ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠴᠠᠭ᠋ᠠᠨ ᠨᠣᠭᠤᠭ᠎ᠠ ᠵᠢᠨ ᠪᠠᠺᠲ᠋ᠧᠷᠢ ᠵᠢᠨ ᠴᠥᠮ᠎ᠡ ᠵᠢᠨ ᠡᠪᠡᠳᠴᠢᠨ᠎ᠢ ᠰᠡᠷᠭᠡᠶ᠋ᠢᠯᠡᠨ ᠵᠠᠰᠠᠬᠤ
ᠨᠡᠶ᠋ᠢᠲᠡᠯᠡᠭᠰᠡᠨ ᠴᠠᠭ᠄ 2024-03-18

 

    ᠴᠠᠭ᠋ᠠᠨ ᠨᠣᠭᠤᠭ᠎ᠠ ᠵᠢᠨ ᠪᠠᠺᠲ᠋ᠧᠷᠢ ᠵᠢᠨ ᠴᠥᠮ᠎ᠡ ᠵᠢᠨ ᠡᠪᠡᠳᠴᠢᠨ ᠪᠣᠯ ᠴᠥᠮ᠎ᠡ ᠵᠢᠨ ᠲᠠᠪᠠᠭᠲᠤ ᠪᠠᠺᠲ᠋ᠧᠷᠢ᠎ᠠᠴᠠ ᠡᠭᠦᠰᠦᠭᠰᠡᠨ᠂ ᠴᠠᠭ᠋ᠠᠨ ᠨᠣᠭᠤᠭ᠎ᠠ ᠵᠢᠨ ᠡᠪᠡᠳᠴᠢᠨ᠎ᠤ ᠬᠥᠨᠥᠭᠡᠯ ᠪᠣᠯᠣᠨ᠎ᠠ᠃ ᠡᠪᠡᠳᠴᠢᠨ᠎ᠤ ᠪᠠᠺᠲ᠋ᠧᠷᠢ᠎ᠨᠢ ᠭᠤᠣᠯᠳᠠᠭᠤ ᠪᠠᠺᠲ᠋ᠧᠷᠢ ᠵᠢᠨ ᠴᠥᠮ᠎ᠡ᠎ᠪᠠᠷ ᠬᠥᠷᠥᠰᠥᠨ᠎ᠳᠤ ᠬᠤᠯᠢᠯᠳᠤᠬᠤ ᠪᠤᠶᠤ ᠦᠷ᠎ᠡ ᠲᠡᠭᠦᠬᠦ ᠰᠠᠭᠤᠷᠢ ᠳᠡᠭᠡᠷ᠎ᠡ ᠨᠠᠭ᠋ᠠᠯᠳᠤᠨ ᠦᠷ᠎ᠡ ᠵᠢᠨ ᠬᠤᠭᠤᠷᠣᠨᠳᠤ ᠢᠴᠡᠭᠡᠯᠡᠨ ᠡᠪᠦᠯ ᠵᠤᠨ᠎ᠤ ᠤᠯᠠᠷᠢᠯ᠎ᠢ ᠥᠩᠭᠡᠷᠡᠭᠡᠳᠡᠭ᠂ ᠬᠠᠪᠤᠷ᠂ ᠨᠠᠮᠤᠷ᠎ᠤᠨ ᠤᠯᠠᠷᠢᠯ᠎ᠳᠤ ᠪᠣᠷᠣᠭ᠋ᠠᠨ ᠠᠷᠪᠢᠨ᠂ ᠴᠢᠭᠢᠭᠯᠢᠭ᠂ ᠡᠪᠡᠳᠴᠢᠨ᠎ᠤ ᠪᠠᠺᠲ᠋ᠧᠷᠢ ᠠᠭ᠋ᠠᠷ᠎ᠤᠨ ᠤᠷᠤᠰᠬᠠᠯ ᠵᠶ᠋ᠠᠷ ᠲᠠᠷᠬᠠᠵᠤ᠂ ᠥᠲᠡᠯᠦᠭᠰᠡᠨ ᠨᠠᠪᠴᠢᠨ᠎ᠤ ᠢᠯᠲᠠᠰᠤᠨ᠎ᠳᠤ ᠬᠠᠯᠳᠠᠪᠤᠷᠢᠯᠠᠨ ᠡᠪᠡᠳᠴᠢᠯᠡᠭᠦᠯᠳᠡᠭ᠂ ᠰᠡᠭᠦᠯᠴᠢ ᠵᠢᠨ ᠦᠶ᠎ᠡ᠎ᠳᠤ ᠡᠪᠡᠳᠴᠢᠯᠡᠭᠰᠡᠨ ᠭᠡᠰᠡᠭ᠎ᠠᠴᠠ ᠪᠠᠺᠲ᠋ᠧᠷᠢ ᠵᠢᠨ ᠰᠢᠷᠬᠡᠭ ᠪᠠ ᠪᠠᠺᠲ᠋ᠧᠷᠢ ᠵᠢᠨ ᠴᠦᠮ᠎ᠡ ᠤᠷᠭᠤᠵᠤ᠂ ᠲᠠᠷᠢᠶᠠᠨ᠎ᠳᠤ ᠭᠤᠣᠯᠳᠠᠭᠤ ᠪᠠᠺᠲ᠋ᠧᠷᠢ ᠵᠢᠨ ᠰᠢᠷᠬᠡᠭ᠎ᠨᠢ ᠡᠪᠡᠳᠴᠢᠨ᠎ᠤ ᠡᠷᠡᠭᠦᠯ ᠰᠠᠭᠤᠷᠢ ᠪᠤᠶᠤ ᠡᠪᠡᠳᠴᠢᠨ᠎ᠤ ᠡᠷᠡᠭᠦᠯ ᠨᠡᠬᠡᠳᠡᠰᠦ᠎ᠲᠠᠢ ᠬᠦᠷᠦᠯᠴᠡᠬᠦ᠎ᠪᠠᠷ ᠳᠠᠮᠵᠢᠨ ᠳᠠᠬᠢᠨ ᠬᠠᠯᠳᠠᠪᠤᠷᠢᠯᠠᠨ ᠤᠷᠭᠤᠵᠤ᠂ ᠥᠰᠦᠯᠲᠡ ᠵᠢᠨ ᠰᠡᠭᠦᠯᠴᠢ ᠵᠢᠨ ᠬᠤᠭᠤᠴᠠᠭ᠋ᠠᠨ᠎ᠳᠤ ᠪᠠᠺᠲ᠋ᠧᠷᠢ ᠵᠢᠨ ᠴᠦᠮ᠎ᠡ ᠪᠣᠯᠵᠤ ᠡᠪᠦᠯᠵᠢᠳᠡᠭ᠃ ᠪᠠᠺᠲ᠋ᠧᠷᠢ ᠵᠢᠨ ᠴᠥᠮ᠎ᠡ ᠵᠢᠨ ᠡᠪᠡᠳᠴᠢᠨ ᠳᠤᠮᠳᠠᠳᠤ ᠤᠯᠤᠰ᠎ᠤᠨ ᠡᠯ᠎ᠡ ᠭᠠᠵᠠᠷ᠎ᠲᠤ ᠪᠦᠷ ᠡᠭᠦᠰᠴᠦ᠂ ᠡᠪᠡᠳᠴᠢᠯᠡᠬᠦ ᠨᠣᠷᠮ᠎ᠠ᠎ᠨᠢ 10-30%᠎ᠳᠤ ᠬᠦᠷᠴᠦ᠂ ᠥᠨᠳᠥᠷ᠎ᠨᠢ 80%᠎ᠠᠴᠠ ᠳᠡᠭᠡᠭᠰᠢ ᠪᠠᠶ᠋ᠢᠳᠠᠭ᠃ ᠴᠠᠭ᠋ᠠᠨ ᠨᠣᠭᠤᠭ᠎ᠠ ᠵᠢᠨ ᠪᠠᠺᠲ᠋ᠧᠷᠢ ᠵᠢᠨ ᠴᠥᠮ᠎ᠡ ᠵᠢᠨ ᠡᠪᠡᠳᠴᠢᠨ᠎ᠤ ᠬᠥᠨᠥᠭᠡᠯ᠎ᠳᠤ ᠤᠴᠠᠷᠠᠭᠰᠠᠨ ᠴᠠᠭ᠋ᠠᠨ ᠨᠣᠭᠤᠭ᠎ᠠ ᠵᠢᠨ ᠭᠠᠷᠤᠯᠲᠠ᠎ᠨᠢ ᠶᠡᠷᠦ᠎ᠳᠡᠭᠡᠨ 10%᠎ᠠᠴᠠ ᠳᠡᠭᠡᠭᠰᠢ ᠬᠠᠰᠤᠭᠳᠠᠵᠤ᠂ ᠬᠦᠨᠳᠦ ᠨᠣᠴᠢᠲᠠᠢ᠎ᠨᠢ 30%᠎ᠠᠴᠠ 50%᠎ᠳᠤ ᠬᠦᠷᠴᠦ᠂ ᠴᠢᠨᠠᠭᠰᠢᠯᠠᠪᠠᠯ ᠭᠠᠷᠤᠯᠲᠠ᠎ᠨᠢ ᠲᠠᠰᠤᠷᠠᠭ᠋ᠠᠳ᠂ ᠴᠠᠭ᠋ᠠᠨ ᠨᠣᠭᠤᠭ᠎ᠠ ᠵᠢᠨ ᠭᠠᠷᠤᠯᠲᠠ ᠪᠠ ᠶᠠᠰᠤ ᠴᠢᠨᠠᠷ᠎ᠢ ᠬᠦᠨᠳᠦ ᠨᠣᠴᠢᠲᠠᠢ ᠨᠦᠯᠦᠭᠡᠯᠡᠳᠡᠭ ᠪᠠᠶ᠋ᠢᠨ᠎ᠠ᠃ ᠨᠢᠭᠡ᠂ ᠴᠠᠭ᠋ᠠᠨ ᠨᠣᠭᠤᠭ᠎ᠠ ᠵᠢᠨ ᠪᠠᠺᠲ᠋ᠧᠷᠢ ᠵᠢᠨ ᠴᠥᠮ᠎ᠡ ᠵᠢᠨ ᠡᠪᠡᠳᠴᠢᠨ᠎ᠤ ᠪᠠᠶ᠋ᠢᠳᠠᠯ ᠬᠠᠯᠳᠠᠪᠤᠷᠢᠯᠠᠭᠰᠠᠨ ᠨᠢᠯᠬ᠎ᠠ ᠴᠢᠬᠢ ᠵᠢᠨ ᠣᠯᠠᠩᠬᠢ᠎ᠨᠢ ᠭᠠᠵᠠᠷ᠎ᠤᠨ ᠬᠦᠷᠦᠰᠦᠨ᠎ᠠᠴᠠ ᠣᠶ᠋ᠢᠷᠠᠯᠴᠠᠭ᠎ᠠ ᠪᠠᠶ᠋ᠢᠭ᠎ᠠ ᠡᠰᠢᠨ᠎ᠤ ᠤᠭ᠎ᠤᠨ ᠬᠡᠰᠡᠭ᠎ᠲᠤ ᠥᠩᠭᠡ᠎ᠨᠢ ᠬᠤᠪᠢᠷᠠᠵᠤ᠂ ᠤᠰᠤᠨ᠎ᠳᠤ ᠳᠡᠪᠲᠦᠭᠰᠡᠨ ᠬᠡᠯᠪᠡᠷᠢ᠎ᠪᠠᠷ ᠢᠯᠵᠢᠷᠡᠨ᠂ ᠴᠣᠴᠢᠮᠠᠭ ᠣᠶ᠋ᠢᠴᠢᠳᠠᠭ᠃ ᠣᠯᠠᠩᠬᠢ᠎ᠨᠢ ᠡᠰᠢᠨ᠎ᠤ ᠤᠭ᠂ ᠨᠠᠪᠴᠢᠨ᠎ᠤ ᠪᠠᠷᠢᠭᠤᠯ ᠪᠤᠶᠤ ᠨᠠᠪᠴᠢᠨ᠎ᠤ ᠢᠯᠲᠠᠰᠤ᠎ᠳᠤ ᠬᠤᠣᠷᠳᠠᠭᠳᠠᠵᠤ᠂ ᠤᠰᠤᠨ᠎ᠳᠤ ᠳᠡᠪᠲᠦᠭᠰᠡᠨ ᠬᠡᠯᠪᠡᠷᠢ ᠵᠢᠨ ᠭᠦᠢ᠍ᠬᠡᠨ ᠬᠦᠷᠡᠩ ᠥᠩᠭᠡᠲᠡᠢ ᠡᠪᠡᠳᠴᠢᠨ᠎ᠤ ᠲᠣᠯᠪᠤ ᠡᠭᠦᠰᠴᠦ᠂ ᠡᠮᠬᠢ ᠵᠢᠷᠤᠮ ᠦᠭᠡᠢ ᠬᠡᠯᠪᠡᠷᠢ᠎ᠲᠠᠢ᠂ ᠢᠯᠡᠷᠬᠡᠢ ᠬᠥᠪᠡᠭᠡ ᠬᠢᠵᠠᠭ᠋ᠠᠷ ᠦᠭᠡᠢ ᠪᠠᠶ᠋ᠢᠳᠠᠭ᠃ ᠨᠣᠶ᠋ᠢᠲᠠᠨ ᠴᠢᠭᠢᠭᠯᠢᠭ ᠣᠷᠴᠢᠨ ᠲᠣᠭᠤᠷᠢᠨ᠎ᠳᠤ᠂ ᠡᠪᠡᠳᠴᠢᠨ᠎ᠤ ᠲᠣᠯᠪᠤ ᠳᠡᠭᠡᠷ᠎ᠡ᠎ᠨᠢ ᠴᠠᠭ᠋ᠠᠨ ᠥᠩᠭᠡ᠎ᠲᠠᠢ ᠬᠥᠪᠥᠩ᠎ᠤᠨ ᠤᠩᠭ᠋ᠠᠷᠢᠯ ᠬᠡᠯᠪᠡᠷᠢᠲᠦ ᠮᠦᠬᠦ ᠵᠢᠨ ᠰᠢᠷᠬᠡᠭᠯᠢᠭ ᠪᠡᠶ᠎ᠡ ᠪᠠ ᠬᠠᠷ᠎ᠠ ᠥᠩᠭᠡ᠎ᠲᠠᠢ ᠬᠤᠯᠤᠭ᠋ᠠᠨ᠎ᠠ ᠵᠢᠨ ᠢᠯᠭ᠋ᠠᠳᠠᠰᠤᠨ ᠬᠡᠯᠪᠡᠷᠢᠲᠦ ᠮᠦᠬᠦ ᠵᠢᠨ ᠪᠥᠭᠡᠮ ᠤᠷᠭᠤᠵᠤ᠂ ᠦᠮᠡᠬᠡᠢ ᠦᠨᠦᠷ ᠦᠭᠡᠢ ᠪᠠᠶ᠋ᠢᠳᠠᠭ᠃ ᠡᠨᠡ ᠡᠪᠡᠳᠴᠢᠨ ᠠᠮᠠᠷᠬᠠᠨ ᠬᠠᠯᠳᠠᠪᠤᠷᠢᠯᠠᠨ ᠳᠡᠯᠭᠡᠷᠡᠨ᠎ᠡ᠃ ᠬᠤᠶᠠᠷ᠂ ᠴᠠᠭ᠋ᠠᠨ ᠨᠣᠭᠤᠭ᠎ᠠ ᠵᠢᠨ ᠪᠠᠺᠲ᠋ᠧᠷᠢ ᠵᠢᠨ ᠴᠥᠮ᠎ᠡ ᠵᠢᠨ ᠡᠪᠡᠳᠴᠢᠨ᠎ᠢ ᠰᠡᠷᠭᠡᠶ᠋ᠢᠯᠡᠨ ᠵᠠᠰᠠᠬᠤ ᠦᠷ᠎ᠡ ᠵᠢ ᠰᠢᠢ᠍ᠳᠪᠦᠷᠢᠯᠡᠬᠦ᠃ ᠦᠷ᠎ᠡ ᠵᠢᠨ ᠳᠣᠲᠣᠷ᠎ᠠ ᠬᠤᠯᠢᠯᠳᠤᠵᠤ ᠪᠠᠶ᠋ᠢᠭ᠎ᠠ ᠪᠠᠺᠲ᠋ᠧᠷᠢ ᠵᠢᠨ ᠴᠥᠮ᠎ᠡ ᠵᠢ 10% ᠵᠢᠨ ᠳᠠᠪᠤᠰᠤ᠎ᠲᠠᠢ ᠤᠰᠤ ᠪᠤᠶᠤ 20% ᠵᠢᠨ ᠬᠦᠬᠦᠷ ᠬᠦᠴᠢᠯ᠎ᠤᠨ ᠠᠮᠮᠤᠨᠢ ᠵᠢᠨ ᠠᠭᠤᠰᠤᠮᠠᠯ ᠵᠶ᠋ᠠᠷ ᠤᠬᠢᠶᠠᠨ ᠴᠡᠪᠡᠷᠯᠡᠵᠦ᠂ ᠤᠰᠤᠨ᠎ᠳᠤ ᠤᠬᠢᠶᠠᠭ᠋ᠠᠳ ᠬᠠᠲᠠᠭ᠋ᠠᠭᠰᠠᠨ᠎ᠤ ᠳᠠᠷᠠᠭ᠎ᠠ ᠲᠠᠷᠢᠬᠤ ᠬᠡᠷᠡᠭᠲᠡᠢ᠃ ᠲᠠᠷᠢᠶᠠᠯᠠᠩ᠎ᠤᠨ ᠰᠡᠷᠭᠡᠶ᠋ᠢᠯᠡᠨ ᠵᠠᠰᠠᠯᠲᠠ᠃ 2 ~ 3 ᠵᠢᠯ ᠡᠭᠡᠯᠵᠢᠯᠡᠨ ᠳᠠᠷᠢᠬᠤ᠎ᠳᠤ ᠤᠰᠤ ᠬᠠᠭᠤᠷᠠᠢ᠎ᠪᠠᠷ ᠡᠭᠡᠯᠵᠢᠯᠡᠨ ᠳᠠᠷᠢᠪᠠᠯ ᠬᠠᠮᠤᠭ ᠰᠠᠶ᠋ᠢᠨ᠃ ᠪᠣᠷᠳᠣᠭᠤᠷ᠎ᠢ ᠵᠦᠢ ᠵᠣᠬᠢᠰᠲᠠᠢ ᠣᠷᠣᠭᠤᠯᠵᠤ᠂ ᠠᠽᠣᠲ᠎ᠤᠨ ᠪᠣᠷᠳᠣᠭᠤᠷ᠎ᠢ ᠢᠯᠡᠭᠦᠦ ᠣᠷᠣᠭᠤᠯᠬᠤ᠎ᠠᠴᠠ ᠵᠠᠶ᠋ᠢᠯᠠᠰᠬᠢᠵᠦ᠂ ᠴᠠᠭ ᠲᠤᠬᠠᠢ᠎ᠳᠤᠨᠢ ᠪᠣᠷᠳᠣᠭᠤᠷ᠎ᠢ ᠨᠡᠮᠡᠬᠦ ᠬᠡᠷᠡᠭᠲᠡᠢ; ᠪᠣᠷᠣᠭ᠋ᠠᠨ᠎ᠤ ᠳᠠᠷᠠᠭ᠎ᠠ ᠴᠠᠭ ᠲᠤᠬᠠᠢ᠎ᠳᠤᠨᠢ ᠭᠤᠤ ᠵᠢ᠎ᠨᠢ ᠨᠡᠭᠡᠭᠡᠵᠦ ᠤᠰᠤ ᠵᠠᠯᠠᠵᠤ᠂ ᠡᠪᠡᠳᠴᠢᠨ᠎ᠲᠠᠢ ᠰᠠᠭᠤᠷᠢ ᠵᠢ᠎ᠨᠢ ᠣᠯᠵᠤ ᠮᠡᠳᠡᠪᠡᠯ ᠴᠠᠭ ᠲᠤᠬᠠᠢ᠎ᠳᠤᠨᠢ ᠠᠪᠴᠤ ᠬᠠᠶᠠᠭ᠋ᠠᠳ ᠭᠦᠨ ᠪᠤᠯᠠᠬᠤ ᠬᠡᠷᠡᠭᠲᠡᠢ᠃ ᠡᠮ ᠵᠶ᠋ᠠᠷ ᠰᠡᠷᠭᠡᠶ᠋ᠢᠯᠡᠨ ᠵᠠᠰᠠᠬᠤ᠃ ᠡᠪᠡᠳᠴᠢᠨ ᠡᠭᠦᠰᠬᠦ ᠡᠬᠢᠨ᠎ᠤ ᠬᠤᠭᠤᠴᠠᠭ᠋ᠠᠨ᠎ᠳᠤ 50% ᠵᠢᠨ ᠳ᠋ᠦᠸᠧ ᠵᠢᠶᠦ᠋ᠨ ᠯᠢᠩ ᠴᠢᠬᠢᠭ᠎ᠲᠠᠢ ᠨᠤᠨᠳᠠᠭ ᠡᠮ᠎ᠤᠨ 500 ᠳᠠᠬᠢᠨ᠎ᠤ ᠰᠢᠩᠭᠡᠨ᠎ᠢ ᠬᠡᠷᠡᠭᠯᠡᠬᠦ ᠪᠤᠶᠤ 20% ᠵᠢᠨ ᠮᠧᠲ᠋ᠢᠯᠲᠦ ᠯᠢᠺᠦᠠ ᠹᠣᠰᠹᠣᠷ᠎ᠤᠨ ᠴᠢᠳᠡᠮᠯᠢᠭ ᠲᠣᠰᠣ ᠵᠢᠨ 1200 ᠳᠠᠬᠢᠨ᠎ᠤ ᠰᠢᠩᠭᠡᠨ᠎ᠢ ᠬᠡᠷᠡᠭᠯᠡᠬᠦ ᠪᠤᠶᠤ 40% ᠵᠢᠨ ᠮᠥᠭᠦᠲᠦ ᠴᠥᠮ᠎ᠡ ᠵᠢᠨ ᠴᠡᠪᠡᠷ ᠴᠢᠬᠢᠭ᠎ᠲᠠᠢ ᠨᠤᠨᠳᠠᠭ ᠡᠮ᠎ᠤᠨ 1000 ~1500 ᠳᠠᠬᠢᠨ᠎ᠤ ᠰᠢᠩᠭᠡᠨ᠎ᠢ ᠡᠭᠡᠯᠵᠢᠯᠡᠨ 3 ~ 4 ᠤᠳᠠᠭ᠎ᠠ ᠰᠦᠷᠴᠢᠵᠦ᠂ 7~10 ᠡᠳᠦᠷ ᠠᠯᠤᠰᠯᠠᠬᠤ ᠪᠦᠷᠢ ᠨᠢᠭᠡ ᠤᠳᠠᠭ᠎ᠠ ᠰᠦᠷᠴᠢᠵᠦ ᠣᠷᠤᠭᠤᠯᠬᠤ ᠬᠡᠷᠡᠭᠲᠡᠢ᠃ ᠴᠢᠬᠤᠯᠠ᠎ᠲᠠᠢ ᠦᠶ᠎ᠡ᠎ᠳᠤ ᠰᠦᠷᠴᠢᠨ ᠣᠷᠣᠭᠤᠯᠬᠤ᠂ ᠭᠤᠭᠤᠵᠢᠭᠤᠯᠤᠨ ᠣᠷᠣᠭᠤᠯᠬᠤ ᠵᠢ ᠤᠶᠠᠯᠳᠤᠭᠤᠯᠵᠤ ᠪᠣᠯᠤᠨ᠎ᠠ᠃
    

 

ᠢᠷᠡᠯᠲᠡ᠄ ᠥᠪᠥᠷ ᠮᠣᠩᠭᠤᠯ᠎ᠤᠨ ᠲᠠᠷᠢᠶᠠᠯᠠᠩ ᠮᠠᠯ ᠠᠵᠤ ᠠᠬᠤᠢ ᠵᠢᠨ ᠮᠡᠷᠭᠡᠵᠢᠯ ᠳᠡᠯᠭᠡᠷᠡᠭᠦᠯᠬᠦ ᠲᠥᠪ
          
ᠬᠠᠮᠢᠶ᠎ᠡ ᠪᠦᠬᠦᠢ ᠰᠣᠨᠢᠨ
ᠦᠵᠦᠮ᠎ᠤᠨ ᠴᠠᠢ᠌ᠷᠠᠵᠤ ᠢᠯᠵᠠᠷᠠᠬᠤ ᠡᠪᠡᠳᠴᠢᠨ
 
             蒙ICP备05000248号