ᠪᠤᠯᠭ᠋ᠠᠬᠦᠦ ᠵᠢᠶᠠᠨ ᠭᠤᠸᠠᠩ
《ᠬᠠᠮᠢᠭ᠎ᠠ ᠴᠦ᠍᠂ ᠬᠡᠵᠢᠶ᠎ᠡ ᠴᠦ᠍ ᠠᠯᠢᠪᠠ ᠦᠢ᠍ᠯᠡᠰ᠎ᠲᠤ ᠵᠢᠳᠭᠦᠭᠰᠡᠨ᠎ᠨᠢ ᠪᠦᠳᠦᠨ᠎ᠡ᠂ ᠠᠯᠭᠤᠷᠯᠠᠭᠰᠠᠨ᠎ᠨᠢ ᠢᠯᠠᠭᠳᠠᠨ᠎ᠠ》 ᠭᠡᠳᠡᠭ ᠴᠢᠩᠭᠢᠰ᠎ᠤᠨ ᠪᠢᠯᠢᠭ ᠰᠤᠷᠭ᠋ᠠᠯ ᠪᠠᠶ᠋ᠢᠳᠠᠭ᠃ 《ᠰᠤᠷᠤᠯᠭ᠎ᠠ ᠭᠦᠨ ᠪᠤᠯᠪᠠᠰᠤ ᠪᠠᠭᠰᠢ᠂ ᠰᠤᠷᠳᠠᠯ ᠳᠦᠪ ᠪᠤᠯᠪᠠᠰᠤ ᠳᠠᠭᠤᠷᠢᠶᠠᠯ》 ᠭᠡᠬᠦ ᠨᠠᠨᠳᠢᠨ ᠰᠤᠷᠭ᠋ᠠᠯ ᠵᠶ᠋ᠠᠷ ᠭᠦᠳᠤᠯᠤᠮᠵᠢ ᠪᠤᠯᠭ᠋ᠠᠵᠤ ᠪᠠᠭᠰᠢ ᠵᠢᠨ ᠰᠤᠷᠭ᠋ᠠᠭᠤᠯᠢ᠎ᠪᠠᠨ ᠳᠡᠭᠦᠰᠭᠡᠨ᠂ ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠠᠩᠬᠠᠨ᠎ᠤ ᠭᠠᠷᠤᠭ᠎ᠠ ᠵᠢ ᠠᠪᠴᠤ᠂ ᠦᠢ᠍ᠯᠡᠰ ᠵᠶ᠋ᠠᠨ ᠭᠡᠵᠦ ᠵᠢᠳᠬᠦᠵᠦ ᠶᠠᠪᠤᠬᠤ᠎ᠳᠤ᠎ᠪᠠᠨ 《ᠬᠡᠥᠬᠡᠳ᠎ᠲᠤ᠎ᠪᠠᠨ ᠪᠢᠴᠢᠭ ᠠ᠋ᠷᠳᠡᠮᠢᠨᠢ ᠰᠠᠶ᠋ᠢᠨ ᠰᠤᠷᠭ᠋ᠠᠵᠦ᠂ ᠰᠠᠬᠢᠯᠭ᠎ᠠ ᠪᠠᠳᠤ ᠵᠢ ᠰᠠᠬᠢᠳᠠᠭ ᠤᠬᠠᠭ᠋ᠠᠨ᠎ᠲᠠᠢ ᠰᠤᠷᠤᠭᠴᠢ》 ᠪᠤᠯᠭ᠋ᠠᠬᠤ᠎ᠪᠠᠷ ᠴᠢᠷᠮᠠᠢ᠍ᠢ᠍ᠵᠤ ᠶᠠᠪᠤᠳᠠᠭ ᠶᠤᠮ ᠡ᠃
ᠬᠤᠷᠢᠭ᠋ᠠᠳ ᠵᠢᠯ ᠠᠩᠬᠢ ᠵᠢᠨ ᠠ᠋ᠷᠬᠢᠯᠡᠭᠴᠢ ᠵᠢᠨ ᠠᠵᠢᠯ᠎ᠢ ᠬᠢᠵᠦ ᠶᠠᠪᠤᠬᠤ᠎ᠳᠤ᠎ᠪᠠᠨ ᠰᠤᠷᠤᠯᠴᠠᠯᠭ᠎ᠠ ᠪᠤᠯᠪᠠᠰᠤᠷᠠᠯ᠂ ᠴᠢᠷᠮᠠᠶ᠋ᠢᠯᠭ᠎ᠠ ᠰᠤᠳᠤᠯᠤᠯ ᠵᠢᠴᠢ ᠳᠤᠷᠰᠢᠯᠭ᠎ᠠ ᠰᠤᠷᠭ᠋ᠠᠮᠵᠢ᠎ᠪᠠᠷ ᠵᠶ᠋ᠠᠨ ᠪᠢᠴᠢᠭ ᠵᠢᠭ᠋ᠠᠵᠦ ᠬᠦᠮᠦᠨ᠎ᠢ ᠬᠦᠮᠦᠵᠢᠭᠦᠯᠦᠨ᠎ᠡ ᠭᠡᠳᠡᠭ ᠦᠭᠡᠨ᠎ᠤ ᠬᠦᠨ ᠤᠳᠬ᠎ᠠ ᠵᠢ ᠰᠡᠷᠡᠵᠦ ᠤᠶ᠋ᠢᠯᠠᠭ᠋ᠠᠵᠦ᠂ ᠬᠡᠥᠬᠡᠳᠤᠳᠲᠠᠢᠪᠠᠨ ᠠᠵᠢᠯ ᠦᠢ᠍ᠯᠡᠰ᠎ᠲᠠᠢ᠎ᠪᠠᠨ ᠬᠠᠮᠳᠤ ᠦᠰᠦᠨ ᠪᠤᠶ᠋ᠢᠵᠢᠵᠦ ᠢᠷᠡᠭᠰᠡᠨ ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠳᠤᠬᠠᠢ ᠤᠯᠤᠯᠳᠠ ᠤᠶ᠋ᠢᠯᠠᠭ᠋ᠠᠯᠳᠠ᠎ᠪᠠᠨ ᠡ᠊ᠨᠳᠠ ᠰᠠᠢ᠍ᠢ᠍ᠷᠠᠭᠦᠯᠪᠡ᠃
ᠨᠢᠭᠡ᠂ ᠮᠠᠭᠳᠠᠨ ᠰᠠᠶ᠋ᠢᠰᠢᠶᠠᠭ᠍ᠤ ᠪᠠ ᠵᠤᠷᠢᠬ᠍ᠵᠢᠭᠤᠯᠬᠤ ᠪᠣᠯ ᠬᠡᠥᠬᠡᠳ᠎ᠢ ᠳᠠᠪᠰᠢᠭᠤᠯᠬᠤ ᠬᠠᠮᠤᠭ᠎ᠤᠨ ᠪᠦᠳᠦᠮᠵᠢᠳᠡᠢ ᠠᠷᠭ᠎ᠠ ᠪᠠᠷᠢᠯ ᠮᠦᠨ᠃
ᠬᠡᠥᠬᠡᠳ᠎ᠲᠤ ᠬᠠᠶ᠋ᠢᠷ᠎ᠠ ᠠ᠋ᠨᠡᠷᠢᠯ ᠤᠷᠮ᠎ᠠ ᠳᠡᠮᠵᠢᠯᠭᠡ ᠳᠤᠩ ᠴᠢᠬᠤᠯᠠ᠃ ᠬᠡᠥᠬᠡᠳ ᠵᠤᠷᠢᠬ᠍ᠵᠢᠭᠤᠯᠤᠯ᠎ᠤᠨ ᠳᠤᠮᠳᠠ ᠠᠮᠢᠳᠤᠷᠠᠵᠤ ᠰᠤᠷᠤᠯᠴᠠᠪᠠᠯ ᠦᠪᠡᠷ᠎ᠢ᠎ᠪᠠᠨ ᠢᠳᠡᠭᠡᠬᠦ ᠢᠳᠡᠭᠡᠯ᠎ᠲᠠᠢ ᠪᠤᠯᠳᠠᠭ᠂ ᠦᠪᠡᠷ᠎ᠢ᠎ᠪᠠᠨ ᠳᠡᠭᠦᠯᠳᠡᠷᠵᠢᠭᠦᠯᠵᠦ ᠬᠦᠭᠵᠢᠬᠦᠯᠵᠦ ᠴᠢᠳᠠᠳᠠᠭ᠃ ᠠ᠋ᠶ᠋ᠢᠮᠦ᠎ᠠᠴᠠ ᠪᠢ ᠤᠷᠮᠠᠰᠢᠭᠤᠯᠤᠨ ᠵᠤᠷᠢᠬ᠍ᠵᠢᠭᠤᠯᠬᠤ ᠠᠷᠭ᠎ᠠ᠎ᠪᠠᠷ ᠰᠤᠷᠤᠭᠴᠢ ᠵᠢᠨ ᠵᠶ᠋ᠠᠨ ᠠ᠋ᠳᠦᠷ ᠳᠤᠳᠤᠮ᠎ᠤᠨ ᠠᠮᠢᠳᠤᠷᠠᠯ ᠰᠤᠷᠤᠯᠴᠠᠯᠭ᠎ᠠ ᠵᠢᠨ ᠰᠠᠶ᠋ᠢᠨ ᠰᠠᠶ᠋ᠢᠬᠠᠨ ᠵᠠᠩᠰᠢᠯ ᠳᠠᠳᠬᠠᠯ᠎ᠢ ᠬᠦᠮᠦᠵᠢᠭᠦᠯᠳᠡᠭ᠃ ᠵᠢᠵᠢᠭᠬᠡᠨ ᠵᠢᠱ᠌ᠢᠶ᠎ᠡ᠎ᠪᠠᠷ ᠵᠢᠱ᠌ᠢᠶᠡᠯᠡᠪᠡᠯ᠄ ᠳᠡᠭᠰᠢᠬᠡᠨ ᠰᠠᠭᠤᠵᠦ ᠪᠢᠴᠢᠭ ᠪᠢᠴᠢᠬᠦ᠂ ᠳᠠᠰᠬᠠᠯ ᠳᠠᠭ᠋ᠠᠭ᠋ᠠᠯᠭ᠋ᠠᠪᠦᠷᠢᠪᠠᠨ ᠴᠠᠭ ᠳᠤᠬᠠᠢ᠎ᠳᠤᠨᠢ ᠪᠡᠶᠡᠯᠡᠭᠦᠯᠬᠦ᠂ ᠵᠢᠵᠢᠭᠦᠷ ᠵᠶ᠋ᠠᠨ ᠬᠠᠷᠢᠭᠤᠴᠠᠯᠭ᠎ᠠ᠎ᠲᠠᠢ ᠪᠡᠶᠡᠯᠡᠬᠦᠯᠬᠦ᠂ ᠦᠪᠡᠷ᠎ᠤᠨ ᠠᠵᠢᠯ ᠵᠶ᠋ᠠᠨ ᠦᠪᠡᠷ ᠵᠶ᠋ᠠᠨ ᠬᠢᠬᠦ ᠮᠡᠳᠦ᠎ᠪᠠᠷ ᠳᠡᠳᠡᠨ᠎ᠢ ᠱᠠᠭ᠋ᠠᠷᠳᠠᠨ ᠰᠠᠶ᠋ᠢᠨ ᠰᠠᠶ᠋ᠢᠬᠠᠨ ᠠᠮᠢᠳᠤᠷᠠᠯ ᠰᠤᠷᠤᠯᠴᠠᠯᠭ᠎ᠠ ᠵᠢᠨ ᠳᠠᠳᠬᠠᠯ᠎ᠢ ᠬᠦᠮᠦᠵᠢᠭᠦᠯᠵᠤ᠂ ᠳᠡᠳᠡᠨ᠎ᠤ ᠠ᠋ᠳᠦᠷ ᠪᠦᠷᠢ ᠵᠢᠨ ᠵᠢᠭ᠋ᠠᠬᠠᠨ ᠬᠤᠪᠢᠷᠠᠯᠳᠠ ᠳᠠᠪᠰᠢᠯᠳᠠ᠎ᠪᠠᠷ ᠤᠷᠮᠠᠰᠢᠭᠤᠯᠤᠨ ᠵᠤᠷᠢᠬ᠍ᠵᠢᠭᠤᠯᠵᠦ ᠨᠡᠩ ᠶᠡᠭᠡ ᠠᠬᠢᠯᠳᠠ ᠳᠠᠪᠰᠢᠯᠳᠠ᠎ᠲᠠᠢ ᠪᠤᠯᠭ᠋ᠠᠳᠠᠭ ᠪᠠᠶ᠋ᠢᠨ᠎ᠠ᠃
ᠬᠤᠶᠠᠷ᠂ ᠲᠠᠪᠠᠭᠤᠯᠢᠬ ᠳᠠᠯ᠎ᠠ ᠪᠤᠶᠤ ᠬᠢᠯᠠᠰ ᠴᠡᠭ᠎ᠢ ᠠᠰᠢᠭᠯᠠᠨ ᠳᠠᠭ᠋ᠠᠭᠤᠯᠤᠨ ᠵᠢᠯᠤᠭᠤᠳᠴᠤ ᠰᠤᠷᠤᠭᠴᠢᠳ᠎ᠤᠨ ᠪᠦᠬᠦ ᠳᠠᠯ᠎ᠠ ᠵᠢᠨ ᠬᠦᠭᠵᠢᠯᠳᠡ ᠵᠢ ᠠᠬᠢᠭᠤᠯᠤᠨ᠎ᠠ᠃
《ᠳᠡᠮᠦᠵᠢᠨ ᠰᠡᠯᠡᠮ᠎ᠡ ᠰᠢᠭ ᠢᠷᠲᠡᠢ ᠶᠠᠪᠤᠬᠤ᠎ᠳᠤ᠎ᠪᠠᠨ ᠴᠦ᠍ ᠤᠯᠵᠠᠨᠤ ᠪᠤᠭᠤᠯ᠎ᠤᠨ ᠦᠴᠢᠭ ᠳᠤᠮᠳᠠ᠎ᠠᠴᠠ ᠪᠤᠭᠤᠳᠠᠢ ᠵᠢᠨ ᠴᠢᠨᠡᠭᠡᠨ ᠠᠯᠳᠠᠨ ᠰᠠᠨᠠᠭ᠎ᠠ ᠵᠢ ᠴᠦ᠍ ᠠᠯᠳᠠᠯ ᠦᠭᠡᠢ ᠰᠢᠭᠦᠷᠳᠡᠭ ᠪᠠᠶ᠋ᠢᠭᠰᠠᠨ》 ᠭᠡᠳᠡᠭ ᠵᠶ᠋ᠠᠷ ᠰᠤᠷᠤᠭᠴᠢᠳ᠎ᠤᠨ ᠲᠠᠪᠠᠭᠤᠯᠢᠬ ᠳᠠᠯ᠎ᠠ ᠭᠢᠯᠠᠰ ᠴᠡᠭ᠎ᠢ ᠠᠰᠢᠭᠯᠠᠨ ᠰᠠᠶ᠋ᠢᠨ ᠰᠠᠶ᠋ᠢᠬᠠᠨ ᠠᠮᠢᠳᠤᠷᠠᠯ ᠰᠤᠷᠤᠯᠴᠠᠯᠭ᠎ᠠ ᠵᠢᠨ ᠤᠪᠤᠷ ᠳᠠᠳᠬᠠᠯ᠎ᠢ ᠬᠦᠮᠦᠵᠢᠭᠦᠯᠳᠡᠭ᠃ ᠳᠠᠷᠤᠢ ᠰᠤᠷᠤᠭᠴᠢᠳ᠎ᠤᠨ ᠵᠶ᠋ᠠᠨ ᠠᠪᠢᠶᠠᠰ ᠴᠢᠳᠠᠪᠦᠷᠢ᠂ ᠰᠢᠯᠢᠳᠡᠭ ᠮᠤᠷᠠᠯ ᠳᠠᠳᠬᠠᠯ ᠵᠡᠷᠭᠡ ᠤᠯᠠᠨ᠎ᠠᠴᠠ ᠤᠷᠤᠶ᠋ᠢᠯᠠᠵᠦ ᠪᠠᠶ᠋ᠢᠭ᠎ᠠ ᠤᠨᠴᠠ ᠴᠢᠳᠠᠪᠦᠷᠢ ᠵᠢ ᠠᠰᠢᠭᠯᠠᠨ ᠳᠡᠳᠡᠨ᠎ᠤ ᠠᠨᠠᠢ ᠳᠤᠷᠤᠢ ᠪᠠᠶ᠋ᠢᠭ᠎ᠠ ᠳᠠᠯ᠎ᠠ ᠵᠢ ᠳᠠᠭ᠋ᠠᠭᠤᠯᠤᠨ ᠳᠡᠭᠡᠭᠰᠢᠯᠡᠭᠦᠯᠵᠦ ᠰᠤᠷᠤᠭᠴᠢᠳ᠎ᠤᠨ ᠵᠶ᠋ᠠᠨ ᠪᠦᠬᠦ ᠳᠠᠯ᠎ᠠ ᠵᠢᠨ ᠭᠦᠭᠵᠢᠯᠳᠡ ᠵᠢ ᠠᠬᠢᠭᠤᠯᠵᠤ ᠪᠤᠯᠬᠤ ᠶᠤᠮ᠃
ᠭᠤᠷᠪᠠ᠂ ᠠᠴᠢᠯᠠᠯ ᠵᠢᠷᠤᠮ᠎ᠤᠨ ᠬᠦᠮᠦᠵᠢᠯ᠎ᠢ ᠤᠨᠴᠠᠯᠠᠨ ᠠᠳᠬᠤᠪᠠᠯ ᠵᠤᠬᠢᠨ᠎ᠠ᠃
ᠮᠠᠨᠢ ᠪᠠᠭ᠎ᠠ ᠪᠠᠶ᠋ᠢᠬᠤ᠎ᠳᠤ ᠡᠪᠦᠭᠡ ᠠ᠋ᠮᠡᠭᠡ ᠦᠷᠭᠦᠯᠵᠢᠳᠤᠪᠠᠨ᠄ 《ᠬᠦᠳᠡᠭᠡ ᠬᠡᠭᠡᠷ᠎ᠡ ᠶᠠᠪᠤᠬᠤ᠎ᠳᠤ᠎ᠪᠠᠨ ᠰᠢᠪᠠᠭᠤᠨ᠎ᠤ ᠦᠨᠳᠡᠭᠡ ᠵᠢ ᠬᠠᠭ᠋ᠠᠯᠵᠦ ᠪᠤᠯᠬᠤ ᠦᠭᠡᠢ᠂ ᠦᠨᠳᠡᠭᠡᠨ ᠳᠡᠭᠡᠷ᠎ᠡ᠎ᠨᠢ ᠰᠡᠭᠦᠳᠡᠷ ᠵᠶ᠋ᠠᠨ ᠳᠤᠰᠬᠠᠵᠦ ᠪᠤᠯᠬᠤ ᠦᠭᠡᠢ᠂ ᠠᠮᠢᠳᠠᠨ ᠠᠷᠢᠶᠠᠳᠠᠨᠢ ᠬᠤᠤᠷᠯᠠᠵᠦ ᠪᠤᠯᠬᠤ ᠦᠭᠡᠢ᠂ ᠡᠪᠡᠰᠦ ᠮᠤᠳᠤ ᠵᠢ ᠳᠠᠰᠤᠳᠠᠵᠦ ᠰᠦᠢ᠍ᠳᠬᠡᠵᠦ ᠪᠤᠯᠬᠤ ᠦᠭᠡᠢ》 ᠭᠡᠵᠦ ᠶᠠᠷᠢᠳᠠᠬ᠃ 《ᠠᠭ᠋ᠠᠷ ᠳᠡᠭᠷᠢ ᠪᠣᠯ ᠠᠮᠢᠳᠠᠨ ᠪᠦᠬᠦᠨ᠎ᠤ ᠪᠤᠷᠬᠠᠨ᠂ ᠠᠪᠤ ᠡᠵᠢ ᠪᠣᠯ ᠠᠴᠢᠷ ᠦᠷ᠎ᠡ ᠵᠢᠨ ᠵᠶ᠋ᠠᠨ ᠠᠮᠢᠳᠦ ᠪᠤᠷᠬᠠᠨ》 ᠭᠡᠵᠦ ᠠᠴᠢ ᠰᠢᠮ᠎ᠡ ᠵᠢ᠎ᠨᠢ ᠬᠦᠷᠳᠡᠵᠦ ᠪᠠᠶ᠋ᠢᠭ᠎ᠠ ᠠ᠋ᠬᠡ ᠪᠠᠶ᠋ᠢᠭ᠋ᠠᠯᠢ᠎ᠪᠠᠨ ᠬᠠᠶ᠋ᠢᠷᠠᠯᠠᠵᠦ ᠶᠠᠪᠤᠬᠤ ᠬᠠᠮᠠᠭ᠋ᠠᠯᠠᠵᠦ ᠶᠠᠪᠤᠬᠤ ᠵᠢᠴᠢ ᠳᠦᠷᠦᠵᠦ ᠦᠰᠭᠡᠭᠰᠡᠨ ᠠᠪᠤ ᠡᠵᠢ᠎ᠪᠠᠨ ᠠᠴᠢᠯᠠᠵᠦ ᠶᠠᠪᠤᠬᠤ ᠬᠦᠨᠳᠦᠯᠡᠵᠦ ᠶᠠᠪᠤᠬᠤ᠎ᠨᠢ ᠬᠦᠮᠦᠨ ᠪᠦᠬᠦᠨ᠎ᠤ ᠬᠠᠷᠢᠭᠤᠴᠠᠯᠭ᠎ᠠ ᠮᠦᠨ ᠭᠡᠵᠦ ᠶᠤᠰᠤ ᠬᠠᠳᠠᠭᠤ ᠰᠤᠷᠭ᠋ᠠᠵᠦ ᠪᠠᠶ᠋ᠢᠳᠠᠭ᠃ ᠤᠳᠤ ᠪᠤᠯᠬᠤ᠎ᠳᠤ ᠬᠡᠥᠬᠡᠳ ᠠᠴᠢᠯᠠᠯ ᠠ᠋ᠯᠪᠡᠷᠢᠯ ᠦᠭᠡᠢ ᠪᠤᠯᠵᠦ ᠪᠠᠶ᠋ᠢᠨ᠎ᠠ᠂ ᠡᠴᠢᠬᠡ ᠠ᠋ᠬᠡ᠎ᠪᠠᠨ ᠬᠠᠶ᠋ᠢᠷᠠᠯᠠᠵᠦ ᠰᠠᠨᠠᠭ᠍ᠤ ᠠᠴᠢᠯᠠᠵᠦ ᠠ᠋ᠨᠡᠷᠢᠬᠦ ᠵᠢ ᠮᠡᠳᠡᠬᠦ ᠦᠭᠡᠢ ᠪᠠᠶ᠋ᠢᠨ᠎ᠠ ᠭᠡᠵᠦ ᠭᠦᠮᠦᠰ ᠦᠷᠭᠦᠯᠵᠢᠳᠡ ᠶᠠᠷᠢᠳᠠᠭ᠃ ᠠ᠋ᠨᠡᠬᠦ ᠦᠵᠡᠭᠳᠡᠯ᠎ᠳᠤ ᠭᠠᠭᠴᠠ ᠬᠡᠥᠬᠡᠳ᠎ᠢ ᠪᠤᠷᠤᠭᠤᠳᠬᠠᠭ᠋ᠠᠳ ᠪᠤᠯᠬᠤ ᠪᠢᠰᠢ᠂ ᠬᠠᠷᠢᠨ ᠰᠤᠷᠭ᠋ᠠᠭᠤᠯᠢ᠂ ᠨᠡᠶ᠋ᠢᠭᠡᠮ᠂ ᠭᠡᠷ ᠪᠦᠯᠢ ᠵᠢᠨ ᠰᠤᠷᠭ᠋ᠠᠨ ᠬᠦᠮᠦᠵᠢᠯ᠎ᠳᠤ ᠬᠠᠶ᠋ᠢᠷ᠎ᠠ ᠵᠢᠨ ᠬᠦᠮᠦᠵᠢᠯ᠂ ᠠᠴᠢᠯᠠᠯ ᠠ᠋ᠯᠪᠡᠷᠢᠯᠤᠨ ᠬᠦᠮᠦᠵᠢᠯ ᠳᠤᠳᠠᠭᠳᠠᠵᠦ ᠪᠠᠶ᠋ᠢᠬᠤ᠎ᠠᠴᠠ ᠪᠤᠯᠤᠭᠰᠠᠨ ᠭᠡᠳᠡᠭ᠎ᠢ ᠮᠠᠳᠠᠷᠠᠵᠤ᠂ ᠰᠤᠷᠭ᠋ᠠᠨ ᠭᠦᠮᠦᠵᠢᠭᠦᠯᠭᠦ ᠠᠷᠭ᠎ᠠ ᠤᠬᠠᠭ᠋ᠠᠨ᠎ᠢ ᠠᠨᠭ᠌ᠬᠠᠷᠬᠤ ᠭᠡᠷᠡᠭᠳᠠᠢ ᠪᠤᠯᠪᠠ᠃
ᠠ᠋ᠮᠦᠨ᠎ᠡ ᠬᠡᠳᠦᠨ ᠠ᠋ᠳᠦᠷ ᠮᠠᠨ᠎ᠤ ᠨᠢᠭᠡ ᠪᠠᠭᠰᠢ ᠨᠡᠶ᠋ᠢᠳᠡ ᠵᠢᠨ ᠮᠠᠰᠢᠨ ᠳᠡᠷᠭᠡᠨ ᠳᠡᠭᠡᠷ᠎ᠡ ᠶᠠᠪᠤᠵᠦ ᠪᠠᠶ᠋ᠢᠬᠤ᠎ᠳᠤ ᠨᠢᠭᠡᠨ ᠳᠤᠮᠳᠠᠳᠤ ᠰᠤᠷᠭ᠋ᠠᠭᠤᠯᠢ ᠵᠢᠨ ᠬᠤᠶᠠᠷ ᠬᠡᠥᠬᠡᠨ ᠰᠤᠷᠤᠭᠴᠢ ᠵᠢᠨ ᠵᠤᠭᠤᠭᠢ ᠰᠤᠨᠤᠰᠤᠭ᠋ᠠᠳ᠄ 《ᠪᠤᠷᠬᠠᠨ ᠡ!》 ᠭᠡᠵᠦ ᠵᠠᠯᠪᠠᠷᠢᠵᠦ ᠪᠠᠶ᠋ᠢᠭᠰᠠᠨ᠃ ᠵᠤᠭᠤᠬ᠎ᠤᠨ ᠠᠭᠤᠯᠭ᠎ᠠ᠎ᠨᠢ ᠶᠡᠭᠡ ᠲᠦᠯᠦᠪ ᠠ᠋ᠢ᠍ᠢ᠍ᠮᠦᠷᠭᠦᠦ ᠪᠠᠢ᠍ᠢ᠍ᠪᠠ ᠭᠡᠨ᠎ᠡ᠃ ᠨᠢᠭᠡ ᠬᠡᠥᠬᠡᠨ ᠰᠢᠯᠭ᠋ᠠᠯᠳᠠ᠎ᠳᠤ᠎ᠪᠠᠨ ᠭᠤᠷᠪᠠᠳᠤᠭ᠋ᠠᠷ᠎ᠲᠤ ᠤᠷᠤᠭᠰᠠᠨ᠎ᠳᠤ ᠡᠵᠢ᠎ᠨᠢ ᠶᠠᠭ᠋ᠠᠬᠢᠭ᠋ᠠᠳ ᠨᠢᠭᠡᠳᠦᠭᠡᠷ᠎ᠲᠤ ᠤᠷᠤᠭᠰᠠᠨ ᠦᠭᠡᠢ ᠪᠤᠢ ᠭᠡᠵᠦ ᠰᠢᠭᠦᠮᠵᠢᠯᠡᠪᠡ᠃ 《ᠪᠢ ᠦᠨᠡᠨ᠎ᠳᠤ᠎ᠪᠠᠨ ᠨᠢᠭᠡᠳᠦᠭᠡᠷ᠎ᠲᠤ ᠤᠷᠤᠵᠦ ᠳᠡᠶ᠋ᠢᠯᠦᠨ᠎ᠡ᠃ ᠭᠡᠪᠡᠴᠦ ᠳᠡᠭᠦᠨ᠎ᠲᠠᠢ ᠦᠰᠢᠭᠡᠳ ᠰᠡᠳᠦᠪ ᠵᠶ᠋ᠠᠨ ᠵᠤᠷᠢᠯᠭ᠎ᠠ᠎ᠲᠠᠢ ᠪᠤᠷᠤᠭᠤ ᠬᠢᠭᠰᠡᠨ᠂ ᠦᠷᠭᠦᠯᠵᠢᠳᠤᠪᠠᠨ ᠰᠤᠷᠤᠯᠭ᠎ᠠ ᠰᠤᠷᠤᠯᠭ᠎ᠠ ᠭᠡᠳ ᠦᠭᠡᠷ᠎ᠡ ᠤᠴᠢᠷ ᠦᠭᠡᠢ᠂ ᠪᠢ ᠵᠠᠷᠢᠮ᠎ᠳᠤ᠎ᠪᠠᠨ ᠳᠡᠭᠦᠨ᠎ᠢ ᠠᠩᠭ᠍ᠯᠢ᠎ᠪᠠᠷ ᠬᠠᠷᠢᠶᠠᠳᠠᠭ᠂ ᠳᠡᠷᠡ ᠨᠠᠮ᠎ᠠ ᠵᠢ ᠳᠠᠩ ᠦᠭᠡ᠎ᠪᠠᠨ ᠴᠡᠭᠡᠵᠢᠯᠡᠵᠦ ᠪᠠᠶ᠋ᠢᠨ᠎ᠠ ᠭᠡᠵᠦ ᠪᠤᠳᠤᠳᠠᠬ ᠪᠠᠶ᠋ᠢᠬ᠎ᠠ》 ᠭᠡᠵᠦ ᠨᠦᠭᠦᠭᠡ ᠬᠡᠥᠬᠡᠨᠳᠤᠪᠠᠨ ᠶᠠᠷᠢᠵᠦ ᠪᠠᠶ᠋ᠢᠭᠰᠠᠨ ᠭᠡᠨ᠎ᠡ᠃ ᠤᠷᠢᠳᠦ᠎ᠳᠤ ᠪᠣᠯ ᠠᠪᠤ ᠡᠵᠢ ᠵᠢᠨ ᠦᠭᠡᠳᠡ ᠬᠠᠷᠢᠭᠤ ᠬᠡᠯᠡᠵᠦ ᠪᠤᠯᠳᠠᠭ ᠦᠭᠡᠢ᠂ ᠨᠡᠩ ᠬᠠᠷᠢᠶᠠᠭ᠍ᠤ ᠵᠢ ᠪᠢᠳᠡᠬᠡᠢ ᠬᠡᠯᠡ᠃ ᠭᠡᠳᠡᠯ᠎ᠡ ᠤᠳᠤ ᠵᠢᠨ ᠬᠡᠥᠬᠡᠳ ᠶᠠᠭ᠋ᠠᠬᠢᠭ᠋ᠠᠳ ᠭᠡᠷ᠎ᠲᠤ᠎ᠪᠠᠨ ᠠᠵᠢᠯ ᠬᠦᠳᠡᠯᠮᠦᠷᠢ ᠬᠢᠬᠦ ᠦᠭᠡᠢ᠂ ᠡᠵᠢ ᠠᠪᠤ᠎ᠨᠢ ᠢᠳᠡᠵᠦ ᠤᠤᠭᠤᠬᠤ ᠵᠢ᠎ᠨᠢ ᠠᠮᠠᠨᠳᠤᠨᠢ ᠬᠢᠵᠦ ᠦᠭᠭᠦᠮᠡᠷ ᠠᠰᠠᠷᠠᠵᠦ ᠬᠠᠷᠠᠭ᠋ᠠᠯᠵᠠᠵᠦ ᠪᠠᠶ᠋ᠢᠳᠠᠯ᠎ᠠ ᠪᠠᠰᠠ ᠳᠡᠳᠡᠨ᠎ᠤ ᠰᠠᠨᠠᠭ᠋ᠠᠨ᠎ᠳᠤ ᠳᠠᠭ᠋ᠠᠷᠠᠭ᠍ᠤ ᠦᠭᠡᠢ ᠪᠠᠶ᠋ᠢᠬᠤ ᠪᠤᠢ? ᠠ᠋ᠨᠡ ᠪᠣᠯ ᠳᠠᠷᠤᠢ ᠰᠤᠷᠤᠯᠭ᠎ᠠ ᠵᠢᠨ ᠬᠢᠷᠢ ᠪᠦᠳᠦᠮᠵᠢ ᠵᠢ ᠯᠡ ᠬᠦᠭᠡᠭᠡᠴᠡᠯᠳᠦᠭᠡᠳ ᠬᠦᠮᠦᠨ ᠮᠦᠰᠦ ᠵᠢᠨ ᠰᠤᠷᠭ᠋ᠠᠨ ᠬᠦᠮᠦᠵᠢᠯ᠎ᠢ ᠤᠮᠳᠤᠭ᠋ᠠᠶ᠋ᠢᠯᠠᠵᠦ ᠪᠠᠶ᠋ᠢᠭ᠎ᠠ᠎ᠠᠴᠠ ᠪᠤᠯᠤᠭᠰᠠᠨ ᠶᠤᠮ᠃ ᠠᠪᠤ ᠡᠵᠢ᠎ᠪᠠᠨ ᠪᠠᠰᠠ ᠬᠠᠶ᠋ᠢᠷᠠᠯᠠᠵᠦ ᠬᠦᠨᠳᠦᠯᠡᠬᠦ ᠵᠢ ᠮᠡᠳᠡᠬᠦ ᠦᠭᠡᠢ ᠰᠦᠷᠭᠡᠥ ᠪᠤᠳᠤᠯ ᠰᠡᠳᠬᠢᠬᠦᠢ᠎ᠲᠠᠢ ᠰᠤᠷᠤᠭᠴᠢ ᠬᠡᠴᠢᠨᠡᠨ ᠦᠨᠳᠦᠷ ᠰᠤᠷᠤᠯᠭ᠎ᠠ ᠵᠢᠨ ᠨᠠᠮᠳᠠᠷ᠎ᠲᠠᠢ ᠪᠤᠯᠤᠭᠰᠠᠨ ᠴᠦ᠍ ᠶᠠᠭ᠋ᠠᠬᠢᠬᠤᠪ! ᠬᠡᠥᠬᠡᠳ᠎ᠢ ᠠᠴᠢᠯᠠᠯ ᠠ᠋ᠯᠪᠡᠷᠢᠯᠲᠠᠢ᠂ ᠳᠠᠯᠠᠷᠬᠠᠬᠤ ᠰᠡᠳᠬᠢᠯ᠎ᠲᠠᠢ ᠪᠤᠯᠭ᠋ᠠᠨ ᠬᠦᠮᠦᠵᠢᠬᠦᠯᠬᠦ ᠪᠣᠯ ᠤᠳᠤ ᠵᠢᠨ ᠰᠤᠷᠭ᠋ᠠᠨ ᠬᠦᠮᠦᠵᠢᠯ᠎ᠤᠨ ᠳᠤᠳᠠᠭᠳᠠᠵᠦ ᠪᠤᠯᠤᠰᠢ ᠦᠭᠡᠢ ᠨᠢᠬᠡ ᠠᠭᠤᠯᠭ᠎ᠠ ᠪᠤᠯᠬᠤ ᠲᠤᠯᠠ ᠰᠤᠷᠤᠭᠴᠢᠳ᠎ᠤᠨ ᠬᠠᠷᠠᠭ᠍ᠠᠨ ᠪᠠᠭ᠎ᠠ᠎ᠠᠴᠠ᠎ᠪᠠᠨ ᠠᠪᠤ ᠡᠵᠢ ᠠᠬᠠᠮᠠᠳ ᠨᠠᠰᠤᠳᠠᠨ ᠵᠶ᠋ᠠᠨ ᠬᠠᠶ᠋ᠢᠷᠠᠯᠠᠵᠦ ᠬᠦᠨᠳᠦᠯᠡᠵᠦ ᠶᠠᠪᠤᠬᠤ᠂ ᠪᠤᠰᠤᠳ᠎ᠤᠨ ᠠᠴᠢ ᠠ᠋ᠨᠡᠷᠢᠯᠳᠤ ᠳᠠᠯᠠᠷᠬᠠᠵᠦ ᠶᠠᠪᠤᠬᠤ ᠰᠠᠶ᠋ᠢᠨ ᠰᠠᠶ᠋ᠢᠬᠠᠨ ᠰᠤᠷᠳᠠᠯ ᠮᠤᠷᠠᠯ᠎ᠤᠨ ᠬᠦᠮᠦᠵᠢᠯ᠎ᠢ ᠴᠢᠨᠭ᠌ᠭ᠋ᠠᠳᠬᠠᠪᠠᠯ ᠵᠤᠬᠢᠬᠤ ᠶᠤᠮ᠃ * * *
ᠪᠠᠭ᠎ᠠ ᠨᠠᠰᠤ ᠭᠡᠵᠦ ᠬᠦᠮᠦᠨ᠎ᠤ ᠬᠠᠮᠤᠭ᠎ᠤᠨ ᠵᠤᠯ ᠵᠢᠷᠭ᠋ᠠᠯᠳᠠᠢ ᠴᠠᠭ ᠦᠶ᠎ᠡ ᠪᠤᠯᠬᠤ ᠪᠦᠭᠡᠳ ᠬᠤᠵᠢᠮ᠎ᠤᠨ ᠶᠠᠮᠠᠷ ᠬᠦᠮᠦᠨ ᠪᠤᠯᠵᠦ ᠬᠦᠮᠦᠵᠢᠭᠳᠡᠬᠦ ᠵᠠᠩᠭᠢᠯᠠᠭ᠎ᠠ ᠵᠢᠨ ᠴᠠᠭ ᠬᠤᠭᠤᠴᠠᠭ᠎ᠠ ᠪᠤᠯᠬᠤ ᠶᠤᠮ᠃ ᠬᠡᠥᠬᠡᠳ ᠪᠣᠯ ᠨᠢᠭᠡ ᠬᠠᠭᠤᠳᠠᠰᠤ ᠴᠠᠭ᠋ᠠᠨ ᠴᠠᠭ᠋ᠠᠰᠤ ᠪᠠᠢ᠍ᠢ᠍ᠵᠤ᠂ ᠠ᠋ᠨᠡᠬᠦ ᠴᠠᠭ᠋ᠠᠰᠤᠨ ᠳᠡᠭᠡᠷ᠎ᠡ ᠭᠤᠶᠤ ᠰᠠᠶ᠋ᠢᠬᠠᠨ ᠵᠢᠷᠤᠭ ᠳᠦᠷᠰᠦ ᠵᠢᠷᠤᠵᠦ ᠪᠦᠳᠦᠭᠡᠬᠦ᠎ᠨᠢ ᠡᠵᠢ ᠠᠪᠤ ᠵᠢᠴᠢ ᠰᠤᠷᠭ᠋ᠠᠨ ᠬᠦᠮᠦᠵᠢᠭᠦᠯᠬᠦ ᠠ᠋ᠭᠦᠷᠭᠡ ᠵᠢ ᠠ᠋ᠭᠦᠷᠭᠡᠯᠡᠵᠦ ᠪᠠᠶ᠋ᠢᠭ᠎ᠠ ᠪᠠᠭᠰᠢ ᠨᠠᠷ᠎ᠤᠨ ᠲᠠᠷᠬᠠᠨ ᠬᠠᠷᠢᠭᠤᠴᠠᠯᠭ᠎ᠠ ᠪᠤᠯᠬᠤ ᠶᠤᠮ᠃ ᠬᠠᠢ᠍ᠢ᠍ᠷ᠎ᠠ ᠪᠠᠢ᠍ᠢ᠍ᠪᠠᠯ ᠬᠠᠷᠢᠭᠤᠴᠠᠯᠭ᠎ᠠ ᠪᠠᠢ᠍ᠢ᠍ᠨ᠎ᠠ᠃ ᠬᠠᠷᠢᠭᠤᠴᠠᠯᠭ᠎ᠠ ᠪᠣᠯ ᠨᠢᠭᠡ ᠵᠦᠢ᠍ᠯ᠎ᠤᠨ ᠵᠠᠷᠯᠢᠭ ᠵᠠᠬᠢᠶ᠎ᠠ᠂ ᠢᠷᠠᠭᠤ ᠠᠯᠳᠠᠷ᠂ ᠨᠡᠩ ᠴᠦ᠍ ᠬᠦᠮᠦᠨ ᠮᠦᠰᠦ ᠵᠢᠨ ᠢᠯᠡᠷᠡᠯ ᠮᠦᠨ᠃ ᠠ᠋ᠶ᠋ᠢᠮᠦ᠎ᠠᠴᠠ ᠠᠩᠬᠢ ᠵᠢᠨ ᠠ᠋ᠷᠬᠢᠯᠡᠭᠴᠢ ᠪᠤᠯᠤᠭᠰᠠᠳ ᠰᠤᠷᠤᠭᠴᠢᠳ ᠵᠶ᠋ᠠᠨ ᠬᠠᠶ᠋ᠢᠷ᠎ᠠ᠎ᠪᠠᠷ ᠤᠶᠠᠰᠬᠠᠵᠦ ᠬᠠᠷᠢᠭᠤᠴᠠᠯᠭ᠎ᠠ᠎ᠪᠠᠷ ᠵᠶ᠋ᠠᠨ ᠨᠦᠯᠦᠭᠡᠯᠡᠨ᠂ ᠦᠪᠡᠷ᠎ᠤᠨ ᠪᠡᠶ᠎ᠡ᠎ᠪᠠᠷ ᠵᠶ᠋ᠠᠨ ᠬᠡᠪ ᠳᠠᠭᠤᠷᠢᠶᠠᠯ ᠪᠤᠯᠤᠨ ᠳᠠᠭ᠋ᠠᠭᠤᠯᠤᠨ ᠬᠦᠮᠦᠵᠢᠭᠦᠯᠬᠦ ᠵᠢ ᠠᠩᠬᠠᠷᠪᠠᠯ ᠵᠤᠬᠢᠨ᠎ᠠ᠃ 《ᠵᠢᠷ᠎ᠤᠨ ᠪᠠᠭᠰᠢ ᠵᠦᠪᠬᠡᠨ ᠶᠠᠷᠢᠳᠠᠭ᠂ ᠰᠠᠶ᠋ᠢᠨ ᠪᠠᠭᠰᠢ ᠪᠣᠯ ᠭᠠᠭᠴᠠ ᠯᠠ ᠳᠠᠶ᠋ᠢᠯᠪᠦᠷᠢᠯᠠᠳᠠᠭ᠂ ᠮᠤᠨᠳᠠᠭ ᠪᠠᠭᠰᠢ ᠪᠣᠯ ᠦᠯᠢᠭᠡᠷ ᠳᠠᠭᠤᠷᠢᠶᠠᠯ ᠦᠵᠡᠭᠦᠯᠳᠡᠭ᠂ ᠠᠭᠤᠤ ᠪᠠᠭᠰᠢ ᠪᠣᠯ ᠰᠤᠷᠤᠭᠴᠢᠳ᠎ᠤᠨ ᠵᠶ᠋ᠠᠨ ᠴᠡᠭᠡᠵᠢᠨ᠎ᠳᠤ ᠭᠠᠯ ᠠᠰᠠᠭ᠋ᠠᠳᠠᠭ》 ᠭᠡᠳᠡᠭ ᠵᠶ᠋ᠠᠷ ᠰᠤᠷᠤᠭᠴᠢᠳ᠎ᠤᠨ ᠬᠦᠨᠳᠦᠳᠬᠡᠯ ᠪᠢᠰᠢᠷᠠᠯᠢ ᠤᠯᠵᠦ᠂ ᠪᠡᠶ᠎ᠡ᠎ᠪᠠᠷ ᠵᠶ᠋ᠠᠨ ᠬᠡᠪ ᠳᠦᠷᠢᠮ ᠪᠤᠯᠤᠨ᠂ ᠵᠢᠭ᠋ᠠᠨ ᠰᠤᠷᠭ᠋ᠠᠬᠤ ᠭᠡᠪ ᠪᠤᠯᠪᠠᠰᠤᠷᠠᠯ᠎ᠢ ᠴᠠᠭ ᠢᠮᠠᠭᠳᠠ ᠲᠡᠭᠡᠭᠰᠢᠯᠠᠭᠦᠯᠵᠤ᠂ ᠠᠨᠭ᠌ᠬᠢ ᠵᠢᠨ ᠠᠵᠢᠯ᠎ᠤᠨ ᠴᠢᠨᠠᠷ ᠴᠢᠨᠰᠠᠭ᠎ᠠ ᠵᠢ ᠪᠤᠳᠠᠳᠠᠢ ᠰᠠᠢ᠍ᠢ᠍ᠵᠢᠷᠠᠭᠤᠯᠬᠤ᠎ᠪᠠᠷ ᠰᠤᠳᠤᠯᠤᠨ ᠴᠢᠷᠮᠠᠢ᠍ᠢ᠍ᠬᠤ ᠪᠤᠯ ᠠᠨᠭ᠌ᠬᠢ ᠵᠢᠨ ᠠ᠋ᠷᠬᠢᠯᠡᠭᠴᠢ ᠪᠠᠭᠰᠢ ᠨᠠᠷ᠎ᠤᠨ ᠭᠦᠢ᠍ᠴᠡᠳᠭᠡᠪᠡᠰᠤ ᠵᠤᠬᠢᠬᠤ ᠦᠨᠳᠤᠰᠤᠨ ᠠ᠋ᠭᠦᠷᠭᠡ ᠪᠤᠯᠬᠤ ᠶᠤᠮ᠃
ᠬᠠᠶᠢᠬ᠄ ᠪᠤᠷᠤᠬᠤᠳᠠ ᠮᠤᠩᠭᠤᠯ ᠪᠠᠭ᠎ᠠ ᠰᠤᠷᠭ᠋ᠠᠭᠤᠯᠢ
(ᠰᠦᠶ᠎ᠠ ᠨᠠᠢ᠍ᠢ᠍ᠷᠠᠭᠤᠯᠪᠠ)
2020 ᠤᠨ᠎ᠤ 2 ᠳ᠋ᠤᠭ᠋ᠠᠷ ᠬᠤᠭᠤᠴᠠᠭ᠎ᠠ