ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠠᠩᠭᠢ᠎ᠶᠢᠨ ᠠᠵᠢᠯ
ᠬᠠᠶ᠋ᠢᠷ᠎ᠠ ᠪᠣᠯ ᠠᠩᠭᠢ ᠨᠢᠭᠡᠴᠢ ᠵᠢᠨ ᠠᠮᠢᠵᠢᠷᠠᠯ ᠬᠠᠷᠢᠭᠤᠴᠠᠯᠭ᠎ᠠ ᠪᠣᠯ ᠪᠠᠭᠰᠢ ᠬᠥᠮᠦᠨ᠎ᠤ ᠪᠠᠷᠢᠮᠳᠠᠯᠠᠯ
ᠨᠡᠶ᠋ᠢᠲᠡᠯᠡᠭᠰᠡᠨ ᠴᠠᠭ᠄ 2020-03-25

                                ᠤᠯᠠᠭ᠋ᠠᠨᠪᠠᠶᠠᠷ   ᠸᠠᠩ ᠸᠸᠨ ᠴᠢᠨ


      ᠪᠠᠭ᠎ᠠ ᠰᠣᠷᠭ᠋ᠠᠭᠤᠯᠢ ᠵᠢᠨ ᠠᠩᠭᠢ ᠵᠢᠨ ᠠ᠋ᠷᠬᠢᠯᠡᠭᠴᠢ ᠵᠢᠨ ᠠᠵᠢᠯ ᠪᠣᠯ ᠠᠯᠪᠠᠨ ᠵᠢᠷᠣᠮ᠎ᠤᠨ ᠰᠤᠷᠭ᠋ᠠᠨ ᠬᠥᠮᠦᠵᠢᠯ᠎ᠤᠨ ᠠᠵᠢᠯ᠎ᠤᠨ ᠳᠤᠮᠳᠠᠬᠢ ᠭᠤᠣᠯᠳᠠᠯᠭ᠎ᠠ ᠪᠣᠯᠬᠤ ᠠᠵᠢᠯ ᠪᠤᠯᠤᠨ᠎ᠠ᠃ ᠠ᠋ᠶ᠋ᠢᠨ ᠬᠦ᠌ ᠠᠩᠭᠢ ᠵᠢᠨ ᠠ᠋ᠷᠬᠢᠯᠡᠭᠴᠢ ᠪᠣᠯᠣᠭᠰᠠᠳ ᠪᠠᠯᠴᠢᠷ ᠪᠠᠭ᠎ᠠ ᠬᠡᠣᠬᠡᠳ᠎ᠲᠤ ᠬᠠᠯᠠᠭᠤᠨ ᠰᠡᠳᠬᠢᠯᠭᠡ᠎ᠪᠠᠷ ᠠᠭᠤᠣᠴᠢ ᠬᠠᠨᠳᠣᠬᠤ ᠬᠦᠯᠢᠴᠡᠩᠭᠦᠢ ᠣᠪᠣᠷ᠂ ᠬᠡᠣᠬᠡᠳ᠎ᠤᠨ ᠥᠰᠦᠨ ᠪᠣᠶ᠋ᠢᠵᠢᠯᠲᠠ ᠵᠢᠨ ᠵᠠᠩᠭᠢ ᠬᠢᠭᠡᠳ ᠪᠣᠳᠣᠯ ᠰᠡᠳᠬᠢᠯ᠎ᠢ᠎ᠨᠢ ᠴᠠᠭ ᠢᠮᠠᠭᠲᠠ ᠬᠦᠯᠢᠶᠡᠨ ᠠᠪᠬᠤ ᠲᠡᠰᠪᠦᠷᠢ᠎ᠲᠠᠢ ᠣᠪᠣᠷ᠎ᠢ ᠪᠦᠷᠢᠯᠳᠤᠭᠦᠯᠦᠭᠰᠡᠨ ᠪᠠᠢ᠍ᠢ᠍ᠬᠤ ᠬᠡᠷᠡᠭᠲᠡᠢ᠃ ᠨᠡᠩ ᠢᠯᠠᠩᠭᠤᠶ᠎ᠠ ᠠᠵᠢᠯ᠎ᠤᠨ ᠶᠠᠪᠣᠴᠠ᠎ᠳᠤ ᠪᠥᠬᠦ ᠲᠠᠯ᠎ᠠ᠎ᠪᠠᠷ ᠣᠷᠣᠯᠴᠠᠭᠰᠠᠨ ᠲᠥᠭᠡᠮᠡᠯ ᠶᠡᠭᠡ ᠬᠠᠶ᠋ᠢᠷ᠎ᠠ ᠰᠡᠳᠬᠢᠯᠭᠡ ᠪᠠᠶ᠋ᠢᠬᠤ ᠭᠡᠷᠡᠭᠳᠠᠢ ᠮᠥᠷᠲᠡᠭᠡᠨ ᠳᠡᠭᠡᠳᠦ ᠬᠡᠮᠵᠢᠶᠡᠨ᠎ᠤ ᠬᠠᠷᠢᠭᠤᠴᠠᠯᠭ᠋ᠠᠲᠣ ᠰᠡᠳᠬᠢᠯᠭᠡ ᠪᠠᠶ᠋ᠢᠬᠤ ᠴᠢᠬᠤᠯᠠᠳᠠᠢ᠃
      ᠨᠢᠭᠡ᠂ ᠬᠠᠶ᠋ᠢᠷ᠎ᠠ ᠪᠣᠯ ᠠᠯᠢᠪᠠ ᠬᠥᠮᠦᠵᠢᠯ᠎ᠤᠨ ᠰᠠᠭᠤᠷᠢ ᠮᠦᠨ᠃
      ᠬᠠᠶ᠋ᠢᠷ᠎ᠠ ᠪᠣᠯ ᠬᠤᠷᠸ᠎ᠠ ᠵᠢᠨ ᠠᠯᠢ ᠪᠥᠬᠦᠨ᠎ᠢ ᠰᠡᠳᠬᠢᠯ᠎ᠳᠤ ᠣᠶ᠋ᠢᠷ᠎ᠠ ᠳᠥᠲᠡ᠂ ᠨᠢᠳᠦᠨ᠎ᠳᠤ ᠬᠠᠯᠠᠭᠤᠨ ᠪᠣᠯᠭ᠋ᠠᠳᠠᠭ ᠶᠧᠯᠸᠢ ᠵᠢᠨ ᠭᠠᠯ ᠶᠤᠮ᠃ ᠭᠡᠷ ᠪᠦᠯᠢ ᠵᠢᠨ ᠬᠠᠯᠠᠭᠤᠨ ᠳᠣᠯᠠᠭ᠋ᠠᠨ ᠡᠪᠦᠷ᠎ᠠᠴᠠ ᠰᠠᠯᠵᠣ ᠥᠮᠨᠦᠭᠡ ᠶᠢᠷᠲᠢᠨᠴᠦ ᠰᠣᠷᠭ᠋ᠠᠭᠤᠯᠢ ᠵᠢᠨ ᠬᠦᠷᠢᠶᠡᠨ᠎ᠳᠤ ᠢᠷᠡᠮᠡᠭᠴᠡ ᠬᠡᠣᠬᠡᠳ᠎ᠤᠨ ᠰᠡᠳᠬᠢᠴᠡ᠎ᠳᠤ ᠨᠢᠭᠡᠨ ᠣᠳᠠᠭ᠋ᠠᠨ᠎ᠤ ᠬᠤᠪᠢᠰᠬᠠᠯ ᠠ᠋ᠭᠦᠰᠴᠦ ᠵᠣᠬᠢᠴᠠᠨ ᠳᠠᠰᠣᠲᠠᠯ᠎ᠠ ᠬᠡᠰᠡᠭ ᠬᠤᠭᠤᠴᠠᠭ᠎ᠠ ᠱᠠᠭ᠋ᠠᠷᠳᠠᠨ᠎ᠠ᠃ ᠠ᠋ᠭᠦᠨ᠎ᠳᠤ ᠪᠠᠭᠰᠢ᠎ᠠᠴᠠ ᠠ᠋ᠷᠬᠡᠪᠰᠢ ᠬᠠᠯᠠᠭᠤᠨ ᠬᠠᠶ᠋ᠢᠷ᠎ᠠ᠎ᠪᠠᠷ ᠵᠶ᠋ᠠᠨ ᠬᠡᠣᠬᠡᠳ᠎ᠢ ᠠ᠋ᠨᠡ ᠬᠦ᠌ ᠣᠷᠴᠢᠨ ᠪᠠ ᠥᠪᠡᠷ᠎ᠤᠨ ᠪᠡᠶ᠎ᠡ᠎ᠳᠤ᠎ᠪᠠᠨ ᠳᠠᠰᠬᠠᠬᠤ ᠬᠡᠷᠡᠭᠲᠡᠢ᠃ ᠶᠠᠮᠠᠷ ᠴᠦ᠍ ᠣᠷᠴᠢᠨ ᠠᠬᠤᠢ᠎ᠳᠤ ᠥᠰᠦᠭᠰᠡᠨ ᠬᠡᠣᠬᠡᠳ ᠴᠦ᠍ ᠭᠡᠰᠡᠨ ᠠᠶᠠᠨᠳᠠᠭ᠋ᠠᠨ ᠠ᠋ᠨᠡ ᠬᠦ᠌ ᠣᠷᠴᠢᠨ ᠲᠣᠭᠤᠷᠢᠨ᠎ᠳᠤ ᠳᠠᠰᠬᠤ ᠶᠤᠮ᠃ ᠬᠠᠪᠣᠷ᠎ᠤᠨ ᠣᠷᠢᠨ᠎ᠳᠤ ᠮᠥᠰᠦ ᠴᠠᠰᠤ ᠬᠠᠶ᠋ᠢᠯ ᠪᠣᠯᠳᠠᠭ ᠰᠢᠬ ᠬᠡᠣᠬᠡᠳ᠎ᠤᠨ ᠪᠣᠳᠣᠯ ᠰᠡᠳᠬᠢᠯ ᠪᠥᠬᠦᠨ ᠪᠠᠭᠰᠢ᠎ᠪᠠᠷ ᠲᠥᠪ ᠪᠣᠯᠭ᠋ᠠᠨ ᠨᠢᠭᠲᠠᠷᠠᠵᠣ ᠢᠷᠡᠨ᠎ᠡ᠃ ᠲᠡᠭᠡᠬᠦ᠎ᠪᠠᠷ ᠬᠡᠣᠬᠡᠳ᠎ᠤᠳ ᠠᠩᠭᠢ ᠵᠢᠨ ᠪᠠᠭᠰᠢ᠎ᠪᠠᠨ ᠥᠪᠡᠷ᠎ᠤᠨ ᠠᠪᠤ ᠡᠵᠢ᠎ᠪᠠᠨ ᠰᠢᠭ ᠬᠠᠶ᠋ᠢᠷᠠᠯᠠᠨ ᠬᠦᠨᠳᠦᠳᠬᠡᠵᠦ᠂ ᠴᠢᠮ᠎ᠠ᠎ᠳᠤ ᠥᠷᠦ ᠵᠢᠷᠦᠬᠡ᠎ᠪᠠᠨ ᠳᠡᠯᠭᠡᠨ᠎ᠡ᠃ ᠦᠢ ᠣᠯᠠᠨ ᠪᠠᠭᠰᠢ ᠵᠢᠨ ᠳᠣᠲᠣᠷ᠎ᠠ᠎ᠠᠴᠠ ᠠᠩᠭᠢ ᠵᠢᠨ ᠪᠠᠭᠰᠢ᠎ᠪᠠᠨ ᠬᠠᠷᠠᠭᠰᠠᠭ᠋ᠠᠷ ᠨᠠᠷᠠ᠎ᠪᠠᠨ ᠬᠠᠷᠠᠭᠰᠠᠨ ᠰᠢᠬ ᠪᠠᠶᠠᠷᠯᠠᠨ᠎ᠠ᠃ ᠪᠠᠭᠰᠢ᠎ᠪᠠᠨ ᠬᠤᠪᠢᠨᠴᠢᠯᠠᠵᠣ᠂ ᠦᠨᠡᠨ ᠦᠭᠡ᠎ᠪᠠᠨ ᠬᠡᠯᠡᠨ᠎ᠡ᠃ ᠠᠬᠢᠪᠠᠯ ᠠᠪᠤ ᠡᠵᠢ ᠵᠢᠨ ᠵᠶ᠋ᠠᠨ ᠲᠣᠬᠠᠢ ᠦᠵᠡᠯᠲᠡ᠎ᠪᠠᠨ ᠲᠠᠨ᠎ᠳᠤ ᠶᠠᠷᠢᠨ᠎ᠠ᠃ ᠮᠠᠨ᠎ᠤ ᠠᠩᠭᠢ᠎ᠳᠤ ᠸᠸᠨ ᠭᠤᠸᠠᠩ ᠭᠡᠳᠡᠭ ᠨᠡᠷ᠎ᠡ᠎ᠲᠠᠢ ᠨᠢᠭᠡ ᠰᠣᠷᠣᠭᠴᠢ ᠪᠠᠶ᠋ᠢᠳᠠᠭ᠃ ᠲᠡᠷᠡ ᠠᠩᠬ᠎ᠠ ᠨᠢᠭᠡᠳᠦᠭᠡᠷ ᠣᠨ᠎ᠳᠤ ᠣᠷᠣᠬᠤ ᠦᠶ᠎ᠡ᠎ᠳᠤ ᠬᠡᠯᠡ᠎ᠳᠤ ᠣᠷᠣᠭ᠋ᠠᠳᠣᠢ᠂ ᠠᠭ᠋ᠠᠰᠢ ᠵᠠᠩ ᠬᠠᠴᠢᠨ ᠵᠢᠭᠲᠡᠢ᠂ ᠬᠢᠴᠢᠶᠡᠯ ᠪᠠᠭᠤᠪᠠᠯ ᠠ᠋ᠷᠦᠢ ᠬᠤᠷᠣᠢ ᠦᠭᠡᠢ ᠭᠦᠶᠦᠵᠦ ᠪᠠᠷᠬᠢᠷᠠᠵᠣ ᠬᠠᠰᠬᠢᠷᠣᠨ ᠨᠠᠶ᠋ᠢᠵᠢ ᠨᠥᠬᠦᠳ ᠵᠶ᠋ᠠᠨ ᠵᠣᠳᠣᠵᠣ ᠳᠠᠭ᠋ᠠᠷᠢᠳᠠᠭ᠎ᠠᠴᠠ ᠣᠶ᠋ᠢᠷᠠᠳᠴᠣ ᠢᠵᠢᠯᠢᠰᠢᠬᠦ ᠨᠥᠬᠦᠳ ᠪᠠᠶ᠋ᠢᠬᠤ ᠦᠭᠡᠢ᠂ ᠪᠠᠭᠰᠢ ᠨᠠᠷ ᠴᠦ᠍ ᠠᠷᠭ᠎ᠠ ᠪᠠᠷᠠᠭᠳᠠᠵᠣ ᠪᠠᠶ᠋ᠢᠭᠰᠠᠨ ᠶᠤᠮ᠃ ᠭᠡᠷ᠎ᠤᠨ ᠠᠬᠠᠮᠠᠳ᠎ᠨᠢ ᠸᠸᠨ ᠭᠤᠸᠠᠩ᠎ᠢ ᠮᠠᠨ᠎ᠤ ᠰᠣᠷᠭ᠋ᠠᠭᠤᠯᠢ᠎ᠳᠤ ᠠᠪᠴᠢᠷᠠᠵᠣ ᠥᠭᠬᠦ᠎ᠠᠴᠠ ᠠ᠋ᠮᠦᠨ᠎ᠡ ᠣᠶ᠋ᠢᠷ᠎ᠠ ᠬᠠᠪᠢ ᠵᠢᠨ ᠮᠣᠩᠭᠤᠯ ᠪᠠᠭ᠎ᠠ ᠰᠣᠷᠭ᠋ᠠᠭᠤᠯᠢ ᠪᠠ ᠣᠯᠠᠭ᠋ᠠᠠᠭ᠍ᠠᠳᠠ ᠵᠢᠨ ᠵᠡᠮᠳᠡᠭ ᠬᠡᠣᠬᠡᠳ᠎ᠤᠨ ᠰᠣᠷᠭ᠋ᠠᠭᠤᠯᠢ ᠵᠢᠴᠢ ᠰᠡᠳᠬᠢᠯ ᠮᠡᠳᠡᠷᠡᠯ᠎ᠤᠨ ᠠ᠋ᠮᠨᠡᠯᠭᠡ᠎ᠳᠤ ᠠᠪᠠᠴᠢᠵᠣ ᠰᠤᠷᠭ᠋ᠠᠨ ᠬᠥᠮᠦᠵᠢᠯ ᠬᠦᠷᠲᠡᠭᠡᠬᠦ ᠪᠠ ᠠ᠋ᠮᠴᠢᠯᠡᠨ ᠵᠠᠰᠠᠭᠤᠯᠬᠤ ᠭᠡᠰᠡᠨ᠎ᠳᠤ ᠠ᠋ᠶ᠋ᠢᠮᠦ ᠬᠡᠣᠬᠡᠳ᠎ᠢ ᠪᠢᠳᠡ ᠰᠤᠷᠭ᠋ᠠᠨ ᠬᠥᠮᠦᠵᠢᠭᠦᠯᠬᠦ ᠪᠠ ᠠ᠋ᠮᠴᠢᠯᠡᠨ ᠵᠠᠰᠠᠵᠣ ᠳᠡᠶ᠋ᠢᠯᠬᠦ ᠦᠭᠡᠢ ᠭᠡᠳ ᠬᠦᠯᠢᠶᠡᠵᠦ ᠠᠪᠣᠭᠰᠠᠨ ᠦᠭᠡᠢ᠃ ᠲᠡᠭᠡᠭᠡᠳ ᠡᠵᠢ᠎ᠨᠢ ᠡᠴᠦᠰ᠎ᠤᠨ ᠵᠣᠷᠢᠯᠭ᠎ᠠ ᠳᠥᠷᠬᠦᠮ᠎ᠤᠨ ᠨᠣᠲᠤᠭ ᠪᠦᠯᠢᠶᠡᠨ ᠭᠠᠴᠠᠭ᠋ᠠᠨ᠎ᠤ᠎ᠪᠠᠨ ᠪᠠᠭ᠎ᠠ ᠰᠣᠷᠭ᠋ᠠᠭᠤᠯᠢ᠎ᠳᠤ ᠢᠷᠡᠵᠦ ᠬᠡᠣᠬᠡᠳ ᠵᠶ᠋ᠠᠨ ᠡ᠊ᠨᠳᠡ ᠰᠣᠷᠭ᠋ᠠᠭᠤᠯᠢ᠎ᠳᠤ ᠥᠭᠬᠦ ᠭᠡᠰᠡᠨ᠎ᠳᠤ ᠮᠠᠨ᠎ᠤ ᠰᠣᠷᠭ᠋ᠠᠭᠤᠯᠢ ᠵᠢᠨ ᠣᠳᠣᠷᠢᠳᠣᠯᠭ᠎ᠠ ᠲᠣᠰ ᠬᠡᠣᠬᠡᠳ᠎ᠤᠨ ᠡᠪᠡᠳᠴᠢᠨ ᠠ᠋ᠮᠭᠡᠭ᠎ᠤᠨ ᠪᠠᠶ᠋ᠢᠳᠠᠯ᠎ᠳᠤ ᠰᠡᠳᠭᠢᠯ ᠲᠠᠯᠪᠢᠨ᠂ ᠲᠡᠭᠦᠨ᠎ᠢ ᠬᠥᠮᠦᠵᠢᠭᠦᠯᠬᠦ ᠠᠵᠢᠯ᠎ᠢ ᠴᠢᠬᠤᠯᠠᠴᠢᠯᠠᠨ ᠦᠵᠡᠵᠦ᠂ ᠲᠣᠰ ᠠ᠋ᠭᠦᠷᠭᠡ ᠵᠢ ᠮᠠᠨ᠎ᠳᠤ ᠳᠠᠭ᠋ᠠᠭ᠋ᠠᠯᠭ᠋ᠠᠵᠠᠢ᠃ ᠭᠡᠷ᠎ᠤᠨ ᠠᠬᠠᠮᠠᠳ᠎ᠤᠨ ᠬᠦᠰᠡᠯ ᠰᠣᠷᠭ᠋ᠠᠭᠤᠯᠢ ᠵᠢᠨ ᠨᠠᠶ᠋ᠢᠳᠠᠯᠭ᠎ᠠ ᠮᠠᠨᠤᠰ᠎ᠢ ᠸᠸᠨ ᠭᠤᠸᠠᠩ᠎ᠢ ᠪᠣᠰᠣᠳ ᠰᠣᠷᠣᠭᠴᠢ᠎ᠲᠠᠢ ᠠᠳᠠᠯᠢ ᠵᠢᠭ᠋ᠠᠨ ᠰᠣᠷᠭ᠋ᠠᠵᠣ ᠠ᠋ᠷᠲᠡ ᠨᠢᠭᠡᠨ ᠠ᠋ᠳᠦᠷ ᠠ᠋ᠷᠡᠭᠦᠯ ᠨᠥᠬᠦᠳ᠎ᠲᠠᠢ᠎ᠨᠢ ᠠᠳᠠᠯᠢ ᠪᠠᠶᠠᠷ ᠬᠥᠷ᠎ᠲᠠᠢ ᠨᠠᠭ᠋ᠠᠳᠣᠨ ᠲᠣᠭᠯᠠᠭᠤᠯᠵᠣ ᠰᠣᠷᠣᠯᠭ᠎ᠠ᠎ᠳᠤ᠎ᠨᠢ ᠰᠢᠮᠳᠠᠭᠤᠯᠪᠠᠯ ᠬᠡᠴᠢᠨᠡᠨ ᠰᠠᠶ᠋ᠢᠬᠠᠨ ᠪᠣᠢ ᠭᠡᠵᠦ ᠪᠣᠳᠣᠭᠳᠠᠭᠤᠯᠣᠭᠰᠠᠨ ᠪᠥᠭᠡᠳ ᠲᠡᠭᠡᠵᠦ ᠬᠢᠯᠭᠡᠭᠰᠡᠨ ᠶᠤᠮ᠃ ᠠ᠋ᠩ ᠲᠡᠷᠢᠭᠦᠨ᠎ᠳᠤ ᠲᠡᠭᠦᠨ᠎ᠤ ᠵᠣᠵᠢᠭ ᠵᠠᠩ᠎ᠢ ᠬᠠᠯᠠᠨ ᠨᠥᠬᠦᠳ᠎ᠲᠠᠢ᠎ᠨᠢ ᠣᠶ᠋ᠢᠷᠠᠲᠣᠭᠤᠯᠬᠤ ᠵᠢ ᠠᠨᠭ᠌ᠬᠠᠷᠴᠤ ᠲᠡᠭᠦᠨ᠎ᠢ ᠳᠠᠭ᠋ᠠᠭᠤᠯᠵᠣ ᠨᠥᠬᠦᠳ᠎ᠤᠨ ᠬᠢᠨᠢ ᠨᠠᠭ᠋ᠠᠳᠣᠮ ᠲᠣᠭᠯᠠᠭ᠋ᠠᠮ᠎ᠤᠨ ᠳᠣᠮᠳᠠ ᠣᠴᠢᠵᠣ ᠴᠤᠭ ᠨᠠᠭ᠋ᠠᠳᠤᠭᠤᠯᠳᠠᠬ᠃ ᠨᠥᠬᠦᠳ᠎ᠢ᠎ᠨᠢ ᠳᠠᠶ᠋ᠢᠴᠢᠯᠠᠨ ᠲᠡᠭᠦᠨ᠎ᠲᠠᠢ ᠢᠯᠡᠭᠦᠬᠡᠨ ᠰᠡᠳᠬᠢᠯ᠎ᠤᠨ ᠦᠭᠡ᠎ᠪᠠᠨ ᠬᠡᠯᠡᠯᠴᠡᠵᠦ ᠢᠯᠡᠭᠦᠬᠡᠨ ᠬᠠᠪᠰᠣᠷᠣᠯᠴᠠᠭ᠍ᠣ ᠵᠢ ᠱᠠᠭ᠋ᠠᠷᠳᠠᠪᠠ᠃ ᠣᠳᠠᠭ᠋ᠠᠨ ᠬᠤᠭᠤᠴᠠᠭ᠎ᠠ ᠴᠥᠬᠦᠷᠡᠯ ᠦᠭᠡᠢ᠎ᠪᠠᠷ ᠦᠭᠡ ᠬᠡᠯᠡ᠎ᠪᠠᠨ ᠰᠠᠶ᠋ᠢᠬᠠᠨ ᠬᠡᠯᠡᠵᠦ ᠰᠣᠷᠬᠤ ᠵᠢ ᠵᠣᠷᠢᠬ᠍ᠵᠢᠭᠤᠯᠣᠨ ᠬᠢᠴᠢᠶᠡᠯᠯᠡᠭᠡ ᠵᠢᠨ ᠳᠣᠮᠳᠠ ᠲᠡᠭᠦᠨ ᠵᠶ᠋ᠠᠷ ᠢᠯᠡᠭᠦᠬᠡᠨ ᠣᠩᠰᠢᠭᠤᠯᠵᠣ ᠬᠡᠯᠡᠭᠦᠯᠵᠦ ᠪᠢᠴᠢᠭᠦᠯᠳᠡᠭ᠎ᠠᠴᠠ ᠲᠡᠷᠡ ᠠᠶᠠᠨᠳᠠᠭ᠋ᠠᠨ ᠵᠠᠯᠬᠠᠭᠤᠷᠠᠭ᠍ᠣ ᠦᠭᠡᠢ᠂ ᠠ᠋ᠲᠡᠭᠡᠳ ᠵᠠᠩ ᠭᠠᠷᠭ᠋ᠠᠬᠤ ᠦᠭᠡᠢ ᠮᠠᠰᠢ ᠪᠠᠭ᠍ᠠᠲᠠᠢ ᠨᠢᠮᠪᠠᠢ ᠪᠢᠴᠢᠳᠡᠭ ᠪᠣᠯᠪᠠ᠃ ᠨᠢᠭᠡᠨ ᠤᠳᠠᠭ᠎ᠠ ᠰᠣᠷᠭ᠋ᠠᠭᠤᠯᠢ ᠵᠢᠨ ᠰᠢᠯᠦᠭ᠎ᠤᠨ ᠣᠷᠣᠯᠳᠣᠭ᠋ᠠᠨ ᠬᠢᠬᠦ᠎ᠳᠤ ᠮᠠᠨ᠎ᠤ ᠠᠩᠭᠢ᠎ᠠᠴᠠ ᠬᠡᠳᠦᠨ ᠬᠥᠮᠦᠨ ᠣᠷᠣᠯᠴᠠᠭ᠍ᠣ ᠪᠣᠯᠪᠠ᠃ ᠬᠡᠪ᠎ᠤᠨ ᠪᠠᠶ᠋ᠢᠳᠠᠯ᠎ᠳᠤ ᠪᠣᠯ ᠸᠸᠨ ᠭᠤᠸᠠᠩ ᠣᠯᠵᠣ ᠣᠷᠣᠯᠴᠠᠭ᠍ᠣ ᠪᠣᠯᠣᠯᠴᠠᠭ᠎ᠠ ᠦᠭᠡᠢ ᠶᠤᠮ᠃ ᠭᠡᠲᠡᠯ᠎ᠡ ᠶᠠᠭ ᠰᠠᠨᠠᠮᠰᠠᠷ ᠦᠭᠡᠢ ᠸᠸᠨ ᠭᠤᠸᠠᠩ ᠳᠠᠩᠴᠢ ᠣᠷᠣᠯᠴᠠᠭ᠍ᠣ ᠭᠡᠳ ᠣᠬᠢᠯᠠᠵᠣ ᠤᠨᠵᠢᠨ ᠪᠠᠷᠬᠢᠷᠠᠵᠣ ᠪᠠᠭᠰᠢ ᠨᠠᠷ᠎ᠢ ᠪᠠᠰᠠ ᠪᠠᠯᠠᠭ ᠠᠯᠳᠠᠭᠤᠯᠪᠠ᠃ ᠭᠡᠪᠡᠴᠦ ᠲᠡᠭᠦᠨ᠎ᠤ ᠠ᠋ᠨᠡ ᠬᠦ᠌ ᠤᠷᠮ᠎ᠠ ᠪᠠᠬ᠎ᠠ ᠬᠢᠭᠡᠳ ᠵᠣᠷᠢᠭ ᠰᠠᠨᠠᠭ᠎ᠠ ᠵᠢ᠎ᠨᠢ ᠦᠵᠡᠭᠡᠳ ᠶᠠᠭᠤ ᠴᠤ᠌ ᠭᠡᠰᠡᠨ ᠣᠷᠣᠯᠴᠠᠭᠤᠯᠵᠣ ᠦᠵᠡᠶ᠎ᠡ ᠭᠡᠳ ᠤᠷᠤᠯᠴᠠᠭᠤᠯᠤᠭᠰᠠᠨ ᠶᠤᠮ᠃ ᠣᠷᠣᠯᠳᠣᠭ᠋ᠠᠨ᠎ᠳᠤ ᠲᠡᠷᠡ ᠥᠪᠡᠷ᠎ᠤᠨ ᠪᠢᠴᠢᠭᠰᠡᠨ ᠬᠡᠳᠦᠨ ᠥᠭᠦᠯᠡᠪᠦᠷᠢ 《ᠪᠢ ᠡᠵᠢ᠎ᠪᠠᠨ ᠬᠠᠶ᠋ᠢᠷᠠᠯᠠᠨ᠎ᠠ᠂ ᠪᠢ ᠨᠠᠭ᠋ᠠᠴᠣ ᠠ᠋ᠮᠡᠭᠡ᠎ᠪᠠᠨ ᠰᠠᠨᠠᠨ᠎ᠠ》 ᠭᠡᠵᠦ ᠪᠢᠴᠢᠭᠰᠡᠨ᠎ᠢ᠎ᠪᠠᠨ ᠣᠩᠰᠢᠪᠠ᠃ ᠬᠤᠶᠠᠳᠣᠭ᠋ᠠᠷ ᠣᠨ᠎ᠤ ᠰᠡᠭᠦᠯᠴᠢ ᠵᠢᠨ ᠬᠤᠭᠤᠴᠠᠭ᠎ᠠ᠎ᠠᠴᠠ ᠠ᠋ᠬᠢᠯᠡᠨ ᠲᠡᠭᠦᠨ᠎ᠤ ᠦᠭᠡ ᠬᠡᠯᠡᠬᠦ ᠴᠢᠳᠠᠪᠣᠷᠢ ᠢᠯᠡᠳᠲᠡ ᠬᠤᠪᠢᠷᠠᠯᠲᠠ ᠭᠠᠷᠴᠣ ᠣᠣᠯ᠎ᠤᠨ᠎ᠬᠢ ᠰᠢᠬ ᠪᠣᠰᠣᠳ ᠬᠥᠮᠦᠨ ᠲᠥᠬᠦᠭᠡᠷᠡᠬᠦ ᠦᠭᠡᠢ ᠶᠠᠭᠤᠮ᠎ᠠ ᠬᠠᠰᠬᠢᠷᠳᠠᠭ ᠦᠭᠡᠢ᠃ ᠬᠡᠯᠡ᠎ᠨᠢ ᠪᠠᠭ᠍ᠠᠨ ᠠ᠋ᠭᠡᠳᠡᠷᠡᠵᠦ ᠣᠷᠢᠶᠠᠯᠳᠣᠬᠤ᠎ᠠᠴᠠ ᠪᠢᠰᠢ ᠶᠡᠬᠡᠪᠴᠢᠯᠡᠨ ᠣᠶ᠋ᠢᠯᠠᠭ᠋ᠠᠮᠵᠢᠲᠠᠢ ᠶᠠᠷᠢᠵᠣ ᠴᠢᠳᠠᠭ᠍ᠣ ᠪᠣᠯᠪᠠ᠃ ᠸᠸᠨ ᠭᠤᠸᠠᠩ ᠳᠠᠰᠬᠠᠯ ᠪᠣᠶᠣ ᠰᠢᠯᠭ᠋ᠠᠯᠲᠠ᠎ᠳᠤ ᠶᠡᠷᠦ᠎ᠨᠢ ᠮᠠᠰᠢ ᠰᠠᠶ᠋ᠢᠨ ᠦᠷ᠎ᠡ ᠳ᠋ᠦᠩ ᠠᠪᠳᠠᠭ᠃ ᠵᠠᠷᠢᠮ᠎ᠳᠤ᠎ᠪᠠᠨ ᠲᠡᠭᠦᠨ᠎ᠢ ᠤᠯᠠᠮ ᠳᠠᠪᠰᠢᠬᠤ ᠵᠣᠷᠢᠭ᠎ᠲᠠᠢ᠂ ᠪᠣᠰᠣᠳ᠎ᠢ ᠳᠠᠪᠠᠭ᠍ᠣ ᠴᠢᠷᠮᠠᠶ᠋ᠢᠯᠲᠠ᠎ᠲᠠᠢ ᠪᠣᠯᠭ᠋ᠠᠬᠤ ᠭᠡᠵᠦ ᠲᠡᠷᠡ ᠬᠡᠷᠪᠡ ᠳᠠᠰᠬᠠᠯ ᠰᠢᠯᠭ᠋ᠠᠯᠲᠠ᠎ᠳᠤ᠎ᠪᠠᠨ ᠶᠡᠷᠡᠨ ᠬᠡᠳᠦᠨ ᠬᠤᠪᠢ ᠪᠣᠶᠣ ᠵᠠᠭᠤᠨ ᠬᠤᠪᠢ ᠣᠯᠪᠠᠯ ᠪᠢ ᠶᠢᠰᠦ ᠪᠠ ᠠᠷᠪᠠ ᠭᠡᠰᠡᠨ ᠬᠤᠪᠢ ᠪᠢᠴᠢᠭᠡᠳ ᠲᠡᠭᠦᠨ᠎ᠢ ᠪᠤᠴᠠ ᠭᠡᠪᠡᠯ ᠲᠡᠷᠡ ᠶᠠᠪᠤᠬᠤ ᠦᠭᠡᠢ ᠪᠢᠴᠢᠬᠠᠨ ᠬᠡᠣᠬᠡᠳ ᠵᠠᠩ ᠵᠶ᠋ᠠᠷ 《ᠠ᠋ᠩ᠂ ᠠ》 ᠭᠡᠵᠦ ᠨᠣᠣᠷᠠᠵᠣ ᠪᠠᠶ᠋ᠢᠭ᠋ᠠᠳ ᠵᠠᠪᠠᠯ ᠪᠥᠲᠦᠨ ᠬᠤᠪᠢ᠎ᠪᠠᠨ ᠠᠪᠤᠭ᠋ᠠᠳ ᠰᠠᠶᠢ ᠰᠠᠨᠠᠭ᠎ᠠ᠎ᠨᠢ ᠠᠮᠠᠷᠠᠵᠣ ᠣᠷᠣᠨ᠎ᠳᠤ᠎ᠪᠠᠨ ᠪᠤᠴᠠᠳᠠᠭ᠃ ᠲᠣᠬᠠᠢ ᠵᠢᠨ ᠦᠶ᠎ᠡ᠎ᠳᠤ ᠪᠠᠭᠰᠢ ᠨᠠᠷ᠎ᠤᠨ ᠭᠠᠭᠴᠠ ᠪᠣᠳᠤᠯ ᠪᠣᠯ ᠸᠸᠨ ᠭᠤᠸᠠᠩ᠎ᠢ ᠰᠤᠷᠤᠯᠭ᠎ᠠ ᠰᠠᠶ᠋ᠢᠨ᠂ ᠦᠭᠡ ᠬᠡᠯᠡᠨ᠎ᠳᠤ ᠴᠠᠭ᠋ᠠᠷᠠᠭᠰᠠᠨ ᠣᠬᠠᠭ᠋ᠠᠨ ᠲᠣᠮᠤᠭ᠋ᠠᠲᠠᠢ ᠬᠡᠣᠬᠡᠳ ᠪᠣᠯᠭ᠋ᠠᠨ ᠬᠥᠮᠦᠵᠢᠭᠦᠯᠴᠢᠬᠡᠪᠡᠯ ᠪᠢᠳᠡ ᠲᠡᠭᠦᠨ᠎ᠢ ᠠ᠋ᠭᠦᠳᠡ᠎ᠪᠠᠨ ᠨᠡᠭᠡᠭᠡᠭᠡᠳ ᠤᠭᠲᠤᠵᠤ ᠠᠪᠤᠭᠰᠠᠨ ᠠᠷᠢᠭᠤᠨ ᠰᠠᠨᠠᠭ᠋ᠠᠨ᠎ᠤ ᠢᠲᠡᠭᠡᠯ ᠪᠠ ᠠᠨᠳᠠᠭ᠋ᠠᠢ᠎ᠳᠤ᠎ᠪᠠᠨ ᠬᠦᠷᠴᠦ ᠴᠢᠳᠠᠨ᠎ᠠ ᠭᠡᠵᠦ ᠪᠣᠳᠤᠵᠤ ᠪᠠᠶ᠋ᠢᠭᠰᠠᠨ᠂ ᠣᠳᠣ ᠪᠣᠯᠬᠤ᠎ᠳᠤ ᠸᠸᠨ ᠭᠤᠸᠠᠩ ᠪᠢᠳᠡ ᠪᠦᠭᠦᠨ᠎ᠤ ᠴᠢᠷᠮᠠᠶ᠋ᠢᠯᠭ᠎ᠠ ᠵᠢ ᠬᠦᠰᠡᠷᠳᠡᠭᠦᠯᠦᠭᠰᠡᠨ ᠦᠭᠡᠢ ᠰᠢᠯᠦᠭ ᠤᠩᠰᠢᠬᠤ ᠳᠠᠭᠤᠣ ᠳᠠᠭᠤᠯᠠᠭ᠍ᠣ᠎ᠳᠤ ᠪᠠᠭ᠍ᠠᠲᠠᠢ᠂ ᠨᠥᠬᠦᠳ᠎ᠲᠠᠢ᠎ᠪᠠᠨ ᠠ᠋ᠶ᠎ᠡ ᠨᠠᠶ᠋ᠢᠷ᠎ᠲᠠᠢ᠂ ᠠᠩᠭᠢ ᠵᠢᠨ ᠵᠢᠵᠢᠭᠦᠷ ᠴᠡᠪᠡᠷᠯᠡᠭᠡ ᠵᠢ ᠬᠠᠷᠢᠭᠤᠴᠠᠯᠭ᠎ᠠ᠎ᠲᠠᠢ ᠬᠢᠳᠡᠭ ᠮᠥᠷᠲᠡᠭᠡᠨ ᠨᠥᠬᠦᠳ ᠵᠶ᠋ᠠᠨ ᠪᠠᠰᠠ 《ᠢᠩᠬᠢᠵᠦ᠎ᠬᠢ᠂ ᠲᠡᠭᠡᠵᠦ᠎ᠬᠢ》 ᠭᠡᠵᠦ ᠵᠢᠭ᠋ᠠᠵᠣ ᠲᠣᠬᠢᠵᠣ ᠬᠠᠪᠰᠣᠷᠳᠠᠭ ᠤᠬᠠᠭ᠋ᠠᠨ᠎ᠲᠠᠢ ᠬᠡᠣᠬᠡᠳ ᠪᠤᠯᠤᠭᠰᠠᠨ ᠪᠠᠶ᠋ᠢᠨ᠎ᠠ᠃
      ᠬᠤᠶᠠᠷ᠂ ᠰᠤᠷᠤᠭᠴᠢ᠎ᠪᠠᠨ ᠣᠶ᠋ᠢᠯᠠᠭ᠋ᠠᠬᠤ ᠪᠣᠯ ᠰᠣᠷᠤᠭᠴᠢ ᠵᠢᠨ ᠬᠥᠮᠦᠵᠢᠯ᠎ᠤᠨ ᠤᠷᠢᠳᠠᠯ ᠨᠥᠬᠦᠴᠡᠯ ᠮᠦᠨ᠃
      ᠠᠩᠭᠢ ᠵᠢᠨ ᠠ᠋ᠷᠬᠢᠯᠡᠭᠴᠢ ᠪᠣᠯᠣᠭᠰᠠᠳ ᠬᠡᠵᠢᠶᠡᠳᠡ ᠬᠡᠣᠬᠡᠳ᠎ᠤᠨ ᠵᠶ᠋ᠠᠨ ᠳᠣᠮᠳᠠ ᠪᠠᠶ᠋ᠢᠵᠤ᠂ ᠬᠢᠴᠢᠶᠡᠯᠯᠡᠭᠡ ᠪᠣᠯᠪᠠᠰᠤᠷᠠᠯ ᠪᠠ ᠪᠣᠰᠤᠳ ᠰᠤᠯᠠ ᠰᠡᠯᠡᠭᠦᠤ ᠴᠠᠭ᠎ᠢ ᠴᠦ᠍ ᠲᠠᠶᠠᠭᠳᠠᠯ ᠦᠭᠡᠢ ᠬᠡᠣᠬᠡᠳ᠎ᠢ ᠠᠵᠢᠭᠯᠠᠪᠠᠯ ᠵᠤᠬᠢᠨ᠎ᠠ᠃ ᠬᠡᠯᠡᠶ᠎ᠡ ᠭᠡᠵᠦ ᠪᠣᠳᠤᠭᠰᠠᠨ ᠦᠭᠡ ᠵᠢ᠎ᠨᠢ ᠣᠯᠵᠤ ᠬᠡᠯᠡᠬᠦ ᠵᠢ ᠰᠠᠨᠠᠳᠠᠭ᠃ ᠰᠤᠷᠤᠭᠴᠢᠳ᠎ᠤᠨ ᠪᠠᠶ᠋ᠢᠳᠠᠯ᠎ᠢ ᠰᠠᠶ᠋ᠢᠲᠤᠷ ᠠᠵᠢᠵᠣ ᠠ᠋ᠳᠦᠷ ᠲᠣᠲᠤᠮ᠎ᠤᠨ ᠠᠮᠢᠳᠤᠷᠠᠯ ᠰᠤᠷᠤᠯᠭ᠎ᠠ ᠵᠢᠨ ᠳᠣᠮᠳᠠᠬᠢ ᠪᠣᠳᠤᠭᠰᠠᠨ ᠵᠦᠢ᠍ᠯ ᠪᠠ ᠢᠯᠡᠳᠬᠡᠬᠦ᠎ᠳᠤ ᠪᠡᠷᠬᠡᠳᠡᠵᠦ ᠪᠠᠶ᠋ᠢᠭ᠎ᠠ ᠠᠰᠠᠭᠤᠳᠠᠯ ᠪᠠᠶ᠋ᠢᠪᠠᠯ ᠰᠤᠷᠤᠭᠴᠢ ᠵᠢᠨ ᠵᠶ᠋ᠠᠨ ᠪᠣᠳᠠᠲᠤ ᠪᠠᠶ᠋ᠢᠳᠠᠯ᠎ᠲᠠᠢ ᠤᠶᠠᠯᠳᠤᠭᠤᠯᠤᠨ ᠬᠥᠳᠡᠯᠦᠩᠭᠦᠢ᠎ᠪᠠᠷ ᠬᠠᠷᠢᠯᠴᠠᠵᠣ ᠰᠡᠳᠬᠢᠯ ᠪᠣᠳᠤᠯ᠎ᠢ᠎ᠨᠢ ᠮᠡᠳᠡᠬᠦ᠎ᠪᠠᠷ ᠴᠢᠷᠮᠠᠶ᠋ᠢᠳᠠᠭ᠃ ᠪᠠᠭᠰᠢ᠎ᠳᠤ᠎ᠪᠠᠨ ᠬᠡᠯᠡᠬᠦ ᠭᠡᠰᠡᠨ ᠪᠠ ᠨᠥᠬᠦᠳ᠎ᠲᠤ᠎ᠪᠠᠨ ᠬᠡᠯᠡᠬᠦ ᠭᠡᠰᠡᠨ ᠵᠦᠢ᠍ᠯ ᠵᠢᠴᠢ ᠥᠪᠡᠷ᠎ᠤᠨ ᠦᠵᠡᠯᠲᠡ ᠲᠠᠨᠢᠯᠲᠠ᠎ᠪᠠᠨ ᠢᠯᠡᠳᠬᠡᠬᠦ ᠭᠡᠳ ᠳᠠᠷᠣᠭ᠋ᠠᠰᠣ᠎ᠲᠠᠢ ᠵᠦᠢ᠍ᠯ ᠪᠠᠶ᠋ᠢᠪᠠᠯ ᠬᠠᠷᠰᠢ ᠰᠠᠭ᠋ᠠᠳ᠎ᠢ᠎ᠨᠢ ᠠᠷᠢᠯᠭ᠋ᠠᠨ ᠥᠭᠴᠦ ᠬᠡᠣᠬᠡᠳ᠎ᠤᠨ᠎ᠢᠶᠠᠨ ᠬᠡᠯᠡᠶ᠎ᠡ ᠭᠡᠰᠡᠨ ᠲᠡᠷᠡ ᠬᠦ᠌ ᠦᠭᠡ ᠵᠢ᠎ᠨᠢ ᠬᠡᠯᠡᠭᠦᠯᠳᠡᠭ᠃ ᠢᠩᠬᠢᠭᠰᠡᠨ᠎ᠠᠴᠠ ᠪᠣᠳᠣᠯ ᠰᠡᠳᠬᠢᠯᠭᠡ ᠪᠠ ᠰᠡᠳᠬᠢᠬᠦᠢ ᠠ᠋ᠭᠦᠯᠡ ᠦᠭᠡᠢ ᠲᠡᠭᠷᠢ ᠰᠢᠭ ᠰᠠᠷᠠᠭᠤᠯ ᠪᠣᠯᠵᠤ ᠪᠠᠭᠰᠢ ᠪᠠ ᠰᠣᠷᠣᠭᠴᠢᠳ᠂ ᠰᠤᠷᠤᠭᠴᠢ ᠬᠤᠭᠤᠷᠤᠨᠳᠤᠬᠢ ᠵᠢᠨ ᠬᠠᠷᠢᠴᠠᠭ᠎ᠠ᠎ᠨᠢ ᠠ᠋ᠶ᠎ᠠ ᠨᠠᠢ᠍ᠢ᠍ᠷᠰᠠᠬ ᠪᠤᠯᠵᠤ᠂ ᠠᠩᠭᠢ ᠨᠡᠶ᠋ᠢᠲᠡ᠎ᠪᠠᠷ ᠵᠶ᠋ᠠᠨ ᠪᠠᠶᠠᠷ ᠬᠥᠷ᠎ᠤᠨ ᠳᠣᠮᠳᠠ ᠨᠢᠭᠡᠨ ᠴᠤᠪᠤᠭ᠎ᠠ ᠭᠠᠯᠠᠭᠤ ᠰᠢᠪᠠᠭᠤ ᠠᠭ᠋ᠠᠷ᠎ᠤᠨ ᠭᠦᠨ᠎ᠳᠤ ᠠ᠋ᠷᠬᠡ ᠴᠢᠯᠦᠭᠡ᠎ᠲᠠᠢ ᠪᠠᠶᠠᠷ ᠬᠥᠷ᠎ᠲᠠᠢ᠎ᠪᠠᠷ ᠬᠤᠰᠢᠭᠤᠷᠠᠨ ᠨᠢᠰᠬᠦ ᠰᠢᠭ ᠪᠣᠯᠳᠠᠬ᠃ ᠬᠡᠦᠬᠡᠳ᠎ᠲᠤ ᠶᠠᠷᠢᠬᠤ ᠠ᠋ᠷᠬᠡ ᠴᠢᠯᠦᠭᠡ ᠥᠭᠴᠦ᠂ ᠬᠢᠴᠢᠶᠡᠯᠯᠡᠭᠡ ᠪᠠ ᠪᠤᠰᠤᠳ ᠴᠠᠭ ᠵᠶ᠋ᠠᠷ ᠬᠡᠣᠬᠡᠳ᠎ᠤᠨ ᠠ᠋ᠷᠡᠭᠦᠯ ᠴᠠᠶ᠋ᠢᠯᠭ᠋ᠠᠨ ᠶᠠᠷᠢᠶ᠎ᠠ ᠵᠢ ᠰᠣᠨᠣᠰᠴᠤ ᠪᠠᠶ᠋ᠢᠳᠠᠭ᠃ ᠬᠡᠦᠬᠡᠳ᠎ᠤᠨ ᠰᠣᠷᠤᠯᠭ᠎ᠠ ᠠᠮᠢᠳᠤᠷᠠᠯ᠂ ᠠᠩᠭᠢ ᠨᠢᠭᠡᠴᠢ ᠨᠠᠶ᠋ᠢᠵᠠ ᠨᠥᠬᠦᠳ᠎ᠤᠨ ᠬᠢᠨᠢ ᠲᠤᠬᠠᠢ ᠶᠠᠮᠠᠷ ᠶᠠᠮᠠᠷ ᠪᠤᠳᠤᠯ ᠰᠠᠨᠠᠯ ᠪᠠᠶ᠋ᠢᠬᠤ᠂ ᠠᠩᠭᠢ ᠵᠢᠨ ᠭᠡᠷ᠎ᠤᠨ ᠵᠠᠰᠠᠯ ᠴᠢᠮᠡᠭᠯᠡᠯ᠂ ᠠᠷᠢᠭᠤᠨ ᠴᠡᠪᠡᠷ᠂ ᠠ᠋ᠷᠡᠭᠦᠯ ᠬᠠᠮᠠᠭ᠋ᠠᠯᠠᠯ᠎ᠤᠨ ᠲᠤᠬᠠᠢ ᠶᠠᠮᠠᠷ ᠪᠤᠳᠤᠯ ᠰᠠᠨᠠᠯ᠎ᠲᠠᠢ ᠪᠠᠶ᠋ᠢᠬᠤ ᠵᠢ ᠠᠰᠠᠭᠤᠵᠤ ᠰᠤᠷᠠᠵᠤ ᠬᠡᠯᠡᠭᠦᠯᠵᠦ ᠶᠠᠪᠤᠳᠠᠭ᠃ ᠠ᠋ᠨᠡ᠎ᠨᠢ ᠬᠡᠦᠬᠡᠳ᠎ᠢ ᠠ᠋ᠷᠡᠭᠡ ᠵᠢᠷᠤᠭ᠎ᠠ ᠦᠭᠡᠢ᠂ ᠴᠡᠯᠮᠡᠭ ᠴᠠᠶ᠋ᠢᠯᠭ᠋ᠠᠨ᠂ ᠵᠣᠷᠢᠭ᠎ᠲᠠᠢ᠎ᠪᠠᠷ ᠰᠤᠪᠢᠨ ᠪᠤᠳᠤᠬᠤ᠂ ᠰᠡᠳᠬᠢᠯ᠎ᠤᠨ ᠠ᠋ᠭᠡᠳᠡᠷᠡᠭᠡ᠎ᠪᠠᠨ ᠭᠠᠷᠭ᠋ᠠᠬᠤ ᠵᠡᠷᠭᠡ ᠣᠯᠠᠨ ᠵᠦᠢ᠍ᠯ᠎ᠤᠨ ᠠᠰᠢᠭ᠎ᠲᠠᠢ ᠲᠠᠯ᠎ᠠ᠎ᠲᠠᠢ ᠶᠤᠮ᠃ ᠮᠠᠨ᠎ᠤ ᠠᠩᠭᠢ᠎ᠳᠤ ᠵᠢᠪᠬᠤᠭ᠎ᠠ ᠭᠡᠳᠡᠭ ᠰᠤᠷᠤᠭᠴᠢ ᠪᠠᠶ᠋ᠢᠳᠠᠭ᠃ ᠲᠡᠷᠡ ᠨᠢᠭᠡᠳᠦᠭᠡᠷ ᠣᠨ᠎ᠳᠤ ᠪᠠᠶ᠋ᠢᠬᠤ᠎ᠳᠤ᠎ᠪᠠᠨ ᠰᠤᠷᠤᠯᠭ᠎ᠠ᠎ᠳᠤ᠎ᠪᠠᠨ ᠠᠨᠠᠢ᠂ ᠪᠠᠭᠰᠢ ᠲᠡᠭᠦᠨ᠎ᠢ ᠬᠡᠯᠡᠵᠦ ᠰᠤᠷᠭ᠋ᠠᠬᠤ ᠭᠡᠪᠡᠯ ᠤᠬᠢᠯᠠᠴᠢᠬᠠᠬᠤ᠂ ᠦᠭᠡ ᠳᠠᠭᠤ ᠴᠥᠬᠡᠨ᠂ ᠨᠥᠬᠦᠳ᠎ᠲᠠᠢ᠎ᠪᠠᠨ ᠨᠡᠶ᠋ᠢᠴᠡᠬᠦ ᠦᠭᠡᠢ ᠵᠠᠩ᠎ᠲᠠᠢ᠃ ᠲᠡᠭᠦᠨ᠎ᠤ ᠨᠢᠭᠡ᠎ᠳᠤ ᠠᠶᠤᠮᠠᠲᠠᠭ᠋ᠠᠢ᠂ ᠬᠤᠶᠠᠷ᠎ᠲᠤ ᠥᠪᠡᠷ᠎ᠤᠨ ᠪᠡᠶ᠎ᠡ᠎ᠳᠤ᠎ᠪᠠᠨ ᠢᠲᠡᠭᠡᠯ ᠦᠭᠡᠢ᠂ ᠭᠤᠷᠪᠠ᠎ᠳᠤ ᠪᠠᠭᠰᠢ᠎ᠠᠴᠠ ᠠᠶᠤᠬᠤ ᠪᠤᠶᠤ ᠪᠠᠭᠰᠢ ᠵᠢ ᠠ᠋ᠭ᠌ᠳᠡᠭᠦᠴᠡᠬᠦ᠂ ᠪᠠᠭᠰᠢ ᠵᠢ ᠥᠪᠡᠷ᠎ᠤᠨ ᠵᠶ᠋ᠠᠨ ᠠᠪᠤ ᠡᠵᠢ ᠰᠢᠭ ᠣᠶ᠋ᠢᠷ᠎ᠠ ᠳᠣᠲᠣᠨᠣ ᠪᠤᠳᠤᠬᠤ ᠦᠭᠡᠢ ᠪᠠᠶ᠋ᠢᠭ᠎ᠠ ᠵᠢ ᠮᠡᠳᠡᠵᠦ ᠦᠷᠭᠦᠯᠵᠢ ᠲᠡᠭᠦᠨ᠎ᠲᠠᠢ ᠶᠠᠷᠢᠵᠤ᠄ 《ᠵᠢᠪᠬᠤᠭ᠎ᠠ ᠴᠢ ᠪᠢᠴᠢᠭ ᠰᠤᠷᠬᠤ᠎ᠳᠤ ᠪᠠᠭᠰᠢ᠎ᠠᠴᠠ᠎ᠪᠠᠨ ᠵᠠᠶ᠋ᠢᠳᠠᠵᠤ ᠪᠤᠯᠭ᠍ᠤ ᠦᠭᠡᠢ ᠰᠢᠦ᠂ ᠪᠠᠭᠰᠢ ᠪᠣᠯ ᠴᠢᠨᠦ ᠠᠪᠤ ᠡᠵᠢ᠎ᠲᠠᠢ ᠠᠳᠠᠯᠢ ᠰᠢᠦ᠂ ᠴᠢ ᠯᠠᠪᠲᠠᠢ ᠨᠥᠬᠦᠳ᠎ᠲᠠᠢ᠎ᠪᠠᠨ ᠠᠳᠠᠯᠢ ᠰᠠᠶ᠋ᠢᠨ ᠰᠤᠷᠴᠤ ᠴᠢᠳᠠᠨ᠎ᠠ》 ᠭᠡᠵᠦ ᠵᠣᠷᠢᠬ᠍ᠵᠢᠭᠤᠯᠤᠨ ᠨᠥᠬᠦᠳ᠎ᠢ᠎ᠨᠢ ᠪᠠᠰᠠ ᠲᠡᠭᠦᠨ᠎ᠳᠤ ᠬᠠᠪᠰᠤᠷᠬᠤ ᠵᠢ ᠰᠤᠷᠤᠭᠴᠢ ᠵᠢᠨ ᠳᠤᠮᠳᠠ ᠬᠡᠯᠡᠬᠦ᠎ᠳᠤ ᠪᠦᠷ ᠳᠠᠭᠤ ᠨᠢᠭᠡᠲᠡᠢ ᠵᠥᠪᠰᠢᠶᠡᠷᠡᠵᠦ ᠪᠦᠷ ᠰᠠᠶ᠋ᠢᠨ ᠳᠤᠷ᠎ᠠ᠎ᠠᠴᠠ᠎ᠪᠠᠨ ᠪᠤᠯᠢᠶᠠᠯᠳᠤᠨ ᠬᠠᠪᠰᠤᠷᠴᠤ ᠠ᠋ᠬᠢᠯᠡᠭᠰᠡᠨ ᠪᠢᠯᠡ᠃ ᠵᠢᠯ ᠢᠯᠡᠭᠦᠦ ᠵᠢᠨ ᠴᠢᠷᠮᠠᠢ᠍ᠢ᠍ᠯᠭ᠎ᠠ᠎ᠪᠠᠷ ᠬᠤᠶᠠᠳᠤᠭ᠋ᠠᠷ ᠣᠨ᠎ᠤ ᠳᠣᠣᠷᠠᠳᠣ ᠬᠤᠭᠤᠴᠠᠭ᠎ᠠ ᠪᠣᠯᠬᠤ᠎ᠳᠤ ᠰᠤᠷᠤᠭᠴᠢ ᠵᠢᠪᠬᠤᠭ᠎ᠠ ᠢᠳᠡᠭ ᠠᠯᠬᠤᠮ ᠵᠶ᠋ᠠᠷ ᠬᠡᠯᠡ ᠪᠢᠴᠢᠭ᠎ᠤᠨ ᠵᠶ᠋ᠠᠨ ᠦᠭᠡ ᠦᠰᠦᠭ᠎ᠢ ᠨᠢᠳᠦᠯᠦᠨ ᠤᠩᠰᠢᠵᠤ ᠴᠢᠳᠠᠭ᠍ᠤ ᠪᠣᠯᠵᠤ ᠵᠠᠷᠢᠮ᠎ᠳᠤ᠎ᠪᠠᠨ ᠰᠠᠮᠪᠠᠷ᠎ᠠ ᠳᠡᠭᠡᠷ᠎ᠡ ᠪᠢᠴᠢᠭᠰᠡᠨ ᠦᠭᠡ ᠵᠢ ᠵᠠᠬ᠎ᠠ ᠳᠠᠷᠠᠭ᠋ᠠᠯᠠᠨ ᠤᠩᠰᠢᠵᠤ ᠴᠢᠳᠠᠴᠢᠬᠠᠳᠠᠭ᠃ ᠣᠳᠣ ᠵᠢᠪᠬᠤᠭ᠎ᠠ ᠵᠢᠷᠭᠤᠳᠤᠭ᠋ᠠᠷ ᠣᠨ᠎ᠳᠤ ᠰᠤᠷᠴᠣ᠂ ᠤᠷᠠᠨ ᠲᠣᠳᠣ ᠤᠩᠰᠢᠬᠤ᠂ ᠴᠡᠭᠡᠵᠢᠯᠡᠬᠦ᠎ᠳᠤ ᠮᠠᠰᠢ ᠭᠠᠷᠮᠠᠭ᠋ᠠᠢ ᠪᠣᠯᠵᠤ ᠦᠨᠳᠦᠰᠦᠨ ᠮᠡᠳᠡᠯᠭᠡ ᠵᠢᠨ ᠪᠣᠯᠪᠠᠰᠤᠷᠠᠯ᠂ ᠰᠢᠯᠭ᠋ᠠᠯᠲᠠ᠎ᠳᠤ ᠮᠠᠰᠢ ᠰᠠᠶ᠋ᠢᠨ ᠬᠢᠷᠢ ᠪᠥᠲᠦᠮᠵᠢ ᠣᠯᠬᠤ ᠪᠣᠯᠵᠠᠢ᠃
      ᠭᠤᠷᠪᠠ᠂ ᠤᠯᠠᠮᠵᠢᠯᠠᠯᠲᠤ ᠬᠥᠮᠦᠵᠢᠯ ᠪᠣᠯ ᠬᠥᠮᠦᠨ ᠮᠥᠰᠦ ᠵᠢ ᠰᠢᠮᠡᠵᠢᠭᠦᠯᠬᠦ ᠴᠢᠮᠦᠭᠡ ᠮᠦᠨ᠃
      ᠠ᠋ᠷᠳᠡᠮᠲᠡᠨ ᠮᠡᠷᠭᠡᠳ᠎ᠤᠨ ᠶᠠᠷᠢᠶᠠᠨ᠎ᠳᠤ ᠬᠥᠮᠦᠨ ᠶᠠᠮᠠᠷᠴᠤ ᠴᠢᠳᠠᠪᠤᠷᠢᠲᠠᠨ ᠰᠣᠳᠣ ᠠᠪᠢᠶᠠᠰᠲᠠᠨ ᠪᠣᠯᠬᠤ᠎ᠳᠤ ᠤᠷᠢᠳᠠᠪᠠᠷ ᠵᠠᠪᠠᠯ ᠨᠢᠭᠡ ᠰᠠᠶ᠋ᠢᠨ ᠬᠥᠮᠦᠨ ᠪᠣᠯᠬᠤ ᠬᠡᠷᠡᠭᠲᠡᠢ ᠭᠡᠳᠡᠭ᠃ 《ᠬᠥᠮᠦᠨ ᠪᠣᠯᠬᠤ᠎ᠳᠤ ᠪᠠᠭ᠎ᠠ᠎ᠠᠴᠠ᠎ᠪᠠᠨ᠂ ᠬᠥᠯᠥᠭ ᠪᠣᠯᠬᠤ᠎ᠳᠤ ᠤᠨᠠᠭ᠋ᠠᠨ᠎ᠠᠴᠠ᠎ᠪᠠᠨ》 ᠭᠡᠳᠡᠭ ᠮᠠᠨ᠎ᠤ ᠮᠤᠩᠭᠤᠯᠴᠤᠳ᠎ᠤᠨ ᠰᠤᠷᠭ᠋ᠠᠯ ᠴᠦ᠍ ᠪᠠᠢ᠍ᠢ᠍ᠳᠠᠬ᠃ ᠬᠡᠦᠬᠡᠳ᠎ᠢ ᠬᠠᠷᠠᠭ᠍ᠠᠨ ᠪᠠᠭ᠎ᠠ᠎ᠠᠴᠠ᠎ᠨᠢ ᠭᠦᠨᠵᠡᠭᠡᠢ ᠰᠤᠷᠭ᠋ᠠᠨ᠂ ᠶᠠᠪᠤᠵᠤ ᠰᠠᠭᠤᠬᠤ᠎ᠠᠴᠠ ᠠ᠋ᠬᠢᠯᠡᠨ ᠢᠳᠡᠵᠦ ᠤᠨᠲᠠᠭ᠍ᠤ᠂ ᠬᠦᠨᠳᠦᠯᠡᠬᠦ ᠮᠡᠨᠳᠦᠯᠡᠬᠦ ᠵᠡᠷᠭᠡ ᠵᠢ ᠪᠦᠷ ᠠ᠋ᠳᠦᠷ ᠲᠣᠲᠣᠮ᠎ᠤᠨ ᠴᠢᠩᠭ᠎ᠠ ᠵᠢᠷᠤᠮ ᠪᠣᠯᠭ᠋ᠠᠨ ᠱᠠᠭ᠋ᠠᠷᠳᠠᠳᠠᠭ ᠶᠤᠮ᠃ ᠶᠣᠰᠣ ᠮᠤᠷᠠᠯ ᠪᠣᠯ ᠬᠡᠦᠬᠡᠳ᠎ᠤᠨ ᠥᠰᠦᠨ ᠬᠥᠮᠦᠵᠢᠬᠦ ᠵᠢᠨ ᠰᠠᠯᠵᠤ ᠪᠣᠯᠣᠰᠢ ᠦᠭᠡᠢ ᠳᠣᠲᠤᠮᠳᠠᠯᠭ᠎ᠠ ᠪᠤᠶᠤ ᠬᠥᠮᠦᠨ ᠪᠣᠯᠬᠤ ᠵᠢᠨ ᠬᠠᠲᠠᠭᠤ ᠬᠠᠤᠯᠢ ᠪᠢᠯᠡ᠃ ᠰᠤᠷᠤᠭᠴᠢᠳ ᠠ᠋ᠳᠦᠷ ᠳᠣᠲᠣᠮ᠎ᠤᠨ ᠠᠮᠢᠳᠤᠷᠠᠯ ᠰᠤᠷᠤᠯᠭ᠎ᠠ ᠳᠣᠮᠳᠠ ᠶᠣᠰᠣ ᠮᠤᠷᠠᠯ᠎ᠤᠨ ᠱᠠᠭ᠋ᠠᠷᠳᠠᠯᠭ᠎ᠠ᠎ᠠᠴᠠ ᠰᠠᠯᠵᠤ ᠪᠣᠯᠤᠰᠢ ᠦᠭᠡᠢ᠃ ᠪᠠᠭᠰᠢ᠎ᠯᠤᠭ᠎ᠠ᠎ᠪᠠᠨ ᠬᠠᠷᠢᠴᠠᠭ᠍ᠤ᠂ ᠨᠠᠶ᠋ᠢᠵᠢ ᠨᠥᠬᠦᠳ᠎ᠯᠦᠭᠡ᠎ᠪᠠᠨ ᠶᠠᠪᠤᠯᠴᠠᠭ᠍ᠤ᠂ ᠠᠪᠤ ᠡᠵᠢ ᠠᠬᠠᠰ ᠵᠠᠭ᠍ᠠᠰ᠎ᠲᠠᠢ᠎ᠪᠠᠨ ᠤᠴᠠᠷᠠᠭ᠍ᠤ᠎ᠳᠤ ᠠᠮᠤᠷ ᠮᠡᠨᠳᠦ ᠠᠰᠠᠭᠤᠬᠤ ᠮᠡᠲᠦ ᠠ᠋ᠶ᠎ᠡ ᠵᠦᠢ᠎ᠲᠠᠢ ᠬᠠᠷᠢᠯᠴᠠᠭ᠎ᠠ ᠵᠢ ᠤᠮᠲᠤᠭ᠋ᠠᠶ᠋ᠢᠯᠠᠵᠤ ᠪᠣᠯᠬᠤ ᠦᠭᠡᠢ ᠶᠤᠮ᠃ ᠣᠳᠣ ᠦᠶ᠎ᠡ ᠵᠢᠨ ᠪᠠᠭ᠋ᠠᠴᠤᠤᠯ ᠪᠦᠷ ᠯᠠ ᠠ᠋ᠷᠬᠡ ᠪᠡᠷᠬᠡ᠎ᠲᠠᠢ ᠥᠰᠦᠭᠰᠡᠨ ᠬᠥᠮᠦᠨ᠎ᠤ ᠭᠠᠭᠴᠠ ᠬᠤᠶᠠᠷ ᠬᠡᠦᠬᠡᠳ ᠪᠣᠯᠬᠤᠷ ᠶᠡᠬᠡᠰ ᠲᠣᠮᠣᠴᠤᠤᠯ ᠵᠶ᠋ᠠᠨ ᠬᠦᠨᠳᠦᠳᠬᠡᠬᠦ᠂ ᠦᠭᠡ ᠶᠠᠷᠢᠶᠠᠨ᠎ᠤ ᠡᠪ ᠵᠦᠢ ᠵᠢ ᠠᠩᠬᠠᠷᠬᠤ ᠲᠠᠯ᠎ᠠ᠎ᠪᠠᠷ ᠬᠦᠷᠦᠯᠴᠡᠬᠦ ᠦᠭᠡᠢ ᠭᠡᠷ ᠪᠦᠯᠢ ᠵᠢᠨ ᠵᠶ᠋ᠠᠨ 《ᠳᠠᠷᠬᠠᠨ ᠸᠠᠩ》 ᠪᠣᠯᠬᠤᠷ ᠲᠡᠳᠡᠨᠦᠰ᠎ᠤᠨ ᠠ᠋ᠷᠬᠡ ᠮᠡᠳᠡᠯ ᠲᠤᠩ ᠶᠡᠭᠡ ᠶᠤᠮ᠃ ᠠ᠋ᠭᠦᠨᠴᠢᠯᠡᠨ ᠬᠡᠦᠬᠡᠳ ᠪᠠᠭ᠋ᠠᠴᠤᠳ᠎ᠢ ᠭᠡᠷ᠎ᠤᠨ ᠬᠥᠮᠦᠵᠢᠯ᠎ᠤᠨ ᠨᠠᠵᠠᠭ᠋ᠠᠢ ᠣᠪᠣᠷ᠂ ᠨᠡᠶ᠋ᠢᠭᠡᠮ᠎ᠤᠨ ᠪᠠᠷᠠᠭ᠋ᠠᠨ ᠰᠡᠭᠦᠳᠡᠷ᠎ᠠᠴᠠ ᠬᠠᠯᠬᠠᠯᠠᠨ ᠬᠠᠷᠠᠭ᠍ᠠᠨ ᠪᠠᠭ᠎ᠠ᠎ᠠᠴᠠ᠎ᠨᠢ ᠢᠳᠡᠭ ᠠᠯᠬᠤᠮ ᠵᠶ᠋ᠠᠷ ᠵᠥᠪ ᠣᠨᠣᠪᠴᠢᠲᠠᠢ ᠬᠥᠮᠦᠵᠢᠯ ᠬᠢᠬᠦ ᠬᠡᠷᠡᠭᠲᠡᠢ᠃ ᠠᠵᠢᠯ᠎ᠤᠨ ᠴᠢᠯᠦᠭᠡ᠎ᠪᠠᠷ ᠵᠶ᠋ᠠᠨ 《ᠮᠣᠩᠭᠤᠯ᠎ᠤᠨ ᠴᠡᠭᠡᠷ ᠰᠤᠷᠭ᠋ᠠᠯ》᠎ᠢ ᠴᠤᠭᠯᠠᠭᠤᠯᠵᠤ ᠰᠤᠷᠭ᠋ᠠᠭᠤᠯᠢ ᠵᠢᠨ ᠬᠢᠴᠢᠶᠡᠯ᠎ᠤᠨ ᠪᠢᠴᠢᠭ ᠪᠣᠯᠭ᠋ᠠᠨ ᠨᠠᠶ᠋ᠢᠷᠠᠭᠤᠯᠵᠣ ᠥᠪᠡᠷ᠎ᠤᠨ ᠵᠢᠭ᠋ᠠᠵᠤ ᠪᠠᠶ᠋ᠢᠭ᠎ᠠ ᠠᠩᠭᠢ ᠵᠢᠨ ᠰᠤᠷᠤᠭᠴᠢᠳ᠎ᠲᠤ ᠭᠠᠷᠠᠭ ᠪᠦᠷᠢ ᠬᠤᠶᠠᠷ ᠴᠠᠭ ᠬᠢᠴᠢᠶᠡᠯᠯᠡᠵᠦ ᠴᠢᠯᠦᠭᠡ ᠵᠠᠪ ᠵᠶ᠋ᠠᠷ ᠵᠶ᠋ᠠᠨ ᠲᠤᠰ ᠨᠣᠮ᠎ᠢ ᠢᠯᠡᠭᠦᠬᠡᠨ ᠦᠵᠡᠭᠦᠯᠵᠦ ᠮᠣᠩᠭᠤᠯ ᠦᠨᠳᠦᠰᠦᠲᠡᠨ᠎ᠤ᠎ᠪᠠᠨ ᠠ᠋ᠷᠲᠡ ᠦᠶ᠎ᠡ᠎ᠠᠴᠠ ᠤᠯᠠᠮᠵᠢᠯᠠᠵᠤ ᠢᠷᠡᠭᠰᠡᠨ ᠵᠠᠩ ᠮᠤᠷᠠᠯ᠎ᠤᠨ ᠰᠤᠷᠭ᠋ᠠᠯ᠎ᠢ ᠬᠡᠣᠬᠡᠳ᠎ᠲᠤ ᠮᠡᠳᠡᠭᠦᠯᠵᠦ᠂ ᠬᠡᠦᠬᠡᠳ᠎ᠢ ᠬᠠᠷᠠᠭ᠍ᠠᠨ ᠪᠠᠭ᠎ᠠ᠎ᠠᠴᠠ᠎ᠪᠠᠨ ᠶᠣᠰᠣ ᠨᠣᠮ᠎ᠲᠠᠢ ᠪᠣᠯᠭ᠋ᠠᠨ ᠬᠥᠮᠦᠵᠢᠭᠦᠯᠬᠦ᠎ᠳᠤ ᠮᠠᠰᠢ ᠲᠤᠰᠠ᠎ᠲᠠᠢ ᠨᠣᠮ ᠭᠡᠵᠦ ᠰᠤᠷᠭ᠋ᠠᠭᠤᠯᠢ ᠨᠡᠶ᠋ᠢᠲᠡ᠎ᠳᠤ ᠮᠡᠳᠡᠷᠡᠭᠳᠡᠵᠦ ᠣᠳᠣ ᠰᠤᠷᠭ᠋ᠠᠭᠤᠯᠢ ᠵᠢᠨ ᠬᠡᠪᠴᠢᠶᠡᠨ᠎ᠳᠤ ᠳᠡᠯᠭᠡᠷᠡᠭᠦᠯᠦᠨ ᠬᠡᠷᠡᠭᠯᠡᠵᠦ ᠪᠠᠶ᠋ᠢᠨ᠎ᠠ᠃ ᠠᠩᠭᠢ ᠵᠢᠨ ᠠ᠋ᠷᠬᠢᠯᠡᠭᠴᠢ ᠪᠣᠯᠤᠭᠰᠠᠨ᠎ᠤ ᠬᠤᠪᠢ᠎ᠳᠤ ᠠ᠋ᠷᠬᠡᠪᠰᠢ ᠦᠨᠳᠦᠰᠦᠲᠡᠨ᠎ᠤ᠎ᠪᠠᠨ ᠦᠭᠡ ᠬᠡᠯᠡ ᠦᠰᠦᠭ ᠪᠢᠴᠢᠭ ᠵᠶ᠋ᠠᠨ ᠬᠠᠶ᠋ᠢᠷᠠᠯᠠᠨ ᠬᠦᠨᠳᠦᠳᠬᠡᠵᠦ᠂ ᠲᠡᠦᠬᠡ ᠰᠣᠶᠣᠯ ᠵᠶ᠋ᠠᠨ ᠨᠠᠨᠳᠢᠩᠨᠠᠭ᠍ᠤ ᠵᠣᠷᠢᠭ ᠰᠠᠨᠠᠭ᠎ᠠ ᠵᠢ ᠬᠡᠦᠬᠡᠳ ᠪᠠᠭ᠋ᠠᠴᠤᠳ᠎ᠲᠤ ᠤᠯᠠᠮᠵᠢᠯᠠᠬᠤ ᠭᠡᠷᠡᠭᠳᠠᠢ᠃
      ᠳᠥᠷᠪᠡ᠂ ᠤᠷᠮᠠᠰᠢᠭᠤᠯᠤᠯ ᠪᠣᠯ ᠳᠠᠪᠰᠢᠯᠲᠠ ᠵᠢ ᠠᠬᠢᠭᠤᠯᠬᠤ ᠬᠦᠴᠦᠨ ᠮᠥᠨ᠃
      ᠰᠤᠷᠤᠭᠴᠢᠳ᠎ᠤᠨ ᠳᠣᠮᠳᠠ ᠰᠤᠷᠤᠯᠭ᠎ᠠ ᠰᠠᠶ᠋ᠢᠨ᠂ ᠰᠤᠷᠤᠯᠭ᠎ᠠ ᠳᠣᠷᠣᠢ᠂ ᠶᠣᠰᠤ ᠮᠣᠷᠠᠯ᠎ᠢ ᠰᠠᠬᠢᠳᠠᠭ ᠦᠭᠡᠢ᠂ ᠬᠤᠴᠤᠷᠤᠩᠭᠤᠢ ᠳᠠᠪᠰᠢᠯᠲᠠ᠎ᠪᠠᠷ ᠠᠨᠠᠢ ᠭᠡᠭᠦ ᠮᠠᠳᠦ ᠤᠯᠠᠨ ᠶᠠᠨᠭ᠌ᠵᠤ ᠵᠢᠨ ᠬᠡᠦᠬᠡᠳ ᠪᠠᠶ᠋ᠢᠳᠠᠭ᠃ ᠠᠩᠭᠢ ᠵᠢᠨ ᠠ᠋ᠷᠬᠢᠯᠡᠭᠴᠢ ᠪᠠᠭᠰᠢ ᠠ᠋ᠷᠬᠡᠪᠰᠢ ᠲᠥᠪ ᠶᠣᠰᠣ ᠵᠢ ᠪᠠᠷᠢᠮᠲᠠᠯᠠᠨ ᠬᠡᠦᠬᠡᠳ ᠪᠣᠯᠭ᠋ᠠᠨ᠎ᠳᠤ ᠠᠳᠠᠯᠢ ᠲᠡᠭᠰᠢ ᠬᠠᠨᠳᠤᠬᠤ ᠬᠡᠷᠡᠭᠲᠡᠢ᠃ ᠭᠡᠲᠡᠯ᠎ᠡ ᠬᠥᠮᠦᠵᠢᠭᠦᠯᠬᠦ ᠠᠷᠭ᠎ᠠ ᠮᠠᠶᠢᠭ᠎ᠤᠨ ᠲᠠᠯ᠎ᠠ᠎ᠪᠠᠷ ᠳᠠᠪᠰᠢᠩᠭᠤᠢ ᠬᠡᠦᠬᠡᠳ᠎ᠲᠤ ᠬᠡᠷᠬᠢᠨ ᠬᠠᠨᠳᠤᠬᠤ ᠪᠠ ᠬᠤᠴᠤᠷᠤᠩᠭᠤᠢ ᠬᠡᠦᠬᠡᠳ᠎ᠲᠤ ᠬᠡᠷᠬᠢᠨ ᠬᠠᠨᠳᠤᠬᠤ ᠠᠷᠭ᠎ᠠ ᠠᠪᠴᠠᠯ ᠵᠶ᠋ᠠᠨ ᠵᠣᠬᠢᠰᠲᠠᠢ ᠰᠣᠩᠭᠤᠨ ᠪᠣᠳᠠᠲᠠᠢ ᠠᠵᠢᠯ ᠳᠡᠭᠡᠷ᠎ᠡ ᠵᠦᠢ ᠵᠣᠬᠢᠰᠲᠠᠢ ᠶᠠᠪᠤᠭᠳᠠᠭᠤᠯᠬᠤ ᠬᠡᠷᠡᠭᠲᠡᠢ᠃ ᠬᠠᠷᠢᠨ ᠳᠠᠪᠰᠢᠩᠭᠤᠢ ᠬᠡᠦᠬᠡᠳ᠎ᠤᠳ᠎ᠲᠤ ᠥᠨᠳᠥᠷ ᠮᠠᠯᠠᠭ᠋ᠠᠢ ᠵᠢ ᠳᠠᠪᠬᠤᠷ ᠳᠠᠪᠬᠤᠷ ᠱᠠᠩᠨᠠᠨ᠂ ᠬᠤᠶ᠋ᠢᠷᠭᠤ ᠬᠡᠦᠬᠡᠳ᠎ᠲᠤ ᠰᠢᠭᠦᠮᠵᠢᠯᠡᠯ ᠳᠣᠩᠭᠤᠳᠤᠯᠭ᠎ᠠ ᠵᠢ ᠣᠪᠣᠭ᠎ᠠ ᠳᠣᠪᠤᠭ᠎ᠠ᠎ᠪᠠᠷ ᠬᠦᠷᠭᠡᠬᠦ᠎ᠨᠢ ᠬᠡᠦᠬᠡᠳ᠎ᠤᠨ ᠥᠪᠡᠷ᠎ᠢ᠎ᠪᠠᠨ ᠬᠦᠨᠳᠦᠳᠬᠡᠬᠦ ᠰᠡᠳᠬᠢᠯᠭᠡ᠂ ᠴᠢᠷᠮᠠᠶ᠋ᠢᠬᠤ ᠵᠣᠷᠢᠭ᠎ᠢ ᠮᠤᠬᠤᠭ᠋ᠠᠨ᠂ ᠤᠯᠠᠮ ᠰᠢᠨᠲᠠᠷᠠᠮᠠᠲᠠᠭ᠋ᠠᠢ ᠪᠣᠯᠭ᠋ᠠᠨ᠎ᠠ᠃ 《ᠵᠢᠭ᠋ᠠᠵᠤ ᠴᠢᠳᠠᠭ᠍ᠤ ᠦᠭᠡᠢ ᠪᠠᠭᠰᠢ ᠪᠠᠶ᠋ᠢᠬᠤ᠎ᠠᠴᠠ ᠪᠢᠰᠢ ᠰᠤᠷᠴᠦ ᠴᠢᠳᠠᠭ᠍ᠤ ᠦᠭᠡᠢ ᠬᠡᠦᠬᠡᠳ ᠪᠠᠶ᠋ᠢᠳᠠᠭ ᠦᠭᠡᠢ》 ᠭᠡᠳᠡᠭ ᠵᠶ᠋ᠠᠷ ᠣᠢ ᠪᠢᠯᠢᠭ᠎ᠤᠨ ᠰᠠᠭ᠋ᠠᠳ ᠪᠠ ᠠ᠋ᠮᠵᠡᠭ᠎ᠲᠠᠢ ᠬᠡᠦᠬᠡᠳ᠎ᠢ ᠴᠦ᠍ ᠬᠠᠶ᠋ᠢᠷ᠎ᠠ᠎ᠪᠠᠷ ᠵᠶ᠋ᠠᠨ ᠢᠪᠡᠭᠡᠨ ᠴᠥᠬᠦᠷᠡᠰᠢ ᠦᠭᠡᠢ ᠴᠢᠷᠮᠠᠢ᠍ᠢ᠍ᠪᠠᠯ ᠰᠠᠶ᠋ᠢᠨ ᠰᠤᠷᠤᠯᠭ᠋ᠠᠲᠠᠨ᠎ᠤ ᠠ᠋ᠩᠨᠡᠭᠡᠨ᠎ᠳᠤ ᠭᠦᠳᠦᠯᠦᠨ ᠤᠷᠤᠭᠤᠯᠵᠤ ᠪᠣᠯᠤᠨ᠎ᠠ᠃ ᠠᠯᠳᠠᠭ᠎ᠠ ᠪᠠ ᠠᠮᠵᠢᠯᠲᠠ᠎ᠳᠤ ᠬᠡᠦᠬᠡᠳ ᠲᠤᠶ᠋ᠢᠯ᠎ᠤᠨ ᠰᠠᠷᠭᠡᠢ ᠪᠠᠶ᠋ᠢᠳᠠᠭ᠃ ᠭᠡᠷᠪᠡ ᠵᠠᠭᠤᠨ ᠬᠤᠪᠢ ᠣᠯᠣᠭᠰᠠᠨ ᠪᠣᠯ ᠲᠤᠶ᠋ᠢᠯ ᠵᠶ᠋ᠠᠷ ᠣᠮᠣᠭᠰᠢᠵᠣ ᠠᠪᠤ ᠡᠵᠢ᠂ ᠨᠠᠢ᠍ᠢ᠍ᠵᠢ ᠨᠥᠬᠦᠳ᠎ᠲᠤ᠎ᠪᠠᠨ ᠭᠠᠶ᠋ᠢᠬᠠᠭᠤᠯᠵᠤ᠂ ᠮᠠᠭᠤ ᠬᠤᠪᠢ ᠣᠯᠤᠭᠰᠠᠨ ᠪᠤᠯ ᠭᠤᠨᠢᠵᠤ ᠭᠤᠲᠣᠷᠠᠨ᠂ ᠠᠪᠤ ᠡᠵᠢ᠎ᠳᠤ᠎ᠪᠠᠨ ᠵᠢᠮᠡᠯᠡᠭᠳᠡᠬᠦ᠎ᠠᠴᠠ ᠠᠶᠤᠳᠠᠬ᠃ ᠠ᠋ᠶ᠋ᠢᠮᠦ ᠪᠠᠶ᠋ᠢᠳᠠᠯ ᠳᠤᠤᠷ᠎ᠠ ᠠᠩᠭᠢ ᠵᠢᠨ ᠪᠠᠭᠰᠢ ᠵᠠᠪᠠᠯ ᠬᠡᠦᠬᠡᠳ᠎ᠤᠳ᠎ᠲᠤ ᠵᠥᠪ ᠵᠢᠯᠤᠭᠤᠳᠤᠯᠭ᠎ᠠ ᠬᠢᠵᠦ ᠠᠮᠵᠢᠯᠲᠠ ᠣᠯᠤᠭᠰᠠᠨ ᠰᠢᠯᠲᠠᠭ᠋ᠠᠨ᠎ᠢ᠎ᠨᠢ ᠳ᠋ᠦᠩᠨᠡᠨ ᠰᠠᠶ᠋ᠢᠰᠢᠶᠠᠭ᠍ᠤ ᠪᠠ ᠬᠦᠷᠦᠯᠴᠡᠬᠦ ᠦᠭᠡᠢ ᠲᠠᠯ᠎ᠠ ᠵᠢ᠎ᠨᠢ ᠬᠦᠯᠢᠴᠡᠩᠭᠦᠢ᠂ ᠠ᠋ᠶᠡᠯᠰᠡᠭ ᠳᠣᠲᠣᠨᠣ᠎ᠪᠠᠷ ᠵᠢᠭ᠋ᠠᠨ ᠭᠠᠷᠭ᠋ᠠᠵᠤ᠂ ᠶᠠᠭ᠋ᠠᠬᠢᠪᠠᠯ ᠠ᠋ᠶ᠋ᠢᠮᠦ ᠠᠯᠳᠠᠭ᠎ᠠ᠎ᠠᠴᠠ ᠵᠠᠢ᠍ᠢ᠍ᠯᠠᠰᠬᠢᠵᠦ ᠴᠢᠳᠠᠭ᠍ᠤ᠂ ᠶᠠᠭ᠋ᠠᠬᠢᠪᠠᠯ ᠰᠠᠶ᠋ᠢᠴᠣᠣᠯ᠎ᠤᠨ ᠠ᠋ᠩᠨᠡᠭᠡᠨ᠎ᠳᠤ ᠳᠠᠪᠰᠢᠨ ᠣᠷᠣᠵᠤ ᠴᠢᠳᠠᠭ᠍ᠤ ᠵᠡᠷᠭᠡ ᠵᠢ ᠤᠬᠠᠭ᠋ᠠᠷᠠᠭᠤᠯᠤᠨ ᠰᠤᠷᠭ᠋ᠠᠨ᠎ᠠ᠃ ᠤᠴᠢᠷ᠎ᠨᠢ ᠲᠡᠳᠡ ᠪᠣᠯ ᠬᠡᠦᠬᠡᠳ᠂ ᠠᠩᠬᠢ ᠵᠢᠨ ᠪᠠᠭᠰᠢ ᠪᠣᠯ ᠠᠪᠤ ᠡᠵᠢ ᠪᠠ ᠠᠬᠠᠮᠠᠳ ᠰᠢᠦ ᠳ᠋ᠠ᠃ ᠵᠠᠷᠢᠮ ᠦᠶᠠᠰ ᠭᠠᠭᠴᠠ ᠨᠢᠭᠡ ᠮᠠᠭᠲᠠᠭ᠋ᠠᠯ ᠴᠤ᠌ ᠬᠦᠮᠦᠨ᠎ᠢ ᠠᠮᠵᠢᠯᠲᠠ᠎ᠳᠤ ᠬᠦᠷᠭᠡᠵᠦ᠂ ᠠᠮᠢᠳᠤᠷᠠᠯ᠎ᠤᠨ ᠵᠠᠮ᠎ᠳᠤ᠎ᠨᠢ ᠥᠭᠡᠷᠡᠴᠢᠯᠡᠯᠲᠡ ᠭᠠᠷᠭ᠋ᠠᠳᠠᠭ᠃ ᠭᠡᠪᠡᠴᠦ ᠬᠡᠢ ᠬᠤᠭᠤᠰᠣᠨ ᠮᠠᠭᠲᠠᠭ᠋ᠠᠯ ᠪᠣᠯ ᠬᠡᠦᠬᠡᠳ᠎ᠲᠤ ᠭᠡᠳᠡᠷᠭᠦ ᠦᠢ᠍ᠯᠡᠳᠦᠯ ᠦᠵᠡᠭᠦᠯᠦᠨ ᠥᠯᠥ ᠢᠲᠡᠭᠡᠬᠦ ᠰᠡᠵᠢᠭᠯᠡᠬᠦ ᠣᠪᠣᠷ᠎ᠢ ᠪᠤᠢ ᠪᠤᠯᠭ᠋ᠠᠵᠤ ᠮᠡᠳᠡᠨ᠎ᠡ᠃ ᠠ᠋ᠭᠦᠨ᠎ᠤ ᠲᠠᠭ᠋ᠠᠤ ᠵᠤᠬᠢᠰᠳᠠᠢ ᠰᠢᠭᠦᠮᠵᠢᠯᠡᠵᠦ ᠰᠢᠭᠦᠮᠵᠢᠯᠡᠯ᠎ᠢ ᠵᠥᠪ ᠵᠶ᠋ᠠᠷ ᠣᠶ᠋ᠢᠯᠠᠭ᠋ᠠᠬᠤ ᠵᠢ ᠲᠠᠨᠢᠭᠤᠯᠤᠨ᠎ᠠ᠃ ᠶᠢᠨ ᠱᠸᠩ ᠪᠣᠯ ᠮᠠᠨ᠎ᠤ ᠠᠩᠬᠢ᠎ᠳᠤ ᠰᠤᠷᠤᠯᠴᠠᠵᠤ ᠪᠠᠶ᠋ᠢᠭ᠎ᠠ ᠰᠤᠷᠤᠭᠴᠢ᠂ ᠲᠡᠷᠡ ᠤᠳᠤ ᠵᠢᠨ ᠠᠩᠬᠢ ᠵᠢ ᠨᠢᠭᠡᠳᠦᠭᠡᠷ ᠣᠨ ᠪᠣᠯᠬᠤ᠎ᠳᠤ ᠳᠡᠭᠡᠷ᠎ᠡ ᠤᠨ᠎ᠠᠴᠠ ᠠᠨᠭ᠌ᠬᠢ ᠪᠠᠭᠤᠷᠠᠵᠤ ᠢᠷᠡᠭᠰᠡᠨ ᠶᠤᠮ᠃ ᠲᠤᠬᠠᠢ ᠵᠢᠨ ᠦᠶ᠎ᠡ᠎ᠳᠤ ᠲᠤᠰ ᠰᠤᠷᠤᠭᠴᠢ ᠵᠢ ᠦᠨᠡᠨ ᠬᠦᠯᠢᠶᠡᠨ ᠠᠪᠬᠤ ᠳᠤᠷ᠎ᠠ ᠦᠭᠡᠢ ᠪᠠᠶ᠋ᠢᠯ᠎ᠠ᠃ ᠭᠡᠪᠡᠴᠦ ᠠᠪᠤ᠎ᠨᠢ ᠬᠦᠦ᠎ᠪᠠᠨ ᠳᠠᠭ᠋ᠠᠭᠤᠯᠵᠤ ᠢᠷᠡᠭᠡᠳ ᠨᠠᠳᠠ᠎ᠲᠠᠢ ᠠᠭᠤᠯᠵᠠᠵᠤ᠄ 《ᠪᠠᠭᠰᠢ ᠡ᠂ ᠶᠠᠭᠤ ᠴᠦ᠍ ᠭᠡᠰᠡᠨ ᠪᠢ ᠠ᠋ᠨᠡ ᠬᠡᠦᠬᠡᠳ᠎ᠢ ᠲᠠᠨ᠎ᠳᠤ ᠲᠤᠰᠢᠶᠠᠵᠤ ᠥᠭᠭᠦᠶ᠎ᠡ᠂ ᠮᠢᠨᠤ ᠬᠡᠦᠬᠡᠳ ᠲᠠᠨ᠎ᠤ ᠠ᠋ᠷᠬᠢᠯᠡᠭᠰᠡᠨ ᠠᠩᠭᠢ᠎ᠳᠤ ᠯᠠ ᠰᠠᠭᠤᠪᠠᠯ ᠰᠠᠶ᠋ᠢᠨ ᠰᠤᠷᠬᠤ ᠪᠤᠯᠤᠯᠴᠠᠭ᠎ᠠ᠎ᠲᠠᠢ ᠰᠢᠦ》 ᠭᠡᠵᠦ ᠮᠠᠨ᠎ᠳᠤ ᠰᠢᠭᠤᠳ ᠨᠠᠶ᠋ᠢᠳᠠᠵᠠᠢ᠃ ᠶᠢᠨ ᠱᠸᠩ ᠨᠢᠭᠡᠳᠦᠭᠡᠷ ᠣᠨ᠎ᠳᠤ ᠰᠠᠭᠤᠭᠰᠠᠨ ᠴᠦ᠍ ᠰᠠᠶᠢ ᠳᠡᠭᠡᠷ᠎ᠡ᠎ᠪᠠᠨ ᠳᠠᠭ᠋ᠠᠵᠤ ᠳᠡᠢ᠍ᠢ᠍ᠯᠭᠦ ᠦᠭᠡᠢ᠂ ᠦᠭᠡ ᠦᠰᠦᠭ᠎ᠢ ᠰᠠᠨᠠᠭᠰᠠᠨ ᠵᠶ᠋ᠠᠷ ᠵᠶ᠋ᠠᠨ ᠠ᠋ᠷᠦᠢ ᠬᠤᠷᠤᠢ ᠦᠭᠡᠢ ᠪᠢᠴᠢᠵᠦ᠂ ᠪᠢᠴᠢᠭᠰᠡᠨ ᠦᠰᠦᠭ᠎ᠢ᠎ᠨᠢ ᠬᠡᠨ ᠴᠤ᠌ ᠲᠥᠬᠦᠭᠡᠷᠡᠬᠦ ᠦᠭᠡᠢ ᠪᠠᠶ᠋ᠢᠯ᠎ᠠ᠃ ᠲᠡᠷᠡ ᠨᠠᠰᠤ ᠶᠡᠭᠡ ᠪᠣᠯᠬᠤᠷ ᠲᠡᠭᠦᠨ᠎ᠢ ᠴᠢᠩᠭ᠎ᠠ ᠱᠠᠭ᠋ᠠᠷᠳᠠᠵᠤ᠄ 《ᠣᠳᠣ᠎ᠠᠴᠠ ᠠ᠋ᠬᠢᠯᠡᠨ ᠴᠢᠷᠮᠠᠶ᠋ᠢᠨ ᠰᠤᠷᠤᠯᠴᠠᠪᠠᠯ ᠣᠷᠣᠶ᠋ᠢᠲᠠᠭ᠍ᠤ ᠦᠭᠡᠢ᠂ ᠰᠠᠶ᠋ᠢᠨ ᠴᠢᠷᠮᠠᠢ᠍ᠢ᠍ᠭ᠋ᠠᠷᠠᠢ!》 ᠭᠡᠵᠦ ᠲᠤᠰᠬᠠᠢ ᠳᠠᠭᠤᠳᠠᠵᠤ ᠠᠪᠠᠴᠢᠨ ᠵᠠᠬᠢᠨ ᠰᠤᠷᠭ᠋ᠠᠳᠠᠬ ᠪᠠᠶ᠋ᠢᠯ᠎ᠠ᠃ ᠲᠡᠷᠡ ᠬᠡᠳᠦᠶ᠋ᠢᠪᠡᠷ ᠰᠤᠷᠤᠯᠭ᠎ᠠ ᠮᠠᠭᠤ ᠪᠣᠯᠪᠠᠴᠤ ᠮᠠᠰᠢ ᠤᠬᠠᠭ᠋ᠠᠯᠢᠭ ᠬᠡᠦᠬᠡᠳ ᠪᠠᠶ᠋ᠢᠯ᠎ᠠ᠃ ᠪᠡᠶ᠎ᠡ᠎ᠪᠠᠨ ᠳᠠᠭ᠋ᠠᠭ᠋ᠠᠵᠤ ᠴᠢᠷᠮᠠᠶ᠋ᠢᠬᠤ ᠤᠬᠠᠮᠰᠠᠷ᠎ᠲᠠᠢ᠎ᠶᠢᠨ ᠳᠡᠭᠡᠷ᠎ᠡ ᠪᠠᠭᠰᠢ ᠪᠠ ᠨᠥᠬᠦᠳ᠎ᠤᠨ ᠬᠢᠨᠢ ᠬᠠᠪᠰᠤᠷᠤᠯᠭ᠎ᠠ ᠪᠠᠢ᠍ᠢ᠍ᠭᠰᠠᠨ᠎ᠠᠴᠠ ᠲᠤᠩ ᠬᠤᠷᠳᠤᠨ ᠲᠠᠪᠰᠢᠵᠤ ᠪᠠᠢ᠍ᠢ᠍ᠪᠠ᠃ ᠣᠳᠣ ᠶᠢᠨ ᠱᠧᠩ ᠵᠢᠷᠭᠤᠳᠤᠭ᠋ᠠᠷ ᠣᠨ᠎ᠤ ᠰᠤᠷᠤᠭᠴᠢ ᠪᠣᠯᠴᠢᠬᠠᠵᠤ᠂ ᠥᠭᠦᠯᠡᠪᠦᠷᠢ ᠵᠣᠬᠢᠶᠠᠭ᠍ᠤ᠎ᠳᠤ ᠠᠮᠢᠳᠤᠷᠠᠯ ᠣᠷᠴᠢᠨ ᠲᠣᠭᠤᠷᠢᠨ᠎ᠠᠴᠠ᠎ᠪᠠᠨ ᠦᠵᠡᠵᠦ ᠬᠠᠷᠠᠭᠰᠠᠨ ᠵᠶ᠋ᠠᠨ ᠠᠮᠢᠳᠤᠯᠢᠭ ᠰᠠᠶ᠋ᠢᠬᠠᠨ ᠳᠦᠷᠰᠦᠯᠡᠨ ᠪᠢᠴᠢᠳᠡᠭ ᠪᠣᠯᠬᠤᠷ ᠪᠢᠳᠡ ᠮᠠᠰᠢ ᠲᠣᠭᠤᠳᠠᠭ᠃
      ᠲᠠᠪᠤ᠂ ᠬᠠᠮᠲᠤ ᠴᠣᠭᠴᠠ ᠪᠣᠯ ᠠᠩᠭᠢ ᠵᠢᠨ ᠠ᠋ᠷᠬᠢᠯᠡᠭᠴᠢ ᠵᠢᠨ ᠠᠵᠢᠯ᠎ᠤᠨ ᠠᠮᠢᠨ ᠰᠦᠨᠡᠰᠦ ᠮᠥᠨ᠃
