ᠫ᠊ · ᠰᠠᠶ᠋ᠢᠨᠪᠠᠶᠠᠷ
ᠨᠡᠶ᠋ᠢᠭᠡᠮ ᠪᠤᠯ ᠲᠠᠰᠤᠷᠡᠯᠳᠡ ᠥᠭᠡᠢ ᠭᠥᠭᠵᠢᠳᠡᠭᠨᠢ ᠲᠡᠤᠭᠡᠨ ᠵᠢᠮ᠎ᠡ ᠮᠥᠨ᠃ ᠤᠳᠤᠭᠢ ᠨᠡᠶ᠋ᠢᠭᠡᠮ᠎ᠤᠨ ᠭᠥᠭᠵᠢᠯᠳᠡ ᠵᠢ ᠲᠥᠯᠭᠢᠨ ᠠᠭᠢᠭᠤᠯᠬᠤ ᠭᠤᠷᠪᠠᠨ ᠭᠤᠤᠯ ᠠ᠋ᠯᠸᠮᠸᠨ᠋ᠲ ᠪᠤᠯ ᠰᠢᠨᠵᠢᠯᠡᠭᠦ ᠤᠬᠠᠭ᠋ᠠᠨ᠂ ᠠᠵᠤ ᠤᠶ᠋ᠢᠯᠡᠳᠪᠤᠷᠢ᠂ ᠠᠵᠤ ᠠᠬᠤᠢ ᠵᠢᠨ ᠭᠤᠷᠮᠤᠰᠤᠨ ᠤᠷᠤᠰᠢᠬᠤ ᠴᠤᠭᠴᠠ ᠪᠤᠯᠤᠨ᠎ᠠ᠃ ᠰᠢᠨᠵᠢᠯᠡᠭᠦ ᠤᠬᠠᠭ᠋ᠠᠨ᠎ᠤ ᠭᠥᠭᠵᠢᠯᠳᠡ᠎ᠨᠢ ᠠᠵᠤ ᠤᠶ᠋ᠢᠯᠡᠳᠪᠤᠷᠢ ᠵᠢ ᠭᠥᠭᠵᠢᠭᠦᠯᠵᠤ᠂ ᠠᠵᠤ ᠤᠶ᠋ᠢᠯᠡᠳᠪᠤᠷᠢ ᠵᠢᠨ ᠭᠥᠭᠵᠢᠯᠳᠡ᠎ᠨᠢ ᠠᠵᠤ ᠠᠬᠤᠢ ᠵᠢᠨ ᠭᠥᠭᠵᠢᠯᠳᠡ ᠵᠢ ᠠᠪᠴᠢᠷᠠᠨ᠂ ᠠᠵᠤ ᠠᠬᠤᠢ ᠵᠢᠨ ᠭᠥᠭᠵᠢᠯᠳᠡ᠎ᠨᠢ ᠲᠠᠭᠢᠨ ᠰᠢᠨᠵᠢᠯᠡᠭᠦ ᠤᠬᠠᠭ᠋ᠠᠨ᠎ᠤ ᠭᠥᠭᠵᠢᠯᠳᠡ ᠵᠢ ᠠᠭᠢᠭᠤᠯᠳᠠᠭ᠃ ᠮᠠᠨ᠎ᠤ ᠠᠮᠢᠳᠤᠷᠡᠵᠤ ᠪᠠᠶ᠋ᠢᠭ᠎ᠠ ᠵᠠᠭᠤᠨ ᠪᠤᠯ ᠮᠡᠳᠡᠯᠭᠡ ᠵᠢᠨ ᠲᠡᠯᠪᠡᠷᠡᠯᠳᠡ ᠵᠢᠨ ᠵᠠᠭᠤᠨ ᠮᠥᠨ᠃ ᠮᠡᠳᠡᠯᠭᠡ ᠵᠢᠨ ᠶᠢᠷᠳᠢᠨᠴᠤ ᠵᠢᠨ ᠭᠤᠷᠪᠠᠨ ᠲᠤᠮᠤ ᠲᠤᠯᠭ᠋ᠠᠭᠤᠷᠢ ᠪᠤᠯ ᠰᠤᠷᠭ᠋ᠠᠨ ᠭᠥᠮᠤᠵᠢᠯ᠂ ᠲᠸᠭᠨᠢᠭ ᠮᠡᠷᠭᠡᠵᠢᠯ᠂ ᠰᠤᠶᠤᠯ ᠪᠤᠯᠤᠨ᠎ᠠ᠃ ᠨᠢᠭᠡ ᠤᠯᠤᠰ ᠥᠨᠳᠤᠰᠤᠳᠡᠨ ᠭᠥᠴᠥᠷᠭᠡᠭ᠎ᠵᠢᠨ ᠮᠠᠨᠳᠤᠵᠤ᠂ ᠰᠢᠭᠤᠢ ᠰᠢᠬ ᠤᠯᠠᠨ ᠤᠯᠤᠰ ᠭᠥᠷᠤᠨᠤ ᠲᠤᠮᠳᠡ ᠥᠪᠡᠷ᠎ᠤᠨ ᠭᠡᠰᠡᠨ ᠤᠷᠤᠨ ᠪᠠᠶ᠋ᠢᠷᠢ᠎ᠲᠠᠢ ᠶᠠᠪᠤᠶ᠎ᠠ ᠭᠡᠪᠡᠯ ᠠ᠋ᠨᠡ 《ᠭᠤᠷᠪᠠᠨ ᠵᠡᠪᠰᠡᠭ》 ᠵᠶ᠋ᠠᠨ ᠬᠤᠷᠴᠠᠯᠠᠬᠤ ᠥᠭᠡᠢ ᠪᠠᠶ᠋ᠢᠵᠤ ᠪᠤᠯᠬᠤ ᠦᠭᠡᠢ᠃ ᠰᠢᠨᠵᠢᠯᠡᠭᠦ ᠤᠬᠠᠭ᠋ᠠᠨ ᠲᠸᠭᠨᠢᠭ ᠮᠡᠷᠭᠡᠵᠢᠯ ᠪᠤᠯ ᠨᠡᠶ᠋ᠢᠭᠡᠮ᠎ᠤᠨ ᠭᠥᠭᠵᠢᠯᠳᠡ ᠵᠢ ᠲᠥᠯᠭᠢᠨ ᠠᠭᠢᠭᠤᠯᠬᠤ ᠮᠤᠨᠳᠠᠭ ᠲᠤᠮᠤ ᠭᠥᠳᠡᠯᠭᠡᠭᠴᠢ ᠭᠥᠴᠤᠨ ᠮᠥᠨ᠃ ᠠ᠋ᠭᠦᠨ᠎ᠢ ᠲᠡᠯᠡᠭᠡᠢ ᠵᠢᠨ ᠭᠡᠳᠤ ᠤᠳᠠᠭ᠋ᠠᠨ᠎ᠤ ᠠᠵᠤ ᠤᠶ᠋ᠢᠯᠡᠳᠪᠤᠷᠢ ᠵᠢᠨ ᠬᠤᠪᠢᠰᠬᠠᠯ ᠨᠢᠭᠡᠨᠳᠡ ᠭᠡᠷᠡᠴᠢᠯᠡᠪᠡ᠃ ᠰᠢᠨᠵᠢᠯᠡᠭᠦ ᠤᠬᠠᠭ᠋ᠠᠨ ᠪᠤᠯ ᠰᠤᠷᠭ᠋ᠠᠨ ᠭᠥᠮᠤᠵᠢᠯ᠎ᠤᠨ ᠭᠥᠷᠤᠰᠤᠨᠳᠤ ᠲᠥᠯᠵᠢᠵᠤ ᠪᠤᠶ᠋ᠢᠵᠢᠭᠰᠠᠨ ᠴᠡᠴᠡᠭ ᠶᠤᠮ᠃ ᠭᠥᠷᠤᠰᠤ ᠪᠥᠭᠦᠨ᠎ᠳᠤ ᠴᠡᠴᠡᠭ ᠤᠷᠭᠤᠬᠤ ᠪᠢᠰᠢ᠂ ᠭᠡᠳᠡᠯ᠎ᠡ ᠭᠥᠷᠤᠰᠤ ᠰᠠᠶ᠋ᠢᠨ ᠪᠤᠯ ᠴᠡᠴᠡᠭ ᠯᠠᠪ ᠰᠠᠶ᠋ᠢᠨ ᠤᠷᠭᠤᠨ᠎ᠠ᠃
ᠰᠤᠷᠭ᠋ᠠᠨ ᠭᠥᠮᠤᠵᠢᠯ᠎ᠤᠨ ᠡᠴᠤᠰ᠎ᠤᠨ ᠵᠤᠷᠢᠯᠭ᠎ᠠ ᠪᠤᠯ ᠭᠥᠮᠤᠨᠢ ᠭᠥᠮᠥᠵᠢᠭᠦᠯᠭᠦ᠎ᠳᠤ ᠤᠷᠤᠰᠢᠨ᠎ᠡ᠃ ᠭᠥᠮᠤᠨ ᠪᠤᠯ ᠨᠡᠶ᠋ᠢᠭᠡᠮ᠎ᠤᠨ᠎ᠬᠢ᠂ ᠨᠡᠶ᠋ᠢᠭᠡᠮ᠎ᠤᠨ ᠭᠥᠭᠵᠢᠯᠳᠡ ᠵᠢ ᠭᠥᠮᠤᠨ ᠲᠥᠷᠤᠯᠭᠢᠳᠡᠨ ᠲᠥᠯᠭᠢᠨ ᠠᠭᠢᠭᠤᠯᠳᠠᠭ᠃ ᠭᠥᠮᠤᠨ᠎ᠨᠢ ᠲᠡᠭᠡᠳᠤ ᠭᠡᠮᠵᠢᠶᠡᠨ᠎ᠤ ᠰᠤᠶᠤᠯ ᠪᠤᠯᠪᠠᠰᠤᠷᠡᠯ᠎ᠲᠠᠢ ᠪᠠᠶ᠋ᠢᠪᠠᠯ ᠨᠡᠶ᠋ᠢᠭᠡᠮ ᠰᠠᠶᠢ ᠲᠡᠭᠡᠳᠤ ᠬᠤᠷᠳᠤᠴᠠ᠎ᠪᠠᠷ ᠭᠥᠭᠵᠢᠵᠤ ᠴᠢᠳᠠᠨ᠎ᠠ᠃ 《ᠥᠨᠤᠳᠤᠷ ᠰᠤᠷᠭ᠋ᠠᠨ ᠭᠥᠮᠤᠵᠢᠯ ᠬᠤᠴᠤᠷᠪᠠᠯ ᠮᠠᠷᠭ᠋ᠠᠰᠢ ᠤᠯᠤᠰ ᠥᠨᠳᠤᠰᠤᠳᠡᠨ ᠬᠤᠴᠤᠷᠤᠨ᠎ᠠ》 ᠭᠡᠵᠤ ᠰᠠᠴᠢᠶᠸᠷ ᠬᠠᠳᠤᠨ ᠭᠡᠯᠡᠵᠤ ᠥᠡᠭᠭᠡᠷᠡᠪᠡ᠃ ᠰᠤᠷᠭ᠋ᠠᠨ ᠭᠥᠮᠤᠵᠢᠯ ᠭᠥᠭᠵᠢᠭᠰᠡᠨ ᠤᠯᠤᠰ ᠭᠥᠷ᠎ᠤᠨ ᠯᠠᠪᠳᠠᠢ ᠭᠥᠴᠥᠷᠭᠡᠭᠵᠢᠭᠦᠨᠢ ᠵᠠᠶ᠋ᠢᠯᠠᠰᠢ ᠥᠭᠡᠢ ᠥᠨᠡᠨ ᠶᠤᠰᠤ ᠮᠥᠨ᠃ 《ᠨᠢᠭᠤᠴᠠ ᠲᠤᠪᠴᠢᠶᠡᠨ》᠂ 《ᠵᠢᠩᠭ᠋ᠠᠷ》᠂ 《ᠭᠡᠰᠡᠷ》 ᠪᠤᠯ ᠮᠤᠩᠭᠤᠯ᠎ᠤᠨ ᠠ᠋ᠷᠳᠡᠨ᠎ᠤ ᠤᠷᠠᠨ ᠵᠤᠭᠢᠶᠡᠯ᠎ᠤᠨ ᠭᠢᠯᠠᠯᠵᠠᠭᠰᠠᠨ ᠪᠥᠳᠤᠭᠡᠯ ᠮᠥᠨ᠃ 《ᠬᠤᠮᠸᠷ᠎ᠤᠨ ᠲᠤᠤᠯᠢᠰ》᠂ 《ᠢᠯᠢᠶᠡᠳᠡ》᠎ᠲᠠᠢ ᠲᠡᠩᠴᠡᠭᠦ ᠲᠡᠯᠡᠭᠡᠢ ᠵᠢᠨ ᠲᠡᠰ᠎ᠤᠨ ᠠᠯᠳᠠᠷᠳᠤ ᠪᠥᠳᠤᠭᠡᠯ ᠮᠥᠨ᠃ ᠮᠥᠡᠭᠭᠡ ᠬᠠᠭ᠋ᠠᠨ ᠠ᠋ᠾᠥ᠋ᠺᠠᠯᠢᠳ᠋ᠤᠨ 《ᠭ᠋ᠸᠤᠮᠲᠷᠢ ᠵᠢᠨ ᠤᠭ ᠵᠤᠭᠢᠶᠡᠯ》᠎ᠢ ᠤᠯᠠᠨ ᠵᠢᠯ ᠰᠢᠷᠭ᠋ᠠᠭᠤ ᠰᠤᠳᠤᠯᠤᠨ᠂ ᠪᠥᠷᠢᠨ ᠭᠥᠢ᠍ᠴᠡᠳ ᠲᠠᠶ᠋ᠢᠯᠪᠤᠷᠢᠯᠠᠵᠤ ᠲᠡᠶ᠋ᠢᠯᠥᠭᠰᠡᠨ ᠠᠩᠬᠠᠳᠠᠭᠴᠢ ᠠ᠋ᠷᠳᠡᠮᠳᠡᠨ ᠪᠤᠯᠤᠭᠰᠠᠨ᠃ ᠲᠤᠮᠳᠡᠳᠤ ᠤᠯᠤᠰ᠎ᠤᠨ ᠬᠠᠮᠤᠭ᠎ᠤᠨ ᠠᠩᠬᠠᠨ᠎ᠤ ᠢᠳᠡᠭᠡᠨ ᠤᠮᠳᠠᠭ᠋ᠠᠨ᠎ᠤ ᠠ᠋ᠷᠡᠭᠦᠯ ᠬᠠᠮᠠᠭ᠋ᠠᠯᠠᠯ ᠪᠤᠯᠤᠨ ᠰᠢᠮ᠎ᠡ ᠲᠡᠵᠢᠭᠡᠯ᠎ᠤᠨ ᠰᠤᠳᠤᠯᠤᠯ᠎ᠤᠨ ᠲᠤᠰᠬᠠᠢ ᠵᠤᠭᠢᠶᠡᠯ ᠪᠤᠯ ᠶᠤᠸᠠᠨ ᠤᠯᠤᠰ᠎ᠤᠨ ᠠ᠋ᠷᠳᠡᠮᠳᠡᠨ ᠭᠥᠰᠡᠭᠦᠢ ᠵᠢᠨ 《ᠢᠳᠡᠭᠡᠨ ᠤᠮᠳᠠᠭ᠋ᠠᠨ᠎ᠤ ᠵᠢᠩᠭᠢᠨᠢ ᠲᠤᠪᠴᠢ》 ᠮᠥᠨ᠃ ᠲᠡᠯᠡᠭᠡᠢ ᠵᠢᠨ 28242 ᠳ᠋ᠤᠭ᠋ᠠᠷ ᠤᠳᠤᠨ ᠵᠶ᠋ᠠᠷ ᠨᠡᠷᠡᠶ᠋ᠢᠳᠥᠭᠦᠯᠥᠭᠰᠡᠨ ᠤᠳᠤᠨ ᠤᠷᠤᠨᠴᠢ ᠮᠢᠩᠭ᠋ᠠᠨ᠎ᠳᠤ᠂ ᠭᠥᠭᠡ ᠤᠰᠤᠨ ᠪᠥᠮᠪᠤᠷᠴᠡᠭ᠎ᠤᠨ 101᠎ᠳᠤ᠎ᠬᠢ ᠰᠠᠨᠰᠠᠷᠴᠢ ᠭᠥᠷᠤᠷᠠᠭᠴᠠ᠂ ᠬᠤᠷᠤᠭᠤ ᠰᠢᠯᠳᠤ ᠢᠰᠢᠭᠡ ᠪᠤᠶ᠋ᠢᠵᠢᠭᠤᠯᠤᠭᠰᠠᠨ ᠰᠢᠭᠤᠷᠭ᠋ᠠᠨ᠂ ᠠᠶ᠋ᠢᠽ ᠡᠪᠡᠳᠴᠢᠨ᠎ᠢ ᠵᠠᠰᠠᠭ᠍ᠤ ᠲᠤᠯᠤᠭ᠋ᠠᠨ ᠵᠤᠶ᠋ᠢᠯ᠎ᠤᠨ ᠰᠢᠨ᠎ᠡ ᠡᠮ᠎ᠢ ᠰᠤᠳᠤᠯᠤᠨ ᠭᠠᠷᠭ᠋ᠠᠭᠰᠠᠨ ᠪᠤᠷᠵᠢᠭᠢᠨ ᠭᠡᠷᠡᠯᠳᠤ ᠁ ᠠ᠋ᠳᠡᠭᠡᠷ ᠭᠦᠮᠦᠰ ᠪᠤᠯ ᠪᠥᠷ ᠲᠡᠯᠡᠭᠡᠢ᠎ᠳᠤ ᠠᠯᠳᠠᠷᠳᠠᠢ ᠮᠤᠩᠭᠤᠯ ᠠ᠋ᠷᠳᠡᠮᠳᠡᠨ ᠶᠤᠮ᠃ ᠲᠡᠳᠡᠨ᠎ᠤ ᠪᠥᠳᠤᠭᠡᠯ᠎ᠤᠳ ᠪᠤᠯ ᠮᠠᠨ᠎ᠤ ᠥᠨᠳᠤᠰᠤᠳᠡᠨᠤ ᠰᠤᠶᠤᠯ᠎ᠤᠨ ᠤᠭᠢ ᠲᠡᠯᠡᠰᠳᠤ ᠪᠥᠭᠡᠳ ᠮᠤᠩᠭᠤᠯ ᠥᠨᠳᠤᠰᠤᠳᠡᠨᠤ ᠲᠡᠯᠡᠭᠡᠢ ᠵᠢᠨ ᠰᠤᠶᠤᠯ᠎ᠤᠨ ᠰᠠᠩ᠎ᠳᠤ ᠨᠡᠮᠡᠷᠢᠯᠡᠭᠰᠡᠨ ᠪᠠᠳᠮᠠᠷᠭᠠ ᠰᠤᠪᠤᠳ ᠪᠢᠯᠡ᠃ 《ᠥᠡᠭᠭᠡᠷᠡᠭᠰᠡᠨ ᠵᠶ᠋ᠠᠨ ᠭᠠᠷ ᠫᠤᠤ᠎ᠪᠠᠷ ᠫᠤᠤᠳᠠᠪᠠᠯ ᠢᠷᠡᠭᠡᠳᠤᠢ᠎ᠪᠠᠨ ᠥᠭᠡᠷ ᠫᠤᠤ᠎ᠪᠠᠷ ᠫᠤᠤᠳᠠᠵᠤ ᠪᠠᠶ᠋ᠢᠬᠤ᠎ᠲᠠᠢ ᠠᠳᠠᠯᠢᠬᠠᠨ》 ᠭᠡᠵᠤ ᠳ᠋ᠠᠭᠢᠰᠲ᠋ᠠᠨᠤ ᠢᠷᠠᠭᠤ ᠨᠠᠶ᠋ᠢᠷᠠᠭᠴᠢ ᠷᠠᠰᠥ᠋ᠯ · ᠭᠠᠮᠵᠤᠲ᠋ᠤᠸ ᠭᠡᠯᠡᠵᠤ ᠥᠡᠭᠭᠡᠷᠡᠭᠰᠡᠨ ᠶᠤᠮ᠃ ᠪᠢᠳᠡ ᠲᠡᠤᠭᠡ᠎ᠪᠠᠨ ᠵᠠᠪᠠᠯ ᠵᠥᠪ ᠤᠶ᠋ᠢᠯᠠᠭ᠋ᠠᠵᠤ᠂ ᠥᠪ ᠰᠤᠶᠤᠯ ᠵᠶ᠋ᠠᠨ ᠥᠨᠡᠨᠬᠦ ᠤᠯᠠᠮᠵᠢᠯᠠᠵᠤ ᠶᠠᠪᠤᠬᠤ ᠴᠢᠬᠤᠯᠠᠳᠠᠢ᠃ ᠭᠡᠳᠡᠯ᠎ᠡ ᠪᠢᠳᠡ ᠥᠷᠯᠥᠭ ᠲᠡᠤᠭᠡᠨᠳᠤᠪᠠᠨ ᠤᠮᠤᠷᠬᠠᠭᠯᠠᠭ᠋ᠠᠳ ᠤᠷᠤᠭᠰᠢᠯᠠᠭ᠍ᠤ ᠥᠭᠡᠢ ᠪᠠᠶ᠋ᠢᠵᠤ ᠥᠯᠤ ᠪᠤᠯᠤᠨ᠎ᠠ᠃ ᠥᠪ ᠰᠤᠶᠤᠯ᠎ᠳᠤ᠎ᠪᠠᠨ ᠠ᠋ᠷᠳᠤᠭᠡᠳ ᠭᠥᠭᠵᠢᠭᠦᠯᠭᠦ ᠥᠭᠡᠢ ᠪᠠᠶ᠋ᠢᠵᠤ ᠥᠯᠤ ᠪᠤᠯᠤᠨ᠎ᠠ᠃
ᠨᠢᠭᠡ᠂ ᠠ᠋ᠭᠡ ᠭᠡᠯᠡᠨ᠎ᠤ ᠵᠢᠭ᠋ᠠᠨ ᠰᠤᠷᠭ᠋ᠠᠯᠳᠠ ᠶᠡᠭᠡ ᠭᠥᠴᠢᠷᠳᠡᠯ᠎ᠳᠤ ᠤᠴᠠᠷᠠᠵᠤ ᠪᠠᠢ᠍ᠢ᠍ᠨ᠎ᠠ᠃
《ᠴᠢᠭᠢᠨᠤ ᠴᠢᠮᠡᠭ ᠪᠤᠯᠤᠭᠰᠠᠨ ᠠᠶᠠᠯᠭᠤ ᠰᠠᠶ᠋ᠢᠬᠠᠨ ᠮᠤᠩᠭᠤᠯ ᠭᠡᠯᠡ
