ᠮᠦᠩᠬᠡᠪᠠᠳᠤ
ᠠᠩᠬᠢ ᠵᠢᠨ ᠠ᠋ᠷᠬᠢᠯᠡᠭᠴᠢ ᠪᠤᠯ ᠠᠩᠬᠢ ᠨᠢᠭᠡᠴᠡ ᠵᠢᠨ ᠵᠤᠬᠢᠶᠠᠨ ᠪᠠᠶ᠋ᠢᠭᠤᠯᠣᠭᠴᠢ ᠮᠦᠷᠳᠡᠭᠡᠨ ᠰᠣᠷᠭ᠋ᠠᠭᠤᠯᠢ ᠵᠢᠨ ᠵᠢᠭ᠋ᠠᠨ ᠵᠢᠯᠣᠭᠤᠳᠬᠤ ᠠᠵᠢᠯ᠎ᠤᠨ ᠴᠢᠬᠤᠯᠠ ᠬᠠᠪᠰᠣᠷᠣᠭᠴᠢ ᠪᠤᠯᠤᠨ᠎ᠠ᠃ ᠰᠢᠯᠢᠳᠡᠭ ᠰᠠᠶ᠋ᠢᠨ ᠠᠩᠬᠢ ᠵᠢᠨ ᠠ᠋ᠷᠬᠢᠯᠡᠭᠴᠢ ᠵᠢᠨ ᠠ᠋ᠩᠨᠡᠭᠡ᠎ᠨᠢ ᠰᠣᠷᠭ᠋ᠠᠭᠤᠯᠢ ᠵᠢᠨ ᠡᠯ᠎ᠡ ᠲᠠᠯ᠎ᠠ ᠵᠢᠨ ᠠᠵᠢᠯ᠎ᠳᠤ ᠲᠦᠯᠬᠢᠴᠡ ᠦᠢ᠍ᠯᠡᠳᠣᠯ ᠦᠵᠡᠬᠦᠯᠳᠡᠭ᠃ ᠠᠩᠭᠢ ᠵᠢᠨ ᠠ᠋ᠷᠬᠢᠯᠡᠭᠴᠢ ᠵᠢᠨ ᠠᠵᠢᠯ᠎ᠨᠢ ᠰᠣᠷᠤᠭᠴᠢᠳ᠎ᠤᠨ ᠪᠡᠶ᠎ᠡ ᠰᠡᠳᠬᠢᠴᠡ ᠵᠢᠨ ᠠ᠋ᠷᠡᠭᠦᠯ ᠮᠠᠨᠳᠤ᠎ᠳᠤ ᠴᠢᠬᠤᠯᠠ ᠶᠡᠭᠡ ᠨᠦᠯᠦᠭᠡ᠎ᠲᠠᠢ ᠪᠠᠶ᠋ᠢᠵᠤ᠂ ᠠ᠋ᠭᠦᠨ᠎ᠤ ᠤᠯᠠᠮ᠎ᠠᠴᠠ ᠰᠢᠯᠢᠳᠡᠭ ᠰᠠᠶ᠋ᠢᠬᠠᠨ ᠶᠤᠰᠤ ᠮᠤᠷᠠᠯ᠎ᠲᠠᠢ᠂ ᠮᠡᠳᠡᠯᠭᠡ ᠴᠢᠳᠠᠪᠤᠷᠢ ᠬᠤᠤᠰᠯᠠᠭᠰᠠᠨ᠂ ᠪᠡᠶ᠎ᠡ ᠰᠡᠳᠬᠢᠴᠡ ᠠ᠋ᠷᠡᠬᠦᠯ ᠰᠢᠨ᠎ᠡ ᠴᠠᠭ᠎ᠤᠨ ᠵᠠᠯᠠᠭᠤᠴᠣᠳᠢ ᠬᠦᠮᠦᠵᠢᠭᠦᠯᠬᠦ ᠪᠤᠯᠤᠨ᠎ᠠ᠃
ᠠ᠋ᠷᠳᠡᠨ᠎ᠤ ᠰᠣᠷᠭ᠋ᠠᠨ ᠬᠦᠮᠦᠵᠢᠯ᠎ᠤᠨ ᠬᠦᠨ ᠣᠬᠠᠭ᠋ᠠᠨᠳᠠᠨ ᠰᠢᠶᠦ᠋ᠨ ᠺᠣᠸᠠᠩ᠄ 《ᠣᠯᠣᠰ ᠬᠦᠴᠦᠷᠭᠡᠭᠵᠢᠶᠡ ᠭᠡᠪᠡᠯ ᠪᠠᠭᠰᠢ ᠵᠢ ᠬᠦᠨᠳᠦᠯᠡᠬᠦ ᠬᠡᠷᠡᠭᠳᠠᠢ》 ᠭᠡᠰᠡᠨ ᠪᠠ ᠣᠷᠣᠰ᠎ᠤᠨ ᠰᠤᠷᠭ᠋ᠠᠨ ᠬᠦᠮᠦᠵᠢᠯ᠎ᠤᠨ ᠤᠬᠠᠭ᠋ᠠᠨᠳᠠᠨ ᠪᠸᠯᠢᠨ᠋ᠰᠺᠢ 《ᠵᠠᠯᠠᠭᠤᠴᠣᠳ᠎ᠲᠤ ᠦᠭᠬᠦᠭᠰᠡᠨ ᠪᠠᠯᠡᠭ》 ᠬᠡᠬᠦ ᠨᠣᠮ᠎ᠳᠤ᠎ᠪᠠᠨ᠄ 《ᠰᠣᠷᠭ᠋ᠠᠨ ᠭᠦᠮᠦᠵᠢᠭᠦᠯᠦᠭᠴᠢᠳ ᠬᠡᠴᠢᠨᠠᠨ ᠠᠭᠤᠣ ᠶᠡᠭᠡ᠂ ᠬᠡᠴᠢᠨᠠᠨ ᠴᠢᠬᠤᠯᠠ ᠪᠣᠢ᠃ ᠣᠴᠢᠷ᠎ᠨᠢ ᠨᠢᠬᠡ ᠬᠦᠮᠦᠨ᠎ᠤ ᠠᠮᠢᠳᠣᠷᠠᠯ᠎ᠤᠨ ᠵᠣᠯ ᠵᠢᠷᠭ᠋ᠠᠯ ᠲᠠᠳᠠᠨ᠎ᠤ ᠭᠠᠷ᠎ᠲᠤ ᠪᠣᠢ》 ᠬᠡᠵᠣ ᠪᠢᠴᠢᠭᠰᠡᠨ ᠪᠠᠢ᠍ᠢ᠍ᠳᠠᠬ᠃ ᠡ᠊ᠨᠳᠡ ᠪᠢ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠬᠢᠵᠤ ᠶᠠᠪᠤᠭᠰᠠᠨ ᠦᠨᠭᠭᠡᠷᠡᠯᠳᠠᠪᠠᠨ ᠲᠠ ᠨᠠᠷ᠎ᠲᠠᠢ᠎ᠪᠠᠨ ᠬᠤᠪᠢᠶᠠᠯᠴᠠᠶ᠎ᠠ᠃
ᠨᠢᠭᠡ᠂ ᠰᠤᠷᠤᠭᠴᠢᠳ᠎ᠢ ᠠᠶᠤᠯᠭ᠋ᠠᠵᠦ ᠶᠠᠪᠤᠪᠠᠯ ᠠᠩᠬᠢ ᠵᠢᠨ ᠬᠠᠮᠢᠶᠠᠷᠤᠯᠳᠠ᠎ᠳᠤ ᠠᠰᠢᠭᠳᠠᠢ ᠭᠡᠵᠦ ᠠᠨᠳᠠᠭᠤᠷᠠᠵᠦ ᠪᠠᠶ᠋ᠢᠭᠰᠠᠨ ᠦᠶ᠎ᠡ
2008 ᠣᠨ᠎ᠳᠤ ᠠᠩᠬ᠎ᠠ ᠪᠠᠭᠰᠢ ᠵᠢᠨ ᠠᠵᠢᠯ᠎ᠤᠨ ᠭᠠᠷᠤᠭ᠎ᠠ᠎ᠪᠠᠨ ᠠᠪᠤᠮᠠᠭᠴᠠ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠭᠠᠷᠳᠠᠭᠰᠠᠨ ᠶᠤᠮ᠃ ᠠᠵᠢᠯ᠎ᠤᠨ ᠲᠤᠷᠰᠢᠯᠭ᠎ᠠ ᠭᠡᠵᠦ ᠶᠠᠭᠤ ᠴᠤ᠌ ᠦᠭᠡᠢ ᠲᠤᠯᠠ ᠣᠨᠤᠯ ᠣᠶ᠋ᠢᠯᠠᠭ᠋ᠠᠯᠳᠠᠳᠤᠪᠠᠨ ᠲᠦᠰᠢᠭᠯᠡᠨ ᠠᠵᠢᠯᠯᠠᠭ᠍ᠤ ᠵᠢᠨ ᠲᠠᠭ᠋ᠠᠤ ᠪᠤᠰᠤᠳ ᠠᠩᠭᠢ ᠵᠢᠨ ᠠ᠋ᠷᠬᠢᠯᠡᠭᠴᠢ᠎ᠠᠴᠠ ᠠᠰᠠᠭᠤᠨ ᠯᠠᠪᠯᠠᠭᠰᠠᠨᠤ ᠳ᠋ᠦᠩ᠎ᠳᠤ 《ᠰᠤᠷᠤᠭᠴᠢᠳ᠎ᠢ ᠤᠷᠢᠳᠠᠪᠠᠷ ᠠᠶᠤᠯᠭ᠋ᠠᠵᠤ ᠠᠪᠬᠤ ᠬᠡᠷᠡᠭᠳᠡᠢ》 ᠭᠡᠪᠡ᠃ ᠪᠡᠶ᠎ᠡ ᠭᠠᠯᠪᠢᠷ ᠲᠤᠮᠤ᠂ ᠠᠭ᠋ᠠᠰᠢ ᠵᠠᠩ ᠲᠤᠭᠰᠢᠨ ᠰᠢᠬᠢ᠎ᠨᠢ ᠰᠤᠩᠭᠤᠵᠤ ᠪᠠᠶ᠋ᠢᠭ᠋ᠠᠳ ᠲᠦᠷ ᠴᠠᠭ᠎ᠤᠨ ᠠᠩᠭᠢ ᠵᠢᠨ ᠲᠠᠷᠤᠭ᠎ᠠ ᠪᠤᠯᠭ᠋ᠠᠯ᠎ᠠ᠃ ᠢᠩᠬᠢᠭᠡᠳ ᠠᠯᠪᠠᠨ ᠭᠡᠷ᠎ᠤᠨ ᠪᠠᠭᠰᠢ᠎ᠲᠠᠢ ᠬᠠᠮᠳᠤᠷᠠᠵᠦ ᠪᠠᠶ᠋ᠢᠭ᠋ᠠᠳ ᠠᠩᠭᠢ ᠵᠢᠨ ᠲᠠᠷᠤᠭ᠎ᠠ᠎ᠪᠠᠨ 《ᠠᠶᠤᠯᠭ᠋ᠠᠵᠦ》 ᠠᠪᠤᠯ᠎ᠠ (ᠲᠡᠷᠡ ᠪᠠᠭᠰᠢ ᠪᠠᠰᠠ ᠠᠵᠢᠯ᠎ᠤᠨ ᠪᠠᠶ᠋ᠢᠷᠢᠨ᠎ᠳᠤ ᠰᠢᠨ᠎ᠡ ᠭᠠᠷᠤᠭᠰᠠᠨ ᠪᠠᠭᠰᠢ)᠃ ᠵᠠᠯᠭ᠋ᠠᠭ᠋ᠠᠳ ᠠᠩᠭᠢ ᠵᠢᠨ ᠰᠤᠷᠤᠭᠴᠢ᠎ᠪᠠᠨ ᠠᠩᠭᠢ ᠵᠢᠨ ᠲᠠᠷᠤᠭᠠᠲᠠᠢᠪᠠᠨ ᠬᠠᠮᠵᠢᠯᠴᠠᠵᠦ ᠪᠠᠶ᠋ᠢᠭ᠋ᠠᠳ 《ᠠᠶᠤᠯᠭ᠋ᠠᠨᠠ》᠃ ᠣᠯᠠᠩᠬᠢ ᠤᠴᠢᠷ᠎ᠢ ᠠᠭᠤᠷᠯᠠᠵᠦ ᠤᠴᠠᠭ᠋ᠠᠷᠯᠠᠵᠦ ᠪᠠᠶ᠋ᠢᠭ᠋ᠠᠳ ᠰᠢᠢ᠍ᠳᠪᠦᠷᠢᠯᠡᠨ᠎ᠠ᠃ ᠰᠤᠷᠤᠭᠴᠢ ᠨᠢᠭᠡ ᠬᠢᠴᠢᠶᠡᠯ ᠰᠠᠭ᠋ᠠᠳᠠᠪᠠᠯ ᠬᠠᠭ᠋ᠠᠰ ᠴᠠᠭ᠂ ᠴᠠᠭ᠋ᠠᠰᠢᠯᠠᠪᠠᠯ ᠨᠢᠭᠡ ᠴᠠᠭ ᠵᠶ᠋ᠠᠷ ᠠᠭᠤᠷᠯᠠᠵᠦ ᠳᠣᠩᠭᠤᠳᠤᠨ ᠰᠤᠷᠭ᠋ᠠᠨ᠎ᠠ᠃ ᠲᠤᠬᠠᠢ ᠵᠢᠨ ᠦᠶ᠎ᠡ᠎ᠳᠤ ᠦᠨᠡᠨ ᠰᠡᠳᠬᠢᠯ᠎ᠠᠴᠠ᠎ᠪᠠᠨ ᠠᠭᠤᠷᠯᠠᠳᠠᠭ ᠪᠠᠶ᠋ᠢᠭᠰᠠᠨ᠎ᠠᠴᠠ ᠬᠤᠳᠤᠭᠤᠳᠤ ᠭᠡᠳᠡᠰᠤ ᠴᠤ᠌ ᠡᠪᠡᠳᠳᠡᠭ ᠪᠠᠶ᠋ᠢᠭᠰᠠᠨ᠃ 《ᠠᠭᠤᠷ ᠪᠠᠶ᠎ᠡ ᠵᠢ ᠵᠤᠪᠠᠭ᠋ᠠᠨᠠ᠂ ᠠᠭᠤᠯᠠ ᠮᠣᠷᠢ ᠵᠢ ᠵᠤᠪᠠᠭ᠋ᠠᠨᠠ》 ᠭᠡᠳᠡᠭ ᠠ᠋ᠨᠡ ᠪᠠᠢ᠍ᠢ᠍ᠬᠠ᠃
ᠢᠩᠬᠢᠵᠦ ᠪᠡᠶ᠎ᠡ ᠰᠡᠳᠬᠢᠯ ᠵᠶ᠋ᠠᠨ ᠵᠤᠪᠠᠭ᠋ᠠᠵᠦ ᠠᠭᠤᠷᠯᠠᠭᠰᠠᠨ ᠴᠣ᠌ ᠲᠠᠮᠡᠢ ᠲᠣᠰᠠ ᠭᠠᠷᠤᠭᠰᠠᠨ ᠦᠭᠡᠢ ᠵᠢ ᠤᠳᠠᠯ ᠦᠭᠡᠢ ᠰᠡᠷᠡᠵᠦ ᠣᠯᠤᠭᠰᠠᠨ ᠶᠤᠮ᠃ ᠶᠠᠮᠠᠷ ᠨᠢᠭᠡᠨ ᠰᠤᠷᠤᠭᠴᠢ ᠨᠠᠳᠠ᠎ᠳᠤ ᠠᠭᠤᠷᠯᠠᠭᠳᠠᠭ᠋ᠠᠳ ᠭᠠᠷᠪᠠᠯ ᠠᠩᠭᠢ ᠵᠢᠨ ᠭᠡᠷ᠎ᠤᠨ ᠠ᠋ᠳ᠋ᠯᠡᠯ ᠭᠡᠷᠡᠭᠰᠡᠯ ᠡᠪᠳᠠᠯᠭᠡᠳᠤ ᠤᠴᠠᠷᠠᠳᠠᠬ᠃ 《ᠪᠠᠷᠰ᠎ᠤᠨ ᠠᠭᠤᠷ᠎ᠢ ᠪᠠᠮᠪᠠᠷᠲᠤ ᠭᠠᠷᠭ᠋ᠠᠵᠦ》 ᠪᠠᠶ᠋ᠢᠬᠤ ᠰᠢᠬ ᠪᠤᠯᠤᠯ᠎ᠠ᠃ ᠰᠤᠷᠤᠭᠴᠢᠳ᠎ᠢ ᠴᠤᠭᠯᠠᠭᠤᠯᠵᠦ᠂ ᠠᠩᠭᠢ ᠵᠢᠨ ᠬᠤᠷᠠᠯ ᠬᠢᠵᠦ᠂ ᠠᠭᠤᠷᠯᠠᠵᠦ᠂ ᠬᠡᠨ ᠦᠢ᠍ᠯᠡᠳᠦᠭᠰᠡᠨᠢ ᠠᠰᠠᠭᠤᠬᠤ᠎ᠳᠤ ᠮᠡᠳᠡᠬᠦ ᠬᠦᠮᠦᠨ ᠭᠡᠵᠦ ᠦᠭᠡᠢ᠃ ᠠᠷᠭ᠎ᠠ ᠠᠯᠳᠠᠷᠠᠭ᠋ᠠᠳ ᠰᠠᠨᠠᠯ ᠪᠢᠴᠢᠭᠦᠯᠦᠭᠡᠳ ᠬᠤᠷᠢᠶᠠᠭᠰᠠᠨ ᠴᠢᠨᠢ ᠣᠯᠠᠩᠬᠢ ᠲᠣᠭ᠋ᠠᠨ᠎ᠤ ᠰᠤᠷᠤᠭᠴᠢ 《ᠪᠠᠭᠰᠢ ᠲᠠ ᠰᠤᠷᠤᠭᠴᠢ ᠵᠢ ᠲᠤᠲᠠᠭᠤ ᠠᠭᠤᠷᠯᠠ》 ᠭᠡᠵᠦ ᠪᠢᠴᠢᠵᠦ ᠪᠠᠶ᠋ᠢᠭᠰᠠᠨ ᠪᠦᠭᠡᠳ ᠬᠡᠰᠡᠭ ᠲᠤᠭ᠋ᠠᠨ᠎ᠤ ᠰᠤᠷᠤᠭᠴᠢ ᠪᠠᠰᠠ 《ᠪᠣᠰᠤᠳ ᠬᠢᠴᠢᠶᠡᠯ᠎ᠤᠨ ᠪᠠᠭᠰᠢ ᠵᠢᠨ ᠬᠢᠴᠢᠶᠡᠯ ᠲᠡᠭᠡᠷ᠎ᠡ ᠰᠤᠷᠤᠭᠴᠢ ᠵᠢ ᠲᠤᠷ᠎ᠠ᠎ᠪᠠᠷ ᠲᠠᠭᠤᠳᠠᠵᠦ ᠲᠡᠷᠡ ᠪᠠᠭᠰᠢ ᠵᠢᠨ ᠲᠤᠷ᠎ᠠ ᠦᠭᠡᠶ᠋ᠢᠴᠡᠯᠢ ᠬᠦᠷᠭᠡᠵᠦ ᠬᠡᠪ᠎ᠤᠨ ᠬᠢᠴᠢᠶᠡᠯᠯᠡᠭᠡ ᠵᠢ ᠨᠦᠯᠦᠭᠡᠯᠡᠵᠦ ᠪᠠᠶ᠋ᠢᠨ᠎ᠠ》 ᠭᠡᠯᠡ᠃ ᠠ᠋ᠳᠡᠭᠡᠷ᠎ᠢ ᠦᠵᠡᠭᠡᠳ ᠠᠭᠤᠷᠯᠠᠭ᠋ᠠᠳ ᠰᠤᠷᠴᠢᠬᠠᠭᠰᠠᠨ ᠬᠦᠮᠦᠨ ᠴᠢᠨᠢ ᠴᠤᠬᠤᠮ ᠲᠡᠯᠪᠡᠷᠡᠳᠡᠯᠡ ᠠᠭᠤᠷᠯᠠᠭᠰᠠᠨ ᠪᠤᠯᠪᠠᠴᠤ ᠰᠤᠷᠤᠭᠴᠢ᠎ᠳᠤ ᠮᠡᠳᠡᠭᠳᠡᠭᠰᠡᠨ ᠦᠭᠡᠢ᠂ ᠦᠪᠠᠷ᠎ᠤᠨ ᠠᠵᠢᠯ᠎ᠳᠤ᠎ᠪᠠᠨ ᠲᠤᠨᠭ᠌ᠭ᠋ᠠᠯᠳᠠ ᠬᠢᠵᠦ ᠠ᠋ᠬᠢᠯᠡᠭᠰᠡᠨ ᠶᠤᠮ᠃
ᠬᠤᠶᠠᠷ᠂ ᠠᠨᠳᠠᠭᠤᠷᠠᠯ ᠵᠶ᠋ᠠᠨ ᠬᠠᠯᠠᠵᠦ ᠤᠷᠤᠭᠰᠢᠳᠠᠢ ᠵᠠᠮ᠎ᠳᠤ ᠤᠷᠤᠭᠰᠠᠨ᠎ᠨᠢ
ᠠᠩᠭᠢ ᠵᠢᠨ ᠠᠵᠢᠯ᠎ᠤᠨ ᠲᠤᠬᠠᠢ ᠨᠤᠮ ᠲᠠᠪᠳᠡᠷ ᠦᠵᠡᠯ᠎ᠡ᠃ ᠯᠢᠶᠣᠤᠨᠢᠩ ᠮᠤᠵᠢ ᠵᠢᠨ ᠰᠤᠷᠭ᠋ᠠᠨ ᠬᠦᠮᠦᠵᠢᠯᠳᠡᠨ ᠸᠸᠢ ᠱᠤ᠌ ᠱᠸᠩ ᠪᠠᠭᠰᠢ ᠵᠢᠨ ᠨᠤᠮ᠎ᠳᠤ 《ᠠᠷᠠᠳᠴᠢᠯᠠᠯ》᠎ᠢ ᠭᠤᠤᠯᠳᠠᠭᠤᠯᠵᠦ᠂ ᠰᠸᠴᠦᠸᠠᠨ ᠮᠤᠵᠢ ᠵᠢᠨ ᠰᠤᠷᠭ᠋ᠠᠨ ᠬᠦᠮᠦᠵᠢᠯᠳᠡᠨ ᠯᠢ ᠵᠸᠨ ᠰᠢ ᠪᠠᠭᠰᠢ ᠵᠢᠨ ᠨᠤᠮ᠎ᠳᠤ ᠭᠤᠤᠯᠳᠠᠭᠤ 《ᠬᠠᠶ᠋ᠢᠷ᠎ᠠ ᠵᠢᠨ ᠰᠠᠳᠬᠢᠯ》᠂ 《ᠦᠵᠡᠯ ᠰᠠᠨᠠᠭ᠎ᠠ》 ᠵᠢ ᠠ᠋ᠷᠬᠢᠮᠯᠡᠨ ᠶᠠᠷᠢᠭᠰᠠᠨ᠎ᠢ ᠦᠵᠡᠭᠡᠳ ᠦᠪᠡᠷ᠎ᠢ᠎ᠪᠠᠨ ᠦᠭᠡᠷᠡᠴᠢᠯᠡᠬᠦ᠎ᠪᠠᠷ ᠠ᠋ᠷᠡᠰ ᠰᠢᠢ᠍ᠳᠤᠯᠠ᠃ ᠲᠡᠭᠡᠭᠡᠳ ᠲᠤᠷᠰᠢᠯᠭ᠎ᠠ᠎ᠲᠠᠢ ᠠᠬᠠᠮᠠᠳ ᠪᠠᠭᠰᠢ ᠵᠢ ᠰᠣᠷᠪᠤᠯᠵᠢᠯᠠᠵᠦ ᠲᠤᠤᠷᠠᠬᠢ ᠮᠡᠳᠤ ᠦᠭᠡᠷᠡᠴᠢᠯᠡᠯᠳᠡ ᠭᠠᠷᠭ᠋ᠠᠯ᠎ᠠ᠃
