1. ᠰᠢᠨᠵᠢ ᠲᠡᠮᠳᠡᠭ
ᠲᠣᠰ ᠡᠪᠡᠳᠴᠢᠨ ᠬᠡᠵᠢᠶᠡᠳᠡ ᠤᠷᠢᠳᠠᠪᠠᠷ ᠵᠢᠮᠢᠰ᠎ᠤᠨ ᠪᠠᠷᠢᠭᠤᠯ ᠳᠡᠭᠡᠷ᠎ᠡ ᠡᠪᠡᠳᠴᠢᠨ ᠡᠭᠦᠰᠴᠦ᠂ ᠡᠬᠢᠯᠡᠭᠡᠳ ᠤᠰᠣᠳᠤᠭᠰᠠᠨ ᠮᠠᠶᠢᠭ᠎ᠤᠨ ᠬᠥᠶᠦᠬᠡᠨ ᠬᠦᠷᠡᠩ ᠥᠩᠭᠡᠲᠡᠢ ᠡᠮᠬᠢ ᠵᠠᠮᠪᠠᠷᠠᠭ᠎ᠠ ᠦᠭᠡᠢ ᠡᠪᠡᠳᠴᠢᠨ᠎ᠤ ᠲᠣᠯᠪᠣ ᠭᠠᠷᠴᠤ᠂ ᠠᠭ᠋ᠠᠵᠢᠮ ᠵᠶ᠋ᠠᠷ ᠵᠢᠮᠢᠰ᠎ᠤᠨ ᠮᠥᠬᠥᠯᠢᠭ ᠵᠦᠭ ᠲᠠᠷᠬᠠᠵᠲ᠋ᠡᠯᠡᠷᠡᠳᠡᠭ᠃ ᠵᠢᠮᠢᠰ᠎ᠤᠨ ᠣᠴᠣᠭᠤᠷ ᠬᠡᠰᠡᠭ᠎ᠨᠢ ᠤᠷᠢᠲᠠᠪᠠᠷ ᠭᠦᠶᠦᠬᠡᠨ ᠬᠦᠷᠡᠩ ᠥᠩᠭᠡᠲᠡᠢ ᠪᠣᠯᠵᠤ ᠬᠤᠪᠢᠷᠠᠵᠤ ᠢᠯᠵᠠᠷᠠᠳᠠᠭ᠂ ᠳᠠᠷᠠᠭ᠎ᠠ᠎ᠪᠠᠷ ᠪᠥᠬᠥ ᠵᠢᠮᠢᠰ᠎ᠨᠢ ᠬᠦᠷᠡᠩ ᠥᠩᠭᠡᠲᠡᠢ ᠪᠣᠯᠵᠤ ᠢᠯᠵᠠᠷᠠᠭ᠋ᠠᠳ ᠵᠢᠮᠢᠰ᠎ᠤᠨ ᠪᠠᠷᠢᠭᠤᠯ᠎ᠤᠨ ᠡᠰᠢ᠎ᠨᠢ ᠦᠬᠦᠰᠢᠷᠡᠵᠦ ᠬᠠᠳᠠᠳᠠᠭ᠃ ᠡᠪᠡᠳᠴᠢᠲᠡᠢ ᠵᠢᠮᠢᠰ᠎ᠨᠢ ᠠᠭ᠋ᠠᠵᠢᠮ ᠵᠶ᠋ᠠᠷ ᠤᠰᠤ ᠠᠯᠳᠠᠵᠤ ᠬᠠᠲᠠᠵᠤ ᠠᠪᠴᠢᠭ᠋ᠠᠳ ᠭᠦᠨ ᠬᠦᠷᠡᠩ ᠥᠩᠭᠡᠲᠡᠢ ᠮᠣᠳᠣᠯᠢᠭ ᠵᠢᠮᠢᠰ ᠪᠣᠯᠳᠠᠭ᠂ ᠡᠪᠡᠳᠴᠢᠨ᠎ᠨᠢ ᠬᠦᠨᠳᠦᠷᠡᠬᠦ ᠦᠶ᠎ᠡ᠎ᠳᠤ ᠪᠥᠬᠥ ᠲᠦᠷᠦᠭᠦᠦ᠎ᠨᠢ ᠢᠯᠴᠠᠷᠠᠳᠠᠭ᠃