ᠴᠢᠩ ᠵᠤᠷᠢᠭᠳᠤ ᠡᠪᠤᠭᠡᠳ ᠲᠡᠭᠡᠳᠤᠰ᠎ᠤᠨ ᠮᠢᠨᠢ ᠥᠪ ᠶᠡᠭᠡ ᠠ᠋ᠷᠳᠡᠨᠢ
ᠰᠤᠨᠤᠰᠬᠤ ᠪᠥᠷᠢ ᠢᠷᠠᠭᠤ ᠪᠠᠶᠠᠯᠢᠭ᠎ᠢ᠎ᠨᠢ ᠭᠠᠶ᠋ᠢᠬᠠᠨ ᠪᠠᠶᠠᠰᠴᠤ
ᠰᠤᠤ ᠶᠡᠭᠡ ᠪᠢᠯᠢᠭ᠌᠎ᠳᠤ ᠲᠥᠮᠡᠨᠶᠦᠭᠡᠨ ᠪᠢᠰᠢᠷᠡᠨ ᠮᠠᠭᠳᠠᠮᠤ ᠪᠢ》 ᠭᠡᠵᠤ
ᠶᠡᠭᠡ ᠪᠢᠴᠢᠭ᠎ᠤᠨ ᠭᠥᠮᠤᠨ ᠠ᠋ᠷᠳᠡᠮᠳᠡᠨ ᠭᠥᠤᠰᠢ ᠪ᠊ · ᠷᠢᠨᠴᠢᠨ ᠭᠤᠸᠠᠢ ᠮᠤᠩᠭᠤᠯ ᠭᠡᠯᠡᠨ᠎ᠤ ᠮᠢᠨᠢ ᠲᠡᠭᠷᠢᠯᠢᠭ ᠷᠢᠳᠢ ᠰᠢᠳᠢ ᠵᠢ ᠰᠢᠯᠥᠭᠯᠡᠭᠰᠡᠨ ᠪᠢᠯᠡ᠃ ᠭᠡᠳᠡᠯ᠎ᠡ ᠠ᠋ᠨᠡ ᠰᠠᠶ᠋ᠢᠬᠠᠨ ᠭᠡᠯᠡ᠎ᠪᠠᠷ ᠪᠢᠴᠢᠭᠳᠡᠭᠰᠡᠨ ᠵᠤᠭᠢᠶᠡᠯᠢ ᠤᠡᠭᠰᠢᠬᠤ ᠭᠥᠮᠤᠰ ᠬᠤᠪᠤᠷᠳᠠᠵᠤ ᠪᠠᠶ᠋ᠢᠨ᠎ᠠ᠃ ᠤᠳᠤᠬᠠᠨ᠎ᠤ ᠭᠡᠤᠭᠡᠳ ᠦᠷᠦᠭᠡᠯ᠎ᠤᠨ ᠭᠡᠯᠡᠨ᠎ᠳᠤ ᠭᠠᠷᠮᠠᠭ᠋ᠠᠢ ᠪᠤᠯᠵᠤ᠂ ᠮᠤᠩᠭᠤᠯ ᠭᠡᠯᠡᠨᠳᠤᠪᠠᠨ ᠬᠠᠷᠢᠨ ᠮᠠᠭᠤ ᠪᠤᠯᠵᠠᠢ᠃ ᠴᠠᠭ᠋ᠠᠨ ᠠᠷᠢᠭᠢ᠂ ᠴᠠᠭ᠋ᠠᠨ ᠤᠰᠤ ᠭᠡᠵᠤ ᠭᠡᠯᠡᠭᠦ ᠭᠡᠤᠭᠡᠳ ᠠᠷᠪᠢᠳᠤᠵᠤ᠂ ᠬᠠᠳᠠᠷᠢᠶ᠎ᠠ ᠶᠥᠷᠭᠡᠭᠡ ᠭᠡᠳᠡᠯ᠎ᠡ ᠤᠯᠤᠩ᠂ ᠨᠢᠳᠤᠷᠭ᠎ᠠ᠂ ᠵᠤᠯᠤᠭ ᠭᠡᠭᠦᠴᠢᠯᠡᠨ ᠮᠤᠷᠢ ᠮᠠᠯ᠎ᠤᠨ ᠶᠠᠪᠤᠳᠠᠯ᠂ ᠭᠡᠷᠡᠭᠰᠡᠯ ᠪᠤᠶᠤ ᠲᠡᠪᠡᠯ ᠭᠤᠳᠤᠯ᠎ᠲᠠᠢ ᠬᠤᠯᠪᠤᠭᠳᠠᠭᠰᠠᠨ ᠨᠡᠷᠡᠶ᠋ᠢᠳᠤᠯᠢ ᠮᠡᠳᠡᠭᠦ ᠪᠠᠶ᠋ᠢᠳᠤᠭ᠋ᠠᠢ ᠲᠥᠭᠦᠭᠡᠷᠡᠭᠦᠪᠠᠨ ᠪᠠᠰᠠ ᠪᠠᠶ᠋ᠢᠴᠢᠬᠠᠵᠠᠢ᠃ ᠲᠡᠶ᠋ᠢᠨᠬᠦ ᠪᠢᠳᠡ ᠠᠮᠢᠨ᠎ᠤ ᠬᠠᠶ᠋ᠢᠷᠠᠳᠠᠢ ᠠᠭᠳᠠ ᠭᠥᠯᠥᠭ ᠵᠶ᠋ᠠᠨ ᠤᠷᠭᠢᠵᠤ ᠠ᠋ᠭᠢᠯᠡᠯᠡ᠃ ᠬᠠᠨᠭ᠌ᠪᠤᠨ ᠲᠡᠷᠯᠢᠭ᠂ ᠬᠠᠰᠠᠭ ᠲᠡᠷᠭᠡ᠎ᠪᠠᠨ ᠬᠠᠶᠠᠴᠢᠬᠠᠯ᠎ᠠ᠃ ᠬᠠᠨᠠᠨᠢ ᠴᠡᠮᠴᠡᠭᠡᠷ ᠮᠤᠩᠭᠤᠯ ᠭᠡᠷ ᠵᠶ᠋ᠠᠨ ᠮᠠᠷᠳᠠᠴᠢᠬᠠᠯ᠎ᠠ᠃ 《ᠨᠢᠭᠡ ᠥᠨᠳᠤᠰᠤᠳᠡᠨ ᠭᠡᠷᠪᠡ ᠲᠠᠪᠰᠢᠬᠰᠠᠨ ᠰᠤᠶᠤᠯ᠂ ᠤᠳᠤᠭᠢᠴᠢᠯᠠᠭᠰᠠᠨ ᠵᠡᠪᠰᠡᠭ ᠥᠭᠡᠢ ᠪᠤᠯ ᠴᠤᠭᠢᠮᠠᠭᠴᠠ ᠤᠰᠠᠳᠤᠨ᠎ᠠ᠃ ᠭᠡᠳᠡᠯ᠎ᠡ ᠤᠯᠠᠮᠵᠢᠯᠠᠯᠳᠤ ᠭᠥᠮᠤᠨ ᠰᠤᠶᠤᠯ᠎ᠤᠨ ᠵᠤᠷᠢᠭ ᠰᠠᠨᠠᠭ᠎ᠠ ᠥᠭᠡᠢ ᠪᠤᠯ ᠴᠤᠭᠢᠬᠤ ᠥᠭᠡᠢ ᠴᠤ᠌ ᠥᠪᠡᠷᠳᠡᠭᠡᠨ ᠤᠰᠠᠳᠤᠨ᠎ᠠ》 ᠭᠡᠵᠤ ᠠᠺᠸᠳ᠋ᠸᠮᠢᠴᠢ ᠶᠠᠩ ᠱᠤ᠌ ᠽᠢ ᠠᠪᠤᠭ᠋ᠠᠢ ᠭᠡᠯᠡᠵᠤ ᠥᠡᠭᠭᠡᠷᠡᠭᠰᠡᠨ ᠶᠤᠮ᠃
ᠥᠯᠥᠭᠡᠢ᠎ᠳᠤ ᠠᠷᠭ᠋ᠠᠳᠠᠭᠤᠯᠤᠭᠰᠠᠨ ᠭᠡᠤᠭᠡᠳ ᠥᠰᠴᠤ ᠲᠤᠮᠤᠵᠢᠭ᠋ᠠᠳ ᠲᠡᠯᠡᠭᠡᠢ ᠵᠢ ᠠᠷᠭ᠋ᠠᠳᠠᠨᠠ ᠭᠡᠳᠡᠭ᠃ ᠥᠪ ᠰᠤᠶᠤᠯ᠎ᠤᠨ ᠠ᠋ᠷᠳᠡᠨᠢ ᠵᠢᠨ ᠲᠠᠯ᠎ᠠ᠎ᠳᠤ ᠪᠠᠷᠢᠯᠳᠤᠵᠤ ᠥᠰᠥᠭᠰᠡᠨ ᠭᠡᠤᠭᠡᠳ ᠰᠠᠶᠢ ᠥᠰᠴᠤ ᠪᠤᠵᠠᠭ᠋ᠠᠶ᠋ᠢᠷᠠᠭ᠋ᠠᠳ ᠠ᠋ᠨᠡ ᠥᠪ ᠰᠤᠶᠤᠯ᠎ᠤᠨ ᠵᠶ᠋ᠠᠨ ᠨᠠᠷᠠ ᠵᠢ ᠠ᠋ᠷᠭᠦᠵᠤ ᠶᠠᠪᠤᠨ᠎ᠠ ᠰᠢᠤ ᠳ᠋ᠸ᠃ ᠭᠡᠤᠭᠡᠳ᠎ᠨᠢ ᠮᠡᠳᠡᠳᠡᠭ ᠥᠭᠡᠢ ᠰᠤᠶᠤᠯ ᠭᠡᠨ᠎ᠤ᠎ᠬᠢ ᠪᠤᠯᠳᠠᠭᠢ ᠡ᠊ᠨᠳᠠ ᠶᠠᠷᠢᠬᠤ ᠥᠭᠡᠢ ᠴᠤ᠌ ᠭᠥᠮᠤᠨ ᠪᠥᠭᠦᠨ ᠪᠥᠷ ᠮᠡᠳᠡᠨ᠎ᠡ᠃ ᠮᠥᠴᠢᠷ᠎ᠠᠴᠠ᠎ᠪᠠᠨ ᠰᠠᠯᠤᠭᠰᠠᠨ ᠨᠠᠪᠴᠢ ᠢᠯᠵᠠᠷᠠᠭ᠍ᠤ ᠲᠠᠪᠢᠯᠠᠩ᠎ᠲᠠᠢ ᠪᠤᠯ ᠭᠡᠯᠡ᠎ᠪᠠᠨ ᠮᠠᠷᠳᠠᠭᠰᠠᠨ ᠥᠨᠳᠤᠰᠤᠳᠡᠨ ᠬᠠᠶ᠋ᠢᠯᠬᠤ ᠵᠠᠶᠠᠭ᠎ᠠ᠎ᠲᠠᠢ᠃ ᠭᠡᠯᠡ ᠪᠤᠯ ᠥᠨᠳᠤᠰᠤᠳᠡᠨᠤ ᠰᠢᠨᠵᠢ ᠲᠡᠮᠳᠡᠭ ᠮᠥᠨ᠃ ᠭᠡᠯᠡᠨ᠎ᠤ ᠬᠠᠶ᠋ᠢᠯᠤᠭᠳᠠᠯᠨᠢ ᠥᠨᠳᠤᠰᠤᠳᠡᠨᠤ ᠬᠠᠶ᠋ᠢᠯᠤᠭᠳᠠᠯᠲᠠᠢ ᠰᠢᠭᠤᠳ ᠬᠠᠷᠢᠴᠠᠭ᠋ᠠᠳᠤ ᠪᠤᠯᠳᠠᠭ᠃ ᠮᠤᠩᠭᠤᠯ ᠭᠡᠤᠭᠡᠳ ᠭᠢᠳᠡᠳ ᠵᠶ᠋ᠠᠷ ᠪᠢᠴᠢᠭ ᠥᠵᠡᠭᠦ ᠥᠵᠡᠭᠳᠡᠯ ᠲᠤᠩ ᠭᠥᠨᠳᠤ ᠨᠤᠴᠢᠳᠠᠢ ᠪᠤᠯᠵᠠᠢ᠃ ᠭᠠᠳᠠᠭ᠋ᠠᠳᠤ ᠭᠡᠯᠡ ᠵᠢ ᠭᠡᠳᠤᠢ ᠠ᠋ᠷᠳᠡ ᠰᠤᠷᠪᠡᠯ ᠲᠡᠳᠤᠢ ᠰᠠᠶ᠋ᠢᠨ ᠭᠡᠵᠤ ᠠ᠋ᠷᠳᠡᠮᠳᠡᠳ ᠰᠤᠳᠤᠯᠤᠨ ᠭᠠᠷᠭ᠋ᠠᠵᠠᠢ᠃ ᠠ᠋ᠨᠡ᠎ᠨᠢ ᠤᠨᠤᠯ᠎ᠤᠨ ᠬᠤᠪᠢ᠎ᠳᠤ ᠪᠤᠷᠤᠭᠤ ᠥᠭᠡᠢ ᠪᠠᠶ᠋ᠢᠵᠤ ᠮᠡᠳᠡᠨ᠎ᠡ᠃ ᠭᠡᠪᠡᠴᠤ ᠪᠢᠳᠡ ᠠ᠋ᠭᠦᠨ ᠵᠶ᠋ᠠᠷ ᠰᠢᠯᠳᠠᠵᠤ᠂ ᠭᠡᠤᠭᠡᠳ᠎ᠲᠤ᠎ᠪᠠᠨ ᠤᠷᠢᠳᠡᠪᠠᠷ ᠠ᠋ᠭᠡ ᠭᠡᠯᠡ ᠵᠢ᠎ᠨᠢ ᠪᠢᠰᠢ᠂ ᠬᠠᠷᠢ ᠭᠡᠯᠡ ᠵᠢᠭ᠋ᠠᠪᠠᠯ ᠰᠠᠶ᠋ᠢᠨ ᠭᠡᠳᠡᠭ ᠶᠤᠰᠤ ᠵᠢ ᠮᠥᠷᠳᠡᠨ ᠭᠠᠷᠭ᠋ᠠᠵᠤ ᠴᠢᠳᠠᠭ᠍ᠤ ᠥᠭᠡᠢ᠃ ᠠ᠋ᠸᠥ᠋ᠷᠤᠫᠡ ᠠᠮᠸᠷᠢᠺᠠ ᠵᠢᠨ ᠠ᠋ᠷᠳᠡᠮᠳᠡᠳ ᠠ᠋ᠨᠡ ᠥᠵᠡᠯᠳᠡ ᠵᠢ ᠲᠤᠷᠠᠳᠤᠭ᠋ᠠᠳ ᠵᠠᠭᠤᠨ ᠵᠢᠯ ᠪᠤᠯᠵᠤ ᠪᠠᠶ᠋ᠢᠭ᠎ᠠ ᠪᠤᠯᠪᠠᠴᠤ ᠲᠡᠳᠡ ᠶᠡᠷᠤ᠎ᠠᠴᠠ ᠨᠢᠭᠡᠳᠤᠭᠡᠷ ᠤᠨ᠎ᠠᠴᠠ᠎ᠨᠢ ᠠ᠋ᠭᠢᠯᠡᠵᠤ ᠵᠠᠪᠠᠯ ᠨᠢᠭᠡ ᠭᠠᠳᠠᠭ᠋ᠠᠳᠤ ᠭᠡᠯᠡ ᠵᠢᠭ᠋ᠠᠳᠠᠭ ᠶᠠᠪᠤᠳᠠᠯ᠎ᠢ ᠰᠠᠨᠠᠭ᠋ᠠᠴᠢᠯᠠᠭᠰᠠᠨ ᠥᠭᠡᠢ ᠪᠢᠯᠡ᠃ ᠢᠯᠠᠩᠭᠤᠶ᠎ᠠ ᠠ᠋ᠭᠡ ᠭᠡᠯᠡᠨ᠎ᠤ᠎ᠪᠠᠨ ᠭᠢᠴᠢᠶᠡᠯ᠎ᠢ ᠬᠠᠰᠤᠬᠤ ᠪᠤᠶᠤ ᠬᠠᠷᠢ ᠭᠡᠯᠡ᠎ᠪᠠᠷ ᠠ᠋ᠭᠡ ᠭᠡᠯᠡᠨ᠎ᠤ᠎ᠪᠠᠨ ᠵᠢᠭ᠋ᠠᠨ ᠰᠤᠷᠭ᠋ᠠᠯᠳᠠ ᠵᠢ ᠤᠷᠤᠯᠠᠭᠤᠯᠤᠨ᠎ᠠ ᠭᠡᠵᠤ ᠪᠠᠷᠭᠢᠷᠠᠭᠰᠠᠨ ᠭᠥᠮᠤᠨ ᠠᠯᠠᠭ᠎ᠠ᠃ 《ᠮᠤᠩᠭᠤᠯᠴᠤᠳ ᠵᠠᠭᠤᠭ᠋ᠠᠳ ᠵᠢᠯ᠎ᠤᠨ ᠲᠤᠷᠰᠢ ᠪᠤᠷᠬᠠᠨ᠎ᠤ ᠰᠤᠷᠭ᠋ᠠᠯ᠎ᠢ ᠰᠢᠳᠤᠭᠡᠳ ᠤᠬᠠᠭ᠋ᠠᠨ ᠥᠭᠡᠢ ᠪᠤᠯᠤᠭᠰᠠᠨ ᠪᠤᠯᠠᠢ᠂ ᠠ᠋ᠭᠦᠨ᠎ᠢ ᠬᠠᠭ᠋ᠠᠨ ᠪᠢ ᠰᠠᠶ᠋ᠢᠰᠢᠶᠠᠮᠤᠢ》 ᠭᠡᠵᠤ ᠲᠡᠭᠷᠢ ᠲᠡᠳᠭᠦᠭᠴᠢ ᠭᠡᠯᠡᠭᠰᠡᠨ ᠭᠡᠳᠡᠭ᠃ ᠤᠳᠤ ᠮᠤᠩᠭᠤᠯᠴᠤᠳ ᠤᠬᠠᠭ᠋ᠠᠨ ᠥᠭᠡᠢ᠎ᠪᠠᠷ ᠥᠯᠤ ᠪᠠᠷᠠᠨ᠂ ᠭᠡᠯᠡ᠎ᠪᠠᠨ ᠪᠠᠰᠠ ᠠᠯᠳᠠᠵᠤ ᠪᠤᠢ᠃ ᠠ᠋ᠭᠦᠨ᠎ᠢ ᠭᠡᠨ ᠰᠠᠶ᠋ᠢᠰᠢᠶᠠᠳᠠᠭ ᠪᠤᠯ⁈
ᠬᠤᠶᠠᠷ᠂ ᠲᠠᠩᠭᠢᠮ᠎ᠤᠨ ᠭᠢᠴᠢᠶᠡᠯᠯᠡᠭᠡ᠎ᠳᠤ ᠤᠯᠤᠯᠳᠡ ᠪᠠᠭ᠎ᠠ ᠪᠤᠯᠵᠤ ᠪᠤᠢ᠃
ᠰᠤᠷᠭ᠋ᠠᠭᠤᠯᠢ ᠪᠤᠯ ᠰᠤᠶᠤᠯ ᠠ᠋ᠷᠳᠡᠮ᠎ᠤᠨ ᠲᠠᠷᠬᠠᠨ ᠥᠯᠤᠭᠡᠢ᠂ ᠰᠤᠷᠳᠠᠯ ᠭᠥᠮᠤᠵᠢᠯ᠎ᠤᠨ ᠠᠷᠢᠭᠤᠨ ᠤᠷᠤᠨ᠃ ᠰᠤᠷᠭ᠋ᠠᠭᠤᠯᠢ ᠪᠤᠯ ᠭᠡᠪᠯᠡᠭᠦ ᠤᠶ᠋ᠢᠯᠡᠳᠪᠤᠷᠢ ᠪᠢᠰᠢ᠂ ᠠᠳᠠᠯᠢᠬᠠᠨ ᠲᠤᠭᠤᠰᠬ᠎ᠠ ᠰᠢᠬ ᠭᠥᠮᠤᠨᠢ ᠭᠥᠮᠥᠵᠢᠭᠦᠯᠭᠦ ᠪᠤᠯ ᠲᠡᠭᠦᠨ᠎ᠤ ᠵᠤᠷᠢᠯᠭ᠎ᠠ ᠪᠢᠰᠢ ᠬᠠᠷᠢᠨ ᠤᠯᠠᠨ ᠠᠷᠪᠢᠨ ᠴᠢᠳᠠᠪᠤᠷᠢᠳᠡᠨ᠎ᠢ ᠭᠥᠮᠥᠵᠢᠭᠦᠯᠭᠦ ᠪᠤᠯ ᠲᠡᠭᠦᠨ᠎ᠤ ᠠ᠋ᠭᠦᠷᠭᠡ ᠶᠤᠮ᠃ ᠪᠢᠳᠡ ᠵᠠᠭᠤᠨ ᠭᠡᠤᠭᠡᠳ᠎ᠢ ᠨᠢᠭᠡ ᠯᠠ ᠭᠡᠤᠭᠡᠳ ᠪᠤᠯᠭ᠋ᠠᠨ ᠭᠥᠮᠥᠵᠢᠭᠦᠯᠵᠤ ᠪᠤᠯᠬᠤ ᠥᠭᠡᠢ ᠬᠠᠷᠢᠨ ᠵᠠᠭᠤᠨ ᠭᠡᠤᠭᠡᠳ᠎ᠢ ᠬᠤᠶᠠᠷ ᠵᠠᠭᠤᠨ ᠭᠡᠤᠭᠡᠳ ᠪᠤᠯᠭ᠋ᠠᠨ ᠭᠥᠮᠥᠵᠢᠭᠦᠯᠭᠦ ᠭᠡᠷᠡᠭᠳᠡᠢ᠃ ᠲᠠᠩᠭᠢᠮ᠎ᠤᠨ ᠭᠢᠴᠢᠶᠡᠯᠯᠡᠭᠡ ᠵᠢᠨ ᠡᠵᠡᠨ ᠪᠤᠯ ᠪᠠᠭᠰᠢ ᠪᠢᠰᠢ᠂ ᠬᠠᠷᠢᠨ ᠰᠤᠷᠤᠭᠴᠢ ᠶᠤᠮ᠃ ᠤᠳᠤᠬᠠᠨ᠎ᠤ ᠪᠠᠶ᠋ᠢᠳᠠᠯ᠎ᠠᠴᠠ ᠥᠵᠡᠪᠡᠯ᠂ ᠨᠢᠭᠡ ᠪᠥᠯᠥᠭ ᠪᠠᠭᠰᠢ ᠨᠠᠷ ᠪᠠᠰᠠ ᠯᠠ ᠰᠤᠷᠤᠭᠰᠠᠨ ᠲᠠᠭᠤᠤ᠎ᠪᠠᠨ ᠲᠠᠭᠤᠯᠠᠨ ᠰᠤᠷ ᠪᠥᠰᠡ᠎ᠪᠠᠨ ᠪᠥᠰᠡᠯᠡᠵᠤ᠂ ᠥᠪᠡᠷ ᠵᠶ᠋ᠠᠨ ᠵᠢᠭ᠋ᠠᠬᠤ ᠲᠠᠪᠴᠠᠩ ᠲᠡᠭᠡᠷ᠎ᠡ ᠭᠤᠤᠯ ᠷᠤᠯᠢ ᠪᠤᠯᠤᠨ ᠲᠤᠭᠯᠠᠵᠤ᠂ ᠰᠤᠷᠤᠭᠴᠢᠳ᠎ᠨᠢ ᠲᠤᠤᠷ᠎ᠠ ᠲᠡᠭᠦᠨ᠎ᠤ ᠲᠤᠭᠯᠠᠭ᠍ᠤ ᠵᠢ ᠬᠠᠷᠠᠵᠤ ᠯᠠ ᠪᠤᠢ᠃ ᠠ᠋ᠶ᠋ᠢᠮᠤ ᠭᠢᠴᠢᠶᠡᠯᠯᠡᠭᠡ ᠵᠢ ᠳ᠋ᠥᠡᠭᠨᠡᠪᠡᠯ ᠰᠤᠷᠤᠭᠴᠢ᠎ᠳᠤ 《ᠭᠤᠷᠪᠠ ᠥᠭᠡᠢ》 — ᠲᠠᠷᠤᠢ ᠲᠡᠳᠡᠨ᠎ᠳᠤ ᠰᠡᠳᠭᠢᠭᠦ ᠴᠠᠭ ᠥᠭᠡᠢ᠂ ᠭᠢᠭᠦ ᠴᠠᠭ ᠥᠭᠡᠢ᠂ ᠰᠤᠯᠢᠯᠴᠠᠭ᠍ᠤ ᠴᠠᠭ ᠥᠭᠡᠢ᠃ ᠠ᠋ᠭᠦᠨ᠎ᠤ ᠳ᠋ᠥᠡᠭ᠎ᠳᠤ ᠲᠡᠳᠡᠨ᠎ᠤ ᠰᠤᠷᠤᠭᠰᠠᠨ ᠶᠠᠭᠤᠮ᠎ᠠ ᠥᠭᠦᠭᠰᠡᠨ ᠤᠰᠤ ᠰᠢᠬ ᠪᠤᠯᠤᠨ᠂ ᠭᠡᠳᠤᠨ ᠰᠠᠷ᠎ᠠ ᠠ᠋ᠰᠡᠭᠦᠯ᠎ᠡ ᠭᠡᠳᠤᠨ ᠵᠢᠯ᠎ᠤᠨ ᠲᠠᠷᠠᠭ᠎ᠠ ᠬᠠᠳᠠᠴᠢᠬᠠᠳᠠᠭ᠃ ᠥᠪᠡᠷ ᠵᠶ᠋ᠠᠨ ᠰᠡᠳᠭᠢᠭᠦ ᠥᠭᠡᠢ᠂ ᠥᠪᠡᠷ ᠵᠶ᠋ᠠᠨ ᠭᠢᠭᠦ ᠥᠭᠡᠢ᠂ ᠥᠵᠡᠯ ᠰᠠᠨᠠᠭ᠎ᠠ᠎ᠪᠠᠨ ᠰᠤᠯᠢᠯᠴᠠᠭ᠍ᠤ ᠥᠭᠡᠢ᠎ᠪᠠᠷ ᠶᠠᠭ᠋ᠠᠭᠢᠵᠤ ᠰᠢᠨ᠎ᠡ ᠵᠢ ᠠ᠋ᠭᠦᠳᠤᠨ ᠰᠢᠯᠢᠳᠡᠭ᠎ᠢ ᠪᠥᠳᠤᠭᠡᠭᠦ ᠪᠤᠢ? ᠠ᠋ᠶ᠋ᠢᠮᠤ᠎ᠠᠴᠠ ᠤᠳᠤᠬᠠᠨ᠎ᠤ ᠲᠠᠩᠭᠢᠮ᠎ᠤᠨ ᠭᠢᠴᠢᠶᠡᠯᠯᠡᠭᠡ᠎ᠳᠤ ᠵᠠᠪᠠᠯ ᠶᠡᠭᠡ ᠭᠡᠮᠵᠢᠶᠡᠨ᠎ᠤ 《ᠮᠡᠰᠡ ᠵᠠᠰᠠᠯ》 ᠭᠢᠵᠤ ᠪᠠᠭᠰᠢ ᠵᠢᠨ ᠶᠠᠷᠢᠬᠤ ᠵᠢ ᠰᠤᠷᠤᠭᠴᠢ ᠵᠢᠨ ᠶᠠᠷᠢᠬᠤ᠎ᠪᠠᠷ᠂ ᠪᠠᠭᠰᠢ ᠵᠢᠨ ᠭᠢᠭᠦ ᠵᠢ ᠰᠤᠷᠤᠭᠴᠢ ᠵᠢᠨ ᠭᠢᠭᠦ᠎ᠪᠠᠷ ᠤᠷᠤᠯᠠᠭᠤᠯᠬᠤ ᠭᠡᠷᠡᠭᠳᠡᠢ᠃ ᠲᠠᠩᠭᠢᠮ᠎ᠤᠨ ᠭᠢᠴᠢᠶᠡᠯᠯᠡᠭᠡ ᠵᠢᠨ ᠲᠤᠮᠳᠡ ᠰᠤᠷᠤᠭᠴᠢᠳ᠎ᠲᠤ ᠵᠠᠪᠠᠯ 《ᠭᠤᠷᠪᠠ ᠵᠢ ᠥᠭᠭᠦ》 — ᠲᠠᠷᠤᠢ ᠲᠡᠳᠡᠨ᠎ᠳᠤ ᠰᠡᠳᠭᠢᠭᠦ ᠴᠠᠭ᠂ ᠭᠢᠭᠦ ᠴᠠᠭ᠂ ᠰᠤᠯᠢᠯᠴᠠᠭ᠍ᠤ ᠴᠠᠭ᠎ᠢ ᠥᠭᠭᠦ ᠭᠡᠷᠡᠭᠳᠡᠢ᠃ ᠢᠡᠭᠭᠢᠪᠡᠯ ᠰᠠᠶᠢ ᠲᠡᠳᠡ ᠮᠡᠳᠡᠯᠭᠡ ᠵᠢ ᠥᠪᠡᠷ᠎ᠤᠨ ᠵᠶ᠋ᠠᠨ ᠪᠤᠯᠭ᠋ᠠᠵᠤ ᠴᠢᠳᠠᠨ᠎ᠠ᠃ ᠲᠡᠳᠡᠨ᠎ᠤ ᠮᠡᠳᠡᠯᠭᠡ᠎ᠨᠢ ᠵᠢᠩᠭᠢᠨᠢ ᠴᠢᠳᠠᠪᠤᠷᠢ ᠪᠤᠯᠵᠤ᠂ ᠥᠨᠢ ᠮᠥᠡᠭᠭᠡ ᠵᠢᠨ ᠠ᠋ᠷᠳᠡᠨᠢ ᠪᠤᠯᠵᠤ ᠲᠡᠶ᠋ᠢᠯᠤᠨᠡ᠃
ᠰᠢᠨ᠎ᠡ ᠭᠢᠴᠢᠶᠡᠯ᠎ᠤᠨ ᠥᠭᠡᠷᠡᠴᠢᠯᠡᠯᠳᠡ᠎ᠳᠤ ᠰᠤᠷᠤᠭᠴᠢ᠎ᠪᠠᠷ ᠲᠥᠪ ᠪᠤᠯᠭ᠋ᠠᠬᠤ ᠵᠢ ᠬᠤᠭᠤᠯᠠᠢ᠎ᠪᠠᠨ ᠰᠥᠭᠡᠳᠡᠯᠡ ᠪᠠᠷᠭᠢᠷᠡᠵᠤ ᠪᠠᠶ᠋ᠢᠨ᠎ᠠ᠃ ᠰᠤᠷᠤᠭᠴᠢ ᠥᠪᠡᠷ ᠵᠶ᠋ᠠᠨ ᠭᠢᠭᠦ ᠵᠢ ᠱᠠᠭ᠋ᠠᠷᠳᠠᠵᠤ ᠪᠠᠶ᠋ᠢᠨ᠎ᠠ᠃ ᠠ᠋ᠨᠡ ᠥᠭᠡᠷᠡᠴᠢᠯᠡᠯᠳᠡ ᠵᠢ ᠲᠠᠪᠠᠭᠤ ᠶᠠᠪᠤᠭᠤᠯᠵᠤ ᠪᠠᠶ᠋ᠢᠨ᠎ᠠ ᠭᠡᠪᠡᠯ ᠪᠡᠭᠡᠵᠢᠩ᠎ᠤᠨ ᠯᠢ ᠰᠢ ᠭᠥᠢ ᠵᠠᠭᠢᠷᠤᠯ᠎ᠤᠨ ᠲᠠᠷᠤᠭ᠋ᠠᠯᠠᠵᠤ ᠪᠠᠶ᠋ᠢᠭ᠎ᠠ ᠰᠤᠷᠭ᠋ᠠᠭᠤᠯᠢ ᠵᠢ ᠲᠤᠷᠠᠳᠴᠤ ᠪᠤᠯᠤᠨ᠎ᠠ᠃ ᠭᠡᠳᠡᠯ᠎ᠡ ᠪᠢᠳᠡ ᠴᠠᠭ᠋ᠠᠰᠤᠨ ᠲᠡᠭᠡᠷ᠎ᠡ ᠰᠡᠳᠤᠪ ᠭᠢᠯᠭᠡᠵᠤ ᠯᠠ ᠪᠠᠶ᠋ᠢᠬᠤ᠎ᠠᠴᠠ ᠪᠢᠰᠢ ᠴᠠᠭ ᠭᠠᠷᠭ᠋ᠠᠵᠤ ᠲᠡᠳᠡᠨ᠎ᠢ ᠤᠶ᠋ᠢᠯᠡᠳᠤᠯᠭᠡᠳᠤ ᠤᠷᠤᠯᠴᠠᠭᠤᠯᠵᠤ ᠪᠠᠶ᠋ᠢᠨᠠᠤ? ᠪᠠᠭᠰᠢ ᠰᠠᠮᠪᠠᠷ᠎ᠡ ᠵᠢᠨ ᠠ᠋ᠮᠤᠨ᠎ᠡ ᠪᠥᠳᠤᠨ ᠭᠢᠴᠢᠶᠡᠯ ᠠᠮᠠᠨ᠎ᠠᠴᠠ᠎ᠪᠠᠨ ᠭᠥᠭᠡᠰᠤ ᠵᠠᠪᠠᠭ᠋ᠠᠷᠠᠳᠠᠯᠠ ᠶᠠᠷᠢᠵᠤ ᠪᠠᠶ᠋ᠢᠬᠤ᠎ᠠᠴᠠ ᠪᠢᠰᠢ ᠭᠡᠤᠭᠡᠳ᠎ᠲᠤ ᠰᠡᠳᠭᠢᠭᠦ ᠴᠢᠯᠤᠭᠡ ᠥᠭᠴᠤ ᠪᠠᠶ᠋ᠢᠨᠠᠤ? ᠨᠤᠮ᠎ᠤᠨ ᠰᠠᠩ᠎ᠳᠤ ᠤᠴᠢᠵᠤ ᠮᠠᠲᠸᠷᠢᠶᠠᠯ ᠤᠷᠪᠠᠭᠤᠯᠵᠤ ᠥᠵᠡᠯᠳᠡ᠎ᠪᠠᠨ ᠪᠢᠴᠢᠭᠦ ᠴᠢᠯᠤᠭᠡ ᠥᠭᠴᠤ ᠪᠠᠶ᠋ᠢᠨᠠᠤ?
ᠠᠩᠭ᠍ᠯᠢ᠎ᠳᠤ 《ᠨᠢᠳᠤ ᠠᠯᠢᠪᠠ ᠵᠢ ᠤᠯᠵᠤ ᠥᠵᠡᠨ᠎ᠡ᠂ ᠭᠡᠪᠡᠴᠤ ᠲᠡᠷᠡ ᠥᠪᠡᠷ᠎ᠢ᠎ᠪᠠᠨ ᠤᠯᠵᠤ ᠥᠵᠡᠭᠦ ᠥᠭᠡᠢ》 ᠭᠡᠰᠡᠨ ᠠᠯᠳᠠᠷᠳᠤ ᠰᠡᠴᠡᠨ ᠥᠭᠡ ᠪᠠᠶ᠋ᠢᠳᠠᠭ᠃ ᠪᠢᠳᠡ ᠥᠨᠤᠳᠤᠷ 《ᠨᠢᠳᠤ》 ᠪᠤᠯᠵᠤ ᠪᠠᠶ᠋ᠢᠭ᠎ᠠ᠎ᠪᠠᠨ ᠵᠠᠪᠠᠯ ᠮᠡᠳᠡᠷᠡᠭᠦ ᠴᠢᠬᠤᠯᠠᠳᠠᠢ᠃ ᠰᠤᠷᠭ᠋ᠠᠨ ᠭᠥᠮᠤᠵᠢᠯ ᠪᠤᠯ ᠨᠢᠭᠡ ᠵᠤᠶ᠋ᠢᠯ᠎ᠤᠨ ᠭᠥᠮᠤᠨᠤ ᠤᠬᠠᠭ᠋ᠠᠨ ᠮᠥᠨ᠃ 《ᠮᠤᠳᠤ ᠲᠠᠷᠢᠬᠤ᠎ᠳᠤ ᠠᠷᠪᠠᠨ ᠵᠢᠯ᠂ ᠭᠥᠮᠤᠨᠢ ᠭᠥᠮᠥᠵᠢᠭᠦᠯᠭᠦ᠎ᠳᠤ ᠵᠠᠭᠤᠨ ᠵᠢᠯ》 ᠭᠡᠳᠡᠭ ᠪᠢᠰᠢᠤ᠃ ᠪᠢᠳᠡ ᠠᠮᠸᠷᠢᠺᠠ ᠶᠠᠫᠤᠨ᠎ᠠᠴᠠ ᠵᠠᠭᠤᠨ ᠵᠢᠯ ᠵᠶ᠋ᠠᠷ ᠬᠤᠴᠤᠷᠴᠤ ᠪᠠᠶ᠋ᠢᠨ᠎ᠠ ᠭᠡᠳᠡᠭ ᠴᠢᠨᠢ ᠲᠡᠷᠤᠢ ᠭᠥᠮᠤᠨᠢ ᠭᠥᠮᠥᠵᠢᠭᠦᠯᠭᠦ ᠤᠬᠠᠭ᠋ᠠᠨ ᠲᠡᠭᠡᠷ᠎ᠡ ᠵᠠᠭᠤᠨ ᠵᠢᠯ ᠬᠤᠴᠤᠷᠴᠤ ᠪᠠᠶ᠋ᠢᠨ᠎ᠠ ᠭᠡᠰᠡᠨ ᠥᠭᠡ᠃ ᠲᠡᠭᠡᠪᠡᠯ ᠰᠤᠷᠭ᠋ᠠᠨ ᠭᠥᠮᠤᠵᠢᠯ ᠶᠠᠮᠠᠷ ᠪᠠᠶ᠋ᠢᠪᠠᠯ ᠵᠣᠭᠢᠬᠤ ᠪᠤᠢ? ᠰᠤᠷᠭ᠋ᠠᠨ ᠭᠥᠮᠤᠵᠢᠯ ᠪᠤᠯ ᠰᠡᠵᠢᠭᠯᠡᠯ ᠮᠥᠨ᠃ ᠲᠡᠷᠡ᠎ᠨᠢ ᠪᠠᠭᠰᠢ ᠵᠢᠨ ᠲᠤᠭ᠎ᠠ ᠥᠭᠡᠢ ᠤᠯᠠᠨ ᠶᠠᠷᠢᠭᠰᠠᠨ ᠮᠡᠳᠡᠯᠭᠡ᠎ᠳᠤ ᠪᠠᠶ᠋ᠢᠬᠤ ᠪᠢᠰᠢ ᠬᠠᠷᠢᠨ ᠰᠤᠷᠤᠭᠴᠢ ᠵᠢᠨ ᠲᠠᠯᠪᠢᠭᠰᠠᠨ ᠤᠯᠠᠨ 《ᠶᠠᠭ᠋ᠠᠭᠢᠭ᠋ᠠᠳ?》᠎ᠲᠤ ᠪᠤᠢ᠃ ᠰᠤᠷᠬᠤ ᠵᠢᠨ ᠡᠵᠡᠨ ᠭᠥᠮᠤᠨ ᠪᠤᠯ ᠰᠤᠷᠤᠭᠴᠢ ᠮᠥᠨ᠃ ᠲᠡᠷᠡ᠎ᠨᠢ ᠪᠠᠭᠰᠢ ᠵᠢᠨ ᠥ ᠰᠡᠪ ᠥᠭᠡᠢ ᠵᠢᠭ᠋ᠠᠭᠰᠠᠨ᠎ᠳᠤ ᠪᠠᠶ᠋ᠢᠬᠤ ᠪᠢᠰᠢ ᠬᠠᠷᠢᠨ ᠰᠤᠷᠤᠭᠴᠢ ᠵᠢᠨ ᠰᠤᠷᠬᠤ ᠠᠵᠢᠯᠯᠠᠭ᠋ᠠᠨ᠎ᠳᠤ ᠭᠡᠳᠤᠢ ᠤᠷᠤᠯᠴᠠᠭᠰᠠᠨ᠎ᠳᠤ ᠪᠠᠶ᠋ᠢᠨ᠎ᠠ᠃ ᠰᠤᠷᠭ᠋ᠠᠭᠤᠯᠢ ᠵᠢᠨ ᠪᠠᠶ᠋ᠢᠷᠢᠯᠠᠭᠤᠯᠤᠭᠰᠠᠨ ᠠ᠋ᠳᠤᠷ ᠪᠥᠷᠢ ᠵᠢᠨ ᠨᠠᠢ᠍ᠮᠠᠨ ᠭᠢᠴᠢᠶᠡᠯ᠎ᠳᠤ ᠪᠠᠶ᠋ᠢᠬᠤ ᠪᠢᠰᠢ ᠬᠠᠷᠢᠨ ᠰᠤᠷᠬᠤ ᠠ᠋ᠳᠡᠭᠡᠳᠲᠤᠪᠠᠨ ᠭᠡᠳᠤᠢ ᠰᠤᠨᠢᠷᠬᠠᠯ᠎ᠲᠠᠢ ᠪᠠᠶ᠋ᠢᠬᠤ᠂ ᠰᠤᠷᠬᠤ᠎ᠪᠠᠷ ᠲᠠᠮᠵᠢᠨ ᠭᠡᠳᠤᠢ ᠰᠤᠨᠢᠭᠤᠴᠢ ᠰᠡᠳᠭᠢᠯ ᠪᠠ ᠬᠠᠶ᠋ᠢᠬᠤ ᠪᠤᠳᠤᠯ ᠠ᠋ᠭᠦᠰᠥᠭᠰᠡᠨᠳᠤ ᠪᠤᠢ᠃ ᠪᠠᠭᠰᠢ ᠵᠢᠨ ᠭᠡᠳᠤᠢ ᠲᠡᠰᠬᠠᠯ ᠥᠯᠡᠳᠡᠭᠡᠭᠰᠡᠨ᠎ᠳᠤ ᠪᠠᠶ᠋ᠢᠬᠤ ᠪᠢᠰᠢ ᠬᠠᠷᠢᠨ ᠲᠡᠳᠡᠨ᠎ᠤ ᠰᠡᠳᠭᠢᠭᠦᠢ ᠵᠢ᠎ᠨᠢ ᠲᠡᠯᠡᠵᠤ᠂ ᠤᠷᠠᠨ ᠰᠠᠨᠠᠭ᠋ᠠᠨ᠎ᠤ ᠤᠷᠴᠢᠯᠠᠩ᠎ᠢ ᠨᠡᠭᠡᠭᠡᠭᠦ᠎ᠳᠤ ᠪᠤᠢ᠃ ᠰᠢᠯᠭ᠋ᠠᠯᠳᠠ᠎ᠳᠤ ᠭᠡᠳᠤᠢ ᠬᠤᠪᠢ ᠤᠯᠬᠤ᠎ᠳᠤ ᠪᠠᠶ᠋ᠢᠬᠤ ᠪᠢᠰᠢ ᠬᠠᠷᠢᠨ ᠥᠪᠡᠷ᠎ᠤᠨ ᠭᠥᠭᠵᠢᠯᠳᠡᠳᠤᠪᠠᠨ ᠭᠡᠳᠤᠢ ᠢᠳᠡᠭᠡᠯ᠎ᠲᠠᠢ ᠪᠠᠶ᠋ᠢᠬᠤ᠎ᠳᠤ ᠪᠤᠢ᠃ ᠶᠠᠳᠤᠭ᠎ᠠ ᠴᠢᠪᠬᠠᠳᠠᠵᠤ᠂ ᠵᠢᠷᠤᠭ ᠵᠢᠷᠤᠬᠤ ᠠ᠋ᠰᠡᠭᠦᠯ᠎ᠡ ᠪᠤᠰᠤᠳ ᠤᠨᠴᠠᠭ᠋ᠠᠢ ᠴᠢᠳᠠᠪᠤᠷᠢ᠎ᠳᠤ ᠪᠠᠶ᠋ᠢᠬᠤ ᠪᠢᠰᠢ ᠬᠠᠷᠢᠨ ᠲᠡᠭᠦᠨ᠎ᠳᠤ ᠪᠠᠶᠠᠯᠢᠭ ᠤᠷᠠᠨ ᠰᠠᠨᠠᠭ᠋ᠠᠨ᠎ᠤ ᠶᠢᠷᠳᠢᠨᠴᠤ ᠪᠠ ᠰᠠᠶ᠋ᠢᠨ ᠰᠠᠶ᠋ᠢᠬᠠᠨ ᠭᠥᠰᠡᠯ ᠠ᠋ᠷᠡᠮᠡᠯᠵᠡᠯ ᠪᠠᠶ᠋ᠢᠬᠤ ᠠ᠋ᠰᠡᠭᠦ᠎ᠳᠤ ᠪᠤᠢ᠃ ᠪᠢᠳᠡ ᠠ᠋ᠳᠡᠭᠡᠷ᠎ᠢ ᠥᠨᠡᠨ ᠭᠦ᠌ ᠪᠡᠶᠡᠯᠡᠭᠦᠯᠵᠤ ᠪᠠᠶ᠋ᠢᠨ᠎ᠠ ᠤᠤ⁈
