ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠨᠢᠭᠡᠨ ᠰᠠᠢ᠍ᠢ᠍ᠨ ᠠᠨᠭ᠌ᠬᠢ ᠵᠢᠨ ᠠ᠋ᠷᠬᠢᠯᠡᠭᠴᠢ ᠪᠤᠯᠬᠤ᠎ᠳᠤ
ᠨᠡᠶ᠋ᠢᠲᠡᠯᠡᠭᠰᠡᠨ ᠴᠠᠭ᠄ 2020-04-10

                            ᠱᠣ᠌ ᠮᠸᠢ   ᠴᠢᠨᠳᠠᠮᠤᠨᠢ


      ᠪᠠᠭ᠎ᠠ ᠰᠤᠷᠭ᠋ᠠᠭᠤᠯᠢ ᠵᠢᠨ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠠ᠋ᠭᠦᠷᠭᠡᠯᠡᠬᠦ᠎ᠠᠴᠠ ᠠ᠋ᠮᠦᠨ᠎ᠡ ᠳᠤᠮᠳᠠᠳᠤ ᠰᠤᠷᠭ᠋ᠠᠭᠤᠯᠢ ᠵᠢᠨ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠲᠠᠭ᠋ᠠᠭ᠋ᠠᠴᠢᠯᠠᠨ ᠬᠢᠵᠦ ᠪᠠᠶ᠋ᠢᠭᠰᠠᠨ ᠪᠣᠯᠬᠤᠷ ᠦᠨᠭᠭᠡᠷᠡᠭᠰᠡᠨ ᠵᠢᠯ᠎ᠤᠳ᠎ᠤᠨ ᠤᠯᠵᠤ ᠠᠯᠳᠠᠭᠰᠠᠨ ᠲᠤᠷᠰᠢᠯᠭ᠎ᠠ᠎ᠪᠠᠨ ᠳ᠋ᠦᠩᠨᠡᠵᠦ᠂ ᠬᠡᠦᠬᠡᠳ ᠵᠶ᠋ᠠᠨ ᠲᠣᠰᠴᠤ ᠠᠪᠤᠭᠰᠠᠨ ᠠ᠋ᠳᠦᠷ᠎ᠠᠴᠠ ᠥᠪᠡᠷ᠎ᠤᠨ ᠬᠡᠦᠬᠡᠳ ᠵᠶ᠋ᠠᠨ ᠰᠢᠭ ᠬᠠᠶ᠋ᠢᠷᠠᠯᠠᠵᠤ᠂ ᠭᠡᠷ᠎ᠤᠨ ᠠᠬᠠᠮᠠᠳ᠎ᠢ ᠰᠠᠳᠤᠨ ᠲᠥᠷᠥᠯ ᠵᠶ᠋ᠠᠨ ᠰᠢᠭ ᠬᠦᠨᠳᠦᠳᠬᠡᠵᠦ ᠶᠠᠪᠤᠭᠰᠠᠨ᠎ᠠᠴᠠ ᠠᠵᠢᠯ ᠮᠠᠨᠢ ᠴᠦ᠍ ᠮᠠᠰᠢ ᠤᠷᠤᠭᠰᠢᠳᠠᠢ ᠪᠠᠢ᠍ᠢ᠍ᠭᠰᠠᠨ ᠶᠤᠮ᠃ ᠲᠤᠤᠷᠠᠬᠢ ᠪᠤᠯ ᠮᠢᠨᠦ ᠠᠨᠭ᠌ᠬᠢ ᠵᠢᠨ ᠠ᠋ᠷᠬᠢᠯᠡᠭᠴᠢ ᠵᠢᠨ ᠠᠵᠢᠯ᠎ᠢ ᠠ᠋ᠭᠦᠷᠭᠡᠯᠡᠨ ᠬᠢᠭᠰᠡᠨ ᠤᠯᠤᠯᠳᠠ ᠲᠦᠷᠦᠭᠳᠡᠯ ᠮᠦᠨ᠃