ᠮᠥᠴᠢᠷ᠎ᠲᠤ ᠡᠪᠡᠳᠴᠢᠨ ᠡᠭᠦᠰᠬᠦ᠎ᠨᠢ ᠶᠡᠷᠦ᠎ᠳᠡᠭᠡᠨ ᠣᠷᠣᠢ ᠳᠠᠷᠤᠬᠤ ᠬᠡᠰᠡᠭ ᠪᠤᠶᠤ ᠮᠸᠬᠠᠨᠢᠭ ᠰᠢᠷᠬᠠᠨ᠎ᠤ ᠬᠡᠰᠡᠭ᠎ᠲᠤ ᠢᠯᠡᠷᠡᠵᠦ᠂ ᠰᠢᠨ᠎ᠡ ᠮᠥᠴᠢᠷ᠎ᠤᠨ ᠡᠪᠡᠳᠴᠢᠨ᠎ᠤ ᠲᠣᠯᠪᠣ᠎ᠨᠢ ᠣᠰᠤᠳᠤᠭᠰᠠᠨ ᠮᠠᠶᠢᠭ᠎ᠤᠨ ᠶᠠᠭ᠋ᠠᠨ ᠬᠦᠷᠡᠩ ᠦᠩᠭᠡᠳᠡᠢ᠂ ᠭᠥᠪᠡᠭᠡ᠎ᠨᠢ ᠭᠦᠨ ᠬᠦᠷᠡᠩ ᠥᠩᠭᠡᠲᠡᠢ᠃ ᠡᠪᠡᠳᠴᠢᠨ᠎ᠤ ᠲᠣᠯᠪᠣ᠎ᠨᠢ ᠬᠣᠶᠠᠷ ᠦᠵᠦᠭᠦᠷ ᠵᠦᠭ ᠵᠶ᠋ᠡᠨ ᠬᠥᠭᠵᠢᠬᠦ᠎ᠨᠢ ᠮᠠᠰᠢ ᠲᠦᠷᠭᠡᠨ ᠪᠠᠢ᠌ᠳᠠᠭ᠂ ᠰᠡᠭᠦᠯᠴᠢ ᠵᠢᠨ ᠬᠤᠭᠤᠴᠠᠭ᠎ᠠ ᠪᠣᠯᠪᠠᠯ ᠪᠦᠳᠡᠬᠢ ᠬᠦᠷᠡᠩ ᠥᠩᠭᠡᠲᠡᠢ ᠪᠣᠯᠵᠤ ᠬᠣᠲᠣᠢ᠌ᠳᠠᠭ᠂ ᠥᠩᠭᠡᠨ ᠲᠠᠯᠠᠳᠤᠨᠢ ᠨᠢᠭ᠋ ᠣᠷᠭᠣᠭᠰᠠᠨ ᠰᠡᠷᠡᠯ ᠥᠩᠭᠡ ᠵᠢᠨ ᠵᠢᠵᠢᠭ ᠮᠥᠬᠥᠯᠢᠭᠲᠦ ᠲᠤᠰᠤᠯ᠎ᠲᠠᠢ᠃ ᠡᠪᠡᠳᠴᠢᠨ᠎ᠤ ᠲᠣᠯᠪᠣ᠎ᠨᠢ ᠮᠥᠴᠢᠷ᠎ᠢ ᠨᠢᠭᠡ ᠳᠤᠭᠤᠢ᠌ᠯᠠᠵᠤ ᠴᠠᠭ᠋ᠠᠷᠢᠭᠯᠠᠬᠤ ᠦᠶ᠎ᠡ᠎ᠳᠤ᠂ ᠲᠡᠭᠦᠨ᠎ᠤ ᠳᠡᠭᠡᠷᠡᠬᠢ ᠬᠡᠰᠡᠭ᠎ᠤᠨ ᠨᠠᠪᠴᠢᠨ ᠢᠯᠳᠠᠰᠤ᠎ᠨᠢ ᠥᠭᠦᠰᠢᠷᠡᠨ ᠰᠢᠷᠡᠯᠡᠵᠦ ᠤᠯᠠᠮ ᠵᠶ᠋ᠠᠷ ᠬᠠᠲᠠᠵᠤ ᠦᠬᠦᠳᠡᠭ᠃ ᠰᠡᠭᠦᠯᠴᠢ ᠵᠢᠨ ᠬᠤᠭᠤᠴᠠᠭ᠋ᠠᠨ᠎ᠳᠤ ᠪᠣᠯᠪᠠᠯ ᠡᠪᠡᠳᠴᠢᠳᠠᠢ ᠬᠠᠯᠢᠰᠤ᠎ᠨᠢ ᠬᠡᠵᠢᠶᠡᠳᠡ ᠰᠢᠷᠬᠡᠭ ᠬᠡᠯᠪᠡᠷᠢᠲᠡᠢ ᠭᠣᠯᠲᠤᠪᠠᠷ ᠬᠠᠭ᠋ᠠᠷᠠᠵᠤ᠂ ᠮᠣᠳᠣᠯᠢᠭ ᠬᠡᠰᠡᠭ᠎ᠨᠢ ᠰᠠᠯᠵᠤ ᠭᠠᠷᠳᠠᠭ᠃
ᠨᠡᠪᠴᠢᠨ ᠢᠯᠳᠠᠰᠤᠨ᠎ᠳᠤ ᠡᠪᠡᠳᠴᠢᠨ ᠬᠠᠯᠳᠠᠪᠤᠷᠢᠯᠠᠪᠠᠯ ᠤᠷᠢᠲᠠᠪᠠᠷ ᠨᠡᠪᠴᠢᠨᠤ ᠦᠵᠦᠭᠦᠷ᠂ ᠨᠡᠪᠴᠢᠨ ᠬᠥᠪᠡᠭᠡ᠎ᠠᠴᠠ ᠡᠬᠢᠯᠡᠵᠦ ᠨᠡᠪᠴᠢᠨᠤ ᠬᠥᠪᠡᠭᠡ ᠳᠡᠭᠡᠷ᠎ᠡ᠎ᠨᠢ ᠰᠢᠷ᠎ᠠ ᠬᠦᠷᠡᠩ ᠥᠩᠭᠡᠲᠡᠢ ᠡᠪᠡᠳᠴᠢᠨ᠎ᠤ ᠲᠣᠯᠪᠣ ᠡᠭᠦᠰᠴᠦ᠂ ᠢᠷᠮᠡᠭ᠎ᠨᠢ ᠤᠰᠤᠳᠤᠭᠰᠠᠨ ᠮᠠᠶᠢᠭᠳᠠᠢ᠂ ᠡᠨᠡ᠎ᠨᠢ ᠢᠳᠡᠭ ᠢᠳᠡᠭ ᠵᠶ᠋ᠡᠷ ᠨᠡᠪᠴᠢᠨ ᠢᠯᠲᠡᠰᠦ ᠵᠢᠨ ᠲᠥᠪ ᠬᠡᠰᠡᠭ ᠤᠷᠤᠭᠤ ᠬᠥᠭᠵᠢᠵᠦ᠂ ᠲᠣᠮᠣ ᠬᠡᠯᠪᠡᠷᠢ ᠵᠢᠨ ᠲᠤᠭᠤᠷᠢᠭᠯᠢᠭ ᠬᠡᠯᠪᠡᠷᠢᠲᠡᠢ ᠭᠦᠶᠦᠬᠡᠨ ᠬᠦᠷᠡᠩ ᠥᠩᠭᠡ ᠵᠢᠨ ᠡᠪᠡᠳᠴᠢᠨ᠎ᠤ ᠲᠣᠯᠪᠣ ᠪᠦᠷᠢᠯᠳᠦᠵᠦ᠂ ᠢᠢ᠍ᠯᠡᠷᠬᠡᠢ ᠪᠤᠰᠤ ᠨᠢᠭᠡ ᠭᠣᠯᠲᠤ ᠴᠠᠭ᠋ᠠᠷᠢᠭ ᠨᠠᠷ᠎ᠲᠠᠢ᠃ ᠡᠪᠡᠳᠴᠢᠲᠡᠢ ᠨᠡᠪᠴᠢᠨ ᠳᠡᠭᠡᠷ᠎ᠡ ᠪᠠᠰᠠ ᠰᠡᠷᠡᠯ ᠥᠩᠭᠡ ᠵᠢᠨ ᠵᠢᠵᠢᠭ ᠮᠥᠬᠥᠯᠢᠭᠲᠦ ᠲᠤᠰᠣᠯ᠎ᠲᠠᠢ᠂ ᠡᠨᠡ᠎ᠨᠢ ᠨᠡᠪᠴᠢᠨᠤ ᠭᠥᠪᠡᠭᠡ᠎ᠪᠠᠷ ᠠᠷᠪᠢᠨ ᠪᠠᠢ᠌ᠳᠠᠭ᠃ ᠡᠪᠡᠳᠴᠢᠲᠡᠢ ᠨᠡᠭᠡᠳᠡᠰᠦ᠎ᠨᠢ ᠬᠠᠲᠠᠵᠤ ᠦᠬᠦᠰᠢᠷᠡᠭᠰᠡᠨᠤ ᠳᠠᠷᠠᠭ᠎ᠠ ᠠᠮᠠᠷᠬᠠᠨ ᠬᠠᠭ᠋ᠠᠷᠠᠯ ᠡᠭᠦᠰᠳᠡᠭ᠃
2. ᠰᠡᠷᠭᠡᠢ᠌ᠯᠡᠨ ᠵᠠᠰᠠᠬᠤ ᠠᠷᠭ᠎ᠠ
(1) ᠣᠷᠭᠣᠴᠠ ᠵᠢᠨ ᠤᠯᠠᠷᠢᠯ᠎ᠳᠤ ᠡᠪᠡᠳᠴᠢᠲᠡᠢ ᠵᠢᠮᠢᠰ᠂ ᠡᠪᠡᠳᠴᠢᠲᠡᠢ ᠨᠡᠪᠴᠢ᠂ ᠡᠪᠡᠳᠴᠢᠲᠡᠢ ᠤᠷᠢᠶᠠᠩᠭᠤ ᠵᠢ᠎ᠨᠢ ᠬᠠᠢ᠌ᠴᠢᠯᠠᠨ ᠠᠪᠴᠤ ᠴᠡᠪᠡᠷᠯᠡᠵᠦ ᠠᠷᠢᠯᠭ᠋ᠠᠨ᠎ᠠ᠂ ᠨᠠᠮᠤᠷ᠎ᠤᠨ ᠤᠯᠠᠷᠢᠯ᠎ᠳᠤ ᠨᠡᠪᠴᠢ ᠵᠤᠯᠭ᠋ᠠᠷᠠᠭᠰᠠᠨᠤ ᠳᠠᠷᠠᠭ᠎ᠠ ᠵᠢᠮᠢᠰ᠎ᠤᠨ ᠬᠦᠷᠢᠶᠡᠯᠡᠩ ᠵᠶ᠋ᠡᠨ ᠴᠡᠪᠡᠷᠯᠡᠨ ᠠᠷᠢᠯᠭ᠋ᠠᠵᠤ᠂ ᠡᠪᠡᠳᠴᠢᠲᠡᠢ ᠦᠯᠡᠳᠡᠭᠳᠡᠯ ᠪᠣᠳᠠᠰ᠎ᠢ᠎ᠨᠢ ᠴᠤᠭᠯᠠᠭᠤᠯᠵᠤ ᠰᠢᠳᠠᠭ᠋ᠠᠨᠠ᠃
(2) ᠵᠢᠮᠢᠰ ᠰᠠᠭᠤᠬᠤ ᠬᠡᠰᠡᠭ᠎ᠢ᠎ᠨᠢ ᠳᠡᠭᠡᠭᠰᠢᠯᠡᠭᠦᠯᠵᠦ᠂ ᠬᠥᠷᠥᠰᠥ ᠰᠢᠷᠣᠢ ᠵᠢᠨ ᠡᠪᠡᠳᠴᠢᠨ᠎ᠤ ᠪᠠᠺᠲ᠋ᠧᠷᠢ ᠬᠠᠯᠳᠠᠵᠤ ᠬᠠᠯᠳᠠᠪᠤᠷᠢᠯᠠᠬᠤ ᠵᠢ ᠪᠠᠭ᠋ᠠᠰᠠᠬᠠᠨᠠ᠃
(3) ᠵᠣᠨ᠎ᠤ ᠤᠯᠠᠷᠢᠯ᠎ᠳᠤ ᠴᠠᠭ ᠲᠤᠬᠠᠢᠳᠤᠨᠢ ᠬᠠᠢ᠌ᠴᠢᠯᠠᠨ ᠵᠠᠰᠠᠵᠤ᠂ ᠨᠡᠪᠴᠢ ᠤᠷᠢᠶᠠᠩᠭᠤ ᠵᠢᠨ ᠬᠣᠭᠣᠷᠣᠨᠳᠤ ᠰᠠᠯᠬᠢ ᠨᠡᠪᠲᠠᠷᠠᠵᠤ ᠭᠡᠷᠡᠯ ᠲᠣᠰᠬᠤᠨ᠎ᠢ ᠰᠠᠢ᠌ᠨ ᠪᠠᠢ᠌ᠬᠤ ᠵᠢ ᠪᠠᠳᠤᠯᠠᠬᠤ ᠬᠡᠷᠡᠭᠲᠡᠢ᠃
(4) ᠡᠪᠡᠳᠴᠡᠨ ᠡᠭᠦᠰᠬᠦ᠎ᠠᠴᠠ ᠡᠮᠦᠨ᠎ᠡ ᠵᠢᠶᠠᠰᠠᠨᠤ ᠳᠣᠣᠷ᠎ᠠ᠎ᠨᠢ ᠡᠮ ᠰᠠᠴᠤᠵᠤ ᠪᠠᠺᠲ᠋ᠧᠷᠢ ᠵᠢ ᠤᠰᠠᠳᠬᠠᠨ᠎ᠠ᠃ ᠡᠭᠦᠨ᠎ᠳᠤ ᠬᠣᠣᠰ ᠹᠸᠷᠮᠠᠨ 1 ᠬᠤᠪᠢ᠂ ᠬᠥᠬᠥᠷ᠎ᠤᠨ ᠲᠠᠯᠬ᠎ᠠ 1 ᠬᠤᠪᠢ᠂ ᠨᠡᠭᠦᠷᠡᠰᠦ ᠬᠦᠴᠢᠯ᠎ᠤᠨ ᠺᠠᠯᠼ 2 ᠬᠤᠪᠢ᠂ ᠡᠲᠡᠭᠡᠷᠢ ᠵᠢᠭᠳᠡ ᠬᠤᠯᠢᠵᠤ ᠨᠡᠢ᠌ᠯᠡᠭᠦᠯᠦᠭᠡᠳ ᠡᠾᠸᠺᠲ᠋ᠠᠷ ᠪᠦᠷᠢ᠎ᠳᠤ 15~30 ᠭᠢᠯᠣᠭ᠌ᠷᠡᠮ ᠬᠣᠯᠢᠵᠤ ᠨᠡᠢ᠌ᠯᠡᠭᠦᠯᠦᠭᠰᠡᠨ ᠡᠮ᠎ᠤᠨ ᠲᠠᠯᠬ᠎ᠠ ᠰᠠᠴᠤᠵᠤ ᠣᠷᠣᠭᠤᠯᠤᠨ᠎ᠠ᠃
(5) ᠡᠮ ᠰᠦᠷᠴᠢᠵᠦ ᠬᠠᠮᠠᠭ᠋ᠠᠯᠠᠨ᠎ᠠ᠃ ᠠᠩᠬ᠎ᠠ ᠡᠪᠡᠳᠴᠢᠨ ᠡᠭᠦᠰᠦᠭᠰᠡᠨ ᠦᠶ᠎ᠡ᠎ᠳᠤ ᠡᠬᠢᠯᠡᠵᠦ ᠡᠮ ᠰᠦᠷᠴᠢᠨ᠎ᠡ᠂ ᠢᠩᠭᠢᠭᠡᠳ 10—15 ᠡᠲᠦᠷ᠎ᠲᠤ 1 ᠤᠳᠠᠭ᠎ᠠ ᠰᠦᠷᠴᠢᠵᠦ᠂ ᠨᠡᠢ᠌ᠲᠡ 3—5 ᠤᠳᠠᠭ᠎ᠠ ᠰᠦᠷᠴᠢᠨ᠎ᠡ᠃ ᠦᠵᠦᠮ᠎ᠤᠨ ᠴᠠᠢ᠌ᠷᠠᠵᠤ ᠢᠯᠵᠠᠷᠠᠬᠤ ᠡᠪᠡᠳᠴᠢᠨ᠎ᠢ ᠰᠡᠷᠭᠡᠢ᠌ᠯᠡᠨ ᠵᠠᠰᠠᠬᠤ ᠦᠢ᠍ᠯᠡᠳᠦᠯ᠎ᠲᠠᠢ ᠡᠮ ᠪᠣᠯ 50% ᠵᠢᠨ ᠬᠣᠣᠰ ᠹᠸᠷᠮᠠ ᠵᠢᠨ ᠴᠢᠭᠢᠭᠳᠦᠮᠡᠭᠡᠢ ᠳᠠᠯᠬ᠎ᠠ 500 ~ 800 ᠲᠠᠬᠢᠨᠤ ᠠᠭᠤᠰᠤᠮᠠᠯ᠃ 70% ᠵᠢᠨ ᠳ᠋ᠢᠼᠠᠨ ᠮᠠᠩᠭ᠋ᠠᠨ᠎ᠲᠤ ᠴᠠᠢ᠌ᠷ᠎ᠤᠨ ᠴᠢᠭᠢᠭᠳᠦᠮᠡᠭᠡᠢ ᠳᠠᠯᠬ᠎ᠠ 600~800 ᠲᠠᠬᠢᠨ ᠠᠭᠤᠰᠤᠮᠠᠯ᠃ 50% ᠵᠢᠨ ᠲᠦᠢ ᠵᠢᠶᠦ᠋ᠨ ᠲᠸ ᠴᠢᠭᠢᠭᠳᠦᠮᠡᠭᠡᠢ ᠲᠠᠯᠬ᠎ᠠ 800~1000 ᠲᠠᠬᠢᠨ ᠠᠭᠤᠰᠤᠮᠠᠯ ᠵᠡᠷᠭᠡ ᠪᠤᠢ᠃