᠢᠯ ᠰᠠᠨᠠᠭ᠋ᠠᠨ ᠳᠡᠭᠡᠷ᠎ᠡ᠎ᠪᠠᠨ ᠬᠦᠨᠳᠣ ᠳᠠᠷᠣᠭ᠋ᠠᠰᠣ᠎ᠲᠠᠢ ᠪᠠᠶ᠋ᠢᠵᠦ᠂ ᠠ᠋ᠳᠦᠷ ᠦᠩᠭᠡᠷᠡᠭᠦᠯᠵᠦ ᠴᠠᠭ ᠨᠦᠭᠴᠢᠭᠡᠨ ᠰᠠᠭᠤᠵᠦ ᠪᠠᠶ᠋ᠢᠭ᠎ᠠ ᠦᠶ᠎ᠡ᠎ᠳᠤ ᠪᠠᠭᠰᠢ᠎ᠠᠴᠠ ᠰᠤᠷᠤᠭᠴᠢᠳ᠎ᠲᠤ ᠬᠠᠯᠠᠭᠤᠨ ᠳᠤᠯᠠᠭ᠋ᠠᠨ ᠬᠠᠨᠳᠤᠬᠤ ᠦᠭᠡᠢ᠂ ᠰᠢᠭᠦᠮᠵᠢᠯᠡᠨ ᠵᠢᠮᠡᠯᠡᠭᠦ᠎ᠳᠤ ᠬᠦᠷᠪᠡᠯ ᠤᠯᠠᠮ ᠰᠤᠷᠬᠤ ᠳᠤᠷ᠎ᠠ ᠦᠭᠡᠢ ᠪᠣᠯᠤᠨ᠎ᠠ᠃ ᠬᠠᠷᠢᠨ ᠠ᠋ᠨᠡ ᠦᠶ᠎ᠡ᠎ᠳᠤ ᠪᠠᠭᠰᠢ᠎ᠠᠴᠠ ᠰᠤᠷᠤᠭᠴᠢᠳ᠎ᠢ ᠰᠠᠢ᠍ᠢ᠍ᠳᠤᠷ ᠬᠠᠯᠠᠮᠵᠢᠯᠠᠨ ᠲᠠᠮᠵᠢᠳᠡᠭ᠎ᠲᠤ ᠭᠦᠷᠪᠡᠯ ᠰᠣᠷᠣᠭᠴᠢᠳ ᠵᠤᠷᠢᠭᠳᠠᠶ᠋ᠢᠬᠠᠨ ᠵᠶ᠋ᠠᠷ ᠰᠣᠷᠣᠯᠭ᠎ᠠ᠎ᠳᠤ᠎ᠪᠠᠨ ᠰᠢᠮᠳᠠᠭ᠍ᠤ ᠢᠲᠡᠭᠡᠯ ᠵᠣᠷᠢᠭ᠎ᠲᠠᠢ ᠪᠣᠯᠬᠤ᠎ᠨᠢ ᠭᠠᠷᠴᠠᠭ᠎ᠠ ᠦᠭᠡᠢ᠃ ᠢᠩᠬᠢᠬᠦ᠎ᠪᠠᠷ ᠬᠦᠮᠦᠨ᠎ᠤ ᠤᠶᠤᠨ ᠰᠠᠨᠠᠭ᠎ᠠ ᠵᠢ ᠠᠪᠤᠷᠠᠳᠠᠭ ᠪᠠᠭᠰᠢ ᠬᠦᠮᠦᠨ᠎ᠢ ᠠᠮᠢ ᠨᠠᠰᠣᠨ᠎ᠤ ᠠᠪᠤᠷᠠᠯᠳᠠ ᠬᠢᠳᠡᠭ ᠠ᠋ᠮᠴᠢ ᠬᠦᠮᠦᠨ᠎ᠠᠴᠠ ᠢᠯᠡᠬᠦᠦ ᠬᠦᠨᠳᠦᠳᠬᠡᠨ ᠦᠵᠡᠳᠡᠭ᠎ᠨᠢ ᠵᠦᠢ᠍ᠳᠡᠢ ᠪᠠᠶ᠋ᠢᠵᠠᠢ᠃ ᠬᠡᠳᠡᠯ᠎ᠡ ᠵᠠᠷᠢᠮ ᠪᠠᠭᠰᠢ ᠬᠠᠷᠢᠨ 《ᠰᠣᠷᠣᠭᠴᠢ ᠴᠢᠷᠮᠠᠶ᠋ᠢᠵᠦ ᠬᠦᠴᠦ ᠣᠷᠣᠭᠤᠯᠬᠤ ᠦᠭᠡᠢ》 ᠬᠡᠮᠡᠨ ᠦᠪᠡᠷ ᠵᠶ᠋ᠠᠨ ᠠ᠋ᠬᠢᠯᠡᠨ ᠵᠣᠷᠢᠭ ᠮᠣᠬᠤᠵᠦ᠂ ᠰᠣᠷᠣᠭᠴᠢ ᠵᠢᠨ ᠶᠠᠷ᠎ᠠ ᠵᠢ᠎ᠨᠢ ᠮᠠᠯᠳᠠᠨ᠂ ᠶᠦᠭᠡᠳᠡᠨ ᠵᠦᠬᠡᠭᠦ ᠵᠡᠷᠭᠡ ᠵᠢᠨ ᠠᠵᠢᠯᠯᠠᠭ᠎ᠠ ᠠᠪᠳᠠᠭ᠎ᠠᠴᠠ ᠪᠤᠯᠵᠦ ᠰᠣᠷᠣᠯᠭ᠎ᠠ᠎ᠳᠠᠭᠠᠨ ᠬᠦᠴᠢᠷᠳᠡᠵᠦ ᠪᠠᠶ᠋ᠢᠭᠰᠠᠨ ᠰᠣᠷᠣᠭᠴᠢ ᠤᠯᠠᠮ ᠢᠳᠡᠭᠡᠯ ᠠᠯᠳᠠᠵᠦ᠂ ᠠᠩᠭᠢ ᠵᠢᠨ ᠵᠶ᠋ᠠᠨ ᠬᠤᠶ᠋ᠢᠭᠤᠷ᠎ᠨᠢ ᠳᠡᠮᠳᠡᠷᠢᠬᠦ ᠪᠤᠯᠳᠠᠭ᠃ ᠠ᠋ᠭᠦᠨ᠎ᠠᠴᠠ ᠭᠠᠳᠠᠨ᠎ᠠ ᠪᠠᠰᠠ ᠰᠣᠷᠭ᠋ᠠᠭᠤᠯᠢ ᠵᠢᠨ ᠬᠦᠷᠢᠶᠡᠨ᠎ᠤ ᠣᠷᠴᠢᠨ ᠲᠤᠭᠤᠷᠢᠨ᠂ ᠰᠣᠷᠣᠯᠴᠠᠭ᠍ᠤ ᠠᠭᠤᠷ ᠠᠮᠢᠰᠬᠤᠯ᠂ ᠬᠠᠮᠢᠶᠠᠷᠣᠯᠳᠠ᠂ ᠪᠠᠭᠰᠢ ᠵᠢᠨ ᠵᠢᠭ᠋ᠠᠨ ᠰᠣᠷᠭ᠋ᠠᠬᠤ ᠪᠠ ᠬᠦᠮᠦᠵᠢᠭᠦᠯᠬᠦ ᠠᠷᠭ᠎ᠠ ᠪᠠᠷᠢᠯ᠂ ᠰᠣᠷᠣᠯᠭ᠎ᠠ ᠵᠢᠨ ᠳᠠᠷᠣᠭ᠋ᠠᠰᠦ ᠵᠡᠷᠭᠡ᠎ᠨᠢ ᠪᠦᠷ ᠰᠣᠷᠣᠭᠴᠢ ᠵᠢᠨ ᠰᠣᠷᠣᠯᠴᠠᠭ᠍ᠣ ᠣᠷᠮ᠎ᠠ ᠵᠣᠷᠢᠭ᠎ᠢ ᠨᠦᠯᠦᠬᠡᠯᠡᠳᠡᠭ᠃
