ᠠᠯᠳᠠᠨᠳᠤᠶᠠᠭ᠎ᠠ
ᠬᠦᠭᠡᠷᠦᠬᠦᠨ ᠰᠤᠷᠤᠭᠴᠢᠳ᠎ᠤᠨ ᠤᠶᠤᠨ᠎ᠢ ᠣᠮᠳᠠᠯᠠᠵᠣ᠂ ᠬᠦᠷᠬᠦ ᠮᠠᠷᠭ᠋ᠠᠰᠢ ᠵᠢᠨ ᠬᠢᠨᠢ ᠵᠢᠯᠣᠭᠤ ᠵᠢ ᠠᠳᠬᠤᠭᠤᠯᠬᠤ᠎ᠪᠠᠷ ᠶᠠᠭ᠋ᠠᠷᠠᠤᠬᠠᠨ ᠠᠵᠢᠯᠯᠠᠵᠤ ᠪᠠᠶ᠋ᠢᠭ᠎ᠠ ᠠᠩᠭᠢ ᠵᠢᠨ ᠠ᠋ᠷᠬᠢᠯᠡᠭᠴᠢ ᠵᠢᠨ ᠠᠵᠢᠯ ᠭᠡᠳᠡᠭ ᠶᠡᠷᠦ᠎ᠠᠴᠠ ᠬᠦᠨᠳᠦ ᠮᠦᠷᠳᠡᠬᠡᠨ ᠬᠦᠭᠵᠢᠶᠡᠨ᠎ᠲᠠᠢ ᠠᠵᠢᠯ ᠬᠡᠵᠦ ᠪᠢ ᠬᠤᠪᠢᠨ᠎ᠳᠤ᠎ᠪᠠᠨ ᠣᠶ᠋ᠢᠯᠠᠭ᠋ᠠᠳᠠᠭ᠃ ᠣᠴᠢᠷ᠎ᠨᠢ ᠠᠩᠭᠢ ᠵᠢᠨ ᠠ᠋ᠷᠬᠢᠯᠡᠭᠴᠢ ᠪᠣᠯ ᠨᠢᠭᠡ ᠠᠩᠭᠢ ᠵᠢᠨ ᠵᠤᠬᠢᠶᠠᠨ ᠪᠠᠶ᠋ᠢᠭᠤᠯᠤᠭᠴᠢ ᠮᠦᠷᠳᠡᠬᠡᠨ ᠵᠢᠯᠤᠭᠤᠳᠤᠭᠴᠢ ᠮᠦᠨ᠃
ᠠᠩᠭᠢ ᠵᠢᠨ ᠠ᠋ᠷᠬᠢᠯᠡᠭᠴᠢ ᠪᠣᠯᠣᠭᠰᠠᠳ ᠰᠤᠷᠤᠭᠴᠢ ᠵᠢᠨ ᠰᠤᠷᠤᠯᠭ᠎ᠠ ᠬᠢᠴᠢᠶᠡᠯ᠂ ᠶᠤᠰᠤ ᠮᠤᠷᠠᠯ᠎ᠢ ᠠᠩᠬᠠᠷᠤᠨ ᠬᠦᠮᠦᠵᠢᠬᠦᠯᠬᠦ᠎ᠠᠴᠠ ᠭᠠᠳᠠᠨ᠎ᠠ ᠲᠡᠳᠡᠨ᠎ᠤ ᠵᠠᠩ ᠠᠷᠠᠨᠰᠢᠨ᠂ ᠪᠡᠶ᠎ᠡ ᠰᠡᠳᠬᠢᠴᠡ ᠵᠢᠨ ᠠ᠋ᠷᠡᠬᠦᠯ ᠴᠢᠬᠢᠷᠠᠭ᠂ ᠭᠡᠷ ᠪᠦᠯᠢ ᠵᠢᠨ ᠪᠠᠶ᠋ᠢᠳᠠᠯ᠂ ᠠᠮᠢᠳᠣᠷᠠᠯ᠎ᠤᠨ ᠬᠡᠷᠡᠭᠴᠡᠭᠡ ᠱᠠᠭ᠋ᠠᠷᠳᠠᠯᠭ᠎ᠠ᠎ᠳᠤ ᠬᠦᠷᠳᠡᠯ᠎ᠡ ᠠᠩᠬᠠᠷᠴᠦ ᠬᠠᠯᠠᠮᠵᠢᠯᠠᠭ᠍ᠤ ᠬᠡᠷᠡᠭᠳᠡᠢ ᠪᠠᠶ᠋ᠢᠳᠠᠭ᠃ ᠠ᠋ᠶ᠋ᠢᠮᠦ᠎ᠠᠴᠠ ᠠᠩᠭᠢ ᠵᠢᠨ ᠠ᠋ᠷᠬᠢᠯᠡᠭᠴᠢ ᠵᠢᠨ ᠠᠵᠢᠯ ᠬᠡᠵᠦ ᠶᠠᠷᠢᠪᠠᠯ ᠲᠤᠩ ᠦᠷᠭᠡᠨ ᠠᠭᠤᠯᠭ᠎ᠠ ᠬᠠᠮᠤᠷᠤᠭᠳᠠᠨ᠎ᠠ᠃ ᠪᠢ ᠦᠨᠦᠳᠦᠷ ᠵᠦᠪᠬᠡᠨ ᠰᠤᠷᠤᠭᠴᠢ ᠵᠢᠨ ᠬᠠᠮᠢᠶᠠᠷᠣᠯᠳᠡ ᠵᠢᠨ ᠠᠷᠭ᠎ᠠ ᠪᠠᠷᠢᠯ᠎ᠤᠨ ᠲᠠᠯ᠎ᠠ᠎ᠪᠠᠷ ᠮᠦᠴᠢᠳ ᠶᠠᠷᠢᠶ᠎ᠠ᠃
ᠰᠤᠷᠤᠭᠴᠢ ᠵᠢᠨ ᠬᠠᠮᠢᠶᠠᠷᠣᠯᠳᠡ ᠠᠩᠭᠢ ᠵᠢᠨ ᠠ᠋ᠷᠬᠢᠯᠡᠭᠴᠢ ᠵᠢᠨ ᠠᠵᠢᠯ᠎ᠤᠨ ᠶᠡᠬᠡᠩᠬᠢ ᠵᠢ ᠡᠵᠡᠯᠡᠨ᠎ᠠ᠃ ᠲᠡᠭᠦᠨ᠎ᠠᠴᠠ ᠨᠢᠭᠡ ᠠᠩᠭᠢ ᠵᠢᠨ ᠳᠦᠷᠰᠦ ᠪᠠᠶ᠋ᠢᠳᠠᠯ᠎ᠢ ᠤᠯᠵᠤ ᠬᠠᠷᠠᠵᠤ ᠪᠤᠯᠳᠠᠬ᠃ ᠰᠤᠷᠤᠭᠴᠢ ᠵᠢᠨ ᠬᠠᠮᠢᠶᠠᠷᠣᠯᠳᠠ ᠵᠢᠨ ᠠᠵᠢᠯ᠎ᠢ ᠰᠠᠶ᠋ᠢᠨ ᠬᠢᠵᠦ ᠴᠢᠳᠠᠪᠠᠯ ᠰᠤᠷᠤᠭᠴᠢᠳ ᠪᠠᠭᠰᠢ ᠵᠢᠨ ᠵᠶ᠋ᠠᠨ ᠬᠠᠷᠠᠴᠠ᠂ ᠭᠠᠷᠤᠨ ᠲᠤᠬᠢᠶ᠎ᠠ᠎ᠪᠠᠷ ᠰᠠᠨᠠᠭ᠎ᠠ ᠵᠢ᠎ᠨᠢ ᠮᠡᠳᠡᠴᠢᠭᠡᠳᠡᠭ᠃ ᠦᠭᠡᠷ᠎ᠠ᠎ᠪᠠᠷ ᠭᠡᠯᠡᠪᠡᠯ᠂ ᠠᠩᠭᠢ ᠵᠢᠨ ᠪᠠᠭᠰᠢ ᠰᠤᠷᠤᠭᠴᠢ ᠵᠢᠨ ᠬᠠᠮᠢᠶᠠᠷᠤᠯᠳᠡ ᠵᠢᠨ ᠠᠵᠢᠯ᠎ᠢ ᠢᠯᠭᠤᠮ ᠣᠷᠣᠭᠰᠢᠳᠠᠢ ᠬᠢᠵᠦ ᠴᠢᠳᠠᠪᠠᠯ ᠰᠤᠷᠤᠭᠴᠢᠳ᠎ᠲᠠᠢ᠎ᠪᠠᠨ ᠦᠭᠡ ᠬᠡᠯᠡ᠎ᠪᠠᠷ ᠪᠢᠰᠢ ᠵᠢᠷᠦᠬᠡ ᠰᠡᠳᠬᠢᠯ ᠵᠶ᠋ᠠᠷ ᠵᠶ᠋ᠠᠨ ᠠᠭᠤᠰᠤᠯᠴᠠᠨ ᠨᠡᠪᠳᠡᠷᠡᠯᠴᠡᠵᠦ ᠴᠢᠳᠠᠨ᠎ᠠ ᠭᠡᠰᠡᠨ ᠦᠭᠡ᠃
ᠨᠢᠭᠡ᠂ ᠰᠤᠷᠤᠭᠴᠢᠳ᠎ᠲᠠᠢ ᠦᠨᠡᠨᠴᠢ᠎ᠪᠠᠷ ᠨᠠᠶ᠋ᠢᠵᠢᠯᠠᠨᠠ᠃ ᠰᠤᠷᠤᠭᠴᠢ ᠵᠢᠨ ᠬᠠᠮᠢᠶᠠᠷᠤᠯᠳᠠ ᠭᠡᠳᠡᠭ᠎ᠨᠢ ᠲᠡᠳᠡᠨ᠎ᠢ ᠬᠠᠮᠢᠶᠠᠷᠴᠦ ᠦᠪᠡᠷ᠎ᠤᠨ ᠰᠠᠨᠠᠭ᠎ᠠ᠎ᠪᠠᠷ ᠵᠶ᠋ᠠᠨ ᠶᠠᠪᠤᠭᠤᠯᠤᠨ᠎ᠠ ᠭᠡᠰᠡᠨ ᠦᠭᠡ ᠪᠢᠰᠢ᠂ ᠬᠠᠷᠢᠨ ᠲᠡᠳᠡᠨ᠎ᠲᠠᠢ ᠦᠨᠡᠨᠴᠢ᠎ᠪᠠᠷ ᠨᠠᠶ᠋ᠢᠵᠢᠯᠠᠵᠦ᠂ ᠬᠡᠤᠬᠡᠳ ᠪᠦᠬᠦᠨ᠎ᠳᠤ ᠦᠨᠡᠨᠴᠢ᠎ᠪᠠᠷ ᠬᠠᠨᠳᠤᠵᠦ᠂ ᠲᠡᠳᠡᠨ᠎ᠤ ᠰᠡᠳᠬᠢᠯ᠎ᠤᠨ ᠭᠦᠨᠳᠤ᠎ᠬᠢ ᠨᠢᠭᠤᠴᠠ ᠵᠢ ᠣᠶ᠋ᠢᠯᠠᠭ᠋ᠠᠨ ᠰᠡᠳᠬᠢᠯ᠎ᠤᠨ ᠰᠠᠶ᠋ᠢᠬᠠᠨ ᠠᠨᠳᠡ᠎ᠨᠢ ᠪᠤᠯᠤᠨ᠎ᠠ ᠭᠡᠰᠡᠨ ᠦᠭᠡ ᠮᠦᠨ᠃ ᠢᠩᠭᠢᠪᠡᠯ ᠲᠡᠳᠡ ᠴᠦ᠍ ᠴᠢᠮ᠎ᠠ ᠵᠢ ᠢᠳᠡᠬᠡᠨ ᠨᠠᠶ᠋ᠢᠳᠠᠵᠦ ᠠᠯᠳᠠᠭ᠎ᠠ ᠲᠤᠳᠠᠭᠳᠠᠯ ᠪᠤᠶᠤ ᠬᠡᠯᠡᠵᠦ ᠴᠢᠳᠠᠭ᠍ᠤ ᠦᠬᠡᠢ ᠰᠡᠳᠬᠢᠯ᠎ᠤᠨ ᠭᠤᠨᠢᠭ ᠵᠶ᠋ᠠᠨ ᠨᠢᠭᠤᠯᠳᠡ ᠦᠭᠡᠢ ᠶᠠᠷᠢᠳᠠᠬ᠃ ᠲᠡᠳᠡᠨ᠎ᠤ ᠪᠤᠳᠤᠯ᠎ᠢ ᠤᠢ᠍ᠢ᠍ᠯᠠᠭ᠋ᠠᠴᠢᠬᠠᠪᠠᠯ ᠲᠡᠳᠡ ᠴᠢᠮ᠎ᠠ᠎ᠳᠤ ᠠᠮᠠᠷᠬᠠᠨ 《ᠬᠠᠮᠢᠶᠠᠷᠣᠭᠳᠠᠵᠤ》 ᠴᠢᠳᠠᠨ᠎ᠠ᠃
ᠬᠤᠶᠠᠷ᠂ ᠰᠤᠷᠤᠭᠴᠢ ᠵᠢᠨ ᠬᠠᠮᠢᠶᠠᠷᠦᠯᠳᠠ ᠵᠢᠨ ᠠᠵᠢᠯ᠎ᠢ ᠬᠢᠬᠦ᠎ᠳᠤ ᠪᠦᠬᠦ ᠵᠦᠢ᠍ᠯ᠎ᠢ ᠰᠡᠳᠬᠢᠯ ᠵᠶ᠋ᠠᠷ ᠵᠶ᠋ᠠᠨ ᠤᠴᠢᠵᠦ ᠬᠢᠨ᠎ᠡ᠃ ᠠᠯᠢ ᠠᠵᠢᠯ᠎ᠳᠤ ᠲᠠᠨ᠎ᠤ ᠰᠡᠳᠬᠢᠯ ᠭᠦᠷᠴᠦ ᠪᠠᠢ᠍ᠢ᠍ᠪᠠᠯ ᠰᠤᠷᠤᠭᠴᠢᠳ ᠴᠤ᠌ ᠠᠶᠠᠨᠳᠠᠭ᠋ᠠᠨ ᠲᠠᠨ᠎ᠢ ᠣᠶ᠋ᠢᠯᠠᠭ᠋ᠠᠵᠦ ᠮᠦᠨ ᠴᠦ᠍ ᠲᠠᠨ᠎ᠢ ᠲᠠᠭᠤᠷᠢᠶᠠᠨ ᠪᠦᠬᠦ ᠵᠦᠢ᠍ᠯ᠎ᠳᠤ ᠰᠡᠳᠬᠢᠯ ᠲᠠᠯᠪᠢᠳᠠᠭ ᠪᠤᠯᠵᠦ ᠬᠦᠮᠦᠵᠢᠭᠳᠡᠨ᠎ᠡ᠃
ᠭᠤᠷᠪᠡ᠂ ᠬᠠᠶ᠋ᠢᠷ᠎ᠠ᠎ᠪᠠᠷ ᠬᠦᠮᠦᠵᠢᠬᠦᠯᠦᠨ᠎ᠡ᠃ ᠰᠤᠷᠤᠭᠴᠢ ᠵᠢᠨ ᠬᠠᠮᠢᠶᠠᠷᠤᠯᠳᠠ ᠵᠢᠨ ᠠᠵᠢᠯ ᠬᠢᠭᠦ᠎ᠳᠤ ᠬᠡᠣᠬᠡᠳ ᠪᠤᠯᠭ᠋ᠠᠨ᠎ᠢ ᠬᠠᠶ᠋ᠢᠷ᠎ᠠ᠎ᠪᠠᠷ ᠢᠪᠡᠬᠡᠵᠦ ᠪᠠᠶ᠋ᠢᠪᠠᠯ ᠰᠤᠷᠤᠭᠴᠢᠳ ᠠᠶᠠᠨᠳᠠᠭ᠋ᠠᠨ ᠴᠢᠮ᠎ᠠ ᠵᠢ ᠬᠦᠨᠳᠦᠯᠡᠵᠦ᠂ ᠦᠭᠡ ᠵᠢ ᠴᠢᠨᠢ ᠠᠮᠠᠷᠬᠠᠨ ᠰᠤᠨᠤᠰᠴᠦ ᠳᠠᠭ᠋ᠠᠬᠤ ᠲᠣᠷᠠᠳᠠᠢ ᠪᠤᠯᠤᠨ᠎ᠠ᠃ ᠶᠠᠷᠤ᠎ᠠᠴᠠ ᠬᠤᠴᠤᠷᠤᠩᠭᠤᠢ ᠰᠤᠷᠤᠭᠴᠢ ᠪᠤᠶᠤ ᠭᠡᠷ᠎ᠤᠨ ᠠᠮᠢᠳᠤᠷᠠᠯ᠎ᠨᠢ ᠣᠨᠴᠠᠭ᠋ᠠᠢ ᠪᠠᠶ᠋ᠢᠳᠠᠯ᠎ᠲᠠᠢ᠂ ᠦᠨᠦᠴᠢᠨ ᠦᠷᠦᠭᠡᠰᠦᠨ ᠶᠤᠮ ᠦᠦ ᠡᠴᠢᠭᠡ ᠠ᠋ᠬᠡ᠎ᠨᠢ ᠤᠷᠤᠬ ᠰᠠᠯᠤᠭᠰᠠᠨ ᠬᠡᠤᠬᠡᠳ᠎ᠢ ᠲᠠ ᠬᠠᠶ᠋ᠢᠷ᠎ᠠ᠎ᠪᠠᠷ ᠠ᠋ᠩᠬᠦᠷᠡᠶ᠋ᠢᠯᠡᠵᠦ᠂ ᠬᠠᠶᠠ ᠠ᠋ᠬᠡ ᠵᠢᠨ ᠬᠠᠶ᠋ᠢᠷ᠎ᠠ᠎ᠪᠠᠷ ᠠ᠋ᠯᠢᠭᠡᠨᠳᠤᠪᠠᠨ ᠲᠡᠪᠡᠷᠢᠵᠦ ᠪᠠᠶ᠋ᠢᠪᠠᠯ ᠲᠠᠳᠠ ᠮᠠᠰᠢ ᠪᠠᠶᠠᠷᠯᠠᠵᠦ᠂ ᠰᠡᠳᠬᠢᠯ ᠰᠠᠨᠠᠭ᠎ᠠ᠎ᠨᠢ ᠲᠠᠶ᠋ᠢᠪᠣᠰᠢᠷᠠᠵᠦ᠂ ᠦᠵᠡᠯ ᠪᠤᠳᠤᠯ᠎ᠨᠢ ᠴᠦ᠍ ᠦᠭᠡᠳᠡᠷᠬᠡᠭ ᠪᠤᠯᠵᠦ 《ᠪᠢ ᠴᠢᠷᠮᠠᠶ᠋ᠢᠶ᠎ᠠ᠂ ᠪᠢ ᠴᠢᠳᠠᠨ᠎ᠠ》 ᠭᠡᠰᠡᠨ ᠪᠤᠳᠤᠯ᠎ᠲᠠᠢ ᠪᠤᠯᠬᠤ ᠶᠠᠭᠤ ᠮᠠᠭ᠋ᠠᠳ᠃
ᠳᠥᠷᠪᠡ᠎ᠳᠤ᠂ ᠰᠤᠷᠤᠭᠴᠢ ᠵᠢᠨ ᠬᠠᠮᠢᠶᠠᠷᠤᠯᠳᠠ ᠵᠢᠨ ᠠᠵᠢᠯ᠎ᠤᠨ ᠳᠣᠮᠳᠠ ᠠᠩᠭᠢ ᠵᠢᠨ ᠺᠠᠳ᠋ᠷ᠎ᠤᠨ ᠢᠳᠡᠪᠬᠢ ᠬᠦᠴᠦᠨ᠎ᠢ ᠬᠦᠢ᠍ᠴᠡᠳ ᠪᠠᠳᠠᠷᠠᠭᠤᠯᠵᠦ᠂ ᠵᠣᠷᠢᠯᠭ᠎ᠠ᠎ᠲᠠᠢ᠎ᠪᠠᠷ ᠠᠩᠭᠢ ᠵᠢᠨ ᠺᠠᠳ᠋ᠷ᠎ᠲᠤ ᠨᠠᠶ᠋ᠢᠳᠠᠨ ᠬᠠᠮᠢᠶᠠᠷᠤᠭᠤᠯᠤᠨ᠎ᠠ᠃ ᠵᠢᠵᠢᠬᠦᠷ᠂ ᠠᠷᠢᠭᠤᠨ ᠴᠡᠪᠡᠷ᠎ᠢ ᠪᠠᠶ᠋ᠢᠴᠠᠭ᠋ᠠᠬᠤ ᠵᠡᠷᠭᠡ ᠠᠵᠢᠯ᠎ᠢ ᠠᠩᠭᠢ ᠵᠢᠨ ᠺᠠᠳ᠋ᠷ ᠵᠶ᠋ᠠᠷ ᠬᠢᠯᠬᠡᠵᠦ᠂ ᠪᠠᠭᠰᠢ᠎ᠠᠴᠠ ᠵᠢᠯᠣᠭᠤᠳᠤᠯᠭ᠎ᠠ ᠬᠢᠨ᠎ᠡ᠃ ᠠ᠋ᠨᠠ᠎ᠨᠢ ᠠᠩᠭᠢ ᠵᠢᠨ ᠺᠠᠳ᠋ᠷ᠎ᠤᠨ ᠢᠳᠡᠪᠬᠢ ᠦᠢ᠍ᠯᠡᠳᠦᠯ᠎ᠢ ᠭᠦᠢ᠍ᠴᠡᠳ ᠪᠠᠳᠠᠷᠠᠭᠤᠯᠵᠦ᠂ ᠦᠪᠡᠷ ᠵᠶ᠋ᠠᠨ ᠬᠠᠮᠢᠶᠠᠷᠤᠭᠰᠠᠨ᠎ᠠᠴᠠ ᠢᠯᠡᠭᠦᠦ ᠦᠨᠳᠦᠷ ᠦᠷ᠎ᠠ ᠪᠦᠳᠤᠮᠵᠢᠲᠠᠢ ᠪᠠᠶ᠋ᠢᠳᠠᠭ᠃