     1. ᠠᠩᠭᠢ ᠵᠢᠨ ᠠ᠋ᠷᠬᠢᠯᠡᠭᠴᠢ ᠪᠣᠯᠣᠭᠰᠠᠳ ᠰᠤᠷᠤᠭᠴᠢ ᠵᠢᠨ ᠰᠢᠯᠢᠳᠡᠭ ᠲᠠᠯ᠎ᠠ ᠪᠤᠶᠤ ᠭᠢᠯᠠᠰ ᠴᠡᠭ᠎ᠢ ᠣᠯᠵᠤ ᠢᠯᠡᠷᠡᠭᠦᠯᠭᠦ ᠭᠡᠷᠡᠭᠳᠠᠢ᠃ ᠲᠡᠳᠡᠨ᠎ᠢ ᠢᠯᠡᠭᠦᠦ ᠵᠣᠷᠢᠬ᠍ᠵᠢᠭᠤᠯᠵᠤ᠂ ᠳᠤᠲᠠᠭᠳᠠᠯ᠎ᠲᠠᠢ ᠲᠠᠯ᠎ᠠ ᠵᠢ᠎ᠨᠢ ᠵᠠᠰᠠᠨ ᠰᠠᠢ᠍ᠢ᠍ᠵᠢᠷᠠᠭᠤᠯᠬᠤ ᠠᠷᠭ᠎ᠠ ᠬᠡᠮᠵᠢᠶ᠎ᠡ ᠠᠪᠤᠪᠠᠯ ᠦᠷ᠎ᠡ ᠪᠦᠳᠤᠮᠵᠢ᠎ᠨᠢ ᠮᠠᠰᠢ ᠥᠨᠳᠥᠷ ᠪᠠᠶ᠋ᠢᠳᠠᠭ᠃ ᠠ᠋ᠳᠦᠷᠵᠢᠨ ᠰᠤᠷᠤᠭᠴᠢ ᠵᠢᠨ ᠳᠤᠲᠠᠭᠳᠠᠯ᠎ᠲᠠᠢ ᠲᠠᠯ᠎ᠠ ᠵᠢ ᠶᠠᠷᠢᠭ᠋ᠠᠳ ᠪᠠᠶ᠋ᠢᠪᠠᠯ ᠰᠤᠷᠤᠭᠴᠢᠳ ᠲᠡᠮᠡᠴᠡᠬᠦ ᠬᠠᠷᠠᠯᠲᠠ ᠦᠭᠡᠢ ᠪᠣᠯᠬᠤ ᠲᠤᠯᠠ ᠰᠢᠯᠢᠳᠡᠭ ᠲᠠᠯ᠎ᠠ ᠵᠢ᠎ᠨᠢ ᠢᠯᠡᠭᠦᠦ ᠶᠠᠷᠢᠵᠤ᠂ ᠰᠤᠷᠤᠭᠴᠢᠳ᠎ᠤᠨ ᠳᠠᠪᠰᠢᠯᠲᠠ ᠵᠢ ᠲᠡᠷᠡ ᠳᠠᠷᠤᠢ᠎ᠳᠤ᠎ᠨᠢ ᠮᠡᠳᠡᠷᠡᠵᠦ᠂ ᠵᠣᠷᠢᠬ᠍ᠵᠢᠭᠤᠯᠤᠯ᠎ᠤᠨ ᠪᠣᠳᠠᠰ ᠪᠤᠶᠤ ᠭᠦᠬᠢᠭᠦᠯᠦᠯ ᠦᠭᠪᠡᠯ ᠰᠤᠷᠤᠭᠴᠢ ᠵᠢ ᠠᠶᠠᠨᠳᠠᠭ᠋ᠠᠨ ᠳᠡᠭᠡᠭᠰᠢᠯᠡᠬᠦ ᠬᠠᠷᠠᠯᠲᠠ᠎ᠲᠠᠢ ᠪᠣᠯᠭ᠋ᠠᠨ᠎ᠠ᠃
      ᠮᠢᠨᠤ ᠠᠩᠭᠢ ᠵᠢᠨ ᠨᠢᠭᠡᠨ ᠰᠤᠷᠤᠭᠴᠢ ᠬᠠᠷᠠᠭ᠍ᠠᠨ ᠪᠠᠭ᠎ᠠ᠎ᠠᠴᠠ᠎ᠪᠠᠨ ᠭᠡᠷ ᠪᠦᠯᠢ᠎ᠳᠤ᠎ᠨᠢ ᠵᠣᠯ ᠪᠤᠰᠤ ᠤᠴᠢᠷ ᠲᠠᠰᠤᠷᠠᠭ᠍ᠤ ᠦᠭᠡᠢ᠂ ᠠᠪᠤ ᠡᠵᠢ᠎ᠨᠢ ᠦᠷᠭᠦᠯᠵᠢ ᠬᠡᠷᠡᠭᠦᠯ ᠵᠢᠭᠤᠷᠠᠭ᠋ᠠᠨ ᠬᠢᠳᠡᠭ ᠮᠦᠷᠳᠡᠭᠡᠨ ᠰᠡᠭᠦᠯ᠎ᠳᠤ᠎ᠨᠢ ᠣᠷᠤᠭ ᠰᠠᠯᠵᠤ ᠲᠡᠷᠡ ᠰᠤᠷᠤᠭᠴᠢ ᠡᠵᠢ᠎ᠲᠠᠢ᠎ᠪᠠᠨ ᠬᠠᠮᠲᠤ ᠠᠮᠢᠳᠤᠷᠠᠳᠠᠬ᠃ ᠲᠣᠰ ᠰᠤᠷᠤᠭᠴᠢ ᠪᠡᠶ᠎ᠡ᠎ᠳᠤ᠎ᠪᠠᠨ ᠢᠲᠡᠭᠡᠯ ᠦᠭᠡᠢ᠂ ᠳᠣᠣᠭᠤᠷ ᠬᠠᠷᠠᠵᠤ ᠳᠣᠷᠣᠢ ᠳᠤᠤᠭ᠋ᠠᠷᠳᠠᠭ ᠪᠥᠭᠡᠳ ᠪᠠᠰᠠ ᠳᠠᠯᠳᠠᠭᠤᠷ ᠬᠡᠷᠡᠭ ᠬᠢᠳᠡᠭ ᠵᠠᠩ᠎ᠲᠠᠢ᠃ ᠥᠩᠭᠡᠷᠡᠭᠰᠡᠨ᠎ᠳᠤ ᠶᠠᠩᠵᠤ ᠵᠢᠨ ᠠᠷᠭ᠎ᠠ ᠠᠪᠴᠤ ᠬᠡᠯᠡᠵᠦ ᠰᠤᠷᠭ᠋ᠠᠨ ᠵᠢᠭ᠋ᠠᠨ ᠵᠢᠯᠣᠭᠤᠳᠤᠭᠰᠠᠨ ᠪᠣᠯᠪᠠᠴᠤ ᠥᠪᠡᠷ᠎ᠤᠨ ᠨᠠᠵᠠᠭ᠋ᠠᠢ ᠵᠠᠩ ᠵᠶ᠋ᠠᠨ ᠬᠠᠯᠠᠵᠤ ᠰᠠᠶ᠋ᠢᠵᠢᠷᠠᠭᠤᠯᠬᠤ ᠮᠠᠶᠢᠭ ᠦᠭᠡᠢ ᠪᠠᠶ᠋ᠢᠯ᠎ᠠ᠃ ᠰᠡᠭᠦᠯᠡᠷ᠎ᠨᠢ ᠲᠣᠰ ᠰᠤᠷᠤᠭᠴᠢ ᠵᠢᠨ ᠳᠠᠭᠤᠤ ᠰᠠᠢ᠍ᠢ᠍ᠬᠠᠨ ᠳᠠᠭᠤᠯᠠᠳᠠᠬ᠎ᠢ ᠣᠯᠵᠤ ᠮᠡᠳᠡᠭᠡᠳ ᠲᠡᠭᠦᠨ᠎ᠢ ᠣᠯᠠᠨ᠎ᠤ ᠠ᠋ᠮᠦᠨ᠎ᠡ ᠮᠠᠭᠲᠠᠨ ᠰᠠᠶ᠋ᠢᠰᠢᠶᠠᠵᠤ᠂ ᠲᠡᠷᠡ ᠳᠠᠷᠤᠢ᠎ᠳᠤ᠎ᠨᠢ ᠤᠷᠠᠨ ᠰᠠᠢ᠍ᠢ᠍ᠬᠠᠨ᠎ᠤ ᠭᠡᠰᠢᠭᠦᠨ ᠪᠤᠯᠭ᠋ᠠᠬᠤ ᠵᠢᠨ ᠲᠠᠭ᠋ᠠᠤ ᠵᠠᠪᠰᠠᠷᠯᠠᠭ᠎ᠠ᠎ᠶᠢᠨ ᠲᠠᠮᠢᠷ᠎ᠢ ᠳᠠᠭ᠋ᠠᠭᠤᠯᠵᠤ ᠬᠢᠬᠦ ᠠ᠋ᠭᠦᠷᠭᠡ ᠵᠢ ᠲᠤᠰᠢᠶᠠᠭᠰᠠᠨ᠎ᠠᠴᠠ ᠲᠤᠩ ᠤᠷᠮ᠎ᠠ ᠵᠣᠷᠢᠭ᠎ᠲᠠᠢ ᠪᠣᠯᠵᠤ᠂ ᠨᠦᠭᠦᠳ ᠵᠠᠭᠤᠷ᠎ᠠ ᠵᠢᠨ ᠬᠠᠷᠢᠴᠠᠭ᠎ᠠ ᠴᠦ᠍ ᠰᠠᠢ᠍ᠢ᠍ᠵᠢᠷᠠᠭᠰᠠᠨ ᠪᠠᠢ᠍ᠢ᠍ᠪᠠ᠃
     2. ᠠᠨᠭ᠌ᠬᠢ ᠵᠢᠨ ᠠ᠋ᠷᠬᠢᠯᠡᠭᠴᠢ ᠪᠤᠯᠤᠭᠰᠠᠳ ᠬᠠᠷᠢᠭᠤᠴᠠᠯᠭ᠎ᠠ ᠭᠡᠳᠡᠭ᠎ᠢ ᠲᠡᠷᠢᠭᠦᠨ᠎ᠳᠤ ᠲᠠᠯᠪᠢᠬᠤ ᠭᠡᠷᠡᠭᠳᠠᠢ᠃ ᠬᠥᠮᠥᠨ᠎ᠤ ᠨᠢᠭᠡ ᠨᠠᠰᠤᠨ᠎ᠳᠤ ᠰᠠᠶ᠋ᠢᠨ ᠪᠠᠭᠰᠢ᠂ ᠬᠠᠷᠢᠭᠤᠴᠠᠯᠭ᠎ᠠ᠎ᠲᠠᠢ ᠪᠠᠭᠰᠢ ᠲᠣᠬᠢᠶᠠᠯᠳᠤᠬᠤ ᠪᠣᠯ ᠠᠮᠠᠷ ᠦᠭᠡᠢ ᠤᠴᠢᠷ ᠶᠤᠮ᠃ ᠪᠠᠭᠰᠢ ᠬᠥᠮᠥᠨ ᠬᠠᠷᠢᠭᠤᠴᠠᠯᠭ᠎ᠠ ᠠᠯᠳᠠᠪᠠᠯ ᠢᠲᠡᠭᠡᠯ ᠵᠶ᠋ᠠᠨ ᠠᠯᠳᠠᠯ᠎ᠠ ᠭᠡᠰᠡᠨ ᠦᠭᠡ᠃ 3. ᠠᠨᠭ᠌ᠬᠢ ᠵᠢᠨ ᠠ᠋ᠷᠬᠢᠯᠡᠭᠴᠢ᠎ᠠᠴᠠ ᠬᠠᠮᠳᠤ ᠨᠠᠢ᠍ᠢ᠍ᠳᠠ ᠭᠡᠭᠦ ᠤᠢ᠍ᠢ᠍ᠯᠠᠭ᠋ᠠᠭᠳᠠᠬᠤᠨ᠎ᠢ ᠴᠢᠨᠭ᠌ᠭ᠋ᠠᠳᠬᠠᠬᠤ ᠭᠡᠷᠡᠭᠳᠠᠢ᠃
     《ᠬᠠᠷᠢᠯᠴᠠᠨ ᠬᠠᠪᠰᠤᠷᠤᠯᠴᠠᠵᠤ ᠬᠠᠮᠲᠤ᠎ᠪᠠᠷ ᠳᠠᠪᠰᠢᠬᠤ》 ᠪᠣᠯ ᠪᠢᠳᠠᠨ᠎ᠤ ᠤᠷᠢᠶ᠎ᠠ᠃ ᠰᠤᠷᠤᠭᠴᠢ ᠪᠣᠯᠣᠭᠰᠠᠳ ᠪᠤᠰᠤᠳ᠎ᠢ ᠬᠠᠪᠰᠤᠷᠬᠤ ᠪᠣᠯ ᠨᠢᠭᠡ ᠵᠦᠢ᠍ᠯ᠎ᠤᠨ ᠰᠠᠢ᠍ᠢ᠍ᠨ ᠣᠪᠣᠷ ᠰᠤᠷᠲᠠᠯ ᠮᠦᠨ᠃ 《ᠰᠤᠷᠲᠠᠯ ᠲᠥᠪ ᠪᠣᠯᠪᠠᠰᠤ ᠳᠠᠭᠤᠷᠢᠶᠠᠯ᠂ ᠰᠤᠷᠭ᠋ᠠᠯ ᠲᠥᠪ ᠪᠣᠯᠪᠠᠰᠤ ᠬᠡᠪ》 ᠭᠡᠳᠡᠭ᠎ᠨᠢ ᠪᠠᠭᠰᠢ ᠪᠣᠯᠣᠭᠰᠠᠳ ᠵᠠᠪᠠᠯ ᠥᠪᠡᠷ᠎ᠤᠨ ᠪᠡᠶ᠎ᠡ᠎ᠪᠠᠷ ᠵᠶ᠋ᠠᠨ ᠬᠡᠪ ᠳᠠᠭᠤᠷᠢᠶᠠᠯ ᠪᠣᠯᠬᠤ ᠭᠡᠰᠡᠨ ᠦᠭᠡ ᠪᠣᠯᠣᠨ᠎ᠠ᠃ ᠵᠠᠷᠢᠮ ᠦᠶᠡᠰ ᠰᠤᠷᠤᠯᠭ᠎ᠠ ᠰᠠᠶ᠋ᠢᠨ ᠰᠤᠷᠤᠭᠴᠢᠳ ᠬᠠᠮᠲᠤ ᠨᠥᠬᠦᠳ᠎ᠤᠨ ᠬᠠᠷᠢᠴᠠᠭ᠎ᠠ ᠪᠣᠯᠣᠨ ᠨᠡᠶ᠋ᠢᠭᠡᠮ᠎ᠤᠨ ᠬᠠᠷᠢᠴᠠᠭ᠎ᠠ ᠵᠢ ᠣᠮᠲᠣᠭ᠋ᠠᠶ᠋ᠢᠯᠠᠳᠠᠭ᠃
      ᠮᠢᠨᠤ ᠠᠩᠭᠢ ᠵᠢᠨ ᠨᠢᠭᠡᠨ ᠰᠤᠷᠤᠭᠴᠢ ᠵᠢᠨ ᠰᠤᠷᠤᠯᠭ᠎ᠠ ᠮᠠᠰᠢ ᠰᠠᠶ᠋ᠢᠨ᠂ ᠭᠡᠲᠡᠯ᠎ᠡ ᠠ᠋ᠳᠦᠷᠵᠢᠨ ᠤᠷᠤᠭᠤ ᠴᠢᠷᠠᠶ᠋ᠢᠯᠠᠨ ᠬᠠᠮᠲᠤ ᠨᠥᠬᠦᠳ᠎ᠲᠠᠢ᠎ᠪᠠᠨ ᠨᠠᠭ᠋ᠠᠳᠬᠤ ᠳᠤᠷ᠎ᠠ ᠦᠭᠡᠢ᠂ ᠬᠡᠦᠬᠡᠳ ᠬᠥᠮᠥᠨ᠎ᠤ ᠳᠡᠭᠵᠢᠨ ᠵᠠᠩ ᠪᠠᠶ᠋ᠢᠬᠤ ᠦᠭᠡᠢ᠃ ᠦᠷᠭᠦᠯᠵᠢ ᠥᠪᠡᠷ᠎ᠤᠨ ᠣᠷᠣ ᠳᠡᠭᠡᠷ᠎ᠡ᠎ᠪᠠᠨ ᠨᠣᠮ ᠱᠠᠭ᠋ᠠᠶ᠋ᠢᠨ ᠰᠠᠭᠤᠳᠠᠭ᠃ ᠠ᠋ᠨᠡ ᠬᠦ᠌ ᠪᠠᠶ᠋ᠢᠳᠠᠯ᠎ᠢ ᠰᠤᠷᠤᠭᠴᠢ ᠵᠢᠨ ᠠᠪᠤ ᠡᠵᠢ᠎ᠳᠤ ᠲᠤᠰᠬᠠᠭᠰᠠᠨ᠎ᠤ ᠰᠡᠭᠦᠯᠡᠷ ᠣᠯᠠᠨ ᠤᠳᠠᠭ᠎ᠠ ᠰᠤᠷᠤᠭᠴᠢ᠎ᠲᠠᠢ ᠶᠠᠷᠢᠯᠴᠠᠵᠤ᠂ ᠠᠪᠤ ᠡᠵᠢ᠎ᠨᠢ ᠪᠠᠰᠠ ᠦᠷᠭᠦᠯᠵᠢ ᠬᠠᠷᠠᠵᠤ ᠬᠠᠷᠠᠭ᠋ᠠᠯᠵᠠᠭᠰᠠᠨ᠎ᠠᠴᠠ ᠣᠳᠣ ᠠᠩᠭᠢ ᠵᠢᠨ ᠳᠠᠷᠤᠭ᠎ᠠ ᠪᠤᠯᠵᠤ᠂ ᠮᠠᠰᠢ ᠰᠠᠶ᠋ᠢᠨ ᠢᠯᠡᠷᠡᠯ᠎ᠲᠠᠢ ᠪᠤᠯᠵᠠᠢ᠃ ᠠ᠋ᠨᠡ ᠦᠨᠡᠬᠡᠷ 《ᠬᠠᠰ ᠬᠡᠳᠦᠢ ᠰᠠᠶ᠋ᠢᠬᠠᠨ ᠪᠣᠯᠪᠠᠴᠤ ᠰᠡᠶ᠋ᠢᠯᠵᠦ ᠤᠷᠠᠯᠠᠭ᠍ᠤ ᠦᠭᠡᠢ ᠪᠣᠯ ᠴᠢᠯᠠᠭᠤ ᠬᠡᠪ ᠵᠶ᠋ᠠᠷ ᠵᠶ᠋ᠠᠨ᠂ ᠬᠥᠮᠥᠨ ᠬᠡᠳᠦᠶ᠋ᠢᠪᠡᠷ ᠰᠡᠴᠡᠨ ᠮᠡᠷᠭᠡᠨ ᠪᠣᠯᠪᠠᠴᠤ ᠬᠡᠯᠡᠵᠦ ᠵᠢᠭ᠋ᠠᠵᠤ ᠰᠤᠷᠭ᠋ᠠᠬᠤ ᠦᠭᠡᠢ ᠪᠣᠯ ᠪᠠᠰᠠ ᠴᠦ᠍ ᠠ᠋ᠮᠵᠡᠭ ᠳᠤᠲᠠᠭᠳᠠᠯ᠎ᠲᠠᠢ ᠪᠠᠢ᠍ᠢ᠍ᠳᠠᠬ》 ᠭᠡᠳᠡᠭ᠎ᠢ ᠬᠠᠷᠠᠭᠤᠯᠤᠭᠰᠠᠨ ᠠᠮᠢᠳᠤ ᠵᠢᠱ᠌ᠢᠶ᠎ᠠ ᠪᠢᠰᠢᠤ᠃
     3. ᠠᠨᠭ᠌ᠬᠢ ᠵᠢᠨ ᠠ᠋ᠷᠬᠢᠯᠡᠭᠴᠢ ᠪᠤᠯᠤᠭᠰᠠᠳ ᠵᠢᠭ᠋ᠠᠨ ᠰᠤᠷᠭ᠋ᠠᠯᠳᠠ᠎ᠠᠴᠠ ᠭᠠᠳᠠᠨᠠᠬᠢ ᠡᠯ᠎ᠠ ᠲᠠᠯ᠎ᠠ ᠵᠢᠨ ᠠᠵᠢᠯ᠎ᠢ ᠰᠠᠢ᠍ᠢ᠍ᠳᠤᠷ ᠬᠢᠭᠦ ᠭᠡᠷᠡᠭᠳᠠᠢ᠃ ᠨᠢᠭᠡ ᠬᠥᠮᠥᠨ᠎ᠤ ᠥᠰᠴᠦ ᠲᠥᠷᠥᠭᠰᠡᠨ ᠣᠷᠴᠢᠨ ᠲᠣᠭᠤᠷᠢᠨ᠎ᠨᠢ ᠲᠡᠭᠦᠨ᠎ᠤ ᠰᠢᠯᠢᠳᠡᠭ ᠰᠠᠶ᠋ᠢᠨ ᠵᠠᠩ ᠳᠠᠳᠬᠠᠯ᠎ᠤᠨ ᠬᠥᠮᠥᠵᠢᠯ᠎ᠳᠤ ᠮᠠᠰᠢ ᠶᠡᠭᠡ ᠲᠤᠰᠠ ᠳᠡᠮᠵᠢᠯᠭᠡ ᠪᠤᠯᠳᠠᠬ ᠪᠣᠯ ᠰᠤᠷᠭ᠋ᠠᠭᠤᠯᠢ᠎ᠳᠤ ᠤᠷᠤᠭᠰᠠᠨ᠎ᠤ ᠲᠠᠷᠠᠭ᠋ᠠᠬᠢ ᠠ᠋ᠷᠡᠭᠦᠯ ᠬᠠᠮᠠᠭ᠋ᠠᠯᠠᠯ᠎ᠢ ᠠ᠋ᠷᠬᠢᠮᠯᠡᠭᠦ᠂ ᠰᠢᠯᠢᠳᠡᠭ ᠰᠠᠢ᠍ᠢ᠍ᠨ ᠶᠤᠰᠤ ᠰᠤᠷᠳᠠᠬᠤᠨ᠎ᠲᠠᠢ ᠪᠤᠯᠬᠤ ᠵᠡᠷᠭᠡ᠎ᠨᠢ ᠲᠡᠳᠡᠨᠦᠰ᠎ᠤᠨ ᠬᠤᠶ᠋ᠢᠰᠢᠳᠠ ᠵᠢᠨ ᠵᠠᠮ᠎ᠳᠤ ᠮᠠᠰᠢ ᠶᠡᠭᠡ ᠲᠤᠰᠠ ᠳᠡᠮᠵᠢᠯᠭᠡ ᠪᠣᠯᠬᠤ᠎ᠨᠢ ᠶᠠᠷᠢᠶᠠᠨ ᠦᠭᠡᠢ᠃ ᠡ᠊ᠨᠡ ᠪᠤᠯ ᠠᠩᠭᠢ ᠵᠢᠨ ᠠ᠋ᠷᠬᠢᠯᠡᠭᠴᠢ ᠪᠣᠯᠣᠭᠰᠠᠳ᠎ᠤᠨ ᠳᠠᠷᠬᠠᠨ ᠠ᠋ᠭᠦᠷᠭᠡ ᠮᠦᠨ᠃
     4. ᠠᠨᠭ᠌ᠬᠢ ᠵᠢᠨ ᠠ᠋ᠷᠬᠢᠯᠡᠭᠴᠢ ᠪᠤᠯᠤᠭᠰᠠᠳ ᠭᠡᠷ᠎ᠤᠨ ᠠᠬᠠᠮᠠᠳ᠎ᠲᠠᠢ ᠬᠠᠷᠢᠯᠴᠠᠬᠤ ᠠᠵᠢᠯ᠎ᠢ ᠰᠠᠢ᠍ᠢ᠍ᠳᠤᠷ ᠬᠢᠨ᠎ᠡ᠃ ᠠ᠋ᠩ᠎ᠤᠨ ᠦᠶ᠎ᠡ᠎ᠳᠤ ᠭᠡᠷ᠎ᠤᠨ ᠠᠬᠠᠮᠠᠳ᠎ᠲᠠᠢ ᠬᠠᠷᠢᠯᠴᠠᠭᠰᠠᠨ ᠪᠠᠶ᠋ᠢᠳᠠᠯ ᠵᠶ᠋ᠠᠨ ᠲᠠᠮᠳᠡᠭᠯᠡᠵᠦ᠂ ᠬᠤᠭᠤᠴᠠᠭ᠎ᠠ ᠪᠤᠯᠭ᠋ᠠᠨ ᠭᠡᠷ᠎ᠤᠨ ᠠᠬᠠᠮᠠᠳ᠎ᠤᠨ ᠬᠤᠷᠠᠯ ᠬᠢᠵᠦ ᠴᠢᠬᠤᠯᠠ᠎ᠲᠠᠢ ᠦᠶᠠᠰ ᠵᠠᠷᠢᠮ ᠭᠡᠷ᠎ᠤᠨ ᠠᠬᠠᠮᠠᠳ᠎ᠢ ᠠᠰ ᠵᠶ᠋ᠠᠷ ᠵᠶ᠋ᠠᠨ ᠳᠠᠭᠤᠳᠠᠵᠤ ᠶᠠᠷᠢᠯᠴᠠᠵᠤ ᠪᠤᠯᠤᠨ᠎ᠠ᠃ ᠨᠢᠭᠡᠨ ᠰᠤᠷᠤᠭᠴᠢ ᠵᠢ ᠭᠦᠮᠦᠵᠢᠭᠦᠯᠭᠦ᠎ᠳᠤ ᠰᠤᠷᠭ᠋ᠠᠭᠤᠯᠢ᠂ ᠭᠡᠷ ᠪᠦᠯᠢ᠂ ᠨᠡᠢ᠍ᠢ᠍ᠭᠡᠮ ᠴᠦᠮ ᠬᠠᠮᠵᠢᠯᠴᠠᠵᠤ ᠭᠡᠷᠡᠭᠳᠠᠢ᠃ ᠨᠡᠩ ᠢᠯᠠᠨᠭ᠌ᠭᠤᠶ᠎ᠠ ᠭᠡᠤᠭᠡᠳ᠎ᠤᠨ ᠦᠰᠦᠨ ᠪᠤᠢ᠍ᠢ᠍ᠵᠢᠯᠳᠠ᠎ᠳᠤ ᠭᠡᠷ᠎ᠤᠨ ᠠᠬᠠᠮᠠᠳ᠎ᠤᠨ ᠭᠦᠮᠦᠵᠢᠯ ᠰᠤᠷᠭ᠋ᠠᠯ ᠮᠠᠰᠢ ᠴᠢᠬᠤᠯᠠ ᠪᠠᠢ᠍ᠢ᠍ᠳᠠᠬ ᠪᠤᠯᠬᠤᠷ ᠭᠡᠷ᠎ᠤᠨ ᠠᠬᠠᠮᠠᠳ᠎ᠲᠠᠢ ᠬᠠᠷᠢᠯᠴᠠᠬᠤ ᠠᠵᠢᠯ᠎ᠢ ᠰᠠᠢ᠍ᠢ᠍ᠳᠤᠷ ᠬᠢᠭᠦ᠎ᠨᠢ ᠵᠢᠭ᠋ᠠᠨ ᠰᠤᠷᠭ᠋ᠠᠯᠳᠠ ᠵᠢᠨ ᠠᠵᠢᠯ᠎ᠤᠨ ᠤᠷᠤᠭᠰᠢᠳᠠᠢ ᠶᠠᠪᠤᠭᠳᠠᠬᠤ᠎ᠳᠤ ᠲᠤᠩ ᠴᠢᠬᠤᠯᠠ ᠦᠢ᠍ᠯᠡᠳᠦᠯ ᠦᠵᠡᠭᠦᠯᠳᠡᠭ᠃
     《ᠨᠠᠷᠠᠨ ᠬᠤᠸᠠᠷ ᠨᠠᠷᠠ᠎ᠪᠠᠨ ᠳᠠᠭ᠋ᠠᠵᠤ ᠤᠷᠭᠤᠳᠠᠭ》᠎ᠤᠨ ᠵᠢᠮ᠎ᠡ᠎ᠪᠠᠷ ᠬᠠᠷᠢᠭᠤᠴᠠᠯᠭ᠎ᠠ᠎ᠲᠠᠢ ᠭᠡᠷ᠎ᠤᠨ ᠠᠬᠠᠮᠠᠳ ᠪᠠᠶ᠋ᠢᠮᠠᠨᠵᠢᠨ ᠰᠠᠶᠢ ᠰᠠᠶ᠋ᠢᠨ ᠰᠠᠢ᠍ᠢ᠍ᠬᠠᠨ ᠵᠠᠩ ᠵᠠᠩᠰᠢᠯ᠎ᠲᠠᠢ᠂ ᠰᠤᠷᠤᠯᠭ᠎ᠠ ᠰᠠᠢ᠍ᠢ᠍ᠳᠠᠢ ᠬᠡᠦᠬᠡᠳ   ᠬᠥᠮᠥᠵᠢᠭᠳᠡᠳᠡᠭ᠃ ᠠ᠋ᠶ᠋ᠢᠮᠦ᠎ᠪᠠᠷ ᠵᠶ᠋ᠠᠨ ᠭᠡᠷ᠎ᠤᠨ ᠠᠬᠠᠮᠠᠳ᠎ᠤᠨ ᠬᠤᠷᠠᠯ ᠳᠡᠭᠡᠷ᠎ᠡ ᠭᠡᠷ᠎ᠤᠨ ᠠᠬᠠᠮᠠᠳ᠎ᠢ ᠱᠠᠩᠨᠠᠨ ᠤᠷᠮᠠᠰᠢᠭᠤᠯᠬᠤ ᠪᠤᠶᠤ ᠣᠯᠠᠨ᠎ᠲᠠᠢ ᠭᠡᠤᠭᠡᠳ ᠭᠦᠮᠦᠵᠢᠭᠦᠯᠭᠦ ᠲᠤᠷᠰᠢᠯᠭ᠎ᠠ᠎ᠪᠠᠨ ᠰᠣᠯᠢᠯᠴᠠᠵᠤ᠂ ᠬᠠᠮᠲᠤ᠎ᠪᠠᠷ ᠳᠠᠪᠰᠢᠬᠤ᠎ᠪᠠᠷ ᠴᠢᠷᠮᠠᠶ᠋ᠢᠵᠤ ᠪᠣᠯᠣᠨ᠎ᠠ᠃
     《ᠲᠦᠮᠡᠨ ᠭᠠᠵᠠᠷ᠎ᠤᠨ ᠠᠶᠠᠨ ᠬᠥᠯ ᠳᠣᠣᠷ᠎ᠠ᠎ᠠᠴᠠ ᠠ᠋ᠬᠢᠯᠡᠨ᠎ᠡ》 ᠭᠡᠳᠡᠭ ᠵᠶ᠋ᠠᠷ ᠠᠨᠭ᠌ᠬᠢ ᠵᠢᠨ ᠠ᠋ᠷᠬᠢᠯᠡᠭᠴᠢ ᠪᠤᠯᠤᠭᠰᠠᠳ ᠪᠠᠭ᠎ᠠ ᠰᠤᠷᠭ᠋ᠠᠭᠤᠯᠢ᠎ᠠᠴᠠ᠎ᠨᠢ ᠰᠤᠷᠤᠭᠴᠢᠳ ᠵᠶ᠋ᠠᠨ ᠰᠠᠢ᠍ᠢ᠍ᠳᠤᠷ ᠱᠠᠭ᠋ᠠᠷᠳᠠᠵᠤ ᠦᠪᠠᠷ᠎ᠤᠨ ᠪᠡᠶ᠎ᠠ᠎ᠪᠠᠷ ᠵᠶ᠋ᠠᠨ ᠲᠦᠷᠢᠮ ᠪᠤᠯᠵᠤ ᠴᠢᠳᠠᠪᠠᠯ ᠲᠠᠳᠠᠨ᠎ᠤ ᠬᠤᠶ᠋ᠢᠰᠢᠳᠠ ᠵᠢᠨ ᠵᠠᠮ ᠭᠡᠭᠡᠨ ᠰᠠᠷᠠᠭᠤᠯ ᠪᠣᠯᠵᠤ ᠴᠢᠳᠠᠨ᠎ᠠ᠃