      ᠰᠣᠷᠣᠭᠴᠢ ᠵᠢᠨ ᠲᠣᠰ ᠪᠡᠶ᠎ᠡ ᠵᠢᠨ ᠰᠢᠯᠳᠠᠭ᠋ᠠᠨ ᠵᠶ᠋ᠠᠷ ᠠᠪᠴᠦ ᠬᠡᠯᠡᠪᠡᠯ᠂ ᠨᠡᠶ᠋ᠢᠭᠡᠮ᠎ᠤᠨ ᠠᠮᠢᠳᠣᠷᠠᠯ᠎ᠤᠨ ᠳᠣᠷᠰᠢᠯᠭ᠎ᠠ ᠮᠡᠬᠦᠰ᠂ ᠦᠵᠡᠯᠳᠡ ᠳᠠᠨᠢᠯᠳᠠ ᠳᠠᠩ ᠴᠣᠯᠭᠤᠢ ᠵᠡᠷᠬᠡ᠎ᠠᠴᠠ ᠪᠤᠯᠵᠦ᠂ ᠭᠠᠳᠠᠭ᠋ᠠᠳᠦ ᠶᠢᠷᠳᠢᠨᠴᠦ ᠵᠢᠨ ᠬᠡᠷᠡᠭ ᠪᠣᠳᠠᠰ᠎ᠤᠨ ᠦᠨᠡᠨ ᠬᠤᠳᠠᠯ᠂ ᠰᠠᠶ᠋ᠢᠨ ᠮᠠᠭᠤ᠂ ᠰᠠᠶ᠋ᠢᠬᠠᠨ ᠮᠠᠭᠤᠬᠠᠢ ᠵᠢ ᠢᠯᠭ᠋ᠠᠵᠦ ᠴᠢᠳᠠᠭ᠍ᠣ ᠦᠭᠡᠢ᠂ ᠰᠢᠨ᠎ᠡ ᠬᠡᠷᠡᠭ ᠪᠣᠳᠠᠰ᠎ᠢ ᠬᠦᠯᠢᠶᠡᠨ ᠠᠪᠬᠤ᠎ᠳᠤ ᠠᠮᠠᠷᠬᠠᠨ᠂ ᠮᠠᠭᠤ ᠨᠦᠯᠦᠭᠡ ᠵᠢ᠎ᠨᠢ ᠬᠦᠷᠳᠡᠬᠦ᠎ᠳᠤ ᠴᠣ᠌ ᠬᠤᠷᠳᠣᠨ ᠪᠠᠶ᠋ᠢᠳᠠᠭ᠃ ᠠ᠋ᠳᠡᠭᠡᠷ ᠪᠤᠯ ᠰᠤᠷᠤᠭᠴᠢ ᠵᠢᠨ 《ᠬᠤᠴᠣᠷᠣᠩᠭᠤᠢ》 ᠪᠤᠯᠤᠭᠰᠠᠨ᠎ᠤ ᠳᠣᠳᠣᠭ᠋ᠠᠳᠣ ᠰᠢᠯᠳᠠᠭ᠋ᠠᠨ ᠮᠦᠨ᠃
      ᠠ᠋ᠭᠦᠨ᠎ᠠᠴᠠ ᠦᠵᠡᠪᠡᠯ᠂ ᠬᠤᠴᠣᠷᠣᠩᠭᠤᠢ ᠰᠣᠷᠣᠭᠴᠢ ᠪᠤᠯᠤᠭᠰᠠᠨ ᠰᠢᠯᠳᠠᠭ᠋ᠠᠨ᠎ᠨᠢ ᠤᠯᠠᠨ ᠵᠦᠢ᠍ᠯ᠎ᠤᠨ᠎ᠬᠢ ᠪᠠᠢ᠍ᠢ᠍ᠵᠤ᠂ ᠪᠠᠶ᠋ᠢᠳᠠᠯ᠎ᠨᠢ ᠴᠦ᠍ ᠪᠣᠳᠣᠯᠢᠶᠠᠨᠳᠠᠢ᠃ ᠠ᠋ᠶ᠋ᠢᠮᠦ᠎ᠠᠴᠠ ᠬᠤᠴᠣᠷᠣᠩᠭᠤᠢ ᠰᠣᠷᠣᠭᠴᠢ ᠵᠢ ᠬᠤᠪᠢᠷᠠᠭᠤᠯᠬᠤ ᠬᠡᠳᠡᠭ ᠪᠣᠯ ᠨᠢᠬᠡᠨ ᠶᠠᠷᠰᠢᠭ ᠲᠦᠪᠡᠭ᠎ᠲᠠᠢ᠂ ᠪᠣᠳᠣᠯᠢᠶᠠᠨᠳᠠᠢ ᠠᠵᠢᠯ ᠪᠣᠯᠬᠤ ᠶᠣᠮ᠃
      ᠠ᠋ᠩ ᠲᠡᠷᠢᠭᠦᠨ᠎ᠳᠤ ᠪᠠᠭᠰᠢ ᠪᠣᠯᠣᠭᠰᠠᠳ ᠦᠷᠦᠭᠡᠯ᠎ᠤᠨ ᠬᠡᠥᠬᠡᠳ᠎ᠤᠨ ᠲᠦᠯᠦᠭᠡ ᠦᠪᠡᠷ᠎ᠢ᠎ᠪᠠᠨ ᠦᠷᠡᠭᠳᠡᠭᠦᠯᠬᠦ ᠵᠣᠷᠢᠭ ᠰᠠᠨᠠᠭ᠎ᠠ ᠪᠠᠶ᠋ᠢᠬᠤ ᠬᠡᠷᠡᠭᠳᠠᠢ᠃ ᠠ᠋ᠨ᠋ᠨ ᠪᠣᠯ ᠬᠤᠴᠣᠷᠣᠩᠭᠤᠢ ᠰᠣᠷᠣᠭᠴᠢ ᠵᠢ ᠬᠤᠪᠢᠷᠠᠭᠤᠯᠬᠤ ᠵᠢᠨ ᠵᠠᠩᠭᠢᠯᠠᠭ᠎ᠠ ᠵᠢᠨ ᠨᠦᠬᠦᠴᠡᠯ ᠪᠣᠯᠣᠨ᠎ᠠ᠃ ᠠ᠋ᠬᠡ ᠵᠢᠨ ᠬᠠᠶ᠋ᠢᠷ᠎ᠠ ᠠᠭᠤᠣ ᠶᠡᠭᠡ ᠬᠡᠬᠦ᠎ᠳᠤ ᠪᠠᠭᠰᠢ ᠵᠢᠨ ᠬᠠᠶ᠋ᠢᠷ᠎ᠠ ᠨᠡᠩ ᠴᠤ᠌ ᠠᠭᠤᠣ ᠶᠡᠭᠡ ᠶᠣᠮ᠂ ᠤᠴᠢᠷ᠎ᠨᠢ ᠪᠠᠭᠰᠢ ᠪᠤᠯᠤᠭᠰᠠᠳ ᠭᠤᠶᠠᠴᠢ ᠦᠬᠡᠢ ᠬᠠᠶ᠋ᠢᠷ᠎ᠠ᠎ᠪᠠᠷ ᠨᠡᠩ ᠣᠯᠠᠨ ᠬᠡᠥᠬᠡᠳ᠎ᠢ ᠠᠷᠢᠭᠤᠨ ᠰᠡᠳᠬᠢᠯ᠎ᠤᠨ ᠬᠤᠷ᠎ᠠ᠎ᠪᠠᠷ ᠣᠮᠳᠠᠯᠠᠳᠠᠭ ᠤᠴᠢᠷ᠎ᠠᠴᠠ ᠪᠠᠭᠰᠢ ᠵᠢᠨ ᠬᠠᠶ᠋ᠢᠷ᠎ᠠ ᠪᠣᠯ ᠬᠠᠶ᠋ᠢᠷ᠎ᠠ ᠰᠡᠳᠭᠢᠯᠭᠡ ᠪᠠ ᠣᠶᠣᠨ ᠣᠬᠠᠭ᠋ᠠᠨ᠎ᠤ ᠠᠭᠤᠰᠣᠯᠴᠠᠯ ᠮᠦᠨ᠃ ᠬᠠᠶ᠋ᠢᠷ᠎ᠠ ᠪᠣᠯ ᠪᠠᠭᠰᠢ ᠰᠣᠷᠣᠭᠴᠢ ᠵᠢᠨ ᠰᠡᠳᠭᠢᠯ ᠵᠶ᠋ᠠᠨ ᠮᠡᠳᠡᠯᠴᠡᠬᠦ ᠬᠦᠭᠦᠷᠭᠡ ᠮᠦᠨ᠂ ᠪᠠᠭᠰᠢ ᠰᠣᠷᠣᠭᠴᠢ ᠵᠢᠨ ᠬᠤᠭᠤᠷᠣᠨᠳᠣᠬᠢ ᠬᠠᠷᠢᠴᠠᠭ᠎ᠠ᠎ᠪᠠᠨ ᠪᠠᠳᠣᠳᠬᠠᠬᠤ ᠬᠤᠯᠪᠣᠭ᠋ᠠᠰᠣ ᠮᠦᠨ᠂ ᠬᠠᠶ᠋ᠢᠷ᠎ᠠ ᠦᠭᠡᠢ ᠪᠣᠯ ᠰᠣᠷᠭ᠋ᠠᠨ ᠬᠦᠮᠦᠵᠢᠯ ᠪᠠᠶ᠋ᠢᠬᠤ ᠦᠭᠡᠢ᠃ ᠬᠠᠶ᠋ᠢᠷ᠎ᠠ ᠪᠣᠯ ᠰᠣᠷᠣᠭᠴᠢ ᠵᠢ ᠬᠦᠮᠦᠵᠢᠭᠦᠯᠬᠦ ᠣᠷᠢᠳᠠᠯ ᠪᠠ ᠰᠠᠭᠤᠷᠢ ᠮᠦᠨ᠂ ᠬᠠᠶ᠋ᠢᠷ᠎ᠠ ᠪᠣᠯ ᠨᠢᠭᠡ ᠵᠣᠶ᠋ᠢᠯ᠎ᠤᠨ ᠢᠳᠡᠭᠡᠯ᠂ ᠨᠢᠭᠡ ᠵᠣᠶ᠋ᠢᠯ᠎ᠤᠨ ᠬᠦᠨᠳᠦᠳᠭᠡᠯ ᠮᠦᠨ᠃ ᠰᠡᠳᠬᠢᠯ ᠵᠶ᠋ᠠᠷ ᠠ᠋ᠮᠵᠡᠭᠯᠡᠭᠰᠡᠨ ᠰᠣᠷᠣᠭᠴᠢᠳ᠎ᠢ ᠬᠤᠪᠢᠷᠠᠭᠤᠯᠣᠶ᠎ᠠ ᠭᠡᠪᠡᠯ ᠪᠠᠭᠰᠢ ᠪᠣᠯᠣᠭᠰᠠᠳ ᠵᠠᠪᠠᠯ ᠦᠪᠡᠷ᠎ᠤᠨ ᠬᠠᠶ᠋ᠢᠷ᠎ᠠ ᠬᠠᠯᠠᠮᠵᠢ᠂ ᠬᠦᠯᠢᠴᠡᠩᠭᠦᠢ ᠰᠡᠳᠭᠢᠯ ᠵᠶ᠋ᠠᠷ ᠵᠶ᠋ᠠᠨ ᠳᠡᠳᠡᠨ᠎ᠢ ᠨᠦᠯᠦᠭᠡᠯᠡᠵᠦ ᠵᠠᠰᠠᠷᠠᠭᠤᠯᠬᠤ ᠬᠡᠷᠡᠭᠳᠠᠢ᠃ ᠳᠡᠳᠡᠨ᠎ᠢ ᠬᠠᠯᠠᠰᠢᠷᠠᠯ ᠦᠭᠡᠢ ᠣᠳᠣᠷᠢᠳᠣᠨ ᠬᠦᠮᠦᠵᠢᠭᠦᠯᠪᠡᠯ ᠰᠠᠶᠢ ᠳᠡᠳᠡᠨ᠎ᠤ ᠰᠡᠳᠭᠢᠯ᠎ᠤᠨ ᠬᠦᠪᠴᠢ ᠵᠢ ᠴᠢᠨᠭ᠌ᠭ᠋ᠠᠯᠠᠵᠤ᠂ ᠶᠣᠰᠣ ᠣᠴᠢᠷ᠎ᠢ ᠣᠬᠠᠭᠤᠯᠣᠨ᠂ ᠪᠠᠭᠰᠢ ᠭᠦᠮᠦᠨ᠎ᠤ ᠦᠨᠡᠨ ᠬᠠᠶ᠋ᠢᠷ᠎ᠠ᠎ᠪᠠᠷ ᠵᠶ᠋ᠠᠨ ᠳᠡᠳᠡᠨ᠎ᠢ ᠳᠣᠳᠣᠭ᠋ᠠᠳᠣ ᠰᠡᠳᠭᠢᠯ᠎ᠠᠴᠠ᠎ᠪᠠᠨ 《ᠰᠣᠷᠬᠤ ᠦᠭᠡᠢ ᠪᠣᠯᠬᠤ ᠦᠭᠡᠢ᠂ ᠰᠣᠷᠬᠤ ᠦᠭᠡᠢ ᠪᠣᠯ ᠡᠵᠢ ᠠᠪᠦ᠎ᠳᠤ᠎ᠪᠠᠨ ᠣᠰᠣᠯᠳᠡᠨ᠎ᠠ᠂ ᠪᠠᠭᠰᠢ᠎ᠳᠤ᠎ᠪᠠᠨ ᠣᠰᠣᠯᠳᠡᠨ᠎ᠠ᠂ ᠣᠯᠤᠰ ᠦᠨᠳᠦᠰᠦᠳᠡᠨ᠎ᠳᠤ᠎ᠪᠠᠨ ᠣᠰᠣᠯᠳᠠᠨ᠎ᠠ》 ᠭᠡᠬᠦ ᠣᠶ᠋ᠢᠯᠠᠭ᠋ᠠᠭᠳᠠᠭ᠍ᠣᠨ᠎ᠲᠠᠢ ᠪᠣᠯᠭ᠋ᠠᠨ᠎ᠠ᠃
      ᠳᠠᠷᠠᠭ᠎ᠠ᠎ᠳᠤ᠎ᠨᠢ ᠰᠣᠷᠣᠭᠴᠢ ᠵᠢᠨ ᠭᠢᠯᠠᠰ ᠴᠡᠭ᠎ᠢ ᠦᠵᠡᠵᠦ ᠭᠠᠷᠬᠤ ᠮᠦᠷᠳᠡᠭᠡᠨ ᠠᠳᠬᠤᠵᠦ ᠠᠪᠬᠤ ᠬᠡᠷᠡᠭᠳᠡᠢ᠂ ᠠ᠋ᠨ᠋ᠨ ᠪᠣᠯ ᠰᠣᠷᠣᠭᠴᠢ ᠵᠢ ᠬᠤᠪᠢᠷᠠᠭᠤᠯᠬᠤ ᠪᠠᠰᠠ ᠨᠢᠭᠡᠨ ᠴᠢᠬᠤᠯᠨ ᠠᠷᠭ᠎ᠠ ᠪᠠᠷᠢᠯ ᠪᠣᠯᠣᠨ᠎ᠠ᠃ ᠬᠤᠴᠣᠷᠣᠩᠭᠤᠢ ᠰᠣᠷᠣᠭᠴᠢ᠎ᠳᠤ ᠬᠡᠳᠦᠶ᠋ᠢᠪᠡᠷ ᠬᠦᠷᠦᠯᠴᠡᠬᠦ ᠦᠭᠡᠢ ᠳᠠᠯ᠎ᠠ ᠣᠯᠠᠨ ᠪᠠᠶ᠋ᠢᠪᠠᠴᠦ ᠳᠡᠭᠦᠨ᠎ᠳᠤ ᠪᠠᠰᠠ ᠣᠯᠠᠨ᠎ᠠᠴᠠ ᠬᠡᠳᠦᠶ᠋ᠢᠳᠦᠭᠰᠡᠨ ᠭᠢᠯᠠᠰ ᠴᠡᠭ ᠯᠠᠪᠳᠠᠢ ᠪᠠᠶ᠋ᠢᠨ᠎ᠠ᠃ ᠪᠢᠳᠡ ᠬᠤᠴᠣᠷᠣᠩᠭᠤᠢ ᠰᠣᠷᠣᠭᠴᠢ ᠵᠢ ᠨᠠᠷᠢᠨ ᠠᠵᠢᠭᠯᠠᠵᠦ᠂ ᠳᠡᠳᠡᠨ᠎ᠤ ᠭᠡᠷ᠎ᠤᠨ ᠠᠬᠠᠮᠡᠳ᠎ᠲᠠᠢ ᠢᠯᠡᠬᠦᠣ ᠬᠠᠷᠢᠯᠴᠠᠭ᠍ᠣ ᠪᠦᠭᠡᠳ ᠰᠣᠷᠣᠭᠴᠢ ᠵᠢᠨ ᠪᠠᠶ᠋ᠢᠳᠠᠯ᠎ᠢ ᠨᠡᠩ ᠭᠦᠨᠵᠡᠭᠡᠢ ᠣᠶ᠋ᠢᠯᠠᠭ᠋ᠠᠵᠦ᠂ ᠳᠡᠳᠡᠨ᠎ᠲᠠᠢ ᠰᠡᠳᠭᠢᠯ ᠵᠶ᠋ᠠᠨ ᠶᠠᠷᠢᠯᠴᠠᠨ ᠳᠡᠳᠡᠨ᠎ᠤ ᠳᠣᠷ᠎ᠠ ᠪᠠᠬ᠎ᠠ᠂ ᠳᠣᠳᠣᠭ᠋ᠠᠳᠣ ᠰᠡᠳᠭᠢᠯ᠂ ᠱᠠᠭ᠋ᠠᠷᠳᠠᠯᠭ᠎ᠠ ᠵᠡᠷᠭᠡ ᠵᠢ ᠪᠦᠬᠦ ᠳᠠᠯ᠎ᠠ᠎ᠪᠠᠷ ᠣᠶ᠋ᠢᠯᠠᠭ᠋ᠠᠵᠦ ᠠᠪᠣᠨ᠎ᠠ᠃ ᠪᠣᠳᠠᠳᠠᠢ ᠵᠢᠱ᠌ᠢᠶᠡᠯᠡᠪᠡᠯ᠂ ᠳᠠᠭᠤᠣ᠂ ᠵᠢᠷᠤᠭ᠂ ᠳᠠᠮᠢᠷ᠂ ᠵᠣᠬᠢᠶᠠᠯ ᠪᠦᠳᠦᠭᠡᠯ᠂ ᠶᠠᠷᠢᠶ᠎ᠠ ᠢᠯᠡᠳᠭᠡᠯ᠂ ᠠᠵᠢᠯ ᠬᠦᠳᠡᠯᠮᠣᠷᠢ ᠵᠡᠷᠭᠡ ᠳᠠᠯ᠎ᠠ᠎ᠪᠠᠷ ᠵᠠᠷᠢᠮ ᠰᠣᠷᠣᠭᠴᠢ ᠣᠯᠠᠨ᠎ᠠᠴᠠ ᠳᠠᠪᠠᠭᠰᠠᠨ ᠴᠢᠳᠠᠪᠣᠷᠢᠳᠠᠢ ᠪᠠᠶ᠋ᠢᠳᠠᠭ᠃ ᠪᠠᠭᠰᠢ ᠨᠠᠷ ᠵᠠᠪᠠᠯ ᠰᠣᠷᠣᠭᠴᠢ ᠵᠢᠨ ᠠ᠋ᠳᠡᠭᠡᠷ ᠳᠠᠪᠠᠭᠤᠯᠢᠭ ᠳᠠᠯ᠎ᠠ ᠵᠢ ᠠᠳᠬᠤᠨ ᠠᠪᠴᠦ᠂ ᠳᠡᠳᠡᠨ᠎ᠢ ᠮᠠᠭᠳᠠᠨ ᠰᠠᠶ᠋ᠢᠰᠢᠶᠠᠵᠦ ᠬᠦᠬᠢᠬᠦᠯᠦᠨ ᠵᠣᠷᠢᠬ᠍ᠵᠢᠭᠤᠯᠵᠦ 《ᠠ᠋ᠶ᠋ᠢᠮᠦ ᠣᠯᠠᠨ᠎ᠠᠴᠠ ᠳᠠᠪᠠᠭᠰᠠᠨ ᠣᠷ᠎ᠠ ᠠᠪᠢᠶᠠᠰ᠎ᠢ ᠰᠣᠷᠴᠦ ᠳᠡᠶ᠋ᠢᠯᠦᠭᠡᠳ ᠰᠣᠶᠣᠯ᠎ᠤᠨ ᠮᠡᠳᠡᠯᠭᠡ ᠵᠢ ᠰᠣᠷᠬᠤ᠎ᠳᠤ ᠶᠠᠭᠤ ᠪᠠᠶ᠋ᠢᠬᠤ ᠪᠣᠢ᠂ ᠴᠢᠷᠮᠠᠶ᠋ᠢᠪᠠᠯ ᠳᠠᠷᠣᠢ ᠰᠣᠷᠴᠦ ᠳᠡᠶ᠋ᠢᠯᠦᠨ᠎ᠡ》 ᠭᠡᠵᠦ ᠳᠡᠳᠡᠨ᠎ᠢ ᠵᠣᠷᠢᠬ᠍ᠵᠢᠭᠤᠯᠣᠨ ᠰᠡᠳᠭᠢᠯ᠎ᠢ᠎ᠨᠢ ᠳᠣᠭᠳᠣᠯᠣᠭᠤᠯᠵᠦ᠂ ᠰᠣᠷᠣᠯᠴᠠᠭ᠍ᠣ ᠪᠣᠯ ᠨᠢᠬᠡᠨ ᠣᠷᠮ᠎ᠠ ᠪᠠᠭ᠍ᠠᠳᠠᠢ ᠪᠠᠶᠠᠷ ᠪᠠᠶᠠᠰᠬᠤᠯᠠᠩ᠎ᠲᠠᠢ ᠶᠠᠪᠣᠳᠠᠯ ᠮᠦᠨ ᠭᠡᠳᠡᠭ᠎ᠢ ᠮᠡᠳᠡᠭᠦᠯᠵᠦ᠂ ᠠ᠋ᠷᠳᠡᠮ ᠮᠡᠳᠡᠯᠭᠡ ᠵᠢ ᠡᠵᠡᠮᠰᠢᠬᠦ ᠣᠷᠮ᠎ᠠ ᠵᠣᠷᠢᠭ᠎ᠢ᠎ᠨᠢ ᠬᠦᠪᠴᠢᠯᠡᠵᠦ ᠰᠠᠶ᠋ᠢᠨ ᠰᠣᠷᠣᠭᠴᠢ ᠪᠣᠯᠬᠤ ᠵᠠᠮ ᠵᠶ᠋ᠠᠷ ᠬᠦᠳᠦᠯᠬᠦ ᠬᠡᠷᠡᠭᠳᠠᠢ᠃ ᠠ᠋ᠷᠳᠡᠮᠳᠡᠨ ᠨᠠᠷ᠎ᠤᠨ ᠬᠡᠯᠡᠳᠡᠭ ᠵᠶ᠋ᠠᠷ 《ᠴᠢᠨᠣ ᠳᠠᠰᠢᠭᠤᠷ᠎ᠤᠨ ᠳᠣᠣᠷ᠎ᠠ ᠸᠠᠲ ᠪᠣᠢ᠂ ᠴᠢᠨᠣ ᠶᠦᠭᠡᠳᠡᠯ᠎ᠤᠨ ᠳᠣᠣᠷ᠎ᠠ ᠠ᠋ᠳᠢᠰᠦᠨ ᠪᠣᠢ》 ᠭᠡᠳᠡᠭ᠎ᠢ ᠪᠠᠳᠣ ᠢᠳᠡᠭᠡᠵᠦ᠂ ᠴᠢᠳᠠᠪᠣᠷᠢᠳᠠᠢ ᠬᠦᠮᠦᠰ᠎ᠢ ᠦᠯᠦᠬᠡᠢ ᠲᠣᠳᠣᠷ᠎ᠠ᠎ᠨᠢ ᠪᠤᠭᠤᠮᠢᠯᠠᠵᠦ ᠬᠠᠶᠠᠭ᠍ᠤ᠎ᠠᠴᠠ ᠰᠡᠷᠡᠮᠵᠢᠯᠡᠭᠦ ᠭᠡᠷᠡᠭᠳᠠᠢ᠃
      ᠰᠣᠷᠣᠭᠴᠢ ᠵᠢ ᠰᠣᠷᠣᠭᠴᠢ᠎ᠪᠠᠷ ᠬᠦᠳᠦᠯᠬᠦ ᠪᠣᠯ 《ᠬᠤᠴᠣᠷᠣᠩᠭᠤᠢ》 ᠰᠣᠷᠣᠭᠴᠢ ᠵᠢ ᠣᠷᠣᠭᠰᠢ ᠲᠠᠪᠰᠢᠭᠤᠯᠬᠤ ᠵᠢᠨ ᠪᠠᠰᠠ ᠨᠢᠬᠡᠨ ᠰᠠᠶ᠋ᠢᠨ ᠠᠷᠭ᠎ᠠ ᠪᠤᠯᠤᠨ᠎ᠠ᠃ ᠤᠴᠢᠷ᠎ᠨᠢ ᠰᠣᠷᠣᠭᠴᠢ ᠬᠤᠭᠤᠷᠤᠨᠳᠦ᠎ᠪᠠᠨ ᠬᠠᠷᠢᠴᠠᠭ᠍ᠤ᠎ᠳᠤ ᠠᠮᠠᠷᠬᠠᠨ ᠮᠦᠷᠳᠡᠬᠡᠨ ᠨᠠᠰᠣ ᠬᠤᠷᠠᠭ ᠬᠡᠥᠬᠡᠳ᠎ᠤᠨ ᠠᠰᠠᠭᠤᠳᠠᠯ᠎ᠢ ᠰᠡᠳᠬᠢᠵᠦ ᠪᠤᠳᠣᠯᠬᠢᠯᠠᠭ᠍ᠤ ᠲᠠᠯ᠎ᠠ ᠤᠶ᠋ᠢᠷᠠᠯᠴᠠᠭ᠎ᠠ ᠪᠠᠶ᠋ᠢᠳᠠᠭ᠃ ᠨᠦᠬᠦᠬᠡ ᠲᠠᠯ᠎ᠠ᠎ᠪᠠᠷ᠂ ᠰᠣᠷᠣᠯᠭ᠎ᠠ᠂ ᠶᠤᠰᠣ ᠮᠣᠷᠠᠯ ᠰᠠᠶ᠋ᠢᠨ ᠰᠣᠷᠣᠭᠴᠢ᠎ᠪᠠᠷ ᠬᠤᠴᠣᠷᠣᠩᠭᠤᠢ ᠰᠣᠷᠣᠭᠴᠢ ᠵᠢ ᠬᠦᠳᠦᠯᠦᠬᠦᠯᠬᠦ᠎ᠨᠢ ᠲᠡᠳᠡᠨ᠎ᠤ ᠲᠠᠪᠠᠭᠤᠯᠢᠭ ᠲᠠᠯ᠎ᠠ᠎ᠪᠠᠨ ᠤᠯᠵᠦ ᠬᠠᠷᠠᠭ᠍ᠤ᠎ᠳᠤ ᠲᠣᠰᠠ ᠪᠤᠯᠳᠠᠬ᠃ ᠳᠡᠭᠦᠨ᠎ᠤ ᠳᠠᠷᠠᠭ᠎ᠠ᠎ᠳᠤ᠎ᠨᠢ ᠳᠡᠳᠡᠭᠡᠷ ᠰᠣᠷᠣᠭᠴᠢᠳ᠎ᠲᠤ ᠵᠠᠪᠠᠯ ᠳᠣᠳᠣᠷᠬᠠᠢ ᠰᠣᠷᠣᠯᠴᠠᠭ᠍ᠣ ᠬᠠᠷᠠᠯᠳᠠ ᠵᠢ ᠪᠣᠢ ᠪᠣᠯᠭ᠋ᠠᠵᠦ ᠦᠭᠭᠦ ᠬᠡᠷᠡᠭᠳᠠᠢ᠃ ᠪᠠᠭᠰᠢ ᠵᠠᠪᠠᠯ ᠰᠢᠨᠵᠢᠯᠡᠬᠦ ᠣᠬᠠᠭ᠋ᠠᠨ᠎ᠤ ᠬᠦᠭᠵᠢᠯᠳᠡ ᠳᠠᠪᠰᠢᠯᠳᠠ᠎ᠨᠢ ᠨᠡᠶ᠋ᠢᠭᠡᠮ᠎ᠤᠨ ᠣᠷᠣᠭᠰᠢᠯᠠᠯᠳᠠ ᠳᠠᠪᠰᠢᠯᠳᠠ᠎ᠳᠤ ᠯᠣᠳᠣ ᠶᠡᠭᠡ ᠦᠢ᠍ᠯᠡᠳᠦᠯ ᠦᠵᠡᠭᠦᠯᠬᠦ ᠠ᠋ᠭᠦᠳᠡᠨ᠎ᠠᠴᠠ ᠠ᠋ᠭᠦᠰᠴᠦ᠂ ᠮᠡᠳᠡᠯᠭᠡ ᠰᠣᠶᠣᠯ᠎ᠢ ᠡᠵᠡᠮᠰᠢᠬᠦ ᠵᠢᠨ ᠠᠴᠢ ᠳᠣᠰᠠ ᠪᠠ ᠴᠢᠬᠤᠯᠠ ᠴᠢᠨᠠᠷ᠎ᠢ ᠮᠡᠳᠡᠭᠦᠯᠵᠦ᠂ ᠵᠦᠪ ᠣᠨᠣᠪᠴᠢᠳᠠᠢ ᠰᠣᠷᠣᠯᠴᠠᠭ᠍ᠣ ᠬᠠᠷᠠᠯᠳᠠ᠎ᠲᠠᠢ ᠪᠣᠯᠭ᠋ᠠᠨ ᠬᠦᠮᠦᠵᠢᠭᠦᠯᠦᠨ᠎ᠡ᠃ ᠵᠦᠪ ᠣᠨᠣᠪᠴᠢᠳᠠᠢ ᠰᠣᠷᠣᠯᠴᠠᠭ᠍ᠣ ᠬᠠᠷᠠᠯᠳᠠ ᠬᠦᠰᠡᠯᠡᠩ᠎ᠲᠠᠢ ᠪᠣᠯᠪᠠᠯ ᠰᠠᠶᠢ ᠣᠷᠮ᠎ᠠ ᠵᠣᠷᠢᠭ ᠢᠳᠡ ᠬᠦᠴᠦᠨ᠎ᠲᠠᠢ ᠪᠣᠯᠵᠦ ᠬᠦᠰᠡᠯᠡᠩ᠎ᠤᠨ ᠵᠶ᠋ᠠᠨ ᠲᠦᠯᠦᠭᠡ ᠴᠣᠴᠠᠯᠳᠠ ᠦᠭᠡᠢ ᠴᠢᠷᠮᠠᠶ᠋ᠢᠨ ᠰᠣᠷᠣᠯᠴᠠᠳᠠᠭ᠃
      ᠠ᠋ᠭᠦᠨ᠎ᠠᠴᠠ ᠭᠠᠳᠠᠨ᠎ᠠ ᠰᠣᠷᠣᠯᠴᠠᠭ᠍ᠤ ᠠᠭᠤᠷ ᠠᠮᠢᠰᠬᠤᠯ᠎ᠲᠠᠢ᠂ ᠬᠡᠪ ᠪᠤᠯᠪᠠᠰᠣᠷᠠᠯ᠎ᠲᠠᠢ ᠠᠩᠭᠢ ᠨᠢᠭᠡᠴᠡ ᠵᠢᠨ ᠰᠠᠶ᠋ᠢᠨ ᠰᠠᠶ᠋ᠢᠬᠠᠨ ᠣᠷᠴᠢᠨ ᠳᠣᠭᠤᠷᠢᠨ᠎ᠨᠢ ᠪᠠᠰᠠ ᠬᠤᠴᠣᠷᠣᠩᠭᠤᠢ ᠰᠣᠷᠣᠭᠴᠢ ᠵᠢᠨ ᠰᠣᠷᠣᠯᠴᠠᠭ᠍ᠣ ᠣᠷᠮ᠎ᠠ ᠵᠢ ᠬᠦᠭᠵᠢᠭᠡᠬᠦ ᠴᠢᠬᠤᠯᠠ ᠨᠦᠭᠦᠴᠡᠯ ᠪᠣᠯᠳᠠᠭ᠃ ᠠ᠋ᠶ᠋ᠢᠮᠦ᠎ᠠᠴᠠ ᠠᠩᠭᠢ ᠵᠢᠨ ᠠ᠋ᠷᠬᠢᠯᠡᠭᠴᠢ ᠪᠣᠯᠣᠭᠰᠠᠳ ᠵᠠᠪᠠᠯ ᠠᠷᠭ᠎ᠠ ᠪᠦᠬᠦᠨ᠎ᠢ ᠰᠦᠪᠡᠭᠴᠢᠯᠡᠨ᠂ ᠦᠷ᠎ᠡ ᠠᠰᠢᠭ᠎ᠲᠠᠢ ᠠᠩᠭᠢ ᠵᠢᠨ ᠬᠦᠳᠡᠯᠭᠡᠭᠡᠨ᠎ᠢ ᠢᠯᠡᠬᠦᠬᠡᠨ ᠠ᠋ᠷᠬᠢᠯᠡᠵᠦ᠂ ᠰᠠᠶ᠋ᠢᠨ ᠰᠠᠶ᠋ᠢᠬᠠᠨ ᠠᠩᠭᠢ ᠵᠢᠨ ᠣᠷᠴᠢᠨ᠎ᠢ ᠪᠣᠢ ᠪᠣᠯᠭ᠋ᠠᠵᠦ ᠦᠭᠭᠦ ᠴᠢᠬᠤᠯᠠᠳᠠᠢ᠃ ᠰᠣᠷᠣᠭᠴᠢ ᠵᠢᠨ ᠰᠣᠷᠣᠯᠴᠠᠭ᠍ᠣ ᠣᠷᠮ᠎ᠠ ᠰᠡᠳᠭᠢᠯᠭᠡ ᠵᠢ ᠬᠦᠭᠵᠢᠭᠡᠬᠦ ᠪᠣᠯ ᠰᠣᠷᠣᠭᠴᠢ ᠵᠢ ᠳᠠᠪᠰᠢᠭᠤᠯᠬᠤ ᠭᠤᠣᠯᠳᠠᠯᠭ᠎ᠠ ᠪᠣᠯᠣᠨ᠎ᠠ᠃ ᠳᠣᠷ᠎ᠠ ᠪᠠᠬ᠎ᠠ ᠪᠣᠯ ᠬᠠᠮᠤᠭ᠎ᠤᠨ ᠰᠠᠶ᠋ᠢᠨ ᠪᠠᠭᠰᠢ ᠮᠦᠨ᠂ ᠠ᠋ᠶ᠋ᠢᠮᠦ᠎ᠠᠴᠠ ᠮᠠᠨ᠎ᠤ ᠪᠠᠭᠰᠢ ᠪᠤᠯᠭ᠋ᠠᠨ ᠵᠢᠭ᠋ᠠᠨ ᠰᠣᠷᠭ᠋ᠠᠬᠤ ᠶᠠᠪᠣᠴᠠ ᠲᠤᠮᠳᠠ᠎ᠪᠠᠨ ᠰᠢᠨ᠎ᠡ ᠬᠢᠴᠢᠶᠡᠯᠯᠡᠭᠡ ᠵᠢᠨ ᠵᠢᠭ᠋ᠠᠨ ᠰᠣᠷᠭ᠋ᠠᠯᠳᠠ ᠵᠢ ᠲᠤᠭᠤᠰᠢᠳᠠᠢ ᠬᠡᠷᠡᠭᠵᠢᠭᠦᠯᠵᠦ᠂ ᠬᠠᠮᠤᠭ᠎ᠤᠨ ᠰᠢᠨ᠎ᠡ ᠬᠠᠮᠤᠭ᠎ᠤᠨ ᠦᠷ᠎ᠡ ᠠᠰᠢᠭ᠎ᠲᠠᠢ ᠵᠢᠭ᠋ᠠᠨ ᠰᠣᠷᠭ᠋ᠠᠬᠤ ᠠᠷᠭ᠎ᠠ ᠪᠠᠷᠢᠯ᠎ᠢ ᠬᠡᠷᠡᠭᠯᠡᠵᠦ᠂ ᠬᠤᠴᠣᠷᠣᠩᠭᠤᠢ ᠰᠣᠷᠣᠭᠴᠢᠳ᠎ᠤᠨ ᠰᠣᠷᠣᠯᠴᠠᠭ᠍ᠣ ᠣᠷᠮ᠎ᠠ ᠪᠠᠬ᠎ᠠ ᠵᠢ ᠬᠦᠭᠵᠢᠭᠡᠬᠦ ᠪᠣᠯ ᠪᠠᠭᠰᠢ ᠪᠦᠬᠦᠨ᠎ᠤ ᠨᠢᠳᠣᠨ ᠠ᠋ᠮᠦᠨ᠎ᠡ ᠳᠣᠯᠭ᠋ᠠᠷᠠᠵᠦ ᠪᠠᠶ᠋ᠢᠭ᠎ᠠ ᠴᠢᠬᠤᠯᠠ ᠠᠰᠠᠭᠤᠳᠠᠯ ᠪᠣᠯᠣᠨ᠎ᠠ᠃ ᠠ᠋ᠭᠦᠨ᠎ᠠᠴᠠ ᠭᠠᠳᠠᠨ᠎ᠠ ᠰᠣᠷᠣᠭᠴᠢᠳ᠎ᠤᠨ ᠳᠣᠷ᠎ᠠ ᠪᠠᠬ᠎ᠠ᠎ᠲᠠᠢ ᠬᠦᠳᠡᠯᠭᠡᠭᠡᠨ᠎ᠢ ᠢᠯᠡᠭᠦᠣ ᠦᠷᠨᠢᠭᠦᠯᠵᠦ᠂ ᠳᠡᠳᠡᠨ᠎ᠤ ᠳᠠᠪᠠᠭᠤᠯᠢᠭ ᠳᠠᠯ᠎ᠠ ᠵᠢ ᠪᠠᠳᠠᠷᠠᠭᠤᠯᠣᠨ ᠳᠡᠳᠡᠨ᠎ᠤ ᠦᠪᠡᠷ᠎ᠤᠨ ᠬᠢᠨᠢ ᠦᠨ᠎ᠡ ᠦᠷᠳᠡᠭ᠎ᠢ ᠮᠡᠳᠡᠷᠡᠭᠦᠯᠵᠦ᠂ ᠦᠪᠡᠷ᠎ᠢ᠎ᠪᠠᠨ ᠢᠳᠡᠭᠡᠬᠦ ᠦᠪᠡᠷ᠎ᠢ᠎ᠪᠠᠨ ᠬᠦᠨᠳᠦᠳᠭᠡᠬᠦ ᠰᠡᠳᠭᠢᠯᠭᠡ᠎ᠲᠠᠢ ᠪᠣᠯᠭ᠋ᠠᠨ᠎ᠠ᠃ ᠵᠢᠭ᠋ᠠᠨ ᠰᠣᠷᠭ᠋ᠠᠯᠳᠠ ᠲᠤᠮᠳᠠ᠎ᠪᠠᠨ ᠬᠤᠴᠣᠷᠣᠩᠭᠤᠢ ᠰᠣᠷᠣᠭᠴᠢᠳ᠎ᠲᠤ ᠵᠣᠷᠢᠭᠤᠯᠣᠨ᠂ ᠠᠮᠠᠷᠬᠠᠨ ᠠᠰᠠᠭᠤᠯᠳᠠ ᠠᠰᠠᠭᠤᠵᠦ᠂ ᠪᠠᠭᠰᠢ᠎ᠠᠴᠠ ᠦᠨᠡᠯᠡᠯᠳᠡ ᠬᠢᠵᠦ ᠵᠤᠷᠢᠬ᠍ᠵᠢᠭᠤᠯᠤᠨ ᠬᠦᠬᠢᠭᠦᠯᠦᠨ᠎ᠠ᠃
      ᠶᠡᠷᠦᠩᠬᠡᠢ᠎ᠳᠤ᠎ᠨᠢ ᠠᠪᠴᠦ ᠬᠡᠯᠡᠪᠡᠯ᠂ ᠬᠤᠴᠣᠷᠣᠩᠭᠤᠢ ᠰᠣᠷᠣᠭᠴᠢ ᠵᠢ ᠬᠤᠪᠢᠷᠠᠭᠤᠯᠬᠤ ᠪᠣᠯ ᠨᠢᠭᠡ ᠪᠣᠳᠣᠯᠢᠶᠠᠨᠳᠠᠢ ᠪᠦᠭᠡᠳ ᠬᠦᠴᠢᠷᠳᠠᠢ ᠠᠰᠠᠭᠤᠳᠠᠯ ᠪᠣᠯᠣᠨ᠎ᠠ᠃ ᠠ᠋ᠶ᠋ᠢᠮᠦ᠎ᠠᠴᠠ ᠵᠠᠪᠠᠯ ᠬᠦᠯᠢᠴᠡᠩᠭᠦᠢ ᠪᠠᠶ᠋ᠢᠬᠤ ᠬᠡᠷᠡᠭᠳᠠᠢ᠃ ᠣᠴᠢᠷ᠎ᠨᠢ ᠬᠤᠴᠣᠷᠣᠩᠭᠤᠢ ᠰᠣᠷᠣᠭᠴᠢ ᠵᠢᠨ ᠪᠣᠢ ᠪᠣᠯᠣᠭᠰᠠᠨ ᠰᠢᠯᠳᠠᠭ᠋ᠠᠨ ᠠᠳᠠᠯᠢ ᠦᠭᠡᠢ ᠪᠣᠯᠬᠤᠷ ᠠᠳᠠᠯᠢ ᠪᠣᠰᠣ ᠰᠣᠷᠣᠭᠴᠢᠳ᠎ᠲᠤ ᠠᠳᠠᠯᠢ ᠪᠤᠰᠣ᠎ᠪᠠᠷ ᠬᠠᠨᠳᠣᠭᠰᠠᠨ ᠪᠠᠶ᠋ᠢᠬᠤ ᠬᠡᠷᠡᠭᠳᠠᠢ᠃ ᠠ᠋ᠭᠦᠨ᠎ᠠᠴᠠ ᠭᠠᠳᠠᠨ᠎ᠠ ᠬᠤᠴᠣᠷᠣᠩᠭᠤᠢ ᠰᠣᠷᠣᠭᠴᠢ ᠵᠢ ᠬᠤᠪᠢᠷᠠᠭᠤᠯᠵᠦ ᠳᠠᠪᠰᠢᠭᠤᠯᠬᠤ ᠪᠣᠯ ᠨᠢᠭᠡ ᠯᠡ ᠴᠠᠭ᠎ᠤᠨ ᠠᠵᠢᠯ ᠪᠢᠰᠢ ᠪᠦᠭᠡᠳ ᠳᠡᠶ᠋ᠢᠮᠦ ᠰᠢᠭᠤᠳ ᠰᠢᠯᠣᠭᠤᠬᠠᠨ ᠠᠵᠢᠯ ᠪᠢᠰᠢ᠃ ᠠ᠋ᠶ᠋ᠢᠮᠦ᠎ᠠᠴᠠ ᠪᠠᠭᠰᠢ ᠪᠣᠯᠣᠭᠰᠠᠳ ᠵᠠᠪᠠᠯ ᠣᠷᠭᠢᠯᠣᠮ᠎ᠠ ᠬᠠᠯᠠᠭᠤᠨ ᠰᠡᠳᠭᠢᠯᠭᠡ ᠵᠢ ᠡᠪᠦᠷᠯᠡᠨ᠂ ᠦᠢ᠍ᠯᠡᠰ ᠵᠶ᠋ᠠᠨ ᠬᠡᠬᠦ ᠳᠡᠭᠡᠳᠦ ᠬᠡᠮᠵᠢᠶᠡᠨ᠎ᠤ ᠬᠠᠷᠢᠭᠤᠴᠠᠯᠭ᠎ᠠ᠎ᠲᠠᠢ ᠪᠠᠶ᠋ᠢᠵᠦ᠂ ᠵᠢᠭ᠋ᠠᠨ ᠰᠣᠷᠭ᠋ᠠᠬᠤ ᠵᠢᠮ᠎ᠡ ᠶᠣᠰᠣ ᠪᠠ ᠰᠣᠷᠣᠭᠴᠢᠳ᠎ᠤᠨ ᠪᠡᠶ᠎ᠡ ᠰᠡᠳᠭᠢᠯ ᠠ᠋ᠷᠡᠭᠦᠯ ᠵᠶ᠋ᠠᠷ ᠬᠦᠭᠵᠢᠬᠦ ᠵᠢᠮ᠎ᠡ ᠶᠣᠰᠣ ᠵᠢ ᠴᠢᠩᠭ᠎ᠠ ᠵᠢᠷᠣᠮᠯᠠᠪᠠᠯ ᠮᠠᠨ᠎ᠤ ᠬᠤᠴᠣᠷᠣᠩᠭᠤᠢ ᠰᠣᠷᠣᠭᠴᠢ ᠵᠢ ᠭᠦᠮᠦᠵᠢᠭᠦᠯᠬᠦ ᠠᠵᠢᠯ ᠯᠠᠪᠳᠠᠢ ᠠᠮᠵᠢᠯᠳᠠ ᠤᠯᠬᠤ᠎ᠨᠢ ᠭᠠᠷᠴᠠᠭ᠎ᠠ ᠦᠭᠡᠢ ᠶᠣᠮ᠃


              ᠬᠠᠶᠢᠬ᠄ ᠵᠠᠷᠤᠳ ᠨᠢᠭᠡᠳᠦᠭᠡᠷ ᠮᠣᠩᠭᠤᠯ ᠳᠤᠮᠳᠠᠳᠦ ᠰᠤᠷᠭ᠋ᠠᠭᠤᠯᠢ
                        (ᠠ᠋ᠾᠤᠢ᠍ᠩ ᠮᠸᠢ ᠨᠠᠢ᠍ᠢ᠍ᠷᠠᠭᠤᠯᠪᠠ)
                        2020 ᠣᠨ᠎ᠤ 8 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠰᠤᠷᠭ᠋ᠠᠨ ᠬᠥᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠠᠩᠬᠢ ᠵᠢᠨ ᠠ᠋ᠷᠬᠢᠯᠡᠭᠴᠢ ᠵᠢᠨ ᠠ᠋ᠬᠦᠷᠬᠡ ᠬᠠᠷᠢᠭᠤᠴᠠᠯᠭ᠎ᠠ ᠵᠢ ᠬᠡᠷᠬᠢᠨ ᠬᠦᠢ᠍ᠴᠡᠳᠬᠡᠬᠦ ᠲᠤᠬᠠᠢ ᠲᠦᠬᠦᠮ ᠦᠬᠦᠯᠡᠬᠦ᠎ᠨᠢ
ᠠᠩᠬ᠎ᠠ ᠲᠤᠮᠳᠠᠳᠤ ᠵᠢᠨ ᠠᠩᠬᠢ ᠵᠢᠨ ᠠ᠋ᠷᠬᠢᠯᠡᠭᠴᠢ᠎ᠳᠤ ᠲᠠᠯᠪᠢᠬᠤ ᠮᠦᠴᠢᠳᠬᠡᠨ ᠰᠠᠨᠠᠭᠤᠯᠤᠮᠵᠢ
ᠠᠩᠭᠢ ᠵᠢᠨ ᠠ᠋ᠷᠬᠢᠯᠡᠭᠴᠢ ᠪᠤᠯᠤᠬᠰᠡᠳ᠎ᠤᠨ ᠪᠦᠷᠢᠯᠳᠤᠭᠦᠯᠪᠠᠰᠤ ᠵᠤᠬᠢᠬᠤ ᠳᠠᠳᠬᠠᠯ᠎ᠤᠨ ᠬᠥᠮᠦᠵᠢᠯ
ᠠᠩᠭᠢ ᠵᠢᠨ ᠠ᠋ᠷᠬᠢᠯᠡᠭᠴᠢ ᠵᠢᠨ ᠠᠵᠢᠯ᠎ᠳᠤ ᠤᠷᠮᠠᠰᠢᠭᠤᠯᠤᠯ᠎ᠤᠨ ᠬᠦᠮᠦᠵᠢᠯ᠎ᠢ ᠬᠢᠬᠦ ᠵᠢᠨ ᠴᠢᠬᠤᠯᠠ ᠴᠢᠨᠠᠷ
ᠠᠩᠭᠢ ᠵᠢᠨ ᠠ᠋ᠷᠬᠢᠯᠡᠭᠴᠢ ᠬᠤᠴᠤᠷᠤᠩᠭᠤᠢ ᠰᠤᠷᠤᠭᠴᠢ ᠵᠢ ᠬᠡᠷᠬᠢᠨ ᠬᠦᠮᠦᠵᠢᠭᠦᠯᠬᠦ ᠲᠣᠬᠠᠢ ᠮᠦᠴᠢᠳ ᠦᠭᠦᠯᠡᠬᠦ᠎ᠨᠢ
 
             蒙ICP备05000248号