ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠶ᠋ᠢᠵᠢᠭᠤᠯᠤᠯᠲᠠ
《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ᠎ᠤᠨ ᠬᠠᠳᠤᠨ ᠭᠤᠣᠯ᠎ᠤᠨ 《ᠶᠡᠭᠡ ᠲᠣᠬᠤᠢ ᠣᠷᠣᠨ》᠎ᠤ ᠪᠣᠭᠤᠮᠲᠠ ᠰᠢᠪᠲᠤᠯᠬᠤ ᠳᠠᠶ᠋ᠢᠯᠠᠯᠳᠤᠭ᠋ᠠᠨ᠎ᠤ ᠠᠬᠤᠢ ᠲᠠᠯᠠᠪᠠᠢ ᠵᠢᠨ ᠠᠬᠢᠭᠤᠯᠬᠤ ᠬᠤᠷᠠᠯ ᠬᠤᠷᠠᠯᠳᠤᠪᠠ ᠾᠧ ᠯᠢ ᠹᠧᠩ ᠬᠤᠷᠠᠯ᠎ᠳᠤ ᠣᠷᠣᠯᠴᠠᠬᠰᠠᠨ ᠪᠥᠭᠡᠳ ᠶᠠᠷᠢᠶ᠎ᠠ ᠲᠠᠯᠪᠢᠪᠠ
ᠨᠡᠶ᠋ᠢᠲᠡᠯᠡᠭᠰᠡᠨ ᠴᠠᠭ᠄ 2025-05-30


    
     ᠰᠢᠨᠬᠤᠸᠠ ᠬᠤᠷᠢᠶ᠎ᠠ ᠵᠢᠨ ᠭᠦᠭᠡᠬᠤᠲᠠ ᠵᠢᠨ 5 ᠰᠠᠷ᠎ᠠ ᠵᠢᠨ 28᠎ᠤ ᠴᠠᠭᠢᠯᠭ᠋ᠠᠨ ᠮᠡᠳᠡᠭᠡ 《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ᠎ᠤᠨ ᠬᠠᠲᠤᠨ ᠭᠤᠣᠯ᠎ᠤᠨ 《ᠶᠡᠭᠡ ᠲᠣᠬᠤᠢ ᠣᠷᠣᠨ》᠎ᠤ ᠪᠣᠭᠤᠮᠲᠠ ᠰᠢᠪᠲᠤᠯᠬᠤ ᠳᠠᠶ᠋ᠢᠯᠠᠯᠳᠤᠭ᠋ᠠᠨ᠎ᠤ ᠠᠬᠤᠢ ᠲᠠᠯᠠᠪᠠᠶ ᠵᠢᠨ ᠠᠬᠢᠭᠤᠯᠬᠤ ᠬᠤᠷᠠᠯ 27᠎ᠤ ᠡᠳᠦᠷ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠪᠠᠶᠠᠨᠨᠠᠭᠤᠷ ᠬᠤᠲᠠ᠎ᠳᠤ ᠬᠤᠷᠠᠯᠳᠤᠪᠠ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠵᠢᠨ ᠤᠯᠤᠰ ᠲᠥᠷᠥ ᠵᠢᠨ ᠲᠣᠪᠴᠢᠶ᠎ᠠ ᠵᠢᠨ ᠭᠡᠰᠢᠭᠦᠨ᠂ ᠲᠥᠷᠥ ᠵᠢᠨ ᠶᠠᠪᠤᠳᠠᠯ᠎ᠤᠨ ᠬᠤᠷᠢᠶ᠎ᠠ ᠵᠢᠨ ᠳᠡᠳ᠋ ᠶᠡᠷᠦᠩᠬᠡᠢ ᠰᠠᠶ᠋ᠢᠳ ᠾᠧ ᠯᠢ ᠹᠧᠩ ᠬᠤᠷᠠᠯ᠎ᠳᠤ ᠣᠷᠣᠯᠴᠠᠬᠰᠠᠨ ᠪᠥᠭᠡᠳ ᠶᠠᠷᠢᠶ᠎ᠠ ᠲᠠᠯᠪᠢᠪᠠ᠂ ᠲᠡᠷᠡ᠂ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠶᠠᠷᠢᠶ᠎ᠠ ᠪᠣᠯᠣᠨ ᠴᠢᠬᠤᠯᠠ ᠵᠢᠭ᠋ᠠᠪᠤᠷᠢ ᠴᠣᠬᠤᠯᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠨ ᠣᠶ᠋ᠢᠯᠠᠭ᠋ᠠᠵᠤ᠂ 《ᠤᠮᠠᠷᠠᠲᠤ ᠵᠢᠨ ᠭᠤᠷᠪᠠᠨ ᠣᠷᠣᠨ》 ᠵᠡᠷᠭᠡ ᠭᠤᠣᠯᠳᠠᠯᠭ᠎ᠠ᠎ᠲᠠᠢ ᠠᠮᠢ ᠠᠬᠤᠢ ᠵᠢᠨ ᠢᠨᠵᠧᠨᠧᠷᠢᠩ᠎ᠤᠨ ᠠᠬᠢᠴᠠ ᠵᠢ ᠴᠠᠭ ᠲᠤᠬᠠᠢ᠎ᠳᠤᠨᠢ ᠰᠢᠯᠤᠭᠤᠬᠠᠨ ᠳ᠋ᠦᠩᠨᠡᠵᠦ᠂ ᠣᠳᠣᠬᠠᠨ᠎ᠤ ᠪᠠᠶ᠋ᠢᠳᠠᠯ ᠪᠣᠯᠣᠨ ᠥᠷᠢᠰᠦᠯᠳᠦᠭᠡᠨ᠎ᠢ ᠰᠡᠷᠭᠡᠭ ᠵᠶ᠋ᠠᠷ ᠲᠠᠨᠢᠵᠤ᠂ ᠨᠠᠩ ᠶᠡᠭᠡ ᠡᠷᠴᠢᠮ᠂ ᠨᠠᠩ ᠪᠣᠳᠠᠲᠠᠢ ᠠᠷᠭ᠎ᠠ ᠬᠡᠮᠵᠢᠶ᠎ᠡ᠎ᠪᠠᠷ ᠢᠨᠵᠧᠨᠧᠷᠢᠩ᠎ᠤᠨ ᠪᠦᠲᠦᠭᠡᠨ ᠪᠠᠶ᠋ᠢᠭᠤᠯᠤᠯᠲᠠ ᠵᠢᠨ ᠴᠢᠬᠤᠯᠠ ᠶᠡᠭᠡ ᠰᠢᠨ᠎ᠡ ᠦᠷ᠎ᠡ ᠪᠦᠲᠦᠭᠡᠯ ᠣᠯᠬᠤ ᠵᠢ ᠠᠬᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃
    2023 ᠣᠨ᠎ᠤ 6 ᠰᠠᠷ᠎ᠠ ᠵᠢᠨ 6᠎ᠤ ᠡᠳᠦᠷ᠂ ᠶᠡᠷᠦᠩᠬᠡᠢ ᠱᠦᠵᠢ ᠰᠢ ᠵᠢᠨ ᠫᠢᠩ ᠪᠠᠶᠠᠨᠨᠠᠭᠤᠷ᠎ᠲᠤ ᠴᠦᠯᠯᠡᠷᠭᠡᠭᠵᠢᠯ᠎ᠢ ᠶᠡᠷᠦᠩᠬᠡᠶ᠋ᠢᠯᠡᠨ ᠰᠡᠷᠭᠡᠶ᠋ᠢᠯᠡᠨ ᠵᠠᠰᠠᠬᠤ ᠵᠢ ᠴᠢᠩᠭ᠋ᠠᠳᠬᠠᠬᠤ ᠪᠠ 《ᠤᠮᠠᠷᠠᠲᠤ ᠵᠢᠨ ᠭᠤᠷᠪᠠᠨ ᠣᠷᠣᠨ》 ᠵᠡᠷᠭᠡ ᠭᠤᠣᠯᠳᠠᠯᠭ᠎ᠠ᠎ᠲᠠᠢ ᠠᠮᠢ ᠠᠬᠤᠢ ᠵᠢᠨ ᠢᠨᠵᠧᠨᠧᠷᠢᠩ᠎ᠤᠨ ᠪᠦᠲᠦᠭᠡᠨ ᠪᠠᠶ᠋ᠢᠭᠤᠯᠤᠯᠲᠠ ᠵᠢ ᠠᠬᠢᠭᠤᠯᠬᠤ ᠶᠠᠷᠢᠯᠴᠠᠬᠤ ᠬᠤᠷᠠᠯ᠎ᠢ ᠡᠷᠭᠢᠯᠡᠨ ᠬᠤᠷᠠᠯᠳᠤᠭᠤᠯᠬᠤ ᠵᠢᠨ ᠬᠠᠮᠲᠤ ᠴᠢᠬᠤᠯᠠ ᠶᠠᠷᠢᠶ᠎ᠠ ᠲᠠᠯᠪᠢᠵᠤ᠂ ᠵᠣᠷᠢᠭᠲᠠᠢ ᠡᠭᠦᠷᠭᠡ ᠬᠠᠷᠢᠭᠤᠴᠠᠯᠭ᠎ᠠ ᠡᠭᠦᠷᠭᠡᠯᠡᠵᠦ᠂ ᠬᠦᠴᠢᠷ ᠪᠡᠷᠬᠡᠰᠢᠶᠡᠯ᠎ᠠᠴᠠ ᠠᠶᠤᠬᠤ ᠦᠭᠡᠢ᠂ ᠤᠳᠠᠭ᠋ᠠᠨ ᠳᠠᠭ᠋ᠠᠭ᠋ᠠᠮᠠᠭ᠋ᠠᠢ ᠵᠢᠳᠬᠦᠵᠦ᠂ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ ᠰᠢᠨ᠎ᠡ ᠭᠠᠶ᠋ᠢᠬᠠᠮᠰᠢᠭ᠎ᠢ ᠴᠢᠷᠮᠠᠶ᠋ᠢᠨ ᠡᠭᠦᠳᠬᠦ ᠬᠡᠷᠡᠭᠲᠡᠢ ᠭᠡᠵᠦ ᠱᠠᠭ᠋ᠠᠷᠳᠠᠪᠠ᠃ ᠬᠤᠶᠠᠷ ᠵᠢᠯ᠎ᠤᠨ ᠲᠤᠷᠰᠢ᠂ ᠡᠯ᠎ᠡ ᠬᠤᠯᠪᠣᠭᠳᠠᠯ ᠪᠦᠬᠦᠢ ᠭᠠᠵᠠᠷ ᠣᠷᠣᠨ ᠪᠣᠯᠣᠨ ᠰᠠᠯᠠᠭ᠎ᠠ ᠮᠥᠴᠢᠷ᠎ᠤᠨ᠎ᠬᠢᠨ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠶᠠᠷᠢᠶ᠎ᠠ ᠪᠣᠯᠣᠨ ᠴᠢᠬᠤᠯᠠ ᠵᠢᠭ᠋ᠠᠪᠤᠷᠢ ᠴᠣᠬᠤᠯᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ 《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ᠎ᠤᠨ ᠴᠢᠬᠤᠯᠠ ᠶᠡᠭᠡ ᠱᠠᠲᠤᠴᠢ ᠴᠢᠨᠠᠷᠲᠠᠢ ᠦᠷ᠎ᠡ ᠪᠦᠲᠦᠮᠵᠢ ᠣᠯᠬᠤ ᠵᠢ ᠠᠬᠢᠭᠤᠯᠪᠠ᠃
     ᠾᠧ ᠯᠢ ᠹᠧᠩ᠂ 《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ ᠶᠠᠭ ᠪᠦᠭᠦ ᠲᠠᠯ᠎ᠠ᠎ᠪᠠᠷ ᠠᠬᠢᠭᠤᠯᠬᠤ᠂ ᠬᠦᠴᠢᠷ᠎ᠢ ᠲᠤᠭᠤᠯᠤᠨ ᠪᠡᠷᠬᠡ ᠵᠢ ᠳᠠᠪᠠᠭ᠍ᠤ ᠵᠠᠩᠭᠢᠯᠠᠭ᠎ᠠ ᠵᠢᠨ ᠱᠠᠲᠤᠨ᠎ᠳᠤ ᠣᠷᠣᠰᠢᠵᠤ ᠪᠠᠶ᠋ᠢᠨ᠎ᠠ᠂ ᠡᠷᠬᠡᠪᠰᠢ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠶᠡᠭᠡ ᠪᠠᠶ᠋ᠢᠯᠳᠤᠬᠤ ᠪᠣᠳᠣᠯᠭ᠎ᠠ ᠵᠢᠨ ᠪᠠᠶ᠋ᠢᠷᠢᠯᠠᠭᠤᠯᠤᠯᠲᠠ ᠵᠢ ᠭᠤᠶ᠋ᠢᠪᠢᠰᠢ ᠦᠭᠡᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ 2027 ᠣᠨ᠎ᠤ ᠡᠴᠦᠰ᠎ᠠᠴᠠ ᠡᠮᠦᠨ᠎ᠡ᠂ ᠵᠢᠷᠭᠤᠳᠤᠭ᠋ᠠᠷ ᠬᠤᠭᠤᠴᠠᠭ᠋ᠠᠨ᠎ᠤ ᠲᠥᠯᠦᠪᠵᠢᠭᠦᠯᠭᠡ ᠵᠢᠨ 70%᠎ᠠᠴᠠ ᠳᠡᠭᠡᠭᠰᠢᠬᠢ ᠡᠭᠦᠷᠭᠡ ᠵᠢ ᠪᠡᠶᠡᠯᠡᠭᠦᠯᠬᠦ᠎ᠪᠠᠷ ᠴᠢᠷᠮᠠᠶ᠋ᠢᠵᠤ᠂ ᠭᠤᠷᠪᠠᠨ ᠶᠡᠭᠡ ᠪᠡᠯᠭᠡ ᠲᠡᠮᠳᠡᠭ᠎ᠤᠨ ᠴᠢᠨᠠᠷᠲᠠᠢ ᠳᠠᠶ᠋ᠢᠯᠠᠯᠳᠤᠭ᠋ᠠᠨ᠎ᠤ ᠭᠤᠣᠯ ᠴᠣᠭᠴᠠ ᠵᠢᠨ ᠡᠭᠦᠷᠭᠡ ᠵᠢ ᠦᠨᠳᠦᠰᠦᠨ᠎ᠳᠡᠭᠡᠨ ᠪᠡᠶᠡᠯᠡᠭᠦᠯᠬᠦ ᠭᠡᠷᠡᠭᠲᠡᠢ; 2030 ᠣᠨ ᠪᠤᠯᠬᠤ᠎ᠳᠤ ᠵᠢᠷᠭᠤᠳᠤᠭ᠋ᠠᠷ ᠬᠤᠭᠤᠴᠠᠭ᠋ᠠᠨ᠎ᠤ ᠲᠥᠯᠦᠪᠵᠢᠭᠦᠯᠭᠡ ᠵᠢᠨ ᠡᠭᠦᠷᠭᠡ ᠵᠢ ᠪᠦᠭᠦ ᠲᠠᠯ᠎ᠠ᠎ᠪᠠᠷ ᠪᠡᠶᠡᠯᠡᠭᠦᠯᠬᠦ᠎ᠪᠠᠷ ᠴᠢᠷᠮᠠᠶ᠋ᠢᠵᠤ᠂ ᠭᠤᠷᠪᠠᠨ ᠶᠡᠭᠡ ᠪᠡᠯᠭᠡ ᠲᠡᠮᠳᠡᠭ᠎ᠤᠨ ᠴᠢᠨᠠᠷᠲᠠᠢ ᠳᠠᠶ᠋ᠢᠯᠠᠯᠳᠤᠭ᠋ᠠᠨ᠎ᠳᠤ ᠨᠠᠩ ᠢᠯᠡᠷᠬᠡᠢ ᠦᠷ᠎ᠡ ᠪᠦᠲᠦᠮᠵᠢ ᠣᠯᠬᠤ ᠬᠡᠷᠡᠭᠲᠡᠢ ᠭᠡᠵᠦ ᠵᠢᠭ᠋ᠠᠵᠤ ᠭᠠᠷᠭ᠋ᠠᠪᠠ᠃
    27᠎ᠤ ᠦᠳᠡ ᠵᠢᠨ ᠡᠮᠦᠨ᠎ᠡ᠂ ᠾᠧ ᠯᠢ ᠹᠧᠩ ᠥᠪᠥᠷ ᠮᠣᠩᠭᠤᠯ᠎ᠤᠨ ᠬᠡᠰᠡᠭ᠎ᠲᠠᠬᠢ ᠬᠠᠲᠤᠨ ᠭᠤᠣᠯ᠎ᠤᠨ 《ᠶᠡᠭᠡ ᠲᠣᠬᠤᠢ ᠣᠷᠣᠨ》᠎ᠤ ᠪᠣᠭᠤᠮᠲᠠ ᠰᠢᠪᠲᠤᠯᠬᠤ ᠳᠠᠶ᠋ᠢᠯᠠᠯᠳᠤᠭ᠋ᠠᠨ᠎ᠤ ᠠᠬᠤᠢ ᠲᠠᠯᠠᠪᠠᠶ᠎ᠳᠤ ᠬᠦᠷᠴᠦ᠂ ᠰᠠᠨ ᠱᠧᠩ ᠭᠦᠩ ᠤᠰᠤᠨ ᠠᠰᠢᠭᠯᠠᠯᠲᠠ ᠵᠢᠨ ᠬᠦᠢ᠍ᠰᠦ ᠪᠠᠷᠢᠯᠭ᠎ᠠ᠂ ᠬᠠᠲᠤᠨ ᠭᠤᠣᠯ᠎ᠤᠨ ᠡᠷᠭᠢ ᠳᠠᠭ᠋ᠠᠤ ᠵᠢᠨ ᠨᠡᠭᠦᠳᠡᠯ ᠡᠯᠡᠰᠦ ᠵᠢ ᠬᠤᠯᠪᠤᠭ᠋ᠠᠯᠠᠨ ᠰᠡᠷᠭᠡᠶ᠋ᠢᠯᠡᠵᠦ ᠬᠤᠯᠪᠤᠭ᠋ᠠᠯᠠᠨ ᠵᠠᠰᠠᠬᠤ ᠣᠷᠣᠨ᠂ ᠳ᠋ᠧᠩᠺᠸᠤ ᠵᠢᠨ ᠴᠠᠭᠢᠯᠭ᠋ᠠᠨ ᠨᠥᠭᠡᠴᠡᠯᠡᠬᠦ ᠰᠢᠨ᠎ᠡ ᠡᠨᠧᠷᠭᠢ ᠵᠢᠨ ᠲᠥᠷᠥᠯ ᠵᠦᠢ᠍ᠯ᠎ᠤᠨ ᠣᠷᠣᠨ᠎ᠢ ᠲᠤᠬᠠᠢ ᠵᠢᠨ ᠭᠠᠵᠠᠷ᠎ᠲᠤᠨᠢ ᠪᠠᠶ᠋ᠢᠴᠠᠭ᠋ᠠᠨ ᠦᠵᠡᠵᠦ᠂ ᠬᠤᠯᠪᠣᠭᠳᠠᠯ ᠪᠦᠬᠦᠢ ᠪᠠᠶ᠋ᠢᠳᠠᠯ᠎ᠢ ᠭᠦᠨᠵᠡᠭᠡᠢ ᠣᠶ᠋ᠢᠯᠠᠭ᠋ᠠᠪᠠ᠃
   
    

 

ᠢᠷᠡᠯᠲᠡ᠄ ᠥᠪᠥᠷ ᠮᠣᠩᠭᠤᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠲᠣᠮᠣ ᠤᠯᠤᠰ᠎ᠤᠨ ᠡᠯᠡᠰᠦ ᠵᠠᠰᠠᠯᠲᠠ ᠵᠢᠨ ᠥᠪᠥᠷ ᠮᠣᠩᠭᠤᠯ᠎ᠤᠨ ᠲᠥᠰᠥᠯ᠎ᠤᠨ ᠠᠨᠢᠰᠤ
【ᠬᠣᠷᠴᠢᠨ᠂ ᠬᠤᠯᠠᠨ ᠰᠢᠷᠭ᠎ᠠ ᠲᠠᠭ᠎ᠠ ᠵᠢᠨ ᠡᠯᠡᠰᠦᠷᠬᠡᠭ ᠭᠠᠵᠠᠷ】 ᠤᠯᠠᠭ᠋ᠠᠨᠬᠠᠳᠠ ᠬᠣᠲᠠ ᠵᠢᠯᠣᠭᠣᠴᠢ ᠥᠬᠡᠶ ᠨᠢᠰᠬᠡᠯ᠎ᠤᠨ ᠮᠡᠷᠭᠡᠵᠢᠯ᠎ᠢ ᠶᠡᠬᠡ᠎ᠪᠠᠷ ᠳᠡᠯᠭᠡᠷᠡᠭᠦᠯᠵᠦ ᠭᠤᠷᠪᠠᠨ ᠤᠮᠠᠷᠠᠲᠤ ᠵᠢᠨ ᠢᠨᠵᠧᠨᠧᠷᠢᠩ ᠪᠠ ᠬᠣᠶᠠᠷ ᠶᠡᠬᠡ ᠡᠯᠡᠰᠦᠷᠬᠡᠭ ᠭᠠᠵᠠᠷ᠎ᠤᠨ ᠰᠥᠨᠥᠭᠡᠬᠦ ᠪᠠᠶ᠋ᠢᠯᠳᠤᠭ᠋ᠠᠨ᠎ᠤ ᠠᠬᠢᠴᠠ ᠵᠢ ᠲᠦᠷᠭᠡᠳᠬᠡᠪᠡ
ᠮᠤᠷᠳᠠᠭ᠎ᠠ ᠵᠢᠨ ᠪᠠᠢ᠌ᠭ᠋ᠠᠯᠢᠯᠢᠭ ᠤᠢ
ᠴᠠᠭ᠋ᠠᠨ ᠬᠤᠰᠤᠨ ᠤᠢ ᠵᠢᠨ ᠦᠵᠡᠮᠵᠢᠲᠦ ᠤᠷᠤᠨ
ᠡᠷᠭᠦᠨ᠎ᠡ ᠵᠢᠨ ᠨᠤᠭᠤ ᠭᠠᠵᠠᠷ᠎ᠤᠨ ᠦᠵᠡᠮᠵᠢ ᠵᠢᠨ ᠤᠷᠤᠨ
 
             蒙ICP备05000248号