        ᠬᠠᠶᠢᠬ᠄   ᠵᠠᠷᠤᠳ ᠬᠤᠰᠢᠭᠤᠨ᠎ᠤ ᠮᠣᠩᠭᠤᠯ ᠲᠤᠷᠰᠢᠯᠲᠠ ᠵᠢᠨ ᠪᠠᠭ᠎ᠠ ᠰᠤᠷᠭ᠋ᠠᠭᠤᠯᠢ
                  ᠪᠤᠭᠤᠲᠤ ᠬᠤᠲᠠ ᠵᠢᠨ ᠮᠣᠩᠭᠤᠯ ᠦᠨᠳᠦᠰᠦᠲᠡᠨ᠎ᠤ ᠳᠤᠮᠳᠠᠳᠤ ᠰᠤᠷᠭ᠋ᠠᠭᠤᠯᠢ
                             (ᠮᠦᠨᠭᠭᠦᠨᠴᠢᠮᠡᠭ ᠨᠠᠢ᠍ᠢ᠍ᠷᠠᠭᠤᠯᠪᠠ)
                               9   ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠨᠢᠭᠡᠨ ᠰᠢᠯᠢᠳᠡᠭ ᠠᠩᠬᠢ ᠵᠢᠨ ᠠ᠋ᠷᠬᠢᠯᠡᠭᠴᠢ ᠪᠠᠭᠰᠢ ᠵᠢᠨ ᠪᠦᠷᠢᠯᠳᠦᠬᠦᠯᠬᠦ ᠴᠢᠬᠤᠯᠠ᠎ᠲᠠᠢ ᠬᠡᠪ ᠴᠢᠨᠡᠷ
ᠠᠩᠬᠢ ᠵᠢᠨ ᠬᠠᠮᠢᠶᠠᠷᠤᠯᠳᠠ ᠵᠢᠨ ᠠᠵᠢᠯ᠎ᠤᠨ ᠳᠤᠬᠠᠢ ᠵᠦᠪᠯᠡᠮᠵᠢ
ᠤᠳᠤᠬᠠᠨ᠎ᠤ ᠭᠡᠤᠭᠡᠳ᠎ᠤᠳ᠎ᠤᠨ ᠪᠠᠶ᠎ᠡ ᠳᠡᠭᠡᠷ᠎ᠡ ᠢᠯᠠᠷᠠᠵᠦ ᠪᠠᠢ᠍ᠢ᠍ᠭ᠎ᠠ ᠲᠤᠳᠠᠭᠳᠠᠯ᠎ᠲᠠᠢ ᠲᠠᠯ᠎ᠠ ᠪᠤᠯᠤᠨ ᠲᠡᠭᠦᠨ᠎ᠤ ᠦᠨᠳᠤᠰᠤ ᠰᠤᠷᠪᠤᠯᠵᠢ
《ᠬᠠᠷᠠᠮᠴᠢ》 ᠠᠩᠭᠢ ᠵᠢᠨ ᠠ᠋ᠷᠬᠢᠯᠡᠭᠴᠢ ᠪᠤᠯᠬᠤ ᠵᠢᠨ ᠤᠴᠢᠷ ᠶᠤᠰᠣᠨ
ᠳᠤᠮᠳᠠᠳᠤ ᠰᠤᠷᠭ᠋ᠠᠭᠤᠯᠢ ᠵᠢᠨ ᠰᠤᠷᠤᠭᠴᠢᠳ᠎ᠤᠨ ᠰᠤᠷᠭ᠋ᠠᠭᠤᠯᠢ᠎ᠳᠤ ᠭᠠᠷ ᠤᠲᠠᠰᠤ ᠬᠡᠷᠡᠭᠯᠡᠬᠦ ᠵᠢᠨ ᠠᠰᠢᠭ ᠬᠤᠤᠷ᠎ᠤᠨ ᠲᠤᠬᠠᠢ ᠭᠦᠶᠦᠭᠡᠨ ᠦᠭᠦᠯᠡᠭᠦ᠎ᠨᠢ
 
             蒙ICP备05000248号