      ᠥᠨᠥᠳᠥᠷ᠎ᠤᠨ ᠬᠡᠦᠬᠡᠳ ᠪᠠᠭ᠋ᠠᠴᠤᠳ ᠥᠩᠭᠡᠷᠡᠭᠰᠡᠨ ᠦᠶ᠎ᠡ ᠵᠢᠨ ᠰᠢᠭ ᠣᠯᠠᠨ ᠬᠡᠦᠬᠡᠳ᠎ᠲᠠᠢ ᠠᠶ᠋ᠢᠯ᠎ᠤᠨ ᠠ᠋ᠭᠦᠳᠡᠨ᠎ᠠᠴᠠ ᠢᠷᠡᠭᠰᠡᠨ ᠪᠢᠰᠢ᠂ ᠠ᠋ᠭᠦᠨ᠎ᠤ ᠠ᠋ᠰᠡᠷᠭᠦ᠎ᠪᠠᠷ ᠬᠠᠷᠢᠨ ᠭᠠᠭᠴᠠ ᠬᠤᠶᠠᠷ ᠵᠶ᠋ᠠᠷ ᠥᠰᠦᠭᠰᠡᠨ ᠬᠡᠦᠬᠡᠳ ᠪᠤᠯᠬᠤᠷ ᠵᠠᠩ ᠠᠭ᠋ᠠᠯᠢ ᠵᠣᠵᠢᠭ᠂ ᠬᠤᠪᠢᠨᠴᠢᠷ ᠪᠠᠶ᠋ᠢᠳᠠᠭ᠃ ᠵᠠᠷᠢᠮ ᠠᠪᠤ ᠡᠵᠢ᠎ᠨᠢ ᠬᠡᠦᠬᠡᠳ ᠵᠶ᠋ᠠᠨ ᠰᠤᠷᠭ᠋ᠠᠭᠤᠯᠢ᠎ᠳᠤ ᠭᠦᠷᠭᠡᠭᠦ᠎ᠳᠤ᠄ 《ᠪᠤᠰᠤᠳ᠎ᠲᠤ ᠶᠠᠭᠤᠮ᠎ᠠ᠎ᠪᠠᠨ ᠪᠦᠦ ᠵᠢᠭᠡᠯᠡᠵᠦ ᠥᠭ》 ᠭᠡᠬᠦ ᠮᠡᠲᠦ᠎ᠪᠠᠷ ᠬᠡᠦᠬᠡᠳ᠎ᠤᠨ ᠨᠢᠯᠬ᠎ᠠ ᠣᠶᠤᠨ᠎ᠳᠤ ᠪᠤᠷᠲᠠᠭ ᠰᠠᠭᠤᠯᠭ᠋ᠠᠵᠤ ᠪᠤᠬᠢᠷ ᠠᠷᠭ᠎ᠠ ᠤᠬᠠᠭ᠋ᠠᠨ ᠬᠢᠵᠦ ᠪᠠᠶ᠋ᠢᠳᠠᠭ᠃ ᠠ᠋ᠨᠡ ᠪᠠᠶ᠋ᠢᠳᠠᠯ᠎ᠳᠤ ᠰᠠᠭᠤᠷᠢᠯᠠᠨ ᠬᠡᠦᠬᠡᠳ᠎ᠲᠤ ᠵᠠᠪᠠᠯ ᠳᠣᠮᠳᠠᠳᠤ ᠵᠢᠨ ᠤᠯᠠᠮᠵᠢᠯᠠᠯᠲᠤ ᠨᠡᠶ᠋ᠢᠲᠡᠴᠢ ᠦᠵᠡᠯ᠎ᠤᠨ ᠵᠣᠷᠢᠭ ᠰᠠᠨᠠᠭ᠎ᠠ ᠵᠢ ᠰᠤᠷᠭ᠋ᠠᠬᠤ᠎ᠨᠢ ᠴᠢᠬᠤᠯᠠ ᠶᠤᠮ᠃ ᠮᠠᠨ᠎ᠤ ᠮᠣᠩᠭᠤᠯ ᠦᠨᠳᠦᠰᠦᠲᠡᠨ᠎ᠳᠤ ᠴᠦ᠍ 《ᠠᠯᠤᠩᠭᠤᠸ᠎ᠠ ᠠ᠋ᠬᠡ ᠲᠠᠪᠤᠨ ᠮᠥᠰᠦ᠎ᠪᠠᠷ ᠬᠡᠦᠬᠡᠳ ᠵᠶ᠋ᠠᠨ ᠰᠤᠷᠭ᠋ᠠᠭᠰᠠᠨ》 ᠬᠡᠮᠡᠬᠦ ᠪᠥᠯᠬᠦᠮᠳᠡᠯ ᠨᠢᠭᠲᠠᠷᠠᠯ᠎ᠤᠨ ᠲᠣᠬᠠᠢ ᠳᠣᠮᠤᠭ ᠪᠠᠶ᠋ᠢᠳᠠᠭ᠎ᠢ ᠪᠢ ᠬᠡᠦᠬᠡᠳ᠎ᠲᠤ ᠦᠯᠢᠭᠡᠷᠯᠡᠨ ᠶᠠᠷᠢᠵᠤ ᠥᠭᠬᠦ ᠪᠠ ᠬᠡᠦᠬᠡᠳ ᠤᠳᠠᠭ᠋ᠠᠨ ᠰᠣᠨᠤᠰᠴᠤ ᠬᠠᠳᠠᠩᠰᠢᠭᠰᠠᠨ᠎ᠤ ᠳᠠᠷᠠᠭ᠎ᠠ ᠬᠡᠦᠬᠡᠳ ᠵᠶ᠋ᠠᠷ ᠳᠥᠭᠦᠮ ᠵᠥᠴᠦᠭᠡ ᠪᠣᠯᠭ᠋ᠠᠨ ᠲᠣᠭᠯᠠᠭᠤᠯᠵᠤ᠂ ᠪᠥᠯᠬᠦᠮᠳᠡᠨ ᠨᠢᠭᠲᠠᠷᠠᠪᠠᠯ ᠶᠠᠮᠠᠷ᠂ ᠬᠠᠭ᠋ᠠᠴᠠᠨ ᠰᠠᠯᠪᠠᠯ ᠶᠠᠮᠠᠷ ᠦᠷ᠎ᠡ ᠳ᠋ᠦᠩ᠎ᠲᠠᠢ ᠪᠣᠯᠬᠤ ᠵᠢ ᠮᠡᠳᠡᠭᠦᠯᠦᠨ ᠲᠠᠨᠢᠭᠤᠯᠤᠭᠰᠠᠨ ᠶᠤᠮ᠃ ᠠ᠋ᠢ᠍ᠢ᠍ᠮᠦᠷᠭᠦᠦ ᠵᠣᠷᠢᠭ ᠰᠠᠨᠠᠭ᠎ᠠ ᠵᠢ ᠪᠠᠭ᠎ᠠ ᠰᠤᠷᠭ᠋ᠠᠭᠤᠯᠢ ᠵᠢᠨ ᠳᠣᠣᠷ᠎ᠠ ᠣᠨ᠎ᠠᠴᠠ ᠳᠡᠭᠡᠳᠦ ᠣᠨ ᠪᠣᠯᠲᠠᠯ᠎ᠠ ᠠᠯᠬᠤᠮ ᠳᠠᠷᠠᠭ᠎ᠠ᠎ᠲᠠᠢ ᠬᠥᠮᠦᠵᠢᠯ ᠬᠢᠭᠰᠡᠨ᠎ᠠᠴᠠ ᠬᠡᠦᠬᠡᠳ ᠥᠪᠡᠷ᠎ᠤᠨ ᠠᠩᠭᠢ ᠨᠢᠭᠡᠴᠢ᠎ᠳᠤ᠎ᠪᠠᠨ ᠬᠠᠶ᠋ᠢᠷ᠎ᠠ᠎ᠲᠠᠢ᠂ ᠨᠠᠶ᠋ᠢᠵᠢ ᠨᠥᠬᠦᠳ᠎ᠲᠤ᠎ᠪᠠᠨ ᠬᠠᠶ᠋ᠢᠷ᠎ᠠ᠎ᠲᠠᠢ᠂ ᠨᠡᠩ ᠴᠠᠭ᠋ᠠᠰᠢᠯᠠᠨ ᠥᠪᠡᠷ᠎ᠤᠨ ᠠ᠋ᠬᠡ ᠨᠤᠲᠤᠭ ᠠ᠋ᠬᠡ ᠣᠷᠣᠨ᠎ᠳᠤ᠎ᠪᠠᠨ ᠬᠠᠶ᠋ᠢᠷ᠎ᠠ᠎ᠲᠠᠢ ᠪᠣᠯᠵᠤ ᠵᠣᠬᠢᠬᠤ ᠦᠵᠡᠯ ᠰᠠᠨᠠᠭ᠋ᠠᠨ᠎ᠤ ᠥᠨᠳᠦᠷᠴᠡ᠎ᠳᠤ ᠬᠦᠷᠦᠭᠰᠡᠨ ᠪᠠᠶ᠋ᠢᠨ᠎ᠠ᠃
      ᠨᠡᠶ᠋ᠢᠭᠡᠮ ᠪᠠ ᠴᠠᠭ ᠠ᠋ᠷᠢᠨ ᠬᠥᠮᠦᠨ᠎ᠨᠢ ᠬᠦᠮᠦᠨ᠎ᠳᠤ᠎ᠪᠠᠨ ᠬᠠᠶ᠋ᠢᠷ᠎ᠠ᠎ᠲᠠᠢ᠂ ᠲᠦᠰᠢᠭ᠎ᠲᠠᠢ ᠪᠠᠢ᠍ᠢ᠍ᠬᠤ ᠵᠢ ᠱᠠᠭ᠋ᠠᠷᠳᠠᠵᠤ ᠪᠠᠶ᠋ᠢᠨ᠎ᠠ᠃ ᠨᠢᠭᠡᠨ ᠠᠩᠭᠢ ᠰᠤᠷᠤᠭᠴᠢ ᠪᠦᠷ ᠠ᠋ᠶ᠋ᠢᠮᠦ ᠵᠣᠷᠢᠭ ᠰᠠᠨᠠᠭ᠎ᠠ᠎ᠲᠠᠢ ᠪᠣᠯᠪᠠᠯ ᠠ᠋ᠨᠡ ᠠᠩᠭᠢ᠎ᠳᠤ ᠬᠤᠴᠤᠷᠤᠩᠭᠤᠢ ᠳᠣᠷᠣᠢ ᠰᠤᠷᠤᠭᠴᠢ ᠯᠠᠪᠲᠠᠢ ᠣᠷᠤᠰᠢᠬᠤ ᠦᠭᠡᠢ᠃ ᠠ᠋ᠭᠦᠨ᠎ᠳᠤ ᠠᠩᠭᠢ ᠵᠢᠨ ᠠ᠋ᠷᠬᠢᠯᠡᠭᠴᠢ ᠪᠠᠭᠰᠢ ᠵᠠᠪᠠᠯ ᠪᠦᠬᠦᠶ᠋ᠢᠯᠡ ᠣᠶᠤᠨ ᠤᠬᠠᠭ᠋ᠠᠨ ᠵᠶ᠋ᠠᠨ ᠰᠢᠪᠬᠠᠨ ᠪᠣᠳᠠᠲᠠᠢ᠎ᠳᠤ ᠬᠠᠨᠳᠤᠨ ᠴᠥᠬᠦᠷᠡᠯ ᠦᠭᠡᠢ ᠴᠢᠷᠮᠠᠢ᠍ᠢ᠍ᠪᠠᠯ ᠯᠠᠪᠲᠠᠢ ᠰᠠᠶ᠋ᠢᠨ ᠦᠷ᠎ᠡ ᠪᠦᠳᠤᠮᠵᠢ ᠣᠯᠬᠤ ᠶᠤᠮ᠃


          ᠬᠠᠶᠢᠬ᠄ ᠣᠩᠨᠢᠭᠤᠳ ᠬᠤᠰᠢᠭᠤᠨ᠎ᠤ ᠪᠦᠯᠢᠶᠡᠨ ᠮᠣᠩᠭᠤᠯ ᠦᠨᠳᠦᠰᠦᠲᠡᠨ᠎ᠤ ᠪᠠᠭ᠎ᠠ ᠰᠤᠷᠭ᠋ᠠᠭᠤᠯᠢ
                                      (ᠰᠦᠶ᠎ᠠ ᠨᠠᠢ᠍ᠢ᠍ᠷᠠᠭᠤᠯᠪᠠ)
                                       6 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠠᠨᠭ᠌ᠬᠢ ᠵᠢᠨ ᠠ᠋ᠷᠬᠢᠯᠡᠭᠴᠢ ᠵᠢᠨ ᠠᠵᠢᠯ᠎ᠤᠨ ᠲᠤᠬᠠᠢ ᠮᠦᠴᠢᠳ ᠦᠭᠦᠯᠡᠭᠦ᠎ᠨᠢ
ᠠᠩᠭᠢ ᠵᠢᠨ ᠠ᠋ᠷᠬᠢᠯᠡᠭᠴᠢ ᠵᠢᠨ ᠠᠵᠢᠯ᠎ᠳᠤ᠎ᠬᠢ ᠰᠤᠷᠤᠭᠴᠢ ᠵᠢᠨ ᠬᠠᠮᠢᠶᠠᠷᠤᠯᠳᠠ ᠵᠢᠨ ᠠᠷᠭ᠎ᠠ ᠪᠠᠷᠢᠯ
ᠶᠠᠭ᠋ᠠᠬᠢᠪᠠᠯ ᠰᠠᠶᠢ ᠰᠤᠷᠤᠭᠴᠢᠳ᠎ᠤᠨ ᠲᠤᠳᠤᠨᠤ ᠬᠠᠨᠢ ᠪᠤᠯᠵᠤ ᠴᠢᠳᠠᠭ᠍ᠤ ᠪᠤᠢ
ᠨᠢᠭᠡᠨ ᠰᠠᠢ᠍ᠢ᠍ᠨ ᠠᠨᠭ᠌ᠬᠢ ᠵᠢᠨ ᠠ᠋ᠷᠬᠢᠯᠡᠭᠴᠢ ᠪᠤᠯᠬᠤ᠎ᠳᠤ
ᠨᠢᠭᠡᠨ ᠰᠢᠯᠢᠳᠡᠭ ᠠᠩᠬᠢ ᠵᠢᠨ ᠠ᠋ᠷᠬᠢᠯᠡᠭᠴᠢ ᠪᠠᠭᠰᠢ ᠵᠢᠨ ᠪᠦᠷᠢᠯᠳᠦᠬᠦᠯᠬᠦ ᠴᠢᠬᠤᠯᠠ᠎ᠲᠠᠢ ᠬᠡᠪ ᠴᠢᠨᠡᠷ
 
             蒙ICP备05000248号