ᠭᠤᠷᠪᠠ᠂ ᠥᠨᠳᠤᠰᠤᠳᠡᠨᠤ ᠰᠤᠷᠭ᠋ᠠᠭᠤᠯᠢ᠎ᠨᠤᠭᠤᠳ᠎ᠤᠨ ᠬᠤᠭᠤᠷᠤᠨᠳᠤᠭᠢ ᠬᠠᠮᠵᠢᠯᠴᠠᠭ᠎ᠠ ᠲᠤᠳᠠᠭᠳᠠᠵᠤ ᠪᠤᠢ᠃
ᠥᠨᠳᠤᠰᠤᠳᠡᠨᠤ ᠰᠤᠷᠭ᠋ᠠᠨ ᠭᠥᠮᠤᠵᠢᠯ ᠪᠤᠯ ᠪᠥᠯᠥᠭ᠎ᠳᠤ ᠴᠤᠭᠴᠠ ᠵᠢᠨ ᠰᠤᠷᠭ᠋ᠠᠨ ᠭᠥᠮᠤᠵᠢᠯ ᠮᠥᠨ᠃ ᠲᠡᠷᠡ᠎ᠨᠢ ᠭᠠᠭᠴᠠ ᠨᠢᠭᠡ᠂ ᠬᠤᠶᠠᠷ ᠭᠥᠮᠤᠨ ᠪᠤᠶᠤ ᠭᠠᠭᠴᠠ ᠨᠢᠭᠡ ᠬᠤᠶᠠᠷ ᠰᠤᠷᠭ᠋ᠠᠭᠤᠯᠢ ᠵᠢᠨ ᠠᠵᠢᠯ ᠪᠢᠰᠢ᠃ ᠪᠢᠳᠡ ᠬᠠᠮᠳᠤ᠎ᠪᠠᠷ ᠠ᠋ᠨᠡ ᠠᠵᠢᠯ᠎ᠢ ᠰᠤᠳᠤᠯᠵᠤ᠂ ᠠ᠋ᠨᠡ ᠠᠵᠢᠯ᠎ᠳᠤ᠎ᠪᠠᠨ ᠵᠢᠳᠭᠦᠭᠦ ᠴᠢᠬᠤᠯᠠᠳᠠᠢ᠃ ᠨᠢᠭᠡ᠎ᠳᠤ᠂ ᠮᠤᠩᠭᠤᠯ ᠰᠤᠷᠭ᠋ᠠᠭᠤᠯᠢ᠎ᠨᠤᠭᠤᠳ ᠬᠤᠭᠤᠷᠤᠨᠳᠤ᠎ᠪᠠᠨ ᠭᠠᠳᠠᠭᠤᠷᠴᠢᠯᠠᠭ᠍ᠤ ᠪᠢᠰᠢ᠂ ᠬᠠᠷᠢᠨ ᠬᠤᠯᠪᠤᠭ᠋ᠠᠯᠠᠭ᠍ᠤ ᠭᠡᠷᠡᠭᠳᠡᠢ᠃ ᠪᠢᠳᠡ ᠰᠤᠷᠭ᠋ᠠᠨ ᠭᠥᠮᠤᠵᠢᠯ᠎ᠤᠨ ᠠ᠋ᠭᠢ ᠪᠠᠶᠠᠯᠢᠭ᠎ᠢ ᠬᠠᠮᠳᠤ᠎ᠪᠠᠷ ᠠᠰᠢᠭᠯᠠᠨ᠂ ᠰᠤᠷᠭ᠋ᠠᠨ ᠭᠥᠮᠤᠵᠢᠯ᠎ᠤᠨ ᠢᠳᠡᠪᠭᠢ ᠭᠥᠴᠤᠨ ᠵᠶ᠋ᠠᠨ ᠬᠠᠷᠢᠯᠴᠠᠨ ᠰᠤᠯᠢᠯᠴᠠᠵᠤ᠂ ᠲᠤᠳᠠᠭᠳᠠᠯ ᠵᠶ᠋ᠠᠨ ᠨᠥᠭᠦᠪᠤᠷᠢᠯᠡᠨ ᠠᠳᠠᠯᠢᠬᠠᠨ ᠭᠥᠭᠵᠢᠭᠦ᠎ᠪᠠᠷ ᠴᠢᠷᠮᠠᠶ᠋ᠢᠬᠤ ᠭᠡᠷᠡᠭᠳᠡᠢ᠃ ᠰᠤᠷᠭ᠋ᠠᠭᠤᠯᠢ ᠪᠤᠯ ᠨᠢᠭᠡ ᠨᠤᠳᠤᠭ ᠤᠰᠤᠨ᠎ᠤ ᠰᠤᠶᠤᠯ᠎ᠤᠨ ᠠᠯᠳᠠᠨ ᠲᠤᠯᠭ᠎ᠠ ᠶᠤᠮ᠃ ᠠ᠋ᠨᠡ ᠲᠤᠯᠭ᠎ᠠ ᠤᠨᠳᠠᠷᠠᠪᠠᠯ ᠠ᠋ᠨᠡ ᠨᠤᠳᠤᠭ᠎ᠤᠨ ᠰᠤᠶᠤᠯ ᠤᠰᠠᠳᠤᠯᠠ ᠭᠡᠰᠡᠨ ᠥᠭᠡ ᠰᠢᠤ ᠳ᠋ᠸ᠃ ᠬᠤᠶᠠᠷ᠎ᠲᠤ᠂ ᠤᠯᠠᠨ ᠶᠠᠩᠵᠤ᠎ᠪᠠᠷ ᠰᠤᠷᠭ᠋ᠠᠭᠤᠯᠢ ᠠ᠋ᠷᠭᠢᠯᠡᠵᠤ ᠭᠠᠷᠬᠤ ᠵᠠᠮ ᠵᠶ᠋ᠠᠨ ᠠ᠋ᠷᠢᠯᠭᠢᠯᠡᠭᠦ ᠭᠡᠷᠡᠭᠳᠡᠢ᠃ ᠨᠡᠶ᠋ᠢᠭᠡᠮ ᠪᠤᠯ ᠤᠯᠠᠨ ᠭᠥᠮᠤᠨᠤ ᠪᠥᠯᠥᠭ᠎ᠳᠤ ᠴᠤᠭᠴᠠ ᠶᠤᠮ᠃ ᠠ᠋ᠨᠡ ᠨᠡᠶ᠋ᠢᠭᠡᠮ᠎ᠳᠤ ᠭᠠᠭᠴᠠ ᠴᠥᠭᠡᠨ ᠭᠡᠳᠤᠨ ᠰᠢᠨᠵᠢᠯᠡᠭᠦ ᠤᠬᠠᠭ᠋ᠠᠨᠳᠠᠨ ᠪᠠᠶ᠋ᠢᠭ᠋ᠠᠳ ᠪᠤᠯᠬᠤ ᠥᠭᠡᠢ᠃ ᠪᠠᠰᠠ ᠲᠤᠮᠳᠡ ᠵᠡᠷᠭᠡ ᠵᠢᠨ ᠴᠢᠳᠠᠪᠤᠷᠢᠳᠡᠳ ᠤᠯᠠᠨ ᠪᠠᠶ᠋ᠢᠵᠤ ᠤᠯᠤᠰ ᠭᠡᠷ᠎ᠤᠨ ᠵᠶ᠋ᠠᠨ ᠪᠥᠳᠤᠭᠡᠨ ᠪᠠᠶ᠋ᠢᠭᠤᠯᠤᠯᠳᠡ ᠵᠢᠨ ᠲᠤᠯᠭ᠋ᠠᠭᠤᠷᠢ ᠭᠥᠴᠤᠨ ᠪᠤᠯᠬᠤ ᠭᠡᠷᠡᠭᠳᠡᠢ᠃ ᠠ᠋ᠨᠡ᠎ᠨᠢ ᠲᠠᠷᠤᠢ ᠨᠡᠶ᠋ᠢᠭᠡᠮ ᠥᠨᠳᠤᠷ ᠵᠡᠷᠭᠡ ᠵᠢᠨ ᠠ᠋ᠷᠳᠡᠮ ᠮᠡᠳᠡᠯᠭᠡ᠎ᠲᠠᠢ ᠤᠶᠤᠳᠠᠨ᠎ᠢ ᠱᠠᠭ᠋ᠠᠷᠳᠠᠭ᠍ᠤ᠎ᠠᠴᠠ ᠭᠠᠳᠠᠨ᠎ᠠ ᠲᠤᠮᠳᠡ ᠵᠡᠷᠭᠡ ᠪᠤᠶᠤ ᠲᠡᠭᠡᠳᠤ ᠵᠡᠷᠭᠡ ᠵᠢᠨ ᠲᠤᠰᠬᠠᠢ ᠮᠡᠷᠭᠡᠵᠢᠯ᠎ᠲᠠᠢ ᠰᠤᠷᠤᠭᠴᠢᠳ᠎ᠢ ᠴᠤ᠌ ᠱᠠᠭ᠋ᠠᠷᠳᠠᠨ᠎ᠠ ᠭᠡᠰᠡᠨ ᠶᠠᠪᠤᠳᠠᠯ ᠪᠤᠯᠬᠤ ᠶᠤᠮ᠃ ᠪᠢᠳᠡ ᠵᠠᠪᠠᠯ ᠪᠥᠭᠦ ᠰᠤᠷᠤᠭᠴᠢ᠎ᠳᠤ ᠬᠠᠨᠳᠤᠵᠤ᠂ ᠰᠤᠷᠤᠭᠴᠢ ᠵᠢᠨ ᠪᠥᠭᠦ ᠲᠠᠯ᠎ᠠ᠎ᠳᠤ ᠬᠠᠨᠳᠤᠵᠤ ᠰᠤᠷᠭ᠋ᠠᠭᠤᠯᠢ ᠠ᠋ᠷᠭᠢᠯᠡᠭᠦ ᠭᠡᠷᠡᠭᠳᠡᠢ᠃ ᠲᠠᠷᠤᠢ ᠵᠠᠩᠵᠤᠨ ᠪᠤᠯᠬᠤ ᠰᠤᠷᠤᠭᠴᠢ ᠵᠢ ᠭᠥᠮᠥᠵᠢᠭᠦᠯᠭᠦ ᠮᠥᠷᠳᠡᠭᠡᠨ ᠴᠡᠷᠢᠭ ᠪᠤᠯᠬᠤ ᠰᠤᠷᠤᠭᠴᠢ ᠵᠢ ᠴᠤ᠌ ᠭᠥᠮᠥᠵᠢᠭᠦᠯᠭᠦ ᠭᠡᠷᠡᠭᠳᠡᠢ᠃ ᠠ᠋ᠷᠳᠡᠮᠳᠡᠨ ᠪᠤᠯᠬᠤ ᠰᠤᠷᠤᠭᠴᠢ ᠵᠢ ᠭᠥᠮᠥᠵᠢᠭᠦᠯᠭᠦ ᠮᠥᠷᠳᠡᠭᠡᠨ ᠠ᠋ᠩ᠎ᠤᠨ ᠭᠥᠳᠡᠯᠮᠤᠷᠢᠴᠢᠨ ᠰᠤᠷᠤᠭᠴᠢ ᠵᠢ ᠴᠤ᠌ ᠭᠥᠮᠥᠵᠢᠭᠦᠯᠭᠦ ᠴᠢᠬᠤᠯᠠᠳᠠᠢ᠃