ᠲᠠᠪᠤ᠂ ᠰᠣᠷᠣᠭᠴᠢ ᠪᠤᠯᠭ᠋ᠠᠨ᠎ᠤ ᠳᠠᠪᠠᠭᠤᠯᠢᠭ ᠲᠠᠯ᠎ᠠ ᠵᠢ ᠢᠯᠡᠷᠡᠭᠦᠯᠦᠨ᠎ᠡ᠃ ᠰᠤᠷᠤᠯᠭ᠎ᠠ᠎ᠳᠤ᠎ᠪᠠᠨ ᠠᠨᠠᠢ ᠰᠤᠷᠤᠭᠴᠢᠳ᠎ᠲᠤ ᠴᠦ᠍ ᠲᠠᠪᠠᠭᠤᠯᠢᠭ ᠲᠠᠯ᠎ᠠ ᠯᠠᠪ ᠪᠠᠶ᠋ᠢᠨ᠎ᠠ᠃ ᠲᠡᠳᠡᠨ᠎ᠤ ᠲᠠᠪᠠᠭᠤᠯᠢᠭ ᠲᠠᠯ᠎ᠠ ᠵᠢ᠎ᠨᠢ ᠢᠯᠠᠷᠠᠭᠦᠯᠦᠨ᠂ ᠲᠡᠷᠡ ᠲᠠᠯ᠎ᠠ᠎ᠪᠠᠷ ᠬᠦᠳᠦᠯᠦᠨ ᠳᠠᠭ᠋ᠠᠭᠤᠯᠵᠦ ᠣᠷᠮ᠎ᠠ ᠵᠣᠷᠢᠭ᠎ᠢ᠎ᠨᠢ ᠭᠦᠭᠵᠢᠬᠡᠬᠦ ᠬᠡᠷᠡᠭᠳᠡᠢ᠃ ᠰᠤᠷᠣᠯᠭᠠᠳᠤᠪᠠᠨ ᠠᠨᠠᠢ ᠶᠤᠮ ᠦᠦ ᠠᠯᠢᠶ᠎ᠠ ᠵᠠᠩ᠎ᠲᠠᠢ ᠭᠡᠤᠭᠡᠳ᠎ᠢ ᠦᠷᠬᠦᠯᠵᠢ ᠰᠢᠭᠦᠮᠵᠢᠯᠡᠭᠡᠳ ᠪᠠᠶ᠋ᠢᠪᠠᠯ ᠲᠡᠷᠡ ᠲᠠᠯ᠎ᠠ᠎ᠪᠠᠷ ᠵᠶ᠋ᠠᠨ ᠤᠯᠠᠮ ᠭᠦᠭᠵᠢᠵᠦ ᠨᠡᠩ ᠠᠯᠢᠶ᠎ᠠ ᠪᠤᠯᠤᠨ᠎ᠠ᠃ ᠰᠡᠳᠬᠢᠴᠡ ᠵᠦᠢ ᠵᠢᠨ ᠦᠭᠡ᠎ᠪᠠᠷ ᠪᠤᠯ ᠨᠢᠭᠡ ᠵᠦᠢ᠍ᠯ᠎ᠢ ᠲᠠᠬᠢᠨ ᠲᠠᠪᠳᠠᠨ ᠶᠠᠷᠢᠭ᠋ᠠᠳ ᠪᠠᠶ᠋ᠢᠪᠠᠯ ᠲᠡᠷᠡ ᠵᠦᠢ᠍ᠯ ᠪᠡᠶᠡᠯᠡᠯ ᠵᠶ᠋ᠠᠨ ᠤᠯᠤᠨ᠎ᠠ ᠭᠡᠳᠡᠭ᠃ ᠠ᠋ᠶ᠋ᠢᠮᠦ᠎ᠠᠴᠠ ᠪᠢᠳᠡ ᠳᠡᠳᠡᠨ᠎ᠤ ᠲᠤᠳᠠᠭᠳᠠᠯ᠎ᠢ ᠲᠦᠷ ᠴᠠᠬ ᠴᠦ᠍ ᠭᠡᠰᠡᠨ ᠮᠠᠷᠳᠠᠵᠦ ᠲᠠᠪᠠᠭᠤᠯᠢᠭ᠎ᠢ᠎ᠨᠢ ᠢᠯᠡᠷᠡᠭᠦᠯᠭᠦ ᠬᠡᠷᠡᠭᠳᠡᠢ᠃ ᠶᠠᠭ ᠳᠠᠪᠠᠭᠤᠯᠢᠭ᠎ᠨᠢ ᠣᠯᠳᠠᠭ᠍ᠤ ᠦᠭᠡᠢ ᠪᠣᠯ ᠵᠢᠵᠢᠬᠦᠷ᠎ᠤᠨ ᠲᠠᠷᠤᠭ᠎ᠠ ᠴᠦ᠍ ᠭᠡᠰᠡᠨ ᠪᠤᠯᠭ᠋ᠠᠴᠢᠬᠠ᠂ ᠲᠡᠷᠡ ᠲᠠᠷᠤᠭ᠎ᠠ ᠪᠤᠯᠪᠠᠯ ᠬᠠᠷᠢᠭᠤᠴᠠᠯᠭ᠎ᠠ ᠭᠡᠳᠡᠭ᠎ᠢ ᠲᠠᠨᠢᠵᠤ ᠪᠠᠭ᠎ᠠ ᠴᠦ᠍ ᠭᠡᠰᠡᠨ ᠵᠤᠷᠢᠬ᠍ᠵᠢᠭᠤᠯᠤᠯ ᠪᠤᠯᠬᠤ ᠪᠢᠰᠢᠤ᠃ ᠢᠩᠬᠢᠭᠰᠡᠨᠤ ᠲᠠᠷᠠᠭ᠎ᠠ ᠲᠡᠬᠦᠨ᠎ᠤ ᠠ᠋ᠨᠡ ᠬᠦ᠌ ᠲᠠᠪᠰᠢᠯᠲᠠ ᠵᠢ ᠪᠠᠷᠢᠵᠦ ᠮᠠᠭᠳᠠᠨ ᠵᠤᠷᠢᠬ᠍ᠵᠢᠭᠤᠯᠪᠠᠯ ᠲᠠᠬᠦᠨ᠎ᠢ ᠯᠠᠪᠲᠠᠢ ᠦᠬᠡᠳᠡ᠎ᠨᠢ ᠳᠠᠳᠠᠵᠦ ᠲᠠᠶ᠋ᠢᠯᠦᠨ᠎ᠠ᠃
ᠵᠢᠷᠭᠤᠭ᠎ᠠ᠂ ᠰᠤᠷᠤᠭᠴᠢ ᠵᠢᠨ ᠬᠠᠮᠢᠶᠠᠷᠤᠯᠳᠠ ᠵᠢᠨ ᠠᠵᠢᠯ᠎ᠢ ᠰᠠᠶ᠋ᠢᠳᠤᠷ ᠬᠢᠬᠦ᠎ᠳᠤ ᠭᠡᠷ᠎ᠤᠨ ᠠᠬᠠᠮᠠᠳ᠎ᠲᠠᠢ ᠮᠠᠰᠢ ᠰᠠᠶ᠋ᠢᠨ ᠬᠠᠷᠢᠴᠠᠵᠦ ᠴᠢᠳᠠᠭᠰᠠᠨ ᠪᠠᠶ᠋ᠢᠬᠤ ᠭᠡᠷᠡᠭᠳᠡᠢ᠃ 《ᠠᠪᠤ ᠵᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ》 ᠭᠡᠳᠡᠭᠴᠢᠯᠡᠨ ᠠᠶ᠋ᠢᠯ ᠪᠤᠯᠭ᠋ᠠᠨ᠎ᠤ ᠠᠵᠦ ᠤᠨᠳᠤᠷᠤᠯᠭ᠎ᠠ᠎ᠠᠴᠠ ᠠ᠋ᠬᠢᠯᠡᠬᠡᠳ ᠵᠠᠩ ᠠᠷᠠᠨᠰᠢᠨ᠂ ᠶᠤᠰᠤ ᠵᠠᠩᠰᠢᠯ᠂ ᠰᠤᠷᠳᠡᠯ ᠰᠤᠷᠭ᠋ᠠᠯ ᠵᠡᠷᠭᠡ ᠴᠦᠮ ᠠᠳᠠᠯᠢ ᠦᠭᠡᠢ ᠪᠠᠶ᠋ᠢᠳᠠᠭ᠃ ᠠ᠋ᠶ᠋ᠢᠮᠦ᠎ᠠᠴᠠ ᠠᠩᠭᠢ ᠵᠢᠨ ᠠ᠋ᠷᠬᠢᠯᠡᠭᠴᠢ ᠪᠤᠯᠤᠭᠰᠠᠳ ᠭᠡᠷ᠎ᠤᠨ ᠠᠬᠠᠮᠠᠳ᠎ᠲᠠᠢ ᠮᠠᠰᠢ ᠰᠠᠶ᠋ᠢᠨ ᠬᠠᠷᠢᠴᠠᠵᠦ᠂ ᠬᠡᠣᠬᠡᠳ ᠪᠤᠯᠭ᠋ᠠᠨ᠎ᠤ ᠭᠡᠷ ᠪᠦᠯᠢ ᠵᠢᠨ ᠪᠠᠶ᠋ᠢᠳᠠᠯ᠎ᠢ ᠨᠠᠪᠳᠡ ᠤᠶ᠋ᠢᠯᠠᠭ᠋ᠠᠨ ᠭᠡᠷ᠎ᠤᠨ ᠠᠬᠠᠮᠠᠳ ᠪᠤᠯᠭ᠋ᠠᠨ᠎ᠤ ᠤᠨᠴᠠᠯᠢᠭ᠎ᠲᠤ᠎ᠨᠢ ᠲᠤᠬᠢᠷᠠᠭᠤᠯᠤᠨ ᠬᠡᠤᠬᠡᠳ᠎ᠢ ᠠᠳᠠᠯᠢ ᠪᠤᠰᠤ᠎ᠪᠠᠷ ᠬᠦᠮᠦᠵᠢᠬᠦᠯᠬᠦ ᠭᠡᠷᠡᠭᠳᠡᠢ᠃ ᠰᠤᠷᠤᠭᠴᠢᠳ᠎ᠤᠨ ᠭᠡᠷ᠎ᠤᠨ ᠠᠬᠠᠮᠠᠳ᠎ᠲᠠᠢ ᠡᠪ ᠨᠠᠢ᠍ᠢ᠍ᠷᠳᠠᠢ ᠬᠠᠷᠢᠴᠠᠭ᠎ᠠ ᠵᠢ ᠪᠤᠢ ᠪᠤᠯᠭ᠋ᠠᠵᠦ᠂ ᠲᠡᠳᠡᠨ᠎ᠢ ᠰᠠᠶ᠋ᠢᠨ ᠳᠤᠷ᠎ᠠ᠎ᠠᠴᠠ᠎ᠪᠠᠨ ᠲᠠᠨ᠎ᠤ ᠠᠵᠢᠯ᠎ᠢ ᠲᠡᠮᠵᠢᠬᠦᠯᠭᠦᠪᠠᠷ ᠴᠢᠷᠮᠠᠢ᠍ᠢ᠍ᠬᠤ ᠭᠡᠷᠡᠭᠳᠡᠢ᠃
ᠬᠠᠶᠢᠬ᠄ ᠰᠢᠯᠢ ᠵᠢᠨ ᠬᠤᠳᠠ ᠵᠢᠨ ᠮᠤᠩᠭᠤᠯ ᠦᠨᠳᠦᠰᠦᠳᠡᠨ᠎ᠤ ᠬᠤᠶᠠᠳᠤᠭ᠋ᠠᠷ ᠪᠠᠭ᠎ᠠ ᠰᠤᠷᠭ᠋ᠠᠭᠤᠯᠢ
(ᠴ᠊ · ᠲᠤᠭᠳᠠᠭᠤᠨ ᠨᠠᠢ᠍ᠢ᠍ᠷᠠᠭᠤᠯᠪᠠ)
8 ᠳ᠋ᠤᠭ᠋ᠠᠷ ᠬᠤᠭᠤᠴᠠᠭ᠎ᠠ