ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠨᠡᠷᠡᠲᠦ᠍ ᠮᠣᠳᠣ
ᠤᠰᠤᠨ ᠴᠦᠭᠦᠷᠰᠦ
ᠨᠡᠶ᠋ᠢᠲᠡᠯᠡᠭᠰᠡᠨ ᠴᠠᠭ᠄ 2024-05-21

W020240517350376792064.jpg


   
    ᠴᠦᠭᠦᠷᠰᠦ ᠵᠢᠨ ᠢᠵᠠᠭᠤᠷ
    ᠨᠠᠪᠴᠢ ᠵᠤᠯᠭ᠋ᠠᠷᠠᠬᠤ ᠲᠤᠷᠤᠭ ᠮᠣᠳᠣ᠂ 35m ᠬᠢᠷᠢ ᠥᠨᠳᠥᠷ᠃ ᠬᠣᠯᠲᠣᠰᠣ᠎ᠨᠢ ᠪᠣᠷᠣᠪᠲᠤᠷ ᠦᠨᠡᠰᠦᠨ ᠥᠩᠭᠡ᠎ᠲᠠᠢ᠃ ᠵᠢᠵᠢᠭ ᠮᠥᠴᠢᠷ᠎ᠨᠢ ᠴᠢᠭᠲᠠᠯᠠᠨ ᠤᠨᠵᠢᠢ᠍ᠵᠤ ᠤᠷᠭᠤᠨ᠎ᠠ᠃ ᠨᠠᠪᠴᠢ᠎ᠨᠢ ᠪᠦᠰᠡ ᠬᠡᠯᠪᠡᠷᠢ᠎ᠲᠠᠢ᠂ ᠪᠠᠷᠢᠭᠤᠯ ᠦᠭᠡᠢ ᠰᠢᠬᠠᠭᠤ᠂ ᠮᠥᠴᠢᠷ ᠳᠡᠭᠡᠷ᠎ᠡ᠎ᠪᠠᠨ ᠰᠣᠯᠪᠢᠴᠠᠵᠤ ᠴᠢᠭᠲᠠᠯᠠᠨ ᠬᠣᠶᠠᠷ ᠮᠥᠷ ᠪᠣᠯᠵᠤ ᠤᠷᠭᠤᠨ᠎ᠠ᠂ 1 — 1.7m ᠤᠷᠲᠤ᠂ ᠠᠷᠤ᠎ᠳᠤᠨᠢ 1 — 8 ᠵᠤᠷᠪᠤᠰ ᠬᠡᠢ ᠵᠢᠨ ᠠᠮᠠᠰᠠᠷ᠎ᠤᠨ ᠴᠤᠪᠤᠭ᠎ᠠ᠎ᠲᠠᠢ᠂ ᠡᠪᠦᠯ ᠪᠣᠯᠬᠤ᠎ᠳᠤ ᠴᠢᠭᠲᠠᠯᠠᠨ ᠤᠷᠭᠤᠭᠰᠠᠨ ᠵᠢᠵᠢᠭ ᠮᠥᠴᠢᠷ᠎ᠲᠠᠢ᠎ᠪᠠᠨ ᠬᠠᠮᠲᠤ ᠵᠤᠯᠭ᠋ᠠᠷᠠᠨ᠎ᠠ᠃ ᠴᠡᠴᠡᠭ᠎ᠨᠢ ᠭᠠᠭᠴᠠ ᠪᠡᠯᠭᠡ᠎ᠲᠠᠢ᠂ ᠨᠢᠭᠡ ᠭᠡᠷ᠎ᠲᠠᠢ᠃ ᠬᠣᠷᠢᠭ᠋ᠠᠳ ᠲᠠᠬᠢᠭᠤᠷᠲᠤ ᠡᠷ᠎ᠡ ᠪᠠᠭ ᠴᠡᠴᠡᠭ᠎ᠨᠢ ᠪᠥᠮᠪᠥᠭᠡᠯᠢᠭ ᠪᠥᠭᠡᠳ ᠨᠠᠪᠴᠢᠨ᠎ᠤ ᠥᠪᠥᠷ᠎ᠲᠤ ᠪᠤᠶᠤ ᠮᠥᠴᠢᠷ᠎ᠤᠨ ᠣᠷᠣᠢ᠎ᠳᠤ ᠱᠣᠷᠣᠯᠵᠢᠨ ᠬᠡᠯᠪᠡᠷᠢᠲᠦ ᠨᠡᠢ᠌ᠯᠡᠮᠡᠯ ᠪᠠᠭ ᠴᠡᠴᠡᠭ ᠪᠦᠷᠢᠯᠳᠦᠳᠡᠭ᠂ ᠲᠡᠭᠦᠨ᠎ᠤ  ᠬᠠᠢ᠌ᠷᠰᠤᠨ ᠢᠯᠲᠠᠰᠤ᠎ᠨᠢ ᠰᠣᠯᠪᠢᠴᠠᠵᠤ ᠴᠢᠭᠲᠠᠯᠠᠨ ᠤᠷᠭᠤᠭᠰᠠᠨ ᠶᠤᠮ᠃ ᠡᠮ᠎ᠡ ᠪᠠᠭ ᠴᠡᠴᠡᠭ᠎ᠨᠢ ᠲᠤᠰ ᠪᠦᠷᠢ 3 — 9 ᠦᠷ᠎ᠡ ᠨᠠᠬᠢᠶ᠎ᠠ ᠪᠦᠬᠦᠢ 22 — 28 ᠰᠣᠯᠪᠢᠴᠠᠵᠤ ᠴᠢᠭᠲᠠᠯᠠᠨ ᠤᠷᠭᠤᠭᠰᠠᠨ ᠦᠷ᠎ᠡ ᠵᠢᠨ ᠬᠠᠢ᠌ᠷᠰᠤ᠎ᠲᠠᠢ ᠪᠥᠭᠡᠳ ᠪᠥᠮᠪᠦᠭᠡᠨ ᠬᠡᠯᠪᠡᠷᠢ᠎ᠲᠠᠢ᠂ ᠭᠠᠭᠴᠠᠭ᠋ᠠᠷ ᠤᠷᠭᠤᠨ᠎ᠠ᠃ ᠪᠤᠭᠤᠷᠴᠠᠭ᠎ᠨᠢ ᠪᠠᠬᠠᠨ ᠳᠥᠷᠪᠡᠨ ᠢᠷᠮᠡᠭ᠎ᠲᠠᠢ ᠰᠢᠭ ᠪᠥᠮᠪᠦᠭᠡᠨ ᠬᠡᠯᠪᠡᠷᠢ᠎ᠲᠠᠢ᠂ 1.8 — 2.5cm ᠤᠷᠲᠤ᠂ ᠪᠠᠷᠠᠭ᠋ᠠᠨ ᠬᠦᠷᠡᠩ᠂ ᠤᠨᠵᠢᠢ᠍ᠵᠤ ᠰᠠᠭᠤᠨ᠎ᠠ᠃ ᠦᠷ᠎ᠡ ᠮᠣᠳᠣᠵᠢᠭᠰᠠᠨ  ᠬᠠᠢ᠌ᠷᠰᠤ᠎ᠨᠢ ᠪᠠᠮᠪᠠᠢ ᠬᠡᠯᠪᠡᠷᠢ᠎ᠲᠠᠢ᠂ ᠬᠣᠲᠣᠭᠣᠷ ᠣᠷᠣᠢ᠎ᠲᠠᠢ᠂ ᠲᠤᠰ ᠪᠦᠷᠢ 5 — 9 ᠦᠷ᠎ᠡ᠎ᠲᠠᠢ᠃ ᠦᠷ᠎ᠡ᠎ᠨᠢ ᠬᠠᠪᠲᠠᠭ᠋ᠠᠢ ᠪᠥᠭᠡᠳ ᠲᠣᠩᠭᠣᠷᠤᠤ ᠥᠨᠳᠡᠭᠡᠯᠵᠢᠨ᠂ ᠬᠥᠪᠡᠭᠡ᠎ᠳᠡᠭᠡᠨ ᠳᠠᠯᠠᠪᠴᠢ᠎ᠲᠠᠢ ᠪᠥᠭᠡᠳ ᠬᠣᠲᠣᠭᠣᠷ ᠣᠷᠣᠢ᠎ᠲᠠᠢ᠂ 5mm ᠣᠷᠴᠢᠮ᠃
    ᠥᠰᠬᠦ᠎ᠨᠢ ᠮᠠᠰᠢ ᠲᠦᠷᠭᠡᠨ ᠮᠣᠳᠣ᠃ ᠳᠤᠯᠠᠭ᠋ᠠᠨ ᠠᠭᠤᠷ ᠠᠮᠢᠰᠬᠤᠯ᠎ᠲᠠᠢ ᠭᠠᠵᠠᠷ᠎ᠤᠨ ᠴᠢᠭᠢᠭᠲᠡᠢ ᠪᠥᠭᠡᠳ ᠥᠩ ᠰᠢᠮ᠎ᠡ ᠰᠠᠢ᠌ᠨ ᠠᠭᠤᠯᠠ ᠵᠢᠨ ᠭᠣᠣ᠂ ᠮᠥᠷᠡᠨ᠎ᠤ ᠬᠣᠶᠠᠷ ᠬᠦᠪᠡᠭᠡ᠎ᠪᠠᠷ ᠰᠠᠢ᠌ᠨ ᠤᠷᠭᠤᠨ᠎ᠠ᠃
    ᠮᠠᠨ᠎ᠤ ᠤᠯᠤᠰ᠎ᠤᠨ ᠣᠨᠴᠠ ᠭᠠᠷᠤᠯᠲᠠ ᠮᠥᠨ᠃ ᠰᠧᠴᠤᠸᠠᠨ᠂ ᠬᠤᠪᠧᠢ᠎ᠳᠤ ᠬᠡᠭᠡᠷ᠎ᠡ ᠤᠷᠭᠤᠳᠠᠭ᠃ ᠪᠤᠰᠤᠳ ᠡᠯ᠎ᠡ ᠭᠠᠵᠠᠷ᠎ᠲᠤ ᠥᠷᠭᠡᠨ ᠵᠶ᠋ᠠᠷ ᠠᠷᠠᠴᠢᠯᠠᠨ ᠵᠠᠢ᠌ᠯᠠᠵᠤ ᠪᠣᠢ᠃  ᠲᠤᠩ ᠰᠠᠢ᠌ᠨ ᠦᠵᠡᠮᠵᠢ ᠵᠢᠨ ᠮᠣᠳᠣ᠃ ᠮᠣᠳᠣ ᠵᠢ᠎ᠨᠢ ᠪᠠᠷᠢᠯᠭ᠎ᠠ᠂ ᠪᠠᠭ᠋ᠠᠵᠢ ᠬᠡᠷᠡᠭᠰᠡᠯ ᠬᠢᠬᠦ᠎ᠳᠤ ᠬᠡᠷᠡᠭᠯᠡᠨ᠎ᠡ᠃
    ᠬᠢᠲᠠᠳ ᠨᠡᠷ᠎ᠡ᠄ 水杉
     ᠠᠩᠭ᠍ᠯᠢ ᠨᠡᠷ᠎ᠡ᠄ Meta Sequoia Glyptostroboides Hu et Cheng
  

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠴᠠᠭ᠋ᠠᠨ ᠭᠠᠯᠳᠠᠰᠤ
ᠲᠡᠮᠦᠷ ᠬᠠᠷᠭ᠋ᠠᠢ
 
             蒙ICP备05000248号