ᠰᠤᠷᠭ᠋ᠠᠨ ᠭᠥᠮᠤᠵᠢᠯ ᠪᠤᠯ ᠪᠤᠯᠪᠠᠰᠤᠨ᠎ᠢ ᠠ᠋ᠷᠬᠢᠮᠯᠠᠵᠤ ᠭᠥᠭᠵᠢᠯᠳᠡ ᠵᠢ ᠠᠭᠢᠭᠤᠯᠬᠤ ᠭᠥᠳᠡᠯᠭᠡᠭᠴᠢ ᠭᠥᠴᠤᠨ ᠮᠥᠨ᠃ ᠨᠢᠭᠡ ᠤᠯᠤᠰ ᠥᠨᠳᠤᠰᠤᠳᠡᠨᠤ ᠭᠥᠭᠵᠢᠯᠳᠡ ᠵᠢ ᠰᠢᠯᠭ᠋ᠠᠬᠤ ᠴᠢᠬᠤᠯᠠ ᠪᠠᠷᠢᠮᠵᠢᠶ᠎ᠠ ᠪᠤᠯ ᠲᠥᠮᠡᠨ ᠭᠥᠮᠤᠨ ᠪᠥᠷᠢ᠎ᠳᠤ ᠨᠤᠭᠳᠠᠭ᠍ᠤ ᠰᠢᠨᠵᠢᠯᠡᠭᠦ ᠤᠬᠠᠭ᠋ᠠᠨᠳᠠᠨᠤ ᠲᠤᠭ᠎ᠠ ᠪᠤᠯᠤᠨ᠎ᠠ᠃ ᠠ᠋ᠨᠡ ᠲᠤᠭ᠎ᠠ 2004 ᠤᠨ᠎ᠤ ᠪᠥᠷᠢᠳᠭᠡᠯ᠎ᠳᠤ᠂ ᠠᠮᠸᠷᠢᠺᠠ᠎ᠳᠤ 79.6᠂ ᠶᠠᠫᠤᠨ᠎ᠳᠤ 73.6᠂ ᠭ᠋ᠸᠷᠮᠡᠨ ᠠᠩᠭ᠍ᠯᠢ ᠢᠲ᠋ᠠᠯᠢ᠎ᠳᠤ 48~61 ᠨᠤᠭᠳᠠᠵᠤ᠂ ᠮᠠᠨ᠎ᠤ ᠤᠯᠤᠰ᠎ᠲᠤ 6.8 ᠨᠤᠭᠳᠠᠵᠠᠢ᠃ ᠰᠢᠨᠵᠢᠯᠡᠭᠦ ᠤᠬᠠᠭ᠋ᠠᠨᠳᠠᠨ ᠪᠤᠯ ᠲᠡᠭᠷᠢ᠎ᠠᠴᠠ ᠪᠠᠭᠤᠭᠰᠠᠳ ᠪᠢᠰᠢ᠂ ᠲᠡᠳᠡ ᠪᠤᠯ ᠰᠤᠷᠬᠤ᠎ᠪᠠᠷ ᠲᠠᠮᠵᠢᠨ ᠠ᠋ᠷᠳᠡᠮᠳᠡᠨ ᠪᠤᠯᠤᠭᠰᠠᠳ ᠪᠢᠯᠡ᠃ ᠰᠤᠷᠭ᠋ᠠᠨ ᠭᠥᠮᠤᠵᠢᠯ ᠭᠥᠷᠳᠡᠭᠡᠳ ᠪᠤᠭᠳᠠ ᠭᠥᠮᠤᠨ ᠪᠤᠯᠤᠭᠰᠠᠨ ᠶᠤᠮ᠃ ᠵᠠᠭᠤᠨ ᠵᠢᠯ᠎ᠤᠨ ᠥᠨᠳᠤᠰᠤ ᠠᠨ᠎ᠤ ᠰᠤᠷᠭ᠋ᠠᠨ ᠭᠥᠮᠤᠵᠢᠯ ᠭᠡᠳᠡᠭ᠃ ᠮᠢᠩᠭ᠋ᠠᠨ᠎ᠤ ᠠᠯᠤᠰ᠎ᠢ ᠬᠠᠷᠠᠶ᠎ᠠ ᠭᠡᠪᠡᠯ ᠭᠠᠭᠴᠠ ᠲᠡᠷᠡ ᠪᠤᠢ᠂ ᠲᠡᠷᠡ ᠪᠤᠯ ᠲᠠᠷᠤᠢ ᠰᠤᠷᠭ᠋ᠠᠨ ᠭᠥᠮᠤᠵᠢᠯ ᠪᠤᠯᠤᠨ᠎ᠠ᠃
ᠭ᠋ᠷᠧᠭ᠎ᠤᠨ ᠨᠢᠭᠡᠨ ᠠ᠋ᠷᠳᠡᠮᠳᠡᠨ᠄ 《ᠮᠢᠨᠤ ᠠᠮᠵᠢᠯᠳᠡ ᠤᠯᠤᠭᠰᠠᠨ ᠰᠢᠯᠳᠠᠭ᠋ᠠᠨ ᠪᠤᠯ ᠰᠤᠷᠤᠭᠴᠢ ᠵᠢᠨ ᠵᠶ᠋ᠠᠨ ᠠᠰᠠᠭᠤᠯᠳᠡ ᠵᠢ ᠬᠠᠷᠢᠭᠤᠯᠵᠤ ᠲᠡᠶ᠋ᠢᠯᠭᠦ ᠥᠭᠡᠢ᠎ᠳᠤ᠎ᠪᠠᠨ ᠢᠴᠢᠭᠦᠷᠢ ᠲᠥᠷᠤᠭᠦ ᠥᠭᠡᠢ》 ᠭᠡᠵᠤ ᠭᠡᠯᠡᠭᠰᠡᠨ ᠪᠠᠶ᠋ᠢᠳᠠᠭ᠃ ᠠᠷᠢᠰᠲ᠋ᠤᠲᠸᠯ᠄ 《ᠪᠢ ᠪᠠᠭᠰᠢ᠎ᠪᠠᠨ ᠭᠥᠨᠳᠤᠳᠭᠡᠨᠡ᠂ ᠥᠨᠡᠨ ᠶᠤᠰᠤ ᠵᠢ ᠨᠡᠩ ᠭᠥᠨᠳᠤᠳᠭᠡᠨᠡ》 ᠭᠡᠵᠤ ᠥᠭᠦᠯᠡᠭᠰᠡᠨ ᠶᠤᠮ᠃ ᠭᠡᠳᠡᠯ᠎ᠡ ᠪᠢᠳᠡ ᠭᠢᠴᠢᠶᠡᠯ ᠲᠡᠭᠡᠷ᠎ᠡ ᠭᠡᠤᠭᠡᠳ᠎ᠤᠨ ᠠᠰᠠᠭᠤᠯᠳᠡ ᠵᠢ ᠬᠠᠷᠢᠭᠤᠯᠵᠤ ᠲᠡᠶ᠋ᠢᠯᠭᠦ ᠥᠭᠡᠢ᠎ᠠᠴᠠ ᠥᠭᠦᠨ ᠠᠶᠤᠳᠠᠭ᠃ ᠠᠰᠠᠭᠤᠯᠳᠡ ᠪᠤᠯ ᠥᠨᠡᠨ ᠶᠤᠰᠤᠨ᠎ᠤ ᠠ᠋ᠭᠢ ᠪᠢᠯᠡ᠃ ᠭᠡᠤᠭᠡᠳ᠎ᠤᠨ ᠵᠶ᠋ᠠᠨ ᠥᠨᠡᠨ ᠶᠤᠰᠤᠨ᠎ᠤ ᠠ᠋ᠭᠢ ᠵᠢ ᠪᠤᠯᠠᠭᠰᠠᠨ ᠪᠠᠢ᠍ᠢ᠍ᠪᠠᠯ ᠲᠡᠳᠡ ᠶᠠᠭ᠋ᠠᠭᠢᠨ ᠥᠨᠡᠨ ᠶᠤᠰᠤ ᠵᠢ ᠢᠯᠡᠷᠡᠭᠦᠯᠵᠤ ᠴᠢᠳᠠᠭ᠍ᠤ ᠠᠵᠢ᠃
ᠬᠠᠶᠢᠭ᠄ ᠤᠯᠠᠭ᠋ᠠᠠᠭ᠍ᠠᠳᠠᠳᠤᠬᠢ ᠮᠤᠩᠭᠤᠯ ᠥᠨᠳᠤᠰᠤᠳᠡᠨᠤ ᠲᠤᠮᠳᠡᠳᠤ ᠰᠤᠷᠭ᠋ᠠᠭᠤᠯᠢ
(ᠠ᠋ᠾᠤᠢ᠍ᠩ ᠮᠸᠢ ᠨᠠᠢ᠍ᠢ᠍ᠷᠠᠭᠤᠯᠪᠠ)
2018 ᠣᠨ᠎ᠤ 8 ᠳ᠋ᠤᠭ᠋ᠠᠷ ᠬᠤᠭᠤᠴᠠᠭ᠎ᠠ