1. ᠰᠣᠷᠤᠭᠴᠢ ᠵᠢ ᠬᠡᠳᠤ ᠠᠭᠤᠷᠯᠠᠵᠦ ᠪᠤᠯᠬᠤ ᠦᠭᠡᠢ᠂ ᠦᠪᠡᠷ᠎ᠢ᠎ᠪᠠᠨ ᠬᠦᠨᠳᠦᠳᠬᠡᠬᠦ ᠰᠡᠳᠬᠢᠯᠭᠡ ᠵᠢ᠎ᠨᠢ ᠬᠦᠨᠳᠦᠳᠬᠡᠵᠦ᠂ ᠪᠤᠳᠤᠯ ᠰᠡᠳᠬᠢᠯ᠎ᠢ᠎ᠨᠢ ᠣᠶ᠋ᠢᠯᠠᠭ᠋ᠠᠵᠦ᠂ ᠤᠨᠴᠠᠯᠢᠭ᠎ᠲᠤ᠎ᠨᠢ ᠲᠤᠬᠢᠷᠠᠭᠤᠯᠤᠨ ᠬᠦᠮᠦᠵᠢᠭᠦᠯᠬᠦ ᠬᠡᠷᠡᠭᠳᠡᠢ ᠭᠡᠰᠡᠨ᠎ᠢ ᠤᠬᠠᠭ᠋ᠠᠷᠠᠯᠠ᠃
ᠰᠤᠷᠤᠭᠴᠢ ᠵᠢᠨ ᠰᠡᠳᠬᠢᠯ ᠰᠠᠨᠠᠭ᠎ᠠ ᠵᠢ ᠤᠶ᠋ᠢᠯᠠᠭ᠋ᠠᠨ ᠮᠡᠳᠡᠬᠦ ᠵᠢᠨ ᠲᠦᠯᠦᠭᠡ ᠲᠡᠳᠡᠨ᠎ᠤ ᠪᠠᠶ᠋ᠢᠷᠢ᠎ᠪᠠᠷ ᠤᠨᠳᠠᠯᠭ᠎ᠠ ᠪᠠᠶ᠋ᠢᠴᠠᠭ᠋ᠠᠵᠦ ᠲᠤᠭᠤᠷᠢᠬᠤ᠎ᠳᠤ᠎ᠪᠠᠨ ᠦᠯᠢᠭᠡᠷ ᠬᠡᠯᠡᠵᠦ᠂ ᠪᠠᠰᠠ ᠢᠨᠢᠶᠡᠳᠤᠮ ᠱᠤᠭ ᠴᠤ᠌ ᠭᠠᠷᠭ᠋ᠠᠳᠠᠭ ᠪᠤᠯᠵᠦ᠂ ᠲᠡᠳᠡᠨ᠎ᠲᠠᠢ ᠤᠶ᠋ᠢᠷᠠᠳᠴᠤ ᠵᠤᠭᠤᠭ ᠲᠡᠯᠭᠡᠳᠡᠭ ᠪᠤᠯᠤᠭᠰᠠᠨ᠃ ᠲᠠᠪᠳᠠᠯᠭ᠎ᠠ ᠵᠢᠨ ᠴᠠᠭ ᠪᠤᠶᠤ ᠰᠤᠯᠠ ᠰᠡᠯᠡᠬᠦᠦ ᠴᠠᠭ᠎ᠢ ᠠᠰᠢᠭᠯᠠᠨ ᠰᠤᠷᠤᠭᠴᠢᠳ᠎ᠲᠠᠢ ᠶᠠᠷᠢᠯᠴᠠᠵᠦ ᠪᠤᠳᠤᠯ ᠰᠠᠨᠠᠯ ᠵᠶ᠋ᠠᠨ ᠰᠣᠯᠢᠯᠴᠠᠨ᠎ᠠ᠂ ᠴᠢᠷᠮᠠᠶ᠋ᠢᠬᠤ ᠵᠤᠷᠢᠭ᠎ᠢ᠎ᠨᠢ ᠬᠦᠪᠴᠢᠯᠡᠨ᠎ᠡ᠂ ᠰᠤᠷᠤᠯᠴᠠᠭ᠍ᠤ ᠠᠷᠭ᠎ᠠ ᠵᠠᠮ᠎ᠳᠤ᠎ᠨᠢ ᠵᠦᠪᠯᠡᠯᠭᠡ ᠪᠤᠯᠵᠦ ᠦᠵᠡᠯ ᠤᠬᠠᠮᠰᠠᠷ᠎ᠢ᠎ᠨᠢ ᠲᠠᠶ᠋ᠢᠴᠢᠯᠠᠪᠠ᠃ ᠢᠩᠬᠢᠭᠰᠡᠨ ᠵᠶ᠋ᠠᠷ ᠰᠤᠷᠤᠭᠴᠢ ᠵᠢᠨ ᠴᠢᠷᠠᠢ᠎ᠳᠤ ᠪᠠᠶᠠᠷ ᠲᠤᠳᠤᠷᠠᠵᠦ ᠢᠨᠢᠶᠡᠳᠦ ᠬᠠᠨᠢᠶᠠᠳᠦ᠎ᠲᠠᠢ ᠪᠤᠯᠵᠦ ᠢᠷᠡᠭᠰᠡᠨ᠃ ᠦᠪᠡᠷ᠎ᠤᠨ ᠪᠠᠶ᠎ᠡ ᠵᠢᠨ ᠬᠡᠪ ᠪᠤᠯᠪᠠᠰᠤᠷᠠᠯ᠂ ᠬᠡᠪ ᠲᠦᠷᠬᠦ ᠵᠢ ᠴᠦ᠍ ᠤᠯᠠᠮ ᠠᠨᠭ᠌ᠬᠠᠷᠬᠤ ᠪᠤᠯᠪᠠ᠃ ᠰᠤᠷᠤᠭᠴᠢᠳ ᠠᠩᠭᠢ ᠵᠢᠨ ᠪᠠᠭᠰᠢ ᠵᠢᠨ ᠠ᠋ᠮᠦᠰᠴᠦ ᠵᠡᠬᠦᠭᠦ᠂ ᠬᠡᠯᠡᠵᠦ ᠶᠠᠷᠢᠬᠤ᠂ ᠬᠦᠳᠡᠯᠵᠦ ᠪᠠᠷᠢᠬᠤ ᠵᠡᠷᠭᠡ᠎ᠠᠴᠠ ᠦᠭᠰᠦᠭᠦᠯᠦᠨ ᠪᠠᠭᠰᠢ ᠵᠢᠨ ᠵᠶ᠋ᠠᠨ ᠬᠡᠪ ᠨᠠᠮᠪᠠ ᠵᠢ ᠲᠠᠭ᠋ᠠᠵᠦ ᠲᠠᠭᠤᠷᠢᠶᠠᠳᠠᠭ ᠬᠡᠰᠡᠨ᠎ᠢ ᠮᠡᠳᠡᠯ᠎ᠡ᠃ ᠮᠣᠩᠭᠤᠯ᠎ᠤᠨ ᠠ᠋ᠷᠳᠡᠨ᠎ᠤ ᠬᠦᠮᠦᠵᠢᠯ᠎ᠳᠤ᠄ 《ᠮᠣᠩᠭᠤᠯ ᠪᠦᠰᠡᠭᠦᠶ᠋ᠢᠴᠤᠳ ᠭᠡᠷ ᠵᠠᠭᠤᠷ᠎ᠠ ᠵᠢᠨ ᠬᠦᠳᠡᠯᠮᠦᠷᠢ ᠬᠢᠬᠦ ᠪᠠ ᠪᠤᠰᠤᠳ ᠵᠦᠢ᠍ᠯ᠎ᠤᠨ ᠦᠢ᠍ᠯᠡᠳᠪᠦᠷᠢᠯᠡᠯ᠎ᠤᠨ ᠬᠦᠳᠡᠯᠮᠦᠷᠢ᠎ᠳᠤ ᠣᠷᠤᠯᠴᠠᠭ᠍ᠤᠳᠤᠪᠠᠨ ᠪᠠᠭ᠎ᠠ ᠬᠡᠤᠬᠡᠳ᠂ ᠴᠠᠭ᠋ᠠᠰᠢᠯᠠᠪᠠᠯ ᠬᠦᠯᠳᠤ ᠰᠠᠶᠢ ᠤᠷᠤᠵᠤ ᠪᠠᠶ᠋ᠢᠭ᠎ᠠ ᠨᠢᠯᠬ᠎ᠠ ᠬᠡᠤᠬᠡᠳ ᠵᠶ᠋ᠠᠨ ᠲᠠᠭ᠋ᠠᠭᠤᠯᠤᠨ ᠨᠠᠰᠤᠨ᠎ᠳᠤ ᠬᠦᠷᠦᠭᠰᠡᠳ᠎ᠤᠨ ᠬᠠᠵᠠᠭᠤ᠎ᠳᠤ ᠰᠠᠭᠤᠯᠭ᠋ᠠᠬᠤ ᠪᠤᠶᠤ ᠨᠠᠭ᠋ᠠᠳᠴᠤ ᠲᠤᠭᠯᠠᠭᠤᠯᠳᠠᠭ ᠪᠠᠶ᠋ᠢᠵᠠᠢ》 ① ᠭᠡᠵᠦ ᠪᠠᠶ᠋ᠢᠭᠰᠠᠨ᠎ᠨᠢ ᠠ᠋ᠭᠦᠨ᠎ᠢ ᠭᠡᠷᠡᠴᠢᠯᠡᠵᠦ ᠪᠠᠶ᠋ᠢᠨ᠎ᠠ᠃ ᠠ᠋ᠳᠡᠭᠡᠷ᠎ᠢ ᠠᠩᠬᠠᠷᠤᠭᠰᠠᠨᠤ ᠰᠡᠭᠦᠯᠡᠷ ᠠᠩᠬᠢ ᠵᠢᠨ ᠭᠡᠷ᠎ᠤᠨ ᠠ᠋ᠳ᠋ ᠬᠤᠭᠰᠢᠯ ᠡᠪᠳᠡᠷᠡᠵᠦ ᠬᠠᠭ᠋ᠠᠷᠠᠭ᠍ᠤᠨᠢ ᠠᠶᠠᠳᠠᠵᠦ ᠢᠷᠡᠭᠰᠡᠨ ᠪᠦᠭᠡᠳ ᠬᠡᠯᠡᠵᠦ ᠲᠠᠭ᠋ᠠᠭ᠋ᠠᠯᠭ᠋ᠠᠭᠰᠠᠨ ᠠ᠋ᠭᠦᠷᠭᠡ ᠵᠢ ᠴᠠᠭ ᠲᠠᠷᠤᠢ᠎ᠳᠤ᠎ᠨᠢ ᠴᠡᠷᠢᠭ᠎ᠤᠨ ᠵᠡᠷᠯᠢᠬ ᠮᠡᠳᠤ ᠪᠠᠶᠡᠯᠡᠬᠦᠯᠳᠡᠭ ᠪᠤᠯᠤᠭᠰᠠᠨ᠃ ᠨᠢᠭᠡᠨ ᠤᠳᠠᠭ᠋ᠠᠨ᠎ᠤ ᠰᠤᠷᠭ᠋ᠠᠭᠤᠯᠢ ᠵᠢᠨ ᠬᠦᠷᠢᠶᠡᠨ᠎ᠳᠤ ᠮᠣᠳᠤ ᠵᠠᠶ᠋ᠢᠯᠠᠭ᠍ᠤ ᠠᠵᠢᠯ᠎ᠢ ᠰᠤᠷᠭ᠋ᠠᠭᠤᠯᠢ᠎ᠠᠴᠠ ᠨᠢᠭᠡ ᠠ᠋ᠳᠤᠷ ᠭᠡᠵᠦ ᠲᠦᠯᠦᠪᠯᠡᠭᠰᠡᠨᠢ ᠮᠠᠨ᠎ᠤ ᠠᠩᠭᠢ ᠲᠠᠭ᠋ᠠᠭ᠋ᠠᠵᠦ ᠠᠮᠠᠷᠠᠭᠰᠠᠨ ᠦᠭᠡᠢ ᠠᠵᠢᠯᠯᠠᠭ᠋ᠠᠳ ᠭᠤᠷᠪᠠᠨ ᠬᠢᠴᠢᠶᠡᠯ᠎ᠳᠤ ᠪᠠᠷᠠᠭ᠋ᠠᠭᠰᠠᠨ᠃ ᠨᠢᠭᠡ ᠬᠢᠴᠢᠶᠡᠯ ᠠᠵᠢᠯᠯᠠᠭᠰᠠᠨ᠎ᠤ ᠲᠠᠷᠠᠭ᠎ᠠ 《ᠪᠢᠳᠡ ᠪᠠᠭ᠍ᠠᠨ ᠠᠮᠠᠷᠠᠭ᠋ᠠᠳ ᠠᠪᠤᠶ᠎ᠠ》 ᠬᠡᠬᠦ᠎ᠳᠤ ᠲᠠᠳᠡ 《ᠪᠢᠳᠡ ᠬᠤᠷᠳᠤᠨ ᠪᠠᠷᠠᠭ᠋ᠠᠭ᠋ᠠᠳ ᠠᠮᠠᠷᠠᠶ᠎ᠠ᠂ ᠠᠩᠭᠢ ᠵᠢᠨ ᠨᠢᠭᠤᠷ᠎ᠢ ᠪᠤᠤ ᠭᠡᠭᠡᠶ᠎ᠡ》 ᠬᠡᠨ᠎ᠡ᠃
2. ᠬᠢᠴᠢᠶᠡᠯᠯᠡᠭᠴᠢ ᠪᠠᠭᠰᠢ᠎ᠲᠠᠢ᠎ᠪᠠᠨ ᠨᠢᠭᠳᠠ ᠬᠠᠮᠵᠢᠯᠴᠠᠵᠦ᠂ ᠭᠡᠷ᠎ᠤᠨ ᠠᠬᠠᠮᠠᠳ᠎ᠲᠠᠢ ᠡᠪᠯᠢᠭ ᠶᠠᠷᠢᠯᠴᠠᠭ᠍ᠤ ᠪᠤᠯᠪᠠ᠃
ᠰᠤᠷᠤᠭᠴᠢᠳ᠎ᠤᠨ ᠰᠠᠨᠠᠯ ᠨᠠᠳᠠ᠎ᠳᠤ ᠰᠡᠷᠡᠮᠵᠢ ᠦᠭᠭᠦᠭᠰᠡᠨ ᠲᠡᠷᠡ ᠠ᠋ᠳᠤᠷ᠎ᠠᠴᠠ ᠠ᠋ᠬᠢᠯᠡᠨ ᠴᠢᠳᠠᠭ᠍ᠤ ᠵᠢᠨ ᠲᠤᠳᠤᠷ᠎ᠠ ᠬᠢᠴᠢᠶᠡᠯ ᠲᠠᠪᠳᠠᠯᠭ᠎ᠠ᠎ᠳᠤ ᠰᠤᠷᠤᠭᠴᠢ ᠵᠢ ᠲᠠᠭᠤᠳᠠᠭ᠍ᠤ ᠦᠭᠡᠢ ᠪᠠᠶ᠋ᠢᠵᠦ᠂ ᠶᠠᠭ ᠠᠷᠭ᠎ᠠ ᠦᠭᠡᠢ ᠲᠠᠭᠤᠳᠠᠭ᠍ᠤ ᠴᠢᠬᠤᠯᠠᠳᠠᠢ ᠪᠤᠯᠪᠠᠯ ᠬᠢᠴᠢᠶᠡᠯᠯᠡᠭᠴᠢ ᠪᠠᠭᠰᠢ᠎ᠳᠤᠨᠢ ᠴᠢᠯᠦᠭᠡ ᠬᠡᠯᠡᠳᠡᠭ ᠪᠤᠯᠤᠭᠰᠠᠨ᠃ ᠮᠦᠨ ᠴᠤ᠌ ᠬᠢᠴᠢᠶᠡᠯ᠎ᠤᠨ ᠪᠠᠭᠰᠢ᠎ᠲᠠᠢ ᠨᠢᠭᠳᠠ ᠬᠠᠮᠵᠢᠯᠴᠠᠭ᠍ᠤ ᠵᠢ ᠤᠨᠴᠠ ᠠᠩᠬᠠᠷᠴᠤ ᠠᠩᠭᠢ ᠵᠢᠨ ᠰᠤᠷᠤᠭᠴᠢᠳ᠎ᠤᠨ ᠲᠡᠷᠡ ᠪᠠᠭᠰᠢ ᠵᠢᠨ ᠬᠢᠴᠢᠶᠡᠯ ᠲᠡᠭᠡᠷᠡᠬᠢ ᠢᠯᠡᠷᠡᠯ ᠬᠢᠷᠢ ᠵᠡᠷᠭᠡ ᠪᠠᠶ᠋ᠢᠬᠤ ᠵᠢ ᠤᠶ᠋ᠢᠯᠠᠭ᠋ᠠᠳᠠᠭ ᠪᠤᠯᠤᠭᠰᠠᠨ᠃ ᠠ᠋ᠭᠦᠨ᠎ᠤ ᠤᠯᠠᠮ᠎ᠠᠴᠠ ᠬᠢᠴᠢᠶᠡᠯᠯᠡᠭᠴᠢ ᠪᠠᠭᠰᠢ ᠨᠠᠷ᠎ᠤᠨ ᠮᠠᠨ᠎ᠤ ᠠᠩᠭᠢ᠎ᠳᠤ ᠬᠠᠨᠳᠤᠵᠦ ᠪᠠᠶ᠋ᠢᠭ᠎ᠠ ᠢᠳᠡᠪᠬᠢᠵᠢᠯ ᠪᠤᠯᠤᠨ ᠬᠠᠷᠢᠭᠤᠴᠠᠯᠭ᠎ᠠ ᠨᠠᠳᠠ᠎ᠠᠴᠠ ᠢᠯᠡᠭᠦᠦ ᠪᠠᠶ᠋ᠢᠬᠤ ᠵᠢ ᠤᠬᠠᠭ᠋ᠠᠷᠠᠨ ᠮᠡᠳᠡᠯ᠎ᠡ᠃ ᠲᠡᠳᠡ ᠭᠠᠭᠴᠠ ᠦᠪᠡᠷ᠎ᠤᠨ ᠬᠢᠴᠢᠶᠡᠯ ᠲᠦᠷᠦᠯ᠎ᠤᠨ ᠵᠶ᠋ᠠᠨ ᠲᠦᠯᠦᠭᠡ ᠪᠢᠰᠢ᠂ ᠬᠠᠷᠢᠨ ᠰᠤᠷᠤᠭᠴᠢᠳ᠎ᠲᠤ ᠬᠦᠮᠦᠨ ᠪᠤᠯᠬᠤ ᠶᠤᠰᠤ ᠵᠢ ᠤᠯᠠᠮᠵᠢᠯᠠᠵᠦ ᠬᠦᠮᠦᠵᠢᠭᠦᠯᠳᠡᠭ ᠪᠠᠶ᠋ᠢᠵᠠᠢ᠃ ᠬᠢᠴᠢᠶᠡᠯ ᠳᠡᠭᠡᠷ᠎ᠡ ᠤᠨᠳᠠᠭ᠍ᠤ ᠪᠠ ᠠ᠋ᠩ᠎ᠤᠨ ᠦᠶ᠎ᠡ᠎ᠳᠤ ᠬᠠᠷᠢᠶᠠᠯ᠎ᠤᠨ ᠦᠭᠡ ᠭᠡᠯᠡᠭᠦ ᠵᠢ ᠬᠤᠷᠢᠭᠯᠠᠵᠤ ᠴᠡᠭᠡᠷᠯᠡᠬᠦᠯᠤᠨ ᠠ᠋ᠮᠡᠭᠳᠡᠢ ᠰᠤᠷᠤᠭᠴᠢ ᠵᠢᠨ ᠬᠦᠮᠦᠵᠢᠯ᠎ᠢ ᠰᠠᠶ᠋ᠢᠳᠤᠷ ᠬᠢᠳᠡᠭ᠃
《ᠬᠠᠤᠯᠢ ᠵᠢᠨ ᠮᠡᠳᠡᠯᠭᠡ ᠵᠢ ᠤᠶ᠋ᠢᠯᠠᠭ᠋ᠠᠬᠤ᠎ᠲᠠᠢ ᠠᠳᠠᠯᠢᠬᠠᠨ ᠵᠶ᠋ᠠᠷ ᠨᠡᠶ᠋ᠢᠭᠡᠮ᠎ᠤᠨ ᠪᠦᠬᠦ ᠬᠡᠰᠢᠭᠦᠳ ᠴᠦᠮ ᠰᠤᠷᠭ᠋ᠠᠨ ᠬᠦᠮᠦᠵᠢᠯ᠎ᠤᠨ ᠤᠬᠠᠭ᠋ᠠᠨ᠎ᠢ ᠤᠶ᠋ᠢᠯᠠᠭ᠋ᠠᠭᠰᠠᠨ ᠪᠠᠶ᠋ᠢᠬᠤ ᠶᠤᠰᠤᠳᠠᠢ》 ② ᠭᠡᠳᠡᠭ ᠵᠶ᠋ᠠᠷ ᠰᠤᠷᠤᠭᠴᠢ ᠵᠢᠨ ᠰᠠᠨᠠᠯ᠎ᠠᠴᠠ ᠰᠡᠷᠡᠵᠦ ᠭᠡᠷ᠎ᠤᠨ ᠠᠬᠠᠮᠠᠳ᠎ᠲᠠᠢ ᠦᠷᠬᠦᠯᠵᠢ ᠬᠠᠷᠢᠯᠴᠠᠨ ᠦᠪᠡᠷ᠎ᠤᠨ ᠪᠡᠶ᠎ᠡ᠎ᠪᠠᠨ ᠲᠡᠨᠢᠭᠤᠯᠤᠨ ᠮᠡᠳᠡᠬᠦᠯᠬᠦ ᠴᠢᠬᠤᠯᠠᠳᠠᠢ ᠭᠡᠰᠡᠨ᠎ᠢ ᠮᠡᠳᠡᠯ᠎ᠡ᠃ ᠭᠡᠷ᠎ᠤᠨ ᠠᠬᠠᠮᠠᠳ ᠶᠠᠷᠤ᠎ᠨᠢ ᠪᠠᠭᠰᠢ ᠨᠠᠷ᠎ᠢ ᠠ᠋ᠳᠣᠷ᠎ᠤᠨ ᠨᠢᠬᠡ ᠬᠤᠶᠠᠷ ᠬᠢᠴᠢᠶᠡᠯ ᠣᠷᠣᠬᠤ ᠬᠡᠳᠣᠢ ᠠᠮᠠᠷᠬᠠᠨ ᠪᠤᠢ᠂ ᠴᠠᠭ ᠪᠠᠢ᠍ᠢ᠍ᠪᠠᠯ ᠴᠠᠢ᠎ᠪᠠᠨ ᠤᠤᠭᠤᠭ᠋ᠠᠳ ᠵᠦᠭᠡᠷ ᠰᠠᠭᠤᠨ᠎ᠠ ᠭᠡᠵᠤ ᠰᠡᠳᠬᠢᠵᠤ ᠤᠶ᠋ᠢᠯᠠᠭ᠋ᠠᠳᠠᠭ᠃ ᠲᠡᠷᠡᠴᠢᠯᠡᠨ ᠵᠠᠷᠢᠮ᠎ᠨᠢ ᠭᠡᠣᠭᠡᠳ᠎ᠲᠤ᠎ᠪᠠᠨ ᠪᠠᠭᠰᠢ ᠵᠢ᠎ᠨᠢ ᠪᠤᠷᠤᠭᠤᠳᠬᠠᠵᠤ ᠬᠡᠯᠡᠳᠡᠭ᠎ᠠᠴᠠ ᠰᠣᠷᠣᠭᠴᠢ᠎ᠨᠢ ᠪᠠᠭᠰᠢ ᠵᠢ ᠬᠦᠨᠳᠦᠳᠬᠡᠬᠦ᠎ᠳᠤ ᠬᠦᠴᠢᠷ ᠪᠤᠯᠵᠤ ᠠᠩᠬᠢ ᠵᠢᠨ ᠠ᠋ᠷᠬᠢᠯᠡᠭᠴᠢ ᠵᠢᠨ ᠦᠬᠡ ᠬᠡᠳᠡᠭ ᠴᠢᠨᠢ ᠠ᠋ᠯᠡᠰᠣᠨ ᠲᠠᠯᠠᠢ ᠵᠢᠨ ᠲᠣᠰᠣᠯ ᠣᠰᠣᠨ ᠮᠡᠳᠣ ᠬᠦᠬᠡᠷᠤᠬᠦᠶ᠋ᠢᠯᠡᠯᠳᠡᠢ ᠪᠣᠯᠬᠤ ᠶᠤᠮ᠃ ᠠ᠋ᠩᠬᠡ ᠠᠮᠤᠭᠤᠯᠠᠩ ᠬᠠᠭ᠋ᠠᠨ ᠬᠡᠤᠬᠡᠳ᠎ᠤᠨ ᠵᠶ᠋ᠠᠨ ᠠ᠋ᠮᠤᠨ᠎ᠡ ᠪᠠᠭᠰᠢ ᠵᠢ᠎ᠨᠢ ᠰᠢᠬᠦᠮᠵᠢᠯᠡᠭᠰᠡᠨ᠎ᠠᠴᠠ ᠬᠡᠣᠬᠡᠳ᠎ᠨᠢ ᠪᠠᠭᠰᠢ᠎ᠪᠠᠨ ᠬᠦᠨᠳᠦᠯᠡᠬᠦ ᠦᠬᠡᠢ ᠪᠣᠯᠵᠣ ᠶᠣᠰᠣ ᠨᠣᠮ᠎ᠳᠤ ᠴᠢᠷᠮᠠᠶ᠋ᠢᠬᠤ ᠦᠬᠡᠢ ᠪᠣᠯᠣᠭᠰᠠᠨ᠎ᠠᠴᠠ ᠬᠤᠵᠢᠮ᠎ᠨᠢ ᠬᠦᠮᠦᠵᠢᠬᠦᠯᠬᠦ᠎ᠳᠤ ᠲᠣᠩ ᠬᠦᠴᠢᠷᠳᠡᠭᠰᠡᠨ ᠭᠡᠳᠡᠭ᠃
3. ᠰᠤᠷᠤᠭᠴᠢ ᠵᠢ ᠬᠠᠶ᠋ᠢᠷ᠎ᠠ᠎ᠪᠠᠷ ᠤᠶᠠᠰᠬᠠᠵᠦ ᠤᠷᠮᠠᠰᠢᠭᠤᠯᠬᠤ ᠪᠤᠯ ᠰᠤᠷᠭ᠋ᠠᠨ ᠬᠦᠮᠦᠵᠢᠯ᠎ᠤᠨ ᠪᠠᠰᠠ ᠨᠢᠭᠡᠨ ᠰᠠᠶ᠋ᠢᠨ ᠵᠣᠷ ᠪᠤᠯᠬᠤ ᠵᠢ ᠮᠡᠳᠡᠯ᠎ᠡ᠃
ᠰᠣᠷᠣᠭᠴᠢᠳ ᠠᠯᠳᠠᠭ᠎ᠠ ᠭᠠᠷᠭ᠋ᠠᠪᠠᠯ ᠠᠪᠤᠨ ᠲᠤᠤᠷ᠎ᠠ᠎ᠨᠢ ᠰᠢᠢ᠍ᠳᠬᠡᠬᠦ ᠴᠢᠬᠤᠯᠡ ᠦᠬᠡᠢ᠂ ᠬᠠᠷᠢᠨ ᠬᠤᠶᠠᠷ ᠭᠤᠷᠪᠠ ᠣᠳᠠᠭ᠋ᠠᠨ᠎ᠤ ᠣᠬᠠᠮᠰᠠᠷᠠᠭ᠍ᠣ ᠵᠠᠪᠰᠢᠶᠠᠨ ᠣᠯᠭᠤᠪᠠᠯ ᠵᠣᠬᠢᠮᠵᠢᠲᠠᠢ᠃ ᠢᠩᠬᠢᠪᠡᠯ ᠲᠠᠳᠠ ᠪᠣᠷᠣᠭᠤ᠎ᠪᠠᠨ ᠲᠠᠨᠢᠨ ᠵᠦᠪ ᠵᠠᠮ᠎ᠳᠤ ᠣᠷᠣᠵᠣ ᠰᠣᠷᠣᠯᠭ᠎ᠠ ᠬᠢᠴᠢᠶᠡᠯ᠎ᠳᠤ᠎ᠪᠠᠨ ᠬᠦᠴᠦ ᠲᠠᠯᠪᠢᠬᠤ ᠪᠣᠯᠣᠨ᠎ᠠ᠃ ᠲᠡᠶ᠋ᠢᠮᠦ ᠪᠢᠰᠢ ᠵᠢᠭ᠋ᠠᠬᠠᠨ ᠠᠯᠳᠠᠭ᠎ᠠ ᠵᠢ᠎ᠨᠢ ᠴᠦ᠍ ᠲᠠᠯᠪᠢᠬᠤ ᠦᠭᠡᠢ ᠪᠤᠯ ᠰᠣᠷᠣᠭᠴᠢ ᠲᠣᠷ᠎ᠠ ᠠᠯᠳᠠᠷᠠᠵᠣ ᠡᠴᠣᠰᠲᠤᠪᠠᠨ ᠢᠴᠢᠬᠦ ᠨᠢᠭᠤᠷ ᠦᠬᠡᠢ ᠪᠣᠯᠵᠣ᠂ ᠶᠠᠭᠤ ᠬᠢᠬᠦ᠎ᠠᠴᠠ ᠴᠣ᠌ ᠪᠣᠴᠠᠭ᠍ᠣ ᠦᠬᠡᠢ ᠪᠤᠯᠴᠢᠬᠠᠳᠠᠬ᠃ 《ᠦᠪᠡᠷ᠎ᠤᠨ ᠬᠡᠣᠬᠡᠳ ᠵᠶ᠋ᠠᠨ ᠬᠠᠶ᠋ᠢᠷᠠᠯᠠᠵᠦ ᠴᠢᠳᠠᠪᠠᠯ ᠬᠦᠮᠦᠨ᠂ ᠦᠷᠦᠭᠡᠯ᠎ᠤᠨ ᠬᠡᠣᠬᠡᠳ᠎ᠢ ᠬᠠᠶ᠋ᠢᠷᠠᠯᠠᠵᠦ ᠴᠢᠳᠠᠪᠠᠯ ᠪᠤᠷᠬᠠᠨ》 ᠭᠡᠳᠡᠭ ᠰᠢᠦ ᠳ᠋ᠠ᠃ ᠠ᠋ᠨᠡ ᠲᠤᠬᠠᠢ ᠸᠸᠢ ᠱᠦ᠍ ᠱᠸᠩ ᠪᠠᠭᠰᠢ᠄ 《ᠠᠯᠳᠠᠭ᠎ᠠ ᠭᠠᠷᠭ᠋ᠠᠭᠰᠠᠨ ᠰᠤᠷᠤᠭᠴᠢ ᠵᠢ ᠠᠭᠤᠷᠯᠠᠵᠦ ᠰᠢᠭᠦᠮᠵᠢᠯᠡᠵᠦ ᠠᠯᠳᠠᠭ᠎ᠠ ᠲᠤᠳᠠᠭᠳᠠᠯ᠎ᠢ᠎ᠨᠢ ᠲᠤᠭ᠋ᠠᠴᠢᠭ᠍ᠤ ᠵᠢᠨ ᠤᠷᠤᠨ᠎ᠳᠤ ᠬᠠᠷᠢᠨ ᠲᠡᠬᠦᠨ᠎ᠤ ᠲᠠᠪᠠᠭᠤᠯᠢᠭ᠎ᠢ ᠣᠯᠵᠦ ᠬᠠᠷᠠᠭ᠍ᠤ ᠬᠡᠷᠡᠭᠳᠡᠢ᠃ ᠢᠩᠬᠢᠪᠡᠯ ᠰᠠᠶᠢ ᠲᠡᠭᠦᠨ᠎ᠳᠤ ᠠᠯᠳᠠᠭ᠎ᠠ᠎ᠪᠠᠨ ᠢᠯᠠᠨ ᠲᠠᠪᠠᠭ᠍ᠤ ᠠ᠋ᠷᠴᠢ ᠵᠤᠷᠢᠭ᠎ᠢ ᠣᠯᠭᠤᠵᠦ ᠲᠡᠶ᠋ᠢᠯᠦᠨ᠎ᠡ》 ᠭᠡᠵᠡᠢ ③᠃ ᠪᠦᠳᠦᠨ ᠠ᠋ᠳᠣᠷ ᠠᠭᠤᠷᠯᠠᠭᠳᠠᠭ᠍ᠣ᠂ ᠬᠢᠴᠢᠶᠡᠯ ᠵᠣᠭᠰᠣᠭ᠋ᠠᠭᠳᠠᠭ᠍ᠣᠳᠤᠪᠠᠨ ᠰᠣᠷᠣᠭᠴᠢ ᠶᠠᠭᠤ ᠪᠣᠳᠣᠳᠠᠭᠢ ᠰᠡᠳᠬᠢᠵᠣ ᠦᠵᠡᠬᠦ ᠶᠣᠰᠣᠳᠠᠢ ᠪᠠᠶ᠋ᠢᠨ᠎ᠠ᠃ ᠲᠠᠳᠠ ᠪᠣᠯ ᠬᠦᠮᠦᠨ᠂ ᠲᠡᠷᠡ ᠮᠦᠷᠳᠡᠭᠡᠨ ᠮᠠᠷᠭ᠋ᠠᠰᠢ ᠵᠢ ᠣᠭᠳᠣᠬᠤ᠂ ᠬᠡᠶ᠋ᠢᠬᠦᠯᠬᠦ ᠬᠠᠮᠤᠭ᠎ᠤᠨ ᠰᠣᠳᠣᠨ ᠵᠠᠯᠭ᠋ᠠᠮᠵᠢᠯᠠᠭᠴᠢ ᠪᠠᠶ᠋ᠢᠭ᠎ᠠ ᠶᠣᠮ᠃ ᠲᠡᠳᠡᠨ᠎ᠳᠤ ᠪᠠᠰᠠ ᠨᠢᠭᠤᠷ᠎ᠲᠠᠢ᠂ ᠦᠪᠡᠷ᠎ᠢ᠎ᠪᠠᠨ ᠬᠦᠨᠳᠦᠳᠬᠡᠬᠦ ᠰᠡᠳᠬᠢᠯᠬᠡ ᠴᠢᠩᠭ᠎ᠠ ᠪᠠᠶ᠋ᠢᠳᠠᠭ᠃ ᠲᠡᠬᠦᠨ᠎ᠢ᠎ᠨᠢ ᠪᠢᠳᠡ ᠬᠦᠨᠳᠦᠳᠬᠡᠬᠦ ᠬᠡᠷᠡᠭᠳᠡᠢ᠃ ᠮᠢᠨᠦ ᠠ᠋ᠷᠬᠢᠯᠡᠵᠦ ᠲᠡᠭᠦᠰᠭᠡᠭᠰᠡᠨ ᠠᠩᠬᠢ᠎ᠳᠤ ᠠᠩᠬ᠎ᠠ ᠲᠤᠮᠳᠠᠳᠤᠠᠴᠠᠪᠠᠨ ᠠᠯᠢᠶ᠎ᠠ ᠰᠣᠷᠣᠭᠴᠢ ᠭᠡᠰᠡᠨ ᠬᠠᠷ᠎ᠠ ᠲᠠᠩᠰᠠ᠎ᠲᠠᠢ ᠢᠷᠡᠭᠰᠡᠨ ᠰᠣᠷᠣᠭᠴᠢ ᠪᠠᠶ᠋ᠢᠨ᠎ᠠ᠃ ᠠᠷᠪᠠᠨ ᠰᠠᠷ᠎ᠠ ᠵᠢᠨ ᠠᠮᠠᠷᠠᠯᠳᠠ ᠲᠠᠯᠪᠢᠵᠤ ᠪᠤᠴᠠᠵᠤ ᠢᠷᠡᠭᠰᠡᠨ᠎ᠠᠴᠠ ᠰᠡᠬᠦᠯᠡᠷ ᠠ᠋ᠨᠡ ᠬᠦᠦ ᠰᠦᠨᠢ ᠵᠢᠨ ᠤᠨᠳᠠᠯᠭ᠎ᠠ᠎ᠳᠤ ᠪᠠᠶ᠋ᠢᠷᠢ᠎ᠳᠤ ᠨᠢᠬᠡ ᠯᠠᠵᠠ ᠫᠢᠸᠤ᠋ ᠣᠣᠭᠤᠭᠰᠠᠨ᠎ᠳᠤ ᠮᠠᠷᠭ᠋ᠠᠰᠢ᠎ᠨᠢ ᠪᠢ ᠮᠡᠳᠡᠭᠰᠡᠨ᠎ᠤ ᠰᠡᠬᠦᠯᠡᠷ ᠠᠭᠤᠷᠯᠠᠭᠰᠠᠨ ᠦᠬᠡᠢ ᠮᠦᠷᠳᠡᠭᠡᠨ ᠲᠡᠬᠦᠨ᠎ᠢ ᠪᠤᠷᠤᠭᠤ᠎ᠪᠠᠨ ᠵᠤᠷᠢᠭᠳᠠᠢ ᠮᠡᠳᠡᠷᠡᠵᠤ ᠴᠢᠳᠠᠭᠰᠠᠨ ᠦᠨᠡᠨᠴᠢ ᠰᠢᠳᠣᠷᠭᠤ ᠰᠣᠷᠣᠭᠴᠢ ᠪᠠᠶ᠋ᠢᠨ᠎ᠠ ᠬᠡᠵᠤ ᠮᠠᠭᠳᠠᠭ᠋ᠠᠳ ᠶᠠᠪᠤᠭᠤᠯᠪᠠ᠃ ᠢᠩᠬᠢᠭᠰᠡᠨ᠎ᠠᠴᠠ ᠠ᠋ᠨᠡ ᠬᠦᠦ ᠲᠤᠩ ᠭᠡᠮᠰᠢᠨ ᠣᠬᠠᠭ᠋ᠠᠷᠠᠵᠤ ᠡᠵᠢ᠎ᠳᠤ᠎ᠪᠠᠨ ᠣᠳᠠᠰᠣ ᠠᠪᠴᠣ ᠦᠪᠡᠷ᠎ᠤᠨ ᠣᠴᠢᠷ ᠵᠶ᠋ᠠᠨ ᠬᠡᠯᠡᠭᠰᠡᠨ᠎ᠢ ᠡᠵᠢ᠎ᠨᠢ ᠨᠡᠳᠡ᠎ᠳᠤ᠄ 《〈ᠮᠢᠨᠦ ᠬᠦᠦ ᠲᠠᠨ᠎ᠳᠤ ᠠᠭᠤᠷᠯᠠᠭᠳᠠᠭᠰᠠᠨ ᠦᠬᠡᠢ ᠭᠡᠳ ᠲᠤᠩ ᠪᠠᠶᠠᠷᠯᠠᠵᠤ ᠪᠠᠶ᠋ᠢᠨ᠎ᠠ᠃ ᠲᠡᠭᠡᠭᠡᠳ ᠣᠳᠣ᠎ᠠᠴᠠ᠎ᠪᠠᠨ ᠠ᠋ᠬᠢᠯᠡᠨ ᠴᠢᠷᠮᠠᠶ᠋ᠢᠨ᠎ᠠ〉 ᠬᠡᠵᠤ ᠪᠠᠶ᠋ᠢᠨ᠎ᠠ》 ᠭᠡᠯᠡ᠃ ᠠ᠋ᠬᠦᠨ᠎ᠠᠴᠠ ᠰᠡᠬᠦᠯᠡᠷ ᠲᠤᠰ ᠰᠣᠷᠣᠭᠴᠢ ᠦᠨᠡᠭᠡᠷ ᠴᠢᠷᠮᠠᠶ᠋ᠢᠵᠤ ᠠ᠋ᠬᠢᠯᠡᠭᠰᠡᠨ᠃ ᠬᠢᠴᠢᠶᠡᠯ ᠲᠠᠪᠳᠠᠯᠭ᠎ᠠ᠎ᠳᠤ ᠠᠩᠬᠠᠷᠤᠨ ᠰᠣᠨᠣᠰᠬᠤ ᠪᠣᠯᠣᠭᠰᠠᠨ ᠶᠤᠮ᠃
4. ᠬᠦᠮᠦᠨ ᠴᠢᠨᠠᠷ᠎ᠤᠨ ᠬᠦᠮᠦᠵᠢᠯ᠎ᠢ ᠰᠠᠶ᠋ᠢᠳᠤᠷ ᠬᠢᠵᠦ᠂ ᠪᠠᠶ᠎ᠡ᠎ᠪᠠᠨ ᠲᠠᠭ᠋ᠠᠭ᠋ᠠᠨ ᠠᠵᠢᠯᠯᠠᠵᠦ ᠰᠤᠷᠤᠯᠴᠠᠭ᠍ᠤ ᠵᠢ ᠠᠩᠬᠠᠷᠬᠤ ᠵᠢ ᠤᠶ᠋ᠢᠯᠠᠭ᠋ᠠᠯ᠎ᠠ᠃
ᠤᠳᠤᠬᠠᠨ᠎ᠤ ᠰᠤᠷᠤᠭᠴᠢᠳ ᠤᠯᠠᠨᠭ᠌ᠬᠢ᠎ᠨᠢ ᠪᠠᠭᠰᠢ ᠭᠡᠷ᠎ᠤᠨ ᠠᠬᠠᠮᠠᠳ᠎ᠤᠨ ᠵᠢᠯᠣᠭᠤᠳᠣᠯᠭ᠎ᠠ ᠲᠣᠣᠷ᠎ᠠ ᠠᠮᠢᠳᠣᠷᠠᠵᠣ ᠰᠣᠷᠣᠯᠴᠠᠵᠣ ᠢᠷᠡᠭᠰᠡᠨ ᠲᠤᠯᠠ ᠠ᠋ᠷᠳᠡᠭᠡᠨ ᠪᠡᠶ᠎ᠡ᠎ᠪᠠᠨ ᠲᠠᠭ᠋ᠠᠭ᠋ᠠᠨ ᠠᠮᠢᠳᠣᠷᠠᠵᠣ ᠰᠣᠷᠣᠯᠴᠠᠭ᠍ᠣ ᠵᠢ ᠪᠡᠶᠡᠯᠡᠬᠦᠯᠬᠦ ᠦᠬᠡᠢ ᠪᠣᠯ ᠨᠠᠰᠣᠨ᠎ᠤ ᠬᠠᠷᠠᠮᠰᠠᠯ ᠪᠣᠯᠣᠨ᠎ᠠ᠃ ᠴᠢᠩᠬᠤᠸᠠ ᠶᠡᠭᠡ ᠰᠣᠷᠭ᠋ᠠᠭᠤᠯᠢ᠎ᠳᠤ ᠣᠷᠣᠭᠰᠠᠨ ᠰᠣᠷᠣᠭᠴᠢ ᠦᠨᠳᠡᠭᠡᠨ᠎ᠤ ᠬᠠᠯᠢᠰᠣ ᠵᠢ ᠱᠠᠭ᠋ᠠᠯᠠᠵᠤ ᠴᠢᠳᠠᠭ᠍ᠤ ᠦᠬᠡᠢ ᠪᠠᠶ᠋ᠢᠭᠰᠠᠨ ᠵᠢᠱ᠌ᠢᠶ᠎ᠠ ᠰᠣᠨᠣᠰᠳᠠᠭᠰᠠᠨ ᠳ᠋ᠠ᠃ ᠣᠳᠣ ᠵᠢᠨ ᠨᠡᠶ᠋ᠢᠬᠡᠮ ᠪᠣᠯ ᠮᠡᠳᠡᠯᠭᠡ ᠮᠡᠷᠭᠡᠵᠢᠯ᠎ᠤᠨ ᠬᠤᠷᠴᠠ ᠰᠢᠷᠦᠬᠦᠨ ᠦᠷᠢᠰᠦᠯᠳᠣᠭᠡᠨᠤ ᠴᠠᠭ ᠦᠶ᠎ᠡ ᠪᠣᠯᠬᠤᠷ ᠴᠠᠭ᠎ᠢ ᠲᠠᠯᠠᠭ᠋ᠠᠷ ᠦᠩᠬᠡᠷᠡᠬᠦᠯᠬᠦ ᠵᠢ ᠣᠨᠴᠠ ᠴᠡᠭᠡᠷᠯᠡᠬᠦ ᠬᠡᠷᠡᠭᠳᠡᠢ᠃ ᠪᠠᠶ᠎ᠡ᠎ᠪᠠᠨ ᠲᠠᠭ᠋ᠠᠭ᠋ᠠᠨ ᠰᠣᠷᠣᠯᠴᠠᠵᠣ ᠴᠢᠳᠠᠭ᠍ᠣ ᠦᠬᠡᠢ ᠰᠣᠷᠣᠭᠴᠢᠳ ᠪᠣᠯ ᠬᠡᠵᠢᠶᠡᠳᠡ ᠪᠠᠭᠰᠢ᠎ᠠᠴᠠ ᠱᠠᠭ᠋ᠠᠷᠳᠠᠭ᠍ᠣ ᠵᠢ ᠬᠦᠯᠢᠶᠡᠬᠦ ᠪᠣᠯᠣᠨ᠎ᠠ᠃ ᠪᠠᠭᠰᠢ ᠱᠠᠭ᠋ᠠᠷᠳᠠᠭ᠍ᠣ ᠦᠬᠡᠢ ᠪᠣᠯ ᠲᠠᠳᠠ ᠣᠷᠣᠯᠳᠣᠬᠤ ᠦᠬᠡᠢ ᠪᠣᠯᠳᠠᠭ᠃ ᠪᠠᠭᠰᠢ ᠲᠡᠬᠦᠨ᠎ᠠᠴᠠ ᠲᠦᠬᠡ ᠰᠠᠯᠣᠯ ᠦᠬᠡᠢ ᠪᠠᠶ᠋ᠢᠬᠤ ᠪᠣᠯᠣᠯᠴᠠᠭ᠎ᠠ ᠦᠬᠡᠢ ᠣᠴᠢᠷ᠎ᠠᠴᠠ ᠲᠡᠳᠡᠭᠡᠷ ᠰᠣᠷᠣᠭᠴᠢᠳ ᠨᠢᠬᠡ ᠬᠡᠰᠡᠭ ᠴᠠᠭ ᠵᠶ᠋ᠠᠨ ᠲᠡᠯᠡᠭ᠋ᠠᠷ ᠰᠦᠢ᠍ᠳᠭᠡᠳᠡᠭᠤᠨ ᠣᠯᠠᠮ᠎ᠠᠴᠠ ᠰᠣᠷᠣᠯᠭ᠎ᠠ᠎ᠳᠤ᠎ᠪᠠᠨ ᠬᠦᠴᠢᠷᠳᠡᠵᠣ ᠢᠳᠡᠭ ᠠᠯᠬᠤᠮ ᠵᠶ᠋ᠠᠷ ᠰᠣᠷᠣᠯᠴᠠᠭ᠍ᠣ ᠣᠷᠮᠠᠰ ᠦᠬᠡᠢ ᠪᠣᠯᠵᠣ ᠠᠩᠬᠢ ᠵᠢᠨ ᠭᠡᠷ᠎ᠲᠤ ᠰᠠᠭᠤᠬᠤ ᠵᠢ ᠲᠦᠢ᠍ᠯ᠎ᠤᠨ ᠵᠣᠪᠠᠭᠤᠷᠢᠲᠠᠢ ᠶᠠᠪᠣᠳᠠᠯ ᠪᠤᠯᠭ᠋ᠠᠳᠠᠭ ᠪᠠᠶ᠋ᠢᠨ᠎ᠠ᠃ ᠦᠷᠬᠦᠯᠵᠢ ᠪᠣᠰᠣᠳ᠎ᠤᠨ ᠲᠣᠬᠢᠯᠳᠠᠪᠠᠷ ᠠᠵᠢᠯᠯᠠᠳᠠᠭ᠎ᠤᠨ ᠰᠢᠯᠳᠠᠭ᠋ᠠᠨ᠎ᠠᠴᠠ ᠪᠣᠯᠵᠣ ᠪᠣᠭᠤᠯᠴᠢ ᠴᠢᠨᠠᠷᠲᠠᠢ᠂ ᠦᠪᠡᠷ᠎ᠤᠨ ᠣᠬᠠᠮᠰᠠᠷ᠎ᠠᠴᠠ᠎ᠪᠠᠨ ᠶᠠᠮᠠᠷ ᠨᠢᠬᠡᠨ ᠠᠵᠢᠯᠯᠠᠭ᠎ᠠ ᠵᠢ ᠬᠢᠶ᠎ᠡ ᠬᠡᠰᠡᠨ ᠵᠦᠢ᠍ᠯ ᠦᠬᠡᠢ ᠵᠦᠪᠬᠡᠨ ᠪᠣᠰᠣᠳ᠎ᠤᠨ ᠵᠢᠭ᠋ᠠᠨ ᠲᠣᠳᠣᠮᠠᠳᠣᠯᠭᠠᠪᠠᠷ ᠣᠴᠢᠷ ᠶᠠᠪᠣᠳᠠᠯ᠎ᠢ ᠪᠠᠶᠡᠯᠡᠬᠦᠯᠳᠡᠭ ᠬᠦᠮᠦᠰ ᠬᠦᠮᠦᠵᠢᠭᠳᠡᠬᠦ ᠪᠣᠯᠣᠨ᠎ᠠ᠃ ᠪᠠᠭᠰᠢ ᠪᠡ ᠭᠡᠷ᠎ᠤᠨ ᠠᠬᠠᠮᠠᠳ ᠲᠡᠬᠦᠨ᠎ᠢ ᠨᠢᠬᠡ ᠨᠠᠰᠣᠨ᠎ᠳᠤᠨᠢ ᠲᠠᠭ᠋ᠠᠬᠤ ᠭᠡᠳᠡᠭ ᠪᠤᠯ ᠪᠠᠶᠠᠯᠡᠭᠳᠡᠵᠤ ᠲᠡᠶ᠋ᠢᠯᠬᠦ ᠦᠬᠡᠢ᠃ ᠠ᠋ᠶ᠋ᠢᠮᠦ᠎ᠠᠴᠠ ᠪᠢᠳᠡ ᠰᠤᠷᠤᠭᠴᠢᠳ᠎ᠲᠤ ᠪᠡᠶ᠎ᠡ᠎ᠪᠠᠨ ᠲᠠᠭ᠋ᠠᠭ᠋ᠠᠨ ᠰᠤᠷᠤᠯᠴᠠᠭ᠍ᠤ ᠬᠦᠮᠦᠵᠢᠯ ᠣᠯᠭᠤᠵᠦ ᠶᠠᠮᠠᠷ ᠨᠢᠭᠡᠨ ᠠ᠋ᠷᠳᠡᠮ ᠪᠤᠯᠪᠠᠰᠤᠷᠠᠯ᠎ᠳᠤ ᠲᠤᠷ᠎ᠠ ᠪᠠᠬ᠎ᠠ᠂ ᠰᠢᠨᠤᠯᠲᠠᠢ ᠪᠤᠯᠭ᠋ᠠᠵᠦ ᠲᠡᠶ᠋ᠢᠯᠪᠡᠯ ᠲᠡᠳᠡ ᠪᠣᠰᠣᠳ᠎ᠤᠨ ᠱᠠᠭ᠋ᠠᠷᠳᠠᠯᠭ᠎ᠠ ᠵᠢ ᠬᠦᠯᠢᠶᠡᠬᠦ ᠦᠭᠡᠢ᠎ᠪᠠᠷ ᠠᠶᠠᠨᠳᠠᠭ᠋ᠠᠨ ᠴᠢᠷᠮᠠᠶ᠋ᠢᠳᠠᠭ ᠪᠤᠯᠴᠢᠬᠠᠨ᠎ᠠ᠃ ᠠ᠋ᠨᠡ ᠲᠤᠬᠠᠢ 《ᠲᠤᠭᠳᠠᠮ ᠬᠦᠮᠦᠵᠢᠯ ᠬᠢᠭᠡᠳ ᠠᠪᠢᠶᠠᠰ ᠪᠢᠯᠢᠭᠳᠡᠨ》 ᠬᠡᠬᠦ ᠨᠤᠮ᠎ᠳᠤ 《ᠬᠡᠤᠬᠡᠳ᠎ᠤᠨ ᠬᠠᠯᠠᠭᠤᠨ ᠰᠡᠳᠬᠢᠯᠭᠡ ᠵᠢᠨ ᠭᠠᠯ ᠨᠣᠴᠤᠨ ᠲᠦᠷᠡᠯᠵᠡᠳᠡᠭ ᠯᠡ ᠪᠤᠯ ᠬᠤᠵᠢᠮ᠎ᠨᠢ ᠬᠦᠮᠦᠰ᠎ᠢ ᠰᠣᠴᠢᠭ᠋ᠠᠮᠠᠷ ᠬᠠᠳᠠᠭᠤᠵᠢᠯ ᠴᠢᠷᠮᠠᠶ᠋ᠢᠯᠳᠠ ᠪᠤᠯᠤᠨ ᠰᠦᠰᠦ ᠵᠣᠷᠢᠭ ᠪᠠᠳᠠᠷᠠᠨ ᠭᠠᠷᠴᠤ᠂ ᠠᠪᠢᠶᠠᠰ ᠪᠢᠯᠢᠭᠳᠡᠨᠢ ᠪᠤᠢ ᠪᠤᠯᠭ᠋ᠠᠵᠦ ᠴᠢᠳᠠᠳᠠᠭ ᠶᠤᠮ᠃ ᠠ᠋ᠶ᠋ᠢᠮᠦ᠎ᠠᠴᠠ ᠬᠠᠯᠠᠭᠤᠨ ᠰᠡᠳᠬᠢᠯᠭᠡ ᠪᠤᠯ ᠨᠢᠭᠡ ᠵᠦᠢ᠍ᠯ᠎ᠤᠨ ᠰᠢᠳᠢ ᠪᠤᠯᠬᠤ ᠲᠤᠯᠠ ᠣᠷᠴᠢᠯᠠᠩ᠎ᠤᠨ ᠭᠠᠶ᠋ᠢᠬᠠᠮᠰᠢᠭ᠎ᠢ ᠪᠦᠳᠦᠭᠡᠵᠦ ᠴᠢᠳᠠᠨ᠎ᠠ》 ᠭᠡᠵᠦ ᠪᠤᠳᠠᠳᠤ ᠵᠢᠱ᠌ᠢᠶ᠎ᠡ᠎ᠠᠴᠠ ᠬᠤᠷᠠᠮᠳᠤᠭᠤᠯᠤᠭᠰᠠᠨ ᠣᠨᠤᠯ ᠵᠶ᠋ᠠᠨ ᠲᠤᠷᠠᠳᠤᠭᠰᠠᠨ᠎ᠨᠢ ᠮᠠᠨ᠎ᠤ ᠠᠵᠢᠯᠯᠠᠭ᠎ᠠ᠎ᠳᠤ ᠵᠦᠭᠯᠡᠭᠦᠷ ᠪᠤᠯᠵᠦ ᠪᠠᠶ᠋ᠢᠨ᠎ᠠ! ④
《ᠮᠣᠳᠤ ᠵᠢ ᠵᠤᠯᠵᠠᠭ᠎ᠠ ᠪᠠᠶ᠋ᠢᠬᠤ᠎ᠳᠤ᠎ᠨᠢ ᠠᠩᠬᠠᠷᠤᠭᠰᠠᠨ ᠦᠭᠡᠢ᠂ ᠬᠠᠷᠢᠨ ᠪᠦᠳᠦᠭᠦᠨ ᠪᠦᠭᠳᠦᠷ ᠮᠤᠳᠤ ᠪᠤᠯᠤᠭᠰᠠᠨ ᠬᠤᠶ᠋ᠢᠨ᠎ᠠ ᠵᠠᠰᠠᠨ᠎ᠠ ᠭᠡᠳᠡᠭ ᠴᠢᠨᠢ ᠬᠡᠢ ᠬᠤᠭᠤᠰᠤᠨ ᠦᠭᠡ ᠪᠤᠯᠤᠨ᠎ᠠ᠃ ᠬᠡᠤᠬᠡᠳ᠎ᠢ ᠰᠤᠷᠭ᠋ᠠᠨ ᠬᠦᠮᠦᠵᠢᠭᠦᠯᠬᠦ᠎ᠳᠤ ᠮᠦᠨ ᠠ᠋ᠶ᠋ᠢᠮᠦ ᠪᠠᠶ᠋ᠢᠳᠠᠭ᠃ ᠪᠠᠭ᠎ᠠ᠎ᠠᠴᠠ᠎ᠨᠢ ᠰᠠᠶ᠋ᠢᠳᠤᠷ ᠬᠦᠮᠦᠵᠢᠭᠦᠯᠦᠭᠰᠡᠨ ᠦᠭᠡᠢ᠂ ᠬᠠᠷᠢᠨ ᠲᠡᠭᠦᠨ᠎ᠢ ᠲᠤᠮᠤ ᠪᠤᠯᠤᠭᠰᠠᠨ ᠬᠤᠶ᠋ᠢᠨ᠎ᠠ ᠬᠦᠮᠦᠵᠢᠭᠦᠯᠦᠨ᠎ᠡ ᠭᠡᠳᠡᠭ ᠴᠢᠨᠢ ᠪᠦᠷ ᠴᠠᠭ᠎ᠠᠴᠠ᠎ᠪᠠᠨ ᠬᠤᠴᠤᠷᠤᠭᠰᠠᠨ ᠶᠠᠪᠤᠳᠠᠯ ᠪᠤᠯᠤᠨ᠎ᠠ᠃ ᠠ᠋ᠶ᠋ᠢᠮᠦ᠎ᠠᠴᠠ ᠮᠣᠩᠭᠤᠯᠴᠤᠳ ᠭᠡᠷ᠎ᠤᠨ ᠬᠦᠮᠦᠵᠢᠯ᠎ᠤᠨ ᠦᠢ᠍ᠯᠡᠳᠦᠯᠭᠡ ᠵᠢᠨ ᠶᠠᠪᠤᠴᠠ᠎ᠳᠤ᠎ᠪᠠᠨ ᠬᠡᠤᠬᠡᠳ ᠵᠶ᠋ᠠᠨ 《ᠬᠦᠮᠦᠨ ᠪᠤᠯᠭ᠋ᠠᠬᠤ》᠎ᠳᠤ ᠪᠠᠭ᠎ᠠ᠎ᠠᠴᠠ᠎ᠨᠢ ᠭᠠᠷᠳᠠᠵᠦ ᠬᠦᠮᠦᠵᠢᠭᠦᠯᠬᠦ ᠠᠰᠠᠭᠤᠳᠠᠯ᠎ᠢ ᠮᠠᠰᠢ ᠴᠢᠬᠤᠯᠠᠴᠢᠯᠠᠳᠠᠭ ᠪᠠᠶ᠋ᠢᠵᠠᠢ》 ⑤᠃ ᠠ᠋ᠬᠡ ᠡᠴᠢᠭᠡ ᠵᠢ ᠣᠷᠤᠯᠠᠨ ᠰᠤᠷᠭ᠋ᠠᠨ ᠬᠦᠮᠦᠵᠢᠯ ᠬᠢᠵᠦ ᠪᠠᠶ᠋ᠢᠭ᠎ᠠ ᠪᠢᠳᠡ ᠰᠤᠷᠤᠭᠴᠢᠳ᠎ᠤᠨ ᠬᠦᠮᠦᠨ ᠮᠦᠰᠦ ᠵᠢ ᠴᠢᠬᠤᠯᠠᠴᠢᠯᠠᠨ 《ᠬᠦᠮᠦᠨ ᠪᠤᠯᠭ᠋ᠠᠵᠦ》 ᠨᠡᠶ᠋ᠢᠭᠡᠮ ᠨᠡᠶ᠋ᠢᠳᠡ᠎ᠳᠤ ᠲᠤᠰᠠᠳᠠᠢ ᠬᠦᠮᠦᠨ᠎ᠢ ᠪᠤᠶ᠋ᠢᠵᠢᠭᠤᠯᠬᠤ ᠬᠡᠷᠡᠭᠳᠡᠢ᠃ ᠢᠩᠬᠢᠪᠡᠯ ᠰᠠᠶᠢ ᠰᠤᠷᠭ᠋ᠠᠨ ᠬᠦᠮᠦᠵᠢᠯ᠎ᠤᠨ ᠵᠤᠷᠢᠯᠭ᠎ᠠ᠎ᠳᠤ᠎ᠪᠠᠨ ᠬᠦᠷᠴᠦ ᠴᠢᠳᠠᠨ᠎ᠠ᠃ ᠰᠤᠷᠭ᠋ᠠᠨ ᠬᠦᠮᠦᠵᠢᠯ᠎ᠤᠨ ᠶᠠᠮᠤᠨ᠎ᠠᠴᠠ 2017 ᠣᠨ᠎ᠳᠤ ᠲᠠᠷᠬᠠᠭ᠋ᠠᠭᠰᠠᠨ 《ᠲᠤᠮᠳᠠᠳᠤ ᠪᠠᠭ᠎ᠠ ᠰᠤᠷᠭ᠋ᠠᠭᠤᠯᠢ ᠵᠢᠨ ᠮᠤᠷᠠᠯ᠎ᠤᠨ ᠬᠦᠮᠦᠵᠢᠯ᠎ᠤᠨ ᠵᠦᠭᠯᠡᠭᠦᠷ》᠎ᠲᠤ 《ᠶᠤᠰᠤ ᠮᠤᠷᠠᠯ ᠵᠶ᠋ᠠᠷ ᠬᠦᠮᠦᠨ᠎ᠢ ᠬᠦᠮᠦᠵᠢᠭᠦᠯᠬᠦ ᠦᠨᠳᠦᠰᠦᠨ ᠠ᠋ᠭᠦᠷᠭᠡ ᠵᠢ ᠬᠦᠨᠵᠡᠭᠡᠢ ᠲᠤᠭᠤᠰᠢᠯᠠᠭᠤᠯᠵᠦ᠂ ᠲᠤᠮᠳᠠᠳᠤ ᠪᠠᠭ᠎ᠠ ᠰᠤᠷᠭ᠋ᠠᠭᠤᠯᠢ ᠵᠢᠨ ᠮᠤᠷᠠᠯ᠎ᠤᠨ ᠬᠦᠮᠦᠵᠢᠯ᠎ᠤᠨ ᠬᠠᠮᠢᠶᠠᠷᠤᠯᠳᠠ᠎ᠪᠠᠨ ᠴᠢᠩᠭ᠋ᠠᠳᠬᠠᠨ᠎ᠠ》 ᠭᠡᠵᠦ ᠲᠤᠳᠤᠷᠬᠠᠢ ᠲᠤᠭᠳᠠᠭ᠋ᠠᠭᠰᠠᠨ ᠪᠠᠶ᠋ᠢᠨ᠎ᠠ᠃
ᠠᠩᠬᠢ ᠵᠢᠨ ᠠ᠋ᠷᠬᠢᠯᠡᠭᠴᠢ ᠪᠠᠭᠰᠢ᠎ᠨᠢ ᠪᠦᠬᠦ ᠠᠩᠬᠢ ᠵᠢᠨ ᠰᠣᠷᠣᠭᠴᠢ ᠵᠢᠨ ᠢᠷᠡᠭᠡᠳᠣᠢ ᠵᠢᠨ ᠬᠠᠨᠳᠣᠰᠢ᠎ᠳᠤ ᠬᠦᠨᠳᠣ ᠴᠢᠬᠤᠯᠠ ᠨᠦᠯᠦᠬᠡᠯᠡᠬᠦ ᠬᠦᠴᠦᠨ᠎ᠲᠠᠢ ᠪᠠᠶ᠋ᠢᠳᠠᠭ᠃ ᠨᠢᠬᠡᠨ ᠰᠢᠯᠢᠳᠡᠭ ᠠᠩᠬᠢ ᠵᠢᠨ ᠠ᠋ᠷᠬᠢᠯᠡᠭᠴᠢ ᠪᠣᠯᠬᠤ᠎ᠨᠢ ᠲᠡᠷᠡ ᠨᠢᠬᠡᠨ ᠠᠩᠬᠢ ᠰᠣᠷᠣᠭᠴᠢ ᠵᠢᠨ ᠢᠷᠡᠭᠡᠳᠣᠢ ᠵᠢᠨ ᠬᠡᠷᠡᠯ ᠬᠢᠯᠪᠠᠭᠠᠯᠤᠭᠠ ᠰᠢᠭᠤᠳ ᠬᠤᠯᠪᠣᠭᠳᠠᠯ᠎ᠲᠠᠢ ᠪᠠᠶ᠋ᠢᠳᠠᠭ᠎ᠠᠴᠠ ᠪᠢᠳᠡ ᠰᠣᠷᠭ᠋ᠠᠭᠤᠯᠢ ᠵᠢ ᠭᠡᠷ ᠵᠶ᠋ᠠᠨ᠂ ᠰᠣᠷᠣᠭᠴᠢ ᠵᠢ ᠬᠡᠤᠬᠡᠳ ᠵᠶ᠋ᠠᠨ ᠰᠢᠭ ᠪᠤᠳᠤᠵᠤ ᠬᠠᠶ᠋ᠢᠷ᠎ᠠ ᠵᠢᠨ ᠰᠡᠳᠬᠢᠯ ᠵᠶ᠋ᠠᠷ ᠬᠠᠷᠢᠭᠤᠴᠠᠯᠭ᠎ᠠ᠎ᠪᠠᠨ ᠬᠦᠢ᠍ᠴᠡᠳᠭᠡᠵᠤ ᠪᠠᠶ᠋ᠢᠪᠠᠯ ᠠᠯᠢᠪᠠ ᠣᠴᠢᠷ ᠰᠠᠨᠠᠭ᠋ᠠᠨ᠎ᠤ ᠠᠶ᠎ᠠ᠎ᠪᠠᠷ ᠪᠦᠳᠦᠬᠦ᠎ᠨᠢ ᠯᠠᠪᠳᠠᠢ ᠶᠤᠮ ᠡ᠃
《ᠬᠡᠤᠬᠡᠳ ᠠ᠋ᠬᠡ᠎ᠠᠴᠠ ᠨᠢᠬᠡ ᠲᠦᠷᠦᠳᠡᠭ᠂ ᠪᠠᠭᠰᠢ᠎ᠠᠴᠠ ᠲᠡᠬᠢᠨ ᠲᠦᠷᠦᠳᠡᠭ》 ᠭᠡᠳᠡᠭ ᠵᠶ᠋ᠠᠷ ᠠᠩᠭᠢ ᠵᠢᠨ ᠠ᠋ᠷᠬᠢᠯᠡᠭᠴᠢ ᠪᠠᠭᠰᠢ ᠵᠢᠨ ᠴᠢᠷᠮᠠᠶ᠋ᠢᠯᠭ᠎ᠠ ᠪᠠ ᠰᠦᠪᠡᠭᠴᠢᠯᠡᠯ ᠪᠤᠯ ᠰᠤᠷᠤᠭᠴᠢᠳ᠎ᠤᠨ ᠭᠡᠷᠡᠯᠳᠦ ᠴᠠᠮᠬᠠᠭ ᠪᠤᠯᠬᠤ ᠶᠤᠮ᠃ 《ᠬᠡᠤᠬᠡᠳ ᠨᠢᠬᠡ ᠠ᠋ᠷᠳᠡᠨᠢ᠂ ᠬᠦᠮᠦᠵᠢᠯ ᠮᠢᠩᠭ᠋ᠠᠨ ᠠ᠋ᠷᠳᠡᠨᠢ》 ᠰᠢᠦ!
ᠵᠡᠭᠦᠯᠳᠡ᠄
[1] ᠸᠠᠩ ᠹᠸᠩ ᠯᠸᠢ᠄ 《ᠰᠤᠷᠭ᠋ᠠᠨ ᠬᠦᠮᠦᠵᠢᠯ》᠂ ᠦᠪᠦᠷ ᠮᠣᠩᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ᠂ 2006 ᠣᠨ᠎ᠤ 1 ᠰᠠᠷ᠎ᠠ᠂ 51 ᠳ᠋ᠤᠭᠡᠷ ᠨᠢᠭᠤᠷ᠃
[2] ᠸ᠊ · ᠠ᠊ · ᠰᠦᠬᠤᠮᠯᠢᠨ᠋ᠰᠺᠢ ᠵᠢᠨ 《ᠪᠠᠭᠰᠢ ᠨᠠᠷ᠎ᠲᠤ ᠦᠭᠭᠦᠭᠰᠡᠨ ᠰᠠᠨᠠᠭᠤᠯᠭ᠎ᠠ》 (ᠠᠷᠤ ᠬᠤᠷᠴᠢᠨ᠎ᠤ ᠴᠢᠪᠠᠭ᠎ᠠ ᠲᠠᠪᠤᠳᠤᠭ᠋ᠠᠷ ᠲᠤᠮᠳᠠᠳᠤ ᠰᠤᠷᠭ᠋ᠠᠭᠤᠯᠢ ᠨᠠᠶ᠋ᠢᠷᠠᠭᠤᠯᠤᠨ ᠣᠷᠴᠢᠭᠤᠯᠤᠭᠰᠠᠨ)᠂ ᠯᠢᠶᠣᠤᠨᠢᠩ᠎ᠤᠨ ᠦᠨᠳᠦᠰᠦᠳᠡᠨ᠎ᠤ ᠬᠡᠪᠯᠡᠯ᠎ᠤᠨ ᠬᠤᠷᠢᠶ᠎ᠠ᠂ 2018 ᠣᠨ᠎ᠤ 11 ᠰᠠᠷ᠎ᠠ᠂ 425 ᠳ᠋ᠤᠭ᠋ᠠᠷ ᠨᠢᠭᠤᠷ᠃
[3] ᠸᠸᠢ ᠱᠤ᠌ ᠱᠸᠩ᠄ 《ᠠᠩᠬᠢ ᠵᠢᠨ ᠠ᠋ᠷᠬᠢᠯᠡᠭᠴᠢ ᠵᠢᠨ ᠠᠵᠢᠯ᠎ᠤᠨ ᠲᠤᠬᠠᠢ ᠶᠠᠷᠢᠯᠴᠠᠭ᠋ᠠᠨ》 (ᠬᠢᠳᠠᠳ ᠬᠡᠪᠯᠡᠯ)᠂ ᠯᠢᠵᠢᠶᠠᠩ ᠬᠡᠪᠯᠡᠯ᠎ᠤᠨ ᠬᠤᠷᠢᠶ᠎ᠠ᠂ 2010 ᠣᠨ᠎ᠤ 5 ᠰᠠᠷ᠎ᠠ᠂ 98 ᠳ᠋ᠤᠭ᠋ᠠᠷ ᠨᠢᠭᠤᠷ᠃
[4] ᠺᠢᠮᠤᠷᠠ ᠾᠢᠰᠠᠶᠢᠴᠢ᠄ 《ᠲᠤᠭᠳᠠᠮ ᠬᠦᠮᠦᠵᠢᠯ ᠬᠢᠭᠡᠳ ᠠᠪᠢᠶᠠᠰ ᠪᠢᠯᠢᠭᠳᠡᠨ》 (ᠪᠠᠶᠠᠨᠬᠦᠦ ᠮᠣᠩᠭᠤᠯᠴᠢᠯᠠᠪᠠ)᠂ ᠦᠪᠦᠷ ᠮᠣᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 2018 ᠣᠨ᠎ᠤ 6 ᠰᠠᠷ᠎ᠠ᠂ 141 ᠳ᠋ᠤᠭᠡᠷ ᠨᠢᠭᠤᠷ᠃
[5] ᠺᠢᠮᠤᠷᠠ ᠾᠢᠰᠠᠶᠢᠴᠢ᠄ 《ᠲᠤᠭᠳᠠᠮ ᠬᠦᠮᠦᠵᠢᠯ ᠬᠢᠭᠡᠳ ᠠᠪᠢᠶᠠᠰ ᠪᠢᠯᠢᠭᠳᠡᠨ》 (ᠪᠠᠶᠠᠨᠬᠦᠦ ᠮᠣᠩᠭᠤᠯᠴᠢᠯᠠᠪᠠ)᠂ ᠦᠪᠦᠷ ᠮᠣᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 2018 ᠣᠨ᠎ᠤ 6 ᠰᠠᠷ᠎ᠠ᠂ 802 ᠳ᠋ᠤᠭ᠋ᠠᠷ ᠨᠢᠭᠤᠷ᠃
ᠬᠠᠶᠢᠬ᠄ ᠣᠩᠨᠢᠭᠤᠳ ᠬᠤᠰᠢᠭᠤᠨ᠎ᠤ ᠪᠣᠷᠤᠬᠤᠳᠠ ᠮᠤᠩᠭᠤᠯ ᠲᠤᠮᠳᠠᠳᠤ ᠰᠤᠷᠭ᠋ᠠᠭᠤᠯᠢ
(ᠠ᠋ᠾᠤᠢ᠍ᠩ ᠮᠸᠢ ᠨᠠᠢ᠍ᠢ᠍ᠷᠠᠭᠤᠯᠪᠠ)
2020.4 ᠳ᠋ᠦ᠍ᠭᠡᠷ ᠬᠤᠭᠤᠴᠠᠭ᠎ᠠ