ᠬᠠᠷᠬᠠᠲᠠᠨ ᠠᠯᠲᠠᠨᠳᠠᠯᠠᠢ
ᠮᠦᠭᠳᠡᠨ ᠬᠤᠳᠠ ᠬᠡᠵᠦ ᠤᠯᠤᠰ ᠲᠦᠷᠦ᠂ ᠠᠵᠤ ᠦᠢ᠍ᠯᠡᠳᠪᠦᠷᠢ᠂ ᠠᠷᠠᠯᠵᠢᠶ᠎ᠠ ᠮᠠᠶ᠋ᠢᠮᠠᠢ᠂ ᠲᠡᠦᠬᠡ ᠰᠤᠶᠤᠯ ᠬᠦᠭᠵᠢᠭᠰᠡᠨ ᠲᠤᠮᠦ ᠬᠤᠳᠠ᠂ ᠡ᠊ᠨᠳᠡᠬᠢ ᠵᠢᠨ ᠠᠷᠠᠳ ᠲᠦᠮᠡᠨ ᠪᠠᠶᠠᠨ ᠴᠢᠨᠡᠭᠡᠯᠢᠭ᠂ ᠪᠤᠯᠪᠠᠰᠤᠨ ᠶᠤᠰᠤᠷᠬᠠᠭ ᠵᠶ᠋ᠠᠷ ᠵᠶ᠋ᠠᠨ ᠠᠯᠳᠠᠷᠲᠠᠢ᠃ ᠡ᠊ᠨᠳᠡ ᠮᠠᠨᠵᠤ ᠴᠢᠩ᠎ᠤᠨ ᠨᠤᠷᠬᠠᠴᠢ ᠵᠢᠨ ᠤᠷᠳᠤᠨ᠂ ᠭᠤᠮᠢᠨᠳᠠᠩ᠎ᠤᠨ ᠵᠠᠩ ᠽᠦᠸᠸ ᠯᠢᠨ᠂ ᠵᠠᠩ ᠰᠢᠤᠸᠠᠢ ᠯᠢᠶᠠᠩ᠎ᠤᠨ ᠬᠠᠭᠤᠴᠢᠨ ᠰᠠᠭᠤᠷᠢᠰᠢᠯ᠂ 1931 ᠤᠨ᠎ᠤ 《9.18᠎ᠤ ᠬᠡᠷᠡᠭ ᠬᠤᠪᠢᠰᠤᠯ》᠎ᠤᠨ ᠦᠵᠡᠬᠦᠯᠭᠡ ᠵᠡᠷᠬᠡ ᠣᠯᠠᠨ ᠰᠤᠶᠤᠯ ᠲᠡᠤᠬᠡᠨ ᠬᠠᠭᠤᠳᠠᠰᠤ ᠳᠡᠯᠭᠡᠭᠡᠰᠦᠲᠠᠢ᠃
ᠠᠷᠪᠠᠨ ᠰᠠᠷ᠎ᠠ ᠵᠢᠨ ᠰᠡᠭᠦᠯᠴᠢ᠎ᠪᠠᠷ ᠠᠭ᠋ᠠᠷ ᠲᠡᠭᠷᠢ ᠴᠡᠯᠮᠡᠭᠰᠢᠵᠦ ᠶᠤᠰᠤᠳᠠᠢ ᠰᠤᠷᠤᠯᠴᠠᠵᠤ ᠰᠤᠳᠤᠯᠬᠤ᠎ᠳᠤ ᠳᠤᠬᠢᠷᠠᠭᠰᠠᠨ ᠴᠠᠭ ᠪᠠᠶ᠋ᠢᠵᠦ᠂ ᠠ᠋ᠨᠡ ᠭᠦ᠌ ᠳᠤᠬᠢᠶᠠᠯ ᠵᠶ᠋ᠠᠷ ᠤᠷᠳᠤᠰ ᠬᠤᠳᠠ ᠵᠢᠨ ᠰᠤᠷᠭ᠋ᠠᠨ ᠬᠦᠮᠦᠵᠢᠯ᠎ᠤᠨ ᠲᠤᠪᠴᠢᠶᠠᠨ᠎ᠤ ᠵᠤᠬᠢᠶᠠᠨ ᠪᠠᠶ᠋ᠢᠭᠤᠯᠤᠭᠰᠠᠨ 《ᠤᠷᠳᠤᠰ ᠬᠤᠳᠠ ᠵᠢᠨ ᠭᠤᠷᠪᠠᠳᠤᠭ᠋ᠠᠷ ᠬᠤᠭᠤᠴᠠᠭ᠋ᠠᠨ᠎ᠤ ᠰᠤᠷᠭ᠋ᠠᠭᠤᠯᠢ ᠵᠢᠨ ᠵᠠᠬᠢᠷᠤᠯ᠎ᠤᠨ ᠴᠢᠳᠠᠪᠤᠷᠢ ᠵᠢ ᠳᠡᠭᠡᠭᠰᠢᠯᠡᠭᠦᠯᠬᠦ ᠢᠨᠵᠧᠨᠧᠷᠢᠩ᠎ᠤᠨ ᠪᠤᠯᠪᠠᠰᠤᠷᠠᠯ᠎ᠤᠨ ᠠᠩᠭᠢ》᠎ᠨᠢ ᠮᠦᠭᠳᠡᠨ ᠬᠤᠳᠠᠨ᠎ᠳᠤ ᠠᠷᠪᠠ ᠶᠢᠰᠦᠨ᠎ᠤ ᠦᠷᠯᠦᠬᠡ᠎ᠠᠴᠠ ᠠ᠋ᠬᠢᠯᠡᠭᠰᠡᠨ ᠪᠢᠯᠡ᠃ ᠪᠤᠯᠪᠠᠰᠤᠷᠠᠯ᠎ᠤᠨ ᠳᠠᠷᠠᠭ᠎ᠠ᠂ ᠤᠯᠳᠤᠢ ᠨᠠᠳᠠ᠎ᠳᠤ ᠦᠯᠡᠮᠵᠢ ᠲᠦᠭᠦᠷᠡᠩ ᠰᠡᠳᠬᠢᠮᠵᠢ ᠲᠦᠷᠦᠭᠳᠡᠭᠰᠡᠨ ᠵᠶ᠋ᠠᠨ ᠡ᠊ᠨᠳᠠ ᠮᠦᠴᠢᠳ ᠰᠠᠢ᠍ᠢ᠍ᠷᠠᠭᠦᠯᠪᠡ᠃
ᠨᠢᠬᠡ᠂ ᠰᠤᠷᠭ᠋ᠠᠨ ᠬᠦᠮᠦᠵᠢᠯ᠎ᠤᠨ ᠤᠳᠤᠬᠠᠨ᠎ᠤ ᠪᠠᠢ᠍ᠢ᠍ᠳᠠᠯ
ᠤᠣᠯᠳᠤᠪᠠᠨ ᠰᠤᠷᠭ᠋ᠠᠨ ᠬᠦᠮᠦᠵᠢᠯ ᠪᠤᠯ 《ᠪᠢᠴᠢᠭ ᠵᠢᠭ᠋ᠠᠵᠤ ᠬᠦᠮᠦᠨ᠎ᠢ ᠬᠦᠮᠦᠵᠢᠬᠦᠯᠬᠦ》 ᠬᠡᠵᠦ ᠤᠷᠢᠶᠠᠯᠠᠵᠤ ᠪᠠᠶ᠋ᠢᠭᠰᠠᠨ ᠪᠤᠯ ᠤᠳᠤᠬᠠᠨ᠎ᠳᠤ 《ᠨᠤᠮ᠎ᠢ᠎ᠨᠢ ᠰᠤᠷᠬᠤ ᠦᠬᠡᠢ ᠴᠤ᠌᠂ ᠨᠤᠮᠤᠬᠠᠨ᠎ᠢ᠎ᠨᠢ ᠰᠤᠷ》 ᠬᠡᠭᠦ ᠤᠯᠠᠮᠵᠢᠯᠡᠯᠳᠤ ᠵᠢᠭ᠋ᠠᠨ ᠰᠤᠷᠭ᠋ᠠᠬᠤ ᠠᠷᠭ᠎ᠠ ᠵᠢ ᠭᠡᠷᠡᠭᠯᠡᠵᠦ ᠠ᠋ᠬᠢᠯᠡᠵᠡᠢ᠃ ᠤᠯᠠᠨ ᠵᠶ᠋ᠠᠷ ᠵᠶ᠋ᠠᠨ ᠵᠢᠭ᠋ᠠᠨ ᠰᠤᠷᠭ᠋ᠠᠯᠳᠠ᠎ᠳᠤ ᠦᠭᠡᠷᠡᠴᠢᠯᠡᠯᠲᠡ ᠠ᠋ᠷᠢᠯᠬᠢᠯᠡᠯ ᠬᠢᠵᠦ᠂ ᠰᠢᠨ᠎ᠠ ᠠᠬᠢᠯᠳᠠ ᠳᠠᠪᠰᠢᠯᠳᠠ ᠭᠠᠷᠭ᠋ᠠᠬᠤ᠎ᠪᠠᠷ ᠴᠢᠷᠮᠠᠢ᠍ᠢ᠍ᠬᠤ ᠪᠤᠯᠵᠠᠢ᠂ ᠳᠠᠷᠤᠢ ᠤᠷᠢᠳ ᠵᠶ᠋ᠠᠷ ᠬᠦᠮᠦᠨ᠎ᠢ ᠬᠦᠮᠦᠵᠢᠬᠦᠯᠵᠤ ᠳᠠᠷᠠᠭ᠎ᠠ᠎ᠨᠢ ᠰᠠᠶᠢ ᠪᠢᠴᠢᠭ ᠵᠢᠭ᠋ᠠᠬᠤ ᠪᠤᠯᠪᠠ᠃
ᠤᠳᠤᠬᠠᠨ᠎ᠳᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ ᠬᠢᠷᠢ ᠪᠦᠳᠦᠮᠵᠢ ᠵᠢ ᠠᠳᠠᠯᠢᠳᠬᠠᠨ ᠰᠤᠷᠤᠭᠴᠢᠳ᠎ᠤᠨ ᠳᠠᠷᠤᠭ᠋ᠠᠰᠤ ᠵᠢ ᠬᠦᠨᠳᠦᠷᠡᠬᠦᠯᠵᠦ ᠰᠢᠯᠭ᠋ᠠᠯᠳᠠ ᠵᠢ ᠠᠷᠭ᠋ᠠᠴᠠᠭ᠋ᠠᠳᠠᠬ ᠶᠠᠭᠤᠮ᠎ᠠ; ᠳᠤᠮᠳᠠᠳᠤ ᠰᠤᠷᠭ᠋ᠠᠭ᠋ᠠᠤᠯᠢᠨᠢ ᠬᠢᠴᠢᠶᠠᠯ ᠲᠦᠷᠦᠯ ᠬᠤᠪᠢᠶᠠᠭ᠋ᠠᠳ ᠪᠤᠰᠤᠳ᠎ᠲᠠᠢ ᠬᠤᠭᠤᠷᠤᠨᠳᠤ᠎ᠪᠠᠨ ᠠᠳᠠᠯᠢᠳᠬᠠᠨ ᠬᠤᠪᠢ᠎ᠪᠠᠷ ᠪᠠᠷᠢᠮᠵᠢᠶ᠎ᠠ ᠪᠤᠯᠭ᠋ᠠᠵᠤ ᠪᠠᠢ᠍ᠢ᠍ᠬᠤ; ᠦᠨᠳᠦᠷ ᠳᠤᠮᠳᠠ᠎ᠳᠤᠨᠢ ᠠᠮᠢ ᠲᠡᠮᠡᠴᠡᠨ ᠦᠭᠦᠨ ᠳᠠᠪᠳᠠᠭ᠍ᠤ ᠵᠢᠭ᠋ᠠᠨ ᠰᠤᠷᠭ᠋ᠠᠯᠳᠠ ᠪᠤᠯᠵᠤ ᠪᠠᠢ᠍ᠢ᠍ᠬᠤ; ᠶᠡᠭᠡ ᠰᠤᠷᠭ᠋ᠠᠭᠤᠯᠢ᠎ᠳᠤ ᠤᠷᠤᠪᠠᠯ ᠠ᠋ᠨᠡ ᠪᠡᠶ᠎ᠠ ᠴᠢᠯᠦᠭᠡᠯᠡᠭᠳᠡᠭᠰᠡᠨ ᠰᠢᠭ ᠰᠢᠯᠭ᠋ᠠᠯᠳᠡ᠎ᠳᠤ ᠬᠢᠷᠢ ᠲᠠᠩᠴᠠᠪᠠᠯ ᠪᠤᠯᠴᠢᠬᠠᠨ᠎ᠠ᠂ ᠦᠬᠦᠯᠡᠯ ᠵᠶ᠋ᠠᠨ ᠪᠢᠴᠢᠭᠡᠳ ᠪᠠᠷᠠᠴᠢᠬᠠᠪᠠᠯ ᠪᠤᠯᠴᠢᠬᠠᠨ᠎ᠠ ᠭᠡᠭᠦ ᠮᠡᠳᠦ ᠵᠢᠨ ᠦᠵᠡᠭᠳᠡᠯ᠎ᠤᠳ ᠢᠯᠠᠷᠠᠵᠦ ᠪᠠᠢ᠍ᠢ᠍ᠭ᠎ᠠ ᠵᠢ ᠠᠨᠭ᠌ᠬᠠᠷᠤᠨ ᠰᠡᠳᠬᠢᠭᠦᠰᠢᠳᠠᠢ ᠪᠠᠢ᠍ᠢ᠍ᠨ᠎ᠠ᠃
ᠬᠤᠶᠠᠷ᠂ ᠰᠤᠷᠭ᠋ᠠᠨ ᠬᠦᠮᠦᠵᠢᠯ᠎ᠤᠨ ᠦᠭᠡᠷᠡᠴᠢᠯᠠᠯᠳᠠ
ᠨᠡᠶ᠋ᠢᠬᠡᠮ ᠬᠦᠭᠵᠢᠨ ᠲᠠᠪᠰᠢᠬᠤ᠎ᠳᠤ ᠰᠤᠷᠭ᠋ᠠᠨ ᠬᠦᠮᠦᠵᠢᠯ ᠵᠢᠭ᠋ᠠᠨ ᠰᠤᠷᠭ᠋ᠠᠯᠳᠠ᠎ᠠᠴᠠ ᠰᠠᠯᠵᠦ ᠴᠢᠳᠠᠬᠤ ᠦᠬᠡᠢ᠃ ᠨᠠᠢ᠍ᠢ᠍ᠭᠡᠮ ᠭᠦᠭᠵᠢᠭᠦ ᠵᠢ ᠲᠠᠭ᠋ᠠᠯᠳᠤᠨ ᠰᠤᠷᠭ᠋ᠠᠨ ᠭᠦᠮᠦᠵᠢᠯ ᠴᠦ᠍ ᠭᠦᠭᠵᠢᠭᠦ ᠬᠡᠷᠡᠭᠳᠡᠢ᠃ ᠦᠭᠡᠷ᠎ᠡ᠎ᠪᠠᠷ ᠭᠡᠯᠡᠪᠡᠯ᠂ ᠰᠤᠷᠭ᠋ᠠᠨ ᠭᠦᠮᠦᠵᠢᠯ᠎ᠳᠤ ᠦᠭᠡᠷᠡᠴᠢᠯᠡᠯᠲᠡ ᠬᠢᠭᠦ ᠭᠡᠷᠡᠭᠳᠠᠢ᠃ ᠢᠩᠬᠢᠬᠡᠳ ᠰᠢᠨ᠎ᠠ ᠬᠢᠴᠢᠶᠡᠯ᠎ᠤᠨ ᠦᠬᠡᠷᠡᠴᠢᠯᠡᠯᠳᠡ ᠦᠷᠨᠢᠵᠦ ᠤᠯᠠᠨ ᠵᠦᠢ᠍ᠯ᠎ᠤᠨ ᠦᠭᠡᠷᠡᠴᠢᠯᠡᠯᠲᠡ ᠵᠢᠨ ᠠᠷᠭ᠎ᠠ ᠭᠠᠷᠴᠤ ᠢᠷᠡᠭᠰᠡᠨ᠎ᠨᠢ ᠮᠡᠳᠡᠳᠡᠭᠲᠤᠨᠢ ᠮᠡᠷᠬᠡᠨ ᠴᠤᠬᠤᠷ᠂ ᠮᠡᠳᠡᠳᠡᠭ ᠦᠬᠡᠢ᠎ᠳᠤᠨᠢ ᠠ᠋ᠷᠢᠶᠡᠨ ᠴᠤᠬᠤᠷ ᠪᠤᠯᠵᠦ ᠪᠤᠢ᠃ ᠨᠢᠭᠡᠨ ᠦᠶ᠎ᠡ᠂ ᠰᠤᠷᠭ᠋ᠠᠨ ᠬᠦᠮᠦᠵᠢᠯ᠎ᠨᠢ ᠳᠤᠩᠭᠤᠷᠤᠭᠰᠠᠨ ᠮᠠᠶᠢᠭ᠎ᠤᠨ ᠵᠢᠭ᠋ᠠᠨ ᠰᠤᠷᠭ᠋ᠠᠯᠳᠠ ᠪᠤᠯᠵᠤ᠂ ᠶᠤᠰᠤ ᠰᠤᠷᠲᠠᠭ᠍ᠤᠨ ᠵᠶ᠋ᠠᠷ ᠰᠠᠭᠤᠷᠢᠯᠠᠵᠤ᠂ ᠪᠠᠭ᠎ᠠ ᠰᠤᠷᠭ᠋ᠠᠭᠤᠯᠢ᠎ᠳᠤ ᠰᠡᠯᠡᠬᠦᠦ ᠪᠠᠶ᠋ᠢᠪᠠᠯ ᠵᠤᠬᠢᠰᠳᠠᠢ ᠪᠠᠶ᠋ᠢᠬᠤ᠎ᠳᠤ ᠬᠠᠷᠢᠨ ᠪᠠᠭ᠎ᠠ ᠰᠤᠷᠭ᠋ᠠᠭᠤᠯᠢ᠎ᠳᠤ ᠮᠡᠳᠡᠬᠦ ᠮᠡᠳᠡᠬᠦ ᠦᠭᠡᠢ᠎ᠲᠠᠢ ᠴᠢᠬᠢᠵᠦ ᠳᠦᠬᠦᠷᠬᠡᠬᠡᠳ᠂ ᠰᠤᠷᠴᠤ ᠰᠤᠳᠤᠯᠪᠠᠯ ᠵᠤᠬᠢᠰᠳᠠᠢ ᠪᠠᠢ᠍ᠢ᠍ᠬᠤ ᠶᠡᠭᠡ ᠰᠤᠷᠭ᠋ᠠᠭᠤᠯᠢ ᠵᠢ ᠰᠡᠯᠡᠬᠦᠦ ᠪᠤᠯᠭ᠋ᠠᠭᠰᠠᠨ ᠪᠠᠶ᠋ᠢᠨ᠎ᠠ᠃
ᠣᠯᠣᠰ ᠲᠠᠶᠠᠭ᠋ᠠᠷ ᠰᠤᠷᠭ᠋ᠠᠨ ᠬᠦᠮᠦᠵᠢᠯ ᠵᠢᠭ᠋ᠠᠨ ᠰᠤᠷᠭ᠋ᠠᠯᠳᠠ ᠵᠢᠨ ᠦᠬᠡᠷᠡᠴᠢᠯᠡᠯᠳᠡ ᠬᠢᠭᠰᠡᠨ ᠴᠣ᠌ ᠭᠡᠰᠡᠭ ᠭᠠᠵᠠᠷ ᠤᠷᠤᠨ ᠮᠦᠨ ᠤᠤᠯ᠎ᠤᠨ ᠠᠳᠠᠯᠢ ᠶᠠᠮᠠᠷ᠎ᠴᠤ ᠬᠤᠪᠢᠷᠠᠯᠳᠠ ᠭᠠᠷᠤᠭᠰᠠᠨ ᠦᠬᠡᠢ᠃ ᠠ᠋ᠬᠦᠨ᠎ᠠᠴᠠ ᠦᠵᠡᠵᠦ ᠭᠠᠷᠬᠤ᠎ᠨᠢ ᠰᠤᠷᠭ᠋ᠠᠨ ᠬᠦᠮᠦᠵᠢᠯ᠎ᠤᠨ ᠦᠢ᠍ᠯᠡᠰ ᠵᠠᠷᠢᠮ ᠦᠶᠡᠰ ᠤᠮᠳᠤᠭ᠋ᠠᠢ᠍ᠢ᠍ᠯᠠᠭᠳᠠᠵᠤ ᠪᠠᠶ᠋ᠢᠨ᠎ᠠ᠃ ᠦᠨᠡᠨ᠎ᠳᠤ᠎ᠪᠠᠨ ᠰᠤᠷᠭ᠋ᠠᠨ ᠬᠦᠮᠦᠵᠢᠯ᠎ᠨᠢ ᠤᠯᠤᠰ᠎ᠤᠨ ᠢᠷᠡᠭᠡᠳᠦᠢ᠎ᠲᠠᠢ ᠰᠢᠭᠤᠳ ᠬᠤᠯᠪᠤᠭᠳᠠᠨ᠎ᠠ᠃
ᠭᠤᠷᠪᠠ᠂ ᠪᠠᠭᠰᠢ ᠵᠢᠨ ᠠ᠋ᠩᠨᠡᠭᠡ ᠪᠤᠶᠤ ᠰᠤᠷᠭ᠋ᠠᠭᠤᠯᠢ ᠵᠢᠨ ᠪᠦᠳᠦᠭᠡᠨ ᠪᠠᠶ᠋ᠢᠭᠤᠯᠤᠯᠳᠠ
ᠨᠢᠬᠡ ᠰᠠᠶ᠋ᠢᠨ ᠵᠠᠬᠢᠷᠤᠯ᠎ᠤᠨ ᠠᠷᠤ᠎ᠳᠤ ᠨᠢᠬᠡ ᠪᠦᠯᠦᠭ ᠰᠢᠯᠢᠳᠡᠭ ᠪᠠᠭᠰᠢ ᠨᠠᠷ᠎ᠤᠨ ᠠ᠋ᠩᠨᠡᠭᠡ ᠪᠠᠢ᠍ᠢ᠍ᠵᠤ᠂ ᠪᠠᠭᠰᠢ ᠨᠠᠷ᠎ᠤᠨ ᠬᠠᠮᠳᠤ ᠵᠢᠨ ᠠ᠋ᠨᠧᠷᠬᠢᠪᠠᠷ ᠪᠦᠷᠢᠯᠳᠦᠭᠰᠡᠨ ᠵᠢᠭ᠋ᠠᠨ ᠰᠤᠷᠭ᠋ᠠᠯᠳᠠ ᠵᠢᠨ ᠵᠤᠬᠢᠶᠠᠨ ᠪᠠᠶ᠋ᠢᠭᠤᠯᠤᠯᠳᠠ ᠪᠠᠶ᠋ᠢᠬᠤ᠎ᠨᠢ ᠵᠦᠢ᠍ᠳᠠᠢ ᠶᠤᠮ᠃ ᠠ᠋ᠳᠦᠭᠡ ᠪᠠᠭᠰᠢ ᠵᠢᠨ ᠠ᠋ᠩᠨᠡᠭᠡᠨ᠎ᠤ ᠵᠤᠬᠢᠶᠨᠨ ᠪᠠᠶ᠋ᠢᠭᠤᠯᠤᠯᠳᠠ ᠵᠢᠨ ᠳᠠᠯᠠᠳᠤ ᠤᠯᠤᠰ ᠤᠷᠤᠨ᠎ᠤ᠎ᠬᠢᠨ ᠢᠳᠡᠪᠬᠢᠳᠠᠢ ᠬᠦᠴᠦᠯᠡᠴᠡ ᠪᠠ ᠠᠷᠭ᠎ᠠ ᠬᠡᠮᠵᠢᠶ᠎ᠡ ᠠᠪᠴᠤ ᠪᠠᠢ᠍ᠢ᠍ᠨ᠎ᠠ᠃ ᠭᠡᠪᠡᠴᠦ ᠪᠠᠭᠰᠢ ᠵᠢᠨ ᠪᠤᠯᠪᠠᠰᠤᠷᠠᠯ᠎ᠨᠢ ᠵᠠᠷᠢᠮ ᠦᠶᠡᠰ ᠪᠠᠭᠰᠢ ᠨᠠᠷ᠎ᠤᠨ ᠪᠠᠷᠠᠭᠤᠨ ᠴᠢᠬᠢ᠎ᠪᠠᠷ ᠤᠷᠤᠭ᠋ᠠᠳ ᠵᠡᠬᠦᠨ ᠴᠢᠬᠢ᠎ᠪᠠᠷ ᠭᠠᠷᠴᠤ ᠪᠤᠢ᠃ ᠪᠠᠭᠰᠢ ᠨᠠᠷ ᠪᠤᠯᠪᠠᠰᠤᠷᠠᠯ᠎ᠳᠤ ᠤᠷᠤᠯᠴᠠᠬᠤ ᠳᠤᠷ᠎ᠠ ᠰᠤᠨᠢᠷᠬᠠᠯ ᠠᠨᠠᠢ᠂ ᠪᠤᠯᠪᠠᠰᠤᠷᠠᠯ᠎ᠨᠢ ᠪᠠᠭᠰᠢ ᠨᠠᠷ᠎ᠤᠨ ᠤᠶᠤᠨ ᠲᠠᠷᠢᠬᠢ ᠵᠢ ᠬᠦᠳᠡᠯᠬᠡᠵᠦ ᠴᠢᠳᠠᠬᠤ ᠦᠭᠡᠢ ᠦᠵᠡᠭᠳᠡᠯ ᠴᠦ᠍ ᠪᠠᠢ᠍ᠢ᠍ᠨ᠎ᠠ᠃ ᠪᠤᠯᠪᠠᠰᠤᠷᠠᠯ᠎ᠤᠨ ᠠᠭᠤᠯᠭ᠎ᠠ᠎ᠨᠢ ᠵᠤᠬᠢᠰ ᠦᠭᠡᠢ ᠪᠤᠶᠤ ᠪᠠᠭᠰᠢ ᠨᠠᠷ ᠬᠤᠶ᠋ᠢᠷᠭᠤᠰᠢᠭᠰᠠᠨ ᠪᠠᠶ᠋ᠢᠳᠠᠯ᠎ᠳᠤ ᠤᠷᠤᠭ᠋ᠠᠳ ᠪᠠᠶ᠋ᠢᠭ᠎ᠠ᠃ ᠰᠤᠷᠤᠯᠴᠠᠭᠰᠠᠨ ᠪᠤᠯᠪᠠᠴᠤ ᠲᠡᠮᠳᠡᠭᠯᠡᠯ ᠦᠬᠡᠢ᠂ ᠤᠯᠤᠯᠳᠠ ᠲᠦᠷᠦᠭᠳᠡᠯ ᠦᠬᠡᠢ᠂ ᠪᠠᠭᠰᠢ ᠨᠠᠷ᠎ᠤᠨ ᠨᠠᠰᠤᠨ ᠳᠤᠷᠰᠢᠳᠠ ᠰᠤᠷᠤᠯᠴᠠᠭ᠍ᠤ᠎ᠪᠠᠨ ᠲᠠᠭ ᠤᠮᠠᠷᠳᠠᠭᠰᠠᠨ ᠪᠠᠶ᠋ᠢᠳᠠᠭ᠃ ᠪᠠᠭᠰᠢ ᠨᠠᠷ ᠠ᠋ᠷᠬᠡᠪᠰᠢ ᠦᠪᠡᠷ᠎ᠤᠨ ᠪᠡᠶ᠎ᠡ᠎ᠪᠠᠨ ᠵᠡᠪᠰᠡᠭᠯᠡᠬᠦ ᠬᠡᠷᠡᠭᠳᠡᠢ᠃ ᠪᠠᠶ᠋ᠢᠯᠳᠤᠭ᠋ᠠᠨ᠎ᠳᠤ ᠢᠯᠠᠭᠳᠠᠰᠢ ᠦᠬᠡᠢ ᠪᠠᠭ᠋ᠠᠲᠣᠷ ᠵᠤᠷᠢᠭᠳᠠᠨ ᠪᠤᠯ ᠪᠦᠷ ᠯᠠ ᠪᠤᠰᠤᠳ᠎ᠠᠴᠠ ᠳᠤᠪᠤᠶ᠋ᠢᠬᠰᠠᠨ ᠴᠢᠳᠠᠪᠤᠷᠢ᠎ᠲᠠᠢ ᠪᠠᠶ᠋ᠢᠳᠠᠭ᠃ ᠪᠡᠶ᠎ᠡ᠎ᠪᠠᠨ ᠵᠠᠰᠠᠵᠦ ᠴᠢᠳᠠᠪᠠᠯ ᠪᠤᠰᠤᠳ᠎ᠢ ᠵᠠᠰᠠᠵᠦ ᠴᠢᠳᠠᠨ᠎ᠠ᠃
ᠰᠤᠷᠭ᠋ᠠᠭᠤᠯᠢ᠎ᠨᠢ ᠪᠠᠭᠰᠢ ᠨᠠᠷ᠎ᠤᠨ ᠠᠵᠢᠯ ᠠᠮᠢᠳᠤᠷᠠᠯ᠎ᠤᠨ ᠰᠠᠭᠤᠷᠢᠨ ᠪᠤᠯᠤᠭᠰᠠᠨ᠎ᠤ ᠬᠤᠪᠢ᠎ᠳᠤ ᠠ᠋ᠯᠳᠡᠪ ᠵᠦᠢ᠍ᠯ᠎ᠤᠨ ᠨᠦᠬᠦᠴᠠᠯ ᠪᠤᠯᠤᠯᠴᠠᠭ᠎ᠠ ᠲᠤᠨᠤᠬ ᠲᠦᠭᠦᠭᠡᠷᠤᠮᠵᠢ ᠪᠦᠷᠢᠨ ᠭᠦᠢ᠍ᠴᠡᠳ ᠪᠠᠶ᠋ᠢᠯᠭ᠋ᠠᠪᠠᠯ ᠵᠤᠬᠢᠨ᠎ᠠ᠃ ᠰᠤᠷᠭ᠋ᠠᠭᠤᠯᠢ ᠵᠢᠨ ᠨᠦᠬᠦᠴᠡᠯ ᠪᠤᠯᠤᠯᠴᠠᠭ᠎ᠠ ᠵᠢ ᠤᠷᠴᠢᠮ᠎ᠤᠨ ᠵᠢᠯ᠎ᠠᠴᠠ ᠠ᠋ᠬᠢᠯᠡᠨ ᠲᠤᠶ᠋ᠢᠯ ᠵᠶ᠋ᠠᠷ ᠴᠢᠬᠤᠯᠠᠴᠢᠯᠠᠨ ᠦᠵᠡᠵᠦ᠂ ᠲᠡᠨᠭᠴᠡᠭᠦᠷᠢᠳᠠᠢ ᠬᠦᠭᠵᠢᠯᠳᠡ ᠵᠢᠨ ᠠᠵᠢᠯ᠎ᠢ ᠢᠳᠡᠪᠬᠢᠳᠡᠢ ᠬᠢᠵᠦ ᠪᠦᠬᠦ ᠤᠯᠤᠰ᠎ᠤᠨ ᠰᠤᠷᠭ᠋ᠠᠭᠤᠯᠢ ᠵᠢᠨ ᠪᠦᠳᠦᠭᠡᠨ ᠪᠠᠶ᠋ᠢᠭᠤᠯᠤᠯᠳᠠ ᠵᠢᠨ ᠠᠵᠢᠯ᠎ᠢ ᠴᠢᠨᠠᠷᠵᠢᠭᠤᠯᠵᠤ ᠪᠠᠶ᠋ᠢᠨ᠎ᠠ᠃
《ᠬᠦᠮᠦᠨ ᠪᠣᠯᠬᠤ ᠪᠠᠭ᠎ᠠ᠎ᠠᠴᠠ᠎ᠪᠠᠨ᠂ ᠬᠦᠯᠦᠭ ᠪᠤᠯᠬᠤ ᠤᠨᠠᠭ᠋ᠠᠨ᠎ᠠᠴᠠ᠎ᠪᠠᠨ》 ᠬᠡᠵᠦ ᠭᠡᠷ᠎ᠤᠨ ᠠᠬᠠᠮᠠᠳ᠎ᠨᠢ ᠬᠡᠣᠬᠡᠳ᠎ᠲᠤ᠎ᠪᠠᠨ ᠠᠩᠬᠠᠨ᠎ᠤ ᠪᠠᠭᠰᠢ ᠪᠤᠯᠵᠦ ᠬᠦᠮᠦᠨ ᠪᠤᠯᠬᠤ ᠵᠢᠨ ᠤᠳᠬ᠎ᠠ ᠤᠬᠠᠭ᠋ᠠᠨ᠎ᠢ ᠲᠠᠨᠢᠭᠤᠯᠵᠤ ᠪᠠᠶ᠋ᠢᠳᠠᠭ᠃ ᠪᠢᠳᠡ ᠭᠡᠷ᠎ᠤᠨ ᠬᠦᠮᠦᠵᠢᠯ᠎ᠢ ᠤᠮᠳᠤᠭ᠋ᠠᠶ᠋ᠢᠯᠠᠵᠤ ᠪᠤᠯᠬᠤ ᠦᠬᠡᠢ ᠠᠪᠤ ᠡᠵᠢ ᠵᠢᠨ ᠰᠤᠷᠭ᠋ᠠᠯ ᠬᠠᠮᠤᠭ᠎ᠤᠨ ᠴᠢᠬᠤᠯᠠ᠂ ᠭᠡᠷ᠎ᠤᠨ ᠬᠦᠮᠦᠵᠢᠯ ᠶᠠᠭᠤᠨ᠎ᠠᠴᠠ ᠴᠣ᠌ ᠠ᠋ᠷᠬᠢᠮ ᠨᠠᠨᠳᠢᠨ ᠶᠤᠮ᠃
ᠤᠯᠤᠰ ᠤᠷᠤᠨ᠂ ᠨᠡᠶ᠋ᠢᠬᠡᠮ ᠠᠬᠤᠢ ᠵᠢᠨ ᠦᠷᠨᠢᠨ ᠬᠦᠭᠵᠢᠯᠲᠡ ᠵᠢ ᠳᠠᠭ᠋ᠠᠯᠳᠤᠨ ᠰᠤᠷᠭ᠋ᠠᠨ ᠬᠦᠮᠦᠵᠢᠯ ᠶᠡᠭᠡ ᠬᠤᠪᠢᠷᠠᠯᠳᠠ᠎ᠲᠠᠢ ᠪᠤᠯᠵᠤ ᠪᠠᠶ᠋ᠢᠨ᠎ᠠ᠃ ᠠ᠋ᠨᠡ ᠭᠦ᠌ ᠴᠠᠭ ᠦᠶ᠎ᠡ᠎ᠳᠤ ᠪᠠᠭᠰᠢ᠂ ᠭᠡᠷ᠎ᠤᠨ ᠠᠬᠠᠮᠠᠳ ᠪᠠ ᠰᠤᠷᠭ᠋ᠠᠭᠤᠯᠢ ᠰᠠᠳᠬᠢᠯ ᠵᠶ᠋ᠠᠨ ᠨᠢᠭᠡᠳᠭᠡᠨ ᠭᠡᠤᠭᠡᠳ᠎ᠤᠳ᠎ᠢ ᠭᠦᠮᠦᠵᠢᠭᠦᠯᠭᠦ ᠴᠢᠬᠤᠯᠠᠳᠠᠢ᠃ ᠤᠯᠣᠰ ᠦᠨᠳᠦᠰᠦᠲᠡᠨ᠎ᠤ ᠢᠷᠡᠬᠡᠳᠦᠢ ᠪᠤᠯ ᠪᠠᠭᠰᠢ ᠨᠠᠷ᠎ᠤᠨ ᠬᠦᠴᠦ ᠬᠦᠯᠦᠰᠦ᠎ᠠᠴᠠ ᠰᠠᠯᠵᠤ ᠪᠤᠯᠤᠰᠢ ᠦᠬᠡᠢ᠃ ᠨᠠᠶ᠋ᠢᠬᠡᠮ᠎ᠤᠨ ᠬᠦᠭᠵᠢᠯᠳᠡ ᠵᠢ ᠳᠠᠭ᠋ᠠᠭ᠋ᠠᠳ ᠭᠡᠷ ᠪᠦᠯᠢ᠂ ᠰᠤᠷᠭ᠋ᠠᠭᠤᠯᠢ᠂ ᠨᠡᠶ᠋ᠢᠬᠡᠮ᠎ᠤᠨ ᠬᠠᠷᠢᠴᠠᠭ᠎ᠠ ᠵᠢ ᠨᠢᠭᠳᠠᠷᠠᠭᠤᠯᠵᠤ᠂ ᠰᠤᠷᠤᠭᠴᠢ᠂ ᠪᠠᠭᠰᠢ᠂ ᠭᠡᠷ᠎ᠤᠨ ᠠᠬᠠᠮᠠᠳ᠎ᠤᠨ ᠬᠤᠷᠰᠢᠯᠴᠠᠭ᠎ᠠ ᠳᠤᠮᠳᠠ᠎ᠠᠴᠠ ᠬᠠᠮᠳᠤ᠎ᠪᠠᠷ ᠳᠠᠪᠰᠢᠬᠤ ᠵᠦᠪ ᠰᠤᠩᠭᠤᠯᠳᠠ ᠵᠢ ᠬᠢᠬᠦ ᠬᠡᠷᠡᠭᠳᠠᠢ᠃
ᠰᠤᠷᠭ᠋ᠠᠨ ᠬᠦᠮᠦᠵᠢᠯ ᠪᠤᠯ ᠮᠦᠩᠬᠡ ᠨᠤᠭᠤᠭ᠋ᠠᠨ ᠨᠠᠷᠠᠰᠤ ᠮᠦᠨ᠃ ᠭᠡᠳᠡᠯ᠎ᠡ ᠲᠠᠷᠠ᠎ᠨᠢ ᠴᠠᠭ ᠦᠶ᠎ᠡ ᠵᠢ ᠳᠠᠭ᠋ᠠᠭ᠋ᠠᠳ ᠬᠤᠪᠢᠷᠠᠯᠳᠠ ᠭᠠᠷᠳᠠᠭ᠂ ᠨᠡᠶ᠋ᠢᠬᠡᠮ᠎ᠤᠨ ᠬᠦᠭᠵᠢᠯᠳᠡ ᠪᠤᠯ ᠬᠦᠮᠦᠨ᠎ᠢ ᠬᠦᠯᠢᠶᠡᠳᠡᠭ ᠦᠬᠡᠢ ᠬᠠᠷᠢᠨ ᠤᠯᠠᠮ ᠴᠠᠭ᠋ᠠᠰᠢᠳᠠ ᠬᠦᠭᠵᠢᠨ ᠪᠤᠵᠠᠭ᠋ᠠᠶ᠋ᠢᠷᠠᠵᠤ ᠪᠠᠶ᠋ᠢᠳᠠᠭ ᠶᠤᠮ᠃ ᠠ᠋ᠢ᠍ᠢ᠍ᠮᠦ᠎ᠠᠴᠠ ᠰᠤᠷᠭ᠋ᠠᠭᠤᠯᠢ᠂ ᠭᠡᠷ᠎ᠤᠨ ᠠᠬᠠᠮᠠᠳ ᠬᠠᠮᠳᠤᠷᠠᠯᠴᠠᠨ᠂ ᠴᠠᠭ ᠦᠶ᠎ᠡ ᠵᠢᠨ ᠦᠷᠨᠢᠯ ᠭᠦᠭᠵᠢᠯ᠎ᠲᠠᠢ ᠤᠶᠠᠯᠳᠤᠨ ᠰᠤᠷᠭ᠋ᠠᠨ ᠭᠦᠮᠦᠵᠢᠯ᠎ᠤᠨ ᠦᠢ᠍ᠯᠡᠰ᠎ᠲᠤ ᠭᠦᠴᠦᠨ ᠵᠶ᠋ᠠᠨ ᠠ᠋ᠷᠭᠦᠪᠡᠯ ᠵᠤᠬᠢᠨ᠎ᠠ᠃
ᠬᠠᠶᠢᠬ᠄ ᠦᠤᠰᠢᠨ ᠬᠤᠰᠢᠭᠤᠨ᠎ᠤ ᠮᠤᠩᠭᠤᠯ ᠳᠤᠷᠰᠢᠯᠲᠠ ᠵᠢᠨ ᠪᠠᠭ᠎ᠠ ᠰᠤᠷᠭ᠋ᠠᠭᠤᠯᠢ
(ᠠ᠋ᠾᠤᠢ᠍ᠩ ᠮᠸᠢ ᠨᠠᠢ᠍ᠢ᠍ᠷᠠᠭᠤᠯᠪᠠ)
8 ᠳ᠋ᠤᠭ᠋ᠠᠷ ᠬᠤᠭᠤᠴᠠᠭ᠎ᠠ